ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠭᠤᠲᠠᠭᠠᠷ ᠪᠣᠲᠢ – ᠨᠢᠭᠡᠳᠦᠭᠡᠷ ᠪᠦᠯᠦᠭ <ᠨᠢᠭᠡ> Хан мунын сүүрс < доорд > – Мөнх зохиоов ᠂ Гутгаар бодь – Нэгдүгээр бүлэг <1>
ᠭᠤᠲᠠᠭᠠᠷ ᠪᠣᠲᠢ
ᠨᠢᠭᠡᠳᠦᠭᠡᠷ ᠪᠦᠯᠦᠭ
ᠦᠯᠡᠮᠵᠢ ᠶᠢᠨ ᠪᠤᠶᠠᠨ ᠢᠶᠠᠷ ᠤᠴᠠᠷᠠᠭᠰᠠᠨ
ᠦᠨᠡᠨ ᠮᠠᠭᠠᠳ ᠲᠠᠨ ᠤ ᠪᠠᠨ
ᠦᠨᠡᠨᠭᠡᠷ ᠪᠠᠶᠠᠰᠬᠤ ᠰᠡᠳᠬᠢᠯ ᠦᠨ ᠲᠦᠢᠯ ᠳ᠋ᠤᠷ
᠁
ᠰᠠᠷᠠᠭᠤᠯ ᠲᠣᠳᠣ ᠰᠠᠷᠠᠨ ᠤ ᠭᠡᠷᠡᠯ ᠳᠦ
ᠰᠠᠢᠬᠠᠨ ᠯᠢᠩᠬᠸ᠎ᠠ ᠳᠡᠯᠭᠡᠷᠡᠬᠦ ᠶᠢᠨ ᠴᠠᠭ ᠲᠤ
ᠰᠠᠨᠠᠭᠰᠠᠨ ᠦᠢᠯᠡᠰ ᠬᠤᠪᠢ ᠶᠢᠨ ᠳᠤᠮᠳᠠ ᠠᠴᠠ
ᠰᠠᠭᠠᠭᠳᠠᠯ ᠦᠭᠡᠢ ᠵᠣᠯᠭᠠᠨ᠎ᠠ ᠪᠢᠳᠠ
(ᠮᠡᠷᠭᠡᠨ ᠭᠡᠭᠡᠨ ᠦ ᠵᠣᠬᠢᠶᠠᠭᠰᠠᠨ
《ᠦᠯᠡᠮᠵᠢ ᠶᠢᠨ ᠪᠤᠶᠠᠨ》ᠭᠡᠳᠡᠭ ᠤᠷᠠᠳ ᠠᠷᠠᠳ ᠤᠨ ᠳᠠᠭᠤᠤ)
ᠮᠤᠨᠠ ᠬᠠᠨ ᠤ ᠣᠷᠣᠨ ᠳᠤ
ᠮᠣᠳᠣ ᠴᠡᠴᠡᠭ ᠵᠢᠮᠢᠰ ᠲᠠᠢ
ᠮᠣᠩᠳᠠᠯ ᠦᠭᠡᠢ ᠠᠬᠤᠢ ᠳᠤ
ᠮᠣᠩᠭᠣᠯ ᠪᠢᠳᠠ ᠵᠢᠷᠭᠠᠶ᠎ᠠ
ᠬᠠᠳᠠ ᠬᠣᠷᠭᠣ ᠶᠢᠨ ᠪᠡᠷᠬᠡ ᠲᠠᠢ
ᠬᠠᠯᠢᠨ ᠨᠢᠰᠬᠦ ᠵᠢᠭᠦᠷᠲᠡᠨ ᠲᠠᠢ
ᠬᠠᠷᠢᠯ ᠦᠭᠡᠢ ᠡᠷᠭᠢᠵᠦ
ᠬᠠᠢᠷᠠᠯᠠᠨ ᠰᠠᠭᠤᠬᠤ ᠢᠪᠡᠭᠡᠯ ᠲᠠᠢ
(ᠤᠷᠠᠳ ᠠᠷᠠᠳ ᠤᠨ ᠳᠠᠭᠤᠤ)
ᠨᠢᠭᠡ
ᠤᠯᠠᠭᠠᠭᠴᠢᠨ ᠥᠭᠡᠷ ᠵᠢᠯ ᠦᠨ ᠨᠠᠮᠤᠷ ᠠᠴᠠ ᠰᠢᠷ᠎ᠠ ᠴᠡᠷᠢᠭ ᠭᠡᠳᠡᠭ ᠫᠤᠤ ᠵᠡᠪᠰᠡᠭ ᠰᠠᠢᠲᠠᠢ ᠳ᠋ᠠᠭᠠᠨ ᠡᠷᠲᠦᠵᠦ ᠦᠬᠦᠬᠦ ᠡᠴᠡ ᠠᠶᠤᠳᠠᠭ ᠦᠭᠡᠢ ᠨᠢᠳᠦ ᠨᠢᠭᠤᠷ ᠦᠭᠡᠢ ᠣᠷᠣᠳᠠᠭ ᠮᠠᠩᠭᠠᠷ ᠴᠡᠷᠢᠭ ᠤᠳ ᠵᠡᠭᠦᠨ ᠬᠣᠢᠭᠤᠷ ᠰᠦᠷᠡᠬᠡᠢ ᠦᠢᠮᠡᠭᠦᠯᠵᠦ ᠪᠠᠢᠨ᠎ᠠ ᠭᠡᠰᠡᠨ ᠶᠠᠪᠠᠭᠠᠨ ᠴᠢᠮᠡᠭᠡ ᠱᠣᠭᠰᠢᠵᠤ ᠪᠠᠢᠭᠰᠠᠨ ᠢᠶᠠᠨ ᠨᠢᠭᠡ ᠮᠡᠳᠡᠬᠦ ᠳᠦ ᠬᠣᠯᠠᠳᠠᠬᠢᠨ ᠢ ᠠᠮᠤᠷᠵᠢᠭᠤᠯᠤᠭᠴᠢ ᠬᠣᠲᠠ ᠳᠤ ᠦᠨᠡᠭᠡᠷ ᠲᠤᠯᠵᠤ ᠢᠷᠡᠭᠰᠡᠨ ᠶᠠᠭᠤᠮ᠎ᠠ ᠳᠣᠭᠣᠯᠳᠠᠨᠠ᠃
ᠬᠡᠳᠦᠨ ᠰᠥᠨᠢ ᠬᠡᠳᠦᠨ ᠡᠳᠦᠷ ᠭᠠᠯᠵᠠᠭᠤ ᠪᠠᠯᠠᠮᠠᠳ ᠰᠢᠷ᠎ᠠ ᠴᠡᠷᠢᠭ ᠢ ᠲᠤᠯᠵᠤ ᠪᠠᠢᠯᠳᠤᠭᠰᠠᠨ ᠵᠠᠩᠵᠤᠨ ᠶᠠᠮᠤᠨ ᠤ ᠬᠠᠷ᠎ᠠ ᠴᠡᠷᠢᠭ ᠦᠳ ᠳᠡᠢᠯᠦᠭᠳᠡᠵᠦ ᠬᠣᠯᠠᠳᠠᠬᠢᠨ ᠢ ᠠᠮᠤᠷᠵᠢᠭᠤᠯᠤᠭᠴᠢ ᠬᠣᠲᠠ ᠪᠠᠨ ᠣᠷᠬᠢᠵᠤ ᠪᠠᠷᠠᠭᠤᠨᠰᠢ ᠬᠠᠨᠳᠤᠨ ᠲᠣᠬᠣᠢ ᠲᠡᠰᠢ ᠰᠢᠯᠵᠢᠪᠡ᠃
ᠡᠵᠡᠨ ᠨᠣᠶᠠᠨ ᠢ ᠦᠬᠦᠨ ᠬᠠᠮᠠᠭᠠᠯᠠᠬᠤ ᠴᠡᠷᠢᠭ ᠦᠨ ᠬᠠᠲᠠᠭᠤ ᠵᠠᠷᠯᠢᠭ ᠢ ᠳᠠᠭᠠᠭᠠᠵᠤ ᠶᠠᠪᠤᠭᠰᠠᠨ ᠵᠠᠩᠴᠤᠪ ᠨᠣᠶᠠᠨ ᠤ ᠪᠠᠨ ᠬᠠᠵᠠᠭᠤ ᠳᠤ ᠰᠡᠦᠬᠡ ᠲᠡᠷᠭᠡᠨ ᠳᠦ ᠰᠠᠵᠢᠯᠠᠭᠤᠯᠬᠤ ᠳ᠋ᠠᠭᠠᠨ ᠡᠷᠡᠮᠡᠬᠡᠢ ᠰᠦᠷ ᠲᠠᠢ ᠭᠡᠵᠦ ᠣᠭᠲᠣ ᠰᠠᠨᠠᠭᠳᠠᠭᠰᠠᠨ ᠦᠭᠡᠢ ᠬᠠᠷᠢᠨ ᠦᠬᠦᠬᠦ ᠳᠦ ᠣᠢᠷᠠᠬᠠᠨ ᠭᠡᠳᠡᠭ 《ᠠᠶᠤᠮᠠᠲᠠᠭᠠᠢ》 ᠡᠪᠦᠷᠯᠡᠵᠦ ᠶᠠᠪᠤᠪᠠ᠃
ᠪᠠᠷᠠᠭᠤᠨᠰᠢᠯᠠᠭᠰᠠᠨ ᠬᠠᠷ᠎ᠠ ᠴᠡᠷᠢᠭ ᠦᠳ ᠲᠦᠮᠡᠳ ᠦᠨ ᠲᠠᠯ᠎ᠠ ᠳᠤ ᠰᠢᠷ᠎ᠠ ᠴᠡᠷᠢᠭ ᠲᠦ ᠬᠠᠰᠢᠭᠳᠠᠵᠤ ᠭᠡᠰᠡᠭ ᠰᠢᠷᠦᠭᠦᠨ ᠲᠤᠯᠤᠯᠳᠤᠪᠠ᠃ ᠰᠥᠨᠢ ᠶᠢᠨ ᠬᠠᠷᠠᠩᠭᠤᠢ ᠳ᠋ᠤ᠌ ᠬᠥᠮᠦᠨ ᠬᠠᠷ᠎ᠠ ᠱᠤᠤᠭᠢᠯᠳᠤᠨ ᠣᠷᠢᠯᠠᠯᠳᠤᠵᠤ᠂ ᠨᠣᠬᠠᠳ ᠬᠣᠷᠭᠣᠭᠣᠨ᠂ ᠠᠭᠲᠠ ᠦᠦᠷᠰᠡᠵᠦ᠂ ᠡᠮᠡᠰ ᠬᠡᠦᠬᠡᠳ ᠤᠬᠢᠯᠠᠯᠳᠤᠭᠰᠠᠨ ᠡᠮᠭᠡᠨᠢᠯᠲᠦ ᠳᠠᠭᠤᠨ ᠰᠥᠨᠢ ᠶ᠋ᠢᠨ ᠨᠠᠮ ᠵᠢᠮ ᠢ᠋ ᠡᠪᠳᠡᠵᠦ ᠡᠯᠳᠡᠪ ᠡᠷᠢᠶᠡᠨ ᠢ᠋ᠶ᠋ᠡᠷ ᠱᠤᠤᠭᠢᠯᠳᠤᠨ᠎ᠠ᠃ ᠬᠡᠰᠡᠭ ᠬᠡᠰᠡᠭ ᠤᠭᠰᠠᠷᠠᠭ᠎ᠠ ᠪᠠᠷ ᠲᠠᠴᠢᠭᠢᠨᠠᠭᠰᠠᠨ ᠫᠤᠤ ᠶ᠋ᠢᠨ ᠳᠠᠭᠤᠨ ᠤ᠋ ᠠᠢᠵᠠᠮ ᠳ᠋ᠤ᠌ ᠬᠠᠶᠠ ᠡᠨᠳᠡ ᠲᠡᠨᠳᠡ ᠯᠦᠦᠷ — ᠯᠥᠥᠷ ᠭᠡᠬᠦ ᠦᠬᠡᠷ ᠫᠤᠤ ᠲᠡᠭᠷᠢ ᠭᠠᠵᠠᠷ ᠢ᠋ ᠳᠣᠩᠰᠣᠯᠭᠠᠨ ᠨᠦᠵᠢᠭᠢᠨᠡᠨᠡ᠁ ᠭᠡᠨᠡᠳᠲᠡ ᠡᠮᠦᠨ᠎ᠡ ᠡᠴᠡ ᠬᠠᠰᠢᠭᠰᠠᠨ ᠰᠢᠷ᠎ᠠ ᠴᠡᠷᠢᠭ ᠦ᠋ᠨ ᠰᠢᠷᠦᠭᠦᠨ ᠳᠠᠭᠠᠷᠢᠯᠲᠠ ᠶ᠋ᠢ ᠡᠪᠳᠡᠵᠦ ᠪᠠᠷᠠᠭᠤᠨᠰᠢ ᠦᠬᠦᠬᠦᠸᠡᠷ ᠴᠥᠮᠥᠷᠡᠭᠰᠡᠨ ᠬᠠᠷ᠎ᠠ ᠴᠡᠷᠢᠭ ᠦ᠋ᠨ ᠴᠤᠪᠤᠭ᠎ᠠ ᠰᠥᠨᠢ ᠳᠦᠯᠢ ᠥᠩᠭᠡᠷᠡᠬᠦ ᠳ᠋ᠦ᠍ ᠲᠦᠮᠡᠳ ᠦ᠋ᠨ ᠤᠷᠲᠤ ᠲᠠᠯ᠎ᠠ ᠶ᠋ᠢ ᠲᠤᠭᠤᠯᠵᠤ ᠰᠠᠭᠠᠯᠢᠴᠢᠨ ᠤ᠋ ᠬᠢᠵᠠᠭᠠᠷ ᠲᠤ ᠣᠷᠣᠪᠠ᠃ ᠮᠠᠢᠳᠠᠷᠢ ᠶ᠋ᠢᠨ ᠰᠦᠮ᠎ᠡ ᠶ᠋ᠢᠨ ᠡᠩᠭᠡᠷ ᠬᠦᠷᠴᠦ ᠠᠭᠤᠯᠠ ᠶ᠋ᠢᠨ ᠪᠠᠷᠲᠠᠭᠠᠲᠤ ᠵᠠᠮ ᠢ᠋ᠶ᠋ᠠᠷ ᠣᠷᠣᠭᠠᠳ ᠡᠵᠡᠨ ᠨᠣᠶᠠᠨ ᠤ᠋ ᠳᠥᠷᠪᠡᠨ ᠬᠦᠷᠳᠦᠲᠦ ᠲᠡᠷᠭᠡ ᠨᠢ ᠬᠤᠷᠳᠤ ᠮᠣᠬᠣᠭᠰᠠᠨ ᠠ᠋ᠴᠠ ᠰᠢᠷ᠎ᠠ ᠴᠡᠷᠢᠭ ᠠᠷᠤ ᠠ᠋ᠴᠠ ᠪᠣᠷᠪᠢ ᠭᠢᠰᠬᠢᠮᠡ ᠨᠡᠬᠡᠵᠦ ᠪᠠᠢᠭ᠎ᠠ ᠨᠢ ᠦᠨᠡᠬᠡᠷ ᠠᠮᠢᠨ ᠳ᠋ᠤ᠌ ᠬᠦᠷᠦᠮᠡᠷ ᠠᠵᠢ᠃
ᠭᠡᠨᠡᠳᠲᠡ ᠦᠬᠡᠷ ᠫᠤᠤ ᠶ᠋ᠢᠨ ᠰᠤᠮᠤ ᠵᠠᠮ ᠬᠥᠨᠳᠡᠯᠢᠳᠦᠨ ᠳᠡᠯᠪᠡᠷᠡᠭᠰᠡᠨ ᠳ᠋ᠦ᠍ ᠡᠵᠡᠨ ᠨᠣᠶᠠᠨ ᠤ᠋ ᠰᠠᠭᠤᠭᠰᠠᠨ ᠳᠥᠷᠪᠡᠨ ᠬᠦᠷᠳᠦᠲᠦ ᠲᠡᠷᠭᠡ ᠨᠢ ᠣᠩᠬᠣᠯᠢᠳᠤᠨ ᠬᠥᠮᠥᠷᠢᠪᠡ᠃ ᠵᠣᠯ ᠢ᠋ᠶ᠋ᠠᠷ ᠡᠵᠡᠨ ᠨᠣᠶᠠᠨ ᠰᠢᠷᠬᠠᠲᠤᠵᠤ ᠭᠡᠮᠲᠦᠭᠰᠡᠨ ᠦᠭᠡᠢ᠃ ᠬᠥᠮᠦᠨ ᠬᠠᠷ᠎ᠠ ᠶ᠋ᠢᠨ ᠦᠢᠮᠡᠭᠡᠨ ᠢ᠋ ᠳᠠᠯᠢᠮᠳᠠᠭᠤᠯᠵᠤ ᠡᠵᠡᠨ ᠨᠣᠶᠠᠨ ᠵᠢᠰᠦ ᠪᠡᠨ ᠪᠤᠷᠤᠭᠤᠯᠠᠵᠤ ᠲᠣᠰᠬᠣᠨ ᠳ᠋ᠤ᠌ ᠰᠢᠷᠭᠤᠪᠠ᠁
ᠲᠡᠢᠨ ᠲᠤᠯᠤᠯᠳᠤᠭᠠᠨ ᠳ᠋ᠤ᠌ ᠬᠠᠷ᠎ᠠ ᠴᠡᠷᠢᠭ ᠶᠡᠬᠡᠳᠡ ᠬᠣᠬᠢᠷᠠᠨ ᠴᠡᠷᠢᠭ ᠮᠣᠷᠢ ᠡᠨᠳᠡ ᠲᠡᠨᠳᠡ ᠡᠳᠦᠢ ᠲᠡᠳᠦᠢ ᠦᠬᠦᠵᠦ ᠰᠦᠢᠳᠴᠡᠢ᠃ ᠵᠠᠩᠴᠣᠪ ᠡᠵᠡᠨ ᠨᠣᠶᠠᠨ ᠤ᠋ ᠠᠷᠤ ᠠ᠋ᠴᠠ ᠰᠢᠷ᠎ᠠ ᠴᠡᠷᠢᠭ ᠦ᠋ᠳ ᠦ᠋ᠨ ᠨᠡᠬᠡᠮᠵᠢᠯᠡᠬᠦ ᠡᠴᠡ ᠰᠡᠷᠭᠡᠢᠯᠡᠵᠦ ᠶᠠᠪᠤᠬᠤ ᠳ᠋ᠠᠭᠠᠨ ᠣᠨᠴᠠ ᠰᠡᠷᠭᠡᠭ ᠪᠠᠢᠯ᠎ᠠ᠃ ᠬᠠᠪᠢᠳᠠᠵᠤ ᠢᠷᠡᠭᠰᠡᠨ ᠬᠡᠳᠦ ᠬᠡᠳᠦᠨ ᠰᠢᠷ᠎ᠠ ᠴᠡᠷᠢᠭ ᠢ᠋ ᠫᠤᠤᠳᠠᠵᠤ ᠠᠯᠠᠨ ᠪᠡᠶ᠎ᠡ ᠲᠡᠢ ᠨᠢ ᠬᠠᠪᠢᠯᠳᠠᠭᠣ ᠨᠢᠭᠡ ᠶ᠋ᠢᠨ ᠬᠢᠨᠢ ᠬᠤᠪᠴᠠᠰᠤ ᠶ᠋ᠢ ᠰᠣᠯᠢᠵᠤ ᠡᠮᠦᠰᠦᠨ ᠥᠪᠡᠷ ᠢ᠋ ᠪᠡᠨ ᠰᠢᠷ᠎ᠠ ᠴᠡᠷᠢᠭ ᠢ᠋ᠶ᠋ᠡᠷ ᠶᠠᠩᠵᠤᠯᠠᠵᠤ《ᠠᠬ᠎ᠠ ᠳᠡᠭᠦᠦ ᠨᠠᠷ ᠠ᠋! ᠬᠠᠷ᠎ᠠ ᠴᠡᠷᠢᠭ ᠦ᠋ᠨ ᠨᠣᠶᠠᠨ ᠲᠠᠢᠰᠢ ᠪᠠᠨ ᠳᠤᠲᠠᠴᠢᠬᠠᠭᠰᠠᠨ ᠠ᠋!》 ᠭᠡᠵᠦ ᠵᠦᠭ ᠪᠤᠷᠤᠭᠤᠯᠠᠨ᠎ᠠ᠃ ᠲᠡᠭᠦᠨ ᠦ᠌ ᠠᠷᠤ ᠠ᠋ᠴᠠ《ᠠᠮᠢᠳᠤ ᠪᠠᠷ ᠨᠢ ᠪᠡᠷᠢ!》 ᠭᠡᠵᠦ ᠣᠷᠢᠯᠠᠯᠳᠤᠭᠰᠠᠨ ᠬᠡᠳᠦᠨ ᠰᠢᠷ᠎ᠠ ᠴᠡᠷᠢᠭ ᠢ᠋ ᠨᠤᠲᠤᠭ ᠳᠡᠭᠡᠷ᠎ᠡ ᠨᠢ ᠲᠣᠨᠢᠯᠭᠠᠴᠢᠬᠠᠭᠠᠳ ᠪᠤᠰᠢᠭᠤ ᠭᠡᠭᠴᠢ ᠮᠠᠢᠳᠠᠷᠢ ᠶ᠋ᠢᠨ ᠰᠦᠮ᠎ᠡ ᠶ᠋ᠢᠨ ᠬᠠᠳᠠ ᠲᠠᠢ ᠠᠭᠤᠯᠠ ᠶ᠋ᠢ ᠠᠪᠠᠷᠢᠨ ᠳᠤᠲᠠᠭᠠᠪᠠ᠃
ᠵᠠᠩᠴᠣᠪ ᠲᠡᠷᠡ ᠳᠡᠯᠢᠮ ᠢ᠋ᠶ᠋ᠡᠷ ᠰᠥᠨᠢᠵᠢᠨ ᠳᠤᠲᠠᠭᠠᠵᠤ ᠮᠡᠨᠳᠦ ᠭᠠᠷᠤᠭᠰᠠᠨ ᠳ᠋ᠠᠭᠠᠨ ᠪᠤᠷᠬᠠᠨ ᠲᠩᠷᠢ ᠳ᠋ᠡᠭᠡᠨ ᠵᠠᠯᠪᠠᠷᠢᠨ ᠰᠢᠩᠭᠡᠯᠢᠭ ᠡᠴᠡ ᠲᠠᠯᠪᠢᠭᠳᠠᠭᠰᠠᠨ ᠰᠢᠪᠠᠭᠤ ᠰᠢᠭ᠋ ᠱᠠᠯᠠᠪᠬᠠᠨ ᠶᠠᠪᠤᠵᠤ ᠨᠤᠲᠤᠭ ᠤ᠋ᠨ ᠪᠠᠷ᠎ᠠ ᠬᠠᠷᠠᠶ᠎ᠠ ᠭᠡᠵᠦ ᠰᠡᠳᠬᠢᠯ ᠬᠥᠭᠰᠡᠨ ᠶᠠᠪᠤᠯ᠎ᠠ᠁
ᠠᠭᠤᠯᠠ ᠬᠠᠳᠠᠨ ᠳ᠋ᠤ᠌ ᠥᠰᠦᠭᠰᠡᠨ ᠦ᠌ ᠰᠠᠢᠨ ᠢ᠋ᠶ᠋ᠠᠷ ᠵᠠᠩᠴᠣᠪ ᠮᠠᠢᠳᠠᠷᠢ ᠶ᠋ᠢᠨ ᠰᠦᠮ᠎ᠡ ᠶ᠋ᠢᠨ ᠬᠥᠬᠡ ᠬᠠᠳᠠ ᠲᠠᠢ ᠡᠩᠭᠡᠷ ᠢ᠋ ᠳᠠᠪᠠᠵᠤ ᠬᠤᠷᠳᠤᠯᠠᠬᠤ ᠨᠢ ᠬᠠᠳᠠᠨ ᠤ᠋ ᠭᠥᠷᠥᠭᠡᠰᠦ ᠰᠢᠭ ᠪᠠᠢᠪᠠ᠃
ᠭᠥᠷᠥᠭᠡᠰᠦ ᠲᠣᠭᠯᠠᠭᠰᠠᠨ ᠠᠭᠤᠯᠠᠨ ᠳ᠋ᠠᠭᠠᠨ ᠬᠠᠷᠢᠵᠤ ᠡᠷᠬᠡ ᠴᠢᠯᠥᠭᠡ ᠲᠡᠢ ᠠᠮᠢᠳᠤᠷᠠᠶ᠎ᠠ! ᠠᠭᠤᠢᠲᠤ ᠶ᠋ᠢᠨ ᠬᠢᠷ᠎ᠠ᠂ ᠬᠠᠷ᠎ᠠ ᠪᠤᠶᠠᠨᠲᠤ ᠶ᠋ᠢᠨ ᠠᠷᠤ ᠰᠤᠵᠠᠭ᠂ ᠬᠥᠬᠡ ᠬᠣᠨᠢᠳᠣ ᠶ᠋ᠢᠨ ᠠᠷᠤ ᠶ᠋ᠢᠨ ᠰᠢᠷᠢᠩᠭᠢ ᠶ᠋ᠢᠨ ᠭᠤᠷ᠎ᠠ ᠵᠦᠷ ᠣᠳᠣ ᠨᠠᠮᠠᠶ᠋ᠢ ᠲᠠᠨᠢᠳᠠᠭ ᠴᠤ᠌ ᠪᠢᠯᠡ ᠤᠤ?
