ᠦᠷ ᠦᠨ ᠲᠤᠶᠠᠭ᠎ᠠ I – ᠪ᠂ ᠷᠢᠨᠴᠢᠨ - ᠲᠡᠷᠢᠬᠦᠨ ᠲᠡᠪᠲᠡᠷ <ᠮᠠᠨᠵᠤ ᠶᠢᠨ ᠳᠠᠯᠬᠢᠨ ᠳᠤ>(ᠠᠷᠪᠠᠨ ᠲᠠᠪᠤ) Үүрийн туяа I – Б ᠂ Ренчин Тэргүүн дэвтэр "<Манжийн талхинд" (15) ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠷ ᠦᠨ ᠲᠤᠶᠠᠭ᠎ᠠ I – ᠪ᠂ ᠷᠢᠨᠴᠢᠨ - ᠲᠡᠷᠢᠬᠦᠨ ᠲᠡᠪᠲᠡᠷ <ᠮᠠᠨᠵᠤ ᠶᠢᠨ ᠳᠠᠯᠬᠢᠨ ᠳᠤ>(ᠠᠷᠪᠠᠨ ᠲᠠᠪᠤ) Үүрийн туяа I – Б ᠂ Ренчин Тэргүүн дэвтэр "<Манжийн талхинд" (15)

ᠦᠷ ᠦᠨ ᠲᠤᠶᠠᠭ᠎ᠠ I – ᠪ᠂ ᠷᠢᠨᠴᠢᠨ - ᠲᠡᠷᠢᠬᠦᠨ ᠲᠡᠪᠲᠡᠷ <ᠮᠠᠨᠵᠤ ᠶᠢᠨ ᠳᠠᠯᠬᠢᠨ ᠳᠤ>(ᠠᠷᠪᠠᠨ ᠲᠠᠪᠤ) Үүрийн туяа I – Б ᠂ Ренчин Тэргүүн дэвтэр "<Манжийн талхинд" (15)

ᠠᠩᠭᠢᠯᠠᠯ:ᠲᠤᠭᠤᠵᠢ ᠷᠣᠮᠠᠨ
2024-11-16

532

ᠠᠷᠪᠠᠨ ᠲᠠᠪᠤ ᠂ ᠬᠤᠲᠤᠭᠲᠤ ᠶ᠋ᠢᠨ ᠸᠴᠢᠷ ᠨᠢ ᠠᠮᠪᠠᠨ ᠨᠣᠶᠠᠨ ᠤ᠋ ᠵᠢᠩᠰᠡ ᠲᠡᠢ ᠮᠥᠷᠭᠥᠯᠳᠦᠪᠡ


                   ᠣᠭᠣᠲᠣᠨ᠎ᠠ ᠶ᠋ᠢᠨ ᠰᠡᠭᠦᠯ ᠢ᠋ᠶ᠋ᠡᠷ ᠬᠤᠯᠠᠭᠠᠢ ᠪᠠᠷᠢᠬᠤ                      
                           (ᠠᠷᠠᠳ ᠤ᠋ᠨ ᠵᠦᠢᠷ ᠦᠭᠡᠨ ᠡᠴᠡ)  

       ᠬᠠᠷ᠎ᠠ ᠲᠣᠨᠲᠣᠭ ᠭᠡᠳᠡᠭ ᠯᠠᠮᠠ᠂ ᠬᠦᠷᠳᠦᠨ ᠦ᠌ ᠮᠠᠨᠢ ᠶ᠋ᠢᠨ ᠬᠤᠢᠯᠠᠮᠠᠯ ᠳ᠋ᠤ᠌ ᠲᠡᠭᠦᠰᠬᠡᠯ ᠦ᠋ᠨ ᠲᠠᠷᠨᠢ ᠶ᠋ᠢ ᠪᠢᠴᠢᠵᠦ ᠭᠦᠢᠴᠡᠭᠡᠳ᠂ ᠬᠥᠰᠢᠲᠡᠯ᠎ᠡ ᠰᠠᠭᠤᠭᠰᠠᠨ ᠳᠠᠯᠤ ᠮᠥᠷᠥ ᠪᠡᠨ ᠳᠡᠰ ᠬᠢᠲᠡᠯ᠎ᠡ ᠬᠥᠰᠢᠶ᠎ᠡ ᠶ᠋ᠢ ᠨᠢ ᠭᠠᠷᠭᠠᠵᠤ᠂ ᠴᠢᠯᠡᠭᠰᠡᠨ ᠨᠢᠳᠦ ᠪᠡᠨ ᠠᠷᠴᠢᠭᠠᠳ ᠰᠡᠭᠦᠷᠡᠰᠦ ᠠᠯᠳᠠᠵᠠᠢ᠃ 
       ᠴᠢᠩᠭ᠎ᠠ ᠪᠠᠭᠰᠢ ᠪᠠᠯᠳᠠᠨᠴᠣᠢᠮᠪᠠᠯ ᠭᠠᠴᠢᠨ ᠤ᠋ ᠬᠡᠰᠭᠡᠭᠡᠨ ᠴᠡᠭᠡᠷᠯᠡᠭᠦᠯᠵᠦ᠂ ᠭᠡᠮ ᠢ᠋ᠶ᠋ᠡᠨ ᠨᠠᠮᠠᠨᠴᠢᠯᠠᠨ ᠪᠢᠴᠢ ᠭᠡᠵᠦ ᠣᠯᠠᠨ ᠰᠠᠷ᠎ᠠ ᠬᠦᠷᠳᠦᠨ ᠦ᠌ ᠮᠠᠨᠢ ᠪᠢᠴᠢᠭᠦᠯᠦᠭᠰᠡᠨ ᠬᠠᠲᠠᠭᠤᠵᠢᠯ ᠢ᠋ ᠰᠠᠢ᠍ᠢ(ᠰᠠᠶᠢ) ᠲᠤᠭᠤᠯᠤᠨ ᠭᠦᠢᠴᠡᠵᠦ᠂ ᠭᠠᠨᠳᠠᠩ ᠵᠡᠭᠦᠨ ᠬᠦᠷᠢᠶ᠎ᠡ ᠬᠣᠶᠠᠷ ᠲᠤ᠌ ᠨᠢᠭᠡ ᠨᠢᠭᠡ ᠲᠣᠮᠣ ᠬᠦᠷᠳᠦ ᠪᠤᠰᠬᠠᠵᠤ᠂ ᠭᠠᠷ ᠬᠦᠷᠳᠦᠨ ᠦ᠌ ᠭᠤᠴᠢᠨ ᠭᠤᠷᠪᠠᠨ ᠬᠤᠢ ᠮᠠᠨᠢ ᠪᠢᠴᠢᠵᠦ᠂ ᠪᠤᠶᠠᠨ ᠰᠠᠨᠠᠭᠰᠠᠨ ᠬᠥᠮᠦᠨ ᠳ᠋ᠦ᠍ ᠦᠨ᠎ᠡ ᠦᠭᠡᠢ ᠥᠭ ᠭᠡᠰᠡᠨ ᠶᠣᠰᠣᠭᠠᠷ ᠬᠢᠴᠢᠶᠡᠩᠭᠦᠢᠯᠡᠨ ᠳᠠᠭᠠᠵᠤ᠂ ᠲᠡᠷᠡ ᠲᠣᠭ᠎ᠠ ᠭᠦᠢᠴᠡᠨ ᠭᠦᠢᠴᠡᠲᠡᠯ᠎ᠡ ᠥᠷᠯᠥᠭᠡ ᠦᠳᠡᠰᠢ ᠪᠦᠷᠢ ᠵᠠᠭᠤ ᠵᠠᠭᠤ ᠰᠤᠨᠠᠵᠤ ᠮᠥᠷᠭᠥ ᠭᠡᠰᠡᠨ ᠠᠵᠢ᠃   
       — ᠪᠣᠭᠳᠠ ᠬᠥᠮᠦᠨ ᠢ᠋ ᠮᠠᠭᠤ ᠰᠠᠨᠠᠬᠤ ᠭᠡᠳᠡᠭ ᠶᠡᠬᠡ ᠨᠢᠭᠦᠯ ᠬᠢᠯᠢᠨᠴᠡ ᠬᠤᠷᠢᠶᠠᠵᠤ ᠪᠠᠢᠭ᠎ᠠ ᠬᠡᠷᠡᠭ᠃ ᠲᠡᠭᠡᠭᠰᠡᠨ ᠬᠥᠮᠦᠨ᠂ ᠭᠠᠯᠠᠪ ᠨᠥᠭᠴᠢᠲᠡᠯ᠎ᠡ ᠠᠷᠪᠠᠨ ᠨᠠᠢ᠍ᠮᠠᠨ ᠲᠠᠮᠤ ᠶ᠋ᠢᠨ ᠬᠠᠮᠤᠭ ᠤ᠋ᠨ ᠠᠶᠤᠯᠲᠠᠢ ᠸᠴᠢᠷ ᠲᠠᠮᠤ ᠶ᠋ᠢᠨ ᠢᠷᠣᠭᠠᠷ ᠠ᠋ᠴᠠ ᠰᠠᠯᠬᠤ ᠦᠭᠡᠢ᠃ ᠴᠢ ᠬᠡᠷᠪᠡ ᠪᠡᠶ᠎ᠡ᠂ ᠬᠡᠯᠡ᠂ ᠰᠡᠳᠬᠢᠯ ᠭᠤᠷᠪᠠ ᠪᠠᠷ ᠪᠣᠭᠳᠠ ᠳ᠋ᠤ᠌ ᠬᠠᠷᠰᠢ ᠲᠠᠢ ᠦᠢᠯᠡᠰ ᠰᠡᠳᠬᠢᠭᠰᠡᠨ ᠦᠢᠯᠡᠳᠦᠭᠰᠡᠨ ᠪᠣᠯᠪᠠᠯ ᠲᠠᠮᠤ ᠶ᠋ᠢᠨ ᠢᠷᠣᠭᠠᠷ ᠠ᠋ᠴᠠ ᠣᠯᠠᠨ ᠭᠠᠯᠠᠪ ᠨᠥᠭᠴᠢᠲᠡᠯ᠎ᠡ ᠰᠠᠯᠬᠤ ᠦᠭᠡᠢ ᠪᠣᠯᠤᠨ᠎ᠠ᠃ ᠰᠣᠨᠣᠰᠪᠠᠯ ᠴᠢᠨᠦ ᠪᠡᠶ᠎ᠡ ᠪᠡᠭᠡᠵᠢᠩ ᠣᠷᠣᠵᠤ᠂ ᠲᠡᠨᠳᠡᠬᠢ ᠶ᠋ᠢᠨ ᠬᠣᠪᠳᠣᠭ ᠰᠢᠨᠤᠬᠠᠢ ᠲᠦᠰᠢᠮᠡᠳ ᠢ᠋ ᠬᠤᠲᠤᠭᠲᠤ ᠶ᠋ᠢᠨ ᠰᠠᠩ ᠪᠠᠢᠴᠠᠭᠠᠬᠤ ᠦᠢᠯᠡᠰ ᠲᠦ᠍ ᠥᠳᠥᠭᠡᠵᠦ᠂ ᠶᠡᠬᠡ ᠯᠠᠮᠠ ᠶ᠋ᠢ ᠮᠠᠭᠤ ᠦᠭᠡ ᠪᠡᠷ ᠬᠣᠴᠢᠯᠠᠨ ᠳᠠᠭᠠᠷᠢᠵᠤ᠂ ᠭᠦᠵᠢᠷᠳᠡᠨ ᠭᠦᠳᠬᠡᠭᠰᠡᠨ ᠭᠡᠨᠡᠮ᠃ ᠴᠢ ᠨᠠᠮᠠᠶ᠋ᠢ ᠦᠨᠡᠬᠡᠷ ᠪᠠᠭᠰᠢ ᠭᠡᠵᠦ ᠪᠣᠳᠣᠳᠠᠭ ᠶᠤᠮ ᠪᠣᠯ᠂ ᠭᠡᠮ ᠢ᠋ᠶ᠋ᠡᠨ ᠨᠠᠮᠠᠨᠴᠢᠯᠠᠵᠤ ᠦᠨᠡᠨ ᠢ᠋ᠶ᠋ᠡᠨ ᠬᠡᠯᠡ ᠭᠡᠵᠦ ᠡᠪᠦᠭᠡᠨ ᠪᠠᠭᠰᠢ ᠯᠠᠮᠠ ᠨᠢ ᠲᠣᠨᠲᠣᠭ ᠲᠤ᠌ ᠬᠢᠯᠢᠩᠯᠡᠨ ᠢᠳᠬᠠᠵᠤ᠂ ᠪᠡᠭᠡᠵᠢᠩ ᠡᠴᠡ ᠲᠦᠰᠢᠮᠡᠯ ᠢᠷᠡᠭᠡᠳ ᠪᠣᠭᠳᠠ ᠶ᠋ᠢᠨ ᠰᠠᠩ᠂ ᠶᠡᠬᠡ ᠱᠠᠪᠢ ᠶ᠋ᠢᠨ ᠡᠷᠳᠡᠨᠢ ᠱᠠᠩᠵᠠᠪ ᠤ᠋ᠨ ᠳᠠᠩᠰᠠ ᠶ᠋ᠢ ᠪᠠᠢᠴᠠᠭᠠᠨ᠂ ᠨᠢᠷᠪᠠ᠂ ᠶᠡᠬᠡ ᠱᠠᠩᠵᠠᠪ ᠨᠠᠷ ᠢ᠋ ᠰᠠᠮᠠᠭᠤᠨ ᠰᠠᠳᠤᠷ ᠲᠤ᠌ ᠵᠣᠷᠢᠭᠤᠯᠤᠨ ᠣᠯᠠᠨ ᠠ᠋ᠴᠠ ᠵᠦᠢ ᠪᠤᠰᠤ ᠪᠠᠷ ᠠᠯᠪᠠ ᠲᠠᠲᠠᠭᠰᠠᠨ ᠬᠡᠷᠡᠭ ᠢ᠋ ᠠᠭᠤᠳᠠᠯᠠᠨ ᠪᠠᠢᠴᠠᠭᠠᠬᠤ ᠦᠶᠡᠰ ᠲᠣᠨᠲᠣᠭ ᠢ᠋ ᠵᠠᠩᠨᠠᠭᠰᠠᠨ ᠪᠠᠢᠵᠠᠢ᠃   
       ᠲᠣᠨᠲᠣᠭ᠂ ᠪᠠᠭᠰᠢ ᠶ᠋ᠢᠨ ᠬᠢᠯᠢᠩᠯᠡᠬᠦ᠂ ᠣᠯᠠᠨ ᠭᠠᠯᠠᠪ ᠶᠡᠭᠦᠷᠡᠲᠡᠯ᠎ᠡ ᠲᠠᠮᠤ ᠶ᠋ᠢᠨ ᠢᠷᠣᠭᠠᠷ ᠲᠤ᠌ ᠬᠡᠪᠲᠡᠬᠦ ᠲᠡᠷᠢᠭᠦᠲᠡᠨ ᠡᠴᠡ ᠠᠶᠤᠨ ᠡᠮᠢᠶᠡᠵᠦ᠂ ᠲᠦᠮᠡᠨ ᠪᠤᠷᠤᠭᠤ ᠪᠠᠨ ᠬᠦᠯᠢᠶᠡᠨ ᠤᠯᠠᠢᠵᠤ᠂ ᠰᠥᠩ ᠦ᠋ᠨ ᠠᠢᠮᠠᠭ ᠤ᠋ᠨ ᠬᠤᠯᠤᠭᠠᠨ᠎ᠠ ᠣᠮᠣᠷᠵᠠᠪ᠂ ᠰᠠᠩᠭᠠᠢ ᠠᠢᠮᠠᠭ ᠤ᠋ᠨ ᠳᠠᠭᠠᠮᠠᠯ ᠭᠦᠷᠵᠠᠪ᠂ ᠬᠤᠲᠤᠭᠲᠤ ᠶ᠋ᠢᠨ ᠰᠢᠳᠠᠷ ᠯᠡᠭᠴᠡᠭ ᠰᠣᠢᠪᠣᠩ ᠤ᠋ᠨ ᠵᠡᠷᠭᠡ ᠯᠠᠮᠠ ᠨᠠᠷ ᠨᠡᠢᠯᠡᠭᠡᠳ᠂ ᠭᠠᠳᠠᠭᠠᠳᠤ ᠮᠣᠩᠭᠣᠯ ᠤ᠋ᠨ ᠲᠥᠷᠥ ᠶ᠋ᠢ ᠵᠠᠰᠠᠬᠤ ᠶᠠᠪᠤᠳᠠᠯ ᠤ᠋ᠨ ᠶᠠᠮᠤᠨ ᠳ᠋ᠤ᠌ ᠵᠠᠷᠭᠤ ᠪᠢᠴᠢᠭ ᠮᠡᠳᠡᠭᠦᠯᠵᠦ᠂ ᠬᠤᠲᠤᠭᠲᠤ ᠶ᠋ᠢ ᠱᠠᠩᠵᠠᠪ ᠬᠤᠲᠤᠭᠲᠤ ᠬᠣᠶᠠᠷ ᠤ᠋ᠨ ᠰᠠᠮ ᠨᠡᠢᠯᠡᠭᠰᠡᠨ ᠬᠡᠦᠬᠡᠨ ᠳ᠋ᠦ᠍ ᠡᠳ᠋ ᠪᠡᠯᠡᠭ ᠥᠭᠬᠦ ᠭᠡᠵᠦ ᠠᠷᠠᠳ ᠣᠯᠠᠨ ᠠ᠋ᠴᠠ ᠬᠠᠤᠯᠢ ᠪᠤᠰᠤ ᠶ᠋ᠢᠨ ᠠᠯᠪᠠ ᠣᠨᠣᠭᠣᠭᠰᠠᠨ ᠢ᠋ ᠵᠠᠭᠠᠯᠳᠤᠬᠤ ᠭᠡᠵᠦ ᠰᠠᠨᠠᠭ᠎ᠠ ᠲᠣᠭᠲᠠᠭᠰᠠᠨ ᠭᠡᠬᠦ ᠳ᠋ᠦ᠍ᠨᠢ᠂ ᠡᠪᠦᠭᠡᠨ ᠭᠠᠴᠢᠨ ᠬᠠᠮᠪᠤ ᠬᠥᠮᠥᠰᠬᠡ ᠠᠲᠤᠷᠢᠭᠤᠯᠤᠨ ᠴᠢᠷᠠᠢ ᠪᠠᠨ ᠪᠠᠷᠤᠢᠯᠭᠠᠨ ᠬᠢᠯᠢᠩᠯᠡᠵᠦ᠂ ᠲᠣᠨᠲᠣᠭ ᠤ᠋ᠨ ᠦᠭᠡ ᠶ᠋ᠢ ᠰᠣᠨᠣᠰᠪᠠ᠃ ᠰᠠᠮ ᠰᠠᠨᠠᠭ᠎ᠠ ᠨᠡᠢᠯᠡᠭᠰᠡᠨ ᠨᠥᠬᠥᠳ ᠦ᠋ᠨ ᠲᠣᠭᠲᠠᠭᠰᠠᠨ ᠶᠣᠰᠣᠭᠠᠷ ᠲᠣᠨᠲᠣᠭ ᠤ᠋ᠨ ᠪᠡᠶ᠎ᠡ ᠪᠡᠭᠡᠵᠢᠩ ᠣᠷᠣᠵᠤ᠂ ᠶᠦᠩ ᠬᠡ ᠬᠦᠩ ᠦ᠋ᠨ ᠰᠦᠮ᠎ᠡ ᠶ᠋ᠢᠨ ᠯᠥ ᠯᠠᠮᠠ ᠳ᠋ᠤ᠌ ᠪᠣᠭᠳᠠ ᠶ᠋ᠢᠨ ᠵᠥᠪᠰᠢᠶᠡᠷᠡᠯ ᠢ᠋ᠶ᠋ᠡᠷ ᠡᠷᠳᠡᠨᠢ ᠱᠠᠩᠵᠠᠪ ᠠᠷᠪᠠᠨ ᠵᠢᠷᠭᠤᠭᠠᠨ ᠲᠦᠮᠡᠨ ᠯᠠᠩ ᠮᠥᠩᠭᠥ ᠠᠷᠠᠳ ᠣᠯᠠᠨ ᠠ᠋ᠴᠠ ᠠᠯᠪᠠ ᠣᠨᠣᠭᠣᠨ ᠲᠠᠲᠠᠵᠤ᠂ ᠬᠤᠲᠤᠭᠲᠤ ᠶᠢᠨ ᠰᠠᠳᠤᠷᠯᠠᠨ ᠨᠡᠢᠯᠡᠭᠰᠡᠨ ᠬᠡᠦᠬᠡᠨ ᠳ᠋ᠦ᠍ ᠰᠡᠭᠦᠳᠡᠷ ᠦᠭᠡᠢ ᠳᠡᠪᠡᠯ᠂ ᠰᠤᠪᠤᠳ ᠭᠥᠯᠢᠮ᠂ ᠰᠤᠪᠤᠳ ᠤ᠋ᠨ ᠭᠤᠲᠤᠯ᠂ ᠡᠷᠳᠡᠨᠢ ᠶ᠋ᠢᠨ ᠴᠢᠮᠡᠭ ᠭᠣᠶᠣᠯ ᠬᠢᠯᠭᠡᠭᠰᠡᠨ ᠢ᠋ ᠮᠡᠳᠡᠭᠦᠯᠦᠭᠰᠡᠨ ᠤᠴᠢᠷ ᠢ᠋ ᠰᠣᠨᠣᠰᠴᠤ᠂ ᠡᠪᠦᠭᠡᠨ ᠪᠠᠭᠰᠢ ᠨᠢ ᠲᠣᠨᠲᠣᠭ ᠤ᠋ᠨ ᠬᠠᠴᠠᠷ ᠢ᠋ ᠲᠠᠰᠤ ᠠᠯᠠᠭᠠᠳᠠᠭᠠᠳ ᠭᠡᠮ ᠢ᠋ᠶ᠋ᠡᠨ ᠨᠠᠮᠠᠨᠴᠢᠯᠠᠵᠤ ᠬᠠᠲᠠᠭᠤᠵᠢᠯ ᠦᠢᠯᠡᠳ ᠭᠡᠰᠡᠨ ᠪᠠᠢᠵᠠᠢ᠃ ᠲᠡᠭᠡᠭᠡᠳ ᠣᠯᠠᠨ ᠰᠠᠷ᠎ᠠ ᠬᠦᠷᠳᠦᠨ ᠦ᠌ ᠮᠠᠨᠢ ᠪᠢᠴᠢᠵᠦ ᠭᠡᠮ ᠢ᠋ᠶ᠋ᠡᠨ ᠨᠠᠮᠠᠨᠴᠢᠯᠠᠭᠰᠠᠨ ᠨᠢ ᠰᠠᠶᠢ ᠭᠦᠢᠴᠡᠵᠦ ᠣᠳᠣ ᠨᠢᠭᠡ ᠵᠠᠭᠤ ᠰᠤᠨᠠᠵᠤ ᠮᠥᠷᠭᠥᠪᠡᠯ᠂ ᠪᠠᠭᠰᠢ ᠶ᠋ᠢᠨ ᠴᠡᠭᠡᠷᠯᠡᠭᠦᠯᠦᠨ ᠭᠡᠰᠬᠡᠭᠰᠡᠨ ᠬᠡᠰᠭᠡᠭᠡᠯ ᠭᠦᠢᠴᠡᠨ᠎ᠡ ᠭᠡᠵᠦ ᠪᠣᠳᠣᠲᠠᠯ᠎ᠠ᠂ ᠲᠣᠨᠲᠣᠭ ᠤ᠋ᠨ ᠰᠡᠳᠬᠢᠯ ᠨᠢ ᠦᠢᠮᠡᠵᠦ᠄ ᠬᠤᠲᠤᠭᠲᠤ ᠶ᠋ᠢ ᠶᠦᠮᠨᠡᠷᠡᠨ ᠭᠡᠳᠡᠭ ᠬᠡᠦᠬᠡᠨ ᠦ᠌ ᠲᠥᠯᠥᠭᠡ ᠠᠷᠠᠳ ᠣᠯᠠᠨ ᠠ᠋ᠴᠠ ᠲᠡᠭᠡᠵᠦ ᠠᠯᠪᠠ ᠳᠠᠪᠬᠤᠷ ᠤᠨᠠᠭᠠᠭᠰᠠᠨ ᠢ᠋ ᠠᠩᠬ᠎ᠠ ᠰᠤᠷᠠᠭ ᠭᠠᠷᠭᠠᠵᠤ ᠮᠡᠳᠡᠭᠰᠡᠨ ᠵᠣᠷᠢᠭᠲᠤ ᠰᠠᠢᠬᠠᠨ ᠵᠠᠯᠠᠭᠤ᠂ ᠯᠡᠭᠴᠡᠭ ᠰᠣᠢᠪᠤᠩ ᠠᠶᠤᠯᠲᠠᠢ ᠬᠠᠷᠠᠩᠭᠤᠢ ᠴᠢᠭᠢᠭᠲᠡᠢ ᠨᠦᠬᠡᠨ ᠭᠢᠨᠳᠠᠨ ᠳ᠋ᠤ᠌ ᠬᠡᠳᠦᠢᠨᠡᠢ ᠢᠯᠵᠠᠷᠠᠨ ᠦᠬᠦᠵᠡᠢ᠃ ᠪᠤᠰᠤᠳ ᠨᠥᠬᠥᠳ ᠨᠢ ᠡᠳ᠋ ᠬᠥᠷᠥᠩᠭᠡ ᠪᠡᠨ ᠬᠤᠷᠢᠶᠠᠯᠭᠠᠵᠤ᠂ ᠬᠥᠳᠡᠭᠡ ᠴᠥᠯᠡᠭᠳᠡᠨ ᠶᠠᠯᠠᠯᠠᠭᠤᠯᠵᠠᠢ᠃ ᠬᠠᠷᠢᠨ ᠥᠨᠥᠬᠢ ᠵᠠᠯᠢ ᠪᠡᠴᠢ ᠶᠡᠬᠡᠲᠦ ᠡᠪᠦᠭᠡᠨ ᠱᠠᠩᠵᠠᠪ᠂ ᠠᠮᠲᠤᠤ ᠨᠠᠷ ᠤ᠋ᠨ ᠨᠢᠭᠡᠨ ᠯᠠᠮᠠ ᠶ᠋ᠢ ᠪᠡᠭᠡᠵᠢᠩ ᠳ᠋ᠦ᠍ ᠰᠠᠮ ᠶᠠᠪᠤᠭᠤᠯᠵᠤ᠂ ᠯᠥ ᠯᠠᠮᠠ ᠳ᠋ᠤ᠌ ᠬᠠᠬᠤᠤᠯᠢ ᠡᠮᠬᠦᠭᠦᠯᠵᠦ ᠤᠭ ᠬᠡᠷᠡᠭ ᠢ᠋ ᠮᠥᠩᠭᠥ ᠴᠢᠳᠬᠤᠨ ᠳᠠᠷᠤᠭᠤᠯᠬᠤ ᠠᠷᠭ᠎ᠠ ᠬᠢᠵᠡᠢ ᠭᠡᠵᠦ ᠬᠡᠯᠡᠯᠴᠡᠬᠦ ᠪᠣᠯᠵᠠᠢ᠃ ᠬᠤᠲᠤᠭᠲᠤ ᠶ᠋ᠢᠨ ᠪᠠᠭᠰᠢ ᠪᠥᠭᠡᠳ ᠮᠠᠨ ᠤ᠋ ᠪᠠᠭᠰᠢ ᠪᠣᠯᠤᠭᠰᠠᠨ ᠭᠠᠴᠢᠨ ᠲᠠᠨ᠂ ᠱᠠᠪᠢ ᠣᠲᠣᠭ ᠤ᠋ᠨ ᠳᠠᠷᠤᠭ᠎ᠠ ᠨᠠᠷ ᠢ᠋ ᠰᠢᠬᠠᠵᠤ ᠪᠠᠢᠭᠠᠳ ᠲᠡᠷᠡ ᠠᠷᠪᠠᠨ ᠵᠢᠷᠭᠤᠭᠠᠨ ᠲᠦᠮᠡᠨ ᠯᠠᠩ ᠮᠥᠩᠭᠥᠨ ᠦ᠌ ᠠᠯᠪᠠ ᠶ᠋ᠢ ᠵᠠᠪᠬᠠᠢ ᠬᠡᠦᠬᠡᠨ ᠦ᠌ ᠭᠣᠶᠣᠯ ᠴᠢᠮᠡᠯ ᠨᠡᠢᠯᠡᠭᠦᠯᠬᠦ ᠭᠡᠰᠡᠨ ᠬᠡᠷᠡᠭ ᠪᠢᠰᠢ᠂ ᠲᠦᠮᠡᠨ ᠨᠠᠰᠤᠲᠤ ᠪᠣᠭᠳᠠ ᠡᠵᠡᠨ ᠬᠠᠭᠠᠨ ᠤ᠋ ᠥᠯᠮᠡᠢ ᠶ᠋ᠢᠨ ᠯᠢᠩᠬᠤ᠎ᠠ ᠪᠠᠲᠤᠳᠠ ᠣᠷᠣᠰᠢᠵᠤ᠂ ᠠᠯᠪᠠᠲᠤ ᠪᠣᠭᠣᠯ ᠢ᠋ ᠨᠢ ᠡᠩᠬᠡ ᠲᠦᠪᠰᠢᠨ᠂ ᠠᠮᠤᠭᠤᠯᠠᠩ ᠵᠢᠷᠭᠠᠯᠠᠩ ᠢ᠋ᠶ᠋ᠠᠷ ᠣᠷᠣᠰᠢᠬᠤ ᠶ᠋ᠢᠨ ᠲᠥᠯᠥᠭᠡ ᠬᠤᠷᠠᠯ ᠨᠣᠮ ᠬᠢᠵᠦ᠂ ᠳᠠᠯᠠᠢ ᠯᠠᠮᠠ᠂ ᠪᠠᠨᠴᠢᠨ ᠪᠣᠭᠳᠠ᠂ ᠵᠢᠪᠽᠥ᠋ᠨᠳᠠᠮᠪᠠ (ᠵᠢᠪᠽᠠᠨᠳᠠᠮᠪᠠ) ᠬᠤᠲᠤᠭᠲᠤ ᠳ᠋ᠤ᠌ ᠮᠠᠨᠳᠤᠯ ᠡᠷᠭᠦᠬᠦ ᠶ᠋ᠢᠨ ᠦᠢᠯᠡᠰ ᠲᠦ᠍ ᠰᠠᠢᠨ ᠳᠤᠷ᠎ᠠ ᠪᠠᠷ ᠵᠣᠷᠢᠭᠤᠯᠤᠭᠰᠠᠨ ᠬᠡᠷᠡᠭ ᠪᠢᠯᠡ ᠭᠡᠰᠡᠨ ᠭᠠᠷ ᠤ᠋ᠨ ᠦᠰᠦᠭᠲᠡᠢ  ᠪᠢᠴᠢᠭ ᠭᠠᠷᠭᠠᠭᠤᠯᠵᠤ ᠭᠡᠨ᠎ᠡ᠃ ᠲᠡᠭᠡᠭᠡᠳ᠂ ᠪᠠᠢᠴᠠᠭᠠᠬᠤ ᠪᠠᠷ ᠢᠷᠡᠭᠰᠡᠨ ᠲᠦᠰᠢᠮᠡᠳ ᠢ᠋ ᠪᠠᠢᠴᠠᠭᠠᠨ ᠬᠢᠨᠠᠬᠤ ᠶᠠᠪᠤᠳᠠᠯ ᠦᠭᠡᠢ ᠪᠤᠴᠠᠲᠤᠭᠠᠢ ᠭᠡᠵᠦ ᠪᠡᠭᠡᠵᠢᠩ ᠡᠴᠡ ᠪᠢᠴᠢᠭ ᠢᠷᠡᠭᠰᠡᠨ ᠭᠡᠨ᠎ᠡ᠃ ᠬᠡᠷᠪᠡ ᠲᠣᠨᠲᠣᠭ ᠮᠢᠨᠦ ᠪᠡᠶ᠎ᠡ ᠪᠠᠭᠰᠢ ᠳ᠋ᠠᠭᠠᠨ ᠪᠤᠷᠤᠭᠤ ᠪᠠᠨ ᠬᠦᠯᠢᠶᠡᠵᠦ᠂ ᠬᠠᠮᠤᠭ ᠬᠡᠷᠡᠭ ᠦ᠋ᠨ ᠤᠴᠢᠷ ᠢ᠋ ᠵᠠᠳᠠᠷᠠᠭᠤᠯᠤᠨ ᠡᠰᠡ ᠬᠡᠯᠡᠭᠰᠡᠨ ᠪᠣᠯᠪᠠᠯ᠂ ᠶᠠᠭᠤ ᠪᠣᠯᠳᠠᠭ ᠰᠠᠨ ᠪᠣᠯ? ᠬᠠᠲᠠᠭᠤ ᠠᠮᠠ ᠲᠠᠢ ᠡᠪᠦᠭᠡᠨ ᠭᠣᠩᠴᠣᠭᠷᠠᠪᠵᠠ ᠳ᠋ᠤ᠌ ᠪᠢᠴᠢᠵᠦ ᠪᠠᠢᠭ᠎ᠠ ᠬᠦᠷᠳᠦᠨ ᠦ᠌ ᠮᠠᠨᠢ ᠶ᠋ᠢᠨ ᠰᠡᠭᠦᠯᠴᠢᠬᠢ ᠶ᠋ᠢ ᠲᠠᠨ ᠳ᠋ᠤ᠌ ᠪᠤᠶᠠᠨ ᠰᠠᠨᠠᠵᠤ ᠥᠭᠭᠦᠶ᠎ᠡ ᠭᠡᠬᠦ ᠳ᠋ᠦ᠍᠂ ᠬᠥᠮᠦᠨ ᠦ᠌ ᠨᠢᠰᠦ ᠨᠢᠯᠪᠤᠰᠤ ᠴᠢᠰᠤ ᠨᠥᠵᠢ ᠪᠡᠷ ᠪᠢᠴᠢᠭᠰᠡᠨ ᠮᠠᠨᠢ ᠨᠠᠳᠠᠳᠤ(ᠨᠠᠳᠠ ᠳ᠋ᠤ᠌) ᠬᠡᠷᠡᠭ ᠦᠭᠡᠢ ᠭᠡᠰᠡᠨ ᠨᠢ ᠵᠢᠷᠦᠬᠡ ᠤᠷᠤᠭᠤ ᠬᠢᠲᠤᠭ᠎ᠠ ᠰᠢᠭᠠᠭᠰᠠᠨ ᠰᠢᠭ᠋ ᠬᠠᠲᠠᠭᠤ ᠦᠭᠡ ᠬᠡᠯᠡᠵᠦ ᠪᠢᠯᠡ᠃ ᠡᠨᠡ ᠬᠡᠷᠡᠭ ᠦ᠋ᠨ ᠦᠨᠡᠨ ᠬᠤᠳᠠᠯ ᠬᠠᠷ᠎ᠠ ᠴᠠᠭᠠᠨ ᠢ᠋ ᠶᠠᠭᠠᠬᠢᠵᠤ ᠮᠡᠳᠡᠬᠦ ᠪᠢᠯᠡ?  
       ᠰᠣᠨᠣᠰᠪᠠᠯ᠂ ᠤᠷᠢᠳ ᠳᠦᠷᠢ ᠶ᠋ᠢᠨ ᠱᠠᠩᠵᠠᠪ ᠪᠠᠢᠭᠰᠠᠨ ᠡᠪᠦᠭᠡᠨ ᠴᠧ ᠱᠠᠩᠵᠠᠪ᠂ ᠪᠣᠭᠳᠠ ᠠᠭᠤᠯᠠ ᠶ᠋ᠢᠨ ᠥᠪᠥᠷ ᠲᠤ ᠨᠤᠲᠤᠭᠯᠠᠵᠤ ᠪᠠᠢᠭᠰᠠᠨ ᠢ᠋ᠶ᠋ᠠᠨ ᠠᠮᠪᠠᠨ ᠳ᠋ᠤ᠌ ᠠᠴᠢ ᠪᠠᠷ ᠢ᠋ᠶ᠋ᠠᠨ ᠰᠠᠮ ᠤᠯᠠᠮᠵᠢᠯᠠᠵᠤ᠂ ᠵᠠᠷᠭᠤ ᠶ᠋ᠢᠨ ᠪᠢᠴᠢᠭ ᠮᠡᠳᠡᠭᠦᠯᠦᠭᠡᠳ᠂ ᠯᠥ ᠯᠠᠮᠠ ᠳ᠋ᠤ᠌ ᠲᠡᠷᠡ ᠵᠢᠯ ᠪᠡᠭᠡᠵᠢᠩ ᠳ᠋ᠦ᠍ ᠲᠣᠨᠲᠣᠭ ᠤ᠋ᠨ ᠬᠡᠯᠡᠵᠦ ᠪᠠᠢᠭᠰᠠᠨ ᠪᠦᠭᠦᠳᠡ ᠶ᠋ᠢ ᠲᠣᠭᠠᠴᠢᠭᠰᠠᠨ ᠪᠣᠯᠤᠯᠲᠠᠢ ᠭᠡᠯᠴᠡᠬᠦ ᠪᠣᠯᠵᠠᠢ᠃ ᠡᠪᠦᠭᠡᠨ ᠱᠠᠩᠵᠠᠪ ᠤ᠋ᠨ ᠠᠴᠢ ᠨᠢ ᠰᠠᠨᠠᠮᠰᠠᠷ ᠦᠭᠡᠢ ᠦᠭᠡ ᠠᠯᠳᠠᠵᠤ᠂ ᠡᠪᠦᠭᠡᠨ ᠦ᠌ ᠨᠢᠭᠤᠴᠠ ᠶ᠋ᠢ ᠵᠠᠳᠠᠷᠠᠭᠤᠯᠤᠭᠰᠠᠨ ᠢ᠋ ᠨᠢ ᠬᠤᠲᠤᠭᠲᠤ ᠣᠯᠵᠤ ᠰᠣᠨᠣᠰᠤᠭᠠᠳ᠂ ᠳᠣᠯᠣᠳᠤᠭᠠᠷ ᠳᠦᠷᠢ ᠶ᠋ᠢᠨ ᠱᠠᠩᠵᠠᠪ ᠪᠠᠢᠭᠠᠳ ᠨᠠᠢ᠍ᠮᠠᠳᠤᠭᠠᠷ ᠳᠦᠷᠢ ᠶ᠋ᠢᠨ ᠶᠠᠪᠤᠳᠠᠯ ᠢ᠋ ᠰᠠᠮᠠᠭᠤᠨ ᠭᠡᠵᠦ ᠳᠤᠷ᠎ᠠ ᠦᠭᠡᠢᠴᠡᠳᠡᠭ ᠡᠪᠦᠭᠡᠨ ᠱᠠᠩᠵᠠᠪ ᠤ᠋ᠨ ᠲᠡᠷᠡ ᠵᠠᠷᠭᠤ ᠶ᠋ᠢᠨ ᠪᠢᠴᠢᠭ ᠢ᠋ ᠠᠮᠪᠠᠨ ᠰᠠᠢᠳ ᠠ᠋ᠴᠠ ᠣᠯᠵᠤ ᠠᠪᠬᠤ ᠭᠡᠵᠦ ᠶᠠᠳᠠᠭᠰᠠᠨ ᠪᠣᠯᠤᠯᠲᠠᠢ ᠭᠡᠵᠦ ᠤᠯᠤᠰ ᠰᠠᠮ ᠬᠡᠯᠡᠯᠴᠡᠬᠦ ᠪᠣᠯᠵᠠᠢ᠃ ᠠᠮᠪᠠᠨ ᠰᠠᠢᠳ ᠬᠤᠲᠤᠭᠲᠤ ᠶ᠋ᠢᠨ ᠨᠡᠬᠡᠬᠦ ᠳ᠋ᠦ᠍ᠨᠢ (ᠳ᠋ᠦ᠍ ᠨᠢ) ᠲᠡᠷᠡ ᠪᠢᠴᠢᠭ ᠥᠭᠴᠦ ᠴᠢᠳᠠᠬᠤ ᠦᠭᠡᠢ ᠭᠡᠵᠦ ᠬᠠᠷᠢᠭᠤᠯᠤᠭᠠᠳ᠂ ᠡᠪᠦᠭᠡᠨ ᠱᠠᠩᠵᠠᠪ ᠢ᠋ ᠪᠡᠶ᠎ᠡ ᠪᠡᠷ ᠤᠴᠠᠷᠠᠨ ᠬᠡᠯᠡᠯᠴᠡᠬᠦ ᠴᠢᠬᠤᠯᠠ ᠬᠡᠷᠡᠭ ᠪᠣᠢ ᠲᠤᠯᠠ ᠬᠦᠷᠦᠯᠴᠡᠨ ᠢᠷᠠᠨᠠᠤ(ᠢᠷᠡᠨ᠎ᠡ ᠤᠤ)  ᠭᠡᠵᠦ ᠡᠯᠴᠢ ᠳᠣᠪᠲᠣᠯᠭᠠᠪᠠᠯ᠂ ᠨᠠᠶᠠᠨ ᠬᠣᠶᠠᠷ ᠨᠠᠰᠤᠲᠠᠢ ᠡᠪᠦᠭᠡᠨ ᠱᠠᠩᠵᠠᠪ ᠮᠣᠷᠢ ᠤᠨᠤᠵᠤ ᠴᠢᠳᠠᠬᠤ ᠦᠭᠡᠢ ᠪᠣᠯᠤᠭᠰᠠᠨ ᠲᠤᠯᠠ᠂ ᠶᠠᠪᠤᠭᠤᠯᠤᠭᠰᠠᠨ ᠤᠨᠤᠭ᠎ᠠ ᠪᠠᠷ ᠢᠷᠡᠵᠦ ᠴᠢᠳᠠᠬᠤ ᠦᠭᠡᠢ ᠤᠴᠢᠷ ᠢ᠋ ᠮᠡᠳᠡᠭᠦᠯᠦᠭᠰᠡᠨ ᠳ᠋ᠦ᠍᠂ ᠠᠮᠪᠠᠨ ᠰᠠᠢᠳ ᠰᠡᠦᠬᠡ ᠲᠡᠷᠭᠡ ᠶᠠᠪᠤᠭᠤᠯᠵᠠᠢ ᠭᠡᠳᠡᠭ᠃ ᠭᠡᠲᠡᠯ᠎ᠡ ᠬᠤᠲᠤᠭᠲᠤ ᠲᠡᠭᠦᠨ ᠢ᠋ ᠮᠡᠳᠡᠮᠡᠭᠴᠡ ᠳᠣᠲᠣᠨᠣ ᠶ᠋ᠢᠨ ᠬᠥᠮᠦᠨ ᠢ᠋ ᠳᠣᠪᠲᠣᠯᠭᠠᠵᠤ᠂ ᠡᠪᠦᠭᠡᠨ ᠱᠠᠩᠵᠠᠪ ᠲᠤ᠌ ᠨᠢᠭᠡᠨ ᠲᠠᠪᠠᠭ ᠵᠣᠭᠣᠭ ᠬᠦᠷᠭᠡᠭᠦᠯᠦᠭᠰᠡᠨ ᠳ᠋ᠦ᠍᠂ ᠡᠪᠦᠭᠡᠨ ᠱᠠᠩᠵᠠᠪ ᠳᠡᠭᠡᠷᠡᠬᠢ ᠶ᠋ᠢᠨ ᠬᠡᠰᠢᠭ ᠲᠦ᠍ ᠮᠥᠷᠭᠥᠵᠦ ᠠᠮᠠ ᠬᠦᠷᠴᠦ ᠢᠷᠡᠭᠡᠳ᠂ ᠠᠮᠪᠠᠨ ᠰᠠᠢᠳ ᠤ᠋ᠨ ᠰᠡᠦᠬᠡ ᠲᠡᠷᠭᠡ ᠶ᠋ᠢᠨ ᠬᠦᠷᠴᠦ ᠣᠴᠢᠬᠤ ᠳ᠋ᠤ᠌ ᠬᠡᠳᠦᠢᠨ ᠦᠬᠦᠵᠡᠢ᠃ ᠤᠯᠤᠰ ᠤ᠋ᠨ ᠰᠠᠮ ᠶᠠᠷᠢᠬᠤ ᠶ᠋ᠢ ᠰᠣᠨᠣᠰᠪᠠᠯ᠂ ᠬᠤᠲᠤᠭᠲᠤ ᠲᠡᠷᠡ ᠬᠡᠷᠡᠭ ᠦ᠋ᠨ ᠭᠡᠷᠡᠴᠢ ᠭᠡᠷ᠎ᠡ ᠶ᠋ᠢ ᠦᠭᠡᠢ ᠬᠢᠬᠦ ᠭᠡᠵᠦ ᠡᠪᠦᠭᠡᠨ ᠱᠠᠩᠵᠠᠪ ᠲᠤ᠌ ᠬᠣᠣᠷ ᠢᠳᠡᠭᠦᠯᠦᠭᠰᠡᠨ ᠭᠡᠵᠦ ᠰᠠᠮ ᠬᠡᠯᠡᠯᠴᠡᠳᠡᠭ ᠪᠣᠯᠵᠠᠢ᠃ ᠭᠠᠴᠢᠨ ᠬᠠᠮᠪᠤ ᠪᠠᠭᠰᠢ ᠲᠠᠨ ᠮᠢᠨᠦ ᠦᠨᠡᠨ ᠥᠴᠢᠭ ᠢ᠋ ᠰᠣᠨᠣᠰᠴᠤ ᠠᠪᠤᠭᠰᠠᠨ ᠠ᠋ᠴᠠ ᠬᠣᠢᠰᠢ᠂ ᠬᠤᠲᠤᠭᠲᠤ ᠶ᠋ᠢᠨ ᠳᠡᠷᠭᠡᠳᠡ ᠶᠡᠬᠡᠯ᠎ᠡ(ᠶᠡᠬᠡ ᠯᠡ )ᠨᠢᠭᠤᠷ ᠲᠠᠢ ᠪᠣᠯᠤᠭᠰᠠᠨ ᠪᠣᠯᠤᠯᠲᠠᠢ᠃ ᠡᠪᠦᠭᠡᠨ ᠭᠣᠨᠴᠣᠭᠷᠠᠪᠵᠠ᠂ ᠨᠠᠮᠠᠶ᠋ᠢ(ᠨᠠᠮ᠎ᠠ ᠶ᠋ᠢ) ᠨᠥᠬᠥᠳ ᠦ᠋ᠨ ᠢ᠋ᠶ᠋ᠡᠨ ᠨᠢᠰᠦ ᠨᠢᠯᠪᠤᠰᠤ᠂ ᠴᠢᠰᠤ ᠨᠥᠵᠢ ᠪᠡᠷ ᠭᠡᠮ ᠢ᠋ᠶ᠋ᠡᠨ ᠨᠠᠮᠠᠨᠴᠢᠯᠠᠨ ᠮᠠᠨᠢ ᠪᠢᠴᠢᠪᠡ ᠭᠡᠵᠦ ᠬᠡᠯᠡᠭᠰᠡᠨ ᠬᠠᠲᠠᠭᠤ ᠦᠭᠡ᠂ ᠦᠨᠡᠨ ᠦᠭᠡ ᠪᠣᠯᠬᠤ ᠨᠢ ᠠ᠋᠂ ᠪᠢ᠂ ᠲᠡᠷᠡ ᠦᠶ᠎ᠡ ᠳ᠋ᠦ᠍ ᠲᠡᠷᠡ ᠤᠴᠢᠷ ᠢ᠋ ᠶᠠᠭᠠᠬᠢᠭᠠᠳ ᠪᠣᠳᠣᠵᠤ ᠣᠯᠤᠭᠰᠠᠨ ᠦᠭᠡᠢ ᠪᠢᠯᠡ?  
