ᠴᠢᠩᠭᠢᠰ ᠬᠠᠭᠠᠨ ᠤ᠋ ᠪᠠᠢᠯᠳᠤᠬᠤ ᠪᠣᠳᠣᠯᠭ᠎ᠠ ᠪᠠ ᠠᠷᠭ᠎ᠠ05 ᠲᠡᠮᠦᠵᠢᠨ ᠴᠢᠩᠭᠢᠰ ᠬᠠᠭᠠᠨ ᠭᠡᠮᠡᠨ ᠡᠷᠭᠦᠮᠵᠢᠯᠡᠭᠳᠡᠭᠰᠡᠨ ᠨᠢЧингис хааны байлдах бодлого ба арга ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠢᠩᠭᠢᠰ ᠬᠠᠭᠠᠨ ᠤ᠋ ᠪᠠᠢᠯᠳᠤᠬᠤ ᠪᠣᠳᠣᠯᠭ᠎ᠠ ᠪᠠ ᠠᠷᠭ᠎ᠠ05 ᠲᠡᠮᠦᠵᠢᠨ ᠴᠢᠩᠭᠢᠰ ᠬᠠᠭᠠᠨ ᠭᠡᠮᠡᠨ ᠡᠷᠭᠦᠮᠵᠢᠯᠡᠭᠳᠡᠭᠰᠡᠨ ᠨᠢЧингис хааны байлдах бодлого ба арга

ᠴᠢᠩᠭᠢᠰ ᠬᠠᠭᠠᠨ ᠤ᠋ ᠪᠠᠢᠯᠳᠤᠬᠤ ᠪᠣᠳᠣᠯᠭ᠎ᠠ ᠪᠠ ᠠᠷᠭ᠎ᠠ05 ᠲᠡᠮᠦᠵᠢᠨ ᠴᠢᠩᠭᠢᠰ ᠬᠠᠭᠠᠨ ᠭᠡᠮᠡᠨ ᠡᠷᠭᠦᠮᠵᠢᠯᠡᠭᠳᠡᠭᠰᠡᠨ ᠨᠢЧингис хааны байлдах бодлого ба арга

ᠠᠩᠭᠢᠯᠠᠯ:ᠲᠤᠭᠤᠵᠢ ᠷᠣᠮᠠᠨ
2024-11-05

799

ᠲᠠᠪᠤᠳᠤᠭᠠᠷ ᠪᠦᠯᠦᠭ ᠲᠡᠮᠦᠵᠢᠨ ᠴᠢᠩᠭᠢᠰ ᠬᠠᠭᠠᠨ ᠭᠡᠮᠡᠨ ᠡᠷᠭᠦᠮᠵᠢᠯᠡᠭᠳᠡᠭᠰᠡᠨ ᠨᠢ 

      (ᠨᠢᠭᠡ ) ᠴᠢᠩᠭᠢᠰ ᠬᠠᠭᠠᠨ ᠤ᠋ ᠲᠣᠭᠲᠠᠭᠠᠭᠰᠠᠨ ᠪᠠᠯᠠᠷᠠᠰᠢ ᠦᠭᠡᠢ ᠬᠠᠤᠯᠢ ᠶᠣᠰᠣ

      ᠪᠠᠷᠰ ᠵᠢᠯ ᠳᠠᠷᠤᠢ ᠨᠡᠢᠲᠡ ᠶ᠋ᠢᠨ ᠣᠨ ᠲᠣᠭᠠᠯᠠᠯ ᠤ᠋ᠨ 1206 ᠣᠨ ᠳ᠋ᠤ᠌ ᠥᠷᠥᠨ᠎ᠡ ᠵᠦᠭ (ᠤᠮᠠᠷᠠᠲᠤ ᠵᠦᠭ ᠭᠡᠰᠡᠨ ᠪᠠᠢᠬ᠎ᠠ᠃ ᠬᠢᠨᠠᠭᠴᠢ ᠠ᠋ᠴᠠ) ᠶ᠋ᠢᠨ ᠤᠯᠤᠰ ᠤ᠋ᠨ ᠬᠢᠯᠢ ᠶ᠋ᠢ ᠰᠠᠬᠢᠭᠴᠢ ᠲᠤᠰᠢᠶᠠᠯ ᠢ᠋ ᠬᠦᠯᠢᠶᠡᠭᠰᠡᠨ᠂ ᠴᠠᠭᠠᠨ ᠬᠡᠷᠡᠮ ᠳ᠋ᠡᠬᠢ ᠬᠠᠮᠤᠭ ᠤ᠋ᠨ ᠳᠡᠭᠡᠳᠦ ᠵᠠᠬᠢᠷᠤᠭᠴᠢ ᠠ᠋ᠴᠠ ᠠᠯᠤᠰ ᠬᠣᠯᠠ ᠳ᠋ᠠᠬᠢ ᠣᠯᠠᠨ ᠤᠯᠤᠰ ᠴᠥᠮ ᠨᠣᠮᠣᠬᠠᠨ ᠲᠣᠭᠲᠠᠭᠤᠨ ᠪᠠᠢᠨ᠎ᠠ ᠭᠡᠵᠦ ᠠᠯᠲᠠᠨ ᠤᠯᠤᠰ ᠤ᠋ᠨ ᠬᠠᠭᠠᠨ ᠳ᠋ᠤ᠌ ᠮᠡᠳᠡᠭᠦᠯᠦᠭᠰᠡᠨ ᠪᠢᠯᠡ᠃ ᠡᠨᠡᠬᠦ ᠮᠡᠳᠡᠭᠡ ᠨᠢ ᠦᠨᠡᠨ ᠪᠠᠢᠳᠠᠯ ᠲᠠᠢ ᠦᠯᠦ ᠨᠡᠢᠴᠡᠬᠦ ᠪᠥᠭᠡᠳ ᠵᠢᠭᠲᠡᠢ ᠪᠠᠢᠬᠤ ᠲᠤᠯᠠ᠂ ᠡᠩᠬᠡ ᠲᠥᠷᠥ ᠶ᠋ᠢᠨ ᠡᠵᠡᠨ ᠪᠣᠯᠵᠤ ᠳᠠᠯᠠᠨ ᠣᠨ ᠬᠠᠭᠠᠨ ᠰᠠᠭᠤᠭᠰᠠᠨ ᠡᠪᠦᠭᠡᠨ ᠵᠠᠩᠽᠥ᠋ᠩ ᠬᠠᠭᠠᠨ ᠬᠢᠯᠢ ᠬᠢᠵᠠᠭᠠᠷ ᠣᠷᠣᠨ ᠤ᠋ ᠴᠠᠤᠳᠤᠬᠤᠷᠢ ᠲᠡᠮᠦᠵᠢᠨ ᠢ᠋ ᠰᠠᠨᠠᠭᠠᠨ ᠳ᠋ᠤᠨᠢ ᠣᠷᠣᠭᠤᠯᠤᠯ᠎ᠠ᠃ ᠡᠨᠡᠬᠦ ᠴᠠᠤᠬᠤᠳᠤᠷᠢ ᠬᠡᠮᠡᠬᠦ ᠬᠢᠯᠢ ᠬᠢᠵᠠᠭᠠᠷ ᠤ᠋ᠨ ᠪᠦᠷᠢᠨ ᠡᠷᠬᠡᠲᠦ ᠨᠣᠶᠠᠨ ᠬᠠᠷᠢᠨ ᠠᠯᠲᠠᠨ ᠤᠯᠤᠰ ᠤ᠋ᠨ ᠬᠠᠭᠠᠨ ᠳ᠋ᠤ᠌ ᠠᠯᠪᠠ ᠬᠠᠭᠠᠵᠤ ᠪᠠᠷᠢᠴᠠ ᠥᠭᠬᠦ ᠪᠡᠨ ᠨᠢᠭᠡᠮᠦᠰᠦᠨ ᠤᠮᠠᠷᠲᠠᠵᠤ ᠪᠠᠢᠭᠰᠠᠨ ᠠᠵᠢ᠃ ᠡᠢᠮᠦ ᠡᠴᠡ ᠲᠡᠮᠦᠵᠢᠨ ᠠᠯᠪᠠ ᠲᠤᠰᠢᠶᠠᠬᠤ ᠡᠭᠦᠷᠭᠡ ᠪᠠᠢᠬᠤ ᠶ᠋ᠢ ᠰᠠᠨᠠᠭᠠᠯᠵᠠᠭᠤᠯᠬᠤ ᠶ᠋ᠢᠨ ᠲᠥᠯᠥᠭᠡ᠂ ᠡᠪᠦᠭᠡᠨ ᠬᠠᠭᠠᠨ《ᠠᠯᠤᠰ ᠣᠷᠣᠨ》 ᠳᠠᠰᠢ ᠠᠴᠢ ᠬᠥᠪᠡᠭᠦᠨ ᠶᠦᠩ ᠵᠢᠢ ᠬᠣᠩ ᠲᠠᠢᠵᠢ ᠪᠠᠨ ᠲᠣᠮᠢᠯᠠᠪᠠ᠃ ᠶᠦᠩ ᠵᠢᠢ ᠬᠣᠩ ᠲᠠᠢᠵᠢ ᠵᠠᠮ ᠵᠠᠭᠤᠷ᠎ᠠ ᠪᠠᠨ ᠴᠠᠭᠠᠨ ᠬᠡᠷᠡᠮ ᠦ᠋ᠨ ᠠᠷᠤ ᠳ᠋ᠠᠬᠢ ᠡᠯ᠎ᠡ ᠦᠨᠳᠦᠰᠦᠲᠡᠨ ᠦ᠌ ᠡᠯᠴᠢ ᠶ᠋ᠢᠨ ᠪᠦᠯᠬᠦᠮ ᠲᠡᠢ ᠠᠭᠤᠯᠵᠠᠭᠰᠠᠨ ᠪᠢᠯᠡ᠃ ᠡᠳᠡᠭᠡᠷ ᠡᠯᠴᠢ ᠶ᠋ᠢᠨ ᠪᠦᠯᠬᠦᠮ ᠪᠠᠰᠠ ᠶᠦᠩ ᠵᠢᠢ ᠬᠣᠩ ᠲᠠᠢᠵᠢ ᠶ᠋ᠢᠨ ᠬᠦᠷᠬᠦ ᠭᠡᠰᠡᠨ ᠲᠡᠢ ᠨᠢᠭᠡᠨ ᠠᠳᠠᠯᠢ ᠭᠠᠵᠠᠷ ᠳᠠᠷᠤᠢ ᠤᠨᠤᠨ ᠮᠥᠷᠡᠨ ᠦ᠌ ᠳᠡᠨᠵᠢᠨ ᠳ᠋ᠡᠬᠢ ᠳᠡᠯᠢᠭᠦᠨ ᠪᠣᠯᠳᠣᠭ ᠵᠦᠭ ᠶᠠᠪᠤᠵᠤ ᠪᠠᠢᠭ᠎ᠠ ᠶᠤᠮ ᠪᠠᠢᠨ᠎ᠠ᠃ ᠡᠨᠡ ᠭᠠᠵᠠᠷ ᠲᠤ ᠲᠡᠮᠦᠵᠢᠨ ᠦ᠌ ᠣᠷᠳᠣᠨ ᠣᠷᠣᠰᠢᠵᠤ ᠪᠠᠢᠬᠤ ᠶᠤᠮ᠃ ᠪᠠᠢᠯᠳᠤᠭᠠᠨ ᠤ᠋ ᠲᠠᠯᠠᠪᠠᠢ ᠠ᠋ᠴᠠ ᠣᠯᠤᠭᠰᠠᠨ ᠦᠨ᠎ᠡ ᠴᠠᠨ᠎ᠠ ᠲᠠᠢ ᠶᠠᠭᠤᠮ᠎ᠠ ᠪᠠᠷ ᠳᠦᠭᠦᠷᠦᠭᠰᠡᠨ ᠣᠯᠠᠨ ᠠᠷᠪᠢᠨ ᠭᠡᠷ ᠮᠠᠢᠬᠠᠨ ᠴᠤᠭᠯᠠᠷᠠᠭᠰᠠᠨ ᠬᠣᠲᠠ ᠪᠠᠢᠵᠤ ᠪᠠᠢᠯ᠎ᠠ᠃
      ᠡᠨᠡᠬᠦ ᠬᠣᠲᠠ ᠶ᠋ᠢᠨ ᠳᠣᠲᠣᠷ᠎ᠠ᠂ ᠬᠥᠮᠦᠰ ᠰᠢᠷᠭᠤᠯᠵᠢ ᠡᠭᠦᠷᠯᠡᠭᠰᠡᠨ ᠮᠡᠲᠦ ᠬᠤᠷᠠᠨ ᠴᠤᠭᠯᠠᠵᠤ ᠪᠠᠢᠪᠠ᠃ ᠵᠠᠮ ᠵᠠᠭᠤᠷ᠎ᠠ ᠤᠷᠲᠤ ᠬᠤᠭᠤᠴᠠᠭ᠎ᠠ ᠪᠠᠷ ᠰᠠᠢᠨ ᠮᠣᠷᠢ ᠪᠠ ᠲᠣᠭ᠎ᠠ ᠲᠣᠮᠰᠢ ᠦᠭᠡᠢ ᠣᠯᠠᠨ ᠮᠠᠯ ᠰᠦᠷᠦᠭ ᠦ᠋ᠨ ᠳᠤᠮᠳᠠᠭᠤᠷ ᠮᠣᠷᠢᠯᠠᠵᠤ ᠶᠠᠪᠤᠭᠰᠠᠨ ᠶᠦᠩ ᠵᠢᠢ ᠬᠣᠩ ᠲᠠᠢᠵᠢ ᠠᠯᠢᠪᠠ ᠪᠦᠬᠦᠨ ᠢ᠋ ᠪᠦᠷ ᠦᠵᠡᠵᠦ ᠣᠯᠤᠭᠰᠠᠨ ᠶᠤᠮ᠂ ᠬᠡᠳᠦᠨ ᠮᠢᠩᠭᠠᠨ ᠡᠷᠡᠴᠦᠳ ᠮᠠᠯ ᠬᠠᠷᠢᠭᠤᠯᠵᠤ ᠪᠠᠢᠬᠤ ᠪᠥᠭᠡᠳ ᠴᠡᠬᠡ ᠬᠢᠬᠦ ᠪᠡᠷ ᠭᠡᠭᠦᠦ ᠰᠠᠭᠠᠵᠤ ᠪᠠᠢᠬᠤ ᠪᠤᠶᠤ ᠲᠡᠷᠡᠴᠢᠯᠡᠨ ᠬᠡᠳᠦᠨ ᠮᠢᠩᠭᠠᠨ ᠡᠮᠡᠭᠲᠡᠢᠴᠦᠳ ᠦᠨᠢᠶ᠎ᠡ ᠰᠠᠭᠠᠵᠤ᠂ ᠰᠠᠭᠠᠯᠢ ᠶ᠋ᠢᠨ ᠠᠷᠢᠬᠢ ᠨᠡᠷᠡᠵᠦ ᠪᠠᠢᠯ᠎ᠠ᠃
      ᠲᠡᠮᠦᠵᠢᠨ ᠮᠠᠰᠢ ᠶᠠᠭᠠᠷᠠᠤ ᠪᠠᠢᠭᠰᠠᠨ ᠪᠣᠯᠪᠠᠴᠤ ᠲᠡᠷᠡ ᠳᠠᠷᠤᠢ ᠳ᠋ᠤᠨᠢ ᠶᠦᠩ ᠵᠢᠢ ᠬᠣᠩ ᠲᠠᠢᠵᠢ ᠶ᠋ᠢ ᠬᠦᠯᠢᠶᠡᠵᠦ ᠠᠪᠤᠭᠰᠠᠨ ᠶᠤᠮ᠃ ᠭᠡᠪᠡᠴᠦ ᠶᠦᠩ ᠵᠢᠢ ᠳ᠋ᠦ᠍ ᠬᠦᠷᠲᠡᠪᠡᠰᠦ ᠵᠣᠬᠢᠬᠤ ᠶᠣᠰᠣᠯᠠᠯ ᠢ᠋ᠶ᠋ᠠᠷ ᠳᠠᠢᠯᠠᠭᠰᠠᠨ ᠦᠭᠡᠢ᠃ ᠬᠠᠭᠠᠨ ᠳ᠋ᠤ᠌ ᠲᠤᠰᠢᠶᠠᠬᠤ ᠪᠡᠯᠡᠭ ᠦ᠋ᠨ ᠶᠠᠭᠤᠮ᠎ᠠ ᠶ᠋ᠢ ᠰᠢᠭᠤᠳ ᠶᠦᠩ ᠵᠢᠢ ᠬᠣᠩ ᠲᠠᠢᠵᠢ ᠶ᠋ᠢᠨ ᠪᠠᠭᠤᠳᠠᠯ ᠳ᠋ᠤ᠌ ᠬᠦᠷᠭᠡᠯᠭᠡᠭᠰᠡᠨ ᠪᠠᠢᠨ᠎ᠠ᠃ ᠡᠭᠦᠨ ᠢ᠋ ᠪᠡᠨ ᠶᠡᠷᠦ ᠪᠠᠢᠭ᠎ᠠ ᠦᠭᠡᠢ ᠲᠦᠷᠭᠡᠨ ᠶᠠᠪᠤᠴᠠ ᠪᠠᠷ ᠪᠡᠶᠡᠯᠡᠭᠦᠯᠦᠭᠰᠡᠨ ᠶᠦᠮ᠃ ᠠᠳᠤᠭᠤ ᠲᠡᠮᠡᠭᠡ ᠶ᠋ᠢ ᠰᠢᠭᠤᠳ ᠬᠥᠲᠥᠯᠵᠦ ᠢᠷᠡᠭᠡᠳ ᠲᠡᠷᠡ ᠳᠠᠷᠤᠢ ᠳ᠋ᠤᠨᠢ ᠡᠮᠡᠭᠡᠯ ᠲᠣᠬᠣᠵᠤ ᠥᠭᠭᠦᠨ᠎ᠡ᠂ ᠠᠷᠠᠰᠤ ᠨᠣᠣᠰᠣ ᠶ᠋ᠢ ᠲᠡᠷᠡ ᠳᠠᠷᠤᠢ ᠳ᠋ᠤᠨᠢ ᠣᠪᠣᠭᠠᠯᠠᠵᠤ ᠪᠠᠭᠯᠠᠭᠠᠳ᠂ ᠵᠠᠩ ᠳᠠᠳᠬᠠᠯ ᠠ᠋ᠴᠠ ᠵᠥᠷᠢᠴᠡᠲᠡᠯ᠎ᠡ ᠱᠠᠯᠠᠪᠳᠠᠵᠤ᠂ ᠶᠠᠷᠰᠢᠭ ᠶᠡᠬᠡ ᠲᠡᠢ ᠵᠣᠴᠢᠨ ᠮᠠᠨᠢ ᠬᠤᠷᠳᠤᠨ ᠵᠠᠯᠠᠷᠠᠴᠢᠬᠠᠬᠤ ᠦᠭᠡᠢ ᠤᠤ ᠭᠡᠰᠡᠨ ᠰᠢᠭ ᠬᠠᠷᠠᠭᠳᠠᠯ᠎ᠠ᠃ ᠶᠠᠭᠤ ᠪᠣᠯᠤᠭᠰᠠᠨ ᠴᠤ᠌ ᠶᠦᠩ ᠵᠢᠢ ᠬᠣᠩ ᠲᠠᠢᠵᠢ<ᠢᠰᠡᠭᠡᠢ ᠲᠤᠭᠤᠷᠭᠠᠲᠠᠨ> ᠤ᠋ ᠶᠡᠬᠡ ᠬᠤᠷᠠᠯᠳᠤᠭᠠᠨ ᠬᠢᠵᠦ ᠪᠠᠢᠨ᠎ᠠ ᠭᠡᠰᠡᠨ ᠢ᠋ ᠣᠯᠵᠤ ᠮᠡᠳᠡᠬᠦ ᠴᠠᠭ ᠲᠠᠢ ᠪᠠᠢᠯ᠎ᠠ᠃ ᠲᠡᠭᠡᠭᠡᠳ ᠡᠨᠡ ᠤᠳᠠᠭ᠎ᠠ ᠶ᠋ᠢᠨ ᠬᠤᠷᠠᠯ ᠳᠡᠭᠡᠷ᠎ᠡ ᠲᠡᠮᠦᠵᠢᠨ ᠣᠯᠠᠨ ᠬᠠᠨ ᠤ᠋ ᠳᠡᠭᠡᠷᠡᠬᠢ ᠶᠡᠬᠡ ᠬᠠᠭᠠᠨ ᠢ᠋ᠶ᠋ᠠᠷ ᠰᠣᠩᠭᠣᠭᠳᠠᠭᠰᠠᠨ ᠢ᠋ ᠮᠡᠳᠡᠪᠡ᠃
      ᠶᠦᠩ ᠵᠢᠢ ᠶᠠᠭᠠᠷᠠᠤ ᠰᠠᠨᠳᠤᠷᠤᠤ ᠪᠠᠷ ᠠᠯᠲᠠᠨ ᠤᠯᠤᠰ ᠲᠠᠭᠠᠨ ᠪᠤᠴᠠᠭᠠᠳ᠂ ᠪᠦᠬᠦ ᠨᠡᠭᠦᠳᠡᠯᠴᠢᠨ ᠦᠨᠳᠦᠰᠦᠲᠡᠨ ᠨᠢᠭᠲᠠᠷᠠᠨ ᠨᠡᠢᠯᠡᠭᠰᠡᠨ ᠨᠢ ᠠᠯᠲᠠᠨ ᠬᠠᠭᠠᠨ ᠳ᠋ᠤ᠌ ᠠᠪᠴᠤ ᠬᠡᠯᠡᠪᠡᠯ ᠲᠦᠭᠰᠢᠭᠦᠷᠢ ᠪᠣᠯᠵᠤ ᠪᠠᠢᠬᠤ ᠶ᠋ᠢ ᠬᠠᠷᠠᠭᠤᠯᠵᠤ ᠪᠠᠢᠨ᠎ᠠ ᠭᠡᠵᠦ ᠬᠠᠭᠠᠨ ᠳ᠋ᠠᠭᠠᠨ ᠮᠡᠳᠡᠭᠦᠯᠦᠭᠰᠡᠨ ᠶᠦ᠍ᠮ᠃ ᠥᠩᠭᠡᠷᠡᠭᠰᠡᠨ ᠦᠶ᠎ᠡ ᠳ᠋ᠦ᠍ ᠬᠡᠵᠢᠶ᠎ᠡ ᠲᠡᠢᠮᠦ ᠪᠠᠢᠭᠰᠠᠨ ᠪᠢᠯᠡ᠂ ᠨᠡᠭᠦᠳᠡᠯᠴᠢᠨ ᠦᠨᠳᠦᠰᠦᠲᠡᠨ ᠬᠠᠮᠲᠤᠷᠠᠨ ᠨᠡᠢᠯᠡᠵᠦ ᠤᠤ᠂ ᠦᠭᠡᠢ ᠤᠤ᠂ ᠲᠡᠳᠡᠨᠡᠷ ᠦ᠋ᠨ ᠬᠢᠬᠦ ᠠᠵᠢᠯ ᠨᠢ ᠳᠠᠷᠤᠢ ᠪᠣᠭᠣᠮᠲᠠ ᠶ᠋ᠢᠨ ᠳᠣᠲᠣᠭᠠᠳᠤ ᠲᠡᠰᠢ ᠳᠣᠪᠲᠣᠯᠵᠤ ᠦᠵᠡᠳᠡᠭ ᠪᠠᠢᠭᠰᠠᠨ ᠪᠢᠯᠡ᠃ ᠡᠢᠮᠦ ᠡᠴᠡ ᠬᠦᠷᠦᠯᠴᠡᠬᠦᠢᠴᠡ ᠶᠡᠬᠡ ᠴᠡᠷᠢᠭ ᠢ᠋ ᠳᠠᠢᠴᠢᠯᠠᠵᠤ ᠲᠡᠳᠡᠨᠡᠷ ᠢ᠋ ᠤᠷᠢᠳᠴᠢᠯᠠᠨ ᠳᠠᠷᠤᠯᠠᠵᠤ ᠠᠪᠬᠤ ᠪᠠᠢᠯᠳᠤᠭᠠᠨ ᠢ᠋ ᠲᠡᠮᠦᠵᠢᠨ ᠦ᠌ ᠤᠯᠤᠰ ᠤᠷᠤᠭᠤ ᠶᠠᠪᠤᠭᠤᠯᠬᠤ ᠬᠡᠷᠡᠭᠲᠡᠢ ᠭᠡᠵᠦ ᠶᠦᠩ ᠵᠢᠢ ᠬᠦᠴᠦᠯᠡᠨ ᠳᠤᠷᠠᠳᠤᠭᠰᠠᠨ ᠪᠠᠢᠨ᠎ᠠ᠃
       ᠭᠡᠲᠡᠯ᠎ᠡ ᠵᠠᠩᠽᠥ᠋ᠩ ᠬᠠᠭᠠᠨ ᠡᠨᠡ ᠮᠡᠲᠦ ᠶ᠋ᠢᠨ ᠲᠦᠭᠰᠢᠭᠦᠷᠢ ᠶ᠋ᠢ ᠲᠤᠭᠤᠯᠬᠤ ᠳ᠋ᠤ᠌ ᠨᠠᠰᠤᠨ ᠨᠢ ᠥᠩᠭᠡᠷᠡᠵᠦ ᠬᠥᠭᠰᠢᠷᠡᠴᠢᠬᠡᠭᠰᠡᠨ ᠪᠠᠢᠵᠠᠢ᠃ ᠭᠡᠲᠡᠯ᠎ᠡ᠂ ᠲᠡᠮᠦᠵᠢᠨ᠂ ᠠᠯᠲᠠᠨ ᠤᠯᠤᠰ ᠤ᠋ᠨ ᠵᠡᠷᠭᠡ ᠲᠤᠰᠢᠶᠠᠯ ᠢ᠋ ᠬᠦᠯᠢᠶᠡᠭᠰᠡᠨ ᠳ᠋ᠡᠭᠡᠨ ᠠᠯᠪᠠ ᠭᠠᠢᠯᠢ ᠪᠠᠨ ᠲᠤᠰᠢᠶᠠᠭᠰᠠᠨ ᠪᠠᠢᠨ᠎ᠠ᠃ ᠬᠡᠳᠦᠢ ᠪᠡᠷ ᠠᠷᠭ᠎ᠠ ᠨᠢ ᠬᠠᠭᠠᠨ ᠲᠥᠷᠥ ᠶ᠋ᠢᠨ ᠶᠣᠰᠣ ᠳᠦᠷᠢᠮ ᠡᠴᠡ ᠪᠠᠬᠠᠨ ᠵᠥᠷᠢᠴᠡᠭᠰᠡᠨ ᠪᠤᠶᠤ ᠬᠠᠭᠠᠨ ᠤ᠋ ᠣᠷᠳᠣᠨ ᠤ᠋ ᠨᠢᠭᠡᠨ ᠬᠣᠩ ᠲᠠᠢᠵᠢ ᠶ᠋ᠢ ᠳᠣᠷᠣᠮᠵᠢᠯᠠᠭᠰᠠᠨ ᠮᠡᠲᠦ ᠶᠣᠰᠣ ᠠᠯᠳᠠᠭᠰᠠᠨ ᠪᠣᠯᠪᠠᠴᠤ᠂ ᠲᠡᠮᠦᠵᠢᠨ ᠪᠣᠯᠤᠨ ᠠᠯᠲᠠᠨ ᠤᠯᠤᠰ ᠤ᠋ᠨ ᠬᠣᠭᠣᠷᠣᠨᠳᠣ ᠳ᠋ᠤᠨᠢ ᠭᠣᠪᠢ ᠮᠠᠩᠬ᠎ᠠ ᠠᠯᠤᠰᠯᠠᠵᠤ ᠣᠩᠭᠣᠳ ᠠᠢᠮᠠᠭ ᠣᠷᠣᠰᠢᠵᠤ ᠪᠠᠢᠨ᠎ᠠ᠂ ᠤᠷᠲᠤ ᠴᠠᠭᠠᠨ ᠬᠡᠷᠡᠮ ᠠᠯᠤᠰᠯᠠᠵᠤ ᠪᠠᠢᠨ᠎ᠠ᠃ ᠡᠨᠡᠬᠦ ᠬᠥᠭᠰᠢᠨ ᠬᠠᠭᠠᠨ ᠡᠭᠦᠨ ᠡᠴᠡ ᠬᠣᠢᠰᠢ《ᠬᠣᠯᠠᠳᠠᠬᠢ ᠣᠯᠠᠨ ᠤᠯᠤᠰ》 ᠲᠤ ᠭᠠᠷᠤᠭᠰᠠᠨ ᠬᠡᠷᠡᠭ ᠦ᠋ᠳ ᠢ᠋ ᠠᠯᠬᠤᠮ ᠴᠢᠨᠠᠭᠰᠢᠳᠠ ᠠᠩᠬᠠᠷᠤᠯ ᠲᠠᠯᠪᠢᠬᠤ ᠦᠭᠡᠢ ᠪᠡᠷ ᠪᠣᠯᠬᠤ ᠦᠭᠡᠢ ᠪᠣᠯᠵᠠᠢ ᠭᠡᠵᠦ ᠪᠣᠳᠣᠵᠤ ᠪᠠᠢᠯ᠎ᠠ᠃ ᠤᠴᠢᠷ ᠡᠢᠮᠦ ᠡᠴᠡ ᠬᠠᠭᠠᠨᠲᠤ ᠤᠯᠤᠰ ᠤ᠋ᠨ ᠲᠡᠮᠳᠡᠭᠯᠡᠯ ᠳ᠋ᠦ᠍ ᠰᠡᠷᠡᠮᠵᠢ ᠪᠣᠯᠭᠠᠵᠤ᠄《ᠬᠢᠶᠠᠳ ᠶᠠᠰᠤᠲᠠᠨ ᠳ᠋ᠤ᠌ ᠬᠠᠮᠢᠶᠠᠷᠤᠭᠳᠠᠬᠤ ᠮᠣᠩᠭᠣᠯ ᠬᠥᠮᠦᠨ ᠤᠨᠤᠨ ᠮᠥᠷᠡᠨ ᠦ᠌ ᠬᠥᠪᠡᠭᠡᠨ ᠳ᠋ᠦ᠍ ᠬᠤᠷᠠᠯᠳᠤᠭᠠᠨ ᠬᠢᠵᠦ ᠲᠡᠮᠦᠵᠢᠨ ᠢ᠋ ᠶᠡᠬᠡ ᠬᠠᠭᠠᠨ ᠢ᠋ᠶ᠋ᠠᠷ ᠰᠣᠩᠭᠣᠭᠰᠠᠨ ᠢ᠋ᠶ᠋ᠠᠷ ᠲᠤᠩᠬᠠᠭᠯᠠᠪᠠ》 ᠭᠡᠵᠦ ᠪᠢᠴᠢᠭᠦᠯᠵᠡᠢ᠃ ᠡᠨᠡ ᠮᠡᠲᠦ ᠪᠡᠷ ᠲᠡᠮᠦᠵᠢᠨ ᠠᠷᠪᠠᠨ ᠬᠣᠶᠠᠷ ᠵᠢᠯ ᠦ᠋ᠨ ᠬᠣᠭᠣᠷᠣᠨᠳᠣ ᠠᠯᠲᠠᠨ ᠤᠯᠤᠰ ᠤ᠋ᠨ ᠲᠡᠮᠳᠡᠭᠯᠡᠯ ᠳ᠋ᠦ᠍ ᠬᠣᠶᠠᠷ ᠤᠳᠠᠭ᠎ᠠ ᠢᠯᠡᠷᠡᠵᠡᠢ᠃
      ᠡᠨᠡ ᠬᠣᠭᠣᠷᠣᠨᠳᠣ ᠶᠡᠬᠡ ᠬᠤᠷᠠᠯᠳᠤᠭᠠᠨ ᠨᠢ ᠰᠠᠨᠠᠵᠤ ᠪᠣᠳᠣᠵᠤ ᠣᠯᠬᠤ ᠬᠢᠷᠢ ᠬᠡᠮᠵᠢᠶ᠎ᠡ ᠡᠴᠡ ᠬᠣᠯᠠ ᠢᠯᠡᠭᠦᠦ ᠰᠦᠷᠯᠢᠭ ᠶᠡᠬᠡ ᠪᠡᠷ ᠶᠠᠪᠤᠭᠳᠠᠯ᠎ᠠ᠃ ᠬᠦᠷᠢᠶ᠎ᠡ ᠶ᠋ᠢᠨ ᠲᠥᠪ ᠳᠤᠮᠳᠠ ᠨᠢ ᠠᠯᠲᠠᠨ ᠤᠲᠠᠰᠤ ᠪᠤᠶᠤ ᠥᠩᠭᠡ ᠪᠦᠷᠢ ᠶ᠋ᠢᠨ ᠲᠣᠷᠭᠠᠨ ᠤᠲᠠᠰᠤ ᠪᠠᠷ ᠣᠶᠣᠵᠤ ᠴᠢᠮᠡᠭᠯᠡᠭᠰᠡᠨ ᠪᠥᠰ ᠢ᠋ᠶ᠋ᠡᠷ ᠳᠣᠲᠣᠷ᠎ᠠ ᠬᠥᠰᠢᠭᠡ ᠬᠢᠭᠰᠡᠨ ᠲᠣᠮᠣ ᠴᠠᠭᠠᠨ ᠮᠣᠩᠭᠣᠯ ᠭᠡᠷ ᠪᠠᠷᠢᠵᠤ᠂ ᠲᠣᠭᠣᠨᠣ ᠪᠠᠨ ᠲᠤᠯᠤᠭᠰᠠᠨ ᠲᠤᠯᠭᠠᠭᠤᠷ ᠨᠢ ᠪᠦᠷ ᠠᠯᠲᠠᠨ ᠬᠠᠪᠲᠠᠰᠤ ᠪᠠᠷ ᠪᠦᠷᠢᠭᠰᠡᠨ ᠪᠠᠢᠪᠠ᠃ ᠭᠡᠷ ᠦ᠋ᠨ ᠡᠭᠦᠳᠡᠨ ᠦ᠌ ᠡᠮᠦᠨ᠎ᠡ ᠲᠠᠯ᠎ᠠ ᠳ᠋ᠤᠨᠢ ᠶᠡᠬᠡ ᠲᠤᠭ ᠨᠠᠮᠢᠷᠠᠯᠵᠠᠨ ᠬᠡᠢᠰᠦᠭᠡᠳ᠂ ᠡᠨᠡᠬᠦ ᠲᠤᠭ ᠪᠣᠯ ᠪᠣᠷᠵᠢᠭᠢᠨ ᠠᠢᠮᠠᠭ ᠤ᠋ᠨ ᠲᠡᠮᠳᠡᠭ ᠪᠣᠯᠤᠨ᠎ᠠ᠃ ᠴᠠᠭᠠᠨ ᠰᠠᠭᠤᠷᠢ ᠳᠡᠭᠡᠷ᠎ᠡ ᠨᠢᠭᠡᠨ ᠱᠣᠩᠬᠣᠷ ᠬᠡᠷᠢᠶ᠎ᠡ ᠶ᠋ᠢ ᠰᠢᠭᠦᠷᠡᠵᠦ ᠪᠠᠢᠭ᠎ᠠ ᠵᠢᠷᠤᠭ ᠲᠠᠢ ᠪᠥᠭᠡᠳ ᠶᠢᠰᠦᠨ ᠦᠵᠦᠭᠦᠷ ᠬᠦᠴᠦ ᠪᠡᠨ ᠢᠯᠡᠳᠬᠡᠬᠦ ᠶ᠋ᠢᠨ ᠲᠥᠯᠥᠭᠡ ᠴᠠᠭᠠᠨ ᠰᠠᠷᠯᠤᠭ ᠤ᠋ᠨ ᠤᠷᠲᠤ ᠰᠡᠭᠦᠯ ᠢ᠋ ᠡᠯᠭᠦᠵᠦ ᠪᠠᠢᠳᠠᠭ᠃ ᠡᠨᠡ ᠶᠢᠰᠦ ᠭᠡᠰᠡᠨ ᠲᠣᠭ᠎ᠠ ᠨᠢ ᠲᠡᠮᠦᠵᠢᠨ ᠦ᠌ ᠶᠢᠰᠦᠨ ᠥᠷᠯᠥᠭ ᠦ᠋ᠨ ᠲᠣᠭ᠎ᠠ ᠶ᠋ᠢ ᠢᠯᠡᠳᠬᠡᠵᠦ ᠪᠠᠢᠨ᠎ᠠ᠃ ᠡᠭᠦᠳᠡᠨ ᠦ᠌ ᠨᠥᠭᠦᠭᠡ ᠲᠠᠯ᠎ᠠ ᠳ᠋ᠤ᠌ ᠬᠠᠭᠠᠨ ᠤ᠋ ᠪᠠᠢᠯᠳᠤᠭᠠᠨ ᠤ᠋ ᠰᠦᠯᠳᠡ ᠶ᠋ᠢ ᠭᠠᠵᠠᠷ ᠲᠤ ᠬᠠᠳᠬᠤᠵᠤ ᠪᠠᠢᠨ᠎ᠠ᠃ ᠡᠨᠡᠬᠦ ᠰᠦᠯᠳᠡ ᠶ᠋ᠢᠨ ᠦᠵᠦᠭᠦᠷ ᠲᠦ᠋ᠨᠢ ᠦᠬᠡᠷ ᠦ᠋ᠨ ᠡᠪᠡᠷ ᠤᠭᠯᠠᠵᠤ᠂ ᠡᠨᠡ ᠦᠵᠦᠭᠦᠷ ᠢ᠋ᠶ᠋ᠡᠨ ᠳᠠᠭᠠᠭᠤᠯᠤᠨ ᠬᠠᠷ᠎ᠠ ᠮᠣᠷᠢᠨ ᠤ᠋ ᠰᠡᠭᠦᠯ ᠢ᠋ ᠲᠦᠷᠪᠢᠨ ᠪᠤᠲᠠ ᠤᠨᠵᠢᠭᠤᠯᠵᠤ ᠪᠠᠢᠨ᠎ᠠ᠃ ᠭᠡᠷ ᠦ᠋ᠨ ᠡᠮᠦᠨ᠎ᠡ ᠨᠢᠳᠦ ᠠᠯᠳᠠᠮ᠎ᠠ ᠰᠠᠷᠠᠭᠤᠯ ᠲᠠᠯ᠎ᠠ ᠲᠠᠢ᠂ ᠡᠨᠡ ᠦᠶ᠎ᠡ ᠡᠴᠡ ᠡᠬᠢᠯᠡᠨ ᠮᠣᠩᠭᠣᠯᠴᠤᠳ ᠬᠠᠮᠢᠭ᠎ᠠ ᠬᠦᠷᠪᠡᠴᠦ ᠨᠣᠶᠠᠨ ᠤ᠋ ᠪᠠᠨ ᠭᠡᠷ ᠦ᠋ᠨ ᠡᠭᠦᠳᠡ ᠶ᠋ᠢ ᠡᠭᠦᠷᠢᠳᠡ ᠡᠮᠦᠨ᠎ᠡ ᠵᠦᠭ ᠬᠠᠨᠳᠤᠭᠤᠯᠤᠨ ᠪᠠᠷᠢᠭᠠᠳ᠂ ᠡᠮᠦᠨ᠎ᠡ ᠲᠠᠯ᠎ᠠ ᠳ᠋ᠤᠨᠢ ᠰᠠᠷᠠᠭᠤᠯ ᠲᠠᠯ᠎ᠠ ᠲᠠᠢ᠂ ᠵᠡᠭᠦᠨ ᠪᠠᠷᠠᠭᠤᠨ ᠵᠢᠭᠦᠷ ᠲᠤᠨᠢ ᠬᠡᠳᠦᠨ ᠺᠢᠯᠣᠮᠧᠲ᠋ᠷ ᠦᠷᠭᠦᠯᠵᠢᠯᠡᠨ ᠠᠢᠯ ᠪᠠᠭᠤᠵᠤ ᠬᠦᠷᠢᠶ᠎ᠡ ᠵᠢᠭᠰᠠᠭᠠᠳᠠᠭ ᠪᠣᠯᠤᠯ᠎ᠠ᠃
       ᠴᠢᠩᠭ᠎ᠠ ᠨᠢᠮᠪᠠᠢ ᠵᠡᠷᠭᠡ ᠳᠡᠰ ᠳᠠᠷᠠᠭᠠᠯᠠᠨ ᠪᠠᠢᠷᠢᠯᠠᠭᠰᠠᠨ ᠨᠣᠶᠠᠳ᠂ ᠥᠷᠯᠥᠭ ᠦ᠋ᠳ ᠦ᠋ᠨ ᠭᠡᠷ ᠦ᠋ᠨ ᠠᠷᠤ ᠳ᠋ᠤ᠌ ᠲᠡᠳᠡᠨᠡᠷ ᠦ᠋ᠨ ᠬᠠᠲᠤᠨ ᠤ᠋ ᠭᠡᠷ ᠪᠠᠷᠢᠵᠤ᠂ ᠡᠳᠡᠭᠡᠷ ᠬᠠᠲᠤᠳ ᠤ᠋ᠨ ᠭᠡᠷ ᠦ᠋ᠨ ᠬᠢᠷᠢ ᠭᠡᠮ ᠦ᠋ᠨ ᠢ᠋ᠶ᠋ᠡᠨ ᠶᠡᠬᠡ ᠪᠠᠭ᠎ᠠ ᠳ᠋ᠤ᠌ ᠵᠣᠬᠢᠴᠠᠬᠤ ᠬᠡᠮᠵᠢᠶ᠎ᠡ ᠪᠡᠷ ᠳᠠᠭᠠᠭᠰᠠᠳ ᠪᠠ ᠪᠣᠭᠣᠯ ᠰᠢᠪᠡᠭᠴᠢᠨ ᠦ᠌ ᠭᠡᠷ ᠢ᠋ ᠪᠠᠷᠢᠳᠠᠭ ᠪᠠᠢᠨ᠎ᠠ᠃ ᠡᠨᠡᠬᠦ ᠭᠣᠣᠯ ᠭᠡᠷ ᠦ᠋ᠨ ᠡᠮᠦᠨ᠎ᠡ ᠨᠢ ᠣᠳᠣ ᠬᠠᠭᠠᠨ ᠤ᠋ ᠠᠯᠢᠪᠠ ᠣᠢᠷ᠎ᠠ ᠰᠠᠳᠤᠨ᠂ ᠪᠦᠬᠦ ᠥᠷᠯᠥᠭ ᠦ᠋ᠳ ᠴᠤᠭᠯᠠᠷᠠᠭᠠᠳ《ᠲᠡᠮᠦᠵᠢᠨ 》 ᠭᠡᠮᠡᠨ ᠤᠷᠢᠯᠤᠭ᠎ᠠ᠃ ᠲᠡᠮᠦᠵᠢᠨ ᠦ᠌ ᠪᠡᠶ᠎ᠡ ᠭᠠᠷᠴᠤ ᠢᠷᠡᠭᠰᠡᠨ ᠦᠶ᠎ᠡ ᠳ᠋ᠦ᠍ ᠮᠡᠩᠯᠢᠭ ᠦ᠋ᠨ ᠬᠥᠪᠡᠭᠦᠨ ᠬᠦᠴᠦ᠂ ᠳᠠᠪ ᠲᠩᠷᠢ ᠳᠠᠷᠤᠢ ᠠᠷᠪᠠᠨ ᠳᠣᠯᠣᠭᠠᠨ ᠵᠢᠯ ᠦ᠋ᠨ ᠤᠷᠢᠳ《ᠮᠥᠩᠬᠡ ᠲᠩᠷᠢ》 ᠡᠴᠡ ᠲᠡᠮᠦᠵᠢᠨ ᠢ᠋ ᠬᠠᠭᠠᠨ ᠢ᠋ᠶ᠋ᠠᠷ ᠰᠣᠩᠭᠣᠬᠤ ᠦᠭᠡᠢ ᠪᠣᠯ ᠪᠣᠯᠬᠤ ᠦᠭᠡᠢ ᠭᠡᠵᠦ ᠲᠡᠭᠦᠨ ᠳ᠋ᠦ᠍ ᠬᠡᠯᠡᠯ᠎ᠡ ᠭᠡᠮᠡᠨ ᠲᠤᠩᠬᠠᠭᠯᠠᠭᠰᠠᠨ ᠡᠨᠡ ᠬᠥᠮᠦᠨ᠂<ᠣᠳᠣ ᠪᠦᠬᠦ ᠤᠯᠤᠰ ᠤ᠋ᠨ ᠠᠷᠠᠳ ᠢᠷᠭᠡᠳ ᠦ᠋ᠨ ᠡᠵᠡᠨ ᠬᠠᠭᠠᠨ ᠪᠣᠯᠬᠤ ᠲᠡᠮᠦᠵᠢᠨ ᠢ᠋ ᠴᠢᠩᠭᠢᠰ ᠪᠣᠭᠳᠠ ᠭᠡᠵᠦ ᠳᠠᠭᠤᠳᠠᠬᠤ ᠦᠭᠡᠢ ᠪᠣᠯ ᠪᠣᠯᠬᠤ ᠦᠭᠡᠢ᠂ ᠣᠯᠠᠨ ᠮᠣᠩᠭᠣᠯᠴᠤᠳ ᠲᠤ ᠨᠡᠢᠲᠡᠯᠡᠭᠲᠦᠨ ᠭᠡᠮᠡᠨ ᠲᠡᠭᠦᠨ ᠳ᠋ᠦ᠍ ᠵᠠᠷᠯᠠᠯ᠎ᠠ> ᠭᠡᠵᠦ ᠲᠤᠩᠬᠠᠭᠯᠠᠪᠠ᠃
