ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠭᠤᠲᠠᠭᠠᠷ ᠪᠣᠲᠢ – ᠨᠢᠭᠡᠳᠦᠭᠡᠷ ᠪᠦᠯᠦᠭ <ᠭᠤᠷᠪᠠ> Хан мунын сүүрс < доорд > – Мөнх зохиоов ᠂ Гутгаар бодь – Нэгдүгээр бүлэг <3> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠭᠤᠲᠠᠭᠠᠷ ᠪᠣᠲᠢ – ᠨᠢᠭᠡᠳᠦᠭᠡᠷ ᠪᠦᠯᠦᠭ <ᠭᠤᠷᠪᠠ> Хан мунын сүүрс < доорд > – Мөнх зохиоов ᠂ Гутгаар бодь – Нэгдүгээр бүлэг <3>

ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠭᠤᠲᠠᠭᠠᠷ ᠪᠣᠲᠢ – ᠨᠢᠭᠡᠳᠦᠭᠡᠷ ᠪᠦᠯᠦᠭ <ᠭᠤᠷᠪᠠ> Хан мунын сүүрс < доорд > – Мөнх зохиоов ᠂ Гутгаар бодь – Нэгдүгээр бүлэг <3>

ᠠᠩᠭᠢᠯᠠᠯ:ᠲᠤᠭᠤᠵᠢ ᠷᠣᠮᠠᠨ
2024-11-19

312

ᠭᠤᠲᠠᠭᠠᠷ ᠪᠣᠲᠢ – ᠨᠢᠭᠡᠳᠦᠭᠡᠷ ᠪᠦᠯᠦᠭ <ᠭᠤᠷᠪᠠ>


                  ᠭᠤᠷᠪᠠ    

       ᠮᠢᠩᠭᠠᠨ ᠸᠠᠩ ᠳᠣᠷᠵᠢᠸᠠᠩᠴᠣᠭ ᠤ᠋ᠨ ᠡᠯᠳᠡᠩᠭᠡ ᠶ᠋ᠢ ᠲᠤᠰᠠᠯᠠᠬᠤ ᠪᠦᠷᠢᠨ ᠵᠡᠪᠰᠡᠭᠯᠡᠭᠰᠡᠨ ᠮᠣᠷᠢᠨ ᠴᠡᠷᠢᠭ ᠪᠠᠷᠠᠭᠤᠨ ᠬᠦᠩ ᠦ᠋ᠨ ᠨᠤᠲᠤᠭ ᠲᠤ ᠰᠦᠷ ᠵᠢᠪᠬᠤᠯᠠᠩᠲᠠᠢ ᠪᠠᠭᠤᠪᠠ᠃ 
       ᠪᠠᠳᠣᠸᠴᠢᠷ ᠢ᠋ᠶ᠋ᠠᠷ ᠠᠬᠠᠯᠠᠭᠰᠠᠨ ᠮᠣᠷᠢᠨ ᠴᠡᠷᠢᠭ ᠢ᠋ ᠵᠣᠳᠪᠠ ᠮᠡᠢᠷᠡᠨ ᠲᠡᠷᠢᠭᠦᠲᠡᠨ᠂ ᠡᠯᠳᠡᠩᠭᠡ ᠶ᠋ᠢᠨ ᠪᠢᠴᠢᠭ ᠲᠡᠢ ᠬᠠᠮᠲᠤ ᠤᠭᠲᠤᠵᠤ ᠠᠪᠤᠭᠠᠳ《ᠱᠠᠵᠢᠨ ᠪᠠᠳᠠᠷᠠᠭᠤᠯᠤᠭᠴᠢ ᠰᠦᠮ᠎ᠡ》 ᠳ᠋ᠦ᠍ ᠬᠡᠳᠦ ᠬᠣᠨᠣᠭ ᠰᠠᠭᠤᠯᠭᠠᠪᠠ᠃ ᠲᠡᠭᠡᠭᠡᠳ ᠤᠯᠠᠭᠠᠨ ᠬᠠᠲᠤᠨ ᠤ᠋ ᠬᠥᠪᠡᠭᠡᠨ ᠳ᠋ᠡᠬᠢ ᠨᠣᠶᠠᠨ ᠰᠠᠩ ᠤ᠋ᠨ ᠵᠤᠰᠠᠭᠠᠯ᠂ ᠪᠢᠯᠵᠤᠤᠬᠠᠢ ᠵᠡᠷᠭᠡ ᠭᠠᠵᠠᠷ ᠢ᠋ᠶ᠋ᠠᠷ ᠴᠡᠷᠢᠭ ᠰᠠᠭᠤᠯᠭᠠᠵᠤ᠂ ᠵᠡᠭᠦᠨ ᠲᠠᠯ᠎ᠠ ᠠ᠋ᠴᠠ ᠠᠲᠠᠷ ᠬᠠᠭᠠᠯᠪᠤᠷᠢᠯᠠᠬᠤ ᠬᠠᠷ᠎ᠠ ᠴᠡᠷᠢᠭ ᠢ᠋ ᠴᠢᠩᠳᠠᠯᠠᠨ ᠰᠡᠷᠭᠡᠢᠯᠡᠵᠦ ᠪᠠᠷᠠᠭᠤᠨ ᠲᠠᠯ᠎ᠠ ᠪᠠᠷ ᠸᠠᠩ ᠰᠣᠬᠣᠷ ᠤ᠋ᠨ ᠲᠦᠰᠢᠯᠭᠡ ᠲᠡᠢ ᠪᠠᠭ᠎ᠠ ᠬᠠᠲᠤᠨ ᠰᠡᠷᠭᠦᠮ᠎ᠡ ᠳ᠋ᠦ᠍ ᠰᠦᠷᠳᠡᠭᠦᠯᠭᠡ ᠦᠵᠡᠭᠦᠯᠵᠦ᠂ ᠲᠡᠭᠦᠨ ᠦ᠌ ᠥᠪᠡᠷ ᠢ᠋ᠶ᠋ᠡᠨ ᠵᠠᠰᠠᠭ ᠤ᠋ᠨ ᠡᠷᠬᠡ ᠪᠡᠨ ᠶᠡᠭᠦᠯᠡᠨ ᠥᠭᠬᠦ ᠪᠤᠶᠤ ᠠᠶᠠᠨᠳᠠᠭᠠᠨ ᠵᠠᠢᠯᠠᠬᠤ ᠶ᠋ᠢ ᠨᠥᠷᠢᠨ ᠰᠢᠬᠠᠪᠠ᠃ 
       ᠪᠠᠳᠣᠸᠴᠢᠷ ᠲᠣᠸᠠᠨᠵᠠᠩ ᠢ᠋ᠶ᠋ᠠᠷ ᠨᠣᠶᠠᠯᠠᠭᠤᠯᠤᠭᠰᠠᠨ ᠬᠠᠷᠢ ᠶ᠋ᠢᠨ ᠵᠡᠪᠰᠡᠭ ᠲᠡᠢ ᠮᠣᠷᠢᠨ ᠴᠡᠷᠢᠭ ᠨᠢ ᠰᠢᠷ᠎ᠠ ᠴᠡᠷᠢᠭ ᠦ᠋ᠨ ᠬᠤᠪᠴᠠᠰᠤ ᠵᠠᠰᠠᠯ ᠳᠡᠭᠡᠷ᠎ᠡ ᠥᠷᠭᠡᠨ ᠰᠢᠷᠢᠨ ᠪᠦᠰᠡ ᠪᠦᠰᠡᠯᠡᠵᠦ᠂ ᠫᠤᠤ ᠰᠠᠭᠠᠳᠠᠭ᠂ ᠰᠡᠯᠡᠮ᠎ᠡ ᠬᠢᠲᠤᠭ᠎ᠠ ᠵᠡᠭᠦᠭᠰᠡᠨ ᠨᠢ ᠦᠨᠡᠬᠡᠷ ᠰᠦᠷ ᠲᠡᠢ᠃ ᠢᠩᠭᠢᠬᠦᠯᠡᠷ ᠥᠨᠥᠬᠢ ᠮᠤᠤᠷ ᠪᠤᠶᠤ ᠦᠨᠡᠭᠡᠨ ᠠᠷᠠᠰᠤᠨ ᠬᠣᠭᠣᠯᠠᠢᠪᠴᠢ ᠲᠠᠢ ᠨᠡᠬᠡᠢ ᠳᠡᠪᠡᠯ᠂ ᠢᠰᠡᠭᠡᠢ ᠲᠣᠭᠣᠷᠴᠣᠭᠲᠤ᠂ ᠣᠭᠳᠣᠷ ᠣᠭᠳᠣᠷ ᠬᠠᠷ᠎ᠠ ᠬᠦᠷᠮ᠎ᠡ ᠶ᠋ᠢᠨ ᠬᠢᠨᠢ ᠬᠥᠪᠥᠩ ᠨᠢ ᠪᠤᠯᠲᠠᠢᠭᠰᠠᠨ ᠵᠠᠬ᠎ᠠ ᠦᠭᠡᠢ ᠵᠠᠢᠳᠠᠩ ᠥᠮᠥᠳᠥ ᠲᠡᠢ ᠬᠢᠲᠠᠳ ᠳᠡᠭᠡᠷᠡᠮ᠂ ᠬᠠᠷ᠎ᠠ ᠴᠡᠷᠢᠭ ᠦ᠋ᠳ ᠦ᠋ᠨ ᠬᠠᠯᠵᠠᠨ ᠣᠮᠣᠭ ᠢ᠋ ᠶᠠᠭᠠᠬᠢᠬᠤ ᠠᠷᠭ᠎ᠠ ᠦᠭᠡᠢ ᠳᠠᠷᠤᠵᠤ ᠪᠠᠢᠯ᠎ᠠ᠃ 
       ᠰᠢᠷ᠎ᠠ ᠴᠡᠷᠢᠭ᠂ ᠬᠠᠷ᠎ᠠ ᠴᠡᠷᠢᠭ᠂ ᠮᠢᠩᠭᠠᠨ ᠤ᠋ ᠮᠣᠷᠢᠨ ᠴᠡᠷᠢᠭ ᠦ᠋ᠨ ᠰᠦᠷᠳᠡᠭᠦᠯᠦᠯ ᠪᠠᠷᠠᠭᠤᠨ ᠬᠦᠩ ᠦ᠋ᠨ ᠬᠣᠰᠢᠭᠤ ᠶ᠋ᠢ ᠭᠤᠷᠪᠠᠨ ᠲᠠᠯ᠎ᠠ ᠠ᠋ᠴᠠ ᠨᠢ ᠬᠠᠪᠴᠢᠵᠤ ᠪᠦᠬᠦᠯᠢ ᠪᠡᠷ ᠨᠢ ᠵᠠᠯᠭᠢᠬᠤ ᠭᠡᠰᠡᠨ ᠲᠦᠭᠰᠢᠭᠦᠷᠢ ᠪᠠᠭ᠎ᠠ ᠬᠠᠲᠤᠨ ᠢ᠋ ᠶᠠᠭᠠᠬᠢᠬᠤ ᠠᠷᠭ᠎ᠠ ᠦᠭᠡᠢ ᠨᠥᠮᠥᠷᠢᠨ ᠢᠷᠡᠬᠦ ᠳ᠋ᠦ᠍ ᠲᠡᠭᠦᠨ ᠦ᠌ ᠳᠣᠲᠣᠷ᠎ᠠ ᠨᠢ ᠰᠠᠮᠭᠠᠷᠳᠠᠬᠤ ᠦᠭᠡᠢ ᠪᠠᠢᠬᠤ ᠶ᠋ᠢᠨ ᠠᠷᠭ᠎ᠠ ᠦᠭᠡᠢ ᠪᠠᠢᠪᠠ᠃ ᠰᠢᠷ᠎ᠠ ᠴᠡᠷᠢᠭ ᠲᠦ᠍ ᠪᠠᠭᠤᠵᠤ ᠥᠭᠬᠦ ᠨᠢ ᠰᠢᠪᠰᠢᠭ᠂ ᠬᠠᠷ᠎ᠠ ᠴᠡᠷᠢᠭ ᠢ᠋ ᠲᠦᠰᠢᠬᠦ ᠨᠢ ᠢᠴᠢᠭᠦᠷᠢ᠃ ᠶᠠᠭᠠᠬᠢᠪᠠᠯ ᠳᠡᠭᠡᠷ᠎ᠡ ᠪᠣᠢ? ᠮᠣᠩᠭᠣᠯ ᠮᠣᠷᠢᠨ ᠴᠡᠷᠢᠭ ᠲᠡᠢ ᠡᠪᠰᠡᠵᠦ ᠪᠠᠢᠭᠠᠳ ᠦᠵᠡᠬᠦ ᠤᠤ? ᠪᠣᠯᠬᠤ ᠦᠭᠡᠢ᠃ ᠡᠯᠳᠡᠩᠭᠡ ᠴᠠᠭᠠᠨ᠎ᠠ ᠨᠢ ᠥᠩᠭᠡᠯᠵᠡᠵᠦ ᠪᠠᠢᠬᠤ ᠪᠤᠯᠬᠤᠷ᠁ ᠭᠡᠵᠦ ᠡᠯᠳᠡᠪ ᠢ᠋ ᠪᠣᠳᠣᠨ ᠵᠣᠪᠠᠨᠢᠬᠤ ᠳ᠋ᠠᠭᠠᠨ ᠥᠪᠡᠷ ᠦ᠋ᠨ ᠡᠷᠬᠡ ᠦᠭᠡᠢ ᠨᠢᠯᠪᠤᠰᠤ ᠤᠨᠠᠭᠠᠪᠠ᠁ 
       ᠤᠯᠤᠰ ᠭᠦᠷᠦᠨ᠂ ᠬᠣᠰᠢᠭᠤ ᠨᠤᠲᠤᠭ ᠢ᠋ᠶ᠋ᠠᠷ ᠢ᠋ᠶ᠋ᠠᠨ ᠬᠥᠯ ᠠᠯᠳᠠᠭᠰᠠᠨ ᠣᠨᠴᠠᠭᠠᠢ ᠦᠶ᠎ᠡ ᠳ᠋ᠦ᠍ ᠪᠤᠷᠤᠭᠤ ᠡᠰᠢᠯᠡᠭᠰᠡᠨ ᠰᠦᠬᠡ ᠮᠡᠲᠦ ᠪᠦᠰᠡᠭᠦᠢ ᠬᠥᠮᠦᠨ ᠦ᠌ ᠪᠣᠭᠣᠨᠢ ᠪᠣᠳᠣᠯ ᠢ᠋ᠶ᠋ᠠᠷ ᠱᠣᠭᠰᠢᠵᠤ ᠯᠠ ᠪᠣᠯᠬᠤ ᠦᠭᠡᠢ᠃ ᠣᠷᠴᠢᠨ ᠲᠣᠭᠣᠷᠢᠨ ᠤ᠋ ᠪᠣᠳᠠᠲᠠᠢ ᠪᠠᠢᠳᠠᠯ ᠢ᠋ ᠠᠵᠢᠭᠯᠠᠵᠤ ᠪᠠᠷᠠᠭᠤᠨ ᠬᠦᠩ ᠦ᠋ᠨ ᠵᠠᠰᠠᠭ ᠤ᠋ᠨ ᠵᠢᠯᠣᠭᠣ ᠶ᠋ᠢ ᠪᠠᠷᠢᠬᠤ ᠳ᠋ᠤ᠌ ᠤᠶᠠᠨ ᠬᠠᠳᠠᠨ ᠤᠬᠠᠭᠠᠨ ᠰᠠᠨᠠᠭ᠎ᠠ ᠬᠡᠷᠡᠭ ᠲᠡᠢ ᠭᠡᠳᠡᠭ ᠢ᠋ ᠪᠠᠭ᠎ᠠ ᠬᠠᠲᠤᠨ ᠤ᠋ ᠵᠠᠰᠠᠭ ᠤ᠋ᠨ ᠠᠮᠢᠳᠤᠷᠠᠯ ᠳ᠋ᠤ᠌ ᠲᠣᠬᠢᠶᠠᠯᠳᠤᠭᠰᠠᠨ ᠨᠤᠭᠤᠷᠠᠯ ᠪᠦᠳᠦᠷᠢᠯ ᠲᠡᠭᠦᠨ ᠳ᠋ᠦ᠍ ᠬᠡᠯᠡᠵᠦ ᠥᠭᠴᠦ ᠪᠠᠢᠯ᠎ᠠ᠃ 
       ᠴᠡᠷᠢᠭ ᠦ᠋ᠨ ᠬᠥᠮᠦᠨ ᠦ᠌ ᠡᠷᠡᠮᠡᠬᠡᠢ ᠵᠣᠷᠢᠭ ᠠᠷᠠᠨᠰᠢᠨ ᠳ᠋ᠤ᠌ ᠪᠡᠶ᠎ᠡ ᠪᠡᠨ ᠬᠠᠪᠢᠳᠠᠭᠤᠯᠵᠤ ᠪᠠᠳᠣᠸᠴᠢᠷ ᠲᠣᠸᠠᠨᠵᠠᠩ ᠤ᠋ᠨ ᠰᠡᠳᠬᠢᠯ ᠢ᠋ ᠨᠢ ᠣᠯᠬᠤ ᠭᠡᠳᠡᠭ ᠪᠦᠰᠡᠭᠦᠢ ᠬᠥᠮᠦᠨ ᠳ᠋ᠦ᠍ ᠠᠪᠴᠤ ᠬᠡᠯᠡᠪᠡᠯ ᠭᠠᠷ ᠤ᠋ᠨ ᠠᠯᠠᠭ᠎ᠠ ᠤᠷᠪᠠᠭᠤᠯᠬᠤ ᠰᠢᠭ᠋ ᠬᠢᠯᠪᠠᠷ ᠠᠵᠢ᠃ ᠲᠡᠭᠡᠬᠦ ᠳ᠋ᠦ᠍ ᠪᠠᠭ᠎ᠠ ᠬᠠᠲᠤᠨ ᠪᠡᠶ᠎ᠡ ᠪᠡᠨ ᠬᠠᠶᠠᠨ ᠲᠡᠭᠦᠨ ᠲᠡᠢ ᠨᠠᠭᠠᠯᠢᠩᠬᠠᠢᠲᠤᠵᠤ ᠶᠠᠭᠠᠬᠢᠵᠤ ᠪᠣᠯᠬᠤ ᠪᠢᠯᠡ! ᠡᠨᠡ ᠨᠢ ᠨᠢᠭᠡ ᠬᠣᠰᠢᠭᠤ ᠵᠠᠰᠠᠭ ᠤ᠋ᠨ ᠵᠢᠯᠣᠭᠣ ᠶ᠋ᠢ ᠠᠳᠬᠤᠵᠤ ᠪᠠᠢᠭ᠎ᠠ ᠪᠦᠰᠡᠭᠦᠢ ᠬᠥᠮᠦᠨ ᠳ᠋ᠦ᠍ ᠲᠤᠯᠭᠠᠷᠠᠭᠰᠠᠨ ᠶᠣᠰᠣᠲᠠᠢ ᠲᠦᠪᠡᠭᠲᠡᠢ ᠶᠠᠭᠤᠮ᠎ᠠ ᠪᠣᠯᠪᠠ᠃ ᠲᠡᠢᠨ ᠬᠦ᠌ ᠪᠠᠳᠣᠸᠴᠢᠷ ᠲᠣᠸᠠᠨᠵᠠᠩ ᠢ᠋ ᠣᠯᠢᠢᠬᠤ ᠦᠭᠡᠢ ᠬᠠᠶᠠᠭᠠᠨ ᠳ᠋ᠤᠨᠢ ᠬᠠᠶᠠᠴᠢᠬᠠᠭᠠᠳ᠂ ᠨᠢᠭᠡ ᠶᠡᠬᠡ ᠯᠠᠷᠵᠢᠶ᠎ᠠ ᠶᠠᠮᠪᠠ ᠲᠠᠲᠠᠭᠠᠳ ᠭᠡᠳᠡᠢᠵᠦ ᠪᠠᠰᠠ ᠪᠣᠯᠬᠤ ᠦᠭᠡᠢ ᠨᠢ ᠬᠡᠴᠡᠭᠦᠦ!  