       ᠣᠳᠣ ᠶᠡᠬᠡ ᠨᠢᠮᠪᠠᠢ ᠰᠢᠷᠭᠠᠭᠤ ᠬᠦᠢ ᠠᠮᠪᠠᠨ᠂ ᠲᠡᠷᠡ ᠬᠡᠳᠦᠢᠨᠡᠢ(ᠬᠡᠳᠦᠢᠨ ᠦ᠌) ᠥᠩᠭᠡᠷᠡᠭᠰᠡᠨ ᠬᠡᠷᠡᠭ ᠢ᠋ ᠢᠷᠣᠭᠠᠷ ᠠᠭᠤᠳᠠᠯᠤᠨ ᠰᠡᠬᠦᠬᠦ ᠰᠠᠨᠠᠭ᠎ᠠ ᠲᠠᠢ ᠤᠷᠤᠯᠳᠤᠵᠤ  ᠪᠠᠢᠬᠤ ᠳ᠋ᠤ᠌᠂ ᠬᠤᠲᠤᠭᠲᠤ ᠠᠶ᠎ᠠ ᠦᠭᠡᠢᠳᠡᠪᠡᠯ ᠨᠠᠮᠠᠶ᠋ᠢ( ᠨᠠᠮ᠎ᠠ ᠶ᠋ᠢ) ᠲᠥᠷᠥᠯ ᠠᠷᠠᠯᠵᠢᠭᠤᠯᠵᠤ ᠮᠠᠭᠠᠳ ᠦᠭᠡᠢ ᠶᠦ᠍ᠮ ᠪᠠᠢᠨ᠎ᠠ ᠰᠢᠦ᠃ ᠪᠣᠭᠳᠠ ᠭᠡᠭᠡᠬᠡᠨ(ᠭᠡᠭᠡᠨ)᠂ ᠲᠡᠭᠦᠨ ᠦ᠌ ᠡᠷᠳᠡᠨᠢ ᠱᠠᠩᠵᠠᠪ ᠳᠠᠰᠢᠳᠣᠷᠵᠢ᠂ ᠮᠢᠨᠦ ᠭᠠᠴᠢᠨ ᠬᠠᠮᠪᠤ ᠪᠠᠭᠰᠢ ᠲᠠᠨ ᠴᠥᠮ ᠬᠦᠢ ᠨᠢᠭᠡᠲᠡᠢ ᠪᠠᠢᠭ᠎ᠠ ᠶᠤᠮ ᠰᠢᠪ ᠳᠡ᠃ ᠨᠢᠭᠡ ᠶ᠋ᠢ ᠨᠢ ᠳᠠᠭᠠᠷᠢᠬᠤ ᠳ᠋ᠤ᠌᠂ ᠪᠦᠭᠦᠳᠡ ᠶ᠋ᠢ ᠨᠢ ᠳᠠᠭᠠᠷᠢᠭᠰᠠᠨ ᠲᠠᠢ ᠠᠳᠠᠯᠢ ᠪᠣᠯᠬᠤ ᠶ᠋ᠢ ᠪᠢ ᠳᠠᠩᠴᠢ ᠤᠷᠢᠳ ᠮᠡᠳᠡᠭᠰᠡᠨ ᠦᠭᠡᠢ ᠭᠡᠨᠡᠳᠡᠵᠡᠢ᠃ ᠣᠳᠣ ᠠᠮᠢᠳᠤ ᠪᠠᠢᠭ᠎ᠠ ᠳᠡᠭᠡᠷ᠎ᠡ ᠪᠡᠨ ᠡᠷᠲᠡᠬᠡᠨ ᠵᠠᠢᠯᠠᠵᠤ᠂ ᠴᠠᠰᠤᠳᠠᠨ ᠤ᠋ ᠣᠷᠣᠨ ᠲᠥᠪᠡᠳ ᠣᠷᠣᠪᠠᠯ᠂ ᠠᠶᠤᠮᠰᠢᠭᠲᠤ ᠱᠠᠩᠵᠠᠪ ᠤ᠋ᠨ ᠤᠷᠲᠤ ᠭᠠᠷ ᠬᠦᠷᠬᠦ ᠦᠭᠡᠢ ᠪᠠᠢᠵᠤ ᠶᠠᠭᠤᠨᠠᠢ(ᠶᠠᠭᠤᠨ ᠤ᠋) ᠮᠠᠭᠠᠳ ᠭᠡᠵᠦ ᠪᠣᠳᠣᠯᠭ᠎ᠠ ᠪᠣᠯᠤᠭᠰᠠᠭᠠᠷ᠂ ᠬᠠᠷ᠎ᠠ ᠲᠣᠨᠲᠣᠭ ᠭᠡᠮ ᠢ᠋ᠶ᠋ᠡᠨ ᠨᠠᠮᠠᠨᠴᠢᠯᠠᠨ᠂ ᠬᠠᠲᠠᠭᠤᠵᠢᠯ ᠢ᠋ᠶ᠋ᠠᠨ ᠲᠡᠭᠦᠰᠦᠭᠰᠡᠨ ᠰᠥᠨᠢ ᠤᠳᠠᠲᠠᠯ᠎ᠠ ᠨᠣᠢᠷ ᠬᠦᠷᠴᠦ ᠥᠭᠭᠦᠭᠰᠡᠨ ᠦᠭᠡᠢ᠂ ᠤᠷᠪᠠᠵᠤ ᠬᠥᠷᠪᠡᠵᠦ ᠬᠡᠪᠲᠡᠭᠰᠡᠭᠡᠷ ᠤᠨᠲᠠᠵᠤ ᠶᠠᠳᠠᠭᠰᠠᠨ ᠪᠢᠯᠡ᠃   
       ᠲᠡᠭᠡᠭᠡᠳ᠂ ᠬᠡᠳᠦ ᠬᠣᠨᠣᠭ ᠤ᠋ᠨ ᠰᠡᠭᠦᠯᠡᠷ ᠰᠣᠨᠣᠰᠪᠠᠯ᠂ ᠬᠠᠷ᠎ᠠ ᠲᠣᠨᠲᠣᠭ ᠰᠤᠷᠠᠭ ᠲᠠᠨᠤᠭ ᠦᠭᠡᠢ ᠠᠯᠠᠭ᠎ᠠ ᠪᠣᠯᠴᠢᠬᠠᠵᠠᠢ᠃ ᠵᠠᠷᠢᠮ ᠬᠥᠮᠦᠨ ᠬᠡᠯᠡᠬᠦ ᠳ᠋ᠡᠭᠡᠨ(ᠳ᠋ᠦ᠍ ᠪᠡᠨ)᠂ ᠲᠣᠨᠲᠣᠭ ᠢ᠋ ᠪᠠᠷᠠᠭᠤᠨ ᠵᠣᠣ ᠮᠥᠷᠭᠥᠯ ᠬᠢᠬᠦ ᠪᠡᠷ ᠣᠷᠣᠭᠰᠠᠨ ᠭᠡᠳᠡᠭ ᠪᠠᠢᠵᠠᠢ᠃ ᠵᠠᠷᠢᠮ ᠬᠥᠮᠦᠨ᠂ ᠭᠠᠵᠠᠷ ᠤᠷᠤᠭᠤ ᠦᠭᠡ ᠳᠠᠭᠤᠨ ᠦᠭᠡᠢ ᠵᠢᠭᠠᠳᠠᠭ ᠪᠠᠢᠵᠠᠢ᠃  ᠠᠯᠢ ᠨᠢ ᠦᠨᠡᠨ ᠬᠤᠳᠠᠯ ᠢ᠋ ᠬᠡᠨ ᠮᠡᠳᠡᠬᠦ ᠪᠣᠢ ?  
       ᠲᠡᠭᠡᠵᠦ ᠪᠠᠢᠲᠠᠯ᠎ᠠ᠂ ᠬᠦᠢ ᠠᠮᠪᠠᠨᠲᠠᠨ(ᠠᠮᠪᠠᠲᠠᠨ) ᠳᠠ ᠬᠦᠷᠢᠶᠡᠨ ᠦ᠌ ᠬᠠᠮᠤᠭ ᠤ᠋ᠨ ᠰᠠᠢᠬᠠᠨ ᠬᠡᠦᠬᠡᠨ ᠲᠡᠢ ᠳᠣᠲᠣᠨᠣ ᠳᠤᠯᠠᠭᠠᠨ ᠠᠭᠤᠯᠵᠠᠬᠤ ᠰᠠᠨ ᠭᠡᠵᠦ ᠬᠡᠯᠡᠳᠡᠭ ᠪᠣᠯᠤᠭᠰᠠᠨ ᠢ᠋ ᠳᠡ ᠬᠦᠷᠢᠶᠡᠨ ᠦ᠌ ᠬᠢᠨ ᠰᠠᠮ ᠶᠠᠷᠢᠬᠤ ᠪᠣᠯᠵᠠᠢ᠃ ᠠᠮᠪᠠᠨ ᠰᠠᠢᠳ ᠲᠤ᠌ ᠨᠢᠭᠤᠷ ᠲᠠᠢ ᠪᠣᠯᠬᠤ ᠶ᠋ᠢ ᠬᠦᠰᠡᠭᠴᠢᠳ ᠴᠥᠮ ᠪᠡᠯᠡᠭ ᠵᠠᠯᠠᠭ ᠪᠠᠷᠢᠵᠤ ᠲᠡᠷᠡ ᠬᠡᠦᠬᠡᠨ ᠰᠠᠢᠬᠠᠨ᠂ ᠡᠨᠡ ᠬᠡᠦᠬᠡᠨ ᠴᠡᠪᠡᠷ ᠭᠡᠵᠦ ᠨᠡᠷ᠎ᠡ ᠴᠤᠬᠤᠢᠯᠭᠠᠨ ᠪᠠᠷᠠᠭᠠᠯᠬᠠᠪᠠᠴᠤ᠂ ᠭᠤᠯᠤᠮᠲᠠᠭᠠᠢ  (ᠭᠣᠯᠣᠮᠠᠲᠠᠭᠠᠢ) ᠮᠠᠨᠵᠤ ᠶ᠋ᠢᠨ ᠰᠡᠳᠬᠢᠯ ᠲᠤ᠌ ᠨᠡᠢᠯᠡᠭᠦᠯᠬᠦ ᠨᠢ ᠲᠤᠩ ᠬᠡᠴᠡᠭᠦᠦ ᠪᠠᠢᠵᠠᠢ᠃ ᠡᠪᠡᠷᠲᠡᠨ ᠰᠡᠭᠦᠯᠲᠡᠨ ᠦ᠌ ᠡᠮᠦᠨ᠎ᠡ ᠨᠢᠭᠤᠷ ᠲᠠᠢ ᠲᠠᠯ᠎ᠠ ᠲᠠᠢ ᠪᠣᠯᠬᠤ ᠶ᠋ᠢ ᠬᠦᠰᠡᠭᠴᠢ ᠵᠠᠷᠢᠮ ᠤ᠋ᠳ ᠨᠢ ᠶᠦᠮᠨᠡᠷᠡᠨ ᠦ᠌ ᠨᠡᠷ᠎ᠡ ᠶ᠋ᠢ ᠵᠢᠭᠠᠬᠤ ᠶᠤᠮᠰᠠᠨ ᠭᠡᠵᠦ ᠳᠣᠲᠣᠷ᠎ᠠ ᠪᠠᠨ ᠪᠣᠳᠣᠪᠠᠴᠤ᠂ ᠶᠡᠬᠡ ᠬᠤᠲᠤᠭᠲᠤ᠂ ᠲᠡᠭᠦᠨ ᠦ᠌ ᠡᠷᠳᠡᠨᠢ ᠨᠣᠶᠠᠨ ᠱᠠᠩᠵᠠᠪ ᠤ᠋ᠨ ᠰᠡᠳᠬᠢᠯ ᠢ᠋ ᠡᠵᠡᠯᠡᠭᠰᠡᠨ ᠰᠠᠢᠬᠠᠨ ᠬᠡᠦᠬᠡᠨ ᠦ᠌ ᠨᠡᠷ᠎ᠡ ᠨᠡᠷᠡᠯᠡᠵᠦ᠂ ᠠᠷᠰᠯᠠᠨ ᠪᠠᠷᠰ ᠤ᠋ᠨ ᠵᠠᠮ ᠬᠥᠨᠳᠡᠯᠢᠳᠦᠭᠰᠡᠨ ᠲᠠᠤᠯᠠᠢ ᠶ᠋ᠢᠨ ᠦᠯᠢᠭᠡᠷ ᠢ᠋ᠶ᠋ᠡᠷ ᠪᠠᠯᠠᠷᠠᠭᠤᠵᠠᠢ ᠭᠡᠵᠦ ᠠᠮᠠ ᠨᠡᠭᠡᠭᠡᠬᠦ ᠡᠴᠡ ᠡᠮᠢᠶᠡᠳᠡᠭ ᠪᠠᠢᠯ᠎ᠠ᠃ ᠲᠡᠭᠡᠲᠡᠯ᠎ᠡ ᠲᠡᠷᠡ ᠰᠤᠷᠠᠭ ᠴᠢᠮᠡᠭᠡ᠂ ᠡᠪᠦᠭᠡᠨ ᠱᠠᠩᠵᠠᠪ ᠤ᠋ᠨ ᠴᠢᠬᠢᠨ ᠳ᠋ᠦ᠍ ᠬᠦᠷᠦᠭᠡᠳ᠂ ᠡᠪᠦᠭᠡᠨ ᠢ᠋ ᠠᠮᠪᠠᠨ ᠰᠠᠢᠳ ᠲᠤ᠌ ᠨᠢᠭᠤᠷ ᠲᠠᠢ ᠪᠣᠯᠬᠤ ᠠ᠋ᠴᠠ ᠳᠡᠮᠡᠢᠯᠡ ᠲᠠᠲᠠᠭᠠᠯᠵᠠᠬᠤ ᠦᠭᠡᠢ ᠪᠠᠢᠭᠰᠠᠨ ᠢ᠋ ᠳᠡᠷᠭᠡᠳᠡᠬᠢ ᠪᠠᠷᠠᠭ᠎ᠠ(ᠪᠠᠷ᠎ᠠ)ᠪᠣᠯᠤᠭᠴᠢᠳ ᠨᠢ ᠶᠡᠬᠡᠳᠡ ᠭᠠᠢᠬᠠᠵᠤ ᠪᠢᠯᠡ᠃ ᠡᠪᠦᠭᠡᠨ ᠱᠠᠩᠵᠠᠪ ᠠᠮᠪᠠᠨ ᠰᠠᠢᠳ ᠤ᠋ᠨ ᠳᠡᠭᠡᠷᠡᠬᠢ ᠦᠭᠡ ᠶ᠋ᠢ ᠰᠣᠨᠣᠰᠤᠭᠠᠳ ᠤᠷᠤᠭᠤᠯ ᠢ᠋ᠶ᠋ᠠᠨ ᠥᠮᠥᠷ ᠥᠮᠥᠷ ᠬᠥᠳᠡᠯᠭᠡᠭᠡᠳ ᠡᠪᠦᠭᠡᠵᠢᠶᠡᠷ ᠬᠥᠮᠦᠨ ᠦ᠌ ᠠᠵᠢᠭ ᠬᠡᠨᠡᠭ ᠦᠭᠡᠢ ᠳᠠᠭᠤᠨ ᠢ᠋ᠶ᠋ᠠᠷ ᠥᠭᠦᠯᠡᠷᠦᠨ᠄ 
       — ᠬᠦᠢ ᠠᠮᠪᠠᠨ ᠤ᠋ ᠵᠥᠪ᠃ ᠶᠦᠮᠨᠡᠷᠡᠨ ᠰᠢᠭ ᠰᠠᠢᠬᠠᠨ ᠬᠥᠮᠦᠨ ᠯᠡ ᠰᠠᠨᠠᠭ᠎ᠠ ᠪᠠᠢᠪᠠᠯ᠂ ᠶᠡᠬᠡ ᠰᠠᠢᠳ ᠲᠤ᠌ ᠰᠢᠳᠠᠷᠳᠠᠵᠤ ᠪᠣᠯᠬᠤ ᠠ᠋ᠴᠠ ᠪᠢᠰᠢ ᠵᠠᠷᠯᠢᠭ ᠤ᠋ᠨ ᠰᠠᠢᠳ ᠭᠡᠵᠦ ᠶᠡᠬᠡ ᠬᠥᠮᠦᠨ ᠪᠠᠢᠯ ᠦᠭᠡᠢ ᠶᠠᠭᠠᠬᠢᠬᠤ ᠪᠣᠢ ᠭᠡᠵᠦ ᠬᠡᠯᠡᠭᠡᠳ᠂ ᠠᠷᠭ᠎ᠠ ᠲᠠᠢ ᠡᠪᠦᠭᠡᠨ ᠳᠣᠲᠣᠷ᠎ᠠ ᠪᠠᠨ ᠰᠠᠮ ᠪᠠᠶᠠᠷᠯᠠᠵᠤ᠂ ᠮᠠᠨᠵᠤ ᠬᠠᠭᠠᠨ ᠤ᠋ ᠵᠠᠷᠯᠢᠭ ᠤ᠋ᠨ ᠶᠡᠬᠡ ᠠᠮᠪᠠᠨ ᠰᠠᠢᠳ ᠢ᠋ ᠠᠳᠬᠤᠨ ᠳ᠋ᠠᠭᠠᠨ ᠣᠷᠣᠭᠤᠯᠵᠤ ᠠᠪᠬᠤ ᠵᠠᠪᠰᠢᠶᠠᠨ ᠨᠡᠭᠡᠭᠡᠭᠳᠡᠪᠡ ᠭᠡᠵᠦ ᠪᠣᠳᠣᠭᠠᠳ᠂ ᠲᠡᠷᠡ ᠰᠠᠢᠬᠠᠨ ᠬᠥᠮᠦᠨ ᠦ᠌ ᠮᠢᠨᠳᠠᠰᠤᠨ ᠰᠠᠢᠬᠠᠨ ᠭᠡᠵᠢᠭᠡ ᠨᠢ ᠬᠤᠲᠤᠭᠲᠤ ᠠᠮᠪᠠᠨ ᠬᠣᠶᠠᠷ ᠢ᠋ ᠬᠣᠯᠪᠣᠭᠠᠳ᠂ ᠪᠠᠴᠢᠲᠤ ᠮᠠᠨᠵᠤ ᠰᠠᠢᠳ᠂ ᠪᠣᠭᠳᠠ ᠶ᠋ᠢᠨ ᠰᠡᠩᠳᠡᠨ ᠮᠡᠩᠳᠡᠨ ᠵᠠᠩᠴᠢ ᠬᠠᠯᠠᠭᠤᠯᠤᠭᠰᠠᠨ ᠡᠪᠦᠭᠡᠨ  ᠴᠧ ᠱᠠᠩᠵᠠᠪ ᠤ᠋ᠨ ᠵᠠᠷᠭᠤ ᠶ᠋ᠢ ᠠᠷᠭ᠎ᠠ ᠪᠤᠶᠤ ᠳᠠᠷᠤᠬᠤ ᠳ᠋ᠤ᠌ ᠬᠦᠷᠦᠨ᠎ᠡ᠃ ᠲᠡᠷᠡ ᠰᠠᠢᠬᠠᠨ ᠬᠡᠦᠬᠡᠨ᠂ ᠠᠮᠪᠠᠨ ᠢ᠋ ᠵᠠᠢᠳᠠᠯᠠᠭᠠᠳ ᠵᠢᠯᠣᠭᠣ ᠶ᠋ᠢ ᠨᠢ ᠲᠠᠰᠤ ᠠᠳᠬᠤᠨ᠎ᠠ ᠳᠠ ᠭᠡᠵᠦ ᠭᠡᠯᠦᠩ ᠦ᠋ᠨ ᠵᠠᠩᠴᠢ ᠨᠥᠮᠥᠷᠦᠭᠰᠡᠨ ᠬᠥᠭᠰᠢᠨ ᠴᠢᠨᠣ᠎ᠠ ᠰᠠᠮ ᠪᠠᠬᠠᠳᠤᠨ ᠪᠠᠶᠠᠷᠯᠠᠵᠠᠢ᠃ 
       ᠵᠢᠰᠤᠷ ᠪᠢᠯᠠᠩᠭᠠᠴᠢ ᠡᠲᠡᠭᠡᠳ᠂ ᠡᠪᠦᠭᠡᠨ ᠱᠠᠩᠵᠠᠪ ᠤ᠋ᠨ ᠵᠥᠪᠰᠢᠶᠡᠷᠡᠩᠭᠦᠢ ᠦᠭᠡ ᠰᠣᠨᠣᠰᠤᠮᠠᠭᠴᠠ ᠠᠮᠪᠠᠨ ᠳ᠋ᠤ᠌ ᠶᠠᠭᠠᠷᠠᠨ ᠪᠠᠷᠠᠭᠠᠯᠬᠠᠵᠤ᠂ ᠰᠠᠢᠬᠠᠨ ᠬᠥᠮᠦᠨ ᠦ᠌ ᠨᠡᠷ᠎ᠡ ᠴᠤᠬᠤᠢᠯᠭᠠᠪᠠᠯ᠂ ᠲᠡᠷᠡ ᠤᠳᠠᠭ᠎ᠠ ᠳ᠋ᠤ᠌ ᠠᠮᠪᠠᠨ ᠤ᠋ ᠴᠢᠬᠢ ᠵᠥᠭᠡᠯᠡᠨ ᠪᠠᠢᠵᠠᠢ᠃ ᠮᠠᠢᠮᠠᠢ ᠬᠣᠲᠠᠨ ᠤ᠋ ᠲᠡᠷᠡ ᠰᠠᠢᠬᠠᠨ ᠬᠥᠮᠦᠨ ᠦ᠌ ᠨᠡᠷ᠎ᠡ ᠰᠣᠨᠣᠰᠤᠭᠠᠳ᠂ ᠳᠣᠲᠣᠷ᠎ᠠ ᠪᠠᠨ ᠨᠡᠯᠢᠶᠡᠳ ᠳᠤᠷ᠎ᠠ ᠲᠠᠢ ᠰᠢᠨᠵᠢ ᠲᠡᠢ ᠠᠵᠢ᠃  
       ᠪᠣᠭᠳᠠ ᠶ᠋ᠢᠨ ᠰᠡᠳᠬᠢᠯ ᠵᠢᠷᠦᠬᠡ ᠶ᠋ᠢ ᠡᠵᠡᠯᠡᠭᠰᠡᠨ ᠲᠡᠷᠡ ᠰᠠᠢᠬᠠᠨ ᠬᠥᠮᠦᠨ ᠪᠠᠰᠠ ᠮᠠᠨᠵᠤ ᠰᠠᠢᠳ ᠤ᠋ᠨ ᠰᠡᠳᠬᠢᠯ ᠰᠠᠨᠠᠭᠠᠨ ᠳ᠋ᠤ᠌ ᠨᠡᠢᠴᠡᠭᠰᠡᠨ ᠢ᠋ᠶ᠋ᠡᠨ ᠰᠣᠨᠣᠰᠤᠭᠠᠳ᠂ ᠮᠥᠨ ᠴᠦ᠍ ᠨᠡᠯᠢᠶᠡᠳ ᠳᠤᠷ᠎ᠠ ᠲᠠᠢ ᠰᠢᠨᠵᠢ ᠲᠡᠢ ᠪᠠᠢᠵᠠᠢ᠃  
       ᠲᠡᠭᠡᠭᠡᠳ᠂ ᠠᠮᠪᠠᠨ ᠰᠠᠢᠳ ᠤ᠋ᠨ ᠪᠣᠯᠵᠣᠭᠰᠠᠨ ᠣᠷᠣᠢ᠂ ᠠᠮᠪᠠᠨ ᠤ᠋ ᠰᠡᠦᠬᠡ ᠨᠢ ᠶᠦᠮᠨᠡᠷᠡᠨ ᠦ᠌ ᠬᠠᠭᠠᠯᠭᠠᠨ ᠤ᠋ ᠭᠠᠳᠠᠨ᠎ᠠ᠂ ᠬᠡᠦᠬᠡᠨ ᠢ᠋ ᠬᠦᠯᠢᠶᠡᠨ ᠵᠣᠭᠰᠣᠵᠤ᠂ ᠲᠡᠷᠡ ᠰᠠᠢᠬᠠᠨ ᠬᠥᠮᠦᠨ ᠠᠮᠪᠠᠨ ᠰᠠᠢᠳ ᠤ᠋ᠨ ᠰᠡᠦᠬᠡ ᠪᠡᠷ ᠵᠠᠯᠠᠭᠤᠯᠤᠭᠰᠠᠨ ᠶᠡᠬᠡ ᠬᠡᠰᠢᠭ ᠲᠦ᠍ ᠪᠠᠬᠠᠳᠤᠵᠤ᠂ ᠬᠤᠪᠴᠠᠰᠤᠨ ᠤ᠋ ᠰᠠᠢᠬᠠᠨ ᠢ᠋ ᠡᠮᠦᠰᠴᠡᠢ᠃ 
