ᠴᠢᠩᠭᠢᠰ ᠬᠠᠭᠠᠨ ᠤ᠋ ᠪᠠᠢᠯᠳᠤᠬᠤ ᠪᠣᠳᠣᠯᠭ᠎ᠠ ᠪᠠ ᠠᠷᠭ᠎ᠠ06ᠮᠣᠩᠭᠣᠯᠴᠤᠳ ᠤᠨ ᠪᠣᠯᠪᠠᠰᠤᠷᠠᠯЧингис хааны байлдах бодлого ба арга
ᠵᠢᠷᠭᠤᠳᠤᠭᠠᠷ ᠪᠦᠯᠦᠭ ᠮᠣᠩᠭᠣᠯᠴᠤᠳ ᠤ᠋ᠨ ᠪᠣᠯᠪᠠᠰᠤᠷᠠᠯ
(ᠨᠢᠭᠡ) ᠠᠯᠲᠠᠨ ᠤᠯᠤᠰ ᠲᠠᠢ ᠪᠠᠢᠯᠳᠤᠬᠤ ᠪᠠᠷ ᠵᠣᠷᠢᠭ ᠰᠢᠭᠤᠳᠤᠭᠰᠠᠨ ᠨᠢ
ᠴᠢᠩᠭᠢᠰ ᠬᠠᠭᠠᠨ ᠤ᠋ ᠡᠵᠡᠯᠡᠵᠦ ᠪᠠᠢᠭ᠎ᠠ ᠨᠤᠲᠤᠭ ᠳᠡᠪᠢᠰᠬᠡᠷ ᠨᠢ ᠭᠤᠷᠪᠠᠨ ᠶᠡᠬᠡ ᠤᠯᠤᠰ ᠲᠠᠢ ᠬᠢᠯᠢ ᠨᠡᠢᠯᠡᠵᠦ ᠪᠠᠢᠭᠰᠠᠨ ᠶᠤᠮ᠃ ᠵᠡᠭᠦᠨ ᠪᠠ ᠵᠡᠭᠦᠨ ᠡᠮᠦᠨ᠎ᠡ ᠳ᠋ᠦ᠍ᠨᠢ ᠳᠡᠯᠡᠬᠡᠢ ᠳ᠋ᠦ᠍ ᠬᠣᠣᠰ ᠦᠭᠡᠢ ᠤᠷᠲᠤ ᠴᠠᠭᠠᠨ ᠬᠡᠷᠡᠮ ᠦ᠋ᠨ ᠲᠡᠷᠲᠡᠭᠡ ᠴᠢᠭᠢᠷᠠᠭ ᠬᠦᠴᠦᠲᠡᠢ ᠠᠯᠲᠠᠨ ᠬᠠᠭᠠᠨᠲᠤ ᠤᠯᠤᠰ ᠪᠠᠢᠨ᠎ᠠ᠃ ᠡᠮᠦᠨ᠎ᠡ ᠲᠠᠯ᠎ᠠ ᠳ᠋ᠤᠨᠢ ᠲᠠᠩᠭᠤᠳ ᠤ᠋ᠨ ᠰᠢᠶᠠ ᠤᠯᠤᠰ ᠣᠷᠣᠰᠢᠵᠤ᠂ ᠪᠠᠷᠠᠭᠤᠨ ᠲᠠᠯ᠎ᠠ ᠳ᠋ᠤᠨᠢ ᠲᠩᠷᠢ ᠲᠤᠯᠤᠮᠠᠷ ᠥᠨᠳᠥᠷ ᠠᠭᠤᠯᠠ ᠰᠦᠨᠳᠡᠷᠯᠡᠭᠰᠡᠨ ᠶᠢᠷᠲᠢᠨᠴᠦ ᠶ᠋ᠢᠨ ᠭᠡᠷ ᠦ᠋ᠨ ᠣᠷᠣᠢ ᠭᠡᠳᠡᠭ ᠨᠡᠷ᠎ᠡ ᠲᠡᠢ ᠫᠠᠮᠢᠷ ᠤ᠋ᠨ ᠥᠨᠳᠥᠷᠯᠢᠭ ᠪᠠᠢᠵᠠᠢ᠂ ᠫᠠᠮᠢᠷ ᠤ᠋ᠨ ᠥᠨᠳᠥᠷᠯᠢᠭ ᠦ᠋ᠨ ᠴᠢᠨᠠᠳᠤ ᠲᠠᠯ᠎ᠠ ᠳ᠋ᠤ᠌ ᠳᠤᠮᠳᠠᠳᠤ ᠠᠽᠢᠶ᠎ᠠ ᠶ᠋ᠢ ᠡᠵᠡᠯᠡᠭᠰᠡᠨ ᠬᠠᠷ᠎ᠠ ᠬᠢᠳᠠᠨ ᠬᠠᠭᠠᠨᠲᠤ ᠤᠯᠤᠰ ᠪᠠᠢᠪᠠ᠃ ᠡᠳᠡᠭᠡᠷ ᠭᠤᠷᠪᠠᠨ ᠤᠯᠤᠰ ᠲᠤ ᠴᠡᠷᠢᠭ ᠦ᠋ᠨ ᠵᠥᠪᠳᠡᠭᠴᠢ ᠶ᠋ᠢᠨ ᠶᠠᠮᠤᠨ ᠤ᠋ ᠡᠯᠴᠢᠨ ᠡᠴᠡ ᠨᠢᠭᠡᠨᠲᠡ ᠲᠠᠩᠨᠠᠭᠤᠯ ᠢ᠋ᠶ᠋ᠠᠨ ᠲᠠᠯᠪᠢᠵᠤ ᠪᠠᠢᠭᠰᠠᠨ ᠶᠤᠮ᠃ ᠪᠣᠭᠳᠠ ᠬᠠᠭᠠᠨ ᠠᠯᠢᠪᠠ ᠬᠡᠷᠡᠭ ᠳᠡᠭᠡᠷ᠎ᠡ ᠴᠥᠮ ᠮᠠᠰᠢ ᠨᠠᠷᠢᠨ ᠲᠣᠳᠣᠷᠬᠠᠢ ᠮᠡᠳᠡᠭᠡ ᠶ᠋ᠢ ᠣᠯᠤᠶ᠎ᠠ ᠭᠡᠰᠡᠨ ᠡᠴᠡ ᠲᠡᠭᠡᠵᠦ ᠪᠠᠢᠪᠠ᠃ ᠲᠠᠮᠠᠭ᠎ᠠ ᠠᠳᠬᠤᠭᠴᠢ ᠲᠦᠰᠢᠮᠡᠯ ᠤᠢᠭᠤᠷ ᠬᠥᠮᠦᠨ ᠲᠠᠲᠠᠲᠤᠩᠭ᠎ᠠ ᠶ᠋ᠢᠨ ᠡᠬᠡ ᠣᠷᠣᠨ ᠨᠢ ᠬᠠᠷ᠎ᠠ ᠬᠢᠳᠠᠨ ᠤ᠋ ᠬᠠᠷᠢᠶᠠᠲᠤ ᠤᠯᠤᠰ ᠲᠤ ᠪᠠᠢᠭᠰᠠᠨ ᠪᠣᠯᠬᠣᠷ ᠮᠡᠳᠡᠭᠦᠯᠵᠦ ᠪᠣᠯᠤᠮᠠᠷ ᠣᠯᠠᠨ ᠵᠦᠢᠯ ᠦ᠋ᠨ ᠬᠡᠷᠡᠭ ᠪᠠᠢᠭᠰᠠᠨ ᠠᠵᠢ᠃ ᠡᠨᠡᠬᠦ ᠭᠤᠷᠪᠠᠨ ᠤᠯᠤᠰ ᠤ᠋ᠨ ᠭᠠᠷᠤᠯ ᠨᠢ ᠡᠷᠲᠡ ᠢᠵᠠᠭᠤᠷ ᠠ᠋ᠴᠠ ᠪᠠᠨ ᠳᠤᠮᠳᠠᠳᠤ ᠤᠯᠤᠰ (ᠭᠠᠳᠠᠭᠠᠳᠤ ᠤᠯᠤᠰ ᠤ᠋ᠨ ᠬᠥᠮᠦᠨ ᠬᠢᠲᠠᠳ ᠤᠯᠤᠰ ᠭᠡᠵᠦ ᠬᠡᠯᠡᠨ᠎ᠡ) ᠶ᠋ᠢᠨ ᠪᠠᠢᠭᠰᠠᠨ ᠪᠥᠭᠡᠳ ᠡᠨᠡᠬᠦ ᠳᠤᠮᠳᠠᠳᠤ ᠤᠯᠤᠰ ᠨᠢ ᠡᠷᠲᠡ ᠴᠠᠭ ᠲᠤ ᠮᠥᠩᠬᠡ ᠶ᠋ᠢᠨ ᠮᠥᠰᠥᠲᠦ ᠣᠷᠣᠨ ᠠ᠋ᠴᠠ ᠨᠡᠷᠡᠲᠦ ᠭᠠᠵᠠᠷ ᠬᠦᠷᠲᠡᠯ᠎ᠡ ᠣᠯᠢᠭ ᠦᠭᠡᠢ ᠥᠷᠭᠡᠳᠴᠦ ᠪᠠᠢᠭᠰᠠᠨ ᠭᠡᠨ᠎ᠡ᠃ ᠭᠡᠪᠡᠴᠦ ᠬᠣᠵᠢᠮ ᠨᠢ ᠳᠤᠮᠳᠠᠳᠤ ᠤᠯᠤᠰ ᠤ᠋ᠨ ᠬᠠᠭᠠᠨ ᠡᠵᠡᠨ ᠦ᠌ ᠬᠦᠴᠦ ᠨᠢ ᠪᠠᠭᠤᠷᠠᠪᠠ᠃ ᠭᠤᠷᠪᠠᠨ ᠵᠠᠭᠤᠨ ᠣᠨ ᠤ᠋ ᠤᠷᠢᠳ ᠬᠣᠶᠠᠷ ᠳᠠᠰᠢ ᠬᠠᠭᠠᠴᠠᠵᠤ ᠬᠣᠢᠲᠤ ᠲᠠᠯ᠎ᠠ ᠨᠢ ᠯᠢᠶᠣᠣ ᠤᠯᠤᠰ ᠪᠣᠯᠵᠤ᠂ ᠡᠮᠦᠨ᠎ᠡ ᠬᠡᠰᠡᠭ ᠨᠢ ᠰᠥᠩ ᠤᠯᠤᠰ ᠪᠣᠯᠵᠤ ᠬᠤᠪᠢᠶᠠᠷᠢᠯᠠᠨ ᠵᠠᠬᠢᠷᠴᠤ ᠪᠠᠢᠪᠠ᠃ ᠡᠢᠮᠦ ᠡᠴᠡ ᠰᠥᠩ ᠤᠯᠤᠰ ᠤ᠋ᠨ ᠬᠠᠭᠠᠨ ᠨᠢ ᠪᠠᠷᠠᠭᠤᠨ ᠰᠢᠶᠠ ᠤᠯᠤᠰ ᠳᠠᠬᠢ ᠵᠢᠭᠦᠷ ᠦ᠋ᠨ ᠵᠠᠩᠵᠤᠨ ᠤ᠋ ᠪᠠᠨ ᠲᠤᠰᠠᠭᠠᠷ ᠲᠣᠭᠲᠠᠨᠢᠬᠤ ᠶ᠋ᠢ ᠵᠥᠪᠰᠢᠶᠡᠷᠡᠪᠡ᠃ ᠵᠠᠭᠤᠨ ᠵᠢᠯ ᠦ᠋ᠨ ᠤᠷᠢᠳ ᠯᠢᠶᠣᠣ ᠤᠯᠤᠰ ᠮᠥᠬᠥᠭᠡᠳ ᠠᠯᠲᠠᠨ ᠤᠯᠤᠰ ᠠᠷᠤ ᠭᠠᠵᠠᠷ ᠢ᠋ ᠡᠵᠡᠯᠡᠭᠡᠳ ᠬᠠᠭᠠᠨ ᠰᠠᠭᠤᠭᠰᠠᠨ ᠪᠠᠢᠨ᠎ᠠ᠃ ᠯᠢᠶᠣᠣ ᠤᠯᠤᠰ ᠤ᠋ᠨ ᠬᠠᠭᠠᠨ ᠤ᠋ ᠦᠷᠡᠳᠡᠰᠦ ᠶ᠋ᠢᠨ ᠨᠢᠭᠡᠨ ᠬᠥᠮᠦᠨ ᠴᠦ᠍ ᠠᠯᠲᠠᠨ ᠤᠯᠤᠰ ᠲᠤ ᠬᠠᠷᠢᠶᠠᠯᠠᠭᠳᠠᠬᠤ ᠳᠤᠷ᠎ᠠ ᠦᠭᠡᠢ ᠶ᠋ᠢᠨ ᠤᠴᠢᠷ ᠠ᠋ᠴᠠ ᠪᠦᠯᠦᠭ ᠬᠥᠮᠦᠰ ᠢ᠋ᠶ᠋ᠡᠨ ᠳᠠᠭᠠᠭᠤᠯᠤᠭᠠᠳ ᠪᠠᠷᠠᠭᠤᠨ ᠵᠦᠭ ᠪᠤᠷᠤᠭᠤᠯᠠᠨ ᠬᠠᠷ᠎ᠠ ᠬᠢᠳᠠᠨ ᠬᠠᠭᠠᠨᠲᠤ ᠤᠯᠤᠰ ᠢ᠋ ᠪᠠᠢᠭᠤᠯᠵᠠᠢ᠃ ᠡᠨᠡ ᠮᠡᠲᠦ ᠪᠡᠷ ᠠᠩᠬᠠᠨ ᠳ᠋ᠠᠭᠠᠨ ᠶᠡᠬᠡ ᠴᠢᠭᠢᠷᠠᠭ ᠪᠠᠢᠭᠰᠠᠨ ᠡᠨᠡᠬᠦ ᠤᠯᠤᠰ ᠳᠥᠷᠪᠡᠨ ᠲᠡᠰᠢ ᠰᠠᠯᠵᠤ᠂ ᠳᠥᠷᠪᠡᠨ ᠤᠯᠤᠰ ᠪᠣᠯᠵᠠᠢ᠃
ᠪᠠᠷᠠᠭᠤᠨ ᠲᠠᠯ᠎ᠠ ᠳ᠋ᠠᠬᠢ ᠬᠠᠷ᠎ᠠ ᠬᠢᠳᠠᠨ ᠳ᠋ᠤ᠌ ᠪᠠᠯᠠᠮᠠᠳ ᠬᠡᠷᠴᠡᠭᠡᠢ ᠪᠡᠷ ᠶᠠᠪᠤᠬᠤ ᠳᠤᠷ᠎ᠠ ᠦᠭᠡᠢ ᠡᠪᠦᠭᠡᠨ ᠬᠠᠭᠠᠨ ᠡᠵᠡᠯᠡᠵᠦ ᠪᠠᠢᠭᠰᠠᠨ ᠪᠣᠯᠪᠠᠴᠤ ᠳᠣᠣᠷᠠᠬᠢ ᠵᠠᠰᠠᠭ ᠤ᠋ᠨ ᠣᠷᠳᠣᠨ ᠨᠢ ᠬᠠᠷᠭᠢᠰ ᠬᠡᠷᠴᠡᠭᠡᠢ ᠪᠠᠢᠵᠤ᠂ ᠤᠢᠭᠤᠷ ᠬᠥᠮᠦᠨ ᠲᠠᠲᠠᠲᠤᠩᠭ᠎ᠠ ᠶ᠋ᠢᠨ ᠡᠬᠡ ᠣᠷᠣᠨ ᠮᠡᠲᠦ ᠣᠯᠠᠨ ᠬᠠᠷᠢᠶᠠᠲᠤ ᠤᠯᠤᠰ ᠨᠢ ᠳᠠᠷᠤᠯᠠᠯ ᠤ᠋ᠨ ᠳᠣᠣᠷ᠎ᠠ᠂ ᠭᠠᠰᠢᠭᠤᠨ ᠵᠣᠪᠠᠯᠠᠩ ᠢ᠋ ᠠᠮᠰᠠᠵᠤ ᠪᠠᠢᠪᠠ᠃ ᠣᠳᠣ ᠮᠣᠩᠭᠣᠯ ᠤ᠋ᠨ ᠨᠢᠭᠡ ᠰᠠᠯᠠᠭ᠎ᠠ ᠴᠡᠷᠢᠭ᠂ ᠠᠯᠲᠠᠢ ᠠᠭᠤᠯᠠ ᠶ᠋ᠢᠨ ᠳᠣᠣᠷ᠎ᠠ ᠭᠦᠨ ᠳᠣᠪᠲᠣᠯᠤᠨ ᠣᠷᠣᠭᠠᠳ᠂ ᠨᠠᠢ᠍ᠮᠠᠨ ᠠᠢᠮᠠᠭ ᠤ᠋ᠨ ᠪᠣᠢᠷᠤᠭ ᠬᠠᠭᠠᠨ ᠤ᠋ ᠨᠣᠶᠠᠷᠬᠠᠯ ᠢ᠋ ᠰᠦᠢᠷᠡᠭᠦᠯᠪᠡ᠃ ᠤᠴᠢᠷ ᠡᠢᠮᠦ ᠡᠴᠡ ᠤᠢᠭᠤᠷ ᠬᠥᠮᠦᠨ ᠦ᠌ ᠨᠤᠲᠤᠭ ᠳᠡᠪᠢᠰᠬᠡᠷ ᠨᠢ ᠴᠢᠩᠭᠢᠰ ᠬᠠᠭᠠᠨ ᠤ᠋ ᠤᠯᠤᠰ ᠪᠣᠯᠤᠨ ᠬᠠᠷ᠎ᠠ ᠬᠢᠳᠠᠨ ᠤᠯᠤᠰ ᠤ᠋ᠨ ᠨᠤᠲᠤᠭ ᠳᠡᠪᠢᠰᠬᠡᠷ ᠦ᠋ᠨ ᠬᠣᠭᠣᠷᠣᠨᠳᠣ ᠨᠠᠷᠢᠨ ᠤᠷᠲᠤᠯᠢᠭ ᠣᠷᠣᠨ ᠳᠡᠪᠢᠰᠬᠡᠷ ᠲᠡᠢ ᠪᠣᠯᠪᠠ᠃ ᠲᠡᠭᠡᠭᠡᠳ ᠴᠢᠩᠭᠢᠰ ᠬᠠᠭᠠᠨ ᠤᠢᠭᠤᠷ ᠤ᠋ᠨ ᠬᠠᠨ ᠢᠳᠡᠭᠦᠳ ᠲᠦ᠍ ᠡᠯᠴᠢ ᠵᠠᠷᠤᠵᠤ᠂ ᠬᠡᠷᠪᠡ ᠳᠤᠷᠠᠲᠠᠢ ᠪᠣᠯ ᠬᠠᠷ᠎ᠠ ᠬᠢᠳᠠᠨ ᠤ᠋ ᠣᠷᠣᠨ ᠳ᠋ᠤᠨᠢ ᠴᠢᠩᠭᠢᠰ ᠬᠠᠭᠠᠨ ᠡᠵᠡᠨ ᠨᠢ ᠪᠣᠯᠵᠤ ᠲᠡᠳᠡᠨ ᠦ᠌ ᠤᠯᠤᠰ ᠢ᠋ ᠬᠠᠮᠠᠭᠠᠯᠠᠰᠤᠭᠠᠢ ᠭᠡᠵᠡᠢ᠃ ᠢᠳᠡᠭᠦᠳ ᠤᠷᠢᠳ ᠤ᠋ᠨ ᠳᠠᠳᠬᠠᠯ ᠤ᠋ᠨ ᠶᠣᠰᠣᠭᠠᠷ ᠠᠯᠪᠠᠨ ᠪᠠᠷᠢᠴᠠ ᠪᠠᠨ ᠮᠣᠩᠭᠣᠯ ᠬᠠᠭᠠᠨ ᠤ᠋ ᠳᠡᠷᠭᠡᠳᠡ ᠬᠦᠷᠭᠡᠭᠡᠳ᠂ ᠳᠠᠷᠠᠭ᠎ᠠ ᠨᠢ ᠣᠷᠳᠣᠨ ᠳ᠋ᠤᠨᠢ ᠢᠷᠡᠵᠦ ᠬᠠᠷᠢᠶᠠᠲᠤ ᠲᠦᠰᠢᠮᠡᠯ ᠪᠣᠯᠪᠠ᠃ ᠴᠢᠩᠭᠢᠰ ᠬᠠᠭᠠᠨ ᠬᠤᠪᠢ ᠬᠥᠮᠦᠨ ᠦ᠌ ᠲᠤᠷᠰᠢᠯᠭ᠎ᠠ ᠠ᠋ᠴᠠ ᠪᠠᠨ ᠪᠠᠷᠠᠭᠤᠨ ᠰᠢᠶᠠ ᠤᠯᠤᠰ ᠢ᠋ ᠨᠢᠭᠡᠨᠲᠡ ᠮᠡᠳᠡᠵᠦ ᠪᠠᠢᠪᠠ᠃ ᠨᠠᠢ᠍ᠮᠠᠨ ᠲᠠᠢ ᠪᠠᠢᠯᠳᠤᠵᠤ ᠳᠡᠢᠯᠦᠭᠰᠡᠨ ᠬᠣᠢᠨ᠎ᠠ᠂ ᠲᠡᠷᠡ ᠪᠣᠰᠢᠭᠣ ᠲᠦᠷᠭᠡᠨ ᠫᠠᠷᠲ᠋ᠢᠽᠠᠨ ᠪᠠᠢᠯᠳᠤᠭᠠᠨ ᠢ᠋ᠶ᠋ᠠᠷ ᠰᠢᠶᠠ ᠤᠯᠤᠰ ᠤ᠋ᠨ ᠬᠢᠯᠢ ᠳ᠋ᠡᠬᠢ ᠬᠡᠳᠦᠨ ᠪᠦᠯᠦᠭ ᠠᠢᠯ ᠢ᠋ ᠰᠢᠲᠠᠭᠠᠵᠤ ᠣᠷᠬᠢᠭᠰᠠᠨ ᠶᠤᠮ᠃ ᠡᠨᠡ ᠦᠶ᠎ᠡ ᠳ᠋ᠦ᠍ ᠲᠡᠷᠡ ᠢᠪᠴᠤᠤ ᠨᠢᠭᠡᠨ ᠬᠣᠲᠠ ᠶ᠋ᠢᠨ ᠳᠣᠲᠣᠷ᠎ᠠ ᠰᠠᠭᠤᠭᠰᠠᠨ ᠠᠷᠠᠳ ᠪᠠᠢᠯᠳᠤᠭᠠᠨ ᠳ᠋ᠤ᠌ ᠲᠣᠬᠢᠷᠠᠮᠵᠢ ᠦᠭᠡᠢ ᠭᠡᠰᠡᠨ ᠢ᠋ ᠲᠠᠨᠢᠵᠤ ᠣᠯᠵᠠᠢ᠃ ᠲᠡᠷᠡ ᠠᠩᠬ᠎ᠠ ᠲᠡᠷᠢᠭᠦᠨ ᠳ᠋ᠦ᠍ ᠮᠣᠷᠢᠲᠤ ᠴᠡᠷᠢᠭ ᠲᠡᠭᠡᠨ ᠵᠢᠳᠠ ᠪᠠᠷᠢᠭᠤᠯᠵᠤ ᠡᠳᠦᠢ ᠲᠡᠳᠦᠢ ᠶᠠᠪᠠᠭᠠᠨ ᠴᠡᠷᠢᠭ ᠠᠩᠭᠢ ᠶ᠋ᠢ ᠰᠥᠨᠥᠭᠡᠪᠡ᠃ ᠭᠡᠪᠡᠴᠦ ᠤᠷᠤᠭᠰᠢᠯᠠᠵᠤ ᠢᠷᠡᠭᠰᠡᠨ ᠲᠠᠩᠭᠤᠳ ᠴᠡᠷᠢᠭ ᠡᠴᠡ ᠵᠠᠢᠯᠠᠭᠠᠳ ᠲᠡᠷᠡ ᠤᠨᠤᠨ ᠮᠥᠷᠡᠨ ᠦ᠌ ᠬᠥᠪᠡᠭᠡ ᠳ᠋ᠡᠭᠡᠨ ᠪᠤᠴᠠᠪᠠ᠃ ᠪᠠᠷᠠᠭᠤᠨ ᠰᠢᠶᠠ ᠤᠯᠤᠰ ᠤ᠋ᠨ ᠨᠣᠶᠠᠳ᠂ ᠴᠢᠩᠭᠢᠰ ᠬᠠᠭᠠᠨ ᠤ᠋ ᠴᠡᠷᠢᠭ ᠤᠯᠤᠰ ᠤ᠋ᠨ ᠳᠣᠲᠣᠷ᠎ᠠ ᠣᠷᠣᠭᠰᠠᠨ ᠢ᠋ ᠳᠡᠭᠡᠷᠡᠮᠳᠡᠬᠦ ᠵᠠᠩ ᠲᠠᠢ ᠮᠠᠯᠴᠢᠨ ᠠᠷᠠᠳ ᠤ᠋ᠨ ᠶᠡᠷᠦ ᠶ᠋ᠢᠨ ᠳᠡᠭᠡᠷᠡᠮ ᠦ᠋ᠨ ᠠᠵᠢᠯᠯᠠᠭ᠎ᠠ ᠲᠡᠳᠦᠢ ᠭᠡᠵᠦ ᠦᠵᠡᠵᠡᠢ᠃
ᠭᠤᠷᠪᠠᠳᠤᠭᠠᠷ ᠬᠥᠷᠰᠢ ᠤᠯᠤᠰ ᠨᠢ ᠪᠤᠯᠢᠶᠠᠨ ᠳᠡᠭᠡᠷᠡᠮᠳᠡᠬᠦ ᠳᠤᠷᠠᠰᠢᠯ ᠲᠠᠢ ᠪᠠ ᠪᠠᠢᠯᠳᠤᠭᠠᠨ ᠤ᠋ ᠣᠯᠵᠠᠨ ᠳ᠋ᠤ᠌ ᠰᠢᠨᠤᠬᠠᠢᠷᠠᠭᠰᠠᠨ ᠠᠷᠤ ᠭᠠᠵᠠᠷ ᠤ᠋ᠨ ᠨᠡᠭᠦᠳᠡᠯᠴᠢᠨ ᠠᠷᠠᠳ ᠢᠮᠠᠭᠲᠠ ᠬᠠᠷᠠᠯᠲᠠ ᠪᠣᠯᠭᠠᠭᠰᠠᠭᠠᠷ ᠢᠷᠡᠭᠰᠡᠨ ᠤᠷᠲᠤ ᠴᠠᠭᠠᠨ ᠬᠡᠷᠡᠮ ᠦ᠋ᠨ ᠴᠢᠨᠠᠳᠤ ᠲᠠᠯ᠎ᠠ ᠪᠠᠢᠬᠤ ᠠᠯᠲᠠᠨ ᠤᠯᠤᠰ ᠪᠣᠯᠤᠨ᠎ᠠ᠃ ᠡᠨᠡ ᠭᠠᠵᠠᠷ ᠳᠣᠪᠲᠣᠯᠵᠤ ᠣᠷᠣᠭᠠᠳ ᠵᠢᠯ ᠢᠯᠡᠭᠦᠦ ᠶᠠᠪᠤᠵᠤ ᠡᠭᠡᠵᠦ ᠢᠷᠡᠭᠰᠡᠨ ᠬᠥᠮᠦᠰ ᠦ᠋ᠨ ᠠᠪᠴᠤ ᠢᠷᠡᠭᠰᠡᠨ ᠰᠠᠢᠬᠠᠨ ᠪᠥᠰ᠂ ᠲᠣᠷᠭ᠎ᠠ ᠳᠤᠷᠳᠤᠩ᠂ ᠬᠤᠪᠴᠠᠰᠤ ᠬᠤᠨᠠᠷ ᠪᠣᠯᠤᠨ ᠵᠠᠷ ᠵᠡᠪᠰᠡᠭ᠂ ᠭᠡᠷ ᠦ᠋ᠨ ᠬᠡᠷᠡᠭᠰᠡᠯ ᠨᠢ ᠬᠣᠲᠣᠩ ᠠᠷᠠᠯᠵᠢᠶᠠᠴᠢᠨ ᠬᠦᠷᠲᠡᠯ᠎ᠡ ᠭᠠᠢᠬᠠᠰᠢ ᠠᠯᠳᠠᠨ᠎ᠠ᠃ ᠡᠨᠡ ᠤᠯᠤᠰ ᠤ᠋ᠨ ᠲᠤᠬᠠᠢ ᠦᠯᠢᠭᠡᠷ ᠬᠡᠯᠡᠳᠡᠭ ᠬᠤᠭᠤᠷᠴᠢᠨ ᠤ᠋ ᠬᠡᠯᠡᠬᠦ ᠲᠡᠢ ᠠᠳᠠᠯᠢᠳᠬᠠᠪᠠᠴᠤ ᠢᠯᠡᠭᠦᠳᠡᠬᠦ ᠭᠠᠵᠠᠷ ᠦᠭᠡᠢ᠂ ᠣᠯᠠᠨ ᠡᠳ᠋ ᠲᠠᠸᠠᠷ ᠪᠠᠢᠳᠠᠭ ᠠᠵᠢ᠃ ᠡᠳᠡᠭᠡᠷ ᠬᠣᠲᠣᠩ ᠠᠷᠠᠯᠵᠢᠶᠠᠴᠢᠨ ᠠᠯᠲᠠᠨ ᠤᠯᠤᠰ ᠪᠣᠯᠤᠨ ᠳᠤᠮᠳᠠᠳᠤ ᠠᠽᠢᠶ᠎ᠠ ᠶ᠋ᠢᠨ ᠬᠣᠭᠣᠷᠣᠨᠳᠣᠬᠢ ᠠᠷᠠᠯᠵᠢᠶ᠎ᠠ ᠶ᠋ᠢ ᠪᠦᠷ ᠥᠪᠡᠷ ᠦ᠋ᠨ ᠭᠠᠷ ᠲᠠᠭᠠᠨ ᠡᠵᠡᠮᠰᠢᠵᠦ ᠪᠠᠢᠭᠰᠠᠨ ᠶᠤᠮ᠃
