ᠦᠷ ᠦᠨ ᠲᠤᠶᠠᠭ᠎ᠠ I – ᠪ᠂ ᠷᠢᠨᠴᠢᠨ - ᠲᠡᠷᠢᠬᠦᠨ ᠲᠡᠪᠲᠡᠷ <ᠮᠠᠨᠵᠤ ᠶᠢᠨ ᠳᠠᠯᠬᠢᠨ ᠳᠤ>(ᠠᠷᠪᠠᠨ ᠳᠥᠷᠪᠡ) Үүрийн туяа I – Б ᠂ Ренчин Тэргүүн дэвтэр "<Манжийн талхинд" (14)
ᠠᠷᠪᠠᠨ ᠳᠥᠷᠪᠡ ᠂ ᠮᠠᠮᠤ ᠶ᠋ᠢᠨ ᠳᠠᠯᠠᠩ᠂ ᠪᠠᠨᠳᠢ ᠲᠠᠢ ᠪᠣᠯᠪᠠ
ᠡᠨᠳᠡ ᠱᠠᠰᠢᠨ ᠤ᠋ ᠬᠥᠮᠦᠰ ᠲᠡᠳᠡᠨ ᠦ᠌ ᠡᠷᠬᠢᠮ ᠳᠡᠭᠡᠳᠦᠰ
ᠡᠨᠳᠡ ᠣᠯᠠᠨ ᠤ᠋ ᠮᠠᠭᠲᠠᠨ ᠰᠢᠲᠦᠬᠦ ᠮᠡᠷᠭᠡᠳ ᠪᠠᠢᠬ᠎ᠠ ᠨᠢ
ᠪᠦᠭᠦᠳᠡᠭᠡᠷ ᠢ᠋ᠶ᠋ᠡᠨ ᠪᠤᠵᠠᠷ ᠪᠤᠷᠤᠩᠬᠤᠢ ᠶ᠋ᠢᠨ ᠰᠢᠨᠵᠢ ᠲᠡᠮᠳᠡᠭ ᠨᠢᠭᠡᠲᠡᠢ
ᠳ᠋ᠠᠨᠲ᠋ᠸ ᠤ᠋ᠨ᠄ ᠲᠩᠷᠢᠯᠢᠭ ᠺᠣᠮᠢᠳ ᠤ᠋ᠨ ᠲᠠᠮᠤ ᠠ᠋ᠴᠠ
ᠳᠡᠭᠡᠷᠡᠬᠢ ᠶ᠋ᠢᠨ ᠨᠠᠢᠷ ᠤ᠋ᠨ ᠲᠠᠩᠬᠢᠮ ᠳ᠋ᠠᠬᠢ ᠮᠣᠩᠭᠣᠯ ᠳᠠᠷᠬᠠᠨ ᠤ᠋ ᠤᠷᠠᠯᠠᠵᠤ ᠪᠦᠲᠦᠭᠡᠭᠰᠡᠨ ᠲᠣᠮᠣ ᠴᠠᠭ ᠤ᠋ᠨ ᠵᠡᠭᠦᠦ ᠮᠣᠷᠢᠨ ᠴᠠᠭ ᠲᠤ᠌ ᠬᠦᠷᠴᠡᠢ᠃ ᠠᠷᠪᠠᠨ ᠬᠣᠶᠠᠷ ᠴᠠᠭ ᠢ᠋ ᠵᠢᠭᠠᠭᠰᠠᠨ ᠠᠮᠢᠲᠠᠨ ᠤ᠋ ᠳᠦᠷᠰᠦᠲᠡᠢ ᠴᠠᠭ ᠤ᠋ᠨ ᠮᠠᠨᠳᠠᠯ ᠤ᠋ᠨ ᠳᠣᠣᠷᠠᠬᠢ ᠵᠡᠰ ᠨᠢᠭᠤᠷ ᠲᠠᠢ᠂ ᠴᠦᠷᠳᠡᠭᠡᠷ ᠲᠣᠮᠣ ᠭᠡᠳᠡᠰᠦ ᠲᠡᠢ ᠯᠠᠮᠠ ᠴᠠᠭᠠᠨ ᠹᠠᠯᠠᠨ ᠭᠢᠯᠠᠭᠠᠷ ᠨᠢᠳᠦ ᠪᠡᠨ ᠪᠦᠯᠲᠡᠭᠡᠨᠡᠭᠦᠯᠦᠭᠰᠡᠭᠡᠷ ᠪᠢᠴᠢᠬᠠᠨ ᠬᠠᠷᠠᠩᠭ᠎ᠠ ᠴᠣᠬᠢᠵᠤ ᠡᠬᠢᠯᠡᠪᠡ᠃
ᠰᠠᠢᠬᠠᠨ ᠦᠨᠦᠷ ᠬᠠᠩᠬᠤᠯᠤᠭᠰᠠᠨ ᠠᠭᠠᠷᠤ ᠽᠠᠨᠳᠠᠨ ᠢ᠋ᠶ᠋ᠠᠷ ᠴᠤᠭᠤᠯᠪᠤᠷᠢᠯᠠᠨ ᠬᠢᠭᠰᠡᠨ ᠡᠲᠡᠭᠡᠳ ᠰᠣᠨᠢᠨ ᠬᠡᠯᠪᠡᠷᠢᠲᠡᠢ ᠲᠠᠭᠲᠤ ᠰᠢᠷᠡᠭᠡᠨ ᠳᠡᠭᠡᠷ᠎ᠡ ᠧᠦ᠋ᠷᠣᠫᠠ ᠶ᠋ᠢᠨ ᠠᠰᠠᠷ ᠴᠢᠮᠡᠯ ᠭᠣᠶᠣᠯ ᠤ᠋ᠨ ᠵᠦᠢᠯ ᠳ᠋ᠦ᠍ ᠭᠣᠣᠯ ᠰᠠᠭᠤᠷᠢ ᠰᠣᠨᠢᠷᠬᠠᠯ ᠢ᠋ ᠡᠵᠡᠯᠡᠭᠦᠯᠦᠭᠰᠡᠨ ᠲᠡᠷᠡ ᠲᠠᠩᠬᠢᠮ ᠳ᠋ᠤ᠌ ᠮᠣᠩᠭᠣᠯ ᠴᠠᠭ ᠤ᠋ᠨ ᠬᠠᠷᠠᠩᠭ᠎ᠠ ᠳᠤᠤᠭᠠᠷᠮᠠᠭᠴᠠ᠂ ᠰᠢᠯ ᠭᠡᠷ ᠲᠡᠢ ᠴᠠᠭ᠂ ᠬᠣᠩᠬᠣ ᠳᠤᠤᠭᠠᠷᠳᠠᠭ ᠰᠡᠷᠢᠭᠦᠯᠭᠡ ᠲᠡᠢ ᠴᠠᠭ᠂ ᠬᠥᠬᠥᠭᠡ ᠰᠢᠪᠠᠭᠤ ᠳᠣᠩᠭᠣᠳᠳᠠᠭ ᠴᠠᠭ᠂ ᠰᠢᠷᠡᠭᠡᠨ ᠦ᠌ ᠴᠠᠭ᠂ ᠲᠤᠭᠤᠷᠭᠠᠨ ᠤ᠋ ᠴᠠᠭ᠂ ᠶᠡᠷᠦ ᠧᠦ᠋ᠷᠣᠫᠠ ᠶ᠋ᠢᠨ ᠴᠠᠭ ᠬᠢᠳᠡᠭ ᠨᠡᠷᠡᠲᠡᠢ ᠨᠡᠷᠡᠲᠡᠢ ᠫᠦᠰᠡ ᠪᠦᠬᠦᠨ ᠦ᠌ ᠴᠠᠭ ᠪᠠᠢᠭᠰᠠᠨ ᠨᠢ᠂ ᠬᠣᠩᠬᠣ ᠴᠣᠬᠢᠬᠤ ᠨᠢ ᠬᠣᠩᠬᠣ ᠴᠣᠬᠢᠵᠤ᠂ ᠰᠢᠪᠠᠭᠤ ᠳᠣᠩᠭᠣᠳᠬᠤ ᠨᠢ ᠰᠢᠪᠠᠭᠤ ᠳᠣᠩᠭᠣᠳᠴᠤ᠂ ᠬᠥᠭᠵᠢᠮ ᠡᠭᠡᠰᠢᠭᠯᠡᠬᠦ ᠨᠢ ᠰᠡᠳᠺᠦ ᠶ᠋ᠢᠨ ᠵᠦᠴᠦᠭᠡ ᠶ᠋ᠢᠨ ᠬᠥᠭᠵᠢᠮ ᠹᠡᠥ᠋ᠰᠲ᠋ ᠦ᠋ᠨ ᠠᠶ᠎ᠠ᠂ ᠪᠠᠾ ᠤ᠋ᠨ ᠠᠪᠠᠢ ᠮᠠᠷᠢᠶ᠎ᠠ ᠶ᠋ᠢᠨ ᠠᠶ᠎ᠠ ᠲᠠᠲᠠᠵᠤ᠂ ᠲᠠᠩᠬᠢᠮ ᠳᠦᠭᠦᠷᠡᠩ ᠶᠠᠩᠵᠤ ᠪᠦᠷᠢ ᠶ᠋ᠢᠨ ᠳᠠᠭᠤ ᠱᠣᠣ ᠪᠣᠯᠪᠠ᠃ ᠮᠣᠩᠭᠣᠯ ᠴᠠᠭ ᠰᠡᠭᠦᠯᠴᠢ ᠶ᠋ᠢᠨ ᠠᠷᠪᠠᠨ ᠬᠣᠶᠠᠳᠤᠭᠠᠷ ᠤᠳᠠᠭ᠎ᠠ ᠬᠠᠷᠠᠩᠭ᠎ᠠ ᠴᠣᠬᠢᠵᠤ ᠭᠦᠢᠴᠡᠭᠡᠳ᠂ ᠲᠡᠷᠡ ᠴᠠᠭ ᠤ᠋ᠨ ᠤᠯᠠᠭᠠᠨ ᠵᠡᠰ ᠨᠢᠭᠤᠷ ᠲᠠᠢ ᠯᠠᠮᠠ ᠳᠣᠬᠢᠭᠤᠷ ᠢ᠋ᠶ᠋ᠠᠨ ᠳᠠᠯᠠᠢᠭᠠᠳ᠂ ᠳᠠᠷᠠᠭ᠎ᠠ ᠶ᠋ᠢᠨ ᠴᠣᠬᠢᠬᠤ ᠬᠦᠷᠲᠡᠯ᠎ᠡ ᠴᠠᠭ ᠤ᠋ᠨ ᠳᠣᠲᠣᠷᠠᠬᠢ ᠳᠡᠭᠦᠵᠢᠩ ᠦ᠋ᠨ ᠬᠥᠳᠡᠯᠬᠦ ᠳ᠋ᠦ᠍ ᠨᠡᠢᠯᠡᠭᠦᠯᠦᠨ ᠨᠢᠳᠦ ᠪᠡᠨ ᠪᠦᠯᠲᠡᠯᠵᠡᠭᠦᠯᠦᠨ ᠬᠦᠯᠢᠶᠡᠪᠡ᠃ ᠠᠯᠤᠰ ᠠ᠋ᠴᠠ ᠬᠦᠷᠡᠯ ᠬᠣᠩᠬᠣ ᠶ᠋ᠢᠨ ᠬᠠᠩᠭᠢᠷ ᠴᠢᠩᠬᠢᠷ ᠬᠠᠩᠭᠢᠨᠠᠬᠤ ᠴᠢᠮᠡᠭᠡ ᠠᠢᠰᠤᠨ ᠰᠣᠨᠣᠰᠳᠠᠭᠰᠠᠭᠠᠷ᠂ ᠲᠥᠪᠡᠳ ᠬᠣᠷᠭᠣᠢ ᠳᠣᠲᠣᠷ ᠲᠠᠢ ᠲᠣᠷᠭᠠᠨ ᠳᠡᠪᠡᠯ ᠦ᠋ᠨ ᠬᠣᠷᠮᠣᠢ ᠳᠠᠯᠤ ᠮᠥᠷᠥ ᠪᠡᠷ ᠡᠳᠦᠢ ᠲᠡᠳᠦᠢ ᠬᠦᠷᠡᠯ ᠬᠣᠩᠬᠣ᠂ ᠠᠷᠤ ᠳ᠋ᠠᠭᠠᠨ ᠦᠨᠡᠭᠡᠨ ᠦ᠌ ᠰᠠᠭᠰᠠᠭᠠᠷ ᠰᠡᠭᠦᠯ ᠬᠠᠲᠠᠭᠰᠠᠨ ᠪᠣᠭᠳᠠ ᠶ᠋ᠢᠨ ᠠᠯᠢᠶ᠎ᠠ ᠰᠠᠯᠪᠠᠳᠠᠢ ᠲᠡᠷᠡ ᠲᠠᠩᠬᠢᠮ ᠳ᠋ᠤ᠌ ᠭᠦᠶᠦᠨ ᠣᠷᠣᠵᠤ ᠢᠷᠡᠭᠡᠳ᠂ ᠬᠦᠷᠡᠩ ᠽᠠᠨᠳᠠᠨ ᠱᠦᠭᠦᠢ ᠳᠣᠲᠣᠷ᠎ᠠ ᠠ᠋ᠴᠠ ᠭᠠᠯᠠᠭᠤᠨ ᠤ᠋ ᠬᠡᠯᠪᠡᠷᠢᠲᠦ ᠠᠯᠲᠠᠨ ᠯᠣᠩᠬᠣ ᠭᠠᠷᠭᠠᠵᠤ᠂ ᠲᠤᠩᠭᠠᠯᠠᠭ ᠴᠢᠯᠠᠭᠤᠨ ᠠᠶᠠᠭᠠᠨ ᠳ᠋ᠤ᠌ ᠠᠯᠲᠠᠨ ᠰᠢᠷ᠎ᠠ ᠥᠩᠭᠡᠲᠦ ᠠᠮᠲᠠᠲᠤ ᠳᠠᠷᠠᠰᠤ ᠬᠢᠵᠦ ᠭᠠᠭᠴᠠ ᠣᠣᠭᠣᠴᠢᠭᠠᠳ᠂ ᠪᠣᠭᠳᠠ ᠶ᠋ᠢᠨ ᠨᠣᠢᠷᠰᠤᠬᠤ ᠯᠠᠪᠷᠠᠩ ᠤ᠋ᠨ ᠵᠦᠭ ᠵᠢᠷᠣᠭᠠᠯᠠᠭᠠᠳ᠂ ᠡᠷ᠎ᠡ ᠲᠠᠬᠢᠶ᠎ᠠ ᠶ᠋ᠢᠨ ᠳᠠᠭᠤᠨ ᠢ᠋ᠶ᠋ᠠᠷ – ᠭᠣᠭᠤᠤ ᠭᠣᠭᠤᠤ! ᠭᠡᠵᠦ ᠬᠠᠰᠬᠢᠷᠤᠨ ᠭᠦᠶᠦᠪᠡ᠃