ᠬᠥᠷᠥᠭ ᠦ᠋ᠨ ᠭᠣᠣᠯ᠂ ᠲᠣᠮᠪᠣᠭ ᠤ᠋ᠨ ᠵᠢᠯᠠᠭ᠎ᠠ᠂ ᠶᠠᠩᠬᠠᠢ ᠶ᠋ᠢᠨ ᠠᠮᠠᠨ ᠤ᠋ ᠦᠨᠡᠭᠡ ᠰᠢᠯᠦᠭᠦᠰᠦ᠂ ᠬᠠᠳᠤᠮᠠᠯ ᠤ᠋ᠨ ᠡᠬᠢᠨ ᠦ᠌ ᠵᠡᠷᠯᠢᠭ ᠪᠣᠳᠣᠩ᠁ ᠭᠡᠵᠦ ᠪᠣᠳᠣᠬᠤ ᠳ᠋ᠤ᠌ ᠠᠩ ᠤ᠋ᠨ ᠬᠣᠷᠣᠬᠠᠢ ᠨᠢ ᠵᠠᠭᠠᠲᠤᠨᠠᠵᠤ᠂ ᠫᠤᠤ ᠪᠠᠨ ᠡᠷᠭᠦᠵᠦ ᠬᠣᠭᠣᠰᠣᠨ ᠬᠠᠪᠴᠢᠨ ᠫᠢᠱ – ᠲᠦᠩ ᠭᠡᠵᠦ ᠬᠡᠦᠬᠡᠳ ᠰᠢᠭ ᠬᠥᠭᠡᠷᠦᠨ ᠭᠦᠶᠦᠯ᠎ᠡ᠃
ᠮᠠᠭᠤ ᠬᠣᠶᠠᠷ ᠪᠥᠨᠲᠦᠭ ᠲᠣᠯᠣᠭᠠᠢᠲᠤ ᠮᠢᠨᠢ ᠲᠣᠮᠣ ᠡᠷ᠎ᠡ ᠪᠣᠯᠴᠢᠬᠠᠭᠰᠠᠨ ᠪᠠᠢᠯᠭᠦᠢ᠃ ᠠ᠂ ᠮᠠᠭᠤ ᠪᠯᠠᠮᠣ ᠮᠢᠨᠢ ᠬᠤᠰᠠᠷᠠᠩ ᠦᠨᠢᠶ᠎ᠡ ᠪᠡᠨ ᠰᠢᠪᠲᠤᠷᠠᠴᠢᠬᠠᠭᠠᠳ᠁ ᠭᠡᠵᠦ ᠡᠯᠳᠡᠪ ᠢ᠋ ᠤᠷᠭᠤᠭᠤᠯᠵᠤ ᠪᠣᠳᠣᠨ᠎ᠠ᠃
ᠵᠠᠩᠴᠤᠪ ᠴᠡᠷᠢᠭ ᠦ᠋ᠨ ᠠᠯᠪᠠᠨ ᠠ᠋ᠴᠠ ᠵᠠᠪᠰᠢᠶᠠᠨ ᠢ᠋ᠶ᠋ᠠᠷ ᠮᠤᠯᠲᠤᠷᠠᠭᠰᠠᠨ ᠳ᠋ᠠᠭᠠᠨ ᠪᠠᠶᠠᠷᠯᠠᠪᠠᠴᠤ᠂ ᠲᠠᠨᠢᠵᠤ ᠮᠡᠳᠡᠳᠡᠭ ᠬᠥᠮᠦᠨ ᠪᠤᠶᠤ ᠬᠣᠰᠢᠭᠤ ᠴᠡᠷᠢᠭ ᠡᠨᠡ ᠲᠡᠷᠡ ᠬᠥᠮᠦᠨ ᠬᠠᠷᠭᠤᠬᠤ ᠠ᠋ᠴᠠ ᠡᠮᠢᠶᠡᠵᠦ ᠬᠥᠮᠦᠨ ᠠᠮᠢᠲᠠᠨ ᠠ᠋ᠴᠠ ᠵᠠᠢᠳᠠᠭᠤᠬᠠᠨ ᠭᠠᠵᠠᠷ ᠢ᠋ᠶ᠋ᠠᠷ ᠪᠤᠷᠤᠭᠤᠯᠠᠨ ᠶᠠᠪᠤᠨ᠎ᠠ᠃
ᠮᠠᠷᠭᠠᠲᠤᠷ ᠨᠢ ᠲᠡᠷᠡ᠂ ᠰᠢᠷ᠎ᠠ ᠴᠡᠷᠢᠭ ᠦ᠋ᠨ ᠬᠤᠪᠴᠠᠰᠤ ᠪᠠᠨ ᠬᠠᠯᠠᠵᠤ᠂ ᠵᠢᠰᠦ ᠪᠡᠨ ᠪᠣᠷᠣᠭᠣᠯᠠᠯ ᠦᠭᠡᠢ ᠪᠡᠷ ᠨᠤᠲᠤᠭ ᠤ᠋ᠨ ᠪᠠᠷ᠎ᠠ ᠬᠠᠷᠠᠬᠤ ᠪᠠᠢᠲᠤᠭᠠᠢ ᠵᠥᠩᠳᠡᠭᠡᠨ ᠵᠠᠮ ᠬᠥᠭᠡᠬᠦ ᠳ᠋ᠦ᠍ ᠴᠦ᠍ ᠲᠦᠪᠡᠭᠲᠡᠢ ᠪᠠᠢᠯ᠎ᠠ᠃
ᠰᠠᠯᠴᠢᠨ ᠰᠦᠮ᠎ᠡ ᠶ᠋ᠢᠨ ᠡᠩᠭᠡᠷ ᠳᠣᠣᠷᠠᠬᠢ ᠠᠳᠤᠭᠤᠨ ᠤ᠋ ᠠᠢᠯ ᠤ᠋ᠨ ᠪᠠᠷ᠎ᠠ ᠪᠠᠷ ᠬᠠᠮᠤᠭ ᠤ᠋ᠨ ᠪᠠᠷᠠᠭᠤᠨ ᠵᠠᠬ᠎ᠠ ᠳ᠋ᠤ᠌ ᠵᠠᠢ ᠰᠠᠭᠤᠷᠢᠰᠢᠭᠰᠠᠨ ᠨᠢᠭᠡ ᠠᠢᠯ ᠳ᠋ᠤ᠌ ᠣᠷᠣᠪᠠ᠃ ᠭᠡᠷ ᠲᠦ᠍ ᠨᠢᠭᠡ ᠠᠭᠰᠠᠭ᠎ᠠ ᠲᠠᠢ ᠡᠪᠦᠭᠡᠨ ᠲᠤᠯᠭ᠎ᠠ ᠲᠡᠪᠡᠷᠢᠨ ᠪᠦᠭᠰᠢᠨ ᠬᠠᠨᠢᠶᠠᠯᠭᠠᠭᠰᠠᠭᠠᠷ ᠪᠠᠢᠪᠠ᠃ ᠲᠡᠷᠡ ᠪᠡᠷ ᠫᠤᠤ ᠲᠠᠢ ᠴᠡᠷᠢᠭ ᠦ᠋ᠨ ᠬᠥᠮᠦᠨ ᠡᠴᠡ ᠰᠦᠷᠳᠡᠵᠦ ᠤᠯᠠᠮ ᠴᠤ᠌ ᠠᠭᠰᠠᠬᠤ ᠨᠢ ᠶᠡᠬᠡᠳᠦᠨ᠄
— ᠮᠠᠢ᠂ ᠮᠠᠢ ᠠᠪ! ᠭᠠᠭᠴᠠᠬᠠᠨ ᠬᠥᠭᠰᠢᠨ ᠠᠮᠢ ᠯᠠ ᠪᠠᠢᠨ᠎ᠠ! ᠭᠡᠳ ᠬᠡᠷᠵᠡᠭᠡᠷ ᠴᠡᠭᠡᠵᠢ ᠪᠡᠨ ᠭᠠᠷᠭᠠᠵᠤ ᠵᠠᠩᠴᠣᠪ ᠤ᠋ᠨ ᠡᠮᠦᠨ᠎ᠡ ᠲᠦᠷᠢᠨ ᠵᠣᠭᠰᠣᠵᠤ《ᠫᠤᠤᠳᠠ! ᠠᠮᠢ ᠨᠠᠰᠤᠨ ᠤ᠋ ᠮᠢᠨᠢ ᠲᠣᠭ᠎ᠠ ᠭᠦᠢᠴᠡᠭᠰᠡᠨ ᠪᠣᠯ ᠴᠢᠨᠦ ᠫᠤᠤ ᠶ᠋ᠢᠨ ᠪᠥᠭᠯᠡᠭᠡ ᠪᠣᠯᠵᠤ ᠴᠠᠭᠠᠰᠢᠯᠠᠴᠢᠬᠠᠪᠠᠯ ᠠᠮᠠᠷ ᠪᠠᠢᠨ᠎ᠠ! ᠶᠡᠷᠦ ᠨᠢ ᠦᠬᠦᠶ᠎ᠡ ᠭᠡᠳ ᠦᠬᠦᠵᠦ ᠥᠭᠳᠡᠭ ᠦᠭᠡᠢ ᠵᠣᠪᠠᠯᠭ᠎ᠠ᠁》 ᠭᠡᠵᠦ ᠰᠢᠷᠦᠭᠦᠨ ᠬᠠᠷᠠᠴᠠ ᠪᠠᠷ ᠢ᠋ᠶ᠋ᠠᠨ ᠬᠡᠯᠡᠬᠦ ᠰᠢᠭ ᠪᠣᠯᠤᠭᠠᠳ ᠪᠥᠭ ᠪᠥᠭ ᠠᠭᠰᠠᠵᠤ ᠬᠠᠨᠢᠶᠠᠯᠭᠠᠨ ᠠᠭᠤᠷ ᠲᠠᠭᠠᠨ ᠠᠮᠢᠰᠬᠤᠭ᠎ᠠ ᠨᠢ ᠳᠡᠭᠡᠷᠡᠳᠦᠨᠡ᠃
— ᠨᠠᠰᠤᠲᠠᠨ ᠭᠤᠸᠠᠢ ᠠ᠋! ᠪᠢᠲᠡᠭᠡᠢ ᠠᠶᠤ! ᠪᠢ ᠲᠠᠨ ᠢ᠋ ᠫᠤᠤᠳᠠᠬᠤ ᠦᠭᠡᠢ ᠠ᠋᠂ ᠪᠢ ᠳᠡᠭᠡᠷᠡᠮ ᠲᠣᠨᠣᠭᠠᠴᠢ ᠪᠢᠰᠢ! ᠭᠡᠳ ᠴᠡᠷᠢᠭ ᠦ᠋ᠨ ᠬᠤᠪᠴᠠᠰᠤ ᠪᠠᠨ ᠲᠠᠢᠯᠵᠤ᠂ ᠡᠭᠦᠷᠦᠭᠰᠡᠨ ᠫᠤᠤ ᠪᠠᠨ ᠬᠠᠨᠵᠤᠨ ᠤ᠋ ᠪᠤᠯᠤᠩ ᠤᠷᠤᠭᠤ ᠲᠦᠰᠢᠭᠦᠯᠪᠡ᠃
ᠡᠪᠦᠭᠡᠨ ᠦ ᠬᠠᠷᠠᠴᠠ ᠬᠥᠯᠢᠷᠡᠨ ᠲᠣᠭᠲᠠᠵᠤ᠂ ᠠᠭᠰᠠᠵᠤ ᠬᠠᠨᠢᠶᠠᠬᠤ ᠨᠢ ᠨᠠᠮᠵᠢᠪᠠ ᠪᠣᠯᠣᠯᠲᠠᠢ ᠵᠠᠩᠴᠤᠪ ᠢ ᠭᠠᠢᠬᠠᠨ ᠬᠠᠷᠠᠪᠠ᠃
— ᠪᠢ ᠵᠠᠮ ᠬᠥᠭᠡᠭᠡᠭᠰᠡᠨ ᠬᠥᠮᠥᠨ ᠪᠠᠢᠨ᠎ᠠ᠃ ᠲᠠᠨ ᠠᠴᠠ ᠨᠢᠭᠡ ᠵᠠᠬ᠎ᠠ ᠰᠤᠯᠠ ᠬᠤᠪᠴᠠᠰᠤ ᠠᠪᠴᠤ ᠡᠮᠦᠰᠦᠶ᠎ᠡ ᠭᠡᠰᠡᠨ ᠶᠤᠮ! ᠭᠡᠳ ᠬᠠᠷᠮᠠᠨ ᠠᠴᠠ ᠪᠠᠨ ᠲᠠᠪᠤᠨ ᠮᠥᠩᠭᠦᠨ ᠵᠣᠭᠣᠰ ᠭᠠᠷᠭᠠᠵᠤ ᠡᠪᠦᠭᠡᠨ ᠳᠦ ᠥᠭᠪᠡ᠃
ᠠᠭᠰᠠᠭ᠎ᠠ ᠲᠠᠢ ᠡᠪᠦᠭᠡᠨ ᠶᠠᠭᠤ ᠪᠠᠨ ᠴᠤ᠌ ᠲᠣᠨᠣᠭᠤᠯᠵᠤ ᠳᠡᠭᠡᠷᠡᠮᠳᠡᠭᠦᠯᠦᠭᠰᠡᠨ ᠦᠭᠡᠢ ᠮᠥᠷᠲᠡᠭᠡᠨ ᠰᠠᠨᠠᠮᠰᠠᠷ ᠦᠭᠡᠢ ᠲᠠᠪᠤᠨ ᠮᠥᠩᠭᠦᠨ ᠵᠣᠭᠣᠰ ᠣᠯᠴᠢᠬᠠᠪᠠ ᠭᠡᠵᠦ ᠭᠠᠷ ᠲᠡᠬᠢ ᠪᠡᠨ ᠬᠠᠷᠠᠵᠤ ᠭᠠᠢᠬᠠᠨ᠎ᠠ᠃
ᠵᠠᠩᠴᠤᠪ ᠡᠨᠳᠡ ᠡᠴᠡ ᠤᠷᠠᠩᠬᠠᠢ ᠨᠠᠪᠲᠠᠷᠬᠠᠢ ᠣᠭᠣᠳᠣᠷ ᠬᠦᠷᠮ᠎ᠡ ᠣᠯᠵᠤ ᠡᠮᠦᠰᠦᠭᠡᠳ ᠢᠰᠡᠭᠡᠢ ᠲᠣᠭᠤᠷᠴᠤᠭ ᠢ ᠳᠠᠷᠤᠨ ᠡᠮᠦᠰᠴᠦ᠂ ᠡᠭᠦᠳᠡᠨ ᠳ᠋ᠡᠬᠢ ᠮᠣᠳᠣ ᠲᠦᠯᠡᠰᠢᠨ ᠡᠴᠡ ᠬᠡᠳᠦ ᠶᠢ ᠰᠤᠭᠤᠯᠤᠨ ᠮᠠᠭᠤ ᠰᠠᠢᠨ ᠶᠣᠷᠣᠭ ᠢᠶᠠᠷ ᠣᠷᠢᠶᠠᠭᠰᠠᠨ ᠫᠤᠤ ᠪᠠᠨ ᠪᠠᠭᠯᠠᠵᠤ ᠡᠭᠦᠷᠦᠭᠡᠳ ᠭᠤᠢᠷᠠᠨᠴᠢ ᠰᠢᠭ᠋ ᠪᠠᠳᠢᠷ ᠭᠣᠶᠣᠵᠤ ᠴᠠᠭᠠᠰᠢ ᠶᠠᠪᠤᠯ᠎ᠠ᠃ ᠵᠠᠩᠴᠣᠪ ᠵᠠᠮ ᠤᠨ ᠳᠤᠷᠰᠢ ᠠᠢᠯ ᠤᠨ ᠨᠣᠬᠠᠢ ᠦᠢᠮᠡᠭᠦᠯᠦᠨ ᠶᠠᠪᠤᠬᠤ ᠳ᠋ᠠᠭᠠᠨ ᠢᠨᠢᠶᠡᠳᠦ ᠨᠢ ᠬᠦᠷᠴᠦ《ᠣᠯᠢᠭᠲᠠᠢ ᠬᠠᠩᠭᠢ ᠰᠢᠭ᠋ ᠡᠮᠦᠰᠴᠦ ᠵᠡᠭᠦᠴᠢᠭᠡᠪᠡᠯ ᠵᠠᠮ ᠤᠨ ᠬᠥᠮᠥᠨ ᠦ ᠨᠢᠳᠦᠨ ᠦ ᠤᠯᠠᠢ᠂ ᠤᠷᠠᠩᠬᠠᠢ ᠨᠠᠪᠲᠠᠷᠬᠠᠢ ᠭᠤᠢᠷᠠᠨᠴᠢ ᠰᠢᠭ᠋ ᠪᠣᠯᠴᠢᠬᠠᠪᠠᠯ ᠠᠢᠯ ᠤᠨ ᠨᠣᠬᠠᠳ ᠤᠨ ᠤᠯᠠᠢ! ᠡᠨᠡ ᠡᠷᠢᠶᠡᠨ ᠬᠣᠷᠸ᠎ᠠ ᠶᠢᠨ ᠤᠴᠢᠷ᠁ ᠰᠣᠨᠢᠨ᠁!》 