ᠦᠷ ᠦᠨ ᠲᠤᠶᠠᠭ᠎ᠠ I – ᠪ᠂ ᠷᠢᠨᠴᠢᠨ - ᠲᠡᠷᠢᠬᠦᠨ ᠲᠡᠪᠲᠡᠷ <ᠮᠠᠨᠵᠤ ᠶᠢᠨ ᠳᠠᠯᠬᠢᠨ ᠳᠤ>(ᠠᠷᠪᠠᠨ ᠬᠣᠶᠠᠷ) Үүрийн туяа I – Б ᠂ Ренчин Тэргүүн дэвтэр "<Манжийн талхинд" (12) ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠷ ᠦᠨ ᠲᠤᠶᠠᠭ᠎ᠠ I – ᠪ᠂ ᠷᠢᠨᠴᠢᠨ - ᠲᠡᠷᠢᠬᠦᠨ ᠲᠡᠪᠲᠡᠷ <ᠮᠠᠨᠵᠤ ᠶᠢᠨ ᠳᠠᠯᠬᠢᠨ ᠳᠤ>(ᠠᠷᠪᠠᠨ ᠬᠣᠶᠠᠷ) Үүрийн туяа I – Б ᠂ Ренчин Тэргүүн дэвтэр "<Манжийн талхинд" (12)

ᠦᠷ ᠦᠨ ᠲᠤᠶᠠᠭ᠎ᠠ I – ᠪ᠂ ᠷᠢᠨᠴᠢᠨ - ᠲᠡᠷᠢᠬᠦᠨ ᠲᠡᠪᠲᠡᠷ <ᠮᠠᠨᠵᠤ ᠶᠢᠨ ᠳᠠᠯᠬᠢᠨ ᠳᠤ>(ᠠᠷᠪᠠᠨ ᠬᠣᠶᠠᠷ) Үүрийн туяа I – Б ᠂ Ренчин Тэргүүн дэвтэр "<Манжийн талхинд" (12)

ᠠᠩᠭᠢᠯᠠᠯ:ᠲᠤᠭᠤᠵᠢ ᠷᠣᠮᠠᠨ
2024-11-13

517

ᠠᠷᠪᠠᠨ ᠬᠣᠶᠠᠷ᠂ ᠪᠤᠷᠬᠠᠨ ᠠᠮᠪᠠᠨ


                    ᠬᠥᠮᠦᠨ ᠦ᠌ ᠪᠤᠷᠬᠠᠨ᠂ ᠥᠪᠡᠷᠦᠨ ᠪᠤᠭ ᠬᠣᠶᠠᠷ ᠠᠳᠠᠯᠢ    
                                (ᠠᠷᠠᠳ ᠤ᠋ᠨ ᠰᠡᠴᠡᠨ ᠦᠭᠡ) 

       ᠲᠡᠷᠡ ᠬᠠᠪᠤᠷ ᠲᠠᠭᠠᠨ ᠵᠠᠮᠪᠠ᠂ ᠬᠣᠰᠢᠭᠤ ᠶ᠋ᠢᠨ ᠬᠢᠨ ᠲᠡᠢ ᠬᠦᠷᠢᠶ᠎ᠡ ᠣᠷᠣᠵᠠᠢ᠃ ᠮᠣᠷᠳᠠᠬᠤ ᠶ᠋ᠢᠨ ᠡᠮᠦᠨ᠎ᠡ ᠲᠠᠨᠢᠳᠠᠭ ᠵᠢᠷᠤᠬᠠᠢᠴᠢ ᠯᠠᠮᠠ ᠶ᠋ᠢᠨ ᠳ᠋ᠦ᠍ ᠣᠴᠢᠵᠤ᠂ ᠡᠳᠦᠷ ᠦᠵᠡᠭᠦᠯᠦᠭᠡᠳ ᠮᠥᠷ ᠭᠠᠷᠭᠠᠬᠤ ᠵᠦᠭ ᠢ᠋ᠶ᠋ᠡᠨ ᠬᠡᠯᠡᠭᠦᠯᠵᠦ ᠠᠪᠤᠭᠠᠳ ᠲᠡᠷᠡ ᠶᠣᠰᠣᠭᠠᠷ ᠨᠢ ᠮᠣᠷᠳᠠᠵᠤ ᠪᠢᠯᠡ᠃ ᠪᠣᠭᠳᠠ ᠵᠢᠪᠽᠥ᠋ᠨᠳᠠᠮᠪᠠ ᠳ᠋ᠤ᠌ ᠡᠷᠭᠦᠨ᠎ᠡ ᠭᠡᠵᠦ ᠬᠤᠨ ᠤ᠋ ᠵᠢᠭᠦᠷ ᠪᠣᠯᠤᠭᠰᠠᠨ ᠵᠢᠷᠣᠭ᠎ᠠ ᠴᠠᠭᠠᠨ ᠢ᠋ᠶ᠋ᠠᠨ ᠠᠷᠪᠠᠢ ᠪᠠᠷ ᠪᠣᠷᠳᠣᠭᠠᠳ᠂ ᠳᠡᠯ ᠢ᠋ ᠨᠢ ᠵᠠᠰᠠᠵᠤ᠂ ᠠᠶᠠᠨ ᠤ᠋ ᠬᠥᠰᠬᠡ ᠲᠡᠢ ᠬᠠᠮᠲᠤ ᠠᠪᠴᠤ ᠮᠣᠷᠳᠠᠵᠤ ᠪᠢᠯᠡ᠃ 
       ᠵᠠᠮ ᠳ᠋ᠤᠨᠢ ᠶᠠᠪᠠᠭᠠᠨ ᠬᠦᠷᠢᠶ᠎ᠡ ᠣᠷᠣᠵᠤ ᠶᠠᠪᠤᠭᠰᠠᠨ ᠨᠢᠭᠡᠨ ᠪᠠᠳᠢᠷᠴᠢᠨ᠂ ᠤᠷᠲᠤ ᠤᠷᠭᠤᠭᠰᠠᠨ ᠪᠤᠭᠤᠷᠤᠯ ᠬᠥᠮᠦᠰᠬᠡᠨ ᠳᠣᠣᠷ᠎ᠠ ᠠ᠋ᠴᠠ ᠶᠡᠬᠡᠯ᠎ᠡ (ᠶᠡᠬᠡ ᠯᠡ)ᠵᠠᠯᠢ ᠲᠠᠢ ᠪᠠᠷ ᠬᠠᠷᠠᠳᠠᠭ ᠰᠦᠷᠡᠬᠡᠢ ᠨᠢᠳᠦᠲᠡᠢ ᠴᠢᠭᠢᠷᠠᠭ ᠡᠪᠦᠭᠡᠨ ᠲᠡᠳᠡᠨ ᠲᠡᠢ ᠨᠡᠢᠯᠡᠵᠦ᠂ ᠨᠢᠭᠡ ᠢᠯᠡᠭᠦᠦ ᠲᠡᠮᠡᠭᠡ ᠶ᠋ᠢ ᠨᠢ ᠤᠨᠤᠭᠠᠳ᠂ ᠵᠠᠮ ᠤ᠋ᠨ ᠤᠷᠲᠤ ᠶ᠋ᠢ ᠪᠠᠳᠢᠷᠴᠢᠨ ᠤ᠋ ᠶᠠᠷᠢᠶ᠎ᠠ ᠪᠠᠷ ᠬᠣᠷᠣᠭᠠᠵᠤ᠂ ᠰᠢᠲᠦ ᠬᠢᠬᠤᠨᠠᠨ ᠲᠡᠭᠰᠢᠬᠡᠨ ᠵᠢᠭᠳᠡ ᠠᠯᠬᠤᠵᠤ ᠶᠠᠪᠤᠭ᠎ᠠ ᠲᠡᠮᠡᠭᠡᠨ ᠦ᠌ ᠠᠯᠬᠤᠳᠠᠯ ᠳ᠋ᠤ᠌ ᠨᠡᠢᠯᠡᠭᠦᠯᠦᠨ ᠪᠥᠬᠥᠯᠵᠡᠵᠦ᠂ ᠵᠠᠮᠪᠠ ᠲᠠᠢ ᠳᠥᠷᠥᠭᠡ ᠵᠡᠷᠭᠡᠴᠡᠨ ᠶᠠᠪᠤᠬᠤ ᠳ᠋ᠠᠭᠠᠨ᠂ ᠪᠤᠶᠠᠨ᠎ᠠ ᠳᠡᠯᠭᠡᠷᠡᠭᠰᠡᠨ ᠠᠷᠤ ᠬᠠᠯᠬ᠎ᠠ ᠶ᠋ᠢᠨ ᠭᠠᠵᠠᠷ ᠨᠠᠢ᠍ᠮᠠᠨ ᠤᠳᠠᠭ᠎ᠠ ᠮᠡᠨᠳᠦᠯᠡᠵᠦ ᠪᠠᠢᠭ᠎ᠠ ᠪᠣᠭᠳᠠ ᠲᠠᠷᠠᠨᠠᠳ ᠤ᠋ᠨ ᠬᠤᠪᠢᠯᠭᠠᠨ ᠤ᠋ ᠷᠢᠳᠢ ᠰᠢᠳᠢ ᠶ᠋ᠢᠨ ᠭᠠᠢᠬᠠᠮᠰᠢᠭᠲᠤ ᠵᠦᠢᠯ ᠢ᠋ ᠶᠠᠷᠢᠵᠤ᠃    