       ᠡᠨᠡ ᠦᠶ᠎ᠡ ᠳ᠋ᠦ᠍ ᠪᠠᠭ᠎ᠠ ᠬᠠᠲᠤᠨ ᠬᠡᠦᠬᠡᠳ ᠲᠡᠢ ᠪᠣᠯᠬᠣᠷ ᠶᠠᠪᠤᠵᠤ ᠰᠠᠭᠤᠬᠤ ᠳ᠋ᠤ᠌ ᠳᠠᠩᠴᠤ ᠳᠥᠭᠥᠮ ᠦᠭᠡᠢ᠃ ᠬᠣᠰᠢᠭᠤ ᠨᠤᠲᠤᠭ᠂ ᠣᠷᠴᠢᠨ ᠲᠣᠭᠣᠷᠢᠨ ᠤ᠋ ᠴᠠᠭ ᠤ᠋ᠨ ᠪᠠᠢᠳᠠᠯ ᠢ᠋ ᠬᠠᠷᠠᠭᠠᠳ ᠪᠠᠢᠬᠤ ᠳ᠋ᠤ᠌ ᠲᠡᠭᠦᠨ ᠳ᠋ᠦ᠍ ᠲᠤᠰᠠᠯᠠᠵᠤ ᠢᠷᠡᠬᠦ ᠶᠠᠭᠤᠮ᠎ᠠ ᠬᠣᠮᠰᠠᠳᠠᠬᠤ ᠳ᠋ᠤᠨᠢ ᠰᠡᠳᠬᠢᠯ ᠶᠡᠬᠡᠳᠡ ᠵᠣᠪᠠᠭᠤᠷᠢᠲᠠᠢ᠃ ᠰᠢᠷ᠎ᠠ ᠴᠡᠷᠢᠭ᠂ ᠬᠠᠷ᠎ᠠ ᠴᠡᠷᠢᠭ᠂ ᠮᠣᠩᠭᠣᠯ ᠮᠣᠷᠢᠨ ᠴᠡᠷᠢᠭ ᠦ᠋ᠨ ᠭᠤᠷᠪᠠᠨ ᠬᠠᠪᠴᠢᠯᠭ᠎ᠠ ᠳᠣᠣᠷ᠎ᠠ ᠲᠡᠷᠡ ᠪᠡᠷ ᠪᠣᠳᠣᠯ ᠤ᠋ᠨ ᠵᠢᠯᠣᠭᠣ ᠪᠠᠨ ᠲᠥᠪ ᠪᠠᠷᠢᠵᠤ᠂ ᠵᠣᠷᠢᠭ ᠢ᠋ᠶ᠋ᠠᠨ ᠬᠠᠲᠠᠭᠤᠵᠢᠭᠤᠯᠬᠤ ᠨᠢ ᠶᠠᠭᠤᠨ ᠠ᠋ᠴᠠ ᠴᠤ᠌ ᠴᠢᠬᠤᠯᠠ ᠭᠡᠳᠡᠭ ᠢ᠋ ᠣᠢᠯᠠᠭᠠᠵᠤ᠂ ᠰᠢᠷ᠎ᠠ ᠴᠡᠷᠢᠭ ᠲᠦ᠍ ᠶᠠᠭᠠᠬᠢᠭᠰᠠᠨ ᠴᠤ᠌ ᠪᠠᠭᠤᠵᠤ ᠥᠭᠴᠦ ᠦᠯᠦ ᠪᠣᠯᠤᠨ᠎ᠠ᠃ ᠤᠷᠢᠳ ᠢ᠋ᠶ᠋ᠠᠷ ᠮᠣᠷᠢᠨ ᠴᠡᠷᠢᠭ ᠦ᠋ᠨ ᠨᠣᠶᠠᠨ ᠪᠠᠳᠣᠸᠴᠢᠷ ᠲᠠᠢ ᠡᠪᠰᠡᠵᠦ ᠦᠵᠡᠶ᠎ᠡ᠃ ᠲᠡᠢᠨ ᠬᠦ᠌ ᠪᠠᠲᠤᠯᠠᠭ᠎ᠠ ᠮᠠᠭᠤᠲᠠᠢ ᠪᠣᠯ ᠬᠠᠷ᠎ᠠ ᠴᠡᠷᠢᠭ ᠢ᠋ ᠨᠥᠮᠥᠷᠢᠳᠡᠵᠦ ᠣᠴᠢᠶ᠎ᠠ ᠭᠡᠵᠦ ᠰᠢᠭᠤᠳᠪᠠ᠃ ᠲᠡᠭᠡᠭᠡᠳ ᠲᠤᠰᠠᠯᠠᠭᠴᠢ ᠱᠠᠭᠳᠠᠷ ᠢ᠋ ᠶᠠᠪᠤᠭᠤᠯᠵᠤ ᠮᠣᠷᠢᠨ ᠴᠡᠷᠢᠭ ᠦ᠋ᠨ ᠪᠠᠳᠣᠸᠴᠢᠷ ᠲᠣᠸᠠᠨᠵᠠᠩ ᠵᠡᠷᠭᠡ ᠨᠣᠶᠠᠨ ᠢ᠋ ᠬᠣᠰᠢᠭᠤ ᠵᠠᠰᠠᠭ ᠤ᠋ᠨ ᠶᠠᠮᠤᠨ ᠳ᠋ᠠᠭᠠᠨ ᠵᠠᠯᠠᠵᠤ ᠳᠠᠢᠯᠠᠯᠭ᠎ᠠ ᠶᠠᠪᠤᠭᠤᠯᠤᠨ ᠪᠡᠶ᠎ᠡ ᠳ᠋ᠡᠭᠡᠨ ᠲᠠᠲᠠᠬᠤ ᠪᠠᠷ ᠪᠡᠯᠡᠳᠬᠡᠯ ᠬᠢᠯ᠎ᠡ᠃  
       ᠪᠠᠳᠣᠸᠴᠢᠷ ᠲᠤᠸᠠᠨᠵᠠᠩ ᠶᠡᠷᠦ ᠨᠢ ᠪᠠᠷᠠᠭᠤᠨ ᠬᠦᠩ ᠦ᠋ᠨ ᠨᠣᠶᠠᠨ ᠤ᠋ ᠪᠠᠭ᠎ᠠ ᠬᠠᠲᠤᠨ ᠲᠠᠢ ᠪᠡᠶ᠎ᠡ ᠪᠡᠷ ᠢ᠋ᠶ᠋ᠡᠨ ᠤᠴᠠᠷᠠᠵᠤ ᠵᠣᠯᠭᠠᠨ ᠰᠤᠳᠠᠯ ᠢ᠋ ᠨᠢ ᠪᠠᠷᠢᠵᠤ ᠦᠵᠡᠶ᠎ᠡ ᠭᠡᠵᠦ ᠰᠠᠨᠠᠵᠤ ᠪᠠᠢᠭᠰᠠᠨ ᠳ᠋ᠤ᠌《ᠳᠠᠢᠯᠠᠯᠭ᠎ᠠ ᠶ᠋ᠢᠨ ᠤᠷᠢᠯᠭ᠎ᠠ》 ᠢᠷᠡᠭᠰᠡᠨ ᠳ᠋ᠦ᠍ ᠬᠡᠷᠡᠭ ᠤᠴᠢᠷ ᠰᠠᠨᠠᠭᠰᠠᠨ ᠢ᠋ᠶ᠋ᠠᠷ ᠨᠢ ᠪᠣᠯᠤᠭᠰᠠᠨ ᠳ᠋ᠤ᠌ ᠪᠠᠶᠠᠷᠯᠠᠨ ᠰᠠᠭᠠᠲᠠᠯ ᠦᠭᠡᠢ ᠵᠠᠯᠠᠷᠠᠨ ᠪᠠᠭᠤᠵᠠᠢ᠃  
       ᠪᠠᠭ᠎ᠠ ᠬᠠᠲᠤᠨ ᠪᠠᠲᠣᠸᠴᠢᠷ ᠲᠣᠸᠠᠨᠵᠠᠩ ᠢ᠋ ᠮᠤᠬᠤᠷ ᠬᠢᠲᠤᠭ᠎ᠠ ᠡᠮᠬᠦᠭᠦᠯᠵᠦ ᠮᠤᠩᠬᠠᠷᠠᠲᠠᠯ᠎ᠠ ᠰᠣᠭᠲᠣᠭᠠᠵᠤ ᠪᠠᠢᠭᠠᠳ ᠵᠢᠯᠣᠭᠣ ᠶ᠋ᠢ ᠨᠢ ᠪᠠᠷᠢᠶ᠎ᠠ ᠭᠡᠵᠦ ᠪᠠᠢᠭᠰᠠᠨ ᠲᠤᠯᠠ ᠲᠠᠷᠭᠤᠨ ᠤᠭᠤᠴᠠ ᠲᠠᠯᠪᠢᠵᠤ᠂ ᠤᠭᠤᠴᠠᠨ ᠤ᠋ ᠢᠷᠦᠭᠡᠯ ᠤᠩᠰᠢᠭᠤᠯᠤᠨ ᠳᠠᠭᠤᠴᠢᠨ ᠪᠦᠰᠡᠭᠦᠢ ᠪᠡᠷ《ᠭᠤᠷᠪᠠᠨ ᠪᠤᠶᠠᠨ》① ᠢ᠋ ᠰᠡᠳᠬᠢᠯ ᠰᠡᠩᠰᠡᠷᠡᠲᠡᠯ᠎ᠡ ᠳᠠᠭᠤᠯᠠᠭᠤᠯᠤᠨ ᠵᠠᠰᠠᠯ ᠵᠢᠮᠰᠡᠭ ᠲᠡᠢ ᠤᠷᠠᠳ ᠬᠡᠣᠬᠡᠨᠴᠣᠣᠯ ᠢ᠋ᠶ᠋ᠠᠷ ᠠᠷᠢᠬᠢ ᠱᠣᠭᠰᠢᠭᠤᠯᠤᠨ ᠪᠠᠷᠢᠵᠤ ᠪᠠᠳᠣᠸᠴᠢᠷ ᠲᠣᠸᠠᠨᠵᠠᠩ ᠢ᠋ ᠵᠣᠭᠰᠣᠭ᠎ᠠ ᠵᠠᠢ ᠦᠭᠡᠢ ᠬᠦᠨᠳᠦᠯᠡᠵᠦ ᠲᠡᠭᠦᠨ ᠢ᠋《ᠤᠷᠠᠳ ᠤ᠋ᠨ ᠪᠠᠷᠠᠭᠤᠨ ᠬᠦᠩ ᠦ᠋ᠨ ᠬᠤᠰᠢᠭᠤᠨ ᠤ᠋ ᠠᠮᠤᠷ ᠲᠦᠪᠰᠢᠨ ᠢ᠋ ᠬᠠᠮᠠᠭᠠᠯᠠᠬᠤ ᠳ᠋ᠤ᠌ ᠯᠤᠲᠤ ᠶᠡᠬᠡ ᠭᠠᠪᠢᠶ᠎ᠠ ᠵᠢᠳᠬᠦᠯ ᠦᠵᠡᠭᠦᠯᠦᠯ᠎ᠡ》 ᠭᠡᠵᠦ ᠠᠮᠠ ᠬᠠᠭᠤᠷᠠᠢ ᠦᠭᠡᠢ ᠦᠭᠡᠢ ᠡᠷᠭᠦᠨ ᠮᠠᠭᠲᠠᠪᠠ᠃ 
       ᠪᠠᠲᠤᠸᠴᠢᠷ ᠳᠤᠸᠠᠨᠵᠠᠩ ᠪᠠᠭ᠎ᠠ ᠬᠠᠲᠤᠨ ᠤ᠋ ᠢᠩᠬᠭᠢᠵᠦ ᠳᠠᠢᠯᠠᠭᠰᠠᠨ ᠳ᠋ᠤ᠌ ᠰᠡᠳᠬᠢᠯ ᠰᠦᠷᠡᠬᠡᠢ ᠬᠥᠳᠡᠯᠵᠡᠢ᠃ ᠱᠠᠭᠠᠵᠠᠭᠠᠢ ᠶ᠋ᠢᠨ ᠱᠠᠭᠰᠢᠯᠭ᠎ᠠ ᠰᠢᠭ᠋ ᠤᠷᠠᠨ ᠦᠭᠡ᠂ ᠥᠬᠢᠳ ᠪᠦᠰᠡᠭᠦᠢ ᠶ᠋ᠢᠨ ᠮᠢᠰᠢᠶᠡᠬᠦ ᠴᠢᠷᠠᠢ᠂ ᠰᠠᠷᠬᠤᠳ ᠨᠠᠩᠴᠢᠳ ᠤ᠋ᠨ ᠱᠠᠯᠠᠯᠭ᠎ᠠ᠂ ᠤᠷᠲᠤ ᠶ᠋ᠢᠨ ᠳᠠᠭᠤᠤ ᠶ᠋ᠢᠨ ᠤᠶᠠᠩᠭ᠎ᠠ ᠬᠥᠭ ᠲᠦ᠍ ᠪᠠᠲᠤᠸᠴᠢᠷ ᠳᠤᠸᠠᠨᠵᠠᠩ ᠤ᠋ᠨ ᠲᠣᠯᠣᠭᠠᠢ ᠨᠢ ᠬᠥᠭᠡᠷᠦᠨ ᠬᠥᠪᠬᠡᠯᠵᠡᠬᠦ ᠳ᠋ᠡᠭᠡᠨ ᠵᠤᠳᠪᠠ ᠮᠡᠢᠷᠡᠨ ᠦ᠌ ᠬᠡᠯᠡᠭᠰᠡᠨ 《ᠮᠠᠨ ᠤ᠋ ᠪᠠᠷᠠᠭᠤᠨ ᠬᠦᠩ ᠦ᠋ᠨ ᠪᠠᠭ᠎ᠠ ᠬᠠᠲᠤᠨ ᠭᠡᠭᠴᠢ ᠴᠡᠴᠡᠭ ᠨᠠᠪᠴᠢ ᠰᠢᠭ᠋ ᠴᠡᠪᠡᠷᠬᠡᠨ ᠪᠦᠰᠡᠭᠦᠢ ᠪᠣᠢ ᠳᠠ ! ᠴᠢᠳᠠᠯ ᠠᠪᠢᠶᠠᠰ ᠴᠢᠨᠢ ᠲᠡᠩᠴᠡᠪᠡᠯ ᠴᠦ᠍ ᠴᠢᠭᠢᠭ ᠬᠤᠷ᠎ᠠ ᠨᠢ ᠪᠠᠭᠤᠨ᠎ᠠ ᠳᠠ!》 ᠭᠡᠰᠡᠨ ᠢ᠋ ᠰᠠᠨᠠᠵᠤ ᠣᠯᠤᠨ ᠬᠦᠯᠴᠭᠦᠷᠡᠮᠡᠭ ᠴᠢᠷᠠᠢᠯᠠᠨ᠄ 
       - ᠲᠠ ᠴᠦ᠍ ᠨᠡᠭᠡᠷᠡᠨ ᠴᠡᠴᠡᠭ ᠨᠠᠪᠴᠢ ᠰᠢᠭ᠋ ᠴᠡᠪᠡᠷᠬᠡᠨ ᠬᠠᠲᠤᠨ ᠶᠤᠮ ᠠ᠋᠃ ᠵᠠᠩ ᠰᠠᠢᠲᠠᠢ ᠬᠥᠮᠦᠨ ᠳ᠋ᠦ᠍ ᠨᠥᠬᠥᠷ ᠣᠯᠠᠨ᠂ ᠴᠢᠭᠢᠭ ᠰᠠᠢᠲᠠᠢ ᠠᠭᠤᠯᠠᠨ ᠳ᠋ᠤ᠌ ᠴᠡᠴᠡᠭ ᠠᠷᠪᠢᠨ ᠭᠡᠳᠡᠭ ᠰᠢᠳᠡ᠃ ᠭᠡᠳ ᠪᠠᠭ᠎ᠠ ᠬᠠᠲᠤᠨ ᠤ᠋ ᠭᠠᠷ ᠢ᠋ ᠪᠠᠷᠢᠬᠤ ᠭᠡᠬᠦᠯᠡᠷ ᠪᠠᠭ᠎ᠠ ᠬᠠᠲᠤᠨ ᠭᠠᠷ ᠢ᠋ᠶ᠋ᠠᠨ ᠬᠤᠷᠳᠤᠬᠠᠨ ᠵᠠᠢᠯᠠᠭᠤᠯᠵᠤ ᠬᠤᠨᠳᠠᠭ᠎ᠠ ᠲᠠᠢ ᠠᠷᠢᠬᠢ ᠪᠠᠨ ᠠᠪᠴᠤ᠄ 
       - ᠪᠠ‍ ᠳᠤᠸᠠᠨᠵᠠᠩ ᠠ᠋᠂ ᠬᠤᠨᠳᠠᠭ᠎ᠠ ᠲᠠᠢ ᠪᠠᠨ ! ᠭᠡᠵᠦ ᠦᠭᠡᠨ ᠦ᠌ ᠰᠡᠵᠢᠭᠦᠷ ᠢ᠋ ᠰᠢᠯᠵᠢᠭᠦᠯᠦᠨ ᠬᠤᠨᠳᠠᠭ᠎ᠠ ᠡᠷᠭᠦᠪᠡᠯ ᠪᠠᠲᠤᠸᠴᠢᠷ᠄ 
