ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠭᠤᠲᠠᠭᠠᠷ ᠪᠣᠲᠢ – ᠨᠢᠭᠡᠳᠦᠭᠡᠷ ᠪᠦᠯᠦᠭ <ᠬᠣᠶᠠᠷ> Хан мунын сүүрс < доорд > – Мөнх зохиоов ᠂ Гутгаар бодь – Нэгдүгээр бүлэг <2> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠭᠤᠲᠠᠭᠠᠷ ᠪᠣᠲᠢ – ᠨᠢᠭᠡᠳᠦᠭᠡᠷ ᠪᠦᠯᠦᠭ <ᠬᠣᠶᠠᠷ> Хан мунын сүүрс < доорд > – Мөнх зохиоов ᠂ Гутгаар бодь – Нэгдүгээр бүлэг <2>

ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠭᠤᠲᠠᠭᠠᠷ ᠪᠣᠲᠢ – ᠨᠢᠭᠡᠳᠦᠭᠡᠷ ᠪᠦᠯᠦᠭ <ᠬᠣᠶᠠᠷ> Хан мунын сүүрс < доорд > – Мөнх зохиоов ᠂ Гутгаар бодь – Нэгдүгээр бүлэг <2>

ᠠᠩᠭᠢᠯᠠᠯ:ᠲᠤᠭᠤᠵᠢ ᠷᠣᠮᠠᠨ
2024-11-15

335


                     ᠬᠣᠶᠠᠷ    

       ᠰᠢᠷᠠᠪᠳᠣᠷᠵᠢ ᠬᠦᠩ ᠨᠣᠶᠠᠨ ᠲᠠᠯᠢᠢᠭᠴᠢ ᠪᠣᠯᠤᠭᠰᠠᠨ ᠤ᠋ ᠳᠠᠷᠠᠭ᠎ᠠ ᠶᠣᠰᠣᠨ ᠳ᠋ᠠᠭᠠᠨ ᠵᠢᠩᠬᠢᠨᠢ ᠤᠷᠠᠳ ᠤᠳᠤᠮ ᠤ᠋ᠨ ᠬᠥᠮᠦᠨ ᠵᠠᠰᠠᠭ ᠵᠠᠯᠭᠠᠮᠵᠢᠯᠠᠬᠤ ᠶᠣᠰᠣᠲᠠᠢ ᠭᠡᠵᠦ ᠡᠯᠳᠡᠩᠭᠡ ᠪᠣᠳᠣᠵᠤ ᠶᠠᠪᠤᠵᠠᠢ᠃  
       ᠭᠡᠰᠢᠭᠳᠡᠯᠭᠡᠷ ᠨᠣᠶᠠᠨ ᠥᠪᠡᠷ ᠡᠴᠡ ᠪᠡᠨ ᠬᠡᠦᠬᠡᠳ ᠦᠭᠡᠢ ᠤᠴᠢᠷ ᠴᠢᠰᠤᠨ ᠤᠳᠤᠮ ᠲᠠᠰᠤᠷᠠᠭᠰᠠᠨ ᠠ᠋ᠴᠠ ᠪᠠᠷᠠᠭᠤᠨ ᠬᠦᠩ ᠦ᠋ᠨ ᠬᠢᠨ ᠵᠠᠰᠠᠭ ᠵᠠᠯᠭᠠᠮᠵᠢᠯᠠᠬᠤ ᠶ᠋ᠢ ᠦᠶᠡᠯᠢᠳ ᠬᠠᠶᠠᠯᠢᠳ ᠭᠡᠳ ᠬᠣᠭᠣᠷᠣ ᠬᠣᠭᠣᠷᠣᠨᠳᠣ ᠪᠠᠨ ᠦᠰ ᠵᠠᠩᠭᠢᠳᠴᠤ ᠬᠢᠮᠤᠷᠠᠯᠳᠤᠨ ᠡᠳᠦᠭᠡ ᠳ᠋ᠦ᠍ ᠬᠦᠷᠪᠡ᠃  
       ᠣᠳᠣ ᠬᠠᠷᠢᠨ ᠨᠢᠭᠡ ᠵᠡᠭᠡᠭᠡᠭᠰᠡᠨ ᠵᠠᠰᠠᠭ ᠲᠠᠯᠪᠢᠴᠢᠬᠠᠪᠠᠯ ᠤᠷᠠᠳ ᠶᠠᠰᠤᠲᠠᠨ ᠨᠢᠭᠡ ᠰᠠᠨᠠᠭ᠎ᠠ ᠠᠮᠤᠷᠠᠨ᠎ᠠ ᠪᠣᠢ ᠭᠡᠵᠦ ᠰᠠᠨᠠᠭᠰᠠᠨ ᠨᠢ ᠪᠤᠷᠤᠭᠤᠳᠴᠠᠢ᠃ ᠵᠠᠩᠵᠤᠨ ᠶᠠᠮᠤᠨ ᠤ᠋ ᠵᠠᠰᠠᠭ᠂ ᠪᠠᠷᠠᠭᠤᠨ ᠬᠦᠩ ᠦ᠋ᠨ ᠲᠦᠯᠬᠢᠭᠰᠡᠨ ᠬᠡᠭᠡᠯᠢ ᠬᠠᠬᠤᠤᠯᠢ ᠶ᠋ᠢ ᠵᠠᠯᠭᠢᠭᠰᠠᠨ ᠠ᠋ᠴᠠ ᠪᠠᠷᠠᠭᠤᠨ ᠬᠦᠩ ᠦ᠋ᠨ ᠬᠤᠰᠢᠭᠤᠨ ᠤ᠋ ᠵᠠᠰᠠᠭ ᠲᠠᠮᠠᠭ᠎ᠠ ᠶ᠋ᠢᠨ ᠡᠷᠬᠡ ᠶ᠋ᠢ ᠪᠡᠯᠪᠡᠰᠦᠨ ᠡᠮ᠎ᠡ ᠶ᠋ᠢᠨ ᠭᠠᠷ ᠲᠤ ᠪᠠᠷᠢᠭᠤᠯᠤᠨ᠎ᠠ ᠭᠡᠵᠦ ᠲᠡᠷᠡ ᠶᠠᠭ ᠰᠠᠨᠠᠵᠤ ᠣᠯᠤᠭᠰᠠᠨ ᠦᠭᠡᠢ᠃   
       ᠲᠥᠷᠥᠭᠡᠳᠦᠢ ᠬᠡᠦᠬᠡᠳ ᠲᠦ᠍ ᠲᠡᠮᠦᠷ ᠥᠯᠥᠭᠡᠢ ᠪᠠᠵᠠᠭᠠᠪᠠ ᠭᠡᠭᠴᠢ ᠪᠡᠷ ᠪᠠᠭ᠎ᠠ ᠬᠠᠲᠤᠨ ᠤ᠋ ᠪᠡᠶ᠎ᠡ ᠵᠢᠷᠮᠦᠰᠦᠯᠡᠵᠦ᠂ ᠯᠠᠪ ᠬᠦᠦ ᠲᠥᠷᠥᠬᠦ ᠨᠢ ᠠ᠋! ᠬᠦᠦ ᠲᠥᠷᠥᠪᠡᠯ ᠪᠠᠷᠠᠭᠤᠨ ᠬᠦᠩ ᠦ᠋ᠨ ᠵᠠᠰᠠᠭ ᠪᠠᠷᠢᠨ᠎ᠠ᠁ ᠭᠡᠵᠦ ᠴᠠᠭᠠᠭᠤᠷ ᠶᠠᠪ ᠴᠠᠪ ᠲᠣᠪᠯᠠᠵᠤ ᠲᠠᠯᠪᠢᠭᠰᠠᠨ ᠪᠣᠯᠬᠣᠷ ᠪᠠᠢᠳᠠᠯ ᠬᠡᠴᠡᠭᠦᠦ ᠪᠣᠯᠤᠭᠰᠠᠨ ᠨᠢ ᠲᠣᠳᠣᠷᠬᠠᠢ ᠪᠠᠢᠯ᠎ᠠ᠃  ᠵᠠᠰᠠᠭ ᠲᠥᠷᠥ ᠭᠡᠭᠴᠢ ᠤᠪᠠᠳᠢᠰ ᠲᠠᠢ ᠪᠥᠮᠪᠥᠷᠢᠳᠡᠭ ᠦ᠋ᠨ ᠲᠤᠬᠠᠢ ᠡᠯᠳᠡᠩᠭᠡ ᠬᠠᠰᠢᠷ ᠲᠤᠷᠰᠢᠯᠭ᠎ᠠ ᠲᠠᠢ ᠪᠣᠯᠬᠣᠷ ᠡᠨᠡ ᠨᠢ ᠲᠤᠬᠠᠢ ᠶ᠋ᠢᠨ ᠦᠶ᠎ᠡ ᠲᠥᠷᠥ ᠭᠦᠷᠦᠨ ᠦ᠌ ᠵᠠᠢᠯᠠᠰᠢ ᠦᠭᠡᠢ ᠶᠠᠪᠤᠳᠠᠯ ᠭᠡᠳᠡᠭ ᠢ᠋ ᠮᠡᠳᠡᠵᠦ ᠭᠣᠣᠯ ᠡᠷᠬᠡ ᠠᠳᠬᠤᠭᠰᠠᠨ ᠬᠥᠮᠦᠰ ᠲᠡᠢ ᠬᠦᠴᠦ ᠪᠡᠷ ᠵᠥᠷᠢᠭᠡ ᠦᠭᠡᠢ᠃ ᠬᠥᠨᠳᠡᠢ ᠵᠠᠢᠰ ᠪᠠᠢᠬᠤ ᠮᠡᠷᠭᠡᠨ ᠤᠬᠠᠭᠠᠨ ᠬᠡᠷᠡᠭᠯᠡᠪᠡ᠃ ᠲᠡᠷᠡ ᠪᠡᠷ ᠥᠩᠭᠡᠷᠡᠭᠰᠡᠨ ᠳ᠋ᠦ᠍ ᠬᠡᠰᠢᠭᠳᠡᠯᠭᠡᠷ ᠬᠦᠩ ᠨᠣᠶᠠᠨ ᠤ᠋ ᠵᠠᠰᠠᠭ ᠢ᠋ ᠵᠠᠯᠠᠭᠠᠮᠵᠢᠯᠠᠭᠤᠯᠬᠤ ᠭᠡᠵᠦ ᠰᠢᠷᠠᠪᠳᠣᠷᠵᠢ ᠶ᠋ᠢ ᠥᠩᠭᠡᠯᠡᠨ ᠡᠷᠭᠦᠵᠦ᠂ ᠳ᠋ᠠᠭᠳᠠᠨ ᠳᠠ ᠯᠠᠮᠠ ᠶ᠋ᠢᠨ ᠠᠴᠢ ᠬᠥᠪᠡᠭᠦᠨ ᠪᠠᠲᠤᠪᠠᠶᠠᠷ ᠢ᠋ ᠡᠮᠡᠭᠡᠯ ᠦ᠋ᠨ ᠠᠷᠤ ᠪᠠᠷ ᠰᠠᠭᠤᠯᠭᠠᠭᠰᠠᠨ ᠪᠣᠯ ᠣᠳᠣ ᠬᠠᠷᠢᠨ ᠬᠡᠷᠰᠡᠦ ᠣᠷᠣᠵᠤ ᠴᠠᠭ ᠢ᠋ ᠬᠦᠯᠢᠶᠡᠬᠦ ᠬᠡᠷᠡᠭᠲᠡᠢ ᠪᠣᠯᠤᠯ᠎ᠠ᠃ 
       ᠢᠩᠭᠢᠭᠡᠳ ᠡᠯᠳᠡᠩᠭᠡ ᠮᠢᠩᠭᠠᠨ ᠬᠤᠰᠢᠭᠤᠨ ᠤ᠋ ᠸᠠᠩ ᠳ᠋ᠤ᠌ ᠡᠳᠦᠢ ᠲᠡᠳᠦᠢ ᠦᠬᠡᠷ ᠠᠳᠤᠭᠤ᠂ ᠲᠡᠮᠡᠭᠡ᠂ ᠬᠣᠨᠢ ᠢᠮᠠᠭ᠎ᠠ᠂ ᠪᠤᠰᠤᠳ ᠡᠳ᠋ ᠠᠭᠤᠷᠠᠰᠤ ᠵᠡᠷᠭᠡ ᠶ᠋ᠢᠨ ᠶᠠᠭᠤᠮ᠎ᠠ ᠬᠦᠷᠭᠡᠵᠦ᠂ ᠲᠡᠳᠡᠨ ᠦ᠌ ᠬᠦᠴᠦᠨ ᠳ᠋ᠦ᠍ ᠲᠦᠰᠢᠨ ᠴᠡᠷᠢᠭ ᠮᠣᠷᠢ ᠪᠠᠨ ᠴᠡᠭᠴᠡᠯᠡᠵᠦ ᠠᠪᠤᠭᠠᠳ ᠮᠢᠩᠭᠠᠨ ᠸᠠᠩ ᠢ᠋ ᠴᠢᠷᠠᠢᠴᠢᠯᠠᠪᠠ᠃  
       ᠮᠢᠩᠭᠠᠨ ᠸᠠᠩ ᠳᠣᠷᠵᠢᠸᠠᠩᠴᠤᠭ ᠭᠡᠭᠴᠢ ᠬᠥᠷᠰᠢ ᠬᠤᠰᠢᠭᠤᠨ ᠳᠣᠲᠣᠷ᠎ᠠ ᠪᠠᠨ ᠦᠵᠦᠭᠦᠷ ᠪᠠᠶᠠᠨ ᠳ᠋ᠤ᠌ ᠲᠣᠭᠠᠴᠠᠭᠳᠠᠬᠤ ᠶ᠋ᠢ ᠬᠡᠯᠡᠬᠦ ᠦᠭᠡᠢ᠂ ᠪᠠᠷᠤᠭ ᠤ᠋ᠨ ᠬᠥᠮᠦᠨ ᠳ᠋ᠦ᠍ ᠮᠥᠴᠡᠭᠡ ᠪᠡᠨ ᠥᠭᠬᠦ ᠦᠭᠡᠢ ᠣᠨᠴᠠᠯᠢᠭ ᠲᠠᠢ ᠡᠷ᠎ᠡ ᠶ᠋ᠢᠨ ᠨᠢᠭᠡ ᠠᠵᠤᠭᠤ᠃ ᠳᠣᠷᠵᠢᠸᠠᠩᠴᠤᠭ ᠸᠠᠩ ᠠᠭᠲᠠ ᠶ᠋ᠢᠨ ᠰᠣᠳᠣ ᠶ᠋ᠢ ᠰᠣᠩᠭᠣᠵᠤ᠂ ᠡᠷ᠎ᠡ ᠶ᠋ᠢᠨ ᠰᠠᠢᠨ ᠢ᠋ ᠰᠢᠯᠢᠨ ᠴᠡᠷᠢᠭ ᠦ᠋ᠨ ᠰᠤᠷᠭᠠᠭᠤᠯᠢᠯᠠᠯ ᠬᠢᠵᠦ ᠬᠣᠰᠢᠭᠤ ᠨᠤᠲᠤᠭ᠂ ᠪᠠᠢᠭᠠᠯᠢ ᠠᠬᠤᠢ ᠪᠠᠨ ᠡᠮᠵᠡᠭ ᠰᠣᠷᠪᠢ ᠦᠭᠡᠢ ᠬᠠᠮᠠᠭᠠᠯᠠᠵᠤ᠂ ᠠᠲᠠᠷ ᠬᠠᠭᠠᠯᠪᠤᠷᠢᠯᠠᠬᠤ ᠬᠠᠷ᠎ᠠ ᠴᠡᠷᠢᠭ ᠲᠡᠢ ᠡᠷᠡᠰ ᠲᠤᠯᠵᠤ᠂ ᠠᠨᠵᠢᠰᠤᠨ ᠤ᠋ ᠬᠣᠰᠢᠭᠤ ᠪᠠᠷ ᠠᠪᠤ ᠶ᠋ᠢᠨ ᠨᠤᠲᠤᠭ ᠢ᠋ᠶ᠋ᠠᠨ ᠰᠡᠨᠳᠡᠯᠦᠭᠦᠯᠬᠦ ᠦᠭᠡᠢ ᠭᠡᠵᠦ ᠭᠡᠳᠡᠢᠵᠦ ᠶᠠᠪᠤᠭᠰᠠᠨ ᠳᠣᠮᠣᠭᠲᠤ ᠲᠡᠦᠬᠡ ᠲᠡᠢ᠃ ᠲᠡᠷᠡ ᠳᠣᠣᠭᠤᠷ ᠥᠩᠭᠡᠯᠵᠡᠳᠡᠭ ᠬᠠᠷ᠎ᠠ ᠴᠡᠷᠢᠭ ᠲᠡᠢ ᠬᠦᠴᠦ ᠪᠡᠷ ᠲᠤᠯᠤᠯᠳᠤᠵᠤ᠂ ᠳᠡᠭᠡᠭᠦᠷ ᠳᠠᠷᠤᠯᠠᠳᠠᠭ ᠨᠣᠶᠠᠳ ᠢ᠋ ᠮᠢᠬ᠎ᠠ ᠲᠣᠰᠣ᠂ ᠮᠥᠩᠭᠥ ᠲᠥᠭᠥᠷᠢᠭ ᠢ᠋ᠶ᠋ᠡᠷ ᠮᠢᠯᠢᠶᠠᠵᠤ ᠲᠡᠳᠡᠨᠦᠰ ᠦ᠋ᠨ ᠴᠢᠷᠠᠢ ᠶ᠋ᠢ ᠨᠢ ᠢᠨᠢᠶᠡᠵᠦ ᠴᠢᠳᠠᠬᠤ ᠦᠭᠡᠢ ᠤᠬᠢᠯᠠᠵᠤ ᠴᠤ᠌ ᠴᠢᠳᠠᠬᠤ ᠦᠭᠡᠢ ᠪᠣᠯᠭᠠᠳᠠᠭ ᠪᠠᠢᠪᠠ᠃  ᠲᠡᠭᠡᠭᠡᠳ ᠮᠢᠩᠭᠠᠨ ᠬᠣᠰᠢᠭᠤ ᠸᠠᠩ ᠨᠣᠶᠠᠨ ᠳᠣᠷᠵᠢᠸᠠᠩᠴᠤᠭ ᠤ᠋ᠨ《 ᠣᠭᠣᠷ ᠲᠤ ᠬᠢᠭᠡᠳ ᠨᠦᠳᠦᠭᠳᠡᠳᠡᠭ ᠦᠭᠡᠢ᠂ ᠤᠭᠤᠲᠠᠨ ᠳ᠋ᠤ᠌ ᠬᠢᠭᠡᠳ ᠪᠠᠷᠢᠭᠳᠠᠳᠠᠭ ᠦᠭᠡᠢ》 ᠭᠡᠰᠡᠨ ᠠᠯᠳᠠᠷ ᠴᠣᠯᠠ ᠨᠢ ᠮᠠᠨᠳᠤᠵᠤ ᠣᠯᠠᠨ᠎ᠠ ᠱᠠᠭᠰᠢᠭᠳᠠᠵᠤ ᠪᠠᠢᠯ᠎ᠠ᠃   
       ᠬᠠᠯᠠ ᠦᠵᠡᠵᠦ ᠬᠠᠰᠢᠷ ᠣᠷᠣᠭᠰᠠᠨ ᠡᠯᠳᠡᠩᠭᠡ ᠠᠯᠢ ᠡᠷᠲᠡ ᠡᠴᠡ ᠮᠢᠩᠭᠠᠨ ᠸᠠᠩ ᠳᠣᠷᠵᠢᠸᠠᠩᠴᠤᠭ ᠤ᠋ᠨ ᠥᠮᠥᠭ ᠰᠦᠷ ᠲᠦ᠍ ᠠᠪᠢᠶᠠᠰ ᠴᠢᠳᠠᠪᠤᠷᠢ ᠪᠠᠨ ᠭᠠᠢᠬᠠᠭᠤᠯᠤᠶ᠎ᠠ ᠭᠡᠬᠦ ᠪᠣᠳᠣᠯ ᠣᠷᠣᠭᠠᠳ ᠤᠳᠠᠵᠠᠢ᠃  