ᠭᠡᠵᠦ ᠲᠣᠯᠣᠭᠠᠢ ᠪᠠᠨ ᠰᠡᠭᠰᠦᠷᠦᠨ᠎ᠡ᠃ ᠲᠡᠢᠨ ᠬᠦ᠌ ᠵᠠᠩᠴᠤᠪ ᠪᠣᠢᠳᠠ ᠰᠢᠭ᠋ ᠭᠠᠵᠠᠷ ᠪᠡᠶ᠎ᠡ ᠳᠠᠯᠳᠠᠯᠠᠨ ᠭᠡᠭᠡ ᠤᠨᠠᠭᠠᠵᠤ ᠪᠦᠷᠦᠢ ᠪᠣᠯᠣᠭᠰᠠᠨ ᠬᠣᠢᠨ᠎ᠠ ᠪᠣᠰᠪᠠ᠃ ᠲᠡᠷᠡ ᠬᠠᠨᠷᠠᠩᠭᠤᠢ ᠪᠦᠷᠦᠭ ᠲᠦ ᠪᠣᠯᠪᠠᠴᠤ ᠨᠤᠲᠤᠭ ᠤᠨ ᠢᠶᠠᠨ ᠳᠠᠰᠤᠯ ᠰᠢᠷᠣᠢ ᠳᠤ ᠬᠥᠯ ᠬᠢᠰᠬᠢᠭᠰᠡᠨ ᠳ᠋ᠡᠭᠡᠨ ᠰᠡᠳᠬᠢᠯ ᠲᠡᠨᠢᠭᠡᠷ ᠪᠠᠢᠵᠤ᠂ ᠨᠢᠳᠦ ᠪᠡᠨ ᠠᠨᠢᠭᠠᠳ ᠶᠠᠪᠤᠪᠠᠴᠤ ᠲᠡᠭᠦᠨ ᠦ ᠲᠠᠨᠢᠳᠠᠭ ᠡᠪᠡᠰᠦ ᠮᠣᠳᠣ᠂ ᠬᠠᠳᠠ ᠴᠢᠯᠠᠭᠤ ᠨᠢᠭᠡ ᠪᠦᠷᠢ ᠨᠢ ᠲᠡᠭᠦᠨ ᠳᠦ ᠵᠠᠮ ᠶᠡᠭᠦᠯᠡᠵᠦ ᠥᠭᠭᠦᠭᠡᠳ ᠤᠭᠲᠤᠭᠰᠠᠨ ᠰᠢᠭ᠋ ᠬᠠᠯᠠᠭᠤᠬᠠᠨ ᠰᠠᠨᠠᠭᠳᠠᠬᠤ ᠶᠢ ᠶᠠᠭᠠᠬᠢᠨ᠎ᠠ⁈ 《ᠵᠠ ᠪᠠᠢᠵᠠ ᠳ᠋ᠠ᠂ ᠮᠠᠭᠤ ᠪᠯᠠᠮᠤ ᠶᠢᠨ ᠢᠶᠡᠨ ᠬᠠᠯᠠᠭᠤᠨ ᠬᠥᠨᠵᠢᠯᠡ ᠳᠦ ᠣᠷᠣᠵᠤ ᠶᠠᠭ ᠰᠠᠢᠬᠠᠨ ᠳᠤᠭ ᠬᠢᠬᠦ ᠶᠢᠨ ᠲᠣᠯᠣᠭᠠᠢ ᠳᠡᠭᠡᠷ᠎ᠡ ᠬᠥᠷᠥᠭᠡᠳ ᠣᠴᠢᠨ᠎ᠠ ᠰᠢᠦ! ᠲᠡᠷᠡ ᠦᠶ᠎ᠡ ᠳᠦ ᠬᠣᠶᠠᠷ ᠮᠠᠭᠤ ᠪᠥᠨᠳᠥᠭ ᠮᠢᠨᠢ ᠠᠯᠢ ᠬᠡᠳᠦᠢᠨ ᠨᠣᠢᠷ ᠤᠨ ᠳᠠᠯᠠᠯᠭ᠎ᠠ ᠠᠪᠴᠢᠬᠠᠭᠰᠠᠨ ᠪᠠᠢᠨ᠎ᠠ! ᠪᠯᠠᠮᠤ ᠮᠢᠨᠢ ᠨᠠᠮᠠᠶ᠋ᠢ ᠪᠡᠨ ᠶᠠᠭᠠᠬᠢᠵᠤ ᠴᠤ᠌ ᠰᠠᠨᠠᠭᠰᠠᠨ ᠪᠣᠯ ᠡ! ᠭᠡᠬᠦ ᠳᠦ ᠭᠡᠨᠡᠳᠲᠡ ᠬᠠᠨᠷᠠᠩᠭᠤᠢ ᠰᠥᠨᠢ ᠪᠡᠷ ᠴᠦᠯᠲᠦ ᠲᠠᠯᠪᠢᠭᠠᠳ ᠣᠷᠣᠬᠤ ᠳᠤ ᠲᠡᠭᠦᠨ ᠢᠶᠡᠨ ᠠᠶᠤᠯᠭᠠᠵᠤ ᠴᠣᠴᠢᠭᠠᠴᠢᠬᠠᠳᠠᠭ ᠴᠤ᠌ ᠪᠣᠯᠪᠠ ᠤᠤ? ᠲᠡᠭᠦᠨ ᠦ ᠪᠡᠨ ᠴᠢᠨᠠᠭᠰᠠᠨ ᠢᠳᠡᠭᠡᠰᠢᠭ ᠴᠠᠢ ᠠᠴᠠ ᠬᠥᠯᠥᠷᠡᠲᠡᠯ᠎ᠡ ᠤᠤᠭᠤᠨ ᠬᠦᠦᠷᠨᠢᠭᠡᠳ ᠪᠠᠷᠠᠰᠢ ᠦᠭᠡᠢ ᠦᠭᠡ ᠦᠯᠢᠭᠡᠷ ᠢᠶᠡᠨ ᠳᠡᠯᠭᠡᠵᠦ᠂ ᠬᠥᠨᠵᠢᠯᠡ ᠳ᠋ᠡᠭᠡᠨ ᠣᠷᠣᠬᠤ ᠳᠤ ᠁》 ᠭᠡᠵᠦ ᠪᠡᠯᠭᠡ ᠳᠡᠮᠪᠡᠷᠡᠯ ᠲᠠᠢ ᠠᠭᠤᠯᠵᠠᠬᠤ ᠶᠢ ᠤᠷᠭᠤᠭᠤᠯᠤᠨ ᠪᠣᠳᠣᠵᠤ 《ᠶᠠᠭᠤ ᠴᠤ᠌ ᠭᠡᠰᠡᠨ ᠮᠠᠭᠤ ᠪᠯᠠᠮᠤ ᠪᠠᠨ ᠤᠬᠠᠭᠠᠨ ᠦᠭᠡᠢ ᠪᠠᠶᠠᠷᠯᠠᠭᠤᠯᠤᠨ᠎ᠠ ᠳ᠋ᠠ!》 ᠭᠡᠵᠦ ᠥᠪᠡᠷ ᠦᠨ ᠡᠷᠬᠡ ᠦᠭᠡᠢ ᠳᠦᠳᠦᠨᠡᠨ ᠶᠠᠪᠤᠭᠰᠠᠭᠠᠷ ᠨᠢᠭᠡ ᠮᠡᠳᠡᠬᠦ ᠳᠦ ᠬᠠᠶᠠᠭᠠᠨ ᠳ᠋ᠠᠭᠠᠨ ᠬᠥᠷᠥᠭᠡᠳ ᠢᠷᠡᠭᠰᠡᠨ ᠪᠠᠢᠪᠠ᠃
ᠬᠠᠨᠷᠠᠩᠭᠤᠢ ᠳᠤ ᠮᠠᠭᠤ ᠪᠣᠷᠣ ᠭᠡᠷ ᠦᠨ ᠬᠢᠨᠢ ᠣᠷᠣᠨᠴᠤᠭ ᠴᠤ᠌ ᠠᠯᠠᠭ᠎ᠠ᠃ ᠴᠢᠯᠠᠭᠤ ᠮᠣᠳᠣ ᠨᠢ ᠴᠤᠴᠠᠷᠠᠭᠰᠠᠨ ᠲᠣᠷᠣ ᠪᠣᠯᠴᠢᠬᠠᠭᠰᠠᠨ ᠲᠡᠳᠦᠢ᠃ ᠭᠡᠲᠡᠯ᠎ᠡ ᠴᠠᠭᠠᠨ᠎ᠠ ᠨᠣᠣᠷᠬᠠᠢ ᠬᠡᠷᠡᠮ ᠦᠨ ᠪᠤᠯᠤᠩ ᠳᠤ ᠲᠦᠳᠡᠭ ᠦᠨ ᠴᠣᠭ ᠤᠯᠠᠰᠭᠢᠨ ᠨᠣᠴᠣᠵᠤ ᠨᠢᠭᠡ ᠬᠥᠮᠥᠨ ᠪᠦᠷᠦᠭ ᠪᠠᠷᠤᠭ ᠪᠥᠬᠥᠯᠵᠡᠨ ᠬᠥᠳᠡᠯᠬᠦ ᠬᠠᠷᠠᠭᠳᠠᠨ᠎ᠠ᠃ ᠯᠠᠪᠯᠠᠨ ᠬᠠᠷᠠᠪᠠᠯ ᠪᠯᠠᠮᠤ ᠨᠢ ᠪᠢᠰᠢ᠃ ᠤᠯᠠᠰᠭᠢᠨ ᠴᠣᠭᠰᠢᠬᠤ ᠭᠠᠯ ᠤᠨ ᠲᠤᠶᠠᠭᠠᠨ ᠳᠤ ᠰᠠᠨᠴᠢᠭ ᠤᠷᠤᠭᠤ ᠨᠢ ᠭᠣᠭᠣᠵᠢᠭᠰᠠᠨ ᠪᠤᠭᠤᠷᠤᠯ ᠭᠡᠵᠢᠭᠡ ᠨᠢ ᠰᠠᠯᠬᠢᠨ ᠳᠤ ᠥᠯᠥ᠍ ᠮᠡᠳᠡᠭ ᠨᠠᠮᠢᠷᠠᠬᠤ ᠨᠠᠰᠤᠲᠠᠢ ᠡᠵᠢ ᠬᠥᠮᠥᠨ ᠦ ᠡᠨᠡᠷᠢᠩᠭᠦᠢ ᠬᠦᠷᠡᠩ ᠪᠣᠷᠣ ᠴᠢᠷᠠᠢ ᠪᠣᠯᠵᠤ ᠲᠣᠲᠣᠷᠠᠪᠠ᠃
ᠵᠠᠩᠴᠤᠪ᠂ ᠨᠠᠰᠤᠲᠠᠢ ᠡᠵᠢ ᠶᠢᠨ ᠲᠦᠳᠡᠭ ᠭᠠᠯ ᠴᠣᠭᠰᠢᠭᠤᠯᠵᠤ ᠵᠡᠰ ᠪᠦᠰᠡᠯᠡᠭᠦᠷ ᠲᠠᠢ ᠭᠠᠤᠯᠢᠨ ᠳᠣᠮᠪᠣ ᠳᠤ ᠴᠠᠢ ᠪᠤᠴᠠᠯᠭᠠᠵᠤ ᠴᠣᠮᠴᠣᠢᠨ ᠰᠠᠭᠤᠭᠰᠠᠨ ᠢ ᠬᠠᠷᠠᠭᠠᠳ 《ᠠᠢ ᠳ᠋ᠠ ᠪᠤᠭᠤᠷᠤᠯ ᠡᠵᠢ ᠲᠠᠢ ᠮᠢᠨᠢ ᠶᠠᠮᠠᠷ ᠠᠳᠠᠯᠢᠬᠠᠨ ᠪᠣᠢ? ᠬᠠᠮᠢᠭ᠎ᠠ ᠨᠢᠭᠡ ᠦᠵᠡᠭᠰᠡᠨ ᠰᠢᠭ ᠬᠠᠷᠠᠭᠳᠠᠭᠠᠳ ᠪᠠᠢᠳᠠᠭ ᠨᠢ⁈ ᠮᠣᠩᠭᠣᠯ ᠬᠥᠮᠥᠨ ᠦ ᠡᠵᠢ ᠪᠣᠯᠭᠠᠨ ᠮᠥᠨ ᠡᠢᠮᠦ ᠢᠵᠢᠯᠢᠬᠡᠨ ᠵᠢᠰᠦ ᠲᠠᠢ ᠪᠠᠢᠳᠠᠭ ᠪᠠᠢᠵᠠᠢ᠃ ᠮᠢᠨᠦ ᠡᠵᠢ ᠮᠥᠨ ᠡᠢᠮᠦ ᠯᠠ ᠪᠣᠷᠣᠭᠵᠢᠭᠤᠨ ᠮᠠᠯᠴᠢᠨ ᠬᠥᠮᠥᠨ ᠪᠠᠢᠭᠰᠠᠨ ᠳ᠋ᠠ᠃ ᠦᠬᠡᠷ ᠮᠠᠯ ᠤᠨ ᠣᠲᠣᠷ ᠬᠠᠢᠳᠠᠭ ᠭᠡᠳ ᠭᠠᠤᠯᠢᠨ ᠡᠭᠦᠷᠭᠡ ᠲᠡᠭᠦᠷᠭᠡ ᠪᠡᠨ ᠡᠭᠦᠷᠦᠭᠡᠳ ᠶᠠᠪᠤᠴᠢᠬᠠᠳᠠᠭ᠃ ᠥᠯᠥᠰᠴᠦ ᠤᠮᠳᠠᠭᠠᠰᠪᠠᠯ ᠪᠤᠯᠠᠭ ᠬᠠᠷᠠᠵᠠᠨ ᠤ ᠬᠠᠵᠠᠭᠤ ᠳᠤ ᠭᠤᠷᠪᠠᠨ ᠴᠢᠯᠠᠭᠤ ᠣᠴᠣᠭᠯᠠᠵᠤ ᠴᠠᠢ ᠪᠠᠨ ᠪᠤᠴᠠᠯᠭᠠᠭᠠᠳ᠂ ᠬᠠᠲᠠᠭᠠᠮᠠᠯ ᠪᠣᠷᠴᠠ ᠪᠠᠨ ᠭᠦᠰᠭᠦᠯᠡᠵᠦ᠂ ᠬᠦᠴᠦᠲᠡᠢ ᠠᠭᠠᠷᠤᠤᠯ᠂ ᠬᠡᠳᠦᠨ ᠮᠥᠬᠥᠯᠢᠭ ᠬᠠᠭᠤᠷᠤᠭᠰᠠᠨ ᠪᠤᠳᠠᠭ᠎ᠠ ᠣᠷᠬᠢᠴᠢᠬᠠᠭᠠᠳ ᠣᠭᠣᠴᠢᠯᠠᠵᠤ ᠰᠠᠭᠤᠭ᠎ᠠ ᠲᠥᠷᠬᠦ ᠨᠢ ᠲᠡᠷᠡ ᠪᠡᠶ᠎ᠡ ᠪᠡᠷ ᠢᠶᠡᠨ ᠮᠥᠨ ᠳ᠋ᠠ!》 ᠭᠡᠵᠦ ᠪᠣᠳᠣᠭᠰᠠᠨ ᠢᠶᠠᠨ᠄
— ᠨᠠᠰᠤᠲᠠᠢ ᠡᠵᠢ ᠠᠮᠤᠷᠬᠠᠨ ᠰᠠᠢᠨ? ᠭᠡᠪᠡᠯ
— ᠰᠠᠢᠨ᠂ ᠰᠠᠢᠨ! ᠬᠦᠦ ᠮᠢᠨᠢ ᠰᠠᠢᠨ ᠶᠠᠪᠤᠵᠤ ᠢᠷᠡᠪᠡ ᠤᠤ? ᠭᠡᠯᠡ᠃
《ᠬᠦᠦ ᠮᠢᠨᠢ ᠰᠠᠢᠨ ᠶᠠᠪᠤᠵᠤ ᠢᠷᠡᠪᠡ ᠤᠤ?》 ᠭᠡᠬᠦ ᠨᠢ ᠬᠦᠷᠲᠡᠯ᠎ᠡ ᠡᠵᠢ ᠲᠠᠢ ᠨᠢ ᠠᠳᠠᠯᠢᠬᠠᠨ ᠳᠤᠤᠭᠠᠷᠳᠠᠭ ᠢ ᠨᠢ ᠰᠠᠨᠠᠭᠠᠳ ᠪᠤᠶᠠᠨᠲᠤ ᠡᠵᠢ ᠶᠢᠨ ᠠᠮᠠᠨ ᠠᠴᠠ ᠡᠢᠨ ᠬᠦ᠌ ᠪᠡᠯᠭᠡᠲᠡᠢ ᠦᠭᠡ ᠪᠡᠷ ᠠᠮᠤᠷ ᠢᠶᠠᠨ ᠠᠰᠠᠭᠤᠯᠭᠠᠭᠰᠠᠨ ᠳ᠋ᠠᠭᠠᠨ ᠪᠡᠶ᠎ᠡ ᠳ᠋ᠤᠨᠢ ᠬᠠᠯᠠᠭᠤᠨ ᠢᠯᠴᠢ ᠨᠢᠯ ᠬᠢᠨ ᠠᠰᠬᠠᠵᠤ᠂ ᠪᠤᠷᠬᠠᠨ ᠪᠣᠯᠣᠭᠰᠠᠨ ᠡᠵᠢ ᠪᠡᠷ ᠢᠶᠡᠨ ᠮᠠᠩᠨᠠᠢ ᠳᠡᠭᠡᠷ᠎ᠡ ᠪᠡᠨ ᠦᠨᠦᠰᠦᠭᠦᠯᠦᠭ᠍ᠰᠡᠨ ᠰᠢᠭ ᠰᠠᠢᠬᠠᠨ ᠰᠠᠨᠠᠭᠳᠠᠭᠰᠠᠨ ᠢ ᠬᠡᠯᠡᠬᠦ ᠶᠢᠨ ᠠᠷᠭ᠎ᠠ ᠦᠭᠡᠢ! 《ᠦᠭᠡᠢ ᠡ᠂ ᠶᠡᠷᠦ ᠨᠢ ᠥᠨᠥᠳᠥᠷ ᠬᠦᠦ ᠨᠢ ᠨᠤᠲᠤᠭ᠂ ᠭᠡᠷ ᠬᠣᠶᠠᠷ ᠢᠶᠠᠨ ᠦᠭᠡᠢᠯᠡᠵᠦ ᠬᠥᠷᠥᠭᠡᠳ ᠢᠷᠡᠬᠦ ᠳᠦ ᠨᠠᠰᠤᠲᠠᠢ ᠪᠤᠭᠤᠷᠤᠯ ᠡᠵᠢ ᠨᠢ ᠪᠤᠷᠬᠠᠨ ᠤ ᠪᠦᠷᠢᠯᠸ᠎ᠠ ᠪᠠᠷ ᠬᠤᠪᠢᠯᠵᠤ ᠦᠵᠡᠭᠳᠡᠭᠡ ᠭᠡᠵᠢ ᠤᠤ? ᠡᠨᠡ ᠳᠠᠢᠨ ᠳᠠᠵᠢᠨ ᠲᠠᠢ ᠣᠨ ᠵᠢᠯ ᠦᠳ ᠲᠦ ᠪᠦᠰᠡᠭᠦᠢ ᠬᠡᠦᠬᠡᠳ ᠴᠢᠨᠢ ᠬᠠᠮᠢᠭ᠎ᠠ ᠬᠣᠯᠠ ᠨᠡᠭᠦᠴᠢᠭᠡᠯᠡ ᠳ᠋ᠠ ᠬᠦᠦ ᠮᠢᠨᠢ! ᠶᠠᠭᠤ ᠴᠤ᠌ ᠭᠡᠰᠡᠨ ᠬᠥᠯ ᠢᠶᠡᠨ ᠠᠮᠠᠷᠠᠭᠠᠵᠤ ᠴᠠᠢ ᠴᠤᠤ ᠤᠤᠭᠤᠭᠠᠳ ᠬᠣᠢᠨ᠎ᠠ ᠠᠴᠠ ᠨᠢ ᠬᠠᠢᠵᠤ ᠶᠠᠪᠤᠭᠠᠷᠠᠢ!》 ᠭᠡᠬᠦ ᠰᠢᠭ ᠰᠠᠨᠠᠭᠳᠠᠵᠤ᠄
— ᠡᠵᠢ ᠡ᠂ ᠲᠠ ᠁ ᠭᠡᠵᠦ ᠠᠮᠠ ᠨᠡᠭᠡᠭᠡᠲᠡᠯ᠎ᠡ ᠭᠠᠯ ᠥᠷᠲᠡᠵᠦ ᠴᠣᠮᠴᠣᠢᠭᠰᠠᠨ ᠬᠥᠭᠰᠢᠨ᠄
— ᠬᠦᠦ ᠮᠢᠨᠢ ᠴᠢ ᠡᠨᠡ ᠬᠠᠨᠷᠠᠩᠭᠤᠢ ᠳᠤ ᠬᠠᠮᠢᠭ᠎ᠠ ᠠᠴᠠ ᠬᠠᠮᠢᠭᠠᠰᠢ ᠪᠠᠨ ᠶᠠᠭᠤᠨ ᠳᠤ ᠶᠠᠪᠤᠭ᠎ᠠ ᠪᠣᠢ? ᠭᠡᠯᠡ᠃
— ᠵᠠᠮ ᠤ᠋ᠨ ᠬᠥᠮᠦᠨ! ᠭᠡᠷ ᠲᠡᠭᠡᠨ ᠬᠠᠷᠢᠶ᠎ᠠ ᠯᠠ ᠭᠡᠵᠦ ᠶᠠᠪᠤᠭ᠎ᠠ ᠁
— ᠣ ᠳᠠ᠂ ᠬᠥᠭᠡᠷᠦᠬᠦᠢ ! ᠴᠠᠢ ᠤᠤᠭᠤ᠂ ᠴᠠᠢ ᠤᠤᠭᠤ ᠭᠡᠳ ᠳᠣᠮᠪᠣ ᠲᠠᠢ ᠴᠠᠢ ᠠ᠋ᠴᠠ ᠪᠠᠨ ᠭᠠᠯ ᠳ᠋ᠤ᠌ ᠡᠷᠭᠦᠴᠢᠬᠡᠭᠡᠳ ᠡᠪᠦᠷᠲᠦᠯᠡᠵᠦ ᠶᠠᠪᠤᠭ᠎ᠠ ᠭᠠᠭᠴᠠᠬᠠᠨ ᠮᠣᠳᠣᠨ ᠠᠶᠠᠭᠠᠨ ᠳ᠋ᠠᠭᠠᠨ ᠴᠠᠢ ᠠᠶᠠᠭᠠᠯᠠᠵᠤ ᠵᠠᠩᠴᠤᠪ ᠲᠤ᠌ ᠥᠭᠪᠡ᠃
ᠡᠨᠡ ᠬᠠᠷᠠᠩᠭᠤᠢ ᠪᠦᠷᠦᠭ ᠲᠦ᠍ ᠨᠣᠣᠷᠬᠠᠢ ᠳᠣᠷᠣ ᠶ᠋ᠢᠨ ᠪᠤᠯᠤᠩ ᠲᠦᠰᠢᠵᠦ ᠴᠣᠭᠰᠢᠭᠰᠠᠨ ᠲᠦᠳᠡᠭ ᠦ᠋ᠨ ᠳᠥᠯᠥ ᠪᠡᠷ ᠰᠡᠳᠬᠢᠯ ᠪᠦᠯᠢᠶᠡᠴᠡᠭᠰᠡᠨ ᠬᠥᠭᠰᠢᠨ᠂ ᠵᠠᠮ ᠤ᠋ᠨ ᠬᠦᠦ ᠬᠣᠶᠠᠷ ᠰᠦᠷᠡᠬᠡᠢ ᠵᠣᠭᠣᠭ ᠨᠡᠢᠯᠡᠵᠦ ᠬᠠᠭᠤᠴᠢ ᠳᠡᠯᠭᠡᠵᠡᠢ᠃
ᠲᠡᠷᠡ ᠬᠥᠭᠰᠢᠨ ᠵᠠᠩᠴᠤᠪ ᠤ᠋ᠨ ᠠᠩᠬ᠎ᠠ ᠠᠳᠠ ᠨᠤᠲᠤᠭᠰᠢᠵᠤ ᠠᠩ ᠬᠦᠷᠦᠭᠡ᠂ ᠬᠡᠳᠦᠨ ᠪᠤᠭ ᠮᠠᠯ᠂ ᠭᠠᠭᠴᠠ ᠬᠣᠶᠠᠷ ᠦᠬᠡᠷ ᠦ᠋ᠨ ᠠᠰᠢᠭ ᠲᠦᠰᠢᠵᠦ ᠠᠮᠢᠳᠤᠷᠠᠵᠤ ᠪᠠᠢᠭᠰᠠᠨ ᠪᠠ ᠴᠡᠷᠢᠭ ᠲᠦ᠍ ᠪᠠᠷᠢᠭᠳᠠᠵᠤ ᠬᠠᠮᠢᠭ᠎ᠠ ᠬᠣᠯᠠ ᠶᠠᠪᠤᠵᠤ ᠥᠨᠥᠳᠥᠷ ᠵᠣᠯ ᠢ᠋ᠶ᠋ᠠᠷ ᠨᠤᠲᠤᠭ ᠤ᠋ᠨ ᠪᠠᠷ᠎ᠠ ᠬᠠᠷᠠᠨ ᠠᠮᠠᠷᠠᠭ ᠪᠦᠰᠡᠭᠦᠢ᠂ ᠠᠯᠠᠭ ᠦᠷ᠎ᠡ ᠪᠡᠨ ᠦᠭᠡᠢᠯᠡᠵᠦ ᠶᠠᠪᠤᠭ᠎ᠠ ᠪᠠᠨ ᠨᠢ ᠨᠣᠤ ᠦᠭᠡᠢ ᠲᠣᠭᠠᠴᠢᠭᠰᠠᠨ ᠢ᠋ ᠰᠣᠨᠣᠰᠤᠭᠠᠳ᠄
— ᠠᠢ ᠬᠦᠦ ᠮᠢᠨᠢ᠂ ᠴᠢ ᠪᠢᠳᠡ ᠬᠣᠶᠠᠷ ᠤ᠋ᠨ ᠬᠤᠪᠢ ᠲᠠᠪᠢᠯᠠᠩ ᠠᠳᠠᠯᠢᠬᠠᠨ ᠪᠠᠢᠨ᠎ᠠ᠃ ᠪᠢ ᠴᠤ᠌ ᠬᠠᠮᠢᠭ᠎ᠠ ᠬᠣᠯᠠ ᠬᠠᠩᠭᠠᠢ ᠭᠣᠪᠢ ᠨᠤᠲᠤᠭ ᠠ᠋ᠴᠠ ᠬᠦᠦ ᠶ᠋ᠢᠨ ᠢ᠋ᠶ᠋ᠡᠨ ᠬᠣᠢᠨ᠎ᠠ ᠠ᠋ᠴᠠ ᠲᠠᠩᠰᠢᠵᠤ ᠶᠠᠪᠤᠭ᠎ᠠ ᠨᠢ ᠡᠨᠡ ᠳᠡ ! ᠭᠡᠵᠡᠢ᠃
— ᠲᠠᠨ ᠤ᠋ ᠬᠦᠦ ᠴᠢᠨᠢ ᠬᠡᠨ ᠭᠡᠳᠡᠭ ᠪᠣᠢ?
— ᠠᠩᠴᠢᠨᠵᠠᠪ᠃
— ᠠᠩᠴᠢᠨᠵᠠᠪ⁈
— ᠲᠡᠢᠮᠦ ᠠ᠋ ! ᠠᠩᠴᠢᠨᠵᠠᠪ᠂ ᠪᠦᠲᠦᠯ ᠲᠡᠢ ᠶᠠᠪᠤᠭ᠎ᠠ ᠤᠤ ᠪᠦᠲᠦᠯ ᠢ᠋ᠶ᠋ᠡᠨ ᠪᠠᠷᠠᠵᠤ ᠶᠠᠪᠤᠭ᠎ᠠ ᠤᠤ ᠮᠡᠳᠡᠬᠦ ᠦᠭᠡᠢ ᠴᠣᠬᠣᠮ! ᠲᠡᠷᠡ ᠵᠢᠯ ᠦ᠋ᠨ ᠬᠠᠪᠤᠷ᠂ ᠡᠮᠦᠨ᠎ᠡ ᠬᠠᠩᠭᠠᠢ ᠶ᠋ᠢᠨ ᠥᠪᠥᠷ ᠡᠴᠡ ᠯᠠᠮᠠᠬᠦᠤ ᠪᠠᠶᠠᠷᠲᠤ ᠭᠡᠰᠡᠨ ᠬᠣᠶᠠᠷ ᠰᠠᠢᠨ ᠡᠷ᠎ᠡ ᠮᠠᠨ ᠤ᠋ ᠬᠢ ᠪᠡᠷ ᠦᠳᠡᠯᠡᠭᠡᠳ ᠭᠠᠷᠤᠭᠰᠠᠨ ᠶᠤᠮ᠃ ᠠ᠂ ᠪᠠᠰᠠ ᠰᠢᠷ ᠭᠡᠰᠡᠨ ᠰᠠᠢᠬᠠᠨ ᠵᠠᠯᠠᠭᠤ ᠤᠯᠤᠰ ᠪᠠᠢᠯ᠎ᠠ᠃ ᠤᠨᠤᠭᠰᠠᠨ ᠮᠣᠷᠢᠳ ᠨᠢ ᠴᠤ᠌ ᠬᠡᠯᠡᠬᠦ ᠶᠠᠭᠤᠮ᠎ᠠ ᠠᠯᠠᠭ᠎ᠠ᠃ ᠭᠤᠨᠠᠨ ᠪᠠᠳᠠᠢ ᠲᠠᠢ ᠠᠭᠤᠯᠵᠠᠬᠤ ᠶᠤᠮ ᠭᠡᠳ ᠯᠡ ᠭᠠᠯ ᠠᠪᠬᠤ ᠰᠢᠤᠬᠠᠨ ᠮᠠᠨ ᠤ᠋ ᠬᠢ ᠡᠴᠡ ᠶᠠᠭᠠᠷᠠᠤ ᠰᠠᠨᠳᠤᠷᠤᠤ ᠬᠥᠳᠡᠯᠦᠭᠰᠡᠨ᠁ ᠮᠢᠨᠦ ᠬᠦᠦ ᠲᠡᠷᠡ ᠬᠣᠶᠠᠷ ᠵᠠᠯᠠᠭᠤ ᠶ᠋ᠢᠨ ᠦᠭᠡ᠂ ᠨᠢᠭᠡᠨ ᠦ᠌ ᠬᠢᠨᠢ ᠬᠠᠯᠲᠠᠷ ᠬᠡᠭᠡᠷ ᠮᠣᠷᠢ ᠬᠣᠶᠠᠷ ᠲᠤᠨᠢ ᠰᠡᠳᠬᠢᠯ ᠬᠣᠷᠣᠬᠠᠢᠲᠤᠨ ᠬᠣᠢᠨ᠎ᠠ ᠠ᠋ᠴᠠ ᠨᠢ ᠳᠡᠷᠪᠡᠵᠦ ᠭᠦᠶᠦᠭᠡᠳ᠁ ᠭᠡᠵᠦ ᠬᠡᠯᠡᠬᠦ ᠳ᠋ᠦ᠍ᠨᠢ ᠬᠣᠭᠣᠯᠠᠢ ᠨᠢ ᠡᠷᠢᠶᠡᠨᠲᠦᠵᠦ ᠨᠢᠳᠦᠨ ᠳ᠋ᠦ᠍ᠨᠢ ᠨᠢᠯᠪᠤᠰᠤ ᠬᠤᠷᠠᠪᠠ᠃
ᠵᠠᠩᠴᠤᠪ ᠬᠥᠭᠰᠢᠨ ᠦ᠌ ᠬᠡᠯᠡᠬᠦ ᠶ᠋ᠢ ᠲᠣᠪ ᠳᠤᠭᠤᠢ ᠴᠢᠩᠨᠠᠵᠤ ᠰᠠᠭᠤᠨ᠎ᠠ᠃
— ᠨᠥᠭᠦᠭᠡ ᠬᠣᠶᠠᠷ ᠰᠠᠢᠨ ᠡᠷ᠎ᠡ ᠨᠢ ᠲᠡᠭᠡᠭᠡᠳ ᠬᠥᠮᠦᠨ ᠮᠥᠰᠥ ᠲᠠᠢ ᠯᠠ ᠪᠣᠯ ᠬᠦᠦ ᠶ᠋ᠢ ᠮᠢᠨᠢ ᠡᠷ᠎ᠡ ᠬᠥᠮᠦᠨ ᠰᠢᠭ ᠡᠮᠨᠢᠭ ᠦ᠋ᠨ ᠳᠥᠷᠥᠭᠡ ᠢᠰᠭᠦᠯᠤᠭᠦᠯᠦᠭᠰᠡᠨ ᠪᠠᠢᠯᠭᠦᠢ! ᠭᠡᠵᠦ ᠬᠡᠯᠡᠭᠰᠡᠨ ᠦᠭᠡᠨ ᠦ᠌ ᠳᠠᠯᠳᠠ 《 ᠪᠦᠲᠦᠯ ᠢ᠋ᠶ᠋ᠡᠨ ᠬᠠᠷᠠᠯᠠᠭᠰᠠᠨ ᠬᠣᠶᠠᠷ ᠲᠤ ᠠᠷᠠᠢ ᠯᠠ ᠭᠢᠭᠳᠡᠴᠢᠬᠡᠭᠰᠡᠨ ᠪᠢᠰᠢ ᠪᠠᠵᠠ! 》 ᠭᠡᠰᠡᠨ ᠤᠳᠬ᠎ᠠ ᠨᠢᠭᠤᠭᠳᠠᠭᠰᠠᠨ ᠢ᠋ ᠰᠣᠨᠣᠰᠴᠤ ᠭᠠᠷᠤᠭᠰᠠᠨ ᠵᠠᠩᠴᠤᠪ᠄
— ᠡᠵᠢ ᠠ᠋! ᠲᠠ ᠨᠠᠮᠠᠶ᠋ᠢ ᠲᠠᠨᠢᠵᠤ ᠪᠠᠢᠨ᠎ᠠ ᠤᠤ ? ᠭᠡᠰᠡᠨ ᠳ᠋ᠦ᠍ ᠬᠥᠭᠰᠢᠨ ᠠᠰᠬᠠᠷᠠᠭᠰᠠᠨ ᠨᠢᠯᠪᠤᠰᠤ ᠪᠠᠨ ᠵᠦᠯᠭᠦᠵᠦ ᠵᠠᠩᠴᠤᠪ ᠢ᠋ ᠨᠢᠭᠡ ᠬᠠᠷᠠᠵᠤ ᠦᠵᠡᠭᠡᠳ 《ᠲᠠᠨᠢᠬᠤ ᠦᠭᠡᠢ》 ᠭᠡᠵᠦ ᠲᠣᠯᠣᠭᠠᠢ ᠪᠠᠨ ᠰᠠᠵᠢᠪᠠ᠃
— ᠡᠵᠢ ᠠ᠋! ᠲᠠ ᠰᠠᠢᠨ ᠨᠢᠭᠡ ᠬᠠᠷᠠᠭᠠᠳᠠᠬᠠ! ᠭᠡᠳ ᠵᠠᠩᠴᠤᠪ ᠥᠷᠪᠥᠯᠵᠡᠨ ᠨᠣᠴᠣᠭᠰᠠᠨ ᠭᠠᠯ ᠤ᠋ᠨ ᠴᠤᠴᠠᠯᠢ ᠠᠪᠴᠤ ᠴᠢᠷᠠᠢ ᠶ᠋ᠢᠨ ᠢ᠋ᠶ᠋ᠡᠨ ᠡᠮᠦᠨ᠎ᠡ ᠤᠯᠠᠯᠵᠠᠭᠤᠯᠵᠤ ᠴᠢᠷᠠᠢ ᠪᠠᠨ ᠲᠣᠳᠣᠷᠬᠠᠢ ᠬᠠᠷᠠᠭᠤᠯᠤᠭᠰᠠᠨ ᠳ᠋ᠤ᠌ ᠬᠥᠭᠰᠢᠨ ᠲᠣᠯᠣᠭᠠᠢ ᠪᠠᠨ ᠰᠠᠵᠢᠨ᠄