ᠴᠢᠩᠭᠢᠰ ᠬᠠᠭᠠᠨ᠂ ᠬᠣᠯᠠ ᠶ᠋ᠢᠨ ᠠᠶᠠᠨ ᠳ᠋ᠤ᠌ ᠶᠠᠪᠤᠳᠠᠭ ᠠᠷᠠᠯᠵᠢᠶᠠᠴᠢᠨ ᠲᠠᠢ ᠪᠠᠶᠠᠷ ᠬᠥᠷ ᠲᠡᠢ ᠪᠡᠷ ᠠᠭᠤᠯᠵᠠᠨ ᠶᠠᠷᠢᠯᠴᠠᠳᠠᠭ᠃ ᠡᠢᠮᠦ ᠡᠴᠡ ᠣᠢᠷᠠᠯᠴᠠᠭ᠎ᠠ ᠪᠠᠷ ᠥᠩᠭᠡᠷᠡᠬᠦ ᠠᠷᠠᠯᠵᠢᠶᠠᠴᠢᠨ ᠤ᠋ ᠠᠩᠭᠢ ᠨᠢ ᠪᠦᠷ ᠴᠢᠩᠭᠢᠰ ᠬᠠᠭᠠᠨ ᠤ᠋ ᠣᠷᠳᠣᠨ ᠢ᠋ᠶ᠋ᠠᠷ ᠳᠠᠭᠠᠷᠢᠵᠤ ᠳᠠᠢᠯᠠᠭᠳᠠᠵᠤ ᠪᠠᠢᠪᠠ᠃ ᠬᠠᠷᠠᠬᠠᠨ ᠪᠠᠭ᠎ᠠ ᠬᠡᠦᠬᠡᠳ ᠪᠠᠢᠬᠤ ᠶ᠋ᠢᠨ ᠦᠶ᠎ᠡ ᠳ᠋ᠡᠭᠡᠨ ᠬᠣᠩᠭᠢᠷᠠᠳ ᠠᠢᠮᠠᠭ ᠲᠤ ᠪᠠᠢᠭᠰᠠᠨ ᠴᠠᠭ ᠲᠤ ᠠᠷᠠᠯᠵᠢᠶᠠᠴᠢᠨ ᠤ᠋ ᠠᠩᠭᠢ ᠳ᠋ᠤ᠌ ᠶᠠᠭᠤ ᠴᠤ᠌ ᠪᠦᠷ ᠪᠠᠢᠬᠤ ᠶ᠋ᠢ ᠲᠡᠷᠡ ᠰᠠᠢᠨ ᠮᠡᠳᠡᠭᠰᠡᠨ ᠠᠵᠢ᠃ ᠬᠣᠵᠢᠮ ᠨᠢ ᠬᠡᠷᠡᠢᠳ ᠠᠢᠮᠠᠭ ᠤ᠋ᠨ ᠲᠡᠨᠳᠡ ᠠᠷᠠᠯᠵᠢᠶᠠᠴᠢᠨ ᠤ᠋ ᠠᠩᠭᠢ ᠲᠠᠢ ᠠᠭᠤᠯᠵᠠᠨ᠂ ᠨᠠᠢ᠍ᠮᠠᠨ ᠠᠢᠮᠠᠭ ᠲᠤ ᠪᠠᠰᠠ ᠡᠭᠦᠨ ᠢ᠋ ᠦᠵᠡᠵᠦ ᠥᠩᠭᠡᠷᠡᠵᠡᠢ᠃ ᠣᠳᠣ ᠡᠳᠡᠭᠡᠷ ᠠᠷᠠᠯᠵᠢᠶᠠᠴᠢᠨ ᠤ᠋ ᠠᠩᠭᠢ ᠬᠠᠮᠢᠭᠠᠰᠢ ᠣᠳᠪᠠᠴᠤ ᠲᠡᠭᠦᠨ ᠦ᠌ ᠨᠤᠲᠤᠭ ᠳᠡᠪᠢᠰᠬᠡᠷ ᠢ᠋ᠶ᠋ᠡᠷ ᠥᠩᠭᠡᠷᠡᠬᠦ ᠦᠭᠡᠢ ᠪᠡᠷ ᠴᠢᠳᠠᠬᠤ ᠦᠭᠡᠢ ᠪᠣᠯᠵᠠᠢ᠃ ᠠᠷᠠᠯᠵᠢᠶᠠᠴᠢᠨ ᠤ᠋ ᠠᠩᠭᠢ ᠶ᠋ᠢᠨ ᠮᠡᠳᠡᠯᠭᠡ᠂ ᠠᠷᠠᠯᠵᠢᠶ᠎ᠠ ᠬᠢᠬᠦ ᠤᠷᠠᠨ ᠠᠷᠭ᠎ᠠ ᠨᠢ ᠢᠮᠠᠭᠲᠠ ᠲᠡᠭᠦᠨ ᠳ᠋ᠦ᠍ ᠶᠡᠬᠡ ᠲᠣᠭᠣᠭᠳᠠᠵᠤ ᠪᠠᠢᠭᠰᠠᠨ ᠪᠢᠯᠡ᠃ ᠲᠡᠭᠦᠨ ᠦ᠌ ᠵᠠᠷᠯᠢᠭ ᠰᠤᠷᠭᠠᠯ ᠤ᠋ᠨ ᠳᠣᠲᠣᠷ᠎ᠠ᠂ ᠮᠣᠩᠭᠣᠯ ᠬᠥᠮᠦᠨ ᠲᠡᠳᠡᠨᠡᠷ ᠢ᠋ᠶ᠋ᠡᠷ ᠦᠯᠢᠭᠡᠷ ᠵᠢᠱ᠌ᠢᠶ᠎ᠡ ᠪᠣᠯᠭᠠᠵᠤ ᠰᠤᠷᠲᠤᠭᠠᠢ ᠭᠡᠵᠦ ᠪᠢᠴᠢᠭᠰᠡᠨ ᠴᠤ᠌ ᠪᠠᠢᠳᠠᠭ᠃ ᠮᠣᠩᠭᠣᠯ ᠬᠥᠮᠦᠨ ᠮᠣᠷᠢ ᠤᠨᠤᠬᠤ ᠮᠡᠷᠭᠡᠵᠢᠯ ᠪᠠ ᠪᠠᠢᠯᠳᠤᠭᠠᠨ ᠬᠢᠬᠦ ᠠᠷᠭ᠎ᠠ ᠶ᠋ᠢᠨ ᠲᠠᠯ᠎ᠠ ᠪᠠᠷ ᠢ᠋ᠶ᠋ᠠᠨ ᠡᠳᠡᠭᠡᠷ ᠠᠷᠠᠯᠵᠢᠶᠠᠴᠢᠨ ᠤ᠋ ᠠᠷᠠᠯᠵᠢᠶ᠎ᠠ ᠬᠢᠬᠦ ᠮᠡᠲᠦ ᠬᠠᠪᠤᠯᠢᠭ ᠰᠠᠢᠬᠠᠨ ᠲᠤᠷᠰᠢᠯᠭ᠎ᠠ ᠶ᠋ᠢ ᠬᠤᠷᠠᠮᠳᠤᠭᠤᠯᠬᠤ ᠦᠭᠡᠢ ᠪᠡᠷ ᠪᠣᠯᠬᠤ ᠦᠭᠡᠢ ᠭᠡᠵᠦ ᠳᠤᠷᠠᠳᠴᠤ ᠪᠠᠢᠵᠠᠢ᠃ ᠡᠬᠢᠨ ᠦ᠌ ᠦᠶ᠎ᠡ ᠳ᠋ᠡᠭᠡᠨ ᠲᠡᠷᠡ ᠠᠷᠠᠯᠵᠢᠶᠠᠴᠢᠨ ᠤ᠋ ᠠᠩᠭᠢ ᠯᠤᠭ᠎ᠠ ᠶ᠋ᠢᠨ ᠬᠣᠭᠣᠷᠣᠨᠳᠣ ᠪᠠᠬᠠᠨ ᠰᠠᠨᠠᠯ ᠵᠥᠷᠢᠯᠳᠦᠭᠡᠨ ᠦ᠋ ᠰᠡᠪ ᠲᠡᠢ ᠪᠠᠢᠭᠰᠠᠨ ᠪᠢᠯᠡ᠂ ᠠᠷᠠᠯᠵᠢᠶᠠᠴᠢᠳ᠂ ᠲᠡᠳᠡᠨ ᠦ᠌ ᠪᠠᠷᠠᠭ᠎ᠠ ᠲᠠᠸᠠᠷ ᠢ᠋ ᠡᠨᠳᠡᠬᠢ ᠨᠡᠭᠦᠳᠡᠯᠴᠢᠨ ᠠᠷᠠᠳ ᠤ᠋ᠨ ᠳᠠᠷᠤᠭ᠎ᠠ ᠨᠠᠷ ᠲᠣᠭᠣᠭᠰᠠᠨ ᠢ᠋ ᠮᠡᠳᠡᠭᠡᠳ ᠦᠨ᠎ᠡ ᠬᠠᠩᠰᠢ ᠶ᠋ᠢ ᠥᠰᠬᠡᠭᠰᠡᠨ ᠪᠥᠭᠡᠳ ᠨᠢᠭᠡᠨᠲᠡ ᠬᠤᠳᠠᠯᠳᠤᠵᠤ ᠥᠭᠭᠰᠡᠨ ᠶᠠᠭᠤᠮ᠎ᠠ ᠶ᠋ᠢᠨ ᠦᠨ᠎ᠡ ᠶ᠋ᠢ ᠴᠤ᠌ ᠨᠡᠮᠡᠵᠦ ᠨᠥᠬᠥᠵᠦ ᠠᠪᠬᠤ ᠪᠠᠷ ᠱᠠᠭᠠᠷᠳᠠᠭᠰᠠᠨ ᠪᠢᠯᠡ᠃ ᠡᠭᠦᠨ ᠳ᠋ᠦ᠍ ᠴᠢᠩᠭᠢᠰ ᠬᠠᠭᠠᠨ ᠠᠭᠤᠷᠯᠠᠭᠠᠳ ᠪᠠᠢᠯᠳᠤᠭᠴᠢ ᠨᠠᠷ ᠲᠠᠭᠠᠨ ᠵᠠᠷᠯᠢᠭ ᠪᠠᠭᠤᠯᠭᠠᠨ ᠠᠷᠠᠯᠵᠢᠶᠠᠴᠢᠳ ᠤ᠋ᠨ ᠪᠠᠷᠠᠭ᠎ᠠ ᠲᠠᠸᠠᠷ ᠪᠦᠬᠦᠨ ᠢ᠋ ᠬᠣᠷᠢᠶᠠᠯᠭᠠᠪᠠ᠃ ᠲᠡᠭᠡᠭᠡᠳ ᠲᠡᠳᠡᠨ ᠢ᠋ ᠤᠯᠤᠰ ᠣᠷᠣᠨ ᠠ᠋ᠴᠠ ᠪᠠᠨ ᠬᠥᠭᠡᠭᠡᠵᠦ ᠭᠠᠷᠭᠠᠵᠠᠢ᠃ ᠲᠤᠬᠠᠢ ᠶ᠋ᠢᠨ ᠦᠶ᠎ᠡ ᠳ᠋ᠦ᠍ ᠨᠢᠭᠡᠨ ᠠᠷᠠᠯᠵᠢᠶᠠᠴᠢᠨ ᠪᠠᠢᠵᠤ ᠪᠢᠯᠡ᠃ ᠡᠨᠡᠬᠦ ᠬᠠᠷᠠᠸᠠᠡ ᠭᠡᠭᠴᠢ ᠠᠷᠠᠯᠵᠢᠶᠠᠴᠢᠨ᠂ ᠴᠢᠩᠭᠢᠰ ᠬᠠᠭᠠᠨ ᠤ᠋ ᠣᠷᠣᠨ ᠳᠡᠪᠢᠰᠬᠡᠷ ᠲᠤ ᠪᠦᠬᠦ ᠪᠠᠷᠠᠭ᠎ᠠ ᠲᠠᠸᠠᠷ ᠢ᠋ᠶ᠋ᠠᠨ ᠬᠤᠷᠢᠶᠠᠭᠳᠠᠭᠰᠠᠨ ᠠᠬ᠎ᠠ ᠳᠡᠭᠦᠦ ᠨᠠᠷ ᠲᠠᠢ ᠪᠠᠨ ᠠᠭᠤᠯᠵᠠᠭᠠᠳ᠂ ᠪᠠᠢᠳᠠᠯ ᠳ᠋ᠤ᠌ ᠰᠢᠬᠠᠭᠳᠠᠭᠰᠠᠨ ᠠᠲᠠᠯ᠎ᠠ ᠵᠢᠷᠤᠮ ᠢ᠋ ᠪᠠᠳᠠᠷᠠᠭᠤᠯᠤᠭᠰᠠᠨ ᠮᠡᠲᠦ ᠪᠡᠷ ᠪᠦᠬᠦ ᠬᠤᠷᠠᠮᠳᠤᠭᠤᠯᠤᠭᠰᠠᠨ ᠪᠠᠷᠠᠭ᠎ᠠ ᠲᠠᠸᠠᠷ ᠢ᠋ᠶ᠋ᠠᠨ ᠪᠡᠯᠡᠭ ᠪᠣᠯᠭᠠᠨ ᠴᠢᠩᠭᠢᠰ ᠬᠠᠭᠠᠨ ᠳ᠋ᠤ᠌ ᠡᠷᠭᠦᠨ ᠪᠠᠷᠢᠭᠰᠠᠨ ᠶᠤᠮ᠃ ᠲᠡᠭᠡᠭᠰᠡᠨ ᠪᠣᠯᠬᠣᠷ ᠡᠨᠡ ᠠᠷᠠᠯᠵᠢᠶᠠᠴᠢᠨ ᠶᠡᠬᠡ ᠬᠠᠯᠠᠭᠤᠨ ᠢ᠋ᠶ᠋ᠠᠷ ᠵᠣᠴᠢᠯᠠᠭᠳᠠᠭᠠᠳ᠂ ᠨᠠᠭᠠᠳᠤᠮ ᠤ᠋ᠨ ᠬᠤᠷᠠᠯ ᠳᠡᠭᠡᠷ᠎ᠡ ᠳᠠᠢᠯᠠᠭᠳᠠᠪᠠ᠃ ᠴᠢᠩᠭᠢᠰ ᠬᠠᠭᠠᠨ ᠡᠨᠡᠬᠦ ᠪᠡᠯᠡᠭ ᠢ᠋ ᠨᠢ ᠶᠡᠬᠡᠪᠡᠷ ᠮᠠᠭᠲᠠᠨ ᠰᠠᠢᠰᠢᠶᠠᠵᠤ ᠨᠢᠭᠡᠨ ᠬᠡᠰᠡᠭ ᠢ᠋ ᠨᠢ ᠥᠷᠯᠥᠭ ᠨᠠᠷ ᠲᠠᠭᠠᠨ ᠲᠦᠭᠡᠭᠡᠵᠦ ᠥᠭᠭᠦᠭᠡᠳ᠂ ᠠᠷᠠᠯᠵᠢᠶᠠᠴᠢᠨ ᠢ᠋ ᠵᠣᠴᠢᠯᠠᠵᠤ ᠳᠠᠬᠢᠨ ᠢᠷᠡᠵᠦ ᠪᠠᠢᠭᠠᠷᠠᠢ ᠭᠡᠵᠦ ᠬᠦᠰᠡᠪᠡ᠃ ᠠᠷᠠᠯᠵᠢᠶᠠᠴᠢᠨ ᠶᠠᠪᠤᠬᠤ ᠦᠶ᠎ᠡ ᠳ᠋ᠡᠭᠡᠨ ᠣᠷᠳᠣᠨ ᠤ᠋ ᠡᠮᠦᠨ᠎ᠡ ᠪᠠᠢᠭᠰᠠᠨ ᠠᠷᠠᠯᠵᠢᠶᠠᠴᠢᠨ ᠤ᠋ ᠲᠡᠮᠡᠭᠡ ᠳ᠋ᠦ᠍ᠨᠢ ᠦᠨ᠎ᠡ ᠶᠡᠬᠡᠲᠡᠢ ᠰᠣᠨᠢᠨ ᠬᠣᠪᠣᠷ ᠦᠰᠦᠲᠡᠢ ᠠᠷᠠᠰᠤ᠂ ᠠᠯᠲᠠ ᠮᠥᠩᠭᠥ ᠶ᠋ᠢ ᠡᠯᠪᠡᠭ ᠳᠡᠯᠪᠡᠭ ᠠᠴᠢᠶᠠᠯᠠᠭᠰᠠᠨ ᠢ᠋ ᠦᠵᠡᠭᠡᠳ ᠰᠣᠴᠢᠭᠰᠠᠨ ᠪᠥᠭᠡᠳ ᠪᠠᠰᠠ ᠪᠠᠶᠠᠷᠯᠠᠪᠠ᠃ ᠡᠭᠦᠨ ᠢ᠋ ᠲᠠᠯᠠᠷᠬᠠᠭᠰᠠᠨ ᠪᠡᠯᠡᠭ ᠪᠣᠯᠭᠠᠨ ᠬᠠᠷᠢᠭᠤ ᠥᠭᠭᠰᠡᠨ ᠶᠦ᠍ᠮ᠃
ᠡᠭᠦᠨ ᠡᠴᠡ ᠬᠣᠵᠢᠮ ᠴᠢᠩᠭᠢᠰ ᠬᠠᠭᠠᠨ ᠪᠣᠯᠤᠨ ᠠᠷᠠᠯᠵᠢᠶᠠᠴᠢᠨ ᠤ᠋ ᠬᠣᠭᠣᠷᠣᠨᠳᠣᠬᠢ ᠬᠠᠷᠢᠯᠴᠠᠭ᠎ᠠ ᠨᠢ ᠡᠪᠳᠡᠷᠡᠵᠦ ᠰᠠᠮᠠᠭᠤᠷᠠᠭᠰᠠᠨ ᠦᠭᠡᠢ᠃ ᠠᠷᠠᠯᠵᠢᠶ᠎ᠠ ᠨᠡᠪᠲᠡᠷᠡᠬᠦ ᠳ᠋ᠦ ᠲᠡᠭᠦᠨ ᠦ ᠠᠪᠤᠭᠰᠠᠨ ᠡᠨᠡ ᠮᠡᠲᠦ ᠶ᠋ᠢᠨ ᠣᠨᠴᠠ ᠶ᠋ᠢᠨ ᠠᠷᠭ᠎ᠠ ᠨᠢ ᠶᠠᠮᠠᠷ ᠴᠤ᠌ ᠵᠦᠳᠡᠷᠡᠯ ᠦᠭᠡᠢ ᠪᠡᠷ ᠵᠥᠪᠰᠢᠶᠡᠷᠡᠭᠳᠡᠪᠡ᠃ ᠠᠷᠠᠯᠵᠢᠶᠠᠴᠢᠨ ᠨᠠᠷ ᠦ᠋ᠨ ᠬᠡᠨ ᠨᠢ ᠪᠣᠯᠪᠠᠴᠤ ᠴᠢᠩᠭᠢᠰ ᠬᠠᠭᠠᠨ ᠤ ᠣᠷᠳᠣᠨ ᠶ᠋ᠢᠠᠷ ᠬᠦᠷᠴᠦ ᠠᠯᠢ ᠰᠠᠶ᠋ᠢᠨ ᠪᠠᠷᠠᠭ᠎ᠠ ᠪᠠᠨ ᠪᠡᠯᠡᠭᠯᠡᠨ ᠪᠠᠷᠢᠵᠤ᠂ ᠲᠡᠭᠦᠨ ᠦ ᠳᠠᠶ᠋ᠢᠯᠠᠯᠭᠠ ᠶ᠋ᠢ ᠬᠦᠯᠢᠶᠡᠳᠡᠭ ᠪᠠᠶ᠋ᠢᠯ᠎ᠠ᠃ ᠡᠨᠡ ᠦᠶ᠎ᠡ ᠳ᠋ᠦ ᠴᠢᠩᠭᠢᠰ ᠬᠠᠭᠠᠨ ᠣᠷᠳᠣᠨ ᠳ᠋ᠠᠭᠠᠨ ᠳᠤᠪ ᠳᠤᠭᠤᠢ ᠰᠠᠭᠤᠵᠤ ᠴᠡᠭᠡ ᠤᠤᠭᠤᠵᠤ ᠪᠠᠶ᠋ᠢᠬᠤ ᠳ᠋ᠠᠭᠠᠨ ᠣᠯᠠᠨ ᠠᠷᠠᠯᠵᠢᠶᠠᠴᠢᠨ ᠤ ᠠᠶᠠᠨ ᠤ ᠶᠠᠷᠢᠶ᠎ᠠ ᠪᠤᠶᠤ ᠠᠶᠤᠯ ᠳ᠋ᠤ ᠤᠴᠠᠷᠠᠭᠰᠠᠨ ᠦᠯᠢᠭᠡᠷ ᠊ᠢ ᠭᠦᠨ ᠠᠩᠬᠠᠷᠤᠯ ᠲᠠᠯᠪᠢᠨ ᠰᠣᠨᠣᠰᠴᠤ ᠪᠠᠶ᠋ᠢᠳᠠᠭ᠃ ᠮᠣᠷᠳᠠᠬᠤ ᠦᠶ᠎ᠡ ᠳ᠋ᠤᠨᠢ ᠠᠷᠠᠯᠵᠢᠶᠠᠴᠢᠨ ᠳ᠋ᠤ ᠬᠠᠷᠢᠭᠤ ᠪᠡᠯᠡᠭ ᠥᠭᠬᠦ ᠨᠢ ᠡᠯᠪᠡᠭ ᠳᠡᠯᠪᠡᠭ ᠪᠠᠶ᠋ᠢᠵᠠᠢ᠂ ᠡᠶ᠋ᠢᠮᠦ ᠡᠴᠡ ᠡᠨᠡ ᠮᠡᠲᠦ ᠠᠶ᠋ᠢᠯᠴᠢᠯᠠᠯᠲᠠ ᠨᠢ ᠲᠡᠳᠡᠨᠡᠷ ᠲᠤ ᠠᠪᠴᠤ ᠬᠡᠯᠡᠪᠡᠯ ᠨᠡᠩ ᠰᠠᠶ᠋ᠢᠨ ᠠᠷᠠᠯᠵᠢᠶ᠎ᠠ ᠪᠣᠯᠵᠤ ᠪᠠᠶ᠋ᠢᠬᠰᠠᠨ ᠶᠤᠮ᠃ ᠴᠢᠩᠭᠢᠰ ᠬᠠᠭᠠᠨ ᠡᠳᠡᠭᠡᠷ ᠠᠷᠠᠯᠵᠢᠶᠠᠴᠢᠨ ᠠ᠋ᠴᠠ ᠠᠯᠲᠠᠨ ᠤᠯᠤᠰ ᠦ᠋ᠨ ᠲᠤᠬᠠᠢ ᠳᠠᠭᠤᠰᠲᠠᠯ᠎ᠠ ᠠᠰᠠᠭᠤᠵᠤ ᠪᠠᠶ᠋ᠢᠪᠠ᠃ ᠬᠠᠷᠢᠭᠤᠯᠬᠤ ᠶ᠋ᠢ ᠨᠢ ᠠᠩᠬᠠᠷᠤᠯ ᠲᠠᠢ ᠰᠣᠨᠣᠰᠴᠤ᠂ ᠰᠣᠨᠣᠰᠬᠤ ᠲᠤᠲᠤᠮ ᠰᠣᠨᠣᠰᠪᠤᠷᠢ ᠲᠠᠢ ᠪᠥᠭᠡᠳ ᠭᠠᠶ᠋ᠢᠬᠠᠰᠢ ᠲᠥᠷᠥᠭᠳᠡᠵᠦ ᠪᠠᠶ᠋ᠢᠵᠠᠢ᠃ ᠣᠯᠠᠨ ᠭᠣᠣᠯ ᠦ᠋ᠨ ᠳᠡᠭᠡᠭᠦᠷ ᠨᠢ ᠴᠢᠯᠠᠭᠤ ᠪᠠᠷ ᠬᠢᠭᠰᠡᠨ ᠶᠡᠬᠡ ᠬᠥᠭᠥᠷᠭᠡ ᠳᠠᠪ ᠲᠡᠭᠰᠢ ᠲᠠᠯᠪᠢᠬᠳᠠᠵᠤ ᠳᠡᠭᠡᠭᠦᠷ ᠨᠢ ᠲᠡᠷᠭᠡ ᠶᠠᠪᠤᠨ᠎ᠠ ᠭᠡᠨ᠎ᠡ᠃ ᠰᠠᠯᠬᠢᠨ ᠤ ᠬᠦᠴᠦ ᠪᠡᠷ ᠬᠡᠶ᠋ᠢᠰᠴᠦ ᠬᠥᠳᠡᠯᠳᠡᠭ ᠶᠡᠬᠡ ᠭᠡᠷ ᠰᠢᠭ᠌ ᠣᠩᠭᠣᠴᠠ ᠭᠣᠣᠯ ᠮᠥᠷᠡᠨ ᠦ ᠳᠣᠲᠣᠷ᠎ᠠ ᠰᠦᠯᠵᠢᠨ ᠶᠠᠪᠤᠳᠠᠭ ᠭᠡᠨ᠎ᠡ᠃ ᠡᠨᠡ ᠤᠯᠤᠰ ᠦ᠋ᠨ ᠪᠠᠶᠠᠨ ᠬᠥᠮᠦᠰ ᠮᠣᠷᠢ ᠤᠨᠤᠬᠤ ᠦᠭᠡᠢ᠂ ᠠᠯᠲᠠᠨ ᠥᠩᠭᠡᠲᠡᠢ ᠲᠡᠷᠭᠡᠨ ᠳ᠋ᠦ ᠰᠠᠭᠤᠵᠤ ᠵᠠᠮ ᠠᠶᠠᠯᠠᠳᠠᠭ ᠭᠡᠨ᠎ᠡ᠃ ᠡᠨᠡ ᠤᠯᠤᠰ ᠦ᠋ᠨ ᠠᠯᠢᠪᠠ ᠶᠠᠭᠤᠮ᠎ᠠ ᠨᠢ ᠪᠤᠵᠠᠭᠠᠢ ᠪᠥᠭᠡᠳ ᠳᠦᠷᠰᠦᠯᠡᠵᠦ ᠪᠣᠳᠣᠬᠤᠶ᠎ᠠ ᠪᠡᠷᠬᠡ ᠪᠠᠶᠠᠯᠢᠭ ᠭᠡᠨ᠎ᠡ᠃ ᠠᠯᠲᠠᠨ ᠤᠯᠤᠰ ᠪᠣᠯ ᠡᠶ᠋ᠢᠮᠦ ᠪᠠᠶᠠᠯᠢᠭ ᠪᠥᠭᠡᠳ ᠰᠠᠶ᠋ᠢᠬᠠᠨ ᠤᠴᠢᠷ ᠠ᠋ᠴᠠ ᠲᠡᠭᠦᠨ ᠦ ᠬᠦᠴᠦᠨ ᠨᠢ ᠪᠠᠰᠠ ᠴᠢᠭᠢᠷᠠᠭ ᠮᠡᠲᠦ ᠰᠠᠨᠠᠭᠳᠠᠵᠠᠢ᠃ ᠣᠯᠠᠨ ᠬᠣᠲᠠ ᠨᠢ ᠥᠷᠭᠡᠨ ᠶᠡᠬᠡ ᠬᠡᠷᠡᠮ ᠶ᠋ᠢᠡᠷ ᠲᠣᠭᠣᠷᠢᠭᠤᠯᠤᠨ ᠪᠡᠬᠢᠯᠡᠵᠦ᠂ ᠡᠨᠡ ᠬᠡᠷᠡᠮ ᠊ᠢ ᠶᠢᠷᠲᠢᠨᠴᠦ ᠳᠡᠭᠡᠷᠡᠬᠢ ᠶᠠᠮᠠᠷ ᠮᠣᠷᠢ ᠭᠡᠳ ᠳᠠᠪᠠᠵᠤ ᠴᠢᠳᠠᠬᠤ ᠦᠭᠡᠢ᠃ ᠶᠠᠮᠠᠷ ᠴᠤ᠌ ᠳᠠᠶ᠋ᠢᠰᠤᠨ ᠭᠡᠳ ᠠᠪᠠᠷᠢᠨ ᠭᠠᠷᠴᠤ ᠳᠡᠶ᠋ᠢᠯᠬᠦ ᠦᠭᠡᠢ ᠭᠡᠨ᠎ᠡ᠃ ᠬᠠᠭᠠᠨ ᠨᠢ ᠨᠢᠭᠡ ᠴᠡᠷᠢᠭ ᠴᠤ᠌ ᠡᠯᠰᠡᠬᠦ ᠦᠭᠡᠢ ᠪᠡᠷ ᠲᠡᠭᠦᠨ ᠦ ᠪᠠᠶ᠋ᠢᠩᠭᠤ ᠶ᠋ᠢᠨ ᠴᠡᠷᠢᠭ ᠨᠢ ᠴᠢᠩᠭᠢᠰ ᠬᠠᠭᠠᠨ ᠤ ᠪᠦᠬᠦ ᠴᠡᠷᠢᠭ ᠡᠴᠡ ᠬᠣᠯᠠ ᠢᠯᠡᠭᠦᠦ ᠠᠷᠪᠢᠨ ᠭᠡᠨ᠎ᠡ᠃ ᠲᠡᠭᠦᠨ ᠦ ᠴᠡᠷᠢᠭ ᠲᠤᠨᠢ ᠬᠣᠷᠢᠨ ᠡᠷ᠎ᠡ ᠶ᠋ᠢᠨ ᠬᠦᠴᠦ ᠪᠡᠷ ᠲᠠᠲᠠᠵᠤ ᠬᠠᠷᠪᠤᠬᠤ ᠲᠣᠮᠣ ᠨᠤᠮᠤ ᠪᠣᠯᠤᠨ ᠬᠣᠷᠢᠨ ᠮᠣᠷᠢ ᠬᠥᠯᠯᠡᠨ ᠴᠢᠷᠦᠭᠦᠯᠬᠦ ᠪᠠᠶ᠋ᠢᠯᠳᠤᠭᠠᠨ ᠤ ᠲᠡᠷᠭᠡ ᠲᠡᠢ ᠭᠡᠨ᠎ᠡ᠃ ᠡᠨᠡ ᠨᠤᠮᠤ ᠪᠠᠷ ᠳᠠᠶ᠋ᠢᠰᠤᠨ ᠤ ᠵᠦᠭ ᠭᠠᠯ ᠲᠠᠯᠪᠢᠵᠤ ᠴᠢᠳᠠᠬᠤ ᠪᠥᠭᠡᠳ ᠡᠨᠡᠬᠦ ᠭᠠᠯ ᠨᠢ ᠠᠶᠤᠩᠭ᠎ᠠ ᠨᠢᠷᠭᠡᠬᠦ ᠮᠡᠲᠦ ᠠᠶ᠋ᠢᠬᠤᠪᠲᠤᠷ ᠳᠠᠭᠤ ᠭᠠᠷᠤᠨ ᠳᠡᠯᠪᠡᠷᠡᠭᠡᠳ᠂ ᠣᠶ᠋ᠢᠷ᠎ᠠ ᠣᠷᠴᠢᠮ ᠦᠨ ᠪᠣᠢ ᠪᠦᠬᠦᠢ ᠶᠠᠭᠤᠮ᠎ᠠ ᠶ᠋ᠢ ᠰᠦᠢᠷᠡᠭᠦᠯᠳᠡᠭ ᠭᠡᠨ᠎ᠡ᠃