       ᠮᠢᠩᠭᠠᠨ ᠸᠠᠩ ᠳᠣᠷᠵᠢᠸᠠᠩᠴᠤᠭ ᠡᠯᠳᠡᠩᠭᠡ ᠶ᠋ᠢᠨ ᠡᠢᠨ ᠬᠦ᠌ ᠭᠠᠷ ᠲᠠᠷᠭᠤᠨ ᠭᠠᠨᠵᠤᠭ᠎ᠠ ᠳᠦᠭᠦᠷᠡᠩ ᠢᠷᠡᠵᠦ ᠭᠤᠶᠤᠭᠰᠠᠨ ᠢ᠋ ᠭᠣᠯᠣᠭᠰᠠᠨ ᠦᠭᠡᠢ ᠲᠣᠰᠴᠤ ᠠᠪᠤᠪᠠ᠃ ᠭᠡᠬᠦ ᠳ᠋ᠡᠭᠡᠨ ᠳᠣᠷᠵᠢᠸᠠᠩᠴᠤᠭ ᠡᠯᠳᠡᠩᠭᠡ ᠶ᠋ᠢᠨ ᠬᠦᠷᠭᠡᠭᠰᠡᠨ ᠠᠳᠤᠭᠤ᠂ ᠦᠬᠡᠷ ᠡᠨᠡ ᠲᠡᠷᠡ ᠡᠳ᠋ ᠬᠣᠭᠰᠢᠯ ᠳ᠋ᠤ᠌ ᠨᠢᠳᠦ ᠨᠢ ᠤᠯᠠᠢᠭᠰᠠᠨ ᠤᠴᠢᠷ ᠣᠭᠲᠣ ᠪᠤᠰᠤ᠂ ᠪᠤᠰᠤᠳ ᠢ᠋ᠶ᠋ᠠᠷ ᠭᠤᠶᠤᠯᠭᠠᠵᠤ ᠪᠡᠶ᠎ᠡ ᠪᠡᠨ ᠡᠷᠭᠦᠭᠦᠯᠬᠦ ᠶ᠋ᠢ ᠴᠢᠳᠠᠯ ᠵᠢᠷᠭᠠᠯ ᠬᠣᠶᠠᠷ ᠢ᠋ᠶ᠋ᠠᠷ ᠰᠠᠨᠠᠵᠤ᠂ ᠪᠤᠰᠤᠳ ᠢ᠋ ᠭᠤᠶᠤᠵᠤ ᠪᠡᠶ᠎ᠡ ᠪᠡᠨ ᠳᠣᠷᠣᠮᠵᠢᠯᠠᠬᠤ ᠶ᠋ᠢ ᠭᠤᠲᠤᠮᠰᠢᠭ ᠢᠴᠢᠭᠦᠷᠢ ᠪᠡᠷ ᠪᠣᠳᠣᠳᠠᠭ ᠠ᠋ᠴᠠ ᠪᠣᠯᠤᠭᠰᠠᠨ ᠶᠤᠮ᠃ ᠡᠢᠨ ᠬᠦ᠌《 ᠵᠠ᠂ ᠶᠠᠭᠤ ᠭᠡᠬᠦ ᠪᠣᠢ ᠳᠠ! ᠮᠣᠩᠭᠣᠯ ᠤᠭᠰᠠᠭᠠᠲᠠᠳ ᠵᠣᠪᠠᠯᠠᠩ ᠳ᠋ᠤ᠌ ᠳᠠᠭᠠᠷᠢᠭᠳᠠᠵᠤ ᠵᠤᠳᠠᠷᠠᠬᠤ ᠳ᠋ᠠᠭᠠᠨ ᠯᠠ ᠬᠥᠮᠦᠨ ᠭᠤᠶᠤᠵᠤ ᠪᠠᠢᠯᠭᠦᠢ! ᠬᠥᠮᠦᠨ ᠢ᠋ ᠭᠠᠴᠢᠯᠠᠩ ᠵᠣᠪᠠᠯᠠᠩ ᠲᠠᠢ ᠦᠶ᠎ᠡ ᠳ᠋ᠦ᠍ᠨᠢ ᠲᠦᠰᠢᠵᠦ ᠲᠤᠯᠤᠭᠠᠳ ᠠᠪᠤᠶ᠎ᠠ ᠪᠠᠢᠵᠠ! ᠪᠤᠷᠬᠠᠨ ᠲᠩᠷᠢ ᠨᠢᠳᠦ ᠲᠡᠢ ᠪᠣᠯ ᠪᠤᠶᠠᠨ ᠪᠣᠯᠤᠭ!》 ᠭᠡᠵᠦ ᠡᠯᠳᠡᠩᠭᠡ ᠶ᠋ᠢ ᠬᠠᠵᠠᠢᠭᠰᠠᠨ ᠦᠶ᠎ᠡ ᠳ᠋ᠦ᠍ ᠲᠦᠯᠬᠢᠭᠰᠡᠨ ᠦᠭᠡᠢ ᠬᠠᠬᠠᠭᠰᠠᠨ ᠦᠶ᠎ᠡ ᠳ᠋ᠦ᠍ ᠨᠢᠳᠤᠷᠤᠭᠰᠠᠨ ᠦᠭᠡᠢ ᠰᠤᠭᠤᠨ ᠳ᠋ᠠᠭᠠᠨ ᠪᠠᠭᠲᠠᠭᠠᠵᠤ ᠠᠪᠴᠠᠢ᠃ 
       ᠲᠡᠢᠨ ᠳᠠᠵᠢᠨ ᠤ᠋ ᠬᠥᠯ ᠳ᠋ᠦ᠍ ᠳᠡᠭᠡᠷᠡᠮ ᠲᠤᠨᠤᠭ᠎ᠠ ᠪᠣᠰᠴᠤ ᠲᠥᠷᠥ ᠭᠦᠷᠦᠨ ᠲᠠᠢᠪᠤᠩ ᠪᠣᠯᠤᠭᠰᠠᠨ ᠢ᠋ ᠥᠭᠦᠯᠡᠬᠦ ᠦᠭᠡᠢ᠃ ᠪᠠᠷᠠᠭᠤᠨ ᠬᠦᠩ ᠦ᠋ᠨ ᠬᠢᠨ ᠦ᠌ ᠳᠣᠲᠣᠷ᠎ᠠ ᠵᠠᠭᠤᠷ᠎ᠠ ᠪᠠᠨ ᠮᠠᠭᠤᠳᠠᠯᠴᠠᠵᠤ ᠵᠠᠰᠠᠭ ᠲᠠᠮᠠᠭ᠎ᠠ ᠬᠤᠰᠠᠷᠠᠭᠰᠠᠨ ᠠᠵᠠ ᠦᠭᠡᠢ ᠣᠷᠴᠢᠨ ᠠ᠋ᠴᠠ ᠡᠯᠳᠡᠩᠭᠡ ᠦᠳᠲᠡᠷ ᠵᠠᠢᠯᠠᠬᠤ ᠦᠭᠡᠢ ᠪᠣᠯᠬᠤ ᠦᠭᠡᠢ ᠭᠡᠵᠦ ᠮᠢᠩᠭᠠᠨ ᠸᠠᠩ ᠢ᠋ ᠲᠦᠰᠢᠷ᠎ᠡ ᠢᠷᠡᠭᠰᠡᠨ ᠨᠢ ᠡᠨᠡ᠃ ᠡᠢᠨ ᠬᠦ᠌ ᠲᠡᠷᠡ ᠴᠠᠭ ᠤ᠋ᠨ ᠪᠠᠢᠳᠠᠯ ᠢ᠋ ᠠᠵᠢᠭᠯᠠᠨ ᠠᠷᠤᠨᠰᠢ ᠪᠠᠨ ᠰᠠᠭᠤᠵᠤ ᠢᠴᠡᠭᠡᠯᠡᠭᠰᠡᠨ ᠲᠠᠷᠪᠠᠭ᠎ᠠ ᠰᠢᠭ᠋ ᠶᠡᠬᠡ ᠤᠳᠠᠭᠠᠨ ᠲᠣᠯᠣᠭᠠᠢ ᠪᠤᠯᠲᠠᠢᠯᠭᠠᠭᠰᠠᠨ ᠦᠭᠡᠢ᠃ 
       ᠶᠠᠭ ᠡᠨᠡ ᠵᠠᠭᠤᠷ᠎ᠠ ᠰᠢᠷ᠎ᠠ ᠴᠡᠷᠢᠭ ᠦ᠋ᠨ ᠬᠢᠨ ᠬᠠᠷ᠎ᠠ ᠴᠡᠷᠢᠭ ᠢ᠋ ᠤᠮᠠᠷᠠᠲᠠᠯ᠎ᠠ ᠴᠣᠬᠢᠨ ᠤᠷᠠᠳ ᠤ᠋ᠨ ᠪᠠᠷᠠᠭᠤᠨ ᠬᠦᠩ ᠦ᠋ᠨ ᠨᠤᠲᠤᠭ ᠲᠤ ᠬᠥᠯ ᠲᠥᠷᠥᠯ᠎ᠡ ᠭᠡᠰᠡᠨ ᠴᠢᠮᠡᠭᠡ ᠳᠤᠭᠤᠯᠳᠠᠪᠠ᠃  
       ᠨᠤᠲᠤᠭ ᠠ᠋ᠴᠠ ᠵᠤᠳᠪᠠ ᠮᠡᠢᠷᠡᠨ ᠪᠠᠢᠨ ᠪᠠᠢᠨ ᠴᠢᠮᠡᠭᠡ ᠢᠷᠡᠭᠦᠯᠵᠦ ᠡᠯᠳᠡᠩᠭᠡ ᠶ᠋ᠢ ᠪᠠᠷᠠᠭᠤᠨ ᠬᠦᠩ ᠳ᠋ᠡᠭᠡᠨ ᠬᠤᠷᠳᠤᠨ ᠪᠤᠴᠠᠵᠤ ᠢᠷ᠎ᠡ᠂ ᠬᠡᠦᠬᠡᠳ ᠵᠤᠯᠵᠠᠭ᠎ᠠ ᠳᠠᠭᠠᠭᠤᠯᠤᠭᠰᠠᠨ ᠪᠠᠭ᠎ᠠ ᠬᠠᠲᠤᠨ ᠤ᠋ ᠵᠠᠰᠠᠭ ᠢ᠋ ᠰᠢᠷ᠎ᠠ ᠴᠡᠷᠢᠭ ᠦ᠋ᠨ ᠬᠢᠨ ᠲᠣᠭᠣᠬᠤ ᠦᠭᠡᠢ ᠢᠷᠪᠠᠢᠵᠤ ᠪᠠᠢᠭ᠎ᠠ ᠳ᠋ᠤᠨᠢ ᠲᠡᠳᠡᠨᠦᠰ ᠦ᠋ᠨ ᠮᠣᠷᠢᠨ ᠤ᠋ ᠬᠢᠨᠢ ᠲᠡᠰᠢᠶ᠎ᠡ ᠤᠷᠤᠭᠤ ᠲᠠᠰᠢᠭᠤᠷ ᠨᠡᠮᠡᠬᠦ ᠬᠥᠮᠦᠨ ᠭᠠᠭᠴᠠ ᠬᠠᠰᠢᠷ ᠲᠤᠰᠠᠯᠠᠭᠴᠢ ᠲᠠ ᠪᠣᠯᠵᠤ ᠪᠠᠢᠨ᠎ᠠ ᠭᠡᠳ ᠪᠣᠯᠳᠠᠭ ᠦᠭᠡᠢ᠃  
       ᠬᠡᠳᠦ ᠬᠣᠨᠣᠭᠰᠠᠨ ᠦᠭᠡᠢ ᠵᠤᠳᠪᠠ ᠮᠡᠢᠷᠡᠨ ᠮᠢᠩᠭᠠᠨ ᠬᠤᠰᠢᠭᠤᠨ ᠳ᠋ᠤ᠌ ᠪᠡᠶ᠎ᠡ ᠪᠡᠷ ᠢ᠋ᠶ᠋ᠡᠨ ᠬᠦᠷᠦᠯᠴᠡᠨ ᠢᠷᠡᠵᠦ ᠡᠯᠳᠡᠩᠭᠡ ᠲᠡᠢ ᠴᠢᠬᠤᠯᠠ ᠶᠠᠪᠤᠳᠠᠯ ᠵᠥᠪᠳᠡᠵᠡᠢ᠃  