       ᠤᠰᠤᠨ ᠨᠢᠳᠦᠲᠡᠢ᠂ ᠴᠢᠰᠤᠨ ᠵᠢᠷᠦᠬᠡ ᠲᠡᠢ ᠬᠢᠯᠢᠨᠴᠡᠲᠡᠨ ᠠᠮᠢᠲᠠᠨ᠂ ᠳᠡᠭᠡᠷᠡᠬᠢ ᠶ᠋ᠢᠨ ᠭᠡᠭᠡᠬᠡᠨ(ᠭᠡᠭᠡᠨ) ᠢ᠋ ᠠᠷᠢᠬᠢᠨ ᠳ᠋ᠤ᠌ ᠰᠢᠨᠤᠯᠲᠠᠢ ᠭᠡᠳᠡᠭ᠃ ᠲᠡᠭᠡᠬᠦ ᠳ᠋ᠦ᠍ ᠭᠡᠭᠡᠭᠡᠨᠲᠡᠨ ᠠᠷᠢᠬᠢ ᠵᠣᠭᠣᠭᠯᠠᠬᠤ ᠳ᠋ᠠᠭᠠᠨ ᠱᠠᠰᠢᠨ ᠠᠮᠢᠲᠠᠨ ᠤ᠋ ᠲᠥᠯᠥᠭᠡ ᠯᠡ ᠵᠣᠭᠣᠭᠯᠠᠵᠤ ᠪᠠᠢᠭ᠎ᠠ ᠶᠤᠮ ᠰᠢᠦ ᠳᠡ᠃ ᠪᠢ ᠴᠢᠮᠠᠲᠤ( ᠴᠢᠮ᠎ᠠ ᠳ᠋ᠤ᠌) ᠣᠳᠣ ᠶ᠋ᠢᠨ ᠬᠦᠢ ᠠᠮᠪᠠᠨ ᠤ᠋ ᠨᠢᠭᠡ ᠶᠠᠪᠤᠳᠠᠯ ᠢ᠋ ᠶᠠᠷᠢᠵᠤ ᠥᠭᠭᠦᠶ᠎ᠡ ᠭᠡᠵᠦ᠂ ᠲᠡᠮᠡᠭᠡᠨ ᠳᠡᠭᠡᠷ᠎ᠡ ᠪᠡᠨ ᠵᠠᠮᠪᠠ ᠲᠡᠰᠢ ᠡᠷᠭᠢᠵᠦ ᠰᠠᠭᠤᠭᠠᠳ ᠲᠡᠷᠡ ᠪᠠᠳᠢᠷᠴᠢ ᠶ᠋ᠢᠨ ᠶᠠᠷᠢᠭᠰᠠᠨ ᠨᠢ᠄ 
       — ᠬᠦᠢ ᠠᠮᠪᠠᠨ᠂ ᠪᠡᠭᠡᠵᠢᠩ ᠡᠴᠡ ᠳᠡ ᠬᠦᠷᠢᠶ᠎ᠡ ᠣᠷᠣᠬᠤ ᠵᠠᠮ ᠳ᠋ᠠᠭᠠᠨ᠂ ᠲᠡᠷᠭᠡᠨ ᠳ᠋ᠦ᠍ ᠰᠠᠭᠤᠵᠤ ᠶᠠᠪᠤᠭᠰᠠᠭᠠᠷ ᠪᠡᠶ᠎ᠡ ᠴᠢᠯᠡᠵᠦ ᠮᠣᠷᠢ ᠤᠨᠤᠬᠤ ᠰᠠᠨ ᠭᠡᠵᠦ ᠨᠢᠭᠡ ᠥᠷᠲᠡᠭᠡᠨ ᠳᠡᠭᠡᠷ᠎ᠡ ᠡᠴᠡ ᠠᠳᠤᠭᠤᠨ ᠰᠦᠷᠦᠭ ᠦ᠋ᠨ ᠬᠢᠨᠢ ᠮᠠᠩᠯᠠᠢ ᠪᠣᠯᠤᠭᠰᠠᠨ ᠶᠡᠷᠦ ᠬᠤᠢ ᠰᠠᠯᠬᠢᠨ ᠳ᠋ᠤ᠌ ᠴᠤ᠌ ᠭᠦᠢᠴᠡᠭᠳᠡᠳᠡᠭ ᠦᠭᠡᠢ ᠬᠤᠷᠳᠤᠨ ᠮᠣᠷᠢ ᠶ᠋ᠢ ᠤᠨᠤᠭᠠᠳ ᠳᠠᠪᠬᠢᠵᠤ ᠭᠡᠨ᠎ᠡ᠃  ᠳᠠᠪᠬᠢᠭᠰᠠᠭᠠᠷ᠂ ᠨᠥᠬᠥᠳ ᠳᠠᠭᠠᠯᠲᠠ ᠠ᠋ᠴᠠ ᠲᠦᠷᠦᠭᠦᠯᠡᠵᠦ ᠶᠠᠪᠤᠲᠠᠯ᠎ᠠ ᠮᠣᠷᠢ ᠨᠢ ᠨᠢᠭᠡ ᠶᠠᠭᠤᠮᠠᠨ ᠠ᠋ᠴᠠ ᠦᠷᠭᠦᠵᠦ ᠬᠤᠯᠤᠪ ᠦᠰᠦᠷᠴᠦ ᠭᠡᠨ᠎ᠡ᠂ ᠠᠮᠪᠠᠨ ᠰᠤᠭᠤ ᠦᠰᠦᠷᠴᠦ ᠣᠢᠴᠢᠭᠠᠳ ᠭᠠᠢ ᠪᠣᠯᠵᠤ᠂ ᠥᠷᠥᠭᠡᠰᠦᠨ ᠬᠥᠯ ᠨᠢ ᠳᠥᠷᠦᠭᠡᠨ ᠳ᠋ᠡᠭᠡᠨ ᠴᠢᠷᠦᠭᠦᠯᠳᠡᠵᠦ᠂ ᠪᠠᠷᠠᠭ᠎ᠠ(ᠪᠠᠷ᠎ᠠ) ᠪᠣᠯᠤᠭᠰᠠᠨ ᠬᠢᠶ᠎ᠡ ᠳᠠᠭᠠᠯᠲᠠ ᠨᠢ ᠤᠬᠠᠭᠠᠨ ᠠᠮᠢ ᠦᠭᠡᠢ ᠠᠶᠤᠵᠤ ᠬᠣᠢᠨ᠎ᠠ ᠠ᠋ᠴᠠ ᠨᠢ ᠳᠠᠪᠬᠢᠯᠳᠤᠨ ᠬᠠᠷᠠᠲᠠᠯ᠎ᠠ ᠠᠮᠪᠠᠨ ᠳᠥᠷᠦᠭᠡᠨ ᠳ᠋ᠡᠭᠡᠨ ᠴᠢᠷᠦᠭᠳᠡᠨ᠂ ᠭᠠᠵᠠᠷ ᠬᠦᠷᠦᠯ ᠦᠭᠡᠢ ᠨᠢᠰᠴᠦ ᠶᠠᠪᠤᠭ᠎ᠠ ᠶᠤᠮ ᠰᠢᠭ᠋ ᠶᠠᠪᠤᠭᠰᠠᠭᠠᠷ ᠭᠠᠵᠠᠷ ᠠᠶᠠᠷᠬᠠᠨ ᠪᠠᠭᠤᠵᠤ ᠭᠡᠨ᠎ᠡ᠂ ᠰᠡᠩᠳᠡ ᠮᠡᠩᠳᠡ ᠳᠡᠷᠭᠡᠳᠡ ᠨᠢ ᠣᠴᠢᠲᠠᠯ᠎ᠠ ᠠᠮᠪᠠᠨ ᠪᠡᠶ᠎ᠡ ᠳ᠋ᠦ᠍ᠨᠢ ᠣᠭᠲᠣ ᠭᠡᠮ ᠬᠣᠣᠷ ᠪᠣᠯᠤᠭᠰᠠᠨ ᠦᠭᠡᠢ᠂ ᠪᠣᠰᠤᠭᠠᠳ ᠬᠥᠯ ᠡᠴᠡ ᠪᠡᠨ ᠬᠢᠲᠤᠭ᠎ᠠ ᠪᠠᠷ ᠲᠠᠰᠤ ᠣᠭᠲᠣᠯᠤᠭᠰᠠᠨ ᠳᠥᠷᠥᠭᠡ ᠪᠡᠨ ᠰᠤᠭᠤᠯᠵᠠᠢ᠃ ᠪᠠᠷᠠᠭ᠎ᠠ(ᠪᠠᠷ᠎ᠠ) ᠪᠣᠯᠣᠭᠰᠠᠳ᠂ ᠠᠮᠪᠠᠨ ᠤ᠋ ᠲᠡᠢᠮᠦ ᠪᠡᠷᠬᠡ ᠠᠶᠤᠯ ᠠ᠋ᠴᠠ ᠣᠰᠣᠯ ᠭᠡᠮ ᠦᠭᠡᠢ᠂ ᠶᠡᠬᠡ ᠰᠠᠮᠪᠠᠭ᠎ᠠ ᠲᠠᠢ ᠪᠠᠷ ᠭᠠᠷᠤᠭᠰᠠᠨ ᠤ᠋ ᠪᠠᠶᠠᠷ ᠬᠦᠷᠭᠡᠵᠡᠢ᠃ ᠲᠡᠭᠡᠬᠦ ᠳ᠋ᠦ᠍ᠨᠢ ᠨᠥᠭᠥᠭᠡᠬᠢ ᠠᠮᠪᠠᠨ᠄  
