ᠦᠷ ᠦᠨ ᠲᠤᠶᠠᠭ᠎ᠠ I – ᠪ᠂ ᠷᠢᠨᠴᠢᠨ - ᠲᠡᠷᠢᠬᠦᠨ ᠲᠡᠪᠲᠡᠷ <ᠮᠠᠨᠵᠤ ᠶᠢᠨ ᠳᠠᠯᠬᠢᠨ ᠳᠤ>(ᠠᠷᠪᠠᠨ ᠭᠤᠷᠪᠠ) Үүрийн туяа I – Б ᠂ Ренчин Тэргүүн дэвтэр "<Манжийн талхинд" (13) ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠷ ᠦᠨ ᠲᠤᠶᠠᠭ᠎ᠠ I – ᠪ᠂ ᠷᠢᠨᠴᠢᠨ - ᠲᠡᠷᠢᠬᠦᠨ ᠲᠡᠪᠲᠡᠷ <ᠮᠠᠨᠵᠤ ᠶᠢᠨ ᠳᠠᠯᠬᠢᠨ ᠳᠤ>(ᠠᠷᠪᠠᠨ ᠭᠤᠷᠪᠠ) Үүрийн туяа I – Б ᠂ Ренчин Тэргүүн дэвтэр "<Манжийн талхинд" (13)

ᠦᠷ ᠦᠨ ᠲᠤᠶᠠᠭ᠎ᠠ I – ᠪ᠂ ᠷᠢᠨᠴᠢᠨ - ᠲᠡᠷᠢᠬᠦᠨ ᠲᠡᠪᠲᠡᠷ <ᠮᠠᠨᠵᠤ ᠶᠢᠨ ᠳᠠᠯᠬᠢᠨ ᠳᠤ>(ᠠᠷᠪᠠᠨ ᠭᠤᠷᠪᠠ) Үүрийн туяа I – Б ᠂ Ренчин Тэргүүн дэвтэр "<Манжийн талхинд" (13)

ᠠᠩᠭᠢᠯᠠᠯ:ᠲᠤᠭᠤᠵᠢ ᠷᠣᠮᠠᠨ
2024-11-14

538

ᠠᠷᠪᠠᠨ ᠭᠤᠷᠪᠠ᠂ ᠪᠣᠭᠳᠠ ᠶᠢᠨ ᠥᠷᠥᠰᠢᠶᠡᠯ ᠨᠢᠭᠦᠯᠡᠰᠦᠯ


                 ᠨᠣᠶᠠᠨ ᠲᠠᠢ ᠥᠰᠲᠦ— ᠬᠥᠮᠦᠨ ᠬᠣᠩᠭᠣ ᠦᠭᠡᠢ᠃   
                         (ᠠᠷᠠᠳ ᠤ᠋ᠨ ᠵᠦᠢᠷ ᠦᠭᠡ ᠡᠴᠡ)   

       ᠶᠠᠯᠠᠲᠤ ᠴᠧ ᠬᠦᠩ᠂ ᠤᠷᠢᠳ ᠵᠢᠪᠽᠥ᠋ᠮᠳ᠋ᠠᠮᠪᠠ ᠬᠤᠲᠤᠭᠲᠤ ᠳ᠋ᠤ᠌ ᠶᠡᠬᠡ ᠨᠢᠭᠤᠷ ᠲᠠᠯ᠎ᠠ ᠲᠠᠢ ᠶᠠᠪᠤᠭᠠᠳ ᠬᠡᠰᠢᠭ ᠮᠥᠴᠢᠳᠴᠦ᠂ ᠵᠡᠷᠭᠡ ᠬᠡᠷᠬᠢᠮ ᠡᠪᠳᠡᠭᠦᠯᠦᠭᠡᠳ ᠢᠷᠭᠡᠨ ᠪᠣᠯᠵᠤ᠂ ᠤᠷᠢᠳ ᠵᠠᠬᠢᠷᠤᠭᠴᠢ ᠪᠠᠢᠭᠰᠠᠨ ᠨᠤᠲᠤᠭ ᠤ᠋ᠨ ᠵᠠᠬ᠎ᠠ ᠳ᠋ᠤ᠌ ᠡᠪᠦᠭᠡᠨ ᠬᠤᠶᠠᠭ ᠢ᠋ᠶ᠋ᠠᠷ ᠬᠠᠷᠠᠭᠠᠯᠵᠠᠭᠤᠯᠤᠨ᠂ ᠬᠡᠳᠦᠨ ᠬᠣᠨᠢ ᠪᠠᠨ ᠬᠠᠷᠢᠭᠤᠯᠵᠤ ᠰᠠᠭᠤᠳᠠᠭ ᠪᠣᠯᠤᠭᠰᠠᠨ ᠪᠠᠢᠵᠠᠢ᠃   