       ᠲᠠᠪᠤᠨ ᠥᠩᠭᠡ ᠶ᠋ᠢᠨ ᠡᠭᠦᠯᠡᠨ ᠬᠡ ᠬᠠᠳᠬᠤᠮᠠᠯ᠂ ᠶᠡᠬᠡ ᠯᠡ ᠬᠥᠭᠡᠷᠦᠬᠦᠨ ᠪᠢᠴᠢᠬᠠᠨ ᠭᠤᠲᠤᠯ᠂ ᠪᠠᠶᠠᠷ ᠭᠡᠰᠡᠨ ᠠᠯᠲᠠᠨ ᠦᠰᠦᠭ ᠬᠠᠳᠬᠤᠮᠠᠯ ᠬᠥᠬᠡ ᠲᠣᠷᠭᠠᠨ ᠳᠡᠪᠡᠯ ᠡᠮᠦᠰᠴᠦ᠂ ᠵᠠᠯᠠᠭᠤ ᠴᠢᠭᠢᠷᠠᠭ ᠰᠠᠢᠬᠠᠨ ᠪᠡᠶ᠎ᠡ ᠶ᠋ᠢᠨ ᠭᠤᠸᠠᠯᠢᠭ ᠨᠢᠷᠤᠭᠤ ᠶ᠋ᠢᠨ ᠪᠠᠬᠠᠲᠠᠢ ᠶ᠋ᠢ ᠦᠵᠡᠭᠦᠯᠦᠭᠰᠡᠨ᠂ ᠵᠢᠭᠠᠷ ᠤ᠋ᠨ ᠰᠠᠢᠬᠠᠨ ᠦᠨᠦᠷ ᠬᠠᠩᠬᠤᠯᠤᠭᠰᠠᠨ ᠥᠷᠭᠡᠨ ᠳᠤᠷᠳᠤᠩ ᠪᠦᠰᠡ ᠪᠦᠰᠡᠯᠡᠵᠦ᠂ ᠴᠢᠮᠠᠷᠬᠠᠢ ᠳ᠋ᠠᠭᠠᠨ ᠬᠢᠯᠢᠩ ᠬᠠᠷ᠎ᠠ ᠦᠰᠦᠨ ᠦ᠌ ᠰᠠᠢᠬᠠᠨ ᠢ᠋ ᠤᠯᠠᠮ ᠶᠠᠩᠵᠤ ᠲᠠᠢ ᠪᠣᠯᠭᠠᠭᠴᠢ ᠰᠤᠪᠤᠳ ᠤᠨᠵᠢᠯᠭ᠎ᠠ ᠴᠢᠮᠡᠭ ᠵᠡᠭᠦᠭᠡᠳ᠂ ᠮᠠᠩᠨᠠᠢ ᠳᠡᠭᠡᠷ᠎ᠡ ᠪᠡᠨ ᠥᠯᠵᠡᠢ ᠭᠡᠰᠡᠨ ᠦᠰᠦᠭ ᠢ᠋ ᠰᠤᠪᠤᠳ ᠢ᠋ᠶ᠋ᠠᠷ ᠰᠢᠭᠢᠳᠬᠡᠨ ᠬᠠᠳᠬᠤᠮᠠᠯᠯᠠᠭᠰᠠᠨ᠂ ᠤᠷᠲᠤ ᠤᠯᠠᠭᠠᠨ ᠵᠠᠯᠠᠭᠠᠳᠠᠢ ᠬᠣᠷᠭᠣᠢ ᠲᠣᠭᠣᠷᠴᠣᠭ ᠮᠠᠯᠠᠭᠠᠢ ᠡᠮᠦᠰᠴᠦ᠂ ᠲᠠᠪᠤᠨ ᠥᠩᠭᠡ ᠶ᠋ᠢᠨ ᠡᠷᠳᠡᠨᠢ ᠶ᠋ᠢᠨ ᠴᠢᠯᠠᠭᠤ ᠰᠢᠭᠢᠳᠬᠡᠭᠰᠡᠨ᠂ ᠬᠦᠰᠡᠭᠰᠡᠨ ᠪᠦᠬᠦᠨ ᠰᠡᠳᠬᠢᠯᠴᠢᠯᠡᠨ ᠪᠦᠲᠦᠬᠦ ᠶ᠋ᠢᠨ ᠳᠠᠪᠬᠤᠷ ᠪᠠᠶᠠᠷ ᠤ᠋ᠨ ᠡᠪᠬᠡᠮᠡᠯ ᠠᠯᠲᠠᠨ ᠦᠰᠦᠭ ᠲᠡᠢ ᠴᠢᠮᠡᠭ ᠵᠡᠭᠦᠭ ᠡᠩᠭᠡᠷ ᠲᠡᠭᠡᠨ ᠵᠡᠭᠦᠭᠰᠡᠨ ᠲᠡᠷᠡ ᠭᠤᠸ᠎ᠠ ᠰᠠᠢᠬᠠᠨ ᠬᠡᠦᠬᠡᠨ ᠦ᠌ ᠪᠦᠬᠦ ᠬᠤᠪᠴᠠᠰᠤ ᠬᠤᠨᠠᠷ ᠨᠢ ᠴᠥᠮ ᠥᠩᠭᠡ᠂ ᠳᠣᠬᠢᠶ᠎ᠠ᠂ ᠪᠡᠯᠡᠭᠳᠡᠯ (ᠪᠡᠯᠭᠡᠳᠡᠯ) ᠦ᠋ᠨ ᠤᠳᠬ᠎ᠠ ᠪᠠᠷ ᠶᠡᠬᠡ ᠬᠥᠮᠦᠨ ᠲᠡᠢ ᠤᠴᠠᠷᠠᠨ ᠵᠣᠯᠭᠣᠵᠤ (ᠵᠣᠯᠭᠠᠵᠤ)᠂ ᠬᠦᠰᠡᠯ ᠬᠠᠩᠬᠤ ᠶᠡᠬᠡ ᠪᠠᠶᠠᠷ ᠢ᠋ ᠢᠯᠡᠷᠬᠡᠢᠯᠡᠵᠡᠢ᠃ 
       ᠮᠠᠨᠵᠤ ᠠᠮᠪᠠᠨ᠂ ᠲᠡᠷᠡ ᠦᠶ᠎ᠡ ᠶ᠋ᠢᠨ ᠶᠣᠰᠣ ᠳᠠᠭᠠᠵᠤ ᠡᠪᠦᠳᠦᠭ ᠨᠤᠭᠤᠯᠤᠨ ᠰᠥᠭᠥᠳᠴᠦ᠂ ᠨᠠᠬᠢᠯᠤᠨ ᠶᠣᠰᠣᠯᠠᠭᠰᠠᠨ ᠶᠦᠮᠨᠡᠷᠡᠨ ᠢ᠋ ᠦᠵᠡᠭᠡᠳ᠂ ᠳᠠᠷᠠᠰᠤ ᠴᠡᠩᠭᠡᠯ ᠳ᠋ᠦ᠍ ᠪᠠᠯᠠᠷᠠᠨ ᠤᠰᠠᠳᠬ᠎ᠠ(ᠤᠰᠠᠳᠤᠭ᠎ᠠ) ᠦᠭᠡᠢ᠂ ᠵᠠᠯᠠᠭᠤ ᠶ᠋ᠢᠨ ᠭᠤᠸ᠎ᠠ ᠦᠵᠡᠰᠬᠦᠯᠡᠩ ᠲᠡᠭᠦᠰ ᠪᠥᠭᠡᠳ ᠠᠭᠤᠳᠠᠮ ᠬᠡᠭᠡᠷ᠎ᠡ ᠲᠠᠯ᠎ᠠ ᠶᠢᠨ ᠰᠠᠢᠬᠠᠨ ᠥᠬᠢᠳ ᠦ᠋ᠨ ᠥᠪᠡᠷᠮᠢᠴᠡ ᠠᠷᠤᠤᠬᠠᠨ ᠴᠡᠪᠡᠷᠬᠡᠨ ᠦ᠌ ᠴᠣᠭ ᠲᠡᠭᠦᠯᠳᠡᠷ ᠲᠠᠭᠠᠲᠠᠢ ᠰᠠᠢᠬᠠᠨ ᠪᠡᠶ᠎ᠡ ᠶ᠋ᠢ ᠨᠢ ᠬᠠᠷᠠᠵᠤ᠂ ᠥᠪᠡᠷ ᠦ᠋ᠨ ᠡᠷᠬᠡ ᠦᠭᠡᠢ ᠪᠠᠬᠠᠳᠤᠨ ᠭᠠᠢᠬᠠᠵᠤ᠂  
       — ᠪᠢ ᠲᠠᠨ ᠢ᠋ ᠦᠵᠡᠭᠡᠳ᠂ ᠡᠢᠮᠦ ᠰᠠᠢᠬᠠᠨ ᠬᠥᠮᠦᠨ ᠦ᠌ ᠮᠦᠰᠢᠶᠡᠬᠦ ᠳ᠋ᠦ᠍ ᠬᠤᠲᠤᠭᠲᠤ ᠬᠤᠪᠢᠯᠭᠠᠨ ᠭᠡᠪᠡᠴᠦ ᠪᠣᠳᠢ ᠮᠥᠷ ᠡᠴᠡ ᠲᠥᠭᠡᠷᠢᠬᠦ ᠨᠢ ᠲᠦᠮᠡᠨ ᠵᠦᠢ ᠭᠡᠵᠦ ᠪᠣᠳᠣᠯ᠎ᠠ᠃ ᠶᠦᠮᠨᠡᠷᠡᠨ ᠠ᠋ ! ᠡᠷᠲᠡᠨ ᠦ᠌ ᠢᠷᠠᠭᠤ ᠨᠠᠢᠷᠠᠭᠴᠢ ᠶ᠋ᠢᠨ ᠰᠢᠯᠦᠭ᠂ ᠰᠡᠳᠬᠢᠯ ᠳ᠋ᠦ᠍ ᠣᠷᠣᠭᠰᠠᠨ ᠨᠢ᠄   
       《ᠬᠠᠪᠤᠷ ᠤ᠋ᠨ ᠠᠭᠤᠯᠠ ᠬᠥᠭᠡᠷᠦᠬᠦᠨ᠎ᠡ ᠴᠠᠢᠪᠠᠯᠵᠠᠨ᠂ ᠬᠣᠶᠠᠷᠬᠠᠨ ᠴᠠᠭ ᠬᠠᠷᠠᠯᠠᠨ ᠦᠵᠡᠭᠳᠡᠨᠡᠮ᠃
       《ᠬᠠᠪᠲᠠᠢ (ᠬᠠᠪᠤᠲᠠᠢ) ᠰᠠᠢᠬᠠᠨ ᠲᠣᠯᠪᠣ ᠮᠡᠲᠦ᠂ ᠤᠷᠤᠭᠤᠯ ᠠᠮᠠ ᠨᠢ ᠢᠩᠲᠣᠣᠷ ᠪᠠᠢᠨᠠᠮ! 
       《ᠬᠠᠰ ᠤ᠋ᠨ ᠪᠢᠴᠢᠬᠠᠨ ᠣᠩᠭᠣᠴᠠ᠂ ᠡᠭᠦᠷᠯᠡᠭᠰᠡᠨ ᠡᠭᠦᠯᠡᠨ ᠪᠤᠳᠠᠩ ᠪᠠᠢᠨᠠᠮ᠃ 
       《ᠴᠠᠭᠠᠨ ᠯᠢᠩᠬᠤ᠎ᠠ ᠶ᠋ᠢᠨ ᠦᠷ᠎ᠡ ᠶ᠋ᠢᠨ ᠰᠠᠢᠬᠠᠨ ᠦᠨᠦᠷ ᠲᠦ᠍᠂ ᠰᠢ ᠰᠠᠢᠬᠠᠨ ᠬᠥᠮᠦᠨ ᠢ᠋ ᠦᠵᠡᠵᠦ᠄ 
       《ᠴᠠᠭᠠᠨ ᠰᠠᠷᠠᠨ ᠤ᠋(ᠰᠠᠷᠠᠨᠠᠢ) ᠴᠡᠴᠡᠭ ᠦ᠋ᠨ ᠳᠣᠣᠷ᠎ᠠ᠂ ᠦᠵᠡᠰᠬᠦᠯᠡᠩᠲᠦ ᠭᠤᠸ᠎ᠠ ᠵᠣᠣ ᠵᠢᠶᠦ᠋ᠨ ᠢ᠋ ᠦᠵᠡᠯ᠎ᠡ᠁》 ᠭᠡᠵᠦ ᠰᠢᠯᠦᠭᠯᠡᠬᠦ ᠳ᠋ᠦ᠍ᠨᠢ ᠶᠡᠬᠡᠮᠰᠦᠭ ᠰᠠᠢᠬᠠᠨ ᠲᠣᠯᠣᠭᠠᠢ ᠪᠠᠨ ᠨᠠᠬᠢᠯᠭᠠᠰᠬᠢᠭᠡᠳ ᠶᠦᠮᠨᠡᠷᠡᠨ᠂ ᠰᠢᠯᠦᠭ ᠦ᠋ᠨ ᠦᠷᠭᠦᠯᠵᠢᠯᠡᠯ ᠢ᠋ ᠭᠠᠭᠴᠠ ᠨᠢᠭᠡᠨ ᠦᠰᠦᠭ ᠢ᠋ ᠪᠠᠭᠠᠬᠠᠨ(ᠪᠠᠬᠠᠨ) ᠥᠭᠡᠷᠡᠴᠢᠯᠡᠵᠦ ᠵᠠᠯᠭᠠᠨ ᠥᠭᠦᠯᠡᠷᠦᠨ
       《ᠪᠢ᠂ ᠲᠡᠷᠡ ᠶᠣᠰᠣᠲᠠᠢ ᠨᠢ ᠠᠷᠠᠢ ᠪᠢᠰᠢ᠁ ᠰᠦᠨᠡᠰᠦ ᠶ᠋ᠢ ᠬᠡᠷᠬᠢᠪᠡᠴᠦ ᠪᠤᠯᠢᠶᠠᠬᠤ ᠦᠭᠡᠢ!》 ᠭᠡᠬᠦ ᠳ᠋ᠦ᠍ᠨᠢ ᠠᠮᠪᠠᠨ᠂ ᠬᠡᠦᠬᠡᠨ ᠢ᠋ ᠲᠡᠷᠡ ᠰᠢᠯᠦᠭ ᠮᠡᠳᠡᠨ᠎ᠡ ᠭᠡᠵᠦ ᠰᠠᠨᠠᠭ᠎ᠠ ᠤᠨᠤᠭ᠎ᠠ ᠳ᠋ᠤᠨᠢ ᠣᠷᠣᠭ᠎ᠠ ᠦᠭᠡᠢ ᠪᠠᠢᠭᠰᠠᠨ ᠲᠤᠯᠠ ᠲᠡᠰᠬᠡᠯ ᠦᠭᠡᠢ ᠪᠠᠬᠠᠳᠤᠵᠤ᠂  
       — ᠬᠦᠢ ᠮᠢᠨᠦ ᠪᠡᠶ᠎ᠡ ᠳ᠋ᠦ᠍᠂ ᠲᠠ ᠶᠣᠰᠣᠲᠠᠢ ᠰᠦᠨᠡᠰᠦ ᠶ᠋ᠢ ᠪᠤᠯᠢᠶᠠᠭᠴᠢ ᠪᠣᠯ! ᠭᠡᠵᠡᠢ᠃ 
       ᠨᠠᠷᠢᠨ ᠰᠠᠢᠬᠠᠨ ᠬᠣᠭᠣᠯᠠ ᠪᠠᠵᠠᠭᠠᠵᠤ (ᠪᠤᠵᠠᠭᠠᠵᠤ)ᠰᠢᠷᠡᠭᠡ ᠵᠠᠰᠠᠨ᠂ ᠮᠠᠨᠵᠤ ᠰᠠᠢᠳ᠂ ᠵᠣᠴᠢᠨ ᠬᠡᠦᠬᠡᠨ ᠢ᠋ ᠬᠦᠨᠳᠦᠯᠡᠵᠦ ᠠᠷᠢᠬᠢ ᠪᠠᠷᠢᠬᠤ ᠳ᠋ᠠᠭᠠᠨ᠂ ᠪᠢᠴᠢᠬᠠᠨ ᠱᠠᠵᠠᠩ ᠵᠦᠩᠵᠡᠨ ᠳ᠋ᠦ᠍ ᠬᠠᠯᠠᠭᠠᠭᠰᠠᠨ ᠠᠷᠢᠬᠢ ᠬᠢᠭᠡᠳ ᠰᠢᠯᠦᠭᠯᠡᠨ ᠥᠭᠦᠯᠡᠷᠦᠨ᠄ 
       《ᠬᠠᠰ ᠤ᠋ᠨ ᠰᠢᠮ᠎ᠡ᠂ ᠰᠢᠷ᠎ᠠ ᠠᠯᠲᠠᠨ ᠤ᠋ ᠲᠣᠰᠣ ᠶ᠋ᠢ 
       《ᠬᠠᠪᠬᠠᠭ ᠨᠡᠭᠡᠭᠡᠵᠦ ᠬᠤᠨᠳᠠᠭ᠎ᠠ ᠳᠦᠭᠦᠷᠭᠡᠨ ᠬᠢᠯ᠎ᠡ᠃》 ᠭᠡᠳ᠂ ᠰᠠᠢᠬᠠᠨ ᠬᠡᠦᠬᠡᠨ ᠤ ᠭᠠᠷ ᠢ᠋ ᠠᠳᠬᠤᠮᠠᠭᠴᠠ᠂ ᠰᠣᠭᠲᠣᠰᠬᠢᠨ ᠠᠮᠠ ᠬᠠᠯᠠᠵᠤ ᠡᠬᠢᠯᠡᠭᠰᠡᠨ ᠲᠡᠷᠡ ᠬᠡᠦᠬᠡᠨ ᠠᠮᠠᠨ ᠳᠣᠲᠣᠷ᠎ᠠ ᠪᠠᠨ ᠰᠢᠪᠡᠭᠡᠨᠡᠨ᠂ 
       《ᠬᠦᠢᠲᠡᠨ ᠮᠣᠭᠠᠢ ᠴᠢᠳᠬᠥᠷ ᠦ᠋ᠨ ᠰᠠᠪᠠᠷ ᠰᠢᠭ᠋ ᠭᠠᠷ ᠢ᠋ᠶ᠋ᠠᠷ  
       《ᠬᠦᠴᠦ ᠪᠡᠷ ᠮᠢᠨᠦ ᠭᠠᠷ ᠢ᠋ ᠲᠠᠰᠤ ᠠᠳᠬᠤᠪᠠ》 ᠭᠡᠵᠦ ᠰᠢᠯᠦᠭᠯᠡᠭᠡᠳ ᠢᠨᠢᠶᠡᠨ᠂ ᠠᠮᠪᠠᠨ ᠤ᠋ ᠡᠩᠭᠡᠷ ᠲᠦ᠍ ᠲᠣᠯᠣᠭᠠᠢ ᠪᠠᠨ ᠲᠦᠰᠢᠪᠡ᠃ 
       ᠬᠣᠶᠠᠳᠤᠭᠠᠷ ᠵᠢᠩ ᠴᠣᠬᠢᠬᠤ ᠠᠯᠲᠠᠲᠤ᠂ ᠮᠠᠨᠵᠤ ᠰᠠᠢᠳ ᠤᠯᠠᠭᠠᠨ ᠵᠡᠭᠡᠷᠳᠡ ᠪᠣᠯᠤᠭᠰᠠᠨ ᠲᠡᠷᠡ ᠬᠡᠦᠬᠡᠨ ᠢ᠋ ᠠᠷᠢᠬᠢ ᠪᠠᠷ ᠰᠢᠬᠠᠭᠰᠠᠭᠠᠷ ᠭᠤᠸ᠎ᠠ ᠰᠠᠢᠬᠠᠨ ᠢ᠋ ᠨᠢ ᠱᠠᠭᠰᠢᠨ ᠮᠠᠭᠲᠠᠵᠤ᠂ 
       — ᠲᠠᠨ ᠤ᠋ ᠠᠳᠠᠯᠢ ᠡᠢᠮᠦ ᠭᠡᠭᠡᠬᠡᠨ ᠦᠵᠡᠰᠬᠦᠯᠡᠩᠲᠦ ᠭᠤᠸ᠎ᠠ ᠰᠠᠢᠬᠠᠨ ᠬᠥᠮᠦᠨ᠂ ᠬᠠᠷᠠᠴᠤ ᠪᠣᠭᠣᠯ ᠬᠠᠮᠵᠢᠯᠭ᠎ᠠ ᠶ᠋ᠢᠨ ᠤᠲᠤᠭᠠᠲᠤ ᠬᠠᠷ᠎ᠠ ᠭᠡᠷ ᠲᠦ᠍ ᠨᠢᠭᠤᠭᠳᠠᠪᠠᠯ᠂ ᠬᠠᠷᠠᠮᠰᠠᠯ ᠲᠠᠢ ᠪᠣᠢ ᠢ᠎ᠠ᠃ ᠮᠢᠨᠦ ᠰᠠᠨᠠᠪᠠᠯ᠂ ᠭᠠᠭᠴᠠᠬᠦ ᠬᠤᠰᠢᠭᠤᠨ ᠤ᠋ ᠵᠠᠰᠠᠭ ᠨᠣᠶᠠᠳ ᠤ᠋ᠨ ᠵᠡᠷᠭᠡ ᠡᠴᠡ ᠳᠣᠭᠣᠭᠰᠢ ᠦᠭᠡᠢ ᠬᠥᠮᠦᠨ᠂ ᠲᠠᠨ ᠤ᠋ ᠬᠠᠨᠢ ᠰᠠᠢ᠍ᠢ (ᠰᠠᠶᠢ )ᠪᠣᠯᠵᠤ ᠲᠡᠩᠴᠡᠬᠦ ᠠᠵᠢ᠃ ᠠᠷᠤ ᠮᠣᠩᠭᠣᠯ ᠤ᠋ᠨ ᠲᠥᠷᠥ ᠶ᠋ᠢᠨ ᠣᠯᠠᠨ ᠵᠠᠰᠠᠭ ᠤ᠋ᠨ ᠳᠣᠲᠣᠷ᠎ᠠ ᠠ᠋ᠴᠠ ᠡᠷᠳᠡᠨᠢ ᠱᠠᠩᠵᠠᠪ ᠢ᠋᠂ ᠪᠣᠭᠳᠠ ᠶᠡᠬᠡ ᠯᠠᠮᠠ ᠶ᠋ᠢᠨ ᠣᠯᠠᠨ ᠱᠠᠪᠢ ᠨᠠᠷ ᠢ᠋ ᠪᠦᠭᠦᠳᠡ ᠶᠡᠷᠦᠩᠬᠡᠢᠯᠡᠨ ᠵᠠᠬᠢᠷᠤᠭᠰᠠᠨ ᠥᠨᠳᠥᠷ ᠵᠡᠷᠭᠡᠲᠦ ᠰᠢᠷ᠎ᠠ ᠵᠠᠰᠠᠭ ᠭᠡᠵᠦ ᠦᠵᠡᠪᠡᠯ ᠪᠣᠯᠤᠨ᠎ᠠ᠃ ᠲᠠ ᠰᠡᠴᠡᠨ ᠰᠡᠷᠭᠦᠯᠡᠩ ᠬᠥᠮᠦᠨ ᠲᠤᠯᠠ᠂ ᠲᠡᠭᠦᠨ ᠢ᠋ ᠰᠣᠩᠭᠣᠨ ᠲᠦᠰᠢᠭᠰᠡᠨ ᠨᠢ ᠶᠡᠬᠡᠯ᠎ᠡ(ᠶᠡᠬᠡ ᠯᠡ)ᠵᠥᠪ᠃ ᠭᠠᠭᠴᠠᠬᠦ᠂ ᠡᠪᠦᠭᠡᠨ ᠱᠠᠩᠵᠠᠪ ᠤ᠋ᠨ ᠨᠠᠰᠤ ᠰᠡᠭᠦᠳᠡᠷ ᠳᠡᠭᠡᠷ᠎ᠡ ᠭᠠᠷᠴᠠᠢ᠃ ᠭᠡᠨᠡᠳᠲᠡ ᠨᠢᠭᠡᠨ ᠡᠳᠦᠷ ᠰᠠᠨᠠᠮᠰᠠᠷ ᠦᠭᠡᠢ ᠵᠠᠩᠴᠢ ᠬᠠᠯᠠᠬᠤ ᠳ᠋ᠤ᠌ ᠬᠦᠷᠪᠡᠯ᠂ ᠲᠠ ᠠᠷᠭ᠎ᠠ ᠵᠠᠮ ᠢ᠋ᠶ᠋ᠠᠨ ᠪᠣᠳᠣᠬᠤ ᠳ᠋ᠤ᠌ ᠬᠦᠷᠦᠨ᠎ᠡ᠃ ᠪᠢ ᠰᠠᠨᠠᠪᠠᠯ ᠲᠡᠭᠦᠨ ᠦ᠌ ᠰᠡᠷᠢᠭᠦᠨ ᠲᠤᠩᠭᠠᠯᠠᠭ ᠪᠠᠢᠭ᠎ᠠ ᠳᠡᠭᠡᠷ᠎ᠡ ᠨᠢ ᠬᠡᠰᠢᠭ ᠢ᠋ ᠨᠢ ᠬᠦᠷᠲᠡᠵᠦ ᠠᠪᠬᠤ ᠶ᠋ᠢ ᠪᠣᠳᠣᠬᠤ ᠨᠢ ᠵᠦᠢ ᠲᠡᠢ ᠪᠣᠯᠪᠠᠤ᠃ ᠭᠡᠪᠡᠴᠦ ᠡᠪᠦᠭᠡᠨ ᠱᠠᠩᠵᠠᠪ ᠤ᠋ᠨ ᠥᠭᠯᠢᠭᠡᠴᠢ ᠥᠭᠭᠢᠶᠡᠮᠦᠷ᠂ ᠬᠠᠷᠠᠮᠴᠢ ᠨᠠᠷᠢᠨ ᠠᠯᠢᠨ ᠪᠣᠯᠬᠤ ᠶ᠋ᠢ ᠪᠢ ᠲᠦᠰᠦᠭᠯᠡᠵᠦ (ᠲᠥᠰᠦᠭᠡᠯᠡᠵᠦ) ᠮᠡᠳᠡᠬᠦ ᠦᠭᠡᠢ᠂ ᠭᠠᠭᠴᠠᠬᠦ ᠲᠠᠨ ᠤ᠋ ᠲᠤᠰᠠ ᠶ᠋ᠢ ᠪᠣᠳᠣᠵᠤ ᠰᠠᠨᠠᠭᠤᠯᠪᠠ ᠭᠡᠵᠦ ᠢᠨᠢᠶᠡᠮᠰᠦᠭᠯᠡᠨ ᠥᠭᠦᠯᠡᠬᠦ ᠳ᠋ᠦ᠍ ᠶᠦᠮᠨᠡᠷᠡᠨ ᠥᠭᠦᠯᠡᠷᠦᠨ᠂ 