       ᠪᠠᠭ᠎ᠠ ᠬᠠᠲᠤᠨ ᠴᠤ᠌ ᠮᠠᠶᠢᠭ ᠲᠠᠢ ᠰᠢᠷ᠎ᠠ ᠴᠡᠷᠢᠭ ᠦ᠋ᠨ ᠲᠡᠭᠦᠨ ᠳ᠋ᠦ᠍ ᠨᠢᠭᠤᠷ ᠥᠭᠬᠦ ᠦᠭᠡᠢ ᠪᠠᠢᠳᠠᠯ ᠢ᠋ ᠭᠠᠳᠠᠷᠯᠠᠵᠤ ᠳᠡᠮᠡᠢ ᠲᠡᠭᠡᠵᠦ ᠰᠢᠷ᠎ᠠ ᠴᠡᠷᠢᠭ ᠢ᠋ ᠨᠠᠭᠠᠯᠳᠤᠨ ᠳᠣᠯᠳᠣᠭᠣᠨᠠᠬᠤ ᠳᠤᠷ᠎ᠠ ᠦᠭᠡᠢ᠃ ᠳᠡᠭᠡᠪᠡᠵᠦ ᠡᠮᠦᠨ᠎ᠡ ᠡᠴᠡ ᠨᠢ ᠰᠢᠷᠦᠭᠦᠨ ᠣᠷᠣᠬᠤ ᠴᠡᠷᠢᠭ ᠮᠣᠷᠢᠨ ᠤ᠋ ᠴᠢᠳᠠᠯ ᠦᠭᠡᠢ ᠪᠣᠯᠬᠣᠷ ᠬᠠᠷ᠎ᠠ ᠴᠡᠷᠢᠭ ᠦ᠋ᠨ ᠨᠥᠮᠥᠷᠢ ᠳ᠋ᠦ᠍ ᠲᠡᠷᠪᠡᠵᠦ ᠸᠠᠩ ᠰᠣᠬᠣᠷ ᠤ᠋ᠨ ᠲᠦᠰᠢᠭ ᠲᠤᠰᠠᠯᠠᠮᠵᠢ ᠶ᠋ᠢ ᠭᠣᠷᠢᠳᠠᠬᠤ ᠠ᠋ᠴᠠ ᠥᠭᠡᠷ᠎ᠡ ᠭᠠᠷᠬᠤ ᠵᠠᠮ ᠦᠭᠡᠢ ᠪᠣᠯᠵᠠᠢ᠃ ᠶᠠᠭ ᠡᠨᠡ ᠬᠦ᠌ ᠳᠡᠭᠡᠰᠦᠨ ᠳᠥᠷᠥᠭᠡ ᠢᠰᠬᠦᠯᠦᠭᠰᠡᠨ ᠬᠡᠦᠬᠡᠳ ᠵᠤᠯᠵᠠᠭ᠎ᠠ ᠲᠠᠢ ᠪᠡᠯᠪᠡᠰᠦᠨ ᠪᠦᠰᠡᠭᠦᠢ ᠶ᠋ᠢᠨ ᠪᠡᠳᠡᠷᠡᠭᠰᠡᠨ ᠦᠶ᠎ᠡ ᠳ᠋ᠦ᠍ᠨᠢ᠂ ᠰᠢᠷ᠎ᠠ ᠴᠡᠷᠢᠭ ᠦ᠋ᠨ ᠰᠦᠷ ᠢ᠋ᠶ᠋ᠡᠷ ᠲᠡᠭᠦᠨ ᠢ᠋ ᠴᠣᠴᠢᠭᠠᠵᠤ ᠬᠠᠶᠠᠪᠠᠯ ᠶᠠᠭᠤ ᠲᠡᠰᠬᠦ ᠪᠣᠢ! ᠶᠠᠭᠠᠬᠢᠯ᠎ᠠ ᠭᠡᠳ ᠪᠠᠷᠠᠭᠤᠨ ᠬᠦᠩ ᠦ᠋ᠨ ᠬᠢᠨ ᠨᠤᠲᠤᠭ ᠪᠡᠯᠴᠢᠭᠡᠷ ᠬᠠᠭᠠᠯᠤᠭᠰᠠᠨ ᠬᠠᠷ᠎ᠠ ᠴᠡᠷᠢᠭ ᠢ᠋ ᠳᠣᠲᠣᠨᠣᠴᠢᠯᠠᠵᠤ ᠪᠣᠯᠬᠤ ᠪᠢᠵᠡ! ᠭᠡᠵᠦ ᠵᠤᠳᠪᠠ ᠮᠡᠢᠷᠡᠨ ᠲᠠᠰᠢᠶ᠎ᠠ ᠶ᠋ᠢ ᠨᠢ ᠲᠡᠰᠢᠵᠦ ᠪᠠᠢᠭ᠎ᠠ ᠰᠢᠭ᠋ ᠡᠯᠳᠡᠩᠭᠡ ᠶ᠋ᠢᠨ ᠴᠢᠬᠢᠨ ᠳ᠋ᠦ᠍ ᠬᠣᠩᠬᠣ ᠵᠡᠭᠦᠯᠭᠡᠭᠡᠳ ᠠᠮᠤᠷ ᠪᠠᠢᠯᠭᠠᠬᠤ ᠦᠭᠡᠢ᠃  
       ᠡᠯᠳᠡᠩᠭᠡ ᠭᠡᠳᠡᠭ ᠬᠥᠮᠦᠨ ᠬᠠᠰᠢᠷ ᠤᠬᠠᠭᠠ ᠶ᠋ᠢ ᠱᠥᠯᠥ ᠦᠭᠡᠢ ᠪᠣᠯᠲᠠᠯ᠎ᠠ ᠬᠠᠲᠠᠭᠠᠳᠠᠭ ᠳᠣᠬᠢ ᠲᠣᠯᠣᠭᠠᠢ᠂ ᠴᠢᠬᠢ ᠬᠠᠲᠠᠭᠤ ᠠᠮᠠᠭᠠᠢ ᠴᠢᠩᠭ᠎ᠠ ᠬᠥᠮᠦᠨ ᠦ᠌ ᠨᠢᠭᠡ᠃ ᠤᠰᠤᠨ ᠭᠤᠯᠭᠤᠭᠤᠷ ᠲᠣᠰᠣᠨ ᠵᠦᠯᠭᠦᠭᠦᠷ ᠰᠢᠭ ᠤᠷᠠᠨ ᠬᠣᠩᠰᠢᠶᠠᠷ ᠲᠠᠢ ᠬᠥᠮᠦᠨ ᠦ᠌ ᠦᠭᠡ ᠪᠡᠷ ᠣᠷᠣᠵᠤ ᠲᠡᠢᠮᠦ  ᠬᠢᠯᠪᠠᠷᠬᠠᠨ ᠰᠡᠳᠬᠢᠯ ᠬᠥᠳᠡᠯᠦᠭᠡᠳ ᠵᠢᠷᠣᠭ᠎ᠠ ᠣᠷᠣᠴᠢᠬᠠᠳᠠᠭ ᠬᠥᠮᠦᠨ ᠪᠢᠰᠢ᠂ ᠤᠯᠠᠮ ᠴᠤ᠌ ᠬᠠᠰᠢᠷ ᠤᠬᠠᠭᠠᠨ ᠢᠶᠠᠨ ᠬᠥᠮᠦᠨ ᠪᠣᠯᠭᠠᠨ ᠤ᠋ ᠡᠮᠦᠨ᠎ᠡ ᠭᠠᠢᠬᠠᠭᠤᠯᠵᠤ᠂ ᠬᠠᠮᠢᠶ᠎ᠠ ᠨᠠᠮᠢᠶ᠎ᠠ ᠦᠭᠡᠢ ᠳᠤᠷ᠎ᠠ ᠪᠠᠷ ᠢ᠋ᠶ᠋ᠠᠨ ᠲᠤᠷᠭᠢᠳᠠᠭ ᠦᠭᠡᠢ᠃ ᠪᠣᠯᠤᠮᠵᠢ ᠦᠭᠡᠢ ᠦᠶ᠎ᠡ ᠳ᠋ᠦ᠍ ᠰᠢᠳᠦᠨ ᠦ᠌ ᠪᠡᠨ ᠵᠠᠪᠰᠠᠷ ᠢ᠋ᠶ᠋ᠠᠷ ᠬᠡᠢ ᠴᠦ᠍ ᠭᠠᠷᠭᠠᠳᠠᠭ ᠦᠭᠡᠢ ᠠᠮᠠᠭᠠᠢ ᠴᠢᠩᠭ᠎ᠠ ᠡᠷ᠎ᠡ ᠰᠠᠨᠵᠠᠢ᠃ ᠲᠡᠭᠡᠬᠦ ᠳ᠋ᠦ᠍ ᠭᠠᠭᠴᠠ ᠵᠤᠳᠪᠠ ᠮᠡᠢᠷᠡᠨ ᠦ᠌ ᠤᠷᠠᠨ ᠬᠣᠩᠰᠢᠶᠠᠷ ᠤᠬᠠᠭ᠎ᠠ ᠰᠠᠮᠪᠠᠭ᠎ᠠ ᠶ᠋ᠢ ᠢᠲᠡᠭᠡᠵᠦ ᠲᠣᠭᠣᠳᠠᠭ ᠤ᠋ᠨ ᠬᠤᠪᠢ ᠳ᠋ᠤ᠌ ᠶᠡᠬᠡ ᠡᠴᠡ ᠮᠣᠩᠭᠣᠯ ᠬᠥᠮᠦᠨ ᠦ᠌ ᠬᠤᠪᠢ  ᠲᠠᠪᠢᠯᠠᠩ᠂ ᠳᠤᠮᠳᠠ ᠠ᠋ᠴᠠ ᠬᠣᠰᠢᠭᠤ ᠨᠤᠲᠤᠭ ᠤ᠋ᠨ ᠲᠣᠮᠣ ᠤᠴᠢᠷ᠂ ᠪᠠᠭ᠎ᠠ ᠠ᠋ᠴᠠ ᠬᠤᠪᠢ ᠭᠡᠷ ᠦ᠋ᠨ ᠤᠴᠢᠷ ᠨᠠᠴᠢᠷ ᠲᠤ ᠵᠤᠳᠪᠠ ᠮᠡᠢᠷᠡᠨ ᠲᠡᠢ ᠵᠠᠮ ᠨᠡᠢᠯᠡᠵᠦ ᠳᠥᠷᠥᠭᠡ ᠬᠠᠷᠰᠢᠭᠤᠯᠳᠠᠭ ᠰᠠᠨ᠃ ᠲᠡᠭᠡᠭᠡᠳ ᠬᠣᠲᠠ ᠲᠠᠢ ᠬᠣᠨᠢ ᠦᠷᠭᠦᠬᠦ ᠡᠴᠡ ᠬᠤᠨᠳᠠᠭ᠎ᠠ ᠲᠠᠢ ᠠᠷᠢᠬᠢ ᠴᠠᠯᠭᠢᠬᠤ ᠶ᠋ᠢᠨ ᠤᠴᠢᠷ ᠲᠤ ᠴᠢᠬᠢ ᠴᠢᠬᠢ ᠪᠡᠨ ᠬᠠᠵᠠᠮᠠᠷ ᠰᠢᠪᠡᠨᠡᠯᠳᠦᠨ ᠵᠥᠪᠯᠡᠯᠳᠦᠳᠡᠭ ᠠᠵᠤᠭᠤ᠃   
