ᠠᠷᠢᠬᠢ (ᠭᠢᠯᠪᠠᠭᠠᠨ ᠥᠭᠦᠯᠡᠯᠭᠡ) – ᠴᠢ ᠂ ᠰᠡᠴᠡᠨᠪᠠᠲᠤ Архи (Гялбаан өгүүллэг) – Чи ᠂ Цэцэнбат
ᠠᠷᠢᠬᠢ
ᠪᠠᠶᠠᠷ ᠴᠣᠬᠣᠮ ᠳ᠋ᠤ᠌ ᠪᠠᠨ ᠲᠦᠮᠡᠨ ᠨᠠᠰᠤᠯᠠᠬᠤ ᠪᠠᠢᠭᠰᠠᠨ᠃ ᠲᠠᠪᠤᠨ ᠮᠢᠩᠭ᠎ᠠ ᠨᠠᠰᠤᠯᠠᠭᠠᠳ ᠭᠡᠨᠡᠳᠲᠡ ᠲᠡᠷᠡ ᠠᠯᠭᠤᠷ ᠢ᠋ᠶ᠋ᠠᠷ ᠪᠡᠶ᠎ᠡ ᠪᠡᠨ ᠬᠣᠣᠷᠯᠠᠬᠤ ᠰᠠᠨᠠᠭ᠎ᠠ ᠡᠭᠦᠰᠴᠡᠢ᠃ ᠢᠩᠭᠢᠭᠡᠳ ᠲᠡᠷᠡ ᠺᠣᠮᠫᠢᠦ᠋ᠲ᠋ᠧᠷ ᠡᠴᠡ ᠬᠣᠷᠢᠨ ᠨᠢᠭᠡᠳᠦᠭᠡᠷ ᠵᠠᠭᠤᠨ ᠤ᠋ ᠮᠣᠩᠭᠣᠯᠴᠤᠳ ᠬᠡᠷᠬᠢᠨ ᠪᠡᠶ᠎ᠡ ᠪᠡᠨ ᠬᠣᠣᠷᠯᠠᠳᠠᠭ ᠮᠠᠲ᠋ᠧᠷᠢᠶᠠᠯ ᠢ᠋ ᠡᠷᠢᠭᠰᠡᠨ ᠳ᠋ᠦ᠍ ᠬᠠᠮᠤᠭ ᠤ᠋ᠨ ᠲᠡᠷᠢᠭᠦᠨ ᠳ᠋ᠦ᠍ ᠄《ᠠᠷᠢᠬᠢ ᠵᠣᠭᠣᠭᠯᠠᠭᠠᠷᠠᠢ》 ᠭᠡᠵᠦ ᠢᠯᠡᠷᠡᠭᠰᠡᠨ ᠭᠡᠨ᠎ᠡ᠃
1998 ᠣᠨ
ᠦᠰᠦᠭ ᠠᠮᠢᠯᠠᠭᠤᠯᠤᠭᠴᠢ ᠄ ᠭᠠᠸᠠ