— ᠬᠥᠭᠰᠢᠷᠡᠴᠢᠬᠡᠵᠡᠢ! ᠬᠥᠮᠦᠨ ᠬᠥᠭᠰᠢᠷᠡᠴᠢᠬᠡᠭᠰᠡᠭᠡᠷ ᠲᠣᠮ ᠦᠭᠡᠢ ᠪᠣᠯᠴᠢᠬᠠᠬᠤ ᠶᠤᠮ᠂ ᠨᠢᠳᠦ ᠮᠠᠭᠤᠳᠠᠭᠠᠳ ᠬᠥᠮᠦᠨ ᠬᠠᠷ᠎ᠠ ᠲᠠᠨᠢᠳᠠᠭ ᠦᠭᠡᠢ᠂ ᠲᠠᠩᠳᠠ ᠪᠤᠷᠤᠭᠤ ᠨᠠᠶᠠ ᠦᠭᠴᠢᠬᠡᠭᠡᠳ ᠢᠨᠢᠶᠡᠳᠦ ᠪᠣᠯᠤᠨ᠎ᠠ᠃ ᠵᠥᠨᠥᠵᠦ ᠮᠠᠷᠲᠠᠮᠠᠲᠠᠭᠠᠢ ᠪᠣᠯᠤᠭᠰᠠᠨ ᠨᠢ ᠠᠷᠭ᠎ᠠ ᠦᠭᠡᠢ! ᠭᠡᠵᠦ ᠲᠦᠳᠡᠭ ᠦ᠋ᠨ ᠭᠠᠯ ᠳᠡᠭᠡᠷ᠎ᠡ ᠮᠣᠳᠣᠨ ᠤ᠋ ᠮᠥᠴᠢᠷ ᠨᠡᠮᠡᠵᠦ ᠰᠢᠲᠠᠭᠠᠨ᠎ᠠ᠃ ᠵᠠᠩᠴᠤᠪ᠄
— ᠬᠤᠪᠢᠯᠴᠡᠴᠡᠭ ᠡᠵᠢ ᠠ᠋ ! ᠭᠡᠰᠡᠨ ᠳ᠋ᠦ᠍ ᠲᠡᠷᠡ᠄
— ᠦᠭᠡᠢ ᠠ᠋᠂ ᠨᠡᠷ᠎ᠡ ᠶ᠋ᠢ ᠮᠢᠨᠢ ᠮᠡᠳᠡᠵᠦ ᠪᠠᠢᠭ᠎ᠠ ᠠ᠋ᠴᠠ ᠦᠵᠡᠪᠡᠯ ᠡᠨᠡ ᠬᠦᠦ ᠨᠠᠮᠠᠶ᠋ᠢ ᠲᠠᠨᠢᠬᠤ ᠶᠤᠮ ᠪᠠᠢᠨ᠎ᠠ ᠭᠡᠳ 《ᠡᠨᠡ ᠭᠠᠵᠠᠷ ᠮᠢᠩᠭᠠᠨᠪᠤᠤ ᠠ᠋ᠴᠠ ᠥᠭᠡᠷ᠎ᠡ ᠨᠠᠮᠠᠶ᠋ᠢ ᠲᠠᠨᠢᠬᠤ ᠮᠡᠳᠡᠬᠦ ᠬᠥᠮᠦᠨ ᠦᠭᠡᠢ ᠯᠡ ᠪᠠᠢᠮᠠᠷ ᠶᠤᠮ》 ᠭᠡᠰᠡᠨ ᠰᠢᠤᠬᠡᠨ ᠬᠠᠷᠠᠪᠠᠯ᠄
— ᠲᠡᠷᠡ ᠵᠢᠯ ᠲᠠᠨ ᠤ᠋ ᠳ᠋ᠤ᠌ ᠣᠴᠢᠳᠠᠭ ᠬᠣᠶᠠᠷ ᠤ᠋ᠨ ᠨᠢᠭᠡ ᠨᠢ ᠪᠢ ᠪᠠᠢᠨ᠎ᠠ! ᠭᠡᠰᠡᠨ ᠳ᠋ᠦ᠍ ᠨᠠᠰᠤᠲᠠᠢ ᠡᠵᠢ ᠶ᠋ᠢᠨ ᠨᠢᠳᠦ ᠨᠢ ᠭᠢᠯᠠᠯᠵᠠᠨ ᠰᠡᠷᠭᠦᠵᠦ᠄
— ᠴᠢ ᠲᠡᠭᠡᠪᠡᠯ ᠪᠠᠶᠠᠷᠲᠤ ᠰᠢᠳᠡ⁈ ᠭᠡᠪᠡ᠃
— ᠮᠥᠨ ᠮᠥᠨ ! ᠪᠠᠶᠠᠷᠲᠤ᠃
— ᠠᠯᠢ᠂ ᠨᠠᠭᠠᠰᠢ ᠪᠠᠨ ᠬᠡᠦᠬᠡ ᠠ᠋! ᠡᠵᠢ ᠨᠢ ᠴᠢᠮᠠᠶ᠋ᠢ ᠰᠠᠢᠨ ᠬᠠᠷᠠᠶ᠎ᠠ! ᠭᠡᠳ ᠪᠠᠶᠠᠷᠲᠤ ᠶ᠋ᠢᠨ ᠬᠠᠴᠠᠷ ᠢ᠋ ᠮᠣᠢᠨᠣᠭ ᠪᠣᠷᠣ ᠬᠤᠷᠤᠭᠤ ᠲᠠᠢ ᠭᠠᠷ ᠢ᠋ᠶ᠋ᠠᠷ ᠢ᠋ᠶ᠋ᠠᠨ ᠬᠤᠮᠢᠵᠤ ᠥᠬᠥᠭᠡᠷᠳᠡᠨ ᠰᠢᠨᠵᠢᠵᠦ ᠰᠢᠨᠵᠢᠭᠰᠡᠨ ᠢ᠋ᠶ᠋ᠡᠨ ᠨᠢᠳᠦ ᠮᠠᠩᠨᠠᠢ ᠦᠭᠡᠢ ᠦᠨᠦᠰᠴᠦ《ᠦᠭᠡᠢ ᠠ᠋᠂ ᠪᠠᠶᠠᠷᠲᠤ ᠬᠦᠦ ᠮᠢᠨᠢ ᠴᠢ ᠲᠡᠭᠡᠭᠡᠳ ᠶᠠᠭᠠᠬᠢᠬᠤ ᠳ᠋ᠠᠭᠠᠨ ᠢᠩᠭᠢᠵᠦ ᠵᠤᠲᠠᠷᠠᠭᠤ ᠶᠠᠪᠤᠭ᠎ᠠ ᠪᠣᠢ? ᠲᠡᠷᠡ ᠵᠢᠯ ᠮᠠᠨ ᠤ᠋ ᠲᠡᠨᠡᠭᠦᠷ ᠶᠠᠪᠤᠵᠤ ᠪᠠᠢᠬᠤ ᠳ᠋ᠤ᠌ ᠥᠨᠳᠥᠷ ᠬᠡᠭᠡᠷ ᠮᠣᠷᠢ ᠣᠨᠣᠴᠢᠬᠠᠭᠰᠠᠨ ᠰᠡᠩᠭᠢᠨᠡᠭᠰᠡᠨ ᠵᠠᠯᠠᠭᠤ ᠪᠠᠢᠭᠰᠠᠨ ᠰᠢᠲᠠ᠃ ᠥᠨᠥᠳᠥᠷ ᠴᠢᠮᠠᠶ᠋ᠢ ᠡᠨᠳᠡ ᠨᠣᠣᠷᠠᠩᠬᠠᠢ ᠳᠣᠷᠣ ᠳᠣᠲᠣᠷ᠎ᠠ ᠨᠠᠪᠲᠠᠷᠬᠠᠢ ᠣᠭᠣᠲᠣᠷ ᠬᠣᠪᠴᠠᠰᠤᠲᠠᠢ ᠭᠤᠢᠷᠠᠨᠴᠢ ᠰᠢᠭ᠋ ᠶᠠᠪᠤᠬᠤ ᠶ᠋ᠢ ᠶᠢᠰᠦᠨ ᠵᠡᠭᠦᠳᠡᠨ ᠳ᠋ᠡᠭᠡᠨ ᠵᠡᠭᠦᠳᠦᠯᠡᠭᠡ ᠦᠭᠡᠢ᠃ ᠶᠠᠭᠠᠬᠢᠬᠤ ᠳ᠋ᠠᠭᠠᠨ ᠢᠩᠭᠢᠵᠦ ᠵᠤᠲᠠᠷᠠᠪᠠ⁈》 ᠭᠡᠵᠦ ᠨᠠᠰᠤᠲᠠᠢ ᠡᠵᠢ ᠨᠢᠯᠪᠤᠰᠤ ᠭᠦᠶᠤᠯᠭᠡᠨᠡᠭᠰᠡᠨ ᠨᠢᠳᠦ ᠪᠡᠨ ᠵᠦᠯᠭᠦᠨ ᠬᠠᠷᠠᠨ᠎ᠠ᠃
— ᠬᠤᠪᠢᠯᠴᠡᠴᠡᠭ ᠡᠵᠢ ᠠ᠋! ᠪᠢᠲᠡᠭᠡᠢ ᠵᠣᠪᠠ᠂ ᠡᠷ᠎ᠡ ᠬᠥᠮᠦᠨ ᠦ᠌ ᠮᠠᠩᠨᠠᠢ ᠳᠡᠭᠡᠷ᠎ᠡ ᠨᠠᠷᠠ ᠨᠢᠭᠡ ᠰᠠᠴᠤᠷᠠᠴᠤ᠂ ᠰᠠᠷ᠎ᠠ ᠨᠢᠭᠡ ᠲᠤᠨᠤᠷᠠᠵᠤ᠂ ᠣᠳᠣ ᠨᠢᠭᠡ ᠭᠢᠯᠠᠯᠵᠠᠳᠠᠭ ᠶᠤᠮ! ᠭᠡᠬᠦ ᠳ᠋ᠦ᠍ ᠬᠥᠭᠰᠢᠨ᠄
— ᠠᠢ᠂ ᠵᠣᠪᠠᠬᠤ ᠦᠭᠡᠢ ᠶᠠᠭᠠᠬᠢᠨ᠎ᠠ ᠪᠣᠢ! ᠡᠬᠡ ᠬᠥᠮᠦᠨ ᠦᠷ᠎ᠡ ᠪᠠᠨ ᠯᠠ ᠭᠡᠵᠦ ᠳᠡᠩᠰᠡᠯᠳᠡᠭ ᠦᠢᠯᠡ ᠲᠢ᠃ ᠡᠬᠡ ᠶ᠋ᠢᠨ ᠰᠠᠨᠠᠭ᠎ᠠ ᠦᠷ᠎ᠡ ᠳ᠋ᠦ᠍ ᠭᠡᠬᠦ ᠳ᠋ᠦ᠍ ᠦᠷ᠎ᠡ ᠶ᠋ᠢᠨ ᠰᠠᠨᠠᠭ᠎ᠠ ᠬᠠᠳᠠᠨ ᠳ᠋ᠤ᠌ ᠭᠡᠳᠡᠭ ᠨᠢ ᠦᠨᠡᠨ ᠴᠤ᠌ ᠶᠤᠮ ᠤᠤ ᠳᠠ? ᠮᠠᠭᠤ ᠬᠦᠦ ᠶ᠋ᠢᠨ ᠢ᠋ᠶ᠋ᠡᠨ ᠪᠠᠷ᠎ᠠ ᠶ᠋ᠢ ᠬᠠᠷᠠᠬᠤ ᠦᠭᠡᠢ ᠨᠡᠯᠢᠶᠡᠳ ᠬᠡᠳᠦᠨ ᠵᠢᠯ ᠪᠣᠯᠴᠢᠬᠠᠯ᠎ᠠ᠃ ᠣᠳᠣ ᠶᠠᠭᠠᠬᠢᠵᠤ ᠰᠢᠳᠬᠠᠨ ᠬᠠᠮᠢᠭᠠᠭᠤᠷ ᠶᠠᠪᠤᠭ᠎ᠠ ᠶᠤᠮ ᠪᠣᠯ ᠳᠠ⁈ ᠴᠢᠨᠦ ᠵᠡᠷᠭᠡ ᠶ᠋ᠢᠨ ᠰᠠᠢᠨ ᠡᠷ᠎ᠡ ᠬᠦᠷᠲᠡᠯ᠎ᠡ ᠥᠨᠥᠳᠥᠷ ᠬᠠᠭᠵᠠᠷᠬᠠᠢ ᠶᠣᠷᠣᠭ ᠡᠮᠦᠰᠴᠦ᠂ ᠬᠤᠭᠤᠷᠬᠠᠢ ᠶᠣᠳᠠᠷ ᠴᠢᠷᠴᠦ ᠶᠠᠪᠤᠭ᠎ᠠ ᠶᠤᠮ ᠴᠢᠨᠢ?᠁
— ᠡᠵᠢ ᠠ᠋᠂ ᠠᠩᠴᠢᠨᠵᠡᠪ ᠰᠠᠢᠨ ᠶᠠᠪᠤᠵᠤ ᠪᠠᠢᠭ᠎ᠠ ᠪᠠᠢᠬ᠎ᠠ᠃ ᠲᠡᠷᠡ ᠣᠳᠣ ᠭᠤᠨᠠᠨ ᠪᠠᠳᠠᠢ ᠲᠠᠢ ᠠᠭᠤᠯᠵᠠᠴᠢᠬᠠᠭᠰᠠᠨ ᠠ᠋ ᠵᠦᠭᠡᠷ᠂ ᠭᠣᠪᠢ ᠶ᠋ᠢᠨ ᠵᠡᠭᠡᠷ᠎ᠡ ᠰᠢᠭ ᠴᠢᠯᠥᠭᠡᠲᠡᠢ ᠳᠠᠭᠰᠢᠴᠢᠬᠠᠭᠰᠠᠨ ᠶᠠᠪᠤᠵᠤ ᠪᠠᠢᠯᠭᠦᠢ! ᠵᠦᠭᠡᠷ᠂ ᠵᠦᠭᠡᠷ! ᠭᠡᠵᠦ ᠵᠠᠩᠴᠤᠪ ᠬᠤᠪᠢᠯᠴᠡᠴᠡᠭ ᠬᠥᠭᠰᠢᠨ ᠢ᠋ ᠠᠷᠠᠭᠠᠳᠠᠵᠤ᠂ ᠰᠡᠳᠬᠢᠯ ᠢ᠋ ᠨᠢ ᠵᠣᠪᠠᠭᠠᠬᠤ ᠦᠭᠡᠢ ᠪᠠᠢᠬᠤ ᠶ᠋ᠢ ᠭᠡᠴᠢᠶᠡᠵᠤ ᠪᠠᠢᠨ᠎ᠠ᠃
ᠮᠠᠭᠤ ᠳᠣᠷᠣ ᠶ᠋ᠢᠨ ᠪᠤᠯᠤᠩ ᠳ᠋ᠤ᠌ ᠬᠤᠪᠢᠯᠴᠡᠴᠡᠭ ᠬᠥᠭᠰᠢᠨ ᠵᠠᠩᠴᠤᠪ ᠬᠣᠶᠠᠷ ᠶᠡᠬᠡ ᠤᠳᠠᠭᠠᠨ ᠶᠠᠷᠢᠯᠴᠠᠪᠠ᠃
᠁
ᠲᠡᠷᠡ ᠵᠢᠯ ᠯᠠᠮᠠᠬᠦᠤ ᠪᠢᠳᠡ ᠬᠣᠶᠠᠷ ᠲᠠᠨ ᠤ᠋ ᠬᠢ ᠡᠴᠡ ᠮᠣᠷᠳᠠᠭᠠᠳ ᠭᠤᠨᠠᠨ ᠪᠠᠳᠠᠢ ᠲᠠᠢ ᠠᠭᠤᠯᠵᠠᠬᠤ ᠪᠠᠷ ᠶᠠᠭᠠᠷᠠᠵᠤ ᠠᠷᠤ ᠲᠡᠢᠰᠢ ᠪᠡᠨ ᠴᠢᠯᠥᠭᠡ ᠦᠭᠡᠢ ᠱᠣᠭᠰᠢᠭᠤᠯᠪᠠ᠃ ᠭᠤᠷᠪᠠ ᠬᠣᠨᠣᠭ ᠤ᠋ᠨ ᠲᠣᠯᠣᠭᠠᠢ ᠳᠡᠭᠡᠷ᠎ᠡ ᠠᠩᠴᠢᠨᠵᠠᠪ ᠪᠢᠳᠡ ᠬᠣᠶᠠᠷ ᠢ᠋ ᠨᠡᠬᠡᠵᠦ ᠭᠦᠢᠴᠡᠪᠡ᠃ ᠠ᠂ ᠰᠢᠨᠳᠠᠰᠤᠲᠠᠢ ᠶᠤᠮ ᠠ᠋! ᠪᠢᠳᠡᠨᠦᠰ ᠦ᠋ᠨ ᠠᠷᠤ ᠠ᠋ᠴᠠ ᠪᠣᠷᠪᠢᠳᠠᠭᠠᠳ ᠯᠠ ᠪᠠᠢᠵᠠᠢ ᠳᠠ ᠬᠦᠭᠡᠷᠤᠬᠡᠢ ᠠᠮᠢᠲᠠᠨ! ᠲᠡᠭᠡᠭᠡᠳ ᠭᠤᠷᠪᠠᠭᠤᠯᠠ ᠬᠠᠨᠢᠰᠠᠵᠤ ᠣᠴᠣᠭ ᠤ᠋ᠨ ᠭᠤᠷᠪᠠᠨ ᠴᠢᠯᠠᠭᠤ ᠰᠢᠭ᠋ ᠠᠬ᠎ᠠ ᠳᠡᠭᠦᠦ ᠪᠣᠯᠤᠯᠴᠠᠨ ᠠᠨᠳᠠᠭᠠᠢ ᠲᠠᠯᠪᠢᠵᠤ ᠴᠢᠨᠠᠭᠠᠰᠢ ᠬᠠᠯᠬ᠎ᠠ ᠶ᠋ᠢᠨ ᠰᠠᠢᠨ ᠡᠷ᠎ᠡ ᠭᠤᠨᠠᠨ ᠪᠠᠳᠠᠢ ᠶ᠋ᠢᠨ ᠰᠤᠷᠠᠭ ᠢ᠋ ᠬᠠᠢᠪᠠ᠃ ᠰᠠᠷ᠎ᠠ ᠭᠠᠷᠤᠢ ᠶᠠᠪᠤᠭᠠᠳ ᠭᠤᠨᠠᠨ ᠪᠠᠳᠠᠢ ᠲᠠᠢ ᠣᠯᠵᠤ ᠠᠭᠤᠯᠵᠠᠭᠰᠠᠨ ᠦᠭᠡᠢ᠃ ᠬᠡᠳᠦᠭᠦᠯᠡ ᠰᠣᠯᠢ ᠶ᠋ᠢᠨ ᠬᠢᠷ᠎ᠠ ᠶ᠋ᠢᠨ ᠴᠠᠭᠠᠨ᠎ᠠ ᠠ᠋ᠴᠠ ᠵᠡᠷᠯᠢᠭ ᠠᠳᠤᠭᠤ ᠬᠥᠭᠡᠭᠡᠵᠦ ᠶᠠᠪᠤᠨ ᠬᠠᠲᠤᠨ ᠲᠣᠬᠣᠢ ᠶ᠋ᠢᠨ ᠪᠤᠯᠦᠩ ᠳ᠋ᠦ᠍ ᠬᠠᠷ᠎ᠠ ᠴᠡᠷᠢᠭ ᠦ᠋ᠨ ᠪᠦᠰᠡᠯᠡᠯᠲᠡ ᠳ᠋ᠦ᠍ ᠣᠷᠣᠭᠠᠳ ᠬᠠᠷ᠎ᠠ ᠴᠡᠷᠷᠭ ᠲᠦ᠍ ᠪᠠᠷᠢᠭᠳᠠᠵᠤ ᠨᠥᠭᠦᠭᠡ ᠬᠣᠶᠠᠷ ᠢ᠋ᠶ᠋ᠠᠨ ᠴᠠᠭᠠᠰᠢ ᠠᠳᠤᠭᠤ ᠲᠠᠢ ᠪᠠᠨ ᠲᠤᠳᠠᠭᠠᠯᠠᠭᠠᠭᠰᠠᠨ ᠢ᠋ᠶ᠋ᠠᠨ ᠦᠯᠢᠭᠡᠷ ᠰᠢᠭ ᠶᠠᠭᠤᠮ᠎ᠠ ᠬᠦᠦᠷᠨᠢᠵᠦ ᠳᠠᠬᠢᠵᠤ ᠯᠠᠮᠠᠬᠦᠤ ᠠᠩᠴᠢᠨᠵᠠᠪᠠ ᠲᠠᠢ ᠣᠯᠵᠤ ᠠᠭᠤᠯᠵᠠᠭᠰᠠᠨ ᠦᠭᠡᠢ ᠭᠡᠵᠡᠢ᠃ ᠳᠡᠮᠡᠢ ᠬᠡᠳᠦ ᠬᠣᠨᠣᠭᠰᠠᠨ ᠦᠭᠡᠢ ᠬᠠᠷ᠎ᠠ ᠴᠡᠷᠢᠭ ᠦ᠋ᠨ ᠬᠣᠷᠢᠭᠤᠯ ᠠ᠋ᠴᠠ ᠤᠷᠭᠤᠵᠤ ᠶᠠᠪᠤᠭᠠᠳ ᠠᠭᠤᠯᠠᠨ ᠤ᠋ ᠭᠡᠷ ᠲᠡᠭᠡᠨ ᠬᠣᠷᠭᠣᠳᠠᠵᠤ ᠬᠠᠮᠢᠭ᠎ᠠ ᠴᠤ᠌ ᠶᠠᠪᠤᠯ ᠦᠭᠡᠢ᠂ ᠬᠠᠶᠠ ᠠᠩ ᠬᠦᠷᠦᠭᠡ ᠬᠢᠵᠦ ᠶᠠᠪᠤᠯ᠎ᠠ᠃ ᠨᠢᠭᠡ ᠡᠳᠦᠷ ᠰᠢᠷᠬᠠᠳᠤᠭᠰᠠᠨ ᠦᠨᠡᠭᠡ ᠬᠥᠭᠡᠭᠡᠵᠦ ᠶᠠᠪᠤᠭᠠᠳ ᠭᠡᠨᠡᠳᠲᠡ ᠬᠥᠷᠥᠭ ᠦ᠋ᠨ ᠭᠣᠣᠯ ᠤ᠋ᠨ ᠠᠮᠠᠨ ᠳ᠋ᠤ᠌ ᠪᠠᠷᠠᠭᠤᠨ ᠬᠦᠩ ᠦ᠋ᠨ ᠬᠣᠰᠢᠭᠤ ᠴᠡᠷᠢᠭ ᠲᠡᠢ ᠬᠠᠷᠭᠤᠵᠠᠢ᠃ ᠰᠡᠭᠦᠯ ᠳ᠋ᠦ᠍ᠨᠢ《 ᠴᠡᠴᠡᠨ ᠫᠤᠤᠴᠢ ᠵᠠᠩᠴᠤᠪ》 ᠭᠡᠰᠡᠨ ᠢ᠋ᠶ᠋ᠡᠷ ᠨᠠᠮᠠᠶ᠋ᠢ ᠨᠡᠷ᠎ᠡ ᠵᠢᠭᠠᠵᠤ ᠬᠣᠰᠢᠭᠤ ᠴᠡᠷᠢᠭ ᠲᠡᠭᠡᠨ ᠲᠠᠲᠠᠪᠠ᠃ ᠲᠡᠭᠡᠭᠡᠳ ᠬᠠᠩᠬᠠᠳᠡᠢ ᠶ᠋ᠢᠨ ᠲᠠᠯ᠎ᠠ ᠶ᠋ᠢᠨ ᠸᠠᠩ ᠰᠣᠬᠣᠷ ᠤ᠋ᠨ ᠬᠠᠷ᠎ᠠ ᠴᠡᠷᠢᠭ ᠦ᠋ᠨ ᠰᠤᠷᠭᠠᠭᠤᠯᠢᠯᠠᠯ ᠳ᠋ᠤ᠌ ᠪᠠᠢᠬᠤ ᠳ᠋ᠠᠭᠠᠨ ᠶᠠᠩᠵᠤᠨ ᠶᠠᠮᠤᠨ ᠤ᠋ ᠨᠣᠶᠠᠨ ᠤ᠋ ᠰᠢᠳᠠᠷ ᠬᠠᠮᠠᠭᠠᠯᠠᠭᠴᠢ ᠪᠠᠷ ᠲᠣᠭᠣᠭᠳᠠᠪᠠ᠃ ᠲᠡᠭᠡᠭᠡᠳ ᠲᠡᠭᠦᠨ ᠡᠴᠡ ᠬᠣᠢᠰᠢ ᠠᠷᠪᠠᠭᠠᠳ ᠵᠢᠯ ᠬᠠᠷ᠎ᠠ ᠴᠡᠷᠢᠭ ᠦ᠋ᠨ ᠠᠯᠪᠠ ᠬᠠᠭᠠᠵᠤ ᠶᠠᠪᠤᠯ᠎ᠠ᠃ ᠥᠨᠥᠳᠥᠷ ᠦ᠋ᠨ ᠬᠤᠪᠢ ᠳ᠋ᠤ᠌ ᠵᠤᠳᠠᠷᠡᠵᠤ ᠶᠠᠪᠤᠭ᠎ᠠ ᠨᠢ ᠬᠠᠷ᠎ᠠ ᠴᠡᠷᠢᠭ ᠦ᠋ᠨ ᠠᠯᠪᠠ ᠠ᠋ᠴᠠ ᠤᠷᠭᠤᠵᠤ ᠭᠠᠷᠤᠭᠰᠠᠨ᠁ ᠭᠡᠬᠦᠴᠢᠯᠡᠨ ᠶᠠᠭᠠᠬᠢᠭᠰᠠᠨ ᠡᠢᠭᠰᠡᠨ ᠭᠡᠵᠦ ᠨᠢ ᠨᠣᠤ ᠦᠭᠡᠢ ᠬᠤᠪᠢᠯᠴᠡᠴᠡᠭ ᠬᠥᠭᠰᠢᠨ ᠳ᠋ᠦ᠍ ᠳᠣᠮᠣᠭ ᠰᠢᠳᠬᠠ ᠶᠠᠭᠤᠮ᠎ᠠ ᠶᠠᠷᠢᠪᠠ᠁
— ᠁
ᠵᠠᠩᠴᠤᠪ ᠤ᠋ᠨ ᠶᠠᠷᠢᠭᠰᠠᠨ ᠦᠨᠡᠨ ᠦᠯᠢᠭᠡᠷ ᠢ᠋ ᠰᠣᠨᠣᠰᠴᠤ ᠰᠠᠭᠤᠭᠰᠠᠨ ᠬᠤᠪᠢᠯᠴᠡᠴᠡᠭ ᠬᠥᠭᠰᠢᠨ ᠦᠭᠡ ᠳᠠᠭᠤᠨ ᠦᠭᠡᠢ ᠭᠠᠯ ᠥᠷᠳᠡᠬᠦ ᠳ᠋ᠦ᠍ ᠬᠣᠶᠠᠷ ᠨᠢᠳᠦᠨ ᠡᠴᠡ ᠨᠢ ᠮᠡᠯᠡᠰᠬᠢᠨ ᠠᠰᠬᠠᠷᠠᠬᠤ ᠨᠢᠯᠪᠤᠰᠤ ᠨᠢ ᠲᠦᠳᠡᠭ ᠦ᠋ᠨ ᠭᠡᠷᠡᠯ ᠳ᠋ᠦ᠍ ᠭᠢᠯᠠᠯᠵᠠᠵᠤ ᠬᠠᠷᠠᠭᠳᠠᠨ᠎ᠠ᠃
ᠡᠬᠡ ᠶ᠋ᠢᠨ ᠡᠯᠢᠭᠡᠨ ᠡᠴᠡ ᠡᠮᠲᠡᠷᠡᠵᠦ ᠤᠨᠠᠭᠰᠠᠨ ᠨᠢᠯᠪᠤᠰᠤᠨ ᠳ᠋ᠤ᠌ ᠬᠦᠦ ᠪᠡᠨ ᠦᠭᠡᠢᠯᠡᠭᠰᠡᠨ ᠤᠦᠬᠠᠡ ᠰᠢᠩᠭᠡᠭᠰᠡᠨ ᠢ᠋ ᠣᠢᠯᠠᠭᠠᠭᠰᠠᠨ ᠵᠠᠩᠴᠤᠪ ᠲᠤ《 ᠬᠦᠦ ᠮᠢᠨᠢ᠂ ᠯᠠᠮᠠᠬᠦᠤ ᠲᠠ ᠬᠣᠶᠠᠷ ᠢ᠋ ᠯᠡ ᠳᠠᠭᠠᠵᠤ ᠳᠡᠷᠪᠡᠭᠡᠳ ᠶᠠᠪᠤᠭᠰᠠᠨ ᠠ᠋ᠴᠠ ᠬᠣᠢᠰᠢ ᠬᠣᠷᠮᠣᠢ ᠳ᠋ᠤᠨᠢ ᠬᠡᠢ ᠣᠷᠣᠴᠢᠬᠠᠭᠰᠠᠨ ᠰᠢᠭ᠋᠁ ᠣᠳᠣ ᠲᠡᠭᠡᠭᠡᠳ ᠬᠠᠮᠢᠭ᠎ᠠ ᠪᠣᠢ? ᠮᠢᠨᠦ ᠬᠦᠦ⁈》 ᠭᠡᠵᠦ ᠲᠡᠭᠦᠨ ᠡᠴᠡ《ᠥᠷᠢ》 ᠨᠡᠬᠡᠭᠰᠡᠨ ᠰᠢᠭ ᠰᠠᠨᠠᠭᠳᠠᠭᠰᠠᠨ ᠳ᠋ᠤ᠌ ᠳᠣᠲᠣᠷ᠎ᠠ ᠨᠢ ᠡᠪ ᠦᠭᠡᠢ ᠪᠣᠯᠪᠠ ᠲᠣᠭᠣᠰᠣᠲᠤ ᠬᠣᠷᠸ᠎ᠠ ᠳ᠋ᠤ᠌ ᠠᠩᠴᠢᠨᠵᠠᠪ ᠮᠢᠨᠢ ᠡᠰᠡᠨ ᠮᠡᠨᠳᠦ ᠪᠠᠢᠭᠠᠰᠠᠢ ᠳᠠ! ᠲᠡᠭᠷᠢ ᠲᠦᠮᠡᠨ ᠨᠢᠳᠦ ᠲᠡᠢ ᠭᠡᠳᠡᠭ ᠠᠵᠠ ᠶ᠋ᠢᠨ ᠲᠡᠭᠷᠢ ᠢᠪᠡᠭᠡᠲᠦᠭᠡᠢ ᠴᠢᠮᠠᠶ᠋ᠢ! ᠭᠡᠵᠦ ᠳᠣᠲᠣᠷ᠎ᠠ ᠪᠠᠨ ᠰᠡᠮᠡᠬᠡᠷ ᠳᠠᠭᠠᠳᠬᠠᠨ ᠶᠡᠬᠡ ᠤᠶᠠᠷᠠᠭᠰᠠᠨ ᠰᠡᠳᠬᠢᠯ ᠢ᠋ᠶ᠋ᠡᠨ ᠡᠪᠬᠡᠵᠦ ᠦᠭᠡ ᠥᠭᠡᠷᠡᠲᠦᠭᠦᠯᠦᠨ᠄
— ᠬᠤᠪᠢᠯᠴᠡᠴᠡᠭ ᠡᠵᠢ ᠠ᠋᠂ ᠲᠠ ᠬᠡᠵᠢᠶ᠎ᠡ ᠶᠠᠭᠠᠬᠢᠵᠤ ᠡᠨᠡ ᠭᠠᠵᠠᠷ ᠢᠷᠡᠪᠡ⁈ ᠭᠡᠯᠡ᠃
— ᠠᠢ᠂ ᠬᠡᠯᠡᠬᠦ ᠶᠠᠭᠤ ᠪᠠᠢᠬᠤ ᠪᠣᠢ ᠳᠠ! ᠲᠡᠷᠡ ᠵᠢᠯ ᠵᠠᠰᠠᠭᠲᠤ ᠶ᠋ᠢᠨ ᠵᠢᠩᠴᠢᠳ ᠦ᠋ᠨ ᠠᠴᠢᠶᠠᠨ ᠳ᠋ᠤ᠌ ᠳᠠᠢᠭᠳᠠᠵᠤ ᠪᠤᠭᠤᠲᠤ ᠣᠷᠣᠭᠰᠠᠨ ᠶᠤᠮ᠃ ᠲᠡᠭᠡᠭᠡᠳ ᠰᠡᠭᠦᠯ ᠳ᠋ᠦ᠍ᠨᠢ ᠪᠤᠭᠤᠲᠤ ᠶ᠋ᠢᠨ ᠠᠷᠤ ᠠᠭᠤᠯᠠᠨ ᠳ᠋ᠤ᠌ ᠪᠠᠳᠺᠡᠷ ᠰᠦᠮ᠎ᠡ ᠶ᠋ᠢᠨ ᠶᠡᠬᠡ ᠵᠢᠰᠠ ᠶ᠋ᠢᠨ ᠯᠠᠮᠠ ᠨᠠᠷ ᠤ᠋ᠨ ᠪᠤᠳᠠᠭ᠎ᠠ ᠬᠠᠭᠤᠷᠬᠤ᠂ ᠨᠦᠳᠦᠵᠦ ᠴᠡᠢᠯᠠᠭᠠᠬᠤ᠂ ᠰᠦ᠍ ᠴᠠᠭ᠎ᠠ ᠢᠳᠡᠭᠡᠰᠢᠭᠦᠯᠬᠦ ᠠᠷᠰᠠᠷ ᠠᠵᠢᠯ ᠬᠢᠵᠦ ᠣᠪᠣᠭ᠎ᠠ ᠬᠡᠳᠦᠨ ᠵᠢᠯ ᠠᠮᠢ ᠪᠠᠨ ᠠᠷᠭᠠᠴᠠᠭᠠᠵᠤ ᠶᠠᠪᠤᠪᠠ᠃
— ᠵᠡᠭᠦᠨ ᠭᠦᠩ ᠦᠨ ᠬᠣᠰᠢᠭᠤᠨ ᠤ ᠠᠬᠤᠢ ᠣᠨᠣᠯᠲᠣ ᠰᠦᠮ᠎ᠡ ᠭᠡᠳᠡᠭ ᠨᠢ ᠲᠡᠷᠡ ᠮᠥᠨ ᠪᠢᠵᠡ⁈
— ᠵᠠ᠂ ᠮᠡᠳᠡᠬᠦ ᠦᠭᠡᠢ᠃ ᠬᠥᠮᠥᠰ ᠪᠠᠳᠺᠠᠷ ᠰᠦᠮ᠎ᠡ ᠯᠠ ᠭᠡᠬᠦ ᠶᠤᠮ ᠭᠡᠪᠡ᠃
— ᠮᠥᠷᠭᠥᠯᠴᠢᠳ ᠣᠯᠠᠨ ᠪᠠᠢᠨ᠎ᠠ ᠤᠤ?
— ᠵᠦᠩᠳᠡᠭᠡᠨ! ᠨᠠᠮᠤᠷ ᠲᠠᠭᠠᠨ ᠮᠠᠨᠢ ᠶᠢᠨ ᠬᠤᠷᠠᠯ ᠬᠤᠷᠠᠭᠰᠠᠭᠠᠷ ᠵᠦᠭ ᠵᠦᠭ ᠦᠨ ᠥᠭᠯᠢᠭᠡ ᠶᠢᠨ ᠮᠥᠷᠭᠥᠯᠴᠢᠳ ᠤᠴᠢᠷ ᠢᠶᠠᠨ ᠠᠯᠳᠠᠴᠢᠬᠠᠬᠤ ᠶᠤᠮ ᠡ!
— ᠪᠤᠷᠬᠠᠨ ᠳ᠋ᠠᠭᠠᠨ ᠮᠥᠷᠭᠥᠵᠦ᠂ ᠪᠤᠶᠠᠨ ᠢᠶᠠᠨ ᠳᠠᠭᠠᠳᠬᠠᠵᠤ ᠶᠠᠪᠤᠬᠤ ᠨᠢ ᠵᠥᠪ!