       — ᠡᠪᠦᠭᠡᠨ ᠱᠠᠩᠵᠠᠪ᠂ ᠳᠡᠮᠡᠢ ᠯᠡ ᠬᠠᠷᠠᠮᠴᠢ ᠬᠥᠮᠦᠨ ᠪᠢᠰᠢ᠃ ᠪᠠᠰᠠ ᠡᠪᠡᠷᠳᠡᠨ ᠰᠡᠭᠦᠯᠲᠡᠨ ᠦ᠌ ᠡᠪᠦᠷ ᠲᠦ᠋ᠨᠢ ᠣᠷᠣᠵᠤ ᠴᠡᠩᠭᠡᠯ ᠨᠢ ᠪᠣᠯᠬᠤ ᠲᠡᠳᠦᠢ ᠯᠡ ᠪᠠᠬᠠᠳᠤᠨ ᠬᠦᠰᠡᠯ ᠲᠡᠢ ᠶᠦ᠍ᠮ ᠪᠢᠰᠢ ᠭᠡᠳᠡᠭ ᠢ᠋ ᠲᠦᠰᠦᠭᠯᠡᠳᠡᠭ ᠪᠢᠯᠡ᠃ ᠪᠢ ᠯᠠᠪ ᠡᠨᠡ ᠨᠠᠰᠤᠨ ᠳ᠋ᠠᠭᠠᠨ ᠡᠮᠦᠰᠬᠦ ᠬᠡᠷᠡᠭᠯᠡᠬᠦ ᠪᠡᠷ ᠳᠤᠲᠠᠬᠤ ᠦᠭᠡᠢ ᠭᠣᠶᠣᠯ ᠴᠢᠮᠡᠭᠯᠡᠯ ᠦ᠋ᠨ ᠶᠠᠭᠤᠮ᠎ᠠ ᠲᠠᠢ ᠭᠡᠵᠦ ᠠᠮᠠ ᠬᠠᠯᠠᠵᠤ ᠰᠣᠭᠲᠣᠭᠰᠠᠨ ᠳ᠋ᠠᠭᠠᠨ ᠮᠠᠨᠵᠤ ᠠᠮᠪᠠᠨ ᠳ᠋ᠤ᠌ ᠪᠠᠶᠠᠷᠬᠠᠵᠤ ᠲᠣᠭᠠᠴᠢᠭᠰᠠᠨ ᠨᠢ᠂ ᠨᠠᠳᠠ ᠳ᠋ᠤ᠌ ᠰᠤᠪᠤᠳ ᠭᠥᠯᠢᠮ᠂ ᠰᠤᠪᠤᠳ ᠤ᠋ᠨ ᠭᠤᠲᠤᠯ᠂ ᠪᠠᠰᠠ ᠳᠥᠴᠢᠨ ᠭᠡᠭᠦᠦ ᠶ᠋ᠢᠨ ᠦᠨ᠎ᠡ ᠲᠡᠢ ᠬᠣᠶᠢᠨ ᠭᠤᠲᠤᠯ᠂ ᠶᠡᠷᠦ ᠢᠯᠡᠭᠦᠦ ᠰᠠᠢᠬᠠᠨ ᠲᠣᠷᠭᠠᠨ ᠳᠡᠪᠡᠯ ᠪᠣᠢ᠂ ᠵᠢᠴᠢ《ᠰᠡᠭᠦᠳᠡᠷ ᠦᠭᠡᠢ ᠳᠡᠪᠡᠯ》ᠪᠣᠢ ᠨᠢ ᠡᠷᠲᠡᠨ ᠦ᠌ ᠸᠠᠩ ᠴᠢᠶᠠᠨ ᠤ᠋ ᠰᠢᠯᠦᠭ ᠲᠦ᠍   
       《ᠠᠷᠪᠢᠨ ᠣᠯᠠᠨ ᠨᠠᠪᠴᠢ᠂ ᠱᠠ ᠳᠡᠪᠡᠯ ᠳ᠋ᠦ᠍ ᠬᠠᠳᠬᠤᠮᠠᠯᠯᠠᠭᠰᠠᠨ ᠨᠢ᠂ 
       《ᠠᠯᠲᠠᠨ ᠭᠠᠷᠤᠳᠢ᠂ ᠮᠥᠩᠭᠥᠨ ᠭᠠᠯᠠᠭᠤ ᠴᠥᠮ ᠲᠡᠭᠦᠨ᠎ᠡ ᠪᠠᠭᠤᠵᠠᠢ! 
       《ᠡᠷᠭᠢᠯᠳᠦᠨ ᠪᠥᠵᠢᠭᠯᠡᠮᠡᠭᠴᠡ ᠵᠦᠭ ᠵᠦᠭ ᠨᠢᠰᠦᠨ ᠲᠠᠷᠬᠠᠭᠠᠳ 
       《ᠡᠵᠡᠨ ᠲᠦᠮᠡᠨ ᠨᠠᠰᠤᠯᠠᠲᠤᠭᠠᠢ! ᠭᠡᠳᠡᠭ ᠦᠰᠦᠭ ᠥᠪᠡᠰᠦᠪᠡᠨ ᠭᠠᠷᠴᠤ ᠢᠷᠡᠳᠡᠭ》 ᠭᠡᠵᠦ ᠰᠢᠯᠦᠭᠯᠡᠭᠰᠡᠨ ᠲᠡᠢ ᠠᠳᠠᠯᠢ ᠲᠡᠢᠮᠦ ᠰᠠᠢᠬᠠᠨ ᠳᠡᠪᠡᠯ ᠪᠣᠢ! ᠭᠡᠬᠦ ᠳ᠋ᠦ᠍ᠨᠢ ᠮᠠᠨᠵᠤ ᠠᠮᠪᠠᠨ᠂ ᠡᠪᠦᠭᠡᠨ ᠱᠠᠩᠵᠠᠪ ᠤ᠋ᠨ ᠥᠭᠭᠢᠶᠡᠮᠦᠷ ᠪᠠᠶᠠᠨ ᠢ᠋ ᠭᠠᠢᠬᠠᠵᠠᠢ᠃ ᠬᠡᠦᠬᠡᠨ ᠢᠨᠢᠶᠡᠨ ᠥᠭᠦᠯᠡᠷᠦᠨ᠄  
       — ᠲᠡᠷᠡ ᠪᠦᠭᠦᠳᠡ ᠠᠷᠪᠠᠨ ᠵᠢᠷᠭᠤᠭᠠᠨ ᠲᠦᠮᠡᠨ ᠯᠠᠩ ᠤ᠋ᠨ ᠦᠨᠡᠲᠡᠢ ᠶᠠᠭᠤᠮ᠎ᠠ ᠪᠣᠯᠤᠭᠰᠠᠨ ᠪᠢᠯᠡ᠃ ᠪᠢ ᠲᠡᠭᠦᠨ ᠢ᠋ ᠬᠤᠲᠤᠭᠲᠤ ᠶ᠋ᠢᠨ ᠥᠪᠡᠷ ᠦ᠋ᠨ ᠬᠢᠨᠢ ᠬᠡᠯᠡᠬᠦ ᠶ᠋ᠢ ᠰᠣᠨᠣᠰᠤᠭᠰᠠᠨ᠃ ᠴᠣᠬᠣᠮ ᠳ᠋ᠠᠭᠠᠨ ᠲᠡᠷᠡ ᠶᠡᠬᠡ ᠶᠠᠭᠤᠮ᠎ᠠ ᠶ᠋ᠢ ᠭᠠᠭᠴᠠ ᠱᠠᠩᠵᠠᠪ ᠨᠠᠳᠠ ᠳ᠋ᠤ᠌ ᠥᠭᠭᠦᠭᠰᠡᠨ ᠶᠦ᠍ᠮ ᠪᠢᠰᠢ᠂ ᠬᠤᠲᠤᠭᠲᠤ ᠪᠠᠰᠠ ᠥᠭᠭᠦᠯᠴᠡᠭᠰᠡᠨ ᠪᠢᠯᠡ᠃  ᠪᠢ ᠪᠠᠭᠠᠬᠠᠨ ᠭᠠᠢᠬᠠᠭᠠᠳ ᠬᠤᠲᠤᠭᠲᠤ ᠳ᠋ᠤ᠌᠂ ᠭᠠᠨᠳᠠᠩ ᠤ᠋ᠨ ᠯᠠᠮᠠ ᠨᠠᠷ ᠲᠠᠨ ᠢ᠋᠂ 
        《ᠠᠷᠤ ᠪᠣᠭᠳᠠ ᠯᠠᠮᠠ ᠮᠠᠨᠢ᠂  
        《ᠠᠷᠢᠭᠤᠨ ᠱᠠᠰᠢᠨ ᠨᠣᠮ ᠢ᠋ ᠲᠡᠪᠴᠢᠭᠡᠳ  
        《ᠠᠷᠪᠠᠨ ᠴᠠᠭᠠᠨ ᠪᠤᠶᠠᠨ ᠢ᠋ᠶ᠋ᠠᠷ᠂  
        《ᠬᠤᠳᠠᠯᠴᠢ ᠠᠮᠠ ᠶᠤᠭᠠᠨ ᠳᠦᠭᠦᠷᠭᠡᠭᠡᠳ᠂ 
        《ᠠᠷᠪᠠᠨ ᠬᠠᠷ᠎ᠠ ᠨᠢᠭᠦᠯ ᠢ᠋ᠶ᠋ᠡᠷ 
        《ᠬᠤᠷᠢᠴᠠᠩᠭᠤᠢ ᠵᠢᠷᠦᠬᠡ ᠶᠦ᠍ᠭᠡᠨ ᠳᠦᠭᠦᠷᠭᠡᠭᠡᠳ᠂ 
        《ᠠᠶ᠎ᠠ᠂ ᠴᠥᠪ ᠦ᠋ᠨ ᠡᠨᠡ ᠴᠠᠭ ᠤ᠋ᠨ 
        《ᠠᠮᠢᠳᠤ ᠪᠤᠷᠬᠠᠨ ᠡᠢᠮᠦ ᠪᠣᠯᠪᠠᠢ ᠨᠠᠢ!》 ᠭᠡᠵᠦ ᠮᠠᠭᠤ ᠬᠡᠯᠡᠳᠡᠭ ᠢ᠋ ᠳᠤᠷᠠᠳᠬᠤᠯ᠎ᠠ ᠬᠤᠲᠤᠭᠲᠤ ᠮᠦᠰᠢᠶᠡᠨ᠂ ᠮᠢᠨᠦ ᠦᠢᠯᠡᠳᠦᠭᠰᠡᠨ ᠪᠦᠬᠦᠨ ᠠᠷᠢᠭᠤᠨ ᠪᠥᠭᠡᠳ ᠱᠠᠰᠢᠨ ᠠᠮᠢᠲᠠᠨ ᠤ᠋ ᠲᠤᠰᠠ ᠶ᠋ᠢᠨ ᠲᠤᠯᠠᠳᠠ ᠪᠣᠯᠠᠢ ᠭᠡᠵᠦ ᠠᠢᠯᠠᠳᠤᠭᠰᠠᠨ ᠪᠢᠯᠡ᠃ ᠬᠦᠢ᠂ ᠲᠠ ᠮᠢᠨᠢ ᠶᠠᠭᠠᠬᠢᠬᠤ ᠨᠢ ᠡᠨᠡ ᠪᠣᠢ ? ᠭᠡᠵᠦ ᠰᠠᠨᠳᠤᠷᠤᠨ ᠬᠠᠰᠬᠢᠷᠴᠤ ᠪᠣᠰᠤᠨ ᠬᠠᠷᠠᠢᠭᠠᠳ ᠰᠠᠨᠳᠠᠯᠢ ᠶ᠋ᠢᠨ ᠲᠦᠰᠢᠯᠭᠡ ᠶ᠋ᠢ ᠲᠠᠰᠤ ᠪᠠᠵᠠᠵᠤ᠂ ᠠᠮᠪᠠᠨ ᠤ᠋ ᠵᠦᠭ ᠭᠡᠯᠮᠡᠭᠳᠡᠨ ᠬᠠᠷᠠᠪᠠᠯ᠂ ᠠᠮᠪᠠᠨ ᠤ᠋ ᠴᠢᠷᠠᠢ ᠭᠡᠨᠡᠳᠲᠡ ᠢᠷᠪᠠᠢᠵᠤ᠂ ᠠᠮᠠ ᠪᠠᠨ ᠮᠤᠷᠤᠢᠯᠭᠠᠨ᠂ ᠭᠡᠨᠡᠳᠲᠡ ᠶᠡᠬᠡᠯ᠎ᠡ (ᠶᠡᠬᠡ ᠯᠡ)ᠡᠪᠡᠳᠦᠭᠰᠡᠨ ᠪᠠᠢᠳᠠᠯ ᠲᠠᠢ᠂ ᠨᠢᠳᠦ ᠪᠡᠨ ᠴᠠᠭᠠᠨ ᠢ᠋ᠶ᠋ᠠᠷ ᠡᠷᠭᠢᠭᠦᠯᠵᠦ ᠭᠢᠯᠠᠯᠵᠠᠭᠤᠯᠤᠭᠠᠳ᠂ ᠭᠠᠷ ᠢ᠋ᠶ᠋ᠠᠷ ᠬᠡᠪᠡᠯᠢ ᠶ᠋ᠢᠨ ᠲᠤᠰ ᠡᠯᠢᠭᠡ ᠪᠡᠨ ᠪᠠᠵᠠᠵᠤ᠂ ᠰᠠᠨᠳᠠᠯᠢ ᠳᠡᠭᠡᠷ᠎ᠡ ᠡᠴᠡ ᠭᠤᠯᠭᠤᠨ ᠣᠢᠴᠢᠭᠠᠳ᠂ ᠰᠢᠲᠦ ᠬᠠᠪᠢᠷᠠᠨ (ᠬᠠᠪᠢᠷᠤᠨ) ᠶᠣᠢᠯᠠᠵᠤ ᠱᠠᠯᠠ ᠳᠡᠭᠡᠷ᠎ᠡ ᠥᠩᠬᠥᠷᠢᠨ ᠲᠠᠷᠴᠢᠯᠠᠪᠠ᠃   
       ᠬᠡᠦᠬᠡᠨ ᠤᠬᠠᠭᠠᠨ ᠠᠯᠳᠠᠵᠤ ᠠᠶᠤᠨ ᠴᠡᠴᠡᠷᠡᠵᠦ᠂  
       — ᠬᠥᠮᠦᠨ ᠪᠠᠢᠨᠠᠤ? ᠲᠠ ᠮᠢᠨᠢ᠂ ᠨᠠᠭᠠᠨ᠎ᠠ᠂ ᠲᠡᠩᠬᠡᠷᠡᠭᠦᠯ! ᠭᠡᠵᠦ ᠬᠠᠰᠬᠢᠷᠴᠤ᠂ ᠪᠢᠴᠢᠭᠡᠴᠢ ᠨᠠᠷ ᠰᠡᠩᠳᠡᠨ ᠮᠡᠩᠳᠡᠨ ᠭᠦᠶᠦᠵᠦ ᠢᠷᠡᠭᠡᠳ᠂ ᠳᠠᠲᠠᠯᠳᠠᠨ ᠲᠠᠷᠴᠢᠯᠠᠵᠤ ᠪᠠᠢᠭᠰᠠᠨ ᠠᠮᠪᠠᠨ ᠢ᠋ ᠲᠦᠰᠢᠨ ᠡᠷᠭᠦᠪᠡᠯ ᠠᠮᠪᠠᠨ ᠡᠯᠢᠭᠡ  ᠪᠡᠨ ᠲᠡᠪᠡᠷᠢᠭᠡᠳ ᠬᠢᠬᠠᠨᠠᠨ ᠥᠭᠦᠯᠡᠷᠦᠨ᠄ 
       — ᠪᠢ ᠠᠷᠢᠬᠢ ᠬᠡᠲᠦᠷᠬᠡᠢ ᠤᠤᠭᠤᠵᠤ ᠡᠯᠢᠭᠡᠨ ᠦ᠌ ᠡᠪᠡᠳᠴᠢᠨ ᠬᠥᠳᠡᠯᠪᠡ᠃ ᠡᠪᠡᠢ᠂ ᠰᠠᠢᠬᠠᠨ ᠬᠥᠮᠦᠨ ᠲᠡᠢ ᠤᠴᠠᠷᠠᠨ ᠵᠣᠯᠭᠣᠭᠠᠳ(ᠵᠣᠯᠭᠠᠭᠠᠳ)᠂ ᠪᠤᠶᠠᠨ ᠬᠡᠰᠢᠭ ᠨᠢᠮᠭᠡᠳᠴᠦ᠂ ᠴᠡᠩᠭᠡᠯ ᠢ᠋ ᠭᠦᠢᠴᠡᠳ ᠠᠮᠰᠠᠵᠤ ᠴᠢᠳᠠᠭᠰᠠᠨ ᠦᠭᠡᠢ᠃ ᠡᠨᠡ ᠰᠠᠢᠬᠠᠨ ᠬᠥᠮᠦᠨ ᠢ᠋ ᠮᠢᠨᠦ ᠰᠡᠦᠬᠡ ᠪᠡᠷ ᠭᠡᠷ ᠲᠦ᠋ᠨᠢ ᠬᠦᠷᠭᠡᠵᠦ ᠥᠭᠭᠦᠭᠳᠦᠨ! ᠮᠢᠨᠦ ᠵᠣᠪᠠᠨ ᠲᠠᠷᠴᠢᠯᠠᠬᠤ ᠶ᠋ᠢ ᠦᠵᠡᠭᠡᠳ ᠭᠡᠯᠮᠡᠭᠳᠡᠨ ᠰᠣᠴᠢᠭᠤᠵᠢᠨ᠁ ᠭᠡᠵᠦ ᠬᠡᠦᠬᠡᠨ ᠢ᠋ ᠶᠠᠭᠠᠷᠠᠨ ᠮᠣᠷᠳᠠᠭᠤᠯᠵᠤ᠂ ᠠᠮᠪᠠᠨ ᠤ᠋ ᠬᠠᠰᠢᠶᠠᠨ ᠤ᠋ ᠲᠡᠮᠦᠷᠯᠡᠭᠰᠡᠨ ᠬᠦᠨᠳᠦ ᠬᠠᠭᠠᠯᠭ᠎ᠠ ᠬᠡᠦᠬᠡᠨ ᠦ᠌ ᠬᠣᠢᠨ᠎ᠠ ᠠ᠋ᠴᠠ ᠨᠢᠵᠢᠭᠢᠨᠡᠨ ᠬᠠᠭᠠᠭᠳᠠᠮᠠᠭᠴᠠ᠂ ᠬᠦᠢ ᠠᠮᠪᠠᠨ ᠰᠠᠨᠳᠠᠯᠢ ᠳᠡᠭᠡᠷ᠎ᠡ ᠡᠴᠡ ᠪᠡᠨ ᠤᠬᠤᠰᠬᠢᠨ ᠪᠣᠰᠴᠤ᠂ ᠳᠠᠬᠢᠨ ᠨᠢᠭᠡ ᠵᠣᠴᠢᠨ ᠤ᠋ ᠰᠠᠪᠬ᠎ᠠ ᠬᠡᠷᠡᠭᠯᠡᠯ ᠠᠪᠴᠢᠷ᠎ᠠ ᠭᠡᠵᠦ ᠲᠤᠰᠢᠶᠠᠭᠠᠳ᠂ ᠲᠡᠷᠡ ᠰᠢᠷᠡᠭᠡ ᠵᠠᠰᠠᠭᠰᠠᠨ ᠲᠠᠰᠤᠯᠭᠠᠨ ᠤ᠋ ᠨᠢᠭᠡ ᠬᠡᠰᠡᠭ ᠢ᠋ ᠬᠠᠯᠬᠠᠯᠠᠭᠰᠠᠨ ᠬᠦᠨᠳᠦ ᠬᠠᠷ᠎ᠠ ᠬᠥᠰᠢᠭᠡ ᠶ᠋ᠢ ᠰᠡᠬᠦᠭᠡᠳ᠂ 