ᠴᠢᠩᠭᠢᠰ ᠬᠠᠭᠠᠨ ᠠᠷᠠᠯᠵᠢᠶᠠᠴᠢᠳ ᠤ᠋ᠨ ᠦᠯᠢᠭᠡᠷ ᠢ᠋ ᠰᠣᠨᠣᠰᠬᠤ ᠪᠦᠷᠢ ᠪᠣᠢ ᠪᠦᠬᠦᠢ ᠠᠷᠠᠯᠵᠢᠶᠠᠴᠢᠨ ᠴᠥᠮ ᠠᠳᠠᠯᠢ ᠪᠠᠢᠳᠠᠯ ᠢ᠋ ᠬᠡᠯᠡᠬᠦ ᠪᠣᠯᠬᠣᠷ᠂ ᠪᠣᠳᠣᠯᠭ᠎ᠠ ᠨᠢ ᠤᠯᠠᠮ ᠭᠦᠨᠵᠡᠭᠡᠢᠷᠡᠵᠦ ᠢᠷᠡᠬᠦ ᠮᠡᠲᠦ ᠪᠣᠯᠪᠠ᠃ ᠠᠯᠲᠠᠨ ᠤᠯᠤᠰ ᠤ᠋ᠨ ᠬᠠᠭᠠᠨ ᠤ᠋ ᠴᠡᠷᠢᠭ ᠦ᠋ᠨ ᠬᠦᠴᠦᠨ ᠨᠢ ᠠᠷᠭ᠎ᠠ ᠦᠭᠡᠢ ᠴᠢᠭᠢᠷᠠᠭ ᠶᠡᠬᠡ᠂ ᠴᠡᠷᠢᠭ ᠦ᠋ᠨ ᠲᠣᠭ᠎ᠠ ᠨᠢ ᠬᠡᠮᠵᠢᠶ᠎ᠡ ᠦᠭᠡᠢ ᠣᠯᠠᠨ᠂ ᠬᠣᠲᠠᠨ ᠤ᠋ ᠪᠡᠬᠢᠯᠡᠯᠲᠡ ᠨᠢ ᠡᠪᠳᠡᠷᠡᠰᠢ ᠦᠭᠡᠢ ᠪᠡᠬᠢ᠂ ᠵᠠᠷ ᠵᠡᠪᠰᠡᠭ ᠨᠢ ᠣᠯᠢᠭ ᠦᠭᠡᠢ ᠲᠣᠮᠣ ᠭᠡᠨ᠎ᠡ᠃ ᠭᠡᠪᠡᠴᠦ ᠬᠡᠵᠢᠶ᠎ᠡ ᠪᠣᠯᠬᠤ ᠶ᠋ᠢ ᠪᠦᠦ ᠮᠡᠳᠡ ᠶᠠᠭᠠᠬᠢᠭᠰᠠᠨ ᠴᠤ᠌ ᠲᠡᠭᠦᠨ ᠯᠦ᠍ᠭᠡ ᠨᠢᠭᠡᠨ ᠤᠳᠠᠭ᠎ᠠ ᠦᠵᠡᠯᠴᠡᠵᠦ ᠲᠡᠮᠡᠴᠡᠬᠦ ᠦᠭᠡᠢ ᠪᠣᠯ ᠪᠣᠯᠬᠤ ᠦᠭᠡᠢ ᠭᠡᠵᠦ ᠢᠲᠡᠭᠡᠵᠦ ᠪᠠᠢᠪᠠ᠃ ᠥᠪᠡᠷ ᠦ᠋ᠨ ᠢ᠋ᠶ᠋ᠡᠨ ᠲᠣᠭᠲᠠᠨᠢᠵᠤ ᠠᠮᠢᠳᠤᠷᠠᠬᠤ ᠶ᠋ᠢᠨ ᠲᠥᠯᠥᠭᠡ᠂ ᠠᠯᠲᠠᠨ ᠤᠯᠤᠰ ᠲᠠᠢ ᠪᠠᠢᠯᠳᠤᠬᠤ ᠲᠦᠭᠰᠢᠭᠦᠷᠢ ᠶ᠋ᠢ ᠡᠷᠡᠰ ᠶᠠᠪᠤᠭᠤᠯᠬᠤ ᠦᠭᠡᠢ ᠶᠠᠭᠠᠬᠢᠵᠤ ᠪᠣᠯᠬᠤ ᠪᠣᠢ᠃ ᠡᠨᠡ ᠪᠣᠯ ᠴᠢᠩᠭᠢᠰ ᠬᠠᠭᠠᠨ ᠤ᠋ ᠪᠡᠶ᠎ᠡ ᠳ᠋ᠦ᠍ ᠲᠤᠯᠭᠠᠷᠠᠭᠰᠠᠨ ᠦᠨᠡᠨ ᠪᠣᠳᠠᠲᠤ ᠬᠡᠷᠡᠭ ᠪᠣᠯᠵᠤ ᠪᠠᠢᠪᠠ᠃ ᠲᠡᠷᠡ ᠪᠠᠰᠠ ᠤᠷᠲᠤ ᠴᠠᠭᠠᠨ ᠬᠡᠷᠡᠮ ᠦ᠋ᠨ ᠴᠢᠨᠠᠳᠤᠬᠢ ᠭᠠᠢᠬᠠᠮᠰᠢᠭ ᠲᠠᠢ ᠡᠨᠡᠬᠦ ᠤᠯᠤᠰ ᠢ᠋ ᠨᠢᠳᠦ ᠪᠡᠷ ᠢ᠋ᠶ᠋ᠡᠨ ᠦᠵᠡᠶ᠎ᠡ ᠭᠡᠵᠦ ᠪᠣᠳᠣᠵᠤ ᠪᠠᠢᠭᠰᠠᠨ ᠶᠤᠮ᠃ ᠭᠠᠭᠴᠠ ᠡᠢᠮᠦ ᠵᠣᠷᠢᠯᠲᠠ ᠶ᠋ᠢᠨ ᠲᠡᠳᠦᠢ ᠪᠠᠢᠭᠰᠠᠨ ᠪᠣᠯ ᠳᠠᠷᠤᠢ ᠡᠪᠦᠭᠡ ᠳᠡᠭᠡᠳᠦᠰ ᠦ᠋ᠨ ᠢ᠋ᠶ᠋ᠡᠨ ᠠᠳᠠᠯᠢ ᠪᠠᠷ ᠰᠥᠰᠥ ᠵᠣᠷᠢᠭ ᠭᠠᠷᠭᠠᠨ ᠤᠳᠠᠭ᠎ᠠ ᠳᠠᠷᠠᠭ᠎ᠠ ᠪᠠᠷ ᠳᠣᠪᠲᠣᠯᠵᠤ ᠣᠷᠣᠭᠠᠳ ᠳᠡᠭᠡᠷᠡᠮᠳᠡᠵᠦ ᠪᠤᠯᠢᠶᠠᠴᠢᠬᠠᠪᠠᠯ ᠭᠦᠢᠴᠢᠬᠡᠳᠡᠭ ᠶᠦᠮ᠃ ᠲᠡᠭᠦᠨ ᠦ᠌ ᠲᠠᠷᠢᠬᠢᠨ ᠳ᠋ᠤ᠌ ᠪᠣᠳᠣᠭᠳᠠᠭᠰᠠᠨ ᠤᠴᠢᠷ ᠨᠢ ᠲᠡᠢᠮᠦ ᠬᠢᠯᠪᠠᠷ ᠪᠢᠰᠢ᠂ ᠶᠡᠬᠡ ᠪᠠᠢᠯᠳᠤᠭᠠᠨ ᠬᠢᠵᠦ᠂ ᠡᠷᠡᠭᠴᠢᠨ ᠡᠮᠡᠭᠴᠢᠨ ᠢ᠋ᠶ᠋ᠡᠨ ᠢᠯᠭᠠᠬᠤ ᠦᠭᠡᠢ ᠪᠡᠷ ᠪᠣᠯᠬᠤ ᠦᠭᠡᠢ ᠭᠡᠵᠦ ᠪᠣᠳᠣᠭᠰᠠᠨ ᠪᠠᠢᠨ᠎ᠠ᠃ ᠠᠯᠲᠠᠨ ᠤᠯᠤᠰ᠂ ᠨᠡᠭᠦᠳᠡᠯᠴᠢᠨ ᠠᠷᠠᠳ ᠲᠠᠢ ᠪᠦᠯᠬᠦᠮᠳᠡᠵᠦ ᠪᠣᠯᠬᠤ ᠡᠰᠡᠬᠦ ᠭᠡᠳᠡᠭ ᠢ᠋ ᠮᠡᠳᠡᠵᠦ ᠣᠯᠬᠤ ᠳ᠋ᠤ᠌ ᠪᠡᠷᠬᠡ ᠶᠦᠮ᠃ ᠶᠠᠭᠠᠬᠢᠭᠠᠳ ᠭᠡᠪᠡᠯ᠂ ᠬᠡᠳᠦᠨ ᠵᠠᠭᠤᠨ ᠣᠨ ᠤ᠋ ᠲᠤᠷᠰᠢ᠂ ᠡᠨᠡᠬᠦ ᠬᠠᠭᠠᠨᠲᠤ ᠤᠯᠤᠰ ᠶᠡᠷᠦ ᠡᠴᠡ ᠨᠡᠭᠦᠳᠡᠯᠴᠢᠨ ᠠᠷᠠᠳ ᠤ᠋ᠨ ᠨᠢᠭᠡ ᠪᠦᠯᠦᠭ ᠲᠡᠢ ᠨᠢ ᠰᠦᠯᠪᠡᠭᠡᠯᠳᠦᠭᠡᠳ᠂ ᠨᠥᠭᠦᠭᠡ ᠨᠢᠭᠡᠨ ᠬᠡᠰᠡᠭ ᠢ᠋ ᠨᠢ ᠳᠠᠷᠤᠯᠠᠵᠤ《ᠢᠰᠡᠭᠡᠢ ᠲᠤᠭᠤᠷᠭᠠᠲᠠᠨ》 ᠤ᠋ ᠴᠢᠭᠢᠷᠠᠭᠵᠢᠬᠤ ᠶ᠋ᠢ ᠡᠪᠳᠡᠯᠡᠬᠦ ᠡᠴᠡ ᠭᠠᠳᠠᠨ᠎ᠠ ᠥᠭᠡᠷ᠎ᠡ ᠠᠷᠭ᠎ᠠ ᠶ᠋ᠢ ᠮᠡᠳᠡᠬᠦ ᠦᠭᠡᠢ ᠪᠠᠢᠭᠰᠠᠨ ᠶᠤᠮ᠃ ᠡᠢᠮᠦ ᠠᠷᠭ᠎ᠠ ᠪᠠᠷ ᠳᠣᠲᠣᠷ ᠭᠠᠵᠠᠷ ᠤ᠋ᠨ ᠬᠠᠭᠠᠨᠲᠤ ᠤᠯᠤᠰ᠂ ᠪᠣᠢᠵᠢᠵᠤ ᠪᠠᠢᠭ᠎ᠠ ᠦᠨᠳᠦᠰᠦᠲᠡᠨ ᠢ᠋ ᠥᠯᠥᠭᠡᠢ ᠳ᠋ᠦ᠍ᠨᠢ ᠳᠠᠷᠤᠵᠤ ᠠᠪᠳᠠᠭ ᠪᠠᠢᠵᠠᠢ᠃
ᠡᠨᠡᠬᠦ ᠤᠯᠤᠰ ᠨᠢ ᠬᠠᠪᠤᠯ ᠬᠠᠭᠠᠨ ᠢ᠋ ᠬᠣᠣᠷᠯᠠᠵᠤ ᠠᠯᠠᠭᠰᠠᠨ ᠪᠥᠭᠡᠳ ᠬᠣᠲᠠᠯᠠ ᠬᠠᠭᠠᠨ ᠢ᠋ ᠬᠥᠨᠥᠭᠡᠵᠦ᠂ ᠪᠣᠷᠵᠢᠭᠢᠨ ᠠᠢᠮᠠᠭ ᠤ᠋ᠨ ᠬᠣᠶᠠᠷ ᠬᠠᠭᠠᠨ ᠢ᠋ ᠠᠯᠠᠭᠰᠠ ᠪᠢᠯᠡ᠃ ᠡᠨᠡ ᠪᠦᠬᠦᠨ ᠨᠢ ᠡᠷᠬᠡ ᠰᠦᠷ ᠦ᠋ᠨ ᠳᠣᠣᠷ᠎ᠠ ᠪᠠᠨ ᠥᠩᠭᠡᠷᠡᠦ ᠣᠯᠠᠨ ᠠᠢᠮᠠᠭ ᠶᠠᠰᠤᠲᠠᠨ ᠢ᠋ ᠴᠤᠭᠯᠠᠭᠤᠯᠤᠭᠰᠠᠨ ᠠ᠋ᠴᠠ ᠪᠣᠯᠤᠭᠰᠠᠨ ᠶᠤᠮ᠃ ᠭᠡᠲᠡᠯ᠎ᠡ ᠡᠨᠡ ᠤᠳᠠᠭ᠎ᠠ᠂ ᠬᠡᠷᠡᠭ ᠦ᠋ᠨ ᠶᠠᠪᠤᠴᠠ ᠨᠢ ᠳᠠᠩᠴᠤ ᠬᠤᠷᠳᠤᠨ ᠪᠣᠯᠤᠭᠰᠠᠨ ᠪᠠᠢᠨ᠎ᠠ᠃ ᠠᠯᠲᠠᠨ ᠤᠯᠤᠰ ᠤ᠋ᠨ ᠬᠠᠭᠠᠨ ᠪᠠ ᠵᠠᠩᠵᠤᠨ ᠨᠠᠷ ᠴᠢᠩᠭᠢᠰ ᠬᠠᠭᠠᠨ ᠢ᠋ ᠲᠡᠭᠦᠨ ᠡᠴᠡ ᠴᠢᠭᠢᠷᠠᠭ ᠪᠥᠭᠡᠳ ᠠᠶᠤᠯ ᠲᠦᠭᠰᠢᠭᠦᠷᠢ ᠨᠢ ᠪᠠᠰᠠ ᠶᠡᠬᠡ ᠳᠠᠢᠰᠤᠨ ᠲᠠᠢ ᠲᠡᠮᠡᠴᠡᠵᠦ ᠪᠠᠢᠭᠰᠠᠨ ᠢ᠋ ᠮᠡᠳᠡᠵᠦ ᠪᠠᠢᠪᠠ᠃ ᠵᠢᠱ᠌ᠢᠶᠡᠯᠡᠪᠡᠯ᠄ ᠸᠠᠩ ᠬᠠᠨ᠂ ᠲᠣᠭᠲᠤᠭ᠎ᠠ ᠪᠡᠬᠢ᠂ ᠳᠠᠶᠠᠨ ᠬᠠᠨ ᠮᠡᠲᠦ ᠶ᠋ᠢᠨ ᠬᠥᠮᠦᠰ ᠪᠣᠯᠤᠨ᠎ᠠ᠃ ᠴᠠᠭᠠᠨ ᠬᠡᠷᠡᠮ ᠦ᠋ᠨ ᠴᠢᠨᠠᠳᠤᠬᠢ ᠴᠢᠩᠭᠢᠰ ᠬᠠᠭᠠᠨ ᠢ᠋ ᠳᠡᠢᠯᠬᠦ ᠴᠦ᠍ ᠮᠠᠭᠠᠳ ᠦᠭᠡᠢ᠃ ᠤᠪ ᠮᠡᠬᠡ ᠭᠠᠷᠭᠠᠵᠤ ᠪᠠᠢᠬᠤ ᠶ᠋ᠢ ᠨᠢ ᠣᠮᠲᠣᠭᠠᠢᠯᠠᠭᠰᠠᠨ ᠨᠢ ᠡᠭᠦᠨ ᠡᠴᠡ ᠪᠣᠯᠤᠭᠰᠠᠨ ᠪᠠᠢᠨ᠎ᠠ᠃ ᠴᠢᠩᠭᠢᠰ ᠬᠠᠭᠠᠨ ᠪᠦᠬᠦ ᠳᠠᠢᠰᠤᠨ ᠢ᠋ᠶ᠋ᠠᠨ ᠰᠥᠨᠥᠭᠡᠭᠰᠡᠨ ᠦᠶ᠎ᠡ ᠳ᠋ᠦ᠍ ᠮᠣᠩᠭᠣᠯ ᠬᠠᠭᠠᠨᠲᠤ ᠤᠯᠤᠰ ᠤ᠋ᠨ ᠪᠠᠢᠭᠤᠯᠤᠯᠲᠠ ᠨᠢ ᠴᠠᠬᠢᠯᠭᠠᠨ ᠭᠡᠷᠡᠯ᠂ ᠴᠠᠬᠢᠭᠤᠷ ᠤ᠋ᠨ ᠣᠴᠢ ᠮᠡᠲᠦ ᠭᠠᠢᠬᠠᠮᠰᠢᠭᠲᠠᠢ ᠲᠦᠷᠭᠡᠨ ᠶᠠᠪᠤᠭᠳᠠᠪᠠ᠃ ᠭᠡᠲᠡᠯ᠎ᠡ ᠡᠴᠦᠰ ᠦ᠋ᠨ ᠦᠶ᠎ᠡ ᠳ᠋ᠦ᠍ ᠪᠣᠯᠬᠤ ᠳ᠋ᠤ᠌ ᠠᠯᠲᠠᠨ ᠤᠯᠤᠰ ᠤ᠋ᠨ ᠡᠯᠴᠢ ᠶᠦᠩ ᠵᠢᠢ ᠴᠢᠩ ᠸᠠᠩ ᠬᠣᠶᠠᠷ ᠮᠢᠩᠭᠠᠨ ᠭᠠᠵᠠᠷ ᠠᠶᠠᠯᠠᠵᠤ᠂ ᠡᠯᠡᠰᠦ ᠮᠠᠩᠬᠠᠨ ᠤ᠋ ᠠᠷᠤ ᠭᠠᠵᠠᠷ ᠢᠷᠡᠭᠡᠳ ᠶᠠᠮᠠᠷ ᠬᠡᠷᠡᠭ ᠬᠢᠵᠦ ᠪᠠᠢᠬᠤ ᠶ᠋ᠢ ᠨᠢ ᠮᠡᠳᠡᠶ᠎ᠡ ᠭᠡᠰᠡᠨ ᠨᠢ ᠥᠩᠭᠡᠷᠡᠦ ᠣᠷᠣᠢᠲᠠᠵᠠᠢ᠃ ᠠᠯᠲᠠᠨ ᠤᠯᠤᠰ ᠲᠠᠢ ᠬᠠᠮᠲᠤᠷᠠᠵᠤ ᠴᠢᠩᠭᠢᠰ ᠬᠠᠭᠠᠨ ᠢ᠋ ᠡᠰᠡᠷᠭᠦᠴᠡᠵᠦ ᠴᠢᠳᠠᠬᠤ ᠠᠢᠮᠠᠭ᠂ ᠶᠠᠰᠤᠲᠠᠨ ᠨᠢᠭᠡᠴᠦ ᠣᠯᠳᠠᠬᠤ ᠦᠭᠡᠢ ᠪᠣᠯᠵᠠᠢ᠃ ᠡᠢᠮᠦ ᠡᠴᠡ ᠴᠢᠩᠭᠢᠰ ᠬᠠᠭᠠᠨ ᠲᠠᠢ ᠪᠠᠢᠯᠳᠤᠶ᠎ᠠ ᠭᠡᠪᠡᠯ ᠡᠯᠡᠰᠦ ᠮᠠᠩᠬᠠᠨ ᠤ᠋ ᠠᠷᠤ ᠲᠡᠰᠢ ᠬᠣᠯᠠ ᠠᠶᠠᠯᠠᠵᠤ ᠠᠯᠲᠠᠨ ᠤᠯᠤᠰ ᠥᠪᠡᠷ ᠦ᠋ᠨ ᠴᠡᠷᠢᠭ ᠢ᠋ᠶ᠋ᠡᠨ ᠲᠣᠮᠢᠯᠠᠬᠤ ᠦᠭᠡᠢ ᠪᠡᠷ ᠪᠣᠯᠬᠤ ᠦᠭᠡᠢ ᠪᠣᠯᠵᠠᠢ᠃ ᠭᠡᠲᠡᠯ᠎ᠡ ᠪᠣᠭᠳᠠ ᠬᠠᠭᠠᠨ ᠠᠷᠪᠠᠨ ᠵᠢᠯ ᠦ᠋ᠨ ᠤᠷᠢᠳ ᠲᠠᠲ᠋ᠠᠷ ᠲᠠᠢ ᠪᠠᠢᠯᠳᠤᠬᠤ ᠬᠤᠭᠤᠴᠠᠭᠠᠨ ᠳ᠋ᠠᠭᠠᠨ ᠠᠯᠲᠠᠨ ᠤᠯᠤᠰ ᠤ᠋ᠨ ᠴᠡᠷᠢᠭ ᠨᠢ ᠶᠠᠮᠠᠷ ᠵᠡᠷᠭᠡ ᠪᠠᠢᠭᠰᠠᠨ ᠢ᠋ ᠮᠡᠳᠡᠵᠦ ᠪᠠᠢᠭᠰᠠᠨ ᠶᠤᠮ᠃ ᠲᠡᠭᠡᠭᠡᠳ ᠳᠤᠷᠠᠲᠠᠢ ᠪᠣᠯ ᠢᠷᠡᠪᠡᠯ ᠢᠷᠡᠭ ᠭᠡᠵᠦ ᠪᠣᠳᠣᠯ᠎ᠠ᠃
ᠴᠢᠩᠭᠢᠰ ᠬᠠᠭᠠᠨ ᠤ᠋ ᠰᠡᠳᠬᠢᠯ ᠢ᠋ ᠠᠮᠤᠷ ᠦᠭᠡᠢ ᠪᠣᠯᠭᠠᠭᠰᠠᠨ ᠨᠢ ᠠᠯᠲᠠᠨ ᠤᠯᠤᠰ ᠤ᠋ᠨ ᠴᠡᠷᠢᠭ ᠪᠢᠰᠢ᠂ ᠬᠠᠷᠢᠨ ᠲᠡᠷᠡᠬᠦ ᠬᠠᠭᠠᠨᠲᠤ ᠤᠯᠤᠰ ᠤ᠋ᠨ ᠲᠥᠷᠥ ᠪᠠᠷᠢᠭᠴᠢ ᠶ᠋ᠢᠨ ᠤᠪ ᠮᠡᠬᠡ ᠨᠢ ᠪᠣᠯᠤᠨ᠎ᠠ᠃ ᠡᠳᠡᠭᠡᠷ ᠲᠥᠷᠥ ᠪᠠᠷᠢᠭᠴᠢᠳ ᠵᠠᠷᠢᠮ ᠨᠢᠭᠡ ᠳᠤᠷ᠎ᠠ ᠦᠭᠡᠢᠴᠡᠭᠰᠡᠨ ᠮᠣᠩᠭᠣᠯᠴᠤᠳ ᠢ᠋ ᠬᠠᠮᠠᠭᠠᠯᠠᠵᠤ᠂ ᠲᠡᠳᠡᠨᠡᠷ ᠢ᠋ ᠬᠠᠪᠰᠤᠷᠬᠤ ᠪᠠᠷ ᠦᠯᠦ ᠪᠠᠷᠠᠨ ᠳᠤᠷ᠎ᠠ ᠦᠭᠡᠢᠴᠡᠬᠦ ᠰᠠᠨᠠᠭ᠎ᠠ ᠶ᠋ᠢ ᠨᠢ ᠥᠳᠥᠭᠡᠵᠦ ᠤᠷᠪᠠᠯᠭ᠎ᠠ ᠭᠠᠷᠭᠠᠯᠭᠠᠬᠤ ᠳ᠋ᠠᠭᠠᠨ ᠮᠡᠷᠭᠡᠵᠢᠭᠰᠡᠨ ᠪᠠᠢᠨ᠎ᠠ᠃ ᠪᠣᠭᠳᠠ ᠬᠠᠭᠠᠨ ᠤ᠋ ᠪᠡᠶ᠎ᠡ ᠨᠢ ᠡᠭᠦᠨ ᠦ᠌ ᠲᠥᠯᠥᠭᠡ ᠥᠴᠦᠬᠡᠨ ᠴᠦ᠍ ᠵᠣᠪᠠᠨᠢᠬᠤ ᠭᠠᠵᠠᠷ ᠦᠭᠡᠢ ᠪᠣᠯᠪᠠᠴᠤ ᠲᠡᠭᠦᠨ ᠦ᠌ ᠦᠷ᠎ᠡ ᠬᠡᠦᠬᠡᠳ ᠨᠢ ᠤᠷᠪᠠᠯᠭ᠎ᠠ ᠭᠠᠷᠭᠠᠬᠤ ᠳ᠋ᠤ᠌ ᠬᠢᠯᠪᠠᠷ ᠪᠥᠭᠡᠳ ᠬᠦᠯᠢᠶᠡᠰᠦᠨ ᠳ᠋ᠦ᠍ ᠪᠤᠬᠢᠨᠢᠳᠤᠵᠤ ᠪᠠᠢᠬᠤ ᠲᠦᠰᠢᠮᠡᠳ᠂ ᠲᠡᠷᠡᠴᠢᠯᠡᠨ ᠵᠦᠢᠯ ᠪᠦᠷᠢ ᠶ᠋ᠢᠨ ᠦᠨᠳᠦᠰᠦᠲᠡᠨ ᠶᠠᠰᠤᠲᠠᠨ ᠢ᠋ᠶ᠋ᠠᠷ ᠲᠡᠮᠦᠷ ᠮᠡᠲᠦ ᠶ᠋ᠢᠨ ᠰᠠᠬᠢᠯᠭ᠎ᠠ ᠪᠠᠲᠤ ᠪᠠᠨ ᠬᠠᠮᠠᠭᠠᠯᠠᠵᠤ ᠴᠢᠳᠠᠨ᠎ᠠ ᠤᠤ᠂ ᠦᠭᠡᠢ ᠤᠤ᠃ ᠬᠡᠷᠪᠡ ᠠᠯᠲᠠᠨ ᠤᠯᠤᠰ ᠬᠥᠮᠦᠨ ᠢᠷᠡᠭᠦᠯᠵᠦ ᠵᠡᠷᠭᠡ ᠴᠣᠯᠠ ᠪᠤᠶᠤ ᠭᠡᠷ᠎ᠡ ᠪᠣᠯᠵᠣᠭ᠎ᠠ ᠪᠠᠷ ᠬᠡᠦᠬᠡᠳ ᠢ᠋ ᠨᠢ ᠲᠠᠲᠠᠵᠤ᠂ ᠬᠠᠷᠢᠯᠴᠠᠨ ᠮᠠᠭᠤᠴᠠᠯᠳᠤᠭᠤᠯᠬᠤ ᠭᠡᠰᠡᠨ ᠦᠶ᠎ᠡ ᠳ᠋ᠦ᠍ ᠬᠡᠦᠬᠡᠳ ᠨᠢ ᠡᠭᠦᠨ ᠢ᠋ ᠬᠦᠯᠢᠶᠡᠬᠦ ᠦᠭᠡᠢ ᠡᠰᠡᠷᠭᠦᠴᠡᠬᠦ ᠴᠢᠳᠠᠪᠤᠷᠢ ᠪᠠᠢᠨ᠎ᠠ ᠤᠤ᠂ ᠦᠭᠡᠢ ᠤᠤ᠃ ᠬᠠᠷ᠎ᠠ ᠬᠢᠳᠠᠨ ᠪᠤᠶᠤ ᠪᠠᠷᠠᠭᠤᠨ ᠰᠢᠶᠠ ᠪᠣᠯ ᠳᠡᠮᠡᠢ ᠠᠶᠤᠮᠰᠢᠭᠲᠠᠢ ᠬᠥᠷᠰᠢ ᠤᠯᠤᠰ ᠪᠢᠰᠢ᠂ ᠭᠡᠪᠡᠴᠦ ᠠᠯᠲᠠᠨ ᠬᠠᠭᠠᠨᠲᠤ ᠤᠯᠤᠰ ᠲᠠᠢ ᠬᠢᠯᠢ ᠨᠡᠢᠯᠡᠵᠦ ᠪᠠᠢᠬᠤ ᠯᠠ ᠦᠶ᠎ᠡ ᠳ᠋ᠦ᠍ ᠮᠣᠩᠭᠣᠯ ᠤᠯᠤᠰ ᠢᠮᠠᠭᠲᠠ ᠬᠠᠭᠠᠴᠠᠬᠲᠠᠬᠣ ᠪᠤᠶᠤ ᠮᠥᠬᠥᠭᠡᠭᠳᠡᠬᠦ ᠠᠶᠤᠯ ᠲᠦᠭᠰᠢᠭᠦᠷᠢ ᠲᠡᠢ ᠭᠡᠳᠡᠭ ᠨᠢ ᠢᠯᠡᠬᠡᠨ ᠪᠠᠢᠯ᠎ᠠ᠃ ᠵᠠᠯᠠᠭᠤ ᠴᠠᠭ ᠤ᠋ᠨ ᠵᠡᠭᠦᠳᠦ ᠨᠢ ᠣᠳᠣ ᠪᠡᠶᠡᠯᠡᠭᠳᠡᠬᠦ ᠪᠣᠯᠤᠯ᠎ᠠ᠃ ᠮᠣᠷᠢᠲᠤ ᠴᠡᠷᠢᠭ ᠢ᠋ᠶ᠋ᠡᠷ ᠪᠦᠷᠢᠯᠳᠦᠭᠰᠡᠨ ᠨᠢᠭᠡᠨ ᠤᠯᠤᠰ ᠠᠷᠠᠳ ᠲᠡᠭᠦᠨ ᠦ᠌ ᠲᠤᠭ ᠤ᠋ᠨ ᠳᠣᠣᠷ᠎ᠠ ᠵᠣᠬᠢᠶᠠᠨ ᠪᠠᠢᠭᠤᠯᠤᠭᠳᠠᠪᠠ᠃ ᠣᠳᠣ ᠵᠡᠭᠦᠳᠦ ᠪᠡᠨ ᠴᠢᠨᠠᠭᠰᠢᠳᠠ ᠦᠷᠭᠦᠯᠵᠢᠯᠡᠨ ᠪᠡᠶᠡᠯᠡᠭᠦᠯᠬᠦ ᠭᠡᠵᠦ ᠪᠠᠢᠬᠤ ᠶᠤᠮ᠃ ᠬᠣᠲᠠ ᠪᠠᠯᠭᠠᠰᠤᠨ ᠳ᠋ᠤ᠌ ᠰᠠᠭᠤᠵᠤ ᠪᠠᠢᠬᠤ ᠬᠥᠮᠦᠰ ᠲᠡᠢ ᠪᠠᠢᠯᠳᠤᠭᠠᠨ ᠬᠢᠬᠦ ᠨᠢ ᠲᠡᠷᠡ᠃