       - ᠵᠠ᠂ ᠵᠠ ! ᠴᠡᠴᠡᠭ ᠨᠢ ᠰᠠᠢᠬᠠᠨ ᠪᠣᠯᠪᠠᠴᠤ ᠴᠢᠭᠢᠭ ᠨᠢ ᠳᠤᠲᠠᠭᠤᠳᠠᠵᠤ ᠪᠠᠢᠭ᠎ᠠ ᠪᠢᠵᠡ ! ᠤᠰᠤᠯᠠᠶ᠎ᠠ᠂ ᠤᠰᠤᠯᠠᠶ᠎ᠠ ᠁ ᠭᠡᠳ ᠪᠠᠭ᠎ᠠ ᠬᠠᠲᠤᠨ ᠤ᠋ ᠬᠤᠨᠳᠠᠭ᠎ᠠ ᠲᠠᠢ ᠠᠷᠢᠬᠢ ᠶ᠋ᠢ ᠴᠠᠯᠭᠢᠲᠠᠯ᠎ᠠ ᠲᠤᠯᠭᠠᠵᠤ ᠪᠠᠷᠤᠭ ᠬᠤᠨᠳᠠᠭ᠎ᠠ ᠲᠠᠢ ᠨᠢ ᠵᠠᠯᠭᠢᠴᠢᠬᠠᠮᠠᠷ ᠬᠥᠨᠲᠥᠷᠪᠡ᠃ 
       ᠪᠠᠭ᠎ᠠ ᠬᠠᠲᠤᠨ᠂ ᠪᠠ‍ ᠳᠤᠸᠠᠨᠵᠠᠩ ᠤ᠋ᠨ ᠠᠷᠢᠬᠢ ᠨᠢ ᠬᠡᠲᠦᠷᠡᠵᠦ ᠠᠪᠢᠶᠠᠰ ᠨᠢ ᠴᠤᠬᠤᠯᠵᠠᠭᠰᠠᠨ ᠢ᠋ ᠮᠡᠳᠡᠭᠡᠳ ᠳᠣᠣᠷᠠᠬᠢ ᠬᠥᠮᠦᠰ ᠲᠡᠭᠡᠨ ᠨᠢᠳᠦ ᠵᠠᠷᠤᠵᠤ 《ᠲᠠ ᠨᠠᠷ ᠡᠭᠦᠨ ᠢ᠋ ᠰᠠᠢᠲᠤᠷ ᠠᠷᠭᠠᠳᠠᠵᠤ ᠮᠤᠩᠬᠠᠷᠠᠲᠠᠯ᠎ᠠ ᠰᠣᠭᠲᠣᠭᠠᠵᠤ ᠣᠷᠭᠢ !》 ᠭᠡᠰᠡᠨ ᠳᠣᠬᠢᠶ᠎ᠠ ᠥᠭᠴᠦ ᠪᠡᠶ᠎ᠡ ᠴᠢᠯᠥᠭᠡᠯᠡᠨ ᠵᠠᠢᠯᠠᠪᠠ᠃ ᠲᠡᠭᠦᠨ ᠦ᠌ ᠣᠷᠣᠨ ᠳ᠋ᠤ᠌ ᠳᠠᠭᠤᠴᠢᠨ ᠪᠦᠰᠡᠭᠦᠢ ᠶ᠋ᠢᠨ ᠨᠢᠭᠡ ᠨᠢ ᠣᠷᠣᠯᠠᠵᠤ ᠰᠠᠭᠤᠨ᠂ ᠠᠶ᠎ᠠ ᠡᠷᠭᠦᠨ ᠠᠷᠢᠬᠢ ᠪᠠᠷᠢᠪᠠ᠃ 
         ᠵᠠᠮ ᠤ᠋ᠨ ᠵᠠᠬ᠎ᠠ ᠳ᠋ᠤ᠌ ᠵᠠᠮᠤᠷ ᠰᠠᠢᠬᠠᠨ 
         ᠵᠠᠯᠠᠭᠤ ᠪᠠᠢᠬᠤ ᠳ᠋ᠤ᠌ ᠵᠢᠰᠦ ᠰᠠᠢᠬᠠᠨ ᠁ ᠭᠡᠵᠦ ᠳᠠᠭᠤᠴᠢ ᠪᠦᠰᠡᠭᠦᠢ ᠪᠠ‍ ᠳᠤᠸᠠᠨᠵᠠᠩ ᠳ᠋ᠤ᠌ ᠳᠠᠭᠤᠯᠠᠬᠤ ᠶ᠋ᠢᠨ ᠬᠠᠮᠲᠤ ᠠᠷᠢᠬᠢ ᠪᠠᠢᠪᠠᠯ ᠲᠡᠷᠡ ᠪᠡᠷ ᠰᠡᠳᠬᠢᠯ ᠨᠢ ᠰᠡᠷᠪᠡᠯᠵᠡᠨ ᠥᠨᠳᠡᠯᠵᠡᠵᠦ ᠪᠥᠭᠰᠡᠨ ᠳ᠋ᠡᠭᠡᠨ ᠡᠷᠭᠢᠭᠦᠯᠭᠡ ᠲᠡᠢ ᠶᠦᠮ ᠰᠢᠭ ᠰᠠᠭᠤᠵᠤ ᠲᠣᠭᠲᠠᠬᠤ ᠦᠭᠡᠢ ᠲᠠᠰᠢᠶ᠎ᠠ ᠪᠠᠷ ᠢ᠋ᠶ᠋ᠠᠨ ᠬᠣᠯᠬᠣᠯᠵᠠᠨ᠄ 
       - ᠠᠶ᠎ᠠ ! ᠪᠠᠭ᠎ᠠ ᠬᠠᠲᠤᠨ ᠤ᠋ ᠬᠣᠭᠣᠯᠠᠢ ᠨᠢ ᠬᠣᠩᠬᠣ ᠰᠢᠭ᠋ ᠬᠣᠨᠳᠣᠯᠠᠢ ᠨᠢ ᠴᠡᠴᠡᠭ ᠰᠢᠭ᠌ ᠭᠡᠳ ᠪᠠᠷᠢᠭᠰᠠᠨ ᠬᠤᠨᠳᠠᠭ᠎ᠠ ᠲᠠᠢ ᠠᠷᠢᠬᠢ ᠶ᠋ᠢ ᠨᠢ ᠬᠥᠨᠲᠥᠷᠴᠦ ᠯᠡ ᠪᠠᠢᠪᠠ᠃ ᠡᠨᠡ ᠦᠶ᠎ᠡ ᠳ᠋ᠦ᠍ ᠲᠡᠭᠦᠨ ᠦ᠌ ᠰᠡᠳᠬᠢᠯ ᠳ᠋ᠦ᠍ ᠴᠡᠴᠡᠭ ᠰᠢᠭ ᠴᠡᠪᠡᠷᠬᠡᠨ ᠪᠠᠭ᠎ᠠ ᠬᠠᠲᠤᠨ ᠯᠠ ᠭᠠᠵᠠᠷ ᠠᠪᠴᠤ ᠨᠢᠳᠦᠨ ᠳ᠋ᠦ᠍ᠨᠢ ᠴᠡᠴᠡᠭ ᠦ᠋ᠨ ᠡᠷᠪᠡᠬᠡᠢ ᠡᠷᠭᠢᠯᠳᠦᠬᠦ ᠡᠴᠡ ᠪᠣᠯᠵᠤ ᠲᠡᠷᠡ ᠳᠠᠭᠤᠴᠢ ᠪᠦᠰᠡᠭᠦᠢ ᠶ᠋ᠢᠨ ᠵᠥᠭᠡᠯᠡᠨ ᠴᠠᠭᠠᠨ ᠭᠠᠷ ᠢ᠋ ᠥᠪᠡᠷ ᠦ᠋ᠨ ᠢ᠋ᠶ᠋ᠡᠨ ᠠᠯᠠᠭᠠᠨ ᠳᠡᠭᠡᠷ᠎ᠡ ᠲᠠᠯᠪᠢᠵᠤ ᠳᠡᠭᠡᠷ᠎ᠡ ᠡᠴᠡ ᠨᠢ ᠥᠭᠦᠭᠡᠷᠲᠡᠨ ᠲᠠᠪᠰᠢᠵᠤ 《ᠪᠠᠭ᠎ᠠ ᠬᠠᠲᠤᠨ ᠦᠨᠡᠬᠡᠷ ᠴᠡᠴᠡᠭ ᠰᠢᠭ᠌ ᠴᠡᠪᠡᠷᠬᠡᠨ ᠲᠥᠷᠥᠭᠰᠡᠨ ᠮᠥᠷᠲᠡᠭᠡᠨ ᠳᠠᠭᠤᠤ ᠶ᠋ᠢ ᠴᠦ᠍ ᠰᠠᠢᠬᠠᠨ ᠳᠠᠭᠤᠯᠠᠵᠤ ᠪᠠᠢᠨ᠎ᠠ᠃ ᠴᠢᠷᠠᠢ ᠨᠢ ᠴᠡᠴᠡᠭ ᠰᠢᠭ᠂ ᠬᠣᠭᠣᠯᠠᠢ ᠨᠢ ᠬᠣᠩᠬᠣ ᠰᠢᠭ᠋᠁》 ᠭᠡᠳ ᠬᠡᠯᠡᠭᠰᠡᠨ ᠦᠭᠡ ᠪᠡᠨ ᠨᠤᠷᠰᠢᠨ ᠨᠣᠵᠣᠭᠣᠷᠠᠬᠤ ᠳ᠋ᠤ᠌ ᠳᠠᠭᠤᠴᠢ ᠪᠦᠰᠡᠭᠦᠢ ᠲᠡᠭᠦᠨ ᠦ᠌ ᠡᠮᠦᠨ᠎ᠡ ᠡᠴᠡ᠄ 
       - ᠪᠠ‍ ᠳᠤᠸᠠᠨᠵᠠᠩ ᠴᠤ᠌ ᠶᠣᠰᠣᠲᠠᠢ ᠨᠢᠭᠡ ᠡᠷ᠎ᠡ ᠬᠥᠮᠦᠨ ᠪᠠᠢᠨ᠎ᠠ ᠳᠠ ! ᠠᠷᠢᠬᠢ ᠶ᠋ᠢ ᠰᠠᠢᠨ ᠴᠦ᠍ ᠤᠤᠭᠤᠨ᠎ᠠ᠂ ᠰᠠᠢᠬᠠᠨ ᠴᠤ᠌ ᠤᠤᠭᠤᠨ᠎ᠠ᠂ ᠶᠣᠰᠣᠲᠠᠢ ᠯᠠ ᠬᠣᠳᠣᠭᠣᠳᠣ ᠨᠢ ᠯᠣᠩᠬᠣ ᠰᠢᠭ᠋ ᠭᠡᠬᠦ ᠳ᠋ᠦ᠍ ᠪᠠ‍ ᠳᠤᠸᠠᠨᠵᠠᠩ ᠲᠡᠭᠦᠨ ᠦ᠌ ᠦᠭᠡ ᠶ᠋ᠢ ᠲᠠᠰᠤᠯᠵᠤ᠄ 
       - ᠬᠦᠢ ! ᠮᠢᠨᠦ ᠬᠣᠳᠤᠭᠤᠲᠤ ᠯᠣᠩᠬᠣ ᠰᠢᠭ᠋ ᠪᠠᠢᠨ᠎ᠠ ᠭᠡᠵᠢ ᠤᠤ ? ᠬᠢ ᠬᠢ ᠂ ᠯᠣᠩᠬᠣ ᠰᠢᠭ᠋ ! ᠨᠡᠭᠡᠷᠡᠨ ‍ᠦᠤ ? ᠭᠡᠳ ᠬᠤᠨᠳᠠᠭ᠎ᠠ ᠲᠠᠢ ᠠᠷᠢᠬᠢ ᠶ᠋ᠢ ᠴᠢᠮᠠᠯᠠᠵᠤ᠂ ᠭᠠᠯᠠᠭᠤᠨ ᠬᠦᠵᠦᠭᠦᠲᠦ ᠶ᠋ᠢᠨ ᠳᠠᠷᠪᠠᠭᠠᠷ ᠠᠮᠠᠰᠠᠷ ᠢ᠋ ᠠᠮᠠ ᠲᠠᠢ ᠪᠠᠨ ᠲᠠᠭᠠᠷᠠᠭᠤᠯᠵᠤ ᠶᠡᠬᠡ ᠰᠠᠪᠠ ᠪᠠᠷ ᠨᠢ ᠶᠡᠭᠦᠯᠡᠵᠦ ᠠᠰᠬᠠᠨ ᠴᠢᠳᠬᠤᠨ ᠤᠤᠭᠤᠪᠠ᠃ ᠵᠣᠯ ᠢ᠋ᠶ᠋ᠠᠷ ᠲᠡᠷᠡ ᠭᠠᠯᠠᠭᠤᠨ ᠬᠦᠵᠦᠭᠦᠲᠦ ᠪᠣᠳᠣᠩ ᠳ᠋ᠤ᠌ ᠠᠷᠢᠬᠢ ᠳᠡᠮᠡᠢ ᠪᠠᠢᠭᠰᠠᠨ ᠦᠭᠡᠢ᠃ 
       - ᠣᠳᠣ ᠮᠢᠨᠦ ᠬᠣᠳᠣᠭᠣᠳᠣ ᠯᠣᠩᠬᠣ ᠶ᠋ᠢᠨ ᠪᠣᠳᠣᠩ ᠤᠤ ? ᠠ ? ᠭᠡᠵᠦ ᠪᠡᠶ᠎ᠡ ᠪᠡᠨ ᠤᠯᠠᠮ ᠰᠦᠷᠡᠬᠡᠢ ᠠᠷᠢᠬᠢ ᠤᠤᠭᠤᠳᠠᠭ ᠭᠡᠵᠦ ᠭᠠᠢᠬᠠᠭᠤᠯᠬᠤ ᠳ᠋ᠤ᠌ ᠵᠠᠪᠠᠵᠢᠨ ᠠ᠋ᠴᠠ ᠨᠢ ᠭᠣᠭᠣᠵᠢᠭᠰᠠᠨ ᠠᠷᠢᠬᠢ ᠡᠩᠭᠡᠯᠵᠡᠭᠦᠷ ᠢ᠋ ᠨᠢ ᠱᠠᠯ ᠨᠣᠷᠭᠠᠭᠰᠠᠨ ᠪᠠᠢᠯ᠎ᠠ᠃ ᠪᠠ‍ ᠳᠤᠸᠠᠨᠵᠠᠩ ᠱᠠᠯ ᠰᠣᠭᠲᠣᠵᠠᠢ᠃ 
       - ᠰᠡᠷᠭᠦᠮ᠎ᠡ ᠠ᠋ ! ᠨᠠᠭᠠᠰᠢ ᠪᠠᠨ ᠢᠷᠡᠭᠡᠴᠢ᠂ ᠴᠡᠴᠡᠭ ᠬᠤᠸᠠᠷ ᠰᠢᠭ᠋ ᠬᠥᠭᠡᠷᠦᠬᠦᠨ ᠶᠠᠭᠤᠮ᠎ᠠ ᠁ ᠠᠯᠢᠪ᠂ ᠪᠢ ᠨᠢᠭᠡ ᠡᠮᠬᠦᠶ᠎ᠡ᠂ ᠮᠢᠨᠦ ᠬᠣᠳᠣᠭᠣᠳᠣ ᠯᠣᠩᠬᠣ ᠰᠢᠭ᠋᠂ ᠴᠢᠨᠦ ᠬᠣᠭᠣᠯᠠᠢ ᠬᠣᠩᠬᠣ ᠰᠢᠭ᠋ ᠁ ᠭᠡᠵᠦ ᠱᠣᠯᠢ ᠦᠭᠡᠢ ᠶᠠᠭᠤᠮ᠎ᠠ ᠱᠠᠯᠴᠢᠭᠰᠠᠭᠠᠷ ᠶᠠᠭᠤ ᠴᠤ᠌ ᠮᠡᠳᠡᠬᠦ ᠦᠭᠡᠢ ᠤᠬᠠᠭ᠎ᠠ ᠠᠯᠳᠠᠪᠠ ᠁ 