       ᠡᠯᠳᠡᠩᠭᠡ᠂ ᠵᠤᠳᠪᠠ ᠮᠡᠢᠷᠡᠨ ᠦ᠌ ᠮᠣᠷᠢᠨ ᠴᠠᠭᠠᠨ ᠰᠢᠳᠦ ᠪᠡᠨ ᠢᠷᠠᠯᠵᠠᠭᠤᠯᠤᠨ ᠢᠨᠢᠶᠡᠬᠦ ᠳ᠋ᠡᠭᠡᠨ ᠢᠨᠢᠶᠡᠵᠦ᠂ ᠬᠠᠨᠢᠶᠠᠬᠤ ᠳ᠋ᠠᠭᠠᠨ ᠬᠠᠨᠢᠶᠠᠵᠤ ᠬᠡᠰᠡᠭ ᠲᠡᠭᠡᠨ ᠬᠥᠮᠥᠰᠬᠡ ᠵᠠᠩᠭᠢᠳᠤᠨ ᠬᠠᠶᠠ ᠪᠠᠰᠠ ᠬᠥᠭ ᠬᠥᠭ ᠭᠡᠵᠦ ᠬᠥᠬᠥᠷᠡᠨ ᠢᠨᠢᠶᠡᠵᠦ ᠰᠢᠯᠦᠰᠦ ᠪᠡᠨ ᠲᠥᠰᠦᠷᠭᠡᠨ ᠦᠨᠡᠮᠰᠢᠷᠡᠭᠦᠯᠵᠦ ᠬᠡᠯᠡᠬᠦ ᠶ᠋ᠢ ᠰᠣᠨᠣᠰᠤᠭᠠᠳ᠂   
       — ᠪᠠᠬᠠᠨ ᠬᠠᠵᠠᠭᠤᠯᠠᠰᠭᠢᠵᠤ ᠬᠦᠯᠢᠶᠡᠰᠬᠢᠵᠤ ᠪᠠᠢᠭᠠᠳ ᠬᠠᠪᠢᠷᠭ᠎ᠠ ᠤᠷᠤᠭᠤ ᠨᠢ ᠬᠠᠳᠬᠤᠪᠠᠯ᠂ ᠳᠡᠭᠡᠷ᠎ᠡ ᠶᠤᠮ ᠪᠢᠰᠢ ᠤᠤ? ᠳᠡᠩᠳᠡᠭᠦᠦ ᠡᠷᠲᠡ ᠬᠥᠳᠡᠯᠦᠭᠡᠳ ᠴᠦᠯᠢᠰᠳᠡᠪᠡᠯ ᠰᠢᠷ᠎ᠠ ᠴᠡᠷᠢᠭ ᠲᠤ ᠴᠤ᠌ ᠨᠠᠢᠷ ᠦᠭᠡᠢ᠂ ᠬᠠᠷ᠎ᠠ ᠴᠡᠷᠢᠭ ᠲᠦ᠍ ᠴᠦ᠍ ᠲᠠᠯ᠎ᠠ ᠦᠭᠡᠢ᠂ ᠶᠣᠰᠣᠲᠠᠢ ᠡᠯᠵᠢᠭᠡ ᠴᠤ᠌ ᠦᠭᠡᠢ ᠭᠤᠷᠪᠠᠨ ᠯᠠᠩ ᠴᠤ᠌ ᠦᠭᠡᠢ ᠬᠣᠭᠣᠰᠣᠨ ᠬᠣᠴᠣᠷᠬᠤ ᠪᠣᠯᠤᠨ᠎ᠠ ᠰᠢᠦ! ᠭᠡᠪᠡ᠃ 
       — ᠲᠠᠨ ᠤ᠋ ᠬᠡᠯᠡᠬᠦ ᠨᠢ ᠲᠠᠭᠠᠷᠠᠬᠤ ᠨᠢ ᠴᠦ᠍ ᠲᠠᠭᠠᠷᠠᠨ᠎ᠠ᠃ ᠲᠡᠭᠡᠪᠡᠴᠦ ᠳᠡᠩᠳᠡᠭᠦᠦ ᠬᠡᠷᠰᠡᠦ ᠤᠬᠠᠭᠠᠨ ᠳ᠋ᠠᠭᠠᠨ ᠰᠢᠳᠡᠵᠦ ᠠᠲᠤᠷᠢᠯᠳᠤᠭᠰᠠᠨ ᠮᠣᠭᠠᠢ ᠰᠢᠭ᠋ ᠡᠭᠦᠷ ᠲᠡᠭᠡᠨ ᠰᠢᠷᠭᠤᠭᠠᠳ ᠥᠨᠳᠡᠢᠬᠦ ᠦᠭᠡᠢ ᠪᠣᠯ ᠣᠯᠵᠠ ᠶ᠋ᠢᠨ ᠭᠠᠨᠵᠤᠭ᠎ᠠ ᠬᠣᠰᠠᠷᠵᠤ᠂ ᠣᠷᠣᠢ ᠶ᠋ᠢᠨ ᠲᠣᠭᠤᠷᠴᠠᠭ ᠬᠡᠢᠰᠦᠨ᠎ᠡ ᠭᠡᠳᠡᠭ ᠢ᠋ ᠮᠡᠳᠡᠵᠦ ᠪᠠᠢᠬᠤ ᠬᠡᠷᠡᠭᠲᠡᠢ᠃   
       — ᠰᠢᠷ᠎ᠠ ᠴᠡᠷᠢᠭ ᠦ᠋ᠳ ᠭᠡᠵᠦ ᠴᠣᠬᠣᠮ ᠶᠠᠮᠠᠷ ᠵᠣᠷᠢᠯᠭ᠎ᠠ ᠲᠠᠢ ᠶᠤᠮ ᠪᠣᠯ? ᠴᠠᠭᠠᠭᠤᠷ ᠢᠩᠭᠢᠯ᠎ᠡ᠂ ᠴᠢᠩᠭᠢᠯ᠎ᠡ ᠭᠡᠵᠦ ᠱᠤᠤᠭᠢᠯᠳᠤᠵᠤ ᠪᠠᠢᠭᠰᠠᠨ ᠢ᠋ᠶ᠋ᠠᠨ ᠦᠵᠡᠵᠦ ᠪᠠᠢᠲᠠᠯ᠎ᠠ ᠡᠭᠦᠳᠡᠨ ᠳᠡᠭᠡᠷ᠎ᠡ ᠢᠷᠡᠴᠢᠬᠡᠯ᠎ᠡ ᠬᠦ! 
       — ᠭᠠᠵᠠᠷ ᠨᠤᠲᠤᠭ᠂ ᠡᠳ᠋ ᠠᠭᠤᠷᠠᠰᠤ᠂ ᠠᠰᠢᠭ ᠬᠣᠨᠵᠢᠶ᠎ᠠ ᠯᠠ ᠭᠡᠰᠡᠨ ᠪᠠᠢᠯᠭᠦᠢ᠃ ᠦᠭᠡᠢ᠂ ᠪᠠᠰᠠ ᠮᠤᠨᠠ ᠠᠭᠤᠯᠠ ᠶ᠋ᠢᠨ ᠴᠡᠩᠬᠡᠷ ᠴᠣᠩᠬᠢᠶᠠᠯ ᠤ᠋ᠨ ᠠᠯᠲᠠ ᠮᠥᠩᠭᠥᠨ ᠳ᠋ᠦ᠍ ᠰᠢᠨᠤᠵᠤ ᠢᠷᠡᠯ᠎ᠡ ᠭᠡᠬᠦ ᠶᠦᠮ! ᠪᠦᠦ ᠮᠡᠳᠡ ᠳᠠ᠂ ᠶᠠᠭᠤ ᠴᠤ᠌ ᠭᠡᠰᠡᠨ ᠬᠠᠷ᠎ᠠ ᠴᠡᠷᠢᠭ ᠦ᠋ᠳ ᠡᠵᠡᠮᠳᠡᠭᠰᠡᠨ ᠢ᠋ᠶ᠋ᠡᠨ ᠬᠠᠮᠪᠠᠭᠠᠷᠬᠠᠵᠤ ᠡᠮᠦᠨ᠎ᠡ ᠡᠴᠡ ᠨᠢ ᠲᠤᠯᠬᠤᠯᠠᠷ ᠰᠢᠷ᠎ᠠ ᠴᠡᠷᠢᠭ ᠥᠰᠢᠷᠬᠡᠵᠦ ᠴᠢᠨᠣ᠎ᠠ ᠶ᠋ᠢᠨ ᠰᠦᠷᠦᠭ ᠬᠣᠲᠠ ᠲᠠᠢ ᠬᠣᠨᠢᠨ ᠳ᠋ᠤ᠌ ᠣᠷᠣᠬᠤ ᠰᠢᠭ᠋ ᠤᠯᠠᠩᠭᠠᠰᠴᠤ ᠪᠠᠢᠨ᠎ᠠ ᠭᠡᠵᠡᠭᠡᠬᠦ ᠶᠦᠮ᠃ ᠲᠡᠭᠡᠪᠡᠴᠦ ᠰᠢᠷ᠎ᠠ ᠴᠡᠷᠢᠭ ᠦ᠋ᠳ ᠪᠠᠰᠠ ᠮᠣᠩᠭᠣᠯ ᠬᠥᠮᠦᠨ᠂ ᠴᠢᠩᠭᠢᠰ ᠬᠠᠭᠠᠨ ᠢ᠋ ᠡᠪᠦᠭᠡ ᠳᠡᠭᠡᠳᠦᠰ ᠭᠡᠵᠦ ᠰᠢᠲᠦᠳᠡᠭ ᠭᠡᠵᠦ ᠪᠠᠢᠨ᠎ᠠ᠁ 
       — ᠬᠡᠩ! ᠲᠡᠷᠡ ᠴᠢᠨᠢ ᠴᠢᠮᠠᠶ᠋ᠢ ᠮᠤᠩᠬᠠᠷᠠᠭᠤᠯᠵᠤ《 ᠲᠣᠯᠣᠭᠠᠢ ᠶ᠋ᠢ ᠴᠢᠨᠢ ᠢᠯᠢᠭᠰᠡᠭᠡᠷ ᠪᠠᠢᠵᠤ ᠲᠠᠷᠢᠬᠢ ᠶ᠋ᠢ ᠨᠢ ᠰᠣᠷᠣᠵᠤ᠂ ᠰᠢᠯᠢ ᠶ᠋ᠢ ᠴᠢᠨᠢ ᠮᠠᠭᠠᠵᠢᠭᠰᠠᠭᠠᠷ ᠪᠠᠢᠵᠤ ᠰᠢᠷᠪᠠᠰᠤ ᠶ᠋ᠢ ᠨᠢ ᠰᠤᠭᠤᠯᠬᠤ》 ᠤᠬᠠᠭᠠᠨ ᠰᠢᠦ! ᠵᠤᠳᠪᠠ᠂ ᠮᠣᠩᠭᠣᠯ ᠤ᠋ᠨ ᠰᠡᠴᠡᠨ ᠦᠭᠡᠨ ᠳ᠋ᠦ᠍ ᠢᠷᠡᠭᠰᠡᠨ ᠬᠥᠮᠦᠨ ᠤᠴᠢᠷ ᠲᠠᠢ᠂ ᠢᠨᠢᠶᠡᠭᠰᠡᠨ ᠬᠥᠮᠦᠨ ᠭᠡᠮ ᠭᠡᠳᠡᠭ ᠰᠢᠦ ᠳᠡ ᠰᠢᠷᠦᠭᠦᠨ ᠬᠠᠷᠠᠭᠠᠳ ᠣᠷᠣᠳᠠᠭ ᠬᠥᠮᠦᠨ ᠦ᠌ ᠰᠦᠷ ᠨᠢ ᠶᠡᠬᠡ ᠰᠡᠭᠦᠳᠡᠷ ᠨᠢ ᠪᠠᠭ᠎ᠠ᠃ ᠬᠠᠷᠢᠨ ᠢᠨᠢᠶᠡᠳᠦ ᠭᠠᠨᠵᠤᠭᠠᠯᠠᠭᠠᠳ ᠭᠤᠯᠭᠤᠵᠤ ᠪᠠᠢᠳᠠᠭ ᠬᠥᠮᠦᠨ ᠦ᠌ ᠠᠷᠤ ᠬᠣᠢᠨ᠎ᠠ ᠨᠢ ᠶᠡᠬᠡ ᠤᠴᠢᠷ ᠪᠠᠢᠳᠠᠭ ᠰᠢᠦ! 