ᠳᠡᠭᠡᠷᠡᠬᠢ ᠶ᠋ᠢᠨ ᠭᠡᠭᠡᠬᠡᠨ ᠦ᠌ ᠪᠠᠷᠤᠭ ᠳᠥᠷᠪᠡᠯᠵᠢᠨ ᠬᠡᠯᠪᠡᠷᠢᠲᠡᠢ᠂ ᠥᠷᠭᠡᠨ ᠭᠡᠭᠴᠢ ᠶ᠋ᠢᠨ ᠣᠷᠣᠨ ᠤ᠋ ᠬᠠᠵᠠᠭᠤ ᠳ᠋ᠤ᠌ ᠴᠠᠰᠤᠨ ᠳᠤᠰᠤᠯ ᠴᠢᠯᠠᠭᠤ᠂ ᠬᠢᠰᠤᠭ᠎ᠠ ᠪᠠᠷ ᠤᠭᠠᠯᠵᠠᠯᠠᠨ ᠰᠢᠭᠢᠳᠬᠡᠭᠰᠡᠨ ᠪᠢᠴᠢᠬᠠᠨ ᠽᠠᠨᠳᠠᠨ ᠰᠢᠷᠡᠭᠡᠨ ᠳᠡᠭᠡᠷ᠎ᠡ ᠰᠢᠯ ᠲᠡᠢ ᠠᠯᠲᠠᠨ ᠰᠢᠷ᠎ᠠ ᠥᠩᠭᠡᠲᠡᠢ ᠷᠸᠢᠢ᠍ᠠ ᠳᠠᠷᠠᠰᠤ᠂ ᠠᠯᠲᠠᠨ ᠳᠣᠲᠣᠷ ᠲᠠᠢ ᠪᠡᠴᠢᠨ ᠦ᠌ ᠭᠠᠪᠠᠯᠠ ᠠᠶᠠᠭ᠎ᠠ ᠪᠠᠢᠵᠠᠢ᠃ ᠣᠷᠣ ᠶ᠋ᠢᠨ ᠬᠥᠯ ᠦ᠋ᠨ ᠦᠵᠦᠭᠦᠷ ᠲᠦ᠍ ᠰᠤᠮᠤ ᠮᠣᠳᠣ ᠪᠠᠷ ᠰᠡᠢᠯᠪᠦᠷᠢᠯᠡᠭᠰᠡᠨ ᠠᠷᠰᠯᠠᠨ ᠳᠡᠷᠡ᠂ ᠲᠠᠪᠤᠨ ᠥᠩᠭᠡ ᠶ᠋ᠢᠨ ᠤᠲᠠᠰᠤ ᠲᠠᠢ ᠭᠣᠶᠣ ᠭᠤᠲᠤᠯ ᠤ᠋ᠨ ᠬᠠᠵᠠᠭᠤ ᠳ᠋ᠤ᠌ ᠪᠣᠭᠳᠠ ᠶ᠋ᠢᠨ ᠰᠢᠷ᠎ᠠ ᠲᠣᠷᠭᠠᠨ ᠥᠮᠥᠳᠥ ᠬᠡᠪᠲᠡᠵᠦ᠂ ᠰᠠᠬᠤᠯᠠᠭ ᠦᠰᠦᠲᠡᠢ ᠰᠠᠢᠬᠠᠨ ᠠᠯᠠᠱᠠ ᠬᠡᠪᠢᠰ ᠳᠡᠭᠡᠷ᠎ᠡ ᠪᠠᠰᠠ ᠨᠢᠭᠡ ᠬᠥᠮᠦᠨ ᠦ᠌ ᠭᠤᠲᠤᠯ᠂ ᠪᠠᠩᠵᠠᠯ᠂ ᠰᠠᠯᠲᠠᠭᠠᠨ ᠳ᠋ᠠᠭᠠᠨ ᠣᠩᠭᠣᠷᠬᠠᠢ ᠬᠦᠷᠡᠩ ᠲᠣᠷᠭᠠᠨ ᠥᠮᠥᠳᠥ ᠬᠡᠪᠲᠡᠵᠡᠢ᠃
ᠬᠤᠲᠤᠭᠲᠤ ᠬᠠᠵᠠᠭᠤᠯᠳᠠᠨ ᠬᠡᠪᠲᠡᠭᠡᠳ ᠰᠢᠳᠠᠷ ᠪᠢᠴᠢᠭᠡᠴᠢ ᠶ᠋ᠢᠨ ᠬᠢᠴᠢᠶᠡᠩᠭᠦᠢᠯᠡᠨ ᠰᠡᠢᠷᠡᠭᠦᠯᠦᠭᠰᠡᠨ 《ᠽᠢᠨ ᠫᠢᠩ ᠮᠧᠢ》ᠲᠡᠦᠬᠡ ᠶ᠋ᠢᠨ ᠨᠢᠭᠡᠨ ᠳᠡᠪᠲᠡᠷ ᠢ᠋ ᠶᠡᠬᠡᠯ᠎ᠡ ᠪᠠᠬᠠᠷᠬᠠᠨ ᠤᠩᠰᠢᠵᠤ ᠬᠡᠪᠲᠡᠪᠡ᠃ ᠥᠩᠭᠡ ᠳᠡᠷᠡᠰᠦᠨ ᠳ᠋ᠦ᠍ ᠬᠡᠲᠦᠷᠬᠡᠶ᠎ᠡ ᠰᠢᠨᠤᠵᠤ ᠡᠷᠲᠡ ᠥᠲᠡᠯᠦᠭᠰᠡᠨ ᠣᠪᠣᠷ ᠶᠡᠬᠡᠲᠡᠢ ᠴᠢᠷᠠᠢ ᠨᠢ ᠠᠷᠬᠠᠭ ᠰᠠᠭᠤᠭᠰᠠᠨ ᠰᠢᠷ᠎ᠠ ᠥᠩᠭᠡᠲᠡᠢ ᠪᠥᠭᠡᠳ ᠲᠠᠴᠢᠶᠠᠩᠭᠤᠢᠲᠤ ᠵᠤᠵᠠᠭᠠᠨ ᠤᠷᠤᠭᠤᠯ ᠨᠢ ᠪᠣᠯᠲᠠᠰᠬᠢᠭᠰᠠᠨ ᠨᠢᠳᠦᠨ ᠦ᠌ ᠬᠦᠢᠲᠡᠨ ᠬᠠᠷᠠᠴᠠ ᠲᠠᠢ ᠨᠡᠢᠯᠡᠭᠡᠳ ᠡᠵᠡᠷᠬᠡᠭ ᠰᠢᠨᠵᠢᠲᠡᠢ᠂ ᠨᠢᠳᠦ ᠠᠮᠠ ᠨᠢ ᠤᠯᠠᠮ ᠴᠤ᠌ ᠬᠦᠢᠲᠡᠨ ᠬᠠᠷᠠᠭᠳᠠᠬᠤ ᠠᠵᠢ᠃ ᠳᠡᠷᠭᠡᠳᠡ ᠨᠢ᠂ ᠬᠣᠷᠭᠣᠢ ᠭᠠᠳᠠᠷ ᠲᠠᠢ ᠬᠤᠷᠠᠭᠠᠨ ᠬᠥᠨᠵᠢᠯᠡ ᠪᠡᠷ ᠲᠣᠯᠣᠭᠠᠢ ᠪᠠᠨ ᠪᠢᠲᠡᠭᠦᠯᠡᠨ ᠬᠤᠴᠢᠭᠰᠠᠨ ᠵᠠᠯᠠᠭᠤ ᠪᠠᠨᠳᠢ᠂ ᠠᠯᠢᠶ᠎ᠠ ᠰᠠᠯᠪᠠᠳᠠᠢ ᠶ᠋ᠢ ᠣᠷᠣᠵᠤ ᠢᠷᠡᠬᠦ ᠳ᠋ᠦ᠍ ᠵᠦᠢᠯᠡᠭᠰᠡᠨ ᠲᠣᠯᠣᠭᠠᠢ ᠪᠠᠨ ᠬᠥᠨᠵᠢᠯᠡ ᠳᠣᠣᠷ᠎ᠠ ᠠ᠋ᠴᠠ ᠭᠠᠷᠭᠠᠵᠤ᠂ ᠤᠯᠴᠠᠭᠠᠷ ᠶᠠᠭᠠᠨ ᠬᠠᠴᠠᠷ᠂ ᠴᠢᠪᠠᠭ᠎ᠠ ᠤᠯᠠᠭᠠᠨ ᠤᠷᠤᠭᠤᠯ ᠨᠢ ᠡᠷᠬᠡ ᠲᠠᠩᠬᠢ ᠡᠮ᠎ᠡ ᠬᠥᠮᠦᠨ ᠦ᠌ ᠰᠢᠨᠵᠢᠲᠡᠢ ᠠᠵᠢ᠃
ᠲᠡᠷᠡ ᠪᠣᠯ ᠵᠡᠭᠦᠨ ᠬᠦᠷᠢᠶᠡᠨ ᠦ᠌ ᠨᠢᠭᠡᠨ ᠬᠣᠯᠪᠢᠭᠠᠨ᠂ ᠲᠠᠰᠢᠴᠣᠢᠮᠪᠠᠯ ᠠᠢᠮᠠᠭ ᠤ᠋ᠨ ᠰᠢᠷᠡᠭᠡᠲᠦ ᠯᠠᠮᠠ ᠭᠡᠨᠳᠡᠨᠫᠣᠩᠰᠣᠭ ᠭᠡᠳᠡᠭ ᠠᠵᠢ᠃ ᠪᠣᠭᠳᠠ ᠶ᠋ᠢᠨ ᠲᠡᠷᠡ ᠦᠶ᠎ᠡ ᠶ᠋ᠢᠨ ᠬᠠᠮᠤᠭ ᠤ᠋ᠨ ᠰᠡᠭᠦᠯᠴᠢ ᠶ᠋ᠢᠨ ᠪᠠᠨᠳᠢ ᠠᠵᠢ᠃ ᠰᠢᠷᠡᠭᠡᠲᠦ ᠯᠠᠮᠠ ᠥᠭᠦᠯᠡᠷᠦᠨ᠄
— ᠬᠦᠢ᠍ᠢ (ᠬᠦᠢ)᠂ ᠠᠯᠢᠶ᠎ᠠ ᠰᠠᠯᠪᠠᠨᠲᠠᠢ ᠮᠢᠨᠢ᠂
ᠠᠮᠠᠨ ᠳ᠋ᠤ᠌ ᠣᠷᠣᠬᠤ ᠳ᠋ᠠᠭᠠᠨ ᠠᠯᠲᠠᠨ ᠵᠥᠭᠡᠢ ᠰᠢᠭ᠂
ᠠᠮᠠᠨ ᠠ᠋ᠴᠠ ᠭᠠᠷᠬᠤ ᠳ᠋ᠠᠭᠠᠨ ᠠᠷᠰᠯᠠᠨ ᠵᠠᠭᠠᠨ ᠰᠢᠭ᠋᠂
ᠠᠮᠲᠠᠲᠤ ᠳᠡᠷᠡᠰᠦᠨ ᠡᠴᠡ ᠠᠶᠠᠭᠠᠯᠠᠵᠤ ᠥᠭᠭᠦᠭᠡᠴᠢ᠂ ᠥᠴᠥᠭᠡᠳᠦᠷ ᠦ᠋ᠨ ᠬᠢ ᠡᠴᠡ ᠪᠣᠯᠵᠤ ᠲᠣᠯᠣᠭᠠᠢ ᠵᠠᠭᠠᠳᠠᠰᠤ ᠪᠠᠷ ᠵᠠᠳᠠᠷᠠᠵᠤ ᠪᠠᠢᠭ᠎ᠠ ᠶᠤᠮ ᠰᠢᠭ᠋ ᠡᠪᠡᠳᠴᠦ ᠪᠠᠢᠨ᠎ᠠ᠃ ᠠᠯᠢᠶ᠎ᠠ ᠰᠠᠯᠪᠠᠳᠠᠢ ᠮᠢᠨᠢ ᠪᠠᠰᠠ ᠨᠢᠭᠡ ᠢᠨᠢᠶᠡᠳᠦᠮᠲᠡᠢ ᠶᠠᠭᠤᠮ᠎ᠠ ᠳᠦᠷᠰᠦᠯᠡᠵᠦ ᠦᠵᠡᠭᠦᠯᠦᠭᠡᠴᠢ ᠭᠡᠬᠦ ᠳ᠋ᠦ᠍ᠨᠢ᠂
