ᠦᠷ ᠦᠨ ᠲᠤᠶᠠᠭ᠎ᠠ I – ᠪ᠂ ᠷᠢᠨᠴᠢᠨ - ᠲᠡᠷᠢᠬᠦᠨ ᠲᠡᠪᠲᠡᠷ <ᠮᠠᠨᠵᠤ ᠶᠢᠨ ᠳᠠᠯᠬᠢᠨ ᠳᠤ>(ᠠᠷᠪᠠᠨ ᠵᠢᠷᠭᠤᠭ᠎ᠠ) Үүрийн туяа I – Б ᠂ Ренчин Тэргүүн дэвтэр "<Манжийн талхинд" (16) ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠷ ᠦᠨ ᠲᠤᠶᠠᠭ᠎ᠠ I – ᠪ᠂ ᠷᠢᠨᠴᠢᠨ - ᠲᠡᠷᠢᠬᠦᠨ ᠲᠡᠪᠲᠡᠷ <ᠮᠠᠨᠵᠤ ᠶᠢᠨ ᠳᠠᠯᠬᠢᠨ ᠳᠤ>(ᠠᠷᠪᠠᠨ ᠵᠢᠷᠭᠤᠭ᠎ᠠ) Үүрийн туяа I – Б ᠂ Ренчин Тэргүүн дэвтэр "<Манжийн талхинд" (16)

ᠦᠷ ᠦᠨ ᠲᠤᠶᠠᠭ᠎ᠠ I – ᠪ᠂ ᠷᠢᠨᠴᠢᠨ - ᠲᠡᠷᠢᠬᠦᠨ ᠲᠡᠪᠲᠡᠷ <ᠮᠠᠨᠵᠤ ᠶᠢᠨ ᠳᠠᠯᠬᠢᠨ ᠳᠤ>(ᠠᠷᠪᠠᠨ ᠵᠢᠷᠭᠤᠭ᠎ᠠ) Үүрийн туяа I – Б ᠂ Ренчин Тэргүүн дэвтэр "<Манжийн талхинд" (16)

ᠠᠩᠭᠢᠯᠠᠯ:ᠲᠤᠭᠤᠵᠢ ᠷᠣᠮᠠᠨ
2024-11-18

552

ᠠᠷᠪᠠᠨ ᠵᠢᠷᠭᠤᠭ᠎ᠠ ᠂ ᠡᠪᠦᠭᠡᠨ ᠨᠣᠶᠠᠨ ᠯᠾᠠ ᠪᠡᠢᠰᠡ ᠼᠤᠤ ᠼᠤᠤ ᠶ᠋ᠢᠨ ᠠᠷᠭ᠎ᠠ ᠶ᠋ᠢ ᠬᠡᠷᠡᠭᠯᠡᠪᠡ


                             ᠪᠠᠳᠢᠷᠴᠢᠨ ᠶᠠᠪᠤᠪᠠᠯ ᠪᠠᠯᠠᠭᠲᠠᠢ
                                   (ᠠᠷᠠᠳ ᠤ᠋ᠨ ᠵᠦᠢᠷ ᠦᠭᠡ ᠡᠴᠡ)  

       ᠯᠾᠠ ᠪᠠᠢᠰᠠ ᠶᠡᠬᠡᠯ᠎ᠡ(ᠶᠡᠬᠡ ᠯᠡ) ᠤᠨᠲᠤᠭᠤᠴᠠᠵᠤ᠂ ᠨᠢᠳᠦᠨ ᠳᠣᠣᠷ᠎ᠠ ᠪᠠᠨ ᠪᠦᠯᠬᠡᠢᠭᠰᠡᠨ ᠥᠲᠡᠯᠵᠦ ᠱᠠᠯᠠᠬᠠᠢᠭᠰᠠᠨ ᠨᠢᠭᠤᠷ ᠨᠢ ᠴᠢᠴᠠᠪ ᠴᠢᠴᠠᠪ ᠳᠠᠲᠠᠯᠳᠠᠵᠤ᠂ ᠤᠷᠲᠤ ᠬᠤᠮᠤᠰᠤ ᠲᠠᠢ ᠪᠤᠯᠴᠠᠭᠠᠷ ᠬᠤᠷᠤᠭᠤ ᠪᠠᠷ ᠰᠠᠢᠨ ᠨᠣᠶᠠᠨ ᠬᠠᠨ ᠤ᠋ ᠵᠠᠬᠢᠶ᠎ᠠ ᠶ᠋ᠢ  ᠪᠠᠵᠠᠯᠠᠵᠤ ᠰᠠᠭᠤᠪᠠ᠃ 
       — ᠵᠠᠳᠠᠷᠠᠭᠰᠠᠨ ᠬᠡᠳᠦᠨ ᠬᠤᠯᠠᠭᠠᠢᠴᠢ ᠶ᠋ᠢ ᠵᠠᠬᠢᠷᠤᠨ ᠪᠠᠷᠢᠮᠲᠠᠯᠠᠵᠤ ᠴᠢᠳᠠᠬᠤ ᠦᠭᠡᠢ ᠪᠣᠯᠪᠠᠯ ᠵᠠᠰᠠᠭ ᠲᠠᠮᠠᠭ᠎ᠠ ᠪᠠᠨ ᠨᠠᠳᠠ ᠳ᠋ᠤ᠌ ᠲᠤᠰᠢᠶᠠ ᠭᠡᠵᠦ ᠶᠡᠬᠡᠯ᠎ᠡ (ᠶᠡᠬᠡ ᠯᠡ) ᠳᠠᠭᠠᠷᠢᠯ ᠦᠭᠡ ᠲᠡᠢ ᠵᠠᠬᠢᠶ᠎ᠠ ᠢᠷᠡᠭᠦᠯᠦᠭᠰᠡᠨ ᠢ᠋ ᠯᠾᠠ ᠪᠡᠢᠰᠡ ᠮᠠᠲᠠᠯ ᠦᠭᠡᠢ᠂ ᠪᠢᠴᠢᠭᠡᠴᠢ ᠳ᠋ᠡᠭᠡᠨ ᠥᠭᠴᠦ ᠤᠩᠰᠢᠭᠤᠯᠤᠭᠠᠳ ᠶᠡᠬᠡ ᠰᠠᠨᠳᠤᠷᠤᠨ ᠢᠴᠢᠵᠦ᠂ ᠴᠢ ᠠᠯᠪᠠᠨ ᠤ᠋ ᠨᠢᠭᠤᠴᠠ ᠶ᠋ᠢ ᠭᠠᠳᠠᠭᠰᠢ ᠪᠢᠲᠡᠭᠡᠢ ᠵᠠᠳᠠᠷᠠᠭᠤᠯ ᠭᠡᠵᠦ ᠲᠠᠰᠤ ᠵᠠᠬᠢᠭᠠᠳ ᠶᠠᠪᠤᠭᠤᠯᠤᠭᠰᠠᠨ ᠪᠣᠯᠪᠠᠴᠤ᠂ ᠬᠠᠨ ᠤ᠋ ᠲᠡᠢᠮᠦ ᠳᠠᠭᠠᠷᠢᠯ ᠦᠭᠡ ᠪᠢᠴᠢᠭᠡᠴᠢ ᠶ᠋ᠢᠨ ᠠᠮᠠᠨ ᠳ᠋ᠤ᠌ ᠲᠣᠭᠲᠠᠳᠠᠭ ᠪᠣᠯ ᠲᠡᠭᠡ ᠶ᠋ᠢᠨ ᠡᠪᠡᠷ ᠲᠩᠷᠢ ᠳ᠋ᠦ᠍ ᠲᠤᠯᠵᠤ ᠲᠡᠮᠡᠭᠡᠨ ᠦ᠌ ᠰᠡᠭᠦᠯ ᠭᠠᠵᠠᠷ ᠬᠦᠷᠬᠦ ᠪᠠᠢᠬ᠎ᠠ᠃ ᠬᠤᠰᠢᠭᠤᠨ ᠤ᠋ ᠥᠷᠢ ᠪᠠᠬᠠᠨ ᠨᠡᠮᠡᠭᠳᠡᠭᠰᠡᠨ ᠡᠴᠡ ᠬᠣᠢᠰᠢ ᠮᠠᠨᠠᠢ ᠬᠣᠰᠢᠭᠤ ᠦᠨᠡᠬᠡᠷ ᠭᠤᠢᠯᠢᠨᠴᠢ ᠬᠣᠰᠢᠭᠤ ᠪᠣᠯᠵᠤ ᠭᠦᠢᠴᠡᠯ᠎ᠡ᠃ 