       ᠲᠡᠷᠡ ᠤᠳᠠᠭᠠᠨ ᠤ᠋ ᠲᠠᠢᠯᠠᠯᠭᠠᠨ ᠳ᠋ᠤ᠌ ᠪᠠ‍ ᠳᠤᠸᠠᠨᠵᠠᠩ ᠤᠬᠠᠭ᠎ᠠ ᠠᠯᠳᠠᠲᠠᠯ᠎ᠠ ᠰᠣᠭᠲᠣᠭᠰᠠᠨ ᠪᠣᠯᠪᠠᠴᠤ ᠤᠷᠠᠳ ᠠᠷᠠᠳ ᠤ᠋ᠨ ᠤᠷᠲᠤ ᠶ᠋ᠢᠨ ᠰᠠᠢᠬᠠᠨ ᠳᠠᠭᠤᠤ ᠪᠣᠯᠤᠨ ᠰᠡᠷᠭᠦᠮ᠎ᠡ ᠶ᠋ᠢᠨ ᠭᠠᠩᠭᠠᠩ ᠰᠠᠢᠬᠠᠨ ᠵᠢᠰᠦ ᠴᠢᠷᠠᠢ᠂ ᠵᠠᠩ ᠠᠭᠠᠯᠢ ᠨᠢ ᠲᠡᠭᠦᠨ ᠦ᠌ ᠪᠣᠳᠣᠯ ᠳ᠋ᠤ᠌ ᠠᠷᠢᠯᠤᠰᠢ ᠦᠭᠡᠢ ᠬᠣᠨᠣᠭᠰᠢᠵᠤ᠂ ᠪᠠᠭ᠎ᠠ ᠬᠠᠲᠤᠨ ᠰᠡᠷᠭᠦᠮ᠎ᠡ ᠶ᠋ᠢ ᠡᠵᠡᠮᠳᠡᠬᠦ ᠰᠠᠨᠠᠭ᠎ᠠ ᠶ᠋ᠢ ᠨᠢ ᠤᠯᠠᠮ ᠣᠪᠣᠯᠵᠠᠭᠤᠯᠵᠠᠢ᠃ ᠲᠡᠭᠡᠬᠦ ᠪᠡᠷ ᠡᠯᠳᠡᠪ ᠰᠢᠯᠲᠠᠭ ᠡᠷᠢᠵᠦ ᠪᠠᠢᠨ ᠪᠠᠢᠨ ᠪᠠᠭ᠎ᠠ ᠬᠠᠲᠤᠨ ᠤ᠋ ᠣᠷᠤᠭᠤ ᠭᠦᠶᠦᠵᠦ ᠬᠣᠰᠢᠭᠤ ᠶᠠᠮᠤᠨ ᠤ᠋ ᠬᠠᠲᠠᠪᠴᠢ ᠶ᠋ᠢ ᠡᠯᠡᠭᠡᠳᠡᠭ ᠦ᠋ᠨ ᠨᠢᠭᠡ ᠪᠣᠯᠵᠠᠢ᠃ 《ᠡᠷ᠎ᠡ ᠦᠭᠡᠢ ᠪᠡᠯᠪᠡᠰᠦᠨ ᠡᠮ᠎ᠡ ᠶ᠋ᠢᠨ ᠡᠯᠳᠡᠩ ᠵᠠᠩ ᠢ᠋ ᠡᠷ᠎ᠡ ᠬᠥᠮᠦᠨ ᠶᠠᠮᠠᠷ ᠠᠨᠳᠠᠬᠤ ᠪᠢᠰᠢ᠃ ᠭᠡᠳᠡᠭᠡ ᠲᠡᠢ ᠭᠠᠵᠠᠷ ᠢ᠋ ᠨᠢ ᠪᠠᠵᠠᠭᠠᠳ ᠠᠪᠤᠪᠠᠯ ᠭᠡᠳᠡᠷᠭᠦ ᠪᠡᠨ ᠴᠢᠮᠠᠶ᠋ᠢ ᠬᠠᠵᠠᠭᠠᠳ ᠠᠪᠬᠤ ᠰᠢᠭ᠋ ᠲᠣᠷᠭᠠᠨ ᠴᠠᠪᠢ ᠪᠠᠷ ᠢ᠋ᠶ᠋ᠠᠨ ᠴᠡᠴᠡᠷᠭᠡᠨᠡᠭᠡᠳ ᠲᠠᠪᠲᠤᠷ ᠠᠯᠳᠠᠬᠤ ᠪᠣᠢ ! ᠪᠠᠭ᠎ᠠ ᠬᠠᠲᠤᠨ ᠴᠤ᠌ ᠬᠦᠩ ᠨᠣᠶᠠᠨ ᠠ᠋ᠴᠠ ᠬᠣᠢᠰᠢ ᠬᠡᠳᠦᠨ ᠵᠢᠯ ᠰᠤᠪᠠᠢ ᠭᠦᠶᠦᠭᠰᠡᠨ ᠦᠨᠢᠶ᠎ᠡ ᠰᠢᠭ ᠣᠷᠣᠭ᠎ᠠ ᠨᠢ ᠣᠷᠣᠭᠠᠳ ᠠᠷᠭ᠎ᠠ ᠦᠭᠡᠢ ᠪᠣᠯᠵᠤ ᠪᠠᠢᠬᠤ ᠪᠣᠢ ᠁ ᠡᠨᠡ ᠦᠶ᠎ᠡ ᠳ᠋ᠦ᠍ ᠴᠢ ᠶᠠᠭᠠᠬᠢᠵᠤ ᠪᠣᠯᠬᠤ ᠦᠭᠡᠢ ᠭᠡᠬᠦ ᠪᠣᠢ ᠳᠠ! ᠡᠮ᠎ᠡ ᠬᠥᠮᠦᠨ ᠭᠡᠭᠴᠢ ᠡᠷᠬᠡ ᠰᠦᠷᠳᠡᠨ᠂ ᠡᠳ᠋ ᠮᠥᠩᠭᠥᠲᠡᠨ ᠦ᠌ ᠥᠨᠳᠥᠷ ᠬᠡᠷᠡᠮ ᠢ᠋ ᠳᠠᠪᠠᠵᠤ ᠳᠡᠢᠯᠳᠡᠭ ᠦᠭᠡᠢ ᠡᠪᠦᠳᠦᠭ ᠨᠢ ᠨᠠᠬᠢᠯᠵᠠᠭᠠᠳ ᠪᠠᠢᠳᠠᠭ ᠶᠤᠮ᠃ ᠡᠪᠲᠦ ᠱᠠᠭᠠᠵᠠᠭᠠᠢ ᠪᠤᠭᠤ ᠪᠠᠷᠢᠨ᠎ᠠ ᠭᠡᠳᠡᠭ ᠦᠨᠡᠨ᠃  ᠪᠠ‍ ᠲᠤᠸᠠᠨᠵᠠᠩ ᠡᠪ ᠢ᠋ ᠨᠢ ᠮᠡᠳᠡᠭᠰᠡᠨ ᠬᠡᠷᠡᠭ᠃ ᠣᠷᠣᠭ᠎ᠠ ᠨᠢ ᠣᠷᠣᠭ᠎ᠠ ᠪᠠᠷ ᠢ᠋ᠶ᠋ᠠᠨ ᠵᠢᠷᠣᠭ᠎ᠠ ᠨᠢ ᠵᠢᠷᠣᠭ᠎ᠠ ᠪᠠᠷ ᠢ᠋ᠶ᠋ᠠᠨ ᠭᠡᠳᠡᠭ ᠢ᠋ᠶ᠋ᠡᠷ ᠪᠠᠭ᠎ᠠ ᠬᠠᠲᠤᠨ ᠪᠠ‍ ᠲᠤᠸᠠᠨᠵᠠᠩ ᠬᠣᠶᠠᠷ ᠴᠤ᠌ ᠪᠣᠯ ᠨᠠᠰᠤ ᠵᠢᠯ᠂ ᠵᠢᠰᠦ ᠥᠩᠭᠡ᠂ ᠪᠡᠶ᠎ᠡ ᠭᠠᠯᠪᠢᠷ᠂ ᠵᠡᠷᠭᠡ ᠵᠢᠩᠰᠡ ᠬᠠᠮᠢᠭ᠎ᠠ ᠠ᠋ᠴᠠ ᠨᠢ ᠠᠪᠤᠭᠠᠳ ᠬᠣᠯᠪᠣᠭᠰᠠᠨ ᠴᠤ᠌ ᠬᠠᠵᠠᠢᠬᠤ ᠶᠠᠭᠤᠮ᠎ᠠ ᠦᠭᠡᠢ ᠶᠠᠪ ᠴᠠᠪ ᠲᠣᠬᠢᠷᠠᠵᠤ ᠵᠡᠭᠦᠦ ᠤᠲᠠᠰᠤ ᠰᠦᠪᠡᠯᠡᠭᠰᠡᠨ ᠰᠢᠭ ᠶᠠᠭᠤᠮ᠎ᠠ ᠪᠣᠯᠤᠨ᠎ᠠ ᠳᠠ!》 ᠭᠡᠵᠦ ᠵᠤᠳᠪᠠ ᠮᠡᠢᠷᠡᠨ ᠦ᠌ ᠬᠡᠯᠡᠭᠰᠡᠨ ᠦᠭᠡ ᠨᠦ᠍ᠭᠦᠳ᠂ ᠲᠡᠭᠦᠨ ᠦ᠌ ᠴᠢᠬᠢᠨ ᠦ᠌ ᠬᠤᠯᠤᠭᠤ ᠶ᠋ᠢ ᠵᠠᠭᠠᠲᠤᠨᠠᠭᠤᠯᠤᠭᠠᠳ ᠥᠯᠮᠡᠢ ᠶ᠋ᠢᠨ ᠬᠢᠨᠢ ᠦᠵᠦᠭᠦᠷ ᠢ᠋ ᠪᠠᠭ᠎ᠠ ᠬᠠᠲᠤᠨ ᠤ᠋ ᠤᠷᠤᠭᠤ ᠱᠣᠭᠰᠢᠭᠤᠯᠤᠭᠠᠳ ᠪᠠᠢᠳᠠᠭ ᠪᠣᠯᠪᠠ᠃ 
       ᠪᠠ‍ ᠲᠤᠸᠠᠨᠵᠠᠩ ᠦᠷᠭᠦᠯᠵᠢ ᠬᠣᠰᠢᠭᠤ ᠶᠠᠮᠤᠨ ᠤ᠋ ᠣᠷᠳᠣᠨ ᠳ᠋ᠤ᠌ ᠣᠷᠣᠨ ᠭᠠᠷᠤᠨ ᠪᠠᠭ᠎ᠠ ᠬᠠᠲᠤᠨ ᠤ᠋ ᠴᠢᠬᠢᠨ ᠳ᠋ᠦ᠍ ᠰᠣᠨᠣᠰᠬᠤᠯᠠᠩ ᠲᠠᠢ ᠴᠢᠮᠡᠭ ᠦᠭᠡ ᠶ᠋ᠢ ᠮᠢᠯᠢᠶᠠᠵᠤ ᠬᠡᠯᠡᠨ ᠲᠡᠭᠦᠨ ᠦ᠌ ᠰᠡᠳᠬᠢᠯ ᠢ᠋ ᠬᠣᠨᠵᠢᠬᠤ ᠰᠠᠨᠠᠭ᠎ᠠ ᠲᠠᠢ ᠲᠣᠭᠣᠷᠢᠭᠤᠯᠵᠤ ᠲᠣᠭᠰᠢᠨ᠎ᠠ᠃ 
       ᠨᠢᠭᠡ ᠡᠳᠦᠷ ᠪᠠ‍ ᠲᠤᠸᠠᠨᠵᠠᠩ ᠪᠠᠭ᠎ᠠ ᠬᠠᠲᠤᠨ ᠤ᠋ ᠳ᠋ᠤ᠌ ᠢᠷᠡᠭᠡᠳ ᠴᠠᠢ ᠤᠤᠭᠤᠵᠤ᠂ ᠬᠠᠷ᠎ᠠ ᠲᠠᠮᠠᠬᠢ ᠰᠣᠷᠣᠬᠤ ᠶ᠋ᠢᠨ ᠳᠠᠭᠠᠤ᠄ 
       - ᠡᠨᠡ ᠵᠡᠭᠦᠨᠲᠡᠢ ᠬᠤᠳᠳᠤᠭ ᠳᠡᠭᠡᠷ᠎ᠡ ᠪᠢᠷᠠᠭᠤ ᠳᠠᠭᠠᠭᠤᠯᠤᠭᠰᠠᠨ ᠰᠢᠷ᠎ᠠ ᠲᠠᠷᠯᠠᠨ ᠬᠤᠰᠠᠷᠠᠩ ᠦᠨᠢᠶ᠎ᠡ ᠬᠠᠭᠰᠠᠭᠰᠠᠨ ᠮᠣᠳᠣᠨ ᠣᠩᠭᠣᠴᠠ ᠶ᠋ᠢ ᠦᠨᠦᠷᠯᠡᠵᠦ ᠵᠣᠭᠰᠣᠨ᠎ᠠ᠃ ᠡᠨᠡ ᠭᠠᠩ ᠤ᠋ᠨ ᠬᠠᠯᠠᠭᠤᠨ ᠳ᠋ᠤ᠌ ᠬᠡᠴᠡᠭᠦᠦ ᠤᠮᠳᠠᠭᠠᠰᠤᠭᠰᠠᠨ ᠶᠠᠩᠵᠤᠲᠠᠢ᠃ ᠨᠢᠭᠡ ᠬᠣᠪᠣᠭᠣ ᠤᠰᠤ ᠲᠠᠲᠠᠭᠠᠳ ᠨᠢᠭᠡ ᠰᠠᠢᠨ ᠴᠠᠩᠭᠠᠭ᠎ᠠ ᠶ᠋ᠢ ᠨᠢ ᠲᠠᠢᠯᠴᠢᠬᠠᠬᠤ ᠶᠤᠮ ᠤᠤ ᠭᠡᠳ ᠬᠤᠳᠳᠤᠭ ᠳᠡᠭᠡᠷ᠎ᠡ ᠬᠦᠷᠦᠭᠡᠳ ᠣᠴᠢᠪᠠᠯ ᠣᠭᠣᠰᠣᠷ ᠦᠭᠡᠢ ᠬᠣᠪᠣᠭᠣ ᠥᠨᠥᠴᠢᠷᠡᠯᠲᠡᠢ ᠪᠠᠢᠭ᠎ᠠ ᠳ᠋ᠤ᠌ ᠪᠢ ᠥᠨᠥᠬᠢ ᠶ᠋ᠢ ᠴᠢᠨᠢ ᠤᠰᠤᠯᠠᠵᠤ ᠴᠢᠳᠠᠭᠰᠠᠨ ᠦᠭᠡᠢ! ᠭᠡᠵᠦ ᠬᠡᠯᠡᠬᠦ ᠳ᠋ᠦ᠍ ᠪᠠᠭ᠎ᠠ ᠬᠠᠲᠤᠨ ᠬᠦᠢᠲᠡᠨ ᠢᠨᠢᠶᠡᠭᠡᠳ᠄ 
       - ᠥᠴᠥᠭᠡᠳᠦᠷ ᠤᠯᠠᠭᠠᠨ ᠬᠠᠲᠤᠨ ᠤ᠋ ᠬᠥᠪᠡᠭᠡᠨ ᠳ᠋ᠦ᠍ ᠨᠢᠭᠡ ᠵᠥᠨᠥᠭᠰᠡᠨ ᠬᠦᠷᠡᠩ ᠪᠤᠬ᠎ᠠ ᠦᠨᠢᠶᠡᠨ ᠦ᠌ ᠰᠢᠭᠡᠰᠦ ᠰᠢᠩᠰᠢᠯᠡᠵᠦ ᠶᠠᠪᠤᠭᠰᠠᠭᠠᠷ ᠪᠠᠢᠵᠤ ᠤᠯᠠᠭᠠᠨ ᠵᠠᠭᠠᠷᠠᠭ ᠲᠠᠢ ᠱᠠᠯᠪᠠᠭ ᠲᠤ᠌  ᠰᠢᠪᠠᠷᠳᠠᠴᠢᠬᠠᠭᠰᠠᠨ ᠵᠣᠭᠰᠣᠵᠤ ᠪᠠᠢᠨ᠎ᠠ ᠭᠡᠰᠡᠨ᠃ ᠲᠡᠭᠡᠭᠡᠳ ᠵᠢᠪᠠᠷ ᠳᠡᠭᠡᠷ᠎ᠡ ᠡᠴᠡ ᠰᠡᠩᠭᠢᠨᠡᠬᠦ ᠦᠨᠢᠶᠡᠨ ᠦ᠌ ᠰᠢᠩᠭᠡᠭ ᠦᠨᠦᠷᠲᠦᠨ ᠰᠠᠨᠳᠤᠷᠬᠤ ᠳ᠋ᠠᠭᠠᠨ ᠬᠥᠳᠡᠯᠵᠦ ᠳᠡᠢᠯᠬᠦ ᠦᠭᠡᠢ ᠳᠡᠮᠡᠢ ᠯᠡ ᠰᠥᠭᠡᠩᠭᠢ ᠳᠠᠭᠤᠨ ᠢ᠋ᠶ᠋ᠠᠷ ᠮᠥᠭᠡᠷᠡᠵᠦ ᠪᠠᠢᠨ᠎ᠠ᠃ ᠬᠢᠴᠢᠶᠡᠬᠦ ᠦᠭᠡᠢ ᠪᠣᠯ ᠭᠣᠣᠯ ᠤ᠋ᠨ ᠰᠢᠮᠠᠭᠤᠯ ᠳ᠋ᠤ᠌ ᠠᠮᠢᠳᠤ ᠪᠠᠷ ᠪᠠᠷᠢᠭᠳᠠᠨ᠎ᠠ ᠭᠡᠵᠦ ᠮᠠᠨ ᠤ᠋ ᠨᠣᠶᠠᠨ ᠰᠠᠩ ᠤ᠋ᠨ ᠦᠬᠡᠷ ᠦ᠋ᠨ ᠬᠥᠮᠦᠨ ᠬᠡᠯᠡᠵᠦ ᠪᠠᠢᠨ᠎ᠠ ᠪᠢᠯᠡ ᠭᠡᠳ ᠲᠡᠭᠦᠨ ᠦ᠌ ᠠᠮᠠ ᠶ᠋ᠢ ᠲᠣᠭᠰᠢᠪᠠ᠃