ᠴᠢᠩᠭᠢᠰ ᠬᠠᠭᠠᠨ ᠠ᠋ᠴᠠ ᠠᠯᠲᠠᠨ ᠤᠯᠤᠰ ᠤᠷᠤᠭᠤ ᠪᠠᠢᠯᠳᠤᠭᠠᠨ ᠢ᠋ ᠡᠷᠡᠰ ᠶᠠᠪᠤᠭᠤᠯᠬᠤ ᠴᠢᠬᠤᠯᠠ ᠲᠠᠢ ᠭᠡᠳᠡᠭ ᠢ᠋ ᠠᠯᠢ ᠬᠡᠳᠦᠢᠨ᠎ᠡ ᠲᠣᠭᠲᠠᠭᠰᠠᠨ ᠪᠣᠯᠪᠠᠴᠤ ᠠᠷᠠᠯᠵᠢᠶᠠᠴᠢᠨ ᠪᠠ ᠲᠠᠩᠨᠠᠭᠤᠯ ᠠ᠋ᠴᠠ ᠣᠯᠭᠣᠭᠰᠠᠨ ᠮᠡᠳᠡᠭᠡ ᠡᠴᠡ ᠦᠵᠡᠬᠦᠯ᠎ᠡ ᠥᠪᠡᠷ ᠦ᠋ᠨ ᠪᠡᠶ᠎ᠡ ᠪᠠ ᠪᠦᠬᠦ ᠮᠣᠩᠭᠣᠯᠴᠤᠳ ᠡᠨᠡᠬᠦ ᠰᠢᠢᠳᠪᠦᠷᠢᠯᠡᠭᠴᠢ ᠴᠢᠨᠠᠷ ᠪᠦᠬᠦᠢ ᠪᠠᠢᠯᠳᠤᠭᠠᠨ ᠢ᠋ ᠬᠢᠬᠦ ᠳ᠋ᠦ᠍ ᠬᠤᠶᠠᠭ ᠵᠡᠪᠰᠡᠭ ᠪᠣᠯᠤᠨ ᠪᠡᠯᠡᠳᠬᠡᠯ ᠢ᠋ ᠪᠦᠷᠢᠨ ᠬᠢᠵᠦ ᠴᠢᠳᠠᠭ᠎ᠠ ᠦᠭᠡᠢ ᠭᠡᠳᠡᠭ ᠢ᠋ᠶ᠋ᠡᠨ ᠮᠡᠳᠡᠵᠡᠢ᠃ ᠲᠡᠭᠦᠨ ᠦ᠌ ᠵᠠᠩ ᠴᠢᠨᠠᠷ ᠤ᠋ᠨ ᠰᠠᠭᠤᠷᠢ ᠪᠣᠯᠤᠭᠰᠠᠨ ᠵᠥᠩᠨᠡᠵᠦ ᠮᠡᠳᠡᠬᠦ ᠪᠠ ᠬᠢᠨᠠᠮᠠᠭᠠᠢ ᠬᠢᠴᠢᠶᠡᠩᠭᠦᠢ ᠡᠴᠡ ᠪᠣᠯᠵᠤ᠂ ᠴᠢᠩᠭᠢᠰ ᠬᠠᠭᠠᠨ ᠡᠨᠡᠬᠦ ᠶᠡᠬᠡ ᠪᠠᠢᠯᠳᠤᠭᠠᠨ ᠤ᠋ ᠲᠥᠯᠥᠭᠡ ᠥᠪᠡᠷ ᠦ᠋ᠨ ᠪᠡᠯᠡᠳᠬᠡᠯ ᠢ᠋ᠶ᠋ᠡᠨ ᠡᠬᠢᠯᠡᠭᠦᠯᠪᠡ᠃
(ᠬᠣᠶᠠᠷ) ᠪᠣᠳᠠᠲᠤ ᠪᠠᠢᠯᠳᠤᠭᠠᠨ ᠢ᠋ᠶ᠋ᠠᠷ ᠴᠡᠷᠢᠭ ᠢ᠋ᠶ᠋ᠡᠨ ᠪᠣᠯᠪᠠᠰᠤᠷᠠᠭᠤᠯᠤᠭᠰᠠᠨ ᠨᠢ
ᠡᠮᠦᠨ᠎ᠡ ᠡᠲᠡᠭᠡᠳ ᠦ᠋ᠨ ᠲᠠᠩᠭᠤᠳ ᠤ᠋ᠨ ᠪᠠᠷᠠᠭᠤᠨ ᠰᠢᠶᠠ ᠤᠯᠤᠰ ᠨᠢ ᠪᠦᠷᠢᠮᠦᠰᠦᠨ ᠬᠢᠲᠠᠳ ᠮᠠᠶᠢᠭ ᠢ᠋ᠶ᠋ᠠᠷ ᠵᠣᠬᠢᠶᠠᠨ ᠪᠠᠢᠭᠤᠯᠤᠭᠳᠠᠵᠤ ᠪᠠᠢᠵᠠᠢ᠃ ᠬᠢᠲᠠᠳ ᠤ᠋ᠨ ᠳᠦᠷᠢᠮ ᠢ᠋ᠶ᠋ᠡᠷ ᠪᠣᠯᠪᠠᠰᠤᠷᠠᠭᠰᠠᠨ ᠴᠡᠷᠢᠭ᠂ ᠬᠣᠲᠠ ᠶ᠋ᠢᠨ ᠪᠡᠬᠢᠯᠡᠯᠲᠡ ᠨᠢ ᠴᠦ᠍ ᠮᠥᠨ ᠬᠢᠲᠠᠳ ᠤ᠋ᠨ ᠠᠳᠠᠯᠢ ᠪᠠᠢᠵᠠᠢ᠃ ᠡᠢᠮᠦ ᠡᠴᠡ ᠴᠢᠩᠭᠢᠰ ᠬᠠᠭᠠᠨ ᠲᠠᠩᠭᠤᠳ ᠤᠯᠤᠰ ᠢ᠋ᠶ᠋ᠠᠷ ᠥᠪᠡᠷ ᠦ᠋ᠨ ᠴᠡᠷᠢᠭ ᠢ᠋ᠶ᠋ᠡᠨ ᠰᠢᠯᠭᠠᠵᠤ᠂ ᠪᠠᠷᠠᠭᠤᠨ ᠰᠢᠶᠠ ᠤᠯᠤᠰ ᠲᠠᠢ ᠪᠠᠢᠯᠳᠤᠬᠤ ᠪᠠᠷ ᠢ᠋ᠶ᠋ᠠᠨ ᠮᠣᠩᠭᠣᠯᠴᠤᠳ ᠢ᠋ ᠠᠯᠲᠠᠨ ᠤᠯᠤᠰ ᠲᠠᠢ ᠪᠠᠢᠯᠳᠤᠬᠤ ᠪᠣᠯᠪᠠᠰᠤᠷᠠᠯ ᠪᠣᠯᠭᠠᠬᠤ ᠭᠡᠰᠡᠨ ᠶᠦᠮ᠃
ᠪᠣᠭᠳᠠ ᠬᠠᠭᠠᠨ ᠰᠠᠭᠤᠷᠢᠨ ᠳ᠋ᠤ᠌ ᠰᠠᠭᠤᠭᠰᠠᠨ ᠵᠢᠯ ᠡᠴᠡ ᠮᠣᠷᠢᠲᠤ ᠴᠡᠷᠢᠭ ᠢ᠋ᠶ᠋ᠡᠨ ᠳᠠᠭᠠᠭᠤᠯᠤᠨ ᠪᠠᠷᠠᠭᠤᠨ ᠰᠢᠶᠠ ᠤᠯᠤᠰ ᠢ᠋ ᠲᠦᠪᠰᠢᠳᠬᠡᠵᠦ᠂ ᠤᠷᠤᠭᠰᠢᠯᠠᠵᠤ ᠢᠷᠡᠭᠰᠡᠨ ᠴᠡᠷᠢᠭ ᠢ᠋ ᠨᠢ ᠪᠤᠲᠠ ᠴᠣᠬᠢᠭᠰᠠᠨ ᠪᠥᠭᠡᠳ ᠵᠠᠮ ᠵᠠᠭᠤᠷ᠎ᠠ ᠪᠠᠨ ᠡᠳᠦᠢ ᠲᠡᠳᠦᠢ ᠠᠢᠮᠠᠭ ᠶᠠᠰᠤᠲᠠᠨ ᠢ᠋ ᠲᠦᠪᠰᠢᠳᠬᠡᠵᠦ᠂ ᠶᠡᠬᠡ ᠬᠣᠲᠠ ᠲᠦᠷᠢᠮᠡᠬᠡᠢ ᠶ᠋ᠢᠨ ᠡᠮᠦᠨ᠎ᠡ ᠬᠦᠷᠪᠡ᠃ ᠮᠣᠩᠭᠣᠯᠴᠤᠳ ᠳᠦᠷᠡᠯᠵᠡᠭᠰᠡᠨ ᠭᠠᠯ ᠮᠡᠲᠦ ᠰᠢᠪᠲᠤᠯᠤᠨ ᠴᠣᠬᠢᠯ᠎ᠠ᠃ ᠴᠢᠩᠭᠢᠰ ᠬᠠᠭᠠᠨ ᠴᠡᠷᠢᠭ ᠢ᠋ᠶ᠋ᠡᠨ ᠰᠠᠨᠠᠭᠠᠨ ᠲᠠᠪᠠ ᠪᠠᠷ ᠨᠢ ᠲᠠᠯᠪᠢᠭᠰᠠᠨ ᠪᠠᠢᠨ᠎ᠠ᠃ ᠭᠡᠲᠡᠯ᠎ᠡ ᠲᠡᠳᠡᠨ ᠦ᠌ ᠳᠠᠭᠠᠷᠢᠯᠲᠠ ᠢᠯᠠᠭᠳᠠᠵᠠᠢ᠃ ᠴᠢᠩᠭᠢᠰ ᠬᠠᠭᠠᠨ ᠵᠢᠩᠬᠢᠨᠢ ᠪᠡᠷ ᠪᠦᠰᠡᠯᠡᠨ ᠴᠣᠬᠢᠭᠰᠠᠨ ᠪᠣᠯᠪᠠᠴᠤ᠂ ᠵᠡᠷᠯᠢᠭ ᠮᠣᠷᠢᠲᠤ ᠴᠡᠷᠢᠭ ᠨᠢ ᠪᠦᠰᠡᠯᠡᠨ ᠴᠣᠬᠢᠬᠤ ᠴᠢᠳᠠᠪᠤᠷᠢ ᠦᠭᠡᠢ ᠭᠡᠰᠡᠨ ᠢ᠋ᠶ᠋ᠡᠨ ᠵᠥᠪᠰᠢᠶᠡᠷᠭᠦ ᠦᠭᠡᠢ ᠪᠡᠷ ᠪᠣᠯᠬᠤ ᠦᠭᠡᠢ ᠪᠣᠯᠵᠠᠢ᠃ ᠮᠣᠩᠭᠣᠯ ᠤ᠋ᠨ ᠮᠣᠷᠢᠲᠤ ᠴᠡᠷᠢᠭ ᠬᠦᠯᠢᠴᠡᠩᠭᠦᠢ ᠳᠠᠭᠠᠭᠠᠮᠠᠭᠠᠢ ᠲᠡᠰᠪᠦᠷᠢ ᠪᠡᠷ ᠭᠦᠢᠴᠡᠳ ᠦᠭᠡᠢ ᠪᠥᠭᠡᠳ ᠠᠭᠠᠵᠢᠮ ᠠᠯᠭᠤᠷ ᠢ᠋ᠶ᠋ᠠᠷ ᠤᠷᠤᠭᠰᠢᠯᠠᠵᠤ ᠴᠢᠳᠠᠬᠤ ᠦᠭᠡᠢ ᠪᠣᠯᠬᠣᠷ᠂ ᠮᠣᠩᠭᠣᠯ ᠴᠡᠷᠢᠭ ᠦ᠋ᠨ ᠬᠦᠷᠢᠶ᠎ᠡ ᠳᠠᠶᠠᠭᠠᠷ ᠲᠠᠪᠠ ᠦᠭᠡᠢ ᠪᠤᠶᠤ ᠰᠡᠵᠢᠭ ᠲᠥᠷᠥᠵᠦ ᠡᠬᠢᠯᠡᠪᠡ᠃
ᠴᠢᠩᠭᠢᠰ ᠬᠠᠭᠠᠨ ᠬᠣᠲᠠ ᠶ᠋ᠢᠨ ᠪᠦᠰᠡᠯᠡᠯᠲᠡ ᠪᠡᠨ ᠳᠡᠢᠯᠦᠨ᠎ᠡ ᠭᠡᠰᠡᠨ ᠦᠭᠡ ᠶ᠋ᠢ ᠰᠣᠨᠣᠰᠬᠤ ᠳᠤᠷ᠎ᠠ ᠦᠭᠡᠢ ᠪᠠᠢᠯ᠎ᠠ᠃ ᠴᠠᠭᠠᠨ ᠱᠣᠩᠬᠣᠷ ᠲᠠᠢ ᠴᠡᠷᠢᠭ ᠦ᠋ᠨ ᠲᠤᠭ ᠢ᠋ᠶ᠋ᠠᠨ ᠪᠢᠰᠢᠷᠡᠬᠦ᠂ ᠪᠣᠭᠳᠠ ᠬᠠᠭᠠᠨ ᠤ᠋ ᠶᠢᠰᠦᠨ ᠬᠥᠯᠲᠦ ᠰᠦᠯᠲᠠᠨ ᠳ᠋ᠤ᠌ ᠣᠷᠣᠰᠢᠵᠤ ᠪᠠᠢᠭ᠎ᠠ ᠰᠠᠬᠢᠭᠤᠯᠰᠤᠨ ᠢ᠋ ᠪᠢᠰᠢᠷᠡᠬᠦ ᠪᠡᠨ ᠭᠤᠢᠪᠢᠵᠤ ᠪᠣᠯᠬᠤ ᠦᠭᠡᠢ᠃ ᠡᠢᠮᠦ ᠡᠴᠡ ᠲᠡᠷᠡ ᠵᠢᠭᠲᠡᠢ ᠰᠣᠨᠢᠨ ᠠᠷᠭ᠎ᠠ ᠮᠡᠬᠡ ᠶ᠋ᠢ ᠬᠡᠷᠡᠭᠯᠡᠪᠡ᠃ ᠮᠢᠩᠭᠠᠨ ᠮᠢᠭᠤᠢ ᠪᠠ ᠲᠦᠮᠡᠨ ᠬᠠᠷᠴᠠᠭᠠᠢ ᠲᠤᠰᠢᠶᠠᠪᠠᠯ ᠴᠡᠷᠢᠭ ᠢ᠋ᠶ᠋ᠡᠨ ᠲᠠᠲᠠᠵᠤ ᠬᠣᠲᠠ ᠶ᠋ᠢᠨ ᠪᠦᠰᠡᠯᠡᠯᠲᠡ ᠶ᠋ᠢ ᠳᠡᠢᠯᠦᠨ᠎ᠡ ᠭᠡᠵᠦ ᠳᠠᠢᠰᠤᠨ ᠳ᠋ᠤ᠌ ᠮᠡᠳᠡᠭᠳᠡᠪᠡ᠃ ᠡᠢᠮᠦ ᠰᠠᠨᠠᠭᠠᠨ ᠳ᠋ᠤ᠌ ᠦᠭᠡᠢ ᠬᠢᠯᠪᠠᠷ ᠨᠥᠬᠥᠴᠡᠯ ᠳ᠋ᠦ᠍ ᠳᠠᠢᠰᠤᠨ ᠤ᠋ ᠵᠠᠩᠵᠤᠨ ᠨᠢ ᠬᠣᠲᠠᠨ ᠤ᠋ ᠮᠢᠭᠤᠢ ᠬᠠᠷᠴᠠᠭᠠᠢ ᠪᠦᠭᠦᠳᠡ ᠶ᠋ᠢ ᠪᠠᠷᠢᠬᠤ ᠬᠡᠷᠡᠭ ᠴᠤ᠌ ᠦᠭᠡᠢ ᠪᠡᠷ ᠡᠭᠦᠷᠭᠡ ᠪᠡᠨ ᠳᠠᠪᠠᠭᠤᠯᠤᠨ ᠪᠡᠶᠡᠯᠡᠭᠦᠯᠵᠦ᠂ ᠮᠣᠩᠭᠣᠯᠴᠤᠳ ᠲᠤ ᠮᠢᠭᠤᠢ ᠬᠠᠷᠴᠠᠭᠠᠢ ᠪᠠᠷᠢᠵᠤ ᠲᠤᠰᠢᠶᠠᠭᠠᠳ ᠬᠣᠲᠠ ᠶ᠋ᠢᠨ ᠬᠠᠭᠠᠯᠭ᠎ᠠ ᠪᠠᠨ ᠴᠢᠩᠭ᠎ᠠ ᠬᠠᠭᠠᠵᠤ ᠰᠠᠬᠢᠪᠠ᠃ ᠭᠡᠲᠡᠯ᠎ᠡ ᠴᠢᠩᠭᠢᠰ ᠬᠠᠭᠠᠨ ᠬᠠᠭᠠᠯᠭ᠎ᠠ ᠪᠠᠨ ᠨᠡᠭᠡᠭᠡᠭᠲᠦᠨ ᠭᠡᠵᠦ ᠱᠠᠭᠠᠷᠳᠠᠬᠤ ᠶ᠋ᠢᠨ ᠬᠡᠷᠡᠭ ᠦᠭᠡᠢ᠂ ᠡᠳᠡᠭᠡᠷ ᠠᠮᠢᠲᠠᠨ ᠤ᠋ ᠰᠡᠭᠦᠯ ᠳ᠋ᠦ᠍ᠨᠢ ᠲᠣᠰᠣ ᠲᠦᠷᠬᠢᠭᠰᠡᠨ ᠣᠯᠣᠰᠣ ᠤᠶᠠᠭᠠᠳ ᠣᠯᠣᠰᠣᠨ ᠳ᠋ᠤᠨᠢ ᠭᠠᠯ ᠨᠣᠴᠣᠭᠠᠭᠠᠳ ᠳᠡᠯᠪᠢ ᠭᠡᠵᠦ ᠵᠠᠷᠯᠠᠪᠠ᠃ ᠠᠶᠤᠵᠤ ᠰᠣᠴᠢᠭᠰᠠᠨ ᠬᠠᠷᠴᠠᠭᠠᠢ ᠠᠮᠢ ᠲᠡᠮᠡᠴᠡᠨ ᠡᠭᠦᠷ ᠳᠠᠰᠢ ᠪᠠᠨ ᠨᠢᠰᠦᠨ᠎ᠡ᠂ ᠭᠠᠯᠳᠠᠭᠳᠠᠭᠰᠠᠨ ᠮᠢᠭᠤᠢ ᠡᠷᠢᠶᠡᠨ ᠮᠡᠷᠢᠶᠡᠨ ᠢ᠋ᠶ᠋ᠡᠷ ᠪᠠᠷᠬᠢᠷᠠᠭᠰᠠᠭᠠᠷ ᠥᠪᠡᠷ ᠦ᠋ᠨ ᠭᠡᠷ ᠵᠦᠭ ᠳᠤᠲᠠᠭᠠᠭᠰᠠᠨ ᠠ᠋ᠴᠠ ᠭᠱᠠᠨ ᠵᠠᠭᠤᠷ᠎ᠠ ᠬᠣᠲᠠ ᠶ᠋ᠢᠨ ᠳᠣᠲᠣᠷ᠎ᠠ ᠭᠠᠯ ᠮᠠᠨᠳᠤᠯ᠎ᠠ᠂ ᠡᠨᠡ ᠣᠯᠠᠨ ᠠᠮᠢᠲᠠᠨ ᠢ᠋ ᠪᠠᠷᠢᠬᠤ ᠭᠡᠰᠡᠨ ᠴᠢᠨᠢ ᠲᠡᠢᠮᠦ ᠠᠮᠠᠷ ᠤᠤ᠂ ᠬᠣᠲᠠ ᠶ᠋ᠢᠨ ᠳᠣᠲᠣᠷ᠎ᠠ ᠡᠭᠦᠨ ᠲᠡᠢ ᠪᠡᠨ ᠨᠣᠴᠣᠯᠳᠤᠭᠠᠳ ᠰᠠᠮᠠᠭᠤᠷᠠᠭᠰᠠᠨ ᠦᠶ᠎ᠡ ᠳ᠋ᠦ᠍᠂ ᠮᠣᠩᠭᠣᠯ ᠴᠡᠷᠢᠭ ᠨᠡᠢᠳᠡᠮ ᠢ᠋ᠶ᠋ᠡᠷ ᠰᠢᠪᠲᠤᠯᠤᠨ ᠣᠷᠣᠭᠰᠠᠨ ᠪᠠᠢᠨ᠎ᠠ᠃ ᠴᠢᠩᠭᠢᠰ ᠬᠠᠭᠠᠨ ᠤ᠋ ᠴᠡᠷᠢᠭ ᠦ᠋ᠳ ᠨᠢ ᠰᠣᠯᠢᠶᠠᠷᠠᠭᠰᠠᠨ ᠮᠡᠲᠦ ᠪᠠᠶᠠᠷᠯᠠᠭᠠᠳ ᠬᠣᠲᠠ ᠶ᠋ᠢ ᠡᠵᠡᠯᠡᠵᠦ ᠠᠪᠤᠯ᠎ᠠ᠃ ᠪᠢᠳᠡᠨ ᠦ᠌ ᠪᠣᠭᠳᠠ ᠬᠠᠭᠠᠨ ᠢ᠋ ᠡᠰᠡᠷᠭᠦᠴᠡᠵᠦ ᠴᠢᠳᠠᠬᠤ ᠬᠥᠮᠦᠨ ᠭᠡᠵᠦ ᠶᠢᠷᠲᠢᠨᠴᠦ ᠳ᠋ᠦ᠍ ᠪᠠᠢᠬᠤ ᠦᠭᠡᠢ᠂ ᠣᠳᠣ ᠳᠠᠢᠰᠤᠨ ᠤ᠋ ᠪᠦᠬᠦ ᠨᠤᠲᠤᠭ ᠳᠡᠪᠢᠰᠬᠡᠷ ᠢ᠋ ᠡᠵᠡᠯᠡᠬᠦ ᠪᠡᠷ ᠵᠦᠭᠯᠡᠨᠡ ᠭᠡᠵᠦ ᠤᠷᠢᠶᠠᠯᠠᠵᠠᠭᠠᠯᠠ᠃ ᠭᠡᠪᠡᠴᠦ ᠴᠢᠩᠭᠢᠰ ᠬᠠᠭᠠᠨ ᠲᠡᠭᠡᠵᠦ ᠲᠠᠷᠢᠬᠢ ᠨᠢ ᠬᠥᠭᠡᠷᠦᠭᠰᠡᠨ ᠦᠭᠡᠢ᠃ ᠠᠷᠭ᠎ᠠ ᠮᠡᠬᠡ ᠨᠢᠭᠡ ᠤᠳᠠᠭ᠎ᠠ ᠢᠯᠠᠯᠲᠠ ᠣᠯᠭᠣᠭᠰᠠᠨ ᠪᠣᠯᠪᠠᠴᠤ ᠤᠳᠠᠭ᠎ᠠ ᠳᠠᠷᠠᠭ᠎ᠠ ᠵᠠᠷᠤᠭᠠᠳ ᠪᠠᠢᠵᠤ ᠪᠣᠯᠳᠠᠭ ᠦᠭᠡᠢ ᠶᠦᠮ᠃ ᠲᠡᠷᠡ ᠦᠶ᠎ᠡ ᠪᠣᠯᠬᠤ ᠳ᠋ᠤ᠌ ᠶᠠᠭᠠᠬᠢᠳᠠᠭ ᠪᠢᠯᠡ᠃ ᠬᠣᠲᠠ ᠪᠡᠬᠢᠯᠡᠯᠲᠡ ᠤᠴᠠᠷᠠᠪᠠᠯ ᠲᠡᠷᠡ ᠶᠠᠭᠠᠬᠢᠬᠤ ᠶ᠋ᠢᠨ ᠠᠷᠭ᠎ᠠ ᠦᠭᠡᠢ ᠪᠠᠢᠵᠠᠢ᠃
ᠮᠣᠩᠭᠣᠯᠴᠤᠳ ᠡᠨᠡ ᠮᠡᠲᠦ ᠭᠠᠢᠬᠠᠮᠰᠢᠭᠲᠠᠢ ᠢᠯᠠᠯᠲᠠ ᠶ᠋ᠢ ᠣᠯᠤᠭᠰᠠᠨ ᠪᠠᠢᠲᠠᠯ᠎ᠠ ᠶᠠᠭᠤᠨ ᠳ᠋ᠤ᠌ ᠴᠢᠩᠭᠢᠰ ᠬᠠᠭᠠᠨ ᠤᠷᠤᠭᠰᠢᠯᠠᠵᠤ ᠣᠷᠣᠬᠤ ᠦᠭᠡᠢ ᠪᠣᠯᠤᠭᠰᠠᠨ ᠤᠬᠠᠭᠠᠨ ᠢ᠋ ᠨᠢ ᠣᠯᠬᠤ ᠦᠭᠡᠢ ᠪᠠᠢᠯ᠎ᠠ᠃ ᠲᠠᠩᠭᠤᠳ ᠤ᠋ᠨ ᠡᠵᠡᠨ ᠰᠢᠨ᠎ᠡ ᠴᠡᠷᠢᠭ ᠵᠣᠬᠢᠶᠠᠨ ᠪᠠᠢᠭᠤᠯᠬᠤ᠂ ᠬᠣᠲᠠ ᠶ᠋ᠢᠨ ᠪᠡᠬᠢᠯᠡᠯᠲᠡ ᠪᠡᠨ ᠴᠢᠩᠭᠠᠳᠬᠠᠬᠤ ᠪᠠᠷ ᠬᠠᠯᠠᠭᠤᠨ ᠡᠪᠡᠳᠴᠢᠨ ᠳ᠋ᠦ᠍ ᠨᠡᠷᠪᠡᠭᠳᠡᠭᠰᠡᠨ ᠮᠡᠲᠦ ᠰᠠᠨᠳᠤᠷᠴᠤ ᠪᠠᠢᠭᠰᠠᠨ ᠦᠶ᠎ᠡ ᠳ᠋ᠦ᠍᠂ ᠴᠢᠩᠭᠢᠰ ᠬᠠᠭᠠᠨ ᠡᠯᠴᠢ ᠪᠡᠨ ᠬᠤᠸᠠᠩ ᠰᠢᠩ ᠹᠦ (ᠣᠳᠣᠬᠢ ᠨᠢᠩᠰᠢᠶᠠ ᠳ᠋ᠠᠬᠢ ᠶᠢᠨᠴᠤᠸᠠᠨ ᠬᠣᠲᠠ) ᠳ᠋ᠤ᠌ ᠣᠴᠢᠭᠤᠯᠪᠠ᠃ ᠲᠤᠰ ᠡᠯᠴᠢ ᠳᠣᠣᠷᠠᠬᠢ ᠮᠡᠲᠦ ᠳᠤᠷᠠᠳᠴᠠᠢ᠄