       ᠬᠤᠯᠠᠭᠠᠢ ᠬᠢᠬᠦ ᠳ᠋ᠡᠭᠡᠨ ᠪᠠᠰᠠ ᠬᠣᠰᠢᠭᠤ ᠳᠣᠲᠣᠷ᠎ᠠ ᠪᠠᠨ ᠬᠤᠯᠠᠭᠠᠢ ᠬᠢᠳᠡᠭ ᠪᠠᠷᠢᠭᠳᠠᠵᠤ ᠴᠦ᠍ ᠥᠭᠬᠦ ᠦᠭᠡᠢ ᠮᠠᠭᠤᠬᠠᠢ ᠬᠤᠯᠠᠭᠠᠢᠴᠢ ᠲᠠᠢ ᠪᠣᠯᠵᠠᠢ᠃ ᠴᠥᠪ ᠦ᠋ᠨ ᠴᠠᠭ ᠪᠣᠯᠵᠤ ᠡᠵᠡᠨ ᠪᠣᠭᠣᠯ ᠤ᠋ᠨ ᠬᠡᠯᠬᠢᠶ᠎ᠡ ᠲᠠᠰᠤᠷᠠᠵᠤ ᠪᠠᠢᠭ᠎ᠠ ᠰᠢᠨᠵᠢ ᠳᠡ᠃ ᠮᠠᠭᠤ ᠰᠠᠢᠨ ᠬᠤᠯᠠᠭᠠᠢᠴᠢ ᠶ᠋ᠢ ᠪᠠᠷᠢᠭᠳᠠᠪᠠᠯ ᠡᠯᠡᠰᠦᠨ ᠳ᠋ᠦ᠍ ᠪᠤᠯᠠᠵᠤ ᠲᠦᠭᠦᠬᠡᠢ ᠰᠢᠷᠢ ᠪᠡᠷ ᠰᠢᠷᠢᠯᠡᠬᠦ ᠰᠠᠨ ᠭᠡᠵᠦ ᠬᠣᠷᠣᠰᠤᠨ ᠪᠣᠳᠣᠵᠤ ᠰᠠᠭᠤᠲᠠᠯ᠎ᠠ ᠥᠷᠯᠥᠭᠡ ᠶ᠋ᠢᠨ ᠪᠠᠳᠢᠷᠴᠢ ᠰᠠᠨᠠᠭᠠᠨ ᠳ᠋ᠤᠨᠢ ᠣᠷᠣᠵᠠᠢ᠃ ᠵᠥᠭᠡᠯᠡᠨ ᠭᠣᠶᠣ ᠪᠢᠯᠠᠩᠭᠠᠴᠢ ᠦᠭᠡ ᠲᠡᠢ᠂ ᠥᠯᠥᠨ ᠬᠣᠪᠳᠣᠭ ᠨᠢᠳᠦ ᠲᠡᠢ᠂ ᠮᠥᠩᠭᠥ ᠦᠵᠡᠪᠡᠯ ᠡᠴᠢᠭᠡ ᠡᠬᠡ ᠪᠡᠨ ᠴᠦ᠍ ᠬᠤᠳᠠᠯᠳᠤᠭᠠᠳ᠂ ᠳᠡᠭᠡᠷ᠎ᠡ ᠨᠢ ᠪᠠᠰᠠ ᠰᠠᠢᠨ ᠴᠠᠭ ᠤ᠋ᠨ ᠮᠢᠩᠭᠠᠨ ᠪᠤᠷᠬᠠᠨ ᠬᠠᠮᠤᠭ ᠯᠠᠮᠠ ᠪᠠᠭᠰᠢ ᠨᠠᠷ ᠢ᠋ᠶ᠋ᠠᠨ ᠴᠦ᠍ ᠭᠡᠰᠡᠨ ᠳᠠᠢᠪᠤᠷ ᠪᠣᠯᠭᠠᠵᠤ ᠥᠭᠬᠦ ᠡᠴᠡ ᠬᠣᠢᠰᠢ ᠰᠠᠭᠤᠬᠤ ᠦᠭᠡᠢ ᠰᠢᠨᠵᠢ ᠲᠡᠢ ᠶᠣᠰᠣᠲᠠᠢ ᠪᠣᠭᠳᠠ ᠶ᠋ᠢᠨ ᠬᠦᠷᠢᠶᠡᠨ ᠦ᠌ ᠪᠠᠳᠢᠷᠴᠢᠨ ᠪᠢᠯᠡ ᠳᠠ᠃ ᠲᠡᠷᠡ ᠬᠥᠮᠦᠨ ᠢ᠋ᠶ᠋ᠡᠷ ᠯᠡ ᠪᠠᠷᠢᠭᠳᠠᠵᠤ ᠥᠭᠳᠡᠭ ᠦᠭᠡᠢ ᠬᠤᠯᠠᠭᠠᠢ ᠶ᠋ᠢᠨ ᠰᠤᠷᠠᠭ ᠭᠠᠷᠭᠠᠭᠤᠯᠵᠤ ᠪᠠᠷᠢᠭᠠᠳ ᠦᠵᠡᠬᠦ ᠶᠤᠮᠰᠠᠨ᠃ ᠬᠤᠯᠠᠭᠠᠢ ᠳ᠋ᠤ᠌ ᠠᠯᠳᠠᠭᠰᠠᠨ ᠬᠤᠷᠳᠤᠨ ᠮᠣᠷᠢ ᠪᠠᠨ ᠴᠡᠭᠡᠵᠢᠨ ᠳ᠋ᠡᠭᠡᠨ ᠪᠦᠷᠢᠳᠬᠡᠨ ᠲᠡᠮᠳᠡᠭᠯᠡᠵᠦ᠂ ᠥᠰᠢᠶ᠎ᠡ ᠬᠣᠷᠣᠰᠤᠯ ᠵᠠᠩᠭᠢᠳᠤᠨ ᠡᠪᠦᠷᠯᠡᠭᠰᠡᠭᠡᠷ ᠨᠡᠯᠢᠶᠡᠳ ᠴᠦ᠍ ᠤᠳᠠᠪᠠ᠃ ᠳᠠᠩᠰᠠ ᠪᠣᠳᠣᠪᠠᠯ ᠬᠤᠯᠠᠭᠠᠢ ᠨᠠᠷ ᠲᠤ᠌ ᠲᠤᠯᠭᠠᠬᠤ ᠵᠦᠢᠯ ᠶᠡᠬᠡ ᠪᠣᠢ᠃ ᠲᠡᠭᠡᠭᠡᠳ ᠬᠡᠷᠡᠭ ᠪᠦᠷᠢᠳᠦᠭᠰᠡᠨ ᠴᠠᠭ ᠲᠤ᠌ ᠪᠠᠳᠢᠷᠴᠢ ᠲᠣᠳᠬᠠᠷ  ᠪᠣᠯᠤᠭᠠᠳ ᠪᠠᠢᠪᠠᠯ ᠬᠡᠵᠢᠶ᠎ᠡ ᠴᠦ᠍ ᠥᠭᠡᠢᠬᠢᠵᠦ ᠪᠣᠯᠤᠨ᠎ᠠ᠃ ᠲᠡᠭᠡᠪᠡᠯ ᠡᠷᠲᠡᠨ ᠦ᠌ ᠼᠤᠤ ᠼᠤᠤ ᠶ᠋ᠢᠨ ᠨᠠᠷᠢᠨ ᠠᠷᠭ᠎ᠠ ᠪᠣᠯᠤᠨ᠎ᠠ ᠰᠢᠦ ᠭᠡᠵᠦ ᠪᠣᠳᠣᠭᠠᠳ ᠯᠾᠠ ᠪᠠᠢᠰᠠ ᠰᠦᠷᠡᠬᠡᠢ ᠰᠠᠢᠨ ᠠᠷᠭ᠎ᠠ ᠣᠯᠪᠠ ᠭᠡᠵᠦ ᠪᠠᠶᠠᠷᠯᠠᠨ ᠢᠨᠢᠶᠡᠮᠰᠦᠭᠯᠡᠵᠦ᠂ 
       — ᠠᠯᠢᠳ᠋ᠠᠨᠢ ᠪᠠᠢᠨᠠᠤ? ᠭᠡᠵᠦ ᠳᠠᠭᠤᠳᠠᠪᠠ᠃  
       — ᠵᠠ᠂ ᠪᠢ ᠪᠠᠢᠨ᠎ᠠ! ᠭᠡᠵᠦ ᠬᠢᠶ᠎ᠡ ᠶᠠᠭᠠᠷᠠᠨ ᠣᠷᠣᠵᠤ ᠰᠥᠭᠥᠳᠦᠨ ᠶᠣᠰᠣᠯᠠᠪᠠ᠃ 
       — ᠥᠷᠯᠥᠭᠡ ᠶ᠋ᠢᠨ ᠪᠠᠳᠢᠷᠴᠢᠨ ᠢ᠋ ᠳᠠᠭᠤᠳᠠ! ᠬᠠᠲᠤᠨ ᠤ᠋ ᠭᠡᠷ ᠲᠦ᠍ ᠪᠠᠢᠭ᠎ᠠ ᠪᠣᠯᠪᠠᠤ᠃ ᠲᠡᠭᠡᠭᠡᠳ ᠭᠠᠳᠠᠨ᠎ᠠ ᠠ᠋ᠴᠠ ᠬᠡᠨ ᠢ᠋ ᠴᠦ᠍ ᠪᠢᠲᠡᠭᠡᠢ ᠤᠷᠤᠭᠤᠯ ᠭᠡᠬᠦ ᠳ᠋ᠦ᠍ᠨᠢ ᠬᠢᠶ᠎ᠡ᠂ ᠪᠣᠭᠳᠠ ᠶ᠋ᠢᠨ ᠬᠦᠷᠢᠶᠡᠨ ᠦ᠌ ᠲᠡᠷᠡ ᠪᠠᠳᠢᠷᠴᠢᠨ ᠢ᠋ ᠨᠣᠶᠠᠨ ᠤ᠋ ᠦᠷᠭᠦᠭᠡᠨ ᠳ᠋ᠦ᠍ ᠣᠷᠣᠭᠤᠯᠤᠭᠠᠳ ᠲᠡᠷᠡ ᠳᠣᠣᠷ᠎ᠠ ᠪᠠᠨ ᠭᠠᠷᠴᠠᠢ᠃ ᠨᠣᠶᠠᠨ᠂ ᠪᠠᠳᠢᠷᠴᠢᠨ ᠢ᠋ ᠰᠠᠭᠤ ᠭᠡᠵᠦ ᠭᠠᠷ ᠢ᠋ᠶ᠋ᠠᠷ ᠵᠠᠩᠭᠠᠵᠤ ᠵᠢᠭᠠᠭᠠᠳ᠂ ᠨᠡᠷ᠎ᠡ ᠬᠡᠨ ᠪᠣᠢ ? ᠭᠡᠵᠦ ᠠᠰᠠᠭᠤᠪᠠᠯ᠂  
       — ᠳᠠᠮᠳᠢᠨᠪᠠᠽᠠᠷ ᠭᠡᠵᠡᠢ᠃  
       — ᠣᠯᠵᠠ ᠣᠯᠬᠤ ᠠ᠋ᠴᠠ ᠴᠢ ᠬᠣᠢᠰᠢ ᠰᠠᠭᠤᠬᠤ ᠦᠭᠡᠢ ᠪᠢᠵᠡ ᠳᠡ ᠭᠡᠬᠦ ᠳ᠋ᠦ᠍ᠨᠢ 
       — ᠵᠠ ᠭᠡᠵᠡᠢ᠃ 