        ᠪᠠ‍ ᠲᠤᠸᠠᠨᠵᠠᠩ ᠪᠠᠭ᠎ᠠ ᠬᠠᠲᠤᠨ ᠤ᠋ ᠬᠠᠵᠠᠭᠤ ᠬᠠᠪᠢᠷᠭ᠎ᠠ ᠪᠠᠷ ᠵᠢᠭᠠᠬᠠᠨ ᠬᠦᠦ ᠨᠢ ᠳᠠᠪᠬᠢᠵᠤ ᠭᠦᠶᠦᠭᠡᠳ ᠪᠠᠢᠬᠤᠯᠠᠷ ᠰᠢᠭᠤᠳ ᠭᠠᠷ ᠲᠥᠷᠥᠵᠦ ᠪᠣᠯᠳᠠᠭ ᠦᠭᠡᠢ᠃ ᠡᠷᠭᠦᠮᠡᠯ ᠡᠬᠡ ᠨᠢ ᠭᠡᠵᠦ ᠨᠢᠭᠡ ᠬᠥᠭᠰᠢᠨ ᠲᠡᠭᠦᠨ ᠢ᠋ ᠰᠡᠭᠦᠳᠡᠷ ᠰᠢᠭ ᠳᠠᠭᠠᠨ ᠮᠠᠨᠠᠵᠤ ᠪᠠᠢᠳᠠᠭ ᠲᠤ᠌ ᠪᠠᠭ᠎ᠠ ᠬᠠᠲᠤᠨ ᠢ᠋ ᠰᠠᠨᠠᠭᠰᠠᠨ ᠬᠠᠢᠷᠠᠯᠠᠭᠰᠠᠨ ᠰᠢᠤᠬᠠᠨ ᠪᠠᠯ ᠪᠤᠷᠠᠮ ᠤ᠋ᠨ ᠦᠭᠡ ᠶ᠋ᠢ ᠢᠯᠠᠨ ᠳᠠᠯᠠᠨ ᠦᠭᠡᠢ ᠠᠰᠬᠠᠵᠤ ᠬᠡᠯᠡᠨ ᠪᠡᠶ᠎ᠡ ᠳ᠋ᠡᠭᠡᠨ ᠲᠠᠲᠠᠬᠤ ᠭᠡᠳ ᠶᠡᠷᠦ ᠵᠠᠪᠰᠢᠶᠠᠨ ᠣᠯᠤᠭᠰᠠᠨ ᠦᠭᠡᠢ᠃ ᠲᠡᠭᠡᠭᠡᠳ ᠲᠡᠷᠡ 《ᠬᠤᠳᠳᠤᠭ ᠳᠡᠭᠡᠷ᠎ᠡ ᠤᠮᠳᠠᠭᠠᠰᠤᠭᠰᠠᠨ ᠲᠤᠭᠤᠯ ᠲᠠᠢ ᠬᠤᠰᠠᠷᠠᠩ ᠦᠨᠢᠶ᠎ᠡ ᠁》 ᠭᠡᠵᠦ ᠪᠠᠭ᠎ᠠ ᠬᠠᠲᠤᠨ ᠢ᠋ ᠳᠠᠭᠠᠷᠢᠭᠤᠯᠵᠤ ᠬᠡᠯᠡᠭᠰᠡᠨ ᠢ᠋ ᠤᠬᠠᠭᠠᠨ ᠢ᠋ ᠨᠢ ᠣᠯᠵᠤ ᠪᠡᠶ᠎ᠡ ᠳ᠋ᠦ᠍ᠨᠢ ᠰᠠᠨᠠᠭ᠎ᠠ ᠲᠠᠢ ᠰᠠᠨ ᠪᠣᠯ 《ᠮᠣᠷᠢᠨ ᠤ᠋ ᠪᠠᠨ ᠴᠤᠯᠪᠤᠭᠤᠷ ᠢ᠋ ᠲᠠᠢᠯᠵᠤ ᠠᠪᠤᠭᠠᠳ ᠬᠣᠪᠣᠭᠣᠨ ᠳ᠋ᠤ᠌ ᠵᠠᠯᠭᠠᠵᠤ ᠴᠠᠩᠭᠠᠵᠤ ᠪᠡᠷᠬᠡᠳᠡᠭᠰᠡᠨ ᠲᠡᠷᠡ ᠲᠤᠭᠤᠯ ᠲᠠᠢ ᠦᠨᠢᠶ᠎ᠡ ᠶ᠋ᠢ ᠤᠰᠤᠯᠠᠵᠤ ᠥᠭᠳᠡᠭ ᠦᠭᠡᠢ ᠶᠠᠭᠠᠬᠢᠭᠰᠠᠨ ᠪᠣᠢ? ᠮᠣᠩᠭᠣᠯ ᠬᠥᠮᠦᠨ ᠪᠠᠢᠭᠠᠳ ᠡᠨᠡᠷᠢᠯ ᠦᠭᠡᠢ ᠭᠡᠭᠴᠢ ᠨᠢ 》 ᠭᠡᠬᠦ ᠡᠢᠮᠦᠷᠬᠦᠦ ᠬᠠᠷᠢᠭᠤᠯᠲᠠ ᠶ᠋ᠢ ᠬᠦᠰᠡᠭᠰᠡᠨ ᠬᠦᠰᠡᠯ ᠨᠢ ᠬᠥᠰᠡᠷᠳᠡᠵᠦ ᠡᠷᠭᠢᠭᠡᠳ 《ᠵᠥᠨᠥᠭᠰᠡᠨ ᠬᠦᠷᠡᠩ ᠪᠤᠬ᠎ᠠ᠁ ᠰᠢᠪᠡᠷᠲᠡᠯ᠎ᠡ᠁ 》ᠭᠡᠵᠦ ᠥᠷᠭᠡᠰᠦ ᠲᠡᠢ ᠲᠠᠰᠢᠭᠤᠷ ᠢ᠋ᠶ᠋ᠠᠷ ᠰᠢᠪᠬᠠᠷᠠᠭᠤᠯᠤᠭᠰᠠᠨ ᠰᠢᠭ᠋ ᠠᠮᠠ ᠪᠠᠨ ᠠᠯᠠᠭᠠᠳᠠᠭᠤᠯᠵᠤ ᠰᠠᠭᠤᠪᠠ᠃ ᠲᠡᠭᠡᠬᠦ ᠳ᠋ᠦ᠍ ᠪᠤᠬᠠᠨ ᠤ᠋ ᠰᠢᠷᠢ ᠰᠢᠭ ᠢᠴᠢᠬᠦ ᠶ᠋ᠢ ᠮᠡᠳᠡᠬᠦ ᠦᠭᠡᠢ ᠵᠤᠵᠠᠭᠠᠨ ᠨᠢᠭᠤᠷ ᠲᠠᠢ ᠪᠠ‍ ᠲᠤᠸᠠᠨᠵᠠᠩ ᠴᠢᠬᠢ ᠦᠭᠡᠢ ᠲᠣᠯᠣᠭᠠᠢ ᠰᠢᠭ᠋ ᠠᠨᠢᠷ ᠴᠤ᠌ ᠦᠭᠡᠢ ᠵᠦᠯᠴᠢᠢᠨ᠎ᠡ᠃ ᠡᠢᠮᠦ ᠢᠴᠢᠬᠦ ᠨᠢᠭᠤᠷ ᠲᠠᠭᠠᠨ ᠢᠯᠭᠢ ᠨᠠᠭᠠᠭᠰᠠᠨ ᠰᠢᠭ᠋ ᠵᠠᠪᠬᠠᠷᠠᠴᠢᠬᠠᠭᠰᠠᠨ ᠠᠮᠢᠲᠠᠨ ᠢ᠋ ᠶᠠᠭᠠᠬᠢᠨ᠎ᠠ ᠪᠣᠢ ? ᠪᠠᠭ᠎ᠠ ᠬᠠᠲᠤᠨ ᠲᠡᠭᠦᠨ ᠢ᠋ ᠰᠢᠭᠤᠳ ᠡᠰᠡᠷᠭᠦᠴᠡᠵᠦ ᠴᠢᠳᠠᠳᠠᠭ ᠦᠭᠡᠢ ᠪᠣᠯᠪᠠᠴᠤ ᠠᠶ᠎ᠠ ᠶ᠋ᠢ ᠨᠢ ᠳᠠᠭᠠᠭᠤᠯᠤᠨ ᠨᠠᠭᠠᠯᠢᠩᠬᠠᠢᠲᠤᠵᠤ ᠴᠤ᠌ ᠪᠣᠯᠳᠠᠭ ᠦᠭᠡᠢ ᠬᠣᠢᠨ᠎ᠠ ᠶᠠᠭ ᠯᠠ ᠬᠢᠯᠭᠠᠰᠤ ᠵᠠᠢᠳᠠᠯᠠᠭᠰᠠᠨ ᠰᠢᠷᠭᠤᠯᠵᠢ ᠶ᠋ᠢᠨ ᠨᠢᠭᠡ ᠪᠠᠢᠯ᠎ᠠ᠃ 
      ᠲᠡᠷᠡ ᠡᠳᠦᠷ ᠪᠠ‍ ᠲᠤᠸᠠᠨᠵᠠᠩ ᠰᠥᠨᠢ ᠳᠦᠯᠢ ᠪᠣᠯᠲᠠᠯ᠎ᠠ ᠪᠠᠭ᠎ᠠ ᠬᠠᠲᠤᠨ ᠤ᠋ ᠳ᠋ᠤ᠌ ᠵᠣᠭᠣᠭ ᠳᠡᠯᠭᠡᠨ ᠰᠠᠭᠤᠵᠤ ᠠᠷᠭ᠎ᠠ ᠶᠠᠳᠠᠬᠤ ᠳ᠋ᠠᠭᠠᠨ 《ᠤᠷᠠᠳ ᠤ᠋ᠨ ᠣᠷᠣᠭ᠎ᠠ ᠪᠠᠢᠳᠠᠰᠤ ᠶ᠋ᠢ ᠵᠠᠢᠳᠠᠯᠠᠬᠤ ᠨᠢᠭᠡ ᠡᠳᠦᠷ ᠪᠠᠢᠯᠭᠦᠢ ᠬᠦ! 》 ᠭᠡᠰᠡᠨ ᠭᠣᠭᠴᠣᠭ᠎ᠠ ᠲᠠᠢ ᠦᠭᠡ ᠰᠢᠳᠡᠴᠢᠬᠡᠭᠡᠳ ᠠᠷᠢᠯᠪᠠ᠃ 
       ᠪᠠᠭ᠎ᠠ ᠬᠠᠲᠤᠨ ᠶᠠᠭᠠᠬᠢᠬᠤ ᠪᠠᠨ ᠣᠯᠬᠤ ᠦᠭᠡᠢ ᠪᠣᠯᠤᠭᠠᠳ ᠲᠠᠬᠠᠷ ᠭᠦᠶᠦᠯᠭᠡᠵᠦ ᠤᠯᠠᠯᠵᠢ ᠠ᠋ᠴᠠ ᠮᠠᠨᠤᠨᠪᠠᠳᠮ᠎ᠠ ᠬᠥᠭᠰᠢᠨ ᠢ᠋ ᠳᠠᠭᠤᠳᠠᠭᠤᠯᠪᠠ᠃ 
      - ᠣᠳᠣ ᠶᠠᠭᠠᠬᠢᠨ᠎ᠠ ᠪᠣᠢ?  ᠪᠠᠳᠤᠸᠴᠢᠷ ᠭᠡᠳᠡᠭ ᠥᠯᠥᠨ ᠴᠢᠳᠬᠥᠷ ᠠᠪᠤᠯᠭ᠎ᠠ ᠶ᠋ᠢᠨ ᠡᠵᠡᠨ ᠰᠢᠭ ᠥᠨᠵᠢᠭᠦᠲᠡ ᠬᠣᠨᠣᠭᠤᠲᠠ ᠢᠷᠡᠭᠡᠳ ᠲᠣᠭᠣᠷᠢᠭᠤᠯᠵᠤ  ᠲᠣᠭᠰᠢᠭᠠᠳ ᠪᠣᠯᠬᠤ ᠦᠭᠡᠢ ᠭᠡᠵᠦ ᠪᠠᠭ᠎ᠠ ᠬᠠᠲᠤᠨ ᠢ᠋ ᠬᠡᠯᠡᠬᠦ ᠳ᠋ᠦ᠍ ᠮᠠᠨᠤᠨᠪᠠᠳᠮ᠎ᠠ᠄  
       - ᠬᠠᠢ᠂ ᠲᠠᠨ ᠢ᠋ ᠲᠣᠭᠣᠯ᠎ᠠ ᠳᠤᠷᠠᠯᠠᠯ᠎ᠠ ᠭᠡᠳᠡᠭ ᠨᠢ ᠥᠲᠥᠨ ᠦ᠌ ᠬᠣᠷᠣᠬᠠᠢ ᠥᠩᠭᠡᠨ ᠦ᠌ ᠪᠠᠰᠢᠷ᠃ ᠴᠣᠬᠣᠮ ᠵᠣᠷᠢᠯᠭ᠎ᠠ ᠨᠢ ᠴᠠᠭᠠᠨ᠎ᠠ ᠨᠢ ᠪᠣᠢ ! ᠭᠡᠪᠡ᠃ 
       - ᠡᠷ᠎ᠡ ᠴᠡᠷᠢᠭ ᠦ᠋ᠨ ᠬᠥᠮᠦᠨ ᠠᠵᠢ᠂ ᠲᠡᠷᠡ ᠨᠠᠮᠠᠶ᠋ᠢ ᠡᠵᠡᠯᠡᠬᠦ ᠰᠠᠨᠠᠭᠠᠲᠠᠢ ᠯᠠ ᠨᠣᠵᠣᠭᠣᠷᠠᠵᠤ ᠪᠠᠢᠬᠤ ᠠ᠋ᠴᠠ ᠳᠠ᠃ ᠴᠠᠭᠠᠨ᠎ᠠ ᠪᠠᠨ ᠶᠠᠭᠤ ᠯᠠ ᠪᠠᠢᠬᠤ ᠪᠣᠢ? ᠪᠢ ᠴᠤ᠌ ᠳᠤᠷ᠎ᠠ ᠦᠭᠡᠢ᠃  
       - ᠪᠠᠭ᠎ᠠ ᠬᠠᠲᠤᠨ ᠲᠠᠨ ᠢ᠋ ᠣᠷᠢᠶᠠᠭᠠᠳ ᠪᠠᠢᠳᠠᠭ ᠨᠢ ᠨᠢᠭᠡ ᠤᠴᠢᠷ ᠪᠣᠢ᠃ ᠲᠡᠷᠡ ᠵᠡᠷᠭᠡ ᠶ᠋ᠢᠨ ᠴᠡᠷᠢᠭ ᠦ᠋ᠨ ᠨᠣᠶᠠᠨ ᠬᠥᠮᠦᠨ ᠳ᠋ᠦ᠍ ᠤᠨᠤᠬᠤ ᠮᠣᠷᠢ ᠦᠭᠡᠢ ᠤᠨᠲᠠᠬᠤ ᠡᠮ᠎ᠡ ᠦᠭᠡᠢ ᠪᠣᠯᠴᠢᠬᠠᠯ᠎ᠠ ᠭᠡᠵᠢ ᠤᠤ? ᠮᠢᠨᠦ ᠬᠤᠪᠢ ᠳ᠋ᠤ᠌ ᠯᠠ ᠢᠲᠡᠭᠡᠬᠦ ᠦᠭᠡᠢ᠃
       - ᠴᠠᠭᠠᠨ᠎ᠠ ᠪᠠᠨ ᠥᠭᠡᠷ᠎ᠡ ᠤᠬᠠᠭᠠ ᠪᠠᠢᠨ᠎ᠠ ᠭᠡᠵᠢ ᠤᠤ? 