      ᠡᠨᠡᠬᠦ ᠪᠥᠬᠡ ᠶ᠋ᠢᠨ ᠱᠠᠰᠢᠨ ᠰᠤᠷᠲᠠᠬᠤᠨ ᠤ᠋ ᠰᠡᠮᠡᠨ (ᠪᠥᠬᠡ) ᠬᠦᠴᠦ ᠶ᠋ᠢᠨ ᠣᠩᠭᠣᠳ ᠤ᠋ᠨ ᠨᠡᠷ᠎ᠡ ᠬᠦᠨᠳᠦ ᠨᠢ ᠵᠢᠯ ᠢᠷᠡᠬᠦ ᠳᠣᠳᠣᠮ ᠨᠡᠮᠡᠭᠳᠡᠭᠡᠳ᠂ ᠠᠯᠢᠪᠠ ᠬᠥᠮᠦᠰ ᠲᠡᠭᠦᠨ ᠦ᠌ ᠣᠩᠭᠣᠳ ᠣᠷᠣᠰᠢᠭᠠᠳ ᠠᠢᠯᠠᠳᠤᠭᠰᠠᠨ ᠢ᠋ ᠢᠲᠡᠭᠡᠮᠵᠢᠯᠡᠨ᠂ ᠲᠡᠷᠡ ᠰᠠᠭᠠᠷᠠᠯ ᠮᠣᠷᠢ ᠪᠠᠨ ᠤᠨᠤᠭᠠᠳ ᠲᠩᠷᠢ ᠳ᠋ᠦ᠍ ᠭᠠᠷᠴᠤ ᠴᠢᠳᠠᠨ᠎ᠠ ᠭᠡᠨ᠎ᠡ᠃ ᠲᠡᠷᠡ ᠥᠯᠥᠰᠴᠦ ᠤᠮᠳᠠᠭᠠᠰᠬᠤ ᠶ᠋ᠢ ᠮᠡᠳᠡᠬᠦ ᠦᠭᠡᠢ᠂ ᠬᠣᠭᠣᠯᠠ ᠲᠠᠰᠤᠷᠠᠭᠠᠳ ᠬᠡᠴᠦᠨᠡᠨ ᠡᠳᠦᠷ ᠪᠣᠯᠤᠭᠰᠠᠨ ᠴᠤ ᠠᠮᠢᠳᠤ ᠬᠡᠪ ᠢ᠋ᠶ᠋ᠡᠷ ᠶᠠᠪᠤᠨ᠎ᠠ ᠭᠡᠨ᠎ᠡ᠃ ᠴᠢᠷᠠᠮ᠎ᠠ ᠨᠢᠴᠦᠭᠦᠨ ᠢ᠋ᠶ᠋ᠡᠷ ᠡᠪᠦᠯ ᠦ᠋ᠨ ᠬᠦᠢᠲᠡᠨ ᠳ᠋ᠦ᠍ ᠴᠠᠰᠤᠨ ᠳᠡᠭᠡᠷ᠎ᠡ ᠰᠠᠭᠤᠭᠠᠳ ᠪᠡᠶ᠎ᠡ ᠶ᠋ᠢᠨ ᠢᠯᠴᠢ ᠪᠡᠷ ᠢ᠋ᠶ᠋ᠡᠨ ᠴᠠᠰᠤ ᠶ᠋ᠢ ᠬᠠᠢᠯᠠᠭᠤᠯᠤᠭᠠᠳ ᠠᠭᠤᠷ ᠪᠣᠯᠭᠠᠴᠢᠬᠠᠳᠠᠭ ᠭᠡᠵᠦ ᠣᠯᠠᠨ ᠢ᠋ᠶ᠋ᠠᠷ ᠢ᠋ᠶ᠋ᠠᠨ ᠪᠢᠰᠢᠷᠡᠨ ᠰᠢᠲᠦᠵᠦ ᠪᠠᠢᠭᠰᠠᠨ ᠶᠤᠮ᠃ ᠪᠦᠬᠦ ᠬᠥᠮᠦᠰ《ᠲᠩᠷᠢ》 ᠶ᠋ᠢᠨ ᠵᠠᠷᠯᠢᠭ ᠢ᠋ ᠶᠣᠰᠣᠭᠠᠷ ᠳᠠᠭᠠᠵᠤ᠄《ᠪᠢᠳᠡ ᠣᠯᠠᠨ ᠢ᠋ᠶ᠋ᠠᠷ ᠢ᠋ᠶ᠋ᠠᠨ ᠴᠢᠮᠠᠶ᠋ᠢ ᠡᠵᠡᠨ ᠬᠠᠭᠠᠨ ᠪᠣᠯᠬᠤ ᠶ᠋ᠢ ᠬᠦᠰᠡᠨ᠎ᠡ᠂ ᠲᠠᠨ ᠤ᠋ ᠵᠠᠷᠯᠢᠭ ᠢ᠋ ᠳᠠᠭᠠᠨ᠎ᠠ》 ᠭᠡᠵᠦ ᠬᠠᠰᠬᠢᠷᠤᠯᠤᠭ᠎ᠠ᠃ ᠬᠠᠭᠠᠨ ᠤ᠋ ᠣᠢᠷ᠎ᠠ ᠰᠠᠳᠤᠨ ᠪᠣᠯᠤᠨ ᠣᠯᠠᠨ ᠰᠠᠢᠳ ᠲᠦᠰᠢᠮᠡᠳ ᠨᠢ ᠬᠠᠷ᠎ᠠ ᠢᠰᠡᠭᠡᠢ ᠶ᠋ᠢ ᠭᠠᠵᠠᠷ ᠳᠡᠭᠡᠷ᠎ᠡ ᠳᠡᠪᠢᠰᠴᠦ᠂ ᠳᠡᠭᠡᠷ᠎ᠡ ᠨᠢ ᠲᠡᠮᠦᠵᠢᠨ ᠢ᠋ ᠰᠠᠭᠤᠯᠭᠠᠭᠠᠳ᠂ ᠳᠡᠭᠡᠭᠰᠢ ᠡᠷᠭᠦᠨ ᠭᠠᠵᠠᠷ ᠠ᠋ᠴᠠ ᠰᠠᠯᠭᠠᠨ ᠴᠤᠭᠯᠠᠷᠠᠭᠰᠠᠳ ᠪᠦᠬᠦᠨ ᠢ᠋ᠶ᠋ᠡᠷ ᠢ᠋ᠶ᠋ᠡᠨ ᠪᠠᠶᠠᠷᠯᠠᠵᠤ ᠬᠠᠰᠬᠢᠷᠤᠯᠳᠤᠪᠠ᠃ ᠡᠨᠡ ᠮᠡᠲᠦ ᠶ᠋ᠢᠨ ᠪᠠᠶᠠᠷ ᠤ᠋ᠨ ᠳᠠᠭᠤᠨ ᠤ᠋ ᠳᠤᠮᠳᠠ ᠲᠡᠮᠦᠵᠢᠨ ᠢ᠋ ᠬᠠᠭᠠᠨ ᠤ᠋ ᠰᠠᠭᠤᠷᠢᠨ ᠳ᠋ᠤ᠌ ᠰᠠᠭᠤᠯᠭᠠᠪᠠ᠃
      ᠤᠯᠤᠰ ᠳᠠᠶᠠᠭᠠᠷ ᠣᠯᠠᠩᠬᠢ ᠨᠢ ᠬᠠᠨ ᠪᠤᠶᠤ ᠬᠥᠷ ᠬᠠᠨ ᠭᠡᠰᠡᠨ ᠢ᠋ ᠮᠡᠳᠡᠵᠦ ᠪᠠᠢᠭᠰᠠᠨ ᠪᠣᠯᠪᠠᠴᠤ᠂ ᠬᠠᠨ ᠤ᠋ ᠳᠡᠭᠡᠷᠡᠬᠢ ᠬᠠᠭᠠᠨ ᠭᠡᠰᠡᠨ ᠰᠢᠨ᠎ᠡ ᠨᠡᠷ᠎ᠡ ᠶ᠋ᠢ ᠰᠠᠶᠢ ᠰᠣᠨᠣᠰᠤᠯ᠎ᠠ᠂ ᠡᠢᠮᠦ ᠨᠡᠷ᠎ᠡ ᠶᠠᠮᠠᠷᠪᠠ  ᠤᠯᠤᠰ ᠲᠤ  ᠴᠤ ᠭᠠᠷᠴᠤ ᠥᠩᠭᠡᠷᠡᠭᠰᠡᠨ ᠦᠭᠡᠢ ᠶᠦᠮ᠃ ᠲᠡᠭᠡᠪᠡᠯ ᠴᠢᠩᠭᠢᠰ ᠭᠡᠰᠡᠨ ᠨᠢ ᠶᠠᠮᠠᠷ ᠤᠳᠬ᠎ᠠ ᠲᠠᠢ ᠪᠣᠢ᠂ ᠡᠨᠡ ᠦᠭᠡ ᠬᠠᠮᠢᠭᠠᠬᠢ ᠦᠭᠡ ᠳ᠋ᠦ᠍ ᠪᠠᠢᠭ᠎ᠠ ᠦᠭᠡᠢ ᠪᠣᠯᠪᠠᠴᠤ ᠳᠠᠭᠤᠳᠠᠬᠤ ᠳ᠋ᠤ᠌ ᠪᠠ ᠰᠣᠨᠣᠰᠬᠤ ᠳ᠋ᠤ᠌ ᠶᠡᠬᠡ ᠯᠡ ᠢᠯᠠᠭᠤᠨ ᠰᠠᠢᠬᠠᠨ ᠪᠥᠭᠡᠳ ᠳᠠᠢᠴᠢᠨ ᠪᠠᠭᠠᠲᠤᠷᠴᠤᠳ ᠤ᠋ᠨ ᠪᠠᠬᠠᠷᠤᠯᠲᠠᠢ ᠠᠪᠤᠷᠭᠤ ᠶᠡᠬᠡ ᠭᠡᠬᠦ  ᠰᠢᠯᠵᠢᠰᠢ ᠦᠭᠡᠢ ᠭᠡᠬᠦ᠂ ᠢᠯᠠᠭᠳᠠᠰᠢ ᠦᠭᠡᠢ ᠭᠡᠬᠦ ᠵᠡᠷᠭᠡ ᠶ᠋ᠢᠨ ᠦᠭᠡ ᠲᠡᠢ ᠶᠡᠬᠡ ᠣᠢᠷᠠᠬᠠᠨ ᠤᠳᠬ᠎ᠠ ᠲᠠᠢ ᠠᠵᠢ᠃ ᠲᠡᠳᠡᠨᠡᠷ ᠦ᠋ᠨ ᠬᠠᠭᠠᠨ ᠨᠢ ᠡᠢᠮᠦ ᠨᠡᠷ᠎ᠡ ᠡᠴᠡ ᠠᠰᠲᠠᠭᠠᠨ ᠵᠣᠬᠢᠷᠠᠬᠤ ᠨᠡᠷ᠎ᠡ ᠣᠯᠳᠠᠬᠤ ᠦᠭᠡᠢ ᠭᠡᠵᠦ ᠪᠣᠳᠣᠵᠠᠭᠠᠯ᠎ᠠ᠃
      ᠲᠡᠮᠦᠵᠢᠨ ᠡᠨᠡ ᠦᠶ᠎ᠡ ᠳ᠋ᠦ᠍ ᠳᠥᠴᠢᠨ ᠳᠥᠷᠪᠡᠨ ᠨᠠᠰᠤᠲᠠᠢ ᠪᠣᠯᠤᠭᠰᠠᠨ ᠶᠤᠮ᠂ ᠣᠳᠣ ᠠᠷᠪᠠᠨ ᠳᠣᠯᠣᠭᠠᠨ ᠵᠢᠯ ᠦ᠋ᠨ ᠡᠮᠦᠨᠡᠬᠢ ᠰᠢᠭ ᠢ᠋ᠶ᠋ᠡᠷ ᠭᠠᠷᠤᠯ ᠨᠢ ᠲᠡᠭᠦᠨ ᠡᠴᠡ ᠡᠷᠬᠢᠮ ᠥᠨᠳᠥᠷ ᠬᠥᠮᠦᠰ ᠡᠴᠡ ᠡᠷᠡᠭᠡᠯᠡᠬᠦ ᠤᠴᠢᠷ ᠠᠯᠠᠭ᠎ᠠ᠃ ᠲᠡᠷᠡ ᠦᠶ᠎ᠡ ᠳ᠋ᠦ᠍ ᠳᠠᠷᠢᠳᠠᠢ ᠰᠣᠩᠭᠣᠭᠳᠠᠬᠤ ᠡᠷᠬᠡ ᠶ᠋ᠢ ᠡᠵᠡᠮᠰᠢᠵᠦ ᠪᠠᠢᠭᠰᠠᠨ ᠪᠣᠯ ᠣᠳᠣ ᠪᠦᠬᠦ ᠢᠵᠠᠭᠤᠷᠲᠠᠨ ᠲᠡᠮᠦᠵᠢᠨ ᠢ᠋ ᠶᠡᠬᠡ ᠬᠠᠭᠠᠨ ᠢ᠋ᠶ᠋ᠠᠷ ᠡᠷᠭᠦᠬᠦ ᠮᠠᠭᠲᠠᠭᠠᠯ ᠢ᠋ ᠳᠠᠭᠤᠯᠠᠵᠤ᠂ ᠶᠡᠬᠡ ᠬᠤᠷᠠᠯᠳᠤᠭᠠᠨ ᠨᠢ ᠨᠢᠭᠡᠨᠲᠡ ᠪᠡᠶᠡᠯᠡᠭᠳᠡᠭᠡᠳ ᠪᠠᠢᠬᠤ ᠪᠣᠳᠠᠲᠤ ᠤᠴᠢᠷ ᠢ᠋ ᠪᠠᠲᠤᠯᠠᠬᠤ ᠶ᠋ᠢᠨ ᠲᠡᠳᠦᠢ ᠪᠡᠷ ᠬᠤᠷᠠᠯᠳᠤᠭᠰᠠᠨ ᠬᠡᠷᠡᠭ ᠭᠡᠵᠦ ᠲᠡᠳᠡᠨᠡᠷ ᠮᠡᠳᠡᠵᠦ ᠪᠠᠢᠪᠠ᠃ ᠸᠠᠩ ᠬᠠᠨ ᠲᠠᠢ ᠪᠠᠢᠯᠳᠤᠭᠰᠠᠨ ᠦᠶ᠎ᠡ ᠳ᠋ᠦ᠍ ᠲᠡᠮᠦᠵᠢᠨ ᠬᠠᠷᠢᠶᠠᠲᠤ ᠲᠦᠰᠢᠮᠡᠳ ᠲᠡᠭᠡᠨ ᠣᠷᠬᠢᠭᠳᠠᠭᠰᠠᠨ ᠠ᠋ᠴᠠ ᠢᠨᠠᠭᠰᠢ ᠲᠡᠷᠡ ᠰᠦᠷ ᠬᠦᠴᠦᠨ ᠪᠣᠯᠤᠨ ᠵᠠᠷᠯᠢᠭ ᠢ᠋ᠶ᠋ᠠᠨ ᠰᠢᠯᠵᠢᠰᠢ ᠦᠭᠡᠢ ᠵᠥᠪ ᠭᠡᠰᠡᠨ ᠢ᠋ᠶ᠋ᠡᠨ ᠦᠵᠡᠭᠦᠯᠬᠦ ᠪᠡᠷ ᠴᠢᠷᠮᠠᠢᠭᠰᠠᠭᠠᠷ ᠢᠷᠡᠭᠰᠡᠨ ᠶᠦᠮ᠃ ᠠᠷᠠᠳ ᠢᠷᠭᠡᠳ ᠡᠴᠡ ᠲᠡᠷᠡ ᠳᠣᠣᠷᠠᠬᠢ ᠮᠡᠲᠦ ᠦᠭᠡ ᠶ᠋ᠢ ᠠᠰᠠᠭᠤᠭᠰᠠᠨ ᠤᠳᠠᠭ᠎ᠠ ᠪᠠᠢᠵᠠᠢ᠄《ᠲᠠ ᠪᠦᠭᠦᠳᠡᠭᠡᠷ ᠨᠠᠮᠠᠶ᠋ᠢ ᠪᠠᠨ ᠡᠵᠡᠨ ᠬᠠᠭᠠᠨ ᠭᠡᠵᠦ ᠡᠷᠭᠦᠬᠦ ᠪᠣᠯ ᠮᠢᠨᠦ ᠵᠠᠷᠯᠢᠭ ᠤ᠋ᠨ ᠠᠯᠪᠠ ᠬᠡᠷᠡᠭ ᠢ᠋ ᠪᠡᠶᠡᠯᠡᠭᠦᠯᠦᠨ᠂ ᠮᠢᠨᠦ ᠤᠷᠢᠶᠠᠯᠠᠭ᠎ᠠ ᠶ᠋ᠢ ᠠᠳᠠᠪᠠᠰᠢ ᠳᠠᠭᠠᠵᠤ᠂ ᠮᠢᠨᠦ ᠲᠣᠮᠢᠯᠠᠭᠰᠠᠨ ᠶᠠᠮᠠᠷ ᠨᠢᠭᠡᠨ ᠭᠠᠵᠠᠷ ᠪᠣᠯᠪᠠᠴᠤ ᠣᠴᠢᠵᠤ᠂ ᠮᠢᠨᠦ ᠵᠢᠭᠠᠪᠤᠷᠢᠯᠠᠭᠰᠠᠨ ᠶᠣᠰᠣ ᠪᠠᠷ ᠶᠠᠮᠠᠷᠪᠠ ᠬᠥᠮᠦᠨ ᠢ᠋ ᠪᠣᠯᠪᠠᠴᠤ ᠠᠯᠠᠬᠤ ᠪᠠᠷ ᠪᠡᠯᠡᠬᠡᠨ ᠪᠠᠢᠬᠤ ᠬᠡᠷᠡᠭᠲᠡᠢ᠃ ᠲᠡᠢᠮᠦ ᠡᠷᠡᠰ ᠵᠣᠷᠢᠭ ᠪᠠᠢᠨ᠎ᠠ ᠤᠤ?》 ᠭᠡᠵᠡᠢ᠃
      ᠬᠠᠭᠠᠨ ᠪᠣᠯ ᠡᠵᠡᠨ ᠪᠦᠬᠦᠨ ᠦ᠌ ᠳᠡᠭᠡᠷᠡᠬᠢ ᠡᠵᠡᠨ᠂ ᠸᠠᠩ ᠨᠠᠷ ᠤ᠋ᠨ ᠳᠡᠭᠡᠷᠡᠬᠢ ᠸᠠᠩ ᠮᠥᠨ᠃ ᠴᠢᠩᠭᠢᠰ ᠬᠠᠭᠠᠨ ᠲᠡᠭᠦᠨ ᠦ᠌ ᠦᠭᠡ᠂ ᠲᠡᠭᠦᠨ ᠦ᠌ ᠰᠤᠷᠭᠠᠯ᠂ ᠵᠠᠷᠯᠢᠭ ᠤ᠋ᠨ ᠨᠡᠷ᠎ᠡ ᠴᠣᠯᠠ ᠨᠢ ᠶᠠᠭᠤ ᠪᠠᠢᠭᠰᠠᠨ ᠴᠤ ᠬᠠᠮᠢᠶ᠎ᠠ ᠦᠭᠡᠢ᠂ ᠣᠯᠠᠨ ᠬᠠᠨ᠂ ᠣᠯᠠᠨ ᠥᠷᠯᠥᠭ᠂ ᠨᠣᠶᠠᠳ᠂ ᠪᠡᠬᠢ ᠨᠠᠷ᠂ ᠬᠠᠷᠢ ᠶ᠋ᠢᠨ ᠲᠦᠷᠦᠭᠦᠴᠦᠳ ᠲᠦ᠍ ᠯᠡ ᠵᠠᠷᠯᠠᠬᠤ ᠶ᠋ᠢᠨ ᠬᠠᠮᠲᠤ ᠲᠡᠳᠡᠨᠡᠷ ᠢ᠋ᠶ᠋ᠡᠷ ᠳᠠᠮᠵᠢᠨ ᠬᠠᠷᠢᠶᠠᠲᠤ ᠨᠠᠷ ᠲᠠᠭᠠᠨ ᠤᠯᠠᠮᠵᠢᠯᠠᠵᠤ ᠥᠭᠳᠡᠭ ᠪᠠᠢᠨ᠎ᠠ᠃ ᠲᠡᠮᠦᠵᠢᠨ ᠦ᠌ ᠬᠠᠭᠠᠨᠲᠤ ᠤᠯᠤᠰ ᠤ᠋ᠨ ᠳᠣᠲᠣᠷ᠎ᠠ ᠵᠡᠷᠭᠡ ᠳᠡᠰ ᠦ᠋ᠨ ᠳᠡᠰ ᠳᠠᠷᠠᠭ᠎ᠠ ᠶ᠋ᠢ ᠬᠠᠲᠠᠭᠤ ᠴᠢᠩᠭ᠎ᠠ ᠪᠠᠷ ᠬᠡᠷᠡᠭᠵᠢᠭᠦᠯᠵᠦ ᠪᠠᠢᠭᠰᠠᠨ ᠶᠤᠮ᠃ ᠣᠯᠠᠨ ᠨᠣᠶᠠᠳ ᠲᠦᠰᠢᠮᠡᠳ ᠨᠢ ᠥᠪᠡᠷ ᠦ᠋ᠨ ᠡᠵᠡᠨ ᠬᠠᠭᠠᠨ ᠲᠡᠮᠦᠵᠢᠨ ᠢ᠋ᠶ᠋ᠡᠨ ᠮᠠᠭᠲᠠᠨ ᠤᠷᠢᠶᠠᠯᠠᠵᠤ ᠲᠡᠭᠦᠨ ᠦ᠌ ᠵᠠᠷᠯᠢᠭ ᠵᠠᠷᠯᠠᠯ ᠢ᠋ ᠡᠷᠡᠰ ᠳᠠᠭᠠᠬᠤ ᠪᠠᠷ ᠪᠡᠯᠡᠬᠡᠨ ᠪᠠᠢᠨ᠎ᠠ ᠭᠡᠵᠦ ᠬᠡᠯᠡᠭᠰᠡᠨ ᠬᠣᠢᠨ᠎ᠠ᠂ ᠲᠡᠮᠦᠵᠢᠨ ᠲᠡᠳᠡᠨ ᠦ᠌ ᠵᠦᠭ ᠬᠠᠷᠢᠭᠤᠯᠤᠭᠰᠠᠨ ᠨᠢ᠄
      《ᠡᠭᠦᠨ ᠡᠴᠡ ᠬᠣᠵᠢᠮ ᠮᠢᠨᠦ ᠰᠡᠯᠡᠮ᠎ᠡ ᠪᠣᠯ ᠳᠠᠷᠤᠢ ᠮᠢᠨᠦ ᠦᠭᠡ ᠬᠡᠯᠡ ᠪᠣᠯᠤᠨ᠎ᠠ》 ᠭᠡᠵᠡᠢ᠃ ᠲᠡᠳᠡᠨᠡᠷ ᠲᠡᠮᠦᠵᠢᠨ ᠦ᠌ ᠵᠦᠭ ᠰᠥᠭᠥᠳᠦᠨ ᠳᠥᠷᠪᠡᠨ ᠤᠳᠠᠭ᠎ᠠ ᠮᠥᠷᠭᠥᠵᠦ ᠲᠡᠭᠦᠨ ᠦ᠌ ᠵᠠᠷᠯᠢᠭ ᠢ᠋ ᠰᠢᠳᠤᠷᠭᠤ ᠪᠠᠷ ᠰᠠᠬᠢᠨ ᠳᠠᠭᠠᠬᠤ ᠪᠠᠨ ᠢᠯᠡᠷᠬᠡᠢᠯᠡᠪᠡ᠃ ᠳᠠᠷᠠᠭ᠎ᠠ ᠳ᠋ᠤᠨᠢ ᠲᠡᠳᠡᠨᠡᠷ ᠪᠣᠰᠤᠭᠠᠳ ᠲᠡᠮᠦᠵᠢᠨ ᠢ᠋ ᠬᠠᠭᠠᠨ ᠰᠠᠭᠤᠷᠢᠨ ᠲᠠᠢ ᠨᠢ ᠬᠠᠮᠲᠤ ᠪᠠᠷ ᠮᠥᠷᠥ ᠳᠡᠭᠡᠷ᠎ᠡ ᠪᠡᠨ ᠳᠠᠮᠨᠠᠭᠠᠳ ᠥᠷᠭᠡᠨ ᠲᠠᠯᠠᠪᠠᠢ ᠶ᠋ᠢ ᠲᠣᠭᠣᠷᠢᠨ ᠠᠯᠬᠤᠬᠤ ᠳ᠋ᠤ᠌᠂ ᠡᠨᠡ ᠦᠶ᠎ᠡ ᠳ᠋ᠦ᠍ ᠡᠭᠡᠯ ᠠᠷᠠᠳ ᠪᠦᠷ ᠰᠥᠭᠥᠳᠦᠨ ᠮᠥᠷᠭᠥᠯ᠎ᠡ᠃
      ᠵᠠᠯᠭᠠᠭᠠᠳ ᠪᠠᠶᠠᠷ ᠤ᠋ᠨ ᠶᠣᠰᠣᠯᠠᠯ ᠡᠬᠢᠯᠡᠪᠡ᠃ ᠡᠨᠡᠬᠦ ᠶᠣᠰᠣᠯᠠᠯ ᠨᠢ《ᠢᠰᠡᠭᠡᠢ ᠲᠤᠭᠤᠷᠭᠠᠲᠠᠨ》 ᠨᠠᠷ ᠥᠩᠭᠡᠷᠡᠭᠰᠡᠨ ᠳ᠋ᠡᠭᠡᠨ ᠦᠵᠡᠭᠡ ᠦᠭᠡᠢ ᠦᠪᠡᠳᠡᠭᠰᠢ ᠶᠡᠬᠡ ᠪᠠᠢᠭᠰᠠᠨ ᠶᠤᠮ᠃ ᠬᠥᠮᠦᠰ ᠪᠦᠬᠦᠨ ᠲᠡᠮᠦᠵᠢᠨ ᠦ᠌ ᠳᠠᠢᠯᠠᠯᠭ᠎ᠠ ᠶ᠋ᠢ ᠬᠦᠷᠲᠡᠬᠦ ᠵᠣᠴᠢᠳ ᠪᠣᠯᠤᠨ᠎ᠠ᠃ ᠬᠡᠳᠦᠨ ᠮᠢᠩᠭᠠᠨ ᠲᠦᠰᠢᠮᠡᠳ᠂ ᠨᠣᠶᠠᠳ᠂ ᠥᠷᠯᠥᠭ᠂ ᠢᠵᠠᠭᠤᠷᠲᠠᠨ ᠨᠠᠷ ᠬᠠᠲᠤᠨ ᠲᠠᠢ ᠪᠠᠨ ᠬᠠᠮᠲᠤ ᠶᠡᠬᠡ ᠣᠷᠳᠣᠨ ᠳᠣᠲᠣᠷ᠎ᠠ᠂ ᠡᠩ ᠦ᠋ᠨ ᠠᠷᠠᠳ ᠰᠠᠷᠠᠭᠤᠯ ᠲᠠᠯᠠᠪᠠᠢ ᠳ᠋ᠤ᠌ ᠰᠠᠭᠤᠵᠤ ᠬᠤᠷᠢᠮ ᠢᠳᠡᠯ᠎ᠡ᠃ ᠴᠢᠨᠠᠭᠰᠠᠨ ᠮᠣᠷᠢᠨ ᠤ᠋ ᠮᠢᠬ᠎ᠠ ᠪᠠᠷ ᠳᠦᠭᠦᠷᠦᠭᠰᠡᠨ ᠣᠯᠠᠨ ᠲᠣᠮᠣ ᠲᠣᠭᠣᠭ᠎ᠠ ᠶ᠋ᠢ ᠲᠡᠷᠭᠡ ᠪᠡᠷ ᠲᠦᠯᠬᠢᠨ ᠠᠪᠴᠢᠷᠠᠵᠤ᠂ ᠡᠭᠦᠨ ᠦ᠌ ᠬᠠᠮᠲᠤ ᠳᠠᠪᠤᠰᠤ ᠲᠠᠢ ᠤᠰᠤ ᠪᠠᠷ ᠨᠠᠢᠷᠠᠭᠤᠯᠤᠭᠰᠠᠨ ᠰᠢᠭᠦᠰᠦ ᠶ᠋ᠢ ᠶᠡᠬᠡ ᠬᠤᠪᠢᠩ ᠢ᠋ᠶ᠋ᠠᠷ ᠵᠥᠭᠡᠭᠡᠵᠦ ᠪᠠᠢᠯ᠎ᠠ᠃ ᠡᠢᠮᠦ ᠰᠢᠭᠦᠰᠦᠨ ᠳ᠋ᠦ᠍ ᠲᠥᠷᠥᠵᠦ ᠢᠳᠡᠪᠡᠯ ᠮᠢᠬ᠎ᠠ ᠨᠢ ᠬᠠᠴᠢᠨ ᠰᠠᠢᠬᠠᠨ ᠠᠮᠲᠠ ᠭᠠᠷᠳᠠᠭ ᠪᠠᠢᠨ᠎ᠠ᠃ ᠬᠥᠮᠦᠰ ᠬᠡᠳᠦᠢ ᠢᠳᠡᠪᠡᠴᠦ ᠲᠣᠮᠣ ᠲᠣᠭᠣᠭ᠎ᠠ ᠨᠢ ᠬᠣᠭᠣᠰᠣᠷᠠᠳᠠᠭ ᠦᠭᠡᠢ᠂ ᠬᠤᠪᠢᠩ ᠠ᠋ᠴᠠ ᠨᠢ ᠬᠥᠭᠡᠰᠦ ᠰᠠᠭᠠᠭᠰᠠᠨ ᠴᠡᠭᠡ ᠪᠡᠨ ᠲᠠᠰᠤᠷᠠᠯᠲᠠ ᠦᠭᠡᠢ ᠨᠡᠮᠡᠵᠦ ᠥᠭᠭᠦᠨ᠎ᠡ᠃ ᠵᠠᠷᠢᠮ ᠬᠥᠮᠦᠰ ᠭᠠᠳᠠᠨ᠎ᠠ ᠭᠠᠷᠤᠭᠠᠳ ᠪᠥᠭᠡᠯᠵᠢᠵᠦ ᠪᠠᠷᠠᠭᠠᠳ᠂ ᠪᠠᠰᠠ ᠤᠭ ᠬᠡᠪ ᠢ᠋ᠶ᠋ᠡᠷ ᠤᠤᠭᠤᠵᠤ ᠪᠠᠢᠯ᠎ᠠ᠃ ᠵᠠᠷᠢᠮ ᠬᠥᠮᠦᠰ ᠰᠠᠭᠤᠭᠰᠠᠨ ᠣᠷᠣᠨ ᠳ᠋ᠠᠭᠠᠨ ᠬᠥᠨᠳᠡᠯᠡᠨ ᠬᠡᠪᠲᠡᠭᠡᠳ ᠪᠠᠬᠠᠨ ᠨᠣᠢᠷᠰᠤᠭᠠᠳ ᠡᠷᠭᠢᠭᠡᠳ ᠤᠤᠭᠤᠵᠤ ᠡᠬᠢᠯᠡᠨ᠎ᠡ᠃ ᠬᠥᠭᠵᠢᠮᠴᠢᠳ ᠣᠷᠳᠣᠨ ᠤ᠋ ᠡᠯ᠎ᠡ ᠲᠠᠯ᠎ᠠ ᠳ᠋ᠤ᠌ ᠬᠥᠭᠵᠢᠮᠳᠡᠵᠦ ᠪᠠᠢᠯ᠎ᠠ᠂ ᠪᠥᠵᠢᠭᠯᠡᠭᠴᠢᠳ ᠪᠥᠵᠢᠭᠯᠡᠵᠦ ᠪᠠᠢᠨ᠎ᠠ᠂ ᠢᠳᠡᠵᠦ ᠤᠤᠭᠤᠵᠤ ᠪᠠᠢᠬᠤ ᠬᠥᠮᠦᠰ ᠴᠦ᠍ ᠨᠠᠢᠷᠯᠠᠵᠤ ᠪᠠᠢᠨ᠎ᠠ᠃ ᠪᠠᠢᠯᠳᠤᠭᠠᠨ ᠤ᠋ ᠭᠠᠪᠢᠶ᠎ᠠ ᠵᠢᠳᠬᠦᠯ ᠢ᠋ᠶ᠋ᠡᠨ ᠬᠡᠯᠡᠯᠴᠡᠵᠦ᠂ ᠪᠠᠢᠯᠳᠤᠭᠠᠨ ᠳ᠋ᠤ᠌ ᠣᠯᠤᠭᠰᠠᠨ ᠠᠯᠢ ᠣᠯᠠᠨ ᠣᠯᠵᠠ ᠪᠤᠶᠤ ᠴᠢᠮᠡᠭ ᠬᠤᠪᠴᠠᠰᠤ ᠪᠠᠨ ᠭᠠᠢᠬᠠᠭᠤᠯᠤᠨ ᠣᠮᠣᠷᠬᠠᠭᠯᠠᠵᠤ ᠪᠠᠢᠯ᠎ᠠ᠃ ᠣᠷᠳᠣᠨ ᠤ᠋ ᠬᠣᠢᠮᠣᠷ ᠲᠤ ᠨᠢᠭᠡᠨ ᠬᠡᠰᠡᠭ ᠥᠨᠳᠥᠷ ᠭᠠᠵᠠᠷ ᠲᠤ ᠬᠠᠭᠠᠨ ᠤ᠋ ᠰᠠᠭᠤᠳᠠᠯ ᠳᠡᠭᠡᠷ᠎ᠡ ᠲᠡᠮᠦᠵᠢᠨ᠂ ᠪᠥᠷᠲᠡ ᠬᠠᠲᠤᠨ ᠲᠠᠢ ᠪᠠᠨ ᠰᠠᠭᠤᠵᠤ ᠪᠠᠢᠯ᠎ᠠ᠃ ᠪᠠᠬᠠᠨ ᠭᠠᠵᠠᠷ ᠲᠤ ᠲᠡᠮᠦᠵᠢᠨ ᠦ᠌ ᠵᠥᠪ ᠲᠠᠯ᠎ᠠ ᠳ᠋ᠤᠨᠢ ᠲᠡᠭᠦᠨ ᠦ᠌ ᠬᠥᠪᠡᠭᠦᠳ ᠬᠢᠭᠡᠳ ᠣᠢᠷ᠎ᠠ ᠲᠥᠷᠥᠯ ᠪᠣᠯᠤᠨ ᠥᠷᠯᠥᠭ ᠲᠦᠰᠢᠮᠡᠳ ᠨᠢ ᠰᠠᠭᠤᠵᠤ ᠪᠠᠢᠯ᠎ᠠ᠃ ᠪᠤᠷᠤᠭᠤ ᠲᠠᠯ᠎ᠠ ᠳ᠋ᠤᠨᠢ ᠪᠥᠷᠲᠡ ᠶ᠋ᠢᠨ ᠬᠠᠵᠠᠭᠤ ᠲᠡᠮᠦᠵᠢᠨ ᠦ᠌ ᠥᠭᠡᠷ᠎ᠡ ᠬᠠᠲᠤᠨ ᠪᠣᠯᠤᠨ ᠡᠬᠡ᠂ ᠬᠡᠦᠬᠡᠨ ᠨᠢ ᠰᠠᠭᠤᠵᠤ᠂ ᠳᠠᠷᠠᠭᠠᠯᠠᠭᠠᠳ ᠵᠣᠴᠢᠳ ᠤ᠋ᠨ ᠬᠠᠲᠤᠨ ᠨᠠᠷ ᠰᠠᠭᠤᠵᠤ ᠪᠠᠢᠯ᠎ᠠ᠃ ᠲᠡᠮᠦᠵᠢᠨ ᠦ᠌ ᠡᠮᠦᠨ᠎ᠡ ᠨᠢ ᠠᠯᠲᠠᠨ ᠰᠠᠪᠠ᠂ ᠮᠥᠩᠭᠥᠨ ᠰᠠᠪᠠ᠂ ᠦᠰᠦᠲᠦ ᠠᠷᠠᠰᠤ᠂ ᠤᠷᠠᠯᠠᠨ ᠬᠠᠳᠬᠤᠭᠰᠠᠨ ᠲᠣᠷᠭ᠎ᠠ᠂ ᠰᠤᠪᠤᠳ ᠡᠷᠳᠡᠨᠢ ᠵᠡᠷᠭᠡ ᠶ᠋ᠢ ᠠᠭᠤᠯᠠ ᠮᠡᠲᠦ ᠣᠪᠣᠭᠠᠯᠠᠵᠤ ᠪᠠᠢᠪᠠ᠃ ᠲᠡᠭᠦᠨ ᠡᠴᠡ ᠲᠡᠮᠦᠵᠢᠨ ᠠᠳᠬᠤ ᠠᠳᠬᠤ ᠪᠠᠷ ᠠᠪᠤᠭᠠᠳ ᠣᠯᠠᠨ ᠳ᠋ᠤ᠌ ᠲᠦᠭᠡᠭᠡᠵᠦ ᠥᠭᠭᠦᠨ᠎ᠡ᠃ ᠡᠨᠡ ᠡᠳᠦᠷ ᠡᠵᠡᠨ ᠬᠠᠭᠠᠨ ᠤ᠋ ᠪᠠᠨ ᠣᠷᠳᠣᠨ ᠳ᠋ᠤ᠌ ᠣᠷᠣᠭᠰᠠᠨ ᠮᠣᠩᠭᠣᠯ ᠬᠥᠮᠦᠨ ᠪᠣᠯᠭᠠᠨ ᠰᠠᠢᠬᠠᠨ ᠪᠡᠯᠡᠭ ᠬᠡᠰᠢᠭ ᠢ᠋ ᠬᠦᠷᠲᠡᠭᠦᠨ ᠦᠭᠡᠢ ᠪᠡᠷ ᠭᠠᠷᠤᠭᠰᠠᠨ ᠬᠥᠮᠦᠨ ᠦᠭᠡᠢ ᠪᠢᠯᠡ᠃ ᠴᠢᠩᠭᠢᠰ ᠬᠠᠭᠠᠨ ᠮᠠᠰᠢ ᠬᠠᠩᠭᠠᠮᠵᠢᠲᠠᠢ ᠪᠠᠷ ᠬᠥᠮᠦᠰ ᠲᠦ᠍ ᠪᠠᠬᠠᠷᠤᠭᠳᠠᠵᠤ ᠪᠠᠢᠭᠰᠠᠨ ᠶᠤᠮ᠃ ᠲᠡᠷᠡᠴᠢᠯᠡᠨ ᠪᠦᠬᠦ ᠤᠯᠤᠰ ᠤ᠋ᠨ ᠠᠷᠠᠳ ᠢᠷᠭᠡᠳ ᠲᠡᠭᠦᠨ ᠲᠡᠢ ᠬᠠᠮᠲᠤ ᠪᠡᠷ ᠪᠠᠶᠠᠷ ᠤ᠋ᠨ ᠡᠳᠦᠷ ᠢ᠋ ᠤᠭᠲᠤᠵᠤ᠂ ᠡᠨᠡᠬᠦ ᠪᠠᠶᠠᠷ ᠴᠡᠩᠭᠡᠯ ᠢ᠋ ᠬᠠᠯᠠᠭᠤᠨ ᠢ᠋ᠶ᠋ᠠᠷ ᠤᠭᠲᠤᠬᠤ ᠪᠥᠭᠡᠳ ᠥᠪᠡᠷᠰᠡᠳ ᠦ᠋ᠨ ᠬᠦᠴᠦᠨ ᠳ᠋ᠡᠭᠡᠨ ᠲᠡᠭᠦᠰ ᠢᠲᠡᠭᠡᠯ ᠲᠡᠢ ᠪᠠᠢᠪᠠ᠃ ᠴᠢᠩᠭᠢᠰ ᠬᠠᠭᠠᠨ ᠭᠠᠭᠴᠠᠬᠦ ᠥᠪᠡᠷ ᠦ᠋ᠨ ᠠᠢᠮᠠᠭ ᠢ᠋ᠶ᠋ᠠᠨ ᠬᠥᠮᠦᠵᠢᠭᠦᠯᠵᠦ ᠪᠣᠢᠵᠢᠭᠤᠯᠤᠭᠰᠠᠨ ᠢ᠋ᠶ᠋ᠠᠷ ᠪᠠᠷᠠᠬᠤ ᠦᠭᠡᠢ ᠳᠥᠴᠢᠨ ᠲᠦᠮᠡᠨ ᠮᠣᠩᠭᠣᠯᠴᠤᠳ ᠢ᠋ᠶ᠋ᠠᠨ ᠬᠠᠷᠢ ᠤᠯᠤᠰ ᠳᠡᠭᠡᠷ᠎ᠡ ᠮᠠᠨᠳᠤᠭᠤᠯᠤᠭᠰᠠᠨ ᠰᠣᠳᠣ ᠪᠣᠭᠳᠠ ᠮᠥᠨ ᠪᠥᠭᠡᠳ ᠮᠥᠩᠬᠡ ᠲᠡᠭᠷᠢ ᠶ᠋ᠢᠨ ᠡᠯᠴᠢᠨ ᠪᠠᠢᠭᠰᠠᠨ ᠶᠤᠮ᠃ ᠶᠠᠭᠠᠬᠢᠭᠠᠳ ᠪᠣᠢ ᠭᠡᠪᠡᠯ ᠲᠡᠷᠡ ᠳᠣᠣᠷᠠᠬᠢ ᠮᠡᠲᠦ ᠬᠡᠯᠡᠭᠰᠡᠨ ᠤᠳᠠᠭ᠎ᠠ ᠪᠠᠢᠭᠰᠠᠨ ᠶᠤᠮ᠄
       《ᠡᠷᠡᠯᠬᠡᠭ ᠪᠠᠭᠠᠲᠤᠷ ᠬᠠᠲᠠᠭᠤ ᠵᠣᠷᠢᠭ ᠢ᠋ᠶ᠋ᠠᠷ ᠠᠯᠢᠪᠠ ᠵᠣᠪᠠᠭᠤᠷᠢ ᠵᠦᠳᠡᠷᠡᠯ ᠪᠠ ᠠᠶᠤᠯ ᠲᠦᠭᠰᠢᠭᠦᠷᠢ ᠶ᠋ᠢ ᠬᠠᠢᠬᠤᠷᠬᠤ ᠦᠭᠡᠢ ᠪᠡᠷ ᠮᠢᠨᠦ ᠳᠡᠷᠭᠡᠳᠡ ᠪᠦᠯᠬᠦᠮᠳᠡᠨ ᠪᠠᠶᠠᠷ ᠵᠣᠪᠠᠯᠠᠩ ᠢ᠋ ᠬᠠᠮᠲᠤᠪᠠᠷ ᠡᠳ᠋ᠯᠡᠵᠦ ᠡᠷᠬᠢᠮ ᠳᠡᠭᠡᠳᠦ ᠦᠷ᠎ᠡ ᠪᠦᠲᠦᠭᠡᠯ ᠪᠣᠯᠵᠤ ᠪᠦᠷᠢᠯᠳᠦᠭᠰᠡᠨ ᠡᠨᠡᠬᠦ ᠪᠧᠲ᠋᠊᠎ᠡ ᠤᠯᠤᠰ ᠤ᠋ᠨ ᠠᠷᠠᠳ ᠢᠷᠭᠡᠳ ᠪᠣᠯ ᠶᠢᠷᠲᠢᠨᠴᠦ ᠳᠡᠭᠡᠷ᠎ᠡ ᠠᠮᠢᠳᠤᠷᠠᠵᠤ ᠪᠠᠢᠭ᠎ᠠ ᠣᠯᠠᠨ ᠤᠯᠤᠰ ᠤ᠋ᠨ ᠳᠣᠲᠣᠷ᠎ᠠ ᠬᠠᠮᠤᠭ ᠤ᠋ᠨ ᠠᠭᠤᠤ ᠶᠡᠬᠡ ᠤᠯᠤᠰ ᠠᠷᠠᠳ ᠪᠣᠯᠤᠨ᠎ᠠ᠃ ᠠᠯᠢᠪᠠ ᠠᠶᠤᠯ ᠲᠦᠭᠰᠢᠭᠦᠷᠢ ᠶ᠋ᠢᠨ ᠳᠤᠮᠳᠠ ᠪᠣᠯᠪᠠᠴᠤ ᠮᠢᠨᠦ ᠴᠢᠷᠮᠠᠢᠭᠰᠠᠨ ᠵᠣᠷᠢᠯᠲᠠ ᠶ᠋ᠢ ᠪᠡᠶᠡᠯᠡᠭᠦᠯᠬᠦ ᠪᠣᠯᠲᠠᠯ᠎ᠠ ᠡᠨᠡᠬᠦ ᠤᠯᠤᠰ ᠠᠷᠠᠳ ᠨᠠᠳᠠᠳᠤ ᠬᠠᠮᠤᠭ ᠤ᠋ᠨ ᠶᠡᠬᠡ ᠦᠨᠡᠨᠴᠢ ᠰᠢᠳᠤᠷᠭᠤ ᠪᠠᠨ ᠭᠦᠢᠴᠡᠳᠬᠡᠭᠰᠡᠨ ᠪᠠᠢᠨ᠎ᠠ᠃ ᠪᠢ ᠡᠭᠦᠨ ᠡᠴᠡ ᠬᠣᠵᠢᠮ ᠡᠨᠡᠬᠦ ᠤᠯᠤᠰ ᠠᠷᠠᠳ ᠢ᠋ᠶ᠋ᠠᠨ ᠬᠥᠬᠡ ᠮᠣᠩᠭᠣᠯ (ᠲᠡᠭᠷᠢ ᠶ᠋ᠢᠨ ᠨᠣᠮᠢᠨ ᠬᠥᠬᠡ ᠥᠩᠭᠡᠲᠡᠢ) ᠭᠡᠰᠡᠨ ᠨᠡᠷ᠎ᠡ ᠠᠪᠴᠤ ᠶᠠᠪᠤᠬᠤ ᠶ᠋ᠢ ᠬᠦᠰᠡᠶ᠎ᠡ》 ᠭᠡᠵᠦ ᠴᠢᠩᠭᠢᠰ ᠬᠠᠭᠠᠨ ᠲᠤᠩᠬᠠᠭᠯᠠᠭᠰᠠᠨ ᠪᠠᠢᠨ᠎ᠠ᠃