       — ᠵᠠ᠂ ᠲᠡᠭᠡᠪᠡᠯ ᠰᠣᠨᠣᠰᠴᠤ ᠪᠠᠢ! ᠮᠠᠨ ᠤ᠋ ᠬᠤᠰᠢᠭᠤᠨ ᠳ᠋ᠤ᠌ ᠬᠤᠯᠠᠭᠠᠢ ᠣᠯᠠᠨ ᠪᠣᠯᠵᠠᠢ ᠭᠡᠬᠦ ᠳ᠋ᠦ᠍ᠨᠢ᠂ ᠪᠠᠳᠢᠷᠴᠢ ᠤᠴᠢᠷ ᠢ᠋ ᠮᠡᠳᠡᠭᠰᠡᠨ ᠬᠥᠮᠦᠨ ᠪᠣᠯᠵᠤ ᠬᠡ ᠬᠡ ᠬᠡ ᠭᠡᠵᠢ᠃ ᡀᠠ ᠪᠠᠢᠰᠠ ᠦᠭᠡ ᠪᠡᠨ ᠦᠷᠭᠦᠯᠵᠢᠯᠡᠨ ᠥᠭᠦᠯᠡᠷᠦᠨ᠄ 
       — ᠲᠡᠷᠡ ᠬᠤᠯᠠᠭᠠᠢ ᠶ᠋ᠢ ᠪᠤᠰᠤᠳ ᠲᠤ᠌ ᠴᠡᠭᠡᠷᠯᠡᠯ ᠪᠣᠯᠭᠠᠨ ᠵᠠᠯᠬᠠᠭᠠᠨ ᠰᠢᠳᠬᠡᠪᠡᠯ ᠵᠣᠬᠢᠬᠤ ᠪᠢᠯᠡ᠃ ᠡᠭᠦᠨ ᠳ᠋ᠦ᠍ ᠤᠷᠢᠳᠠᠪᠡᠷ ᠬᠤᠯᠠᠭᠠᠢ ᠶ᠋ᠢ ᠣᠯᠬᠤ ᠬᠡᠷᠡᠭ ᠭᠠᠷᠴᠠᠢ᠃ ᠴᠢ ᠴᠢᠳᠠᠬᠤ ᠤᠤ ᠲᠡᠳᠡᠨ ᠦ᠌ ᠰᠤᠷᠠᠭ ᠢ᠋ ᠭᠠᠷᠭᠠᠵᠤ? ᠭᠠᠳᠠᠭᠰᠢ ᠡᠨᠡ ᠦᠭᠡ ᠶ᠋ᠢ ᠵᠠᠳᠠᠷᠠᠭᠤᠯᠵᠤ ᠪᠣᠯᠬᠤ ᠦᠭᠡᠢ ᠰᠢᠦ! ᠦᠭᠡ ᠠᠯᠳᠠᠪᠠᠯ ᠨᠠᠰᠤᠨ ᠤ᠋ ᠬᠡᠮᠵᠢᠶ᠎ᠡ ᠭᠦᠢᠴᠡᠬᠦ ᠡᠴᠡ ᠡᠮᠦᠨ᠎ᠡ ᠶᠢᠰᠦᠨ ᠪᠤᠯᠠᠭ ᠤ᠋ᠨ ᠳᠣᠣᠷ᠎ᠠ ᠣᠷᠣᠵᠤ ᠪᠣᠯᠵᠣᠰᠢ ᠦᠭᠡᠢ ᠭᠡᠵᠦ ᠮᠡᠳᠡᠭᠡᠷᠡᠢ᠃ ᠬᠡᠷᠪᠡ ᠬᠤᠯᠠᠭᠠᠢ ᠶ᠋ᠢᠨ ᠰᠤᠷᠠᠭ ᠢ᠋ ᠵᠠᠩᠰᠢᠯᠠᠨ ᠭᠠᠷᠭᠠᠵᠤ ᠴᠢᠳᠠᠪᠠᠯ᠂ ᠴᠢᠮᠠᠶ᠋ᠢ ᠭᠣᠮᠣᠳᠠᠭᠤᠯᠬᠤ ᠦᠭᠡᠢ ᠱᠠᠩᠨᠠᠨ᠎ᠠ ᠭᠡᠬᠦ ᠳ᠋ᠦ᠍ᠨᠢ᠄ 
       — ᠨᠣᠶᠠᠨᠲᠠᠨ᠂ ᠪᠢ ᠡᠨᠡ ᠲᠤᠬᠠᠢ ᠥᠴᠦᠬᠡᠨ ᠲᠤᠷᠰᠢᠯᠭ᠎ᠠ ᠲᠠᠢ ᠬᠥᠮᠦᠨ ᠪᠢᠯᠡ᠃ ᠲᠠ ᠨᠠᠳᠠ ᠳ᠋ᠤ᠌ ᠬᠣᠰᠢᠭᠤ ᠲᠠᠮᠠᠭ᠎ᠠ ᠶ᠋ᠢᠨ ᠭᠠᠵᠠᠷ ᠠ᠋ᠴᠠ ᠠᠯᠪᠠᠨ ᠪᠢᠴᠢᠭ ᠰᠢᠳᠬᠡᠨ ᠣᠯᠭᠣᠵᠤ᠂ ᠨᠠᠮᠠᠶ᠋ᠢ ᠲᠤᠰ ᠬᠤᠰᠢᠭᠤᠨ ᠤ᠋ ᠰᠦᠰᠦᠭᠲᠡᠨ ᠣᠯᠠᠨ ᠠ᠋ᠴᠠ ᠪᠠᠳᠢᠷ ᠪᠠᠷᠢᠵᠤ᠂ ᠮᠥᠩᠭᠥ ᠪᠡᠷ ᠵᠠᠳᠳᠤᠮᠪᠠ ᠪᠦᠲᠦᠭᠡᠬᠦ ᠭᠡᠵᠦ ᠶᠠᠪᠤᠭ᠎ᠠ ᠬᠥᠮᠦᠨ ᠮᠥᠨ ᠦ᠌ ᠲᠤᠯᠠ ᠠᠯᠢᠪᠠ ᠲᠦᠰᠢᠮᠡᠯ ᠠᠷᠠᠳ ᠤᠴᠢᠷ ᠢ᠋ ᠮᠡᠳᠡᠵᠦ ᠰᠠᠭᠠᠳ ᠦᠭᠡᠢ ᠥᠩᠭᠡᠷᠡᠭᠦᠯᠦᠨ᠎ᠡ ᠤᠤ ᠭᠡᠰᠡᠨ ᠪᠢᠴᠢᠭ ᠲᠡᠢ ᠪᠣᠯᠭᠠᠵᠤ ᠥᠭᠭᠦᠨ᠎ᠡ  ᠤᠤ᠃ ᠲᠡᠭᠦᠨ ᠦ᠌ ᠬᠠᠮᠲᠤ ᠪᠠᠰᠠ ᠨᠢᠭᠡ ᠭᠤᠶᠤᠬᠤ ᠵᠦᠢᠯ ᠪᠣᠢ᠃ ᠨᠣᠶᠠᠨ ᠲᠠᠨ ᠤ᠋ ᠳᠠᠭᠠᠭᠠᠯᠭᠠᠭᠰᠠᠨ ᠵᠦᠢᠯ ᠢ᠋ ᠭᠦᠢᠴᠡᠳᠬᠡᠵᠦ᠂ ᠬᠤᠯᠠᠭᠠᠢ ᠶ᠋ᠢᠨ ᠦᠨᠳᠦᠰᠦ ᠶ᠋ᠢ ᠲᠠᠰᠤᠯᠬᠤ ᠳ᠋ᠤ᠌ ᠬᠣᠰᠢᠭᠤ ᠬᠡᠢᠳ᠂ ᠮᠥᠨ ᠨᠣᠶᠠᠨ ᠤ᠋ ᠰᠦᠷᠦᠭ᠂ ᠬᠤᠰᠢᠭᠤᠨ ᠤ᠋ ᠭᠠᠭᠴᠠ ᠨᠢᠭᠡ ᠰᠤᠷᠪᠤᠯᠵᠢᠲᠤ ᠪᠠᠶᠠᠨ ᠠᠢᠯ ᠤ᠋ᠨ ᠠᠳᠤᠭᠤᠨ ᠰᠦᠷᠦᠭ ᠲᠦ᠍ ᠬᠤᠯᠠᠭᠠᠢ ᠣᠷᠣᠭᠤᠯᠬᠤ ᠬᠡᠷᠡᠭ ᠭᠠᠷᠴᠤ ᠪᠣᠯᠵᠣᠰᠢ ᠦᠭᠡᠢ᠃ ᠲᠡᠷᠡ ᠲᠤᠬᠠᠢ ᠪᠢ ᠤᠷᠢᠳᠠᠪᠡᠷ ᠮᠡᠳᠡᠭᠳᠡᠵᠦ ᠪᠠᠢᠨ᠎ᠠ᠃ ᠲᠡᠭᠡᠬᠦ ᠳ᠋ᠦ᠍ ᠰᠠᠭᠠᠳ ᠬᠣᠷᠢᠭ ᠬᠢᠬᠦ ᠦᠭᠡᠢ ᠪᠠᠢᠵᠤ ᠪᠣᠯᠬᠤ ᠪᠣᠯᠪᠠᠤ? ᠬᠡᠷᠡᠭ ᠦ᠋ᠨ ᠡᠴᠦᠰ ᠲᠦ᠍ ᠲᠤᠬᠠᠢ ᠪᠦᠷᠢ ᠶ᠋ᠢᠨ ᠬᠤᠯᠠᠭᠠᠢ ᠶ᠋ᠢᠨ ᠨᠡᠷ᠎ᠡ ᠢᠯᠡᠷᠬᠡᠢ ᠪᠣᠯᠬᠤ ᠲᠤᠯᠠ᠂ ᠲᠠᠨ ᠤ᠋ ᠬᠤᠰᠢᠭᠤᠨ ᠤ᠋ ᠬᠤᠯᠠᠭᠠᠢ ᠶ᠋ᠢᠨ ᠦᠨᠳᠦᠰᠦ ᠶ᠋ᠢ ᠲᠠᠰᠤᠯᠬᠤ ᠳ᠋ᠤ᠌ ᠡᠨᠡ ᠠᠷᠭ᠎ᠠ ᠬᠡᠷᠡᠭᠯᠡᠯᠴᠡᠪᠡᠯ᠂ ᠨᠢᠭᠡ ᠤᠬᠠᠭᠠᠨ ᠪᠣᠢ ᠭᠡᠬᠦ ᠳ᠋ᠦ᠍ᠨᠢ᠄ 