       ᠤᠷᠢᠳ ᠴᠧ ᠬᠦᠩ᠂ ᠬᠤᠲᠤᠭᠲᠤ ᠳ᠋ᠤ᠌ ᠲᠤᠤᠯᠠ ᠭᠣᠣᠯ ᠳ᠋ᠤ᠌ ᠳᠠᠪᠬᠤᠷᠯᠢᠭ ᠮᠣᠳᠣᠨ ᠲᠠᠭᠲᠤ ᠪᠠᠢᠰᠢᠩ ᠪᠤᠰᠬᠠᠵᠤ ᠡᠷᠭᠦᠭᠡᠳ᠂ ᠬᠤᠲᠤᠭᠲᠤ ᠶ᠋ᠢᠨ ᠰᠢᠳᠠᠷ ᠬᠥᠮᠦᠨ ᠪᠣᠯᠵᠤ ᠮᠠᠨᠳᠤᠲᠠᠯ᠎ᠠ᠂ ᠴᠧ ᠬᠦᠩ ᠦ᠋ᠨ ᠪᠠᠭ᠎ᠠ ᠬᠠᠲᠤᠨ ᠨᠣᠷᠪᠤ ᠭᠡᠭᠴᠢ ᠶ᠋ᠢᠨ ᠭᠢᠯᠠᠯᠵᠠᠭᠰᠠᠨ ᠬᠠᠷ᠎ᠠ ᠨᠢᠳᠦ ᠨᠢ ᠳᠡᠭᠡᠷᠡᠬᠢ ᠶ᠋ᠢᠨ ᠲᠠᠭᠠᠯᠠᠯ ᠳ᠋ᠤ᠌ ᠨᠡᠢᠯᠡᠭᠡᠳ᠂ ᠴᠧ ᠬᠦᠩ ᠰᠦᠨᠡᠰᠦᠨ ᠦ᠌ ᠣᠭ᠌ᠶᠤ ᠪᠣᠯᠤᠭᠰᠠᠨ ᠬᠠᠲᠤᠨ ᠢ᠋ᠶ᠋ᠠᠨ ᠠᠯᠳᠠᠵᠠᠢ᠃ ᠬᠣᠷᠸ᠎ᠠ ᠶᠢᠷᠲᠢᠨᠴᠦ ᠳ᠋ᠦ᠍ ᠮᠥᠩᠬᠡ ᠶᠠᠭᠤᠮ᠎ᠠ ᠪᠠᠢᠳᠠᠭ ᠦᠭᠡᠢ ᠤᠴᠢᠷ᠂ ᠳᠡᠭᠡᠷᠡᠬᠢ ᠶ᠋ᠢᠨ ᠳᠠᠭᠠᠯᠠᠬᠤ ᠬᠦᠰᠡᠯ ᠰᠠᠨᠠᠭ᠎ᠠ ᠴᠤ᠌ ᠬᠤᠷᠳᠤᠨ ᠢ᠋ᠶ᠋ᠠᠷ ᠬᠤᠪᠢᠰᠴᠤ᠂ ᠨᠣᠷᠪᠤ ᠬᠠᠲᠤᠨ ᠤ᠋ ᠪᠡᠶ᠎ᠡ ᠰᠢᠯᠲᠠᠭᠠᠲᠠᠢ ᠪᠣᠯᠤᠨ ᠬᠣᠴᠣᠷᠴᠠᠢ᠃ ᠨᠣᠷᠪᠤ ᠬᠠᠲᠤᠨ ᠤ᠋ ᠣᠷᠣᠨ ᠢ᠋ ᠳᠡᠭᠡᠷᠡᠬᠢ ᠶ᠋ᠢᠨ ᠰᠡᠳᠬᠢᠯ ᠳ᠋ᠦ᠍ ᠸᠴᠢᠷᠪᠠᠨᠢ ᠪᠤᠷᠬᠠᠨ ᠤ᠋ ᠬᠤᠪᠢᠯᠭᠠᠨ᠂ ᠤᠷᠲᠤᠯᠢᠭ ᠴᠢᠷᠠᠢ ᠲᠠᠢ ᠵᠠᠯᠠᠭᠤ ᠵᠠᠭᠠᠯᠬᠠᠩᠵᠠ ᠬᠤᠲᠤᠭᠲᠤ ᠡᠵᠡᠯᠡᠭᠡᠳ᠂ ᠬᠥᠳᠡᠭᠡ ᠨᠤᠲᠤᠭ ᠠ᠋ᠴᠠ ᠪᠠᠨ ᠳᠡᠭᠡᠷᠡᠬᠢ ᠶ᠋ᠢᠨ ᠳᠠᠭᠤᠳᠠᠭᠰᠠᠨ ᠲᠠᠭᠠᠯᠠᠯ ᠳ᠋ᠤ᠌ ᠨᠡᠢᠯᠡᠭᠦᠯᠦᠨ ᠢᠷᠡᠵᠦ᠂ ᠬᠠᠲᠤᠨ ᠤ᠋ ᠬᠠᠯᠠᠭ᠎ᠠ ᠶ᠋ᠢ ᠠᠪᠤᠭᠰᠠᠨ ᠪᠠᠢᠵᠠᠢ᠃   