        — ᠬᠡ ᠭᠠᠯᠳᠠ᠂ ᠭᠠᠷᠴᠤ ᠢᠷ᠎ᠡ! ᠪᠤᠳᠠᠭᠠᠯᠠᠨ ᠨᠠᠢᠷᠯᠠᠶ᠎ᠠ! ᠭᠡᠬᠦ ᠳ᠋ᠦ᠍ᠨᠢ ᠬᠥᠰᠢᠭᠡ ᠶ᠋ᠢᠨ ᠴᠠᠭᠠᠨ᠎ᠠ ᠠ᠋ᠴᠠ ᠠᠮᠪᠠᠨ ᠤ᠋ ᠨᠠᠷᠢᠨ ᠪᠢᠴᠢᠭ ᠦ᠋ᠨ ᠳᠠᠷᠤᠭ᠎ᠠ ᠬᠡᠰᠢᠭ ᠵᠣᠨᠤᠩ ᠭᠠᠯᠳᠠ᠂ ᠭᠠᠷ ᠲᠠᠭᠠᠨ ᠨᠡᠯᠢᠶᠡᠳ ᠣᠯᠠᠨ ᠬᠠᠭᠤᠳᠠᠰᠤ ᠴᠠᠭᠠᠰᠤ ᠪᠠᠷᠢᠵᠤ᠂ 
        — ᠬᠡᠷᠡᠭ ᠦ᠋ᠨ ᠤᠴᠢᠷ ᠲᠠᠨ ᠤ᠋ ᠠᠰᠠᠭᠤᠭᠰᠠᠨ ᠪᠦᠭᠦᠳᠡ ᠶ᠋ᠢ ᠶᠦᠮᠨᠡᠷᠡᠨ ᠦ᠌ ᠬᠠᠷᠢᠭᠤᠯᠤᠭᠰᠠᠨ ᠲᠠᠢ ᠨᠢᠭᠡᠳ ᠨᠢᠭᠡ ᠦᠭᠡᠢ ᠪᠦᠷᠢᠨ ᠲᠡᠮᠳᠡᠭᠯᠡᠵᠦ ᠠᠪᠤᠯ᠎ᠠ ᠭᠡᠳ᠂ ᠠᠮᠪᠠᠨ ᠳ᠋ᠤ᠌ ᠲᠡᠷᠡ ᠲᠠᠲᠠᠯᠭᠠᠨ ᠪᠢᠴᠢᠭᠰᠡᠨ ᠨᠡᠯᠢᠶᠡᠳ ᠬᠡᠳᠦᠨ ᠠᠮᠠ ᠮᠣᠣᠲᠤᠤ ᠶ᠋ᠢ ᠥᠭᠪᠡᠯ᠂ 
       — ᠵᠠ ᠣᠳᠣ ᠰᠠᠭᠤ᠂ ᠴᠢ ᠪᠢᠳᠡ ᠬᠣᠶᠠᠷ᠂ ᠭᠡᠯᠦᠩ ᠦ᠋ᠨ ᠵᠠᠩᠴᠢ ᠨᠥᠮᠥᠷᠦᠭᠰᠡᠨ ᠬᠥᠭᠰᠢᠨ ᠴᠢᠨᠣ᠎ᠠ ᠶ᠋ᠢᠨ ᠠᠷᠭ᠎ᠠ ᠶ᠋ᠢ ᠳᠠᠪᠠᠵᠤ ᠮᠡᠬᠡᠯᠡᠭᠰᠡᠨ ᠢ᠋ᠶ᠋ᠡᠷ ᠰᠠᠩ ᠠ᠋ᠴᠠ ᠪᠢᠳᠡ ᠬᠣᠶᠠᠷ ᠲᠤ᠌ ᠵᠠᠰᠠᠭᠰᠠᠨ ᠡᠨᠡ ᠰᠢᠷᠡᠭᠡᠨ ᠦ᠌ ᠬᠣᠭᠣᠯᠠ ᠢᠳᠡᠬᠦ ᠶᠣᠰᠣᠲᠠᠢ ᠪᠣᠯᠵᠠᠢ᠂ ᠬᠤᠲᠤᠭᠲᠤ ᠶ᠋ᠢᠨ ᠬᠣᠣᠷᠯᠠᠭᠰᠠᠨ ᠡᠪᠦᠭᠡᠨ ᠴᠧ ᠱᠠᠩᠵᠠᠪ ᠤ᠋ᠨ ᠬᠢᠯᠢᠰ ᠦᠬᠦᠭᠰᠡᠨ ᠰᠦᠨᠡᠰᠦ ᠶ᠋ᠢᠨ ᠥᠰᠢᠶ᠎ᠡ ᠶ᠋ᠢ ᠥᠨᠥᠳᠥᠷ ᠠᠪᠤᠯ᠎ᠠ᠃ ᠣᠳᠣ ᠴᠢ ᠪᠢᠳᠡ ᠬᠣᠶᠠᠷ ᠤ᠋ᠨ ᠡᠵᠡᠨ ᠬᠠᠭᠠᠨ ᠳ᠋ᠤ᠌ ᠵᠢᠳᠬᠦᠭᠰᠡᠨ ᠡᠨᠡ ᠵᠢᠳᠬᠦᠯ ᠢ᠋ ᠪᠡᠭᠡᠵᠢᠩ ᠳ᠋ᠦ᠍ ᠳᠠᠩᠰᠠᠨ᠎ᠠ ᠲᠡᠮᠳᠡᠭᠯᠡᠵᠦ ᠬᠠᠷᠢᠭᠤ ᠬᠥᠬᠢᠭᠦᠯᠬᠦ ᠨᠢ ᠠᠰᠤᠷᠤ ᠤᠳᠠᠬᠤ ᠦᠭᠡᠢ᠃ ᠴᠢ ᠪᠡᠶ᠎ᠡ ᠪᠡᠨ ᠵᠡᠷᠭᠡ ᠲᠠᠪᠰᠢᠪᠠ ᠭᠡᠵᠦ ᠪᠣᠳᠣᠭᠠᠳ ᠮᠠᠯᠠᠭᠠᠢ ᠶ᠋ᠢᠨ ᠵᠢᠩᠰᠡ ᠶ᠋ᠢ ᠤᠷᠢᠳᠠᠰᠠ ᠥᠭᠡᠷᠡᠴᠢᠯᠡᠨ ᠪᠡᠯᠡᠳ ᠭᠡᠵᠦ ᠢᠨᠢᠶᠡᠮᠰᠦᠭᠯᠡᠨ ᠬᠡᠯᠡᠭᠡᠳ ᠬᠠᠯᠠᠭᠠᠭᠰᠠᠨ ᠠᠷᠢᠬᠢ ᠠ᠋ᠴᠠ ᠵᠦᠩᠵᠡᠨ ᠳ᠋ᠡᠭᠡᠨ ᠬᠢᠯ᠎ᠡ᠃   
       ᠵᠠᠯᠢᠬᠠᠢ ᠮᠠᠨᠵᠤ᠂ ᠤᠷᠠᠨ ᠠᠷᠭ᠎ᠠ ᠪᠠᠨ ᠰᠠᠨᠠᠭᠰᠠᠨ ᠠ᠋ᠴᠠ ᠳᠠᠪᠠᠭᠤ ᠪᠣᠯᠪᠠ ᠭᠡᠵᠦ ᠪᠠᠬᠠᠳᠤᠨ ᠠᠷᠢᠬᠢᠨ ᠳ᠋ᠤ᠌ ᠬᠠᠯᠠᠭᠠᠳ ᠳᠣᠲᠣᠨᠣ ᠦᠵᠡᠳᠡᠭ ᠬᠡ ᠭᠠᠯᠳᠠ ᠳ᠋ᠤ᠌ ᠪᠣᠳᠣᠭᠰᠠᠨ ᠰᠠᠨᠠᠭᠰᠠᠨ ᠢ᠋ᠶ᠋ᠠᠨ ᠡᠷᠡᠭᠡ ᠦᠭᠡᠢ ᠶᠠᠷᠢᠵᠠᠢ᠃ 
       — ᠶᠡᠬᠡ ᠬᠦᠷᠢᠶᠡᠨ ᠦ᠌ ᠵᠢᠪᠽᠥ᠋ᠨᠳᠠᠮᠪᠠ ᠬᠤᠲᠤᠭᠲᠤ ᠪᠣᠯ ᠲᠠᠨ ᠤ᠋ ᠮᠣᠩᠭᠣᠯ ᠤ᠋ᠨ ᠣᠯᠠᠨ ᠬᠤᠲᠤᠭᠲᠤ ᠬᠤᠪᠢᠯᠭᠠᠳ ᠤ᠋ᠨ ᠨᠢᠭᠡ ᠠᠳᠠᠯᠢ᠂ ᠮᠠᠨᠠᠢ ᠲᠩᠷᠢᠯᠢᠭ ᠪᠣᠭᠳᠠ ᠡᠵᠡᠨ ᠦ᠌ ᠰᠢᠳᠤᠷᠭᠤ ᠪᠣᠭᠣᠯ᠂ ᠲᠥᠷᠥ ᠶ᠋ᠢᠨ ᠲᠥᠰᠢᠶ᠎ᠡ ᠪᠠᠢᠭ᠎ᠠ ᠤᠴᠢᠷ ᠬᠤᠲᠤᠭᠲᠤ ᠬᠤᠪᠢᠯᠭᠠᠨ ᠡᠷᠭᠦᠮᠵᠢᠯᠡᠭᠦᠯᠵᠦ ᠪᠠᠢᠭ᠎ᠠ ᠪᠣᠯᠬᠤ ᠠ᠋ᠴᠠ ᠪᠢᠰᠢ᠂ ᠥᠪᠡᠷᠰᠡᠳ ᠦ᠋ᠨ ᠬᠤᠲᠤᠭᠲᠤ ᠬᠤᠪᠢᠯᠭᠠᠨ ᠴᠢᠳᠠᠯ ᠲᠠᠢ ᠳ᠋ᠠᠭᠠᠨ ᠲᠡᠭᠡᠵᠦ ᠪᠠᠢᠭ᠎ᠠ ᠬᠡᠷᠡᠭ ᠪᠢᠰᠢ ᠰᠢᠦ᠃ ᠮᠠᠨᠠᠢ ᠡᠵᠡᠨ ᠬᠠᠭᠠᠨ ᠤ᠋ ᠳᠡᠭᠡᠳᠦ ᠡᠪᠦᠭᠡ᠂ ᠪᠣᠭᠳᠠ ᠥᠷᠥᠰᠢᠶᠡᠯᠲᠦ ᠬᠤᠸᠠᠩᠳᠢ ᠡᠩᠬᠡ ᠠᠮᠤᠭᠤᠯᠠᠩ ᠬᠠᠭᠠᠨ ᠤ᠋ ᠰᠦᠯᠲᠠᠨ ᠳ᠋ᠤ᠌ ᠲᠠᠨ ᠤ᠋ ᠮᠣᠩᠭᠣᠯ ᠬᠠᠭᠠᠳ ᠨᠣᠶᠠᠳ ᠢ᠋ ᠳᠠᠭᠠᠷ᠎ᠠ ᠣᠷᠣᠬᠤ ᠠ᠋ᠴᠠ ᠡᠮᠦᠨ᠎ᠡ ᠮᠣᠩᠭᠣᠯ ᠭᠠᠵᠠᠷ ᠶᠠᠭᠠᠬᠢᠭᠠᠳ ᠭᠠᠭᠴᠠ ᠥᠨᠳᠥᠷ ᠭᠡᠭᠡᠬᠡᠨ ᠭᠡᠳᠡᠭ ᠠᠩᠬᠠᠳᠤᠭᠠᠷ ᠵᠢᠪᠽᠥ᠋ᠨᠳᠠᠮᠪᠠ ᠪᠠᠢᠭᠰᠠᠨ ᠪᠢᠯᠡ? ᠲᠠᠪᠤᠳᠤᠭᠠᠷ ᠳᠠᠯᠠᠢ ᠯᠠᠮᠠ ᠶᠡᠬᠡ ᠰᠡᠴᠡᠨ ᠮᠡᠷᠭᠡᠨ ᠬᠣᠯᠠᠴᠢ ᠪᠣᠳᠣᠯᠭ᠎ᠠ ᠲᠠᠢ ᠬᠥᠮᠦᠨ ᠪᠠᠢᠭᠰᠠᠨ ᠤᠴᠢᠷ᠂ ᠲᠥᠪᠡᠳ ᠭᠠᠵᠠᠷ ᠲᠡᠭᠦᠨ ᠦ᠌ ᠡᠷᠬᠡ ᠰᠦᠷ ᠲᠦ᠍ ᠬᠠᠯᠳᠠᠭᠰᠠᠨ ᠳ᠋ᠠᠷᠤᠨᠠᠳᠠ ᠭᠡᠳᠡᠭ ᠶᠡᠬᠡ ᠯᠠᠮᠠ ᠶ᠋ᠢ ᠥᠭᠡᠢᠬᠢᠭᠡᠳ᠂ ᠲᠡᠷᠡ ᠦᠶ᠎ᠡ ᠳ᠋ᠦ᠍ ᠲᠠᠨ ᠤ᠋ ᠲᠦᠰᠢᠶᠡᠲᠦ ᠬᠠᠨ ᠬᠦᠦ ᠳ᠋ᠡᠭᠡᠨ ᠳᠠᠯᠠᠢ ᠯᠠᠮᠠ ᠠ᠋ᠴᠠ ᠨᠡᠷ᠎ᠡ ᠭᠤᠶᠤᠵᠤ ᠢᠷᠡᠭᠰᠡᠨ ᠦ᠌ ᠳᠡᠯᠢᠮ ᠢ᠋ᠶ᠋ᠡᠷ᠂ ᠲᠠᠪᠤᠳᠤᠭᠠᠷ ᠳᠠᠯᠠᠢ ᠯᠠᠮᠠ ᠰᠠᠢᠬᠠᠨ ᠵᠠᠪᠰᠢᠶᠠᠨ ᠲᠣᠬᠢᠶᠠᠯᠳᠤᠪᠠ ᠭᠡᠵᠦ ᠲᠦᠰᠢᠶᠡᠲᠦ ᠬᠠᠨ ᠤ᠋ ᠬᠦᠦ ᠶ᠋ᠢ ᠠᠷᠤ ᠭᠠᠵᠠᠷ ᠪᠤᠷᠬᠠᠨ ᠱᠠᠰᠢᠨ ᠳᠡᠯᠭᠡᠷᠡᠭᠦᠯᠬᠦ ᠭᠡᠵᠦ ᠳ᠋ᠠᠷᠤᠨᠠᠳᠠ ᠶ᠋ᠢᠨ ᠬᠤᠪᠢᠯᠭᠠᠨ ᠲᠣᠳᠣᠷᠠᠵᠠᠢ ᠭᠡᠵᠦ ᠡᠷᠭᠦᠮᠵᠢᠯᠡᠭᠰᠡᠨ ᠢ᠋ᠶ᠋ᠡᠷ ᠲᠦᠰᠢᠶᠡᠲᠦ ᠬᠠᠨ ᠬᠤᠪᠢᠯᠭᠠᠨ ᠬᠦᠦ ᠲᠡᠢ ᠪᠣᠯᠤᠯ᠎ᠠ ᠭᠡᠵᠦ ᠶᠡᠬᠡ ᠪᠠᠶᠠᠷᠯᠠᠭᠠᠳ᠂ ᠳ᠋ᠠᠷᠤᠨᠠᠳᠠ ᠶ᠋ᠢᠨ ᠣᠯᠠᠨ ᠱᠠᠪᠢ ᠨᠠᠷ ᠴᠦ᠍᠂ ᠳᠠᠯᠠᠢ ᠯᠠᠮᠠ ᠶ᠋ᠢ ᠮᠠᠨᠠᠢ ᠪᠠᠭᠰᠢ ᠳ᠋ᠠᠷᠤᠨᠠᠳᠠ ᠶ᠋ᠢ ᠬᠣᠣᠷᠯᠠᠪᠠ ᠭᠡᠵᠦ ᠳᠠᠯᠠᠢ ᠯᠠᠮᠠ ᠠ᠋ᠴᠠ ᠠᠮᠢ ᠨᠡᠬᠡᠬᠦ ᠶ᠋ᠢ ᠪᠠᠢᠭᠠᠳ᠂ ᠪᠠᠭᠰᠢ ᠶᠤᠭᠠᠨ ᠦᠨᠡᠬᠡᠷ ᠴᠦ᠍ ᠠᠷᠤ ᠭᠠᠵᠠᠷ ᠶᠡᠬᠡ ᠲᠣᠭᠰᠢᠨ ᠪᠠᠢᠯᠳᠤᠭᠠᠨᠴᠢ ᠴᠢᠩᠭᠢᠰ ᠬᠠᠭᠠᠨ ᠤ᠋ ᠠᠯᠲᠠᠨ ᠤᠷᠤᠭ ᠲᠤ᠌ ᠲᠣᠳᠣᠷᠠᠨ ᠲᠥᠷᠥᠬᠦ ᠭᠡᠵᠦ ᠥᠪᠡᠷ ᠢ᠋ᠶ᠋ᠡᠨ ᠲᠠᠭᠠᠯᠠᠯ ᠪᠣᠯᠵᠤ《ᠵᠠᠩᠴᠢ ᠪᠠᠨ ᠬᠠᠯᠠᠭᠰᠠᠨ》 ᠪᠠᠢᠵᠠᠢ ᠭᠡᠵᠦ ᠢᠲᠡᠭᠡᠭᠰᠡᠨ  ᠪᠢᠯᠡ᠃ ᠲᠠᠨ ᠤ᠋ ᠠᠷᠤ ᠮᠣᠩᠭᠣᠯ᠂ ᠵᠢᠪᠽᠥ᠋ᠨᠳᠠᠮᠪᠠ ᠬᠤᠲᠤᠭᠲᠤ ᠪᠣᠢ ᠪᠣᠯᠤᠭᠰᠠᠨ ᠤ᠋ ᠦᠨᠡᠨ ᠤᠴᠢᠷ ᠨᠢ ᠡᠨᠡ ᠰᠢᠦ ᠳᠡ᠃ ᠮᠠᠨᠠᠢ ᠪᠣᠭᠳᠠ ᠡᠵᠡᠨ ᠬᠠᠭᠠᠨ ᠤ᠋ ᠳᠡᠭᠡᠳᠦᠰ᠂ ᠠᠷᠢᠭᠤᠨ ᠶᠠᠪᠤᠳᠠᠯ ᠲᠠᠢ ᠪᠥᠭᠡᠳ ᠳᠠᠢᠴᠢᠩ ᠤᠯᠤᠰ ᠤ᠋ᠨ ᠲᠥᠷᠥ ᠳ᠋ᠦ᠍ ᠶᠡᠬᠡ ᠵᠢᠳᠬᠦᠯ ᠭᠠᠪᠢᠶ᠎ᠠ ᠪᠠᠢᠭᠤᠯᠤᠭᠰᠠᠨ ᠡᠷᠳᠡᠮᠲᠡᠢ ᠨᠣᠮᠲᠠᠢ ᠯᠠᠮᠠ ᠨᠠᠷ ᠢ᠋ ᠲᠠᠨ ᠤ᠋ ᠠᠷᠤ ᠭᠠᠵᠠᠷ ᠳᠠᠬᠢᠨ ᠳᠠᠬᠢᠨ ᠲᠣᠳᠣᠷᠠᠵᠤ᠂ ᠲᠩᠷᠢᠯᠢᠭ ᠶᠡᠬᠡ ᠡᠵᠡᠨ ᠬᠠᠭᠠᠨ ᠤ᠋ ᠲᠥᠷᠥ ᠳ᠋ᠤ᠌ ᠬᠦᠴᠦ ᠪᠡᠨ ᠥᠭᠭᠦᠲᠦᠭᠡᠢ ᠭᠡᠵᠦ ᠬᠣᠢᠲᠤ ᠳᠦᠷᠢ ᠶ᠋ᠢ ᠲᠣᠳᠣᠷᠠᠭᠤᠯᠤᠨ ᠡᠷᠭᠦᠮᠵᠢᠯᠡᠬᠦ ᠪᠣᠯᠤᠭᠰᠠᠨ ᠤᠴᠢᠷ᠂ ᠲᠠᠨ ᠤ᠋ ᠣᠯᠠᠨ ᠬᠤᠲᠤᠭᠲᠤ ᠬᠤᠪᠢᠯᠭᠠᠳ ᠪᠣᠢ  ᠪᠣᠯᠤᠭᠰᠠᠨ ᠪᠢᠯᠡ᠃ ᠲᠡᠳᠡᠨ ᠦ᠌ ᠬᠡᠨ ᠴᠦ᠍᠂ ᠲᠩᠷᠢᠯᠢᠭ ᠪᠣᠭᠳᠠ ᠡᠵᠡᠨ ᠬᠠᠭᠠᠨ ᠡᠰᠡ ᠲᠠᠭᠠᠯᠠᠪᠠᠯ᠂ ᠲᠩᠷᠢ ᠶ᠋ᠢᠨ ᠲᠣᠭᠲᠠᠭᠠᠭᠰᠠᠨ ᠴᠠᠭ ᠠ᠋ᠴᠠ ᠡᠮᠦᠨ᠎ᠡ ᠵᠠᠩᠴᠢ ᠬᠠᠯᠠᠬᠤ ᠶᠣᠰᠣ ᠦᠭᠡᠢ ᠪᠥᠭᠡᠳ ᠳᠠᠬᠢᠨ ᠲᠣᠳᠣᠷᠠᠬᠤ ᠶᠣᠰᠣ ᠦᠭᠡᠢ᠂ ᠬᠠᠷᠢᠨ ᠲᠩᠷᠢ ᠶ᠋ᠢᠨ ᠪᠣᠱᠣᠭ ᠢ᠋ᠶ᠋ᠠᠷ ᠴᠠᠭ ᠢ᠋ ᠡᠵᠡᠯᠡᠭᠰᠡᠨ ᠶᠡᠬᠡ ᠬᠤᠸᠠᠩᠳᠢ ᠶ᠋ᠢᠨ ᠲᠦᠭᠡᠮᠡᠯ ᠬᠡᠰᠢᠭ ᠢ᠋ ᠳᠡᠰᠡᠷᠭᠦᠯᠦᠨ᠂ ᠡᠵᠡᠨ ᠲᠥᠷᠥ ᠶ᠋ᠢᠨ ᠲᠦᠰᠢᠭ ᠪᠣᠯᠤᠭᠰᠠᠨ ᠰᠢᠳᠤᠷᠭᠤ ᠪᠣᠭᠣᠯ ᠤ᠋ᠨ ᠵᠢᠷᠤᠮ ᠢ᠋ ᠮᠠᠷᠲᠠᠭᠰᠠᠨ ᠬᠤᠲᠤᠭᠲᠤ  ᠬᠤᠪᠢᠯᠭᠠᠨ ᠪᠦᠬᠦᠨ ᠵᠠᠩᠴᠢ ᠪᠠᠨ ᠴᠠᠭ ᠠ᠋ᠴᠠ ᠡᠮᠦᠨ᠎ᠡ ᠬᠠᠯᠠᠭᠰᠠᠭᠠᠷ ᠢᠷᠡᠭᠰᠡᠨ ᠪᠢᠯᠡ᠃ 