       — ᠴᠢᠨᠦ ᠰᠠᠨᠠᠭ᠎ᠠ ᠶ᠋ᠢ ᠪᠢ ᠤᠬᠠᠯ᠎ᠠ᠃ ᠲᠡᠭᠡᠶ᠎ᠡ᠃ ᠰᠠᠢᠨ ᠨᠣᠶᠠᠨ ᠬᠠᠨ ᠤ᠋ ᠬᠣᠰᠢᠭᠤ ᠶ᠋ᠢᠨ ᠬᠢᠨ᠂ ᠲᠡᠳᠡᠨ ᠦ᠌ ᠬᠤᠰᠢᠭᠤᠨ ᠳ᠋ᠤ᠌ ᠬᠤᠯᠠᠭᠠᠢ ᠪᠠᠢᠬᠤ ᠦᠭᠡᠢ᠃ ᠮᠠᠨᠠᠢ (ᠮᠠᠨ ᠤ᠋) ᠬᠤᠰᠢᠭᠤᠨ ᠤ᠋ ᠬᠤᠯᠠᠭᠠᠢᠴᠢ ᠨᠠᠷ ᠠ᠋ᠴᠠ ᠯᠠ ᠬᠡᠷᠡᠭ ᠭᠠᠷᠳᠠᠭ ᠭᠡᠵᠦ ᠬᠡᠯᠡᠯᠴᠡᠳᠡᠭ ᠪᠣᠯᠵᠠᠢ᠃ ᠬᠡᠷᠪᠡ  ᠴᠢ ᠰᠠᠢᠨ ᠨᠣᠶᠠᠨ ᠤ᠋ ᠬᠤᠰᠢᠭᠤᠨ ᠤ᠋ ᠬᠤᠯᠠᠭᠠᠢᠴᠢ ᠨᠠᠷ ᠠ᠋ᠴᠠ ᠪᠠᠰᠠ ᠰᠤᠷᠠᠭ ᠭᠠᠷᠭᠠᠵᠤ ᠥᠭᠳᠡᠭ ᠪᠣᠯᠪᠠᠯ ᠵᠦᠭᠡᠷ ᠶᠤᠮᠰᠠᠨ᠃ ᠪᠢ ᠣᠳᠣ ᠴᠢᠮᠠᠲᠤ᠂ ᠴᠢᠨᠦ ᠲᠡᠷᠡ ᠮᠥᠩᠭᠥᠨ ᠵᠠᠳᠳᠤᠮᠪᠠ ᠶ᠋ᠢᠨ ᠪᠠᠳᠢᠷ ᠲᠤ᠌ ᠨᠡᠮᠡᠷᠢ ᠪᠣᠯᠭᠠᠵᠤ ᠬᠣᠶᠠᠷ ᠯᠠᠩ ᠮᠥᠩᠭᠥ ᠪᠠᠷᠢᠶ᠎ᠠ᠃ ᠪᠠᠳᠢᠷ ᠪᠠᠷᠢᠬᠤ ᠵᠥᠪᠰᠢᠶᠡᠷᠡᠯ ᠦ᠋ᠨ ᠪᠢᠴᠢᠭ ᠢ᠋ ᠴᠢ ᠫᠶᠧ ᠵᠠᠬᠢᠷᠤᠭᠴᠢ ᠠ᠋ᠴᠠ ᠠᠪᠤᠭᠠᠷᠠᠢ᠃ ᠬᠤᠯᠠᠭᠠᠢ ᠶ᠋ᠢᠨ ᠲᠤᠬᠠᠢ ᠮᠡᠳᠡᠭᠡ ᠪᠤᠰᠤᠳ ᠬᠥᠮᠦᠨ ᠳ᠋ᠦ᠍ ᠬᠡᠯᠡᠵᠦ ᠪᠣᠯᠬᠤ ᠦᠭᠡᠢ᠂ ᠭᠠᠭᠴᠠ ᠨᠠᠳᠠ ᠳ᠋ᠤ᠌ ᠮᠡᠳᠡᠭᠳᠡᠵᠦ ᠪᠠᠢ᠃ ᠵᠠ᠂ ᠶᠠᠪᠤ ᠭᠡᠵᠡᠢ᠃ 
       ᠤᠳᠠᠯ ᠦᠭᠡᠢ ᠯᠾᠠ ᠪᠠᠢᠰᠠ ᠶ᠋ᠢᠨ ᠬᠤᠰᠢᠭᠤᠨ ᠳ᠋ᠤ᠌ ᠰᠠᠭᠰᠠᠭᠠᠷ ᠬᠥᠬᠡ ᠰᠠᠷᠯᠤᠭ ᠲᠠᠢ ᠮᠡᠷᠭᠡᠨ ᠪᠠᠳᠢᠷᠴᠢ ᠪᠣᠢ ᠪᠣᠯᠪᠠ ᠭᠡᠵᠦ ᠴᠤᠤ ᠦᠭᠡ ᠳᠡᠯᠭᠡᠷᠡᠵᠦ᠂ ᠰᠡᠷᠵᠢᠮ ᠡᠷᠭᠦᠬᠦ ᠳ᠋ᠦ᠍ᠨᠢ ᠤᠰᠤᠨ ᠪᠣᠯᠣᠷ ᠴᠥᠭᠦᠴᠡᠨ ᠳ᠋ᠦ᠍ᠨᠢ ᠬᠢᠭᠰᠡᠨ ᠠᠷᠢᠬᠢ ᠭᠡᠨᠡᠳᠲᠡ ᠥᠪᠡᠷ ᠢ᠋ᠶ᠋ᠡᠨ ᠪᠤᠴᠠᠯᠳᠠᠭ᠂ ᠵᠠᠷᠢᠮ ᠳ᠋ᠠᠭᠠᠨ ᠶᠠᠭᠠᠨ ᠥᠩᠭᠡᠲᠡᠢ ᠠᠷᠢᠬᠢ ᠪᠣᠯᠳᠠᠭ ᠢ᠋ ᠨᠢᠳᠦ ᠪᠡᠷ ᠦᠵᠡᠯ᠎ᠡ ᠭᠡᠵᠦ ᠬᠡᠯᠡᠯᠴᠡᠬᠦ ᠪᠣᠯᠵᠠᠢ᠃ ᠵᠠᠷᠢᠮ ᠬᠥᠮᠦᠨ ᠪᠠᠰᠠ ᠠᠷᠪᠠᠨ ᠲᠠᠪᠤᠨ ᠤ᠋ ᠳᠤᠢᠰᠡᠨ ᠡᠳᠦᠷ᠂ ᠣᠷᠣᠢ ᠲᠡᠷᠭᠡᠯ ᠰᠠᠷᠠᠨ ᠮᠠᠨᠳᠤᠬᠤ ᠳ᠋ᠤ᠌᠂ ᠰᠡᠷᠵᠢᠮ ᠡᠷᠭᠦᠬᠦ ᠲᠤᠩᠭᠠᠯᠠᠭ ᠰᠢᠮ᠎ᠡ ᠶ᠋ᠢᠨ ᠠᠷᠢᠬᠢ ᠶ᠋ᠢ ᠴᠠᠷ᠎ᠠ ᠳ᠋ᠤ᠌ ᠬᠢᠭᠡᠳ ᠪᠢᠴᠢᠬᠠᠨ ᠪᠥᠭᠡᠷᠡᠩᠬᠡᠢ ᠲᠤᠭᠤᠯᠭᠠᠨ ᠦᠷᠢᠯ ᠢ᠋ ᠬᠠᠶᠠᠬᠤ ᠳ᠋ᠤ᠌᠂ ᠠᠷᠢᠬᠢᠨ ᠳᠡᠭᠡᠭᠦᠷ ᠬᠤᠷᠴᠠ ᠭᠠᠯ ᠪᠠᠳᠠᠷᠠᠨ ᠳᠠᠪᠬᠢᠪᠠᠯ᠂ ᠦᠢᠯᠡᠰ ᠤᠷᠤᠭᠰᠢᠲᠠᠢ ᠪᠦᠲᠦᠮᠵᠢᠲᠡᠢ ᠶ᠋ᠢᠨ ᠰᠢᠨᠵᠢ᠂ ᠵᠢᠪᠪᠤᠪᠡᠯ ᠣᠷᠣᠭᠰᠢ ᠦᠭᠡᠢ ᠶ᠋ᠢ ᠪᠢᠯᠢᠭᠲᠡᠨ ᠦᠵᠡᠭᠦᠯᠳᠡᠭ ᠢ᠋ ᠦᠵᠡᠯ᠎ᠡ ᠭᠡᠵᠦ ᠭᠠᠢᠬᠠᠨ ᠬᠡᠯᠡᠯᠴᠡᠬᠦ ᠪᠣᠯᠵᠠᠢ᠃  
       ᠮᠡᠷᠭᠡᠴᠢᠨ ᠪᠠᠳᠢᠷᠴᠢᠨ ᠢ᠋ ᠪᠠᠰᠠ ᠪᠠᠶᠠᠨ ᠠᠢᠯ ᠳ᠋ᠤ᠌ ᠪᠠᠭᠤᠬᠤ ᠳᠤᠷ᠎ᠠ ᠦᠭᠡᠢ᠂ ᠶᠠᠳᠠᠭᠤ ᠠᠢᠯ ᠤ᠋ᠨ ᠭᠡᠷ ᠢ᠋ ᠨᠣᠣᠷᠬᠠᠢ ᠬᠠᠷ᠎ᠠ ᠭᠡᠵᠦ ᠭᠣᠯᠣᠳᠠᠭ ᠦᠭᠡᠢ ᠬᠣᠨᠣᠭ ᠭᠤᠶᠤᠵᠤ ᠶᠠᠪᠤᠳᠠᠭ ᠢ᠋ ᠦᠵᠡᠪᠡᠯ ᠵᠢᠷ ᠦ᠋ᠨ ᠪᠠᠳᠢᠷᠴᠢᠨ ᠪᠢᠰᠢ᠂ ᠠᠷᠤ ᠮᠣᠩᠭᠣᠯ ᠤ᠋ᠨ ᠨᠠᠶᠠᠨ ᠨᠢᠭᠡᠨ ᠰᠢᠳᠢᠲᠡᠨ ᠦ᠌ ᠨᠢᠭᠡ ᠨᠢ ᠪᠣᠯᠪᠠᠤ ᠭᠡᠵᠦ ᠬᠡᠯᠡᠯᠴᠡᠬᠦ ᠪᠣᠯᠵᠠᠢ᠃  