— ᠬᠤᠲᠤᠭᠲᠤ ᠶ᠋ᠢᠨ ᠡᠪᠦᠷ ᠲᠦ᠍ ᠣᠷᠣᠭᠰᠠᠨ ᠬᠤᠪᠢᠯᠭᠠᠨ ᠠ᠋ᠴᠠ ᠢᠨᠢᠶᠡᠳᠦᠮᠲᠡᠢ ᠶᠠᠭᠤᠮ᠎ᠠ ᠶᠠᠭᠤ ᠪᠠᠢᠳᠠᠭ ᠶᠤᠮ ᠪᠣᠢ? ᠭᠡᠵᠦ ᠠᠯᠢᠶ᠎ᠠ ᠰᠠᠯᠪᠠᠳᠠᠢ᠂ ᠳᠠᠷᠠᠰᠤ ᠭᠠᠪᠠᠯᠠ ᠠᠶᠠᠭᠠᠨ ᠳ᠋ᠤ᠌ ᠬᠢᠬᠦ ᠵᠠᠭᠤᠷ᠎ᠠ ᠠᠮᠠᠨ ᠳᠣᠲᠣᠷ᠎ᠠ ᠪᠠᠨ ᠭᠦᠩᠭᠦᠨᠡᠭᠡᠳ᠂ ᠬᠤᠲᠤᠭᠲᠤ ᠰᠠᠯᠪᠠᠳᠠᠢ ᠶ᠋ᠢᠨ ᠶᠣᠵᠣᠲᠠᠢ ᠦᠭᠡᠨ ᠳ᠋ᠦ᠍ ᠢᠨᠢᠶᠡᠮᠰᠦᠭᠯᠡᠨ᠂ ᠰᠢᠷᠡᠭᠡᠲᠦ ᠶ᠋ᠢᠨ ᠵᠦᠭ᠂
— ᠴᠢ ᠯᠠᠭ ᠮᠡᠯᠡᠬᠡᠢ ᠪᠣᠯᠵᠤ ᠤᠤ! ᠭᠡᠵᠦ ᠬᠡᠯᠡᠪᠡ᠃
ᠵᠠ᠂ ᠰᠠᠯᠪᠠᠳᠠᠢ ᠴᠢ᠂ ᠠᠶᠠᠭ᠎ᠠ ᠲᠣᠰᠴᠤ ᠪᠠᠢ ᠭᠡᠳ ᠬᠤᠪᠢᠯᠭᠠᠨ᠂ ᠪᠡᠶ᠎ᠡ ᠶ᠋ᠢ ᠬᠥᠨᠵᠢᠯᠡ ᠪᠡᠷ ᠣᠷᠢᠶᠠᠨ ᠬᠦᠵᠦᠭᠦᠦ ᠰᠤᠩᠭᠠᠵᠤ᠂ ᠠᠷᠢᠬᠢᠨ ᠠ᠋ᠴᠠ ᠪᠠᠯᠭᠤᠭᠠᠳ᠂ ᠶᠠᠰᠤᠨ ᠬᠤᠶᠠᠭ ᠳᠣᠲᠣᠷ᠎ᠠ ᠲᠣᠯᠣᠭᠠᠢ ᠪᠠᠨ ᠳᠣᠲᠣᠭᠰᠢ ᠲᠡᠳᠡᠨ ᠣᠷᠣᠭᠤᠯᠤᠭᠴᠢ ᠯᠠᠭ ᠮᠡᠯᠡᠬᠡᠢ ᠶ᠋ᠢ ᠳᠠᠭᠤᠷᠢᠶᠠᠵᠤ᠂ ᠬᠥᠨᠵᠢᠯᠡ ᠳᠣᠲᠣᠷ᠎ᠠ ᠲᠣᠯᠣᠭᠠᠢ ᠪᠠᠨ ᠣᠷᠣᠭᠤᠯᠵᠤ᠂ ᠳᠠᠬᠢᠭᠠᠳ ᠬᠦᠵᠦᠭᠦᠦ ᠰᠤᠨᠤᠭᠠᠨ ᠨᠢᠭᠡ ᠪᠠᠯᠭᠤᠭᠠᠳ᠂ ᠳᠠᠬᠢᠨ ᠬᠦᠵᠦᠭᠦᠦ ᠠᠭᠰᠢᠨ ᠲᠣᠯᠣᠭᠠᠢ ᠪᠠᠨ ᠬᠥᠨᠵᠢᠯᠡ ᠳᠣᠲᠣᠷ᠎ᠠ ᠣᠷᠣᠭᠤᠯᠵᠤ ᠤᠤᠭᠤᠭᠰᠠᠭᠠᠷ᠂ ᠠᠶᠠᠭ᠎ᠠ ᠲᠠᠢ ᠠᠷᠢᠬᠢ ᠶ᠋ᠢ ᠰᠢᠪᠬᠠᠭᠠᠳ ᠰᠠᠯᠪᠠᠳᠠᠢ ᠳ᠋ᠤ᠌᠂
— ᠵᠠ᠂ ᠳᠦᠷᠰᠦᠯᠡ! ᠭᠡᠬᠦ ᠳ᠋ᠦ᠍ᠨᠢ᠂
— ᠵᠠ ᠣᠷᠣᠰ ᠤ᠋ᠳ ᠣᠷᠬᠣᠨ ᠭᠣᠣᠯ ᠠ᠋ᠴᠠ ᠵᠢᠭᠠᠰᠤ ᠪᠠᠷᠢᠬᠤ ᠭᠡᠵᠦ ᠶᠠᠪᠤᠵᠤ ᠶᠠᠪᠤᠨ᠎ᠠ᠃ ᠬᠣᠢᠨ᠎ᠠ ᠠ᠋ᠴᠠ ᠨᠢ ᠨᠢᠭᠡ ᠶᠡᠬᠡ ᠬᠠᠷᠠᠮᠴᠢ ᠨᠠᠷᠢᠨ ᠬᠤᠪᠢᠯᠭᠠᠨ ᠯᠠᠮᠠ᠂ ᠲᠦᠯᠡᠭᠡᠴᠢᠨ ᠢ᠋ ᠳᠠᠭᠠᠭᠰᠠᠨ ᠨᠣᠬᠠᠢ ᠰᠢᠭ᠋ ᠳᠠᠭᠠᠵᠠᠢ᠃ ᠵᠠ᠂ ᠣᠷᠣᠰ ᠵᠢᠭᠠᠰᠤᠴᠢᠨ ᠣᠷᠬᠣᠨ ᠭᠣᠣᠯ ᠳ᠋ᠤ᠌ ᠬᠦᠷᠴᠦ ᠢᠷᠡᠭᠡᠳ ᠲᠣᠣᠷ ᠭᠤᠪᠴᠤᠤᠷ(ᠭᠤᠪᠴᠢᠭᠤᠷ) ᠢ᠋ᠶ᠋ᠠᠷ ᠭᠣᠪᠴᠣᠬᠤ (ᠭᠤᠪᠴᠢᠬᠤ) ᠨᠢ ᠭᠤᠪᠴᠤᠤᠷ ᠢ᠋ᠶ᠋ᠠᠷ ᠭᠤᠪᠴᠤᠵᠤ( ᠭᠤᠪᠴᠢᠵᠤ)᠂ ᠳᠡᠭᠡᠭᠡ ᠭᠥᠬᠢ ᠪᠡᠷ ᠭᠥᠬᠢᠳᠡᠬᠦ ᠨᠢ ᠭᠥᠬᠢ ᠪᠡᠷ ᠭᠥᠬᠢᠳᠡᠵᠦ ᠪᠠᠢᠨ᠎ᠠ᠃ ᠬᠣᠪᠳᠣᠭ ᠬᠤᠪᠢᠯᠭᠠᠨ ᠯᠠᠮᠠ᠂ ᠵᠢᠭᠠᠰᠤᠴᠢᠨ ᠲᠠᠢ ᠮᠠᠢᠮᠠᠢᠴᠠᠯᠳᠤᠵᠤ ᠮᠠᠢᠮᠠᠢᠴᠠᠯᠳᠤᠵᠤ ᠵᠢᠭᠠᠰᠤ ᠬᠤᠳᠠᠯᠳᠤᠵᠤ ᠠᠪᠤᠭᠠᠳ᠂ ᠤᠰᠤᠨ ᠳ᠋ᠤ᠌ ᠬᠠᠶᠠᠵᠤ ᠪᠤᠶᠠᠨ ᠬᠢᠵᠦ ᠪᠠᠢᠨ᠎ᠠ ᠭᠡᠵᠦ ᠠᠷᠢᠬᠢ ᠤᠤᠭᠤᠵᠤ ᠤᠯᠠᠭᠠᠨ ᠵᠡᠭᠡᠷᠳᠡ ᠪᠣᠯᠤᠭᠰᠠᠨ ᠨᠠᠷᠭᠢᠶᠠᠴᠢ ᠵᠢᠭᠠᠰᠤᠴᠢᠨ ᠠᠷᠢᠬᠢ ᠠ᠋ᠴᠠ ᠨᠢ ᠪᠠᠯᠭᠤᠯᠴᠠᠴᠤ ᠠᠮᠠ ᠬᠠᠯᠠᠭᠰᠠᠨ ᠬᠣᠪᠳᠣᠭ ᠬᠤᠪᠢᠯᠭᠠᠨ ᠯᠠᠮᠠ ᠶ᠋ᠢᠨ ᠳᠦᠷᠢᠮ ᠪᠠᠢᠳᠠᠯ ᠢ᠋ ᠪᠡᠶ᠎ᠡ ᠪᠡᠷ ᠶᠡᠬᠡᠯ᠎ᠡ (ᠶᠡᠬᠡ ᠯᠡ) ᠢᠨᠢᠶᠡᠳᠦᠮᠲᠡᠢ ᠳᠦᠷᠰᠦᠯᠡᠨ ᠦᠵᠡᠭᠦᠯᠵᠦ ᠪᠠᠢᠲᠠᠯ᠎ᠠ᠂ ᠣᠷᠣ ᠵᠠᠰᠠᠬᠤ ᠬᠥᠮᠦᠨ ᠬᠠᠭᠠᠯᠭᠠᠴᠢ ᠨᠠᠷ ᠣᠷᠣᠵᠤ ᠢᠷᠡᠭᠡᠳ᠂ ᠴᠢᠳᠠᠮᠠᠭᠠᠢ ᠰᠤᠷᠮᠠᠭᠠᠢ ᠪᠠᠷ ᠪᠣᠭᠳᠠ ᠶ᠋ᠢᠨ ᠬᠤᠶᠠᠩ ᠪᠠᠷᠢᠵᠤ ᠨᠤᠬᠤᠯᠠᠭᠠᠳ ᠬᠤᠲᠤᠭᠲᠤ᠂ ᠬᠤᠪᠢᠯᠭᠠᠨ ᠰᠢᠷᠡᠭᠡᠲᠦ ᠬᠣᠶᠠᠷ ᠢ᠋ ᠬᠤᠪᠴᠠᠯᠠᠭᠤᠯᠪᠠ᠃
ᠣᠷᠣᠰ ᠴᠠᠭᠠᠨ ᠬᠠᠭᠠᠨ ᠤ᠋ ᠪᠡᠯᠡᠭᠯᠡᠭᠰᠡᠨ ᠮᠥᠩᠭᠥᠨ ᠭᠠᠳᠠᠷ(ᠭᠠᠳᠤᠷ᠎ᠠ)᠂ ᠬᠤᠮᠬ᠎ᠠ᠂ ᠪᠠᠰᠠ ᠨᠢᠭᠤᠷ ᠭᠠᠷ ᠤᠬᠢᠶᠠᠬᠤ ᠰᠠᠢᠬᠠᠨ ᠦᠨᠦᠷᠲᠡᠢ ᠽᠠᠨᠳᠠᠨ ᠤ᠋ ᠰᠠᠪᠤᠩ᠂ ᠵᠢᠭᠠᠷ ᠠᠩᠬᠢᠯᠤᠭᠰᠠᠨ ᠠᠯᠴᠢᠭᠤᠷ ᠠᠪᠴᠢᠷᠠᠵᠤ ᠥᠷᠯᠥᠭᠡᠨ ᠦ᠌ ᠤᠬᠢᠶᠠᠯ ᠬᠢᠵᠡᠢ᠃
ᠰᠣᠶᠣᠭ ᠤ᠋ᠳ᠂ ᠥᠷᠯᠥᠭᠡᠨ ᠦ᠌ ᠵᠣᠭᠣᠭ ᠪᠠᠷᠢᠬᠤ ᠳᠣᠳᠣᠮ ᠨᠢᠭᠡᠨᠲᠡ ᠮᠥᠷᠭᠥᠨ ᠶᠣᠰᠣᠯᠠᠵᠤ᠂ ᠬᠤᠲᠤᠭᠲᠤ ᠶ᠋ᠢ ᠰᠢᠨ᠎ᠡ ᠬᠣᠭᠣᠯᠠᠨᠠ ᠠᠮᠠ ᠬᠦᠷᠬᠦ ᠪᠦᠷᠢ ᠨᠢᠭᠡᠨᠲᠡ ᠮᠥᠷᠭᠥᠵᠦ᠂ ᠥᠷᠯᠥᠭᠡᠨ ᠵᠣᠭᠣᠭ ᠠᠮᠰᠠᠵᠤ ᠭᠦᠢᠴᠡᠬᠦ ᠦᠶᠡᠰ᠂ ᠰᠢᠳᠠᠷ ᠬᠠᠭᠠᠯᠭᠠᠴᠢ ᠣᠷᠣᠵᠤ ᠢᠷᠡᠭᠡᠳ ᠮᠥᠷᠭᠥᠵᠦ ᠠᠯᠠᠭ᠎ᠠ ᠬᠠᠪᠰᠤᠷᠤᠨ᠂ ᠣᠯᠠᠨ ᠱᠠᠪᠢ ᠨᠠᠷ ᠭᠠᠳᠠᠭ᠎ᠠ ᠴᠤᠭᠯᠠᠵᠤ ᠠᠳᠢᠰ ᠬᠦᠷᠲᠡᠬᠦ ᠶ᠋ᠢ ᠥᠷᠯᠥᠭᠡᠨ ᠡᠴᠡ ᠬᠦᠯᠢᠶᠡᠭᠰᠡᠭᠡᠷ ᠪᠠᠢᠨ᠎ᠠ᠃ ᠲᠡᠳᠡᠨ ᠳᠣᠲᠣᠷ᠎ᠠ ᠠ᠋ᠴᠠ ᠨᠢᠭᠡ ᠬᠠᠷᠠᠴᠤ ᠪᠣᠭᠣᠯ᠂ ᠴᠠᠭᠠᠨ ᠵᠢᠷᠣᠭ᠎ᠠ ᠮᠣᠷᠢ᠂ ᠨᠢᠭᠡ ᠱᠠᠪᠢ ᠯᠠᠮᠠ᠂ ᠳᠠᠯᠠᠢ ᠬᠦᠩ ᠬᠤᠰᠢᠭᠤᠨ ᠤ᠋ ᠤᠷᠠᠴᠤᠳ ᠤ᠋ᠨ ᠴᠢᠳᠬᠤᠭᠰᠠᠨ ᠰᠠᠢᠬᠠᠨ ᠬᠦᠷᠡᠯ ᠬᠤᠩᠬ᠎ᠠ ᠸᠴᠢᠷ ᠡᠷᠭᠦᠵᠡᠢ ᠭᠡᠬᠦ ᠳ᠋ᠦ᠍ᠨᠢ᠂