       - ᠪᠡᠢᠯ ᠦᠭᠡᠢ ᠶᠠᠭᠠᠬᠢᠬᠤ ᠪᠣᠢ᠃ ᠬᠠᠯᠲᠤᠰᠬᠢᠪᠡᠯ ᠵᠤᠳᠪᠠ ᠶ᠋ᠢᠨ ᠤᠬᠠᠭᠠᠯᠠᠭᠰᠠᠨ ᠮᠠᠭᠤ ᠤᠬᠠᠭᠠᠨ ᠪᠠᠢᠵᠤ ᠴᠤ᠌ ᠶᠠᠳᠠᠬᠤ ᠦᠭᠡᠢ᠃ ᠴᠠᠭ ᠴᠠᠭ ᠢ᠋ᠶ᠋ᠠᠷ ᠢ᠋ᠶ᠋ᠠᠨ ᠪᠠᠢᠳᠠᠭ ᠦᠭᠡᠢ᠂ ᠴᠠᠬᠢᠯᠳᠠᠭ ᠬᠥᠬᠡ ᠪᠡᠷ ᠢ᠋ᠶ᠋ᠡᠨ ᠪᠠᠢᠳᠠᠭ ᠦᠭᠡᠢ ᠭᠡᠳᠡᠭ ᠢ᠋ᠶ᠋ᠡᠷ ᠰᠢᠷ᠎ᠠ ᠴᠡᠷᠢᠭ ᠣᠷᠣᠵᠤ ᠢᠷᠡᠭᠡᠳ ᠲᠦᠮᠡᠳ ᠰᠠᠭᠠᠯᠢᠴᠢᠨ᠂ ᠪᠤᠭᠤᠲᠤ ᠶ᠋ᠢ ᠡᠵᠡᠯᠡᠵᠦ ᠵᠠᠩᠵᠤᠨ ᠶᠠᠮᠤᠨ ᠤ᠋ ᠶᠡᠬᠡ ᠴᠡᠷᠢᠭ ᠬᠠᠲᠤᠨ ᠲᠣᠬᠣᠢ ᠶ᠋ᠢᠨ ᠪᠤᠯᠤᠩ ᠤᠷᠤᠭᠤ ᠤᠬᠤᠷᠢᠵᠤ ᠶᠠᠪᠤᠭᠰᠠᠨ ᠢ᠋ ᠲᠣᠬᠢᠶᠠᠯᠳᠤᠭᠤᠯᠵᠤ ᠲᠡᠳᠡᠨᠦᠰ ᠪᠠᠷᠠᠭᠤᠨ ᠬᠦᠩ ᠦ᠋ᠨ ᠬᠣᠰᠢᠭᠤ ᠨᠤᠲᠤᠭ᠂ ᠵᠠᠰᠠᠭ ᠤ᠋ᠨ ᠡᠷᠬᠡ ᠶ᠋ᠢ ᠪᠤᠯᠢᠶᠠᠬᠤ ᠰᠠᠨᠠᠭᠠᠲᠠᠢ᠃ ᠡᠯᠳᠡᠩᠭᠡ ᠮᠢᠩᠭᠠᠨ ᠬᠤᠰᠢᠭᠤᠨ ᠤ᠋ ᠸᠠᠩ ᠳᠤᠷᠵᠢᠸᠠᠩᠴᠤᠭ ᠢ᠋ ᠲᠦᠰᠢᠵᠦ ᠰᠢᠷ᠎ᠠ ᠴᠡᠷᠢᠭ ᠦ᠋ᠨ ᠥᠮᠥᠭ ᠰᠦᠷ ᠲᠦ ᠡᠷᠳᠦᠵᠦ ᠬᠤᠰᠢᠭᠤᠨ ᠳ᠋ᠠᠭᠠᠨ ᠪᠤᠴᠠᠵᠤ ᠢᠷᠡᠨ᠎ᠡ ᠭᠡᠰᠡᠨ ᠰᠤᠷᠠᠭ ᠲᠠᠢ᠃ ᠲᠡᠷᠡ ᠬᠥᠯ ᠢ᠋ᠶ᠋ᠡᠨ ᠬᠥᠯ ᠳᠡᠭᠡᠷ᠎ᠡ ᠪᠡᠨ ᠠᠴᠢᠭᠠᠳ ᠵᠦᠭᠡᠷ ᠰᠠᠭᠤᠳᠠᠭ ᠬᠥᠮᠦᠨ ᠤᠤ ᠳᠠ? ᠤᠷᠢᠳᠤ ᠲᠡᠷᠡ ᠳ᠋ᠠᠭᠳᠠᠨ ᠳᠠ ᠯᠠᠮᠠ ᠲᠠᠢ ᠬᠤᠤᠪᠢᠯᠳᠤᠵᠤ᠂ ᠬᠣᠰᠢᠭᠤ ᠶᠠᠮᠤᠨ ᠲᠠᠢ ᠬᠠᠲᠠᠭᠤ ᠪᠠᠷ ᠣᠷᠣᠭᠠᠳ ᠪᠣᠯᠤᠭᠰᠠᠨ ᠦᠭᠡᠢ ᠪᠤᠷᠤᠭᠤᠳᠤᠭᠰᠠᠨ ᠢ᠋ᠶ᠋ᠠᠨ ᠮᠡᠳᠡᠳᠡᠭ ᠳᠣᠬᠢ ᠲᠣᠯᠣᠭᠠᠢ ᠰᠢᠦ! ᠡᠨᠡ ᠬᠡᠳᠦᠨ ᠵᠢᠯ ᠲᠡᠷᠡ ᠶᠠᠭᠤ ᠭᠡᠵᠦ ᠳᠠᠭᠤ ᠴᠢᠮᠡᠭᠡ ᠦᠭᠡᠢ ᠨᠣᠮᠣᠬᠠᠨ ᠰᠠᠭᠤᠪᠠ? ᠣᠳᠣ ᠪᠠᠭ᠎ᠠ ᠬᠠᠲᠤᠨ ᠲᠠᠨ ᠤ᠋ ᠡᠢᠨ ᠬᠦ᠌ ᠬᠡᠤᠬᠡᠳ ᠰᠢᠤᠬᠠᠳ ᠲᠠᠢ ᠪᠡᠯᠪᠡᠰᠦᠨ ᠪᠦᠰᠡᠭᠦᠢ ᠶ᠋ᠢᠨ ᠪᠡᠳᠡᠷᠡᠭᠰᠡᠨ ᠦᠶ᠎ᠡ ᠳ᠋ᠦ᠍ ᠪᠡᠯᠡᠨ ᠤᠬᠠᠭᠠᠨ ᠵᠠᠷᠤᠵᠤ ᠭᠠᠨᠵᠤᠭ᠎ᠠ ᠶ᠋ᠢ ᠴᠢᠨᠢ ᠪᠠᠭᠤᠯᠭᠠᠬᠤ ᠭᠡᠵᠦ ᠪᠠᠢᠭ᠎ᠠ! ᠢᠩᠭᠢᠭᠡᠳ ᠰᠦᠷ ᠨᠠᠮᠪᠠᠭᠠᠲᠠᠢ ᠪᠠᠲᠤᠸᠴᠢᠷ ᠳᠤᠸᠠᠨᠵᠡᠩ ᠢ᠋ᠶ᠋ᠡᠷ ᠪᠠᠮᠪᠠᠢ ᠪᠠᠷᠢᠵᠤ ᠪᠠᠭ᠎ᠠ ᠬᠠᠲᠤᠨ ᠲᠠᠨ ᠤ᠋ ᠣᠶᠣᠭ ᠬᠠᠢᠷ᠎ᠠ ᠶ᠋ᠢᠨ ᠤᠴᠢᠷ ᠲᠤ ᠦᠷᠦ ᠡᠪᠡᠳᠴᠦ᠂ ᠥᠷᠥᠭᠡᠰᠦᠨ ᠪᠡᠯᠪᠡᠰᠦᠨ ᠬᠥᠮᠦᠨ ᠦ᠌ ᠡᠮᠵᠡᠭ ᠲᠠᠯ᠎ᠠ ᠶ᠋ᠢ ᠪᠠᠷᠢᠨ ᠬᠥᠨᠵᠢᠯᠡ ᠳ᠋ᠦ᠍ᠨᠢ ᠬᠥᠯ ᠲᠥᠷᠥᠵᠦ《ᠬᠦᠦ》ᠶ᠋ᠢ ᠴᠢᠨᠢ ᠤᠨᠠᠭᠠᠬᠤ ᠭᠡᠰᠡᠨ ᠤᠬᠠᠭᠠᠨ᠃ ᠲᠡᠳᠡ ᠥᠩᠭᠡᠨ ᠳᠡᠭᠡᠷ᠎ᠡ ᠵᠥᠭᠡᠯᠡᠨ ᠦᠭᠡ ᠪᠡᠷ ᠠᠷᠭᠠᠳᠠᠵᠤ ᠪᠠᠢᠪᠠᠴᠤ ᠠᠶᠤᠯᠠᠭᠠᠨ ᠰᠦᠷᠳᠡᠭᠦᠯᠬᠦ ᠤᠬᠠᠭᠠᠨ ᠨᠢ ᠰᠡᠭᠦᠳᠡᠷ ᠰᠢᠭ᠌ ᠨᠡᠲᠦᠪᠡᠯᠵᠡᠵᠦ᠂ ᠬᠠᠲᠠᠭᠤ ᠵᠥᠭᠡᠯᠡᠨ ᠠᠷᠭ᠎ᠠ ᠪᠠᠷ ᠬᠠᠪᠴᠢᠵᠤ ᠪᠠᠢᠭ᠎ᠠ ᠨᠢ ᠢᠯᠡ᠃ ᠲᠠ ᠦᠨᠡᠬᠡᠷ ᠰᠡᠳᠬᠢᠯ ᠤᠨᠠᠵᠤ ᠪᠠ‍ ᠳᠤᠸᠠᠨᠵᠡᠩ ᠳ᠋ᠦ᠍ ᠪᠡᠶ᠎ᠡ ᠪᠡᠨ ᠥᠭᠴᠦ ᠡᠩᠭᠡᠷ ᠵᠥᠷᠢᠭᠦᠯᠦᠭᠰᠡᠭᠡᠷ ᠪᠤᠷᠤᠭᠤ ᠰᠠᠨᠠᠭ᠎ᠠ ᠲᠠᠢ ᠬᠥᠮᠦᠨ ᠦ᠌ ᠤᠷᠠᠬᠠᠨ ᠳ᠋ᠤ᠌ ᠤᠨᠠᠵᠤ ᠲᠠᠨ ᠤ᠋ ᠬᠦᠦ ᠴᠢᠨᠢ ᠪᠠᠷᠠᠭᠤᠨ ᠬᠣᠰᠢᠭᠤ ᠵᠠᠰᠠᠭ ᠵᠠᠯᠭᠠᠮᠵᠢᠯᠠᠬᠤ ᠡᠷᠬᠡ ᠦᠭᠡᠢ ᠪᠣᠯᠤᠨ᠎ᠠ ᠰᠢᠦ᠃ 
       - ᠡᠳᠡᠨᠥᠰ ᠢᠩᠭᠢᠳᠡᠭ ᠨᠢ ᠳᠠᠩᠴᠤ ᠬᠥᠮᠦᠨ ᠮᠠᠭᠤᠴᠢᠯᠠᠵᠤ ᠪᠠᠢᠨ᠎ᠠ᠃ ᠪᠢ ᠦᠨᠡᠬᠡᠷ ᠠᠢᠳᠠᠰ ᠬᠦᠷᠴᠦ ᠪᠠᠢᠨ᠎ᠠ᠃
       - ᠪᠠᠭ᠎ᠠ ᠬᠠᠲᠤᠨ ᠲᠠ ᠬᠤᠷᠳᠤᠨ ᠠᠷᠭ᠎ᠠ ᠤᠬᠠᠭᠠᠨ ᠠᠪᠬᠤ ᠦᠭᠡᠢ ᠪᠣᠯ ᠲᠡᠳᠡᠨ ᠦ᠌ ᠬᠠᠶᠠᠭᠰᠠᠨ ᠤᠷᠭ᠎ᠠ ᠶ᠋ᠢᠨ ᠬᠤᠢᠪᠢ ᠳ᠋ᠤ᠌ ᠨᠣᠭᠲᠤᠯᠠᠭᠳᠠᠭᠰᠠᠨ ᠮᠣᠷᠢ ᠰᠢᠭ᠋ ᠨᠣᠪ ᠨᠣᠮᠣᠬᠠᠨ ᠳᠠᠭᠠᠭᠠᠳ ᠱᠣᠭᠰᠢᠳᠠᠭ ᠬᠡᠷᠡᠭ!  ᠪᠠ‍ ᠳᠤᠸᠠᠨᠵᠡᠩ ᠣᠳᠣ ᠲᠠᠨ ᠤ᠋《ᠳᠤᠷᠠᠲᠠᠢ᠂ ᠳᠤᠷ᠎ᠠ ᠦᠭᠡᠢ》 ᠭᠡᠰᠡᠨ ᠢ᠋ ᠤᠳᠠᠭᠠᠨ ᠬᠦᠯᠢᠶᠡᠵᠦ ᠰᠠᠭᠤᠬᠤ ᠬᠥᠮᠦᠨ ᠪᠢᠰᠢ᠃《ᠳᠤᠷᠠᠲᠠᠢ》 ᠭᠡᠪᠡᠯ ᠮᠣᠷᠳᠠᠶ᠎ᠠ ᠭᠡᠰᠡᠨ ᠬᠥᠮᠦᠨ ᠳ᠋ᠦ᠍ ᠮᠣᠷᠢ ᠡᠮᠡᠭᠡᠯᠯᠡᠵᠦ ᠦᠭᠭᠦᠭᠰᠡᠨ ᠰᠢᠭ᠌ ᠪᠡᠯᠡᠨ ᠤᠨᠤᠭ᠎ᠠ ᠲᠤᠰᠢᠶᠠᠨ᠎ᠠ᠃《ᠳᠤᠷ᠎ᠠ ᠦᠭᠡᠢ》 ᠭᠡᠬᠦ ᠳᠦ ᠴᠤ᠌ ᠡᠮᠨᠢᠭ ᠴᠢᠬᠢᠳᠡᠬᠦ ᠰᠢᠭ᠌ ᠠᠯᠪᠠ ᠪᠠᠷ ᠨᠣᠮᠣᠬᠠᠳᠬᠠᠨ᠎ᠠ!