       — ᠮᠢᠨᠦ ᠰᠠᠮᠪᠠᠭ᠎ᠠ ᠣᠭᠲᠣ ᠬᠠᠮᠢᠶ᠎ᠠ ᠦᠭᠡᠢ ᠬᠡᠷᠡᠭ᠂ ᠪᠢ ᠳᠥᠷᠦᠭᠡᠨ ᠳ᠋ᠡᠭᠡᠨ ᠴᠢᠷᠦᠭᠦᠯᠳᠡᠵᠦ ᠦᠬᠦᠯ᠎ᠡ ᠭᠡᠵᠦ ᠨᠢᠭᠡ ᠦᠶ᠎ᠡ ᠪᠣᠳᠣᠭᠰᠠᠨ ᠲᠡᠭᠡᠲᠡᠯ᠎ᠡ ᠴᠠᠭᠠᠨ ᠮᠣᠷᠢᠲᠠᠢ ᠨᠢᠭᠡ ᠵᠠᠯᠠᠭᠤ ᠯᠠᠮᠠ ᠳᠠᠪᠬᠢᠵᠤ ᠢᠷᠡᠭᠡᠳ᠂ ᠮᠢᠨᠦ ᠠᠮᠢ ᠠᠪᠤᠷᠠᠭᠠᠳ᠂ ᠪᠠᠰᠠ ᠬᠣᠶᠠᠷ ᠤᠳᠠᠭ᠎ᠠ ᠨᠠᠳᠠᠳᠤ ᠲᠤᠰᠠᠯᠠᠵᠤ ᠠᠶᠤᠯ ᠠ᠋ᠴᠠ ᠠᠪᠤᠷᠠᠨ᠎ᠠ ᠭᠡᠵᠦ ᠠᠢᠯᠠᠳᠴᠠᠢ᠃ ᠲᠡᠷᠡ ᠯᠠᠮᠠ ᠶ᠋ᠢᠨ ᠪᠠᠢᠳᠠᠯ ᠳᠦᠷᠢ ᠲᠡᠢᠮᠦ ᠲᠡᠢᠮᠦ ᠭᠡᠵᠦ ᠬᠡᠯᠡᠵᠡᠢ᠃ ᠲᠡᠭᠦᠨ ᠢ᠋ ᠡᠷᠭᠢᠴᠡᠭᠦᠯᠦᠨ ᠪᠣᠳᠣᠬᠤ ᠳ᠋ᠤ᠌ ᠠᠮᠪᠠᠨ ᠤ᠋ ᠦᠵᠡᠭᠡ ᠦᠭᠡᠢ ᠳᠡᠭᠡᠷᠡᠬᠢ ᠶ᠋ᠢᠨ ᠭᠡᠭᠡᠬᠡᠨ ᠭᠠᠷᠴᠠᠭ᠎ᠠ ᠦᠭᠡᠢ ᠮᠥᠨ ᠪᠠᠢᠵᠠᠢ᠃   
       ᠤᠯᠤᠰ ᠶᠡᠬᠡ ᠭᠠᠢᠬᠠᠵᠤ ᠭᠡᠨ᠎ᠡ ᠳᠡ᠃ ᠲᠡᠭᠡᠭᠡᠳ ᠬᠦᠷᠢᠶᠡᠨ ᠳ᠋ᠦ᠍ ᠢᠷᠡᠭᠰᠡᠨ ᠬᠣᠢᠨ᠎ᠠ ᠳᠡᠭᠡᠷᠡᠬᠢ ᠶ᠋ᠢᠨ ᠭᠡᠭᠡᠬᠡᠨ ᠦ᠌ ᠳᠡᠷᠭᠡᠳᠡ ᠶ᠋ᠢᠨ ᠪᠠᠷᠠᠭ᠎ᠠ(ᠪᠠᠷ᠎ᠠ) ᠪᠣᠯᠣᠭᠰᠠᠳ ᠠ᠋ᠴᠠ ᠲᠡᠷᠡ ᠰᠠᠷ᠎ᠠ ᠶ᠋ᠢᠨ ᠲᠡᠷᠡ ᠡᠳᠦᠷ ᠶᠠᠭᠤ ᠶᠠᠭᠤ ᠪᠣᠯᠤᠭᠰᠠᠨ ᠢ᠋ ᠠᠰᠠᠭᠤᠵᠤ ᠭᠡᠨ᠎ᠡ ᠳᠡ᠂ ᠲᠡᠭᠡᠬᠦ ᠳ᠋ᠦ᠍ᠨᠢ ᠳᠡᠷᠭᠡᠳᠡ ᠶ᠋ᠢᠨ ᠰᠢᠳᠠᠷ ᠪᠠᠷᠠᠭ᠎ᠠ(ᠪᠠᠷ᠎ᠠ) ᠪᠣᠯᠤᠭᠴᠢᠳ ᠲᠡᠷᠡ ᠡᠳᠦᠷ ᠳᠡᠭᠡᠷᠡᠬᠢ ᠶ᠋ᠢᠨ ᠭᠡᠭᠡᠭᠡᠨᠲᠡᠨ ᠠᠷᠢᠬᠢ ᠠᠪᠤᠭᠠᠳ ᠢᠷ᠎ᠡ ᠭᠡᠵᠦ ᠠᠷᠢᠬᠢ ᠠᠪᠴᠢᠷᠠᠭᠤᠯᠤᠭᠠᠳ ᠶᠡᠬᠡᠯ᠎ᠡ(ᠶᠡᠬᠡ ᠯᠡ) ᠬᠥᠯᠴᠥᠭᠦᠦ ᠮᠣᠷᠢᠯᠠᠵᠤ ᠪᠠᠢᠭᠰᠠᠨ ᠢ᠋ᠶ᠋ᠠᠨ ᠭᠡᠨᠡᠳᠲᠡ ᠬᠠᠢᠷᠠᠲᠠᠢ ᠴᠠᠭᠠᠨ ᠮᠣᠷᠢ ᠪᠠᠨ ᠡᠮᠡᠭᠡᠯᠯᠡᠭᠦᠯᠦᠭᠡᠳ ᠬᠥᠯᠴᠥᠭᠦᠦ ᠪᠡᠷ ᠬᠡᠭᠡᠷ᠎ᠡ ᠳᠠᠪᠬᠢᠵᠤ ᠭᠡᠨ᠎ᠡ᠃ ᠳᠠᠪᠬᠢᠬᠤ ᠳ᠋ᠠᠭᠠᠨ ᠬᠢᠲᠤᠭ᠎ᠠ ᠪᠠᠷᠢᠭᠠᠳ ᠥᠷᠥᠭᠡᠰᠦᠨ ᠬᠠᠵᠠᠭᠤ ᠲᠠᠰᠢ ᠪᠠᠨ ᠪᠥᠬᠥᠢᠰᠬᠢᠨ ᠨᠢᠭᠡ ᠶᠠᠭᠤᠮ᠎ᠠ ᠴᠠᠪᠴᠢᠬᠤ ᠰᠢᠭ᠋ ᠪᠣᠯᠵᠤ ᠭᠡᠨ᠎ᠡ᠃ ᠲᠡᠭᠡᠭᠡᠳ ᠦᠷᠭᠦᠭᠡᠨ ᠳ᠋ᠡᠭᠡᠨ ᠪᠤᠴᠠᠵᠤ ᠥᠭᠡᠳᠡ ᠪᠣᠯᠤᠭᠠᠳ᠂ ᠡᠵᠡᠨ ᠬᠠᠭᠠᠨ ᠤ᠋ ᠵᠠᠷᠯᠢᠭ ᠢ᠋ᠶ᠋ᠠᠷ ᠵᠠᠷᠤᠭᠰᠠᠨ ᠠᠮᠪᠠᠨ ᠳ᠋ᠤ᠌ ᠠᠶᠤᠯ ᠢᠷᠡᠭᠰᠡᠨ ᠢ᠋ ᠲᠤᠰᠠᠯᠠᠨ ᠲᠡᠩᠬᠡᠷᠡᠭᠦᠯᠪᠡ᠃ ᠵᠠᠷᠯᠢᠭ ᠤ᠋ᠨ ᠠᠮᠪᠠᠨ ᠳ᠋ᠤ᠌ ᠪᠠᠰᠠ ᠬᠣᠶᠠᠷ ᠤᠳᠠᠭ᠎ᠠ ᠪᠦᠭᠦᠳᠡ ᠭᠤᠷᠪᠠᠨᠲᠠ ᠲᠤᠰᠠ ᠪᠣᠯᠵᠤ ᠠᠮᠢ ᠶ᠋ᠢ ᠨᠢ ᠠᠪᠤᠷᠠᠬᠤ ᠤᠴᠢᠷᠲᠠᠢ ᠭᠡᠵᠦ ᠠᠢᠯᠠᠳᠴᠤ ᠭᠡᠨ᠎ᠡ ᠭᠡᠵᠦ ᠪᠠᠳᠢᠷᠴᠢᠨ ᠶᠠᠷᠢᠬᠤ ᠳ᠋ᠤ᠌᠂     