       ᠡᠨᠡ ᠮᠡᠲᠦ ᠶ᠋ᠢᠨ ᠠᠭᠤᠤ ᠶᠡᠬᠡ ᠨᠡᠷ᠎ᠡ ᠪᠡᠷ ᠴᠢᠩᠭᠢᠰ ᠬᠠᠭᠠᠨ ᠨᠡᠭᠦᠳᠡᠯᠴᠢᠨ ᠠᠷᠠᠳ ᠤ᠋ᠨ ᠰᠡᠳᠬᠢᠯ ᠳᠣᠲᠣᠷ᠎ᠠ ᠰᠢᠨ᠎ᠡ ᠰᠡᠳᠬᠢᠭᠳᠡᠯ ᠢ᠋ ᠲᠥᠷᠥᠭᠳᠡᠭᠦᠯᠦᠭᠰᠡᠨ ᠪᠥᠭᠡᠳ ᠤᠯᠤᠰ ᠠᠷᠠᠳ ᠤ᠋ᠨ ᠬᠣᠪᠢᠨ ᠳ᠋ᠤ᠌ ᠣᠮᠣᠭ ᠪᠠᠬᠠᠳᠤᠯᠲᠤ ᠰᠡᠳᠬᠢᠯᠭᠡ ᠶ᠋ᠢ ᠣᠷᠣᠭᠤᠯᠵᠤ ᠦᠭᠭᠦᠭᠰᠡᠡ ᠪᠠᠢᠨ᠎ᠠ᠃ ᠠᠯᠢᠪᠠ ᠮᠣᠩᠭᠣᠯ ᠬᠥᠮᠦᠨ ᠴᠥᠮ ᠪᠣᠭᠣᠯ ᠪᠤᠶᠤ ᠠᠯᠪᠠᠲᠤ ᠪᠣᠯᠵᠤ ᠶᠠᠪᠤᠬᠤ ᠦᠭᠡᠢ ᠪᠣᠯᠤᠭᠰᠠᠨ ᠶᠤᠮ᠃ ᠲᠡᠳᠡᠨᠡᠷ ᠣᠳᠣ ᠴᠣᠷ ᠤ᠋ᠨ ᠭᠠᠭᠴᠠ ᠡᠭᠦᠷᠭᠡ ᠲᠡᠢ ᠪᠣᠯᠪᠠ᠃ ᠡᠨᠡ ᠡᠭᠦᠷᠭᠡ ᠨᠢ ᠳᠠᠷᠤᠢ ᠵᠡᠪᠰᠡᠭ ᠢ᠋ᠶ᠋ᠡᠨ ᠠᠳᠬᠤᠭᠠᠳ ᠪᠣᠭᠳᠠ ᠬᠠᠭᠠᠨ ᠳ᠋ᠠᠭᠠᠨ ᠵᠢᠳᠬᠦᠬᠦ ᠯᠡ ᠬᠡᠷᠡᠭ ᠪᠣᠯᠤᠨ᠎ᠠ᠃《ᠢᠰᠡᠭᠡᠢ ᠲᠤᠭᠤᠷᠭᠠᠲᠠᠨ》 ᠤ᠋ ᠪᠦᠬᠦ ᠦᠨᠳᠦᠰᠦᠲᠡᠨ ᠣᠳᠣ ᠴᠢᠩᠭᠢᠰ ᠬᠠᠭᠠᠨ ᠤ᠋ ᠲᠦᠰᠢᠮᠡᠯ ᠦ᠋ᠨ ᠮᠥᠷ ᠲᠦ ᠳᠠᠪᠰᠢᠭᠰᠠᠨ ᠳᠠᠭᠠᠨ ᠪᠠᠶᠠᠷᠯᠠᠨ ᠪᠠᠬᠠᠷᠠᠵᠤ ᠠᠯᠢ ᠨᠢᠭᠡᠨ ᠠᠢᠮᠠᠭ ᠲᠤ ᠬᠠᠮᠢᠶᠠᠷᠤᠭᠳᠠᠵᠤ ᠪᠠᠢᠭᠰᠠᠨ ᠪᠣᠯᠪᠠᠴᠤ ᠲᠡᠭᠦᠨ ᠡᠴᠡ ᠬᠣᠵᠢᠮ ᠮᠣᠩᠭᠣᠯᠴᠤᠳ ᠭᠠᠭᠴᠠ ᠬᠥᠬᠡ ᠮᠣᠩᠭᠣᠯ ᠭᠡᠵᠦ ᠪᠡᠶ᠎ᠡ ᠪᠡᠨ ᠳᠠᠭᠤᠳᠠᠳᠠᠭ ᠪᠣᠯᠪᠠ᠃
       ᠡᠨᠡ ᠮᠡᠲᠦ ᠶ᠋ᠢᠨ ᠬᠥᠬᠡ ᠲᠩᠷᠢ ᠶ᠋ᠢᠨ ᠠᠳᠠᠯᠢ ᠰᠠᠢᠬᠠᠨ ᠨᠡᠷ᠎ᠡ ᠶ᠋ᠢ ᠮᠣᠩᠭᠣᠯᠴᠤᠳ ᠢ᠋ ᠪᠦᠯᠬᠦᠮᠳᠡᠬᠦᠯᠦᠭᠰᠡᠨ ᠪᠥᠭᠡᠳ ᠲᠡᠢᠴᠢᠯᠡᠪᠡ᠃ ᠳᠣᠭᠰᠢᠨ ᠰᠠᠯᠬᠢᠨ ᠭᠠᠵᠠᠷ ᠤ᠋ᠨ ᠪᠥᠮᠪᠥᠷᠴᠡᠭ ᠳᠡᠭᠡᠷ᠎ᠡ ᠬᠡᠢᠰᠬᠦ ᠮᠡᠲᠦ ᠪᠡᠷ《ᠮᠣᠩᠭᠣᠯ ᠮᠣᠷᠢᠨ ᠤ᠋ ᠲᠤᠭᠤᠷᠠᠢ ᠶ᠋ᠢᠨ ᠬᠦᠷᠴᠦ ᠴᠢᠳᠠᠬᠤ ᠬᠡᠮᠵᠢᠶ᠎ᠡ》 ᠪᠡᠷ ᠣᠷᠣᠨ ᠪᠦᠬᠦᠨ ᠢ᠋ ᠮᠣᠩᠭᠣᠯᠴᠤᠳ ᠤ᠋ᠨ ᠪᠣᠯᠭᠠᠵᠤ ᠠᠪᠤᠭᠰᠠᠨ ᠪᠠᠢᠨ᠎ᠠ᠃ ᠳᠥᠴᠢᠨ ᠵᠢᠯ ᠦ᠋ᠨ ᠬᠣᠢᠨ᠎ᠠ ᠷᠣᠮ ᠤ᠋ᠨ ᠱᠠᠰᠢᠨ ᠤ᠋ ᠬᠠᠭᠠᠨ ᠢᠨ᠋ᠨᠦᠰᠸᠡᠲ᠋ᠣ᠋ ᠳᠥᠷᠪᠡᠳᠦᠭᠡᠷ ᠡᠴᠡ ᠴᠢᠩᠭᠢᠰ ᠬᠠᠭᠠᠨ ᠤ᠋ ᠠᠴᠢ ᠶ᠋ᠢᠨ ᠣᠷᠳᠣᠨ ᠳ᠋ᠤ᠌ ᠵᠠᠨ᠂  ᠊ᠳᠣ᠋᠂ ᠹᠦᠷᠡᠨᠦ᠌᠂ ᠺᠠᠷᠫᠢᠨᠢ ᠯᠠᠮᠠ ᠶ᠋ᠢ ᠲᠣᠮᠢᠯᠠᠭᠰᠠᠨ ᠪᠥᠭᠡᠳ ᠡᠭᠦᠨ ᠦ᠌ ᠲᠤᠬᠠᠢ ᠮᠡᠳᠡᠭᠡᠯᠡᠭᠰᠡᠨ ᠨᠢ ᠳᠣᠣᠷᠠᠬᠢ ᠮᠡᠲᠦ《ᠮᠣᠩᠭᠣᠯᠴᠤᠳ ᠥᠪᠡᠷ ᠦ᠋ᠨ ᠤᠯᠤᠰ ᠠᠷᠠᠳ ᠠ᠋ᠴᠠ ᠠᠰᠲᠠᠭᠠᠨ ᠬᠠᠷᠢ ᠶ᠋ᠢᠨ ᠬᠥᠮᠦᠰ ᠢ᠋ ᠶᠠᠮᠠᠷ ᠥᠨᠳᠥᠷ ᠪᠠᠢᠷᠢ ᠰᠠᠭᠤᠷᠢ ᠲᠠᠢ ᠡᠷᠬᠢᠮ ᠵᠡᠷᠭᠡ ᠲᠡᠢ ᠪᠣᠯᠪᠠᠴᠤ ᠳᠣᠷᠣᠮᠵᠢᠯᠠᠨ ᠦᠵᠡᠳᠡᠭ᠃ ᠶᠡᠬᠡ ᠬᠠᠭᠠᠨ ᠤ᠋ ᠣᠷᠳᠣᠨ ᠳ᠋ᠤ᠌ ᠮᠢᠨᠦ ᠣᠯᠵᠤ ᠦᠵᠡᠭᠰᠡᠨ ᠣᠷᠣᠰ ᠤ᠋ᠨ ᠶᠡᠬᠡ ᠲᠦᠰᠢᠮᠡᠳ ᠬᠢᠦᠷᠬᠢᠶ᠎ᠠ ᠸᠠᠩ ᠤ᠋ᠨ ᠬᠥᠪᠡᠭᠦᠨ᠂ ᠠᠯᠢ ᠣᠯᠠᠨ ᠰᠤᠯᠲᠠᠨ᠂ ᠬᠠᠷᠢ ᠶ᠋ᠢᠨ ᠡᠵᠡᠨ ᠬᠠᠭᠠᠨ ᠨᠠᠷ ᠴᠥᠮ ᠳᠣᠣᠷᠠᠬᠢ ᠮᠡᠲᠦ ᠶ᠋ᠢᠨ ᠤᠴᠠᠷᠠᠯ ᠢ᠋ ᠬᠦᠷᠲᠡᠵᠦ ᠪᠠᠢᠭᠰᠠᠨ ᠶᠤᠮ᠃ ᠥᠭᠡᠷ᠎ᠡ ᠪᠡᠷ ᠬᠡᠯᠡᠪᠡᠯ ᠲᠡᠳᠡᠨᠡᠷ ᠢ᠋ ᠥᠴᠦᠬᠡᠨ ᠴᠦ᠍ ᠬᠦᠨᠳᠦᠯᠡᠬᠦ ᠦᠭᠡᠢ ᠮᠥᠷᠲᠡᠭᠡᠨ ᠠᠩᠬᠠᠷᠤᠯ ᠢ᠋ᠶ᠋ᠠᠨ ᠲᠠᠯᠪᠢᠬᠤ ᠦᠭᠡᠢ᠂ ᠬᠦᠯᠢᠶᠡᠨ ᠠᠪᠴᠤ ᠠᠭᠤᠯᠵᠠᠬᠤ ᠳ᠋ᠤ᠌ ᠣᠷᠣᠯᠴᠠᠭᠰᠠᠨ ᠮᠣᠩᠭᠣᠯ ᠬᠥᠮᠦᠨ ᠬᠡᠳᠦᠢᠪᠡᠷ ᠵᠡᠷᠭᠡ ᠳᠡᠰ ᠨᠢ ᠪᠣᠭᠣᠨᠢ ᠪᠣᠯᠪᠠᠴᠤ ᠡᠭᠦᠷᠢᠳᠡ ᠬᠠᠷᠢ ᠶ᠋ᠢᠨ ᠸᠠᠩ ᠬᠦᠩ ᠨᠠᠷ ᠤ᠋ᠨ ᠡᠮᠦᠨ᠎ᠡ ᠠᠯᠬᠤᠵᠤ᠂ ᠰᠠᠭᠤᠬᠤ ᠴᠠᠭ ᠲᠠᠭᠠᠨ ᠨᠢᠭᠡᠳᠦᠭᠡᠷ ᠮᠥᠷ ᠲᠦ᠍ ᠰᠠᠭᠤᠭᠠᠳ ᠸᠠᠩ ᠬᠦᠩ ᠨᠠᠷ ᠢ᠋ ᠠᠷᠤ ᠳ᠋ᠤᠨᠢ ᠰᠠᠭᠤᠯᠭᠠᠳᠠᠭ》 ᠭᠡᠵᠡᠢ᠃
       ᠮᠣᠩᠭᠣᠯᠴᠤᠳ ᠤ᠋ᠨ ᠥᠪᠡᠷ ᠦ᠋ᠨ ᠰᠣᠳᠣ ᠪᠣᠭᠳᠠ ᠨᠢ ᠮᠣᠩᠭᠣᠯ ᠦᠨᠳᠦᠰᠦᠲᠡᠨ ᠢ᠋ ᠶᠠᠮᠠᠷ ᠬᠡᠮᠵᠢᠶ᠎ᠡ ᠬᠦᠷᠲᠡᠯ᠎ᠡ ᠴᠠᠬᠢᠷᠠᠭ ᠶᠡᠬᠡ ᠪᠣᠯᠭᠠᠵᠤ ᠶᠠᠪᠤᠬᠤ ᠶ᠋ᠢ ᠬᠡᠨ ᠴᠦ᠍ ᠣᠯᠵᠤ ᠮᠡᠳᠡᠭᠰᠡᠨ ᠦᠭᠡᠢ ᠪᠠᠢᠯ᠎ᠠ᠃ ᠭᠡᠪᠡᠴᠦ ᠲᠡᠳᠡᠨᠡᠷ ᠦ᠋ᠨ ᠠᠯᠢᠪᠠ ᠵᠣᠷᠢᠯᠭ᠎ᠠ ᠮᠠᠨᠢ ᠪᠡᠶᠡᠯᠡᠭᠳᠡᠵᠦ ᠴᠢᠳᠠᠨ᠎ᠠ ᠭᠡᠵᠦ ᠥᠪᠡᠷᠰᠡᠳ ᠢ᠋ᠶ᠋ᠡᠨ ᠢᠲᠡᠭᠡᠮᠵᠢᠯᠡᠵᠦ ᠪᠠᠢᠭᠰᠠᠨ ᠪᠥᠭᠡᠳ ᠨᠡᠩ ᠴᠤ ᠴᠢᠩᠭᠢᠰ ᠬᠠᠭᠠᠨ ᠢ᠋ᠶ᠋ᠠᠨ ᠲᠡᠭᠦᠯᠳᠡᠷ ᠢᠲᠡᠭᠡᠵᠦ ᠪᠠᠢᠪᠠ᠃ ᠴᠢᠩᠭᠢᠰ ᠬᠠᠭᠠᠨ ᠤ᠋ ᠨᠤᠲᠤᠭ ᠳᠡᠪᠢᠰᠬᠡᠷ ᠨᠢ ᠠᠯᠲᠠᠢ ᠠᠭᠤᠯᠠ ᠠ᠋ᠴᠠ ᠬᠢᠩᠭᠠᠨ ᠳᠠᠪᠠᠭ᠎ᠠ ᠬᠦᠷᠲᠡᠯ᠎ᠡ ᠵᠡᠭᠦᠨ ᠪᠠᠷᠠᠭᠤᠨ ᠮᠢᠩᠭ᠎ᠠ ᠲᠠᠪᠤᠨ ᠵᠠᠭᠤᠨ ᠺᠢᠯᠣᠮᠧᠲ᠋ᠷ᠂ ᠪᠠᠢᠭᠠᠯ ᠨᠠᠭᠤᠷ ᠠ᠋ᠴᠠ ᠭᠣᠪᠢ ᠮᠠᠩᠬ᠎ᠠ ᠶ᠋ᠢᠨ ᠡᠮᠦᠨ᠎ᠡ ᠬᠦᠷᠲᠡᠯᠡᠬᠢ ᠮᠢᠩᠭᠠᠨ ᠺᠢᠯᠣᠮᠧᠲ᠋ᠷ ᠦ᠋ᠨ ᠥᠷᠭᠡᠨ ᠠᠭᠤᠳᠠᠮ ᠭᠠᠵᠠᠷ ᠲᠤ ᠬᠣᠶᠠᠷ ᠵᠠᠭᠤᠨ ᠲᠦᠮᠡ ᠭᠠᠷᠤᠢ ᠬᠥᠮᠦᠨ ᠠᠮᠠ ᠶ᠋ᠢᠨ ᠲᠣᠭ᠎ᠠ ᠲᠠᠢ ᠭᠤᠴᠢᠨ ᠨᠢᠭᠡᠨ ᠠᠢᠮᠠᠭ ᠲᠡᠭᠦᠨ ᠦ᠌ ᠵᠠᠷᠯᠢᠭ ᠢ᠋ ᠳᠠᠭᠠᠵᠤ ᠪᠠᠢᠯ᠎ᠠ᠃ ᠢᠰᠡᠭᠡᠢ ᠲᠤᠭᠤᠷᠭᠠᠲᠠᠨ ᠪᠦᠭᠦᠳᠡ ᠪᠡᠷ ᠢ᠋ᠶ᠋ᠡᠨ ᠴᠢᠩᠭᠢᠰ ᠬᠠᠭᠠᠨ ᠤ᠋ ᠰᠣᠩᠭᠣᠨ ᠠᠪᠤᠭᠰᠠᠨ ᠬᠥᠮᠦᠰ ᠪᠣᠯᠵᠤ᠂ ᠰᠣᠩᠭᠣᠭᠳᠠᠭᠰᠠᠨ ᠬᠥᠮᠦᠨ ᠪᠣᠯᠭᠠᠨ ᠬᠠᠮᠤᠭ ᠤ᠋ᠨ ᠵᠣᠯ ᠵᠢᠷᠭᠠᠯ ᠲᠠᠢ ᠭᠡᠵᠦ ᠪᠣᠳᠣᠵᠤ ᠪᠠᠢᠭᠰᠠᠨ ᠶᠤᠮ᠃
       ᠴᠢᠩᠭᠢᠰ ᠬᠠᠭᠠᠨ ᠢᠨᠢᠶᠡᠪᠡᠯ ᠭᠡᠷ ᠳᠦᠭᠦᠷᠡᠩ ᠬᠡᠳᠦᠨ ᠮᠢᠩᠭᠠᠨ ᠬᠥᠮᠦᠨ ᠢᠨᠢᠶᠡᠯᠳᠦᠵᠦ ᠪᠠᠶᠠᠷᠯᠠᠨ ᠬᠥᠭᠵᠢᠯᠳᠦᠬᠦ ᠳᠠᠭᠤᠨ ᠨᠢ ᠳᠠᠭᠤᠷᠢᠰᠳᠠᠭ᠃ ᠴᠢᠩᠭᠢᠰ ᠬᠠᠭᠠᠨ ᠤᠤᠭᠤᠶ᠎ᠠ ᠭᠡᠪᠡᠯ ᠳᠠᠭᠠᠭᠰᠠᠳ ᠠ᠋ᠴᠠ ᠨᠢ ᠳᠣᠬᠢᠶ᠎ᠠ ᠥᠭᠴᠦ ᠡᠭᠦᠳᠡᠨ ᠦ᠌ ᠳᠡᠷᠭᠡᠳᠡᠬᠢ ᠬᠥᠭᠵᠢᠮᠴᠢᠳ ᠬᠥᠭᠵᠢᠮᠳᠡᠵᠦ ᠡᠬᠢᠯᠡᠳᠡᠭ᠂ ᠡᠷᠡᠭᠲᠡᠢ ᠡᠮᠡᠭᠲᠡᠢᠴᠦᠳ ᠪᠣᠰᠴᠠᠭᠠᠭᠠᠳ᠂ ᠡᠷᠡᠭᠲᠡᠢᠴᠦᠳ ᠨᠢ ᠴᠢᠩᠭᠢᠰ ᠬᠠᠭᠠᠨ ᠤ᠋ ᠡᠮᠦᠨ᠎ᠡ᠂ ᠡᠮᠡᠭᠲᠡᠢᠴᠦᠳ ᠨᠢ ᠪᠥᠷᠲᠡ ᠬᠠᠲᠤᠨ ᠤ᠋ ᠡᠮᠦᠨ᠎ᠡ ᠨᠢ ᠪᠥᠵᠢᠭᠯᠡᠨ᠎ᠡ᠃ ᠴᠢᠩᠭᠢᠰ ᠬᠠᠭᠠᠨ ᠬᠢᠲᠤᠭ᠎ᠠ ᠪᠠᠷ ᠢ᠋ᠶ᠋ᠠᠨ ᠠᠮᠲᠠᠲᠠᠢ ᠮᠢᠬ᠎ᠠ ᠠ᠋ᠴᠠ ᠨᠢᠭᠡᠨ ᠬᠡᠰᠡᠭ ᠵᠦᠰᠦᠵᠦ ᠠᠪᠤᠭᠠᠳ ᠥᠷᠯᠥᠭ ᠦ᠋ᠨ ᠢ᠋ᠶ᠋ᠡᠨ ᠨᠢᠭᠡᠨ ᠳ᠋ᠦ᠍ᠨᠢ ᠬᠦᠷᠲᠡᠭᠡᠪᠡᠰᠦ᠂ ᠲᠦᠮᠡᠨ ᠬᠥᠮᠦᠨ ᠦ᠌ ᠪᠠᠬᠠᠷᠠᠬᠤ ᠨᠢᠳᠦ ᠨᠢ ᠲᠡᠷᠡ ᠬᠥᠮᠦᠨ ᠦ᠌ ᠳᠡᠭᠡᠷ᠎ᠡ ᠲᠥᠪᠯᠡᠷᠡᠨ᠎ᠡ᠃ ᠡᠨᠡ ᠬᠥᠮᠦᠨ ᠬᠠᠭᠠᠨ ᠤ᠋ ᠬᠡᠰᠢᠭ ᠢ᠋ ᠬᠦᠷᠲᠡᠭᠰᠡᠨ ᠭᠡᠵᠦ ᠣᠯᠠᠨ ᠢ᠋ᠶ᠋ᠠᠷ ᠢ᠋ᠶ᠋ᠠᠨ ᠪᠠᠬᠠᠷᠬᠠᠵᠤ ᠪᠠᠢᠭᠰᠠᠨ ᠪᠥᠭᠡᠳ ᠡᠨᠡ ᠬᠡᠰᠡᠭ ᠮᠢᠬ᠎ᠠ ᠪᠠᠨ ᠲᠡᠷᠡ ᠬᠥᠮᠦᠨ ᠬᠡᠨ ᠳ᠋ᠦ᠍ ᠴᠦ᠍ ᠥᠭᠬᠦ ᠦᠭᠡᠢ᠂ ᠪᠦᠭᠦᠳᠡ ᠶ᠋ᠢ ᠢᠳᠡᠭᠡᠳ ᠪᠠᠷᠠᠬᠤ ᠦᠭᠡᠢ ᠪᠣᠯ ᠦᠯᠡᠳᠡᠭᠰᠡᠨ ᠢ᠋ ᠨᠢ ᠪᠠᠭᠯᠠᠵᠤ ᠠᠪᠤᠭᠠᠳ᠂ ᠳᠠᠷᠠᠭ᠎ᠠ ᠡᠳᠦᠷ ᠢᠳᠡᠬᠦ ᠪᠡᠷ ᠪᠡᠯᠡᠳᠬᠡᠳᠡᠭ ᠪᠠᠢᠯ᠎ᠠ᠃ ᠡᠨᠡ ᠪᠣᠯ ᠬᠠᠷᠢ ᠶ᠋ᠢᠨ ᠶᠣᠰᠣ ᠴᠤ ᠪᠢᠰᠢ᠂ ᠰᠠᠶᠢ ᠪᠠᠢᠭᠤᠯᠤᠭᠳᠠᠭᠰᠠᠨ ᠡᠨᠡᠬᠦ ᠣᠷᠳᠣᠨ ᠤ᠋ ᠲᠥᠷᠥ ᠶ᠋ᠢᠨ ᠶᠣᠰᠣ ᠭᠡᠵᠦ ᠪᠠᠰᠠ ᠲᠣᠭᠲᠠᠭᠠᠳᠤᠢ ᠪᠢᠯᠡ᠃ ᠡᠨᠡ ᠪᠣᠯ ᠬᠠᠢᠷ᠎ᠠ ᠪᠤᠶᠤ ᠬᠦᠨᠳᠦᠳᠬᠡᠯ ᠦ᠋ᠨ ᠰᠡᠳᠬᠢᠯ ᠡᠴᠡ ᠠᠶᠠᠨᠳᠠᠭᠠᠨ ᠭᠠᠷᠤᠭᠰᠠᠨ ᠬᠡᠷᠡᠭ ᠮᠥᠨ᠃ ᠲᠡᠮᠦᠵᠢᠨ ᠰᠤᠮᠤᠨ ᠳ᠋ᠤ᠌ ᠣᠨᠣᠭᠳᠠᠭᠠᠳ ᠰᠢᠷᠬᠠᠲᠤᠭᠰᠠᠨ ᠦᠶ᠎ᠡ ᠳ᠋ᠦ᠍ ᠵᠠᠯᠮ᠎ᠠ ᠬᠣᠣᠷᠲᠤ ᠰᠤᠮᠤ ᠮᠠᠭᠠᠳ ᠭᠡᠵᠦ ᠮᠡᠳᠡᠵᠦ ᠪᠠᠢᠭᠠᠳ᠂ ᠠᠮᠠ ᠪᠠᠷ ᠢ᠋ᠶ᠋ᠠᠨ ᠴᠢᠰᠤ ᠶ᠋ᠢ ᠨᠢ ᠰᠣᠷᠣᠵᠤ ᠭᠠᠷᠭᠠᠭᠰᠠᠨ ᠨᠢ ᠡᠢᠮᠦ ᠤᠴᠢᠷ ᠠ᠋ᠴᠠ ᠪᠣᠯᠤᠭᠰᠠᠨ ᠪᠠᠢᠨ᠎ᠠ᠃ ᠨᠢᠭᠡᠨ ᠤᠳᠠᠭ᠎ᠠ ᠶ᠋ᠢᠨ ᠪᠠᠢᠯᠳᠤᠭᠠᠨ ᠳ᠋ᠤ᠌ ᠲᠡᠮᠦᠵᠢᠨ ᠰᠢᠷᠬᠠᠳᠤᠭᠠᠳ ᠰᠡᠭᠡ ᠦᠭᠡᠢ ᠮᠠᠨᠠᠷᠠᠭᠰᠠᠨ ᠦᠶ᠎ᠡ ᠳ᠋ᠦ᠍ ᠪᠤᠭᠤᠷᠴᠢ ᠪᠣᠯᠤᠨ  ᠰᠦᠪᠡᠭᠡᠳᠡᠢ ᠬᠣᠶᠠᠭᠤᠯᠠ ᠴᠠᠰᠤᠨ ᠯᠠᠪᠰᠠ ᠶ᠋ᠢ ᠲᠡᠮᠦᠵᠢᠨ ᠦ᠌ ᠪᠡᠶ᠎ᠡ ᠳᠡᠭᠡᠷ᠎ᠡ ᠨᠢ ᠬᠦᠷᠭᠡᠬᠦ ᠦᠭᠡᠢ ᠭᠡᠵᠦ ᠰᠥᠨᠢ ᠲᠤᠵᠢ ᠨᠥᠮᠥᠷᠭᠡ ᠪᠠᠷᠢᠵᠤ ᠰᠠᠷᠠᠪᠴᠢᠯᠠᠨ ᠵᠣᠭᠰᠣᠭᠰᠠᠨ ᠰᠡᠳᠬᠢᠯᠭᠡ ᠨᠢ ᠡᠢᠮᠦ ᠰᠡᠳᠬᠢᠯ ᠡᠴᠡ ᠪᠣᠯᠤᠭᠰᠠᠨ ᠪᠠᠢᠨ᠎ᠠ᠃
       ᠴᠢᠩᠭᠢᠰ ᠬᠠᠭᠠᠨ ᠤ᠋ ᠨᠢᠳᠦᠨ ᠬᠠᠷᠠᠴᠠ ᠨᠢ ᠪᠦᠬᠦ ᠴᠤᠭᠯᠠᠷᠠᠭᠰᠠᠨ ᠬᠥᠮᠦᠨ ᠦ᠌ ᠳᠡᠭᠡᠷ᠎ᠡ ᠡᠷᠭᠢᠯᠳᠦᠵᠦ ᠪᠠᠢᠯ᠎ᠠ᠂ ᠡᠨᠡᠬᠦ ᠨᠢᠳᠦᠨ ᠬᠠᠷᠠᠴᠠ ᠨᠢ ᠲᠡᠭᠦᠨ ᠦ᠌ ᠦᠨᠡᠨᠴᠢ ᠰᠢᠳᠤᠷᠭᠤ ᠨᠢᠭᠡᠨ ᠬᠥᠮᠦᠨ ᠳᠡᠭᠡᠷ᠎ᠡ ᠲᠤᠰᠬᠤ ᠪᠦᠷᠢ ᠥᠨᠳᠥᠷ ᠳᠠᠭᠤᠨ ᠢ᠋ᠶ᠋ᠠᠷ ᠲᠡᠷᠡ ᠬᠥᠮᠦᠨ ᠦ᠌ ᠭᠠᠪᠢᠶ᠎ᠠ ᠵᠢᠳᠬᠦᠯ ᠢ᠋ ᠮᠠᠭᠲᠠᠨ ᠰᠠᠢᠰᠢᠶᠠᠵᠤ ᠢᠷᠠᠭᠤ ᠠᠯᠳᠠᠷ ᠪᠣᠯᠤᠨ ᠵᠢᠯᠣᠭᠣᠳᠬᠤ ᠡᠷᠬᠡ ᠲᠤᠰᠢᠶᠠᠳᠠᠭ ᠪᠠᠢᠨ᠎ᠠ᠃ ᠡᠨᠡ ᠦᠶ᠎ᠡ ᠳ᠋ᠦ᠍ ᠨᠥᠬᠥᠳ ᠨᠢ ᠪᠢᠯᠬᠠᠮ᠎ᠠ ᠬᠤᠨᠳᠠᠭ᠎ᠠ ᠪᠠᠨ ᠭᠠᠷ ᠲᠠᠭᠠᠨ ᠪᠠᠷᠢᠵᠤ᠂ ᠪᠥᠵᠢᠭᠯᠡᠨ ᠳᠠᠭᠤᠯᠠᠭᠰᠠᠭᠠᠷ ᠣᠢᠷᠠᠲᠤᠵᠤ ᠢᠷᠡᠭᠡᠳ ᠪᠡᠯᠭᠡᠯᠡᠨ᠎ᠡ᠃ ᠭᠤᠷᠪᠠ ᠳᠥᠷᠪᠡᠨ ᠤᠳᠠᠭ᠎ᠠ ᠬᠤᠨᠳᠠᠭ᠎ᠠ ᠪᠠᠷᠢᠬᠤ ᠳᠦᠷᠰᠦ ᠭᠠᠷᠭᠠᠨ᠂ ᠭᠠᠷ ᠢ᠋ᠶ᠋ᠠᠨ ᠰᠤᠩᠭᠠᠵᠤ ᠭᠡᠳᠡᠷᠭᠡᠨ ᠵᠠᠢᠯᠠᠭᠠᠳ ᠨᠠᠭᠠᠳᠴᠤ ᠡᠬᠢᠯᠡᠨ᠎ᠡ᠂ ᠡᠨᠡ ᠬᠥᠮᠦᠨ ᠬᠡᠵᠢᠶ᠎ᠡ ᠬᠤᠨᠳᠠᠭ᠎ᠠ ᠶ᠋ᠢ ᠠᠪᠤᠭᠰᠠᠨ ᠬᠣᠢᠨ᠎ᠠ ᠰᠠᠶᠢ ᠡᠨᠡᠬᠦ ᠲᠣᠭᠯᠠᠯᠲᠠ ᠨᠢ ᠭᠦᠢᠴᠡᠳᠡᠭ ᠶᠦ᠍ᠮ᠃ ᠡᠨᠡ ᠮᠡᠲᠦ ᠪᠡᠷ ᠰᠠᠢᠰᠢᠶᠠᠭᠳᠠᠭᠰᠠᠨ ᠬᠥᠮᠦᠨ ᠠᠷᠢᠬᠢ ᠪᠠᠨ ᠤᠤᠭᠤᠬᠤ ᠦᠶ᠎ᠡ ᠳ᠋ᠦ᠍ ᠠᠯᠠᠭ᠎ᠠ ᠲᠠᠰᠢᠨ ᠳᠠᠭᠤᠯᠠᠬᠤ ᠪᠥᠭᠡᠳ ᠠᠢᠵᠠᠮ ᠴᠣᠬᠢᠯᠭ᠎ᠠ ᠪᠠᠷ ᠨᠢ ᠬᠥᠯ ᠢ᠋ᠶ᠋ᠡᠨ ᠳᠡᠪᠰᠡᠵᠦ ᠪᠥᠵᠢᠭᠯᠡᠳᠡᠭ᠃
       ᠴᠢᠩᠭᠢᠰ ᠬᠠᠭᠠᠨ ᠭᠡᠨᠡᠳᠲᠡ ᠶ᠋ᠢᠨ ᠮᠡᠲᠦ ᠪᠡᠷ ᠲᠡᠷᠡᠴᠢᠯᠡᠨ ᠭᠠᠳᠠᠷ ᠪᠠᠢᠳᠠᠯ ᠠ᠋ᠴᠠ ᠨᠢ ᠦᠵᠡᠬᠦᠯ᠎ᠡ ᠭᠠᠭᠴᠠᠭᠠᠷ ᠢ᠋ᠶ᠋ᠠᠨ ᠡᠵᠡᠷᠬᠡᠭᠯᠡᠬᠦ ᠰᠢᠭ ᠢ᠋ᠶ᠋ᠡᠷ ᠱᠠᠩᠨᠠᠯ ᠬᠡᠰᠢᠭ ᠬᠦᠷᠲᠡᠭᠡᠵᠦ ᠪᠠᠢᠭᠰᠠᠨ ᠪᠣᠯᠪᠠᠴᠤ ᠦᠨᠡᠨ ᠳ᠋ᠡᠭᠡᠨ ᠲᠡᠷᠡ ᠬᠥᠮᠦᠨ ᠢ᠋ ᠲᠠᠨᠢᠵᠤ ᠮᠡᠳᠡᠬᠦ ᠨᠢ ᠲᠣᠪ ᠲᠣᠳᠣᠷᠬᠠᠢ ᠪᠠᠢᠵᠤ᠂ ᠵᠣᠬᠢᠰᠲᠠᠢ ᠬᠥᠮᠦᠨ ᠳ᠋ᠦ᠍ᠨᠢ ᠵᠣᠬᠢᠰᠲᠠᠢ ᠲᠤᠰᠢᠶᠠᠯ ᠥᠭᠭᠦᠨ᠂ ᠬᠥᠮᠦᠨ ᠢ᠋ ᠰᠠᠢᠨ ᠬᠡᠷᠡᠭᠯᠡᠵᠦ ᠴᠢᠳᠠᠬᠤ ᠪᠠᠢᠭᠰᠠᠨ ᠶᠤᠮ᠃
       ᠴᠢᠩᠭᠢᠰ ᠬᠠᠭᠠᠨ ᠲᠡᠭᠦᠨ ᠦ᠌ ᠬᠣᠵᠢᠮ ᠨᠢᠭᠡᠨ ᠤᠳᠠᠭ᠎ᠠ ᠴᠤ ᠪᠤᠷᠤᠭᠤ ᠲᠣᠮᠢᠯᠠᠪᠠ ᠭᠡᠵᠦ ᠭᠡᠮᠰᠢᠭᠰᠡᠨ ᠦᠭᠡᠢ ᠪᠥᠭᠡᠳ ᠲᠣᠮᠢᠯᠠᠭᠰᠠᠨ ᠵᠠᠷᠯᠢᠭ ᠢ᠋ᠶ᠋ᠠᠨ ᠪᠤᠴᠠᠭᠠᠭᠰᠠᠨ ᠬᠡᠷᠡᠭ ᠴᠦ᠍ ᠦᠭᠡᠢ ᠪᠢᠯᠡ᠃ ᠲᠡᠭᠦᠨ ᠦ᠌ ᠰᠣᠩᠭᠣᠨ ᠲᠣᠭᠲᠠᠭᠠᠬᠤ ᠪᠠᠷᠢᠮᠵᠢᠶ᠎ᠠ ᠨᠢ᠂ ᠲᠤᠬᠠᠢ ᠶ᠋ᠢᠨ ᠦᠶ᠎ᠡ ᠳ᠋ᠦ᠍ ᠬᠥᠮᠦᠨ ᠢ᠋ ᠰᠣᠴᠢᠭᠠᠮᠠᠷ ᠪᠠᠢᠵᠠᠢ᠃ ᠴᠢᠩᠭᠢᠰ ᠬᠠᠭᠠᠨ᠂ ᠬᠠᠮᠤᠭ ᠠ᠋ᠴᠠ ᠰᠥᠰᠥ ᠵᠣᠷᠢᠭᠲᠠᠢ᠂ ᠬᠠᠮᠤᠭ ᠠ᠋ᠴᠠ ᠪᠠᠭᠠᠲᠤᠷ ᠨᠢᠭᠡᠨ ᠬᠥᠮᠦᠨ ᠳ᠋ᠦ᠍᠂ ᠳᠠᠭᠠᠷᠢᠨ ᠰᠢᠪᠲᠤᠯᠬᠤ ᠪᠠᠢᠯᠳᠤᠭᠠᠨ ᠤ᠋ ᠲᠠᠯᠠᠪᠠᠢ ᠳ᠋ᠤ᠌ ᠣᠯᠠᠨ ᠤᠳᠠᠭ᠎ᠠ ᠢᠯᠠᠯᠲᠠ ᠶ᠋ᠢ ᠣᠯᠵᠤ ᠪᠠᠢᠭᠰᠠᠨ ᠬᠥᠮᠦᠨ ᠳ᠋ᠦ᠍᠂ ᠡᠷᠬᠢᠮ ᠥᠨᠳᠥᠷ ᠵᠡᠷᠭᠡ ᠶ᠋ᠢ ᠬᠦᠷᠲᠡᠭᠡᠭᠰᠡᠨ ᠪᠣᠯᠪᠠᠴᠤ᠂ ᠪᠡᠶ᠎ᠡ ᠪᠡᠨ ᠳᠠᠭᠠᠭᠠᠵᠤ ᠲᠤᠰᠠᠭᠠᠷ ᠬᠥᠳᠡᠯᠬᠦ ᠶ᠋ᠢ ᠨᠢ ᠣᠭᠲᠣ ᠵᠥᠪᠰᠢᠶᠡᠷᠡᠳᠡᠭ ᠦᠭᠡᠢ ᠪᠠᠢᠪᠠ᠂ ᠥᠷᠯᠥᠭ ᠨᠠᠷ ᠨᠢ ᠡᠭᠦᠨ ᠦ᠌ ᠲᠤᠬᠠᠢ ᠭᠠᠢᠬᠠᠨ ᠰᠣᠴᠢᠵᠤ ᠪᠠᠢᠯ᠎ᠠ᠃ ᠲᠡᠷᠡ ᠦᠶ᠎ᠡ ᠳ᠋ᠦ᠍ ᠴᠢᠩᠭᠢᠰ ᠬᠠᠭᠠᠨ ᠳᠣᠣᠷᠠᠬᠢ ᠮᠡᠲᠦ ᠲᠠᠢᠯᠪᠤᠷᠢᠯᠠᠭᠰᠠᠨ ᠪᠢᠯᠡ᠄《ᠠᠰᠢᠭ ᠮᠡᠲᠦ ᠪᠠᠭᠠᠲᠤᠷ ᠬᠥᠮᠦᠨ ᠮᠠᠰᠢ ᠴᠥᠭᠡᠨ᠂ ᠪᠠᠢᠯᠳᠤᠭᠠᠨ ᠤ᠋ ᠦᠶ᠎ᠡ ᠳ᠋ᠦ᠍ ᠲᠡᠭᠦᠨ ᠦ᠌ ᠮᠡᠲᠦ ᠤᠷᠠᠨ ᠠᠷᠭ᠎ᠠ ᠲᠠᠢ ᠬᠥᠮᠦᠨ ᠴᠦ᠍ ᠴᠥᠭᠡᠨ ᠪᠢᠯᠡ᠃ ᠭᠡᠪᠡᠴᠦ ᠲᠡᠷᠡ ᠶᠠᠳᠠᠷᠠᠬᠤ ᠪᠠᠨ ᠮᠡᠳᠡᠬᠦ ᠦᠭᠡᠢ᠂ ᠶᠠᠮᠠᠷ ᠵᠡᠷᠭᠡ ᠶ᠋ᠢᠨ ᠶᠠᠳᠠᠷᠠᠯ ᠵᠦᠳᠡᠭᠦᠷᠢ ᠪᠣᠯᠪᠠᠴᠤ ᠲᠡᠭᠦᠨ ᠦ᠌ ᠪᠡᠶ᠎ᠡ ᠳ᠋ᠦ᠍ ᠶᠠᠭᠤ ᠴᠤ᠌ ᠪᠢᠰᠢ ᠪᠣᠯᠤᠨ᠎ᠠ᠃ ᠨᠥᠬᠥᠳ ᠪᠠ ᠴᠡᠷᠢᠭ ᠢ᠋ᠶ᠋ᠡᠨ ᠲᠡᠷᠡ᠂ ᠥᠪᠡᠷ ᠦ᠋ᠨ ᠪᠡᠶ᠎ᠡ ᠲᠡᠢ ᠪᠡᠨ ᠠᠳᠠᠯᠢ ᠭᠡᠵᠦ ᠪᠣᠳᠣᠵᠤ ᠪᠠᠢᠳᠠᠭ᠃ ᠡᠢᠮᠦ ᠤᠴᠢᠷ ᠠ᠋ᠴᠠ ᠲᠡᠭᠦᠨ ᠳ᠋ᠦ᠍ ᠴᠡᠷᠢᠭ ᠵᠠᠬᠢᠷᠤᠭᠤᠯᠵᠤ ᠪᠣᠯᠬᠤ ᠦᠭᠡᠢ᠃ ᠵᠢᠯᠣᠭᠣᠳᠤᠭᠴᠢ ᠪᠣᠯᠤᠭᠰᠠᠨ ᠬᠥᠮᠦᠨ᠂ ᠥᠪᠡᠷ ᠦ᠋ᠨ ᠢ᠋ᠶ᠋ᠡᠨ ᠥᠯᠥᠰᠴᠦ ᠤᠮᠳᠠᠭᠠᠰᠬᠤ ᠶ᠋ᠢ ᠮᠡᠳᠡᠬᠦ ᠲᠡᠢ ᠠᠳᠠᠯᠢ ᠪᠠᠷ ᠪᠤᠰᠤᠳ ᠤ᠋ᠨ ᠪᠠᠢᠳᠠᠯ ᠢ᠋ ᠠᠩᠬᠠᠷᠴᠤ ᠴᠢᠳᠠᠬᠤ ᠦᠭᠡᠢ ᠪᠣᠯ ᠪᠣᠯᠬᠤ ᠦᠭᠡᠢ᠃ ᠡᠢᠮᠦ ᠪᠣᠯᠬᠣᠷ ᠵᠢᠯᠣᠭᠣᠳᠤᠭᠴᠢ ᠨᠢ ᠥᠪᠡᠷ ᠦ᠋ᠨ ᠴᠡᠷᠢᠭ ᠦ᠋ᠨ ᠢ᠋ᠶ᠋ᠡᠨ ᠥᠯᠥᠰᠴᠦ ᠤᠮᠳᠠᠭᠠᠰᠴᠤ ᠪᠠᠢᠬᠤ ᠶ᠋ᠢ ᠵᠣᠪᠠᠨᠢᠨ᠂ ᠮᠣᠷᠢ ᠪᠠᠨ ᠮᠠᠭᠤᠳᠠᠭᠤᠯᠬᠤ ᠶ᠋ᠢ ᠵᠥᠪᠰᠢᠶᠡᠷᠡᠬᠦ ᠦᠭᠡᠢ ᠪᠣᠯᠳᠠᠭ ᠶᠤᠮ》 ᠭᠡᠵᠡᠢ᠃