       ᠵᠠᠷᠢᠮ ᠬᠥᠮᠦᠨ ᠦᠷ ᠦ᠋ᠨ ᠰᠥᠨᠢ ᠪᠡᠷ ᠪᠠᠳᠢᠷᠴᠢ ᠶ᠋ᠢᠨ ᠵᠣᠳᠣᠭᠠᠷ ᠲᠤ᠌ ᠰᠡᠵᠢᠭ ᠪᠦᠬᠦᠢ ᠤᠯᠤᠰ ᠰᠠᠮ ᠢᠷᠡᠭᠡᠳ ᠶᠠᠪᠤᠬᠤ ᠶ᠋ᠢ ᠦᠵᠡᠯ᠎ᠡ᠃ ᠡᠬᠡᠨᠡᠷ ᠬᠡᠦᠬᠡᠨ ᠪᠣᠯᠪᠠᠤ? ᠭᠡᠮᠡᠷ ᠴᠦ᠍ ᠬᠥᠮᠦᠨ ᠢ᠋ ᠵᠣᠳᠣᠭᠠᠷ ᠠ᠋ᠴᠠ ᠨᠢ ᠭᠠᠷᠴᠤ ᠪᠠᠢᠬᠤ ᠶ᠋ᠢ ᠬᠠᠷᠠᠭᠰᠠᠨ᠃ ᠤᠰᠤᠨ ᠨᠢᠳᠦ ᠲᠡᠢ᠂ ᠴᠢᠰᠤᠨ ᠵᠢᠷᠦᠬᠡ ᠲᠡᠢ ᠪᠢᠳᠡ ᠪᠤᠷᠤᠭᠤ ᠬᠠᠷᠠᠵᠤ ᠪᠠᠢᠭ᠎ᠠ ᠶᠤᠮ ᠪᠠᠢᠯ ᠦᠭᠡᠢ ᠳᠡ᠃ ᠣᠷᠣᠨ ᠳᠡᠯᠡᠬᠡᠢ ᠶ᠋ᠢᠨ ᠡᠵᠡᠨ ᠰᠠᠪᠳᠠᠭ᠂ ᠲᠩᠷᠢ ᠬᠤᠪᠢᠯᠭᠠᠨ ᠴᠤ᠌ ᠶᠠᠪᠤᠭᠤᠯ ᠤ᠋ᠨ ᠠᠶᠠᠨᠴᠢᠨ᠂ ᠡᠬᠡᠨᠡᠷ ᠬᠡᠦᠬᠡᠨ ᠦ᠌ ᠳᠦᠷᠢ ᠪᠡᠷ ᠲᠡᠷᠡ ᠮᠡᠷᠭᠡᠨ ᠪᠠᠳᠢᠷᠴᠢᠨ ᠳ᠋ᠤ᠌ ᠢᠷᠡᠵᠦ ᠮᠠᠭᠠᠳ ᠭᠡᠵᠦ ᠮᠤᠬᠤᠷ ᠰᠦᠰᠦᠭ ᠪᠢᠰᠢᠷᠡᠯ ᠦ᠋ᠨ ᠡᠭᠦᠳᠡᠨ ᠡᠴᠡ ᠪᠣᠳᠣᠳᠠᠭ ᠪᠠᠢᠵᠠᠢ᠃ 
       ᠲᠡᠷᠡ ᠪᠠᠳᠢᠷᠴᠢ ᠠᠢᠯ ᠢ᠋ᠶ᠋ᠠᠷ ᠶᠠᠪᠤᠬᠤ ᠳ᠋ᠠᠭᠠᠨ᠂ ᠣᠳᠣ ᠤᠳᠠᠬᠤ ᠦᠭᠡᠢ ᠠᠮᠢᠲᠠᠨ ᠵᠢᠷᠭᠠᠬᠤ ᠴᠠᠭ ᠢᠷᠡᠨ᠎ᠡ᠃ ᠮᠦᠭᠳᠡᠨ ᠳ᠋ᠦ᠍ ᠮᠠᠬᠠᠭᠠᠯᠠ ᠶ᠋ᠢᠨ ᠰᠦᠮ᠎ᠡ ᠳ᠋ᠦ᠍ ᠮᠠᠨᠽᠤᠰᠢᠷᠢ ᠪᠤᠷᠬᠠᠨ ᠤ᠋ ᠬᠥᠷᠥᠭ ᠭᠡᠨᠡᠳᠲᠡ ᠪᠠᠷᠠᠭᠤᠨ ᠵᠦᠭ ᠡᠷᠭᠢᠭᠰᠡᠨ ᠭᠡᠳᠡᠭ᠃ ᠮᠠᠨᠵᠤ ᠶ᠋ᠢᠨ ᠲᠥᠷᠥ ᠡᠴᠦᠰᠯᠡᠬᠦ ᠶ᠋ᠢᠨ ᠰᠢᠨᠵᠢ ᠢᠷᠣ᠎ᠠ ᠦᠵᠡᠭᠳᠡᠵᠦ ᠪᠠᠢᠭ᠎ᠠ ᠨᠢ ᠲᠡᠷᠡ ᠳᠠ᠃ ᠪᠣᠭᠳᠠ ᠶ᠋ᠢᠨ ᠯᠥᠨᠳᠥ᠋ᠩ ᠳ᠋ᠦ᠍᠂ ᠲᠩᠷᠢ ᠶ᠋ᠢᠨ ᠳᠣᠣᠷ᠎ᠠ ᠬᠢᠲᠠᠳ ᠲᠤ᠌ ᠶᠡᠬᠡ ᠬᠡᠴᠡᠭᠦᠦ ᠪᠣᠯᠤᠨ᠎ᠠ᠃ ᠡᠳ᠋ ᠪᠠᠶᠠᠯᠢᠭ ᠤ᠋ᠨ ᠵᠦᠢᠯ ᠪᠠᠢᠪᠠᠴᠤ ᠡᠳ᠋ᠯᠡᠬᠦ ᠡᠵᠡᠨ ᠦᠭᠡᠢ ᠪᠣᠯᠤᠨ᠎ᠠ ᠭᠡᠵᠦ ᠠᠢᠯᠠᠳᠤᠭᠰᠠᠨ ᠰᠢᠦ ᠳᠡ᠃ ᠰᠣᠨᠣᠰᠪᠠᠯ᠂ ᠨᠠᠨᠵᠢᠩ ᠬᠣᠲᠠᠨ ᠳ᠋ᠤ᠌ ᠲᠠᠢᠪᠤᠩ(ᠲᠠᠢᠪᠤᠩ ᠭᠡᠵᠦ ᠲᠠᠢ ᠫᠢᠩ ᠲᠢᠶᠠᠨ ᠭᠦᠸᠧ ᠶ᠋ᠢᠨ ᠲᠠᠷᠢᠶᠠᠴᠢᠨ ᠤ᠋ ᠪᠣᠰᠤᠯᠭ᠎ᠠ ᠶ᠋ᠢ ᠬᠡᠯᠡᠵᠦ ᠪᠠᠢᠨ᠎ᠠ— ᠪᠠᠭᠤᠯᠭᠠᠭᠴᠢ ᠠ᠋ᠴᠠ) ᠤ᠋ᠳ ᠮᠠᠨᠵᠤ ᠨᠠᠷ ᠢ᠋ ᠬᠦᠢᠰᠦ ᠲᠡᠮᠲᠡᠷᠢᠭᠡᠳ᠂ ᠡᠷᠳᠡᠨᠢ ᠰᠤᠪᠤᠳ ᠢ᠋ ᠤᠭᠤᠷ ᠲᠤ᠌ ᠨᠦᠳᠦᠵᠦ ᠪᠠᠢᠭᠰᠠᠨ ᠭᠡᠳᠡᠭ᠃ ᠮᠠᠨ ᠤ᠋ ᠡᠨᠳᠡ ᠴᠦ᠍ ᠪᠠᠰᠠ ᠲᠡᠢᠮᠦ ᠴᠠᠭ ᠢᠷᠡᠨ᠎ᠡ᠃ ᠡᠨᠡ ᠭᠠᠵᠠᠷ᠂ ᠠᠮᠢᠲᠠᠨ ᠢ᠋ ᠮᠡᠬᠡᠯᠡᠵᠦ ᠬᠠᠪᠴᠢᠨ ᠣᠯᠤᠭᠰᠠᠨ ᠰᠢᠳᠤᠷᠭᠤ ᠦᠭᠡᠢ ᠡᠳ᠋ ᠢ᠋ ᠬᠢᠲᠠᠳ ᠨᠠᠷ ᠰᠢᠩᠭᠡᠭᠡᠵᠦ ᠴᠢᠳᠠᠬᠤ ᠦᠭᠡᠢ᠃ ᠮᠥᠳᠳᠥ ᠮᠠᠨᠵᠤ ᠬᠢᠲᠠᠳ ᠤ᠋ᠨ ᠡᠷᠬᠡ ᠪᠠᠷᠢᠬᠤ ᠴᠠᠭ ᠬᠡᠮᠵᠢᠶ᠎ᠡ ᠭᠦᠢᠴᠡᠨ᠎ᠡ᠃ ᠲᠠ ᠨᠠᠷ ᠡᠨᠡ ᠮᠥᠩᠭᠥᠨ ᠵᠠᠳᠳᠤᠮᠪᠠ ᠬᠠᠷᠠᠪᠠᠤ? ᠥᠭᠯᠢᠭᠡ ᠶ᠋ᠢᠨ ᠡᠵᠡᠨ ᠲᠠ ᠪᠦᠬᠦᠨ ᠦ᠌ ᠪᠤᠶᠠᠨ ᠢ᠋ᠶ᠋ᠠᠷ ᠠᠷᠢᠭᠤᠨ ᠶᠠᠪᠤᠲᠠᠯᠳᠤ ᠨᠢᠭᠡ ᠯᠠᠮᠠ ᠳᠠᠷᠬᠠᠨ᠂ ᠨᠠᠳᠠ ᠡᠨᠡ ᠵᠠᠳᠳᠤᠮᠪᠠ ᠶ᠋ᠢ ᠮᠥᠩᠭᠥ ᠪᠡᠷ ᠳᠠᠪᠲᠠᠵᠤ ᠪᠠᠢᠭ᠎ᠠ ᠶᠤᠮ ᠰᠢᠦ᠃ ᠡᠨᠡ ᠰᠤᠳᠤᠷ ᠤ᠋ᠨ ᠰᠡᠭᠦᠯᠴᠢ ᠶ᠋ᠢᠨ ᠦᠰᠦᠭ ᠢ᠋ ᠳᠠᠪᠲᠠᠨ ᠴᠣᠬᠢᠵᠤ ᠭᠦᠢᠴᠡᠬᠦ ᠳ᠋ᠦ᠍ᠨᠢ᠂ ᠮᠠᠨᠵᠤ ᠶ᠋ᠢᠨ ᠲᠥᠷᠥ ᠡᠴᠦᠰ ᠪᠣᠯᠵᠤ᠂ ᠮᠣᠩᠭᠣᠯ ᠬᠠᠭᠠᠨ ᠤ᠋ ᠲᠥᠷᠥ ᠮᠠᠨᠳᠤᠬᠤ ᠴᠠᠭ ᠢᠷᠡᠬᠦ ᠤᠴᠢᠷ ᠲᠠᠢ ᠶᠤᠮ ᠰᠢᠦ᠃ 
       ᠲᠡᠷᠡ ᠴᠠᠭ ᠲᠤ᠌᠂ ᠬᠢᠲᠠᠳ ᠮᠠᠢᠮᠠᠢ ᠶ᠋ᠢ ᠬᠥᠭᠡᠭᠡᠨ ᠵᠠᠢᠯᠠᠭᠤᠯᠵᠤ᠂ ᠡᠳ᠋ ᠬᠥᠷᠥᠩᠭᠡ ᠶ᠋ᠢ ᠨᠢ ᠣᠯᠠᠨ ᠤ᠋ ᠣᠯᠵᠠ ᠪᠣᠯᠭᠠᠬᠤ ᠴᠠᠭ ᠢᠷᠡᠨ᠎ᠡ᠃  
       ᠥᠪᠡᠷ ᠦ᠋ᠨ ᠮᠣᠩᠭᠣᠯ ᠬᠠᠭᠠᠨ ᠰᠢᠷᠡᠭᠡᠨ ᠳ᠋ᠦ᠍ ᠵᠠᠯᠠᠷᠠᠵᠤ᠂ ᠠᠷᠠᠳ ᠤ᠋ᠳ ᠬᠣᠪᠳᠣᠭ ᠰᠢᠨᠤᠬᠠᠢ ᠮᠠᠢᠮᠠᠢ ᠨᠠᠷ ᠲᠤ᠌ ᠥᠷᠢ ᠰᠢᠷᠢ ᠲᠥᠯᠥᠬᠦ ᠦᠭᠡᠢ ᠪᠣᠯᠵᠤ᠂ ᠪᠣᠭᠣᠯ ᠬᠠᠮᠵᠢᠯᠭ᠎ᠠ ᠡᠷᠬᠡ ᠴᠢᠯᠥᠭᠡ ᠣᠯᠵᠤ᠂ ᠬᠠᠮᠢᠭ᠎ᠠ ᠳᠤᠷ᠎ᠠ ᠲᠠᠢ ᠭᠠᠵᠠᠷ ᠲᠠᠭᠠᠨ ᠥᠪᠡᠷ ᠦ᠋ᠨ ᠡᠷᠬᠡ ᠪᠡᠷ ᠶᠠᠪᠤᠬᠤ ᠪᠣᠯᠤᠨ᠎ᠠ᠃ ᠰᠢᠷ᠎ᠠ ᠬᠠᠷ᠎ᠠ᠂ ᠯᠠᠮᠠ ᠭᠡᠷᠭᠡᠢᠲᠡᠨ ᠦ᠌ ᠠᠯᠢ ᠰᠠᠢᠴᠤᠳ ᠬᠠᠭᠠᠨ ᠳ᠋ᠠᠭᠠᠨ ᠶᠠᠭᠠᠬᠢᠪᠠᠯ ᠰᠠᠢᠨ᠂ ᠶᠠᠭᠠᠬᠢᠪᠠᠯ ᠲᠤᠰᠠ ᠦᠭᠡᠢ ᠭᠡᠳᠡᠭ ᠰᠠᠨᠠᠯ ᠢ᠋ᠶ᠋ᠠᠨ ᠰᠢᠭᠤᠳ ᠬᠡᠯᠡᠵᠦ᠂ ᠠᠷᠠᠳ ᠤ᠋ᠨ ᠴᠡᠭᠡᠵᠢ ᠲᠡᠨᠢᠢᠭᠡᠳ᠂ ᠵᠢᠷᠠᠨ ᠵᠢᠯ ᠦ᠋ᠨ ᠵᠢᠷᠭᠠᠯ ᠡᠬᠢᠯᠡᠨ᠎ᠡ ᠭᠡᠵᠦ ᠬᠥᠬᠡ ᠰᠠᠷᠯᠤᠭᠲᠤ ᠪᠠᠳᠢᠷᠴᠢᠨ ᠶᠠᠷᠢᠳᠠᠭ ᠪᠣᠯᠵᠤ ᠪᠢᠯᠡ᠃ ᠰᠠᠢᠨ ᠰᠠᠢᠬᠠᠨ ᠤ᠋ ᠵᠠᠬ᠎ᠠ ᠶ᠋ᠢ ᠦᠵᠡᠬᠦ ᠴᠠᠭ ᠣᠢᠷᠠᠲᠤᠵᠤ ᠪᠠᠢᠨ᠎ᠠ ᠭᠡᠵᠦ ᠢᠳᠡᠭᠡᠨ ᠭᠣᠷᠢᠳᠠᠵᠤ ᠶᠠᠪᠤᠭᠰᠠᠨ ᠤᠯᠤᠰ᠂ ᠪᠠᠳᠢᠷᠴᠢᠨ ᠤ᠋ ᠲᠡᠷᠡ ᠦᠭᠡ ᠰᠡᠳᠬᠢᠯ ᠰᠠᠨᠠᠭᠠᠨ ᠳ᠋ᠤᠨᠢ ᠶᠡᠬᠡᠯ᠎ᠡ ᠲᠠᠭᠠᠲᠠᠢ ᠲᠤᠯᠠ ᠦᠨᠡᠮᠰᠢᠨ ᠢᠲᠡᠭᠡᠵᠦ᠂ ᠠᠯᠤᠰ ᠬᠣᠯᠠ ᠣᠯᠠᠨ ᠰᠠᠷ᠎ᠠ ᠶ᠋ᠢᠨ ᠠᠶᠠᠨ ᠵᠢᠩ ᠳ᠋ᠦ᠍ ᠶᠠᠪᠤᠬᠤ ᠬᠥᠮᠦᠨ᠂ ᠦᠷ᠎ᠡ ᠬᠡᠦᠬᠡᠳ ᠦ᠋ᠨ ᠬᠦᠰᠡᠯ ᠪᠣᠯᠤᠭᠰᠠᠨ ᠡᠬᠡᠨᠡᠷ᠂ ᠰᠠᠢᠨ ᠡᠮᠴᠢ ᠰᠣᠩᠭᠣᠬᠤ ᠡᠪᠡᠳᠴᠢᠲᠡᠨ᠂ ᠨᠣᠶᠠᠨ ᠳ᠋ᠤ᠌ ᠳᠠᠷᠤᠯᠠᠭᠤᠯᠵᠤ ᠮᠠᠢᠮᠠᠢ ᠳ᠋ᠤ᠌ ᠮᠥᠯᠵᠢᠭᠦᠯᠵᠦ ᠬᠣᠬᠢᠷᠠᠨ ᠬᠣᠭᠣᠰᠣᠷᠠᠭᠠᠳ᠂ ᠪᠠᠶᠠᠴᠤᠤᠯ᠂ ᠨᠣᠶᠠᠴᠤᠤᠯ᠂ ᠮᠥᠩᠭᠥ ᠬᠦᠦᠯᠡᠭᠴᠢ ᠮᠠᠢᠮᠠᠢ ᠨᠠᠷ ᠤ᠋ᠨ ᠠᠳᠤᠭᠤᠨ ᠰᠦᠷᠦᠭ ᠡᠴᠡ ᠬᠤᠯᠠᠭᠠᠢ ᠬᠢᠵᠦ ᠶᠠᠳᠠᠭᠤ ᠬᠣᠭᠣᠰᠣᠨ ᠬᠥᠮᠦᠨ ᠳ᠋ᠦ᠍ ᠲᠤᠰᠠᠯᠠᠬᠤ᠂ ᠡᠩ ᠦ᠋ᠨ ᠴᠠᠭ᠂ ᠡᠳᠦᠷ ᠨᠢ ᠵᠢᠷ ᠦ᠋ᠨ ᠮᠠᠯᠴᠢᠨ ᠭᠥᠷᠥᠭᠡᠴᠢᠨ ᠡᠴᠡ ᠢᠯᠭᠠᠭ᠎ᠠ ᠦᠭᠡᠢ ᠶᠠᠪᠤᠳᠠᠭ ᠰᠠᠢᠨ ᠡᠷ᠎ᠡ ᠴᠦ᠍ ᠲᠡᠷᠡ ᠬᠥᠬᠡ ᠰᠠᠷᠯᠤᠭᠲᠤ ᠪᠠᠳᠢᠷᠴᠢᠨ ᠳ᠋ᠤ᠌ ᠬᠦᠰᠡᠵᠦ ᠰᠠᠨᠠᠭᠰᠠᠨ᠂ ᠪᠣᠳᠣᠵᠤ ᠵᠣᠷᠢᠭᠰᠠᠨ ᠢ᠋ᠶ᠋ᠠᠨ ᠶᠠᠷᠢᠬᠤ ᠪᠣᠯᠵᠤ᠂ ᠡᠢᠮᠦ ᠲᠡᠢᠮᠦ ᠬᠡᠷᠡᠭ ᠶᠠᠪᠤᠳᠠᠯ ᠬᠢᠬᠦ ᠭᠡᠵᠦ ᠪᠠᠢᠨ᠎ᠠ᠃ ᠰᠠᠩ ᠰᠡᠷᠵᠢᠮ ᠡᠷᠭᠦᠵᠦ᠂ ᠠᠵᠠ ᠬᠡᠢ ᠮᠣᠷᠢ ᠪᠠᠨ ᠰᠡᠷᠭᠦᠭᠡᠶ᠎ᠡ ᠭᠡᠵᠦ ᠬᠠᠮᠤᠭ ᠳᠠᠯᠳᠠ ᠨᠠᠷᠢᠨ ᠶᠠᠪᠤᠳᠠᠯ ᠢ᠋ᠶ᠋ᠠᠨ ᠶᠠᠷᠢᠬᠤ ᠪᠣᠯᠵᠠᠢ᠃ 
       ᠪᠠᠳᠢᠷᠴᠢ ᠰᠠᠢ᠍ᠢ (ᠰᠠᠶᠢ) ᠨᠣᠶᠠᠨ ᠤ᠋ ᠥᠷᠭᠥᠭᠡ ᠪᠡᠷ ᠦᠵᠡᠭᠳᠡᠵᠦ᠂ ᠡᠪᠦᠭᠡᠨ ᠨᠣᠶᠠᠨ᠂ ᠬᠥᠮᠦᠨ ᠦ᠌ ᠳᠡᠷᠭᠡᠳᠡ ᠪᠠᠳᠢᠷᠴᠢ ᠲᠠᠢ ᠶᠠᠷᠢᠬᠤ ᠳ᠋ᠠᠭᠠᠨ ᠳᠡᠭᠡᠷᠡᠬᠢ ᠶ᠋ᠢᠨ ᠭᠡᠭᠡᠬᠡᠨ ᠤ ᠦᠵᠡᠭᠦᠯᠦᠭᠰᠡᠨ ᠭᠠᠢᠬᠠᠮᠰᠢᠭ ᠰᠢᠳᠢ ᠶ᠋ᠢᠨ ᠵᠦᠢᠯ ᠢ᠋ ᠰᠣᠨᠢᠷᠬᠠᠨ ᠪᠢᠰᠢᠷᠡᠵᠦ ᠶᠠᠷᠢᠳᠠᠭ ᠪᠠᠢᠯ᠎ᠠ᠃ ᠲᠡᠭᠡᠭᠡᠳ᠂ ᠳᠠᠯᠳᠠ ᠶᠠᠷᠢᠬᠤ ᠶᠠᠷᠢᠶᠠᠨ ᠠ᠋ᠴᠠ ᠬᠠᠷᠢᠶᠠᠲᠤ ᠬᠤᠰᠢᠭᠤᠨ ᠤ ᠠᠷᠠᠳ ᠤ᠋ᠨ ᠰᠠᠨᠠᠭ᠎ᠠ ᠰᠡᠳᠬᠢᠯ᠂ ᠬᠤᠰᠢᠭᠤᠨ ᠳ᠋ᠠᠬᠢ ᠬᠤᠯᠠᠭᠠᠢ ᠬᠢᠳᠡᠭ ᠰᠠᠢᠨ ᠡᠷ᠎ᠡ ᠶ᠋ᠢᠨ ᠨᠡᠷ᠎ᠡ᠂ ᠲᠡᠳᠡᠨ ᠢ ᠰᠠᠢᠨ ᠨᠣᠶᠠᠨ ᠬᠠᠭᠠᠨ ᠤ᠋ ᠬᠤᠰᠢᠭᠤᠨ ᠳ᠋ᠠᠬᠢ ᠰᠠᠢᠨ ᠡᠷᠡᠰ ᠲᠡᠢ ᠶᠠᠮᠠᠷ ᠬᠡᠯᠬᠢᠶ᠎ᠡ ᠲᠡᠢ ᠪᠠᠢᠭ᠎ᠠ ᠮᠡᠳᠡᠭᠡ ᠶ᠋ᠢ ᠨᠢᠭᠡ ᠳ᠋ᠦ᠍ ᠨᠢᠭᠡ ᠦᠭᠡᠢ ᠪᠦᠷᠢᠯᠳᠦᠭᠦᠯᠵᠦ᠂ ᠣᠳᠣ ᠯᠠ ᠭᠣᠣᠯ ᠭᠣᠣᠯ ᠬᠤᠯᠠᠭᠠᠢᠴᠢ ᠰᠠᠢᠨ ᠡᠷ᠎ᠡ ᠶ᠋ᠢ ᠪᠠᠷᠢᠵᠤ ᠠᠪᠤᠭᠠᠳ᠂ ᠮᠠᠨᠠᠢ ᠬᠤᠰᠢᠭᠤᠨ ᠳ᠋ᠤ᠌ ᠬᠤᠯᠠᠭᠠᠢ ᠬᠢᠳᠡᠭ ᠬᠥᠮᠦᠨ ᠪᠠᠢᠬᠤ ᠭᠡᠵᠦ ᠪᠠᠷᠳᠠᠮᠨᠠᠨ ᠬᠡᠯᠡᠭᠰᠡᠨ ᠣᠮᠣᠭᠯᠠᠩ ᠵᠠᠯᠠᠭᠤ ᠬᠠᠨ ᠢ᠋ ᠨᠢᠭᠡ ᠰᠠᠢᠨ ᠴᠢᠳᠠᠶ᠎ᠠ ᠳᠠ ᠭᠡᠵᠦ ᠠᠯᠠᠭ᠎ᠠ ᠪᠠᠨ ᠢᠯᠢᠳᠡᠭ ᠪᠣᠯᠵᠠᠢ᠃ 