— ᠲᠡᠷᠡ ᠬᠣᠶᠠᠷ ᠲᠤ᠌ ᠮᠣᠳᠣᠷ ᠤ᠋ᠨ ᠠᠳᠢᠰ᠂ ᠪᠤᠰᠤᠳ ᠲᠤᠨᠢ ᠰᠤᠩᠳᠠᠭ ᠤ᠋ᠨ ᠠᠳᠢᠰ ᠭᠡᠵᠦ ᠣᠭᠵᠣᠮ ᠦᠭᠡ ᠪᠡᠷ ᠬᠠᠷᠢᠭᠤ ᠬᠡᠯᠡᠭᠡᠳ᠂ ᠪᠣᠭᠳᠠ ᠬᠦᠴᠦᠨ ᠲᠠᠮᠢᠷ ᠲᠡᠩᠬᠡᠷᠡᠭᠦᠯᠦᠭᠴᠢ ᠱᠥᠯᠥ ᠭᠡᠵᠦ ᠶᠡᠬᠡᠯ᠎ᠡ(ᠶᠡᠬᠡ ᠯᠡ) ᠳᠤᠷᠠᠲᠠᠢ ᠤᠤᠭᠤᠳᠠᠭ ᠪᠣᠷᠣ ᠰᠢᠪᠠᠭᠤᠨ ᠤ᠋ ᠮᠢᠬ᠎ᠠ᠂ ᠶᠠᠩᠵᠤ ᠪᠦᠷᠢ ᠶ᠋ᠢᠨ ᠨᠠᠷᠢᠨ ᠠᠮᠲᠠᠲᠠᠨ ᠲᠠᠢ ᠨᠠᠨᠳᠢᠨ ᠱᠥᠯᠥ ᠪᠡᠨ ᠤᠤᠭᠤᠵᠠᠢ᠃ ᠲᠡᠷᠡ ᠨᠠᠨᠳᠢᠨ ᠱᠥᠯᠥ ᠶ᠋ᠢ ᠡᠪᠦᠭᠡᠨ ᠬᠢᠲᠠᠳ ᠳ᠋ᠡᠢᠹᠦ᠋᠂ ᠳᠠᠷᠬᠠᠨ ᠸᠠᠩ᠂ ᠨᠣᠷᠪᠤ ᠬᠠᠲᠤᠨ ᠭᠡᠳᠡᠭ ᠥᠨᠥᠬᠢ ᠭᠡᠮᠲᠦ ᠴᠧ ᠬᠦᠩ ᠦ᠋ᠨ ᠬᠠᠲᠤᠨ ᠪᠥᠭᠡᠳ ᠬᠤᠲᠤᠭᠲᠤ ᠳ᠋ᠤ᠌ ᠬᠡᠳᠦᠢᠨᠡᠢ ᠬᠠᠶᠠᠭᠳᠠᠭᠰᠠᠨ ᠬᠠᠲᠤᠨ ᠡᠢᠮᠦ ᠭᠤᠷᠪᠠᠨ ᠬᠥᠮᠦᠨ ᠯᠡ ᠪᠦᠬᠦ ᠳᠡ ᠬᠦᠷᠢᠶᠡᠨ ᠳ᠋ᠦ᠍ ᠪᠠᠢᠭ᠎ᠠ ᠦᠢ ᠲᠦᠮᠡᠨ ᠬᠥᠮᠦᠨ ᠳᠣᠲᠣᠷ᠎ᠠ ᠠ᠋ᠴᠠ ᠬᠢᠵᠦ ᠴᠢᠳᠠᠳᠠᠭ ᠪᠠᠢᠵᠠᠢ᠃ ᠡᠨᠡ ᠤᠳᠠᠭ᠎ᠠ ᠶ᠋ᠢᠨ ᠱᠥᠯᠥ ᠰᠠᠢᠨ ᠪᠣᠯᠵᠠᠢ᠃ ᠭᠡᠪᠡᠴᠦ ᠥᠨᠥᠬᠢ ᠨᠤᠷᠪᠤ ᠬᠠᠲᠤᠨ ᠤ᠋ ᠬᠢᠳᠡᠭ ᠱᠥᠯᠥ ᠶ᠋ᠢ ᠶᠠᠭᠠᠬᠢᠭᠠᠳ ᠴᠤ᠌ ᠭᠦᠢᠴᠡᠬᠦ ᠦᠭᠡᠢᠨᠡ᠃ ᠲᠡᠭᠦᠨ ᠦ᠌ ᠱᠥᠯᠥ ᠡᠴᠡ ᠡᠮ᠎ᠡ ᠬᠥᠮᠦᠨ ᠦ᠌ ᠬᠢᠴᠢᠶᠡᠩᠭᠦᠢ ᠭᠠᠷ ᠮᠡᠳᠡᠭᠳᠡᠳᠡᠭ ᠰᠠᠨ ᠳᠠ᠃ ᠡᠨᠡ ᠯᠠᠪ ᠡᠪᠦᠭᠡᠨ ᠬᠢᠲᠠᠳ ᠳ᠋ᠡᠢᠹᠦ᠋ ᠶ᠋ᠢᠨ ᠬᠢᠭᠰᠡᠨ ᠱᠥᠯᠥ ᠪᠠᠢᠯ ᠦᠭᠡᠢ ᠳᠡ᠃ ᠮᠢᠬ᠎ᠠ ᠠ᠋ᠴᠠ ᠨᠥᠭᠦᠭᠡ ᠶᠠᠩᠵᠤ ᠪᠦᠷᠢ ᠶ᠋ᠢᠨ ᠠᠮᠲᠠᠲᠤ ᠨᠣᠭᠣᠭ᠎ᠠ ᠶ᠋ᠢ ᠨᠢ ᠢᠯᠡᠭᠦᠦ ᠬᠢᠭᠰᠡᠨ ᠪᠣᠯᠤᠯᠲᠠᠢ ᠭᠡᠵᠦ ᠪᠣᠳᠣᠭᠠᠳ᠂ ᠰᠣᠶᠣᠭ ᠠ᠋ᠴᠠ ᠠᠰᠠᠭᠤᠪᠠᠯ ᠦᠨᠡᠬᠡᠷ ᠡᠪᠦᠭᠡᠨ ᠳ᠋ᠡᠢᠹᠥ᠋ ᠬᠢᠭᠰᠡᠨ ᠱᠥᠯᠥ ᠪᠣᠯᠤᠭᠰᠠᠨ ᠲᠤᠯᠠ᠂ ᠠᠮᠲᠠ ᠪᠠᠷ ᠨᠢ ᠬᠢᠭᠰᠡᠨ ᠡᠵᠡᠨ ᠢ᠋ ᠮᠡᠳᠡᠳᠡᠭ ᠥᠪᠡᠷ ᠦ᠋ᠨ ᠴᠢᠳᠠᠯ ᠳ᠋ᠤ᠌ ᠪᠠᠬᠠᠷᠬᠠᠨ ᠢᠨᠢᠶᠡᠮᠰᠦᠭᠯᠡᠵᠡᠢ᠃
ᠬᠠᠭᠠᠯᠭᠠᠴᠢ ᠯᠠᠮᠠ᠂ ᠮᠣᠳᠣᠷ ᠤ᠋ᠨ ᠮᠥᠩᠭᠥᠨ ᠲᠣᠯᠣᠭᠠᠢ ᠲᠠᠢ᠂ ᠠᠩᠭᠠᠢᠭᠰᠠᠨ ᠠᠮᠠ ᠠ᠋ᠴᠠ ᠨᠢ ᠭᠠᠷ ᠬᠦᠷᠳᠦ ᠶ᠋ᠢᠨ ᠪᠣᠷᠲᠣᠭᠣ ᠰᠢᠭ᠋ ᠨᠣᠮ ᠳᠦᠭᠦᠷᠭᠡᠭᠰᠡᠨ ᠤᠷᠲᠤᠯᠢᠭ ᠪᠥᠭᠡᠷᠡᠩᠬᠡᠢ ᠶᠠᠭᠤᠮ᠎ᠠ ᠤᠨᠵᠢᠭᠤᠯᠤᠭᠰᠠᠨ᠂ ᠪᠠᠷᠢᠭᠤᠯ ᠠ᠋ᠴᠠ ᠪᠠᠨ ᠪᠣᠭᠳᠠ ᠶ᠋ᠢᠨ ᠠᠳᠢᠰᠲᠢᠳ ᠪᠠᠭᠤᠯᠭᠠᠬᠤ ᠤᠷᠲᠤ ᠤᠷᠲᠤ ᠬᠠᠳᠠᠭ ᠵᠠᠯᠭᠠᠭᠰᠠᠨ ᠰᠤᠩᠳᠠᠭ(ᠰᠤᠨᠳᠠᠭ) ᠠᠪᠴᠢᠷᠠᠭᠠᠳ ᠰᠥᠭᠥᠳᠦᠨ ᠪᠠᠷᠢᠭᠰᠠᠨ ᠳ᠋ᠤ᠌᠂ ᠪᠣᠭᠳᠠ ᠬᠠᠳᠠᠭ ᠤ᠋ᠨ ᠦᠵᠦᠭᠦᠷ ᠢ᠋
— ᠮᠠᠢ ᠭᠡᠵᠦ ᠰᠠᠯᠪᠠᠳᠠᠢ ᠳ᠋ᠤ᠌ ᠥᠭᠴᠡᠢ᠃ ᠠᠯᠢᠶ᠎ᠠ ᠰᠠᠯᠪᠠᠳᠠᠢ᠂ ᠵᠠ᠂ ᠪᠢ ᠳᠡᠭᠡᠷᠡᠬᠢ ᠶ᠋ᠢᠨ ᠭᠡᠭᠡᠬᠡᠨ(ᠭᠡᠭᠡᠨ) ᠦ᠌ ᠡᠮᠦᠨ᠎ᠡ ᠲᠩᠷᠢ ᠶ᠋ᠢᠨ ᠬᠡᠦᠬᠡᠳ ᠦ᠋ᠨ ᠪᠥᠵᠢᠭ ᠡᠷᠭᠦᠶ᠎ᠡ ᠭᠡᠵᠦ ᠰᠤᠩᠳᠠᠭ(ᠰᠤᠨᠳᠠᠭ) ᠤ᠋ᠨ ᠬᠠᠳᠠᠭ ᠤ᠋ᠨ ᠦᠵᠦᠭᠦᠷ ᠢ᠋ ᠪᠠᠷᠢᠭᠠᠳ ᠡᠯᠳᠡᠪ ᠢ᠋ᠶ᠋ᠡᠷ ᠳᠡᠪᠬᠡᠴᠡᠨ ᠪᠥᠵᠢᠭᠯᠡᠵᠦ ᠡᠴᠡᠭᠡᠳ ᠠᠮᠢᠰᠬᠤᠯ ᠳᠠᠪᠬᠤᠴᠠᠵᠤ᠂
— ᠵᠠ᠂ ᠲᠩᠷᠢ ᠶ᠋ᠢᠨ ᠭᠡᠭᠡᠬᠡᠨ(ᠭᠡᠭᠡᠨ) ᠲᠠ᠂ ᠮᠣᠳᠣᠷ ᠢ᠋ᠶ᠋ᠠᠷ ᠢ᠋ᠶ᠋ᠠᠨ ᠰᠤᠩᠳᠠᠭ(ᠰᠤᠨᠳᠠᠭ) ᠲᠤ᠌ ᠠᠳᠢᠰᠲᠢᠳ ᠪᠠᠭᠤᠬᠤ ᠶ᠋ᠢ ᠳᠠᠭᠠᠯᠠᠬᠤ ᠦᠭᠡᠢ ᠪᠣᠯᠪᠠᠯ᠂ ᠰᠢᠳᠠᠷ ᠠᠯᠢᠶ᠎ᠠ ᠮᠢᠨᠦ ᠪᠥᠭᠰᠡ ᠪᠡᠷ ᠳᠠᠮᠵᠢᠨ ᠠᠳᠢᠰᠲᠢᠳ ᠣᠷᠣᠰᠢᠭ ᠳᠠ ᠭᠡᠵᠦ ᠬᠡᠯᠡᠭᠡᠳ ᠬᠠᠳᠠᠭ ᠤ᠋ᠨ ᠦᠵᠦᠭᠦᠷ ᠳᠡᠭᠡᠷ᠎ᠡ ᠰᠠᠭᠤᠪᠠᠯ᠂
— ᠪᠢ ᠤᠷᠢᠳ ᠰᠤᠩᠳᠠᠭ(ᠰᠤᠨᠳᠠᠭ) ᠤ᠋ᠨ ᠠᠳᠢᠰ ᠠᠪᠴᠤ ᠪᠠᠢᠬᠤ ᠳ᠋ᠠᠭᠠᠨ᠂ ᠴᠢᠨᠦ ᠮᠣᠳᠣᠷ ᠠ᠋ᠴᠠ ᠡᠨᠡ ᠬᠠᠳᠠᠭ ᠢ᠋ᠶ᠋ᠠᠷ ᠳᠠᠮᠵᠢᠨ ᠰᠤᠩᠳᠠᠭ(ᠰᠤᠨᠳᠠᠭ) ᠤ᠋ᠨ ᠠᠳᠢᠰ ᠠᠪᠳᠠᠭ ᠭᠡᠵᠦ ᠪᠣᠳᠣᠳᠠᠭ ᠶᠤᠮᠰᠠᠨ᠂ ᠣᠳᠣ ᠦᠵᠡᠪᠡᠯ ᠡᠨᠡ ᠲᠡᠨᠡᠭ ᠮᠠᠭᠤ ᠰᠠᠯᠪᠠᠳᠠᠢ ᠠ᠋ᠴᠠ ᠠᠳᠢᠰ ᠠᠪᠴᠤ ᠪᠠᠢᠭᠰᠠᠨ ᠪᠣᠯᠬᠤ ᠨᠢ ᠠ᠋ ᠭᠡᠵᠦ ᠰᠢᠷᠡᠭᠡᠲᠦ ᠯᠠᠮᠠ ᠶ᠋ᠢᠨ ᠮᠦᠰᠢᠶᠡᠬᠦ ᠳ᠋ᠦ᠍᠂