《ᠲᠠᠨᠠᠷ ᠬᠡᠷᠪᠡ ᠵᠢᠯ ᠪᠦᠷᠢ ᠶ᠋ᠢᠨ ᠠᠯᠪᠠ ᠡᠷᠭᠦᠨ ᠪᠠᠷᠢᠪᠠᠯ ᠪᠣᠭᠳᠠ ᠬᠠᠭᠠᠨ ᠴᠡᠷᠢᠭ ᠢ᠋ᠶ᠋ᠡᠨ ᠪᠠᠷᠠᠭᠤᠨ ᠰᠢᠶᠠ ᠤᠯᠤᠰ ᠠ᠋ᠴᠠ ᠲᠠᠲᠠᠵᠤ ᠭᠠᠷᠭᠠᠬᠤ ᠪᠠᠷ ᠪᠡᠯᠡᠬᠡᠨ ᠪᠠᠢᠨ᠎ᠠ》 ᠭᠡᠵᠡᠢ᠃ ᠬᠢᠯᠢᠩᠯᠡᠭᠡᠳ ᠳᠡᠭᠡᠷ᠎ᠡ ᠦᠰᠦᠷᠦᠭᠰᠡᠨ ᠪᠠᠷᠠᠭᠤᠨ ᠰᠢᠶᠠ ᠤᠯᠤᠰ ᠤ᠋ᠨ ᠡᠵᠡᠨ ᠬᠠᠭᠠᠨ᠂ ᠶᠡᠬᠡ ᠬᠠᠭᠠᠨᠲᠤ ᠤᠯᠤᠰ ᠤ᠋ᠨ ᠡᠵᠡᠨ ᠪᠣᠯᠤᠭᠰᠠᠨ ᠲᠡᠷᠡ ᠬᠠᠷᠢᠨ ᠨᠡᠭᠦᠳᠡᠯᠴᠢᠨ ᠮᠠᠯᠴᠢᠳ ᠤ᠋ᠨ ᠬᠠᠭᠠᠨ ᠳ᠋ᠤ᠌ ᠪᠠᠷᠠᠭ᠎ᠠ ᠲᠦᠰᠢᠮᠡᠯ ᠪᠣᠯᠤᠨ᠎ᠠ ᠭᠡᠰᠡᠨ ᠴᠢᠨᠢ ᠶᠠᠭᠤᠲᠠᠢ ᠢᠴᠢᠭᠦᠷᠢᠲᠡᠢ ᠬᠡᠷᠡᠭ ᠪᠣᠯᠬᠤ ᠠᠵᠢ᠃ ᠭᠡᠪᠡᠴᠦ ᠵᠠᠩᠵᠤᠨ ᠨᠠᠷ ᠨᠢ ᠬᠢᠲᠠᠳ ᠤ᠋ᠨ ᠬᠠᠭᠠᠨ ᠬᠦᠷᠲᠡᠯ᠎ᠡ ᠪᠠᠰᠠ ᠵᠠᠷᠢᠮ ᠪᠠᠭ᠎ᠠ ᠤᠯᠤᠰ ᠲᠤ ᠲᠦᠷ ᠴᠠᠭ ᠠᠯᠪᠠ ᠬᠦᠷᠭᠡᠵᠦ ᠲᠦᠷᠢᠵᠦ ᠣᠷᠣᠭᠰᠠᠨ ᠡᠨᠡᠬᠦ ᠬᠠᠭᠠᠨ ᠢ᠋ ᠤᠯᠤᠰ ᠲᠤᠨᠢ ᠪᠤᠴᠠᠭᠠᠭᠠᠳ᠂ ᠰᠡᠭᠦᠯ ᠳ᠋ᠦ᠍ᠨᠢ ᠴᠡᠷᠢᠭ ᠢ᠋ᠶ᠋ᠡᠨ ᠴᠤᠭᠯᠠᠭᠤᠯᠵᠤ ᠲᠡᠷᠡᠬᠦ ᠬᠠᠭᠠᠨ ᠢ᠋ ᠳᠡᠢᠯᠦᠭᠰᠡᠨ ᠦᠯᠢᠭᠡᠷ ᠢ᠋ ᠵᠢᠱ᠌ᠢᠶ᠎ᠡ ᠲᠠᠲᠠᠵᠤ ᠡᠵᠡᠨ ᠢ᠋ᠶ᠋ᠡᠨ ᠢᠳᠬᠠᠪᠠ᠃
ᠡᠪ ᠨᠠᠢᠷᠠᠮᠳᠠᠯ ᠪᠠᠢᠭᠤᠯᠤᠭᠳᠠᠵᠤ ᠠᠯᠪᠠ ᠡᠷᠭᠦᠬᠦ ᠪᠣᠯᠤᠯ᠎ᠠ᠃ ᠴᠢᠩᠭᠢᠰ ᠬᠠᠭᠠᠨ ᠪᠠᠰᠠ ᠴᠡᠷᠢᠭ ᠢ᠋ᠶ᠋ᠡᠨ ᠳᠠᠭᠠᠭᠤᠯᠤᠨ ᠣᠷᠳᠣᠨ ᠳ᠋ᠠᠭᠠᠨ ᠪᠤᠴᠠᠪᠠ᠃ ᠲᠡᠷᠡ ᠪᠣᠯ ᠬᠦᠰᠡᠭᠰᠡᠨ ᠠᠯᠢ ᠪᠦᠬᠦᠨ ᠢ᠋ᠶ᠋ᠡᠨ ᠣᠯᠤᠭᠰᠠᠨ ᠪᠠᠢᠨ᠎ᠠ᠃ ᠳᠠᠢᠰᠤᠨ ᠢ᠋ ᠪᠤᠲᠠ ᠴᠣᠬᠢᠪᠠ᠃ ᠮᠣᠩᠭᠣᠯᠴᠤᠳ ᠰᠢᠨ᠎ᠡ ᠪᠠᠢᠯᠳᠤᠭᠠᠨ ᠢ᠋ᠶ᠋ᠠᠷ᠂ ᠰᠢᠨ᠎ᠡ ᠪᠡᠷ ᠳᠠᠢᠯᠠᠨ ᠳᠠᠭᠠᠭᠤᠯᠬᠤ ᠵᠣᠷᠢᠯᠭ᠎ᠠ ᠶ᠋ᠢᠨ ᠭᠠᠯ ᠢ᠋ᠶ᠋ᠠᠨ ᠨᠣᠴᠣᠭᠠᠪᠠ᠃ ᠲᠡᠷᠡᠴᠢᠯᠡᠨ ᠬᠣᠲᠠ ᠪᠠᠯᠭᠠᠰᠤᠨ ᠤ᠋ ᠳᠠᠪᠠᠭᠤᠯᠢᠭ ᠨᠢ ᠬᠠᠮᠢᠭ᠎ᠠ ᠪᠠᠢᠬᠤ᠂ ᠥᠪᠡᠷ ᠦ᠋ᠨ ᠪᠠᠭᠤᠷᠠᠢ ᠲᠠᠯ᠎ᠠ ᠨᠢ ᠬᠠᠮᠢᠭ᠎ᠠ ᠪᠠᠢᠬᠤ ᠶ᠋ᠢ ᠮᠡᠳᠡᠵᠦ ᠠᠪᠴᠠᠢ᠃ ᠣᠳᠣ ᠪᠣᠯ ᠣᠯᠤᠭᠰᠠᠨ ᠲᠤᠷᠰᠢᠯᠭ᠎ᠠ ᠪᠠᠨ ᠶᠠᠭᠠᠬᠢᠨ ᠬᠡᠷᠡᠭᠯᠡᠬᠦ ᠭᠡᠰᠡᠨ ᠠᠰᠠᠭᠤᠳᠠᠯ ᠪᠣᠯᠤᠭᠰᠠᠨ ᠪᠠᠢᠨ᠎ᠠ᠃
(ᠭᠤᠷᠪᠠ) ᠴᠡᠷᠢᠭ ᠦ᠋ᠨ ᠨᠣᠶᠠᠳ ᠢ᠋ᠶ᠋ᠠᠨ ᠬᠥᠮᠦᠵᠢᠭᠦᠯᠦᠭᠰᠡᠨ ᠨᠢ
ᠴᠢᠩᠭᠢᠰ ᠬᠠᠭᠠᠨ ᠤ᠋ ᠵᠥᠪᠳᠡᠭᠴᠢ ᠶ᠋ᠢᠨ ᠶᠠᠮᠤᠨ ᠤ᠋ ᠡᠯᠴᠢ ᠨᠠᠷ ᠠᠵᠢᠯᠯᠠᠵᠤ ᠡᠬᠢᠯᠡᠪᠡ᠃ ᠡᠯ᠎ᠡ ᠲᠦᠮᠡᠲᠦ᠂ ᠮᠢᠩᠭᠠᠲᠤ᠂ ᠵᠠᠭᠤᠲᠤ ᠶ᠋ᠢᠨ ᠳᠠᠷᠤᠭ᠎ᠠ᠂ ᠡᠯ᠎ᠡ ᠠᠢᠮᠠᠭ᠂ ᠶᠠᠰᠤᠲᠠᠨ ᠤ᠋ ᠳᠠᠷᠤᠭ᠎ᠠ ᠨᠠᠷ ᠪᠦᠬᠦ ᠤᠯᠤᠰ ᠤ᠋ᠨ ᠡᠯ᠎ᠡ ᠭᠠᠵᠠᠷ ᠠ᠋ᠴᠠ ᠢᠷᠡᠵᠦ ᠣᠷᠳᠣᠨ ᠳ᠋ᠤᠨᠢ ᠴᠤᠭᠯᠠᠷᠠᠪᠠ᠃《ᠮᠢᠨᠦ ᠵᠠᠷᠯᠢᠭ ᠢ᠋ ᠬᠦᠯᠢᠶᠡᠬᠦ ᠦᠭᠡᠢ ᠪᠡᠷ ᠭᠡᠷ ᠲᠡᠭᠡᠨ ᠬᠣᠴᠣᠷᠣᠭᠰᠠᠳ ᠤᠰᠤᠨ ᠳ᠋ᠤ᠌ ᠲᠣᠨᠣᠭᠰᠠᠨ ᠴᠢᠯᠠᠭᠤ ᠮᠡᠲᠦ ᠲᠠᠪᠢᠯᠠᠩ ᠲᠠᠢ ᠪᠣᠯᠵᠤ ᠳᠠᠭᠤᠰᠬᠤ ᠶᠤᠮ》 ᠭᠡᠵᠦ ᠴᠢᠩᠭᠢᠰ ᠬᠠᠭᠠᠨ ᠲᠠᠮᠠᠭᠠᠨ ᠲᠦᠰᠢᠮᠡᠯ ᠲᠠᠲᠠᠲᠤᠩᠭ᠎ᠠ ᠳ᠋ᠤ᠌ ᠬᠡᠯᠡᠭᠡᠳ᠂ ᠬᠠᠤᠯᠢ ᠴᠠᠭᠠᠵᠠ ᠪᠠᠷ ᠪᠠᠲᠤᠯᠠᠨ ᠲᠣᠭᠲᠠᠭᠠᠭᠰᠠᠨ ᠶᠤᠮ᠃ ᠴᠡᠷᠢᠭ ᠦ᠋ᠨ ᠰᠤᠷᠭᠠᠨ ᠬᠥᠮᠦᠵᠢᠯ ᠢ᠋ ᠲᠣᠭᠲᠠᠭᠰᠠᠨ ᠬᠤᠭᠤᠴᠠᠭ᠎ᠠ ᠲᠠᠢ ᠪᠠᠷ ᠶᠠᠪᠤᠭᠤᠯᠬᠤ ᠵᠣᠬᠢᠶᠠᠨ ᠪᠠᠢᠭᠤᠯᠤᠯᠲᠠ ᠶ᠋ᠢ ᠨᠡᠢᠲᠡ ᠶ᠋ᠢᠨ ᠣᠨ ᠲᠣᠭᠠᠯᠠᠯ ᠤ᠋ᠨ ᠠᠷᠪᠠᠨ ᠭᠤᠷᠪᠠᠳᠤᠭᠠᠷ ᠵᠠᠭᠤᠨ ᠤ᠋ ᠦᠶ᠎ᠡ ᠳ᠋ᠦ᠍ ᠡᠬᠢᠯᠡᠭᠦᠯᠦᠭᠰᠡᠨ ᠪᠠᠢᠨ᠎ᠠ᠃᠂ ᠪᠦᠷᠢᠨ ᠵᠡᠪᠰᠡᠭᠯᠡᠭᠰᠡᠨ ᠤᠯᠤᠰ ᠠᠷᠠᠳ ᠢ᠋ ᠡᠭᠦᠳᠦᠨ ᠪᠠᠢᠭᠤᠯᠤᠭᠰᠠᠨ ᠬᠣᠢᠨ᠎ᠠ᠂ ᠴᠢᠩᠭᠢᠰ ᠬᠠᠭᠠᠨ ᠴᠡᠷᠢᠭ ᠦ᠋ᠨ ᠳᠠᠷᠤᠭ᠎ᠠ ᠨᠠᠷ ᠤ᠋ᠨ ᠨᠢᠭᠡᠨ ᠪᠦᠯᠬᠦᠮ ᠢ᠋ ᠵᠣᠬᠢᠶᠠᠨ ᠪᠠᠢᠭᠤᠯᠪᠠ᠃ ᠡᠨᠡ ᠴᠡᠷᠢᠭ ᠦ᠋ᠨ ᠳᠠᠷᠤᠭ᠎ᠠ ᠨᠠᠷ ᠤ᠋ᠨ ᠪᠦᠯᠬᠦᠮ ᠨᠢ ᠲᠠᠰᠤᠷᠠᠯᠲᠠ ᠦᠭᠡᠢ ᠥᠨᠳᠥᠷ ᠬᠡᠮᠵᠢᠶᠡᠨ ᠦ᠌ ᠴᠡᠷᠢᠭ ᠦ᠋ᠨ ᠶᠠᠪᠤᠳᠠᠯ ᠤ᠋ᠨ ᠲᠤᠬᠠᠢ ᠰᠤᠷᠭᠠᠨ ᠬᠥᠮᠦᠵᠢᠯ ᠢ᠋ ᠬᠦᠯᠢᠶᠡᠵᠦ᠂ ᠡᠨᠡᠬᠦ ᠴᠡᠷᠢᠭ ᠦ᠋ᠨ ᠳᠠᠷᠤᠭ᠎ᠠ ᠨᠠᠷ ᠤᠨ ᠪᠦᠯᠬᠦᠮ ᠨᠢ ᠶᠠᠮᠠᠷᠴᠤ ᠪᠡᠷᠬᠡᠰᠢᠶᠡᠯ ᠢ᠋ ᠢᠯᠠᠨ ᠳᠠᠪᠠᠬᠤ᠂ ᠠᠯᠢᠪᠠ ᠪᠠᠢᠳᠠᠯ ᠳ᠋ᠤ᠌ ᠵᠣᠬᠢᠴᠠᠭᠤᠯᠬᠤ ᠴᠢᠳᠠᠪᠤᠷᠢ ᠲᠠᠢ ᠪᠣᠯᠴᠢᠬᠠᠪᠠ᠃ ᠢᠩᠭᠢᠭᠡᠳ ᠴᠢᠩᠭᠢᠰ ᠬᠠᠭᠠᠨ ᠬᠥᠬᠡ ᠮᠣᠩᠭᠣᠯ ᠢ᠋ ᠬᠡᠷᠡᠭ ᠳᠡᠭᠡᠷ᠎ᠡ ᠪᠡᠨ ᠪᠣᠳᠠᠲᠤ ᠬᠦᠴᠦᠨ ᠦ᠌ ᠲᠠᠯ᠎ᠠ ᠪᠠᠷ ᠪᠤᠰᠤᠳ ᠣᠯᠠᠨ ᠦᠨᠳᠦᠰᠦᠲᠡᠨ ᠡᠴᠡ ᠬᠦᠴᠦᠷᠬᠡᠭ ᠪᠠᠢᠷᠢᠨ ᠳ᠋ᠤ᠌ ᠬᠦᠷᠲᠡᠯ᠎ᠡ ᠳᠡᠭᠡᠭᠰᠢᠯᠡᠭᠦᠯᠦᠭᠰᠡᠨ ᠪᠠᠢᠨ᠎ᠠ᠃ ᠡᠨᠡ ᠮᠡᠲᠦ ᠶ᠋ᠢᠨ ᠴᠡᠷᠢᠭ ᠦ᠋ᠨ ᠶᠠᠪᠤᠳᠠᠯ ᠢ᠋ ᠰᠤᠷᠭᠠᠬᠤ ᠵᠣᠬᠢᠶᠠᠨ ᠪᠠᠢᠭᠤᠯᠤᠯᠲᠠ ᠲᠠᠢ ᠪᠣᠯᠤᠭᠰᠠᠨ ᠠ᠋ᠴᠠ ᠬᠣᠢᠨ᠎ᠠ ᠭᠤᠴᠢᠨ ᠵᠢᠯ ᠪᠣᠯᠤᠭᠠᠳ ᠲᠡᠭᠦᠨ ᠦ᠌ ᠣᠴᠢ ᠬᠦᠦ ᠪᠠᠲᠤ《ᠠᠯᠲᠠᠨ ᠣᠷᠳᠣᠨᠲᠤ ᠬᠠᠨ ᠤᠯᠤᠰ》 ᠤ᠋ᠨ ᠬᠠᠭᠠᠨ ᠪᠣᠯᠵᠤ ᠵᠢᠷᠠᠨ ᠲᠦᠮᠡᠨ ᠶᠡᠬᠡ ᠴᠡᠷᠢᠭ ᠢ᠋ ᠴᠤᠭᠯᠠᠭᠤᠯᠵᠤ ᠴᠢᠳᠠᠭᠰᠠᠨ ᠪᠠᠢᠨ᠎ᠠ᠃ ᠲᠡᠭᠦᠨ ᠦ᠌ ᠳᠣᠲᠣᠷ᠎ᠠ ᠳᠥᠴᠢᠨ ᠬᠤᠪᠢ ᠶ᠋ᠢᠨ ᠨᠢᠭᠡ ᠲᠡᠳᠦᠢ ᠨᠢ ᠮᠣᠩᠭᠣᠯ ᠬᠥᠮᠦᠨ ᠪᠠᠢᠭᠰᠠᠨ ᠪᠣᠯᠪᠠᠴᠤ ᠡᠳᠡᠭᠡᠷ ᠮᠣᠩᠭᠣᠯᠴᠤᠳ ᠮᠠᠰᠢ ᠥᠨᠳᠥᠷ ᠵᠢᠯᠣᠭᠣᠳᠤᠭᠴᠢ ᠠ᠋ᠴᠠ ᠡᠬᠢᠯᠡᠨ ᠬᠤᠪᠢᠶᠠᠷᠢ ᠠᠩᠭᠢ ᠶ᠋ᠢᠨ ᠳᠠᠷᠤᠭ᠎ᠠ (ᠠᠷᠪᠠᠲᠤ ᠶ᠋ᠢᠨ ᠳᠠᠷᠤᠭ᠎ᠠ) ᠬᠦᠷᠲᠡᠯ᠎ᠡ ᠪᠦᠬᠦ ᠵᠢᠯᠣᠭᠣᠳᠬᠤ ᠨᠣᠶᠠᠨ ᠤ᠋ ᠪᠠᠢᠷᠢ ᠶ᠋ᠢ ᠡᠵᠡᠯᠡᠵᠦ ᠪᠠᠢᠭᠰᠠᠨ ᠶᠤᠮ᠃
ᠮᠣᠩᠭᠣᠯ ᠤ᠋ᠨ ᠥᠷᠯᠥᠭ ᠨᠠᠷ ᠳᠡᠮᠡᠢ ᠶᠡᠬᠡ ᠬᠦᠴᠦ ᠣᠷᠣᠭᠤᠯᠤᠭᠰᠠᠨ ᠦᠭᠡᠢ ᠪᠡᠷ ᠫᠣᠯᠠᠨᠳ᠋ ᠠ᠋ᠴᠠ ᠪᠠᠯᠺᠠᠨ᠂ ᠲᠨᠧᠫᠧᠷ ᠭᠣᠣᠯ ᠠ᠋ᠴᠠ ᠠᠳᠷᠢᠶᠠᠲ ᠲᠠᠩᠭᠢᠰ ᠬᠦᠷᠲᠡᠯᠡᠬᠢ ᠥᠷᠭᠡᠨ ᠠᠭᠤᠳᠠᠮ ᠣᠷᠣᠨ ᠤ᠋ ᠪᠠᠢᠯᠳᠤᠭᠠᠨ ᠤ᠋ ᠲᠠᠯᠠᠪᠠᠢ ᠳ᠋ᠤ᠌᠂ ᠰᠢᠢᠳᠪᠦᠷᠢᠯᠡᠭᠴᠢ ᠪᠠᠢᠯᠳᠤᠭᠠᠨ ᠢ᠋ ᠬᠢᠬᠦ ᠳ᠋ᠡᠭᠡᠨ ᠡᠯ᠎ᠡ ᠴᠡᠷᠢᠭ ᠠᠩᠭᠢ ᠪᠠᠨ ᠴᠤᠭᠯᠠᠭᠤᠯᠬᠤ ᠮᠡᠲᠦ ᠶ᠋ᠢᠨ ᠶᠡᠬᠡ ᠪᠡᠷᠬᠡᠰᠢᠶᠡᠯᠲᠡᠢ ᠡᠭᠦᠷᠭᠡ ᠶ᠋ᠢ ᠪᠡᠶᠡᠯᠡᠭᠦᠯᠵᠦ ᠴᠢᠳᠠᠭᠰᠠᠨ ᠪᠠᠢᠨ᠎ᠠ᠃ ᠡᠨᠡ ᠮᠡᠲᠦ ᠶ᠋ᠢᠨ ᠬᠡᠷᠡᠭ ᠢ᠋ ᠲᠡᠷᠡ ᠦᠶ᠎ᠡ ᠶ᠋ᠢᠨ ᠧᠦ᠋ᠷᠣᠫᠠ ᠶ᠋ᠢᠨ ᠴᠡᠷᠢᠭ ᠦ᠋ᠨ ᠵᠢᠯᠣᠭᠣᠳᠤᠭᠴᠢ ᠶ᠋ᠢᠨ ᠳᠣᠲᠣᠷ᠎ᠠ ᠬᠡᠨ ᠨᠢ ᠭᠡᠳ ᠡᠢᠮᠦ ᠴᠢᠳᠠᠪᠤᠷᠢ ᠲᠠᠢ ᠪᠠᠢᠭᠰᠠᠨ ᠦᠭᠡᠢ ᠶᠦᠮ᠃
ᠮᠣᠩᠭᠣᠯ ᠤ᠋ᠨ ᠬᠠᠭᠤᠷᠠᠢ ᠵᠠᠮ ᠤ᠋ᠨ ᠴᠡᠷᠢᠭ ᠦ᠋ᠨ ᠶᠡᠬᠡ ᠰᠤᠷᠭᠠᠭᠤᠯᠢ ᠶ᠋ᠢᠨ ᠨᠢᠭᠡᠳᠦᠭᠡᠷ ᠬᠢᠴᠢᠶᠡᠯ ᠨᠢ ᠬᠣᠲᠠ ᠶ᠋ᠢ ᠳᠠᠭᠠᠷᠢᠬᠤ ᠮᠡᠷᠭᠡᠵᠢᠯ ᠪᠣᠯᠵᠤ ᠪᠠᠢᠭᠰᠠᠨ ᠶᠤᠮ᠃ ᠰᠢᠪᠲᠤᠯᠤᠨ ᠣᠷᠣᠬᠤ ᠳ᠋ᠤ᠌ ᠬᠡᠷᠡᠭᠯᠡᠬᠦ ᠱᠠᠲᠤ᠂ ᠬᠤᠮᠠᠭ ᠤ᠋ᠨ ᠤᠭᠤᠲᠠ ᠶ᠋ᠢ ᠬᠡᠷᠡᠭᠯᠡᠬᠦ ᠠᠷᠭ᠎ᠠ ᠬᠢᠭᠡᠳ ᠡᠭᠦᠨ ᠦ᠌ ᠬᠠᠮᠠᠭᠠᠯᠠᠯ ᠳᠣᠣᠷ᠎ᠠ ᠬᠣᠲᠠᠨ ᠤ᠋ ᠬᠡᠷᠡᠮ ᠳ᠋ᠦ᠍ ᠣᠢᠷᠠᠲᠤᠬᠤ ᠲᠣᠮᠣ ᠪᠠᠮᠪᠠᠢ ᠶ᠋ᠢ ᠡᠭᠦᠳᠦᠭᠰᠡᠨ ᠪᠥᠭᠡᠳ ᠬᠡᠷᠡᠭᠯᠡᠬᠦ ᠠᠷᠭ᠎ᠠ ᠭᠠᠷᠭᠠᠭᠰᠠᠨ ᠪᠠᠢᠨ᠎ᠠ᠃ ᠡᠯ᠎ᠡ ᠠᠢᠮᠠᠭ᠂ ᠶᠠᠰᠤᠲᠠᠨ ᠤ᠋ ᠬᠣᠲᠠ ᠶ᠋ᠢ ᠳᠠᠭᠠᠷᠢᠬᠤ ᠳ᠋ᠤ᠌ ᠬᠡᠷᠡᠭᠴᠡᠭᠡ ᠲᠡᠢ ᠮᠠᠲ᠋ᠧᠷᠢᠶᠠᠯ ᠢ᠋ ᠡᠳᠦᠢ ᠲᠡᠳᠦᠢ ᠦᠢᠯᠡᠳᠬᠦ ᠬᠡᠷᠡᠭᠲᠡᠢ ᠪᠠᠢᠵᠤ᠂ ᠡᠨᠡᠬᠦ ᠮᠠᠲ᠋ᠧᠷᠢᠶᠠᠯ ᠢ᠋ᠶ᠋ᠠᠨ ᠣᠨᠴᠠ ᠬᠡᠷᠡᠭᠰᠡᠯ ᠪᠦᠬᠦᠢ ᠴᠡᠷᠢᠭ ᠦ᠋ᠨ ᠦᠢᠯᠡᠳᠪᠦᠷᠢ ᠳ᠋ᠦ᠍ ᠬᠤᠷᠢᠶᠠᠵᠤ ᠬᠠᠳᠠᠭᠠᠯᠠᠳᠠᠭ ᠪᠠᠢᠵᠠᠢ᠃ ᠡᠨᠡᠬᠦ ᠦᠢᠯᠡᠳᠪᠦᠷᠢ ᠳ᠋ᠦ᠍ ᠠᠵᠢᠯᠯᠠᠬᠤ ᠣᠨᠴᠠ ᠴᠡᠷᠢᠭ ᠦ᠋ᠨ ᠳᠠᠷᠤᠭ᠎ᠠ ᠶ᠋ᠢ ᠵᠢᠭᠠᠪᠤᠷᠢᠯᠠᠨ ᠲᠣᠭᠲᠠᠭᠠᠳᠠᠭ ᠪᠠᠢᠨ᠎ᠠ᠃ ᠡᠳᠡᠭᠡᠷ ᠴᠡᠷᠢᠭ ᠦ᠋ᠨ ᠳᠠᠷᠤᠭ᠎ᠠ ᠨᠢ ᠭᠠᠭᠴᠠᠬᠦ ᠴᠡᠷᠢᠭ ᠮᠣᠷᠳᠠᠬᠤ ᠦᠶ᠎ᠡ ᠳ᠋ᠦ᠍ ᠯᠡ ᠡᠭᠦᠨ ᠢ᠋ ᠬᠤᠪᠢᠶᠠᠵᠤ ᠥᠭᠳᠡᠭ ᠶᠦᠮ᠃