       ᠲᠡᠭᠡᠪᠡᠴᠦ ᠰᠢᠷ᠎ᠠ ᠴᠡᠷᠢᠭ ᠦᠳ ᠮᠣᠩᠭᠣᠯ ᠬᠥᠮᠦᠨ ᠢ ᠠᠯᠠᠵᠤ ᠬᠢᠲᠤᠬᠤ ᠦᠭᠡᠢ᠂ ᠬᠣᠣᠷᠯᠠᠳᠠᠭ ᠦᠭᠡᠢ ᠳᠤᠰᠠ ᠬᠢᠵᠦ ᠪᠠᠢᠭ᠎ᠠ᠁ ᠲᠡᠳᠡᠨᠦᠰ ᠪᠠᠰᠠ ᠴᠢᠩᠬᠢᠰ ᠬᠠᠭᠠᠨ᠂ ᠮᠣᠩᠭᠣᠯ ᠬᠥᠮᠦᠨ᠂ ᠮᠠᠨ ᠤ ᠡᠪᠦᠭᠡ ᠳᠡᠭᠡᠳᠦᠰ᠁ ᠭᠡᠬᠦ ᠶᠤᠮ᠃
       — ᠲᠡᠭᠡᠯ ᠦᠭᠡᠢ ᠶᠠᠭᠠᠬᠢᠬᠤ ᠪᠣᠢ! ᠴᠢᠩᠬᠢᠰ ᠬᠠᠭᠠᠨ ᠤ ᠦᠷᠡᠳᠦᠰ ᠮᠣᠩᠭᠣᠯ ᠬᠥᠮᠥᠨ ᠦ ᠡᠪᠦᠭᠡ ᠳᠡᠭᠡᠳᠦᠰ ᠢᠶᠡᠨ ᠭᠡᠳᠡᠭ ᠨᠢ ᠭᠠᠭᠴᠠ ᠰᠢᠷ᠎ᠠ ᠴᠡᠴᠡᠭ ᠦᠳ ᠬᠡᠯᠡᠵᠦ ᠪᠠᠢᠭ᠎ᠠ ᠪᠢᠰᠢ! ᠠᠷᠪᠠᠨ ᠭᠤᠷᠪᠠᠳᠤᠭᠠᠷ ᠵᠠᠭᠤᠨ ᠳᠤ ᠴᠢᠩᠬᠢᠰ ᠬᠠᠭᠠᠨ ᠮᠣᠷᠢᠨ ᠤ ᠲᠤᠭᠤᠷᠠᠢ ᠪᠠᠷ ᠳᠡᠯᠡᠬᠡᠢ ᠶᠢ ᠳᠣᠩᠰᠣᠯᠭᠠᠭᠰᠠᠨ ᠶᠤᠮ ᠴᠢᠨᠢ ᠳᠠᠶᠠᠩ ᠳᠡᠯᠡᠬᠡᠢ ᠳᠦ ᠴᠢᠩᠬᠢᠰ ᠬᠠᠭᠠᠨ᠂ ᠮᠣᠩᠭᠣᠯ ᠬᠥᠮᠥᠨ ᠪᠤᠶᠤ ᠮᠣᠷᠢ᠂ ᠴᠢᠨᠣ᠎ᠠ ᠭᠡᠬᠦ ᠳᠦ ᠠᠶᠤᠨ ᠳᠠᠭᠵᠢᠳᠠᠭ ᠬᠥᠮᠥᠰ ᠮᠣᠩ ᠦᠭᠡᠢ ᠨᠢ ᠲᠡᠢᠮᠦ ᠴᠤ᠌ ᠬᠠᠴᠢᠷᠬᠠᠯᠲᠠᠢ ᠶᠠᠪᠤᠳᠠᠯ ᠪᠢᠰᠢ᠃ ᠲᠡᠳᠡᠨ ᠦ ᠮᠣᠩᠭᠣᠯ ᠬᠥᠮᠥᠨ᠂ ᠮᠣᠷᠢ᠂ ᠴᠢᠨᠣ᠎ᠠ ᠭᠤᠷᠪᠠ ᠶᠢᠨ ᠭᠠᠯᠵᠠᠭᠤ ᠶᠢ ᠬᠥᠳᠡᠯᠭᠡᠬᠦ ᠦᠭᠡᠢ ᠠᠶ᠎ᠠ ᠪᠠᠷ ᠨᠢ ᠲᠠᠯᠪᠢᠵᠤ ᠠᠭᠠᠵᠢᠭᠤ ᠠᠭᠠᠵᠢᠭᠤ ᠪᠠᠷ ᠠᠷᠭᠠᠨ ᠳ᠋ᠠᠭᠠᠨ ᠣᠷᠣᠭᠤᠯᠵᠤ ᠠᠪᠬᠤ ᠰᠠᠨᠠᠭᠠᠲᠠᠢ ᠨᠢ ᠢᠪ ᠢᠯᠡᠬᠡᠨ! ᠮᠣᠩᠭᠣᠯ ᠬᠥᠮᠥᠨ ᠦ ᠭᠠᠯᠵᠠᠭᠤ ᠶᠢ ᠬᠥᠳᠡᠯᠭᠡᠵᠦ᠂ ᠮᠣᠷᠢᠳ ᠢ ᠨᠢ ᠠᠷᠭᠢᠶᠠᠳᠤᠭᠤᠯᠤᠨ᠂ ᠴᠢᠨᠣ᠎ᠠ ᠨᠣᠬᠠᠢ ᠶᠢ ᠨᠢ ᠤᠯᠠᠩᠭᠠᠰᠤᠭᠤᠯᠣᠭᠰᠠᠭᠠᠷ ᠴᠤ᠌ ᠰᠠᠨᠠᠭᠰᠠᠨ ᠶᠠᠭᠤᠮ᠎ᠠ ᠨᠢ ᠪᠠᠯᠠᠷᠠᠨ᠎ᠠ ᠭᠡᠳᠡᠭ ᠢ ᠲᠡᠳᠡ ᠴᠠᠭᠠᠨ᠎ᠠ ᠨᠢ ᠭᠠᠷᠲᠠᠯ᠎ᠠ ᠮᠡᠳᠡᠨ᠎ᠡ ᠡ᠃
       — ᠲᠡᠷᠡ ᠴᠤ᠌ ᠲᠡᠢᠮᠦ ᠯᠠ ᠳ᠋ᠠ᠃ ᠲᠡᠭᠡᠪᠡᠴᠦ ᠰᠢᠷ᠎ᠠ ᠴᠡᠷᠢᠭ ᠦᠨ ᠬᠤᠪᠴᠠᠰᠤ ᠵᠡᠭᠦᠯᠲᠡ᠂ ᠫᠤᠤ ᠵᠡᠪᠰᠡᠭ ᠦᠨ ᠲᠣᠨᠣᠭ ᠲᠥᠬᠥᠭᠡᠷᠦᠮᠵᠢ ᠠᠯᠢ ᠴᠤ᠌ ᠲᠠᠯ᠎ᠠ ᠪᠠᠷ ᠢᠶᠠᠨ ᠮᠠᠨᠤᠰ ᠠᠴᠠ ᠴᠠᠷᠢᠭᠤᠨ᠃ ᠥᠭᠡᠷ᠎ᠡ ᠶᠢ ᠬᠡᠯᠡᠬᠦ ᠪᠡᠨ ᠪᠠᠢᠶ᠎ᠠ᠃ ᠮᠠᠨ ᠤ ᠪᠠᠷᠠᠭᠤᠨ ᠭᠥᠩ ᠳᠦ ᠰᠢᠷ᠎ᠠ ᠴᠡᠷᠢᠭ ᠨᠢᠭᠤᠷ ᠥᠭᠬᠦ ᠦᠭᠡᠢ ᠶᠤᠮ ᠪᠣᠯ ᠮᠠᠨ ᠤ ᠪᠠᠷᠠᠭᠤᠨ ᠭᠥᠩ ᠦᠨ ᠬᠢᠨ ᠨᠢᠭᠡ ᠯᠠ ᠰᠥᠨᠢ ᠶᠢᠨ ᠱᠦᠭᠦᠷᠳᠡᠯᠲᠡ ᠶᠢ ᠶᠡᠷᠦ ᠳᠠᠭᠠᠭᠠᠬᠤ ᠦᠭᠡᠢ ᠡᠪᠦᠳᠦᠭ ᠨᠢ ᠨᠤᠭᠤᠷᠠᠭᠠᠳ ᠰᠥᠭᠥᠳᠬᠦ ᠳᠦ ᠪᠡᠪ ᠪᠡᠯᠡᠨ! ᠲᠠ ᠲᠡᠷᠡ ᠣᠳᠣ ᠶᠢᠨ ᠬᠣᠰᠢᠭᠤ ᠶᠠᠮᠤᠨ ᠤ ᠵᠠᠰᠠᠭ᠂ ᠳᠦᠰᠢᠮᠡᠳ ᠨᠣᠶᠠᠳ ᠤᠨ ᠴᠢᠷᠠᠢ ᠶᠢ ᠬᠠᠷᠠᠬᠤ ᠦᠭᠡᠢ ᠤᠤ! ᠢᠩᠬᠢᠬᠦᠯᠡᠷ ᠲᠠ ᠰᠢᠷ᠎ᠠ ᠴᠡᠷᠢᠭ ᠦᠨ ᠬᠢᠨ ᠮᠠᠨᠤᠰ ᠲᠤ ᠵᠠᠢ ᠥᠭ᠍ᠬᠦ ᠳᠦ ᠵᠠᠪᠢᠯᠠᠵᠤ ᠰᠠᠭᠤᠬᠤ ᠦᠭᠡᠢ ᠪᠣᠯ ᠪᠠᠰᠠ ᠨᠢᠭᠡ ᠮᠤᠰᠢᠭᠠᠢ ᠪᠠᠷ ᠡᠷᠭᠢᠵᠦ ᠮᠡᠳᠡᠨ᠎ᠡ ᠰᠢᠦ!
       — ᠠ᠂ ᠪᠠᠰᠠ ᠵᠥᠪ ᠶᠤᠮ! ᠲᠡᠭᠡᠪᠡᠴᠦ ᠪᠢᠳᠠ ᠰᠢᠷ᠎ᠠ ᠴᠡᠷᠢᠭ ᠦᠨ ᠰᠦᠷ ᠬᠦᠴᠦᠨ ᠢ ᠠᠰᠢᠭᠯᠠᠬᠤ ᠠᠴᠠ ᠪᠢᠰᠢ ᠲᠡᠳᠡᠨ ᠳᠦ ᠠᠰᠢᠭᠯᠠᠭᠳᠠᠵᠤ ᠪᠣᠯᠬᠤ ᠦᠭᠡᠢ!
       — ᠵᠥᠪ᠂ ᠵᠥᠪ!