       ᠨᠢᠭᠡ ᠣᠷᠣᠢ ᠪᠠᠳᠢᠷᠴᠢ᠂ ᠨᠣᠶᠠᠨ ᠤ᠋ ᠦᠷᠭᠦᠭᠡᠨ ᠳ᠋ᠦ᠍ ᠬᠦᠷᠴᠦ ᠢᠷᠡᠭᠡᠳ᠂ ᠣᠳᠣ ᠳᠠ ᠬᠦᠷᠢᠶ᠎ᠡ ᠣᠷᠣᠯ᠎ᠠ ᠭᠡᠵᠦ ᠨᠣᠶᠠᠨ ᠲᠠᠢ ᠬᠣᠶᠠᠭᠤᠯᠠ ᠪᠠᠨ ᠨᠡᠯᠢᠶᠡᠳ ᠤᠳᠠᠭᠠᠨ ᠶᠠᠷᠢᠯᠴᠠᠪᠠ᠃ ᠨᠣᠶᠠᠨ᠂ ᠪᠠᠳᠢᠷᠴᠢ ᠲᠠᠢ ᠠᠭᠤᠯᠵᠠᠵᠤ ᠶᠠᠷᠢᠭᠰᠠᠨ ᠳ᠋ᠠᠭᠠᠨ ᠰᠡᠳᠬᠢᠯ ᠶᠡᠬᠡᠯ᠎ᠡ ᠬᠥᠭᠵᠢᠵᠦ᠂ ᠣᠷᠣᠢ ᠶᠢᠨ ᠬᠣᠭᠣᠯᠠ ᠪᠠᠷ ᠬᠠᠭᠤᠴᠢᠨ ᠱᠣᠣ ᠰᠢᠩ ᠠᠷᠢᠬᠢ ᠭᠠᠷᠭᠠᠭᠤᠯᠵᠤ᠂ ᠰᠡᠷᠵᠢᠮ ᠡᠷᠭᠦᠭᠦᠯᠦᠭᠡᠳ ᠪᠠᠳᠢᠷᠴᠢ ᠶ᠋ᠢ ᠵᠣᠴᠢᠯᠠᠵᠠᠢ᠃  
       ᠣᠨ ᠤᠳᠠᠭᠰᠠᠨ ᠰᠦᠷᠡᠬᠡᠢ ᠠᠷᠢᠬᠢᠨ ᠠ᠋ᠴᠠ ᠠᠮᠠ ᠬᠠᠯᠠᠵᠤ ᠰᠣᠭᠲᠣᠭᠰᠠᠨ ᠪᠠᠳᠢᠷᠴᠢ ᠭᠡᠨᠡᠳᠲᠡ ᠨᠣᠶᠠᠨ ᠤ᠋ ᠥᠭᠡᠳᠡ ᠡᠴᠡ ᠨᠢᠳᠦ ᠠᠨᠢᠰᠬᠢᠨ ᠰᠢᠷᠳᠡᠵᠦ᠂ ᠶᠡᠬᠡ  ᠨᠢᠭᠤᠴᠠ ᠶᠠᠭᠤᠮ᠎ᠠ ᠶᠠᠷᠢᠬᠤ ᠳᠦᠷᠢᠮ ᠦᠵᠡᠭᠦᠯᠦᠨ ᠰᠢᠪᠡᠭᠡᠨᠡᠵᠦ᠂ 
       — ᠰᠠᠶᠢ ᠪᠢ ᠬᠡᠭᠡᠷ᠎ᠡ ᠨᠢᠭᠡ ᠡᠪᠦᠭᠡᠨ ᠬᠢᠲᠠᠳ ᠲᠠᠢ ᠳᠠᠭᠠᠷᠢᠯᠳᠤᠵᠤ᠂ ᠲᠡᠷᠡ ᠬᠥᠮᠦᠨ ᠮᠢᠨᠦ ᠵᠣᠳᠣᠭᠠᠷ ᠲᠤ᠌ ᠬᠣᠨᠣᠭᠠᠳ ᠰᠠᠢᠬᠠᠨ ᠲᠠᠨᠢᠯᠴᠠᠵᠤ ᠰᠠᠯᠤᠭᠰᠠᠨ᠃ ᠲᠡᠷᠡ ᠬᠢᠲᠠᠳ ᠪᠡᠶ᠎ᠡ ᠪᠡᠨ ᠮᠠ ᠣᠪᠣᠭ ᠲᠠᠢ ᠬᠤᠢ ᠬᠤᠢ ᠬᠥᠮᠦᠨ ᠭᠡᠳ ᠲᠠᠨ ᠢ᠋ ᠰᠠᠢᠨ ᠲᠠᠨᠢᠳᠠᠭ ᠭᠡᠵᠦ ᠬᠡᠯᠡᠵᠦ ᠪᠢᠯᠡ᠃ ᠬᠥᠬᠡ ᠨᠣᠬᠠᠢ ᠵᠢᠯ᠂ ᠲᠡᠭᠦᠨ ᠦ᠌ ᠴᠡᠷᠢᠭ ᠳᠠᠷᠤᠭᠳᠠᠭᠠᠳ᠂ ᠬᠠᠮᠤᠭ ᠣᠯᠤᠭᠰᠠᠨ ᠣᠯᠵᠠ ᠠ᠋ᠴᠠ ᠰᠠᠯᠵᠤ᠂ ᠵᠥᠪᠬᠡᠨ ᠣᠯᠠᠨ ᠴᠡᠷᠢᠭ ᠦ᠋ᠨ ᠠᠮᠢ ᠪᠦᠲᠦᠨ ᠭᠠᠷᠤᠭᠰᠠᠨ ᠵᠠᠪᠰᠢᠶᠠᠨ ᠪᠠᠢᠳᠠᠯ ᠢ᠋ ᠲᠠᠨ ᠤ᠋ ᠪᠡᠶ᠎ᠡ ᠶ᠋ᠢ ᠨᠠᠷᠢᠨ ᠰᠠᠢᠨ ᠮᠡᠳᠡᠬᠦ ᠭᠡᠵᠦ ᠬᠡᠯᠡᠭᠰᠡᠨ᠃ ᠲᠡᠷᠡ ᠪᠠᠢᠳᠠᠯ ᠢ᠋ ᠬᠦᠷᠢᠶ᠎ᠡ ᠠᠮᠪᠠᠨ ᠣᠯᠵᠤ ᠰᠣᠨᠣᠰᠪᠠᠯ᠂ ᠬᠡᠯᠡᠵᠦ ᠥᠭᠭᠦᠭᠰᠡᠨ ᠬᠥᠮᠦᠨ ᠳ᠋ᠦ᠍ ᠨᠡᠯᠢᠶᠡᠳ ᠱᠠᠩ ᠥᠭᠴᠦ ᠮᠡᠳᠡᠬᠦ ᠬᠡᠷᠡᠭ ᠪᠢᠯᠡ᠃ ᠪᠢ ᠳᠣᠯᠣᠭᠠᠨ ᠡᠪᠦᠭᠡᠨ ᠲᠠᠢᠵᠢ᠂ ᠠᠯᠲᠠᠨ ᠭᠡᠷᠡᠯ ᠤᠩᠰᠢᠭᠰᠠᠨ ᠤ᠋ ᠪᠠᠷᠢᠴᠠ ᠡᠷᠭᠦᠯ ᠳ᠋ᠦ᠍ ᠠᠪᠤᠭᠰᠠᠨ ᠠᠲᠠᠨ ᠲᠡᠮᠡᠭᠡ ᠪᠡᠨ ᠲᠡᠷᠡ ᠬᠢᠲᠠᠳ ᠲᠤ᠌  ᠤᠴᠠᠷᠠᠬᠤ ᠶ᠋ᠢᠨ ᠪᠡᠯᠡᠭ ᠪᠣᠯᠭᠠᠵᠤ ᠥᠭᠴᠢᠭᠰᠡᠨ᠃ ᠣᠳᠣ ᠡᠷᠬᠢᠮ ᠨᠣᠶᠠᠨ ᠲᠠ ᠮᠢᠨᠦ ᠴᠢᠳᠠᠯ ᠤ᠋ᠨ ᠬᠢᠷᠢ ᠪᠡᠷ ᠵᠢᠳᠬᠦᠵᠦ ᠶᠠᠪᠤᠭᠰᠠᠨ ᠢ᠋ ᠪᠣᠳᠣᠵᠤ᠂ ᠪᠠᠰᠠ ᠲᠡᠷᠡ ᠮᠠ ᠬᠤᠢ ᠬᠤᠢ ᠳ᠋ᠤ᠌ ᠨᠢᠭᠡ ᠲᠡᠮᠡᠭᠡ ᠪᠡᠯᠡᠭᠯᠡᠵᠦ ᠰᠣᠨᠢᠨ ᠮᠡᠳᠡᠭᠡ ᠣᠯᠤᠭᠰᠠᠨ ᠢ᠋ ᠲᠠᠭᠠᠯᠠᠯ ᠳ᠋ᠠᠭᠠᠨ ᠪᠣᠯᠭᠠᠬᠤ ᠪᠢᠵᠡ ᠭᠡᠬᠦ ᠳ᠋ᠦ᠍ᠨᠢ᠂   
       — ᠠ᠂ ᠳᠡᠭᠡᠯ ᠦᠭᠡᠢ ᠶᠠᠭᠠᠬᠢᠬᠤ ᠪᠣᠢ᠃ 