— ᠲᠡᠭᠡᠯ ᠦᠭᠡᠢ ᠶᠠᠭᠠᠬᠢᠬᠤ ᠪᠣᠢ ᠳ᠋ᠠ᠂ ᠬᠦᠦ ᠮᠢᠨᠢ! ᠪᠢ ᠴᠢᠨᠢ ᠲᠡᠭᠡᠭᠡᠳ ᠪᠤᠷᠬᠠᠨ ᠪᠦᠭᠦᠳᠡ ᠳ᠋ᠤᠨᠢ ᠮᠥᠷᠭᠥᠵᠦ᠂ ᠵᠤᠯᠠ ᠪᠥᠬᠥᠨ ᠢ ᠮᠠᠨᠳᠤᠭᠠᠵᠤ ᠶᠠᠪᠤᠯ᠎ᠠ᠁ ᠬᠦᠦ ᠲᠠᠢ ᠪᠠᠨ ᠡᠰᠡᠨ ᠮᠡᠨᠳᠦ ᠠᠭᠤᠯᠵᠠᠶ᠎ᠠ ᠯᠠ ᠭᠡᠵᠦ ᠡᠳᠦᠷ ᠦᠨ ᠮᠠᠷᠭᠠᠲᠤᠷ ᠳᠠᠭᠠᠳᠬᠠᠬᠤ ᠪᠠᠷ ᠪᠣᠯᠣᠭᠰᠠᠨ᠃ ᠪᠢ ᠴᠤ᠌ ᠦᠢᠯᠡᠲᠡᠢ ᠤᠳᠤᠨ ᠳᠤ ᠲᠥᠷᠥᠭᠰᠡᠨ ᠠᠮᠢᠲᠠᠨ ᠶᠤᠮ ᠡ! ᠲᠡᠭᠡᠭᠡᠳ ᠦᠢᠯᠡ ᠲᠠᠮᠤ ᠳᠠᠩᠳᠠ ᠨᠠᠮᠠᠶ᠋ᠢ ᠣᠷᠢᠶᠠᠭᠠᠳ ᠪᠠᠢᠬᠤᠯᠠᠷ ᠨᠢ ᠠᠷᠭ᠎ᠠ ᠶᠠᠳᠠᠬᠤ ᠳ᠋ᠠᠭᠠᠨ ᠪᠠᠳᠺᠠᠷ ᠤᠨ ᠭᠡᠭᠡᠨ ᠬᠤᠪᠢᠯᠭᠠᠨ ᠢᠶᠠᠷ ᠦᠵᠡᠭᠦᠯᠦᠭᠰᠡᠨ ᠳᠦ ᠬᠦᠦ ᠴᠢᠨᠢ ᠮᠡᠨᠳᠦ ᠯᠠ ᠪᠠᠢᠨ᠎ᠠ ᠭᠡᠬᠦ ᠪᠡᠷ ᠨᠢ ᠰᠡᠳᠬᠢᠯ ᠠᠷᠠᠢ ᠠᠭᠤᠵᠢᠷᠠᠭᠰᠠᠨ ᠶᠤᠮ ᠭᠡᠬᠦ ᠳ᠋ᠤᠨᠢ ᠵᠠᠩᠴᠤᠪ ᠳᠤᠰᠴᠤ᠄
— ᠠᠩᠴᠢᠨᠵᠠᠪ ᠮᠡᠨᠳᠦ ᠯᠠ ᠪᠠᠢᠨ᠎ᠠ ᠭᠡᠰᠡᠨ ᠦᠭᠡ᠃ ᠡᠵᠢ ᠲᠠ ᠰᠠᠨᠠᠭ᠎ᠠ ᠠᠮᠤᠷ ᠪᠠᠢ ᠭᠡᠯᠡ᠃
— ᠲᠡᠭᠡᠵᠦ ᠬᠡᠯᠡᠬᠦ ᠡᠴᠡ ᠡᠳᠦᠢᠴᠢᠨᠡᠭᠡᠨ ᠵᠢᠯ ᠪᠢ ᠬᠦᠦ ᠲᠠᠢ ᠪᠠᠨ ᠣᠯᠵᠤ ᠠᠭᠤᠯᠵᠠᠬᠤ ᠦᠭᠡᠢ ᠪᠠᠰᠠ ᠴᠤ᠌ ᠬᠡᠴᠡᠭᠦᠦ ᠶᠤᠮ ᠡ! ᠲᠡᠭᠡᠪᠡᠴᠦ ᠪᠢ ᠪᠡᠶ᠎ᠡ ᠳ᠋ᠡᠭᠡᠨ ᠵᠣᠷᠢᠭ ᠣᠷᠣᠭᠤᠯᠵᠤ ᠪᠡᠶ᠎ᠡ ᠪᠠᠢᠪᠠᠯ ᠪᠡᠭᠡᠵᠢᠩ ᠦᠵᠡᠨ᠎ᠡ ᠭᠡᠳᠡᠭ ᠢᠶᠡᠷ ᠠᠮᠢᠳᠤᠷᠠᠬᠤ ᠶᠢᠨ ᠡᠷᠬᠡᠨ ᠳᠦ ᠭᠡᠷ ᠣᠷᠣᠨ ᠦᠭᠡᠢ ᠡᠨᠳᠡ ᠲᠡᠨᠳᠡ ᠲᠡᠨᠦᠵᠦ᠂ ᠬᠦᠦ ᠪᠡᠨ ᠡᠷᠢᠵᠦ ᠰᠤᠷᠠᠵᠤ ᠶᠠᠪᠤᠯ᠎ᠠ ᠭᠡᠪᠡ᠃ ᠵᠠᠩᠴᠤᠪ ᠬᠤᠪᠢᠯᠴᠡᠴᠡᠭ ᠬᠥᠭᠰᠢᠨ ᠦ ᠮᠣᠳᠣᠨ ᠠᠶᠠᠭᠠᠨ ᠳᠤ ᠴᠠᠢ ᠳᠦᠭᠦᠷᠭᠡᠵᠦ᠄
— ᠲᠡᠭᠡᠭᠡᠳ ᠠᠩᠴᠢᠨᠵᠠᠪ ᠤᠨ ᠰᠤᠷᠠᠭ ᠢ ᠨᠢ ᠭᠠᠷᠭᠠᠪᠠ ᠤᠤ? ᠭᠡᠯᠡ᠃
— ᠠᠯᠳᠠᠭ ᠣᠨᠣᠭ ᠳᠣᠭᠣᠯᠤᠯᠠ᠃ ᠲᠠᠨ ᠤ ᠪᠠᠷᠠᠭᠤᠨ ᠭᠥᠩ ᠤᠨ ᠨᠤᠲᠤᠭ ᠲᠤ ᠯᠠ ᠪᠠᠢᠬᠤ ᠰᠤᠷᠠᠭ ᠲᠠᠢ ᠶᠤᠮ᠃
— ᠲᠡᠭᠡᠪᠡᠯ ᠰᠤᠷᠠᠭ ᠨᠢ ᠣᠢᠷᠠᠬᠠᠨ ᠯᠠ ᠪᠠᠢᠨ᠎ᠠ ᠳ᠋ᠠ᠃ ᠤᠳᠠᠬᠤ ᠦᠭᠡᠢ ᠠᠭᠤᠯᠵᠠᠬᠤ ᠪᠠᠢᠬ᠎ᠠ᠃
— ᠵᠠ ᠮᠡᠳᠡᠬᠦ ᠦᠭᠡᠢ ᠳ᠋ᠠ᠃ ᠴᠠᠭᠠᠳᠤᠬᠢ ᠴᠢᠨᠢ ᠪᠠᠷᠠᠭᠤᠨ ᠭᠥᠩ ᠦᠨ ᠭᠥᠩ ᠨᠣᠶᠠᠨ ᠤ ᠪᠠᠭ᠎ᠠ ᠬᠠᠲᠤᠨ ᠢ ᠤᠷᠤᠭᠤ ᠲᠠᠲᠠᠵᠤ ᠲᠣᠭᠲᠠᠭᠠᠭᠰᠠᠨ ᠶᠠᠯ᠎ᠠ ᠲᠠᠢ ᠶᠤᠮ ᠭᠡᠨ᠎ᠡ! ᠪᠠᠷᠢᠭᠳᠠᠪᠠᠯ ᠲᠡᠭᠡᠭᠡᠳ ᠳᠦᠭᠦᠷᠦᠭᠰᠡᠨ ᠰᠤᠤᠬᠠᠨ ᠡ! ᠪᠠᠷᠢᠭᠳᠠᠳᠠᠭ ᠦᠭᠡᠢ ᠴᠤ᠌ ᠪᠣᠯ ᠶᠠᠭᠠᠬᠢᠬᠤ ᠪᠣᠢ?
— ᠡᠨᠡ ᠪᠢᠲᠡᠭᠦᠦ ᠮᠤᠨᠠ ᠠᠭᠤᠯᠠᠨ ᠳᠤ ᠬᠣᠷᠭᠣᠳᠠᠭᠰᠠᠨ ᠪᠣᠯ ᠶᠠᠭᠠᠬᠢᠯ᠎ᠠ ᠭᠡᠵᠦ ᠪᠠᠷᠢᠭᠳᠠᠬᠤ ᠪᠣᠢ? ᠮᠡᠨᠳᠦ ᠯᠠ ᠪᠠᠢᠯᠭᠦᠢ!
— ᠡᠨᠡ ᠠᠭᠤᠯᠠᠨ ᠳᠤ ᠬᠣᠷᠭᠣᠳᠠᠵᠤ ᠪᠠᠢᠳᠠᠭ ᠶᠤᠮ ᠪᠣᠯᠪᠠ ᠤᠤ?ᠭᠣᠪᠢ ᠨᠤᠲᠤᠭ ᠤᠨ ᠬᠦᠦ ᠠᠭᠤᠯᠠ ᠬᠠᠳᠠᠨ ᠳᠤ ᠳᠡᠰᠦᠨᠡ ᠤᠤ ᠦᠭᠡᠢ ᠤᠤ ᠳ᠋ᠠ᠃ ᠭᠣᠪᠢ ᠤᠷᠤᠭᠤ ᠪᠠᠨ ᠶᠠᠪᠤᠴᠢᠬᠠᠭᠰᠠᠨ ᠪᠣᠯ ᠤᠤ?
ᠵᠠᠩᠴᠤᠪ᠂ ᠬᠥᠭᠰᠢᠨ ᠦ ᠬᠦᠦ ᠪᠡᠨ ᠭᠡᠳ ᠬᠠᠮᠢᠭ᠎ᠠ ᠬᠠᠷᠢ ᠨᠤᠲᠤᠭ ᠠᠴᠠ ᠡᠨᠳᠡ ᠮᠣᠩᠭᠠᠨᠢᠵᠤ ᠶᠠᠪᠤᠭ᠎ᠠ ᠶᠢ ᠮᠡᠳᠡᠭᠡᠳ ᠲᠤᠩ ᠥᠷᠥ᠍ ᠡᠪᠡᠳᠪᠡ᠃
ᠬᠤᠪᠢᠯᠴᠡᠴᠡᠭ ᠬᠥᠭᠰᠢᠨ ᠲᠦᠳᠡᠭ ᠦᠨ ᠰᠣᠷ ᠣᠴᠢᠯᠠᠨ ᠪᠤᠲᠠᠷᠠᠭᠰᠠᠨ ᠣᠢᠯ ᠳᠤ ᠲᠦᠩᠰᠦᠢᠨ ᠰᠠᠭᠤᠭ᠎ᠠ ᠵᠠᠩᠴᠤᠪ ᠢ ᠬᠠᠷᠠᠭᠠᠳ ᠨᠢᠯᠪᠤᠰᠤ ᠪᠠᠨ ᠠᠷᠴᠢᠨ᠎ᠠ᠃
— ᠠᠢ ᠬᠦᠦ ᠮᠢᠨᠢ᠂ ᠴᠢ ᠪᠢᠳᠠ ᠬᠣᠶᠠᠷ ᠬᠠᠨᠷᠠᠩᠭᠤᠢ ᠳᠤ ᠪᠣᠯᠪᠠᠴᠤ ᠬᠠᠯᠠᠭᠤᠬᠠᠨ ᠨᠤᠲᠤᠭ ᠤᠨ ᠡᠨᠡ ᠬᠠᠭᠤᠴᠢᠨ ᠪᠠᠭᠤᠷᠢᠨ ᠳᠡᠭᠡᠷ᠎ᠡ ᠠᠭᠤᠯᠵᠠᠵᠤ ᠲᠠᠨᠢᠯᠴᠠᠬᠤ ᠶᠢᠨ ᠢᠷᠦᠭᠡᠯ ᠲᠠᠢ ᠪᠠᠢᠵᠠᠢ᠃
— ᠶᠣᠰᠣᠲᠠᠢ ᠳ᠋ᠠ! ᠢᠷᠦᠭᠡᠯ ᠲᠠᠢ ᠳ᠋ᠡᠭᠡᠨ ᠲᠣᠭᠲᠠᠳᠠᠭ ᠭᠡᠳᠡᠭ ᠪᠢᠰᠢ ᠤᠤ ᠡᠵᠢ ᠡ! ᠲᠠ ᠨᠠᠮᠠᠶ᠋ᠢ ᠭᠣᠯᠣᠬᠤ ᠦᠭᠡᠢ ᠪᠣᠯ ᠬᠦᠦ ᠪᠡᠨ ᠭᠡᠵᠦ ᠲᠠᠨᠢᠪᠠᠯ ᠪᠢ ᠬᠦᠦ ᠶᠢᠨ ᠴᠢᠨᠢ ᠣᠷᠣᠨ ᠳᠤ ᠬᠥᠯ ᠢ ᠴᠢᠨᠢ ᠵᠢᠭᠢᠯᠭᠡᠵᠦ ᠶᠠᠪᠤᠶ᠎ᠠ ᠡ!
— ᠶᠠᠭᠤ ᠭᠣᠯᠣᠨ᠎ᠠ ᠭᠡᠵᠢ? ᠴᠢ ᠮᠢᠨᠢ ᠶᠠᠭ ᠯᠠ ᠬᠦᠦ ᠲᠠᠢ ᠮᠢᠨᠢ ᠠᠳᠠᠯᠢᠬᠠᠨ ᠰᠢᠦ ᠳ᠋ᠠ! ᠬᠠᠷᠢᠨ ᠬᠦᠦ ᠮᠢᠨᠢ᠂ ᠪᠢ ᠴᠢᠮ᠎ᠠ ᠳᠤ ᠯᠠᠨᠴᠢᠭ ᠴᠢᠷᠦᠭᠳᠡᠯ ᠪᠣᠯᠬᠤ ᠪᠣᠢ ᠭᠡᠪᠡ᠃
— ᠶᠠᠮᠠᠷ ᠯᠠᠨᠴᠢᠭ ᠪᠣᠯᠬᠤ ᠪᠣᠢ? ᠭᠡᠷ ᠦᠨ ᠬᠣᠢᠮᠤᠷ ᠲᠤ ᠨᠠᠰᠤᠲᠠᠢ ᠬᠥᠮᠥᠨ ᠲᠠᠢ ᠠᠢᠯ ᠪᠤᠶᠠᠨᠲᠠᠢ ᠬᠡᠰᠢᠭᠲᠡᠢ ᠭᠡᠳᠡᠭ᠃ ᠡᠵᠢ ᠡ!᠁ ᠭᠡᠵᠦ ᠵᠠᠩᠴᠤᠪ ᠬᠤᠪᠢᠯᠴᠡᠴᠡᠭ ᠬᠥᠭᠰᠢᠨ ᠲᠠᠢ ᠬᠣᠶᠠᠭᠤᠯᠠ ᠦᠦᠷ ᠦᠨ ᠭᠡᠭᠡ ᠰᠤᠪᠤᠷᠠᠲᠠᠯᠠ ᠶᠠᠷᠢᠯᠴᠠᠪᠠ᠃
ᠲᠠᠨᠢᠯᠴᠠᠭᠰᠠᠨ ᠡᠵᠢ ᠬᠦᠦ ᠬᠣᠶᠠᠷ ᠲᠡᠨᠳᠡ ᠡᠴᠡ ᠪᠤᠳᠠᠨ ᠤ ᠪᠣᠷᠣ ᠪᠢᠯᠵᠤᠤᠬᠠᠢ ᠪᠣᠰᠬᠤ ᠠᠴᠠ ᠡᠮᠦᠨ᠎ᠠ ᠵᠠᠪᠳᠤᠵᠤ ᠬᠥᠮᠥᠨ ᠠᠮᠢᠲᠠᠨ ᠲᠠᠨᠢᠴᠢᠬᠠᠬᠤ ᠠᠴᠠ ᠭᠡᠷᠰᠡᠦᠯᠡᠨ ᠡᠭᠦᠷᠭᠡ ᠲᠡᠭᠦᠷᠭᠡ ᠪᠡᠨ ᠡᠭᠦᠷᠦᠨ ᠬᠥᠳᠡᠯᠪᠡ ᠁
ᠡᠬᠡ ᠬᠦᠦ ᠲᠡᠨᠳᠡ ᠡᠴᠡ ᠪᠣᠰᠴᠤ ᠠᠶᠠᠷᠯᠠᠨ᠂ ᠠᠭᠤᠯᠠᠨ ᠤ ᠵᠥᠷᠢᠭ ᠢᠶᠡᠷ ᠵᠡᠭᠦᠨ ᠬᠣᠢᠰᠢᠯᠠᠵᠤ ᠵᠡᠭᠦᠨ ᠭᠥᠩ ᠦᠨ ᠬᠣᠰᠢᠭᠤᠨ ᠤ ᠬᠢᠯᠢ ᠳᠦ ᠣᠷᠣᠵᠤ ᠪᠠᠳᠺᠠᠷ ᠤᠨ ᠠᠭᠤᠯᠠᠨ ᠤ ᠬᠤᠵᠢᠷᠲᠤ ᠶᠢᠨ ᠭᠣᠣᠯ ᠭᠡᠳᠡᠭ ᠪᠤᠢᠳᠠᠬᠠᠨ ᠭᠠᠵᠠᠷ ᠰᠤᠩᠭᠤᠵᠤ ᠨᠤᠲᠤᠭᠯᠠᠪᠠ᠃
ᠬᠤᠪᠢᠯᠴᠡᠴᠡᠭ ᠬᠥᠭᠰᠢᠨ ᠵᠠᠩᠴᠤᠪ ᠢ ᠶᠣᠰᠣᠲᠠᠢ ᠯᠠ ᠬᠦᠦ ᠪᠡᠨ ᠭᠡᠵᠦ ᠡᠨᠡᠷᠢᠨ ᠬᠡᠳᠦᠨ ᠴᠠᠭᠠᠨ ᠢᠮᠠᠭ᠎ᠠ ᠪᠠᠨ ᠰᠢᠪᠲᠤᠷᠠᠵᠤ ᠰᠦ ᠰᠠᠭᠠᠯᠢ ᠠᠪᠴᠤ ᠴᠠᠢ ᠤᠮᠳᠠ ᠪᠠᠵᠠᠭᠠᠨ ᠡᠳᠦᠷᠵᠢᠨ ᠶᠠᠭᠠᠷᠠᠨ᠎ᠠ᠃ ᠵᠠᠩᠴᠤᠪ ᠦᠷᠭᠦᠯᠵᠢ ᠠᠩ ᠭᠥᠷᠥᠭᠡᠨ ᠳᠦ ᠶᠠᠪᠤᠵᠤ᠂ ᠲᠠᠨᠢᠵᠤ ᠮᠡᠳᠡᠬᠦ ᠬᠥᠮᠥᠨ ᠲᠠᠭᠠᠷᠠᠴᠢᠬᠠᠬᠤ ᠠᠴᠠ ᠪᠣᠯᠭᠣᠮᠵᠢᠯᠠᠨᠠ᠃