       — ᠡᠪᠲᠦ ᠱᠠᠭᠠᠵᠠᠭᠠᠢ ᠪᠤᠭᠤ ᠪᠠᠢᠨ᠎ᠠ ᠭᠡᠳᠡᠭ ᠢᠶᠡᠷ ᠰᠢᠷ᠎ᠠ ᠴᠡᠷᠢᠭ ᠦᠨ ᠰᠦᠷ ᠢ ᠠᠰᠢᠭᠯᠠᠵᠤ ᠪᠠᠷᠠᠭᠤᠨ ᠭᠥᠩ ᠳ᠋ᠡᠭᠡᠨ ᠪᠤᠴᠠᠵᠤ ᠨᠢᠭᠡ ᠰᠦᠷ ᠰᠦᠭ ᠪᠠᠳᠠᠷᠠᠭᠤᠯᠬᠤ ᠨᠢ ᠲᠠᠭᠠᠷᠠᠨ᠎ᠠ! ᠭᠡᠳ ᠡᠯᠳᠡᠩᠭᠡ ᠶᠢᠨ ᠴᠢᠷᠠᠢ ᠳᠤ ᠢᠨᠢᠶᠡᠳᠦ ᠬᠠᠯᠭᠢᠬᠤ ᠰᠢᠭ᠋ ᠲᠡᠨᠡᠢᠪᠡ᠃
       ᠡᠯᠳᠡᠩᠭᠡ᠂ ᠵᠤᠳᠪᠠ ᠶᠢᠨ ᠬᠡᠯᠡᠭᠰᠡᠨ ᠢ ᠵᠠᠢ ᠠᠪᠴᠤ ᠵᠥᠪᠲᠥᠭᠡᠬᠦ ᠪᠣᠯᠪᠠᠴᠤ ᠰᠢᠷ᠎ᠠ ᠴᠡᠷᠢᠭ᠂ ᠬᠠᠷ᠎ᠠ ᠴᠡᠷᠢᠭ᠂ ᠲᠣᠲᠣᠷ᠎ᠠ ᠶᠢᠨ ᠬᠢᠮᠤᠷᠠᠯ᠁ ᠵᠡᠷᠭᠡ ᠠᠯᠢ ᠣᠯᠠᠨ ᠪᠤᠳᠤᠯᠢᠶᠠᠨ ᠲᠦᠪᠡᠭ ᠢ ᠪᠣᠳᠣᠬᠤ ᠦᠭᠡᠢ ᠪᠣᠯᠬᠤ ᠦᠭᠡᠢ ᠪᠠᠢᠯ᠎ᠠ᠁
       ᠮᠢᠩᠭᠠᠨ ᠸᠠᠩ ᠳᠣᠷᠵᠢᠸᠠᠩᠴᠤᠭ ᠴᠤ᠌ ᠲᠥᠷᠥ ᠶᠢᠨ ᠠᠶ᠎ᠠ ᠶᠢ ᠳᠠᠭᠠᠨ ᠰᠢᠷ᠎ᠠ ᠴᠡᠷᠢᠭ ᠦᠨ ᠬᠤᠪᠴᠠᠰᠤᠨ ᠳᠡᠭᠡᠷ᠎ᠡ ᠣᠷᠣᠰ ᠳᠤᠷᠠᠨ᠂ ᠫᠤᠤ ᠬᠣᠶᠠᠷ ᠢ ᠡᠩᠭᠡᠷ ᠵᠥᠷᠢᠭᠦᠯᠦᠨ ᠡᠭᠦᠷᠴᠦ᠂ ᠳᠠᠰᠢᠶᠠᠨ ᠳᠠᠭᠠᠨ ᠨᠣᠮᠣᠨ ᠬᠡᠯᠪᠡᠷᠢᠲᠡᠢ ᠳᠠᠢᠨ ᠤ ᠰᠡᠯᠡᠮ᠎ᠡ ᠪᠠᠯᠳᠠᠭᠠᠨᠠᠭᠤᠯᠵᠤ᠂ ᠰᠢᠩᠭᠡᠨ ᠳᠡᠯ ᠣᠭᠣᠳᠣᠩ ᠰᠡᠭᠦᠯ ᠲᠠᠢ ᠥᠨᠳᠥᠷ ᠵᠡᠭᠡᠷᠳᠡ ᠮᠣᠷᠢ ᠤᠨᠤᠭᠰᠠᠨ ᠳᠦᠷᠢ ᠡᠯᠳᠡᠩᠭᠡ ᠳᠦ ᠵᠢᠪᠬᠤᠯᠠᠩ ᠲᠡᠭᠦᠯᠳᠡᠷ ᠬᠠᠷᠠᠭᠳᠠᠭᠠᠳ ᠪᠠᠢᠳᠠᠭ ᠲᠤᠨᠢ ᠪᠠᠷᠰ ᠤᠨ ᠰᠦᠷ ᠢᠶᠡᠷ ᠪᠤᠰᠤᠳ ᠢ ᠠᠶᠤᠯᠭᠠᠳᠠᠭ ᠦᠨᠡᠭᠡᠨ ᠦ ᠪᠠᠰᠢᠷ ᠤᠬᠠᠭᠠᠨ ᠢᠶᠠᠷ ᠰᠢᠷ᠎ᠠ ᠴᠡᠷᠢᠭ ᠦᠨ ᠰᠦᠷ ᠢ ᠵᠢᠭᠡᠯᠡᠵᠦ᠂ ᠳᠣᠷᠵᠢᠸᠠᠩᠴᠤᠭ ᠤᠨ ᠬᠦᠴᠦ ᠶᠢ ᠳᠥᠰᠢᠨ ᠪᠠᠷᠠᠭᠤᠨ ᠭᠥᠩ ᠦᠨ ᠬᠣᠰᠢᠭᠤ ᠪᠠᠨ ᠪᠡᠯᠪᠡᠰᠦᠨ ᠡᠮ᠎ᠡ ᠶᠢᠨ ᠭᠠᠷ ᠠᠴᠠ ᠪᠤᠯᠢᠶᠠᠵᠤ ᠠᠪᠬᠤ ᠪᠣᠳᠣᠯ ᠬᠥᠪᠥᠷᠡᠨ ᠥᠰᠴᠦ ᠬᠣᠰᠢᠭᠤ ᠨᠤᠲᠤᠭ ᠲᠠᠭᠠᠨ ᠪᠤᠴᠠᠬᠤ ᠪᠡᠯᠡᠳᠬᠡᠯ ᠬᠢᠵᠦ ᠡᠬᠢᠯᠡᠪᠡ᠃
       ᠶᠠᠭ ᠡᠢᠨ ᠬᠦ᠌ ᠤᠬᠠᠭᠠᠨ ᠰᠡᠢᠯᠵᠦ ᠠᠲᠠᠯ᠎ᠠ ᠪᠠᠷᠠᠭᠤᠨ ᠭᠥᠩ ᠡᠴᠡ ᠪᠠᠰᠠ ᠲᠠᠬᠠᠷ ᠲᠣᠮᠢᠯᠠᠵᠤ ᠪᠠᠴᠢᠮ ᠮᠡᠳᠡᠭᠡ ᠬᠦᠷᠭᠡᠵᠦ ᠢᠷᠡᠭᠦᠯᠪᠡ᠃ ᠡᠨᠡ ᠨᠢ ᠵᠤᠳᠪᠠ ᠮᠠᠢᠷᠠᠨ ᠤ ᠲᠣᠮᠢᠯᠠᠭᠰᠠᠨ ᠲᠠᠬᠠᠷ ᠪᠠᠢᠵᠠᠢ᠃
       ᠲᠡᠷᠡ ᠲᠠᠬᠠᠷ ᠤᠨ ᠠᠪᠴᠤ ᠢᠷᠡᠭᠰᠡᠨ ᠪᠠᠴᠢᠮ ᠴᠢᠮᠡᠭᠡ ᠳᠦ᠄

ᠡᠷᠬᠢᠨ ᠬᠦᠨᠳᠦᠲᠦ ᠳᠤᠰᠠᠯᠠᠭᠴᠢ ᠨᠣᠶᠠᠨ ᠲᠠᠨ᠎ᠠ᠄
       ᠠᠮᠤᠷ ᠰᠠᠢᠨ ᠢ ᠲᠠᠨᠢ ᠠᠢᠯᠠᠳᠬᠠᠶ᠎ᠠ᠃
       ᠡᠳᠦᠭᠡ ᠨᠣᠶᠠᠨᠲᠠᠨ ᠲᠠᠨ ᠳᠤ ᠮᠡᠳᠡᠭᠳᠡᠬᠦ ᠤᠴᠢᠷ ᠪᠣᠯᠪᠠᠰᠤ᠄ ᠰᠢᠷ᠎ᠠ ᠴᠡᠷᠢᠭ ᠪᠤᠭᠤᠲᠤ ᠶᠢ ᠪᠦᠷᠢᠨ ᠡᠵᠡᠯᠡᠵᠦ ᠭᠣᠣᠯ ᠭᠣᠣᠯ ᠵᠡᠭᠡᠯᠢ ᠭᠤᠲᠤᠮᠵᠢ᠂ ᠪᠣᠭᠣᠮᠲᠠ ᠬᠠᠭᠠᠯᠭ᠎ᠠ ᠶᠢ ᠡᠷᠬᠡᠰᠢᠶᠡᠵᠦ᠂ ᠬᠥᠨᠳᠡᠯᠡᠨ ᠭᠣᠯᠲᠤ ᠣᠷᠣᠵᠤ ᠭᠠᠷᠳᠠᠭ ᠪᠣᠯᠪᠠ᠃ ᠲᠡᠭᠡᠬᠦ ᠪᠡᠷ ᠥᠯᠥ ᠪᠠᠷᠠᠮ ᠤᠯᠠᠭᠠᠨᠴᠠᠪ ᠤᠨ ᠴᠢᠭᠤᠯᠭᠠᠨ ᠠᠴᠠ ᠠᠭᠸᠠᠩ ᠭᠡᠳᠡᠭ ᠰᠢᠷ᠎ᠠ ᠴᠡᠷᠢᠭ ᠦᠨ ᠨᠣᠶᠠᠨ ᠢ ᠪᠠᠷᠠᠭᠤᠨ ᠭᠥᠩ ᠦᠨ ᠬᠣᠰᠢᠭᠤ ᠶᠠᠮᠤᠨ ᠳᠤ ᠰᠡᠲᠦᠭᠴᠢ ᠨᠣᠶᠠᠨ ᠢᠶᠠᠷ ᠲᠣᠮᠢᠯᠠᠵᠤ ᠢᠷᠡᠭᠦᠯᠬᠦ ᠰᠤᠷᠠᠭ ᠲᠠᠢ᠃ ᠡᠨᠡ ᠦᠶ᠎ᠡ ᠳᠦ ᠨᠣᠶᠠᠨᠲᠠᠨ ᠲᠠ ᠦᠳᠲᠡᠷ ᠨᠤᠲᠤᠭ ᠪᠤᠴᠠᠵᠤ ᠬᠣᠰᠢᠭᠤ ᠨᠤᠲᠤᠭ ᠢᠶᠠᠨ ᠲᠢᠭ ᠲᠠᠢ ᠤᠬᠠᠭᠤᠯᠬᠤ ᠦᠭᠡᠢ᠂ ᠥᠨᠥᠬᠢ ᠪᠡᠯᠪᠡᠰᠦᠨ ᠡᠮ᠎ᠡ ᠳᠦ ᠵᠠᠪᠰᠢᠶᠠᠨ ᠣᠯᠭᠣᠪᠠᠰᠤ ᠠᠵᠠ ᠶᠢᠨ ᠲᠡᠭᠷᠢ ᠬᠠᠵᠠᠢᠵᠤ ᠮᠡᠳᠡᠨ᠎ᠡ᠃ ᠲᠡᠭᠡᠪᠡᠯ ᠪᠠᠭ᠎ᠠ ᠬᠠᠲᠤᠨ –  ᠰᠡᠷᠭᠦᠮ᠎ᠡ ᠣᠳᠣ ᠰᠢᠷ᠎ᠠ ᠴᠡᠷᠢᠭ ᠲᠦ ᠪᠠᠭᠤᠵᠤ ᠥᠭᠬᠦ ᠤᠤ ᠬᠠᠷ᠎ᠠ ᠴᠡᠷᠢᠭ ᠢ ᠨᠥᠮᠥᠷᠢᠳᠡᠵᠦ ᠶᠠᠪᠤᠬᠤ ᠤᠤ ᠴᠣᠬᠣᠮ ᠬᠠᠮᠢᠭᠠᠰᠢ ᠬᠠᠮᠢᠭᠠᠰᠢ ᠪᠠᠨ ᠴᠤ᠌ ᠦᠭᠡᠢ ᠬᠦᠴᠦᠨ ᠮᠡᠬᠦᠰᠳᠡᠵᠦ ᠪᠣᠳᠣᠯᠭ᠎ᠠ ᠭᠤᠢᠪᠢᠵᠤ ᠪᠠᠢᠭ᠎ᠠ ᠲᠤᠯᠠ ᠡᠷᠬᠢᠨ ᠨᠣᠶᠠᠨᠲᠠᠨ ᠲᠠ ᠭᠡᠭᠡᠨ ᠳ᠋ᠡᠭᠡᠨ ᠲᠣᠯᠢᠳᠠᠬᠤ ᠠᠵᠢᠶᠠᠮᠦ!