       ᠬᠤᠷᠠᠯ ᠤ᠋ᠨ ᠣᠯᠠᠨ ᠳ᠋ᠤ᠌ ᠰᠠᠨᠠᠮᠰᠠᠷ ᠦᠭᠡᠢ ᠰᠢᠨ᠎ᠡ ᠰᠡᠷᠡᠯᠲᠡ ᠪᠣᠯᠬᠤ ᠵᠦᠢᠯ ᠦᠷᠭᠦᠯᠵᠢᠯᠡᠨ ᠪᠣᠢ ᠪᠣᠯᠵᠤ ᠪᠠᠢᠯ᠎ᠠ᠃ ᠠᠯᠤᠰ ᠬᠣᠯᠠ ᠶ᠋ᠢᠨ ᠠᠢᠮᠠᠭ ᠤ᠋ᠳ ᠠ᠋ᠴᠠ ᠡᠯᠴᠢ ᠢᠷᠡᠭᠦᠯᠵᠦ ᠪᠡᠯᠡᠭ ᠪᠠᠷᠢᠴᠠᠭᠠᠨ᠎ᠠ᠃ ᠴᠢᠩᠭᠢᠰ ᠬᠠᠭᠠᠨ ᠲᠡᠭᠦᠨ ᠦ᠌ ᠶᠡᠬᠡᠩᠬᠢ ᠬᠡᠰᠡᠭ ᠢ᠋ ᠣᠯᠠᠨ ᠳ᠋ᠤ᠌ ᠲᠦᠭᠡᠭᠡᠵᠦ ᠥᠭᠪᠡ᠃ ᠤᠢᠭᠤᠷ ᠬᠥᠮᠦᠨ ᠲᠠᠲᠠᠲᠤᠩᠭ᠎ᠠ ᠬᠠᠲᠠᠭᠤ ᠬᠠᠰ ᠢ᠋ᠶ᠋ᠠᠷ ᠰᠡᠢᠯᠦᠭᠰᠡᠨ ᠰᠢᠨ᠎ᠡ ᠲᠠᠮᠠᠭ᠎ᠠ ᠶ᠋ᠢ ᠣᠯᠠᠨ ᠳ᠋ᠤ᠌ ᠦᠵᠡᠭᠦᠯᠪᠡ᠃ ᠮᠣᠩᠭᠣᠯᠴᠤᠳ ᠡᠢᠮᠦ ᠲᠠᠮᠠᠭ᠎ᠠ ᠶ᠋ᠢ ᠠᠩᠬ᠎ᠠ ᠤᠳᠠᠭ᠎ᠠ ᠣᠯᠵᠤ ᠦᠵᠡᠭᠰᠡᠨ ᠪᠥᠭᠡᠳ ᠢᠯᠠᠩᠭᠤᠶ᠎ᠠ ᠳᠣᠣᠷᠠᠬᠢ ᠮᠡᠲᠦ ᠠᠭᠤᠯᠭ᠎ᠠ ᠲᠠᠢ ᠦᠰᠦᠭ ᠢ᠋ ᠦᠵᠡᠭᠡᠳ ᠰᠣᠴᠢᠪᠠ᠄
       《ᠲᠩᠷᠢ ᠳ᠋ᠦ᠍ᠷ ᠰᠠᠬᠢᠭᠤᠯᠰᠤᠨ ᠪᠠᠢᠮᠤᠢ᠂ ᠭᠠᠵᠠᠷ ᠲᠤᠷ ᠬᠠᠭᠠᠨ ᠪᠠᠢᠮᠤᠢ᠂ ᠰᠠᠬᠢᠭᠤᠯᠰᠤᠨ ᠤ᠋ ᠬᠦᠴᠦ ᠪᠡᠷ ᠬᠠᠮᠠᠭᠠᠯᠠᠭᠤᠯᠤᠭᠰᠠᠨ ᠪᠦᠬᠦ ᠬᠥᠮᠦᠨ ᠲᠥᠷᠥᠯᠬᠢᠲᠡᠨ ᠦ᠌ ᠡᠵᠡᠨ ᠦ᠌ ᠲᠠᠮᠠᠭ᠎ᠠ》 ᠭᠡᠰᠡᠨ ᠪᠠᠢᠵᠠᠢ᠃ ᠴᠢᠩᠭᠢᠰ ᠬᠠᠭᠠᠨ ᠪᠠᠬᠠᠨ ᠪᠣᠳᠣᠯᠬᠢᠯᠠᠭᠠᠳ ᠬᠡᠯᠡᠭᠰᠡᠨ ᠨᠢ᠄
       《ᠮᠥᠩᠬᠡ ᠲᠩᠷᠢ ᠮᠡᠬᠦᠰ ᠮᠢᠨᠦ ᠪᠡᠶ᠎ᠡ ᠶ᠋ᠢ ᠵᠠᠷᠯᠢᠭᠳᠠᠵᠤ ᠲᠦᠮᠡᠨ ᠢᠷᠡᠭᠡᠳ ᠢ᠋ ᠵᠠᠰᠠᠭᠤᠯᠤᠨ ᠰᠣᠶᠣᠷᠬᠠᠪᠠ᠃ ᠲᠠᠯ᠎ᠠ ᠨᠤᠲᠤᠭ ᠲᠤ ᠣᠳᠣ ᠪᠣᠯᠲᠠᠯ᠎ᠠ ᠶᠠᠮᠠᠷᠴᠤ ᠡᠮᠬᠢ ᠵᠢᠷᠤᠮ ᠦᠭᠡᠢ ᠤᠴᠢᠷ ᠠ᠋ᠴᠠ ᠡᠢᠮᠦ ᠪᠣᠯᠤᠭᠰᠠᠨ ᠶᠤᠮ ᠪᠠᠢᠨ᠎ᠠ᠃ ᠦᠷ᠎ᠡ ᠬᠡᠦᠬᠡᠳ ᠨᠢ ᠡᠴᠢᠭᠡ ᠡᠬᠡ ᠶ᠋ᠢᠨ ᠢ᠋ᠶ᠋ᠡᠨ ᠦᠭᠡ ᠶ᠋ᠢ ᠠᠪᠬᠤ ᠦᠭᠡᠢ᠃ ᠳᠡᠭᠦᠦ ᠨᠠᠷ ᠨᠢ ᠠᠬ᠎ᠠ ᠪᠠᠨ ᠳᠠᠭᠠᠬᠤ ᠦᠭᠡᠢ᠃ ᠡᠷ᠎ᠡ ᠨᠢ ᠡᠬᠡᠨᠡᠷ ᠢ᠋ᠶ᠋ᠡᠨ ᠢᠲᠡᠭᠡᠬᠦ ᠦᠭᠡᠢ᠂ ᠡᠬᠡᠨᠡᠷ ᠨᠢ ᠡᠷ᠎ᠡ ᠶ᠋ᠢᠨ ᠦᠭᠡ ᠳᠠᠭᠤᠨ ᠢ᠋ ᠳᠠᠭᠠᠬᠤ ᠦᠭᠡᠢ᠃ ᠳᠠᠭᠠᠭᠰᠠᠳ ᠨᠢ ᠳᠠᠷᠤᠭ᠎ᠠ ᠪᠠᠨ ᠬᠦᠨᠳᠦᠳᠬᠡᠬᠦ ᠦᠭᠡᠢ᠃ ᠨᠣᠶᠠᠳ ᠨᠢ ᠳᠣᠣᠷᠠᠬᠢ ᠬᠥᠮᠦᠰ ᠲᠡᠭᠡᠨ ᠡᠭᠦᠷᠭᠡ ᠭᠦᠢᠴᠡᠳᠬᠡᠬᠦ ᠦᠭᠡᠢ᠃ ᠪᠠᠶᠠᠴᠤᠳ ᠨᠢ ᠶᠠᠳᠠᠭᠤ ᠪᠠᠨ ᠲᠡᠳᠬᠦᠬᠦ ᠦᠭᠡᠢ᠃ ᠭᠠᠵᠠᠷ ᠰᠠᠢ ᠦᠭᠡᠢ ᠰᠡᠳᠬᠢᠯ ᠬᠠᠩᠬᠤ ᠭᠡᠵᠦ ᠮᠡᠳᠡᠬᠦ ᠦᠭᠡᠢ᠃ ᠮᠠᠨ ᠤ᠋ ᠠᠢᠮᠠᠭ ᠤᠭᠰᠠᠭᠠᠲᠠᠨ ᠳ᠋ᠤ᠌ ᠶᠣᠰᠣ ᠵᠢᠷᠤᠮ ᠭᠡᠵᠦ ᠪᠠᠢᠬᠤ ᠦᠭᠡᠢ《ᠴᠣᠭ ᠰᠦᠯᠳᠡ》 ᠴᠤ ᠦᠭᠡᠢ᠃ ᠡᠢᠮᠦ ᠡᠴᠡ ᠬᠦᠷᠦᠭᠰᠡᠨ ᠭᠠᠵᠠᠷ ᠪᠦᠬᠦᠨ ᠳ᠋ᠦ᠍ ᠳᠤᠷ᠎ᠠ ᠠᠯᠳᠠᠭᠰᠠᠨ ᠬᠥᠮᠦᠨ᠂ ᠬᠤᠳᠠᠯᠴᠢ᠂ ᠬᠤᠯᠠᠭᠠᠢᠴᠢ᠂ ᠤᠷᠪᠠᠭᠴᠢᠳ᠂ ᠳᠡᠭᠡᠷᠡᠮᠴᠢᠳ ᠪᠣᠢ ᠪᠣᠯᠪᠠ᠃ ᠮᠢᠨᠦ ᠪᠡᠶ᠎ᠡ ᠡᠨᠳᠡ ᠪᠠᠢᠵᠤ᠂ ᠠᠷᠠᠳ ᠣᠯᠠᠨ ᠮᠢᠨᠦ ᠵᠠᠷᠯᠠᠯ ᠢ᠋ ᠳᠠᠭᠠᠰᠤᠭᠠᠢ ᠭᠡᠮᠡᠨ ᠢᠷᠡᠭᠰᠡᠨ ᠡᠨᠡ ᠴᠠᠭ ᠲᠤ ᠪᠢ ᠡᠷᠡᠰ ᠬᠠᠲᠠᠭᠤ ᠲᠥᠪ ᠴᠢᠩᠭ᠎ᠠ ᠵᠢᠮ᠎ᠡ ᠶᠣᠰᠣ ᠪᠠᠷ ᠲᠡᠳᠡᠨᠡᠷ ᠢ᠋ ᠵᠠᠰᠠᠵᠤ ᠡᠩᠬᠡ ᠠᠮᠤᠭᠤᠯᠠᠩ ᠵᠣᠯ ᠵᠢᠷᠭᠠᠯ ᠢ᠋ ᠡᠨᠡᠬᠦ <ᠭᠠᠵᠠᠷ ᠳᠡᠭᠡᠷ᠎ᠡ> ᠬᠦᠷᠲᠡᠭᠡᠬᠦ ᠪᠡᠷ ᠴᠢᠷᠮᠠᠢᠬᠤ ᠶᠣᠰᠣᠲᠠᠢ》 ᠭᠡᠵᠡᠢ᠃
       ᠴᠢᠩᠭᠢᠰ ᠬᠠᠭᠠᠨ ᠲᠠᠲᠠᠲᠤᠩᠭ᠎ᠠ ᠶ᠋ᠢᠨ ᠵᠦᠭ ᠬᠠᠨᠳᠤᠵᠤ ᠳᠣᠣᠷᠠᠬᠢ ᠮᠡᠲᠦ ᠵᠠᠷᠯᠢᠭᠳᠠᠪᠠ᠄《ᠴᠢ ᠡᠭᠦᠷᠢᠳᠡ ᠮᠢᠨᠦ ᠳᠡᠷᠭᠡᠳᠡ ᠪᠠᠢᠵᠤ ᠮᠢᠨᠦ ᠬᠡᠯᠡᠬᠦ ᠦᠭᠡ ᠶ᠋ᠢ ᠪᠢᠴᠢᠵᠦ ᠠᠪᠤᠭᠲᠤᠨ᠃ ᠪᠢ ᠨᠢᠭᠡᠨ ᠵᠠᠰᠠᠭ ᠬᠡᠮᠡᠬᠦ ᠬᠠᠤᠯᠢ ᠳᠦᠷᠢᠮ ᠢ᠋ ᠪᠦᠲᠦᠭᠡᠶ᠎ᠡ ᠭᠡᠵᠦ ᠪᠣᠳᠣᠵᠤ ᠪᠠᠢᠬᠤ ᠶᠤᠮ᠃ ᠡᠨᠡᠬᠦ ᠬᠠᠤᠯᠢ ᠳᠦᠷᠢᠮ ᠢ᠋ᠶ᠋ᠡᠷ ᠮᠢᠨᠦ ᠦᠢᠯᠡᠰ ᠢ᠋ ᠵᠠᠯᠭᠠᠮᠵᠢᠯᠠᠬᠴᠢᠳ ᠪᠦᠬᠦᠨ ᠪᠠᠯᠠᠷᠠᠰᠢ ᠦᠭᠡᠢ ᠶᠡᠬᠡ ᠰᠤᠳᠤᠷ ᠪᠣᠯᠭᠠᠬᠤ ᠬᠡᠷᠡᠭᠲᠡᠢ᠃ ᠲᠠᠪᠤᠨ ᠵᠠᠭᠤᠨ ᠵᠢᠯ᠂ ᠮᠢᠩᠭᠠᠨ ᠣᠨ᠂ ᠲᠦᠮᠡᠨ ᠣᠨ ᠤ᠋ ᠬᠣᠢᠨ᠎ᠠ ᠮᠢᠨᠦ ᠦᠷᠡᠳᠦᠰ ᠰᠠᠭᠤᠷᠢᠨ ᠢ᠋ ᠵᠠᠯᠭᠠᠮᠵᠢᠯᠠᠬᠤ ᠳ᠋ᠤ᠌ ᠴᠢᠩᠭᠢᠰ ᠬᠠᠭᠠᠨ ᠤ᠋ ᠬᠠᠤᠯᠢ ᠳᠦᠷᠢᠮ ᠢ᠋ ᠪᠠᠷᠢᠮᠲᠠᠯᠠᠵᠤ ᠥᠴᠦᠬᠡᠨ ᠴᠤ ᠥᠭᠡᠷᠡᠴᠢᠯᠡᠬᠦ ᠦᠭᠡᠢ ᠪᠣᠯ<ᠮᠥᠩᠬᠡ ᠲᠩᠷᠢ> ᠲᠡᠳᠡᠨ ᠢ᠋ ᠲᠡᠳᠬᠦᠬᠦ ᠪᠣᠯᠤᠨ᠎ᠠ᠃ ᠲᠡᠳᠡ ᠨᠠᠷ ᠤᠷᠲᠤ ᠨᠠᠰᠤᠯᠠᠵᠤ ᠬᠥᠮᠦᠨ ᠲᠥᠷᠥᠯᠬᠢᠲᠡᠨ ᠦ᠌ ᠵᠣᠯ ᠵᠢᠷᠭᠠᠯ ᠢ᠋ ᠡᠳ᠋ᠯᠡᠵᠦ ᠴᠢᠳᠠᠬᠤ ᠮᠠᠭᠠᠳ᠃ ᠬᠡᠷᠪᠡ ᠡᠨᠡᠬᠦ ᠬᠠᠤᠯᠢ ᠳᠦᠷᠢᠮ ᠢ᠋ ᠴᠢᠩᠭ᠎ᠠ ᠰᠠᠬᠢᠬᠤ ᠦᠭᠡᠢ ᠪᠣᠯ ᠬᠠᠭᠠᠨᠲᠤ ᠤᠯᠤᠰ ᠮᠢᠨᠢ ᠪᠤᠲᠠᠷᠠᠨ ᠰᠠᠷᠨᠢᠬᠤ ᠳ᠋ᠤ᠌ ᠬᠦᠷᠦᠨ᠎ᠡ᠂   ᠲᠡᠷᠡ ᠴᠠᠭ ᠲᠤ ᠬᠦᠷᠪᠡᠯ ᠴᠢᠩᠭᠢᠰ ᠬᠠᠭᠠᠨ ᠢ᠋ᠶ᠋ᠠᠨ ᠳᠠᠭᠤᠳᠠᠪᠠᠴᠤ ᠴᠢᠩᠭᠢᠰ ᠬᠠᠭᠠᠨ ᠦᠭᠡᠢ ᠪᠤᠯᠴᠢᠬᠣ ᠶᠤᠮ᠂᠂᠂᠂᠂᠂》 ᠭᠡᠵᠡᠢ᠃
       ᠴᠢᠩᠭᠢᠰ ᠬᠠᠭᠠᠨ ᠣᠷᠳᠣᠨ ᠳᠣᠲᠣᠷᠠᠬᠢ ᠣᠯᠠᠨ ᠬᠥᠮᠦᠰ ᠢ᠋ ᠦᠵᠡᠭᠰᠡᠭᠡᠷ ᠨᠢᠳᠦᠨ ᠬᠠᠷᠠᠭ᠎ᠠ ᠨᠢ ᠵᠠᠯᠠᠭᠤ ᠰᠢᠭᠢᠬᠤᠲᠤᠭ ᠤ᠋ᠨ ᠳᠡᠭᠡᠷ᠎ᠡ ᠲᠣᠭᠲᠠᠪᠠ᠃ ᠡᠨᠡᠬᠦ ᠰᠢᠭᠢᠬᠤᠲᠤᠭ ᠢ᠋ ᠴᠢᠩᠭᠢᠰ ᠬᠠᠭᠠᠨ ᠪᠠᠢᠯᠳᠤᠭᠠᠨ ᠤ᠋ ᠲᠠᠯᠠᠪᠠᠢ ᠠ᠋ᠴᠠ ᠣᠯᠵᠤ ᠠᠪᠤᠭᠰᠠᠨ ᠲᠠᠲ᠋ᠠᠷ ᠤ᠋ᠨ ᠨᠢᠯᠬ᠎ᠠ ᠬᠥᠪᠡᠭᠦᠨ ᠪᠠᠢᠭᠰᠠᠨ ᠶᠤᠮ᠂ ᠲᠡᠭᠦᠨ ᠦ᠌ ᠭᠠᠷ ᠲᠤᠨᠢ ᠠᠯᠲᠠᠨ ᠪᠠᠭᠤᠤ ᠵᠡᠭᠦᠭᠰᠡᠨ᠂ ᠪᠤᠯᠠᠭ᠎ᠠ ᠪᠠᠷ ᠳᠣᠲᠣᠷᠯᠠᠭᠰᠠᠨ ᠲᠠᠵᠢ ᠲᠣᠷᠭᠠᠨ ᠡᠯᠢᠭᠡᠪᠴᠢ ᠡᠮᠦᠰᠦᠭᠰᠡᠨ ᠡᠴᠡ ᠦᠵᠡᠬᠦᠯ᠎ᠡ ᠢᠵᠠᠭᠤᠷ ᠰᠠᠢᠲᠠᠢ ᠬᠥᠮᠦᠨ ᠦ᠌ ᠦᠷᠡᠰ ᠪᠠᠢᠵᠠᠢ᠃ ᠴᠢᠩᠭᠢᠰ ᠬᠠᠭᠠᠨ ᠲᠡᠭᠦᠨ ᠢ᠋ ᠪᠥᠷᠲᠡ ᠬᠠᠲᠤᠨ ᠳ᠋ᠤ᠌ ᠥᠭᠴᠦ ᠬᠥᠮᠦᠵᠢᠭᠦᠯᠦᠨ ᠲᠡᠵᠢᠭᠡᠯᠭᠡᠭᠰᠡᠨ ᠶᠦᠮ᠃
      (ᠤᠭ ᠣᠷᠴᠢᠭᠤᠯᠭ᠎ᠠ ᠨᠢ ᠡᠢᠮᠦ ᠪᠠᠢᠨ᠎ᠠ᠃ ᠡᠨᠡ ᠨᠢ ᠲᠠᠰᠢᠶᠠᠷᠠᠭᠰᠠᠨ ᠮᠠᠭᠠᠳ ᠦᠭᠡᠢ᠃ ᠬᠡᠷᠡᠭ ᠳᠡᠭᠡᠷ᠎ᠡ ᠪᠡᠨ ᠡᠨᠡ ᠨᠢ ᠥᠭᠡᠯᠦᠨ ᠡᠬᠡ ᠳ᠋ᠦ᠍ ᠥᠭᠴᠦ ᠬᠥᠮᠦᠵᠢᠭᠦᠯᠦᠨ ᠲᠡᠵᠢᠭᠡᠯᠭᠡᠭᠰᠡᠨ ᠵᠢᠷᠭᠤᠳᠤᠭᠠᠷ ᠬᠥᠪᠡᠭᠦᠨ ᠨᠢ ᠪᠣᠯᠤᠨ᠎ᠠ᠃ ᠬᠢᠨᠠᠭᠴᠢ ᠠ᠋ᠴᠠ) ᠬᠠᠭᠠᠨ ᠲᠡᠭᠦᠨ ᠳ᠋ᠦ᠍ ᠬᠡᠯᠡᠭᠰᠡᠨ ᠨᠢ᠄
      《ᠰᠢᠭᠢᠬᠤᠲᠤᠭ ᠮᠢᠨᠢ᠂ ᠴᠢ ᠪᠣᠯ ᠲᠠᠮᠠᠭᠠᠨ ᠨᠣᠶᠠᠨ ᠲᠠᠲᠠᠲᠤᠩᠭ᠎ᠠ ᠶ᠋ᠢᠨ ᠬᠠᠮᠤᠭ ᠤ᠋ᠨ ᠰᠠᠢᠨ ᠱᠠᠪᠢ ᠨᠢ ᠮᠥᠨ᠂ ᠮᠥᠩᠬᠡ ᠲᠩᠷᠢ ᠶ᠋ᠢᠨ ᠢᠪᠡᠭᠡᠯ ᠢ᠋ᠶ᠋ᠡᠷ ᠤᠯᠤᠰ ᠭᠦᠷᠦᠨ ᠢ᠋ ᠲᠣᠬᠣᠨᠢᠭᠤᠯᠵᠤ ᠪᠠᠢᠬᠤ ᠳ᠋ᠤ᠌ ᠴᠢ ᠦᠵᠡᠬᠦ ᠨᠢᠳᠦ᠂ ᠰᠣᠨᠣᠰᠬᠤ ᠴᠢᠬᠢ ᠪᠣᠯᠵᠤ ᠶᠠᠪᠤ᠃ ᠴᠢᠨᠦ ᠲᠤᠰᠢᠶᠠᠭᠰᠠᠨ ᠦᠭᠡ ᠶ᠋ᠢ ᠬᠡᠨ ᠴᠦ᠍ ᠥᠭᠡᠷᠡᠴᠢᠯᠡᠵᠦ ᠦᠯᠦ ᠪᠣᠯᠤᠮᠤᠢ᠃ ᠪᠦᠬᠦ ᠤᠯᠤᠰ ᠤ᠋ᠨ ᠳᠣᠲᠣᠷᠠᠬᠢ ᠬᠤᠯᠠᠭᠠᠢ ᠶ᠋ᠢ ᠴᠡᠭᠡᠷᠯᠡᠭᠦᠯᠵᠦ᠂ ᠬᠤᠳᠠᠯ ᠢ᠋ ᠮᠣᠬᠣᠭᠠᠵᠤ᠂ ᠦᠬᠦᠭᠦᠯᠬᠦ ᠶᠣᠰᠣᠲᠠᠢ ᠶ᠋ᠢ ᠦᠬᠦᠭᠦᠯᠵᠦ᠂ ᠶᠠᠯᠠᠯᠠᠬᠤ ᠶᠣᠰᠣᠲᠠᠢ ᠶ᠋ᠢ ᠶᠠᠯᠠᠯᠠᠵᠤ ᠪᠠᠢ᠃ ᠴᠢᠨᠦ ᠲᠣᠭᠲᠠᠭᠠᠭᠰᠠᠨ ᠵᠦᠢᠯ ᠢ᠋ ᠶᠠᠮᠠᠷ ᠬᠥᠮᠦᠨ ᠴᠤ ᠡᠰᠡᠷᠭᠦᠴᠡᠵᠦ ᠦᠯᠦ ᠪᠣᠯᠤᠮᠤᠢ᠃ ᠴᠢᠨᠦ ᠲᠣᠭᠲᠠᠭᠠᠭᠰᠠᠨ ᠵᠦᠢᠯ ᠢ᠋ ᠴᠢᠮ᠎ᠠ ᠠ᠋ᠴᠠ ᠠᠰᠲᠠᠭᠠᠨ ᠶᠠᠮᠠᠷ ᠬᠥᠮᠦᠨ ᠴᠤ ᠥᠭᠡᠷᠡᠴᠢᠯᠡᠵᠦ ᠦᠯᠦ ᠪᠣᠯᠬᠤ ᠶ᠋ᠢᠨ ᠲᠤᠯᠠ᠂ ᠲᠡᠭᠦᠨ ᠢ᠋ ᠪᠡᠨ ᠬᠥᠬᠡ ᠳᠡᠪᠲᠡᠷ ᠲᠦ᠍ ᠪᠢᠴᠢᠵᠦ ᠳᠡᠪᠲᠡᠷᠯᠡᠭᠲᠦᠨ᠃ ᠴᠢᠨᠦ ᠲᠣᠭᠲᠠᠭᠠᠯ ᠰᠢᠢᠳᠪᠦᠷᠢ ᠪᠡᠨ ᠰᠢᠷᠡᠭᠡᠨ ᠳᠡᠭᠡᠷ᠎ᠡ ᠪᠡᠨ ᠪᠢᠴᠢᠵᠦ ᠲᠠᠯᠪᠢᠬᠤ ᠬᠡᠷᠡᠭᠲᠡᠢ》 ᠭᠡᠵᠡᠢ᠃
       ᠴᠢᠩᠭᠢᠰ ᠬᠠᠭᠠᠨ ᠤ᠋ ᠡᠢᠮᠦ ᠭᠠᠢᠬᠠᠰᠢ ᠠᠯᠳᠠᠲᠠᠯ᠎ᠠ ᠲᠣᠭᠲᠠᠭᠠᠭᠰᠠᠨ ᠪᠠ ᠪᠦᠬᠦ ᠤᠯᠤᠰ ᠤ᠋ᠨ ᠰᠢᠭᠦᠭᠴᠢ ᠨᠣᠶᠠᠨ ᠢ᠋ ᠲᠠᠯᠪᠢᠭᠰᠠᠨ ᠨᠢ ᠬᠡᠲᠦᠷᠬᠡᠢ ᠬᠡᠷᠡᠭ ᠪᠢᠰᠢ ᠶᠦᠮ᠃ ᠰᠢᠭᠢᠬᠤᠲᠤᠭ ᠤ᠋ᠨ ᠰᠢᠭᠦᠵᠦ ᠲᠠᠰᠤᠯᠤᠭᠰᠠᠨ ᠬᠡᠷᠡᠭ ᠢ᠋ᠶ᠋ᠡᠷ ᠰᠠᠭᠤᠷᠢ ᠪᠣᠯᠭᠠᠭᠰᠠᠨ ᠬᠣᠶᠠᠷ ᠵᠠᠷᠴᠢᠮ ᠨᠢ ᠮᠣᠩᠭᠣᠯ ᠤ᠋ᠨ ᠰᠢᠭᠦᠬᠦ ᠲᠠᠰᠤᠯᠬᠤ ᠶ᠋ᠢᠨ ᠬᠣᠶᠠᠷ ᠲᠤᠯᠭᠠᠭᠤᠷᠢ ᠪᠣᠯᠤᠭᠰᠠᠨ ᠪᠠᠢᠨ᠎ᠠ᠃ ᠳᠠᠷᠤᠢ ᠡᠷᠡᠭᠦᠳᠡᠵᠦ ᠲᠤᠯᠭᠠᠭᠠᠳ ᠣᠯᠤᠭᠰᠠᠨ ᠥᠴᠢᠭ ᠶᠠᠮᠠᠷ ᠴᠤ ᠦᠨ᠎ᠡ ᠬᠦᠷᠬᠦ ᠦᠭᠡᠢ᠂ ᠡᠢᠮᠦ ᠡᠴᠡ ᠮᠣᠩᠭᠣᠯᠴᠤᠳ ᠪᠣᠯ ᠪᠣᠳᠠᠲᠤ ᠬᠡᠷᠡᠭ ᠢ᠋ ᠦᠨᠳᠦᠰᠦᠯᠡᠬᠦ ᠪᠤᠶᠤ ᠥᠪᠡᠷ ᠢ᠋ᠶ᠋ᠡᠨ ᠤᠬᠠᠮᠰᠠᠷᠠᠵᠤ ᠲᠤᠰᠢᠶᠠᠭᠰᠠᠨ ᠬᠡᠷᠡᠭ ᠡᠴᠡ ᠭᠠᠳᠠᠨ᠎ᠠ᠂ ᠪᠤᠰᠤᠳ ᠵᠦᠢᠯ ᠢ᠋ ᠶᠠᠯᠠᠯᠠᠨ ᠬᠢᠯᠭᠡᠬᠦ ᠶ᠋ᠢ ᠵᠥᠪᠰᠢᠶᠡᠷᠡᠬᠦ ᠦᠭᠡᠢ᠃ ᠡᠨᠡᠬᠦ ᠬᠠᠤᠯᠢ ᠶ᠋ᠢᠨ ᠠᠴᠢ ᠪᠠᠷ ᠮᠣᠩᠭᠣᠯᠴᠤᠳ ᠤ᠋ᠨ ᠬᠣᠭᠣᠷᠣᠨᠳᠣ ᠬᠥᠮᠦᠨ ᠠᠯᠠᠬᠤ᠂ ᠳᠡᠭᠡᠷᠡᠮᠳᠡᠬᠦ᠂ ᠬᠤᠯᠠᠭᠠᠢᠯᠠᠬᠤ᠂ ᠰᠠᠳᠤᠷ ᠰᠠᠮᠠᠭᠤᠨ ᠵᠦᠢᠯ ᠦ᠋ᠨ ᠤᠭ ᠨᠢ ᠲᠠᠰᠤᠷᠠᠯ᠎ᠠ᠂ ᠲᠡᠳᠡ ᠨᠠᠷ ᠤ᠋ᠨ ᠠᠯᠳᠠᠷ ᠨᠡᠷ᠎ᠡ ᠪᠡᠨ ᠬᠠᠮᠠᠭᠠᠯᠠᠬᠤ ᠰᠡᠳᠬᠢᠯᠭᠡ ᠨᠢ ᠳᠡᠭᠡᠭᠰᠢᠯᠡᠭᠳᠡᠭᠡᠳ᠂ ᠶᠠᠮᠠᠷ ᠬᠥᠮᠦᠨ ᠮᠠᠭᠤ ᠬᠡᠷᠡᠭ ᠬᠢᠭᠰᠡᠨ ᠪᠣᠯᠪᠠᠴᠤ ᠪᠤᠴᠠᠬᠤ ᠦᠭᠡᠢ᠂ ᠨᠢᠭᠤᠬᠤ ᠦᠭᠡᠢ ᠤᠭ ᠬᠡᠪ ᠢ᠋ᠶ᠋ᠡᠷ ᠨᠢ ᠲᠤᠰᠢᠶᠠᠳᠠᠭ ᠪᠠᠢᠨ᠎ᠠ᠃ ᠣᠯᠠᠩᠬᠢ ᠬᠥᠮᠦᠰ ᠨᠢ ᠰᠢᠭᠦᠨ ᠰᠢᠢᠳᠬᠡᠭᠴᠢ ᠨᠣᠶᠠᠨ ᠤ᠋ ᠳᠡᠷᠭᠡᠳᠡ ᠢᠷᠡᠭᠡᠳ ᠡᠨᠳᠡᠭᠳᠡᠯ ᠪᠤᠷᠤᠭᠤ ᠪᠠᠨ ᠴᠠᠭᠠᠪᠤᠷᠢᠯᠠᠨ ᠶᠠᠯ᠎ᠠ ᠪᠠᠨ ᠬᠦᠯᠢᠶᠡᠬᠦ ᠳ᠋ᠦ᠍ ᠬᠦᠷᠪᠡ᠃
       ᠲᠡᠮᠦᠷ ᠰᠢᠷᠡᠭᠡ ᠳᠡᠭᠡᠷ᠎ᠡ ᠰᠡᠢᠯᠦᠭᠰᠡᠨ ᠴᠢᠩᠭᠢᠰ ᠬᠠᠭᠠᠨ ᠤ᠋ ᠵᠠᠰᠠᠭ ᠬᠠᠤᠯᠢ ᠨᠢ ᠣᠳᠣ ᠬᠡᠰᠡᠭ ᠪᠤᠰᠠᠭ ᠤ᠋ᠨ ᠲᠡᠳᠦᠢ ᠦᠯᠡᠳᠡᠵᠦ ᠪᠠᠢᠬᠤ ᠶᠤᠮ᠂ ᠮᠣᠩᠭᠣᠯᠴᠤᠳ ᠥᠪᠡᠷ ᠢ᠋ᠶ᠋ᠡᠨ ᠴᠦ᠍ ᠤᠮᠠᠷᠲᠠᠭᠠᠳ᠂ ᠴᠢᠩᠭᠢᠰ ᠬᠠᠭᠠᠨ ᠤ᠋ ᠬᠠᠭᠠᠨᠲᠤ ᠤᠯᠤᠰ ᠲᠠᠢ ᠠᠳᠠᠯᠢ ᠪᠠᠷ ᠨᠢᠭᠡᠨᠲᠡ ᠤᠰᠠᠳᠬᠠᠭᠳᠠᠭᠰᠠᠨ ᠪᠣᠯᠪᠠᠴᠤ᠂ ᠴᠢᠩᠭᠢᠰ ᠬᠠᠭᠠᠨ ᠬᠠᠯᠢᠭᠰᠠᠨ ᠨᠢᠭᠡ ᠵᠠᠭᠤᠨ ᠲᠠᠪᠢᠨ ᠵᠢᠯ ᠦ᠋ᠨ ᠬᠣᠢᠨ᠎ᠠ᠂ ᠮᠣᠩᠭᠣᠯ ᠬᠠᠭᠠᠨᠲᠤ ᠤᠯᠤᠰ ᠮᠥᠬᠥᠭᠡᠳ ᠪᠠᠬᠠᠨ ᠤᠳᠠᠭᠰᠠᠨ ᠤ᠋ ᠬᠣᠢᠨ᠎ᠠ᠂ ᠰᠢᠨ᠎ᠡ ᠪᠠᠢᠯᠳᠤᠨ ᠳᠠᠭᠠᠭᠤᠯᠤᠭᠴᠢ ᠲᠡᠮᠦᠷ ᠭᠠᠪᠢᠶ᠎ᠠ ᠪᠦᠲᠦᠭᠡᠯ ᠣᠯᠤᠭᠰᠠᠨ ᠢ᠋ᠶ᠋ᠠᠨ ᠴᠢᠩᠭᠢᠰ ᠬᠠᠭᠠᠨ ᠤ᠋ ᠵᠠᠰᠠᠭ ᠬᠠᠤᠯᠢ ᠶ᠋ᠢ ᠵᠥᠪ ᠢ᠋ᠶ᠋ᠡᠷ ᠪᠠᠷᠢᠮᠲᠠᠯᠠᠵᠤ ᠰᠠᠬᠢᠭᠰᠠᠨ ᠤ᠋ ᠦᠷ᠎ᠡ ᠳ᠋ᠦᠩ ᠭᠡᠵᠦ ᠲᠠᠨᠢᠵᠤ ᠪᠠᠢᠪᠠ᠃ ᠲᠡᠷᠡᠴᠢᠯᠡᠨ ᠮᠣᠩᠭᠣᠯ ᠤ᠋ᠨ ᠠᠷᠤᠤᠬᠠᠨ ᠪᠠᠭᠠᠲᠤᠷ ᠪᠠᠪᠠᠷ ᠴᠢᠩᠭᠢᠰ ᠬᠠᠭᠠᠨ ᠠ᠋ᠴᠠ ᠭᠤᠷᠪᠠᠨ ᠵᠠᠭᠤᠨ ᠣᠨ ᠤ᠋ ᠬᠣᠢᠨ᠎ᠠ ᠲᠡᠭᠦᠨ ᠦ᠌ ᠵᠠᠰᠠᠭ ᠬᠠᠤᠯᠢ ᠶ᠋ᠢ ᠦᠨᠳᠦᠰᠦᠯᠡᠵᠦ᠂ ᠡᠨᠡᠳᠬᠡᠭ ᠬᠠᠭᠠᠨᠲᠤ ᠤᠯᠤᠰ ᠢ᠋ ᠪᠦᠲᠦᠭᠡᠨ ᠪᠠᠢᠭᠤᠯᠤᠭᠰᠠᠨ ᠢ᠋ ᠨᠢ ᠠᠩᠬᠠᠷᠬᠤ ᠬᠡᠷᠡᠭᠲᠡᠢ ᠪᠠᠢᠨ᠎ᠠ᠃
       ᠪᠠᠶᠠᠷ ᠤ᠋ᠨ ᠬᠤᠷᠢᠮ ᠨᠢ ᠤᠯᠠᠮ ᠤᠯᠠᠮ ᠦᠢᠮᠡᠭᠡᠨ ᠱᠤᠤᠭᠢᠶᠠᠨ ᠲᠠᠢ ᠪᠣᠯᠵᠤ᠂ ᠪᠦᠭᠦᠳᠡᠭᠡᠷ ᠢ᠋ᠶ᠋ᠡᠨ ᠰᠣᠭᠲᠣᠵᠤ ᠪᠠᠢᠵᠠᠢ᠃ ᠣᠷᠣᠢ ᠪᠣᠯᠬᠤ ᠦᠶ᠎ᠡ ᠂ ᠴᠢᠩᠭᠢᠰ ᠬᠠᠭᠠᠨ ᠪᠥᠷᠲᠡ ᠬᠠᠲᠤᠨ ᠲᠠᠢ ᠬᠣᠶᠠᠭᠤᠯᠠ ᠪᠣᠯᠤᠭᠰᠠᠨ ᠴᠠᠭ ᠲᠤ᠂ ᠪᠥᠷᠲᠡ ᠴᠢᠩᠭᠢᠰ ᠲᠦ ᠰᠠᠨᠠᠯ ᠭᠠᠷᠭᠠᠵᠤ ᠲᠡᠭᠦᠨ ᠢ᠋ ᠪᠤᠷᠤᠭᠤᠰᠢᠶᠠᠭᠰᠠᠨ ᠪᠠᠢᠨ᠎ᠠ᠄《ᠴᠢᠮᠠᠲᠤ ᠠᠴᠢ ᠲᠤᠰᠠ ᠬᠦᠷᠭᠡᠭᠰᠡᠨ ᠠᠯᠢᠪᠠ ᠬᠥᠮᠦᠰ ᠢ᠋ ᠴᠢ ᠦᠯᠡᠳᠡᠭᠡᠯ ᠦᠭᠡᠢ ᠬᠡᠰᠢᠭ ᠬᠦᠷᠲᠡᠭᠡᠪᠡ᠃ ᠡᠳᠡᠭᠡᠷ ᠬᠥᠮᠦᠰ ᠬᠡᠵᠢᠶ᠎ᠡ ᠴᠦ᠍ ᠴᠢᠨᠦ ᠠᠩᠬᠠᠷᠤᠯ ᠢ᠋ ᠲᠠᠲᠠᠵᠤ ᠪᠣᠯᠤᠮᠠᠷ ᠰᠠᠢᠨ ᠬᠥᠮᠦᠰ ᠮᠥᠨ᠃ ᠭᠡᠲᠡᠯ᠎ᠡ ᠪᠦᠬᠦ ᠬᠥᠮᠦᠨ ᠦ᠌ ᠳᠣᠲᠣᠷ᠎ᠠ ᠠ᠋ᠴᠠ ᠬᠠᠮᠤᠭ ᠤ᠋ᠨ ᠰᠠᠢᠨ ᠬᠥᠮᠦᠨ ᠢ᠋ ᠴᠢ ᠮᠠᠷᠲᠠᠴᠢᠬᠠᠪᠠ᠃ ᠡᠨᠡ ᠨᠢ ᠪᠤᠭᠤᠷᠴᠢ ᠪᠣᠯᠤᠨ᠎ᠠ᠃ ᠡᠷᠲᠡ ᠢᠵᠠᠭᠤᠷ ᠲᠤ ᠴᠢᠨᠦ ᠲᠤᠢᠯ ᠤ᠋ᠨ ᠶᠠᠳᠠᠭᠤ ᠵᠦᠳᠡᠭᠦᠦ ᠦᠶ᠎ᠡ ᠳ᠋ᠦ᠍ ᠪᠤᠭᠤᠷᠴᠢ ᠴᠢᠨᠦ ᠳᠡᠷᠭᠡᠳᠡ ᠢᠷᠡᠵᠦ ᠲᠤᠰᠠᠯᠠᠭᠰᠠᠨ ᠪᠠᠢᠨ᠎ᠠ᠂ ᠲᠡᠭᠦᠨ ᠡᠴᠡ ᠬᠣᠢᠰᠢ ᠴᠢᠨᠦ ᠬᠠᠮᠤᠭ ᠤ᠋ᠨ ᠦᠨᠡᠨᠴᠢ ᠰᠢᠳᠤᠷᠭᠤ ᠨᠥᠬᠥᠷ ᠪᠣᠯᠵᠤ ᠶᠠᠪᠤᠭᠰᠠᠨ ᠪᠢᠰᠢᠦ᠃ ᠲᠡᠷᠡ ᠴᠢᠨᠦ ᠲᠥᠯᠥᠭᠡ ᠠᠯᠢ ᠣᠯᠠᠨ ᠵᠣᠪᠠᠭᠤᠷᠢ ᠵᠦᠳᠡᠭᠦᠷᠢ ᠶ᠋ᠢ ᠢᠯᠠᠨ ᠳᠠᠪᠠᠵᠤ ᠭᠠᠪᠢᠶ᠎ᠠ ᠵᠢᠳᠬᠦᠯ ᠪᠠᠢᠭᠤᠯᠤᠭᠰᠠᠨ ᠪᠢᠰᠢᠦ᠂ ᠲᠡᠷᠡ ᠴᠢᠮᠠᠲᠤ ᠵᠢᠳᠬᠦᠬᠦ ᠳ᠋ᠡᠭᠡᠨ ᠭᠠᠭᠴᠠ ᠤᠳᠠᠭ᠎ᠠ ᠴᠤ ᠠᠮᠢ ᠨᠠᠰᠤ ᠪᠠᠨ ᠬᠠᠢᠷᠠᠯᠠᠭᠰᠠᠨ ᠬᠡᠷᠡᠭ ᠦᠭᠡᠢ ᠪᠢᠰᠢᠦ》 ᠭᠡᠵᠦ ᠬᠡᠯᠡᠭᠰᠡᠨ ᠳ᠋ᠦ᠍ ᠴᠢᠩᠭᠢᠰ ᠬᠠᠭᠠᠨ ᠢᠨᠢᠶᠡᠪᠡ᠃《ᠲᠡᠢᠮᠦ ᠤᠤ᠃ ᠲᠡᠭᠦᠨ ᠢ᠋ ᠬᠠᠮᠤᠭ ᠳᠡᠭᠡᠳᠦ ᠬᠡᠮᠵᠢᠶ᠎ᠡ ᠪᠡᠷ ᠰᠠᠢᠰᠢᠶᠠᠬᠤ ᠶ᠋ᠢᠨ ᠲᠥᠯᠥᠭᠡ᠂ ᠨᠠᠳᠠᠳᠤ ᠠᠭᠤᠷᠯᠠᠵᠤ ᠪᠠᠢᠨ᠎ᠠ ᠤᠤ᠂ ᠦᠭᠡᠢ ᠤᠤ᠃ ᠮᠢᠨᠦ ᠲᠤᠬᠠᠢ ᠶᠠᠭᠤ ᠬᠡᠯᠡᠵᠦ ᠪᠠᠢᠬᠤ ᠶ᠋ᠢ ᠪᠠᠢᠴᠠᠭᠠᠵᠤ ᠦᠵᠡᠶ᠎ᠡ》 ᠭᠡᠵᠦ ᠨᠢᠭᠡᠨ ᠬᠥᠮᠦᠨ ᠢ᠋ ᠵᠠᠷᠤᠵᠤ ᠪᠤᠭᠤᠷᠴᠢ ᠶ᠋ᠢᠨ ᠭᠡᠷ ᠲᠦ ᠶᠠᠪᠤᠭᠤᠯᠵᠤ᠂ ᠥᠨᠥ ᠶᠠᠭᠤ ᠭᠡᠵᠦ ᠬᠡᠯᠡᠵᠦ ᠪᠠᠢᠬᠤ ᠶ᠋ᠢ ᠰᠤᠷᠠᠭᠯᠠᠭᠤᠯᠪᠠ᠃