— ᠴᠢ᠂ ᠮᠢᠨᠦ ᠡᠪᠦᠷ ᠲᠦ᠍ ᠣᠷᠣᠭᠠᠳ ᠤᠬᠠᠭᠠᠨ ᠴᠢᠨᠢ ᠨᠡᠮᠡᠭᠳᠡᠵᠦ ᠳᠡ ᠭᠡᠵᠦ ᠬᠤᠲᠤᠭᠲᠤ ᠲᠤᠷᠠᠮᠵᠢ ᠦᠭᠡᠢᠬᠡᠨ ᠢᠨᠢᠶᠡᠮᠰᠦᠭᠯᠡᠵᠡᠢ᠃ ᠰᠠᠯᠪᠠᠳᠠᠢ ᠡᠯᠭᠦᠵᠦ ᠠᠪᠤᠭᠠᠳ᠂
— ᠠᠯᠲᠠᠨ ᠤ᠋ ᠳᠡᠷᠭᠡᠳᠡ ᠬᠡᠪᠲᠡᠭᠰᠡᠨ ᠭᠠᠤᠯᠢ ᠰᠢᠷᠠᠯᠠᠳᠠᠭ ᠭᠡᠳᠡᠭ ᠨᠢ ᠦᠨᠡᠨ ᠶᠦ᠍ᠮ ᠰᠢᠪ ᠳᠡ᠂ ᠲᠡᠭᠡᠪᠡᠯ ᠡᠷᠬᠢᠮ ᠬᠤᠪᠢᠯᠭᠠᠨ ᠲᠠᠨ ᠢ᠋ ᠤᠷᠢᠳᠤ ᠰᠤᠩᠳᠠᠭ(ᠰᠤᠨᠳᠠᠭ) ᠤ᠋ᠨ ᠠᠳᠢᠰ ᠬᠦᠷᠲᠡᠵᠦ ᠪᠠᠢᠬᠤ ᠴᠠᠭ ᠲᠤ᠌᠂ ᠬᠤᠲᠤᠭᠲᠤ ᠳ᠋ᠤ᠌ ᠰᠥᠨᠢ ᠠᠳᠢᠰᠯᠠᠭᠤᠯᠵᠤ ᠪᠠᠢᠭᠰᠠᠨ ᠨᠣᠷᠪᠤ ᠬᠠᠲᠤᠨ ᠠ᠋ᠴᠠ ᠲᠠ ᠡᠳᠦᠷ ᠨᠢ ᠰᠤᠩᠳᠠᠭ(ᠰᠤᠨᠳᠠᠭ) ᠤ᠋ᠨ ᠠᠳᠢᠰ ᠠᠪᠳᠠᠭ ᠪᠠᠢᠭᠰᠠᠨ ᠰᠢᠦ ᠭᠡᠵᠦ ᠬᠡᠯᠡᠵᠡᠢ᠃
ᠰᠢᠷᠡᠭᠡᠲᠦ ᠯᠠᠮᠠ ᠠᠷᠭ᠎ᠠ ᠪᠤᠶᠤ ᠪᠣᠭᠳᠠ ᠶ᠋ᠢ ᠵᠢᠰᠤᠷᠳᠠᠨ᠂ ᠬᠤᠳᠠᠯ ᠢ᠋ᠶ᠋ᠠᠷ ᠲᠠᠴᠢᠭᠢᠨᠠᠨ ᠢᠨᠢᠶᠡᠪᠡ᠃ ᠲᠡᠷᠡ ᠵᠠᠪᠰᠠᠷ ᠰᠣᠢᠪᠤᠩ ᠣᠷᠣᠵᠤ ᠢᠷᠡᠭᠡᠳ᠂ ᠳᠡᠭᠡᠷᠡᠬᠢ ᠶ᠋ᠢᠨ ᠭᠡᠭᠡᠬᠡᠨ (ᠭᠡᠭᠡᠨ) ᠦ᠌ ᠡᠮᠦᠨ᠎ᠡ ᠬᠦᠨᠳᠦᠳᠬᠡᠬᠦ ᠶ᠋ᠢᠨ ᠡᠭᠦᠷᠭᠡ ᠠᠷᠤ ᠨᠢᠷᠤᠭᠤᠨ ᠳ᠋ᠠᠭᠠᠨ ᠡᠭᠦᠷᠦᠭᠰᠡᠨ ᠳᠦᠷᠢᠮ ᠦᠵᠡᠭᠦᠯᠵᠦ ᠪᠥᠬᠥᠢᠰᠬᠢᠨ᠂ ᠠᠯᠠᠭ᠎ᠠ ᠬᠠᠪᠰᠤᠷᠴᠤ ᠠᠢᠯᠠᠳᠬᠠᠷᠤᠨ᠄
— ᠰᠠᠢᠨ ᠨᠣᠶᠠᠨ ᠬᠠᠨ ᠠᠢᠮᠠᠭ ᠤ᠋ᠨ ᠯᡁᠠ ᠪᠡᠢᠰᠡ ᠶ᠋ᠢᠨ ᠬᠤᠰᠢᠭᠤᠨ ᠤ᠋ ᠥᠴᠦᠬᠡᠨ ᠬᠠᠷᠠᠴᠤ ᠪᠣᠭᠣᠯ ᠵᠠᠮᠪᠠ ᠲᠤᠩ ᠴᠠᠭᠠᠨ ᠵᠢᠷᠣᠭ᠎ᠠ ᠮᠣᠷᠢ ᠡᠷᠭᠦᠭᠡᠳ᠂ ᠮᠣᠳᠣᠷ ᠤ᠋ᠨ ᠠᠳᠢᠰ ᠬᠦᠯᠢᠶᠡᠨ ᠪᠣᠢ᠃
ᠵᠡᠭᠦᠨ ᠬᠦᠷᠢᠶᠡᠨ ᠦ᠌ ᠥᠴᠦᠬᠡᠨ ᠱᠠᠪᠢ ᠪᠣᠭᠣᠯ᠂ ᠳᠠᠰᠢᠴᠣᠢᠮᠪᠠᠯ ᠳ᠋ᠤ᠌ ᠬᠤᠷᠠᠳᠠᠭ᠂ ᠮᠠᠮᠤ ᠶ᠋ᠢᠨ ᠳᠠᠯᠠᠩ ᠭᠡᠳᠡᠭ ᠰᠡᠮᠲᠡᠨ᠂ ᠳᠠᠯᠠᠢ ᠬᠦᠩ ᠦ᠋ᠨ ᠨᠡᠷᠡᠲᠦ ᠳᠠᠷᠬᠠᠴᠤᠳ ᠤ᠋ᠨ ᠤᠷᠠᠯᠠᠨ ᠪᠦᠲᠦᠭᠡᠭᠰᠡᠨ ᠬᠦᠷᠡᠯ ᠸᠴᠢᠷ ᠬᠤᠩᠬ᠎ᠠ(ᠬᠣᠩᠬᠣ) ᠡᠷᠭᠦᠵᠦ᠂ ᠮᠣᠳᠣᠷ ᠤ᠋ᠨ ᠠᠳᠢᠰ ᠬᠦᠯᠢᠶᠡᠨ ᠪᠣᠢ ᠭᠡᠵᠦ ᠠᠢᠯᠠᠳᠬᠠᠭᠰᠠᠨ ᠳ᠋ᠤ᠌᠂ ᠪᠣᠭᠳᠠ ᠪᠡᠶ᠎ᠡ ᠪᠡᠨ ᠳᠠᠭᠠᠭᠠᠵᠤ ᠶᠠᠳᠠᠨ ᠪᠣᠰᠴᠤ ᠮᠥᠷᠭᠥᠯ ᠦ᠋ᠨ ᠲᠠᠰᠤᠯᠭᠠᠨ ᠳ᠋ᠤ᠌ ᠣᠷᠣᠪᠠᠯ᠂ ᠳᠥᠷᠪᠡᠨ ᠰᠣᠢᠪᠣᠩ ᠡᠵᠡᠨ ᠶᠦ᠍ᠭᠡᠨ ᠶᠣᠰᠣᠯᠠᠨ ᠤᠭᠲᠤᠵᠤ᠂ ᠠᠯᠲᠠᠨ ᠲᠠᠵᠢ ᠮᠠᠩᠨᠤᠭ ᠵᠠᠩᠴᠢ ᠡᠮᠦᠰᠬᠡᠵᠦ᠂ ᠬᠣᠢᠮᠣᠷ ᠳᠠᠬᠢ ᠠᠷᠰᠯᠠᠨᠲᠤ ᠰᠢᠷᠡᠭᠡᠨ᠎ᠡ ᠲᠦᠰᠢᠨ ᠰᠠᠭᠤᠯᠭᠠᠪᠠ᠃
ᠰᠢᠷᠡᠭᠡᠨ ᠤ ᠬᠣᠶᠠᠷ ᠲᠠᠯ᠎ᠠ ᠪᠠᠷ ᠨᠢ ᠰᠡᠢᠯᠦᠮᠡᠯ ᠬᠦᠷᠡᠩ ᠤᠯᠠᠭᠠᠨ ᠽᠠᠨᠳᠠᠨ ᠰᠢᠷᠡᠭᠡᠨ᠎ᠡ ᠲᠣᠪᠢᠮᠠᠯ ᠮᠥᠩᠭᠥ᠂ ᠰᠡᠢᠯᠦᠮᠡᠯ ᠠᠭᠠᠷᠤ ᠽᠠᠨᠳᠠᠨ ᠯᠤᠤᠲᠤ ᠭᠣᠣ ᠲᠠᠢ ᠭᠦᠩᠭᠠᠷᠠᠪᠠ ᠲᠠᠢ ᠠᠯᠲᠠᠨ ᠮᠥᠩᠭᠥᠨ ᠪᠤᠷᠬᠠᠨ ᠲᠠᠢ᠂ ᠡᠮᠦᠨ᠎ᠡ ᠨᠢ ᠮᠥᠩᠭᠥᠨ ᠣᠩᠭᠣᠴᠠ ᠪᠣᠢᠫᠣᠷ ᠲᠤ᠌ ᠰᠠᠢᠬᠠᠨ ᠦᠨᠦᠷ ᠲᠡᠢ ᠲᠥᠪᠡᠳ ᠬᠦᠵᠢ ᠤᠤᠬᠢᠭᠤᠯᠵᠤ᠂ ᠵᠤᠯᠠ ᠬᠦᠵᠢ ᠮᠠᠨᠳᠤᠵᠤ ᠪᠠᠢᠭ᠎ᠠ ᠨᠢ ᠡᠷᠳᠡᠨᠢ ᠶ᠋ᠢᠨ ᠴᠢᠯᠠᠭᠤ᠂ ᠰᠤᠪᠤᠳ ᠲᠠᠨ᠎ᠠ ᠰᠢᠭᠢᠳᠬᠡᠭᠰᠡᠨ᠂ ᠠᠯᠲᠠ ᠪᠠᠷ ᠪᠦᠲᠦᠭᠡᠭᠰᠡᠨ ᠨᠠᠢ᠍ᠮᠠᠨ ᠲᠠᠬᠢᠯ ᠳ᠋ᠤ᠌ ᠲᠣᠯᠣᠩ ᠲᠤᠶᠠᠭ᠎ᠠ ᠰᠦᠮᠡᠯᠵᠡᠭᠦᠯᠦᠨ ᠲᠤᠰᠬᠠᠵᠠᠢ᠃ ᠳᠡᠯᠭᠡᠭᠡ ᠪᠤᠷᠬᠠᠨ ᠤ᠋ ᠵᠠᠷᠢᠮ ᠨᠢ ᠡᠷᠲᠡᠨ ᠦ᠌ ᠲᠥᠪᠡᠳ ᠮᠣᠩᠭᠣᠯ ᠪᠤᠷᠬᠠᠴᠢ ᠨᠠᠷ ᠤ᠋ᠨ ᠵᠢᠷᠤᠭᠰᠠᠨ᠂ ᠵᠠᠷᠢᠮ ᠨᠢ ᠲᠣᠷᠭ᠎ᠠ ᠨᠠᠭᠠᠮᠠᠯ ᠬᠥᠷᠥᠭ ᠪᠥᠭᠡᠳ ᠭᠣᠣ ᠲᠠᠢ᠂ ᠭᠦᠩᠭᠠᠷᠠᠪᠠ ᠲᠠᠢ ᠪᠤᠷᠬᠠᠨ ᠤ᠋ ᠠᠷᠤ ᠪᠠᠷ ᠲᠤᠭᠤᠷᠭ᠎ᠠ ᠶ᠋ᠢᠨ ᠳᠡᠭᠡᠳᠦ ᠲᠠᠯ᠎ᠠ ᠶ᠋ᠢ ᠪᠦᠲᠦᠭᠡᠵᠦ᠂ ᠪᠠᠰᠠ ᠪᠠᠷᠠᠭᠤᠨ ᠲᠤᠭᠤᠷᠭ᠎ᠠ ᠲᠤᠵᠢ ᠳ᠋ᠠᠭᠠᠨ᠂ ᠵᠡᠭᠦᠨ ᠲᠤᠭᠤᠷᠭ᠎ᠠ ᠶ᠋ᠢᠨ ᠨᠢᠭᠡ ᠬᠡᠰᠡᠭ ᠨᠢ ᠭᠠᠭᠴᠠ ᠴᠣᠩᠬᠣᠨ ᠳ᠋ᠠᠭᠠᠨ ᠬᠦᠷᠲᠡᠯ᠎ᠡ᠂ ᠬᠥᠷᠥᠭ ᠪᠤᠷᠬᠠᠨ ᠳᠡᠯᠭᠡᠭᠡᠰᠦᠲᠡᠢ ᠠᠵᠢ᠃ ᠲᠡᠷᠡ ᠭᠠᠭᠴᠠ ᠴᠣᠩᠬᠣᠨ ᠤ᠋ ᠲᠠᠪᠤᠨ ᠥᠩᠭᠡ ᠶ᠋ᠢᠨ ᠰᠢᠯ ᠨᠢ ᠥᠯᠵᠡᠢ᠂ ᠲᠦᠮᠡᠨ ᠵᠢᠷᠭᠠᠯᠠᠩ ᠤ᠋ᠨ ᠬᠡ ᠮᠡᠲᠦ ᠰᠢᠭᠢᠳᠬᠡᠭᠰᠡᠨ ᠠᠵᠤᠭᠤ᠃ ᠪᠠᠷᠠᠭᠤᠨ ᠵᠡᠭᠦᠨ ᠬᠣᠶᠠᠷ ᠬᠠᠵᠠᠭᠤ ᠶ᠋ᠢᠨ ᠲᠤᠭᠤᠷᠭ᠎ᠠ ᠪᠠᠷ ᠨᠠᠮᠬᠠᠨ ᠥᠷᠭᠡᠨ ᠣᠷᠣᠨᠳᠣᠭ ᠳᠡᠭᠡᠭᠦᠷ ᠡᠷᠢᠶᠡᠨ ᠬᠡᠪᠢᠰᠲᠦ ᠣᠯᠪᠣᠭ ᠳᠡᠪᠢᠰᠴᠡᠢ᠃