       — ᠲᠡᠷᠡ ᠨᠢ ᠴᠥᠮ ᠨᠣᠮ ᠤ᠋ᠨ ᠶᠣᠰᠣᠭᠠᠷ ᠵᠠᠷᠯᠢᠭᠴᠢᠯᠠᠨ ᠪᠦᠲᠦᠭᠰᠡᠨ ᠪᠢᠵᠡ ᠳᠡ? ᠭᠡᠵᠦ ᠵᠠᠮᠪᠠ ᠪᠠᠬᠠᠳᠤᠨ ᠠᠰᠠᠭᠤᠵᠠᠢ᠃ ᠪᠠᠳᠢᠷᠴᠢᠨ ᠥᠭᠦᠯᠡᠷᠦᠨ᠄ 
       — ᠬᠣᠶᠠᠳᠤᠭᠠᠷ ᠤᠳᠠᠭ᠎ᠠ ᠳ᠋ᠤᠨᠢ ᠳᠡᠭᠡᠷᠡᠬᠢ ᠶ᠋ᠢᠨ ᠭᠡᠭᠡᠭᠡᠨᠲᠡᠨ᠂ ᠬᠠᠷ᠎ᠠ ᠦᠷ ᠢ᠋ᠶ᠋ᠡᠷ ᠭᠡᠨᠡᠳᠲᠡ ᠪᠤᠰᠢᠭᠤ ᠴᠠᠢ ᠠᠪᠤᠭᠠᠳ ᠢᠷ᠎ᠡ ᠭᠡᠵᠦ ᠵᠠᠷᠯᠢᠭ ᠪᠣᠯᠳᠠᠭ ᠪᠠᠢᠵᠠᠢ᠃ ᠴᠠᠢ ᠰᠠᠢ᠍ᠢ(ᠰᠠᠶᠢ) ᠯᠠ ᠴᠢᠨᠠᠵᠤ ᠠᠷᠠᠢ ᠰᠦᠯᠡᠵᠦ ᠭᠦᠢᠴᠡᠭᠡ ᠦᠭᠡᠢ ᠪᠠᠢᠯ᠎ᠠ᠃ ᠶᠠᠭᠠᠷᠠᠨ ᠰᠡᠩᠳᠡᠨ ᠨᠢᠭᠡ ᠳᠣᠮᠪᠣ ᠠᠭᠠᠭ ᠲᠠᠢ ᠬᠠᠷ᠎ᠠ ᠴᠠᠢ ᠡᠷᠭᠦᠵᠡᠢ᠃ ᠪᠣᠭᠳᠠ ᠭᠡᠭᠡᠬᠡᠨ᠂ ᠲᠡᠷᠡ ᠳᠣᠮᠪᠣ ᠲᠠᠢ ᠴᠠᠢ ᠶ᠋ᠢ ᠠᠪᠤᠭᠠᠳ ᠵᠡᠭᠦᠨ ᠬᠣᠢᠰᠢ ᠨᠢ ᠰᠠᠴᠤᠵᠤ ᠭᠡᠨ᠎ᠡ᠂ ᠠᠮᠪᠠᠨ ᠨᠣᠶᠠᠨ ᠤ᠋ ᠬᠣᠷᠢᠶᠠᠨ ᠤ᠋ ᠵᠦᠭ᠃ ᠲᠡᠭᠡᠲᠡᠯ᠎ᠡ᠂ ᠠᠮᠪᠠᠨ ᠤ᠋ ᠪᠠᠢᠰᠢᠩ ᠦᠷ ᠢ᠋ᠶ᠋ᠡᠷ ᠰᠢᠲᠠᠭᠰᠠᠨ ᠶᠤᠮ ᠪᠠᠢᠵᠠᠢ᠃ ᠭᠠᠯ ᠤᠨᠲᠠᠷᠠᠭᠠᠬᠤ ᠭᠡᠵᠦ ᠤᠷᠤᠯᠳᠤᠵᠤ ᠪᠠᠢᠭᠰᠠᠨ ᠤᠯᠤᠰ ᠠ᠋ᠴᠠ ᠰᠣᠨᠣᠰᠪᠠᠯ ᠭᠡᠨᠡᠳᠲᠡ ᠪᠠᠷᠠᠭᠤᠨ ᠤᠷᠢᠳᠠ ᠠ᠋ᠴᠠ ᠪᠣᠭᠳᠠ ᠭᠡᠭᠡᠬᠡᠨ (ᠭᠡᠭᠡᠨ) ᠦ᠌ ᠦᠷᠭᠦᠭᠡᠨ ᠦ᠌ ᠵᠦᠭ ᠡᠴᠡ ᠬᠠᠷ᠎ᠠ ᠡᠭᠦᠯᠡ ᠭᠠᠷᠴᠤ ᠢᠷᠡᠭᠡᠳ ᠠᠭᠠᠭ ᠲᠠᠢ ᠬᠠᠷ᠎ᠠ ᠴᠠᠢ ᠰᠢᠭ ᠬᠦᠷᠡᠩ ᠥᠩᠭᠡᠲᠡᠢ ᠪᠣᠷᠣᠭᠠᠨ ᠪᠣᠯᠵᠤ  ᠠᠰᠬᠠᠷᠠᠭᠠᠳ ᠭᠱᠠᠨ ᠵᠠᠭᠤᠷ᠎ᠠ ᠭᠠᠯ ᠤᠨᠲᠠᠷᠠᠭᠠᠵᠠᠢ᠃ ᠲᠡᠷᠡ ᠦᠶ᠎ᠡ ᠳ᠋ᠦ᠍ ᠭᠠᠯ ᠴᠣᠬᠢᠵᠤ ᠪᠠᠢᠭᠰᠠᠨ ᠤᠯᠤᠰ᠂ ᠲᠡᠷᠡ ᠪᠣᠷᠣᠭᠠᠨ ᠠ᠋ᠴᠠ ᠶᠠᠭᠠᠬᠢᠬᠤ ᠠᠷᠭ᠎ᠠ ᠦᠭᠡᠢ ᠰᠠᠢᠬᠠᠨ ᠬᠠᠷ᠎ᠠ ᠴᠠᠢ ᠶ᠋ᠢᠨ ᠦᠨᠦᠷ ᠬᠠᠩᠬᠤᠯᠵᠤ ᠪᠠᠢᠭᠰᠠᠨ ᠭᠡᠵᠦ ᠬᠡᠯᠡᠯᠴᠡᠳᠡᠭ᠃  ᠢᠩᠭᠢᠭᠡᠳ ᠳᠡᠭᠡᠷᠡᠬᠢ ᠶ᠋ᠢᠨ ᠭᠡᠭᠡᠭᠡᠨᠲᠡᠨ᠂ ᠠᠪᠤᠷᠠᠯ ᠥᠷᠥᠰᠢᠶᠡᠯ ᠦ᠋ᠨ ᠮᠣᠳᠣᠷ ᠢ᠋ ᠠᠮᠪᠠᠨ ᠳᠡᠭᠡᠷ᠎ᠡ ᠠᠰᠠᠷᠠᠬᠤᠢ ᠨᠢᠭᠦᠯᠡᠰᠬᠦᠢ ᠰᠡᠳᠬᠢᠯ ᠢ᠋ᠶ᠋ᠡᠷ ᠬᠣᠶᠠᠷ ᠤᠳᠠᠭ᠎ᠠ ᠰᠤᠩᠭᠠᠵᠠᠢ ᠭᠡᠵᠦ ᠲᠡᠷᠡ ᠪᠠᠳᠢᠷᠴᠢᠨ ᠶᠡᠬᠡᠯ᠎ᠡ(ᠶᠡᠬᠡ ᠯᠡ) ᠪᠢᠰᠢᠷᠡᠭᠰᠡᠨ ᠳᠦᠷᠢᠮ ᠦᠵᠡᠭᠦᠯᠵᠦ ᠶᠠᠷᠢᠪᠠ᠃ 
       — ᠲᠡᠷᠡ ᠠᠮᠪᠠᠨ ᠢ᠋ ᠶᠠᠭᠠᠬᠢᠭᠠᠳ ᠪᠤᠷᠬᠠᠨ ᠠᠮᠪᠠᠨ ᠭᠡᠳᠡᠭ ᠪᠣᠯᠤᠭᠰᠠᠨ ᠶᠤᠮ ᠪᠣᠢ ? ᠭᠡᠵᠦ ᠵᠠᠮᠪᠠ ᠶ᠋ᠢᠨ ᠰᠣᠨᠢᠷᠬᠠᠨ ᠠᠰᠠᠭᠤᠬᠤ ᠳ᠋ᠤ᠌᠂ ᠪᠠᠳᠢᠷᠴᠢ ᠥᠭᠦᠯᠡᠷᠦᠨ᠂ 
       — ᠲᠡᠷᠡ ᠠᠮᠪᠠᠨ ᠵᠢᠷ ᠦ᠋ᠨ ᠬᠥᠮᠦᠨ ᠪᠢᠰᠢ ᠪᠠᠢᠵᠠᠢ᠃ ᠲᠡᠷᠡ ᠤᠴᠢᠷ ᠢ᠋ ᠠᠩᠬᠠᠯᠠᠨ ᠨᠢᠭᠤᠴᠠ ᠶ᠋ᠢ ᠠᠢᠯᠠᠳᠤᠭᠴᠢ ᠳᠡᠭᠡᠷᠡᠬᠢ ᠶ᠋ᠢᠨ ᠭᠡᠭᠡᠭᠡᠨᠲᠡᠨ ᠯᠡ ᠭᠡᠭᠡᠬᠡᠨ ᠳ᠋ᠡᠭᠡᠨ ᠲᠣᠯᠢᠳᠠᠳᠠᠭ ᠪᠠᠢᠵᠠᠢ᠃  