       ᠬᠣᠷᠣᠰᠤᠯ ᠭᠣᠮᠣᠳᠠᠯ ᠵᠠᠩᠭᠢᠷᠠᠭᠰᠠᠨ ᠴᠧ ᠬᠦᠩ᠂ ᠳᠡᠭᠡᠷᠡᠬᠢ ᠶ᠋ᠢᠨ ᠭᠡᠭᠡᠬᠡᠨ ᠦ᠌ ᠳᠡᠷᠭᠡᠳᠡ ᠰᠢᠳᠠᠷ ᠶᠠᠪᠤᠬᠤ ᠳ᠋ᠠᠭᠠᠨ᠂ ᠨᠡᠢᠭᠡᠮ ᠣᠯᠠᠨ ᠱᠠᠪᠢ ᠨᠠᠷ ᠤ᠋ᠨ ᠮᠡᠳᠡᠭᠡ ᠦᠭᠡᠢ ᠬᠠᠴᠢᠨ ᠬᠠᠴᠢᠨ ᠤᠵᠢᠳ ᠰᠠᠮᠠᠭᠤᠨ ᠶᠠᠪᠤᠳᠠᠯ ᠢ᠋ ᠨᠢᠳᠦ ᠪᠡᠷ ᠦᠵᠡᠵᠦ᠂ ᠬᠠᠲᠤᠨ ᠢ᠋ᠶ᠋ᠠᠨ ᠠᠯᠳᠠᠭᠰᠠᠨ ᠤ᠋ ᠤᠯᠠᠮ ᠠ᠋ᠴᠠ ᠰᠡᠳᠬᠢᠯ ᠭᠣᠩᠰᠣᠷᠣᠨ (ᠭᠣᠩᠰᠣᠷᠠᠨ)᠂ ᠪᠠᠭᠰᠢ ᠱᠠᠪᠢ ᠶ᠋ᠢᠨ ᠪᠠᠷᠢᠯᠳᠤᠯᠭ᠎ᠠ ᠡᠪᠳᠡᠷᠡᠵᠦ᠂ ᠭᠠᠰᠢᠭᠤᠨ ᠬᠣᠷᠣᠰᠤᠯ ᠡᠪᠦᠷᠯᠡᠵᠦ ᠶᠠᠪᠤᠲᠠᠯ᠎ᠠ᠂ ᠬᠤᠲᠤᠭᠲᠤ ᠠ᠋ᠴᠠ ᠥᠴᠦᠬᠡᠨ ᠲᠡᠳᠦᠢ ᠴᠦ᠍ ᠥᠰᠢᠶ᠎ᠡ ᠬᠣᠷᠣᠰᠤᠯ ᠢ᠋ᠶ᠋ᠠᠨ ᠠᠪᠬᠤ ᠵᠠᠪᠰᠢᠶᠠᠨ ᠨᠡᠭᠡᠭᠡᠭᠳᠡᠭᠰᠡᠨ ᠨᠢ᠂ ᠪᠣᠭᠳᠠ ᠳ᠋ᠤ᠌ ᠰᠢᠨ᠎ᠡ ᠣᠷᠳᠣᠨ ᠪᠣᠰᠬᠠᠬᠤ ᠭᠡᠵᠦ ᠮᠣᠳᠣᠴᠢᠨ ᠮᠣᠳᠣ ᠣᠭᠲᠣᠯᠵᠤ ᠡᠬᠢᠯᠡᠭᠰᠡᠨ ᠳ᠋ᠦ᠍᠂ ᠵᠥᠪᠰᠢᠶᠡᠷᠡᠯ ᠦᠭᠡᠢ ᠬᠠᠮᠢᠶ᠎ᠠ ᠪᠤᠰᠤ ᠣᠭᠲᠣᠯᠪᠠ ᠭᠡᠵᠦ ᠴᠧ ᠬᠦᠩ ᠮᠣᠳᠣᠴᠢᠨ ᠢ᠋ ᠬᠥᠭᠡᠭᠡᠵᠦ᠂ ᠣᠭᠲᠣᠯᠤᠭᠰᠠᠨ ᠮᠣᠳᠣ ᠶ᠋ᠢ ᠬᠤᠷᠢᠶᠠᠵᠠᠢ᠃  
       ᠬᠤᠲᠤᠭᠲᠤ ᠬᠦᠩ ᠬᠣᠶᠠᠷ ᠲᠡᠭᠦᠨ ᠦ᠌ ᠤᠯᠠᠮ ᠠ᠋ᠴᠠ ᠵᠠᠷᠭᠤᠯᠳᠤᠬᠤ ᠳ᠋ᠤ᠌ ᠬᠦᠷᠦᠭᠡᠳ᠂ ᠠᠮᠪᠠᠰ ᠤ᠋ᠨ ᠶᠠᠮᠤᠨ ᠴᠧ ᠬᠦᠩ ᠢ᠋ ᠶᠣᠰᠣᠨ ᠠ᠋ᠴᠠ ᠭᠠᠳᠠᠭᠤᠷ ᠵᠣᠷᠢᠭ ᠮᠡᠳᠡᠨ ᠪᠤᠰᠤᠷᠮᠠᠭᠯᠠᠪᠠ ᠭᠡᠵᠦ ᠳᠥᠷᠪᠡᠨ ᠶᠢᠰᠦ ᠪᠡᠷ ᠠᠨᠵᠤᠯᠠᠪᠠ᠃ ᠬᠤᠲᠤᠭᠲᠤ᠂ ᠠᠮᠪᠠᠰ ᠤ᠋ᠨ ᠲᠡᠭᠡᠵᠦ ᠳᠥᠷᠪᠡᠨ ᠶᠢᠰᠦᠨ ᠮᠠᠯ ᠢ᠋ᠶ᠋ᠠᠷ ᠠᠨᠵᠤ ᠲᠣᠷᠭᠠᠭᠰᠠᠨ ᠢ᠋ ᠬᠡᠲᠦᠷᠬᠡᠢ ᠬᠥᠩᠭᠡᠨ ᠢ᠋ᠶ᠋ᠡᠷ ᠰᠢᠳᠬᠡᠪᠡ (ᠰᠢᠢᠳᠬᠡᠪᠡ) ᠭᠡᠵᠦ ᠰᠢᠳᠠᠷ ᠬᠦᠩ ᠠᠶᠤᠤᠷ ᠢ᠋ ᠪᠠᠷᠠᠭᠤᠨ ᠠᠢᠮᠠᠭ ᠤ᠋ᠨ ᠬᠡᠷᠡᠭ ᠢ᠋ ᠰᠢᠳᠬᠡᠭᠴᠢ (ᠰᠢᠢᠳᠬᠡᠭᠴᠢ )ᠤᠯᠢᠶᠠᠰᠤᠲᠠᠢ ᠶ᠋ᠢᠨ ᠠᠮᠪᠠᠨ ᠳ᠋ᠤ᠌ ᠶᠠᠪᠤᠭᠤᠯᠵᠠᠢ᠃  
       ᠵᠠᠯᠢᠲᠤ ᠠᠶᠤᠤᠷ ᠬᠦᠩ ᠬᠤᠲᠤᠭᠲᠤ ᠶ᠋ᠢᠨ ᠣᠯᠠᠨ ᠱᠠᠪᠢ ᠨᠣᠶᠠᠳ ᠤ᠋ᠨ ᠭᠠᠷ ᠤ᠋ᠨ ᠦᠰᠦᠭ ᠪᠦᠬᠦᠢ ᠪᠢᠴᠢᠭ ᠢ᠋ᠶ᠋ᠡᠷ ᠲᠦᠷᠢᠶ᠎ᠡ ᠬᠢᠵᠦ ᠵᠠᠭᠠᠯᠳᠤᠭᠠᠳ᠂ ᠵᠠᠷᠭᠤ ᠠᠪᠬᠤ ᠶ᠋ᠢᠨ ᠦᠷ᠎ᠡ ᠲᠠᠷᠢᠶ᠎ᠠ ᠶ᠋ᠢ ᠮᠥᠩᠭᠥ ᠪᠡᠷ ᠰᠠᠢᠲᠤᠷ ᠤᠰᠤᠯᠠᠵᠤ ᠳᠡᠭᠡᠭᠦᠷ ᠳᠣᠣᠭᠤᠷ ᠵᠠᠮ ᠵᠠᠰᠠᠭᠰᠠᠭᠠᠷ᠂ ᠨᠢᠭᠡᠨ ᠡᠳᠦᠷ ᠪᠡᠭᠡᠵᠢᠩ ᠡᠴᠡ ᠬᠠᠷᠢᠭᠤ ᠢᠷᠡᠭᠰᠡᠨ ᠨᠢ᠂ ᠬᠡᠷᠴᠡᠭᠡᠢ ᠴᠧ ᠬᠦᠩ ᠦ᠋ᠨ ᠵᠡᠷᠭᠡ ᠬᠡᠷᠬᠢᠮ ᠢ᠋ ᠡᠪᠳᠡᠵᠦ ᠰᠤᠯᠠ ᠢᠷᠭᠡᠨ ᠪᠣᠯᠭᠠᠭᠠᠳ ᠬᠥᠳᠡᠭᠡ ᠰᠠᠭᠤᠯᠭᠠᠲᠤᠭᠠᠢ ᠭᠡᠵᠡᠢ᠃ ᠲᠡᠷᠡ ᠦᠶ᠎ᠡ ᠳ᠋ᠦ᠍ ᠪᠠᠰᠠ ᠳᠡᠩᠲᠡᠢ ᠬᠤᠸᠠᠩᠳᠢ ᠶ᠋ᠢᠨ ᠠᠮᠠᠨ ᠳ᠋ᠤ᠌ ᠪᠠᠢᠭᠰᠠᠨ᠂ ᠬᠦᠩ ᠦ᠋ᠨ ᠰᠦᠮ᠎ᠡ ᠴᠤ᠌ ᠬᠠᠢᠯᠵᠤ᠂ ᠵᠦᠢᠯ ᠵᠦᠢᠯ ᠦ᠋ᠨ ᠤᠷᠤᠭᠰᠢ ᠦᠭᠡᠢ ᠪᠠᠢᠳᠠᠯ ᠳᠠᠪᠬᠤᠴᠠᠵᠠᠢ᠃ ᠤᠯᠤᠰ ᠤ᠋ᠨ ᠰᠠᠮ ᠶᠠᠷᠢᠬᠤ ᠶ᠋ᠢ ᠰᠣᠨᠣᠰᠪᠠᠯ᠂ ᠲᠡᠷᠡ ᠳᠤᠭᠠᠩ ᠤ᠋ᠨ ᠬᠠᠢᠯᠤᠭᠰᠠᠨ ᠤᠴᠢᠷ ᠨᠢ᠂ ᠳᠡᠭᠡᠷᠡᠬᠢ ᠶ᠋ᠢᠨ ᠨᠢᠭᠡᠨ ᠪᠠᠷᠠᠭ᠎ᠠ(ᠪᠠᠷ᠎ᠠ) ᠪᠣᠯᠤᠭᠴᠢ ᠬᠥᠮᠦᠨ᠂ ᠲᠡᠷᠡ ᠳᠤᠭᠠᠩ ᠢ᠋ ᠦᠵᠡᠷ᠎ᠡ ᠢᠷᠡᠭᠡᠳ ᠠᠰᠠᠭᠠᠭᠰᠠᠨ ᠨᠢᠭᠡ ᠪᠠᠭᠴᠠ ᠬᠦᠵᠢ ᠪᠤᠷᠬᠠᠨ ᠤ᠋ ᠡᠮᠦᠨ᠎ᠡ《ᠮᠠᠷᠲᠠᠭᠠᠭᠴᠢ》 ᠪᠣᠯᠤᠭᠰᠠᠨ ᠠ᠋ᠴᠠ ᠲᠡᠭᠡᠭᠰᠡᠨ ᠭᠡᠵᠦ ᠬᠡᠯᠡᠯᠴᠡᠳᠡᠭ ᠪᠠᠢᠵᠠᠢ᠃ 