ᠬᠦᠷᠡᠩ ᠲᠣᠷᠭᠠᠨ ᠳᠡᠪᠡᠯ ᠲᠡᠢ᠂ ᠦᠵᠡᠮᠵᠢᠲᠦ ᠰᠠᠢᠬᠠᠨ ᠥᠷᠴᠢᠯᠭᠡᠲᠡᠨ ᠤᠨᠵᠢᠭᠰᠠᠨ ᠬᠦᠷᠡᠩ ᠤᠯᠠᠭᠠᠨ ᠣᠷᠬᠢᠮᠵᠢᠲᠠᠢ ᠰᠣᠢᠪᠤᠩ ᠤ᠋ᠳ ᠠᠷᠰᠯᠠᠨᠲᠤ ᠲᠠᠪᠴᠠᠩ ᠰᠢᠷᠡᠭᠡᠨ ᠦ᠌ ᠬᠣᠶᠠᠷ ᠬᠠᠵᠠᠭᠤ ᠳ᠋ᠤ᠌ ᠤᠯᠴᠠᠭᠠᠷ ᠭᠢᠯᠠᠯᠵᠠᠭᠰᠠᠨ ᠲᠠᠷᠭᠤᠨ ᠨᠢᠭᠤᠷ ᠲᠠᠢ᠂ ᠠᠮᠢᠲᠠᠨ ᠬᠠᠯᠳᠠᠰᠢ ᠦᠭᠡᠢ ᠶᠡᠬᠡᠷᠬᠡᠭ ᠰᠦᠷ ᠪᠠᠳᠠᠷᠠᠭᠤᠯᠤᠨ ᠶᠣᠰᠣᠷᠬᠠᠭ ᠳᠦᠷᠢᠮ ᠦᠵᠡᠭᠦᠯᠦᠨ ᠵᠣᠭᠰᠣᠵᠤ᠂ ᠠᠯᠲᠠᠨ ᠲᠠᠵᠢ ᠮᠠᠩᠨᠤᠭ ᠵᠠᠩᠴᠢ ᠲᠠᠢ᠂ ᠽᠦᠩᠺᠠᠸ᠎ᠠ ᠶ᠋ᠢᠨ ᠰᠢᠷ᠎ᠠ ᠪᠠᠨᠴᠢᠳ ᠮᠠᠯᠠᠭᠠᠢ ᠲᠠᠢ ᠪᠣᠭᠳᠠ ᠨᠢᠳᠦ ᠪᠡᠨ ᠠᠨᠢᠭᠠᠳ᠂ ᠦᠯᠦ ᠬᠥᠳᠡᠯᠦᠭᠴᠢ ᠴᠤᠯᠤ ᠲᠣᠮᠣ ᠪᠠᠷᠢᠮᠠᠯ ᠬᠥᠷᠥᠭ ᠰᠢᠭ ᠰᠠᠭᠤᠵᠠᠢ᠃
ᠬᠠᠭᠠᠯᠭ᠎ᠠ ᠴᠢᠮᠡᠭᠡ ᠠᠮᠢᠶ᠎ᠠ ᠦᠭᠡᠢ ᠨᠡᠭᠡᠭᠡᠭᠳᠡᠵᠦ᠂ ᠰᠢᠳᠠᠷ ᠬᠠᠭᠠᠯᠭᠠᠴᠢ᠂ ᠠᠯᠲᠠᠨ ᠮᠥᠩᠭᠥᠨ ᠡᠷᠳᠡᠨᠢ ᠴᠢᠮᠡᠭ᠂ ᠭᠣᠶᠣ ᠰᠠᠢᠬᠠᠨ ᠡᠳ᠋ ᠬᠤᠪᠴᠠᠰᠤ᠂ ᠶᠡᠬᠡᠮᠰᠦᠭ ᠪᠠᠢᠳᠠᠯ ᠤ᠋ᠨ ᠰᠦᠷ ᠲᠦ᠍ ᠳᠠᠷᠤᠭᠳᠠᠨ ᠲᠡᠪᠡᠳᠡᠭᠰᠡᠨ ᠵᠠᠮᠪᠠ ᠶ᠋ᠢ ᠤᠳᠤᠷᠢᠳᠤᠨ ᠣᠷᠣᠭᠤᠯᠵᠤ᠂ ᠬᠥᠳᠡᠭᠡᠨ ᠦ᠌ ᠡᠷ᠎ᠡ ᠵᠢᠭᠠᠪᠤᠷᠢ ᠶᠣᠰᠣᠭᠠᠷ ᠠᠮᠢᠳᠤ ᠪᠤᠷᠬᠠᠨ ᠤ᠋ ᠡᠮᠦᠨ᠎ᠡ ᠡᠮᠢᠶᠡᠨ ᠣᠢᠷᠠᠲᠤᠰᠬᠢᠭᠡᠳ᠂ ᠲᠠᠪᠤᠨ ᠮᠥᠴᠢ ᠪᠡᠨ ᠭᠠᠵᠠᠷ ᠲᠤᠯᠭᠠᠵᠤ ᠭᠤᠷᠪᠠ ᠮᠥᠷᠭᠥᠭᠡᠳ᠂ ᠡᠪᠦᠷ ᠡᠴᠡᠭᠡᠨ ᠰᠤᠨᠠᠮ ᠬᠠᠳᠠᠭ ᠭᠠᠷᠭᠠᠵᠤ᠂ ᠠᠮᠢᠰᠬᠤᠯ ᠢ᠋ᠶ᠋ᠠᠨ ᠪᠠᠷᠢᠨ᠂ ᠴᠡᠴᠡᠷᠬᠢᠯᠡᠭᠰᠡᠨ ᠭᠠᠷ ᠢ᠋ᠶ᠋ᠠᠨ ᠰᠤᠨᠠᠭᠠᠵᠤ ᠬᠠᠳᠠᠭ ᠢ᠋ᠶ᠋ᠠᠨ ᠳᠡᠪᠰᠢᠭᠦᠯᠵᠦ ᠰᠢᠷᠡᠭᠡᠨ ᠦ᠌ ᠡᠮᠦᠨ᠎ᠡ ᠣᠳᠪᠠᠯ ᠪᠣᠭᠳᠠ᠂ ᠵᠠᠮᠪᠠ ᠶ᠋ᠢᠨ ᠬᠠᠳᠠᠭ ᠢ᠋ ᠠᠪᠤᠭᠠᠳ᠂ ᠮᠣᠳᠣᠷ ᠤ᠋ᠨ ᠠᠳᠢᠰ ᠬᠦᠷᠲᠡᠭᠡᠵᠦ᠂ ᠵᠤᠷᠪᠤᠰ ᠨᠠᠷᠢᠨ ᠬᠡᠪ ᠢ᠋ ᠳᠤᠮᠳᠠᠭᠤᠷ ᠨᠢ ᠨᠢᠭᠡ ᠵᠠᠩᠭᠢᠳᠤᠨ ᠦᠯᠢᠶᠡᠵᠦ ᠠᠳᠢᠰᠲᠢᠳᠯᠠᠭᠠᠳ᠂ ᠵᠠᠮᠪᠠ ᠶ᠋ᠢᠨ ᠬᠦᠵᠦᠭᠦᠨ ᠳᠡᠭᠡᠷ᠎ᠡ ᠲᠠᠯᠪᠢᠵᠠᠢ᠃ ᠬᠠᠭᠠᠯᠭᠠᠴᠢ᠂ ᠵᠠᠮᠪᠠ ᠶ᠋ᠢᠨ ᠲᠤᠰᠤᠭᠰᠠᠨ ᠬᠣᠷᠮᠣᠢ ᠳ᠋ᠤ᠌ ᠬᠣᠶᠠᠷ ᠲᠣᠮᠣ ᠰᠠᠮᠨᠠᠭ᠎ᠠ᠂ ᠬᠡᠳᠦᠨ ᠪᠠᠳᠠᠭᠠᠰᠤ᠂ ᠰᠢᠬᠢᠷ᠂ ᠨᠠᠨᠵᠢᠩ ᠴᠢᠪᠠᠭ᠎ᠠ ᠲᠣᠮᠣ ᠮᠥᠩᠭᠥᠨ ᠴᠠᠷ᠎ᠠ ᠠ᠋ᠴᠠ ᠠᠪᠴᠤ ᠬᠠᠰᠢ ᠶᠠᠰᠢ ᠴᠢᠯᠠᠭᠤᠳᠠᠨ ᠬᠢᠵᠦ ᠥᠭᠭᠦᠭᠡᠳ᠂ ᠭᠠᠷ ᠭᠡᠬᠦ ᠳ᠋ᠦ᠍ᠨᠢ ᠵᠠᠮᠪᠠ᠂ ᠶᠡᠬᠡ ᠪᠣᠭᠳᠠ ᠳ᠋ᠤ᠌ ᠨᠢᠷᠤᠭᠤ ᠪᠠᠨ ᠦᠵᠡᠭᠦᠯᠬᠦ ᠦᠭᠡᠢ ᠭᠡᠵᠦ ᠤᠬᠤᠷᠢᠭᠰᠠᠭᠠᠷ᠂ ᠪᠣᠰᠢᠭᠣ ᠪᠤᠰᠢᠭᠤ! ᠭᠡᠵᠦ ᠬᠠᠭᠠᠯᠭᠠᠴᠢ ᠳ᠋ᠤ᠌ ᠪᠠᠳᠴᠢᠭᠤᠯᠤᠨ ᠵᠠᠩᠳᠤᠴᠢᠭᠤᠯᠤᠨ ᠭᠠᠷᠤᠭᠠᠳ᠂ ᠲᠣᠯᠣᠭᠠᠢ ᠡᠷᠭᠢᠨ ᠰᠠᠨᠳᠤᠷᠴᠤ᠂ ᠪᠤᠷᠤᠭᠤ ᠡᠭᠦᠳᠡ ᠬᠠᠭᠠᠯᠭ᠎ᠠ ᠲᠡᠰᠢ ᠲᠡᠮᠡᠦᠯᠦᠨ ᠵᠠᠩᠳᠤᠷᠤᠭᠤᠯᠤᠭᠰᠠᠭᠠᠷ᠂ ᠭᠠᠳᠠᠭᠰᠢ ᠭᠠᠷᠬᠤ ᠬᠠᠭᠠᠯᠭ᠎ᠠ ᠳᠠᠰᠢ ᠰᠡᠩᠳᠡ ᠮᠡᠩᠳᠡ ᠭᠦᠶᠦᠵᠡᠢ᠃