       ᠴᠢᠨᠦ ᠰᠤᠷᠪᠤᠯᠵᠢᠯᠠᠨ ᠣᠯᠤᠭᠰᠠᠨ ᠮᠡᠳᠡᠭᠡ ᠶ᠋ᠢ ᠶᠡᠬᠡᠳᠡ ᠬᠠᠷᠢᠭᠤᠯᠤᠨ ᠱᠠᠩᠨᠠᠪᠠᠯ ᠵᠣᠬᠢᠨ᠎ᠠ᠃  ᠪᠠᠰᠠ ᠨᠢᠭᠡ ᠬᠤᠨᠳᠠᠭ᠎ᠠ ᠲᠣᠭᠲᠠᠭ᠎ᠠ ᠭᠡᠵᠦ ᠲᠡᠷᠡ ᠰᠣᠭᠲᠣᠭᠰᠠᠨ ᠪᠠᠳᠢᠷᠴᠢ ᠳ᠋ᠤ᠌ ᠨᠢᠭᠡ ᠬᠤᠨᠳᠠᠭ᠎ᠠ ᠠᠷᠢᠬᠢ ᠬᠢᠵᠦ ᠥᠭᠭᠦᠭᠡᠳ᠂ ᠬᠥᠮᠦᠨ ᠳ᠋ᠦ᠍ ᠪᠡᠶ᠎ᠡ ᠪᠡᠨ ᠬᠣᠬᠢᠷᠠᠭᠤᠯᠤᠭᠰᠠᠨ ᠠ᠋ᠴᠠ ᠬᠥᠮᠦᠨ ᠢ᠋ ᠬᠣᠬᠢᠷᠠᠭᠤᠯᠤᠭᠰᠠᠨ ᠨᠢ ᠳᠡᠭᠡᠷ᠎ᠡ ᠭᠡᠵᠦ ᠼᠤᠤ ᠼᠤᠤ ᠶ᠋ᠢᠨ ᠬᠡᠯᠡᠭᠰᠡᠨ ᠦᠭᠡ ᠶ᠋ᠢ ᠳᠣᠲᠣᠷ᠎ᠠ ᠪᠠᠨ ᠰᠠᠨᠠᠭᠰᠠᠨ ᠢ᠋ᠶ᠋ᠠᠨ ᠣᠭᠲᠣ ᠲᠡᠷᠡ ᠰᠣᠭᠲᠣᠭᠤ ᠳ᠋ᠤ᠌ ᠮᠡᠳᠡᠭᠳᠡᠭᠰᠡᠨ ᠦᠭᠡᠢ᠂ ᠭᠠᠳᠠᠨ᠎ᠠ ᠪᠠᠨ ᠶᠡᠬᠡᠯ᠎ᠡ ᠡᠶᠡᠯᠳᠡᠭ ᠰᠠᠢᠬᠠᠨ ᠵᠠᠩ ᠲᠠᠢ ᠪᠠᠢᠵᠠᠢ᠃  
       ᠮᠠᠷᠭᠠᠰᠢ ᠥᠷᠯᠥᠭᠡ ᠨᠢ ᠪᠠᠳᠢᠷᠴᠢᠨ ᠢ᠋ ᠮᠣᠷᠳᠠᠬᠤ ᠳ᠋ᠤᠨᠢ᠂ ᡀᠠ ᠪᠠᠢᠰᠠ ᠨᠢᠭᠡ ᠬᠤᠨᠳᠠᠭ᠎ᠠ ᠱᠣᠣ ᠰᠢᠩ ᠠᠷᠢᠬᠢ ᠬᠢᠵᠦ ᠥᠭᠭᠦᠭᠡᠳ᠂ ᠬᠠᠳᠠᠭ ᠪᠠᠷᠢᠵᠤ ᠥᠭᠦᠯᠡᠷᠦᠨ: 
       — ᠡᠷᠬᠢᠮ ᠪᠠᠳᠢᠷᠴᠢ᠂ ᠬᠦᠷᠢᠶ᠎ᠡ ᠮᠣᠷᠢᠯᠠᠬᠤ ᠶ᠋ᠢᠨ ᠡᠮᠦᠨ᠎ᠡ ᠡᠷᠬᠡ ᠦᠭᠡᠢ ᠳᠠᠬᠢᠨ ᠨᠢᠭᠡ ᠢᠷᠠᠨᠠᠤ᠃ ᠪᠢ ᠲᠡᠷᠡ ᠵᠠᠪᠰᠠᠷ ᠪᠡᠯᠡᠭ ᠶᠣᠰᠣᠨ ᠤ᠋ ᠶᠠᠭᠤᠮ᠎ᠠ ᠶ᠋ᠢ ᠪᠡᠵᠠᠭᠠᠠ ᠪᠡᠯᠡᠳᠬᠡᠵᠦ᠂ ᠪᠠᠰᠠ ᠥᠷᠲᠡᠭᠡ ᠪᠡᠷ ᠶᠠᠪᠤᠬᠤ ᠵᠠᠷ ᠪᠢᠴᠢᠭ ᠰᠢᠢᠳᠬᠡᠨ ᠣᠯᠭᠤᠯᠰᠤᠭᠠᠢ ᠭᠡᠵᠦ ᠪᠢᠯᠡ᠃  ᠪᠠᠳᠢᠷᠴᠢ ᠲᠡᠷᠡ ᠦᠭᠡᠨ ᠳ᠋ᠦ᠍ ᠶᠡᠬᠡᠯ᠎ᠡ ᠪᠠᠶᠠᠷ ᠲᠠᠢ ᠮᠣᠷᠳᠠᠵᠤ᠂ ᠤᠳᠠᠯ ᠦᠭᠡᠢ ᠮᠥᠨ ᠡᠳᠦᠷ ᠲᠠᠮᠠᠭ᠎ᠠ ᠶ᠋ᠢᠨ ᠭᠠᠵᠠᠷ ᠠ᠋ᠴᠠ ᠴᠠᠭᠳᠠᠭ᠎ᠠ᠂ ᠬᠤᠯᠠᠭᠠᠢ  ᠪᠠᠷᠢᠷ᠎ᠠ ᠵᠦᠭ ᠵᠦᠭ ᠶᠠᠭᠠᠷᠠᠨ ᠳᠣᠪᠲᠣᠯᠵᠠᠢ᠃  ᠨᠠᠷᠠᠨ ᠰᠢᠩᠭᠡᠬᠦ ᠦᠶᠡᠰ ᠬᠣᠨᠢᠴᠢᠨ᠂ ᠠᠮᠠ ᠮᠤᠷᠤᠢᠨ ᠢᠷᠵᠠᠢᠵᠤ ᠦᠬᠦᠭᠰᠡᠨ ᠵᠢᠰᠦ ᠴᠢᠷᠠᠢ ᠦᠵᠡᠰᠢ ᠦᠭᠡᠢ ᠮᠠᠭᠤᠬᠠᠢ ᠬᠥᠬᠡᠷᠡᠨ ᠬᠠᠷᠠᠯᠠᠭᠰᠠᠨ ᠪᠠᠳᠢᠷᠴᠢᠨ ᠤ᠋ ᠬᠡᠭᠦᠷ ᠬᠡᠭᠡᠷ᠎ᠡ ᠬᠡᠪᠲᠡᠵᠦ ᠪᠠᠢᠭᠰᠠᠨ ᠢ᠋ ᠣᠯᠵᠤ ᠶᠡᠬᠡᠳᠡ ᠠᠶᠤᠵᠠᠢ᠃  ᠲᠡᠭᠦᠨ ᠡᠴᠡ ᠬᠣᠢᠰᠢ ᠪᠠᠳᠢᠷᠴᠢᠨ ᠤ᠋ ᠲᠡᠷᠡ ᠬᠥᠬᠡ ᠰᠠᠷᠯᠤᠭ ᠵᠡᠷᠯᠢᠭᠰᠢᠨ ᠬᠤᠯᠵᠢᠵᠤ᠂ ᠠᠢᠯ ᠪᠦᠬᠦᠨ ᠲᠡᠭᠦᠨ ᠢ᠋ ᠣᠢᠷᠠᠲᠤᠮᠠᠭᠴᠠ ᠬᠥᠭᠡᠭᠡᠨ ᠦᠯᠳᠡᠭᠰᠡᠭᠡᠷ ᠡᠮᠡᠭᠡᠯ ᠳᠤᠬᠤᠭᠠᠰᠤᠲᠠᠢ᠂ ᠡᠭᠦᠪᠡᠷ ᠲᠡᠭᠦᠪᠡᠷ ᠬᠡᠰᠦᠨ ᠬᠡᠷᠦᠵᠦ᠂ ᠤᠯᠤᠰ ᠬᠡᠯᠡᠯᠴᠡᠬᠦ ᠳ᠋ᠡᠭᠡᠨ᠂ ᠡᠪᠦᠯ ᠦ᠋ᠨ ᠰᠢᠭᠤᠷᠭ᠎ᠠ ᠲᠠᠢ ᠰᠥᠨᠢ ᠪᠠᠳᠢᠷᠴᠢ ᠲᠡᠷᠡ ᠬᠥᠬᠡ ᠰᠠᠷᠯᠤᠭ ᠢ᠋ᠶ᠋ᠠᠨ ᠤᠨᠤᠭᠠᠳ᠂ ᠶᠠᠰᠤ ᠰᠢᠵᠢᠭᠢᠨᠡᠮ ᠬᠦᠢᠲᠡᠨ ᠢ᠋ᠶ᠋ᠡᠷ ᠢᠨᠢᠶᠡᠨ ᠨᠣᠶᠠᠨ ᠤ᠋ ᠥᠷᠭᠥᠭᠡ ᠶ᠋ᠢ ᠨᠠᠷᠠᠨ ᠪᠤᠷᠤᠭᠤ ᠡᠷᠭᠢᠵᠦ ᠳᠠᠪᠬᠢᠳᠠᠭ᠃  ᠲᠡᠭᠡᠬᠦ  ᠳ᠋ᠦ᠍ᠨᠢ ᠲᠡᠷᠡ ᠠᠶᠤᠮᠰᠢᠭᠲᠤ ᠰᠠᠷᠯᠤᠭ ᠤ᠋ᠨ ᠰᠠᠭᠰᠠᠭᠠᠷ ᠰᠡᠭᠦᠯ ᠡᠴᠡ ᠬᠥᠬᠡ ᠭᠠᠯ ᠪᠠᠳᠠᠷᠠᠵᠤ ᠶᠠᠪᠤᠬᠤ ᠶ᠋ᠢ ᠦᠵᠡᠯ᠎ᠡ ᠭᠡᠵᠦ ᠬᠡᠯᠡᠯᠴᠡᠬᠦ ᠪᠣᠯᠵᠤ ᠪᠢᠯᠡ᠃    

      ᠦᠰᠦᠭ ᠠᠮᠢᠯᠠᠭᠤᠯᠤᠭᠴᠢ᠄ ᠪᠠᠳᠮᠠᠰᠡᠴᠡᠨ᠂ ᠣᠶᠤᠨᠪᠠᠲᠤ᠂ ᠮᠥᠩᠭᠦᠡᠭᠤᠸ᠎ᠠ 
          ᠬᠢᠨᠠᠭᠴᠢ᠄ ᠲ ᠬᠦᠮᠦᠵᠢᠯᠲᠦ᠂ ᠣᠳᠬᠣᠨᠴᠡᠴᠡᠭ᠂ ᠪᠠᠯ 
          ᠤᠩᠰᠢᠭᠴᠢ᠄  ᠨᠠᠰᠤᠨ᠌ᠦ᠌ᠯᠵᠡᠢ