ᠲᠠᠪᠤᠨ ᠲᠥᠯТаван Төл ᠬᠡᠦᠬᠡᠳ ᠦ᠋ᠨ ᠨᠡᠪᠲᠡᠷᠡᠭᠦᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠠᠪᠤᠨ ᠲᠥᠯТаван Төл

ᠲᠠᠪᠤᠨ ᠲᠥᠯТаван Төл

ᠲᠠᠪᠤᠨ ᠲᠥᠯ

ᠬᠠᠰᠢᠶᠠᠨ ᠤ᠋ ᠨᠥᠮᠥᠷᠢ ᠳ᠋ᠦ᠍ ᠬᠡᠪᠢᠭᠰᠡᠨ 
ᠬᠠᠷ᠎ᠠ ᠬᠠᠯᠵᠠᠨ ᠬᠤᠷᠠᠭ᠎ᠠ 
ᠬᠠᠮᠤᠭ ᠪᠦᠬᠦᠨ ᠢ᠋ ᠳᠦᠢᠪᠡᠭᠡᠭᠰᠡᠨ 
ᠬᠠᠮᠠᠷ ᠴᠠᠭᠠᠨ ᠢᠰᠢᠭᠡ 
ᠵᠣ ᠶ᠋ᠢᠨ ᠪᠡᠯᠴᠢᠭᠡᠷ ᠲᠦ᠍ ᠠᠯᠢᠶᠠᠷᠠᠭᠰᠠᠨ 
ᠵᠢᠷᠣᠭ᠎ᠠ ᠬᠠᠯᠢᠭᠤᠨ ᠤᠨᠠᠭ᠎ᠠ 
ᠵᠣᠭᠳᠣᠷ ᠨᠡᠮᠨᠡᠭᠡ ᠬᠡᠢᠰᠬᠡᠭᠰᠡᠨ 
ᠵᠢᠷᠭᠤᠭᠠᠨ ᠬᠠᠯᠢᠭᠤᠨ ᠪᠣᠲᠣᠭᠣ 
ᠳᠠᠭᠠᠨ᠎ᠠ ᠬᠦᠮᠡᠯᠢ ᠠᠮᠲᠠᠯᠠᠭᠰᠠᠨ 
ᠲᠠᠷᠭᠤᠨ ᠴᠣᠪᠣᠭᠣ ᠲᠤᠭᠤᠯ 
ᠲᠠᠪᠢᠯᠠᠩᠲᠤ ᠶ᠋ᠢᠨ ᠲᠤᠢᠯ 
ᠡᠷᠳᠡᠨᠢ ᠬᠠᠩᠭᠠᠢ ᠶ᠋ᠢᠨ ᠮᠠᠯᠴᠢᠳ ᠤ᠋ᠨ
ᠡᠯᠢᠭᠡ ᠵᠢᠷᠦᠬᠡᠨ ᠦ᠌ ᠤᠶᠠᠭᠠᠰᠤ
ᠡᠭᠡᠷᠡᠮ᠎ᠡ ᠨᠣᠭᠣᠭᠠᠨ ᠲᠠᠯ᠎ᠠ ᠶ᠋ᠢᠨ
ᠡᠩᠬᠡ ᠮᠥᠩᠬᠡ ᠶ᠋ᠢᠨ ᠴᠢᠮᠡᠭᠡᠰᠤ᠃
  ᠢᠷᠡᠯᠲᠡ ᠄ ᠰᠦᠯᠵᠢᠶᠡᠨ ᠡᠴᠡ ᠰᠡᠢᠷᠡᠭᠦᠯᠪᠡ᠃
  ᠦᠰᠦᠭ ᠠᠮᠢᠯᠠᠭᠤᠯᠤᠭᠰᠠᠨ ᠨᠢ᠄ ᠴᠢ · ᠤᠷᠠᠨᠴᠡᠴᠡᠭ
  ᠬᠢᠨᠠᠯᠲᠠ ᠄ ᠵᠡᠷᠮᠤᠳ ᠥᠯᠵᠡᠢ ᠂ ᠭᠠᠷᠮ᠎ᠠ