ᠪᠦᠬᠦ ᠮᠣᠩᠭᠣᠯ ᠳᠠᠶᠠᠭᠠᠷ ᠡᠯ᠎ᠡ ᠠᠢᠮᠠᠭ ᠶᠠᠰᠤᠲᠠᠨ ᠤ᠋ ᠬᠥᠮᠦᠰ ᠴᠢᠩᠭᠢᠰ ᠬᠠᠭᠠᠨ ᠤ᠋ ᠣᠷᠳᠣᠨ ᠠ᠋ᠴᠠ ᠬᠠᠷᠢᠭᠰᠠᠨ ᠴᠡᠷᠢᠭ ᠦ᠋ᠨ ᠳᠠᠷᠤᠭ᠎ᠠ ᠶ᠋ᠢᠨ ᠤᠳᠤᠷᠢᠳᠤᠯᠭ᠎ᠠ ᠶ᠋ᠢᠨ ᠳᠣᠣᠷ᠎ᠠ᠂ ᠪᠠᠢᠯᠳᠤᠭᠠᠨ ᠤ᠋ ᠰᠢᠨ᠎ᠡ ᠪᠣᠯᠪᠠᠰᠤᠷᠠᠯ ᠢ᠋ᠶ᠋ᠠᠨ ᠡᠬᠢᠯᠡᠭᠦᠯᠪᠡ᠃ ᠡᠭᠦᠨ ᠦ᠌ ᠬᠠᠮᠲᠤ ᠴᠢᠩᠭᠢᠰ ᠬᠠᠭᠠᠨ ᠤ᠋ ᠠᠬᠠᠮᠠᠳ ᠬᠥᠪᠡᠭᠦᠨ ᠵᠥᠴᠢ ᠶ᠋ᠢᠨ ᠵᠢᠯᠣᠭᠣᠳᠤᠯᠭ᠎ᠠ ᠳᠣᠣᠷ᠎ᠠ ᠨᠢᠭᠡᠨ ᠠᠩᠭᠢ ᠴᠡᠷᠢᠭ ᠢ᠋ ᠪᠠᠷᠠᠭᠤᠨ ᠬᠣᠢᠲᠤ ᠵᠦᠭ ᠲᠦ᠍ ᠲᠣᠮᠢᠯᠠᠪᠠ᠃ ᠡᠭᠦᠨ ᠦ᠌ ᠵᠣᠷᠢᠯᠭ᠎ᠠ ᠨᠢ ᠮᠣᠩᠭᠣᠯ ᠤᠯᠤᠰ ᠤ᠋ᠨ ᠬᠢᠯᠢ ᠶ᠋ᠢᠨ ᠭᠠᠳᠠᠨᠠᠬᠢ ᠪᠣᠰᠤᠯᠭ᠎ᠠ ᠭᠠᠷᠭᠠᠭᠴᠢᠳ ᠢ᠋ ᠱᠦᠭᠦᠷᠳᠡᠨ ᠠᠷᠢᠯᠭᠠᠬᠤ ᠶ᠋ᠢᠨ ᠲᠥᠯᠥᠭᠡ ᠲᠣᠮᠢᠯᠠᠭᠰᠠᠨ ᠶᠤᠮ᠃ ᠵᠥᠴᠢ ᠶ᠋ᠢ ᠲᠡᠭᠦᠨ ᠦ᠌ ᠥᠷᠯᠥᠭ ᠨᠠᠷ ᠤ᠋ᠨ ᠳᠣᠲᠣᠷ᠎ᠠ ᠠ᠋ᠴᠠ ᠬᠠᠮᠤᠭ ᠤ᠋ᠨ ᠰᠢᠯᠢᠳᠡᠭ ᠰᠥᠪᠡᠭᠡᠳᠡᠢ ᠪᠣᠯᠤᠨ ᠵᠡᠪᠡ ᠬᠣᠶᠠᠷ ᠢ᠋ᠶ᠋ᠠᠷ ᠬᠠᠪᠰᠤᠷᠤᠭᠤᠯᠤᠭᠰᠠᠨ ᠪᠠᠢᠨ᠎ᠠ᠃ ᠣᠳᠣ ᠴᠢᠩᠭᠢᠰ ᠬᠠᠭᠠᠨ ᠶᠠᠮᠠᠷᠴᠤ ᠬᠡᠷᠡᠭ ᠦ᠋ᠨ ᠲᠥᠯᠥᠭᠡ ᠪᠣᠯᠪᠠᠴᠤ ᠥᠪᠡᠷ ᠦ᠋ᠨ ᠪᠡᠶ᠎ᠡ ᠪᠡᠷ ᠢ᠋ᠶ᠋ᠡᠨ ᠪᠠᠢᠯᠳᠤᠭᠠᠨ ᠤ᠋ ᠲᠠᠯᠠᠪᠠᠢ ᠳ᠋ᠤ᠌ ᠣᠳᠬᠤ ᠬᠡᠷᠡᠭᠴᠡᠭᠡ ᠦᠭᠡᠢ ᠪᠣᠯᠵᠠᠢ᠃ ᠲᠤᠷᠰᠢᠯᠭ᠎ᠠ ᠬᠤᠷᠠᠮᠳᠤᠭᠤᠯᠤᠭᠰᠠᠨ ᠥᠷᠯᠥᠭ ᠨᠠᠷ ᠤ᠋ᠨ ᠵᠢᠯᠣᠭᠣᠳᠤᠯᠭ᠎ᠠ ᠳᠣᠣᠷᠠᠬᠢ ᠰᠢᠨ᠎ᠡ ᠦᠶ᠎ᠡ ᠶ᠋ᠢᠨ ᠬᠥᠮᠦᠰ ᠲᠦ᠍ ᠪᠠᠢᠯᠳᠤᠬᠤ ᠠᠷᠭ᠎ᠠ ᠶ᠋ᠢ ᠰᠤᠷᠭᠠᠬᠤ ᠦᠭᠡᠢ ᠪᠡᠷ ᠪᠣᠯᠬᠤ ᠦᠭᠡᠢ᠃ ᠲᠡᠷᠡ ᠨᠢᠭᠡᠨᠲᠡ ᠲᠡᠭᠦᠨ ᠦ᠌ ᠣᠷᠣᠨ ᠳ᠋ᠤ᠌ ᠪᠠᠢᠯᠳᠤᠭᠠᠨ ᠤ᠋ ᠲᠠᠯᠠᠪᠠᠢ ᠳ᠋ᠤ᠌ ᠣᠴᠢᠬᠤ ᠪᠠᠢᠯᠳᠤᠭᠴᠢ ᠨᠠᠷ ᠢ᠋ ᠬᠡᠯᠡᠵᠦ ᠬᠥᠬᠢᠭᠦᠯᠬᠦ ᠡᠵᠡᠨ ᠬᠠᠭᠠᠨ ᠪᠣᠯᠤᠭᠰᠠᠨ ᠪᠠᠢᠨ᠎ᠠ᠃
《ᠮᠢᠨᠦ ᠦᠨᠡᠨᠴᠢ ᠰᠢᠳᠤᠷᠭᠤ ᠪᠠᠭᠠᠲᠤᠷᠴᠤᠳ ᠠ᠋! ᠲᠠ ᠨᠠᠷ ᠪᠣᠯ ᠰᠠᠷ᠎ᠠ ᠮᠡᠲᠦ ᠭᠢᠯᠪᠠᠯᠵᠠᠵᠤ᠂ ᠣᠯᠠᠨ ᠴᠡᠷᠢᠭ ᠦ᠋ᠨ ᠲᠡᠷᠢᠭᠦᠨ ᠳ᠋ᠦ᠍ ᠪᠠᠢᠵᠤ ᠪᠠᠢᠨ᠎ᠠ᠃ ᠮᠢᠨᠦ ᠮᠠᠯᠠᠭᠠᠢ ᠳᠡᠭᠡᠷᠡᠬᠢ ᠪᠣᠯᠣᠷ ᠡᠷᠳᠡᠨᠢ ᠮᠡᠲᠦ ᠪᠠᠭᠠᠲᠤᠷᠴᠤᠳ ᠠ᠋! ᠲᠠ ᠨᠠᠷ ᠪᠣᠯ ᠡᠬᠡ ᠭᠠᠵᠠᠷ ᠤ᠋ᠨ ᠭᠣᠣᠯ ᠬᠦᠢᠰᠦ ᠨᠢ ᠮᠥᠨ᠂ ᠬᠠᠳᠠ ᠴᠢᠯᠠᠭᠤ ᠮᠡᠲᠦ ᠬᠠᠲᠠᠭᠤ ᠶᠤᠮ᠃ ᠮᠢᠨᠦ ᠳᠠᠢᠴᠢᠨ ᠴᠡᠷᠢᠭ ᠦ᠋ᠳ ᠠ᠋! ᠬᠣᠲᠠ ᠶ᠋ᠢᠨ ᠬᠡᠷᠡᠮ ᠰᠢᠭ ᠢ᠋ᠶ᠋ᠡᠷ ᠨᠠᠮᠠᠢ ᠬᠠᠮᠠᠭᠠᠯᠠᠵᠤ᠂ ᠬᠤᠯᠤᠰᠤ ᠮᠡᠲᠦ ᠨᠢᠭᠲᠠ ᠵᠣᠭᠰᠣᠭᠰᠠᠨ ᠮᠢᠨᠦ ᠴᠡᠷᠢᠭ ᠦ᠋ᠳ ᠠ᠋! ᠲᠠ ᠪᠦᠭᠦᠳᠡᠭᠡᠷ ᠢ᠋ᠶ᠋ᠡᠨ ᠮᠢᠨᠦ ᠬᠡᠯᠡᠬᠦ ᠶ᠋ᠢ ᠰᠣᠨᠣᠰᠤᠭᠲᠤᠨ! ᠨᠢᠳᠤᠷᠭ᠎ᠠ ᠶ᠋ᠢᠨ ᠬᠤᠷᠤᠭᠤ ᠮᠡᠲᠦ ᠪᠦᠯᠬᠦᠮᠳᠡᠨ ᠠᠮᠢᠳᠤᠷᠠᠵᠤ᠂ ᠳᠠᠭᠠᠷᠢᠨ ᠣᠷᠣᠬᠤ ᠦᠶ᠎ᠡ ᠳ᠋ᠡᠭᠡᠨ ᠥᠭᠶᠥᠭᠡ ᠲᠡᠰᠢ ᠳᠡᠭᠦᠯᠢᠬᠦ ᠡᠯᠢᠶ᠎ᠡ ᠮᠡᠲᠦ ᠪᠠᠢᠭᠲᠤᠨ᠃ ᠲᠣᠭᠯᠠᠵᠤ ᠨᠠᠭᠠᠳᠬᠤ ᠦᠶ᠎ᠡ ᠳ᠋ᠡᠭᠡᠨ ᠵᠢᠭᠦᠷᠲᠡᠢ ᠡᠷᠪᠡᠬᠡᠢ ᠰᠢᠭ ᠴᠡᠩᠭᠡᠵᠦ ᠪᠥᠵᠢᠭᠯᠡᠭᠲᠦᠨ᠃ ᠪᠠᠢᠯᠳᠤᠭᠠᠨ ᠤ᠋ ᠦᠶ᠎ᠡ ᠳ᠋ᠦ᠍ ᠪᠣᠯᠵᠣᠮᠣᠷ ᠲᠤ ᠪᠠᠭᠤᠬᠤ ᠬᠠᠷᠴᠠᠭᠠᠢ ᠮᠡᠲᠦ ᠣᠷᠣᠭᠲᠤᠨ》ᠭᠡᠵᠦ ᠴᠢᠩᠭᠢᠰ ᠬᠠᠭᠠᠨ ᠰᠤᠷᠭᠠᠵᠤ ᠬᠡᠯᠡᠪᠡ᠃ ᠡᠭᠦᠨ ᠦ᠌ ᠬᠠᠷᠢᠭᠤ ᠳ᠋ᠤᠨᠢ ᠰᠦᠪᠡᠭᠡᠳᠡᠢ ᠪᠠᠭᠠᠲᠤᠷ ᠪᠦᠬᠦ ᠴᠡᠷᠢᠭ ᠢ᠋ᠶ᠋ᠡᠨ ᠲᠥᠯᠥᠭᠡᠯᠡᠨ ᠳᠣᠣᠷᠠᠬᠢ ᠮᠡᠲᠦ ᠥᠭᠦᠯᠡᠪᠡ᠄《ᠪᠢᠳᠡᠨᠡᠷ ᠬᠢᠵᠦ ᠴᠢᠳᠠᠬᠤ ᠴᠢᠨᠡᠭᠡ ᠪᠡᠷ ᠢ᠋ᠶ᠋ᠡᠨ ᠴᠢᠷᠮᠠᠢᠨ᠎ᠠ᠂ ᠬᠢᠭᠡᠳ ᠳᠡᠢᠯᠬᠦ ᠦᠭᠡᠢ ᠬᠡᠷᠡᠭ ᠢ᠋ ᠬᠣᠵᠢᠮ ᠡᠳᠦᠷ ᠮᠠᠨ ᠳ᠋ᠤ᠌ ᠰᠤᠷᠭᠠᠵᠤ ᠥᠭᠬᠦ ᠠᠵᠢᠶᠠᠮᠤ᠃ ᠪᠢᠳᠡᠨᠡᠷ ᠪᠡᠶᠡᠯᠡᠭᠦᠯᠵᠦ ᠴᠢᠳᠠᠬᠤ ᠪᠠ ᠦᠭᠡᠢ ᠶ᠋ᠢ ᠪᠣᠭᠳᠠ ᠡᠵᠡᠨ ᠦ᠌ ᠥᠷᠥᠰᠢᠶᠡᠯ ᠮᠡᠳᠡᠮᠦᠢ᠂ ᠢᠪᠡᠭᠡᠯ ᠢ᠋ᠶ᠋ᠡᠨ ᠬᠦᠷᠲᠡᠭᠡᠬᠦ ᠶ᠋ᠢ ᠳᠠᠭᠠᠳᠬᠠᠰᠤᠭᠠᠢ》 ᠭᠡᠵᠡᠢ᠃
ᠲᠡᠳᠡᠨᠡᠷ ᠨᠠᠢ᠍ᠮᠠᠨ ᠠᠢᠮᠠᠭ ᠢ᠋ ᠲᠤᠭᠤᠯᠵᠤ᠂ ᠪᠠᠭᠤᠵᠤ ᠥᠭᠭᠦᠭᠡᠳᠦᠢ ᠣᠯᠠᠨ ᠠᠢᠮᠠᠭ᠂ ᠶᠠᠰᠤᠲᠠᠨ ᠢ᠋ ᠪᠠᠭᠤᠵᠤ ᠥᠭᠬᠦ ᠶ᠋ᠢ ᠱᠠᠭᠠᠷᠳᠠᠪᠠ᠃ ᠠᠯᠲᠠᠢ ᠠᠭᠤᠯᠠ ᠶ᠋ᠢ ᠳᠠᠪᠠᠬᠤ ᠶ᠋ᠢᠨ ᠲᠥᠯᠥᠭᠡ ᠨᠢᠭᠡᠨ ᠵᠠᠮ ᠣᠯᠵᠤ ᠲᠡᠳᠡᠨᠡᠷ ᠲᠡᠢ ᠠᠳᠠᠯᠢ ᠨᠡᠭᠦᠳᠡᠯᠯᠡᠨ ᠮᠠᠯᠵᠢᠬᠤ ᠬᠠᠷᠭᠢᠰ ᠤ᠋ᠳ ᠤ᠋ᠨ ᠰᠠᠭᠤᠵᠤ ᠪᠠᠢᠭᠰᠠᠨ ᠠᠭᠤᠳᠠᠮ ᠰᠠᠷᠠᠭᠤᠯ ᠲᠠᠯ᠎ᠠ ᠳ᠋ᠤ᠌ ᠪᠠᠭᠤᠵᠠᠢ᠃ ᠭᠡᠲᠡᠯ᠎ᠡ ᠡᠳᠡᠭᠡᠷ ᠬᠠᠷᠭᠢᠰ ᠤ᠋ᠳ ᠮᠣᠩᠭᠣᠯ ᠬᠥᠮᠦᠨ ᠰᠢᠭ ᠪᠠᠢᠯᠳᠤᠬᠤ ᠳᠤᠷᠠᠲᠠᠢ ᠦᠨᠳᠦᠰᠦᠲᠡᠨ ᠪᠢᠰᠢ ᠪᠣᠯᠬᠣᠷ ᠳᠡᠮᠡᠢ ᠳᠤᠷ᠎ᠠ ᠦᠭᠡᠢ ᠪᠠᠭᠤᠵᠤ ᠥᠭᠪᠡ᠃ ᠳᠠᠷᠠᠭ᠎ᠠ ᠳ᠋ᠤᠨᠢ ᠮᠣᠩᠭᠣᠯ ᠴᠡᠷᠢᠭ ᠠᠷᠤ ᠲᠡᠰᠢ ᠪᠡᠨ ᠡᠷᠭᠢᠵᠦ᠂ ᠠᠯᠢᠪᠠ ᠴᠣᠬᠢᠯᠲᠠ ᠠ᠋ᠴᠠ ᠵᠠᠢᠯᠠᠬᠤ ᠶ᠋ᠢᠨ ᠲᠥᠯᠥᠭᠡ ᠣᠢ ᠰᠢᠭᠤᠢ ᠳ᠋ᠤ᠌ ᠰᠢᠷᠭᠤᠵᠤ ᠣᠷᠣᠭᠰᠠᠨ ᠮᠡᠷᠭᠢᠳ ᠦ᠋ᠨ ᠬᠣᠢᠨ᠎ᠠ ᠠ᠋ᠴᠠ ᠣᠷᠣᠵᠠᠢ᠃ ᠮᠣᠩᠭᠣᠯ ᠴᠡᠷᠢᠭ ᠦ᠋ᠨ ᠬᠠᠮᠤᠭ ᠤ᠋ᠨ ᠲᠦᠷᠦᠭᠦᠨ ᠳ᠋ᠦ᠍ ᠠᠭᠤᠯᠵᠠᠭᠰᠠᠨ ᠨᠢ ᠣᠢᠷᠠᠳ ᠶᠠᠰᠤᠲᠠᠨ ᠤ᠋ ᠬᠥᠮᠦᠨ ᠪᠠᠢᠵᠤ᠂ ᠲᠡᠳᠡ ᠪᠠᠰᠠ ᠮᠡᠷᠭᠢᠳ ᠦ᠋ᠨ ᠳᠣᠪᠲᠣᠯᠭ᠎ᠠ ᠠ᠋ᠴᠠ ᠵᠣᠪᠠᠨᠢᠨ ᠭᠠᠰᠠᠯᠵᠤ ᠪᠠᠢᠭᠰᠠᠨ ᠶᠤᠮ᠃ ᠡᠢᠮᠦ ᠡᠴᠡ ᠣᠢᠷᠠᠳ ᠤ᠋ᠳ ᠳᠠᠷᠤᠢ ᠳ᠋ᠤᠨᠢ ᠮᠣᠩᠭᠣᠯ ᠤ᠋ᠨ ᠬᠠᠷᠢᠶᠠᠲᠤ ᠪᠣᠯᠵᠤ᠂ ᠮᠣᠩᠭᠣᠯ ᠴᠡᠷᠢᠭ ᠲᠦ᠍ ᠭᠠᠵᠠᠷᠴᠢ ᠪᠣᠯᠵᠠᠢ᠃ ᠴᠢᠩᠭᠢᠰ ᠬᠠᠭᠠᠨ ᠤ᠋ ᠬᠠᠭᠤᠴᠢᠨ ᠳᠠᠢᠰᠤᠨ ᠮᠡᠷᠭᠢᠳ ᠦ᠋ᠨ ᠲᠦᠷᠦᠭᠦᠦ ᠲᠣᠭᠲᠣᠭ᠎ᠠ ᠪᠡᠬᠢ ᠡᠴᠦᠰ ᠦ᠋ᠨ ᠮᠥᠷᠲᠡᠭᠡᠨ ᠰᠢᠢᠳᠪᠦᠷᠢᠲᠦ ᠪᠠᠢᠯᠳᠤᠭᠠᠨ ᠢ᠋ ᠬᠢᠬᠦ ᠦᠭᠡᠢ ᠪᠡᠷ ᠪᠣᠯᠬᠤ ᠦᠭᠡᠢ ᠳ᠋ᠦ᠍ ᠬᠦᠷᠦᠭᠰᠡᠨ ᠪᠠᠢᠨ᠎ᠠ᠃ ᠡᠨᠡ ᠪᠠᠢᠯᠳᠤᠭᠠᠨ ᠳ᠋ᠤ᠌ ᠲᠡᠷᠡ ᠳᠡᠢᠯᠦᠭᠳᠡᠭᠡᠳ ᠠᠯᠠᠭᠳᠠᠵᠠᠢ᠃
ᠴᠢᠩᠭᠢᠰ ᠬᠠᠭᠠᠨ ᠤ᠋ ᠨᠥᠭᠦᠭᠡ ᠨᠢᠭᠡ ᠬᠠᠭᠤᠴᠢᠨ ᠳᠠᠢᠰᠤᠨ ᠳᠠᠶᠠᠨ ᠬᠠᠨ ᠤ᠋ ᠬᠥᠪᠡᠭᠦᠨ ᠬᠦᠴᠦᠯᠦᠭ ᠪᠠᠰᠠ ᠠᠮᠢᠳᠤ ᠪᠠᠢᠵᠤ ᠬᠠᠷ᠎ᠠ ᠬᠢᠳᠠᠨ ᠤ᠋ ᠬᠠᠭᠠᠨ ᠣᠷᠳᠣᠨ ᠳ᠋ᠤ᠌ ᠳᠤᠲᠠᠭᠠᠵᠤ ᠣᠷᠣᠭᠰᠠᠨ ᠪᠠᠢᠨ᠎ᠠ᠃ ᠴᠢᠩᠭᠢᠰ ᠬᠠᠭᠠᠨ ᠵᠥᠴᠢ ᠶ᠋ᠢᠨ ᠭᠠᠪᠢᠶ᠎ᠠ ᠪᠠᠢᠭᠤᠯᠤᠭᠰᠠᠨ ᠳ᠋ᠤ᠌ ᠶᠡᠬᠡ ᠪᠠᠶᠠᠷᠯᠠᠭᠠᠳ ᠲᠡᠭᠦᠨ ᠢ᠋ ᠶᠡᠬᠡ ᠬᠤᠷᠢᠮ ᠲᠠᠯᠪᠢᠵᠤ ᠤᠭᠲᠤᠨ᠄《ᠴᠢ ᠪᠣᠯ ᠮᠢᠨᠦ ᠠᠬᠠᠮᠠᠳ ᠬᠥᠪᠡᠭᠦᠨ ᠮᠥᠨ》 ᠭᠡᠵᠦ ᠬᠠᠭᠠᠨ ᠤ᠋ ᠬᠥᠪᠡᠭᠦᠨ ᠦ᠌ ᠶᠣᠰᠣ ᠪᠠᠷ ᠨᠤᠲᠤᠭ ᠳᠡᠪᠢᠰᠬᠡᠷ ᠡᠷᠭᠦᠮᠵᠢᠯᠡᠵᠦ ᠥᠭᠪᠡ᠃ ᠲᠡᠭᠡᠭᠡᠳ ᠪᠠᠰᠠ᠄《ᠴᠢ ᠠᠩᠬ᠎ᠠ ᠤᠳᠠᠭ᠎ᠠ ᠭᠠᠭᠴᠠᠭᠠᠷ ᠢ᠋ᠶ᠋ᠠᠨ ᠪᠠᠢᠯᠳᠤᠭᠠᠨ ᠬᠢᠵᠦ᠂ ᠴᠡᠷᠢᠭ ᠮᠣᠷᠢ ᠪᠠᠨ ᠳᠡᠮᠡᠢ ᠵᠣᠪᠠᠭᠠᠵᠤ ᠵᠦᠳᠡᠭᠡᠭᠰᠡᠨ ᠦᠭᠡᠢ ᠂ ᠣᠢ ᠰᠢᠭᠤᠢ ᠳᠣᠲᠣᠷᠠᠬᠢ ᠣᠯᠠᠨ ᠦᠨᠳᠦᠰᠦᠲᠡᠨ ᠶᠠᠰᠤᠲᠠᠨ ᠢ᠋ ᠳᠠᠢᠯᠠᠨ ᠳᠠᠭᠠᠭᠤᠯᠵᠤ ᠴᠢᠳᠠᠭᠰᠠᠨ ᠠ᠋ᠴᠠ ᠴᠢᠮᠠᠲᠤ ᠡᠨᠡ ᠣᠯᠠᠨ ᠦᠨᠳᠦᠰᠦᠲᠡᠨ ᠶᠠᠰᠤᠲᠠᠨ ᠢ᠋ ᠡᠷᠭᠦᠮᠵᠢᠯᠡᠵᠦ ᠥᠭᠰᠦᠭᠡᠢ》 ᠭᠡᠵᠡᠢ᠃
ᠴᠢᠩᠭᠢᠰ ᠬᠠᠭᠠᠨ ᠤ᠋ ᠡᠨᠡ ᠤᠳᠠᠭ᠎ᠠ ᠡᠷᠭᠦᠮᠵᠢᠯᠡᠭᠰᠡᠨ ᠡᠴᠡ ᠵᠥᠴᠢ ᠶ᠋ᠢᠨ ᠨᠣᠶᠠᠷᠬᠠᠯ ᠤ᠋ᠨ ᠳᠣᠣᠷ᠎ᠠ ᠬᠢᠪᠴᠠᠭ ᠬᠠᠨ ᠤᠯᠤᠰ ᠢ᠋ ᠡᠭᠦᠳᠦᠨ ᠪᠠᠢᠭᠤᠯᠵᠠᠢ᠃ᠬᠥᠮᠦᠰ ᠡᠭᠦᠨ ᠢ᠋《ᠠᠯᠲᠠᠨ ᠤᠷᠳᠣᠡᠳᠤ ᠬᠠᠨ ᠤᠯᠤᠰ》 ᠭᠡᠵᠦ ᠨᠡᠷᠡᠯᠡᠵᠦ ᠪᠠᠢᠭᠰᠠᠨ ᠪᠢᠯᠡ᠃ᠵᠥᠴᠢ ᠶ᠋ᠢᠨ ᠬᠡᠦᠬᠡᠳ ᠣᠷᠣᠰ ᠤ᠋ᠨ ᠣᠯᠠᠨ ᠲᠦᠷᠦᠭᠦᠴᠦᠳ ᠲᠦ᠍ ᠥᠷᠥᠰᠢᠶᠡᠯ ᠦᠵᠡᠭᠦᠯᠵᠦ ᠬᠠᠨ ᠰᠠᠭᠤᠭᠰᠠᠨ ᠪᠠᠢᠨ᠎ᠠ᠃ ᠬᠡᠳᠦᠨ ᠵᠠᠭᠤᠨ ᠵᠢᠯ ᠦ᠋ᠨ ᠬᠣᠭᠣᠷᠣᠨᠳᠣ ᠣᠷᠣᠰ ᠤ᠋ᠨ ᠣᠯᠠᠨ ᠨᠣᠶᠠᠳ ᠡᠨᠡ ᠬᠠᠨ ᠤ᠋ ᠣᠷᠳᠣᠨ ᠳ᠋ᠤ᠌ ᠦᠢᠯᠡᠴᠢᠯᠡᠵᠦ ᠦᠨᠡᠨᠴᠢ ᠰᠢᠳᠤᠷᠭᠤ ᠪᠠᠨ ᠭᠦᠢᠴᠡᠳᠬᠡᠬᠦ ᠪᠡᠷ ᠲᠠᠩᠭᠠᠷᠢᠭᠯᠠᠵᠤ ᠡᠷᠬᠡ ᠰᠦᠷ ᠢ᠋ᠶ᠋ᠡᠨ ᠬᠡᠷᠡᠭᠵᠢᠭᠦᠯᠬᠦ ᠳ᠋ᠡᠭᠡᠨ ᠵᠥᠪᠰᠢᠶᠡᠷᠡᠯ ᠦ᠋ᠨ ᠦᠨᠡᠮᠯᠡᠯ ᠢ᠋ ᠨᠢ ᠣᠯᠬᠤ ᠦᠭᠡᠢ ᠪᠡᠷ ᠪᠣᠯᠬᠤ ᠦᠭᠡᠢ ᠪᠠᠢᠭᠰᠠᠨ ᠶᠤᠮ᠃ ᠣᠷᠣᠰ ᠤ᠋ᠨ ᠴᠠᠭᠠᠷ ᠭᠡᠵᠦ ᠨᠡᠷ᠎ᠡ ᠣᠯᠤᠭᠰᠠᠨ ᠨᠢ ᠠᠽᠢᠶ᠎ᠠ ᠶ᠋ᠢᠨ ᠣᠯᠠᠨ ᠦᠨᠳᠦᠰᠦᠲᠡᠨ᠂ᠶᠠᠰᠤᠲᠠᠨ ᠬᠣᠭᠣᠷᠣᠨᠳᠣ ᠪᠠᠨ ᠴᠠᠭᠠᠨ ᠭᠡᠵᠦ ᠮᠡᠳᠡᠯᠴᠡᠵᠦ ᠪᠠᠢᠭᠰᠠᠨ ᠪᠢᠯᠡ ᠂ᠡᠨᠡ ᠨᠢ ᠡᠳᠡᠭᠡᠷ ᠦᠨᠳᠦᠰᠦᠲᠡᠨ᠂ ᠶᠠᠰᠤᠲᠠᠨ《ᠥᠷᠥᠨᠡᠲᠦ ᠳ᠋ᠡᠬᠢ ᠬᠠᠨ ᠤᠯᠤᠰ》 ᠢ᠋ ᠰᠢᠭᠤᠳ ᠵᠠᠯᠭᠠᠮᠵᠢᠯᠠᠬᠤ ᠶ᠋ᠢ ᠪᠣᠳᠣᠵᠤ ᠪᠠᠢᠭᠰᠠᠨ ᠢ᠋ᠶ᠋ᠠᠨ ᠦᠵᠡᠭᠦᠯᠵᠦ ᠪᠠᠢᠭᠰᠠᠨ ᠪᠢᠯᠡ᠃ ᠶᠠᠭᠠᠬᠢᠭᠠᠳ ᠭᠡᠪᠡᠯ ᠮᠣᠩᠭᠣᠯᠴᠤᠳ ᠳᠥᠷᠪᠡᠨ ᠵᠦᠭ ᠢ᠋ ᠪᠦᠷ ᠥᠩᠭᠡ ᠪᠡᠷ ᠬᠤᠪᠢᠶᠠᠷᠢᠯᠠᠨ ᠵᠢᠭᠠᠵᠤ ᠴᠠᠭᠠᠨ ᠥᠩᠭᠡ ᠨᠢ ᠥᠷᠥᠨᠡᠳᠠᠬᠢᠨ ᠪᠣᠯᠵᠤ ᠪᠠᠢᠭᠰᠠᠨ ᠪᠢᠯᠡ᠃
(ᠳᠥᠷᠪᠡ)ᠪᠠᠲᠤ ᠪᠡᠬᠢ ᠬᠣᠲᠠ ᠪᠣᠭᠣᠮᠲᠠ ᠯᠤᠭ᠎ᠠ ᠠᠩᠬ᠎ᠠ ᠪᠠᠢᠯᠳᠤᠭᠰᠠᠨ ᠨᠢ