       ᠡᠳᠦᠭᠡ᠂ ᠲᠠᠨ ᠤ᠋ ᠡᠨᠡ ᠬᠤᠲᠤᠭᠲᠤ ᠨᠠᠰᠤ ᠪᠠᠭ᠎ᠠ ᠡᠷᠳᠡᠮ ᠭᠥᠶᠥᠬᠡᠨ ᠤᠴᠢᠷ᠂ ᠪᠠᠰᠠ ᠮᠢᠨᠦ ᠤᠷᠢᠳᠠᠬᠢ ᠲᠤᠰᠢᠶᠠᠯ ᠤ᠋ᠨ ᠠᠮᠪᠠᠨ᠂ ᠳᠠᠭᠤᠷ ᠬᠥᠮᠦᠨ ᠰᠢᠷ᠎ᠠ ᠶ᠋ᠢᠨ ᠱᠠᠰᠢᠨ ᠢ᠋ ᠰᠢᠲᠦᠵᠦ᠂ ᠲᠠᠨ ᠤ᠋ ᠬᠤᠲᠤᠭᠲᠤ ᠶ᠋ᠢ ᠪᠠᠭᠰᠢ ᠭᠡᠵᠦ ᠦᠵᠡᠭᠰᠡᠨ ᠢ᠋ᠶ᠋ᠡᠷ᠂ ᠬᠤᠲᠤᠭᠲᠤ ᠳᠠᠷᠤᠢ ᠪᠡᠶ᠎ᠡ  ᠪᠡᠨ ᠬᠡᠲᠦᠷᠬᠡᠢ ᠲᠣᠭᠣᠵᠤ ᠶᠡᠬᠡ ᠡᠵᠡᠨ ᠬᠤᠸᠠᠩᠳᠢ ᠶ᠋ᠢᠨ ᠨᠢᠭᠡ ᠥᠴᠦᠬᠡᠨ ᠬᠠᠷᠠᠭᠠᠲᠤ ᠲᠦᠰᠢᠮᠡᠯ ᠪᠠᠢᠭ᠎ᠠ ᠪᠠᠨ ᠮᠠᠷᠲᠠᠵᠠᠢ᠃ ᠤᠬᠠᠪᠤᠷᠢ ᠮᠥᠴᠢᠳ ᠤᠴᠢᠷ᠂ ᠲᠠᠨᠠᠢ ᠬᠤᠲᠤᠭᠲᠤ᠂ ᠨᠠᠮᠠᠶ᠋ᠢ ᠲᠡᠭᠦᠨ ᠲᠡᠢ ᠡᠷᠬᠡ ᠠᠰᠢᠭ ᠲᠡᠮᠡᠴᠡᠯᠳᠦᠪᠡ ᠭᠡᠵᠦ ᠪᠣᠳᠣᠳᠠᠭ ᠪᠣᠯᠵᠠᠢ᠃ ᠲᠡᠭᠡᠭᠰᠡᠭᠡᠷ᠂ ᠣᠳᠣ ᠴᠠᠭ ᠲᠥᠷᠥ ᠰᠠᠮᠠᠭᠤᠨ ᠪᠣᠯᠤᠭᠰᠠᠨ ᠡᠨᠡ ᠴᠢᠬᠤᠯᠠ ᠦᠶᠡᠰ᠂ ᠲᠥᠷᠥ ᠶᠣᠰᠣᠨ ᠳ᠋ᠤ᠌ ᠨᠡᠢᠯᠡᠭᠦᠯᠦᠨ ᠶᠠᠪᠤᠵᠤ ᠴᠢᠳᠠᠬᠤ ᠦᠭᠡᠢ ᠪᠣᠯ᠂ ᠲᠩᠷᠢᠯᠢᠭ ᠪᠣᠭᠳᠠ ᠡᠵᠡᠨ ᠦ᠌ ᠵᠠᠷᠯᠢᠭ ᠢ᠋ᠶ᠋ᠠᠷ ᠡᠨᠡ ᠠᠯᠤᠰ ᠬᠢᠵᠠᠭᠠᠷ ᠭᠠᠵᠠᠷ ᠡᠵᠡᠨ ᠲᠥᠷᠥ ᠶ᠋ᠢᠨ ᠪᠣᠳᠣᠯᠭ᠎ᠠ ᠶ᠋ᠢ ᠡᠷᠬᠢᠯᠡᠨ ᠭᠦᠢᠴᠡᠳᠬᠡᠭᠴᠢ ᠵᠠᠷᠯᠢᠭ ᠤ᠋ᠨ ᠠᠮᠪᠠᠨ ᠰᠠᠢᠳ ᠲᠠᠢ ᠬᠥᠳᠡᠯᠬᠦ ᠪᠦᠷᠢ ᠶᠠᠪᠤᠳᠠᠯ ᠢ᠋ᠶ᠋ᠠᠨ ᠵᠣᠬᠢᠴᠠᠭᠤᠯᠪᠠᠯ ᠵᠣᠬᠢᠬᠤ ᠪᠣᠯᠵᠠᠢ᠃ ᠲᠠᠨᠠᠢ ᠪᠣᠭᠳᠠ᠂ ᠣᠯᠠᠨ ᠨᠣᠶᠠᠳ᠂ ᠬᠤᠲᠤᠭᠲᠤ ᠬᠤᠪᠢᠯᠭᠠᠨ ᠪᠢᠳᠡ ᠪᠦᠭᠦᠳᠡᠭᠡᠷ ᠢ᠋ᠶ᠋ᠡᠨ ᠴᠥᠮ ᠮᠠᠨᠵᠤ ᠬᠠᠭᠠᠨ ᠤ᠋ ᠲᠦᠰᠢᠮᠡᠯ᠂ ᠪᠦᠭᠦᠳᠡᠭᠡᠷ ᠢ᠋ᠶ᠋ᠡᠨ ᠠᠷᠠᠳ ᠣᠯᠠᠨ ᠢ᠋ ᠠᠳᠬᠤᠨ ᠳ᠋ᠠᠭᠠᠨ ᠪᠠᠷᠢᠵᠤ᠂ ᠪᠣᠭᠳᠠ ᠡᠵᠡᠨ ᠬᠠᠭᠠᠨ ᠤ᠋ ᠨᠣᠮᠣᠬᠠᠨ ᠪᠣᠭᠣᠯ ᠪᠣᠯᠭᠠᠵᠤ ᠪᠠᠢᠬᠤ ᠤᠯᠤᠰ ᠪᠢᠯᠡ᠃ ᠲᠡᠭᠡᠬᠦ ᠦᠭᠡᠢ ᠪᠣᠯᠪᠠᠯ᠂ ᠪᠢᠳᠡᠨ ᠦ᠌ ᠬᠤᠲᠤᠭᠲᠤ ᠬᠤᠪᠢᠯᠭᠠᠨ᠂ ᠠᠮᠪᠠᠨ ᠨᠣᠶᠠᠨ ᠭᠡᠵᠦ ᠪᠠᠢᠭᠰᠠᠨ ᠤ᠋ ᠬᠡᠷᠡᠭ ᠣᠭᠲᠣ ᠠᠯᠠᠭ᠎ᠠ᠃ ᠨᠠᠷᠢᠨ ᠤᠴᠢᠷ ᠡᠢᠮᠦ ᠪᠢᠯᠡ᠃   
       ᠪᠢ ᠰᠠᠨᠠᠪᠠᠯ᠂ ᠲᠠᠨᠠᠢ ᠬᠤᠲᠤᠭᠲᠤ ᠳᠣᠲᠣᠨᠣ ᠬᠥᠮᠦᠨ ᠢ᠋ ᠪᠡᠭᠡᠵᠢᠩ ᠳ᠋ᠦ᠍ ᠶᠠᠭᠠᠷᠠᠪᠴᠢᠯᠠᠨ ᠳᠣᠪᠲᠣᠯᠭᠠᠵᠤ ᠨᠠᠮᠠᠶ᠋ᠢ ᠥᠭᠡᠷ᠎ᠡ ᠭᠠᠵᠠᠷ ᠰᠢᠯᠵᠢᠭᠦᠯᠦᠨ ᠲᠣᠮᠢᠯᠠᠬᠤ ᠶ᠋ᠢ ᠭᠤᠶᠤᠬᠤ ᠪᠢᠵᠡ᠃ ᠭᠡᠲᠡᠯ᠎ᠡ ᠪᠡᠭᠡᠵᠢᠩ ᠳ᠋ᠦ᠍ ᠳᠡᠭᠡᠭᠦᠷ ᠲᠡᠷᠡ ᠬᠥᠮᠦᠨ ᠢ᠋ ᠬᠦᠷᠴᠦ ᠢᠷᠡᠮᠡᠭᠴᠡ᠂ ᠨᠠᠮᠠᠶ᠋ᠢ ᠲᠥᠷᠥ ᠮᠡᠳᠡᠬᠦ ᠦᠭᠡᠢ ᠦᠬᠡᠷ ᠢ ᠳᠥᠷᠥᠯᠡᠪᠡ ᠭᠡᠵᠦ ᠮᠡᠳᠡᠭᠡᠳ ᠬᠤᠲᠤᠭᠲᠤ ᠶ᠋ᠢᠨ ᠨᠠᠮᠠᠶ᠋ᠢ ᠥᠭᠡᠷ᠎ᠡ ᠭᠠᠵᠠᠷ ᠰᠢᠯᠵᠢᠭᠦᠯᠦᠨ ᠵᠠᠢᠯᠠᠭᠤᠯᠬᠤ ᠭᠡᠵᠦ ᠴᠢᠳᠬᠤᠭᠰᠠᠨ ᠮᠥᠩᠭᠥ ᠨᠢ ᠬᠠᠷᠢᠨ ᠴᠦ᠍ ᠨᠠᠳᠠ ᠳ᠋ᠤ᠌ ᠭᠠᠪᠢᠶ᠎ᠠ ᠱᠠᠩᠨᠠᠯ ᠢ᠋ ᠨᠡᠮᠡᠬᠦ ᠶ᠋ᠢᠨ ᠰᠢᠯᠲᠠᠭᠠᠨ ᠪᠣᠯᠤᠨ᠎ᠠ᠃ 
       ᠬᠡ ᠭᠠᠯᠳᠠᠨ ᠪᠢ ᠴᠢᠮᠠᠶ᠋ᠢ ᠰᠡᠴᠡᠨ ᠤᠬᠠᠭᠠᠨ ᠲᠠᠢ ᠬᠥᠮᠦᠨ ᠭᠡᠵᠦ ᠦᠵᠡᠭᠡᠳ᠂ ᠡᠭᠡᠯ ᠬᠥᠮᠦᠨ ᠳ᠋ᠦ᠍ ᠵᠠᠳᠠᠷᠠᠭᠤᠯᠤᠨ ᠬᠡᠯᠡᠯᠴᠡᠵᠦ ᠪᠣᠯᠬᠤ ᠦᠭᠡᠢ ᠶᠡᠬᠡ ᠲᠥᠷᠥ ᠶ᠋ᠢᠨ ᠨᠠᠷᠢᠨ ᠪᠣᠳᠣᠯᠭ᠎ᠠ ᠠ᠋ᠴᠠ ᠴᠤᠬᠤᠢᠯᠭᠠᠨ ᠬᠡᠯᠡᠯ᠎ᠡ᠃ ᠬᠡᠷᠪᠡ ᠴᠢ ᠭᠠᠳᠠᠭᠰᠢ ᠵᠠᠳᠠᠷᠠᠭᠤᠯᠤᠨ ᠦᠭᠡ ᠠᠯᠳᠠᠪᠠᠯ᠂ ᠬᠣᠢᠴᠢ ᠡᠳᠦᠷ ᠦ᠋ᠨ ᠬᠠᠯᠳᠠᠬᠤ ᠶᠠᠯ᠎ᠠ ᠪᠠᠭ᠎ᠠ ᠦᠭᠡᠢ ᠶ᠋ᠢ ᠮᠡᠳᠡᠲᠦᠭᠡᠢ ᠭᠡᠰᠡᠨ ᠳ᠋ᠦ᠍᠂ 
       — ᠠᠮᠪᠠᠨ ᠰᠠᠢᠳ ᠠᠪᠤᠭᠠᠢ᠂ ᠪᠢ ᠶᠠᠭᠠᠬᠢᠯ᠎ᠠ ᠭᠡᠵᠦ ᠶᠡᠬᠡ ᠰᠠᠢᠳ ᠤ᠋ᠨ ᠢᠲᠡᠭᠡᠮᠵᠢᠯᠡᠭᠰᠡᠨ ᠰᠡᠳᠬᠢᠯ ᠢ᠋ ᠲᠡᠰᠡᠷᠭᠦᠯᠡᠬᠦ ᠪᠢᠯᠡ? ᠥᠴᠦᠬᠡᠨ ᠬᠥᠮᠦᠨ᠂ ᠪᠣᠭᠳᠠ ᠡᠵᠡᠨ ᠦ᠌ ᠪᠣᠭᠣᠯ᠂ ᠲᠥᠷᠥ ᠶ᠋ᠢᠨ ᠲᠦᠰᠢᠶ᠎ᠡ ᠲᠦᠰᠢᠮᠡᠯ ᠠᠲᠠᠯ᠎ᠠ ᠶᠠᠭᠠᠬᠢᠨ ᠶᠡᠬᠡ ᠰᠠᠢᠳ ᠤ᠋ᠨ ᠥᠷᠥᠰᠢᠶᠡᠯ ᠢ᠋ ᠮᠠᠷᠲᠠᠵᠤ᠂ ᠵᠢᠷᠤᠮ ᠢ᠋ ᠲᠡᠰᠡᠷᠭᠦᠯᠡᠬᠦ ᠪᠢᠯᠡ? ᠭᠡᠵᠦ ᠬᠡ ᠭᠠᠯᠳᠠᠨ ᠰᠠᠨᠳᠤᠷᠤᠰᠬᠢᠪᠠ᠃ 
       — ᠴᠢᠨᠦ ᠦᠭᠡ ᠵᠥᠪ᠃ ᠪᠢᠳᠡ ᠴᠥᠮ ᠲᠥᠷᠥ ᠶ᠋ᠢᠨ ᠲᠦᠰᠢᠶ᠎ᠡ ᠲᠦᠰᠢᠮᠡᠯ ᠪᠥᠭᠡᠳ ᠡᠵᠡᠨ ᠦ᠌ ᠥᠷᠥᠰᠢᠶᠡᠯ ᠵᠢᠷᠤᠮ ᠢ᠋ ᠲᠡᠰᠡᠷᠭᠦᠯᠡᠵᠦ ᠦᠯᠦ ᠪᠣᠯᠤᠨ᠎ᠠ᠃ ᠥᠨᠥᠳᠥᠷ ᠪᠢ ᠲᠠᠨᠠᠢ ᠠᠮᠪᠠᠨ᠂ ᠮᠠᠷᠭᠠᠰᠢ ᠵᠠᠷᠯᠢᠭ ᠢ᠋ᠶ᠋ᠠᠷ ᠥᠭᠡᠷ᠎ᠡ ᠬᠥᠮᠦᠨ ᠢᠷᠡᠭᠡᠳ᠂ ᠨᠥᠭᠥᠭᠡᠳᠦᠷ ᠪᠠᠰᠠ ᠨᠢᠭᠡ ᠬᠥᠮᠦᠨ ᠢᠷᠡᠵᠦ ᠪᠣᠯᠤᠨ᠎ᠠ᠃ ᠪᠢᠳᠡᠨ ᠦ᠌ ᠢᠯᠭᠠᠭ᠎ᠠ ᠶᠠᠭᠤ ᠪᠣᠢ ᠭᠡᠪᠡᠯ᠂ ᠨᠢᠭᠡᠨ ᠨᠢ ᠡᠷᠬᠢᠯᠡᠨ ᠰᠢᠳᠬᠡᠬᠦ(ᠰᠢᠢᠳᠬᠡᠬᠦ) ᠬᠡᠷᠡᠭ ᠲᠦ᠍ ᠴᠢᠳᠠᠪᠤᠷᠢ ᠲᠠᠢ ᠪᠠᠢᠵᠤ ᠪᠣᠯᠤᠨ᠎ᠠ᠃ ᠨᠢᠭᠡᠨ ᠨᠢ ᠠᠷᠭ᠎ᠠ ᠴᠢᠳᠠᠯ ᠠᠷᠠᠢ ᠳᠤᠲᠠᠭᠤ ᠪᠠᠢᠵᠤ ᠪᠣᠯᠵᠣᠰᠢ ᠦᠭᠡᠢ᠃ ᠲᠡᠭᠡᠪᠡᠴᠦ ᠲᠡᠭᠦᠨ ᠡᠴᠡ ᠪᠣᠯᠵᠤ ᠡᠵᠡᠨ ᠬᠠᠭᠠᠨ ᠤ᠋ ᠲᠥᠷᠥ ᠶ᠋ᠢᠨ ᠪᠣᠳᠣᠯᠭ᠎ᠠ ᠥᠭᠡᠷᠡᠴᠢᠯᠡᠬᠦ ᠦᠭᠡᠢ᠂ ᠪᠣᠭᠣᠯ ᠨᠢ ᠳᠠᠷᠤᠢ ᠪᠣᠭᠣᠯ ᠠᠪᠠᠰᠤ ᠵᠣᠬᠢᠨ᠎ᠠ᠃ ᠡᠵᠡᠨ ᠨᠢ ᠳᠠᠷᠤᠢ ᠡᠵᠡᠨ ᠠᠪᠠᠰᠤ ᠵᠣᠬᠢᠨ᠎ᠠ᠃ ᠡᠨᠡ ᠪᠣᠯ ᠲᠩᠷᠢ ᠶ᠋ᠢᠨ ᠲᠣᠭᠲᠠᠭᠠᠭᠰᠠᠨ ᠡᠭᠦᠷᠢᠳᠡ ᠬᠠᠯᠠᠰᠢ ᠦᠭᠡᠢ ᠶᠣᠰᠣ᠃ ᠴᠢ ᠪᠡᠶ᠎ᠡ ᠪᠡᠨ ᠪᠣᠭᠳᠠ ᠡᠵᠡᠨ ᠦ᠌ ᠰᠢᠳᠤᠷᠭᠤ ᠪᠣᠭᠣᠯ ᠭᠡᠵᠦ ᠬᠢᠴᠢᠶᠡᠩᠭᠦᠢᠯᠡᠨ ᠵᠢᠳᠬᠦᠪᠡᠯ᠂ ᠴᠢᠨᠦ ᠭᠠᠪᠢᠶ᠎ᠠ ᠵᠢᠳᠬᠦᠯ ᠢ᠋ ᠬᠡᠵᠢᠶᠡᠳᠡ ᠬᠥᠬᠢᠭᠦᠯᠦᠨ ᠲᠡᠮᠳᠡᠭᠯᠡᠨ᠎ᠡ᠃  ᠰᠢᠳᠤᠷᠭᠤ ᠲᠦᠰᠢᠮᠡᠯ ᠬᠣᠶᠠᠷ ᠡᠵᠡᠨ ᠢ᠋ ᠦᠯᠦ ᠦᠢᠯᠡᠴᠢᠯᠡᠨ᠎ᠡ᠃ ᠰᠢᠳᠤᠷᠭᠤ ᠡᠮ᠎ᠡ ᠬᠣᠶᠠᠷ ᠡᠷ᠎ᠡ ᠶ᠋ᠢ ᠦᠯᠦ ᠦᠢᠯᠡᠴᠢᠯᠡᠨ᠎ᠡ ᠃ ᠬᠣᠶᠠᠷ ᠡᠵᠡᠨ ᠢ᠋ ᠦᠢᠯᠡᠴᠢᠯᠡᠭᠴᠢ ᠪᠣᠭᠣᠯ ᠬᠡᠵᠢᠶᠡᠳᠡ ᠠᠯᠳᠠᠳᠠᠭ ᠶᠣᠰᠣᠨ ᠪᠣᠢ᠃  ᠴᠢ ᠤᠳᠠᠬᠤ ᠦᠭᠡᠢ ᠬᠣᠪᠳᠣᠭ ᠨᠠᠷᠢᠨ ᠪᠠᠲᠤᠴᠡᠩᠭᠡᠯ ᠭᠠᠯᠳᠠ ᠵᠡᠷᠭᠡ ᠶ᠋ᠢᠨ ᠬᠡᠳᠦᠨ ᠬᠥᠮᠦᠨ ᠦ᠌ ᠶᠠᠪᠤᠳᠠᠯ ᠠ᠋ᠴᠠ ᠲᠡᠷᠡ ᠤᠴᠢᠷ ᠢ᠋ ᠢᠯᠡᠳᠲᠡ ᠦᠵᠡᠬᠦ ᠪᠣᠯᠤᠨ᠎ᠠ ᠭᠡᠵᠦ ᠬᠠᠲᠠᠭᠤ ᠬᠡᠯᠡᠭᠡᠳ᠂ ᠪᠢᠴᠢᠬᠠᠨ ᠱᠠᠵᠠᠩ ᠵᠦᠩᠵᠡᠨ ᠳ᠋ᠦ᠍ ᠬᠠᠯᠠᠭᠠᠭᠰᠠᠨ ᠠᠷᠢᠬᠢ ᠬᠢᠪᠡ᠃  
      ᠬᠣᠢᠲᠤ ᠡᠳᠦᠷ ᠨᠢ ᠪᠣᠭᠳᠠ ᠶ᠋ᠢᠨ ᠰᠠᠩ᠂ ᠱᠠᠪᠢ ᠵᠠᠬᠢᠷᠬᠤ ᠱᠠᠩᠵᠠᠪ ᠤ᠋ᠨ ᠶᠠᠮᠤᠨ ᠤ᠋ ᠬᠡᠷᠡᠭᠯᠡᠯ ᠨᠡᠢᠯᠡᠭᠦᠯᠵᠦ ᠪᠠᠢᠭᠰᠠᠨ ᠬᠢᠲᠠᠳ ᠫᠦᠰᠡ ᠶ᠋ᠢᠨ ᠳ᠋ᠠᠩᠵᠢᠶᠠᠳᠠ ᠨᠠᠷ ᠪᠣᠭᠳᠠ ᠶ᠋ᠢᠨ ᠰᠠᠩ᠂ ᠡᠷᠳᠡᠨᠢ ᠱᠠᠩᠵᠠᠪ ᠤ᠋ᠨ ᠶᠠᠮᠤᠨ ᠠ᠋ᠴᠠ ᠵᠠᠬᠢᠶᠠᠯᠠᠭᠰᠠᠨ᠂ ᠠᠪᠤᠭᠰᠠᠨ᠂ ᠥᠷᠢ ᠲᠠᠯᠪᠢᠭᠰᠠᠨ ᠪᠦᠬᠦ ᠵᠦᠢᠯ ᠦ᠋ᠨ ᠳᠠᠩᠰᠠ ᠶ᠋ᠢ ᠭᠠᠳᠠᠭᠰᠢ ᠦᠭᠡ ᠵᠠᠳᠠᠷᠠᠭᠤᠯᠤᠨ ᠮᠡᠳᠡᠭᠳᠡᠯ ᠦᠭᠡᠢ ᠠᠮᠪᠠᠰ ᠤ᠋ᠨ ᠶᠠᠮᠤᠨ ᠳ᠋ᠤ᠌ ᠨᠢᠭᠤᠴᠠ ᠪᠠᠷ ᠠᠪᠴᠢᠷ᠎ᠠ(ᠠᠪᠴᠢᠷᠠ) ᠭᠡᠰᠡᠨ ᠲᠤᠰᠢᠶᠠᠯ ᠠᠶᠤᠨ ᠰᠠᠨᠳᠤᠷᠤᠨ ᠬᠦᠯᠢᠶᠡᠵᠦ ᠠᠪᠤᠭᠠᠳ᠂ ᠬᠡᠳᠦ ᠬᠣᠨᠣᠭᠰᠠᠨ ᠤ᠋ ᠬᠣᠢᠨ᠎ᠠ ᠱᠠᠩᠵᠠᠪ ᠤ᠋ᠨ ᠶᠠᠮᠤᠨ ᠤ᠋ ᠳᠠᠩᠰᠠ ᠪᠠᠢᠴᠠᠭᠠᠬᠤ ᠲᠦᠰᠢᠮᠡᠯ ᠭᠡᠨᠡᠳᠲᠡ ᠱᠠᠩᠵᠠᠪ ᠤ᠋ᠨ ᠶᠠᠮᠤᠨ᠎ᠠ ᠣᠴᠢᠵᠤ᠂ ᠳᠠᠰᠢᠳᠣᠷᠵᠢ ᠱᠠᠩᠵᠠᠪ ᠢ᠋ ᠠᠯᠪᠠᠨ ᠬᠡᠷᠡᠭ ᠡᠴᠡ ᠤᠭᠴᠠᠷᠠᠭᠤᠯᠤᠨ ᠲᠠᠮᠠᠭ᠎ᠠ ᠶ᠋ᠢ ᠬᠣᠷᠢᠶᠠᠨ ᠠᠪᠴᠠᠢ᠃ ᠲᠡᠭᠡᠭᠡᠳ ᠡᠷᠳᠡᠨᠢ ᠱᠠᠩᠵᠠᠪ ᠳᠠᠰᠢᠳᠣᠷᠵᠢ᠂ ᠲᠡᠭᠦᠨ ᠦ᠌ ᠪᠠᠷᠠᠭᠤᠨ ᠭᠠᠷ ᠪᠥᠭᠡᠳ ᠱᠠᠪᠢ ᠶ᠋ᠢᠨ ᠬᠡᠷᠡᠭ ᠢ᠋ ᠭᠠᠷ ᠲᠠᠭᠠᠨ ᠠᠳᠬᠤᠵᠤ ᠪᠣᠭᠳᠠ ᠳ᠋ᠤ᠌ ᠨᠢᠭᠤᠷ ᠲᠠᠢ ᠪᠣᠯᠵᠤ ᠪᠠᠢᠭᠰᠠᠨ ᠪᠠᠳᠮᠠᠳᠣᠷᠵᠢ᠂ ᠥᠨᠥᠬᠢ ᠶᠦᠮᠨᠡᠷᠡᠨ ᠭᠤᠷᠪᠠᠭᠤᠯᠠ ᠨᠢᠭᠡ ᠡᠳᠦᠷ ᠬᠠᠮᠤᠭ ᠬᠥᠷᠥᠩᠭᠡ ᠪᠡᠨ ᠰᠠᠩ ᠳ᠋ᠤ᠌ ᠬᠤᠷᠢᠶᠠᠯᠭᠠᠭᠠᠳ᠂ ᠭᠠᠵᠠᠷ ᠳᠣᠣᠷ᠎ᠠ ᠠ᠋ᠴᠠ ᠭᠠᠢ ᠭᠠᠷᠤᠭᠰᠠᠨ ᠲᠡᠷᠡ ᠡᠳᠦᠷ ᠭᠠᠭᠴᠠ ᠪᠡᠶ᠎ᠡ ᠳ᠋ᠡᠭᠡᠨ ᠡᠮᠦᠰᠦᠭᠰᠡᠨ ᠬᠤᠪᠴᠠᠰᠤ ᠪᠠᠷ ᠦᠯᠡᠳᠡᠵᠡᠢ᠃ 