       — ᠲᠡᠭᠡᠭᠰᠡᠭᠡᠷ᠂ ᠶᠢᠷᠲᠢᠨᠴᠦ ᠶ᠋ᠢᠨ ᠡᠭᠡᠯ ᠲᠥᠷᠥᠯᠬᠢᠲᠡᠨ ᠴᠤ᠌᠂ ᠲᠡᠷᠡ ᠠᠮᠪᠠᠨ ᠰᠠᠢᠳ ᠢ᠋ ᠤᠷᠢᠳᠤ ᠨᠠᠰᠤᠨ ᠳ᠋ᠠᠭᠠᠨ ᠶᠡᠬᠡ ᠪᠤᠶᠠᠨ ᠲᠠᠢ ᠬᠥᠮᠦᠨ ᠪᠠᠢᠭᠰᠠᠨ ᠶᠤᠮ ᠪᠠᠢᠨ᠎ᠠ ᠭᠡᠳᠡᠭ ᠪᠣᠯᠵᠠᠢ᠃ ᠠᠩᠬᠠᠯᠠᠨ ᠠᠮᠢᠲᠠᠨ ᠪᠣᠯᠬᠤ ᠳ᠋ᠠᠭᠠᠨ᠂ ᠨᠢᠭᠡ ᠯᠡ ᠡᠲᠡᠭᠡᠳ ᠶᠠᠩᠵᠤ ᠶ᠋ᠢᠨ ᠵᠠᠩ ᠲᠠᠢ ᠮᠠᠨᠵᠤ ᠢᠷᠡᠵᠦ ᠳᠠ ᠭᠡᠵᠦ ᠪᠣᠳᠣᠳᠠᠭ ᠪᠠᠢᠵᠠᠢ᠃ ᠬᠥᠮᠦᠨ ᠠᠮᠢᠲᠠᠨ ᠲᠠᠢ ᠠᠭᠤᠯᠵᠠᠬᠤ ᠳ᠋ᠠᠭᠠᠨ ᠨᠢᠭᠡ ᠶᠡᠬᠡ ᠶᠠᠩᠪᠠᠷᠬᠠᠬᠤ ᠡᠷᠬᠡᠬᠦ ᠦᠭᠡᠢ᠂ ᠪᠠᠶᠠᠨ ᠨᠣᠶᠠᠨ᠂ ᠶᠠᠳᠠᠭᠤ ᠬᠣᠭᠣᠰᠣᠨ᠂ ᠲᠦᠰᠢᠮᠡᠯ ᠬᠠᠷᠠᠴᠤ ᠶ᠋ᠢ ᠶᠡᠷᠦ ᠢᠯᠭᠠᠬᠤ ᠦᠭᠡᠢ ᠠᠳᠠᠯᠢᠬᠠᠨ ᠠᠭᠤᠯᠵᠠᠨ ᠦᠭᠡ ᠬᠡᠯᠡᠯᠴᠡᠵᠦ᠂ ᠠᠮᠪᠠᠨ ᠰᠠᠢᠳ ᠤ᠋ᠨ ᠳᠦᠷᠢᠮ ᠪᠠᠢᠳᠠᠯ ᠦᠭᠡᠢ᠂ ᠡᠭᠡᠯ ᠨᠢᠭᠡ ᠮᠠᠨᠵᠤ ᠬᠥᠮᠦᠨ ᠰᠢᠭ ᠪᠠᠢᠵᠠᠢ᠃ ᠪᠠᠰᠠ ᠬᠡᠦᠬᠡᠨ ᠮᠦᠬᠡᠨ ᠶᠠᠷᠢᠬᠤ ᠳᠤᠷᠠᠲᠠᠢ ᠲᠡᠢᠮᠦ ᠬᠥᠮᠦᠨ ᠪᠠᠢᠵᠤ ᠯᠠ ᠳᠠ᠃ ᠲᠡᠭᠡᠭᠰᠡᠭᠡᠷ ᠤᠳᠠᠯ ᠦᠭᠡᠢ ᠤᠴᠢᠷ ᠨᠢ ᠮᠡᠳᠡᠭᠳᠡᠵᠦ᠂ ᠶᠡᠷᠦ ᠶ᠋ᠢᠨ ᠬᠥᠮᠦᠨ ᠪᠢᠰᠢ᠂ ᠶᠡᠬᠡ ᠤᠬᠠᠭᠠᠨ ᠲᠠᠢ᠂ ᠶᠠᠭᠤᠮ᠎ᠠ ᠶ᠋ᠢ ᠪᠤᠷᠬᠠᠨ ᠰᠢᠭ᠋ ᠮᠡᠳᠡᠳᠡᠭ ᠬᠥᠮᠦᠨ ᠪᠠᠢᠨ᠎ᠠ ᠭᠡᠵᠦ ᠠᠮᠢᠲᠠᠨ ᠲᠠᠨᠢᠭᠠᠳ ᠠᠪᠴᠠᠢ᠃ ᠶᠠᠭᠠᠬᠢᠭᠠᠳ ᠶᠠᠭᠤᠨ ᠳᠡᠭᠡᠷ᠎ᠡ ᠡᠴᠡ ᠲᠠᠨᠢᠭᠰᠠᠨ ᠪᠣᠢ ? ᠭᠡᠵᠦ ᠠᠰᠠᠭᠤᠭᠠᠴᠢ᠃ ᠲᠡᠷᠡ ᠲᠤᠬᠠᠢ ᠠᠮᠪᠠᠨ ᠰᠠᠢᠳ ᠤ᠋ᠨ ᠬᠣᠷᠢᠶᠠᠨ ᠳ᠋ᠤ᠌ ᠨᠢᠭᠡ ᠭᠣᠣᠨᠢ ᠭᠠᠭᠴᠠ ᠡᠪᠦᠭᠡᠨ ᠪᠠᠢᠵᠠᠢ᠃ ᠭᠠᠵᠠᠷ ᠳᠡᠭᠡᠷ᠎ᠡ ᠭᠠᠭᠴᠠ ᠱᠠᠷ ᠲᠠᠢ ᠶᠤᠮᠰᠠᠨᠵᠠᠢ᠃ ᠵᠤᠨ ᠲᠡᠷᠡ ᠱᠠᠷ ᠢ᠋ᠶ᠋ᠠᠷ ᠢ᠋ᠶ᠋ᠠᠨ ᠤᠰᠤ ᠵᠥᠭᠡᠭᠡᠵᠦ᠂ ᠡᠪᠦᠯ᠂ ᠮᠥᠰᠥ ᠭᠣᠣᠯ ᠳᠡᠭᠡᠷ᠎ᠡ ᠡᠴᠡ ᠵᠥᠭᠡᠭᠡᠵᠦ ᠬᠣᠭᠣᠯᠠᠢ ᠲᠡᠵᠢᠭᠡᠳᠡᠭ ᠪᠠᠢᠵᠤ ᠯᠠ ᠳᠠ᠃ ᠭᠡᠨᠡᠳᠲᠡ ᠨᠢᠭᠡ ᠨᠠᠮᠤᠷ ᠬᠥᠮᠦᠨ ᠲᠡᠷᠡ ᠡᠪᠦᠭᠡᠨ ᠦ᠌ ᠱᠠᠷ ᠤ᠋ᠨ ᠬᠡᠯᠡ ᠶ᠋ᠢ ᠲᠠᠰᠤ ᠣᠭᠲᠣᠯᠵᠠᠢ᠃ ᠥᠷᠯᠥᠭᠡ ᠡᠪᠦᠭᠡᠨ᠂ ᠮᠠᠭᠤ ᠨᠣᠣᠷᠬᠠᠢ ᠣᠪᠣᠬᠠᠢ ᠠ᠋ᠴᠠ ᠪᠠᠨ ᠭᠠᠷᠤᠭᠠᠳ ᠬᠠᠷᠠᠭᠰᠠᠨ ᠴᠢᠨᠢ ᠴᠢᠰᠤ᠂ ᠤᠰᠤ ᠱᠠᠯᠪᠠᠭ ᠰᠢᠭ᠋ ᠲᠣᠭᠲᠠᠭᠠᠳ᠂ ᠱᠠᠷ ᠨᠢ ᠠᠷᠠᠢ ᠭᠣᠣᠯ ᠲᠠᠢ ᠬᠡᠪᠲᠡᠵᠦ ᠪᠠᠢᠨ᠎ᠠ ᠭᠡᠨ᠎ᠡ᠃ ᠬᠠᠵᠠᠭᠤ ᠳ᠋ᠤᠨᠢ ᠬᠡᠯᠡ ᠶ᠋ᠢ ᠨᠢ ᠣᠭᠲᠣᠯᠤᠭᠠᠳ ᠬᠠᠶᠠᠴᠢᠵᠤ ᠭᠡᠨ᠎ᠡ᠃ ᠡᠪᠦᠭᠡᠨ ᠤᠬᠠᠭᠠᠨ ᠠᠯᠳᠠᠭᠠᠳ᠂ ᠤᠷᠢ ᠭᠠᠰᠢᠭᠤ ᠪᠣᠯᠤᠭᠠᠳ᠂ ᠠᠮᠪᠠᠨ ᠰᠠᠢᠳ ᠤ᠋ᠨ ᠳ᠋ᠤ᠌ ᠭᠦᠶᠦᠵᠦ ᠣᠴᠢᠵᠤ ᠭᠡᠨ᠎ᠡ ᠳᠡ᠃ ᠲᠡᠭᠡᠬᠦ ᠳ᠋ᠦ᠍᠂ ᠠᠮᠪᠠᠨᠲᠠᠨ ᠥᠷᠯᠥᠭᠡ ᠭᠠᠳᠠᠭᠰᠢ ᠰᠠᠯᠬᠢᠨ ᠳ᠋ᠤ᠌ ᠵᠤᠭᠠᠴᠠᠷ᠎ᠠ ᠭᠠᠷᠳᠠᠭ ᠪᠠᠢᠵᠠᠢ᠃ ᠶᠠᠪᠤᠵᠤ ᠶᠠᠪᠤᠲᠠᠯ᠎ᠠ ᠨᠢ᠂ ᠰᠠᠨᠳᠤᠷᠴᠤ ᠪᠡᠭᠲᠡᠷᠡᠭᠰᠡᠨ ᠨᠢᠭᠡ ᠡᠪᠦᠭᠡᠨ ᠤᠷᠢᠳᠠ ᠠ᠋ᠴᠠ ᠨᠢ ᠭᠦᠶᠦᠵᠦ ᠢᠷᠡᠭᠡᠳ ᠬᠥᠯ ᠳ᠋ᠦ᠍ᠨᠢ ᠮᠥᠷᠭᠥᠵᠦ ᠭᠡᠨ᠎ᠡ ᠳᠡ᠂     