ᠪᠠᠷᠠᠭᠤᠨ ᠰᠢᠶᠠ ᠤᠯᠤᠰ ᠲᠠᠢ ᠪᠠᠢᠯᠳᠤᠭᠠᠨ ᠬᠢᠭᠡᠳ ᠬᠣᠶᠠᠷ ᠵᠢᠯ ᠥᠩᠭᠡᠷᠡᠪᠡ ᠃ ᠡᠨᠡ ᠬᠣᠭᠣᠷᠣᠨᠳᠣ ᠠᠯᠲᠠᠨ ᠤᠯᠤᠰ ᠤ᠋ᠨ ᠡᠪᠦᠭᠡᠨ ᠬᠠᠭᠠᠨ ᠵᠠᠩᠽᠦᠢ᠍ᠩ ᠦᠬᠦᠭᠡᠳ ᠶᠦᠩ ᠵᠢᠢ ᠴᠢᠩ ᠸᠠᠩ ᠨᠢ ᠬᠠᠭᠠᠨ ᠰᠠᠭᠤᠷᠢᠨ ᠢ᠋ ᠵᠠᠯᠭᠠᠮᠵᠢᠯᠠᠪᠠ ᠭᠡᠰᠡᠨ ᠮᠡᠳᠡᠭᠡ ᠤᠨᠤᠨ ᠮᠥᠷᠡᠨ ᠦ᠌ ᠬᠥᠪᠡᠭᠡᠨ ᠳ᠋ᠦ᠍ ᠬᠦᠷᠦᠯ᠎ᠡ᠃ ᠡᠨᠡ ᠶᠦᠩ ᠵᠢᠢ ᠴᠢᠩ ᠸᠠᠩ ᠭᠡᠰᠡᠨ ᠨᠢ ᠡᠷᠲᠡ ᠵᠢᠯ ᠳ᠋ᠦ᠍ ᠴᠢᠩᠭᠢᠰ ᠬᠠᠭᠠᠨ ᠤᠨᠤᠨ ᠮᠥᠷᠡᠨ ᠦ᠌ ᠬᠥᠪᠡᠭᠡᠨ ᠳ᠋ᠦ᠍ ᠬᠤᠷᠠᠯᠳᠤᠭᠠᠨ ᠬᠢᠬᠦ ᠳ᠋ᠦ᠍ ᠪᠡᠨ ᠲᠡᠷᠡ ᠮᠡᠲᠦ ᠬᠦᠢᠲᠡᠨ ᠢ᠋ᠶ᠋ᠡᠷ ᠳᠣᠷᠣᠮᠵᠢᠯᠠᠵᠤ ᠪᠠᠢᠭᠰᠠᠨ ᠲᠡᠷᠡ ᠬᠥᠮᠦᠨ ᠮᠥᠨ᠃ ᠣᠳᠣ ᠨᠢᠭᠡᠨᠲᠡ ᠰᠢᠢᠳᠪᠦᠷᠢᠲᠦ ᠬᠡᠷᠡᠭ ᠢ᠋ ᠡᠭᠦᠰᠬᠡᠬᠦ ᠪᠣᠯᠪᠠ᠃ ᠴᠢᠩᠭᠢᠰ ᠬᠠᠭᠠᠨ ᠰᠠᠢᠨ ᠪᠡᠯᠡᠳᠬᠡᠯ ᠬᠢᠬᠦ ᠦᠭᠡᠢ ᠪᠡᠷ ᠪᠣᠯᠬᠤ ᠦᠭᠡᠢ ᠭᠡᠵᠦ ᠪᠣᠳᠣᠵᠤ ᠪᠠᠢᠵᠠᠢ᠃ ᠭᠡᠪᠡᠴᠦ ᠲᠡᠷᠡ ᠬᠦᠴᠦᠨ ᠢ᠋ᠶ᠋ᠡᠨ ᠪᠠᠰᠠ ᠨᠢᠭᠡᠨ ᠤᠳᠠᠭ᠎ᠠ ᠰᠢᠯᠭᠠᠵᠤ ᠦᠵᠡᠬᠦ ᠨᠢ ᠰᠠᠢᠨ ᠭᠡᠵᠦ ᠪᠣᠳᠣᠭᠰᠠᠨ ᠪᠠᠢᠨ᠎ᠠ᠃ ᠪᠠᠷᠠᠭᠤᠨ ᠰᠢᠶᠠ ᠤᠯᠤᠰ ᠠᠯᠪᠠ ᠪᠠᠷᠢᠬᠤ ᠪᠠᠷ ᠲᠣᠭᠲᠠᠭᠰᠠᠨ ᠨᠢ ᠤᠷᠢᠳᠤ ᠵᠢᠯ ᠵᠢᠩᠬᠢᠨᠢ ᠶᠣᠰᠣᠭᠠᠷ ᠬᠦᠷᠭᠡᠭᠰᠡᠨ ᠪᠣᠯᠪᠠᠴᠤ ᠬᠣᠶᠠᠳᠤᠭᠠᠷ ᠵᠢᠯ ᠡᠴᠡ ᠠᠯᠪᠠ ᠪᠠᠷᠢᠬᠤ ᠪᠠᠨ ᠲᠠᠰᠤᠯᠳᠠᠭᠤᠯᠴᠢᠬᠠᠯᠠ᠂ ᠲᠠᠩᠭᠤᠳ ᠤ᠋ᠨ ᠡᠵᠡᠨ ᠨᠢ ᠥᠪᠡᠷ ᠦ᠋ᠨ ᠴᠡᠷᠢᠭ ᠦ᠋ᠨ ᠬᠦᠴᠦᠨ ᠦ᠌ ᠪᠡᠯᠡᠳᠬᠡᠯ ᠢ᠋ᠶ᠋ᠡᠨ ᠪᠦᠷᠢᠳᠬᠡᠭᠰᠡᠨ ᠭᠡᠮᠡᠨ ᠪᠣᠳᠣᠭᠰᠠᠨ ᠢ᠋ ᠬᠠᠷᠠᠭᠤᠯᠵᠤ ᠪᠠᠢᠬᠤ ᠮᠠᠭᠠᠳ ᠦᠭᠡᠢ᠂ ᠲᠡᠭᠡᠬᠦ ᠦᠭᠡᠢ ᠪᠣᠯ ᠲᠡᠷᠡ ᠶᠠᠮᠠᠷ ᠠᠶᠤᠮᠰᠢᠭ ᠦᠭᠡᠢ ᠪᠡᠷ ᠠᠯᠪᠠ ᠪᠠᠷᠢᠬᠤ ᠪᠠᠨ ᠬᠣᠢᠰᠢᠯᠠᠭᠤᠯᠵᠤ ᠴᠢᠳᠠᠬᠤ ᠠᠵᠢ᠃ ᠡᠢᠮᠦ ᠡᠴᠡ ᠴᠢᠩᠭᠢᠰ ᠬᠠᠭᠠᠨ ᠪᠠᠷᠠᠭᠤᠨ ᠰᠢᠶᠠ ᠤᠯᠤᠰ ᠲᠤ᠌ ᠳᠠᠬᠢᠨ ᠴᠣᠬᠢᠯᠲᠠ ᠥᠭᠬᠦ ᠪᠡᠷ ᠮᠣᠷᠳᠠᠭᠠᠳ᠂ ᠳᠠᠪᠬᠢᠵᠤ ᠢᠷᠡᠭᠰᠡᠨ ᠴᠡᠷᠢᠭ ᠢ᠋ ᠨᠢ ᠪᠤᠲᠠ ᠴᠣᠬᠢᠨ ᠡᠪᠳᠡᠭᠡᠳ᠂ ᠳᠠᠬᠢᠨ ᠴᠣᠭᠴᠠᠯᠠᠨ ᠪᠠᠢᠭᠤᠯᠤᠭᠰᠠᠨ ᠲᠦᠷᠢᠮᠡᠬᠡᠢ ᠬᠣᠲᠠ ᠶ᠋ᠢ ᠪᠤᠯᠢᠶᠠᠵᠤ ᠠᠪᠤᠭᠠᠳ ᠣᠨᠳᠣᠣ ᠨᠢᠭᠡᠨ ᠬᠣᠲᠠ ᠶ᠋ᠢ ᠪᠠᠰᠠ ᠪᠤᠯᠢᠶᠠᠨ ᠠᠪᠴᠤ᠂ ᠤᠷᠲᠤ ᠴᠠᠭᠠᠨ ᠬᠡᠷᠡᠮ ᠦ᠋ᠨ ᠴᠢᠨᠠᠳᠤ ᠲᠠᠯ᠎ᠠ ᠳ᠋ᠤ᠌ ᠳᠣᠪᠲᠣᠯᠤᠨ ᠣᠷᠣᠯ᠎ᠠ᠃ ᠲᠡᠨᠳᠡ ᠬᠠᠭᠠᠨ ᠤ᠋ ᠬᠥᠪᠡᠭᠦᠨ ᠪᠡᠶ᠎ᠡ ᠪᠡᠷ ᠢ᠋ᠶ᠋ᠡᠨ ᠵᠢᠯᠣᠭᠣᠳᠤᠭᠰᠠᠨ ᠰᠢᠨ᠎ᠡ ᠴᠡᠷᠢᠭ ᠢ᠋ ᠪᠠᠰᠠ ᠴᠣᠬᠢᠨ ᠲᠠᠢᠯᠪᠠ᠃ ᠬᠠᠭᠠᠨ ᠤ᠋ ᠬᠥᠪᠡᠭᠦᠨ ᠨᠢ ᠬᠤᠸᠠᠩ ᠰᠢᠩ ᠹᠦ ᠳ᠋ᠡᠭᠡᠨ ᠪᠤᠷᠤᠭᠤᠯᠠᠨ ᠶᠠᠪᠤᠵᠠᠢ᠃ ᠡᠨᠡᠬᠦ ᠬᠤᠸᠠᠩ ᠰᠢᠩ ᠹᠦ ᠨᠢ ᠬᠠᠲᠤᠨ ᠭᠣᠣᠯ ᠤ᠋ᠨ ᠳᠡᠭᠡᠳᠦ ᠤᠷᠤᠰᠬᠠᠯ ᠳ᠋ᠤ᠌ ᠣᠷᠣᠰᠢᠵᠤ ᠪᠠᠢᠬᠤ ᠪᠥᠭᠡᠳ ᠪᠠᠷᠠᠭᠤᠨ ᠰᠢᠶᠠ ᠤᠯᠤᠰ ᠤ᠋ᠨ ᠨᠡᠢᠰᠯᠡᠯ ᠬᠣᠲᠠ ᠨᠢ ᠪᠣᠯᠤᠨ᠎ᠠ᠂ ᠴᠢᠩᠭᠢᠰ ᠬᠠᠭᠠᠨ ᠳᠠᠢᠰᠤᠨ ᠢ᠋ᠶ᠋ᠠᠨ ᠨᠡᠬᠡᠮᠵᠢᠯᠡᠭᠡᠳ ᠡᠨᠡ ᠬᠣᠲᠠ ᠶ᠋ᠢ ᠲᠠᠭ ᠪᠦᠰᠡᠯᠡᠭᠡᠳ ᠠᠪᠴᠠᠢ᠃
ᠡᠨᠡ ᠤᠳᠠᠭ᠎ᠠ ᠮᠣᠩᠭᠣᠯ ᠤ᠋ᠨ ᠮᠣᠷᠢᠲᠤ ᠴᠡᠷᠢᠭ ᠳᠤᠲᠠᠭᠳᠠᠯ ᠢ᠋ᠶ᠋ᠠᠨ ᠢᠯᠡᠷᠡᠭᠦᠯᠪᠡ᠃ ᠴᠢᠩᠭᠢᠰ ᠬᠠᠭᠠᠨ ᠤ᠋ ᠮᠣᠩᠭᠣᠯ ᠴᠡᠷᠢᠭ ᠨᠢᠭᠡᠨ ᠬᠤᠭᠤᠴᠠᠭ᠎ᠠ ᠪᠣᠯᠪᠠᠰᠤᠷᠠᠭᠤᠯᠤᠭᠰᠠᠨ ᠠ᠋ᠴᠠ ᠪᠠᠭ᠎ᠠ ᠬᠣᠲᠠ ᠶ᠋ᠢ ᠳᠠᠭᠠᠷᠢᠨ ᠣᠷᠣᠬᠤ ᠴᠢᠳᠠᠪᠤᠷᠢ ᠲᠠᠢ ᠪᠣᠯᠤᠭᠰᠠᠨ ᠪᠣᠯᠪᠠᠴᠤ᠂ ᠬᠥᠮᠦᠨ ᠠᠮᠠ ᠣᠯᠠᠨ ᠪᠡᠬᠢᠯᠡᠯᠲᠡ ᠰᠠᠢᠲᠠᠢ ᠶᠡᠬᠡ ᠬᠣᠲᠠ ᠶ᠋ᠢᠨ ᠬᠠᠲᠠᠭᠤ ᠡᠰᠡᠷᠭᠦᠴᠡᠯ ᠢ᠋ ᠡᠪᠳᠡᠬᠦ ᠴᠢᠳᠠᠯ ᠮᠡᠬᠦᠰ ᠪᠠᠢᠵᠠᠢ᠃ ᠴᠢᠩᠭᠢᠰ ᠬᠠᠭᠠᠨ ᠳ᠋ᠤ᠌ ᠬᠦᠷᠦᠯᠴᠡᠬᠦᠢᠴᠡ ᠴᠠᠭ ᠪᠠᠢᠬᠤ ᠦᠭᠡᠢ᠂ ᠶᠠᠮᠠᠷ ᠶᠠᠪᠤᠳᠠᠯ ᠰᠡᠳᠦᠪᠡᠴᠦ ᠲᠡᠷᠡ ᠡᠭᠦᠷᠢᠳᠡ ᠠᠯᠲᠠᠨ ᠤᠯᠤᠰ ᠤ᠋ᠨ ᠬᠡᠷᠡᠭ ᠢ᠋ ᠪᠣᠳᠣᠯᠬᠢᠯᠠᠵᠤ ᠪᠠᠢᠵᠠᠢ᠃ ᠠᠵᠢᠯᠯᠠᠭ᠎ᠠ ᠠᠪᠤᠪᠠᠰᠤ ᠨᠢᠭᠡᠮᠦᠰᠦᠨ ᠲᠠᠲᠠᠭᠳᠠᠴᠢᠬᠠᠬᠤ ᠳᠤᠷ᠎ᠠ ᠦᠭᠡᠢ᠃ ᠪᠦᠰᠡᠯᠡᠭᠳᠡᠭᠰᠡᠨ ᠬᠣᠲᠠ ᠶ᠋ᠢᠨ ᠤᠰᠤᠨ ᠤ᠋ ᠤᠷᠤᠰᠬᠠᠯ ᠢ᠋ ᠥᠭᠡᠷ᠎ᠡ ᠵᠦᠭ ᠲᠦ᠍ ᠤᠷᠤᠰᠬᠠᠶ᠎ᠠ ᠭᠡᠬᠦ ᠳ᠋ᠦ᠍ ᠬᠢᠲᠠᠳ ᠴᠡᠷᠢᠭ ᠦ᠋ᠨ ᠪᠢᠴᠢᠭ ᠲᠦ᠍ ᠪᠠᠢᠬᠤ ᠶ᠋ᠢ ᠰᠣᠨᠣᠰᠴᠤ ᠪᠠᠢᠭᠰᠠᠨ ᠶᠤᠮ᠃ ᠤᠴᠢᠷ ᠡᠢᠮᠦ ᠡᠴᠡ ᠲᠡᠷᠡ ᠵᠦᠭ ᠪᠦᠷᠢ ᠡᠴᠡ ᠲᠠᠩᠭᠤᠳ ᠬᠥᠮᠦᠨ ᠢ᠋ ᠴᠤᠭᠯᠠᠭᠤᠯᠤᠨ ᠠᠪᠴᠢᠷᠠᠭᠠᠳ᠂ ᠬᠠᠲᠤᠨ ᠭᠣᠣᠯ ᠤ᠋ᠨ ᠤᠷᠤᠰᠬᠠᠯ ᠢ᠋ ᠬᠣᠲᠠ ᠠ᠋ᠴᠠ ᠵᠠᠢᠳᠠᠭᠤᠯᠬᠤ ᠭᠡᠰᠡᠨ ᠪᠢᠯᠡ᠃ ᠭᠡᠲᠡᠯ᠎ᠡ ᠪᠠᠷᠢᠯᠭ᠎ᠠ ᠨᠢ ᠬᠠᠭᠠᠰ ᠪᠦᠲᠦᠵᠦ ᠪᠠᠢᠲᠠᠯ᠎ᠠ ᠰᠢᠷᠣᠢ ᠶ᠋ᠢᠨ ᠳᠠᠯᠠᠩ ᠨᠢ ᠲᠡᠰᠦᠷᠡᠭᠡᠳ ᠬᠣᠲᠠ ᠠ᠋ᠴᠠ ᠤᠰᠤ ᠶ᠋ᠢ ᠵᠠᠢᠳᠠᠭᠤᠯᠤᠨᠠ ᠭᠡᠰᠡᠨ ᠴᠢᠨᠢ ᠬᠠᠷᠢᠨ ᠮᠣᠩᠭᠣᠯ ᠴᠡᠷᠢᠭ ᠪᠠᠢᠭᠰᠠᠨ ᠠᠭᠤᠳᠠᠮ ᠰᠠᠷᠠᠭᠤᠯ ᠲᠠᠯ᠎ᠠ ᠨᠢ ᠨᠡᠯᠦᠭᠡᠷ ᠳᠠᠯᠠᠢ ᠪᠣᠯᠵᠤᠬᠤᠢ᠃ ᠴᠢᠩᠭᠢᠰ ᠬᠠᠭᠠᠨ ᠠᠷᠭ᠎ᠠ ᠦᠭᠡᠢ ᠬᠣᠲᠠ ᠶ᠋ᠢᠨ ᠪᠦᠰᠡᠯᠡᠯᠲᠡ ᠪᠡᠨ ᠲᠠᠢᠯᠤᠭᠰᠠᠨ ᠢ᠋ᠶ᠋ᠠᠷ ᠦᠯᠦ ᠪᠠᠷᠠᠨ᠂ ᠦᠶᠡᠷ ᠤᠰᠤᠨ ᠠ᠋ᠴᠠ ᠵᠠᠪᠳᠤᠵᠤ ᠴᠡᠷᠢᠭ ᠦ᠋ᠨ ᠬᠦᠷᠢᠶ᠎ᠡ ᠪᠡᠨ ᠥᠨᠳᠥᠷᠯᠢᠭ ᠭᠠᠵᠠᠷ ᠳᠡᠪᠰᠢᠭᠦᠯᠬᠦ ᠦᠭᠡᠢ ᠪᠡᠷ ᠪᠣᠯᠬᠤ ᠦᠭᠡᠢ ᠪᠣᠯᠤᠭᠰᠠᠨ ᠪᠢᠯᠡ᠃ ᠲᠡᠷᠡ ᠮᠡᠲᠦ ᠪᠣᠯᠤᠭᠰᠠᠨ ᠪᠠᠢᠲᠠᠯ᠎ᠠ ᠲᠠᠩᠭᠤᠳ ᠬᠥᠮᠦᠨ ᠳ᠋ᠦ᠍ ᠪᠠᠰᠠ ᠲᠤᠰᠠ ᠪᠣᠯᠵᠤ ᠴᠢᠳᠠᠭᠰᠠᠨ ᠦᠭᠡᠢ᠃ ᠮᠣᠩᠭᠣᠯᠴᠤᠳ ᠣᠷᠣᠨ ᠳᠡᠪᠢᠰᠬᠡᠷ ᠳᠡᠭᠡᠷ᠎ᠡ ᠨᠢ ᠪᠠᠢᠵᠤ ᠪᠠᠢᠨ᠎ᠠ᠂ ᠤᠯᠤᠰ ᠤ᠋ᠨ ᠳᠣᠲᠣᠷ᠎ᠠ ᠨᠢ ᠴᠡᠷᠢᠭ ᠦᠭᠡᠢ ᠲᠤᠯᠠ ᠮᠣᠩᠭᠣᠯᠴᠤᠳ ᠳᠤᠷ᠎ᠠ ᠲᠠᠪᠠ ᠪᠠᠷ ᠢ᠋ᠶ᠋ᠠᠨ ᠪᠤᠯᠢᠶᠠᠨ ᠲᠦᠢᠳᠬᠦ ᠳ᠋ᠦ᠍ ᠪᠡᠯᠡᠨ ᠲᠠᠯᠪᠢᠭᠠᠳ ᠥᠭᠬᠦ ᠡᠴᠡ ᠥᠭᠡᠷ᠎ᠡ ᠠᠷᠭ᠎ᠠ ᠦᠭᠡᠢ ᠪᠠᠢᠪᠠ᠃ ᠬᠤᠸᠠᠩ ᠰᠢᠩ ᠹᠦ ᠳ᠋ᠡᠭᠡᠨ ᠳᠤᠲᠠᠭᠠᠵᠤ ᠣᠷᠣᠭᠰᠠᠨ ᠴᠡᠷᠢᠭ ᠦ᠋ᠳ ᠨᠢ ᠬᠡᠭᠡᠷ᠎ᠡ ᠶ᠋ᠢᠨ ᠪᠠᠢᠯᠳᠤᠭᠠᠨ ᠬᠢᠬᠦ ᠳ᠋ᠦ᠍ ᠮᠣᠩᠭᠣᠯ ᠴᠡᠷᠢᠭ ᠦ᠋ᠨ ᠵᠦᠭ ᠠᠰᠬᠠᠨ ᠬᠠᠷᠠᠵᠤ ᠪᠠᠰᠠ ᠴᠢᠳᠠᠭᠰᠠᠨ ᠦᠭᠡᠢ᠂ ᠨᠡᠢᠰᠯᠡᠯ ᠳ᠋ᠡᠭᠡᠨ ᠣᠷᠣᠵᠤ ᠢᠷᠡᠭᠡᠳ ᠪᠠᠬᠠᠨ ᠠᠮᠢᠰᠬᠤᠭ᠎ᠠ ᠠᠪᠴᠤ ᠴᠢᠳᠠᠭᠰᠠᠨ ᠪᠣᠯᠪᠠᠴᠤ ᠡᠢᠮᠦ ᠵᠠᠪᠰᠠᠷᠯᠠᠯᠲᠠ ᠬᠡᠳᠦᠢ ᠦᠷᠭᠦᠯᠵᠢᠯᠡᠵᠦ ᠴᠢᠳᠠᠬᠤ ᠠᠵᠠᠢ᠃ ᠪᠠᠷᠠᠭᠤᠨ ᠰᠢᠶᠠ ᠤᠯᠤᠰ ᠤ᠋ᠨ ᠡᠵᠡᠨ ᠬᠠᠭᠠᠨ ᠨᠢ ᠴᠢᠩᠭᠢᠰ ᠬᠠᠭᠠᠨ ᠤ᠋ ᠲᠣᠮᠢᠯᠠᠭᠰᠠᠨ ᠡᠯᠴᠢ ᠶ᠋ᠢ ᠤᠭᠲᠤᠨ
ᠡᠪ ᠨᠠᠢᠷᠠᠮᠳᠠᠯ ᠤ᠋ᠨ ᠬᠡᠯᠡᠯᠴᠡᠭᠡᠷ ᠬᠢᠬᠦ ᠭᠡᠪᠡ᠃ ᠬᠡᠯᠡᠯᠭᠡᠨ ᠦᠭᠡᠢ ᠨᠥᠬᠥᠴᠡᠯ ᠢ᠋ ᠠᠩᠬᠠᠨ ᠠ᠋ᠴᠠ ᠴᠢᠩᠭ᠎ᠠ ᠪᠠᠢᠭᠰᠠᠨ ᠪᠣᠯᠪᠠᠴᠤ ᠰᠡᠳᠬᠢᠯ ᠪᠠᠬᠠᠨ ᠠᠭᠤᠵᠢᠷᠠᠪᠠ᠃ ᠪᠠᠷᠠᠭᠤᠨ ᠰᠢᠶᠠ ᠤᠯᠤᠰ ᠪᠠᠷᠢᠴᠠ ᠪᠠᠷᠢᠬᠤ ᠠ᠋ᠴᠠ ᠠᠰᠲᠠᠭᠠᠨ ᠬᠣᠵᠢᠮ ᠪᠠᠢᠯᠳᠤᠭᠠᠨ ᠤ᠋ ᠬᠡᠷᠡᠭᠴᠡᠭᠡ ᠪᠠᠢᠪᠠᠯ ᠬᠡᠵᠢᠶ᠎ᠡ ᠴᠦ᠍ ᠴᠡᠷᠢᠭ ᠭᠠᠷᠭᠠᠨ ᠮᠣᠩᠭᠣᠯ ᠢ᠋ ᠬᠠᠪᠰᠤᠷᠬᠤ ᠦᠭᠡᠢ ᠪᠣᠯᠬᠤ ᠦᠭᠡᠢ ᠭᠡᠵᠦ ᠪᠣᠯᠵᠣᠪᠠ᠂ ᠡᠪ ᠨᠠᠢᠷᠠᠮᠳᠠᠯ ᠤ᠋ᠨ ᠲᠡᠮᠳᠡᠭ ᠪᠣᠯᠭᠠᠵᠤ ᠪᠠᠷᠠᠭᠤᠨ ᠰᠢᠶᠠ ᠤᠯᠤᠰ ᠤ᠋ᠨ ᠡᠵᠡᠨ ᠬᠠᠭᠠᠨ ᠤ᠋ ᠥᠬᠢᠨ ᠢ᠋ᠶ᠋ᠡᠨ ᠴᠢᠩᠭᠢᠰ ᠬᠠᠭᠠᠨ ᠳ᠋ᠤ᠌ ᠡᠬᠡᠨᠡᠷ ᠪᠣᠯᠭᠠᠵᠤ ᠥᠭᠬᠦ ᠬᠡᠷᠡᠭᠲᠡᠢ᠂ ᠡᠨᠡ ᠮᠡᠲᠦ ᠬᠠᠲᠠᠭᠤ ᠨᠥᠬᠥᠴᠡᠯ ᠪᠠᠢᠭᠰᠠᠨ ᠴᠤ᠌ ᠶᠠᠭᠠᠬᠢᠬᠤᠪ ᠪᠠᠷᠠᠭᠤᠨ ᠰᠢᠶᠠ ᠤᠯᠤᠰ ᠳᠤᠤᠭᠠᠷᠬᠤ ᠡᠷᠬᠡ ᠦᠭᠡᠢ ᠪᠦᠷ ᠬᠦᠯᠢᠶᠡᠨ ᠠᠪᠤᠪᠠ᠃
ᠡᠪ ᠨᠠᠢᠷᠠᠮᠳᠠᠯ ᠡᠴᠦᠰ ᠦ᠋ᠨ ᠮᠥᠷᠲᠡᠭᠡᠨ ᠪᠣᠢ ᠪᠣᠯᠵᠤ ᠨᠥᠬᠥᠷᠰᠡᠭ ᠬᠠᠷᠢᠴᠠᠭ᠎ᠠ ᠶ᠋ᠢ ᠪᠡᠯᠭᠡᠯᠡᠬᠦ ᠶᠡᠬᠡ ᠬᠤᠷᠢᠮ ᠲᠠᠯᠪᠢᠪᠠ᠃ ᠤᠷᠤᠭ ᠪᠠᠷᠢᠯᠳᠤᠬᠤ ᠳ᠋ᠠᠭᠠᠨ ᠬᠣᠶᠠᠷ ᠲᠠᠯ᠎ᠠ ᠶ᠋ᠢᠨ ᠬᠢᠨ ᠠᠷᠪᠢᠨ ᠣᠯᠠᠨ ᠪᠡᠯᠡᠭ ᠦ᠋ᠨ ᠶᠠᠭᠤᠮ᠎ᠠ ᠶ᠋ᠢ ᠰᠣᠯᠢᠯᠴᠠᠨ ᠬᠦᠷᠭᠡᠵᠡᠢ᠃ ᠴᠢᠩᠭᠢᠰ ᠬᠠᠭᠠᠨ ᠤᠳᠠᠭᠠᠨ ᠰᠠᠭᠤᠬᠤ ᠰᠠᠨᠠᠭ᠎ᠠ ᠦᠭᠡᠢ᠃ ᠲᠡᠷᠡ ᠢᠮᠠᠭᠲᠠ ᠠᠯᠲᠠᠨ ᠤᠯᠤᠰ ᠤ᠋ᠨ ᠲᠤᠬᠠᠢ ᠪᠣᠳᠣᠯᠭ᠎ᠠ ᠲᠠᠯᠪᠢᠵᠤ ᠪᠠᠢᠭᠰᠠᠨ ᠠ᠋ᠴᠠ᠂ ᠵᠠᠯᠠᠭᠤ ᠰᠢᠨ᠎ᠡ ᠡᠬᠡᠨᠡᠷ ᠢ᠋ᠶ᠋ᠡᠨ ᠠᠪᠤᠭᠠᠳ ᠴᠡᠷᠢᠭ ᠢ᠋ᠶ᠋ᠡᠨ ᠳᠠᠭᠠᠭᠤᠯᠤᠨ ᠡᠭᠡᠵᠡᠢ᠃
(ᠲᠠᠪᠤ) ᠠᠯᠲᠠᠨ ᠤᠯᠤᠰ ᠤ᠋ᠨ ᠢᠯᠠᠭᠳᠠᠭᠰᠠᠨ ᠤᠴᠢᠷ ᠰᠢᠯᠲᠠᠭᠠᠨ ᠨᠢ
ᠴᠢᠩᠭᠢᠰ ᠬᠠᠭᠠᠨ ᠬᠠᠷᠢᠨ ᠤᠨᠤᠨ ᠮᠥᠷᠡᠨ ᠢ᠋ ᠴᠢᠭᠯᠡᠭᠡᠳ ᠶᠠᠪᠤᠵᠤ ᠪᠠᠢᠬᠤ ᠵᠠᠮ ᠤ᠋ᠨ ᠵᠠᠭᠤᠷ᠎ᠠ᠂ ᠲᠡᠭᠦᠨ ᠦ᠌《ᠰᠤᠮᠤ ᠮᠡᠲᠦ ᠲᠦᠷᠭᠡᠨ》 ᠮᠣᠷᠢᠲᠠᠨ ᠨᠢ ᠵᠡᠭᠦᠨ ᠵᠦᠭ ᠡᠴᠡ ᠳᠠᠪᠬᠢᠭᠤᠯᠵᠤ ᠢᠷᠡᠭᠡᠳ ᠬᠠᠭᠠᠨ ᠳ᠋ᠠᠭᠠᠨ ᠠᠯᠲᠠᠨ ᠤᠯᠤᠰ ᠤ᠋ᠨ ᠡᠯᠴᠢ ᠴᠠᠭᠠᠨ ᠬᠡᠷᠡᠮ ᠢ᠋ ᠳᠠᠪᠠᠭᠠᠳ ᠢᠨᠠᠭᠰᠢ ᠢᠷᠡᠯ᠎ᠡ ᠭᠡᠵᠦ ᠮᠡᠳᠡᠭᠦᠯᠦᠭᠰᠡᠨ ᠶᠦᠮ᠃ ᠴᠢᠩᠭᠢᠰ ᠬᠠᠭᠠᠨ ᠴᠡᠷᠢᠭ ᠢ᠋ᠶ᠋ᠡᠨ ᠵᠣᠭᠰᠣᠭᠠᠨ ᠪᠠᠭᠤᠯᠭᠠᠵᠤ ᠬᠥᠳᠡᠭᠡ ᠶ᠋ᠢᠨ ᠣᠷᠳᠣᠨ ᠳ᠋ᠠᠭᠠᠨ ᠠᠯᠲᠠᠨ ᠤᠯᠤᠰ ᠤ᠋ᠨ ᠡᠯᠴᠢ ᠲᠡᠢ ᠠᠭᠤᠯᠵᠠᠪᠠ᠃