       ᠬᠤᠲᠤᠭᠲᠤ ᠲᠡᠰᠬᠡᠯ ᠦᠭᠡᠢ ᠬᠣᠷᠣᠰᠤᠨ ᠬᠢᠯᠢᠩᠯᠡᠪᠡᠴᠦ᠂ ᠠᠮᠪᠠᠨ ᠣᠭᠲᠣ ᠬᠥᠳᠡᠯᠦᠰᠢ ᠦᠭᠡᠢ ᠵᠣᠷᠢᠭᠲᠠᠢ ᠪᠥᠭᠡᠳ ᠡᠳ᠋ ᠮᠥᠷ ᠦ᠋ᠨ ᠪᠠᠷᠢᠮᠲᠠ ᠲᠤᠢᠯ ᠤ᠋ᠨ ᠢᠯᠡᠷᠬᠡᠢ ᠠᠭᠰᠠᠨ ᠲᠤᠯᠠ ᠳᠤᠷ᠎ᠠ ᠵᠣᠷᠢᠭ ᠢ᠋ᠶ᠋ᠠᠷ ᠠᠪᠠᠴᠢᠵᠤ ᠰᠤᠷᠤᠭᠰᠠᠨ ᠬᠤᠲᠤᠭᠲᠤ ᠶᠠᠭᠠᠬᠢᠵᠤ ᠴᠤ᠌ ᠴᠢᠳᠠᠭᠰᠠᠨ ᠦᠭᠡᠢ ᠠᠷᠭ᠎ᠠ ᠪᠤᠶᠤ ᠨᠣᠮᠣᠬᠠᠨ ᠬᠦᠯᠢᠴᠡᠩᠭᠦᠢ ᠳᠦᠷᠢ ᠦᠵᠡᠭᠦᠯᠵᠦ᠂ ᠠᠮᠪᠠᠨ ᠤ᠋ ᠰᠤᠷᠭᠠᠨ ᠰᠡᠩᠬᠡᠷᠡᠭᠦᠯᠵᠦ᠂ ᠬᠤᠲᠤᠭᠲᠤ ᠯᠠᠮᠠ ᠬᠥᠮᠦᠨ ᠪᠡᠶ᠎ᠡ ᠪᠡᠨ ᠴᠣᠬᠣᠮ ᠬᠡᠷᠬᠢᠨ ᠠᠪᠴᠤ  ᠶᠠᠪᠤᠪᠠᠯ ᠵᠣᠬᠢᠬᠤ  ᠶ᠋ᠢ ᠤᠬᠠᠭᠤᠯᠤᠨ ᠬᠡᠯᠡᠭᠰᠡᠨ ᠢ᠋ ᠬᠦᠯᠢᠴᠡᠨ ᠰᠣᠨᠣᠰᠴᠤ ᠥᠩᠭᠡᠷᠡᠭᠦᠯᠬᠦ ᠡᠴᠡ ᠥᠭᠡᠷ᠎ᠡ ᠠᠷᠭ᠎ᠠ ᠦᠭᠡᠢ ᠪᠣᠯᠵᠠᠢ᠃ 
       ᠲᠡᠭᠡᠭᠡᠳ ᠠᠷᠭᠠᠲᠤ ᠪᠠᠳᠮᠠᠳᠣᠷᠵᠢ ᠶ᠋ᠢᠨ ᠦᠭᠡ ᠪᠡᠷ᠂ ᠬᠤᠲᠤᠭᠲᠤ ᠪᠡᠭᠡᠵᠢᠩ ᠬᠣᠲᠠᠨ᠎ᠠ ᠢᠲᠡᠭᠡᠯᠲᠦ ᠰᠡᠳᠬᠢᠯ ᠵᠢᠷᠦᠬᠡᠨ ᠦ᠌ ᠬᠥᠮᠦᠨ ᠢ᠋ ᠶᠠᠭᠠᠷᠠᠨ ᠳᠣᠪᠲᠣᠯᠭᠠᠵᠤ᠂ ᠮᠥᠩᠭᠥ ᠴᠢᠳᠬᠤᠨ ᠤᠷᠤᠰᠬᠠᠵᠤ ᠭᠠᠢ ᠶ᠋ᠢ ᠳᠠᠷᠤᠭᠠᠳ ᠭᠠᠢᠲᠤ ᠠᠮᠪᠠᠨ ᠢ᠋ ᠥᠭᠡᠷ᠎ᠡ ᠮᠣᠵᠢ ᠳ᠋ᠤ᠌ ᠰᠢᠯᠵᠢᠭᠦᠯᠬᠦ ᠶ᠋ᠢᠨ ᠠᠷᠭ᠎ᠠ ᠬᠢᠯᠭᠡᠬᠦ ᠪᠡᠷ ᠶᠠᠪᠤᠭᠤᠯᠤᠭᠰᠠᠨ ᠨᠢ ᠬᠤᠲᠤᠭᠲᠤ ᠶ᠋ᠢᠨ ᠵᠠᠷᠤᠭᠰᠠᠨ ᠲᠡᠷᠡ ᠬᠥᠮᠦᠨ᠂ ᠤᠭ ᠵᠠᠬᠢᠶ᠎ᠠ ᠶ᠋ᠢ ᠪᠡᠶ᠎ᠡ ᠳ᠋ᠡᠭᠡᠨ ᠳᠡᠯᠢᠮ ᠢ᠋ᠶ᠋ᠡᠷ ᠨᠢ ᠶᠡᠬᠡᠯ᠎ᠡ(ᠶᠡᠬᠡ ᠯᠡ) ᠠᠰᠢᠭ ᠲᠠᠢ ᠪᠠᠷ ᠭᠦᠢᠴᠡᠳᠬᠡᠭᠰᠡᠨ ᠤᠴᠢᠷ᠂ ᠠᠷᠤ ᠮᠣᠩᠭᠣᠯ ᠤ᠋ᠨ ᠠᠷᠠᠳ ᠣᠯᠠᠨ ᠤ᠋ ᠬᠦᠵᠦᠭᠦᠨ ᠳᠡᠭᠡᠷ᠎ᠡ ᠳᠠᠬᠢᠨ ᠬᠡᠳᠦ ᠬᠡᠳᠦᠨ ᠲᠦᠮᠡᠨ ᠯᠠᠩ ᠤ᠋ᠨ ᠥᠷᠢ ᠲᠣᠬᠣᠭᠳᠠᠵᠠᠢ᠃ 
       ᠲᠩᠷᠢ ᠶ᠋ᠢᠨ ᠡᠷᠬᠡᠲᠡᠨ ᠦ᠌ ᠠᠳᠠᠯᠢ ᠠᠤᠭ᠎ᠠ ᠬᠦᠴᠦᠨ ᠴᠢᠳᠠᠯ ᠲᠡᠭᠦᠰᠦᠭᠰᠡᠨ ᠡᠷᠳᠡᠨᠢ ᠱᠠᠩᠵᠠᠪ ᠲᠩᠷᠢ ᠢᠩᠭᠢᠵᠦ ᠴᠡᠯᠮᠡᠭ ᠭᠡᠭᠡᠬᠡᠨ ᠴᠠᠭᠠᠨ ᠡᠳᠦᠷ ᠠᠶᠤᠩᠭ᠎ᠠ ᠨᠢᠷᠭᠡᠭᠰᠡᠨ ᠮᠡᠲᠦ ᠤᠨᠠᠭᠠᠭᠰᠠᠨ᠂ ᠤᠷᠢᠳᠤ ᠡᠮᠦᠨ᠎ᠡ ᠰᠣᠨᠣᠰᠤᠭᠳᠠᠭ᠎ᠠ ᠦᠭᠡᠢ ᠡᠯ᠎ᠡ ᠬᠡᠷᠡᠭ ᠦ᠋ᠨ ᠬᠦᠷᠢᠶᠡᠨ ᠦ᠌ ᠬᠠᠷᠠᠴᠤᠳ ᠪᠣᠷᠣᠴᠤᠳ᠂ ᠰᠢᠷ᠎ᠠ ᠬᠠᠷ᠎ᠠ ᠣᠯᠠᠨ ᠢ᠋ ᠤᠳᠠᠲᠠᠯ᠎ᠠ ᠭᠠᠢᠬᠠᠭᠤᠯᠵᠤ ᠪᠢᠯᠡ᠃ ᠬᠦᠷᠢᠶᠡᠨ ᠦ᠌ ᠠᠯᠢᠶ᠎ᠠ ᠪᠣᠷᠣᠴᠤᠳ᠂ ᠠᠮᠪᠠᠰ ᠤ᠋ᠨ ᠶᠠᠮᠤᠨ ᠤ᠋ ᠪᠠᠲᠤᠴᠡᠩᠭᠡᠯ ᠭᠠᠯᠳᠠ ᠶ᠋ᠢ ᠶᠡᠬᠡ ᠳᠠᠭᠠᠵᠢᠩᠨᠠᠨ ᠳᠣᠭᠣᠭᠢᠯᠠᠳᠠᠭ ᠪᠣᠯᠵᠠᠢ᠃ ᠬᠠᠲᠠᠭᠤ ᠭᠠᠷ ᠲᠠᠢ ᠬᠡᠷᠢᠭ * ᠨᠠᠷᠢᠨ ᠱᠠᠩᠵᠠᠪ᠂ ᠠᠮᠪᠠᠰ ᠤ᠋ᠨ ᠶᠠᠮᠤᠨ ᠳ᠋ᠤ᠌ ᠥᠪᠡᠷ ᠦ᠋ᠨ ᠲᠠᠯ᠎ᠠ ᠶ᠋ᠢᠨ ᠬᠥᠮᠦᠨ ᠲᠡᠢ ᠪᠣᠯᠵᠤ ᠠᠮᠪᠠᠰ ᠤ᠋ᠨ ᠬᠠᠪᠢ ᠶ᠋ᠢᠨ ᠬᠡᠷᠡᠭ ᠢ᠋ ᠠᠯᠳᠠᠯ ᠦᠭᠡᠢ ᠮᠡᠳᠡᠵᠦ ᠪᠠᠢᠬᠤ ᠭᠡᠵᠦ ᠬᠥᠮᠦᠨ ᠡᠷᠢᠭᠰᠡᠭᠡᠷ ᠥᠪᠡᠷ ᠡᠴᠡ ᠪᠡᠨ ᠳᠤᠲᠠᠭᠤ ᠦᠭᠡᠢ ᠬᠡᠷᠢᠭ ᠨᠠᠷᠢᠨ ᠪᠠᠲᠤᠴᠡᠩᠭᠡᠯ ᠭᠠᠯᠳᠠ ᠶ᠋ᠢ ᠣᠯᠵᠤ ᠪᠢᠯᠡ᠃ ᠬᠦᠷᠢᠶᠡᠨ ᠦ᠌ ᠬᠢᠨ ᠲᠡᠭᠦᠨ ᠦ᠌ ᠬᠠᠷᠠᠮᠴᠢ ᠬᠡᠷᠢᠭ ᠨᠠᠷᠢᠨ ᠢ᠋ ᠭᠠᠢᠬᠠᠵᠤ ᠶᠠᠷᠢᠬᠤ ᠳ᠋ᠠᠭᠠᠨ ᠠᠢᠯ ᠳ᠋ᠤ᠌ ᠣᠴᠢᠬᠤ ᠳ᠋ᠠᠭᠠᠨ ᠨᠠᠮᠤᠷ ᠰᠢᠭ᠋ ᠭᠡᠷ ᠲᠦ᠋ᠨᠢ ᠬᠠᠪᠤᠷ ᠰᠢᠭ᠋ ᠪᠠᠢᠳᠠᠭ ᠭᠡᠵᠦ ᠬᠡᠯᠡᠯᠴᠡᠳᠡᠭ ᠪᠠᠢᠯ᠎ᠠ᠃  
       ᠱᠠᠩᠵᠠᠪ᠂ ᠱᠠᠪᠢ ᠶ᠋ᠢᠨ ᠰᠠᠩ ᠠ᠋ᠴᠠ ᠳᠦᠷᠢᠮ ᠦ᠋ᠨ ᠶᠣᠰᠣᠭᠠᠷ ᠡᠳᠦᠷ ᠳᠣᠳᠣᠮ ᠰᠢᠭᠦᠰᠦᠨ ᠦ᠌ ᠨᠢᠭᠡ ᠬᠣᠨᠢ ᠠᠪᠳᠠᠭ ᠪᠠᠢᠵᠠᠢ᠃ ᠲᠡᠭᠡᠭᠡᠳ ᠪᠠᠲᠤᠴᠡᠩᠭᠡᠯ ᠭᠠᠯᠳᠠ ᠶ᠋ᠢ ᠠᠯᠪᠠᠨ ᠠ᠋ᠴᠠ ᠪᠠᠨ ᠳᠠᠭᠠᠷᠢᠵᠤ ᠬᠣᠭᠣᠯᠠ ᠢᠳᠡᠭᠡᠳ ᠬᠠᠷᠢᠬᠤ ᠳ᠋ᠤᠨᠢ ᠠᠮᠪᠠᠰ ᠤ᠋ᠨ ᠶᠠᠮᠤᠨ ᠤ᠋ ᠪᠦᠬᠦ ᠰᠣᠨᠢᠨ ᠢ᠋ ᠶᠠᠷᠢᠵᠤ ᠥᠭ ᠭᠡᠵᠦ ᠬᠡᠯᠡᠯᠴᠡᠨ ᠲᠣᠭᠲᠠᠵᠠᠢ᠃ ᠬᠡᠷᠢᠭ ᠨᠠᠷᠢᠨ ᠪᠠᠲᠤᠴᠡᠩᠭᠡᠯ ᠪᠠᠰᠠ ᠮᠠᠢᠮᠠᠢᠴᠡᠯᠳᠤᠭᠰᠠᠭᠠᠷ ᠡᠳᠦᠷ ᠳᠣᠳᠣᠮ ᠣᠷᠣᠢ ᠶ᠋ᠢᠨ ᠬᠣᠭᠣᠯᠠᠨ ᠤ᠋ ᠬᠤᠪᠢ ᠪᠣᠯᠭᠠᠵᠤ ᠬᠣᠨᠢᠨ ᠤ᠋ ᠲᠦᠭᠦᠬᠡᠢ ᠰᠡᠭᠡᠷ ᠭᠠᠨᠵᠤᠭᠠᠯᠠᠨ ᠠᠪᠠᠴᠢᠬᠤ ᠪᠠᠷ ᠪᠣᠯᠵᠤ ᠪᠢᠯᠡ᠃ ᠭᠡᠲᠡᠯ᠎ᠡ ᠬᠡᠷᠢᠭ ᠨᠠᠷᠢᠨ ᠱᠠᠩᠵᠠᠪ ᠵᠠᠷᠤᠳᠠᠯ ᠤ᠋ᠨ ᠳᠠᠩᠰᠠᠨ᠎ᠠ ᠲᠡᠷᠡ ᠰᠡᠭᠡᠷ ᠢ᠋ ᠡᠳᠦᠷ ᠠᠯᠤᠰᠯᠠᠯ ᠦᠭᠡᠢ ᠲᠡᠮᠳᠡᠭᠯᠡᠳᠡᠭ ᠪᠠᠢᠵᠠᠢ᠃ ᠲᠡᠭᠡᠭᠡᠳ ᠳᠠᠩᠰᠠ ᠪᠠᠢᠴᠠᠭᠠᠬᠤ ᠲᠦᠰᠢᠮᠡᠯ ᠰᠤᠸᠠᠨᠫᠠᠨ ᠴᠣᠬᠢᠵᠤ ᠲᠡᠷᠡ ᠳᠠᠩᠰᠠ ᠪᠣᠳᠣᠭᠠᠳ᠂ ᠱᠠᠪᠢ ᠶ᠋ᠢᠨ ᠰᠠᠩ ᠠ᠋ᠴᠠ ᠱᠠᠩᠵᠠᠪ ᠤ᠋ᠨ ᠬᠡᠷᠡᠭᠯᠡᠯ ᠳ᠋ᠦ᠍ ᠣᠯᠭᠣᠬᠤ ᠵᠦᠢᠯ ᠢ᠋ ᠭᠠᠳᠠᠭᠰᠢ ᠭᠠᠷᠭᠠᠵᠤ ᠪᠣᠯᠬᠤ ᠦᠭᠡᠢ ᠳᠦᠷᠢᠮ ᠪᠣᠢ ᠲᠤᠯᠠ ᠪᠠᠲᠤᠴᠡᠩᠭᠡᠯ ᠭᠠᠯᠳᠠ᠂ ᠮᠢᠩᠭ᠎ᠠ ᠭᠠᠷᠤᠢ ᠬᠣᠨᠢᠨ ᠤ᠋ ᠰᠡᠭᠡᠷ ᠳᠦᠷᠢᠮ ᠪᠤᠰᠤ ᠪᠠᠷ ᠠᠪᠠᠴᠢᠭᠰᠠᠨ ᠭᠡᠵᠦ ᠰᠡᠭᠡᠷ ᠪᠦᠷᠢ ᠶ᠋ᠢ ᠣᠷᠣᠰ ᠮᠥᠩᠭᠥ  ᠪᠡᠷ ᠬᠣᠷᠢᠨ ᠮᠥᠩᠭᠥ ᠭᠡᠵᠦ ᠪᠣᠳᠣᠭᠠᠳ᠂ ᠦᠨ᠎ᠡ ᠦᠭᠡᠢ ᠬᠣᠭᠣᠯᠠᠨ ᠳ᠋ᠤ᠌ ᠳᠤᠷ᠎ᠠ ᠲᠠᠢ ᠭᠠᠯᠳᠠ ᠭᠤᠸᠠᠢ ᠬᠣᠶᠠᠷ ᠵᠠᠭᠤᠭᠠᠳ ᠴᠥᠯᠬᠥᠪ* ᠦ᠋ᠨ ᠲᠥᠯᠥᠪᠦᠷᠢ ᠳ᠋ᠦ᠍ ᠤᠨᠠᠵᠠᠢ᠃  
       ᠲᠡᠭᠦᠨ ᠡᠴᠡ ᠬᠣᠢᠰᠢ᠂ ᠤᠷᠤᠭᠰᠢ ᠦᠭᠡᠢ ᠭᠠᠯᠳᠠ ᠶ᠋ᠢ ᠭᠤᠳᠤᠮᠵᠢ ᠵᠡᠭᠡᠯᠢ ᠪᠡᠷ ᠦᠵᠡᠭᠳᠡᠬᠦ ᠳ᠋ᠦ᠍᠂ ᠰᠡᠭᠡᠷ ᠭᠠᠯᠳᠠ! ᠭᠡᠵᠦ ᠬᠣᠢᠨ᠎ᠠ ᠠ᠋ᠴᠠ ᠨᠢ ᠱᠣᠣᠯᠠᠨ ᠳᠠᠭᠤᠳᠠᠬᠤ ᠪᠣᠯᠵᠤ᠂ ᠭᠠᠯᠳᠠ ᠢᠴᠡᠩᠭᠦᠷᠡᠨ ᠬᠣᠷᠣᠰᠴᠤ ᠲᠡᠷᠡ ᠳᠠᠭᠤᠳᠠᠭᠰᠠᠨ ᠵᠦᠭ ᠬᠦᠷᠡᠩ ᠤᠯᠠᠭᠠᠨ ᠴᠢᠷᠠᠢ ᠴᠢᠷᠠᠢᠯᠠᠵᠤ ᠮᠣᠷᠢ ᠪᠠᠨ ᠡᠷᠭᠢᠭᠦᠯᠬᠦ ᠳ᠋ᠦ᠍ᠨᠢ᠂ ᠠᠷᠤ ᠠ᠋ᠴᠠ ᠨᠢ ᠭᠤᠳᠤᠮᠵᠢ ᠶ᠋ᠢᠨ ᠬᠡᠦᠬᠡᠳ ᠪᠠᠨᠳᠢ ᠨᠠᠷ ᠲᠦᠷᠬᠢᠷᠡᠨ ᠬᠠᠰᠬᠢᠷᠤᠯᠳᠤᠵᠤ ᠤᠯᠠᠮ ᠳᠠᠪᠠᠷᠳᠠᠭ ᠲᠤᠯᠠ ᠭᠠᠯᠳᠠ ᠠᠪᠤᠭᠠᠢ ᠠᠷᠭ᠎ᠠ ᠮᠣᠬᠣᠵᠤ᠂ ᠭᠡᠮ ᠦᠭᠡᠢ ᠮᠣᠷᠢ ᠪᠠᠨ ᠬᠤᠯᠤᠰᠤᠨ ᠲᠠᠰᠢᠭᠤᠷ ᠢ᠋ᠶ᠋ᠠᠷ ᠳᠡᠯ ᠰᠡᠭᠦᠯ ᠦᠭᠡᠢ ᠪᠠᠯᠪᠠᠵᠤ ᠳᠠᠪᠬᠢᠨ ᠵᠠᠢᠯᠠᠳᠠᠭ ᠪᠠᠢᠵᠠᠢ᠃  

— — — —
* ᠬᠡᠷᠢᠭ ᠭᠡᠵᠦ ᠬᠠᠷᠠᠮᠴᠢ ᠮᠠᠰᠢ ᠨᠠᠷᠢᠨ ᠤ᠋ ᠨᠡᠷ᠎ᠡ
* ᠬᠠᠭᠤᠴᠢᠨ ᠬᠠᠭᠠᠨᠲᠤ ᠣᠷᠣᠰ ᠤ᠋ᠨ ᠴᠠᠭᠠᠰᠤᠨ ᠲᠥᠭᠥᠷᠢᠭ ᠢ᠋ ᠴᠥᠯᠬᠥᠪ ᠭᠡᠳᠡᠭ ᠪᠠᠢᠵᠠᠢ ᠣᠷᠣᠰ ᠢ᠋ᠶ᠋ᠠᠷ ᠼᠧᠯᠺᠦᠸᠢᠨ ᠭᠡᠳᠡᠭ ᠢ᠋ ᠴᠢᠩᠭᠢᠵᠦ ᠤᠨᠵᠢᠷᠠᠭᠤᠯᠤᠭᠰᠠᠨ ᠠᠵᠢ᠃ 


             ᠦᠰᠦᠭ ᠠᠮᠢᠯᠠᠭᠤᠯᠤᠭᠴᠢ᠄ ᠣᠶᠤᠨᠪᠠᠲᠤ᠂ ᠮᠥᠩᠭᠥᠨᠭᠣᠸ᠎ᠠ᠂ ᠴᠡᠩᠬᠡᠯᠴᠡᠴᠡᠭ᠂ ᠰᠠᠷᠠᠨᠲᠤᠶᠠᠭ᠎ᠠ 
                                        ᠪᠠᠳᠮᠠᠰᠡᠴᠡᠨ᠂ ᠤᠢᠭᠤᠷᠵᠢᠨ ᠣᠳᠬᠣᠨᠪᠠᠪᠠ
                ᠬᠢᠨᠠᠭᠴᠢ᠄  ᠠᠯᠲᠠᠨᠱᠠ᠂ ᠲ ᠬᠦᠮᠦᠵᠢᠯᠲᠦ᠂ ᠣᠳᠬᠣᠨᠴᠡᠴᠡᠭ᠂ ᠪᠠᠯ  
                ᠤᠩᠰᠢᠭᠴᠢ᠄  ᠨᠠᠰᠤᠨ᠌ᠦ᠌ᠯᠵᠡᠢ