ᠵᠤᠨ ᠤ᠋ ᠲᠡᠬᠷᠢ ᠠᠷᠴᠢᠭᠰᠠᠨ ᠲᠣᠯᠢ ᠮᠡᠲᠦ ᠴᠡᠪᠡᠷ ᠲᠤᠩᠭᠠᠯᠠᠭ᠃ ᠨᠣᠵᠣᠭᠣᠷᠠᠭᠰᠠᠨ ᠵᠤᠩᠭᠠᠭᠲᠤ ᠨᠣᠢᠲᠠᠨ ᠠᠷᠴᠠᠨ ᠤ᠋ ᠦᠨᠦᠷ ᠳᠦᠭᠦᠷᠦᠭᠰᠡᠨ ᠮᠤᠨᠠ ᠠᠭᠤᠯᠠ ᠶᠢᠨ ᠡᠩᠭᠡᠷ ᠬᠣᠷᠮᠣᠢ ᠶᠡᠷᠦ ᠪᠤᠰᠤ ᠶ᠋ᠢᠨ ᠡᠷᠬᠢᠮᠰᠦᠭ ᠪᠠᠢᠯ᠎ᠠ᠃ ᠵᠠᠩᠴᠣᠪ ᠨᠤᠲᠤᠭ᠂ ᠭᠡᠷᠭᠡᠢ᠂ ᠬᠦᠦ ᠭᠤᠷᠪᠠ ᠪᠠᠨ ᠠᠷᠭ᠎ᠠ ᠦᠭᠡᠢ ᠰᠠᠨᠠᠵᠤ ᠨᠢᠭᠡᠨ ᠡᠳᠦᠷ ᠬᠠᠭᠤᠴᠢᠨ ᠪᠠᠭᠤᠷᠢ ᠵᠦᠭ ᠢ᠋ᠶ᠋ᠡᠨ ᠬᠥᠳᠡᠯᠦᠭᠡᠳ ᠬᠥᠷᠥᠭ ᠦ᠋ᠨ ᠭᠣᠣᠯ ᠤ᠋ᠨ ᠬᠠᠯᠠᠭᠠᠢᠲᠤ ᠶᠢᠨ ᠪᠤᠯᠤᠩ ᠳ᠋ᠤ᠌ ᠬᠦᠷᠴᠦ ᠢᠷᠡᠪᠡ᠃ ᠬᠠᠭᠤᠴᠢᠨ ᠮᠠᠭᠤ ᠭᠡᠷ ᠦ᠋ᠨ ᠬᠢᠨᠢ ᠬᠡᠷᠡᠮ ᠦ᠋ᠨ ᠴᠢᠯᠠᠭᠤᠨ ᠲᠥᠷᠥ ᠨᠤᠷᠠᠵᠤ ᠨᠤᠲᠤᠭ ᠤ᠋ᠨ ᠪᠠᠭᠤᠷᠢ ᠳᠡᠭᠡᠷ᠎ᠡ ᠯᠤᠤᠯᠢ᠂ ᠬᠠᠯᠠᠭᠠᠢ ᠪᠠᠭᠰᠢᠷᠠᠨ ᠤᠷᠭᠤᠵᠤ᠂ ᠪᠣᠷᠣᠭᠠᠨ ᠰᠠᠯᠬᠢᠨ ᠳ᠋ᠤ᠌ ᠢᠳᠡᠬᠳᠡᠬᠰᠡᠭᠡᠷ ᠪᠠᠢᠵᠤ ᠪᠠᠯᠠᠷᠠᠬᠤ ᠳ᠋ᠠᠭᠠᠨ ᠰᠢᠬᠠᠭᠰᠠᠨ ᠦᠨᠡᠰᠦᠨ ᠣᠪᠣᠭ᠎ᠠ ᠶ᠋ᠢᠨ ᠬᠠᠵᠠᠭᠤ ᠪᠠᠷ ᠬᠠᠶᠠᠭᠳᠠᠭᠰᠠᠨ ᠮᠠᠭᠤ ᠰᠠᠢᠨ ᠬᠠᠭᠤᠴᠢᠨ ᠭᠤᠲᠤᠯ ᠤ᠋ᠨ ᠰᠢᠷᠢᠨ ᠤᠯᠠ᠂ ᠪᠤᠯᠢᠭᠠᠷᠢ ᠲᠦᠷᠡᠢ ᠭᠠᠯ ᠳ᠋ᠤ᠌ ᠰᠢᠲᠠᠭᠳᠠᠭᠰᠠᠨ ᠰᠢᠭ᠋ ᠬᠠᠷᠠᠯᠠᠨ ᠦᠷᠴᠢᠢᠵᠦ ᠬᠡᠪ ᠲᠥᠯᠥᠪ ᠢᠶᠡᠨ ᠠᠯᠲᠠᠨ ᠥᠨᠥᠴᠢᠷᠡᠯᠲᠡᠢ ᠬᠡᠪᠲᠡᠬᠦ ᠨᠢ ᠲᠡᠭᠦᠨ ᠳ᠋ᠦ᠍ ᠴᠣᠷ ᠤ᠋ᠨ ᠭᠠᠭᠴᠠ ᠲᠠᠨᠢᠯ ᠡᠳ᠋ ᠪᠣᠯᠵᠤ ᠡᠯᠢᠭᠡᠰᠡᠭ ᠬᠠᠷᠠᠭᠳᠠᠯ᠎ᠠ᠁ ᠲᠡᠷᠡ ᠦᠷᠴᠢᠢᠭᠰᠡᠨ ᠬᠣᠷᠴᠢᠭᠠᠷ ᠭᠤᠲᠤᠯ ᠤ᠋ᠨ ᠳᠦᠷᠢ ᠶ᠋ᠢ ᠲᠡᠭᠦᠵᠦ ᠠᠪᠤᠭᠠᠳ ᠬᠥᠨᠳᠡᠢᠬᠡᠨ ᠨᠤᠭᠤᠯᠪᠠᠯ ᠫᠢᠰ ᠬᠢᠨ ᠶᠠᠬᠢᠷ ᠬᠠᠲᠠᠭᠰᠠᠨ ᠤᠢᠰᠤᠨ ᠤ᠋ ᠬᠠᠯᠢᠰᠤ ᠰᠢᠭ᠋ ᠬᠤᠭᠤᠷᠠᠪᠠ᠃ ᠥᠨᠥᠬᠢ ᠪᠡᠨ ᠰᠢᠳᠡᠴᠢᠬᠡᠭᠡᠳ ᠮᠠᠭᠤ ᠭᠡᠷ ᠦ᠋ᠨ ᠢ᠋ᠶ᠋ᠡᠨ ᠴᠢᠯᠠᠭᠤᠨ ᠳᠣᠷᠣ ᠳᠡᠭᠡᠷ᠎ᠡ ᠰᠠᠭᠤᠵᠤ ᠲᠠᠮᠠᠬᠢᠯᠠᠲᠠᠯᠠ ᠲᠡᠷᠲᠡᠭᠡ ᠵᠦᠯᠭᠡᠨ ᠳᠡᠭᠡᠷ᠎ᠡ ᠢᠯᠠᠭᠠᠷᠬᠠᠨ ᠢᠳᠡᠰᠢᠯᠡᠬᠦ ᠬᠡᠭᠡᠷ ᠮᠣᠷᠢ ᠳᠣᠷᠭᠢᠭᠰᠠᠨ ᠳ᠋ᠤ᠌ ᠲᠡᠭᠦᠨ ᠦ᠌ ᠮᠣᠷᠢᠨ ᠤ᠋ ᠬᠣᠷᠣᠬᠠᠢ ᠶ᠋ᠢ ᠶᠠᠭᠠᠬᠢᠬᠤ ᠠᠷᠭ᠎ᠠ ᠦᠭᠡᠢ ᠬᠥᠳᠡᠯᠭᠡᠪᠡ᠃
ᠡᠷ᠎ᠡ ᠬᠥᠮᠦᠨ ᠮᠣᠷᠢ ᠲᠠᠢ ᠪᠠᠢᠰᠠᠠ ᠴᠠᠭ ᠲᠤ ᠶᠠᠭᠤᠨ ᠠ᠋ᠴᠠ ᠴᠤ᠌ ᠠᠯᠵᠠᠬᠤ ᠶᠣᠰᠣ ᠦᠭᠡᠢ᠃ ᠬᠡᠴᠢᠨᠡᠭᠡᠨ ᠵᠢᠯ ᠮᠣᠷᠢᠨ ᠤ᠋ ᠨᠢᠷᠤᠭᠤᠨ ᠳ᠋ᠤ᠌ ᠭᠠᠷᠤᠭᠰᠠᠨ ᠦᠭᠡᠢ᠂ ᠥᠨᠥᠳᠥᠷ ᠦ᠋ᠨ ᠭᠠᠬᠠᠢ ᠶᠠᠪᠠᠭᠠᠨ ᠭᠤᠢᠷᠠᠨᠴᠢ ᠶᠢᠨ ᠳᠦᠷᠢ ᠪᠡᠨ ᠬᠠᠷᠠᠭᠠᠳ ᠢᠨᠢᠶᠡᠳᠦ ᠠᠯᠳᠠᠵᠤ᠂ ᠥᠨᠥᠬᠢ ᠬᠡᠭᠡᠷ ᠢ᠋ ᠵᠠᠢᠳᠠᠯᠠᠭᠠᠳ ᠥᠨᠳᠡᠢᠴᠢᠬᠡᠮᠡᠷ ᠰᠠᠨᠠᠭᠳᠠᠪᠠ᠃ ᠢᠩᠭᠢᠵᠦ ᠵᠢᠭᠦᠷ ᠤᠷᠭᠤᠭᠰᠠᠨ ᠵᠢᠭᠲᠡᠢ ᠰᠣᠨᠢᠨ ᠪᠣᠳᠣᠯ ᠤᠷᠭᠤᠭᠤᠯᠵᠤ ᠰᠠᠭᠤᠲᠠᠯ᠎ᠠ ᠳᠣᠯᠣᠭ᠎ᠠ ᠨᠠᠢ᠍ᠮᠠᠲᠠᠢ ᠬᠠᠷ᠎ᠠ ᠬᠦᠦ ᠬᠢᠯᠭᠠᠰᠤᠨ ᠴᠤᠯᠪᠤᠭᠤᠷ ᠲᠠᠢ ᠰᠤᠷ ᠨᠣᠭᠲᠣ ᠪᠠᠷᠢᠨ ᠢᠰᠬᠢᠷᠦᠭᠰᠡᠭᠡᠷ ᠬᠡᠭᠡᠷ ᠮᠣᠷᠢᠨ ᠤ᠋ ᠬᠠᠵᠠᠭᠤ ᠳ᠋ᠤ᠌ ᠲᠤᠯᠵᠤ ᠣᠴᠢᠪᠠ᠃
《ᠨᠠᠨ ᠬᠡᠨ ᠦ᠌ ᠬᠦᠦ ᠪᠣᠯᠴᠢᠬᠠᠪᠠ?》 ᠭᠡᠵᠦ ᠪᠣᠰᠤᠨ ᠴᠢᠳᠥᠷ ᠲᠡᠢ ᠮᠣᠷᠢ ᠤᠷᠤᠭᠤ ᠭᠡᠶᠦᠷᠡᠪᠡ᠃
ᠲᠡᠷᠡ ᠬᠠᠷ᠎ᠠ ᠬᠦᠦ ᠬᠡᠭᠡᠷ ᠮᠣᠷᠢ ᠶ᠋ᠢ ᠨᠣᠭᠲᠣᠯᠠᠴᠢᠬᠠᠭᠠᠳ ᠬᠥᠯ ᠳ᠋ᠦ᠍ᠨᠢ ᠰᠠᠭᠤᠵᠤ ᠴᠢᠳᠥᠷ ᠢ᠋ ᠨᠢ ᠳᠡᠢᠯᠦᠨ᠎ᠡ᠃ ᠮᠣᠷᠢᠨ ᠤ᠋ ᠪᠠᠨ ᠴᠢᠳᠥᠷ ᠢ᠋ ᠬᠦᠵᠦᠭᠦᠨ ᠳ᠋ᠦ᠍ᠨᠢ ᠵᠡᠭᠦᠯᠭᠡᠴᠢᠬᠡᠭᠡᠳ ᠶᠡᠬᠡ ᠬᠥᠮᠦᠨ ᠦ᠌ ᠣᠪᠣᠷ ᠭᠠᠷᠭᠠᠨ᠂ ᠨᠢᠷᠤᠭᠤ ᠪᠠᠨ ᠡᠭᠦᠷᠦᠨ ᠭᠡᠳᠡᠯᠵᠡᠵᠦ ᠶᠠᠪᠤᠯ᠎ᠠ᠃ ᠲᠡᠷᠡ ᠬᠠᠷ᠎ᠠ ᠬᠦᠦ ᠭᠡᠨᠡᠳᠲᠡ ᠬᠠᠵᠠᠭᠤ ᠳ᠋ᠤᠨᠢ ᠣᠢᠷᠠᠲᠤᠭᠰᠠᠨ《ᠭᠤᠢᠷᠠᠨᠴᠢ》 ᠶ᠋ᠢ ᠬᠠᠷᠠᠭᠠᠳ ᠠᠶᠣᠰᠬᠢᠵᠣ ᠠᠪᠤᠭᠰᠠᠨ ᠳ᠋ᠤ᠌ ᠮᠣᠷᠢ ᠨᠢ ᠴᠦ᠍ ᠡᠨᠡ ᠬᠦ᠌ ᠡᠯᠳᠡᠪ ᠦ᠋ᠨ ᠨᠣᠣᠷᠠᠬᠠᠢ ᠬᠣᠪᠴᠠᠰᠤᠲᠠᠢ ᠵᠠᠩᠴᠣᠪ ᠠ᠋ᠴᠠ ᠰᠣᠴᠢᠵᠤ ᠴᠢᠬᠢ ᠨᠢ ᠱᠣᠷᠣᠯᠵᠠᠠ ᠬᠠᠮᠠᠷ ᠢ᠋ᠶ᠋ᠠᠨ ᠬᠠᠷ ᠬᠤᠷ ᠳᠤᠤᠭᠠᠷᠭᠠᠨ ᠬᠦᠨᠡᠢᠷᠬᠡᠪᠡ᠃ ᠲᠡᠷᠡ ᠬᠠᠷ᠎ᠠ ᠬᠦᠦ《ᠬᠠᠢᠳ᠋᠂ ᠶᠠᠭᠠᠬᠢᠪᠠ?》 ᠭᠡᠵᠦ ᠴᠤᠯᠪᠤᠭᠤᠷ ᠢ᠋ᠶ᠋ᠠᠨ ᠳᠤᠭᠲᠤᠷᠤᠨ ᠵᠠᠩᠳᠤᠷᠴᠤ᠂ ᠲᠣᠯᠣᠭᠠᠢ ᠪᠠᠨ ᠲᠠᠯᠵᠡᠢᠯᠭᠠᠠ ᠵᠠᠩᠴᠣᠪ ᠢ᠋ ᠭᠠᠢᠬᠠᠨ ᠬᠠᠷᠠᠨ᠎ᠠ᠃
— ᠠ᠂ ᠰᠠᠢᠬᠠᠨ ᠮᠣᠷᠢ ᠪᠠᠢᠨ᠎ᠠ ᠳᠠ! ᠬᠦᠦ ᠬᠡᠳᠦᠲᠡᠢ ᠪᠣᠢ?
— ᠳᠣᠯᠣᠭᠠᠲᠠᠢ᠃ ᠲᠠ ᠮᠣᠩᠭᠣᠯ ᠬᠥᠮᠦᠨ ᠪᠠᠢᠭᠰᠠᠨ ᠶᠤᠮ ᠤᠤ?
— ᠲᠡᠢᠮᠦ ᠠ᠋!
— ᠲᠡᠭᠡᠪᠡᠯ ᠲᠠ ᠰᠠᠢᠨ ᠶᠠᠪᠤᠵᠤ ᠪᠠᠢᠨ᠎ᠠ ᠤᠤ? ᠪᠢ ᠴᠢᠨᠢ ᠲᠠᠨ ᠢ᠋ ᠭᠣᠣᠯ ᠤ᠋ᠨ ᠭᠤᠢᠷᠠᠨᠴᠢ ᠴᠤ᠌ ᠶᠤᠮ ᠤᠤ ᠭᠡᠵᠦ ᠪᠣᠳᠣᠯ᠎ᠠ ᠭᠡᠳ ᠢᠨᠢᠶᠡᠪᠡ᠃
— ᠠ᠂ ᠲᠡᠭᠡᠯᠭᠦᠢ ᠳᠡ! ᠮᠢᠨᠦ ᠡᠨᠡ ᠶᠠᠩᠵᠤ ᠪᠠᠷ ᠭᠤᠢᠷᠠᠨᠴᠢ ᠬᠡ ᠯᠡ ᠦᠭᠡᠢ ᠶᠠᠭᠠᠬᠢᠬᠤ ᠪᠣᠢ?
— ᠲᠠ ᠲᠡᠭᠡᠭᠡᠳ ᠬᠠᠮᠢᠭ᠎ᠠ ᠠ᠋ᠴᠠ ᠶᠠᠪᠤᠵᠤ᠂ ᠬᠡᠨ ᠦ᠌ ᠳ᠋ᠦ᠍ ᠣᠴᠢᠬᠤ ᠭᠡᠰᠡᠨ ᠪᠣᠢ?
— ᠣ᠂ ᠪᠢ ᠬᠣᠯᠠ ᠠ᠋ᠴᠠ ᠢᠷᠡᠯ᠎ᠡ! ᠭᠡᠵᠦ ᠭᠡᠷ ᠦ᠋ᠨ ᠢ᠋ᠶ᠋ᠡᠨ ᠪᠠᠭᠤᠷᠢ ᠤᠷᠤᠭᠤ ᠵᠢᠭᠠᠵᠤ᠂《ᠡᠨᠡ ᠠᠢᠯ ᠤ᠋ᠨ ᠬᠢᠨ ᠬᠡᠵᠢᠶ᠎ᠡ ᠬᠠᠮᠢᠭᠠᠰᠢ ᠪᠠᠨ ᠨᠡᠭᠦᠭᠰᠡᠨ ᠢ᠋ ᠬᠦᠦ ᠮᠡᠳᠡᠬᠦ ᠤᠤ? ᠭᠡᠵᠦ ᠠᠰᠠᠭᠤᠪᠠᠯ᠂
— ᠮᠡᠳᠡᠬᠦ ᠦᠭᠡᠢ! ᠭᠡᠵᠦ ᠲᠣᠯᠣᠭᠠᠢ ᠪᠠᠨ ᠰᠡᠬᠰᠥᠷᠥᠬᠰᠡᠡ ᠢᠶᠡᠨ ᠲᠠ ᠤᠤᠯ ᠳ᠋ᠠᠭᠠᠨ ᠡᠨᠡ ᠠᠢᠯ ᠤ᠋ᠨ ᠬᠢᠨ ᠢ᠋ ᠲᠠᠨᠢᠳᠠᠭ ᠤᠤ? ᠭᠡᠪᠡ᠃
— ᠰᠠᠢᠨ ᠲᠠᠨᠢᠬᠤ ᠦᠭᠡᠢ ᠠ᠋! ᠭᠡᠬᠦ ᠳ᠋ᠡᠭᠡᠨ ᠠᠭᠤᠯᠵᠠᠵᠤ ᠪᠠᠢᠭᠰᠠᠨ᠃
— ᠮᠢᠨᠦ ᠠᠪᠤ ᠶ᠋ᠢᠨ ᠬᠡᠯᠡᠬᠦ ᠪᠡᠷ ᠡᠨᠳᠡ ᠰᠦᠷᠡᠬᠡᠢ ᠴᠡᠴᠡᠨ ᠫᠤᠤᠴᠢ ᠰᠠᠭᠤᠵᠤ ᠪᠠᠢᠯ᠎ᠠ ᠭᠡᠰᠡᠨ᠃
— ᠲᠡᠭᠡᠭᠡᠳ ᠶᠠᠭᠠᠬᠢᠪᠠ?
— ᠲᠡᠭᠡᠭᠡᠳ ᠰᠡᠭᠦᠯ ᠳ᠋ᠦ᠍ᠨᠢ ᠴᠡᠷᠢᠭ ᠲᠦ᠍ ᠶᠠᠪᠤᠭᠠᠳ ᠠᠯᠠᠭ᠎ᠠ ᠪᠣᠯᠤᠯ᠎ᠠ᠂ ᠠᠯᠠᠭᠳᠠᠯ᠎ᠠ ᠴᠤ᠌ ᠭᠡᠪᠡ ᠤᠤ!
— ᠭᠡᠷ ᠨᠢ ᠬᠠᠮᠢᠭᠠᠰᠢ ᠪᠠᠨ ᠨᠡᠭᠦᠪᠡ?
— ᠠᠶ᠎ᠠ᠂ ᠠᠪᠤ ᠶ᠋ᠢᠨ ᠬᠡᠯᠡᠬᠦ ᠪᠡᠷ ᠪᠯᠮᠠᠣ ᠨᠠᠭ᠎ᠠ ᠳᠡᠭᠡᠷᠡᠮ ᠳ᠋ᠦ᠍ ᠲᠣᠨᠣᠭᠤᠯᠵᠤ ᠶᠠᠭᠤ ᠴᠤ᠌ ᠦᠭᠡᠢ ᠬᠣᠭᠣᠰᠣᠷᠣᠭᠠᠳ ᠰᠡᠭᠦᠯ ᠳ᠋ᠦ᠍ᠨᠢ ᠨᠢᠭᠡ ᠰᠠᠢᠨ ᠬᠥᠮᠦᠨ ᠢ᠋ ᠳᠠᠭᠠᠭᠠᠳ ᠬᠣᠯᠠ ᠶᠠᠪᠤᠴᠢᠬᠠᠯ᠎ᠠ! ᠭᠡᠰᠡᠨ ᠭᠡᠳ ᠲᠡᠷᠡ ᠠᠭᠤᠯᠠ ᠶᠢᠨ ᠲᠡᠷᠲᠡᠭᠡ ᠵᠦᠭ ᠢ᠋ ᠵᠢᠭᠠᠪᠠ᠃
— ᠠᠪᠤ ᠴᠢᠨᠢ ᠬᠡᠨ ᠭᠡᠳᠡᠭ ᠪᠣᠢ?
— ᠨᠠᠷᠠᠠᠳᠡᠭᠥᠰ! ᠭᠡᠳ ᠥᠨᠥᠬᠢ ᠬᠠᠷ᠎ᠠ ᠬᠦᠦ ᠬᠡᠭᠡᠷ ᠮᠣᠷᠢ ᠪᠠᠨ ᠬᠥᠲᠥᠯᠦᠨ ᠶᠠᠪᠤᠵᠤ ᠪᠦᠳᠦᠭᠦᠨ ᠬᠣᠨᠢᠨ ᠴᠢᠯᠠᠭᠤᠨ ᠤ᠋ ᠬᠠᠵᠠᠭᠤ ᠳ᠋ᠤ᠌ ᠵᠣᠭᠰᠣᠭᠠᠳ ᠮᠤᠨᠳᠠᠭ᠎ᠠ ᠶ᠋ᠢ ᠨᠢ ᠰᠢᠭᠦᠷᠡᠨ ᠮᠣᠷᠳᠠᠭᠠᠳ ᠳᠠᠪᠬᠢᠵᠤ ᠣᠳᠪᠠ᠁