                   ᠡᠬᠦᠨ᠎ᠡ
                               ᠬᠢᠴᠢᠶᠡᠩᠭᠦᠢᠯᠡᠨ ᠶᠣᠰᠣᠯᠠᠪᠠᠢ
                                        ᠵᠤᠳᠪᠠ ᠠᠴᠠ
ᠭᠡᠰᠡᠨ ᠪᠠᠢᠪᠠ᠃
       ᠡᠯᠳᠡᠩᠭᠡ᠂ ᠵᠣᠳᠪᠠ ᠶᠢᠨ ᠪᠠᠴᠢᠮ ᠴᠢᠮᠡᠭᠡ ᠶᠢ ᠦᠵᠡᠵᠦ ᠪᠠᠷᠠᠭᠠᠳ ᠮᠠᠩᠨᠠᠢ ᠪᠠᠨ ᠪᠠᠵᠠᠵᠤ  ᠬᠥᠮᠦᠰᠭᠡ ᠪᠡᠨ ᠠᠲᠤᠷᠢᠭᠤᠯᠤᠨ᠂ ᠨᠢᠭᠡ ᠭᠡᠰᠡᠭ ᠳᠠᠭᠤ ᠦᠭᠡᠢ ᠰᠠᠭᠤᠭᠰᠠᠨ ᠢᠶᠠᠨ 《ᠵᠤᠳᠪᠠ ᠶᠢᠨ ᠬᠡᠯᠡᠭᠰᠡᠨ ᠡᠨᠡ ᠪᠥᠬᠥᠨ ᠦᠨᠡᠨ ᠯᠠ ᠶᠤᠮ ᠪᠣᠯ ᠳᠠᠷᠤᠢᠬᠠᠨ ᠤᠬᠠᠭᠤᠯᠬᠤ ᠬᠡᠷᠡᠭᠲᠡᠢ ᠪᠣᠯᠵᠠᠢ᠃ ᠶᠠᠭᠤᠨ ᠤ ᠤᠷᠢᠳ ᠮᠢᠩᠭᠠᠨ ᠸᠠᠩ ᠳᠣᠷᠵᠢᠸᠠᠩᠴᠤᠭ ᠠᠴᠠ ᠪᠦᠷᠢᠨ ᠵᠡᠪᠰᠡᠭᠲᠦ ᠮᠣᠷᠢᠨ ᠴᠡᠷᠢᠭ ᠦᠨ ᠳᠤᠰᠠᠯᠠᠮᠵᠢ ᠭᠣᠶᠣᠵᠤ ᠪᠠᠷᠠᠭᠤᠨ ᠭᠥᠩ ᠦᠨ ᠬᠣᠰᠢᠭᠤ ᠶᠠᠮᠤᠨ ᠤ ᠬᠠᠪᠢᠯᠳᠠᠭᠤ ᠰᠠᠭᠤᠯᠭᠠᠵᠤ᠂ ᠪᠠᠭ᠎ᠠ ᠬᠠᠲᠤᠨ ᠰᠡᠷᠭᠦᠮ᠎ᠡ ᠶᠢ ᠨᠢᠭᠡ ᠲᠠᠯ᠎ᠠ ᠪᠠᠷ ᠰᠦᠷᠳᠡᠭᠦᠯᠵᠦ᠂ ᠨᠥᠭᠥᠭᠡ ᠲᠠᠯ᠎ᠠ ᠪᠠᠷ ᠬᠥᠳᠡᠯᠦᠯ ᠬᠠᠨᠳᠤᠰᠢ ᠶᠢ ᠨᠢ ᠠᠩᠬᠠᠷᠴᠤ ᠰᠡᠷᠭᠡᠢᠯᠡᠶ᠎ᠡ᠃ ᠢᠩᠬᠢᠵᠦ ᠲᠡᠭᠦᠨ ᠢ ᠥᠪᠡᠷ ᠦᠨ ᠪᠡᠶ᠎ᠡ ᠪᠡᠷ ᠢᠶᠡᠨ ᠬᠦᠴᠦᠨ ᠮᠡᠬᠦᠰᠳᠡᠬᠦ ᠳ᠋ᠡᠭᠡᠨ ᠵᠠᠰᠠᠭ ᠤᠨ ᠡᠷᠬᠡ ᠪᠡᠨ ᠶᠠᠭᠦᠯᠡᠵᠦ ᠪᠠᠷᠠᠭᠤᠨ ᠭᠥᠩ ᠦᠨ ᠬᠣᠰᠢᠭᠤ ᠲᠠᠮᠠᠭ᠎ᠠ ᠶᠢ ᠳᠤᠰᠢᠶᠠᠯᠭᠠᠬᠤ ᠪᠤᠶᠤ ᠪᠠᠷᠠᠭᠤᠨ ᠭᠥᠩ ᠦᠨ ᠬᠣᠰᠢᠭᠤ ᠨᠤᠲᠤᠭ ᠠᠴᠠ ᠰᠢᠬᠠᠵᠤ ᠪᠠᠢᠭᠠᠳ ᠵᠠᠢᠯᠠᠭᠤᠯᠤᠨ᠎ᠠ᠃ ᠠᠷᠭ᠎ᠠ ᠮᠤᠬᠤᠷᠳᠠᠬᠤ ᠳ᠋ᠠᠭᠠᠨ ᠲᠡᠷᠡ ᠬᠠᠷ᠎ᠠ ᠴᠡᠷᠢᠭ ᠢ ᠨᠥᠮᠥᠷᠢᠳᠡᠨ᠎ᠡ ᠤᠤ ᠰᠢᠷ᠎ᠠ ᠴᠡᠷᠢᠭ ᠲᠦ ᠪᠠᠭᠤᠵᠤ ᠥᠭᠭᠦᠨ᠎ᠡ ᠤᠤ᠂ ᠳᠤᠷ᠎ᠠ ᠪᠡᠶ᠎ᠡ ᠶᠢ ᠭᠣᠯᠣᠬᠤ ᠦᠭᠡᠢ ᠳᠤᠮᠳᠠ ᠴᠢᠮᠦᠭᠡ ᠱᠠᠭ᠎ᠠ ᠪᠠᠨ ᠴᠢᠮᠠᠯᠠᠬᠤ ᠦᠭᠡᠢ ᠭᠡᠳᠡᠭ ᠢᠶᠡᠷ ᠲᠡᠭᠦᠨ ᠦ ᠥᠪᠡᠷ ᠦᠨ ᠬᠢᠨᠢ ᠳᠤᠷ᠎ᠠ ᠮᠡᠳᠡᠭᠰᠡᠨ ᠬᠡᠷᠡᠭ᠃ ᠲᠠᠬᠢᠪᠠᠯ ᠰᠢᠷ᠎ᠠ ᠴᠡᠷᠢᠭ ᠦᠨ ᠰᠠᠨᠠᠭ᠎ᠠ ᠵᠣᠷᠢᠯᠭ᠎ᠠ ᠪᠠ ᠬᠠᠷ᠎ᠠ ᠴᠡᠷᠢᠭ ᠦᠨ ᠣᠪᠣᠷ ᠪᠠᠢᠳᠠᠯ ᠢ ᠲᠠᠩᠰᠠᠵᠤ ᠪᠠᠢᠭᠠᠳ ᠰᠡᠲᠦᠶ᠎ᠡ! ᠪᠣᠳᠣᠯ ᠤᠨ ᠮᠡᠷᠭᠡ ᠪᠤᠷᠤᠭᠤ ᠲᠡᠢᠰᠢ ᠬᠡᠯᠪᠡᠢᠬᠦ ᠦᠭᠡᠢ ᠯᠠ ᠶᠤᠮ ᠪᠣᠯ ᠪᠥᠬᠥ ᠶᠠᠭᠤᠮ᠎ᠠ ᠰᠠᠨᠠᠭ᠎ᠠ ᠪᠠᠷ ᠪᠥᠮᠪᠥᠷᠢᠬᠦ ᠨᠢ ᠭᠠᠷᠴᠠᠭ᠎ᠠ ᠦᠭᠡᠢ᠃ ᠰᠢᠷ᠎ᠠ ᠴᠡᠷᠢᠭ ᠦᠨ ᠡᠷᠬᠡ ᠰᠦᠷ ᠢ ᠵᠢᠭᠡᠯᠡᠵᠦ᠂ ᠮᠢᠩᠭᠠᠨ ᠸᠠᠩ ᠤᠨ ᠮᠣᠷᠢᠨ ᠴᠡᠷᠢᠭ ᠦᠨ ᠳᠤᠰᠠᠯᠠᠮᠵᠢ ᠶᠢ ᠵᠠᠪᠰᠢᠵᠤ᠂ ᠥᠨᠥᠬᠢ ᠰᠡᠲᠦᠭᠴᠢ ᠠᠭᠸᠠᠩ ᠨᠣᠶᠠᠨ ᠢ ᠤᠬᠠᠭᠠᠯᠠᠵᠤ ᠬᠣᠰᠢᠭᠤ ᠨᠤᠲᠤᠭ᠂ ᠥᠪᠡᠷ ᠦᠨ ᠨᠡᠷ᠎ᠡ ᠲᠥᠷᠥ ᠪᠠ ᠪᠡᠶ᠎ᠡ ᠳᠦ ᠠᠰᠢᠭᠲᠠᠢ ᠪᠥᠬᠥᠨ ᠢ ᠮᠡᠳᠡᠯ ᠲᠣᠲᠣᠷ᠎ᠠ ᠪᠠᠨ ᠵᠢᠷᠤᠭᠠᠯᠠᠭᠤᠯᠤᠶ᠎ᠠ ᠪᠠᠢᠵᠠ!》 ᠭᠡᠵᠦ ᠳᠦᠳᠦᠨᠡᠬᠦ ᠳᠦ ᠵᠠᠩᠭᠢᠷᠠᠭᠰᠠᠨ ᠬᠠᠷ᠎ᠠ ᠬᠥᠮᠦᠰᠭᠡ ᠨᠢ ᠲᠠᠢᠯᠤᠭᠳᠠᠵᠤ ᠮᠠᠩᠨᠠᠢ ᠳ᠋ᠤᠨᠢ ᠨᠠᠷᠠ ᠳᠤᠰᠤᠭᠰᠠᠨ ᠮᠡᠲᠦ ᠭᠢᠯᠠᠢᠪᠠ᠃