       ᠳᠠᠷᠠᠭ᠎ᠠ ᠥᠷᠯᠥᠭᠡ ᠪᠦᠭᠦᠳᠡᠭᠡᠷ ᠢ᠋ᠶ᠋ᠡᠨ ᠳᠠᠭᠢᠵᠤ ᠣᠷᠳᠣᠨ ᠳ᠋ᠤ᠌ ᠴᠤᠭᠯᠠᠷᠠᠵᠤ ᠢᠷᠡᠭᠰᠡᠨ ᠬᠣᠢᠨ᠎ᠠ᠂ ᠴᠢᠩᠭᠢᠰ ᠬᠠᠭᠠᠨ᠄《ᠥᠴᠥᠭᠡᠳᠦᠷ ᠪᠢ ᠪᠦᠭᠦᠳᠡᠭᠡᠷ ᠲᠦ᠍ ᠬᠠᠨᠤᠮᠵᠢᠲᠠᠢ ᠰᠠᠨᠠᠯ ᠢ᠋ᠶ᠋ᠠᠨ ᠢᠯᠡᠳᠬᠡᠭᠰᠡᠨ ᠦᠶ᠎ᠡ ᠳ᠋ᠦ᠍᠂ ᠪᠣᠭᠤᠷᠴᠢ ᠶ᠋ᠢ ᠶᠠᠭ ᠮᠠᠷᠲᠠᠴᠢᠬᠠᠭᠰᠠᠨ ᠪᠣᠯᠬᠣᠷ᠂ ᠮᠢᠨᠦ ᠡᠬᠡᠨᠡᠷ ᠪᠥᠷᠲᠡ ᠵᠠᠩᠨᠠᠭᠰᠠᠨ ᠶᠤᠮ᠃ ᠲᠡᠭᠡᠭᠡᠳ ᠨᠢᠭᠡᠨ ᠬᠥᠮᠦᠨ ᠢ᠋ ᠪᠤᠭᠤᠷᠴᠢ ᠶ᠋ᠢᠨ ᠭᠡᠷ ᠲᠦ᠍ ᠨᠠᠮᠠᠶ᠋ᠢ ᠥᠮᠥᠭᠯᠡᠵᠦ᠂<ᠮᠢᠨᠦ ᠲᠥᠯᠥᠭᠡ ᠪᠦᠬᠦ ᠬᠦᠴᠦ ᠪᠡᠨ ᠡᠷᠭᠦᠬᠦ ᠪᠡᠷ ᠥᠯᠪᠡᠷᠴᠦ ᠦᠬᠦᠬᠦ ᠳ᠋ᠦ᠍ ᠬᠦᠷᠪᠡᠴᠦ ᠳᠠᠢᠴᠢᠨ ᠬᠠᠨᠢ ᠪᠣᠯᠵᠤ ᠬᠣᠴᠣᠷᠤᠨ᠎ᠠ> ᠭᠡᠵᠦ ᠬᠡᠯᠡᠭᠰᠡᠨ ᠢ᠋  ᠶᠠᠭᠠᠬᠢᠭᠠᠳ ᠨᠠᠮᠠᠶ᠋ᠢ ᠮᠠᠷᠲᠠᠵᠤ ᠪᠣᠯᠬᠤ ᠪᠣᠢ᠂ ᠶᠠᠭᠠᠬᠢᠭᠠᠳ ᠡᠵᠡᠨ ᠢ᠋ᠶ᠋ᠡᠨ ᠮᠠᠷᠲᠠᠵᠤ ᠴᠢᠳᠠᠬᠤ ᠪᠣᠢ᠂ ᠮᠢᠨᠦ ᠪᠣᠭᠳᠠ ᠬᠠᠭᠠᠨ ᠮᠢᠨᠦ ᠪᠡᠶ᠎ᠡ ᠶ᠋ᠢ ᠤᠭ ᠢᠵᠠᠭᠤᠷ ᠠ᠋ᠴᠠ ᠮᠡᠳᠡᠵᠦ ᠪᠠᠢᠨ᠎ᠠ᠃ ᠮᠢᠨᠦ ᠰᠡᠳᠬᠢᠯ ᠦ᠋ᠨ ᠤᠭ ᠢ᠋ ᠬᠦᠷᠲᠡᠯ᠎ᠡ ᠮᠡᠳᠡᠵᠦ ᠪᠠᠢᠨ᠎ᠠ> ᠡᠨᠡ ᠪᠣᠯ ᠲᠡᠭᠦᠨ ᠦ᠌ ᠬᠡᠯᠡᠭᠰᠡᠨ ᠦᠭᠡ ᠶᠦᠮ》 ᠭᠡᠵᠦ ᠬᠡᠯᠡᠵᠡᠢ᠃ ᠡᠨᠡ ᠦᠶ᠎ᠡ ᠳ᠋ᠦ᠍ ᠴᠢᠩᠭᠢᠰ ᠬᠠᠭᠠᠨ ᠤ᠋ ᠳᠠᠭᠤᠨ ᠨᠢ ᠥᠨᠳᠥᠷᠵᠢᠵᠦ ᠨᠢᠳᠦ ᠨᠢ ᠭᠢᠯᠠᠯᠵᠠᠪᠠ᠄
       《ᠶᠢᠰᠦᠨ ᠥᠷᠯᠥᠭ ᠲᠠᠨᠠᠷ ᠤ᠋ᠨ ᠬᠡᠨ ᠲᠠᠨᠢ ᠪᠣᠯᠪᠠᠴᠤ ᠪᠤᠭᠤᠷᠴᠢ ᠲᠠᠢ ᠮᠢᠨᠢ ᠪᠢᠲᠡᠭᠡᠢ ᠠᠲᠠᠭᠠᠷᠬ᠎ᠠ᠂ ᠭᠠᠷ ᠴᠢᠯᠡᠵᠦ ᠨᠤᠮᠤ ᠪᠠᠨ ᠠᠯᠳᠠᠭᠰᠠᠨ ᠦᠶ᠎ᠡ ᠳ᠋ᠦ᠍ ᠨᠥᠬᠥᠷ ᠪᠣᠯᠵᠤ ᠢᠷᠡᠭᠰᠡᠨ ᠪᠤᠭᠤᠷᠴᠢ ᠮᠢᠨᠢ᠂ ᠶᠠᠳᠠᠭᠤ ᠵᠦᠳᠡᠭᠦᠦ ᠶ᠋ᠢᠨ ᠲᠤᠢᠯ ᠳ᠋ᠤ᠌ ᠬᠦᠷᠴᠦ ᠪᠠᠢᠭᠰᠠᠨ ᠦᠶ᠎ᠡ ᠳ᠋ᠦ᠍ ᠦᠨᠡᠨᠴᠢ ᠰᠢᠳᠤᠷᠭᠤ ᠨᠥᠬᠥᠷ ᠪᠣᠯᠤᠭᠰᠠᠨ ᠪᠤᠭᠤᠷᠴᠢ ᠮᠢᠨᠢ᠂ ᠰᠥᠰᠥ ᠵᠣᠷᠢᠭ ᠪᠣᠯᠤᠨ ᠡᠷᠡᠯᠬᠡᠭ ᠪᠠᠭᠠᠲᠤᠷ ᠢ᠋ᠶ᠋ᠠᠷ ᠢ᠋ᠶ᠋ᠠᠨ ᠠᠶᠤᠨ ᠡᠮᠢᠶᠡᠬᠦ ᠶ᠋ᠢ ᠮᠡᠳᠡᠳᠡᠭ ᠦᠭᠡᠢ ᠪᠤᠭᠤᠷᠴᠢ ᠮᠢᠨᠢ᠂ ᠦᠬᠦᠵᠦ ᠰᠡᠬᠡᠬᠦ ᠶ᠋ᠢᠨ ᠶᠠᠮᠠᠷ ᠴᠠᠭ ᠲᠤ ᠴᠤ ᠬᠠᠯᠠᠰᠢᠷᠠᠬᠤ ᠦᠭᠡᠢ ᠪᠤᠭᠤᠷᠴᠢ ᠮᠢᠨᠢ᠂ ᠬᠡᠷᠪᠡ ᠪᠢ ᠴᠢᠮᠠᠶ᠋ᠢ ᠪᠠᠨ ᠮᠠᠷᠲᠠᠵᠤ᠂ ᠬᠠᠮᠤᠭ ᠭᠠᠪᠢᠶ᠎ᠠ ᠵᠢᠳᠬᠦᠯ ᠲᠡᠢ ᠴᠢᠮᠠᠶ᠋ᠢ ᠪᠠᠨ ᠮᠠᠷᠲᠠᠪᠠᠯ᠂ ᠬᠡᠷᠪᠡ ᠪᠢ ᠴᠢᠮᠠᠶ᠋ᠢ ᠪᠠᠨ ᠣᠯᠠᠨ ᠠ᠋ᠴᠠ ᠢᠯᠡᠭᠦᠦ ᠬᠦᠨᠳᠦᠳᠬᠡᠬᠦ ᠦᠭᠡᠢ ᠪᠣᠯ᠂ ᠮᠢᠨᠦ ᠪᠡᠶ᠎ᠡ ᠳᠠᠬᠢᠵᠤ ᠮᠢᠨᠦ ᠲᠥᠯᠥᠭᠡ ᠵᠢᠳᠬᠦᠬᠦ ᠬᠥᠮᠦᠰ ᠢ᠋ ᠬᠠᠯᠠᠭᠤᠨ ᠰᠡᠳᠬᠢᠯ ᠦᠨᠡᠨᠴᠢ ᠰᠢᠳᠤᠷᠭᠤ ᠭᠡᠮᠡᠨ ᠱᠠᠭᠠᠷᠳᠠᠬᠤ ᠬᠢᠷᠢ ᠦᠭᠡᠢ ᠪᠣᠯᠴᠢᠬᠠᠬᠤ ᠶᠤᠮ᠃ ᠴᠢᠮᠠᠶ᠋ᠢ ᠮᠢᠨᠦ ᠥᠷᠯᠥᠭ ᠨᠠᠷ ᠤ᠋ᠨ ᠲᠡᠷᠢᠭᠦᠨ ᠳ᠋ᠦ᠍ ᠲᠠᠯᠪᠢᠰᠤᠭᠠᠢ᠂ ᠴᠢᠮ᠎ᠠ ᠳ᠋ᠠᠭᠠᠨ ᠮᠢᠨᠦ ᠶᠡᠬᠡ ᠪᠦᠷᠢᠶ᠎ᠡ ᠶ᠋ᠢ ᠲᠤᠰᠢᠶᠠᠰᠤᠭᠠᠢ᠃ ᠲᠡᠭᠦᠨ ᠦ᠌ ᠳᠠᠭᠤᠨ ᠢ᠋ ᠰᠣᠨᠣᠰᠴᠤ ᠮᠢᠨᠦ ᠤᠯᠤᠰ ᠠᠷᠠᠳ ᠴᠤᠭᠯᠠᠷᠠᠳᠠᠭ ᠶᠡᠬᠡ ᠪᠦᠷᠢᠶ᠎ᠡ ᠶ᠋ᠢ ᠴᠢᠮ᠎ᠠ ᠳ᠋ᠠᠭᠠᠨ ᠲᠤᠰᠢᠶᠠᠰᠤᠭᠠᠢ᠃ ᠴᠢᠮᠠᠶ᠋ᠢ ᠪᠠᠨ ᠮᠢᠨᠦ ᠤᠯᠤᠰ ᠤ᠋ᠨ ᠪᠦᠬᠦ ᠴᠡᠷᠢᠭ ᠦ᠋ᠨ ᠬᠠᠮᠤᠭ ᠳᠡᠭᠡᠳᠦ ᠵᠢᠯᠣᠭᠣᠳᠤᠭᠴᠢ ᠪᠣᠯᠭᠠᠨ ᠲᠣᠮᠢᠯᠠᠰᠤᠭᠠᠢ᠂ ᠮᠢᠨᠦ ᠤᠯᠤᠰ ᠤ᠋ᠨ ᠨᠤᠲᠤᠭ ᠳᠡᠪᠢᠰᠬᠡᠷ ᠳᠡᠭᠡᠷ᠎ᠡ ᠪᠠᠢᠬᠤ ᠠᠯᠢᠪᠠ ᠬᠡᠷᠡᠭ ᠲᠦ᠍ ᠠᠩᠬᠠᠷᠤᠯ ᠢ᠋ᠶ᠋ᠠᠨ ᠲᠠᠯᠪᠢᠭᠲᠤᠨ᠃ ᠡᠭᠦᠨᠴᠡ ᠬᠣᠢᠰᠢ ᠴᠢᠮᠠᠶ᠋ᠢ ᠬᠦᠯᠦᠭ ᠪᠤᠭᠤᠷᠴᠢ ᠭᠡᠵᠦ ᠨᠡᠷ᠎ᠡ ᠣᠯᠭᠣᠶ᠎ᠠ᠃ ᠡᠨᠡᠬᠦ ᠴᠣᠯᠠ ᠪᠣᠯ ᠥᠨᠥ ᠬᠦᠷᠲᠡᠯᠡᠬᠢ ᠪᠤᠰᠤᠳ ᠴᠣᠯᠠ ᠠ᠋ᠴᠠ ᠬᠠᠮᠤᠭ ᠥᠨᠳᠥᠷ ᠴᠣᠯᠠ ᠪᠣᠯᠤᠨ᠎ᠠ》 ᠭᠡᠵᠦ ᠴᠢᠩᠭᠢᠰ ᠬᠠᠭᠠᠨ ᠲᠤᠩᠬᠠᠭᠯᠠᠪᠠ᠃
       ᠢᠩᠭᠢᠵᠦ ᠲᠤᠩᠬᠠᠭᠯᠠᠭᠰᠠᠨ ᠤ᠋ ᠬᠣᠢᠨ᠎ᠠ᠂ ᠴᠢᠩᠭᠢᠰ ᠬᠠᠭᠠᠨ ᠨᠥᠬᠥᠳ ᠦ᠋ᠨ ᠳᠣᠲᠣᠷ᠎ᠠ ᠬᠠᠮᠤᠭ ᠤ᠋ᠨ ᠦᠨᠡᠨᠴᠢ ᠰᠢᠳᠤᠷᠭᠤ᠂ ᠬᠠᠮᠤᠭ ᠤ᠋ᠨ ᠵᠢᠳᠬᠦᠯ ᠲᠡᠢ᠂ ᠵᠠᠯᠠᠭᠤ ᠦᠶ᠎ᠡ ᠶ᠋ᠢᠨ ᠨᠠᠢᠵᠠ ᠪᠤᠭᠣᠷᠴᠢ ᠪᠠᠨ ᠲᠡᠪᠡᠷᠢᠪᠡ᠃ ᠵᠠᠯᠠᠭᠤ ᠴᠠᠭ ᠲᠠᠭᠠᠨ ᠪᠤᠭᠤᠷᠴᠢ ᠲᠠᠢ ᠬᠣᠶᠠᠭᠤᠯᠠ ᠪᠠᠨ ᠲᠠᠢᠴᠢᠭᠤᠳ ᠠ᠋ᠴᠠ ᠨᠠᠢ᠍ᠮᠠᠨ ᠰᠢᠷᠭ᠎ᠠ ᠪᠠᠨ ᠪᠤᠴᠠᠭᠠᠵᠤ ᠠᠪᠬᠤ ᠪᠠᠷ ᠮᠣᠷᠳᠠᠭᠰᠠᠨ ᠪᠥᠭᠡᠳ ᠲᠤᠬᠠᠢ ᠶ᠋ᠢᠨ ᠦᠶ᠎ᠡ ᠳ᠋ᠦ᠍ ᠡᠨᠡ ᠨᠠᠢ᠍ᠮᠠᠨ ᠮᠣᠷᠢ ᠨᠢ ᠲᠡᠮᠦᠵᠢᠨ ᠦ᠌ ᠪᠦᠬᠦ ᠬᠥᠷᠥᠩᠭᠡ ᠪᠣᠯᠵᠤ ᠪᠠᠢᠭᠰᠠᠨ ᠶᠤᠮ᠃

      (ᠬᠣᠶᠠᠷ) 
ᠴᠢᠩᠭᠢᠰ ᠬᠠᠭᠠᠨ ᠤ᠋ ᠴᠡᠷᠢᠭ ᠦ᠋ᠨ ᠬᠦᠷᠢᠶᠡᠨ ᠳ᠋ᠡᠬᠢ ᠠᠮᠢᠳᠤᠷᠠᠯ ᠤ᠋ᠨ ᠬᠡᠯᠪᠡᠷᠢ ᠮᠠᠶᠢᠭ

       ᠭᠠᠷᠠᠭ ᠠ᠋ᠴᠠ ᠭᠠᠷᠠᠭ ᠳᠠᠷᠠᠭᠠᠯᠠᠨ ᠲᠡᠮᠦᠵᠢᠨ ᠥᠩᠭᠡᠨ ᠳᠡᠭᠡᠷ᠎ᠡ ᠪᠡᠨ ᠶᠠᠭᠤ ᠶᠢ ᠴᠤ ᠬᠠᠮᠢᠶᠠᠷᠬᠤ ᠦᠭᠡᠢ ᠪᠡᠷ ᠥᠷᠯᠥᠭ ᠨᠠᠷ᠂ ᠲᠦᠰᠢᠮᠡᠳ ᠡᠷᠬᠢᠮ ᠨᠣᠶᠠᠳ ᠲᠠᠢ ᠪᠠᠨ ᠬᠠᠮᠲᠤ ᠪᠠᠶᠠᠷ ᠤ᠋ᠨ ᠬᠤᠷᠢᠮ ᠢ᠋ᠶ᠋ᠠᠨ ᠦᠷᠭᠦᠯᠵᠢᠯᠡᠭᠦᠯᠵᠦ ᠪᠠᠢᠭᠰᠠᠨ ᠪᠢᠯᠡ᠃ ᠦᠨᠡᠨ ᠳ᠋ᠡᠭᠡᠨ ᠡᠨᠡ ᠬᠣᠭᠣᠷᠣᠨᠳᠣ ᠨᠢᠭᠡᠨᠲᠡ᠂ ᠶᠡᠷᠡᠨ ᠲᠠᠪᠤᠨ ᠨᠡᠷ᠎ᠡ ᠥᠷᠯᠥᠭ ᠲᠡᠭᠡᠨ ᠣᠨᠴᠣᠭᠣᠢ ᠪᠠᠢᠷᠢ ᠡᠵᠡᠯᠡᠭᠦᠯᠬᠦ ᠡᠭᠦᠷᠭᠡ ᠪᠡᠨ ᠭᠦᠢᠴᠡᠳᠬᠡᠵᠦ ᠪᠠᠢᠵᠠᠢ᠃ ᠠᠢᠮᠠᠭ ᠶᠠᠰᠤᠲᠠᠨ ᠪᠦᠬᠦᠨ ᠦ᠌ ᠦᠨᠡᠨ ᠬᠦᠴᠦ ᠶ᠋ᠢ ᠪᠠᠢᠴᠠᠭᠠᠵᠤ᠂ ᠡᠨᠡᠬᠦ ᠪᠠᠢᠴᠠᠭᠠᠯᠲᠠ ᠨᠢ ᠵᠥᠪᠬᠡᠨ ᠦᠬᠦᠭᠰᠡᠨ ᠨᠢ ᠬᠡᠳᠦᠢ᠂ ᠲᠥᠷᠥᠭᠰᠡᠨ ᠨᠢ ᠬᠡᠳᠦᠢ ᠭᠡᠵᠦ ᠬᠥᠮᠦᠨ ᠦ᠌ ᠲᠣᠭ᠎ᠠ ᠶ᠋ᠢ ᠪᠦᠷᠢᠳᠬᠡᠭᠰᠡᠨ ᠪᠢᠰᠢ᠂ ᠠᠢᠯ ᠡᠷᠦᠬᠡ ᠳᠠᠷᠠᠭᠠᠯᠠᠵᠤ ᠡᠨᠡ ᠪᠠᠢᠴᠠᠭᠠᠯᠲᠠ ᠶ᠋ᠢ ᠬᠢᠭᠰᠡᠨ ᠠᠵᠢ᠃ ᠵᠥᠪᠳᠡᠭᠴᠢ ᠶ᠋ᠢᠨ ᠶᠠᠮᠤᠨ ᠤ᠋ ᠪᠠᠢᠩᠭᠤ ᠶ᠋ᠢᠨ ᠡᠯᠴᠢᠨ ᠡᠴᠡ ᠠᠢᠮᠠᠭ ᠶᠠᠰᠤᠲᠠᠨ ᠤ᠋ ᠶᠡᠬᠡ ᠪᠠᠭ᠎ᠠ ᠶ᠋ᠢ ᠦᠨᠳᠦᠰᠦᠯᠡᠨ ᠭᠣᠣᠯᠴᠢ ᠪᠠᠷ ᠵᠤᠰᠠᠯᠠᠩ᠂ ᠡᠪᠦᠯᠵᠢᠶ᠎ᠡ ᠶ᠋ᠢᠨ ᠨᠤᠲᠤᠭ ᠪᠡᠯᠴᠢᠭᠡᠷ ᠢ᠋ ᠲᠦᠭᠡᠭᠡᠨ ᠲᠣᠬᠢᠷᠠᠭᠤᠯᠵᠤ ᠲᠣᠭᠲᠠᠭᠠᠪᠠ᠃
      (ᠦᠵᠡᠭᠡᠴᠢ! ᠴᠢᠩᠭᠢᠰ ᠬᠠᠭᠠᠨ ᠬᠤᠷᠢᠮ ᠤ᠋ᠨ ᠳᠤᠮᠳᠠ᠂ ᠡᠯ᠎ᠡ ᠠᠢᠮᠠᠭ ᠶᠠᠰᠤᠲᠠᠨ ᠤ᠋ ᠨᠣᠶᠠᠳ ᠪᠠᠶᠠᠷᠯᠠᠨ ᠤᠤᠭᠤᠵᠤ ᠪᠠᠢᠬᠤ ᠶ᠋ᠢᠨ ᠬᠣᠭᠣᠷᠣᠨᠳᠣ᠂ ᠲᠡᠳᠡᠨ ᠦ᠌ ᠠᠢᠯ ᠡᠷᠦᠬᠡ ᠶ᠋ᠢᠨ ᠲᠣᠭ᠎ᠠ ᠶ᠋ᠢ ᠪᠦᠷᠢᠳᠬᠡᠨ᠂ ᠮᠠᠯ ᠰᠦᠷᠦᠭ ᠲᠦ᠋ᠨᠢ ᠨᠤᠲᠤᠭ ᠪᠡᠯᠴᠢᠭᠡᠷ ᠢ᠋ ᠲᠣᠬᠢᠷᠠᠭᠤᠯᠵᠤ ᠵᠠᠪᠳᠤᠵᠠᠢ᠃ ᠬᠣᠢᠴᠢ ᠶ᠋ᠢᠨ ᠬᠠᠭᠤᠳᠠᠰᠤᠨ ᠳ᠋ᠤ᠌ ᠭᠠᠷᠬᠤ᠂ ᠠᠷᠪᠠᠲᠤ᠂ ᠵᠠᠭᠤᠲᠤ᠂ ᠮᠢᠩᠭᠠᠲᠤ᠂ ᠲᠦᠮᠡᠲᠦ ᠭᠡᠵᠦ ᠵᠣᠬᠢᠶᠠᠨ ᠪᠠᠢᠭᠤᠯᠵᠤ ᠠᠪᠤᠭᠰᠠᠨ ᠢ᠋ᠶ᠋ᠠᠷ᠂ ᠥᠩᠭᠡᠷᠡᠭᠰᠡᠨ ᠦ᠌ ᠮᠡᠲᠦ ᠠᠢᠮᠠᠭ᠂ ᠶᠠᠰᠤᠲᠠᠨ ᠪᠦᠷ ᠲᠤᠰᠠᠭᠠᠷ ᠪᠠᠢᠭᠰᠠᠨ ᠢ᠋
ᠲᠥᠪᠯᠡᠷᠡᠭᠦᠯᠵᠦ ᠠᠪᠴᠠᠢ᠃ ᠴᠡᠷᠢᠭ ᠦ᠋ᠨ ᠵᠣᠬᠢᠶᠠᠨ ᠪᠠᠢᠭᠤᠯᠤᠯᠲᠠ ᠨᠢ ᠥᠩᠭᠡᠨ ᠳᠡᠭᠡᠷ᠎ᠡ ᠪᠡᠨ ᠠᠷᠪᠠᠲᠤ᠂ ᠵᠠᠭᠤᠲᠤ᠂ ᠮᠢᠩᠭᠠᠲᠤ᠂ ᠲᠦᠮᠡᠲᠦ ᠭᠡᠰᠡᠨ ᠪᠣᠯᠪᠠᠴᠤ ᠴᠣᠬᠣᠮ ᠳ᠋ᠠᠭᠠᠨ ᠪᠠᠰᠠᠴᠤ ᠲᠥᠪ ᠣᠷᠣᠨ ᠳ᠋ᠤ᠌ ᠵᠠᠬᠢᠷᠤᠭᠳᠠᠬᠤ ᠵᠢᠩᠬᠢᠨᠢ ᠴᠡᠷᠢᠭ ᠪᠣᠯᠵᠤ᠂ ᠠᠩᠬᠠᠨ ᠤ᠋ ᠮᠡᠲᠦ ᠠᠢᠮᠠᠭ᠂ ᠶᠠᠰᠤᠲᠠᠨ ᠤ᠋ ᠡᠷᠦᠬᠡ ᠶ᠋ᠢᠨ ᠴᠡᠷᠢᠭ ᠪᠢᠰᠢ ᠪᠣᠯᠵᠠᠢ᠃ ᠮᠢᠨᠦ ᠦᠵᠡᠬᠦ ᠪᠡᠷ ᠨᠡᠢᠭᠡᠮ ᠦ᠋ᠨ ᠪᠠᠢᠭᠤᠯᠤᠯ ᠨᠢ ᠪᠠᠰᠠ ᠬᠤᠪᠢᠷᠠᠵᠤ᠂ ᠤᠭ ᠤ᠋ᠨ ᠪᠣᠭᠣᠯ ᠤ᠋ᠨ ᠨᠡᠢᠭᠡᠮ ᠡᠴᠡ ᠴᠡᠷᠢᠭᠵᠢᠯᠡᠭᠰᠡᠨ ᠹᠧᠣᠳᠠᠯ ᠤ᠋ᠨ ᠬᠠᠭᠠᠨᠲᠤ ᠤᠯᠤᠰ ᠪᠣᠯᠤᠭᠰᠠᠨ ᠪᠠᠢᠨ᠎ᠠ᠃ ᠡᠭᠦᠨ ᠢ᠋ᠶ᠋ᠡᠷ ᠦᠵᠡᠬᠦ ᠳ᠋ᠦ᠍ ᠠᠷᠢᠬᠢ ᠤᠤᠭᠤᠬᠤ ᠪᠠ ᠠᠷᠢᠬᠢ ᠤᠤᠭᠤᠯᠭᠠᠬᠤ ᠬᠤᠷᠢᠮ ᠤ᠋ᠨ ᠰᠢᠷᠡᠭᠡᠨ ᠳᠡᠭᠡᠷ᠎ᠡ ᠪᠠᠰᠠ ᠣᠯᠠᠨ ᠠᠵᠢᠯ ᠢ᠋ ᠬᠢᠵᠦ ᠪᠣᠯᠬᠤ ᠠᠵᠢ᠃ ᠮᠣᠩᠭᠣᠯᠴᠢᠯᠠᠭᠴᠢ ᠠ᠋ᠴᠠ) ᠡᠨᠡᠬᠦ ᠡᠯᠴᠢᠳ ᠨᠢ ᠪᠠᠰᠠ ᠵᠡᠷᠭᠡᠯᠡᠳᠡᠭᠡ ᠤᠯᠤᠰ ᠤ᠋ᠨ ᠨᠢᠭᠤᠴᠠ ᠮᠡᠳᠡᠭᠡ ᠶ᠋ᠢ ᠬᠣᠷᠢᠶᠠᠨ ᠠᠪᠬᠤ ᠡᠭᠦᠷᠭᠡ ᠶ᠋ᠢ ᠬᠠᠷᠢᠭᠤᠴᠠᠨ᠎ᠠ᠃ ᠠᠷᠪᠠᠨ ᠠᠢᠯ ᠢ᠋ᠶ᠋ᠠᠷ ᠪᠦᠷᠢᠯᠳᠦᠭᠰᠡᠨ ᠨᠢᠭᠡᠨ ᠳᠤᠭᠤᠢᠯᠠᠩ ᠨᠢ ᠪᠠᠢᠯᠳᠤᠭᠠᠨ ᠤ᠋ ᠦᠶ᠎ᠡ ᠳ᠋ᠦ᠍ ᠬᠡᠳᠦᠨ ᠴᠡᠷᠢᠭ ᠭᠠᠷᠭᠠᠬᠤ᠂ ᠴᠤᠭᠯᠠᠷᠠᠬᠤ ᠦᠶ᠎ᠡ ᠳ᠋ᠦ᠍ ᠠᠯᠢ ᠵᠠᠮ ᠢ᠋ᠶ᠋ᠠᠷ ᠶᠠᠪᠤᠬᠤ ᠶ᠋ᠢ ᠬᠦᠷᠲᠡᠯ᠎ᠡ ᠲᠣᠭᠲᠠᠭᠠᠵᠠᠢ᠃ ᠵᠠᠰᠠᠭ ᠵᠠᠬᠢᠷᠭ᠎ᠠ ᠶ᠋ᠢᠨ ᠳᠠᠷᠤᠭᠠᠴᠢ(ᠳᠠᠷᠤᠭ᠎ᠠ) ᠨᠠᠷ ᠵᠠᠷᠭᠤ ᠵᠠᠭᠠᠯᠳᠤᠯᠭ᠎ᠠ ᠶ᠋ᠢ ᠲᠠᠰᠤᠯᠬᠤ ᠡᠭᠦᠷᠭᠡ ᠶ᠋ᠢ ᠬᠠᠷᠢᠭᠤᠴᠠᠨ᠎ᠠ᠃ ᠬᠡᠭᠡᠷ᠎ᠡ ᠪᠠᠢᠯᠳᠤᠬᠤ ᠬᠠᠤᠯᠢ ᠶᠣᠰᠣᠨ ᠤ᠋ ᠴᠡᠷᠢᠭ ᠠᠩᠭᠢ ᠳ᠋ᠤ᠌ ᠪᠦᠷᠢᠨ ᠬᠠᠷᠢᠭᠤᠴᠠᠭᠴᠢ ᠲᠠᠯᠪᠢᠵᠤ ᠣᠯᠠᠨ ᠵᠠᠮ ᠤ᠋ᠨ ᠠᠮᠤᠷ ᠲᠦᠪᠰᠢᠨ ᠢ᠋ ᠬᠠᠮᠠᠭᠠᠯᠠᠬᠤ ᠡᠭᠦᠷᠭᠡ ᠶ᠋ᠢ ᠬᠠᠷᠢᠭᠤᠴᠠᠬᠤ ᠶ᠋ᠢᠨ ᠬᠠᠮᠲᠤ ᠠᠯᠳᠠᠵᠤ ᠲᠥᠭᠡᠷᠢᠭᠰᠡᠨ ᠮᠠᠯ ᠢ᠋ ᠬᠣᠷᠢᠶᠠᠨ ᠠᠪᠴᠤ ᠡᠵᠡᠨ ᠳ᠋ᠦ᠍ᠨᠢ ᠲᠤᠰᠢᠶᠠᠳᠠᠭ ᠪᠠᠢᠨ᠎ᠠ᠃ ᠴᠢᠩᠭᠢᠰ ᠬᠠᠭᠠᠨ ᠶᠠᠮᠠᠷᠴᠤ ᠬᠡᠷᠡᠭ ᠢ᠋ ᠮᠠᠷᠲᠠᠭᠰᠠᠨ ᠦᠭᠡᠢ᠃ ᠠᠯᠢ ᠨᠢᠭᠡᠨ ᠮᠠᠯᠴᠢᠳ ᠮᠣᠷᠢ ᠪᠤᠶᠤ ᠦᠬᠡᠷ ᠢ᠋ᠶ᠋ᠡᠨ ᠬᠤᠯᠠᠭᠠᠢᠯᠠᠭᠳᠠᠭᠰᠠᠨ ᠪᠣᠯ ᠲᠡᠷᠡ ᠬᠦ᠌ ᠬᠡᠷᠡᠭ ᠦ᠋ᠨ ᠦᠨᠡᠨ ᠶᠠᠪᠤᠴᠠ ᠶ᠋ᠢ ᠲᠣᠳᠣᠯᠠᠵᠤ ᠪᠣᠳᠠᠲᠤ ᠭᠡᠷᠡᠴᠢ ᠪᠦᠬᠦᠢ ᠬᠤᠯᠠᠭᠠᠢᠴᠢ ᠶ᠋ᠢ ᠠᠯᠠᠬᠤ ᠶᠠᠯ᠎ᠠ ᠪᠠᠷ ᠰᠢᠢᠳᠬᠡᠳᠡᠭ ᠪᠠᠢᠵᠠᠢ᠃ ᠡᠨᠡ ᠬᠠᠤᠯᠢ ᠶ᠋ᠢᠨ ᠦᠷ᠎ᠡ ᠳ᠋ᠦᠩ ᠡᠴᠡ ᠪᠣᠯᠵᠤ᠂ ᠡᠨᠡ ᠨᠢ ᠨᠢᠭᠡᠨᠲᠡ ᠵᠠᠩ ᠳᠠᠳᠬᠠᠯ ᠪᠣᠯᠵᠤ ᠥᠨᠥᠳᠥᠷ ᠬᠦᠷᠲᠡᠯ᠎ᠡ ᠮᠣᠩᠭᠣᠯ ᠭᠠᠵᠠᠷ ᠪᠤᠶᠤ ᠬᠡᠷᠭᠡᠮᠲᠡᠨ ᠦ᠌ ᠣᠷᠣᠨ ᠳ᠋ᠤ᠌ ᠦᠯᠡᠳᠡᠭᠳᠡᠵᠦ ᠢᠷᠡᠭᠰᠡᠨ ᠪᠠᠢᠨ᠎ᠠ᠃ ᠲᠥᠭᠡᠷᠢᠭᠰᠡᠨ ᠲᠡᠮᠡᠭᠡ ᠬᠦᠷᠲᠡᠯ᠎ᠡ ᠪᠤᠰᠤᠳ ᠤ᠋ᠨ ᠣᠩᠭᠣᠴᠠᠨ ᠠ᠋ᠴᠠ ᠤᠰᠤ ᠤᠤᠭᠤᠬᠤ ᠦᠭᠡᠢ᠂ ᠤᠳᠠᠭᠠᠨ ᠡᠳᠦᠷ ᠤᠮᠳᠠᠭᠠᠰᠤᠨ ᠶᠠᠪᠤᠭᠰᠠᠭᠠᠷ ᠡᠴᠦᠰ ᠲᠡᠭᠡᠨ ᠡᠵᠡᠨ ᠦ᠌ ᠪᠡᠨ ᠳᠡᠷᠭᠡᠳᠡ ᠪᠤᠴᠠᠨ ᠢᠷᠡᠳᠡᠭ ᠪᠣᠯᠤᠭᠰᠠᠨ ᠪᠠᠢᠨ᠎ᠠ᠃
       ᠣᠳᠣ《ᠰᠤᠮᠤ ᠮᠡᠲᠦ ᠲᠦᠷᠭᠡᠨ》 ᠶᠠᠭᠠᠷᠠᠤ ᠮᠡᠳᠡᠭᠡ ᠬᠦᠷᠭᠡᠬᠦ ᠮᠣᠷᠢᠲᠠᠨ ᠢ᠋ ᠪᠠᠰᠠ ᠵᠣᠬᠢᠶᠠᠨ ᠪᠠᠢᠭᠤᠯᠵᠤ᠂ ᠨᠠᠷᠢᠨ ᠨᠢᠮᠪᠠᠢ ᠪᠠᠷ ᠲᠣᠭᠲᠠᠭᠠᠵᠤ ᠪᠦᠷᠢᠮᠦᠰᠦᠨ ᠵᠣᠬᠢᠶᠠᠨ ᠪᠠᠢᠭᠤᠯᠤᠯᠲᠠ ᠲᠠᠢ ᠪᠣᠯᠭᠠᠪᠠ᠃ ᠡᠨᠡᠬᠦ ᠵᠣᠬᠢᠶᠠᠨ ᠪᠠᠢᠭᠤᠯᠤᠯᠲᠠ ᠶ᠋ᠢ ᠴᠢᠩᠭᠢᠰ ᠬᠠᠭᠠᠨ ᠶᠡᠬᠡ ᠬᠦᠨᠳᠦᠳᠬᠡᠨ ᠦᠵᠡᠵᠦ ᠪᠠᠢᠭᠰᠠᠨ ᠪᠥᠭᠡᠳ ᠡᠭᠦᠨ ᠢ᠋ ᠪᠡᠨ ᠳᠠᠢᠴᠢᠨ ᠨᠥᠬᠥᠷ ᠦ᠋ᠨ ᠳᠣᠲᠣᠷ᠎ᠠ ᠠ᠋ᠴᠠ ᠪᠤᠭᠤᠷᠴᠢ ᠶ᠋ᠢᠨ ᠳᠠᠷᠠᠭ᠎ᠠ ᠣᠷᠣᠬᠤ ᠵᠠᠯᠮ᠎ᠠ ᠪᠠᠷ ᠡᠨᠡᠬᠦ ᠬᠦᠨᠳᠦ ᠴᠢᠬᠤᠯᠠ ᠠᠵᠢᠯ ᠢ᠋ ᠰᠢᠭᠤᠳ ᠵᠢᠯᠣᠭᠣᠳᠤᠭᠤᠯᠪᠠ᠃《ᠰᠤᠮᠤ ᠮᠡᠲᠦ ᠲᠦᠷᠭᠡᠨ》 ᠮᠣᠷᠢᠲᠠᠨ ᠨᠢ ᠠᠷᠢᠭᠤᠨ ᠳᠠᠷᠬᠠᠨ ᠬᠥᠮᠦᠨ ᠪᠣᠯᠵᠤ᠂ ᠮᠠᠰᠢ ᠥᠨᠳᠥᠷ ᠵᠡᠷᠭᠡ ᠶ᠋ᠢᠨ ᠡᠷᠬᠢᠮ ᠨᠣᠶᠠᠳ ᠪᠠᠰᠠ《ᠰᠤᠮᠤ ᠮᠡᠲᠦ ᠲᠦᠷᠭᠡᠨ》 ᠮᠣᠷᠢᠲᠠᠨ ᠤ᠋ ᠮᠣᠷᠢᠨ ᠬᠤᠩᠬ᠎ᠠ ᠶ᠋ᠢᠨ ᠳᠠᠭᠤᠨ ᠢ᠋ ᠰᠣᠨᠣᠰᠤᠮᠠᠭᠴᠠ ᠵᠠᠮ ᠲᠠᠯᠪᠢᠨ ᠵᠠᠢᠯᠠᠵᠤ ᠥᠭᠬᠦ ᠬᠡᠷᠡᠭᠲᠡᠢ ᠪᠢᠯᠡ᠃ ᠡᠨᠡᠬᠦ ᠮᠣᠷᠢᠲᠠᠨ ᠤ᠋ ᠮᠣᠷᠢ ᠨᠢ ᠶᠠᠳᠠᠷᠠᠵᠤ ᠡᠴᠡᠭᠰᠡᠨ ᠪᠣᠯ᠂ ᠡᠳᠡᠭᠡᠷ ᠨᠣᠶᠠᠳ ᠥᠪᠡᠷ ᠦ᠋ᠨ ᠠᠳᠤᠭᠤᠨ ᠠ᠋ᠴᠠ ᠪᠠᠨ ᠬᠠᠮᠤᠭ ᠰᠠᠢᠨ ᠬᠠᠮᠤᠭ ᠬᠤᠷᠳᠤᠨ ᠮᠣᠷᠢ ᠪᠠᠨ ᠪᠠᠷᠢᠵᠤ ᠥᠭᠬᠦ ᠶᠣᠰᠣᠲᠠᠢ᠃《ᠰᠤᠮᠤ ᠮᠡᠲᠦ ᠲᠦᠷᠭᠡᠨ》 ᠮᠣᠷᠢᠲᠠᠨ ᠨᠢ ᠡᠳᠦᠷ ᠰᠥᠨᠢ ᠢᠯᠭᠠᠯ ᠦᠭᠡᠢ ᠪᠡᠷ ᠳᠠᠪᠬᠢᠭᠤᠯᠵᠤ᠂ ᠰᠠᠷᠠᠭᠤᠯ ᠲᠠᠯ᠎ᠠ᠂ ᠡᠯᠡᠰᠦ ᠮᠠᠩᠬ᠎ᠠ ᠶ᠋ᠢ ᠨᠡᠪᠲᠡᠯᠦᠨ ᠰᠢᠪᠲᠤᠯᠵᠤ᠂ ᠪᠤᠰᠤᠳ ᠠᠷᠭ᠎ᠠ ᠪᠠᠷ ᠬᠡᠳᠦᠨ ᠭᠠᠷᠠᠭ ᠬᠡᠷᠡᠭᠰᠡᠬᠦ ᠵᠠᠮ ᠢ᠋ ᠬᠡᠳᠦᠬᠡᠨ ᠡᠳᠦᠷ ᠦ᠋ᠨ ᠳᠣᠲᠣᠷ᠎ᠠ ᠶᠠᠪᠤᠵᠤ ᠭᠦᠢᠴᠡᠳᠬᠡᠳᠡᠭ ᠪᠠᠢᠨ᠎ᠠ᠃ ᠡᠢᠮᠦᠷᠬᠦ ᠭᠠᠯᠵᠠᠭᠤᠷᠠᠭᠰᠠᠨ ᠮᠡᠲᠦ ᠳᠠᠪᠬᠢᠭᠤᠯᠭ᠎ᠠ ᠶ᠋ᠢ ᠲᠡᠰᠪᠦᠷᠢᠯᠡᠵᠦ ᠴᠢᠳᠠᠬᠤ ᠶ᠋ᠢᠨ ᠲᠥᠯᠥᠭᠡ᠂ ᠮᠣᠷᠢᠲᠠᠨ ᠴᠡᠷᠢᠭ ᠨᠢ ᠲᠣᠯᠣᠭᠠᠢ ᠠ᠋ᠴᠠ ᠬᠥᠯ ᠳ᠋ᠡᠭᠡᠨ ᠬᠦᠷᠲᠡᠯ᠎ᠡ ᠬᠠᠮᠤᠭ ᠪᠡᠶ᠎ᠡ ᠪᠡᠨ ᠪᠥᠰ ᠢ᠋ᠶ᠋ᠡᠷ ᠣᠷᠢᠶᠠᠨ ᠪᠠᠭᠯᠠᠵᠤ᠂ ᠡᠨᠡ ᠬᠥᠮᠦᠨ ᠨᠢ ᠬᠠᠭᠠᠰ ᠦᠬᠦᠭᠰᠡᠨ ᠮᠡᠲᠦ ᠪᠡᠷ ᠬᠥᠰᠢᠴᠢᠬᠡᠭᠡᠳ ᠮᠣᠷᠢᠨ ᠳᠡᠭᠡᠷ᠎ᠡ ᠠᠮᠢᠳᠤᠷᠠᠨ᠂ ᠮᠣᠷᠢᠨ ᠳᠡᠭᠡᠷ᠎ᠡ ᠤᠨᠲᠠᠵᠤ ᠶᠠᠪᠤᠨ᠎ᠠ᠃ ᠡᠢᠮᠦ ᠠᠷᠭ᠎ᠠ ᠪᠠᠷ ᠰᠠᠷᠠᠭᠤᠯ ᠲᠠᠯ᠎ᠠ᠂ ᠡᠯᠡᠰᠦ ᠮᠠᠩᠬ᠎ᠠ ᠪᠦᠬᠦ ᠮᠣᠩᠭᠣᠯ ᠣᠷᠣᠨ ᠳ᠋ᠤ᠌ ᠭᠠᠷᠤᠭᠰᠠᠨ ᠶᠠᠮᠠᠷᠪᠠ ᠬᠡᠷᠡᠭ ᠤᠴᠢᠷ ᠢ᠋ ᠴᠥᠮ ᠴᠢᠩᠭᠢᠰ ᠬᠠᠭᠠᠨ ᠳ᠋ᠤ᠌ ᠳᠠᠷᠤᠢ ᠲᠦᠷᠭᠡᠨ ᠮᠡᠳᠡᠭᠳᠡᠬᠦ ᠦᠭᠡᠢ ᠪᠡᠷ ᠥᠩᠭᠡᠷᠡᠭᠡᠵᠦ ᠴᠢᠳᠠᠬᠤ ᠦᠭᠡᠢ ᠪᠠᠢᠭᠰᠠᠨ ᠪᠢᠯᠡ᠃