       - ᠣᠳᠣ ᠶᠠᠭᠠᠬᠢᠬᠤ ᠤᠤ ᠲᠡᠭᠡᠭᠡᠳ? ᠶᠣᠰᠣᠲᠠᠢ ᠲᠠᠨ ᠤ᠋ ᠬᠡᠯᠡᠳᠡᠭ ᠢ᠋ᠶ᠋ᠡᠷ ᠪᠠᠷᠰ ᠤ᠋ᠨ ᠠᠮᠠᠨ ᠠ᠋ᠴᠠ ᠮᠤᠯᠲᠤᠷᠠᠵᠤ ᠴᠢᠨᠣ᠎ᠠ ᠶ᠋ᠢᠨ ᠠᠮᠠᠨ ᠳ᠋ᠤ᠌ ᠣᠷᠣᠨ᠎ᠠ ᠭᠡᠭᠴᠢ ᠡᠨᠡ ᠪᠣᠯᠵᠠᠢ᠃ ᠶᠠᠭᠠᠬᠢᠭᠰᠠᠨ ᠦᠢᠯᠡ ᠦᠷ᠎ᠡ ᠲᠡᠢ ᠪᠣᠢ? ᠬᠡᠳᠦᠨ ᠵᠢᠯ ᠠᠮᠤᠷ ᠵᠢᠮᠤᠷ ᠪᠣᠯᠤᠭᠰᠠᠨ᠃ ᠡᠨᠡ ᠮᠠᠭᠤ ᠰᠠᠢᠨ ᠨᠤᠲᠤᠭ ᠨᠢ ᠡᠷᠭᠢᠭᠰᠡᠨ ᠰᠢᠷ᠎ᠠ ᠴᠡᠷᠢᠭ ᠣᠷᠣᠵᠤ ᠢᠷᠡᠭᠰᠡᠨ ᠦᠭᠡᠢ ᠪᠣᠯ ᠡᠯᠳᠡᠩᠭᠡ ᠲᠡᠳᠡᠨᠦᠰ ᠠᠷᠠᠢ ᠢᠩᠭᠢᠵᠦ ᠬᠠᠷᠠᠳᠠᠬᠤ ᠪᠠᠷ ᠦᠭᠡᠢ ᠶᠦᠮ᠃ 
       - ᠣᠳᠣ ᠱᠠᠯᠠᠪᠬᠠᠨ ᠬᠠᠩᠬᠠᠳᠡᠢ ᠶ᠋ᠢᠨ ᠸᠠᠩ ᠰᠣᠬᠣᠷ ᠲᠠᠢ ᠬᠣᠯᠪᠣᠭ᠎ᠠ ᠪᠠᠷᠢᠵᠤ ᠲᠤᠰᠠᠯᠠᠮᠵᠢ ᠭᠤᠶᠤᠨ᠎ᠠ ᠤᠤ? ᠡᠰᠡᠪᠡᠰᠦ ᠴᠡᠷᠢᠭ ᠮᠣᠷᠢ ᠪᠠᠨ ᠠᠪᠴᠤ ᠬᠠᠩᠬᠠᠳᠡᠢ ᠤᠷᠤᠭᠤ ᠲᠦᠷ ᠵᠠᠢᠯᠠᠨ᠎ᠠ ᠤᠤ? ᠶᠠᠮᠠᠷ ᠴᠤ᠌ ᠪᠠᠢᠭᠰᠠᠨ ᠨᠢᠭᠡ ᠨᠠᠢᠳᠠᠪᠤᠷᠢᠲᠠᠢ ᠠᠷᠭ᠎ᠠ ᠬᠡᠮᠵᠢᠶ᠎ᠡ ᠠᠪᠬᠤ ᠬᠡᠷᠡᠭᠲᠡᠢ᠃ ᠦᠭᠡᠢ ᠪᠣᠯ ᠲᠡᠳᠡᠨᠦᠰ ᠡᠯᠳᠡᠪ ᠰᠢᠯᠲᠠᠭ ᠡᠷᠢᠵᠦ ᠲᠠᠨ ᠲᠠᠢ ᠨᠣᠣᠷᠠᠭᠠᠳ ᠨᠢᠭᠡ ᠶᠣᠣᠵᠠ ᠦᠭᠡᠢ ᠶᠠᠭᠤᠮ᠎ᠠ ᠪᠣᠯᠤᠨ᠎ᠠ ᠳᠠ ᠭᠡᠪᠡ᠃ 
       ᠪᠠᠭ᠎ᠠ ᠬᠠᠲᠤᠨ ᠮᠠᠨᠤᠨᠪᠠᠳᠮ᠎ᠡ ᠬᠥᠭᠰᠢᠨ ᠦ᠌ ᠵᠠᠬᠢᠮᠵᠢ ᠰᠠᠨᠠᠭᠤᠯᠭ᠎ᠠ ᠶ᠋ᠢ ᠠᠪᠴᠤ᠂ ᠸᠠᠩ ᠰᠣᠬᠣᠷ ᠲᠤ ᠵᠠᠬᠢᠳᠠᠯ ᠪᠢᠴᠢᠪᠡ᠃ 

ᠡᠷᠭᠢᠨ ᠸᠠᠩ ᠵᠠᠩᠭᠤᠢᠳᠠ ᠲᠠᠨ᠎ᠠ᠄ 
       ᠠᠮᠤᠭᠤᠯᠠᠩ ᠠᠢᠯᠠᠳᠬᠠᠶ᠎ᠠ! 
       ᠰᠢᠷ᠎ᠠ ᠴᠡᠷᠢᠭ ᠪᠤᠭᠤᠲᠤ ᠶ᠋ᠢ ᠡᠵᠡᠯᠡᠵᠦ᠂ ᠡᠳᠦᠭᠡ ᠪᠠᠰᠠ ᠪᠤᠷᠤᠳᠤᠬᠤᠢ ᠤᠷᠤᠭᠤ ᠨᠥᠷᠢᠬᠦ ᠴᠢᠮᠡᠭᠡ ᠲᠡᠢ᠃ ᠲᠡᠭᠡᠪᠡᠯ ᠮᠠᠨ ᠤ᠋ ᠪᠠᠷᠠᠭᠤᠨ ᠬᠦᠩ ᠦ᠋ᠨ ᠬᠣᠰᠢᠭᠤ ᠶᠠᠮᠤᠨ ᠤ᠋ ᠠᠮᠤᠷ ᠲᠦᠪᠰᠢᠨ ᠴᠤ᠌ ᠭᠡᠴᠡᠭᠦᠦ ᠶᠠᠭᠤᠮ᠎ᠠ ᠪᠣᠯᠤᠨ᠎ᠠ᠃ ᠪᠣᠯᠣᠮᠵᠢᠲᠠᠢ ᠪᠣᠯᠪᠠᠰᠤ ᠳᠠᠯᠢᠢᠭ᠌ᠴᠢ ᠬᠦᠩ ᠨᠣᠶᠠᠨ ᠤ᠋ ᠰᠠᠢᠨ ᠢ᠋ ᠰᠠᠨᠠᠵᠤ ᠲᠤᠰᠠᠯᠠᠮᠵᠢ ᠦᠵᠡᠭᠦᠯᠬᠦ ᠶ᠋ᠢ ᠭᠤᠶᠤᠨᠠᠮ!  
          ᠡᠭᠦᠨ᠎ᠡ            
                        ᠪᠠᠷᠠᠭᠤᠨ ᠬᠦᠩ ᠦ᠋ᠨ ᠰᠡᠷᠭᠦᠮ᠎ᠡ ᠡᠴᠡ ᠶᠣᠰᠣᠯᠠᠪᠠ  

ᠭᠡᠰᠡᠨ ᠪᠢᠴᠢᠭ ᠬᠢᠵᠦ ᠲᠠᠬᠠᠷ ᠲᠣᠮᠢᠯᠠᠪᠠ᠃ 
       ᠡᠢᠨ ᠬᠦ᠌ ᠪᠠᠭ᠎ᠠ ᠬᠠᠲᠤᠨ ᠸᠠᠩ ᠰᠣᠬᠣᠷ ᠤ᠋ᠨ ᠬᠠᠷᠢᠭᠤ ᠶ᠋ᠢ ᠬᠦᠯᠢᠶᠡᠬᠦ ᠶ᠋ᠢᠨ ᠬᠠᠮᠲᠤ ᠷᠠᠰᠢ ᠵᠠᠬᠢᠷᠤᠭᠴᠢ ᠵᠡᠷᠭᠡ ᠢᠲᠡᠭᠡᠯ ᠲᠡᠢ ᠬᠥᠮᠦᠰ ᠲᠡᠭᠡᠨ ᠳᠠᠯᠳᠠᠭᠤᠷ ᠵᠠᠷᠯᠢᠭ ᠪᠣᠯᠵᠤ ᠴᠡᠷᠢᠭ ᠮᠣᠷᠢ ᠪᠠᠨ ᠲᠡᠭᠰᠢᠯᠡᠨ ᠪᠠᠷᠠᠭᠤᠨᠰᠢᠯᠠᠬᠤ ᠪᠠᠷ ᠰᠡᠮᠡᠬᠡᠷ ᠪᠠᠵᠠᠭᠠᠪᠠ᠃ ᠴᠡᠷᠢᠭ ᠨᠣᠶᠠᠳ ᠤ᠋ᠨ ᠳᠣᠲᠣᠷ᠎ᠠ ᠸᠠᠩ ᠰᠣᠬᠣᠷ ᠤ᠋ᠨ ᠬᠠᠷ᠎ᠠ ᠴᠡᠷᠢᠭ ᠢ᠋ ᠨᠥᠮᠥᠷᠢᠳᠡᠵᠦ ᠶᠠᠪᠤᠬᠤ ᠳ᠋ᠤ᠌ ᠳᠤᠷ᠎ᠠ ᠦᠭᠡᠢᠴᠡᠬᠦ ᠬᠥᠮᠦᠨ ᠪᠣᠢ ᠪᠣᠯᠪᠠᠴᠤ ᠨᠢᠳᠦᠨ ᠡᠮᠦᠨᠡᠬᠢ ᠪᠠᠢᠳᠠᠯ ᠤ᠋ᠨ ᠡᠷᠬᠡᠨ ᠳ᠋ᠦ᠍ ᠳᠤᠤᠭᠠᠷᠴᠤ ᠴᠢᠳᠠᠭᠰᠠᠨ ᠦᠭᠡᠢ᠃ 
       ᠬᠠᠮᠢᠭ᠎ᠠ ᠭᠠᠵᠠᠷ ᠤ᠋ᠨ ᠬᠠᠷ᠎ᠠ ᠬᠡᠷᠢᠶ᠎ᠡ ᠴᠤ᠌ ᠤᠯᠠᠢ ᠦᠵᠡᠪᠡᠯ ᠠᠳᠠᠯᠢᠬᠠᠨ᠃ ᠪᠠ᠊ ᠳᠤᠸᠠᠨᠵᠡᠩ ᠲᠡᠷᠡ ᠵᠠᠪ ᠦᠭᠡᠢ ᠠᠨᠢᠷ ᠠᠪᠴᠤ ᠮᠣᠯᠴᠣᠭ ᠬᠣᠰᠢᠭᠤ ᠶ᠋ᠢᠨ ᠪᠠᠷᠠᠭᠤᠨ ᠠᠮᠠ ᠶ᠋ᠢ ᠴᠡᠷᠢᠭ ᠶᠠᠪᠤᠭᠤᠯᠵᠤ ᠰᠠᠬᠢᠪᠠ᠃ 
       ᠨᠢᠭᠡ ᠡᠳᠦᠷ ᠪᠠ᠊ ᠳᠤᠸᠠᠨᠵᠡᠩ ᠴᠡᠷᠢᠭ ᠲᠣᠮᠢᠯᠠᠵᠤ ᠴᠢᠮᠡᠭᠡ ᠢᠷᠡᠭᠦᠯᠦᠨ ᠪᠠᠭ᠎ᠠ ᠬᠠᠲᠤᠨ ᠢ᠋ ᠵᠠᠯᠠᠵᠤ ᠬᠠᠷᠢᠭᠤ ᠳᠠᠢᠯᠠᠯᠭ᠎ᠠ ᠬᠢᠬᠦ ᠪᠣᠯᠪᠠ᠃   
       ᠪᠠᠭ᠎ᠠ ᠬᠠᠲᠤᠨ ᠤ᠋ ᠳᠣᠲᠣᠷ᠎ᠠ ᠮᠥᠯᠢᠰ ᠬᠢᠨ ᠬᠦᠢᠲᠡᠨ ᠣᠷᠬᠢᠵᠤ《ᠪᠠ᠊ ᠲᠥᠸᠡᠡᠵᠠᠩ ᠪᠡᠶ᠎ᠡ ᠪᠡᠷ ᠢᠶᠠᠨ ᠢᠷᠡᠳᠡᠭ ᠨᠢ ᠪᠢᠰᠢ ᠪᠣᠯᠵᠤ᠂ ᠬᠣᠶᠠᠷᠬᠠᠨ ᠦᠰᠦᠭ ᠦ᠋ᠨ ᠬᠠᠭᠤᠳᠠᠰᠤ ᠲᠠᠢ ᠳᠠᠭᠤᠳᠠᠯᠭ᠎ᠠ ᠢᠷᠡᠭᠦᠯᠳᠡᠭ ᠨᠢ ᠰᠠᠢᠨ ᠶᠠᠪᠤᠳᠠᠯ ᠤ᠋ᠨ ᠰᠣᠪᠢᠩ ᠪᠢᠰᠢ! ᠠᠶ᠎ᠠ ᠦᠭᠡᠢᠳᠡᠪᠡᠯ ᠥᠨᠥ ᠰᠥᠨᠢ ᠳ᠋ᠡᠭᠡᠨ ᠲᠡᠳᠡᠨ ᠦ᠌ ᠭᠠᠷ ᠲᠤ ᠪᠠᠯᠠᠷᠠᠬᠤ ᠨᠢ》 ᠭᠡᠳᠡᠭ ᠪᠣᠳᠣᠯ ᠵᠢᠷᠦᠪᠬᠢᠨ ᠣᠷᠣᠵᠤ ᠢᠷᠡᠯ᠎ᠡ᠃  
       ᠲᠡᠭᠡᠭᠡᠳ ᠲᠡᠷᠡ《ᠪᠠ᠊ ᠲᠣᠸᠠᠠᠵᠠᠩ ᠳ᠋ᠤ᠌ ᠲᠠᠯᠠᠷᠬᠠᠯ᠎ᠠ᠃ ᠠᠭᠤᠴᠢᠯᠠᠭᠠᠷᠠᠢ! ᠥᠨᠥ ᠣᠷᠣᠢ ᠪᠡᠶ᠎ᠡ ᠠᠶ᠎ᠠ ᠦᠭᠡᠢ ᠳᠡᠭᠡᠷ᠎ᠡ ᠬᠡᠦᠬᠡᠳ ᠪᠠᠭ᠎ᠠ ᠪᠣᠯᠬᠣᠷ ᠣᠷᠣᠢ ᠦᠳᠡᠰᠢ ᠨᠭᠠᠠᠰᠢ ᠴᠠᠭᠠᠰᠢ ᠶᠠᠪᠤᠬᠤ ᠳ᠋ᠤ᠌ ᠲᠦᠪᠡᠭᠲᠡᠢ᠃ ᠮᠠᠷᠭᠠᠲᠤᠷ ᠡᠷᠲᠡᠬᠡᠨ ᠰᠢᠭ ᠣᠴᠢᠵᠤ ᠨᠠᠷᠢᠨ ᠤᠴᠢᠷ ᠢ᠋ ᠨᠢᠮᠪᠠᠢ ᠶᠠᠷᠢᠯᠴᠠᠶ᠎ᠠ》 ᠭᠡᠰᠡᠨ ᠳᠥᠬᠥᠮᠬᠡᠨ ᠪᠢᠴᠢᠭ ᠬᠢᠵᠦ ᠢᠷᠡᠭᠦᠯᠦᠭᠰᠡᠨ ᠴᠡᠷᠢᠭ ᠲᠦ ᠥᠭᠭᠥᠠ ᠪᠤᠴᠠᠭᠠᠪᠠ᠃ 