       ᠶᠠᠯᠠᠲᠤ ᠬᠦᠩ᠂ ᠬᠥᠮᠦᠨ ᠦ᠌ ᠨᠢᠳᠦᠨ ᠳ᠋ᠦ᠍ ᠦᠵᠡᠭᠳᠡᠬᠦ ᠦᠭᠡᠢ ᠬᠥᠮᠦᠨ ᠰᠢᠭ ᠪᠣᠯᠵᠤ᠂ ᠤᠷᠢᠳ ᠲᠠᠨᠢᠳᠠᠭ ᠨᠣᠶᠠᠳ ᠲᠦᠰᠢᠮᠡᠳ ᠲᠠᠨᠢᠬᠤ ᠪᠠᠨ ᠪᠠᠢᠭᠠᠳ᠂ ᠠᠭᠤᠯᠵᠠᠭᠰᠠᠨ ᠴᠤ᠌ ᠬᠡᠭᠡᠷ᠎ᠡ ᠶ᠋ᠢᠨ ᠵᠡᠷᠭᠡᠯᠭᠡ ᠨᠡᠪᠲᠡ ᠠᠯᠤᠰ ᠤ᠋ᠨ ᠠᠭᠤᠯᠠ ᠬᠠᠷᠠᠳᠠᠭ ᠲᠠᠢ ᠠᠳᠠᠯᠢ ᠴᠧ ᠬᠦᠩ ᠢ᠋ ᠬᠠᠷᠠᠭᠠᠴᠢ ᠦᠭᠡᠢ ᠪᠣᠯᠤᠨ᠂ ᠲᠡᠭᠦᠨ ᠦ᠌ ᠪᠡᠶ᠎ᠡ ᠶ᠋ᠢ ᠨᠡᠪᠲᠡ ᠬᠠᠷᠠᠵᠤ ᠪᠠᠢᠭ᠎ᠠ ᠶᠤᠮ ᠰᠢᠭ᠋ ᠲᠡᠭᠦᠨ ᠦ᠌ ᠴᠠᠭᠠᠨ᠎ᠠ ᠪᠠᠢᠭ᠎ᠠ ᠠᠯᠤᠰ ᠤ᠋ᠨ ᠪᠠᠷᠠᠭ᠎ᠠ(ᠪᠠᠷ᠎ᠠ) ᠶ᠋ᠢ ᠬᠠᠷᠠᠬᠤ ᠳᠦᠷᠢᠮ ᠦᠵᠡᠭᠦᠯᠳᠡᠭ ᠪᠣᠯᠵᠠᠢ᠃ ᠠᠯᠪᠠᠨ ᠭᠠᠵᠠᠷ ᠣᠷᠣᠬᠤ ᠳ᠋ᠤᠨᠢ᠂ ᠤᠷᠢᠳ ᠴᠧ ᠬᠦᠩ ᠣᠷᠣᠵᠤ ᠢᠷᠡᠮᠡᠭᠴᠡ ᠡᠪᠦᠳᠦᠭ ᠨᠤᠭᠤᠯᠤᠨ ᠶᠣᠰᠣᠯᠠᠵᠤ ᠵᠢᠰᠤᠷᠳᠠᠨ ᠪᠢᠯᠳᠠᠳᠴᠢᠯᠠᠳᠠᠭ ᠲᠦᠰᠢᠮᠡᠯ ᠪᠢᠴᠢᠭᠡᠴᠢ᠂ ᠴᠧ ᠬᠦᠩ ᠢ᠋ ᠣᠷᠣᠵᠤ ᠢᠷᠡᠬᠦ ᠳ᠋ᠦ᠍ ᠰᠢᠯᠢᠨ ᠬᠦᠵᠦᠭᠦᠦ ᠨᠢ ᠲᠠᠲᠠᠯᠳᠤᠭᠠᠳ᠂ ᠴᠢᠬᠢ ᠨᠢ ᠬᠦᠩ ᠦ᠋ᠨ ᠥᠳᠬᠡᠨ ᠳᠠᠭᠤᠨ ᠢ᠋ ᠰᠣᠨᠣᠰᠬᠤ ᠦᠭᠡᠢ ᠳᠦᠯᠡᠢ᠂ ᠨᠢᠳᠦ ᠨᠢ ᠴᠧ ᠬᠦᠩ ᠢ᠋ ᠬᠠᠷᠠᠬᠤ ᠦᠭᠡᠢ᠂ ᠳᠡᠮᠡᠢ ᠯᠡ ᠬᠣᠭᠣᠰᠣᠨ ᠢ᠋ ᠰᠢᠷᠳᠡᠳᠡᠭ ᠪᠣᠯᠤᠭᠰᠠᠨ ᠪᠢᠯᠡ᠃ ᠲᠡᠭᠡᠲᠡᠯ᠎ᠡ᠂ ᠭᠡᠨᠡᠳᠲᠡ ᠴᠠᠭᠠᠨ ᠰᠠᠷ᠎ᠠ ᠶ᠋ᠢᠨ ᠰᠡᠭᠦᠯ ᠢ᠋ᠶ᠋ᠡᠷ᠂ ᠶᠠᠯᠠᠲᠤ ᠬᠦᠩ ᠦ᠋ᠨ ᠳ᠋ᠦ᠍ ᠬᠤᠲᠤᠭᠲᠤ ᠶ᠋ᠢᠨ ᠰᠣᠶᠣᠭ ᠬᠦᠷᠴᠦ ᠢᠷᠡᠭᠡᠳ ᠳᠡᠭᠡᠷᠡᠬᠢ ᠶ᠋ᠢᠨ ᠭᠡᠭᠡᠬᠡᠨ ᠦ᠌ ᠴᠠᠭᠠᠨ ᠰᠠᠷ᠎ᠠ ᠶ᠋ᠢᠨ ᠪᠡᠯᠡᠭ ᠬᠦᠷᠭᠡᠵᠦ ᠢᠷᠡᠪᠡ ᠭᠡᠵᠡᠢ᠃ ᠠᠮᠢᠲᠠᠨ ᠳ᠋ᠤ᠌ ᠳᠠᠷᠤᠯᠠᠭᠤᠯᠵᠤ᠂ ᠬᠥᠮᠦᠨ ᠳ᠋ᠦ᠍ ᠬᠡᠯᠡᠭᠦᠯᠵᠦ᠂ ᠨᠣᠬᠠᠢ ᠳ᠋ᠤ᠌ ᠬᠤᠴᠠᠭᠤᠯᠵᠤ ᠳᠦᠭᠦᠷᠦᠭᠰᠡᠨ ᠴᠧ ᠬᠦᠩ᠂ ᠳᠡᠭᠡᠷᠡᠬᠢ ᠶ᠋ᠢᠨ ᠭᠡᠭᠡᠬᠡᠨ ᠦ᠌ ᠬᠠᠢᠷ᠎ᠠ ᠰᠣᠶᠣᠷᠬᠠᠯ ᠳ᠋ᠤ᠌ ᠰᠡᠳᠬᠢᠯ ᠬᠥᠳᠡᠯᠵᠦ᠂ ᠬᠡᠰᠢᠭ ᠲᠦ᠍ ᠰᠥᠭᠥᠳᠦᠨ ᠮᠥᠷᠭᠥᠭᠡᠳ᠂ ᠲᠢᠽᠠᠳᠠᠭᠰᠠᠨ ᠪᠢᠴᠢᠬᠠᠨ ᠬᠠᠢᠷᠴᠠᠭ ᠢ᠋ ᠬᠦᠯᠢᠶᠡᠨ ᠠᠪᠴᠤ ᠠᠳᠢᠰ ᠬᠦᠷᠲᠡᠭᠡᠳ᠄ 
       — ᠬᠤᠲᠤᠭᠲᠤ ᠦᠨᠡᠬᠡᠷ ᠥᠭᠦᠯᠡᠰᠢ ᠦᠭᠡᠢ ᠥᠷᠥᠰᠢᠶᠡᠯ ᠡᠨᠡᠷᠢᠯ ᠲᠡᠭᠦᠰ ᠰᠡᠳᠬᠢᠯᠲᠦ ᠪᠤᠷᠬᠠᠨ ᠪᠣᠳᠢᠰᠠᠳ᠋ᠸ᠎ᠠ ᠠᠵᠢ᠃ ᠦᠰᠲᠡᠨ ᠳᠠᠢᠰᠤᠨ ᠠᠳᠠᠯᠢ ᠠᠲᠠᠭ᠎ᠠ ᠵᠠᠷᠭᠤ ᠬᠢᠵᠦ ᠶᠠᠪᠤᠭᠰᠠᠨ ᠠᠲᠠᠯ᠎ᠠ᠂ ᠥᠴᠦᠬᠡᠨ ᠪᠣᠭᠣᠯ ᠨᠠᠮᠠᠶ᠋ᠢ ᠥᠷᠥᠰᠢᠶᠡᠵᠦ ᠨᠢᠭᠦᠯᠡᠰᠦᠩᠭᠦᠢ ᠲᠩᠷᠢ ᠶ᠋ᠢᠨ ᠬᠡᠰᠢᠭ ᠬᠦᠷᠲᠡᠭᠡᠵᠡᠢ᠃  ᠶᠡᠬᠡ ᠪᠣᠭᠳᠠ ᠶ᠋ᠢᠨ ᠦᠯᠡᠮᠵᠢ ᠶ᠋ᠢᠨ ᠯᠢᠩᠬᠤ᠎ᠠ ᠶ᠋ᠢᠨ ᠡᠮᠦᠨ᠎ᠡ ᠰᠥᠭᠥᠳᠦᠨ ᠮᠥᠷᠭᠥᠮᠦᠢ᠃ ᠳᠡᠭᠡᠷᠡᠬᠢ ᠶ᠋ᠢᠨ ᠭᠡᠭᠡᠬᠡᠨ ᠦ᠌ ᠱᠠᠪᠳᠠᠩ ᠪᠠᠲᠤ ᠣᠷᠣᠰᠢᠬᠤ ᠪᠣᠯᠲᠤᠭᠠᠢ! ᠭᠡᠵᠦ ᠴᠧ ᠬᠦᠩ᠂ ᠪᠣᠭᠳᠠ ᠶ᠋ᠢᠨ ᠪᠡᠯᠡᠭ ᠬᠡᠰᠢᠭ ᠲᠦ᠍ ᠬᠡᠦᠬᠡᠳ ᠰᠢᠭ ᠪᠠᠶᠠᠷᠯᠠᠵᠤ᠂ ᠲᠡᠷᠡ ᠬᠠᠢᠷᠴᠠᠭ ᠢ᠋ ᠶᠡᠬᠡᠯ᠎ᠡ (ᠶᠡᠬᠡ ᠯᠡ)ᠬᠢᠴᠢᠶᠡᠩᠭᠦᠢᠯᠡᠨ ᠨᠡᠭᠡᠭᠡᠪᠡᠯ᠂ ᠳᠣᠲᠣᠷ᠎ᠠ ᠠ᠋ᠴᠠ ᠨᠢ ᠲᠠᠷᠪᠠᠭᠠᠨ ᠤ᠋ ᠬᠥᠯ᠂ ᠪᠣᠷᠣ ᠰᠢᠪᠠᠭᠤᠨ ᠤ᠋ ᠵᠢᠭᠦᠷ᠂ ᠳᠡᠯᠢᠮ ᠬᠢᠷᠢᠲᠡᠢ ᠤᠷᠲᠤ ᠨᠠᠷᠢᠨ ᠰᠤᠷ ᠭᠠᠷᠴᠠᠢ᠃