ᠡᠯᠴᠢ ᠶ᠋ᠢᠨ ᠪᠦᠯᠬᠦᠮ ᠦ᠋ᠨ ᠳᠠᠷᠤᠭ᠎ᠠ ᠨᠢ ᠬᠡᠯᠡᠮᠦᠷᠴᠢᠨ ᠢ᠋ᠶ᠋ᠡᠷ ᠳᠠᠮᠵᠢᠭᠤᠯᠤᠨ ᠠᠯᠲᠠᠨ ᠤᠯᠤᠰ ᠤ᠋ᠨ ᠬᠠᠭᠠᠨ ᠤ᠋ ᠵᠠᠷᠯᠢᠭ ᠢ᠋ ᠬᠦᠯᠢᠶᠡᠬᠦ ᠳ᠋ᠡᠭᠡᠨ ᠬᠠᠮᠤᠭ ᠬᠢᠴᠢᠶᠡᠩᠭᠦᠢ ᠶᠣᠰᠣ ᠪᠠᠷ ᠰᠣᠨᠣᠰᠬᠤ ᠬᠡᠷᠡᠭᠲᠡᠢ ᠭᠡᠵᠦ ᠰᠠᠨᠠᠭᠤᠯᠪᠠ᠃
《ᠥᠨᠥ ᠶ᠋ᠢᠨ ᠠᠯᠲᠠᠨ ᠤᠯᠤᠰ ᠤ᠋ᠨ ᠬᠠᠭᠠᠨ ᠭᠡᠭᠴᠢ ᠨᠢ ᠬᠡᠨ ᠪᠢᠯᠡ?》 ᠭᠡᠵᠦ ᠤᠳᠠᠭᠠᠨ ᠬᠤᠭᠤᠴᠠᠭ᠎ᠠ ᠪᠣᠯᠵᠤ ᠬᠠᠭᠠᠨ ᠨᠢ ᠬᠡᠨ ᠪᠣᠯᠵᠤ ᠰᠣᠯᠢᠭᠳᠠᠭᠰᠠᠨ ᠢ᠋ ᠮᠡᠳᠡᠭᠰᠡᠨ ᠦᠭᠡᠢ ᠰᠢᠭ ᠢ᠋ᠶ᠋ᠡᠷ ᠴᠢᠩᠭᠢᠰ ᠬᠠᠭᠠᠨ ᠠᠰᠠᠭᠤᠪᠠ᠃
《ᠠ! ᠣᠳᠣ ᠪᠣᠯ ᠶᠦᠩ ᠵᠢᠢ ᠴᠢᠩ ᠸᠠᠩ ᠬᠠᠭᠠᠨ ᠰᠠᠭᠤᠭᠠᠳ ᠪᠠᠢᠨ᠎ᠠ》 ᠭᠡᠵᠦ ᠡᠯᠴᠢ ᠶ᠋ᠢᠨ ᠬᠠᠷᠢᠭᠤ ᠬᠡᠯᠡᠭᠰᠡᠨ ᠳ᠋ᠦ᠍᠂ ᠴᠢᠩᠭᠢᠰ ᠬᠠᠭᠠᠨ ᠡᠮᠦᠨ᠎ᠡ ᠵᠦᠭ ᠬᠠᠨᠳᠤᠵᠤ ᠲᠣᠯᠣᠭᠠᠢ ᠪᠥᠬᠥᠢᠨ ᠶᠣᠰᠣᠯᠠᠬᠤ ᠦᠭᠡᠢ ᠪᠡᠷ ᠦᠯᠦ ᠪᠠᠷᠠᠨ ᠪᠠᠰᠤᠮᠵᠢᠯᠠᠵᠤ ᠳᠣᠷᠣᠮᠵᠢᠯᠠᠬᠤ ᠪᠠᠢᠳᠠᠯ ᠢ᠋ᠶ᠋ᠠᠷ ᠬᠡᠯᠡᠭᠰᠡᠨ ᠨᠢ᠄
《ᠪᠢ ᠬᠠᠷᠢᠨ ᠥᠪᠡᠷ ᠦ᠋ᠨ ᠪᠡᠶ᠎ᠡ ᠪᠡᠨ<ᠲᠡᠭᠷᠢ ᠶ᠋ᠢᠨ ᠬᠥᠪᠡᠭᠦᠨ> ᠭᠡᠮᠡᠨ ᠨᠡᠷᠡᠢᠳᠦᠭᠰᠡᠨ ᠠᠯᠲᠠᠨ ᠤᠯᠤᠰ ᠤ᠋ᠨ ᠬᠠᠭᠠᠨ ᠨᠢ ᠣᠨᠴᠣᠭᠣᠢ ᠰᠠᠢᠨ ᠬᠥᠮᠦᠨ ᠪᠢᠵᠡ ᠠ᠋ ᠭᠡᠵᠦ ᠪᠣᠳᠣᠭᠰᠠᠨ ᠶᠤᠮ᠂ ᠬᠠᠭᠠᠨ ᠪᠠᠢᠲᠠᠯ᠎ᠠ ᠲᠡᠢᠮᠦ ᠣᠯᠢᠭ ᠦᠭᠡᠢ ᠠᠮᠢᠲᠠᠨ ᠪᠣᠯ ᠲᠡᠭᠦᠨ ᠦ᠌ ᠵᠦᠭ ᠲᠣᠯᠣᠭᠠᠢ ᠪᠥᠬᠥᠢᠬᠦ ᠬᠡᠷᠡᠭᠴᠡᠭᠡ ᠶᠠᠭᠤ ᠪᠠᠢᠬᠤᠪ》 ᠭᠡᠵᠦ ᠬᠡᠯᠡᠭᠡᠳ ᠮᠣᠷᠢ ᠪᠠᠨ ᠠᠪᠴᠢᠷᠠᠭᠤᠯᠤᠨ ᠮᠣᠷᠳᠠᠭᠠᠳ ᠶᠠᠪᠤᠴᠢᠬᠠᠯ᠎ᠠ ᠭᠡᠳᠡᠭ᠃
ᠠᠯᠲᠠᠨ ᠤᠯᠤᠰ ᠤ᠋ᠨ ᠡᠨᠡ ᠡᠯᠴᠢ ᠪᠤᠴᠠᠬᠤ ᠵᠠᠮ ᠳ᠋ᠠᠭᠠᠨ ᠪᠠᠶᠠᠷ ᠬᠥᠷ ᠦᠭᠡᠢ ᠶᠠᠪᠤᠯ᠎ᠠ᠃ ᠲᠡᠷᠡ ᠴᠢᠳᠠᠬᠤ ᠶ᠋ᠢᠨ ᠴᠢᠨᠡᠭᠡᠪᠡᠷ ᠲᠣᠭᠣᠷᠢᠤ ᠵᠠᠮ ᠢ᠋ᠶ᠋ᠠᠷ ᠶᠠᠪᠤᠵᠤ ᠤᠳᠠᠭᠠᠨ ᠠᠶᠠᠯᠠᠭᠠᠳ ᠡᠳᠦᠷ ᠢ᠋ ᠥᠩᠭᠡᠷᠡᠭᠡᠭᠰᠡᠨ ᠪᠢᠯᠡ᠃ ᠪᠦᠬᠦᠢᠯᠡ ᠵᠠᠮ ᠳ᠋ᠠᠭᠠᠨ ᠤᠢᠳᠬᠠᠷ ᠲᠠᠢ ᠶᠠᠪᠤᠭᠰᠠᠨ ᠡᠨᠡ ᠡᠯᠴᠢ ᠥᠪᠡᠷ ᠦ᠋ᠨ ᠨᠣᠶᠠᠨ ᠵᠡᠷᠭᠡ ᠪᠡᠨ ᠬᠠᠰᠤᠭᠳᠠᠬᠤ ᠨᠢ ᠴᠦ᠍ ᠶᠠᠭᠠᠬᠢᠬᠤᠪ᠂ ᠬᠠᠷᠢᠨ ᠡᠨᠡ《ᠵᠡᠷᠯᠢᠭ》 ᠦᠨᠳᠦᠰᠦᠲᠡᠨ ᠦ᠌ ᠬᠠᠭᠠᠨ ᠨᠢ ᠶᠣᠰᠣ ᠪᠤᠰᠤ ᠪᠠᠷ《ᠲᠡᠭᠷᠢ ᠶ᠋ᠢᠨ ᠬᠥᠪᠡᠭᠦᠨ》 ᠢ᠋ ᠬᠠᠷᠢᠶᠠᠭᠰᠠᠨ ᠦᠭᠡ ᠶ᠋ᠢ ᠬᠡᠷᠬᠢᠨ ᠬᠠᠷᠢᠭᠤ ᠮᠡᠳᠡᠭᠦᠯᠬᠦ ᠪᠢᠯᠡ ᠭᠡᠵᠦ ᠲᠦᠮᠡ ᠮᠢᠩᠭᠠᠨ ᠤᠳᠠᠭ᠎ᠠ ᠪᠣᠳᠣᠭᠠᠳ ᠰᠡᠳᠬᠢᠯ ᠢ᠋ᠶ᠋ᠡᠨ ᠴᠥᠬᠦᠷᠡᠭᠦᠯᠪᠡ᠃ ᠡᠨᠡ ᠡᠯᠴᠢ ᠡᠭᠡᠵᠦ ᠬᠠᠷᠢᠭᠠᠳ ᠴᠢᠩᠭᠢᠰ ᠬᠠᠭᠠᠨ ᠳ᠋ᠤ᠌ ᠳᠣᠷᠣᠮᠵᠢᠯᠠᠭᠳᠠᠭᠰᠠᠨ ᠪᠠᠢᠳᠠᠯ ᠢ᠋ᠶ᠋ᠠᠨ ᠬᠢᠲᠠᠳ ᠤ᠋ᠨ ᠶᠡᠬᠡ ᠨᠣᠶᠠᠳ ᠤ᠋ᠨ ᠤᠷᠠᠨ ᠦᠭᠡ ᠪᠡᠷ ᠵᠠᠰᠠᠨ ᠴᠢᠮᠡᠭᠯᠡᠭᠡᠳ ᠬᠢᠴᠢᠶᠡᠵᠦ ᠮᠡᠳᠡᠭᠦᠯᠦᠭᠰᠡᠨ ᠴᠤ᠌ ᠲᠤᠰᠠ ᠭᠠᠷᠤᠭᠰᠠᠨ ᠦᠭᠡᠢ᠂ ᠬᠠᠭᠠᠨ ᠡᠵᠡᠨ ᠨᠢ ᠤᠴᠢᠷ ᠦᠭᠡᠢ ᠶᠡᠬᠡ ᠬᠢᠯᠢᠩᠯᠡᠪᠡ᠃ ᠡᠨᠡ ᠡᠯᠴᠢ ᠶ᠋ᠢ ᠮᠠᠭᠤ ᠮᠡᠳᠡᠭᠡ ᠬᠦᠷᠭᠡᠵᠦ ᠢᠷᠡᠭᠰᠡᠨ ᠭᠡᠳ ᠬᠠᠷ᠎ᠠ ᠭᠡᠷ ᠲᠦ᠍ ᠬᠣᠷᠢᠵᠠᠢ᠃ ᠳᠠᠷᠠᠭ᠎ᠠ ᠨᠢ ᠠᠯᠲᠠᠨ ᠤᠯᠤᠰ ᠤ᠋ᠨ ᠬᠠᠭᠠᠨ ᠪᠡᠭᠡᠵᠢᠩ ᠦ᠋ᠨ ᠣᠷᠳᠣᠨ ᠳ᠋ᠠᠭᠠᠨ ᠠᠮᠲᠠ ᠰᠠᠢᠲᠠᠢ ᠬᠤᠷᠢᠮ ᠤ᠋ᠨ ᠰᠢᠷᠡᠭᠡ ᠶ᠋ᠢ ᠪᠡᠯᠡᠳᠬᠡᠨ ᠶᠡᠬᠡ ᠬᠤᠷᠠᠯ ᠬᠤᠷᠠᠯᠳᠤᠬᠤ ᠪᠠᠷ ᠪᠢᠴᠢᠭ ᠴᠡᠷᠢᠭ ᠦ᠋ᠨ ᠲᠦᠰᠢᠮᠡᠳ ᠢ᠋ᠶ᠋ᠡᠨ ᠴᠤᠭᠯᠠᠭᠤᠯᠪᠠ᠃ ᠡᠷᠲᠡᠨ ᠦ᠌ ᠳᠦᠷᠢᠮ ᠦ᠋ᠨ ᠶᠣᠰᠣᠭᠠᠷ ᠬᠠᠮᠤᠭ ᠳᠣᠣᠷᠠᠲᠤ ᠵᠡᠷᠭᠡ ᠲᠡᠢ ᠲᠦᠰᠢᠮᠡᠯ ᠡᠴᠡ ᠡᠬᠢᠯᠡᠨ ᠠᠢᠯᠠᠳᠬᠠᠵᠤ ᠵᠡᠷᠭᠡ ᠳᠡᠰ ᠳᠠᠷᠠᠭᠠᠯᠠᠨ ᠠᠢᠯᠠᠳᠬᠠᠵᠤ ᠪᠠᠷᠠᠭᠰᠠᠨ ᠤ᠋ ᠬᠣᠢᠨ᠎ᠠ᠂ ᠡᠴᠦᠰ ᠦ᠋ᠨ ᠳ᠋ᠦᠩᠨᠡᠯᠲᠡ ᠶ᠋ᠢ ᠬᠠᠭᠠᠨ ᠨᠢ ᠪᠠᠬᠠᠨ ᠪᠣᠳᠣᠯᠬᠢᠯᠠᠭᠰᠠᠨ ᠮᠡᠲᠦ ᠠᠭᠠᠰᠢᠯᠠᠭᠠᠳ ᠳᠣᠣᠷᠠᠬᠢ ᠮᠡᠲᠦ ᠵᠠᠷᠯᠢᠭ ᠪᠠᠭᠤᠯᠭᠠᠪᠠ᠃
《ᠪᠠᠢᠯᠳᠤᠭᠠᠨ ᠬᠢᠶ᠎ᠡ ᠭᠡᠰᠡᠨ ᠵᠠᠩᠵᠤᠨ ᠨᠠᠷ<ᠵᠡᠷᠯᠢᠭ> ᠦᠨᠳᠦᠰᠦᠲᠡᠨ ᠦ᠌ ᠣᠷᠣᠨ ᠳ᠋ᠤ᠌ ᠭᠦᠨ ᠣᠷᠣᠵᠤ ᠲᠡᠭᠦᠨ ᠦ᠌ ᠲᠦᠷᠦᠭᠦᠦ ᠶ᠋ᠢ ᠴᠢᠩᠭ᠎ᠠ ᠶᠠᠯᠠᠯᠠᠭᠲᠤᠨ᠃<ᠵᠡᠷᠯᠢᠭ> ᠦᠨᠳᠦᠰᠦᠲᠡᠨ ᠦ᠌ ᠳᠣᠪᠲᠣᠯᠵᠤ ᠢᠷᠡᠬᠦ ᠶ᠋ᠢ ᠬᠦᠯᠢᠶᠡᠵᠦ ᠪᠠᠢᠶ᠎ᠠ ᠭᠡᠰᠡᠨ ᠰᠠᠨᠠᠯ ᠲᠠᠢ ᠵᠠᠩᠵᠤᠨ ᠨᠠᠷ ᠳᠡᠭᠡᠷ᠎ᠡ ᠵᠠᠷᠯᠠᠭᠰᠠᠨ ᠴᠡᠷᠢᠭ ᠲᠡᠢ ᠬᠠᠮᠲᠤ ᠮᠣᠷᠳᠠᠨ ᠭᠠᠷᠴᠤ ᠣᠢᠷ᠎ᠠ ᠪᠠᠢᠬᠤ ᠴᠠᠭᠠᠨ ᠬᠡᠷᠡᠮ ᠦ᠋ᠨ ᠨᠢᠭᠡᠨ ᠬᠠᠭᠠᠯᠭ᠎ᠠ ᠶ᠋ᠢ ᠰᠠᠬᠢᠵᠤ ᠪᠡᠯᠡᠳᠬᠡᠯ ᠢ᠋ᠶ᠋ᠡᠨ ᠰᠠᠢᠲᠤᠷ ᠬᠢᠵᠦ ᠮᠣᠩᠭᠣᠯ ᠴᠡᠷᠢᠭ ᠦ᠋ᠨ ᠳᠠᠭᠠᠷᠢᠨ ᠳᠣᠪᠲᠣᠯᠬᠤ ᠶ᠋ᠢ ᠤᠭᠲᠤᠵᠤ ᠴᠣᠬᠢᠭᠲᠤᠨ》 ᠭᠡᠵᠡᠢ᠃
ᠮᠠᠰᠢ ᠰᠥᠰᠥ ᠲᠡᠢ ᠬᠡᠮᠡᠬᠦ ᠵᠠᠩᠵᠤᠨ ᠨᠠᠷ ᠨᠢ ᠪᠠᠢᠯᠳᠤᠭᠠᠨ ᠤ᠋ ᠠᠵᠢᠯᠯᠠᠭ᠎ᠠ ᠬᠢᠬᠦ ᠭᠡᠮᠡᠨ ᠭᠣᠪᠢ ᠮᠠᠩᠬ᠎ᠠ ᠶ᠋ᠢ ᠲᠤᠭᠤᠯᠬᠤ ᠴᠢᠨᠢ ᠠᠶᠤᠮᠰᠢᠭ ᠲᠠᠢ ᠭᠡᠵᠦ ᠪᠣᠳᠣᠭᠠᠳ᠂ ᠬᠠᠷᠢᠶᠠᠲᠤ ᠴᠡᠷᠢᠭ ᠢ᠋ᠶ᠋ᠡᠷ ᠢ᠋ᠶ᠋ᠡᠨ ᠣᠩᠭᠣᠳ ᠠᠢᠮᠠᠭ ᠢ᠋ ᠨᠢᠭᠡᠨ ᠵᠡᠷᠭᠡ ᠳᠡᠭᠡᠷᠡᠮᠳᠡᠭᠦᠯᠦᠭᠡᠳ ᠬᠦᠰᠡᠯ ᠨᠢ ᠬᠠᠨᠵᠠᠢ᠃ ᠡᠨᠡᠬᠦ ᠣᠩᠭᠣᠳ ᠠᠢᠮᠠᠭ ᠪᠣᠯ ᠠᠯᠲᠠᠨ ᠤᠯᠤᠰ ᠤ᠋ᠨ ᠬᠠᠷᠢᠶᠠᠲᠤ ᠪᠣᠯᠵᠤ ᠪᠠᠢᠭᠰᠠᠨ ᠶᠤᠮ᠃ ᠲᠡᠳᠡᠨᠡᠷ ᠴᠠᠭᠠᠨ ᠬᠡᠷᠡᠮ ᠦ᠋ᠨ ᠠᠷᠤ ᠲᠠᠯ᠎ᠠ ᠳ᠋ᠤ᠌ ᠰᠠᠭᠤᠵᠤ ᠪᠠᠢᠭᠰᠠᠨ ᠲᠡᠳᠦᠢ ᠪᠢᠯᠡ᠃ ᠡᠨᠡ ᠮᠡᠲᠦ ᠶ᠋ᠢᠨ ᠰᠠᠨᠠᠭᠠᠴᠢᠯᠠᠭ᠎ᠠ ᠨᠢ ᠡᠨᠡᠬᠦ ᠵᠠᠩᠵᠤᠨ ᠨᠠᠷ ᠤ᠋ᠨ ᠬᠤᠪᠢ ᠵᠠᠶᠠᠭ᠎ᠠ ᠶ᠋ᠢ ᠠᠪᠤᠷᠠᠵᠤ ᠴᠢᠳᠠᠭᠰᠠᠨ ᠦᠭᠡᠢ᠃ ᠴᠠᠭᠠᠨ ᠬᠡᠷᠡᠮ ᠦ᠋ᠨ ᠭᠠᠳᠠᠨ᠎ᠠ ᠳᠠᠢᠰᠤᠨ ᠤ᠋ ᠴᠡᠷᠢᠭ ᠢᠷᠡᠯ᠎ᠡ ᠭᠡᠰᠡᠨ ᠴᠢᠮᠡᠭᠡ ᠢᠷᠡᠵᠦ ᠤᠤ᠂ ᠪᠠᠢᠵᠤ ᠤᠤ᠃ ᠵᠡᠪᠡ ᠨᠣᠶᠠᠨ ᠨᠢᠭᠡᠨ ᠰᠠᠯᠠᠭ᠎ᠠ ᠬᠡᠳᠦᠨ ᠲᠦᠮᠡᠨ ᠴᠡᠷᠢᠭ ᠢ᠋ᠶ᠋ᠡᠨ ᠳᠠᠭᠠᠭᠤᠯᠵᠤ᠂ ᠴᠢᠩᠭᠢᠰ ᠬᠠᠭᠠᠨ ᠤ᠋ ᠵᠠᠷᠯᠢᠭ ᠢ᠋ᠶ᠋ᠠᠷ ᠵᠡᠭᠦᠨ ᠡᠮᠦᠨ᠎ᠡ ᠵᠦᠭ ᠲᠦ᠍ ᠲᠣᠮᠢᠯᠠᠭᠳᠠᠵᠠᠢ᠃ ᠵᠡᠪᠡ ᠨᠣᠶᠠᠨ ᠬᠢᠲᠠᠳ ᠴᠡᠷᠢᠭ ᠢ᠋ ᠪᠤᠲᠠ ᠴᠣᠬᠢᠵᠤ᠂ ᠪᠡᠬᠢᠯᠡᠯᠲᠡ ᠶ᠋ᠢ ᠨᠢ ᠡᠪᠳᠡᠭᠡᠳ ᠨᠢᠭᠤᠴᠠ ᠪᠠᠷ ᠣᠩᠭᠣᠳ ᠠᠢᠮᠠᠭ ᠢ᠋ ᠲᠠᠲᠠᠵᠤ ᠠᠪᠤᠭᠠᠳ᠂ ᠴᠢᠩᠭᠢᠰ ᠬᠠᠭᠠᠨ ᠤ᠋ ᠬᠣᠯᠪᠣᠭᠠᠲᠤ ᠴᠡᠷᠢᠭ ᠪᠣᠯᠭᠠᠵᠠᠢ᠃
ᠡᠨᠡ ᠤᠳᠠᠭ᠎ᠠ ᠶ᠋ᠢᠨ ᠵᠣᠬᠢᠯᠲᠠ ᠶ᠋ᠢ ᠬᠦᠯᠢᠶᠡᠭᠰᠡᠨ ᠶᠦᠩ ᠵᠢᠢ ᠬᠠᠭᠠᠨ ᠪᠠᠢᠯᠳᠤᠬᠤ ᠴᠣᠭ ᠵᠣᠷᠢᠭ ᠢ᠋ᠶ᠋ᠠᠨ ᠠᠯᠳᠠᠴᠢᠭᠰᠠᠨ ᠪᠢᠯᠡ᠃ ᠭᠡᠪᠡᠴᠦ ᠲᠡᠷᠡ ᠰᠢᠨ᠎ᠡ ᠪᠡᠷ ᠬᠠᠭᠠᠨ ᠰᠠᠭᠤᠭᠰᠠᠨ ᠪᠥᠭᠡᠳ ᠲᠡᠭᠦᠨ ᠦ᠌ ᠤᠳᠤᠷᠢᠳᠤᠭᠰᠠᠨ ᠪᠠᠢᠯᠳᠤᠭᠠᠨ ᠨᠢ ᠢᠯᠠᠭᠳᠠᠭᠰᠠᠨ ᠪᠣᠯᠬᠣᠷ᠂ ᠪᠦᠬᠦ ᠤᠯᠤᠰ ᠲᠠᠭᠠᠨ ᠵᠠᠷᠯᠢᠭ ᠲᠠᠷᠬᠠᠭᠠᠵᠤ《ᠴᠠᠭᠠᠨ ᠬᠡᠷᠡᠮ ᠦ᠋ᠨ ᠭᠠᠳᠠᠨᠠᠬᠢ ᠤᠷᠪᠠᠭᠰᠠᠳ》 ᠤ᠋ᠨ ᠲᠤᠬᠠᠢ ᠶᠠᠮᠠᠷᠴᠤ ᠴᠢᠮᠡᠭᠡ ᠶ᠋ᠢ ᠮᠡᠳᠡᠭᠦᠯᠵᠦ ᠪᠣᠯᠬᠤ ᠦᠭᠡᠢ ᠭᠡᠵᠦ ᠴᠠᠭᠠᠵᠠᠯᠠᠪᠠ᠃ ᠡᠢᠮᠦ ᠦᠶ᠎ᠡ ᠳ᠋ᠦ᠍ ᠴᠠᠭᠠᠨ ᠬᠡᠷᠡᠮ ᠦ᠋ᠨ ᠪᠣᠭᠣᠮᠲᠠ ᠰᠠᠬᠢᠭᠰᠠᠨ ᠵᠠᠩᠵᠤᠨ ᠨᠢ ᠮᠣᠩᠭᠣᠯᠴᠤᠳ ᠤ᠋ᠨ ᠳᠠᠭᠠᠷᠢᠨ ᠴᠣᠬᠢᠬᠤ ᠶ᠋ᠢᠨ ᠲᠥᠯᠥᠭᠡ ᠵᠡᠪᠰᠡᠭᠯᠡᠵᠦ ᠪᠠᠢᠬᠤ ᠶ᠋ᠢ ᠮᠡᠳᠡᠭᠦᠯᠬᠦ ᠭᠡᠵᠡᠢ᠃ ᠭᠡᠲᠡᠯ᠎ᠡ ᠬᠠᠭᠠᠨ ᠢ᠋ᠶ᠋ᠠᠨ ᠪᠢᠯᠳᠠᠤᠴᠢᠯᠠᠭᠴᠢᠳ ᠬᠠᠭᠠᠨ ᠳ᠋ᠠᠭᠠᠨ ᠠᠯᠲᠠᠨ ᠤᠯᠤᠰ ᠵᠡᠷᠯᠢᠭ ᠠᠷᠠᠳ ᠯᠤᠭ᠎ᠠ ᠡᠪ ᠨᠠᠢᠷᠠᠮᠳᠠᠯ ᠲᠠᠢ ᠠᠮᠢᠳᠤᠷᠠᠵᠤ ᠪᠠᠢᠨ᠎ᠠ ᠭᠡᠵᠦ ᠬᠡᠯᠡᠭᠦᠯᠬᠦ ᠭᠡᠵᠡᠢ᠃ ᠭᠡᠪᠡᠴᠦ ᠲᠡᠷᠡ ᠲᠥᠷᠥ ᠶ᠋ᠢᠨ ᠨᠠᠷᠢᠨ ᠤᠴᠢᠷ ᠢ᠋ ᠮᠡᠳᠡᠬᠦ ᠦᠭᠡᠢ ᠤᠴᠢᠷ ᠠ᠋ᠴᠠ ᠮᠣᠩᠭᠣᠯ ᠬᠥᠮᠦᠨ ᠲᠠᠰᠤᠷᠠᠯᠲᠠ ᠦᠭᠡᠢ ᠰᠤᠮᠤ ᠶ᠋ᠢᠨ ᠡᠰᠢ ᠬᠤᠰᠤᠵᠤ᠂ ᠵᠡᠪᠡ ᠴᠢᠳᠬᠤᠵᠤ᠂ ᠪᠠᠮᠪᠠᠢ ᠪᠡᠯᠡᠳᠬᠡᠵᠦ ᠪᠠᠢᠨ᠎ᠠ ᠭᠡᠵᠦ ᠮᠡᠳᠡᠭᠦᠯᠪᠡ᠃ ᠤᠴᠢᠷ ᠡᠢᠮᠦ ᠡᠴᠡ ᠲᠡᠭᠦᠨ ᠢ᠋ ᠮᠥᠨ ᠴᠦ᠍ ᠭᠢᠨᠳᠠᠨ ᠳ᠋ᠤ᠌ ᠬᠣᠷᠢᠵᠠᠢ᠃
ᠢᠩᠭᠢᠭᠡᠳ ᠴᠢᠩᠭᠢᠰ ᠬᠠᠭᠠᠨ ᠤ᠋ ᠶᠡᠬᠡ ᠪᠠᠢᠯᠳᠤᠭᠠᠨ ᠢ᠋ ᠪᠡᠯᠡᠳᠬᠡᠬᠦ ᠳ᠋ᠦ᠍ᠨᠢ ᠶᠠᠭ ᠨᠢᠭᠡᠨ ᠵᠢᠯ ᠦ᠋ᠨ ᠴᠢᠯᠥᠭᠡ ᠶ᠋ᠢ ᠣᠯᠭᠤᠵᠠᠢ᠃
ᠦᠰᠦᠭ ᠠᠮᠢᠯᠠᠭᠤᠯᠤᠭᠴᠢ᠄ ᠬᠡᠷᠡᠢᠳ ᠮᠥᠩᠬᠡᠨᠠᠰᠣᠡ᠂ ᠲᠡᠭᠦᠰ᠂ ᠪᠠᠶᠠᠨᠰᠡᠷᠡᠩ᠂ ᠪᠠᠶᠠᠨᠴᠡᠴᠡᠭ
ᠬᠢᠨᠠᠭᠴᠢ᠄ ᠲ᠂ ᠬᠦᠮᠦᠵᠢᠯᠲᠦ᠂ ᠪᠠᠶᠠᠨᠴᠡᠴᠡᠭ᠂ ᠣᠳᠬᠠᠨᠰᠣ᠎ᠠ