       ᠡᠨᠡ ᠬᠠᠷᠢᠭᠤ ᠳᠠᠢᠯᠠᠯᠭ᠎ᠠ ᠳ᠋ᠤ᠌ ᠵᠣᠳᠪᠠ ᠮᠠᠢᠷᠠᠨ ᠴᠤ᠌ ᠣᠷᠣᠯᠴᠠᠬᠤ ᠪᠠᠷ ᠤᠷᠢᠯᠭ᠎ᠠ ᠬᠥᠯᠢᠶᠡᠭᠰᠡᠡ ᠤ ᠨᠢᠭᠡ ᠪᠡᠷ ᠤᠯᠠᠭᠠᠨ ᠬᠠᠲᠤᠨ ᠤ᠋ ᠬᠥᠪᠡᠭᠡᠨ ᠳ᠋ᠡᠬᠢ ᠨᠣᠶᠠᠨ ᠱᠠᠩ ᠤ᠋ᠨ ᠪᠠᠭᠤᠷᠢ ᠳ᠋ᠤ᠌ ᠲᠠᠯᠪᠢᠭᠠᠳ ᠪᠠᠭᠤᠵᠠᠢ᠃ 《ᠥᠨᠥ ᠣᠷᠣᠢ ᠪᠢᠯᠳᠠᠩ ᠢ᠋ᠶ᠋ᠠᠨ ᠭᠣᠭᠣᠵᠢᠭᠤᠯᠵᠤ ᠴᠢᠴᠠᠭ᠎ᠠ ᠠᠯᠳᠠᠬᠤ ᠶ᠋ᠢ ᠴᠢᠨᠢ ᠬᠠᠷᠠᠨ᠎ᠠ ᠳᠠ! ᠨᠢᠭᠡ ᠮᠠᠭᠤ ᠵᠠᠪᠠᠬᠠᠢ ᠡᠮ᠎ᠡ ᠪᠠᠷᠠᠭᠤᠨ ᠬᠦᠩ ᠦ᠋ᠨ ᠬᠣᠰᠢᠭᠤ ᠨᠣᠶᠠᠨ ᠤ᠋ ᠰᠢᠷᠡᠭᠡᠨ ᠳ᠋ᠦ᠍ ᠵᠠᠯᠠᠷᠠᠵᠤ ᠶᠠᠭᠠᠬᠢᠵᠤ ᠪᠠᠭᠠᠷᠳᠠᠬᠯᠠᠳᠠᠭ᠋ ᠢ᠋ ᠦᠵᠡᠭᠦᠯᠦᠨ᠎ᠡ ᠬᠦ!》 ᠭᠡᠵᠦ ᠪᠠᠷᠳᠠᠮ ᠰᠠᠨᠠᠭᠰᠠᠨ ᠵᠣᠳᠪᠠ ᠮᠠᠢᠷᠠᠨ᠂ ᠪᠠ‍ ᠲᠤᠸᠠᠡᠵᠠᠩ ᠬᠣᠶᠠᠷ ᠢᠨᠢᠶᠡᠳᠦᠨ ᠳ᠋ᠡᠭᠡᠨ ᠬᠠᠬᠠᠵᠤ ᠪᠥᠬᠰᠢᠨ᠎ᠡ᠃ ᠶᠡᠬᠡ ᠰᠠᠨᠠᠭᠰᠠᠨ ᠭᠠᠵᠠᠷ ᠶᠢᠰᠦᠨ ᠰᠥᠨᠢ ᠬᠣᠭᠣᠰᠣᠨ ᠭᠡᠳᠡᠭ ᠢ᠋ᠶ᠋ᠡᠷ ᠴᠢᠮᠡᠭᠡ ᠠᠪᠴᠤ ᠢᠷᠡᠭᠰᠡᠨ ᠴᠡᠷᠢᠭ ᠦ᠋ᠨ ᠭᠠᠷ ᠠ᠋ᠴᠠ ᠮᠠᠷᠭᠠᠰᠢ ᠢᠷᠡᠶ᠎ᠡ!》 ᠭᠡᠰᠡᠨ ᠬᠣᠭᠣᠰᠣᠨ ᠦᠭᠡ ᠲᠤᠰᠤᠭᠰᠠᠨ ᠪᠠ‍ ᠲᠣᠸᠡᠡᠵᠠᠩ《ᠭᠤᠷᠪᠠᠨ ᠬᠥᠯ ᠢ᠋ ᠨᠢ ᠪᠣᠭᠣᠭᠰᠠᠨ ᠴᠢᠳᠥᠷ ᠲᠡᠢ ᠮᠣᠷᠢ ᠨᠢᠭᠡ ᠰᠥᠨᠢ ᠲᠡᠯᠴᠢᠯᠡᠭᠡᠳ ᠬᠠᠮᠢᠭ᠎ᠠ ᠬᠦᠷᠬᠦ ᠪᠣᠢ》 ᠭᠡᠵᠦ ᠪᠣᠳᠣᠨ ᠮᠠᠷᠭᠠᠰᠢ ᠶ᠋ᠢᠨ ᠲᠠᠷᠭᠤᠨ ᠥᠭᠡᠬᠦ ᠶ᠋ᠢ ᠰᠠᠨᠠᠵᠤ ᠥᠨᠥᠳᠥᠷ ᠦ᠋ᠨ ᠠᠮᠠᠨ ᠳ᠋ᠤ᠌ ᠣᠷᠣᠭᠰᠠᠨ ᠠᠭᠤᠰᠬᠢ ᠶ᠋ᠢ ᠨᠤᠯᠮᠤᠵᠤ ᠬᠠᠶᠠᠪᠠ᠃ ᠲᠡᠭᠡᠬᠦ ᠳ᠋ᠦ᠍ ᠵᠣᠳᠪᠡ ᠮᠠᠢᠷᠠᠨ《ᠮᠠᠷᠠᠭᠠᠰᠢ ᠶᠢᠨ ᠥᠭᠡᠬᠦ ᠡᠴᠡ ᠥᠨᠥᠳᠥᠷ ᠤᠨ ᠠᠭᠤᠰᠬᠢ ᠭᠡᠳᠡᠭ ᠰᠢᠦ᠂ ᠠᠮᠠᠨ ᠳ᠋ᠤ᠌ ᠣᠷᠣᠲᠠᠯ᠎ᠠ ᠠᠷᠪᠠᠨ ᠳᠠᠪᠠᠭ᠎ᠠ ᠪᠣᠢ》 ᠭᠡᠵᠦ ᠰᠡᠵᠢᠭ ᠡᠪᠥᠷᠯᠡᠬᠰᠡᠡ ᠪᠡᠨ᠄ 
       — ᠥᠨᠥ ᠰᠥᠨᠢ ᠳ᠋ᠡᠭᠡᠨ ᠵᠢᠯᠢᠢᠴᠢᠬᠡᠬᠦ ᠪᠢᠰᠢ ᠪᠢᠵᠡ? ᠭᠡᠵᠡᠢ᠃  
       — ᠬᠡᠩ! ᠶᠠᠭᠤ ᠪᠣᠯᠴᠢᠬᠠᠯ᠎ᠠ ᠭᠡᠵᠢ᠁ ᠵᠢᠭᠦᠷ ᠣᠷᠭᠣᠭᠠᠳ ᠨᠢᠰᠪᠡᠯ ᠮᠠᠭᠠᠳ ᠦᠭᠡᠢ!  
       ᠪᠠᠭ᠎ᠠ ᠬᠠᠲᠤᠨ ᠤ᠋ ᠬᠠᠵᠠᠭᠤ ᠳ᠋ᠤ᠌ ᠪᠠᠷᠠᠭᠤᠨ ᠲᠤᠰᠠᠯᠠᠭᠴᠢ ᠢᠠ ᠰᠠᠮᠠᠭᠠᠨ ᠭᠡᠭᠴᠢ ᠨᠢᠭᠡ ᠠᠳᠠᠲᠠᠢ ᠬᠥᠬᠰᠢᠠ ᠪᠠᠢᠭ᠎ᠠ᠁ ᠲᠡᠭᠦᠨ ᠦ᠌ ᠠᠷᠭ᠎ᠠ ᠪᠠᠷ ᠣᠷᠣᠭᠰᠠᠭᠠᠷ ᠴᠤ᠌ ᠪᠠᠢᠳᠠᠭ ᠦᠭᠡᠢ ᠬᠡᠷᠡᠭ ᠠ᠋! 
       — ᠬᠠᠢ᠂ ᠢᠮᠠᠭ᠎ᠠ ᠲᠣᠢᠯᠠᠭᠠᠳ ᠶᠠᠩᠭᠢᠶ᠎ᠠ ᠡᠪᠳᠡᠬᠦ ᠦᠭᠡᠢ᠃ ᠡᠮ᠎ᠡ ᠬᠥᠮᠦᠨ ᠶᠠᠭᠠᠬᠢᠯ᠎ᠠ ᠭᠡᠳ ᠡᠷ᠎ᠡ ᠬᠥᠮᠦᠨ ᠦ᠌ ᠳᠣᠣᠷ᠎ᠠ ᠣᠷᠣᠨ᠎ᠠ᠁ 
       — ᠴᠢ ᠮᠡᠳᠡᠬᠦ ᠦᠭᠡᠢ ᠠ᠋! ᠮᠠᠨᠣᠡᠪᠠᠳᠮ᠎ᠡ ᠭᠡᠭᠰᠡᠭᠡᠷ ᠮᠠᠨ ᠤ ᠪᠠᠷᠠᠭᠤᠨ ᠬᠦᠩ ᠪᠠᠷᠤᠭᠯᠠᠵᠤ ᠳᠤᠮᠳᠠᠳᠤ ᠬᠦᠩ ᠲᠣᠠᠳᠠᠭᠣᠷᠠᠯᠠᠳᠠᠭ᠋ ᠠᠮᠠᠷ ᠦᠭᠡᠢ ᠬᠥᠬᠰᠢᠠ ᠭᠡᠵᠦ ᠮᠡᠳᠡᠬᠦ ᠦᠭᠡᠢ ᠬᠥᠮᠦᠨ ᠦᠭᠡᠢ᠃ ᠴᠢ ᠪᠢᠳᠡ ᠬᠣᠶᠠᠷ ᠢ᠋ ᠭᠤᠷᠪᠠ ᠭᠤᠷᠪᠠ ᠪᠠᠷ ᠵᠡᠷᠭᠡᠴᠡᠭᠦᠯᠵᠦ ᠵᠣᠭᠰᠣᠭᠠᠴᠢᠬᠠᠭᠠᠳ ᠤᠬᠠᠭᠠᠨ ᠢ᠋ ᠨᠢ ᠰᠣᠩᠭᠣᠵᠤ ᠲᠠᠯᠪᠢᠬᠤ ᠳ᠋ᠤ᠌ ᠲᠡᠷᠡ ᠬᠥᠬᠰᠢᠠ ᠶ᠋ᠢᠨ ᠴᠠᠭᠠᠨ᠎ᠠ ᠨᠢ ᠭᠠᠷᠬᠤ ᠶᠤᠮ ᠪᠢᠰᠢ ᠠ᠋! ᠬᠡᠷᠰᠡᠦᠬᠡᠨ ᠪᠠᠢᠬᠤ ᠬᠡᠷᠡᠭᠲᠡᠢ᠃ 
       — ᠬᠠᠮᠢᠭ᠎ᠠ ᠶᠠᠪᠤᠳᠠᠭ ᠴᠢᠷᠠᠢ? ᠵᠡᠭᠦᠨᠰᠢ ᠪᠡᠨ ᠲᠡᠷᠡ ᠯᠠᠪ ᠶᠠᠪᠤᠬᠤ ᠦᠭᠡᠢ᠃ ᠪᠠᠷᠠᠭᠤᠨᠰᠢ ᠪᠠᠨ ᠵᠠᠪᠳᠤᠬᠤ ᠭᠡᠵᠦ ᠣᠷᠣᠯᠳᠤᠬᠣ ᠮᠠᠭᠠᠳ ᠦᠭᠡᠢ᠃ ᠲᠡᠭᠡᠬᠦ ᠳ᠋ᠦ᠍ ᠪᠠᠷᠠᠭᠤᠨ ᠲᠠᠯ᠎ᠠ ᠶᠢᠨ ᠠᠮᠠ ᠶ᠋ᠢ ᠮᠠᠨ ᠤ᠋ ᠴᠡᠷᠢᠭ ᠰᠢᠪᠡᠭᠡᠨ ᠬᠣᠷᠢᠶ᠎ᠠ ᠪᠠᠷᠢᠴᠢᠬᠠᠭᠰᠠᠨ ᠰᠢᠭ᠋ ᠮᠣᠯᠴᠣᠭ ᠤ᠋ᠨ ᠠᠮᠠ ᠶ᠋ᠢ ᠪᠣᠭᠣᠭᠠᠳ ᠲᠠᠯᠪᠢᠴᠢᠬᠠᠯ᠎ᠠ! ᠵᠠ᠂ ᠵᠠ ᠬᠡᠳᠦᠭᠦᠯᠡ ᠪᠡᠨ ᠥᠨᠥ ᠰᠥᠨᠢ ᠰᠠᠢᠬᠠᠨ ᠨᠠᠷᠭᠢᠵᠤ ᠬᠣᠨᠣᠶ᠎ᠠ! ᠮᠠᠷᠭᠠᠰᠢ ᠶᠢᠨ ᠨᠠᠷᠠ ᠭᠠᠷᠬᠤ ᠳ᠋ᠤ᠌ ᠨᠢᠭᠡ ᠶᠠᠭᠤᠮ᠎ᠠ ᠪᠣᠯᠬᠤ ᠠ᠋ ! ᠵᠣᠳᠪᠠ ᠭᠤᠸᠠᠢ ᠲᠠ ᠬᠠᠷᠠᠵᠤ ᠯᠠ ᠪᠠᠢ ᠭᠡᠵᠦ ᠪᠠᠳᠣᠸᠠᠴᠢᠷ ᠲᠣᠸᠡᠡᠵᠠᠩ ᠮᠠᠭᠤ ᠣᠬᠬᠠᠭᠠ ᠳ᠋ᠠᠭᠠᠨ ᠪᠡᠷᠲᠡᠵᠦ ᠬᠥᠭ ᠬᠥᠭ ᠭᠡᠵᠦ ᠢᠨᠢᠶᠡᠨ᠎ᠡ᠃
      
— — — —
① ᠮᠡᠷᠭᠡᠨ ᠭᠡᠭᠡᠨ ᠦ᠌ ᠵᠣᠬᠢᠶᠠᠭᠰᠠᠨ ᠳᠠᠭᠤᠤ᠄《ᠴᠣᠭᠴᠠᠯᠠᠭᠰᠠᠨ ᠪᠤᠶᠠᠨ》᠂《 ᠡᠷᠲᠡ ᠶ᠋ᠢᠨ ᠢᠷᠦᠭᠡᠯ ᠪᠤᠶᠠᠨ》᠂《 ᠦᠯᠡᠮᠵᠢ ᠶ᠋ᠢᠨ ᠪᠤᠶᠠᠨ》᠃ ᠤᠷᠠᠳ ᠤ᠋ᠳ ᠨᠠᠢᠷ ᠬᠤᠷᠢᠮ ᠳ᠋ᠤ᠌ ᠤᠷᠢᠳ ᠢ᠋ᠶ᠋ᠠᠷ ᠵᠠᠪᠠᠯ《ᠭᠤᠷᠪᠠᠨ ᠪᠤᠶᠠᠨ》 ᠢ᠋ ᠳᠠᠭᠤᠯᠠᠳᠠᠭ ᠳᠠᠳᠬᠠᠯ ᠲᠠᠢ᠃