       ᠪᠣᠭᠳᠠ ᠬᠠᠭᠠᠨ ᠤ᠋ ᠲᠣᠭᠲᠠᠭᠠᠭᠰᠠᠨ ᠵᠡᠷᠭᠡ ᠳᠡᠰ ᠨᠢ ᠪᠠᠢᠯᠳᠤᠭᠠᠨ ᠪᠠ ᠶᠡᠷᠦ ᠶ᠋ᠢᠨ ᠴᠠᠭ ᠲᠤ ᠴᠥᠮ ᠬᠡᠷᠡᠭᠯᠡᠭᠳᠡᠬᠦ ᠪᠣᠯᠤᠨ᠎ᠠ᠃ ᠣᠯᠠᠨ ᠲᠦᠰᠢᠮᠡᠳ᠂ ᠣᠯᠠᠨ ᠳᠠᠷᠤᠭ᠎ᠠ᠂ ᠡᠯ᠎ᠡ ᠠᠢᠮᠠᠭ᠂ ᠶᠠᠰᠤᠲᠠᠨ ᠤ᠋ ᠲᠦᠷᠦᠭᠦᠴᠦᠳ ᠨᠢ ᠪᠠᠢᠯᠳᠤᠭᠠᠨ ᠤ᠋ ᠴᠠᠭ ᠲᠤ ᠲᠦᠮᠡᠲᠦ (ᠲᠦᠮᠡᠨ ᠮᠣᠷᠢᠲᠤ ᠴᠡᠷᠢᠭ) ᠮᠢᠩᠭᠠᠲᠤ᠂ ᠵᠠᠭᠤᠲᠤ ᠶ᠋ᠢᠨ ᠵᠢᠯᠣᠭᠣᠳᠤᠭᠴᠢ ᠨᠣᠶᠠᠨ ᠪᠣᠯᠤᠨ᠎ᠠ᠃ ᠵᠡᠷᠭᠡᠯᠡᠳᠡᠭᠡ ᠠᠢᠮᠠᠭ᠂ ᠶᠠᠰᠤᠲᠠᠨ ᠤ᠋ ᠴᠡᠷᠢᠭ ᠦ᠋ᠨ ᠬᠦᠷᠢᠶ᠎ᠡ ᠶ᠋ᠢ ᠪᠠᠢᠯᠳᠤᠭᠠᠨ ᠤ᠋ ᠦᠶ᠎ᠡ ᠳ᠋ᠦ᠍ ᠬᠠᠮᠲᠤᠳᠬᠠᠵᠤ ᠲᠦᠮᠡᠲᠦ ᠶ᠋ᠢᠨ ᠬᠦᠷᠢᠶ᠎ᠡ ᠪᠣᠯᠭᠠᠨ ᠵᠣᠬᠢᠶᠠᠨ ᠪᠠᠢᠭᠤᠯᠤᠭᠳᠠᠬᠤ ᠪᠣᠯᠤᠨ᠎ᠠ᠃ ᠶᠡᠷᠦ ᠶ᠋ᠢᠨ ᠴᠠᠭ ᠤ᠋ᠨ ᠬᠦᠷᠰᠢ ᠬᠦᠷᠢᠶ᠎ᠡ ᠨᠣᠬᠥᠳ ᠨᠢ ᠪᠠᠢᠯᠳᠤᠭᠠᠨ ᠤ᠋ ᠴᠠᠭ ᠲᠤ ᠵᠡᠷᠭᠡᠯᠡᠳᠡᠭᠡ ᠴᠡᠷᠢᠭ ᠠᠩᠭᠢ ᠪᠣᠯᠤᠨ᠎ᠠ᠃ ᠡᠯ᠎ᠡ ᠬᠦᠷᠢᠶ᠎ᠡ ᠶ᠋ᠢᠨ ᠵᠢᠯᠣᠭᠣᠳᠤᠭᠴᠢ ᠨᠣᠶᠠᠨ ᠨᠢ ᠶᠡᠷᠦ ᠶ᠋ᠢᠨ ᠴᠠᠭ ᠲᠠᠭᠠᠨ ᠲᠥᠪ ᠡᠴᠡ ᠲᠣᠮᠢᠯᠠᠵᠤ ᠣᠴᠢᠭᠤᠯᠤᠭᠰᠠᠨ ᠰᠤᠷᠭᠠᠭᠴᠢ ᠶ᠋ᠢᠨ ᠤᠳᠤᠷᠢᠳᠤᠯᠭ᠎ᠠ ᠶ᠋ᠢᠨ ᠳᠣᠣᠷ᠎ᠠ ᠬᠠᠷᠢᠶᠠᠲᠤ ᠴᠡᠷᠢᠭ ᠢ᠋ᠶ᠋ᠡᠨ ᠪᠣᠯᠪᠠᠰᠤᠷᠠᠭᠤᠯᠤᠨ᠂ ᠴᠡᠷᠢᠭ ᠦ᠋ᠨ ᠬᠤᠶᠠᠭ ᠵᠡᠪᠰᠡᠭ ᠢ᠋ᠶ᠋ᠡᠨ ᠪᠦᠷ ᠪᠡᠯᠡᠬᠡᠨ ᠪᠣᠯᠭᠠᠬᠤ ᠶ᠋ᠢ ᠠᠩᠬᠠᠷᠤᠨ᠎ᠠ᠃ ᠲᠡᠳᠡ ᠴᠡᠷᠢᠭ ᠲᠡᠭᠡᠨ ᠬᠠᠷᠢᠭᠤᠴᠠᠯᠭ᠎ᠠ ᠡᠭᠦᠷᠭᠡᠯᠡᠵᠦ᠂ ᠵᠠᠷᠯᠢᠭ ᠢ᠋ ᠣᠯᠤᠭᠰᠠᠨ ᠬᠣᠢᠨ᠎ᠠ ᠬᠡᠳᠦᠢ ᠪᠡᠷ ᠰᠥᠨᠢ ᠳᠦᠯᠢ ᠪᠠᠢᠭᠰᠠᠨ ᠴᠤ ᠳᠠᠷᠤᠢ ᠮᠣᠷᠳᠠᠵᠤ ᠴᠢᠳᠠᠬᠤ ᠪᠠᠷ ᠪᠡᠯᠡᠬᠡᠨ ᠡᠰᠡᠬᠦ ᠶ᠋ᠢ ᠪᠠᠢᠴᠠᠭᠠᠨ ᠦᠵᠡᠬᠦ ᠬᠡᠷᠡᠭᠲᠡᠢ᠃ ᠪᠠᠢᠯᠳᠤᠭᠠᠨ ᠳ᠋ᠤ᠌ ᠮᠣᠷᠳᠠᠨ ᠭᠠᠷᠬᠤ ᠦᠶ᠎ᠡ ᠳ᠋ᠦ᠍ ᠠᠢᠮᠠᠭ᠂ ᠶᠠᠰᠤᠲᠠᠨ ᠤ᠋ ᠭᠡᠷ ᠪᠦᠯᠢ ᠶ᠋ᠢᠨ ᠬᠣᠴᠣᠷᠴᠤ ᠰᠠᠭᠤᠭᠰᠠᠨ ᠬᠥᠮᠦᠰ ᠡᠴᠡ ᠣᠷᠣᠯᠠᠭᠴᠢ ᠪᠠᠨ ᠵᠢᠭᠠᠨ ᠲᠣᠭᠲᠠᠭᠠᠨ᠎ᠠ᠂ ᠡᠨᠡ ᠣᠷᠣᠯᠠᠭᠴᠢ ᠨᠢ ᠲᠤᠬᠠᠢ ᠶ᠋ᠢᠨ ᠦᠶ᠎ᠡ ᠳ᠋ᠦ᠍ ᠪᠠᠰᠠᠴᠤ ᠪᠦᠬᠦ ᠬᠠᠷᠢᠭᠤᠴᠠᠯᠭ᠎ᠠ ᠶ᠋ᠢ ᠡᠭᠦᠷᠭᠡᠯᠡᠨ᠎ᠡ᠃ ᠲᠡᠳᠡ ᠬᠡᠷᠪᠡ ᠡᠭᠦᠷᠭᠡ ᠪᠡᠨ ᠪᠡᠶᠡᠯᠡᠭᠦᠯᠵᠦ ᠴᠢᠳᠠᠬᠤ ᠦᠭᠡᠢ ᠪᠣᠯ ᠲᠤᠰᠢᠶᠠᠯ ᠵᠡᠷᠭᠡ ᠡᠴᠡ ᠨᠢ ᠪᠠᠭᠤᠷᠠᠭᠤᠯᠵᠤ ᠰᠤᠯᠠ ᠴᠡᠷᠢᠭ ᠪᠣᠯᠭᠠᠬᠤ ᠴᠤ᠌ ᠮᠠᠭᠠᠳ ᠦᠭᠡᠢ᠃ ᠴᠢᠩᠭᠢᠰ ᠬᠠᠭᠠᠨ ᠵᠠᠷᠢᠮ ᠦᠶ᠎ᠡ ᠳ᠋ᠦ᠍ ᠬᠡᠨ ᠨᠢᠭᠡᠨ ᠬᠥᠮᠦᠨ ᠢ᠋ᠶ᠋ᠡᠷ ᠰᠠᠷᠠᠭᠤᠯ ᠲᠠᠯ᠎ᠠ ᠨᠤᠲᠤᠭ ᠲᠤ ᠳᠠᠷᠬᠠᠨ ᠪᠤᠲᠠᠷᠠᠵᠤ ᠪᠠᠢᠬᠤ ᠭᠡᠷ ᠪᠦᠯᠢ ᠨᠦ᠍ᠭᠦᠳ ᠢ᠋ ᠴᠤᠭᠯᠠᠭᠤᠯᠵᠤ ᠲᠡᠭᠦᠨ ᠳ᠋ᠦ᠍ ᠵᠢᠯᠣᠭᠣᠳᠬᠤ ᠡᠷᠬᠡ ᠶ᠋ᠢ ᠲᠤᠰᠢᠶᠠᠨ᠎ᠠ᠃ ᠪᠠᠰᠠ ᠪᠤᠰᠤᠳ ᠠᠢᠮᠠᠭ ᠠ᠋ᠴᠠ ᠡᠳᠦᠢ ᠲᠡᠳᠦᠢ ᠬᠥᠮᠦᠰ ᠢ᠋ ᠲᠠᠲᠠᠪᠤᠷᠢᠯᠠᠨ ᠡᠨᠡ ᠬᠥᠮᠦᠨ ᠳ᠋ᠦ᠍ ᠣᠷᠳᠣᠨ ᠢ᠋ ᠬᠠᠮᠠᠭᠠᠯᠠᠬᠤ ᠮᠢᠩᠭᠠᠲᠤ ᠶ᠋ᠢᠨ ᠳᠠᠷᠤᠭ᠎ᠠ ᠪᠤᠶᠤ ᠳᠡᠳ᠋ ᠳᠠᠷᠤᠭ᠎ᠠ ᠶ᠋ᠢᠨ ᠬᠦᠨᠳᠦ ᠴᠢᠬᠤᠯᠠ ᠡᠭᠦᠷᠭᠡ ᠶ᠋ᠢ ᠲᠤᠰᠢᠶᠠᠳᠠᠭ ᠶᠤᠮ᠃
       ᠡᠨᠡ ᠮᠡᠲᠦ ᠪᠡᠷ ᠨᠡᠢᠲᠡ ᠶ᠋ᠢᠨ ᠣᠨ ᠲᠣᠭᠠᠯᠠᠯ ᠤ᠋ᠨ ᠠᠷᠪᠠᠨ ᠭᠤᠷᠪᠠᠳᠤᠭᠠᠷ ᠵᠠᠭᠤᠨ ᠤ᠋ ᠦᠶ᠎ᠡ ᠳ᠋ᠦ᠍ ᠠᠽᠢᠶ᠎ᠠ ᠲᠢᠪ ᠲᠦ᠍ ᠪᠦᠷᠢᠮᠦᠰᠦᠨ ᠵᠡᠪᠰᠡᠭᠯᠡᠭᠰᠡᠨ ᠮᠣᠩᠭᠣᠯ ᠦᠨᠳᠦᠰᠦᠲᠡᠨ ᠦ᠌ ᠤᠯᠤᠰ ᠠᠷᠠᠳ ᠢ᠋ ᠵᠣᠬᠢᠶᠠᠨ ᠪᠠᠢᠭᠤᠯᠪᠠ᠃ ᠡᠨᠡᠬᠦ ᠪᠠᠶᠠᠷ ᠤ᠋ᠨ ᠬᠤᠷᠢᠮ ᠤ᠋ᠨ ᠬᠤᠭᠤᠴᠠᠭᠠᠨ ᠳ᠋ᠤ᠌ ᠴᠢᠩᠭᠢᠰ ᠬᠠᠭᠠᠨ ᠲᠡᠭᠦᠨ ᠦ᠌ ᠥᠷᠯᠥᠭ ᠨᠠᠷ ᠪᠣᠯᠤᠨ ᠲᠦᠰᠢᠮᠡᠳ ᠦ᠋ᠨ ᠢ᠋ᠶ᠋ᠡᠨ ᠬᠠᠮᠲᠤ ᠨᠢᠭᠡᠨ ᠴᠡᠷᠢᠭᠵᠢᠯᠡᠭᠰᠡᠨ ᠤᠯᠤᠰ ᠤ᠋ᠨ ᠭᠣᠣᠯ ᠪᠠᠢᠭᠤᠯᠤᠮᠵᠢ ᠶ᠋ᠢ ᠪᠦᠲᠦᠭᠡᠭᠰᠡᠨ ᠪᠠᠢᠨ᠎ᠠ᠃ ᠡᠨᠡᠬᠦ ᠴᠡᠷᠢᠭᠵᠢᠯᠡᠭᠰᠡᠨ ᠤᠯᠤᠰ ᠲᠤ ᠡᠷᠡᠭᠲᠡᠢᠴᠦᠳ ᠨᠢ ᠶᠡᠷᠦ ᠶ᠋ᠢᠨ ᠪᠠ ᠪᠠᠢᠯᠳᠤᠭᠠᠨ ᠤ᠋ ᠴᠠᠭ ᠭᠡᠵᠦ ᠢᠯᠭᠠᠯ ᠦᠭᠡᠢ ᠢᠮᠠᠭᠲᠠ ᠵᠢᠭᠰᠠᠭᠠᠯ ᠤ᠋ᠨ ᠳᠣᠲᠣᠷᠠᠬᠢ ᠪᠠᠢᠷᠢ ᠳ᠋ᠠᠭᠠᠨ ᠯᠠᠪᠳᠠᠭᠤᠨ ᠪᠠᠲᠤ ᠲᠠᠢ ᠪᠠᠷ ᠵᠣᠬᠢᠶᠠᠨ ᠪᠠᠢᠭᠤᠯᠤᠭᠳᠠᠭᠰᠠᠨ ᠪᠠᠢᠳᠠᠭ᠃ ᠶᠡᠷᠦ ᠶ᠋ᠢᠨ ᠴᠠᠭ ᠭᠡᠵᠦ ᠶᠠᠭᠤ ᠪᠠᠢᠬᠤᠪ᠂ ᠪᠠᠢᠯᠳᠤᠭᠠᠨ ᠤ᠋ ᠪᠡᠯᠡᠳᠬᠡᠯ ᠬᠢᠬᠦ ᠡᠴᠡ ᠶᠠᠮᠠᠷ ᠴᠤ ᠬᠡᠷᠡᠭ ᠦᠭᠡᠢ ᠶᠦᠮ᠃
       ᠪᠠᠢᠯᠳᠤᠭᠠᠨ ᠪᠣᠯᠤᠨ ᠠᠪᠠ ᠲᠠᠯᠪᠢᠬᠤ ᠨᠢ ᠡᠷᠡᠭᠲᠡᠢᠴᠦᠳ ᠲᠦ᠍ ᠲᠣᠬᠢᠷᠠᠮᠵᠢᠲᠠᠢ ᠨᠢᠭᠡᠨ ᠵᠦᠢᠯ ᠦ᠋ᠨ ᠬᠥᠳᠡᠯᠮᠦᠷᠢ ᠪᠣᠯᠤᠨ᠎ᠠ᠂ ᠮᠣᠩᠭᠣᠯᠴᠤᠳ ᠲᠤ ᠠᠪᠴᠤ ᠬᠡᠯᠡᠪᠡᠯ ᠠᠪᠠ ᠠᠪᠠᠯᠠᠬᠤ ᠨᠢ ᠴᠡᠷᠢᠭ ᠦ᠋ᠨ ᠪᠣᠯᠪᠠᠰᠤᠷᠠᠯ ᠪᠣᠯᠤᠨ᠎ᠠ᠃ ᠠᠪᠠ ᠲᠠᠯᠪᠢᠬᠤ ᠡᠯ᠎ᠡ ᠬᠤᠭᠤᠴᠠᠭ᠎ᠠ ᠳ᠋ᠠᠭᠠᠨ ᠪᠠᠢᠯᠳᠤᠭᠠᠨ ᠤ᠋ ᠦᠶ᠎ᠡ ᠰᠢᠭ ᠵᠢᠯᠣᠭᠣᠳᠤᠯᠭ᠎ᠠ ᠲᠠᠢ ᠶᠠᠪᠤᠭᠳᠠᠨ᠎ᠠ᠃ ᠠᠷᠪᠠᠨ ᠲᠠᠪᠤᠨ ᠨᠠᠰᠤᠨ ᠠ᠋ᠴᠠ ᠵᠢᠷᠠᠨ ᠨᠠᠰᠤ ᠬᠦᠷᠲᠡᠯᠡᠬᠢ ᠪᠦᠬᠦ ᠡᠷᠡᠭᠲᠡᠢᠴᠦᠳ ᠴᠡᠷᠢᠭ ᠦ᠋ᠨ ᠠᠯᠪᠠ ᠬᠠᠭᠠᠬᠤ ᠡᠭᠦᠷᠭᠡ ᠲᠡᠢ᠂ ᠪᠠᠢᠯᠳᠤᠭᠠᠨ ᠳ᠋ᠤ᠌ ᠮᠣᠷᠳᠠᠬᠤ ᠦᠭᠡᠢ ᠬᠥᠮᠦᠰ ᠨᠢ ᠮᠠᠯ ᠢ᠋ᠶ᠋ᠠᠨ ᠬᠠᠷᠢᠭᠤᠯᠤᠨ᠂ ᠵᠡᠪᠰᠡᠭ ᠬᠢᠬᠦ᠂ ᠡᠮᠨᠢᠭ ᠮᠣᠷᠢ ᠰᠤᠷᠭᠠᠬᠤ ᠠᠵᠢᠯ ᠬᠥᠳᠡᠯᠮᠦᠷᠢ ᠬᠢᠵᠦ ᠦᠢᠯᠡᠴᠢᠯᠡᠳᠡᠭ᠃ ᠴᠢᠩᠭᠢᠰ ᠬᠠᠭᠠᠨ ᠤ᠋ ᠤᠯᠤᠰ ᠳᠠᠬᠢ ᠴᠠᠯᠢᠩ ᠬᠥᠯᠥᠰᠥ ᠶ᠋ᠢᠨ ᠳᠦᠷᠢᠮ ᠨᠢ ᠳᠡᠮᠡᠢ ᠲᠣᠳᠣᠷᠬᠠᠢ ᠪᠢᠰᠢ ᠪᠣᠯᠪᠠᠴᠤ ᠠᠷᠠᠳ ᠤ᠋ᠨ ᠬᠥᠷᠥᠩᠭᠡ ᠶ᠋ᠢᠨ ᠠᠷᠪᠠᠨ ᠤ᠋ ᠨᠢᠭᠡ ᠨᠢ ᠬᠠᠭᠠᠨ ᠳ᠋ᠠᠭᠠᠨ ᠬᠠᠮᠢᠶᠠᠷᠤᠭᠳᠠᠵᠤ ᠪᠠᠢᠭᠰᠠᠨ ᠶᠤᠮ᠃ ᠡᠷᠡᠭᠲᠡᠢᠴᠦᠳ ᠢ᠋ ᠪᠠᠢᠯᠳᠤᠭᠠᠨ ᠳ᠋ᠤ᠌ ᠢᠮᠠᠭᠲᠠ ᠰᠠᠨᠠᠭ᠎ᠠ ᠰᠢᠭᠤᠳᠤᠭᠤᠯᠵᠤ ᠰᠡᠳᠬᠢᠯ ᠡᠰᠡ ᠬᠣᠪᠢᠶᠠᠬᠳᠠᠭᠣᠯᠬᠣ ᠶ᠋ᠢᠨ ᠲᠥᠯᠥᠭᠡ᠂ ᠲᠡᠷᠡᠴᠢᠯᠡᠨ ᠠᠯᠪᠠ ᠭᠠᠢᠯᠢ ᠲᠤᠰᠢᠶᠠᠯᠭᠠᠬᠤ ᠶ᠋ᠢᠨ ᠲᠥᠯᠥᠭᠡ ᠴᠢᠩᠭᠢᠰ ᠬᠠᠭᠠᠨ ᠡᠮᠡᠭᠲᠡᠢᠴᠦᠳ ᠢ᠋ ᠪᠠᠰᠠ ᠵᠣᠬᠢᠶᠠᠨ ᠪᠠᠢᠭᠤᠯᠤᠯᠲᠠ ᠶ᠋ᠢᠨ ᠳᠣᠲᠣᠷ᠎ᠠ ᠪᠠᠨ ᠣᠷᠣᠭᠤᠯᠪᠠ᠃ ᠲᠡᠷᠡ ᠡᠮᠡᠭᠲᠡᠢᠴᠦᠳ ᠲᠦ ᠡᠷᠬᠡ ᠴᠢᠯᠥᠭᠡ ᠪᠠ ᠭᠡᠷ ᠦ᠋ᠨ ᠬᠥᠷᠥᠩᠭᠡ ᠪᠡᠨ ᠡᠵᠡᠮᠰᠢᠬᠦ ᠡᠷᠬᠡ ᠣᠯᠭᠤᠵᠠᠢ᠃ ᠡᠨᠡ ᠨᠢ ᠠᠽᠢᠶ᠎ᠠ ᠲᠢᠪ ᠦ᠋ᠨ ᠪᠤᠰᠤᠳ ᠭᠠᠵᠠᠷ ᠣᠷᠣᠨ ᠳ᠋ᠤ᠌ ᠭᠠᠷᠤᠭᠰᠠᠨ ᠦᠭᠡᠢ ᠬᠡᠷᠡᠭ ᠪᠣᠯᠤᠨ᠎ᠠ᠃ ᠡᠮᠡᠭᠲᠡᠢ ᠡᠷᠬᠡ ᠴᠢᠯᠥᠭᠡᠲᠡᠢ ᠪᠡᠷ ᠭᠡᠷ ᠦ᠋ᠨ ᠡᠳ᠋ ᠬᠥᠷᠥᠩᠭᠡ ᠪᠡᠨ ᠡᠵᠡᠮᠰᠢᠵᠦ᠂ᠰᠠᠨᠠᠭᠠᠨ ᠲᠠᠪᠠ ᠪᠠᠷ ᠢ᠋ᠶ᠋ᠠᠨ ᠡᠭᠦᠨ ᠢ᠋ ᠬᠤᠳᠠᠯᠳᠤᠬᠤ ᠪᠤᠶᠤ ᠠᠷᠠᠯᠵᠢᠶᠠᠯᠠᠵᠤ ᠴᠢᠳᠠᠨ᠎ᠠ᠃ ᠴᠢᠩᠭᠢᠰ ᠬᠠᠭᠠᠨ ᠡᠷᠡᠭᠲᠡᠢ ᠬᠥᠮᠦᠨ ᠢ᠋ ᠡᠬᠡᠨᠡᠷ ᠢ᠋ᠶ᠋ᠡᠨ ᠢᠲᠡᠭᠡᠮᠵᠢᠯᠡᠬᠦ ᠪᠡᠷ ᠱᠠᠭᠠᠷᠳᠠᠵᠤ᠂ ᠨᠥᠭᠦᠭᠡ ᠲᠠᠯ᠎ᠠ ᠪᠠᠷ ᠡᠬᠡᠨᠡᠷ ᠨᠢ ᠡᠷᠡᠭᠲᠡᠢ ᠶ᠋ᠢᠨ ᠦᠭᠡ ᠶ᠋ᠢ ᠳᠠᠭᠠᠬᠤ ᠪᠠᠷ ᠱᠠᠭᠠᠷᠳᠠᠵᠤ᠂ ᠬᠡᠷᠪᠡ ᠪᠤᠰᠤᠳ ᠬᠥᠮᠦᠨ ᠲᠡᠢ ᠰᠠᠳᠤᠷ ᠰᠠᠮᠠᠭᠤᠨ ᠶᠠᠪᠤᠪᠠᠯ ᠠᠯᠠᠬᠤ ᠶᠠᠯ᠎ᠠ ᠪᠠᠷ ᠰᠢᠢᠳᠬᠡᠬᠦ ᠶ᠋ᠢ ᠨᠡᠢᠲᠡᠯᠡᠪᠡ᠃  ᠡᠬᠡᠨᠡᠷ ᠬᠥᠮᠦᠨ ᠦ᠌ ᠲᠤᠢᠯ ᠤ᠋ᠨ ᠶᠡᠬᠡ ᠡᠭᠦᠷᠭᠡ ᠪᠣᠯ ᠡᠷ᠎ᠡ ᠶ᠋ᠢᠨ ᠢ᠋ᠶ᠋ᠡᠨ ᠨᠡᠷ᠎ᠡ ᠲᠥᠷᠥ ᠶ᠋ᠢ ᠮᠠᠨᠳᠤᠭᠤᠯᠬᠤ ᠳ᠋ᠤ᠌ ᠪᠠᠢᠨ᠎ᠠ ᠭᠡᠵᠦ ᠵᠠᠷᠯᠢᠭ ᠤ᠋ᠨ ᠬᠤᠷᠢᠶᠠᠩᠭᠤᠢ ᠪᠣᠯᠬᠤ ᠪᠦᠯᠦᠭ ᠲᠡᠭᠡᠨ ᠳᠣᠣᠷᠠᠬᠢ ᠮᠡᠲᠦ ᠪᠢᠴᠢᠵᠡᠢ᠄《ᠬᠡᠷᠪᠡ ᠡᠬᠡᠨᠡᠷ ᠨᠢ ᠲᠡᠨᠡᠭ ᠮᠤᠩᠬᠠᠭ ᠪᠤᠶᠤ ᠬᠠᠭᠣᠳᠠᠮᠭᠠᠢ᠂ ᠤᠬᠠᠭᠠᠨ ᠲᠥᠬᠥᠭᠡ ᠦᠭᠡᠢ ᠪᠣᠯ ᠬᠥᠮᠦᠰ ᠡᠨᠡ ᠡᠬᠡᠨᠡᠷ ᠦ᠋ᠨ ᠡᠷ᠎ᠡ ᠶ᠋ᠢᠨ ᠴᠢᠨᠠᠷ ᠢ᠋ ᠬᠠᠮᠤᠭ ᠤ᠋ᠨ ᠮᠠᠭᠤ ᠭᠡᠵᠦ ᠦᠵᠡᠨ᠎ᠡ᠃ ᠡᠭᠦᠨ ᠦ᠌ ᠡᠰᠡᠷᠭᠦ ᠪᠡᠷ ᠡᠬᠡᠨᠡᠷ ᠨᠢ ᠭᠡᠷ ᠢ᠋ᠶ᠋ᠡᠨ ᠰᠠᠢᠬᠠᠨ ᠲᠡᠭᠰᠢᠯᠡᠭᠡᠳ ᠵᠣᠴᠢᠨ ᠪᠤᠶᠤ ᠲᠣᠮᠢᠯᠠᠨ ᠢᠷᠡᠭᠦᠯᠦᠭᠰᠡᠨ ᠲᠤᠰᠢᠶᠠᠯᠲᠠᠨ ᠢ᠋ ᠰᠠᠢᠬᠠᠨ ᠳᠠᠢᠯᠠᠵᠤ ᠴᠢᠳᠠᠪᠠᠯ᠂ ᠡᠷ᠎ᠡ ᠶ᠋ᠢᠨ ᠢ᠋ᠶ᠋ᠡᠨ ᠨᠡᠷ᠎ᠡ ᠲᠥᠷᠥ ᠶ᠋ᠢ ᠳᠡᠭᠡᠭᠰᠢᠯᠡᠭᠦᠯᠦᠨ ᠤᠯᠤᠰ ᠠᠷᠠᠳ ᠤ᠋ᠨ ᠣᠯᠠᠨ ᠵᠦᠢᠯ ᠦ᠋ᠨ ᠬᠤᠷᠠᠯᠳᠤᠭᠠᠨ ᠳ᠋ᠤ᠌ ᠡᠷ᠎ᠡ ᠨᠥᠬᠥᠷ ᠨᠢ ᠰᠠᠢᠨ ᠨᠡᠷ᠎ᠡ ᠣᠯᠬᠤ ᠶᠤᠮ᠃ ᠰᠠᠢᠨ ᠡᠬᠡᠨᠡᠷ ᠡᠴᠡ ᠰᠠᠢᠨ ᠡᠷ᠎ᠡ ᠦᠨᠡᠯᠡᠭᠳᠡᠨ᠎ᠡ》 ᠭᠡᠵᠡᠢ᠃
       ᠡᠬᠡᠨᠡᠷ ᠦ᠋ᠨ ᠬᠠᠮᠤᠭ ᠤ᠋ᠨ ᠬᠦᠨᠳᠦ ᠴᠢᠬᠤᠯᠠ ᠡᠭᠦᠷᠭᠡ ᠨᠢ ᠬᠠᠭᠠᠨ ᠤ᠋ ᠤᠷᠢᠶᠠᠯᠠᠭ᠎ᠠ ᠢᠷᠡᠭᠰᠡᠨ ᠦᠶ᠎ᠡ ᠳ᠋ᠦ᠍᠂ ᠡᠷ᠎ᠡ ᠨᠥᠬᠥᠷ ᠢ᠋ ᠪᠡᠨ ᠬᠡᠵᠢᠶ᠎ᠡ ᠢᠮᠠᠭᠲᠠ ᠦᠰᠦᠲᠡᠢ ᠮᠠᠯᠠᠭᠠᠢ ᠶ᠋ᠢ ᠨᠢ ᠳᠤᠭᠤᠯᠠᠭ᠎ᠠ ᠪᠠᠷ ᠬᠠᠯᠠᠨ ᠡᠮᠦᠰᠬᠡᠵᠦ᠂ ᠳᠠᠷᠤᠢ ᠲᠦᠷᠭᠡᠨ ᠢ᠋ᠶ᠋ᠡᠷ ᠮᠣᠷᠳᠠᠨ ᠭᠠᠷᠴᠤ ᠴᠢᠳᠠᠬᠤ ᠪᠠᠷ ᠪᠡᠯᠡᠬᠡᠨ ᠪᠠᠢᠯᠭᠠᠬᠤ ᠶᠠᠪᠤᠳᠠᠯ ᠪᠣᠯᠤᠨ᠎ᠠ᠃ ᠡᠷᠡᠭᠲᠡᠢ ᠶ᠋ᠢᠨ ᠬᠢᠬᠦ ᠠᠵᠢᠯ ᠪᠣᠯ ᠵᠡᠪᠰᠡᠭ ᠢ᠋ᠶ᠋ᠡᠨ ᠰᠠᠢᠬᠠᠨ ᠬᠠᠮᠠᠭᠠᠯᠠᠵᠤ ᠶᠠᠪᠤᠬᠤ ᠬᠡᠷᠡᠭ ᠪᠣᠯᠤᠨ᠎ᠠ᠃ ᠡᠬᠡᠨᠡᠷ ᠨᠢ ᠡᠷᠡᠭᠲᠡᠢ ᠶ᠋ᠢᠨ ᠳᠠᠬᠤ᠂ ᠭᠤᠲᠤᠯ᠂ ᠢᠰᠡᠭᠡᠢ ᠣᠢᠮᠣᠰᠤ ᠶ᠋ᠢ ᠬᠡᠵᠢᠶ᠎ᠡ ᠴᠦ᠍ ᠡᠮᠦᠰᠬᠦ ᠳ᠋ᠦ᠍ ᠪᠡᠯᠡᠬᠡᠨ᠂ ᠭᠠᠨᠵᠤᠭ᠎ᠠ ᠶ᠋ᠢᠨ ᠰᠠᠪᠠ ᠳ᠋ᠤ᠌ ᠬᠠᠲᠠᠭᠠᠭᠰᠠᠨ ᠮᠣᠷᠢᠨ ᠮᠢᠬ᠎ᠠ ᠬᠡᠳᠦᠨ ᠵᠦᠰᠦᠮ᠂ ᠠᠭᠠᠷᠤᠤᠯ ᠨᠢᠭᠡᠨ ᠪᠠᠭᠯᠠᠭ᠎ᠠ᠂ ᠭᠡᠭᠦᠦ ᠶ᠋ᠢᠨ ᠴᠡᠬᠡ ᠳᠦᠭᠦᠷᠭᠡᠭᠰᠡᠨ ᠲᠤᠯᠤᠮ ᠢ᠋ ᠪᠡᠯᠡᠬᠡᠨ ᠪᠡᠯᠡᠳᠬᠡᠵᠦ ᠥᠭᠬᠦ ᠬᠡᠷᠡᠭᠲᠡᠢ᠃ ᠡᠬᠡᠨᠡᠷ ᠦ᠋ᠨ ᠬᠣᠶᠠᠳᠤᠭᠠᠷ ᠡᠭᠦᠷᠭᠡ ᠨᠢ ᠡᠪᠦᠯ ᠦ᠋ᠨ ᠢᠳᠡᠰᠢ ᠪᠡᠯᠡᠳᠬᠡᠬᠦ ᠬᠡᠷᠡᠭ ᠪᠣᠯᠤᠨ᠎ᠠ᠂ ᠵᠤᠨ ᠪᠣᠯ ᠭᠡᠭᠦᠦ ᠪᠡᠨ ᠰᠠᠭᠠᠵᠤ ᠴᠡᠭᠡ ᠪᠡᠯᠡᠳᠬᠡᠨ᠎ᠡ᠃ ᠮᠣᠩᠭᠣᠯ ᠬᠥᠮᠦᠨ ᠳ᠋ᠦ᠍ ᠡᠭᠦᠨ ᠡᠴᠡ ᠥᠭᠡᠷ᠎ᠡ ᠶᠠᠭᠤᠮ᠎ᠠ ᠪᠠᠷᠤᠭ ᠬᠡᠷᠡᠭᠴᠡᠭᠡ ᠦᠭᠡᠢ ᠪᠢᠯᠡ᠃ ᠡᠮᠡᠭᠲᠡᠢᠴᠦᠳ ᠦᠨᠢᠶ᠎ᠡ ᠶ᠋ᠢᠨ ᠰᠦ ᠡᠴᠡ ᠰᠢᠷ᠎ᠠ ᠲᠣᠰᠣ ᠰᠢᠷᠭᠠᠵᠤ ᠠᠪᠤᠭᠠᠳ ᠡᠭᠦᠨ ᠢ᠋ ᠪᠡᠨ ᠲᠤᠯᠤᠮ ᠳ᠋ᠤ᠌ ᠬᠢᠵᠦ ᠲᠠᠯᠪᠢᠭᠠᠳ᠂ ᠶᠠᠭᠠᠬᠢᠪᠠᠴᠤ ᠦᠨᠦᠷ ᠣᠷᠣᠭᠤᠯᠬᠤ ᠦᠭᠡᠢ ᠪᠡᠷ ᠬᠠᠳᠠᠭᠠᠯᠠᠳᠠᠭ᠃ ᠥᠷᠥᠮ᠎ᠡ ᠲᠣᠰᠣ ᠶ᠋ᠢ ᠨᠢ ᠠᠪᠤᠭᠠᠳ ᠦᠯᠡᠳᠡᠭᠰᠡᠨ ᠰᠦ ᠶ᠋ᠢ ᠡᠭᠡᠳᠡᠷᠡᠭᠦᠯᠦᠨ ᠶᠠᠰᠤ ᠰᠢᠭ᠋ ᠬᠠᠲᠠᠭᠤ (ᠭᠠᠳᠠᠭᠠᠳᠤ ᠶ᠋ᠢᠨ ᠬᠥᠮᠦᠰ ᠲᠡᠮᠦᠷ ᠰᠢᠭ ᠬᠠᠲᠠᠭᠤ ᠭᠡᠵᠦ ᠪᠠᠰᠠ ᠬᠡᠯᠡᠳᠡᠭ) ᠡᠭᠡᠵᠡᠭᠡᠢ ᠬᠤᠷᠤᠳ ᠬᠢᠵᠦ ᠬᠠᠲᠠᠭᠠᠵᠤ ᠠᠪᠳᠠᠭ ᠃ ᠡᠭᠦᠨ ᠦ᠌ ᠨᠢᠭᠡ ᠬᠡᠰᠡᠭ ᠢ᠋ ᠬᠠᠯᠠᠭᠤᠨ ᠤᠰᠤ ᠪᠤᠶᠤ ᠱᠥᠯᠦᠨ ᠳᠣᠲᠣᠷ᠎ᠠ ᠬᠢᠭᠡᠳ ᠰᠠᠮᠤᠷᠪᠠᠯ ᠮᠠᠰᠢ ᠰᠠᠢᠬᠠᠨ ᠢᠰᠬᠦᠯᠡᠩ ᠤᠮᠳᠠᠭᠠᠨ ᠪᠣᠯᠵᠤ᠂ ᠮᠣᠩᠭᠣᠯᠴᠤᠳ ᠤ᠋ᠨ ᠶᠡᠬᠡ ᠳᠤᠷᠠᠲᠠᠢ ᠶᠠᠭᠤᠮ᠎ᠠ ᠪᠣᠯᠤᠨ᠎ᠠ᠃ ᠡᠭᠦᠨ ᠡᠴᠡ ᠭᠠᠳᠠᠨ᠎ᠠ ᠴᠢᠩᠭᠢᠰ ᠬᠠᠭᠠᠨ ᠬᠤᠳᠳᠤᠭ ᠪᠤᠶᠤ ᠪᠤᠯᠠᠭ ᠠ᠋ᠴᠠ ᠮᠠᠯ ᠢ᠋ᠶ᠋ᠠᠨ ᠰᠢᠭᠤᠳ ᠤᠰᠤᠯᠠᠬᠤ ᠶ᠋ᠢ ᠴᠠᠭᠠᠵᠠᠯᠠᠨ᠂ ᠵᠥᠷᠢᠴᠡᠭᠰᠡᠳ ᠢ᠋ ᠴᠢᠩᠭ᠎ᠠ ᠪᠠᠷ ᠰᠢᠢᠳᠬᠡᠳᠡᠭ ᠪᠠᠢᠵᠠᠢ᠃ ᠡᠨᠡ ᠨᠢ ᠬᠤᠳᠳᠤᠭ᠂ ᠪᠤᠯᠠᠭ ᠤ᠋ᠨ ᠠᠷᠢᠭᠤᠨ ᠴᠡᠪᠡᠷ ᠢ᠋ ᠬᠠᠮᠠᠭᠠᠯᠠᠬᠤ ᠪᠠᠷ ᠴᠢᠷᠮᠠᠢᠭᠰᠠᠨ ᠶᠠᠪᠤᠳᠠᠯ ᠪᠣᠯᠤᠨ᠎ᠠ᠃ ᠡᠳᠦᠭᠡ ᠲᠤᠰ ᠭᠠᠵᠠᠷ ᠢ᠋ᠶ᠋ᠠᠷ ᠠᠶᠠᠯᠠᠬᠤ ᠬᠥᠮᠦᠰ ᠤᠰᠤᠨ ᠤ᠋ ᠪᠤᠵᠠᠷ ᠪᠤᠯᠠᠩᠭᠢᠷ ᠲᠤᠨᠢ ᠵᠣᠪᠠᠨᠢᠬᠤ ᠶ᠋ᠢᠨ ᠲᠤᠢᠯ ᠳ᠋ᠤ᠌ ᠬᠦᠷᠴᠦ ᠪᠠᠢᠬᠤ ᠶᠤᠮ᠃
       ᠠᠵᠢᠯᠴᠢ ᠠᠷᠪᠢᠴᠢ ᠮᠠᠯᠴᠢᠨ ᠠᠷᠠᠳ ᠭᠡᠮ ᠡᠪᠡᠳᠴᠢᠨ ᠲᠡᠢ ᠪᠤᠶᠤ ᠶᠠᠳᠠᠷ ᠳᠣᠷᠣᠢ ᠮᠠᠯ ᠠ᠋ᠴᠠ ᠪᠤᠰᠤᠳ ᠢ᠋ ᠪᠠᠷᠤᠭ ᠠᠯᠠᠳᠠᠭ ᠦᠭᠡᠢ᠃ ᠠᠯᠠᠭᠰᠠᠨ ᠮᠠᠯ ᠤ᠋ᠨ ᠮᠢᠬ᠎ᠠ ᠪᠠᠨ ᠪᠣᠷᠴᠠᠯᠠᠵᠤ ᠬᠡᠷᠴᠢᠭᠡᠳ ᠨᠠᠷᠠ ᠰᠠᠯᠬᠢᠨ ᠳ᠋ᠤ᠌ ᠬᠠᠲᠠᠭᠠᠨ ᠠᠪᠴᠤ᠂ ᠡᠭᠦᠨ ᠢ᠋ᠶ᠋ᠡᠨ ᠬᠡᠳᠦᠨ ᠵᠢᠯ ᠬᠠᠳᠠᠭᠠᠯᠠᠪᠠᠴᠤ ᠪᠣᠯᠬᠤ ᠶᠤᠮ᠃ ᠭᠡᠳᠡᠰᠦ ᠪᠣᠯᠤᠨ ᠴᠢᠰᠤ ᠪᠠᠷ ᠨᠢ ᠮᠣᠩᠭᠣᠯᠴᠤᠳ ᠴᠢᠳᠬᠤᠮᠠᠯ ᠭᠡᠳᠡᠰᠦ ᠬᠢᠵᠦ᠂ ᠡᠭᠦᠨ ᠢ᠋ ᠪᠡᠨ ᠰᠢᠨ᠎ᠡ ᠳᠡᠭᠡᠷ᠎ᠡ ᠨᠢ ᠢᠳᠡᠳᠡᠭ᠃
       ᠡᠮᠡᠭᠲᠡᠢᠴᠦᠳ ᠦᠬᠡᠷ ᠦ᠋ᠨ ᠠᠷᠠᠰᠤ ᠪᠠᠷ ᠤᠭᠤᠲᠠ ᠬᠢᠨ᠎ᠡ᠂ ᠮᠣᠷᠢᠨ ᠤ᠋ ᠠᠷᠠᠰᠤ ᠪᠠᠷ ᠭᠤᠲᠤᠯ ᠣᠶᠣᠳᠠᠭ᠃ ᠮᠣᠩᠭᠣᠯᠴᠤᠳ ᠤ᠋ᠨ ᠠᠮᠢᠳᠤᠷᠠᠯ ᠤ᠋ᠨ ᠪᠠᠢᠳᠠᠯ ᠨᠢ ᠴᠢᠩᠭᠢᠰ ᠬᠠᠭᠠᠨ ᠪᠣᠢ ᠪᠣᠯᠬᠤ ᠠ᠋ᠴᠠ ᠡᠮᠦᠨᠡᠬᠢ ᠲᠡᠢ ᠠᠳᠠᠯᠢᠳᠬᠠᠪᠠᠯ ᠶᠡᠬᠡᠯ᠎ᠡ ᠬᠤᠪᠢᠷᠠᠭᠰᠠᠨ ᠪᠠᠢᠨ᠎ᠠ᠃ ᠲᠡᠭᠦᠨ ᠦ᠌ ᠪᠣᠢ ᠪᠣᠯᠬᠤ ᠠ᠋ᠴᠠ ᠤᠷᠢᠳ ᠲᠡᠮᠦᠷ ᠪᠠᠭᠠᠵᠢ ᠭᠡᠳᠡᠭ ᠴᠢᠨᠢ ᠪᠠᠶᠠᠨ ᠴᠢᠨᠡᠭᠡᠯᠢᠭ ᠳᠠᠷᠤᠭ᠎ᠠ ᠨᠣᠶᠠᠳ ᠤ᠋ᠨ ᠡᠵᠡᠮᠰᠢᠭᠰᠡᠨ ᠡᠳ᠋ ᠪᠣᠯᠵᠤ ᠪᠠᠢᠭᠰᠠᠨ ᠶᠤᠮ᠂ ᠨᠣᠶᠠᠳ ᠠ᠋ᠴᠠ ᠥᠭᠡᠷ᠎ᠡ ᠭᠡᠷ ᠲᠦ ᠪᠣᠭᠣᠯ ᠵᠠᠷᠤᠴᠠ ᠭᠡᠵᠦ ᠪᠠᠢᠭᠰᠠᠨ ᠦᠭᠡᠢ᠃ ᠡᠮᠡᠭᠲᠡᠢᠴᠦᠳ ᠯᠡ ᠬᠦᠨᠳᠦ ᠬᠥᠳᠡᠯᠮᠦᠷᠢ ᠶ᠋ᠢ ᠬᠢᠬᠦ ᠦᠭᠡᠢ ᠪᠡᠷ ᠪᠣᠯᠳᠠᠭ ᠦᠭᠡᠢ ᠪᠠᠢᠵᠠᠢ᠃
      (ᠭᠤᠷᠪᠠ) 
ᠲᠣᠷᠭᠠᠨ ᠴᠡᠷᠢᠭ ᠢ᠋ ᠵᠣᠬᠢᠶᠠᠨ ᠪᠠᠢᠭᠤᠯᠤᠭᠰᠠᠨ ᠨᠢ