ᠵᠠᠮᠪᠠ ᠶ᠋ᠢ ᠮᠥᠷᠭᠥᠯ ᠦ᠋ᠨ ᠲᠠᠩᠬᠢᠮ ᠠ᠋ᠴᠠ ᠭᠠᠷᠤᠮᠠᠭᠴᠠ᠂ ᠬᠦᠷᠡᠯ ᠬᠤᠩᠬ᠎ᠠ(ᠬᠣᠩᠬᠣ) ᠵᠢᠩᠭᠢᠨᠡᠬᠦ ᠴᠢᠮᠡᠭᠡ ᠰᠣᠨᠣᠰᠳᠠᠨ᠂ ᠠᠯᠢᠶ᠎ᠠ ᠰᠠᠯᠪᠠᠳᠠᠢ ᠭᠦᠶᠦᠵᠦ ᠣᠷᠣᠭᠠᠳ᠂ ᠬᠣᠢᠨ᠎ᠠ ᠠ᠋ᠴᠠ ᠨᠢ ᠬᠠᠭᠠᠯᠭᠠᠴᠢ᠂ ᠭᠠᠤᠯᠢᠨ ᠰᠢᠨᠠᠭᠠᠯᠠᠵᠤ᠂ ᠬᠠᠯᠵᠠ ᠬᠣᠵᠢᠭᠡᠷ ᠪᠣᠯᠵᠤ ᠶᠠᠪᠤᠭ᠎ᠠ᠂ ᠬᠣᠶᠠᠷ ᠬᠠᠴᠠᠷ ᠨᠢ ᠨᠠᠮᠬᠠᠨ ᠥᠷᠭᠡᠨ ᠬᠠᠮᠠᠷ ᠤ᠋ᠨ ᠬᠣᠶᠠᠷ ᠬᠠᠵᠠᠭᠤ ᠪᠠᠷ ᠪᠣᠨᠲᠣᠢᠵᠤ᠂ ᠳᠣᠷᠣᠭᠰᠢ ᠪᠠᠨ ᠡᠷᠡᠦ ᠶ᠋ᠢᠨ ᠬᠣᠶᠠᠷ ᠬᠠᠵᠠᠭᠤ ᠪᠠᠷ ᠱᠤᠪᠲᠤᠢᠨ ᠤᠨᠵᠢᠭᠰᠠᠨ ᠬᠠᠴᠢᠨ ᠴᠢᠷᠠᠢ ᠲᠠᠢ ᠨᠢᠭᠡ ᠯᠠᠮᠠ ᠶ᠋ᠢ ᠣᠷᠣᠭᠤᠯᠵᠠᠢ᠃ ᠲᠡᠷᠡ ᠯᠠᠮᠠ ᠶ᠋ᠢᠨ ᠬᠣᠶᠠᠷ ᠰᠢᠨ᠎ᠠ ᠶ᠋ᠢᠨ ᠲᠤᠰ ᠥᠷᠭᠡᠨ ᠪᠣᠨᠳᠣᠭᠣᠢ᠂ ᠳᠣᠷᠣᠭᠰᠢ ᠱᠤᠪᠲᠤᠢᠵᠤ ᠤᠨᠵᠢᠭᠰᠠᠨ ᠬᠠᠴᠠᠷ ᠤ᠋ᠨ ᠪᠠᠢᠳᠠᠯ᠂ ᠦᠨᠡᠬᠡᠷ ᠪᠤᠷᠬᠠᠴᠢ ᠨᠠᠷ ᠤ᠋ᠨ ᠵᠢᠷᠤᠳᠠᠭ ᠮᠠᠮᠤ ᠶ᠋ᠢᠨ ᠳᠠᠯᠠᠩ ᠲᠠᠢ ᠨᠡᠯᠢᠶᠡᠳ ᠲᠥᠰᠥᠲᠡᠢ ᠤᠴᠢᠷ᠂ ᠲᠡᠷᠡ ᠰᠡᠮᠲᠡᠨ ᠭᠡᠳᠡᠭ ᠯᠠᠮᠠ ᠶ᠋ᠢ ᠮᠠᠮᠤ ᠶ᠋ᠢᠨ ᠳᠠᠯᠠᠩ ᠭᠡᠵᠦ ᠬᠡᠯᠡᠯᠴᠡᠳᠡᠭ ᠨᠢ ᠮᠥᠨᠴᠥ ᠰᠦᠷᠡᠬᠡᠢ ᠤᠨᠤᠵᠤ ᠥᠭᠭᠦᠭᠰᠡᠨ ᠬᠣᠴᠢ ᠪᠣᠯᠤᠯᠲᠠᠢ᠃
ᠲᠡᠷᠡ ᠯᠠᠮᠠ ᠭᠤᠷᠪᠠᠨᠲᠠ ᠮᠥᠷᠭᠥᠭᠡᠳ ᠬᠤᠲᠤᠭᠲᠤ ᠳ᠋ᠤ᠌ ᠰᠤᠨᠠᠮ ᠬᠠᠳᠠᠭ ᠳᠡᠭᠡᠷ᠎ᠡ ᠮᠠᠰᠢ ᠨᠠᠷᠢᠨ ᠬᠢᠴᠡ ᠲᠡᠢ ᠬᠦᠷᠡᠯ ᠬᠤᠩᠬ᠎ᠠ(ᠬᠣᠩᠬᠣ ) ᠸᠴᠢᠷ ᠭᠠᠷᠭᠠᠵᠤ ᠲᠠᠯᠪᠢᠭᠠᠳ ᠳᠡᠪᠰᠢᠭᠦᠯᠦᠨ ᠡᠷᠭᠦᠵᠦ᠂ ᠮᠣᠳᠣᠷ ᠤ᠋ᠨ ᠠᠳᠢᠰ ᠬᠢᠪ ᠵᠠᠩᠭᠢᠶ᠎ᠠ ᠠᠪᠤᠭᠰᠠᠨ ᠮᠥᠷᠲᠡᠭᠡᠨ ᠶᠡᠬᠡᠳᠡ ᠬᠦᠨᠳᠦᠳᠬᠡᠨ ᠭᠤᠶᠤᠬᠤ ᠶ᠋ᠢᠨ ᠡᠭᠦᠷᠭᠡ ᠠᠷᠤ ᠳ᠋ᠠᠭᠠᠨ ᠡᠭᠦᠷᠦᠭᠰᠡᠨ ᠳᠦᠷᠢᠮ ᠦᠵᠡᠭᠦᠯᠦᠨ᠂ ᠠᠯᠠᠭ᠎ᠠ ᠬᠠᠪᠰᠤᠷᠤᠨ ᠪᠥᠬᠥᠢᠵᠦ ᠵᠣᠭᠰᠣᠬᠤ ᠳ᠋ᠤᠨᠢ᠂
— ᠵᠠ᠂ ᠴᠢ ᠶᠠᠭᠤ ᠬᠡᠯᠡᠬᠦ ᠭᠡᠰᠡᠨ ᠬᠥᠮᠦᠨ ᠪᠣᠢ ? ᠭᠡᠵᠦ ᠪᠣᠭᠳᠠ ᠠᠰᠠᠭᠤᠵᠠᠢ᠃
— ᠵᠠ᠂ ᠳᠡᠭᠡᠷᠡᠬᠢ ᠶ᠋ᠢᠨ ᠭᠡᠭᠡᠬᠡᠨ(ᠭᠡᠭᠡᠨ) ᠦ᠌ ᠥᠴᠦᠬᠡᠨ ᠱᠠᠪᠢ ᠪᠣᠭᠣᠯ ᠪᠢ᠂ ᠳᠠᠰᠢᠴᠣᠢᠮᠪᠠᠯ ᠳ᠋ᠤ᠌ ᠬᠤᠪᠢᠯᠭᠠᠨ ᠰᠢᠷᠡᠭᠡᠲᠦ ᠭᠡᠨᠳᠡᠨᠫᠣᠩᠰᠣᠭ ᠲᠠᠢ ᠨᠢᠭᠡ ᠽᠠᠨᠳᠠᠩ ᠳ᠋ᠤ᠌ ᠬᠤᠷᠠᠳᠠᠭ ᠬᠥᠮᠦᠨ ᠪᠢᠯᠡ᠁ ᠲᠡᠭᠡᠭᠡᠳ᠂ ᠬᠤᠪᠢᠯᠭᠠᠨ ᠰᠢᠷᠡᠭᠡᠲᠦ ᠲᠡᠢ ᠨᠢᠭᠡ ᠨᠠᠰᠤ ᠪᠠᠨ ᠬᠠᠮᠲᠤ ᠥᠩᠭᠡᠷᠡᠭᠦᠯᠬᠦ ᠶ᠋ᠢ ᠬᠦᠰᠡᠵᠦ ᠶᠠᠪᠤᠳᠠᠭ ᠬᠥᠮᠦᠨ ᠪᠢᠯᠡ᠃ ᠬᠠᠮᠤᠭ ᠠᠮᠢᠲᠠᠨ ᠢ᠋ ᠠᠳᠠᠯᠢ ᠲᠡᠭᠰᠢ ᠡᠨᠡᠷᠢᠨ ᠨᠢᠭᠦᠯᠡᠰᠦᠭᠴᠢ ᠳᠡᠭᠡᠷᠡᠬᠢ ᠶ᠋ᠢᠨ ᠶᠡᠬᠡ ᠭᠡᠭᠡᠭᠡᠨᠲᠡᠨ(ᠭᠡᠭᠡᠨᠲᠡᠨ)ᠠᠪᠤᠷᠠᠯ ᠡᠨᠡᠷᠢᠯ ᠥᠷᠥᠰᠢᠶᠡᠯ ᠨᠢᠭᠦᠯᠡᠰᠦᠩᠭᠦᠢ ᠶ᠋ᠢᠨ ᠨᠢᠳᠦ ᠪᠡᠷ ᠥᠴᠦᠬᠡᠨ ᠨᠠᠮᠠᠶ᠋ᠢ (ᠨᠠᠮ᠎ᠠ ᠶ᠋ᠢ)ᠦᠵᠡᠬᠦ ᠠᠵᠢᠶᠠᠮᠤ! ᠭᠡᠳ ᠪᠣᠭᠳᠠ ᠶ᠋ᠢᠨ ᠪᠦᠯᠲᠡᠢᠨ ᠬᠠᠷᠠᠭᠰᠠᠨ ᠬᠦᠢᠲᠡᠨ ᠬᠠᠷᠠᠴᠠ ᠶ᠋ᠢ ᠵᠢᠷᠦᠬᠡ ᠭᠠᠷᠭᠠᠵᠤ ᠥᠭᠡᠳᠡ ᠡᠴᠡ ᠨᠢ ᠰᠢᠷᠳᠡᠭᠡᠳ᠂ ᠭᠠᠭᠴᠠᠬᠦ (ᠭᠠᠭᠴᠠ ᠬᠦ᠌)ᠪᠢᠲᠡᠭᠦᠦ ᠪᠡᠷ ᠢᠴᠢᠭᠦᠷᠢᠨ(ᠢᠴᠢᠩᠭᠦᠷᠡᠨ) ᠤᠯᠠᠢᠭᠰᠠᠨ ᠥᠩᠭᠡ᠂ ᠦᠵᠡᠰᠬᠦᠯᠡᠩ ᠪᠢᠰᠢ ᠬᠦᠷᠡᠩ ᠴᠢᠷᠠᠢ ᠳ᠋ᠤᠨᠢ ( ᠳ᠋ᠤ᠌ ᠨᠢ) ᠮᠡᠳᠡᠭᠳᠡᠰᠬᠢᠭᠡᠳ ᠤᠨᠵᠢᠭᠠᠷ ᠬᠠᠴᠠᠷ ᠨᠢ ᠴᠢᠴᠠᠪ ᠬᠢᠵᠡᠢ᠃
ᠮᠥᠷᠭᠥᠯ ᠦ᠋ᠨ ᠲᠠᠩᠬᠢᠮ ᠳ᠋ᠤ᠌ ᠴᠢᠪ ᠴᠢᠮᠡᠭᠡ ᠦᠭᠡᠢ ᠨᠠᠮ ᠭᠦᠮ ᠪᠣᠯᠵᠤ᠂ ᠬᠤᠲᠤᠭᠲᠤ ᠬᠣᠷᠣᠮᠬᠠᠨ ᠵᠠᠭᠤᠷ᠎ᠠ ᠶ᠋ᠢᠨ ᠰᠡᠳᠬᠢᠯ ᠬᠦᠰᠡᠯ ᠦ᠋ᠨ ᠳᠤᠷ᠎ᠠ ᠲᠠᠭᠠᠯᠠᠯ ᠢ᠋ᠶ᠋ᠠᠷ ᠪᠣᠯᠭᠠᠵᠤ ᠶᠠᠪᠤᠭᠰᠠᠨ ᠶᠠᠪᠤᠳᠠᠯ ᠢ᠋ᠶ᠋ᠠᠨ ᠰᠠᠨᠠᠭᠠᠳ ᠳᠤᠷᠠᠳᠬᠤᠢ ᠶ᠋ᠢᠨ ᠨᠢᠳᠦ ᠪᠡᠷ ᠳᠣᠲᠣᠭᠰᠢ ᠪᠠᠨ ᠴᠡᠭᠡᠵᠢᠨ ᠳᠣᠲᠣᠷᠠᠬᠢ ᠶ᠋ᠢ ᠬᠠᠷᠠᠵᠤ ᠪᠣᠳᠣᠬᠤᠯ᠎ᠠ᠂ ᠲᠡᠭᠦᠨ ᠦ᠌ ᠬᠦᠰᠡᠯ ᠬᠤᠷᠢᠴᠠᠯ ᠢ᠋ ᠦᠭᠡ ᠳᠠᠭᠤᠨ ᠦᠭᠡᠢ ᠳᠠᠭᠠᠵᠤ ᠲᠦᠷ ᠵᠠᠭᠤᠷ᠎ᠠ ᠨᠢᠭᠤᠷ ᠲᠠᠯ᠎ᠠ ᠣᠯᠤᠭᠠᠳ ᠡᠭᠡᠯᠵᠢ ᠶ᠋ᠢᠨ ᠬᠥᠮᠦᠨ ᠳ᠋ᠦ᠍ ᠵᠠᠮ ᠲᠠᠯᠪᠢᠵᠤ ᠥᠭᠳᠡᠭ ᠠᠮᠠᠷᠠᠭ ᠤ᠋ᠳ ᠰᠡᠳᠬᠢᠯ ᠳ᠋ᠦ᠍ᠨᠢ ( ᠳ᠋ᠦ᠍ ᠨᠢ )ᠤᠷᠭᠤᠵᠤ᠂ ᠬᠠᠮᠲᠤ ᠨᠠᠢᠷᠯᠠᠨ ᠵᠢᠷᠭᠠᠵᠤ ᠶᠠᠪᠤᠭᠠᠳ ᠡᠴᠦᠰ ᠲᠦ᠋ᠨᠢ ( ᠳ᠋ᠦ᠍ ᠨᠢ )ᠠᠷᠪᠠᠨ ᠨᠠᠢ᠍ᠮᠠᠨ ᠲᠠᠮᠤ ᠶ᠋ᠢ ᠳᠦᠷᠰᠦᠯᠡᠨ ᠪᠠᠢᠭᠤᠯᠤᠭᠰᠠᠨ ᠭᠠᠵᠠᠷ ᠳᠣᠣᠷᠠᠬᠢ ᠨᠦᠬᠡᠨ ᠭᠢᠨᠳᠠᠨ ᠳ᠋ᠤ᠌ ᠲᠠᠷᠴᠢᠯᠠᠨ ᠵᠣᠪᠠᠵᠤ ᠦᠬᠦᠭᠰᠡᠨ ᠭᠤᠸ᠎ᠠ ᠰᠠᠢᠬᠠᠨ ᠴᠢᠷᠠᠢ ᠲᠠᠢ᠂ ᠴᠡᠪᠡᠷ ᠰᠠᠢᠬᠠᠨ ᠪᠡᠶ᠎ᠡ ᠲᠡᠢ ᠯᠡᠭᠴᠡᠭ ᠰᠣᠢᠪᠤᠩ᠂ ᠡᠷᠬᠡ ᠲᠤᠰᠢᠶᠠᠯ ᠳ᠋ᠤ᠌ ᠳᠤᠷᠠᠲᠠᠢ ᠵᠠᠭᠠᠯᠬᠠᠩᠵᠠ ᠬᠤᠲᠤᠭᠲᠤ᠂ ᠥᠬᠢᠨ ᠰᠢᠭ ᠴᠢᠷᠠᠢ ᠲᠠᠢ ᠵᠠᠯᠠᠭᠤ ᠰᠠᠢᠨ ᠨᠣᠶᠠᠨ ᠬᠠᠨ ᠨᠠ᠊ ᠂ ᠣᠯᠠᠨ ᠯᠠᠮᠠ ᠨᠣᠶᠠᠳ ᠰᠡᠳᠬᠢᠯ ᠳ᠋ᠦ᠍ᠨᠢ ( ᠳ᠋ᠦ᠍ ᠨᠢ) ᠤᠷᠭᠤᠵᠤ᠂ ᠪᠣᠳᠣᠯᠭ᠎ᠠ ᠪᠣᠯᠵᠤ ᠰᠠᠭᠤᠲᠠᠯ᠎ᠠ ᠭᠡᠨᠡᠳᠲᠡ ᠮᠠᠮᠤ ᠶ᠋ᠢᠨ ᠳᠠᠯᠠᠩ ᠰᠠᠮᠳᠢᠨ (ᠰᠡᠮᠲᠡᠨ) ᠢ᠋ ᠢᠨᠴᠠᠭᠯᠠᠨ ᠰᠡᠭᠦᠷᠡᠰᠦ ᠠᠯᠳᠠᠵᠤ ᠣᠷᠬᠢᠬᠤ ᠳ᠋ᠤᠨᠢ ( ᠳ᠋ᠤ᠌ ᠨᠢ)᠂ ᠡᠨᠡ ᠬᠥᠭᠡᠷᠦᠬᠦᠢ ᠠᠮᠢᠲᠠᠨ ᠠᠷᠭ᠎ᠠ ᠶᠠᠳᠠᠨ ᠠᠢᠯᠠᠳᠬᠠᠭᠠᠳ᠂ ᠡᠷᠬᠡ ᠰᠦᠷ ᠢ᠋ᠶ᠋ᠡᠷ ᠨᠢᠭᠡᠨ ᠲᠠᠰᠢ (ᠲᠠᠢᠰᠢ) ᠪᠣᠯᠭᠠᠵᠤ ᠥᠭᠬᠦ ᠶ᠋ᠢ ᠬᠦᠯᠢᠶᠡᠵᠦ ᠪᠠᠢᠭ᠎ᠠ ᠠᠵᠢ ᠭᠡᠵᠦ ᠰᠠᠮᠳᠢᠨ (ᠰᠡᠮᠲᠡᠨ) ᠤᠷᠤᠭᠤ ᠬᠠᠷᠠᠭᠠᠳ᠂ ᠲᠡᠷᠡ ᠭᠠᠩᠭᠠᠩ ᠵᠠᠯᠠᠭᠤ᠂ ᠡᠷᠬᠡ ᠶᠠᠩᠪᠠ(ᠶᠠᠮᠪᠠ) ᠳ᠋ᠠᠭᠠᠨ ᠰᠢᠲᠠᠴᠢᠬᠰᠠᠨ (ᠰᠢᠲᠠᠴᠢᠬᠠᠭᠰᠠᠨ) ᠬᠤᠪᠢᠯᠭᠠᠨ ᠰᠢᠷᠡᠭᠡᠲᠦ ᠯᠠᠮᠠ᠂ ᠡᠨᠡ ᠥᠴᠦᠬᠡᠨ ᠬᠠᠷᠠᠴᠤ ᠢᠵᠠᠭᠤᠷᠲᠤ ᠯᠠᠮᠠ ᠶ᠋ᠢᠨ ᠬᠦᠰᠡᠭᠰᠡᠨ ᠢ᠋ ᠬᠠᠯᠭᠠᠬᠤ ᠦᠭᠡᠢ ᠪᠠᠢᠬᠤ ᠨᠢ ᠴᠤ᠌ ᠠᠷᠭ᠎ᠠ ᠦᠭᠡᠢ ᠳᠡ᠃ ᠲᠡᠭᠡᠭᠡᠳ ᠡᠨᠡ ᠠᠮᠢᠲᠠᠨ ᠲᠠᠴᠢᠶᠠᠬᠤ ᠰᠡᠳᠬᠢᠯ ᠢ᠋ᠶ᠋ᠡᠨ ᠲᠡᠪᠴᠢᠵᠦ ᠶᠠᠳᠠᠬᠤ ᠳ᠋ᠠᠭᠠᠨ᠂ ᠳᠦᠭᠦᠷᠦᠭᠰᠡᠨ ᠬᠡᠷᠡᠭ ᠭᠡᠵᠦ ᠢᠩᠭᠢᠵᠦ ᠪᠠᠢᠭ᠎ᠠ ᠶᠤᠮ ᠪᠢᠵᠡ ᠳᠡ᠃ ᠵᠠ᠂ ᠶᠠᠭᠠᠬᠢᠬᠤ ᠪᠣᠢ᠂ ᠡᠨᠡ ᠡᠷᠬᠡ ᠲᠠᠩᠬᠢ ᠶᠡᠬᠡ ᠵᠠᠩ ᠲᠠᠢ ᠬᠤᠪᠢᠯᠭᠠᠨ᠂ ᠮᠠᠮᠤ ᠶ᠋ᠢᠨ ᠳᠠᠯᠠᠩ ᠰᠠᠮᠳᠢᠨ (ᠰᠡᠮᠲᠡᠨ) ᠦ᠌ ᠬᠠᠷᠠᠴᠤ ᠪᠦᠳᠦᠭᠦᠯᠢᠭ ᠢ᠋ᠶ᠋ᠡᠷ ᠡᠷᠬᠡᠯᠡᠭᠦᠯᠬᠦ ᠶ᠋ᠢ ᠦᠵᠡᠭ ᠭᠡᠵᠦ ᠪᠣᠳᠣᠭᠠᠳ᠂ ᠬᠠᠭᠠᠯᠭᠠᠴᠢ ᠶ᠋ᠢᠨ ᠵᠦᠭ ᠲᠣᠯᠣᠭᠠᠢ ᠪᠠᠨ ᠬᠠᠵᠠᠭᠤ ᠲᠠᠰᠢ (ᠲᠠᠢᠰᠢ) ᠪᠣᠯᠭᠠᠨ ᠳᠣᠬᠢᠰᠬᠢᠵᠦ᠂
— ᠬᠤᠪᠢᠯᠭᠠᠨ ᠢ᠋ ᠳᠠᠭᠤᠳᠠᠭᠠᠳᠠᠬᠠ
ᠭᠡᠬᠦ ᠳ᠋ᠦ᠍ᠨᠢ ( ᠳ᠋ᠦ᠍ ᠨᠢ)᠂ ᠮᠠᠮᠤ ᠶ᠋ᠢᠨ ᠳᠠᠯᠠᠩ ᠤ᠋ᠨ ᠴᠢᠷᠠᠢ ᠭᠢᠯᠠᠯᠵᠠᠵᠤ ᠬᠤᠪᠢᠯᠭᠠᠨ ᠰᠢᠷᠡᠭᠡᠲᠦ ᠣᠷᠣᠩᠭᠤᠲᠠ᠂ ᠴᠢᠷᠠᠢ ᠶ᠋ᠢ ᠨᠢ ᠬᠠᠷᠠᠮᠠᠭᠴᠠ ᠤᠴᠢᠷ ᠢ᠋ ᠮᠡᠳᠡᠵᠦ ᠠᠮᠠ ᠪᠠᠨ ᠪᠠᠷᠢᠪᠠ᠃
ᠴᠢᠮᠡᠭᠡ ᠦᠭᠡᠢ ᠨᠠᠮ ᠭᠦᠮ ᠲᠠᠰᠤᠯᠭᠠᠨᠠ ᠬᠤᠲᠤᠭᠲᠤ ᠶ᠋ᠢᠨ ᠰᠥᠭᠡᠩᠬᠢᠪᠲᠦᠷ ᠳᠠᠭᠤᠨ ᠰᠣᠨᠣᠰᠳᠠᠵᠤ᠂
— ᠰᠢᠷᠡᠭᠡᠲᠦ ᠯᠠᠮᠠ ᠠ᠋! ᠴᠢᠨᠦ ᠪᠡᠶ᠎ᠡ᠂ ᠡᠨᠡ ᠥᠴᠦᠬᠡᠨ ᠱᠠᠪᠢ ᠲᠠ ᠬᠣᠶᠠᠷ ᠤᠷᠢᠳ ᠲᠥᠷᠥᠯ ᠳ᠋ᠡᠭᠡᠨ ᠬᠡᠯᠬᠢᠶ᠎ᠡ ᠪᠠᠷᠢᠯᠳᠤᠯᠭ᠎ᠠ ᠲᠠᠢ ᠪᠠᠢᠭᠰᠠᠨ ᠤᠴᠢᠷ᠂ ᠲᠡᠭᠦᠨ ᠦ᠌ ᠬᠦᠴᠦᠨ ᠢ᠋ᠶ᠋ᠡᠷ ᠡᠨᠡ ᠲᠥᠷᠥᠯ ᠳ᠋ᠡᠭᠡᠨ ᠳᠠᠬᠢᠨ ᠤᠴᠠᠷᠠᠵᠠᠢ᠃ ᠬᠤᠪᠢᠯᠭᠠᠨ ᠴᠢ ᠡᠭᠦᠨᠴᠡ(ᠡᠭᠦᠨ ᠡᠴᠡ) ᠬᠣᠢᠰᠢ ᠲᠡᠭᠦᠨ ᠦ᠌ ᠰᠠᠨᠠᠭ᠎ᠠ ᠶ᠋ᠢ ᠳᠠᠭᠠᠵᠤ ᠬᠦᠰᠡᠯ ᠢ᠋ ᠬᠠᠩᠭ᠎ᠠ! ᠭᠡᠬᠦ ᠳ᠋ᠦ᠍ᠨᠢ᠂
— ᠵᠠ! ᠲᠡᠭᠡᠵᠦ ᠰᠡᠳᠬᠢᠯ ᠢ᠋ᠶ᠋ᠡᠨ ᠳᠣᠣᠷ᠎ᠠ ᠪᠣᠯᠭᠠᠵᠤ᠂ ᠬᠦᠯᠢᠴᠡᠨ ᠳᠠᠭᠠᠭᠰᠠᠨ ᠢ᠋ᠶ᠋ᠠᠷ ᠮᠢᠨᠦ ᠭᠬᠢᠷ ᠬᠢᠯᠢᠨᠴᠡ ᠨᠢᠮᠭᠡᠷᠡᠵᠦ᠂ ᠬᠣᠢᠲᠤ ᠨᠠᠰᠤᠨ ᠳ᠋ᠠᠭᠠᠨ ᠪᠤᠷᠬᠠᠨ ᠤ᠋ ᠪᠣᠳᠢ ᠬᠤᠲᠤᠭ ᠢ᠋ ᠣᠯᠬᠤ ᠪᠣᠯᠲᠤᠭᠠᠢ! ᠭᠡᠵᠦ ᠴᠢᠷᠠᠢ ᠪᠠᠨ ᠬᠦᠷᠡᠩ ᠤᠯᠠᠭᠠᠨ ᠪᠣᠯᠭᠠᠭᠰᠠᠨ ᠬᠤᠪᠢᠯᠭᠠᠨ ᠰᠢᠷᠡᠭᠡᠲᠦ ᠮᠥᠷᠭᠥᠵᠡᠢ᠃
ᠮᠠᠮᠤ ᠶ᠋ᠢᠨ ᠳᠠᠯᠠᠩ ᠭᠤᠷᠪᠠᠨᠲᠠ ᠮᠥᠷᠭᠥᠵᠦ ᠪᠣᠰᠲᠠᠯ᠎ᠠ᠂ ᠠᠯᠢᠶ᠎ᠠ ᠰᠠᠯᠪᠠᠳᠠᠢ᠂ ᠰᠠᠮᠳᠢᠨ(ᠰᠡᠮᠲᠡᠨ)᠂ ᠰᠢᠷᠡᠭᠡᠲᠦ ᠬᠣᠶᠠᠷ ᠢ᠋ ᠲᠣᠭᠣᠷᠢᠨ᠂ ᠤᠬᠤᠨ᠎ᠠ ᠮᠡᠲᠦ ᠮᠠᠢᠯᠠᠨ ᠪᠠᠪᠠᠲᠤᠨᠠᠵᠤ ᠳᠠᠪᠬᠢᠭᠠᠳ᠂ ᠰᠣᠢᠪᠤᠩ ᠤ᠋ᠳ ᠢᠨᠢᠶᠡᠳᠦ ᠠᠯᠳᠠᠬᠤ ᠦᠭᠡᠢ ᠭᠡᠵᠦ ᠤᠷᠤᠭᠤᠯ ᠢ᠋ᠶ᠋ᠠᠨ ᠲᠠᠰᠤ ᠵᠢᠮᠢᠪᠡ (ᠵᠢᠮᠢᠢᠪᠡ)᠃
ᠦᠰᠦᠭ ᠠᠮᠢᠯᠠᠭᠤᠯᠤᠭᠴᠢ᠄ ᠪᠠᠳᠮᠠᠰᠡᠴᠡᠨ᠂ ᠣᠶᠤᠨᠪᠠᠲᠤ᠂ ᠮᠥᠩᠭᠥᠨᠭᠣᠸ᠎ᠠ᠂ ᠤᠢᠭᠤᠷᠵᠢᠨ ᠣᠳᠬᠣᠨᠪᠠᠪᠠ
ᠬᠢᠨᠠᠭᠴᠢ᠄ ᠣᠳᠬᠣᠨᠴᠡᠴᠡᠭ᠂ ᠠᠯᠲᠠᠨᠱᠠ᠂ ᠪᠠᠯ
ᠤᠩᠰᠢᠭᠴᠢ᠄ ᠨᠠᠰᠤᠨ᠌ᠦ᠌ᠯᠵᠡᠢ
