ᠠᠯᠤᠰ ᠡᠴᠡ ᠳᠠᠭᠤᠯᠠᠬᠤ ᠳᠠᠭᠤᠤ - ᠪ ᠳᠣᠯᠭᠣᠷᠮᠠ Алсаас дуулах дуу-Б Долгормаа
ᠠᠯᠤᠰ ᠡᠴᠡ ᠳᠠᠭᠤᠯᠠᠬᠤ ᠳᠠᠭᠤᠤ
ᠦᠭᠡ᠄ ᠪ· ᠲᠦᠮᠡᠨᠵᠢᠷᠭᠠᠯ
ᠠᠶ᠎ᠠ᠄ ᠭ · ᠠᠯᠲᠠᠨᠬᠤᠶᠠᠭ
ᠳᠠᠭᠤᠴᠢᠨ᠄ ᠪ · ᠳᠣᠯᠭᠣᠷᠮᠠ
ᠮᠢᠩᠭᠠᠨ ᠭᠠᠵᠠᠷ ᠤ᠋ᠨ ᠵᠡᠷᠭᠡᠯᠭᠡ ᠪᠠᠢᠨ᠎ᠠ
ᠮᠢᠷᠠᠯᠵᠠᠨ ᠮᠢᠷᠠᠯᠵᠠᠨ ᠵᠡᠷᠭᠡᠯᠡᠭᠡᠳ ᠪᠠᠢᠨ᠎ᠠ
ᠮᠢᠩᠭᠠᠨ ᠠᠭᠤᠯᠠ ᠲᠦᠮᠡᠨ ᠤᠰᠤ ᠶ᠋ᠢ ᠳᠠᠪᠠᠭᠤᠯᠤᠭᠠᠳ
ᠮᠥᠷᠥᠭᠡᠳᠦᠯ ᠦ᠋ᠨ ᠳᠠᠭᠤᠤ ᠪᠠᠨ ᠴᠢᠮ᠎ᠠ ᠳ᠋ᠤ᠌ ᠪᠠᠨ ᠳᠠᠭᠤᠯᠠᠨ᠎ᠠ
ᠬᠣᠯᠠ ᠶ᠋ᠢᠨ ᠭᠠᠵᠠᠷ ᠤ᠋ᠨ ᠲᠡᠷᠲᠡᠭᠡ ᠪᠠᠢᠨ᠎ᠠ
ᠬᠠᠢᠷᠠᠯᠠᠨ ᠬᠠᠢᠷᠠᠯᠠᠨ ᠰᠢᠷᠲᠡᠭᠡᠳ ᠪᠠᠢᠨ᠎ᠠ
ᠬᠠᠷᠠᠩᠭᠤᠢ ᠰᠥᠨᠢ ᠭᠡᠭᠡᠨ ᠡᠳᠦᠷ ᠦ᠋ᠨ ᠠᠯᠢᠨ ᠳ᠋ᠤ᠌ ᠴᠦ᠍
ᠬᠠᠢᠷ᠎ᠠ ᠶ᠋ᠢᠨ ᠳᠠᠭᠤᠤ ᠪᠠᠨ ᠴᠢᠮ᠎ᠠ ᠳ᠋ᠤ᠌ ᠪᠠᠨ ᠳᠠᠭᠤᠯᠠᠨ᠎ᠠ
ᠡᠬᠡ ᠣᠷᠣᠨ ᠤ᠋ ᠪᠠᠨ ᠢᠲᠡᠭᠡᠯ ᠢ᠋ ᠪᠡᠶᠡᠯᠡᠭᠦᠯᠵᠦ
ᠡᠷᠬᠢᠮ ᠰᠠᠢᠨ ᠰᠤᠷᠤᠭᠠᠷᠠᠢ ᠴᠢ ᠮᠢᠨᠢ
ᠡᠷᠭᠢᠭᠡᠳ ᠢᠷᠡᠬᠦ ᠪᠠᠶᠠᠷᠲᠤ ᠡᠳᠦᠷ ᠢ᠋ ᠴᠢᠨᠢ
ᠡᠨᠳᠡ ᠡᠴᠡ ᠪᠢ ᠴᠢᠨᠢ ᠬᠦᠯᠢᠶᠡᠨ ᠳᠠᠭᠤᠤ ᠪᠠᠨ ᠳᠠᠭᠤᠯᠠᠨ᠎ᠠ
ᠤᠷᠲᠤᠬᠠᠨ ᠵᠠᠮ ᠤ᠋ᠨ ᠬᠣᠯᠪᠣᠭ᠎ᠠ ᠪᠠᠢᠨ᠎ᠠ
ᠤᠴᠠᠷᠠᠨ ᠵᠣᠯᠭᠠᠬᠤ ᠶ᠋ᠢᠨ ᠪᠣᠯᠵᠣᠭ᠎ᠠ ᠪᠠᠢᠨ᠎ᠠ
ᠤᠯᠠᠷᠢᠬᠤ ᠬᠤᠭᠤᠴᠠᠭ᠎ᠠ ᠤᠭᠲᠤᠬᠤ ᠢᠷᠡᠭᠡᠳᠦᠢ ᠶ᠋ᠢᠨ ᠠᠯᠢᠨ ᠳ᠋ᠤ᠌ ᠴᠦ᠍
ᠤᠶᠠᠩᠭ᠎ᠠ ᠶ᠋ᠢᠨ ᠳᠠᠭᠤᠤ ᠪᠠᠨ ᠴᠢᠮ᠎ᠠ ᠳ᠋ᠤ᠌ ᠪᠠᠨ ᠳᠠᠭᠤᠯᠠᠨ᠎ᠠ
ᠡᠬᠡ ᠣᠷᠣᠨ ᠤ᠋ ᠪᠠᠨ ᠢᠲᠡᠭᠡᠯ ᠢ᠋ ᠪᠡᠶᠡᠯᠡᠭᠦᠯᠵᠦ
ᠡᠷᠬᠢᠮ ᠰᠠᠢᠨ ᠰᠤᠷᠤᠭᠠᠷᠠᠢ ᠴᠢ ᠮᠢᠨᠢ
ᠡᠷᠭᠢᠭᠡᠳ ᠢᠷᠡᠬᠦ ᠪᠠᠶᠠᠷᠲᠤ ᠡᠳᠦᠷ ᠢ᠋ ᠴᠢᠨᠢ
ᠡᠨᠳᠡ ᠡᠴᠡ ᠪᠢ ᠴᠢᠨᠢ ᠬᠦᠯᠢᠶᠡᠨ ᠳᠠᠭᠤᠤ ᠪᠠᠨ ᠳᠠᠭᠤᠯᠠᠨ᠎ᠠ
ᠡᠷᠭᠢᠭᠡᠳ ᠢᠷᠡᠬᠦ ᠪᠠᠶᠠᠷᠲᠤ ᠡᠳᠦᠷ ᠢ᠋ ᠴᠢᠨᠢ
ᠡᠨᠳᠡ ᠡᠴᠡ ᠪᠢ ᠴᠢᠨᠢ ᠬᠦᠯᠢᠶᠡᠨ ᠳᠠᠭᠤᠤ ᠪᠠᠨ ᠳᠠᠭᠤᠯᠠᠨ᠎ᠠ
ᠳᠠᠭᠤᠤ ᠪᠠᠨ ᠳᠠᠭᠤᠯᠠᠨ᠎ᠠ
ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
ᠦᠰᠦᠭ ᠬᠠᠳᠠᠭᠴᠢ᠄ ᠪᠠᠢ᠂ ᠰᠠᠷᠠᠨ᠎ᠠ
ᠬᠢᠨᠠᠭᠴᠢ᠄ ᠰᠣᠨᠢᠨᠪᠠᠶᠠᠷ