      《ᠣᠳᠣ ᠮᠥᠩᠬᠡ ᠲᠡᠭᠷᠢ ᠶ᠋ᠢᠨ ᠥᠷᠥᠰᠢᠶᠡᠯ ᠢ᠋ᠶ᠋ᠡᠷ᠂ ᠲᠡᠭᠷᠢ ᠭᠠᠵᠠᠷ ᠤ᠋ᠨ ᠢᠪᠡᠭᠡᠯ ᠢ᠋ᠶ᠋ᠡᠷ ᠬᠦᠴᠦ ᠠᠤᠭ᠎ᠠ ᠨᠡᠮᠡᠭᠳᠡᠵᠦ᠂ ᠬᠥᠷ ᠶᠡᠬᠡ ᠤᠯᠤᠰ ᠢ᠋ ᠬᠠᠮᠲᠤᠳᠬᠠᠵᠤ ᠭᠠᠭᠴᠠ ᠵᠢᠯᠣᠭᠣ ᠳ᠋ᠠᠭᠠᠨ ᠣᠷᠣᠭᠤᠯᠤᠭᠰᠠᠨ ᠲᠤᠯᠠ᠂ ᠮᠢᠨᠦ ᠬᠡᠰᠢᠭᠲᠡᠨ ᠢ᠋ ᠲᠣᠮᠢᠯᠠᠬᠤ ᠳ᠋ᠤ᠌ ᠲᠦᠮᠡᠲᠦ᠂ ᠮᠢᠩᠭᠠᠲᠤ᠂ ᠵᠠᠭᠤᠲᠤ ᠶ᠋ᠢᠨ ᠨᠣᠶᠠᠳ ᠤ᠋ᠨ ᠬᠥᠪᠡᠭᠦᠳ ᠢ᠋ ᠢᠯᠭᠠᠵᠤ ᠥᠭ᠃ ᠬᠡᠪᠲᠡᠭᠦᠯ᠂ ᠬᠣᠷᠴᠢᠨ᠂ ᠲᠣᠷᠭᠤᠳ ᠤ᠋ᠨ ᠬᠠᠮᠲᠤ ᠪᠦᠭᠦᠳᠡ ᠲᠦᠮᠡᠨ ᠬᠥᠮᠦᠨ ᠪᠣᠯᠭᠠᠵᠤ ᠥᠭᠲᠦᠭᠡᠢ᠃ ᠡᠳᠡᠭᠡᠷ ᠰᠢᠳᠠᠷ ᠬᠡᠰᠢᠭᠲᠡᠨ ᠮᠢᠨᠦ ᠳᠡᠷᠭᠡᠳᠡ ᠲᠡᠩᠴᠡᠬᠦ ᠪᠢᠯᠢᠭ ᠡᠷᠳᠡᠮ ᠲᠡᠢ᠂ ᠪᠡᠶ᠎ᠡ ᠰᠠᠢᠲᠠᠢ ᠶ᠋ᠢ ᠨᠢ ᠢᠯᠭᠠᠵᠤ ᠲᠦᠮᠡᠲᠦ᠂ ᠮᠢᠩᠭᠠᠲᠤ᠂ ᠵᠠᠭᠤᠲᠤ ᠶ᠋ᠢᠨ ᠨᠣᠶᠠᠳ ᠤ᠋ᠨ ᠬᠥᠪᠡᠭᠦᠳ᠂ ᠰᠤᠯᠠ ᠬᠥᠮᠦᠨ ᠦ᠌ ᠬᠥᠪᠡᠭᠦᠳ ᠦ᠋ᠨ ᠳᠣᠲᠣᠷ᠎ᠠ ᠠ᠋ᠴᠠ ᠰᠣᠩᠭᠣᠵᠤ ᠣᠷᠣᠭᠤᠯᠲᠤᠭᠠᠢ》 ᠭᠡᠵᠦ ᠴᠢᠩᠭᠢᠰ ᠬᠠᠭᠠᠨ ᠰᠣᠶᠣᠷᠬᠠᠪᠠ᠃ ᠲᠡᠳᠡᠨᠡᠷ ᠪᠣᠯ ᠴᠢᠩᠭᠢᠰ ᠬᠠᠭᠠᠨ ᠤ᠋ ᠳᠡᠷᠭᠡᠳᠡ ᠠᠬᠤ ᠶ᠋ᠢᠨ ᠤᠴᠢᠷ ᠠ᠋ᠴᠠ ᠡᠨᠡᠬᠦ ᠲᠣᠷᠭᠠᠨ ᠴᠡᠷᠢᠭ ᠢ᠋ ᠶᠡᠷᠦ ᠶ᠋ᠢᠨ ᠴᠡᠷᠢᠭ ᠦ᠋ᠨ ᠳᠡᠭᠡᠭᠦᠷ ᠪᠠᠢᠷᠢᠯᠠᠭᠤᠯᠬᠤ ᠪᠠᠷ ᠪᠣᠯᠤᠭᠰᠠᠨ ᠶᠤᠮ᠃ ᠳᠠᠷᠤᠢ《ᠮᠢᠨᠦ ᠬᠡᠰᠢᠭᠲᠡᠨ ᠴᠡᠷᠢᠭ ᠦ᠋ᠨ ᠨᠣᠶᠠᠨ ᠲᠦᠮᠡᠨ ᠴᠡᠷᠢᠭ ᠦ᠋ᠨ ᠵᠢᠯᠣᠭᠣᠳᠤᠭᠴᠢ ᠶ᠋ᠢᠨ ᠳᠡᠭᠡᠷ᠎ᠡ ᠪᠠᠢᠬᠤ ᠶᠤᠮ》 ᠭᠡᠵᠦ ᠬᠡᠯᠡᠭᠰᠡᠨ ᠪᠠᠢᠨ᠎ᠠ᠃
       ᠲᠡᠢᠮᠦ ᠪᠣᠯᠪᠠᠴᠤ ᠡᠨᠡᠬᠦ ᠬᠡᠰᠢᠭᠲᠡᠨ ᠴᠡᠷᠢᠭ ᠢ᠋ ᠶᠠᠯᠠᠯᠠᠬᠤ ᠡᠷᠬᠡ ᠶ᠋ᠢ ᠡᠳᠡᠭᠡᠷ ᠵᠢᠯᠣᠭᠣᠳᠤᠭᠴᠢ ᠳ᠋ᠤ᠌ ᠲᠤᠰᠢᠶᠠᠭᠰᠠᠨ ᠦᠭᠡᠢ᠃ ᠡᠳᠡᠭᠡᠷ ᠬᠡᠰᠢᠭᠲᠡᠨ ᠢ᠋ ᠪᠣᠭᠳᠠ ᠬᠠᠭᠠᠨ ᠥᠪᠡᠷ ᠦ᠋ᠨ ᠪᠡᠶ᠎ᠡ ᠪᠡᠷ ᠢ᠋ᠶ᠋ᠡᠨ ᠰᠢᠭᠦᠨ ᠰᠢᠢᠳᠬᠡᠬᠦ ᠡᠷᠬᠡ ᠶ᠋ᠢᠨ ᠳᠣᠣᠷ᠎ᠠ ᠲᠠᠯᠪᠢᠪᠠ᠃ ᠪᠣᠭᠳᠠ ᠬᠠᠭᠠᠨ ᠡᠳᠡᠭᠡᠷ ᠬᠥᠮᠦᠰ ᠢ᠋ᠶ᠋ᠡᠷ ᠰᠢᠯᠢᠳᠡᠭ ᠴᠡᠷᠢᠭ ᠪᠣᠯᠭᠠᠭᠰᠠᠨ ᠢ᠋ᠶ᠋ᠠᠷ ᠪᠠᠷᠠᠬᠤ ᠦᠭᠡᠢ ᠥᠪᠡᠷ ᠦ᠋ᠨ ᠪᠡᠶ᠎ᠡ ᠳ᠋ᠦ᠍ᠨᠢ ᠨᠢᠭᠲᠠ ᠬᠣᠯᠪᠣᠭᠰᠠᠨ ᠴᠡᠷᠢᠭ ᠦ᠋ᠨ ᠵᠠᠩᠭᠢᠯᠠᠭ᠎ᠠ ᠪᠣᠯᠭᠠᠭᠰᠠᠨ ᠪᠠᠢᠨ᠎ᠠ᠃ ᠪᠣᠭᠳᠠ ᠬᠠᠭᠠᠨ ᠡᠳᠡᠭᠡᠷ ᠬᠡᠰᠢᠭᠲᠡᠨ ᠦ᠌ ᠬᠦᠴᠦ ᠪᠠ ᠴᠢᠨᠠᠷ ᠢ᠋ ᠮᠡᠳᠡᠵᠦ᠂ ᠶᠠᠮᠠᠷ ᠪᠠᠢᠷᠢ ᠳ᠋ᠤ᠌ ᠲᠠᠯᠪᠢᠪᠠᠴᠤ ᠪᠣᠯᠤᠮᠠᠷ ᠬᠥᠮᠦᠨ ᠢ᠋ ᠲᠡᠭᠦᠨ ᠦ᠌ ᠳᠣᠲᠣᠷ᠎ᠠ ᠠ᠋ᠴᠠ ᠰᠣᠩᠭᠣᠵᠤ ᠣᠯᠬᠤ ᠪᠠᠷ ᠪᠣᠯᠭᠠᠭᠰᠠᠨ ᠶᠤᠮ᠃ ᠡᠨᠡᠬᠦ ᠵᠣᠬᠢᠶᠠᠨ ᠪᠠᠢᠭᠤᠯᠤᠯᠲᠠ ᠪᠠᠷ ᠢ᠋ᠶ᠋ᠠᠨ ᠲᠡᠷᠡ ᠪᠠᠰᠠ ᠥᠭᠡᠷ᠎ᠡ ᠨᠢᠭᠡᠨ ᠵᠣᠷᠢᠯᠲᠠ ᠪᠠᠨ ᠭᠦᠢᠴᠡᠳᠬᠡᠭᠰᠡᠨ ᠪᠠᠢᠨ᠎ᠠ᠃ ᠡᠨᠡ ᠨᠢ ᠳᠠᠷᠤᠢ ᠲᠤᠰ ᠵᠣᠬᠢᠶᠠᠨ ᠪᠠᠢᠭᠤᠯᠤᠯᠲᠠ ᠶ᠋ᠢ ᠶᠠᠭᠤᠨ ᠳ᠋ᠤ᠌ ᠴᠤ ᠬᠠᠷᠰᠢᠯᠠᠭᠳᠠᠬᠤ ᠦᠭᠡᠢ ᠪᠡᠶ᠎ᠡ ᠪᠡᠨ ᠳᠠᠭᠠᠭᠠᠭᠰᠠᠨ ᠢ᠋ᠶ᠋ᠠᠷ ᠢ᠋ᠶ᠋ᠠᠨ ᠬᠤᠪᠢ ᠶ᠋ᠢᠨ ᠬᠠᠢᠷ᠎ᠠ ᠰᠡᠳᠬᠢᠯᠭᠡ ᠶᠡᠬᠡ ᠲᠡᠢ ᠲᠠᠯ᠎ᠠ ᠨᠤᠲᠤᠭ ᠤ᠋ᠨ ᠢᠵᠠᠭᠤᠷᠲᠠᠨ ᠠᠩᠭᠢ ᠶ᠋ᠢ ᠬᠤᠪᠢ ᠪᠡᠶ᠎ᠡ ᠪᠣᠯᠤᠨ ᠭᠡᠷ ᠪᠦᠯᠢ ᠲᠡᠢ ᠪᠡᠨ ᠬᠣᠯᠪᠣᠭᠳᠠᠯ ᠲᠠᠢ ᠪᠣᠯᠭᠠᠭᠰᠠᠨ ᠶᠤᠮ ᠪᠠᠢᠨ᠎ᠠ᠃ ᠠᠢᠮᠠᠭ ᠶᠠᠰᠤᠲᠠᠨ ᠤ᠋ ᠲᠦᠰᠢᠮᠡᠳ᠂ ᠨᠣᠶᠠᠳ ᠤ᠋ᠨ ᠬᠡᠦᠬᠡᠳ ᠣᠷᠳᠣᠨ ᠳ᠋ᠤ᠌ ᠪᠠᠢᠬᠤ ᠬᠤᠭᠤᠴᠠᠭ᠎ᠠ ᠳ᠋ᠠᠭᠠᠨ ᠡᠴᠢᠭᠡ ᠶ᠋ᠢᠨ ᠣᠷᠣᠨ ᠳ᠋ᠤ᠌ ᠨᠢᠭᠡᠨ ᠵᠦᠢᠯ ᠦ᠋ᠨ ᠬᠥᠮᠦᠨ ᠦ᠌ ᠪᠠᠷᠢᠴᠠ ᠪᠣᠯᠵᠤ ᠪᠠᠢᠪᠠ᠃ ᠬᠣᠵᠢᠮ ᠬᠣᠢᠰᠢ ᠲᠡᠳᠡᠨᠡᠷ ᠡᠴᠢᠭᠡ ᠶ᠋ᠢᠨ ᠢ᠋ᠶ᠋ᠡᠨ ᠣᠷᠳᠣᠨ ᠳ᠋ᠤ᠌ ᠬᠠᠷᠢᠪᠠᠴᠤ ᠲᠡᠳᠡ ᠶᠠᠭᠤᠨ ᠠ᠋ᠴᠠ ᠢᠯᠡᠭᠦᠦ ᠪᠣᠭᠳᠠ ᠬᠠᠭᠠᠨ ᠤ᠋ ᠲᠦᠰᠢᠮᠡᠳ ᠪᠣᠯᠬᠤ ᠪᠥᠭᠡᠳ ᠴᠡᠷᠢᠭ ᠦ᠋ᠨ ᠨᠣᠶᠠᠳ ᠮᠥᠨ᠃ ᠪᠣᠭᠳᠠ ᠬᠠᠭᠠᠨ ᠡᠨᠡ ᠮᠡᠲᠦ ᠶ᠋ᠢᠨ ᠠᠷᠭ᠎ᠠ ᠪᠠᠷ ᠪᠦᠯᠬᠦᠮᠳᠡᠯ ᠢ᠋ᠶ᠋ᠡᠷ ᠰᠤᠯᠠᠬᠠᠨ ᠪᠠᠢᠭᠰᠠᠨ ᠮᠠᠯᠴᠢᠨ ᠠᠷᠠᠳ ᠢ᠋ ᠬᠠᠭᠠᠨᠲᠤ ᠤᠯᠤᠰ ᠤ᠋ᠨ ᠳᠣᠲᠣᠷ᠎ᠠ ᠡᠭᠦᠷᠢᠳᠡ ᠰᠠᠮᠠᠭᠤᠨ ᠳᠡᠭᠳᠡᠬᠦ ᠭᠣᠯᠣᠮᠲᠠ ᠪᠣᠯᠵᠤ ᠪᠠᠢᠭᠰᠠᠨ ᠣᠷᠣᠨ ᠨᠤᠲᠤᠭ ᠤ᠋ᠨ ᠢᠵᠠᠭᠤᠷᠲᠠᠨ ᠢ᠋ ᠬᠤᠪᠢᠷᠠᠭᠤᠯᠤᠭᠠᠳ ᠬᠠᠭᠠᠨ ᠣᠷᠳᠣᠨ ᠳ᠋ᠠᠬᠢ ᠢᠵᠠᠭᠤᠷᠲᠠᠨ ᠪᠣᠯᠭᠠᠵᠤ᠂ ᠡᠳᠡᠭᠡᠷ ᠢᠵᠠᠭᠤᠷᠲᠠᠨ ᠤ᠋ ᠦᠵᠡᠯ ᠦ᠋ᠨ ᠵᠠᠷᠴᠢᠮ ᠳᠡᠭᠡᠷ᠎ᠡ᠂ ᠲᠡᠭᠦᠨ ᠦ᠌ ᠵᠣᠬᠢᠶᠠᠨ ᠪᠠᠢᠭᠤᠯᠤᠯᠲᠠ ᠶ᠋ᠢᠨ ᠰᠠᠭᠤᠷᠢ ᠪᠠᠨ ᠲᠠᠯᠪᠢᠬᠤ ᠭᠡᠰᠡᠨ ᠶᠦᠮ᠃
       ᠡᠨᠡ ᠬᠡᠰᠢᠭᠲᠡᠨ ᠴᠡᠷᠢᠭ ᠦ᠋ᠨ ᠲᠦᠮᠡᠨ ᠬᠥᠮᠦᠨ ᠦ᠌ ᠳᠣᠲᠣᠷ᠎ᠠ ᠠ᠋ᠴᠠ ᠪᠠᠰᠠ ᠮᠢᠩᠭᠠᠨ ᠬᠥᠮᠦᠨ ᠢ᠋ ᠰᠣᠩᠭᠣᠵᠤ ᠡᠭᠦᠨ ᠢ᠋ᠶ᠋ᠡᠷ ᠪᠠᠢᠩᠭᠤ ᠶ᠋ᠢᠨ ᠲᠣᠷᠭᠠᠨ ᠴᠡᠷᠢᠭ ᠪᠣᠯᠭᠠᠭᠰᠠᠨ ᠪᠠᠢᠨ᠎ᠠ᠃ ᠴᠢᠩᠭᠢᠰ ᠬᠠᠭᠠᠨ ᠲᠡᠳᠡᠨ ᠳ᠋ᠦ᠍ ᠬᠡᠯᠡᠭᠰᠡᠨ ᠨᠢ᠄《ᠲᠠᠨᠠᠷ᠂ ᠮᠢᠨᠦ ᠬᠡᠰᠢᠭᠲᠡᠨ ᠲᠣᠷᠭᠠᠨ ᠴᠡᠷᠢᠭ ᠦ᠋ᠳ ᠠ᠋᠂ ᠲᠠᠨᠠᠷ ᠡᠭᠦᠯᠡ ᠲᠡᠢ ᠰᠥᠨᠢ ᠡᠭᠦᠳᠡ ᠲᠡᠢ ᠭᠡᠷ ᠢ᠋ ᠮᠢᠨᠢ ᠦᠷᠭᠦᠯᠵᠢ ᠰᠠᠬᠢᠵᠤ᠂ ᠬᠠᠯᠢᠬᠤ ᠤᠰᠤᠨ ᠪᠣᠷᠣᠭᠠᠨ ᠳ᠋ᠤ᠌ ᠬᠠᠭᠠᠷᠢᠬᠤ ᠬᠦᠢᠲᠡᠨ ᠵᠢᠪᠠᠷ ᠲᠤ ᠬᠠᠨ᠎ᠠ ᠲᠠᠢ ᠭᠡᠷ ᠢ᠋ ᠮᠢᠨᠢ ᠬᠠᠷᠠᠭᠠᠯᠵᠠᠨ ᠪᠠᠢᠵᠤ᠂ ᠥᠷᠢᠰᠬᠦ ᠳᠠᠢᠰᠤᠨ ᠤ᠋ ᠮᠥᠷ ᠡᠴᠡ ᠥᠰᠢᠬᠦ ᠬᠣᠣᠷᠲᠠᠨ ᠤ᠋ ᠭᠠᠷ ᠠ᠋ᠴᠠ ᠥᠷᠯᠥᠭᠡ ᠦᠳᠡᠰᠢ ᠢᠯᠭᠠᠯ ᠦᠭᠡᠢ ᠡᠷᠦᠬᠡ ᠭᠡᠷ ᠢ᠋ ᠮᠢᠨᠢ ᠬᠠᠮᠠᠭᠠᠯᠠᠵᠤ᠂ ᠥᠪᠡᠷ ᠦ᠋ᠨ ᠨᠢᠳᠦ ᠶ᠋ᠢ ᠴᠠᠪᠴᠢᠯ ᠦᠭᠡᠢ ᠥᠪᠴᠢ ᠪᠡᠶ᠎ᠡ ᠶ᠋ᠢ ᠮᠢᠨᠢ ᠠᠷᠠᠴᠢᠯᠠᠪᠠ᠃ ᠮᠢᠨᠦ ᠪᠡᠶ᠎ᠡ ᠶ᠋ᠢᠨ ᠰᠢᠳᠠᠷ ᠥᠮᠴᠢ ᠪᠣᠯᠭᠠᠵᠤ ᠢᠯᠡᠭᠡᠭᠰᠡᠨ ᠲᠦᠮᠡᠨ ᠬᠡᠰᠢᠭᠲᠡᠨ ᠢ᠋ ᠮᠢᠨᠦ ᠬᠣᠢᠨ᠎ᠠ ᠶᠡᠬᠡ ᠰᠠᠭᠤᠷᠢᠨ ᠢ᠋ ᠵᠠᠯᠭᠠᠮᠵᠢᠯᠠᠭᠰᠠᠨ ᠬᠥᠪᠡᠭᠦᠳ᠃ ᠮᠢᠨᠦ ᠭᠡᠷᠢᠶᠡᠰ ᠢ᠋ ᠳᠤᠷᠠᠰᠬᠠᠯ ᠮᠡᠲᠦ ᠰᠠᠬᠢᠵᠤ᠂ ᠠᠯᠢᠪᠠ ᠭᠠᠰᠠᠯᠠᠩ  ᠦᠭᠡᠢ ᠰᠠᠢᠲᠤᠷ ᠠᠰᠠᠷᠠᠭᠲᠤᠨ᠃ ᠮᠢᠨᠦ ᠡᠷᠬᠢᠮᠰᠦᠭ ᠬᠡᠰᠢᠭᠲᠡᠨ ᠭᠡᠵᠦ ᠡᠷᠭᠦᠮᠵᠢᠯᠡᠵᠦ ᠤᠷᠤᠭ ᠤ᠋ᠨ ᠤᠷᠤᠭ ᠲᠤ ᠬᠦᠷᠲᠡᠯ᠎ᠡ ᠬᠠᠯᠠᠮᠵᠢ ᠦᠵᠡᠭᠦᠯᠦᠭᠲᠦᠨ》 ᠭᠡᠵᠡᠢ᠃ ᠴᠠᠭᠠᠨ ᠨᠣᠶᠠᠨ— ᠡᠨᠡ ᠬᠥᠮᠦᠨ ᠪᠣᠯ ᠲᠠᠩᠭᠤᠳ ᠬᠥᠮᠦᠨ ᠶᠦ᠍ᠮ᠃ ᠬᠡᠦᠬᠡᠳ ᠦ᠋ᠨ ᠦᠶ᠎ᠡ ᠡᠴᠡ ᠪᠡᠨ ᠪᠥᠷᠲᠡ ᠬᠠᠲᠤᠨ ᠤ᠋ ᠭᠠᠷ ᠳᠡᠭᠡᠷ᠎ᠡ ᠥᠪᠡᠷ ᠦ᠋ᠨ ᠬᠢᠨᠢ ᠬᠥᠪᠡᠭᠦᠨ ᠮᠡᠲᠦ ᠬᠥᠮᠦᠵᠢᠭᠳᠡᠭᠰᠡᠭᠡᠷ ᠢᠷᠡᠭᠰᠡᠨ ᠪᠥᠭᠡᠳ ᠴᠢᠩᠭᠢᠰ ᠬᠠᠭᠠᠨ ᠢ᠋ ᠰᠠᠯᠤᠯ ᠦᠭᠡᠢ ᠳᠠᠭᠠᠵᠤ ᠪᠠᠢᠭᠰᠠᠨ ᠶᠤᠮ᠃ ᠡᠨᠡᠬᠦ ᠴᠠᠭᠠᠨ ᠨᠣᠶᠠᠨ  ᠢ᠋ᠶ᠋ᠠᠷ ᠬᠡᠰᠢᠭᠲᠡᠨ ᠴᠡᠷᠢᠭ ᠦ᠋ᠨ ᠵᠢᠯᠣᠭᠣᠳᠤᠭᠴᠢ ᠨᠣᠶᠠᠨ ᠤ᠋ ᠲᠤᠰᠢᠶᠠᠯ ᠢ᠋ ᠡᠭᠦᠷᠭᠡᠯᠡᠭᠦᠯᠦᠭᠰᠡᠨ ᠪᠣᠯᠬᠣᠷ᠂ ᠡᠯ᠎ᠡ ᠠᠢᠮᠠᠭ ᠶᠠᠰᠤᠲᠠᠨ ᠨᠣᠶᠠᠳ ᠲᠡᠭᠦᠨ ᠦ᠌ ᠦᠭᠡ ᠶ᠋ᠢ ᠳᠠᠭᠠᠬᠤ ᠦᠭᠡᠢ ᠪᠠᠢᠵᠤ ᠪᠣᠯᠬᠤ ᠦᠭᠡᠢ ᠶᠦ᠍ᠮ᠃
       ᠡᠨᠡ ᠮᠡᠲᠦ ᠠᠷᠭ᠎ᠠ ᠬᠡᠮᠵᠢᠶ᠎ᠡ ᠠᠪᠤᠭᠰᠠᠨ ᠨᠢ ᠣᠨᠴᠠ ᠠᠶᠤᠯ ᠪᠣᠯᠤᠭᠰᠠᠨ ᠠ᠋ᠴᠠ ᠠᠪᠤᠭᠰᠠᠨ ᠠᠷᠭ᠎ᠠ ᠪᠢᠰᠢ᠃ ᠴᠢᠩᠭᠢᠰ ᠦ᠋ᠨ ᠬᠠᠭᠠᠨᠲᠤ ᠤᠯᠤᠰ ᠨᠢ ᠶᠠᠭ ᠪᠠᠢᠭᠤᠯᠤᠭᠳᠠᠵᠤ ᠪᠠᠢᠭ᠎ᠠ ᠴᠠᠭ ᠦᠶ᠎ᠡ ᠳ᠋ᠡᠭᠡᠨ ᠪᠠᠢᠭᠰᠠᠨ ᠶᠤᠮ᠃ ᠨᠡᠭᠦᠳᠡᠯᠴᠢᠨ ᠠᠷᠠᠳ ᠪᠠᠰᠠ ᠭᠠᠭᠴᠠ ᠬᠥᠮᠦᠨ ᠦ᠌ ᠵᠣᠷᠢᠭ ᠰᠠᠨᠠᠭ᠎ᠠ ᠶ᠋ᠢ ᠳᠠᠭᠠᠵᠤ ᠶᠠᠪᠤᠬᠤ ᠵᠠᠩ ᠳᠠᠳᠬᠠᠯ ᠦᠭᠡᠢ᠂ ᠭᠠᠭᠴᠠ ᠬᠥᠮᠦᠨ ᠦ᠌ ᠦᠭᠡ ᠨᠢ ᠬᠠᠤᠯᠢ ᠴᠠᠭᠠᠵᠠ ᠪᠣᠯᠤᠨ᠎ᠠ ᠭᠡᠰᠡᠨ ᠬᠡᠮᠵᠢᠶᠡᠨ ᠳ᠋ᠦ᠍ ᠬᠦᠷᠴᠦ ᠴᠢᠳᠠᠭᠠᠳᠤᠢ ᠪᠠᠢᠵᠠᠢ᠃ ᠡᠷᠬᠡ ᠬᠤᠪᠢᠶᠠᠷᠢᠯᠠᠬᠤ ᠳ᠋ᠠᠭᠠᠨ ᠪᠡᠶ᠎ᠡ ᠳ᠋ᠦ᠍ᠨᠢ ᠬᠣᠬᠢᠷᠠᠯ ᠪᠣᠯᠬᠤ ᠠ᠋ᠴᠠ ᠡᠮᠢᠶᠡᠨ ᠤᠪ ᠶᠠᠪᠤᠭᠤᠯᠤᠯᠭ᠎ᠠ ᠬᠢᠵᠦ᠂ ᠬᠠᠷᠢᠯᠴᠠᠨ ᠬᠤᠤᠪᠢᠯᠳᠤᠯᠭ᠎ᠠ ᠬᠢᠬᠦ ᠡᠪᠰᠡᠯ ᠴᠤ᠌ ᠭᠠᠷᠤᠭᠰᠠᠨ ᠪᠠᠢᠨ᠎ᠠ᠃ ᠴᠢᠩᠭᠢᠰ ᠬᠠᠭᠠᠨ ᠲᠠᠢ ᠨᠡᠯᠢᠶᠡᠳ ᠲᠡᠩᠴᠡᠬᠥᠣ ᠤᠷᠠᠨ ᠠᠷᠭ᠎ᠠ ᠲᠠᠢ ᠨᠢᠭᠡᠨ ᠡᠷ᠎ᠡ ᠪᠠᠢᠭᠰᠠᠨ ᠪᠢᠯᠡ᠃ ᠡᠨᠡ ᠬᠥᠮᠦᠨ ᠵᠢᠰᠤᠷ ᠵᠠᠯᠢᠬᠠᠢ ᠮᠡᠬᠡᠯᠡᠬᠦ ᠠᠷᠭ᠎ᠠ ᠪᠠᠷ ᠥᠪᠡᠷ ᠦ᠋ᠨ ᠨᠥᠯᠥᠭᠡ ᠪᠡᠨ ᠥᠷᠭᠡᠳᠬᠡᠵᠦ ᠪᠠᠢᠪᠠ᠃ ᠡᠨᠡ ᠨᠢ ᠬᠠᠷ᠎ᠠ ᠶ᠋ᠢᠨ ᠱᠠᠰᠢᠨ ᠤ᠋ ᠪᠥᠬᠡ ᠳᠠᠪ ᠲᠡᠭᠷᠢ ᠪᠠᠢᠵᠤ ᠲᠦᠮᠡᠨ ᠬᠥᠮᠦᠨ ᠲᠡᠭᠦᠨ ᠡᠴᠡ ᠠᠶᠤᠨ ᠡᠮᠢᠶᠡᠵᠦ ᠲᠣᠯᠣᠭᠠᠢ ᠪᠥᠬᠥᠢᠵᠦ ᠪᠠᠢᠭᠰᠠᠨ ᠪᠢᠯᠡ᠃ ᠡᠨᠡ ᠪᠥᠬᠡ᠂ ᠴᠢᠩᠭᠢᠰ ᠬᠠᠭᠠᠨ ᠳ᠋ᠤ᠌ ᠠᠪᠴᠤ ᠬᠡᠯᠡᠪᠡᠯ ᠠᠮᠤᠷ ᠦᠭᠡᠢ ᠢᠷᠣ᠎ᠠ ᠮᠠᠭᠤ ᠲᠠᠢ ᠨᠢᠭᠡᠨ ᠠᠮᠢᠲᠠᠨ ᠪᠣᠯᠵᠤ ᠪᠠᠢᠭᠰᠠᠨ ᠶᠤᠮ᠃ ᠶᠠᠭᠠᠬᠢᠭᠠᠳ ᠭᠡᠪᠡᠯ ᠪᠣᠭᠳᠠ ᠬᠠᠭᠠᠨ ᠡᠯ᠎ᠡ ᠰᠠᠯᠠᠭ᠎ᠠ ᠮᠥᠴᠢᠷ ᠲᠦ᠍ ᠪᠦᠷ ᠥᠪᠡᠷ ᠦ᠋ᠨ ᠲᠤᠰᠢᠶᠠᠯᠲᠠᠨ ᠢ᠋ᠶ᠋ᠠᠨ ᠲᠠᠯᠪᠢᠭᠰᠠᠨ ᠪᠥᠭᠡᠳ ᠡᠯ᠎ᠡ ᠰᠠᠯᠠᠭ᠎ᠠ ᠮᠥᠴᠢᠷ ᠦ᠋ᠨ ᠳᠠᠷᠤᠭ᠎ᠠ ᠨᠠᠷ ᠪᠦᠷ ᠪᠣᠭᠳᠠ ᠬᠠᠭᠠᠨ ᠳ᠋ᠤ᠌ ᠵᠢᠳᠬᠦᠬᠦ ᠲᠠᠩᠭᠠᠷᠢᠭ ᠬᠢᠭᠰᠡᠨ ᠪᠢᠯᠡ᠃ ᠭᠠᠭᠴᠠ ᠨᠢᠭᠡᠨ ᠰᠠᠯᠠᠭ᠎ᠠ ᠮᠥᠴᠢᠷ ᠦᠯᠡᠳᠡᠵᠦ᠂ ᠡᠨᠡ ᠳᠠᠷᠤᠢ ᠱᠠᠰᠢᠨ ᠰᠤᠷᠲᠠᠬᠤᠨ ᠤ᠋ ᠰᠠᠯᠠᠭ᠎ᠠ ᠮᠥᠴᠢᠷ ᠪᠣᠯᠤᠨ᠎ᠠ᠃
       ᠲᠦᠮᠡᠨ ᠬᠥᠮᠦᠨ ᠴᠥᠮ ᠬᠥᠭᠡᠴᠦ ᠭᠡᠬᠦ ᠪᠥᠬᠡ ᠶ᠋ᠢ ᠱᠠᠰᠢᠨ ᠤ᠋ ᠬᠠᠮᠤᠭ ᠤ᠋ᠨ ᠳᠡᠭᠡᠳᠦ ᠲᠦᠷᠦᠭᠦᠦ ᠭᠡᠵᠦ ᠲᠠᠨᠢᠵᠤ ᠪᠠᠢᠭᠰᠠᠨ ᠪᠥᠭᠡᠳ<ᠮᠥᠩᠬᠡ ᠲᠡᠭᠷᠢ> ᠶ᠋ᠢᠨ ᠵᠠᠷᠯᠢᠭ ᠢ᠋ ᠤᠯᠠᠮᠵᠢᠯᠠᠨ ᠪᠣᠭᠳᠠ ᠬᠠᠭᠠᠨ ᠳ᠋ᠤ᠌ ᠴᠢᠩᠭᠢᠰ ᠭᠡᠬᠦ ᠴᠣᠯᠠ ᠦᠭᠭᠦᠭᠰᠡᠨ ᠨᠢ ᠡᠨᠡᠬᠦ ᠳᠠᠪ ᠲᠡᠭᠷᠢ ᠭᠡᠰᠡᠨ ᠬᠥᠭᠡᠴᠦ ᠮᠥᠨ᠃ ᠭᠡᠲᠡᠯ᠎ᠡ ᠪᠥᠬᠡ ᠶ᠋ᠢᠨ ᠱᠠᠰᠢᠨ ᠤ᠋ ᠲᠦᠷᠦᠭᠦᠦ ᠭᠡᠬᠦ ᠲᠤᠰᠢᠶᠠᠯ ᠢ᠋ ᠨᠢ ᠦᠭᠭᠦᠭᠰᠡᠨ ᠦᠭᠡᠢ᠃ ᠬᠥᠭᠡᠴᠦ ᠪᠠᠰᠠ ᠲᠡᠷᠡ ᠬᠡᠷᠡᠭ ᠢ᠋ ᠳᠡᠮᠡᠢ ᠣᠢᠰᠢᠶᠠᠬᠤ ᠦᠭᠡᠢ᠂<ᠲᠡᠭᠷᠢ>᠂<ᠭᠠᠵᠠᠷ> ᠤ᠋ᠨ ᠵᠠᠭᠤᠯᠴᠢ ᠪᠣᠯᠬᠤ ᠲᠡᠷᠡ ᠬᠥᠮᠦᠨ᠂ ᠪᠡᠶ᠎ᠡ ᠪᠡᠨ ᠪᠣᠭᠳᠠ ᠡᠵᠡᠨ ᠦ᠌ ᠨᠢᠭᠡᠳᠦᠭᠡᠷ ᠥᠮᠥᠭᠯᠡᠭᠴᠢ ᠭᠡᠵᠦ ᠰᠠᠨᠠᠵᠤ ᠪᠠᠢᠭᠰᠠᠨ ᠶᠤᠮ᠃ ᠲᠡᠭᠦᠨ ᠦ᠌ ᠪᠡᠶ᠎ᠡ ᠨᠢ ᠶᠠᠮᠠᠷ ᠡᠮᠬᠢ ᠳᠠᠷᠠᠭ᠎ᠠ ᠶ᠋ᠢ ᠴᠦ᠍ ᠳᠠᠭᠠᠬᠤ ᠦᠭᠡᠢ᠂ ᠬᠤᠷᠠᠯᠳᠤᠭᠠᠨ ᠤ᠋ ᠦᠶ᠎ᠡ ᠳ᠋ᠦ᠍ ᠴᠦ᠍᠂ ᠥᠷᠯᠥᠭ ᠪᠤᠶᠤ ᠲᠦᠰᠢᠮᠡᠳ ᠦᠭᠡ ᠳᠤᠤᠭᠠᠷᠬᠤ ᠠ᠋ᠴᠠ ᠤᠷᠢᠳ ᠲᠡᠷᠡ ᠦᠭᠡ ᠬᠡᠯᠡᠳᠡᠭ᠃ ᠬᠥᠭᠡᠴᠦ ᠢᠩᠬᠡᠵᠣ ᠠᠭᠠᠰᠢᠯᠠᠭᠰᠠᠨ ᠦᠶ᠎ᠡ ᠳ᠋ᠦ᠍ ᠴᠢᠩᠭᠢᠰ ᠬᠠᠭᠠᠨ ᠤ᠋ ᠲᠡᠭᠦᠳᠡᠷ ᠪᠠ ᠬᠡᠦᠬᠡᠳ ᠨᠢ ᠪᠣᠭᠳᠠ ᠬᠠᠭᠠᠨ ᠤ᠋ ᠴᠢᠷᠠᠢ ᠪᠠᠷᠤᠢᠬᠤ ᠨᠢ ᠬᠠᠷᠠᠭᠳᠠᠭᠰᠠᠨ ᠠ᠋ᠴᠠ ᠠᠮᠤᠷ ᠦᠭᠡᠢ ᠪᠠᠢᠵᠠᠭᠠᠭᠰᠠᠨ ᠶᠤᠮ᠃ ᠭᠡᠪᠡᠴᠦ ᠴᠢᠩᠭᠢᠰ ᠬᠠᠭᠠᠨ ᠲᠡᠭᠦᠨ ᠦ᠌ ᠦᠭᠡ ᠶ᠋ᠢ ᠵᠥᠪᠰᠢᠶᠡᠷᠡᠳᠡᠭ ᠪᠠᠢᠯ᠎ᠠ᠃ ᠤᠴᠢᠷ ᠡᠢᠮᠦ ᠡᠴᠡ ᠬᠥᠭᠡᠴᠦ ᠪᠣᠯᠤᠨ ᠴᠢᠩᠭᠢᠰ ᠬᠠᠭᠠᠨ ᠤ᠋ ᠭᠡᠷ ᠪᠦᠯᠢ ᠶ᠋ᠢᠨ ᠬᠣᠭᠣᠷᠣᠨᠳᠣ ᠢᠯᠡ ᠪᠡᠷ ᠡᠰᠡᠷᠭᠦᠴᠡᠬᠦ ᠶᠠᠪᠤᠳᠠᠯ ᠡᠬᠢᠯᠡᠯ᠎ᠡ᠃ ᠪᠣᠭᠳᠠ ᠬᠠᠭᠠᠨ ᠤ᠋ ᠣᠳᠬᠣᠨ ᠳᠡᠭᠦᠦ ᠲᠡᠮᠦᠭᠡ (ᠣᠨ ᠤᠳᠴᠢᠬᠢᠨ ᠨᠣᠶᠠᠨ) ᠨᠢᠭᠡ ᠤᠳᠠᠭ᠎ᠠ ᠬᠥᠭᠡᠴᠦ ᠶ᠋ᠢ ᠡᠰᠡᠷᠭᠦᠴᠡᠭᠰᠡᠨ ᠳ᠋ᠦ᠍᠂ ᠣᠯᠠᠨ ᠤ᠋ ᠬᠤᠷᠠᠯ ᠤ᠋ᠨ ᠳᠤᠮᠳᠠ ᠲᠡᠭᠦᠨ ᠢ᠋ ᠬᠠᠷ᠎ᠠ ᠲᠠᠢ ᠴᠣᠬᠢᠭᠰᠠᠨ ᠠᠵᠢ᠃ ᠡᠨᠡ ᠦᠶ᠎ᠡ ᠳ᠋ᠦ᠍ ᠪᠣᠭᠳᠠ ᠬᠠᠭᠠᠨ ᠲᠣᠪ ᠳᠤᠭᠤᠢ ᠦᠵᠡᠵᠦ ᠪᠠᠢᠯ᠎ᠠ᠃ ᠣᠳᠣ ᠬᠥᠭᠡᠴᠦ ᠬᠠᠷᠢᠨ ᠴᠢᠩᠭᠢᠰ ᠬᠠᠭᠠᠨ ᠤ᠋ ᠬᠠᠮᠤᠭ ᠤ᠋ᠨ ᠣᠢᠷ᠎ᠠ ᠰᠠᠳᠤᠨ ᠨᠠᠷ ᠤ᠋ᠨ ᠤᠷᠢᠳ ᠦᠭᠡ ᠬᠡᠯᠡᠬᠦ ᠪᠣᠯᠤᠭᠰᠠᠨ ᠢ᠋ ᠤᠯᠤᠰ ᠳᠠᠶᠠᠭᠠᠷ ᠮᠡᠳᠡᠵᠦ ᠪᠠᠢᠯ᠎ᠠ᠃
       ᠪᠠᠴᠢᠮ ᠪᠠᠢᠳᠠᠯ ᠡᠳᠦᠷ ᠢᠷᠡᠬᠦ ᠳᠣᠳᠣᠮ ᠨᠡᠮᠡᠭᠳᠡᠵᠦ ᠢᠷᠡᠭᠡᠳ ᠲᠡᠮᠡᠴᠡᠯ ᠨᠢᠭᠡᠨᠲᠡ ᠢᠯᠡ ᠪᠣᠯᠵᠤ ᠪᠠᠢᠭᠰᠠᠨ ᠶᠤᠮ᠃ ᠬᠥᠭᠡᠴᠦ᠂ ᠴᠢᠩᠭᠢᠰ ᠬᠠᠭᠠᠨ ᠤ᠋ ᠣᠷᠳᠣᠨ ᠳ᠋ᠤ᠌ ᠣᠷᠣᠵᠤ ᠭᠠᠷᠴᠤ ᠯᠠ ᠪᠠᠢᠯ᠎ᠠ᠃ ᠲᠡᠷᠡ ᠴᠢᠩᠭᠢᠰ ᠬᠠᠭᠠᠨ ᠳ᠋ᠤ᠌ ᠬᠡᠯᠡᠵᠦ ᠦᠭᠭᠦᠭᠰᠡᠨ ᠨᠢ᠄《ᠮᠥᠩᠬᠡ ᠲᠡᠭᠷᠢ ᠶ᠋ᠢᠨ ᠰᠠᠬᠢᠭᠤᠯᠰᠤᠨ᠂ ᠨᠢᠭᠡ ᠤᠳᠠᠭ᠎ᠠ ᠲᠡᠮᠦᠵᠢᠨ ᠤᠯᠤᠰ ᠤ᠋ᠨ ᠡᠷᠬᠡ ᠶ᠋ᠢ ᠪᠠᠷᠢᠮᠤᠢ᠂ ᠨᠢᠭᠡ ᠤᠳᠠᠭ᠎ᠠ ᠬᠠᠰᠠᠷ ᠤᠯᠤᠰ ᠤ᠋ᠨ ᠡᠷᠬᠡ ᠶ᠋ᠢ ᠪᠠᠷᠢᠮᠤᠢ ᠭᠡᠵᠦ ᠵᠦᠩ ᠮᠡᠳᠡᠭᠳᠡᠪᠡ᠃ ᠬᠠᠰᠠᠷ ᠠ᠋ᠴᠠ ᠡᠰᠡ ᠪᠣᠯᠭᠣᠮᠵᠢᠯᠠᠪᠠᠰᠤ ᠶᠠᠭᠤ ᠪᠣᠯᠬᠤ ᠶ᠋ᠢ ᠮᠡᠳᠡᠬᠦ ᠦᠭᠡᠢ》 ᠭᠡᠰᠡᠨ ᠳ᠋ᠦ᠍ ᠴᠢᠩᠭᠢᠰ ᠬᠠᠭᠠᠨ ᠶᠠᠭᠤ ᠴᠤ᠌ ᠬᠠᠷᠢᠭᠤ ᠬᠡᠯᠡᠭᠰᠡᠨ ᠦᠭᠡᠢ᠃ ᠴᠢᠩᠭᠢᠰ ᠬᠠᠭᠠᠨ ᠬᠡᠳᠦᠢ ᠪᠡᠷ ᠳᠤᠭᠤᠢ ᠪᠠᠢᠭᠰᠠᠨ ᠪᠣᠯᠪᠠᠴᠤ ᠰᠡᠳᠬᠢᠯ ᠳᠣᠲᠣᠷ᠎ᠠ ᠨᠢ ᠰᠡᠵᠢᠭ ᠲᠥᠷᠥᠵᠦ ᠪᠠᠢᠯ᠎ᠠ᠃ ᠲᠡᠭᠡᠭᠡᠳ ᠲᠡᠷᠡ ᠰᠡᠮᠡᠬᠡᠷ ᠰᠡᠳᠬᠢᠯ ᠲᠠᠯᠪᠢᠵᠤ ᠳᠡᠭᠦᠦ ᠶ᠋ᠢᠨ ᠢ᠋ᠶ᠋ᠡᠨ ᠠᠵᠢᠯᠯᠠᠭ᠎ᠠ ᠶ᠋ᠢ ᠠᠩᠬᠠᠷᠴᠤ ᠡᠬᠢᠯᠡᠪᠡ᠃ ᠨᠢᠭᠡᠨ ᠡᠳᠦᠷ ᠳᠡᠭᠦᠦ ᠬᠠᠰᠠᠷ ᠨᠢ ᠴᠢᠩᠭᠢᠰ ᠬᠠᠭᠠᠨ ᠤ᠋ ᠦᠨᠡᠨ ᠵᠢᠷᠦᠬᠡᠨ ᠡᠴᠡ ᠪᠡᠨ ᠬᠠᠢᠷᠠᠲᠠᠢ ᠡᠬᠡᠨᠡᠷ ᠱ᠌ᠢᠷᠦ (ᠲᠡᠦᠬᠡ ᠶ᠋ᠢᠨ ᠵᠠᠷᠢᠮ ᠪᠢᠴᠢᠭ ᠲᠦ᠍ ᠶᠧ ᠰᠦᠢ (ᠶᠢᠰᠦᠢ) ᠭᠡᠵᠦ ᠲᠡᠮᠳᠡᠭᠯᠡᠵᠦ ᠪᠣᠢ) ᠶ᠋ᠢᠨ ᠭᠠᠷ ᠢ᠋ ᠲᠠᠲᠠᠭᠰᠠᠨ ᠢ᠋ ᠨᠢ ᠦᠵᠡᠯ᠎ᠡ᠃ ᠡᠨᠡ ᠨᠢ ᠬᠡᠢ ᠦᠵᠡᠭᠳᠡᠯ ᠣᠭᠲᠣ ᠪᠢᠰᠢ ᠠᠵᠢ᠃ ᠴᠢᠩᠭᠢᠰ ᠬᠠᠭᠠᠨ ᠣᠷᠳᠣᠨ ᠳ᠋ᠠᠭᠠᠨ ᠰᠠᠭᠤᠵᠤ ᠪᠠᠢᠭᠰᠠᠭᠠᠷ ᠴᠢᠷᠠᠢ ᠨᠢ ᠪᠠᠷᠤᠢᠵᠤ ᠪᠠᠢᠯ᠎ᠠ᠂ ᠬᠤᠷᠠᠯ ᠳᠠᠭᠤᠰᠴᠤ ᠤᠤ᠂ ᠦᠭᠡᠢ ᠤᠤ᠂ ᠬᠥᠭᠡᠴᠦ ᠡᠭᠡᠵᠦ ᠢᠷᠡᠭᠡᠳ ᠪᠠᠬ᠎ᠠ ᠨᠢ ᠬᠠᠨᠤᠭᠰᠠᠨ ᠮᠡᠲᠦ ᠪᠠᠶᠠᠷᠯᠠᠭᠠᠳ᠄《ᠴᠢᠨᠦ ᠡᠬᠡᠨᠡᠷ ᠦ᠋ᠨ ᠭᠠᠷ ᠢ᠋ ᠲᠠᠲᠠᠭᠰᠠᠨ ᠢ᠋ ᠴᠢ ᠦᠵᠡᠭᠰᠡᠨ ᠪᠢᠵᠡ》 ᠭᠡᠵᠦ ᠬᠠᠰᠬᠢᠷᠤᠯ᠎ᠠ᠃
       ᠡᠨᠡ ᠦᠶ᠎ᠡ ᠴᠢᠩᠭᠢᠰ ᠬᠠᠭᠠᠨ ᠨᠢᠭᠡᠨᠲᠡ ᠬᠢᠯᠢᠩ ᠲᠥᠷᠥᠪᠡ᠃ ᠰᠥᠨᠢ ᠳᠦᠯᠢ ᠪᠡᠷ ᠴᠡᠷᠢᠭ ᠠᠩᠭᠢ ᠪᠠᠨ ᠴᠤᠭᠯᠠᠭᠤᠯᠵᠤ ᠬᠠᠰᠠᠷ ᠤ᠋ᠨ ᠭᠡᠷ ᠵᠦᠭ ᠵᠣᠷᠢᠪᠠ᠃ ᠴᠡᠷᠢᠭ ᠠᠩᠭᠢ ᠶ᠋ᠢᠨ ᠳᠠᠷᠤᠭ᠎ᠠ ᠳ᠋ᠠᠭᠠᠨ ᠡᠷᠬᠡ ᠴᠢᠯᠥᠭᠡᠲᠦ ᠮᠣᠩᠭᠣᠯ ᠬᠥᠮᠦᠨ ᠦ᠌ ᠲᠡᠮᠳᠡᠭ ᠪᠣᠯᠬᠤ ᠮᠠᠯᠠᠭᠠᠢ ᠪᠦᠰᠡ ᠶ᠋ᠢ ᠪᠤᠯᠢᠶᠠᠨ ᠠᠪᠴᠤ ᠬᠠᠰᠠᠷ ᠢ᠋ ᠪᠠᠷᠢᠵᠤ ᠬᠦᠯᠢᠭᠲᠦᠨ ᠭᠡᠰᠡᠨ ᠵᠠᠷᠯᠢᠭ ᠥᠭᠴᠡᠢ᠃ ᠤᠳᠠᠭᠰᠠᠨ ᠦᠭᠡᠢ ᠴᠢᠩᠭᠢᠰ ᠬᠠᠭᠠᠨ ᠪᠡᠶ᠎ᠡ ᠪᠡᠷ ᠢ᠋ᠶ᠋ᠡᠨ ᠰᠢᠭᠦᠨ ᠠᠰᠠᠭᠤᠬᠤ ᠶ᠋ᠢᠨ ᠲᠥᠯᠥᠭᠡ ᠪᠠᠰᠠ ᠲᠡᠨᠳᠡ ᠬᠦᠷᠴᠡᠢ᠃
       ᠬᠠᠰᠠᠷ ᠤ᠋ᠨ ᠡᠬᠡᠨᠡᠷ ᠬᠡᠦᠬᠡᠳ ᠨᠢ ᠤᠬᠢᠯᠠᠨ ᠬᠠᠰᠬᠢᠷᠤᠭᠰᠠᠭᠠᠷ ᠥᠭᠡᠯᠦᠨ ᠡᠬᠡ ᠶ᠋ᠢᠨ ᠣᠷᠳᠣᠨ ᠳ᠋ᠤ᠌ ᠣᠴᠢᠯ᠎ᠠ᠃ ᠥᠭᠡᠯᠦᠨ ᠡᠬᠡ ᠤᠨᠲᠠᠭᠰᠠᠨ ᠣᠷᠣᠨ ᠠ᠋ᠴᠠ ᠪᠠᠨ ᠵᠠᠪᠳᠤᠵᠤ ᠪᠣᠰᠤᠭᠠᠳ ᠵᠢᠵᠢᠭ ᠬᠢᠲᠤᠭ᠎ᠠ ᠪᠠᠨ ᠪᠠᠷᠢᠭᠠᠳ ᠬᠠᠰᠠᠷ ᠤ᠋ᠨ ᠭᠡᠷ ᠵᠦᠭ ᠭᠦᠶᠦᠯ᠎ᠡ᠃ ᠬᠡᠰᠢᠭᠲᠡᠨ ᠴᠡᠷᠢᠭ ᠨᠠᠷ ᠲᠡᠭᠦᠨ ᠢ᠋ ᠣᠷᠣᠭᠤᠯᠬᠤ ᠦᠭᠡᠢ ᠭᠡᠵᠦ ᠣᠷᠣᠯᠳᠣᠭᠰᠠᠨ ᠪᠣᠯᠪᠠᠴᠤ ᠪᠣᠭᠳᠠ ᠬᠠᠭᠠᠨ ᠤ᠋ ᠥᠨᠳᠥᠷ ᠨᠠᠰᠤᠲᠠᠢ ᠡᠵᠢ ᠳ᠋ᠦ᠍ ᠬᠡᠨ ᠠᠶᠤᠮᠰᠢᠭ ᠦᠭᠡᠢ ᠭᠠᠷ ᠬᠦᠷᠴᠦ ᠴᠢᠳᠠᠬᠤ ᠪᠣᠢ᠃ ᠥᠭᠡᠯᠦᠨ ᠡᠬᠡ ᠭᠡᠷ ᠲᠦ᠋ᠨᠢ ᠣᠷᠣᠭᠠᠳ ᠦᠵᠡᠬᠦᠯ᠎ᠡ᠂ ᠴᠢᠩᠭᠢᠰ ᠬᠠᠭᠠᠨ ᠵᠢᠪᠡᠭᠦᠨ ᠴᠢᠷᠠᠢᠯᠠᠵᠤ ᠬᠠᠰᠠᠷ ᠤ᠋ᠨ ᠡᠮᠦᠨ᠎ᠡ ᠵᠣᠭᠰᠣᠵᠤ ᠪᠠᠢᠯ᠎ᠠ᠃ ᠬᠦᠯᠢᠭᠳᠡᠭᠰᠡᠨ ᠬᠠᠰᠠᠷ ᠬᠠᠷᠢᠨ ᠶᠠᠭᠠᠬᠢᠬᠤ ᠶ᠋ᠢᠨ ᠠᠷᠭ᠎ᠠ ᠦᠭᠡᠢ ᠥᠰᠢᠯᠳᠦᠬᠦ ᠣᠪᠣᠷ ᠢ᠋ᠶ᠋ᠠᠷ ᠰᠠᠭᠤᠭᠠᠳ ᠬᠥᠳᠡᠯᠬᠦ ᠦᠭᠡᠢ ᠪᠠᠢᠵᠠᠢ᠃ ᠥᠭᠡᠯᠦᠨ ᠡᠬᠡ ᠠᠬ᠎ᠠ ᠳᠡᠭᠦᠦ ᠬᠣᠶᠠᠭᠤᠯᠠ ᠶ᠋ᠢᠨ ᠬᠣᠭᠣᠷᠣᠨᠳᠣ ᠲᠦᠷᠢᠵᠦ ᠣᠷᠣᠭᠠᠳ᠂ ᠬᠢᠲᠤᠭ᠎ᠠ ᠪᠠᠷ ᠢ᠋ᠶ᠋ᠠᠨ ᠬᠠᠰᠠᠷ ᠤ᠋ᠨ ᠬᠦᠯᠢᠶᠡᠰᠦ ᠶ᠋ᠢ ᠲᠠᠰᠤ ᠣᠭᠲᠣᠯᠵᠤ ᠮᠠᠯᠠᠭ᠎ᠠ ᠪᠦᠰᠡ ᠶ᠋ᠢ ᠨᠢ ᠪᠤᠴᠠᠭᠠᠨ ᠥᠭᠴᠦ᠂ ᠠᠭᠤᠷ ᠬᠢᠯᠢᠩ ᠢ᠋ᠶ᠋ᠡᠨ ᠳᠠᠷᠤᠵᠤ ᠶᠠᠳᠠᠨ ᠬᠣᠶᠠᠷ ᠬᠥᠬᠥ ᠪᠡᠨ ᠭᠠᠷᠭᠠᠵᠤ ᠥᠭᠦᠯᠡᠷᠦᠨ᠄《ᠡᠭᠦᠨ ᠢ᠋ ᠬᠠᠷᠠᠵᠤ ᠪᠠᠢᠨ᠎ᠠ ᠤᠤ᠂ ᠬᠥᠬᠥᠭᠰᠡᠨ ᠬᠥᠬᠥ ᠴᠢᠨᠢ ᠡᠨᠡ ᠪᠠᠢᠨ᠎ᠠ᠂ ᠬᠠᠪᠢᠷᠭ᠎ᠠ ᠪᠠᠨ ᠬᠠᠳᠤᠷᠠᠨ ᠬᠠᠵᠠᠭᠴᠢᠳ᠂ ᠬᠦᠢ ᠪᠡᠨ ᠬᠦᠴᠦᠷᠬᠡᠨ ᠲᠠᠰᠤᠯᠤᠭᠴᠢᠳ! ᠬᠠᠰᠠᠷ ᠶᠠᠭᠠᠬᠢᠪᠠ? ᠬᠠᠰᠠᠷ ᠬᠠᠪᠤ ᠬᠦᠴᠦᠲᠡᠢ ᠲᠤᠯᠠ᠂ ᠬᠤᠳᠬᠤᠯᠳᠤᠨ ᠵᠠᠶ᠋ᠢᠯᠠᠭᠰᠠᠳ ᠢ᠋ ᠬᠠᠷᠪᠤᠬᠤ ᠰᠤᠮᠤ ᠶ᠋ᠢᠨ ᠬᠦᠴᠦ ᠪᠡᠷ ᠬᠠᠮᠤᠵᠤ ᠠᠪᠴᠢᠷᠠᠳᠠᠭ ᠪᠢᠯᠡ᠃ ᠣᠳᠣ ᠳᠠᠢᠰᠤᠨ ᠢ᠋ ᠳᠠᠷᠤᠵᠤ ᠲᠡᠭᠦᠰᠪᠡ ᠭᠡᠮᠡᠨ ᠬᠠᠰᠠᠷ ᠢ᠋ ᠦᠵᠡᠨ ᠶᠠᠳᠠᠵᠤ ᠪᠠᠢᠨ᠎ᠠ ᠤᠤ?  ᠁  ᠁》 ᠭᠡᠵᠡᠢ᠃ ᠲᠣᠯᠣᠭᠠᠢ ᠨᠢ ᠳᠦᠢᠷᠡᠭᠡᠳ ᠲᠣᠪ ᠳᠤᠭᠤᠢ ᠵᠣᠭᠰᠣᠵᠤ ᠪᠠᠢᠭᠰᠠᠨ ᠴᠢᠩᠭᠢᠰ ᠬᠠᠭᠠᠨ ᠨᠠᠰᠤᠲᠠᠢ ᠡᠬᠡ ᠳ᠋ᠡᠭᠡᠨ ᠵᠠᠩᠨᠠᠭᠳᠠᠭᠠᠳ ᠭᠡᠨᠡᠳᠲᠡ ᠪᠡᠶ᠎ᠡ ᠡᠷᠭᠢᠭᠡᠳ ᠭᠠᠳᠠᠭᠰᠢ ᠭᠠᠷᠪᠠ᠃ ᠲᠡᠭᠡᠭᠡᠳ ᠴᠢᠩᠭᠢᠰ ᠬᠠᠭᠠᠨ ᠥᠪᠡᠷ ᠦ᠋ᠨ ᠣᠷᠳᠣᠨ ᠳ᠋ᠠᠭᠠᠨ ᠬᠠᠷᠢᠬᠤ ᠦᠶ᠎ᠡ ᠳ᠋ᠦ᠍ ᠪᠥᠷᠲᠡ ᠬᠠᠲᠤᠨ ᠨᠢ ᠬᠦᠯᠢᠶᠡᠵᠦ ᠪᠠᠢᠭᠰᠠᠨ ᠪᠢᠯᠡ᠃
      《ᠶᠠᠭᠠᠬᠢᠭᠰᠠᠨ ᠳᠦᠷᠰᠦ ᠦᠭᠡᠢ ᠶᠦ᠍ᠮ ᠪᠣᠢ᠃ ᠶᠠᠮᠠᠷ ᠶᠡᠬᠡ ᠰᠠᠮᠠᠭᠤᠨ ᠬᠡᠷᠡᠭ ᠪᠢᠯᠡ᠃ ᠥᠪᠡᠷ ᠦ᠋ᠨ ᠴᠢᠰᠤ ᠨᠢᠭᠡᠲᠡᠢ ᠳᠡᠭᠦᠦ ᠪᠡᠨ ᠲᠡᠢᠮᠦ ᠲᠦᠭᠰᠢᠭᠦᠷᠢᠲᠡᠢ ᠭᠡᠵᠦ ᠪᠣᠳᠣᠬᠤ ᠳ᠋ᠠᠭᠠᠨ᠂᠂᠂᠂᠂᠂ ᠬᠠᠭᠠᠨ ᠰᠠᠭᠤᠭᠰᠠᠨ ᠶᠠᠮᠠᠷ ᠬᠡᠷᠡᠭ ᠪᠠᠢᠬᠤ ᠪᠣᠢ᠂ ᠲᠡᠷᠡ ᠪᠥᠬᠡ ᠶ᠋ᠢᠨ ᠦᠭᠡ ᠶ᠋ᠢ ᠲᠠ ᠰᠣᠨᠣᠰᠬᠤ ᠦᠭᠡᠢ ᠪᠣᠯᠬᠤ ᠦᠭᠡᠢ ᠤᠤ》 ᠭᠡᠳ᠂ ᠪᠥᠷᠲᠡ ᠪᠠᠰᠠ ᠴᠢᠩᠭᠢᠰ ᠬᠠᠭᠠᠨ ᠤ᠋ ᠡᠬᠡ ᠶ᠋ᠢᠨ ᠬᠡᠯᠡᠭᠰᠡᠨ ᠦᠭᠡ ᠲᠡᠢ ᠠᠳᠠᠯᠢ ᠦᠭᠡ ᠶ᠋ᠢ ᠬᠡᠯᠡᠵᠦ ᠡᠬᠢᠯᠡᠯ᠎ᠡ᠃
       ᠲᠡᠷᠡ ᠪᠥᠬᠡ ᠣᠳᠣ ᠴᠢᠮ᠎ᠠ ᠠ᠋ᠴᠠ ᠥᠴᠦᠬᠡᠨ ᠴᠦ᠍ ᠵᠢᠷᠦᠬᠡᠰᠢᠶᠡᠬᠦ ᠦᠭᠡᠢ ᠠᠭᠠᠰᠢᠯᠠᠵᠤ ᠪᠠᠢᠨ᠎ᠠ᠂ ᠴᠢᠮᠠᠶ᠋ᠢ ᠦᠬᠦᠭᠰᠡᠨ ᠦ᠌ ᠬᠣᠢᠨ᠎ᠠ ᠲᠡᠷᠡ ᠶᠠᠭᠠᠬᠢᠵᠤ ᠠᠭᠠᠰᠢᠯᠠᠬᠤ ᠶ᠋ᠢ ᠪᠤᠤ ᠮᠡᠳᠡ᠃ ᠬᠣᠵᠢᠮ ᠬᠣᠢᠰᠢ ᠦᠷ᠎ᠡ ᠬᠡᠦᠬᠡᠳ ᠴᠢᠨᠢ ᠬᠢᠨ ᠢ᠋ ᠳᠠᠭᠠᠬᠤ ᠪᠣᠢ? ᠴᠢ ᠭᠡᠷ ᠪᠦᠯᠢ ᠶ᠋ᠢᠨ ᠢ᠋ᠶ᠋ᠡᠨ ᠲᠥᠯᠥᠭᠡ ᠲᠥᠷᠥ ᠪᠡᠨ ᠪᠠᠢᠭᠤᠯᠤᠭᠰᠠᠨ ᠤᠤ᠂ ᠪᠥᠬᠡ ᠶ᠋ᠢᠨ ᠲᠥᠯᠥᠭᠡ ᠡᠨᠡ ᠬᠠᠭᠠᠨᠲᠤ ᠤᠯᠤᠰ ᠢ᠋ ᠪᠠᠢᠭᠤᠯᠤᠭᠰᠠᠨ ᠤᠤ》 ᠭᠡᠵᠦ ᠦᠷᠭᠦᠯᠵᠢᠯᠡᠭᠦᠯᠦᠨ ᠬᠡᠯᠡᠪᠡ᠃ 
       ᠴᠢᠩᠭᠢᠰ ᠬᠠᠭᠠᠨ ᠲᠡᠷᠡ ᠰᠥᠨᠢ ᠳ᠋ᠡᠭᠡᠨ ᠤᠳᠬᠤᠨ ᠳᠡᠭᠦᠦ ᠲᠡᠮᠦᠭᠡ ᠶ᠋ᠢ ᠳᠠᠭᠤᠳᠠᠵᠤ ᠠᠪᠴᠢᠷᠠᠭᠠᠳ᠂ ᠲᠡᠭᠦᠨ ᠳ᠋ᠦ᠍ ᠬᠡᠯᠡᠭᠰᠡᠨ ᠨᠢ᠄《ᠬᠥᠭᠡᠴᠦ ᠮᠠᠷᠭᠠᠰᠢ ᠢᠷᠡᠮᠦᠢ᠃ ᠥᠰᠢᠶ᠎ᠡ ᠪᠡᠨ ᠶᠠᠭᠠᠬᠢᠵᠤ ᠠᠪᠬᠤ ᠶ᠋ᠢ ᠴᠢ ᠥᠪᠡᠷ ᠢ᠋ᠶ᠋ᠡᠨ ᠮᠡᠳᠡ》 ᠭᠡᠵᠡᠢ᠃ ᠬᠥᠭᠡᠴᠦ ᠡᠴᠢᠭᠡ ᠮᠡᠩᠯᠢᠭ ᠪᠣᠯᠤᠨ ᠠᠬ᠎ᠠ ᠳᠡᠭᠦᠦ ᠵᠢᠷᠭᠤᠭᠠᠭᠤᠯᠠ ᠬᠠᠮᠲᠤ ᠢᠷᠡᠪᠡ᠃ ᠲᠡᠮᠦᠭᠡ ᠵᠢᠭᠲᠡᠢ ᠨᠢᠭᠡ ᠣᠪᠣᠷ ᠭᠠᠷᠭᠠᠭᠰᠠᠨ ᠳ᠋ᠤ᠌᠂ ᠬᠥᠭᠡᠴᠦ ᠪᠠᠰᠠ ᠣᠮᠣᠷᠬᠠᠭ ᠵᠠᠩ ᠭᠠᠷᠭᠠᠵᠤ ᠳᠣᠷᠣᠮᠵᠢᠯᠠᠬᠤ ᠰᠢᠭ᠋ ᠤᠭ ᠰᠠᠭᠤᠳᠠᠯ ᠳ᠋ᠠᠭᠠᠨ ᠬᠠᠷᠢᠭᠤᠯᠪᠠ᠃ ᠲᠡᠮᠦᠭᠡ ᠦᠰᠦᠷᠴᠦ ᠪᠣᠰᠤᠭᠠᠳ ᠲᠡᠭᠦᠨ ᠲᠡᠢ ᠨᠣᠴᠣᠯᠳᠤᠭᠰᠠᠨ ᠳ᠋ᠤ᠌《ᠬᠠᠭᠠᠨ ᠤ᠋ ᠳᠡᠷᠭᠡᠳᠡ ᠶᠣᠰᠣ ᠪᠤᠰᠤ ᠭᠡᠷᠡᠯᠲᠦᠨ᠎ᠡ ᠭᠡᠰᠡᠨ ᠴᠢᠨᠢ ᠶᠠᠭᠤ ᠪᠣᠢ? ᠭᠠᠳᠠᠭᠰᠢ ᠭᠠᠷᠴᠤ ᠪᠥᠬᠡ ᠶ᠋ᠢᠨ ᠬᠦᠴᠦ ᠪᠡᠨ ᠲᠡᠮᠡᠴᠡᠯᠳᠦᠭᠲᠦᠨ》 ᠭᠡᠵᠦ ᠪᠣᠭᠳᠠ ᠬᠠᠭᠠᠨ ᠵᠠᠩᠳᠤᠷᠪᠠ᠃ ᠡᠨᠡ ᠬᠣᠶᠠᠭᠤᠯᠠ ᠣᠷᠳᠣᠨ ᠠ᠋ᠴᠠ ᠭᠠᠷᠤᠮᠠᠭᠴᠠ ᠡᠭᠦᠳᠡᠨ ᠦ᠌ ᠭᠠᠳᠠᠨ᠎ᠠ ᠬᠦᠯᠢᠶᠡᠵᠦ ᠪᠠᠢᠭᠰᠠᠨ ᠬᠡᠳᠦᠨ ᠬᠥᠮᠦᠨ ᠢᠷᠡᠵᠦ ᠬᠥᠭᠡᠴᠦ ᠶ᠋ᠢᠨ ᠨᠢᠷᠤᠭᠤ ᠶ᠋ᠢ ᠬᠤᠭᠤᠯᠪᠠ᠃ ᠣᠷᠳᠣᠨ ᠳ᠋ᠤ᠌ ᠪᠤᠴᠠᠵᠤ ᠢᠷᠡᠭᠡᠳ ᠲᠡᠮᠦᠭᠡ《ᠳᠠᠪ ᠲᠩᠷᠢ ᠨᠠᠮᠠᠶ᠋ᠢ ᠨᠠᠮᠠᠨᠴᠢᠯᠠᠭᠤᠯᠵᠤ ᠪᠠᠢᠭᠰᠠᠨ ᠪᠢᠯᠡ᠃ ᠣᠳᠣ ᠬᠦᠴᠦ ᠪᠡᠨ ᠦᠵᠡᠯᠴᠡᠶ᠎ᠡ ᠬᠡᠮᠡᠪᠡᠰᠦ ᠦᠯᠦ ᠵᠥᠪᠰᠢᠶᠡᠷᠡᠵᠦ ᠪᠠᠰᠢᠷᠯᠠᠨ ᠬᠡᠪᠲᠡᠵᠦ ᠪᠠᠢᠨ᠎ᠠ》 ᠭᠡᠵᠦ ᠬᠡᠯᠡᠵᠡᠢ᠃ ᠬᠥᠭᠡᠴᠦ ᠶ᠋ᠢᠨ ᠵᠢᠷᠭᠤᠭᠠᠨ ᠳᠡᠭᠦᠦ ᠨᠢ ᠬᠠᠨᠴᠤ ᠪᠠᠨ ᠰᠢᠮᠠᠯᠠᠵᠤ ᠲᠦᠷᠢᠮᠡᠬᠡᠢᠯᠡᠬᠦ ᠶ᠋ᠢ ᠵᠠᠪᠳᠤᠬᠤ ᠳ᠋ᠤ᠌《ᠵᠠᠢᠯᠠ! ᠭᠠᠷᠤᠶ᠎ᠠ》 ᠭᠡᠵᠦ ᠪᠣᠭᠳᠠ ᠬᠠᠭᠠᠨ ᠬᠡᠯᠡᠭᠡᠳ ᠭᠠᠳᠠᠨ᠎ᠠ ᠭᠠᠷᠤᠭᠰᠠᠨ ᠳ᠋ᠤ᠌᠂ ᠣᠷᠴᠢᠮ ᠳ᠋ᠤ᠌ ᠪᠠᠢᠭᠰᠠᠨ ᠬᠣᠷᠴᠢᠨ ᠲᠣᠷᠭᠤᠳ ᠨᠠᠷ ᠢᠷᠡᠵᠦ ᠲᠣᠭᠣᠷᠢᠨ ᠬᠠᠮᠠᠭᠠᠯᠠᠪᠠ᠃
       ᠬᠡᠰᠢᠭᠲᠡᠨ ᠲᠣᠷᠭᠠᠨ ᠴᠡᠷᠢᠭ ᠣᠯᠠᠨ ᠪᠠᠢᠭᠰᠠᠨ ᠲᠤᠯᠠ᠂ ᠥᠴᠦᠬᠡᠨ ᠲᠡᠳᠦᠢ ᠶᠣᠰᠣ ᠦᠭᠡᠢ ᠠᠭᠠᠰᠢᠯᠠᠪᠠᠯ ᠦᠬᠦᠭᠦᠯᠬᠦ ᠪᠡᠷ ᠰᠢᠢᠳᠬᠡᠭᠳᠡᠬᠦ ᠳ᠋ᠦ᠍ ᠬᠦᠷᠬᠦ ᠶᠦᠮ᠃ ᠡᠢᠮᠦ ᠡᠴᠡ ᠳᠠᠪ ᠲᠡᠭᠷᠢ ᠶ᠋ᠢᠨ ᠳᠡᠭᠦᠦ ᠨᠠᠷ ᠨᠢ ᠲᠣᠪ ᠳᠤᠭᠤᠢ ᠠᠬ᠎ᠠ ᠶ᠋ᠢᠨ ᠬᠡᠭᠦᠷ ᠢ᠋ ᠠᠪᠤᠭᠠᠳ ᠬᠠᠷᠢᠯ᠎ᠠ᠃
       ᠬᠥᠭᠡᠴᠦ ᠶ᠋ᠢᠨ ᠡᠴᠢᠭᠡ ᠮᠡᠩᠯᠢᠭ ᠴᠢᠩᠭᠢᠰ ᠬᠠᠭᠠᠨ ᠲᠠᠢ ᠬᠠᠮᠲᠤ ᠣᠷᠳᠣᠨ ᠳ᠋ᠤ᠌ ᠪᠤᠴᠠᠵᠤ ᠢᠷᠡᠭᠡᠳ᠄《ᠠᠭᠤᠵᠢᠮ ᠶᠡᠬᠡ ᠭᠠᠵᠠᠷ ᠢ᠋ ᠳᠣᠪᠣ ᠶ᠋ᠢᠨ ᠲᠡᠳᠦᠢ ᠪᠠᠢᠬᠤ ᠳ᠋ᠤ᠌᠂ ᠠᠭᠤᠯᠵᠠᠵᠤ ᠨᠥᠬᠥᠷᠯᠡᠭᠰᠡᠨ ᠪᠢᠯᠡ ᠪᠢ᠃ ᠤᠰᠤᠨ ᠶᠡᠬᠡ ᠮᠥᠷᠡᠨ ᠢ᠋ ᠭᠣᠷᠣᠬ᠎ᠠ ᠶ᠋ᠢᠨ ᠲᠡᠳᠦᠢ ᠪᠠᠢᠬᠤ ᠳ᠋ᠤ᠌᠂ ᠤᠴᠠᠷᠠᠵᠤ ᠲᠠᠨᠢᠯᠴᠠᠭᠰᠠᠨ ᠪᠢᠯᠡ᠃ ᠬᠠᠭᠠᠨ ᠮᠢᠨᠢ! ᠪᠢ ᠢᠮᠠᠭᠲᠠ ᠴᠢᠨᠦ ᠳᠠᠢᠴᠢᠨ ᠨᠥᠬᠥᠷ ᠪᠠᠢᠭᠰᠠᠨ᠂᠂᠂᠂᠂᠂ ᠡᠨᠡ ᠡᠳᠦᠷ ᠬᠦᠷᠲᠡᠯ᠎ᠡ ᠭᠡᠵᠦ ᠬᠡᠯᠡᠲᠡᠯ᠎ᠡ᠂ ᠴᠢᠩᠭᠢᠰ ᠬᠠᠭᠠᠨ ᠬᠡᠯᠢᠩᠯᠡᠵᠣ ᠮᠡᠩᠯᠢᠭ ᠡᠴᠢᠭᠡ ᠶ᠋ᠢ ᠳᠣᠩᠭᠣᠳᠴᠤ ᠬᠡᠯᠡᠭᠰᠡᠨ ᠨᠢ᠄《ᠲᠠ᠂ ᠬᠥᠪᠡᠭᠦᠳ ᠦ᠋ᠨ ᠢ᠋ᠶ᠋ᠡᠨ ᠠᠪᠤᠷᠢ ᠵᠠᠩ ᠢ᠋ ᠢᠳᠬᠠᠬᠤ ᠦᠭᠡᠢ ᠲᠤᠯᠠ ᠲᠡᠳᠡ᠂ ᠪᠢᠳᠡᠨ ᠲᠡᠢ ᠲᠡᠩᠴᠡᠬᠦ ᠬᠡᠮᠡᠭᠡᠳ ᠳᠠᠪ ᠲᠡᠭᠷᠢ ᠲᠣᠯᠣᠭᠠᠢ ᠪᠠᠨ ᠠᠯᠳᠠᠪᠠ᠃ ᠥᠷᠯᠥᠭᠡ ᠬᠡᠯᠡᠭᠰᠡᠨ ᠢ᠋ᠶ᠋ᠡᠨ ᠦᠳᠡᠰᠢ ᠨᠢᠴᠤᠭᠠᠵᠤ᠂ ᠦᠳᠡᠰᠢ ᠬᠡᠯᠡᠭᠰᠡᠨ ᠢ᠋ᠶ᠋ᠡᠨ ᠥᠷᠯᠥᠭᠡ ᠨᠢᠴᠤᠭᠠᠵᠤ ᠶᠠᠪᠤᠪᠠᠰᠤ ᠢᠴᠢᠭᠦᠷᠢᠲᠡᠢ ᠪᠢᠰᠢᠦ᠃ ᠤᠷᠢᠳᠤ ᠬᠡᠯᠡᠭᠰᠡᠨ ᠢ᠋ᠶ᠋ᠡᠨ ᠬᠠᠲᠠᠭᠤ ᠪᠠᠷᠢᠵᠤ ᠶᠠᠪᠤᠪᠠᠰᠤ ᠳᠡᠭᠡᠷ᠎ᠡ ᠪᠢᠰᠢᠦ᠃ ᠠᠭᠠᠰᠢ ᠠᠪᠤᠷᠢ ᠪᠠᠨ ᠲᠠᠲᠠᠵᠤ ᠶᠠᠪᠤᠭᠰᠠᠨ ᠪᠣᠯᠪᠠᠰᠤ ᠮᠡᠩᠯᠢᠭ ᠡᠴᠢᠭᠡ ᠶ᠋ᠢᠨ ᠤᠷᠤᠭ ᠲᠠᠢ᠂ ᠬᠡᠨ ᠲᠡᠩᠴᠡᠬᠦ ᠪᠢᠯᠡ᠃ ᠬᠥᠭᠡᠴᠦ ᠮᠢᠨᠦ ᠬᠡᠦᠬᠡᠳ ᠳᠡᠭᠦᠦ ᠨᠠᠷ ᠤ᠋ᠨ ᠳᠡᠭᠡᠷ᠎ᠡ ᠭᠠᠷᠬᠤ ᠭᠡᠪᠡ᠃ ᠨᠠᠳᠠ ᠲᠠᠢ ᠡᠷᠬᠡ ᠪᠤᠯᠢᠶᠠᠯᠳᠤᠮᠠᠷ ᠬᠡᠮᠵᠢᠶ᠎ᠡ ᠳ᠋ᠦ᠍ ᠴᠤ ᠬᠦᠷᠦᠭᠰᠡᠨ ᠪᠠᠢᠨ᠎ᠠ᠂ ᠲᠡᠭᠡᠭᠡᠳ ᠴᠢ ᠲᠡᠷᠡᠬᠦ ᠰᠢᠪᠠᠷᠲᠠᠢ ᠨᠠᠭᠤᠷ ᠤ᠋ᠨ ᠬᠥᠪᠡᠭᠡ ᠳ᠋ᠦ᠍ ᠨᠥᠬᠥᠴᠡᠯ ᠦᠭᠡᠢ ᠪᠡᠷ ᠦᠨᠡᠨᠴᠢ ᠰᠢᠳᠤᠷᠭᠤ ᠪᠠᠨ ᠭᠦᠢᠴᠡᠳᠬᠡᠨ᠎ᠡ ᠭᠡᠵᠦ ᠲᠠᠩᠭᠠᠷᠢᠭᠯᠠᠭᠰᠠᠨ ᠪᠢᠰᠢᠦ᠃ ᠣᠳᠣ ᠬᠠᠷᠢᠨ ᠲᠠᠩᠭᠠᠷᠢᠭ ᠢ᠋ᠶ᠋ᠠᠨ ᠡᠪᠳᠡᠬᠦ ᠭᠡᠵᠦ ᠪᠠᠢᠨ᠎ᠠ᠂ ᠡᠨᠡ ᠴᠢᠨᠢ ᠶᠠᠭᠤ ᠪᠣᠯᠵᠤ ᠪᠠᠢᠭ᠎ᠠ ᠶᠤᠮ᠃ ᠦᠳᠡᠰᠢ ᠶ᠋ᠢᠨ ᠦᠭᠡ  ᠪᠡᠨ ᠥᠷᠯᠥᠭᠡ ᠨᠢᠴᠤᠭᠠᠬᠤ ᠬᠡᠷᠡᠭ ᠢ᠋ ᠲᠠᠬᠢᠵᠣ ᠪᠢᠲᠡᠭᠡᠢ ᠦᠢᠯᠡᠳᠦᠭᠲᠦᠨ》 ᠭᠡᠪᠡ᠃
       ᠴᠢᠩᠭᠢᠰ ᠬᠠᠭᠠᠨ ᠤ᠋ ᠪᠤᠷᠤᠭᠤᠰᠢᠶᠠᠭᠰᠠᠨ ᠳ᠋ᠤ᠌ ᠮᠡᠩᠯᠢᠭ ᠨᠢᠭᠡᠨ ᠦᠭᠡ ᠴᠤ ᠬᠡᠯᠡᠵᠦ ᠴᠢᠳᠠᠭᠰᠠᠨ ᠦᠭᠡᠢ᠂ ᠴᠢᠩᠭᠢᠰ ᠬᠠᠭᠠᠨ ᠪᠠᠰᠠ ᠥᠩᠭᠡᠷᠡᠭᠰᠡᠨ ᠦ᠌ ᠬᠡᠷᠡᠭ ᠢ᠋ ᠳᠠᠬᠢᠵᠤ ᠬᠡᠯᠡᠭᠰᠡᠨ ᠦᠭᠡᠢ᠃       
       ᠮᠡᠩᠯᠢᠭ ᠪᠠᠰᠠ ᠤᠭ ᠬᠡᠪ ᠢ᠋ᠶ᠋ᠡᠷ ᠥᠷᠯᠥᠭ ᠦ᠋ᠨ ᠬᠤᠷᠠᠯ (ᠳᠠᠷᠤᠢ ᠴᠡᠷᠢᠭ ᠦ᠋ᠨ ᠵᠥᠪᠳᠡᠭᠴᠢ ᠨᠠᠷ ᠤ᠋ᠨ ᠬᠤᠷᠠᠯ) ᠳ᠋ᠤ᠌ ᠣᠷᠣᠯᠴᠠᠳᠠᠭ ᠪᠠᠢᠪᠠ᠃ ᠲᠡᠭᠦᠨ ᠦ᠌ ᠬᠡᠦᠬᠡᠳ ᠨᠢ ᠴᠦ᠍ ᠴᠡᠷᠢᠭ ᠦ᠋ᠨ ᠴᠢᠬᠤᠯᠠ ᠲᠤᠰᠢᠶᠠᠯ ᠢ᠋ᠶ᠋ᠠᠨ ᠦᠷᠭᠦᠯᠵᠢᠯᠡᠨ ᠭᠦᠢᠴᠡᠳᠬᠡᠵᠦ ᠪᠠᠢᠪᠠ᠃ ᠭᠡᠪᠡᠴᠦ ᠳᠠᠷᠠᠭ᠎ᠠ ᠤᠳᠠᠭ᠎ᠠ ᠶ᠋ᠢᠨ ᠬᠤᠷᠠᠯ ᠳᠡᠭᠡᠷ᠎ᠡ ᠲᠠᠲᠠᠲᠤᠩᠭ᠎ᠠ ᠬᠠᠤᠯᠢ ᠶ᠋ᠢᠨ ᠰᠤᠳᠤᠷ ᠲᠤ ᠰᠢᠨ᠎ᠡ ᠨᠢᠭᠡᠨ ᠵᠤᠷᠪᠤᠰ ᠨᠡᠮᠡᠭᠰᠡᠨ ᠨᠢ᠄
       《ᠪᠦᠬᠦ ᠲᠦᠰᠢᠮᠡᠳ᠂ ᠪᠦᠬᠦ ᠲᠤᠰᠢᠶᠠᠯᠲᠠᠨ ᠨᠠᠷ ᠶᠠᠮᠠᠷᠴᠤ ᠦᠶ᠎ᠡ ᠳ᠋ᠦ᠍ ᠬᠡᠷᠪᠡ ᠪᠣᠭᠳᠠ ᠬᠠᠭᠠᠨ ᠠ᠋ᠴᠠ ᠳᠠᠯᠳᠠᠭᠤᠷ ᠭᠠᠳᠠᠭᠠᠳᠤ ᠤᠯᠤᠰ ᠤ᠋ᠨ ᠲᠦᠷᠦᠭᠦᠦ ᠯᠦ᠍ᠭᠡ ᠰᠡᠵᠢᠭ ᠲᠡᠢ ᠬᠣᠯᠪᠣᠭ᠎ᠠ ᠪᠠᠢᠭᠤᠯᠬᠤ ᠪᠣᠯ ᠠᠯᠠᠬᠤ ᠶᠠᠯ᠎ᠠ ᠪᠠᠷ ᠰᠢᠳᠬᠡᠨ᠎ᠡ》 ᠭᠡᠰᠡᠨ ᠬᠠᠤᠯᠢ ᠨᠡᠢᠲᠡᠯᠡᠪᠡ᠃
       ᠤᠯᠤᠰ ᠠᠷᠠᠳ ᠤ᠋ᠨ ᠳᠣᠲᠣᠷ᠎ᠠ ᠲᠩᠷᠢ ᠶ᠋ᠢᠨ <ᠵᠠᠭᠤᠯᠴᠢ> ᠳᠠᠪ ᠲᠩᠷᠢ ᠦᠬᠦᠭᠰᠡᠨ ᠨᠢ ᠭᠠᠢᠬᠠᠯᠲᠠᠢ ᠭᠡᠰᠡᠨ ᠴᠢᠮᠡᠭᠡ ᠭᠠᠷᠤᠭᠰᠠᠨ ᠪᠥᠭᠡᠳ ᠦᠬᠦᠭᠰᠡᠨ ᠬᠣᠢᠨ᠎ᠠ ᠬᠡᠭᠦᠷ ᠨᠢ ᠦᠭᠡᠢ ᠪᠣᠯᠤᠭᠰᠠᠨ ᠭᠡᠬᠦ ᠴᠤᠤᠷᠬᠠᠯ ᠭᠠᠷᠤᠭᠰᠠᠨ ᠳ᠋ᠤ᠌᠂ ᠴᠢᠩᠭᠢᠰ ᠬᠠᠭᠠᠨ ᠳᠣᠣᠷᠠᠬᠢ ᠮᠡᠲᠦ ᠵᠠᠷ ᠨᠡᠢᠲᠡᠯᠡᠭᠰᠡᠨ ᠪᠠᠢᠨ᠎ᠠ᠄《ᠳᠠᠪ ᠲᠩᠷᠢ᠂ ᠮᠢᠨᠦ ᠳᠡᠭᠦᠦ ᠨᠠᠷ ᠲᠤ᠌ ᠭᠠᠷ ᠬᠥᠯ ᠬᠦᠷᠦᠭᠰᠡᠨ ᠪᠠ ᠮᠢᠨᠦ ᠳᠡᠭᠦᠦ ᠨᠠᠷ ᠤ᠋ᠨ ᠬᠣᠭᠣᠷᠣᠨᠳᠣ ᠣᠷᠣ ᠦᠭᠡᠢ ᠬᠣᠪ ᠦᠭᠡ ᠶ᠋ᠢ ᠬᠡᠯᠡᠭᠰᠡᠨ ᠦ᠌ ᠲᠤᠯᠠ᠂<ᠲᠩᠷᠢ> ᠶ᠋ᠢᠨ ᠲᠠᠭᠠᠯᠠᠯ ᠳ᠋ᠤ᠌ ᠡᠰᠡ ᠨᠡᠢᠯᠡᠵᠦ᠂ ᠲᠡᠭᠦᠨ ᠦ᠌ ᠠᠮᠢ ᠶ᠋ᠢ ᠠᠪᠤᠭᠰᠠᠨ ᠪᠠᠢᠨ᠎ᠠ᠃<ᠲᠩᠷᠢ> ᠡᠴᠡ ᠴᠢᠩᠭᠢᠰ ᠬᠠᠭᠠᠨ ᠤ᠋ ᠪᠦᠬᠦ ᠭᠡᠷ ᠪᠦᠯᠢ ᠶ᠋ᠢ ᠬᠠᠮᠠᠭᠠᠯᠠᠵᠤ᠂ ᠡᠭᠦᠨ ᠲᠡᠢ ᠬᠠᠯᠳᠠᠬᠤ ᠬᠥᠮᠦᠨ ᠪᠠᠢᠪᠠᠯ᠂ ᠶᠠᠮᠠᠷ ᠬᠥᠮᠦᠨ ᠴᠦ᠍ ᠬᠠᠮᠢᠶ᠎ᠠ ᠦᠭᠡᠢ ᠪᠦᠷᠢᠮᠦᠰᠦᠨ ᠰᠦᠨᠦᠭᠡᠭᠳᠡᠳᠡᠭ ᠶᠦᠮ》 ᠭᠡᠵᠡᠢ᠃ ᠡᠨᠡ ᠵᠠᠷ ᠤ᠋ᠨ ᠬᠠᠮᠲᠤ᠂ ᠴᠢᠩᠭᠢᠰ ᠬᠠᠭᠠᠨ ᠲᠡᠭᠦᠨ ᠦ᠌ ᠲᠥᠷᠥᠯ ᠰᠠᠳᠤᠨ ᠤ᠋ ᠨᠢᠭᠡᠨ ᠨᠠᠰᠤᠲᠠᠨ ᠦᠰᠦᠨ ᠭᠡᠳᠡᠭ ᠢ᠋ᠶ᠋ᠡᠷ ᠪᠦᠬᠦ ᠪᠥᠬᠡ ᠶ᠋ᠢᠨ ᠲᠦᠷᠦᠭᠦᠦ ᠪᠣᠯᠭᠠᠵᠤ᠂ ᠲᠡᠭᠦᠨ ᠳ᠋ᠦ᠍ ᠴᠠᠭᠠᠨ ᠬᠤᠪᠴᠠᠰᠤ ᠡᠮᠦᠰᠬᠡᠨ᠂ ᠰᠠᠭᠠᠷᠠᠯ ᠮᠣᠷᠢ ᠤᠨᠤᠭᠤᠯᠵᠤ᠂ ᠠᠯᠳᠠᠷᠲᠤ ᠰᠠᠭᠤᠳᠠᠯ ᠳ᠋ᠤ᠌ ᠰᠠᠭᠤᠬᠤ ᠪᠠᠷ ᠵᠠᠷᠯᠠᠪᠠ᠃

   ᠦᠰᠦᠭ ᠠᠮᠢᠯᠠᠭᠤᠯᠤᠭᠴᠢ᠄ ᠬᠡᠷᠡᠢᠳ ᠮᠥᠩᠬᠡᠨᠠᠰᠣᠡ᠂ ᠪᠠᠶᠠᠨᠰᠡᠷᠡᠩ᠂ ᠪᠠᠶᠠᠨᠴᠡᠴᠡᠭ᠂ ᠥᠯᠵᠡᠶ᠋ᠢᠪᠠᠭᠠᠲᠤᠷ᠂ ᠲᠣᠭᠲᠠᠭᠤᠨ᠂ ᠡᠷᠳᠡᠨᠢᠭᠤᠸ᠎ᠠ
   ᠬᠢᠨᠠᠭᠴᠢ᠄ ᠲ᠂ ᠬᠦᠮᠦᠵᠢᠯᠲᠦ᠂ ᠪᠠᠶᠠᠨᠴᠡᠴᠡᠭ᠂  ᠲᠣᠭᠲᠠᠭᠤᠨ᠂ ᠣᠳᠬᠠᠨᠰᠣ᠎ᠠ᠂ ᠬᠡᠷᠡᠢᠳ ᠮᠥᠨᠬᠡᠨᠠᠰᠤᠨ