       ᠶᠡᠬᠡᠳᠡ ᠭᠠᠢᠬᠠᠵᠤ᠂ ᠰᠣᠶᠣᠭ ᠠ᠋ᠴᠠ ᠤᠴᠢᠷ ᠢ᠋ ᠠᠰᠠᠭᠤᠰᠤᠭᠠᠢ ᠭᠡᠲᠡᠯ᠎ᠡ᠂ ᠪᠣᠭᠳᠠ ᠶ᠋ᠢᠨ ᠰᠣᠶᠣᠭ ᠬᠡᠳᠦᠢᠨᠡᠢ ᠪᠠᠷ᠎ᠠ ᠳᠣᠷᠣ ᠦᠭᠡᠢ ᠶᠠᠪᠤᠭᠠᠳ ᠥᠭᠴᠡᠢ᠃ ᠭᠠᠢᠬᠠᠵᠤ ᠭᠠᠢᠬᠠᠵᠤ᠂ ᠮᠠᠶᠠ ᠠᠢᠮᠠᠭ ᠤ᠋ᠨ ᠢᠳᠠᠮ ᠵᠢᠷᠤᠬᠠᠢᠴᠢ ᠭᠡᠳᠡᠭ᠂ ᠬᠤᠰᠢᠭᠤᠨ ᠤ᠋ ᠪᠠᠨ ᠨᠢᠭᠡ ᠰᠠᠢᠨ ᠵᠢᠷᠤᠬᠠᠢᠴᠢ ᠯᠠᠮᠠ ᠠ᠋ᠴᠠ ᠬᠦᠷᠢᠶ᠎ᠡ ᠣᠷᠣᠵᠤ ᠠᠰᠠᠭᠤᠶ᠎ᠠ ᠭᠡᠵᠦ ᠲᠣᠭᠲᠠᠵᠠᠢ᠃   
       ᠡᠪᠦᠭᠡᠨ ᠵᠢᠷᠤᠬᠠᠢᠴᠢ᠂ ᠬᠠᠭᠤᠴᠢᠨ ᠨᠣᠶᠠᠨ ᠢ᠋ᠶ᠋ᠠᠨ ᠠᠶᠠᠲᠠᠢ ᠰᠠᠢᠬᠠᠨ ᠢ᠋ᠶ᠋ᠠᠷ ᠤᠭᠲᠤᠨ ᠲᠣᠰᠴᠤ᠂ ᠢᠷᠡᠭᠰᠡᠨ ᠤᠴᠢᠷ ᠬᠡᠷᠡᠭ ᠢ᠋ ᠮᠡᠳᠡᠭᠡᠳ᠂ ᠪᠣᠭᠳᠠ ᠶ᠋ᠢᠨ ᠲᠡᠷᠡ ᠪᠡᠯᠡᠭ ᠲᠡᠢ ᠬᠠᠢᠷᠴᠠᠭ ᠢ᠋ ᠨᠠᠷᠢᠪᠴᠢᠯᠠᠨ ᠦᠵᠡᠭᠡᠳ᠂ ᠴᠧ ᠬᠦᠩ ᠳ᠋ᠦ᠍  ᠪᠣᠳᠣᠯᠭ᠎ᠠ ᠪᠣᠯᠵᠤ ᠡᠷᠭᠢᠭᠦᠯᠵᠦ ᠥᠭᠭᠦᠭᠡᠳ᠂ ᠰᠡᠢᠯᠪᠦᠷᠢᠲᠦ ᠬᠠᠰᠢ ᠬᠥᠭᠡᠷᠭᠡ ᠡᠴᠡ ᠲᠠᠮᠠᠬᠢ ᠲᠠᠲᠠᠭᠠᠳ᠂ ᠬᠠᠷᠢᠭᠤ ᠦᠭᠡ ᠪᠡᠨ ᠪᠣᠳᠣᠵᠤ ᠤᠷᠤᠭᠤᠯ ᠢ᠋ᠶ᠋ᠠᠨ ᠥᠮᠥᠷ ᠥᠮᠥᠷ ᠬᠥᠳᠡᠯᠭᠡᠵᠦ ᠪᠠᠢᠭᠠᠳ᠂  
       — ᠬᠤᠲᠤᠭᠲᠤ᠂ ᠲᠠᠨ ᠢ᠋ ᠦᠬᠦᠲᠦᠭᠡᠢ ᠭᠡᠵᠡᠢ᠃ ᠡᠨᠡ ᠪᠡᠯᠡᠭ ᠦ᠋ᠨ ᠤᠴᠢᠷ ᠤᠳᠬ᠎ᠠ ᠶ᠋ᠢ ᠲᠠᠢᠯᠪᠤᠷᠢᠯᠠᠪᠠᠯ᠄ ᠴᠢ ᠨᠠᠳᠠᠲᠠᠢ ᠲᠡᠮᠡᠴᠡᠬᠦ ᠰᠠᠨᠠᠭ᠎ᠠ ᠲᠠᠢ ᠪᠢᠯᠡ᠃ ᠣᠳᠣ ᠶᠠᠮᠠᠷ ᠪᠠᠢᠨ᠎ᠠ? ᠴᠢᠮᠠᠶ᠋ᠢ ᠲᠠᠷᠪᠠᠭ᠎ᠠ ᠪᠣᠯᠤᠭᠠᠳ ᠭᠠᠵᠠᠷ ᠣᠷᠣᠭᠰᠠᠨ ᠴᠤ᠌᠂ ᠪᠢ ᠭᠦᠢᠴᠡᠨ᠎ᠡ᠃ ᠪᠣᠷᠣ ᠰᠢᠪᠠᠭᠤ ᠪᠣᠯᠤᠭᠠᠳ ᠣᠭᠲᠠᠷᠭᠤᠢ ᠳ᠋ᠤ᠌ ᠨᠢᠰᠦᠭᠰᠡᠨ ᠴᠤ᠌ ᠪᠢ ᠭᠦᠢᠴᠡᠨ᠎ᠡ᠃ ᠲᠡᠭᠡᠭᠰᠡᠨ ᠡᠴᠡ ᠴᠢ ᠥᠪᠡᠷ ᠢ᠋ᠶ᠋ᠡᠨ ᠡᠨᠡ ᠰᠤᠷ ᠢ᠋ᠶ᠋ᠠᠷ ᠪᠣᠭᠣᠮᠢᠯᠠᠵᠤ ᠦᠬᠦᠪᠡᠯ ᠳᠡᠭᠡᠷ᠎ᠡ ᠭᠡᠵᠦ ᠶᠠᠪᠤᠭᠤᠯᠤᠭᠰᠠᠨ ᠪᠠᠢᠨ᠎ᠠ᠃ ᠲᠡᠷᠡ ᠭᠣᠣᠯ ᠤ᠋ᠨ ᠠᠷᠢᠬᠢᠴᠢ ᠲᠠᠩᠭᠤᠳ ᠢ᠋ ᠠᠷᠠᠢ ᠡᠢᠮᠦ ᠠᠮᠢᠲᠠᠨ ᠭᠡᠵᠦ ᠪᠣᠳᠣᠳᠠᠭ ᠦᠭᠡᠢ ᠪᠠᠢᠭᠰᠠᠨ ᠶᠤᠮ ᠳᠠ ᠪᠢ᠃ ᠮᠥᠨ ᠴᠦ᠍ ᠰᠣᠨᠢᠨ ᠬᠡᠷᠡᠭ ᠠ᠋᠃ ᠲᠠ ᠶᠡᠷᠦ ᠨᠢ ᠲᠡᠭᠦᠨ ᠲᠡᠢ ᠡᠪᠯᠡᠷᠡᠵᠦ᠂ ᠥᠷᠥᠰᠢᠶᠡᠨ ᠬᠡᠯᠲᠦᠷᠢᠭᠦᠯᠬᠦ ᠶ᠋ᠢ ᠭᠤᠶᠤᠪᠠᠯ ᠳᠡᠭᠡᠷ᠎ᠡ ᠶᠦ᠍ᠮ ᠪᠢᠰᠢ ᠪᠠᠢᠭ᠎ᠠ? ᠭᠡᠬᠦ ᠳ᠋ᠦ᠍ᠨᠢ᠄ 
       — ᠲᠡᠭᠦᠨ ᠢ᠋ ᠣᠴᠢᠵᠤ ᠭᠣᠶᠣ ᠭᠡᠵᠦ ᠤᠤ? ᠲᠡᠷᠡ ᠰᠣᠭᠲᠣᠭᠤ ᠭᠤᠢᠯᠢᠨᠴᠢ ᠠ᠋ᠴᠠ ᠥᠷᠥᠰᠢᠶᠡᠨ ᠬᠡᠯᠲᠦᠷᠢᠭᠦᠯᠬᠦ ᠶ᠋ᠢ ᠣᠴᠢᠵᠤ ᠭᠤᠶᠤᠭᠰᠠᠨ ᠠ᠋ᠴᠠ ᠲᠠᠪᠤᠨ ᠵᠠᠭᠤᠨ ᠲᠥᠷᠥᠯ ᠳ᠋ᠡᠭᠡᠨ ᠸᠴᠢᠷ ᠲᠠᠮᠤ ᠶ᠋ᠢᠨ ᠢᠷᠣᠭᠠᠷ ᠲᠤ᠌ ᠬᠡᠪᠲᠡᠭᠰᠡᠨ ᠨᠢ ᠳᠡᠭᠡᠷ᠎ᠡ᠃  ᠲᠦᠢ! ᠬᠤᠲᠤᠭᠲᠤ ᠥᠪᠡᠷ ᠢ᠋ᠶ᠋ᠡᠨ ᠡᠨᠡ ᠰᠤᠷ ᠢ᠋ᠶ᠋ᠠᠷ ᠪᠣᠭᠣᠮᠢᠯᠠᠵᠤ ᠦᠬᠦᠪᠡᠯ ᠦᠬᠦᠭ ᠭᠡᠵᠦ ᠬᠠᠰᠬᠢᠷᠤᠭᠠᠳ᠂ ᠴᠧ ᠬᠦᠩ᠂ ᠬᠤᠲᠤᠭᠲᠤ ᠶ᠋ᠢᠨ ᠪᠡᠯᠡᠭ ᠲᠡᠢ ᠬᠠᠢᠷᠴᠠᠭ ᠢ᠋ ᠬᠡᠮᠬᠡ ᠭᠢᠰᠬᠢᠭᠡᠳ᠂ ᠡᠪᠦᠭᠡᠨ ᠵᠢᠷᠤᠬᠠᠢᠴᠢ ᠶ᠋ᠢᠨ ᠭᠡᠷ ᠡᠴᠡ ᠭᠦᠶᠦᠨ ᠭᠠᠷᠴᠠᠢ᠃  


         ᠦᠰᠦᠭ ᠠᠮᠢᠯᠠᠭᠤᠯᠤᠭᠴᠢ᠄ ᠪᠠᠳᠮᠠᠰᠡᠴᠡᠨ᠂ ᠤᠢᠭᠤᠷᠵᠢᠨ ᠣᠳᠬᠣᠨᠪᠠᠪᠠ᠂ ᠰᠠᠷᠠᠨᠲᠤᠶᠠᠭ᠎ᠠ  
               ᠬᠢᠨᠠᠭᠴᠢ᠄ ᠣᠳᠬᠣᠨᠴᠡᠴᠡᠭ᠂ ᠮᠥᠩᠭᠥᠨᠭᠣᠸ᠎ᠠ᠂  ᠲ  ᠬᠦᠮᠦᠵᠢᠯᠲᠦ᠂ ᠪᠠᠯ