       ᠠᠮᠪᠠᠨ ᠰᠠᠢᠳ᠂ ᠡᠪᠦᠭᠡᠨ ᠦ᠌ ᠵᠣᠪᠠᠯᠠᠩ ᠢ᠋ ᠰᠣᠨᠣᠰᠤᠭᠠᠳ᠂   
       — ᠵᠠ᠂ ᠪᠢ ᠴᠢᠮᠠᠲᠤ ᠶᠡᠷᠦ ᠲᠤᠰᠠ ᠪᠣᠯᠵᠤ ᠴᠢᠳᠠᠬᠤ ᠦᠭᠡᠢ ᠨᠢ ᠳᠡ᠃ ᠴᠢᠮᠠᠲᠤ ᠬᠠᠷᠢᠨ ᠠᠢᠯ ᠰᠠᠭᠤᠵᠤ ᠪᠠᠢᠭ᠎ᠠ ᠬᠥᠮᠦᠨ ᠦ᠌ ᠬᠤᠪᠢ ᠪᠠᠷ ᠨᠢᠭᠡ ᠦᠭᠡ ᠬᠡᠯᠡᠶ᠎ᠡ᠃ ᠴᠢ ᠲᠡᠷᠡ ᠦᠬᠡᠷ ᠢ᠋ᠶ᠋ᠡᠨ ᠠᠮᠢᠳᠤ ᠪᠠᠢᠭ᠎ᠠ ᠳᠡᠭᠡᠷ᠎ᠡ ᠨᠢ ᠴᠣᠬᠢᠵᠤ ᠠᠯᠠᠭᠠᠳ᠂ ᠮᠢᠬ᠎ᠠ ᠶ᠋ᠢ ᠵᠠᠬ᠎ᠠ ᠳᠡᠭᠡᠷ᠎ᠡ ᠭᠠᠷᠭᠠᠵᠤ ᠬᠤᠳᠠᠯᠳᠤᠪᠠᠯ᠂ ᠬᠠᠮᠤᠭ ᠤ᠋ᠨ ᠳᠡᠭᠡᠳᠦ ᠠᠷᠭ᠎ᠠ ᠲᠡᠷᠡ ᠠ᠋! ᠥᠭᠡᠷ᠎ᠡ ᠠᠷᠭ᠎ᠠ ᠮᠡᠬᠡ ᠠᠯᠠᠭ᠎ᠠ ᠭᠡᠬᠦ ᠳ᠋ᠦ᠍ᠨᠢ ᠥᠨᠥᠬᠢ ᠡᠪᠦᠭᠡᠨ ᠭᠠᠵᠠᠷ ᠳᠡᠭᠡᠷ᠎ᠡ ᠭᠠᠭᠴᠠ ᠱᠠᠷ ᠤ᠋ᠨ ᠢ᠋ᠶ᠋ᠠᠨ ᠬᠡᠯᠡ ᠶ᠋ᠢ ᠨᠢ ᠣᠭᠲᠣᠯᠤᠭᠤᠯᠵᠤ ᠤᠬᠠᠭᠠᠨ ᠰᠠᠨᠠᠭ᠎ᠠ ᠨᠢ ᠰᠠᠮᠠᠭᠤᠷᠠᠵᠤ᠂ ᠠᠮᠪᠠᠨ ᠤ᠋ ᠲᠡᠷᠡ ᠦᠭᠡ ᠶ᠋ᠢ ᠶᠡᠷᠦ ᠦᠭᠡ ᠴᠤ᠌ ᠭᠡᠵᠦ ᠬᠡᠷᠡᠭᠰᠡᠬᠦ ᠦᠭᠡᠢ ᠳᠡᠮᠡᠢ ᠯᠡ ᠴᠢ ᠵᠠᠷᠯᠢᠭ ᠤ᠋ᠨ ᠠᠮᠪᠠᠨ ᠭᠡᠵᠦ ᠪᠠᠢᠭᠠᠳ ᠡᠢᠮᠦ ᠥᠴᠦᠬᠡᠨ ᠬᠡᠷᠡᠭ ᠢ᠋ ᠲᠠᠰᠤᠯᠬᠤ ᠴᠢᠳᠠᠯ ᠦᠭᠡᠢ᠂ ᠡᠪᠦᠭᠡᠨ ᠶᠠᠳᠠᠭᠤ ᠨᠠᠮᠠᠶ᠋ᠢ ᠮᠠᠭᠤ ᠰᠡᠳᠬᠢᠯᠲᠦ ᠬᠣᠣᠷᠲᠤ ᠬᠥᠮᠦᠨ ᠡᠴᠡ ᠬᠠᠮᠠᠭᠠᠯᠠᠵᠤ ᠴᠢᠳᠠᠬᠤ ᠦᠭᠡᠢ᠂ ᠶᠠᠭᠠᠬᠢᠴᠢᠭᠰᠠᠨ ᠠᠮᠪᠠᠨ ᠪᠣᠢ ᠴᠢ? ᠭᠡᠵᠦ ᠵᠠᠩᠨᠠᠵᠤ ᠭᠡᠨ᠎ᠡ᠃ 
       ᠠᠮᠪᠠᠨ᠂ ᠡᠪᠦᠭᠡᠨ ᠦ᠌ ᠲᠡᠷᠡ ᠠᠭᠠᠰᠢᠯᠠᠬᠤ ᠶ᠋ᠢ ᠦᠵᠡᠭᠡᠳ᠂ ᠠᠭᠤᠷ ᠨᠢ ᠬᠦᠷᠴᠦ᠂ ᠪᠢ ᠴᠢᠮᠠᠲᠤ(ᠴᠢᠮ᠎ᠠ ᠳ᠋ᠤ᠌) ᠤᠴᠢᠷ ᠵᠦᠢ ᠶ᠋ᠢ ᠬᠡᠯᠡᠯ᠎ᠡ᠃ ᠴᠢ ᠬᠥᠮᠦᠨ ᠦ᠌ ᠦᠭᠡ ᠲᠤᠭᠤᠯᠬᠤ ᠦᠭᠡᠢ ᠪᠣᠯ ᠠᠯᠪᠠ ᠪᠠᠷ ᠳᠣᠭᠣᠯᠭᠠᠨ᠎ᠠ ᠳᠠ᠃  
       ᠴᠢ ᠣᠯᠠᠨ ᠲᠠᠪᠤᠨ ᠦᠭᠡ ᠦᠭᠡᠢ ᠣᠴᠢᠭᠠᠳ᠂ ᠲᠡᠷᠡ ᠦᠬᠡᠷ ᠢ᠋ᠶ᠋ᠡᠨ ᠴᠣᠬᠢᠵᠤ ᠠᠯᠠ ᠭᠡᠮ᠃ ᠦᠭᠡᠢ ᠪᠣᠯ ᠪᠢ ᠴᠢᠮᠠᠶ᠋ᠢ ᠪᠠᠩᠵᠠᠳᠠᠭᠤᠯᠤᠨ᠎ᠠ ᠭᠡᠳ ᠡᠪᠦᠭᠡᠨ ᠤᠷᠤᠭᠤ ᠨᠢᠭᠡ ᠶᠡᠬᠡ ᠰᠦᠷᠡᠬᠡᠢ ᠬᠠᠷᠠᠬᠤ ᠳ᠋ᠤᠨᠢ ᠴᠢᠨᠠᠳᠤᠬᠢ ᠨᠢ ᠠᠶᠤᠭᠠᠳ ᠭᠡᠭᠡᠵᠦ ᠭᠠᠰᠠᠯᠤᠭᠰᠠᠭᠠᠷ ᠭᠡᠷ ᠤᠷᠤᠭᠤ ᠪᠠᠨ ᠭᠦᠶᠦᠵᠦ ᠥᠨᠥ ᠱᠠᠷ ᠢ᠋ᠶ᠋ᠠᠨ ᠰᠦᠬᠡᠳᠡᠵᠦ ᠠᠯᠠᠪᠠ᠃   
       ᠲᠡᠭᠡᠭᠰᠡᠨ ᠴᠢᠨᠢ ᠥᠨᠥᠬᠢ ᠠᠮᠪᠠᠨ᠂ ᠠᠮᠢ ᠪᠠᠨ ᠲᠡᠵᠢᠭᠡᠵᠦ ᠪᠠᠢᠭᠰᠠᠨ ᠮᠠᠯ ᠢ᠋ᠶ᠋ᠠᠨ ᠲᠠᠮᠤᠯᠠᠨ ᠵᠣᠪᠠᠭᠠᠵᠤ ᠠᠯᠠᠳᠠᠭ ᠮᠠᠭᠤ ᠠᠷᠠᠳ ᠪᠠᠢᠪᠠᠯ ᠨᠠᠳᠠᠳᠤ ᠨᠡᠷ᠎ᠡ ᠵᠢᠭᠠᠵᠤ ᠲᠡᠢᠮᠦ ᠬᠥᠮᠦᠨ ᠢ᠋ ᠮᠡᠳᠡᠭᠳᠡ! ᠮᠡᠳᠡᠭᠦᠯᠦᠭᠰᠡᠨ ᠬᠥᠮᠦᠨ ᠢ᠋ ᠲᠠᠪᠢᠨ ᠯᠠᠩ ᠢ᠋ᠶ᠋ᠠᠷ ᠱᠠᠩᠨᠠᠨ᠎ᠠ ᠭᠡᠵᠦ ᠵᠠᠷ ᠲᠠᠯᠪᠢᠵᠤ ᠭᠡᠨ᠎ᠡ᠃ ᠬᠣᠢᠲᠤ ᠥᠷᠥᠯᠭᠡ ᠨᠢ ᠨᠢᠭᠡ ᠫᠠᠨᠽᠠᠴᠢᠨ ᠠᠮᠪᠠᠰ ᠤ᠋ᠨ ᠶᠠᠮᠤᠨ ᠳ᠋ᠤ᠌ ᠢᠷᠡᠭᠡᠳ ᠬᠡᠷᠡᠭ ᠮᠡᠳᠡᠭᠦᠯᠦᠨ᠎ᠡ ᠭᠡᠵᠡᠢ᠃ ᠲᠡᠭᠡᠭᠡᠳ ᠤᠰᠤ ᠵᠥᠭᠡᠭᠡᠳᠡᠭ ᠦᠬᠡᠷ ᠦ᠋ᠨ ᠢ᠋ᠶ᠋ᠡᠨ ᠬᠡᠯᠡ ᠶ᠋ᠢ ᠣᠭᠲᠣᠯᠤᠭᠠᠳ ᠦᠳᠡ ᠬᠦᠷᠲᠡᠯ᠎ᠡ ᠰᠢᠬᠠᠭᠤ ᠲᠠᠮᠤᠯᠠᠨ᠂ ᠰᠦᠬᠡ ᠪᠡᠷ ᠴᠣᠬᠢ ᠴᠤᠬᠢᠭᠰᠠᠭᠠᠷ ᠠᠯᠠᠭᠰᠠᠨ ᠲᠡᠢᠮᠦ ᠶᠣᠰᠣᠨ ᠪᠤᠰᠤ ᠬᠠᠷᠭᠢᠰ ᠮᠠᠭᠤ ᠨᠢᠭᠡᠨ ᠡᠪᠦᠭᠡᠨ ᠤᠰᠤᠴᠢᠨ ᠪᠣᠢ ᠭᠡᠵᠦ ᠮᠡᠳᠡᠭᠦᠯᠵᠦ ᠭᠡᠨ᠎ᠡ᠃   
       ᠠᠮᠪᠠᠨ᠂ ᠲᠡᠷᠡ ᠬᠥᠮᠦᠨ ᠦ᠌ ᠦᠭᠡ ᠥᠴᠢᠭ ᠢ᠋ ᠰᠣᠨᠣᠰᠤᠭᠠᠳ᠂ ᠵᠠ ᠲᠡᠢᠮᠦ ᠮᠠᠭᠤ ᠬᠥᠮᠦᠨ ᠦ᠌ ᠵᠦᠢ ᠪᠤᠰᠤ ᠶᠠᠪᠤᠳᠠᠯ ᠢ᠋ ᠵᠢᠭᠠᠵᠤ ᠦᠭᠭᠦᠭᠰᠡᠨ ᠲᠠ ᠶᠠᠭᠠᠬᠢᠭᠰᠠᠨ ᠰᠠᠢᠨ ᠬᠥᠮᠦᠨ ᠪᠣᠢ᠃ ᠨᠡᠷ᠎ᠡ ᠬᠡᠨ ᠪᠣᠢ? ᠬᠠᠮᠢᠭ᠎ᠠ ᠰᠠᠭᠤᠳᠠᠭ ᠪᠣᠢ? ᠭᠡᠵᠦ ᠠᠰᠠᠭᠤᠵᠤ ᠠᠪᠤᠭᠠᠳ᠂ ᠲᠠᠪᠢᠨ ᠯᠠᠩ ᠤ᠋ᠨ ᠶᠤᠸᠠᠮᠪᠤᠤ ᠱᠠᠩᠨᠠᠵᠤ ᠭᠡᠨ᠎ᠡ᠃ ᠲᠡᠭᠡᠭᠡᠳ ᠥᠨᠥᠬᠢ ᠤᠰᠤᠴᠢᠨ ᠡᠪᠦᠭᠡᠨ ᠢ᠋ ᠳᠠᠭᠤᠳᠠᠭᠤᠯᠵᠤ᠂ ᠮᠥᠨ ᠪᠢᠰᠢ ᠶ᠋ᠢ ᠮᠠᠭᠠᠳᠯᠠᠨ᠎ᠠ ᠭᠡᠵᠦ ᠠᠯᠪᠠᠨ ᠤ᠋ ᠬᠥᠮᠦᠨ ᠶᠠᠪᠤᠭᠤᠯᠵᠤ ᠥᠨᠥ ᠮᠠᠭᠤ ᠡᠪᠦᠭᠡᠨ ᠢ᠋ ᠠᠪᠴᠢᠷᠠᠭᠤᠯᠤᠭᠠᠳ᠂ ᠲᠡᠷᠡ ᠵᠢᠭᠠᠵᠤ ᠮᠡᠳᠡᠭᠦᠯᠦᠭᠰᠡᠨ ᠬᠥᠮᠦᠨ ᠡᠴᠡ    
       — ᠦᠬᠡᠷ ᠦ᠋ᠨ ᠢ᠋ᠶ᠋ᠡᠨ ᠬᠡᠯᠡ ᠣᠭᠲᠣᠯᠳᠠᠭ ᠡᠪᠦᠭᠡᠨ ᠴᠢᠨᠢ ᠡᠨᠡ ᠮᠥᠨ ᠤᠤ ? ᠭᠡᠵᠦ ᠠᠰᠠᠭᠤᠵᠤ ᠭᠡᠨ᠎ᠡ᠃   
       — ᠵᠠ᠂ ᠲᠡᠢᠮᠦ ᠭᠡᠳ ᠴᠢᠨᠠᠳᠤᠬᠢ ᠨᠢ ᠡᠪᠦᠭᠡᠨ ᠢ᠋ ᠬᠠᠷᠠᠩᠭᠤᠢ ᠰᠥᠨᠢ ᠦᠬᠡᠷ ᠦ᠋ᠨ ᠢ᠋ᠶ᠋ᠡᠨ ᠬᠡᠯᠡ ᠶᠠᠭᠠᠬᠢᠵᠤ ᠣᠭᠲᠣᠯᠤᠭᠰᠠᠨ ᠢ᠋ ᠨᠢᠭᠡᠳ ᠨᠢᠭᠡᠨ ᠦᠭᠡᠢ ᠨᠠᠷᠢᠨ ᠲᠣᠭᠠᠴᠢᠵᠤ ᠭᠡᠨ᠎ᠡ᠃   
       — ᠵᠠ᠂ ᠲᠡᠢᠮᠦ ᠪᠣᠢ ᠭᠡᠵᠦ ᠢᠨᠢᠶᠡᠭᠡᠳ ᠠᠮᠪᠠᠨ᠂ ᠡᠪᠦᠭᠡᠨ ᠳ᠋ᠦ᠍ ᠬᠡᠯᠡᠵᠦ ᠭᠡᠨ᠎ᠡ᠃ 
       — ᠠ᠂ ᠡᠪᠦᠭᠡᠨ ᠮᠢᠨᠢ᠂ ᠴᠢᠨᠦ ᠦᠬᠡᠷ ᠦ᠋ᠨ ᠬᠡᠯᠡ ᠶ᠋ᠢ ᠣᠭᠲᠣᠯᠤᠭᠰᠠᠨ ᠡᠵᠡᠨ᠂ ᠴᠢᠨᠦ ᠬᠠᠵᠠᠭᠤ ᠳ᠋ᠤ᠌ ᠰᠥᠭᠥᠳᠦᠨ ᠮᠡᠳᠡᠭᠦᠯᠵᠦ ᠪᠠᠢᠭ᠎ᠠ ᠡᠨᠡ ᠬᠥᠮᠦᠨ ᠮᠥᠨ ᠪᠠᠢᠨ᠎ᠠ ᠳᠠ᠃ ᠭᠡᠷ ᠦ᠋ᠨ ᠠᠷᠤ ᠳ᠋ᠤ᠌ ᠬᠥᠮᠦᠨ ᠢ᠋ ᠬᠠᠷᠠᠩᠭᠤᠢ ᠰᠥᠨᠢ ᠶᠠᠭᠤ ᠬᠢᠵᠦ ᠪᠠᠢᠭ᠎ᠠ ᠶ᠋ᠢ ᠰᠠᠭᠠᠬᠠᠯᠲᠠ ᠠᠢᠯ ᠤ᠋ᠨ ᠬᠥᠮᠦᠨ ᠶᠠᠭᠠᠬᠢᠵᠤ ᠬᠠᠷᠠᠵᠤ ᠪᠣᠯᠬᠤ ᠪᠣᠢ᠃ ᠬᠠᠮᠤᠭ ᠤᠴᠢᠷ ᠡᠨᠡ ᠬᠥᠮᠦᠨ ᠳ᠋ᠦ᠍ ᠪᠣᠢ ᠭᠡᠳ ᠲᠡᠷᠡ ᠬᠥᠮᠦᠨ ᠢ᠋ ᠴᠢ ᠣᠳᠣ ᠨᠠᠳᠠᠴᠠ ᠠᠪᠤᠭᠰᠠᠨ ᠱᠠᠩ ᠢ᠋ ᠡᠷᠭᠢᠭᠦᠯᠵᠦ ᠥᠭ᠃ ᠪᠠᠰᠠ ᠡᠨᠡ ᠡᠪᠦᠭᠡᠨ ᠳ᠋ᠦ᠍ ᠳᠠᠬᠢᠨ ᠰᠢᠨ᠎ᠡ ᠦᠬᠡᠷ ᠠᠪᠬᠤ ᠮᠥᠩᠭᠥ ᠵᠠᠬ᠎ᠠ ᠶ᠋ᠢᠨ ᠬᠠᠩᠰᠢ ᠪᠠᠷ ᠪᠣᠳᠣᠵᠤ ᠥᠭ ᠭᠡᠵᠦ ᠵᠠᠩᠳᠤᠷᠬᠤ ᠳ᠋ᠤ᠌᠂ ᠱᠠᠩ ᠭᠣᠷᠢᠳᠠᠵᠤ ᠡᠪᠦᠭᠡᠨ ᠢ᠋ ᠵᠢᠭᠠᠨ ᠮᠡᠳᠡᠭᠦᠯᠦᠭᠰᠡᠨ ᠫᠠᠨᠽᠠᠴᠢᠨ ᠠᠶᠤᠨ ᠰᠠᠨᠳᠤᠷᠴᠤ᠂ ᠳᠠᠷᠤᠢ ᠲᠦᠮᠡᠨ ᠪᠤᠷᠤᠭᠤ ᠪᠠᠨ ᠬᠦᠯᠢᠶᠡᠵᠡᠢ᠃ ᠥᠨᠥᠬᠢ ᠤᠰᠤᠴᠢ ᠡᠪᠦᠭᠡᠨ᠂ ᠭᠡᠮᠲᠦ ᠬᠡᠷᠡᠭ ᠦ᠋ᠨ ᠡᠵᠡᠨ ᠡᠴᠡ ᠦᠬᠡᠷ ᠠᠪᠬᠤ ᠮᠥᠩᠭᠥ ᠠᠪᠤᠭᠠᠳ᠂ ᠪᠠᠰᠠ ᠦᠨ᠎ᠡ ᠦᠭᠡᠢ ᠦᠬᠡᠷ ᠦ᠋ᠨ ᠮᠢᠬ᠎ᠠ ᠲᠠᠢ ᠪᠣᠯᠤᠭᠰᠠᠨ ᠳ᠋ᠠᠭᠠᠨ ᠮᠠᠩᠨᠠᠢ ᠪᠠᠨ ᠬᠠᠭᠠᠷᠠᠲᠠᠯ᠎ᠠ ᠪᠠᠶᠠᠷᠯᠠᠭᠠᠳ᠄  
       — ᠣᠳᠣ ᠶᠣᠰᠣᠲᠠᠢ ᠮᠡᠷᠭᠡᠨ ᠠᠮᠪᠠᠨ ᠪᠠᠢᠨ᠎ᠠ ᠳᠠ᠂ ᠪᠤᠷᠬᠠᠨ ᠠᠮᠪᠠᠨ ᠪᠠᠢᠨ᠎ᠠ ᠳᠠ! ᠭᠡᠵᠦ ᠬᠡᠯᠡᠭᠡᠳ ᠭᠠᠷᠴᠠᠢ᠃ ᠲᠡᠭᠡᠭᠡᠳ ᠤᠯᠤᠰ ᠲᠡᠷᠡ ᠡᠪᠦᠭᠡᠨ ᠦ᠌ ᠦᠭᠡ ᠪᠡᠷ ᠪᠤᠷᠬᠠᠨ ᠠᠮᠪᠠᠨ ᠭᠡᠵᠦ ᠬᠡᠯᠡᠯᠴᠡᠬᠦ ᠪᠣᠯᠵᠠᠢ ᠭᠡᠵᠦ ᠵᠠᠮ ᠤ᠋ᠨ ᠤᠷᠲᠤ ᠶ᠋ᠢ ᠪᠠᠳᠢᠷᠴᠢᠨ ᠤ᠋ ᠦᠯᠢᠭᠡᠷ ᠳᠣᠮᠣᠭ ᠰᠣᠨᠣᠰᠴᠤ ᠬᠣᠷᠣᠭᠠᠭᠰᠠᠭᠠᠷ ᠵᠠᠮᠪᠠ᠂ ᠬᠠᠪᠤᠷ ᠤ᠋ᠨ ᠳᠤᠮᠳᠠ ᠰᠠᠷ᠎ᠠ ᠶ᠋ᠢᠨ ᠰᠠᠯᠬᠢᠨ ᠳ᠋ᠤ᠌ ᠬᠦᠷᠢᠶᠡᠨ ᠦ᠌ ᠠᠢᠯ ᠬᠠᠰᠢᠶᠠᠨ ᠤ᠋ ᠳᠡᠭᠡᠭᠦᠷ ᠤᠷᠲᠤ ᠮᠣᠳᠣᠨ ᠳ᠋ᠤ᠌ ᠬᠡᠯᠬᠢᠵᠦ ᠲᠠᠲᠠᠭᠰᠠᠨ ᠲᠣᠭ᠎ᠠ ᠲᠣᠮᠰᠢ ᠦᠭᠡᠢ ᠣᠯᠠᠨ ᠳᠠᠷᠴᠠᠭ(ᠳᠠᠷᠴᠤᠭ) ᠨᠠᠮᠢᠯᠵᠠᠨ ᠬᠡᠢᠰᠴᠦ ᠬᠠᠪᠤᠷ ᠤ᠋ᠨ ᠰᠢᠨᠵᠢ ᠣᠷᠣᠭᠰᠠᠨ ᠳᠠ ᠬᠦᠷᠢᠶ᠎ᠡ ᠬᠦᠷᠴᠦ᠂ ᠭᠠᠨᠳᠠᠩ ᠤ᠋ᠨ ᠵᠠᠬ᠎ᠠ ᠳ᠋ᠤ᠌ ᠬᠦᠷᠦᠭᠡᠳ ᠠᠶᠠᠨ ᠤ᠋ ᠤᠯᠤᠰ ᠲᠤᠰ ᠲᠤᠰ ᠲᠠᠭᠠᠨ ᠲᠠᠨᠢᠬᠤ ᠠᠢᠯ᠂ ᠤᠷᠤᠭ ᠲᠥᠷᠥᠯ ᠦ᠋ᠨ ᠳ᠋ᠡᠭᠡᠨ ᠪᠠᠭᠤᠬᠤ ᠭᠡᠵᠦ ᠰᠠᠯᠵᠠᠭᠠᠵᠠᠢ᠃ ᠵᠠᠮᠪᠠ ᠵᠡᠭᠦᠨ ᠬᠦᠷᠢᠶᠡᠨ᠎ᠡ ᠲᠠᠨᠢᠳᠠᠭ ᠨᠢᠭᠡ ᠯᠠᠮᠠ ᠶ᠋ᠢᠨ ᠳ᠋ᠦ᠍ ᠪᠠᠭᠤᠨ᠎ᠠ ᠭᠡᠵᠦ ᠶᠠᠪᠤᠲᠠᠯ᠎ᠠ ᠥᠭᠡᠳᠡ ᠡᠴᠡ ᠨᠢ ᠭᠠᠨᠳᠠᠩ ᠬᠦᠷᠢᠶ᠎ᠡ ᠡᠷᠭᠢᠭᠰᠡᠨ᠂ ᠲᠣᠭᠣᠰᠣᠨ ᠳ᠋ᠤ᠌ ᠳᠠᠷᠤᠭᠳᠠᠭᠰᠠᠨ ᠮᠥᠷᠭᠥᠯᠴᠢᠨ᠂ ᠭᠠᠨᠳᠠᠩ ᠬᠦᠷᠢᠶ᠎ᠡ ᠲᠣᠭᠣᠷᠢᠭᠰᠠᠨ ᠣᠯᠠᠨ ᠬᠦᠷᠳᠦ ᠡᠷᠭᠢᠭᠦᠯᠵᠦ ᠭᠠᠷ ᠲᠠᠭᠠᠨ ᠡᠷᠢᠭᠡ ᠪᠠᠷᠢᠨ ᠮᠠᠨᠢ ᠲᠣᠭᠠᠯᠠᠨ ᠴᠤᠪᠤᠵᠠᠢ᠃ ᠵᠠᠷᠢᠮ ᠮᠥᠷᠭᠥᠯᠴᠢᠨ ᠭᠠᠵᠠᠷ ᠲᠥᠭᠡᠯᠡᠵᠦ ᠶᠠᠪᠤᠳᠠᠭ ᠲᠥᠭᠡᠴᠢ ᠬᠣᠷᠣᠬᠠᠢ ᠰᠢᠭ᠋ ᠰᠤᠨᠵᠤ ᠮᠥᠷᠭᠥᠨ᠂ ᠲᠣᠭᠣᠰᠣ ᠲᠣᠪᠷᠠᠭ ᠪᠣᠯᠤᠭᠰᠠᠨ ᠲᠡᠢᠮᠦ ᠮᠥᠷᠭᠥᠯᠴᠢᠨ ᠦ᠌ ᠳᠤᠮᠳᠠ᠂ ᠵᠠᠮᠪᠠ ᠶ᠋ᠢᠨ ᠣᠴᠢᠬᠤ ᠭᠡᠵᠦ ᠶᠠᠪᠤᠭᠰᠠᠨ ᠥᠨᠥᠬᠢ ᠲᠠᠨᠢᠳᠠᠭ ᠯᠠᠮᠠ ᠨᠢ ᠮᠥᠷᠭᠥᠵᠦ ᠶᠠᠪᠤᠭᠰᠠᠨ ᠪᠠᠢᠵᠠᠢ᠃ ᠲᠡᠷᠡ ᠯᠠᠮᠠ᠂ ᠵᠠ ᠪᠠᠢᠵᠠ ᠪᠢ ᠲᠡᠷᠡ ᠬᠦᠷᠳᠦ ᠬᠦᠷᠦᠭᠡᠳ ᠭᠦᠢᠴᠡᠬᠦ ᠶᠦ᠍ᠮ᠃ ᠴᠢ ᠲᠦᠷ ᠬᠦᠯᠢᠶ᠎ᠡ(ᠬᠦᠯᠢᠶᠡ)᠂ ᠪᠢ ᠮᠥᠷᠭᠥᠵᠦ ᠭᠦᠢᠴᠡᠭᠡᠳ ᠴᠢᠮᠠᠲᠠᠢ(ᠴᠢᠮ᠎ᠠ ᠲᠠᠢ) ᠬᠠᠮᠲᠤ ᠶᠠᠪᠤᠨ᠎ᠠ ᠭᠡᠵᠡᠢ᠃  
       ᠬᠦᠷᠢᠶᠡᠨ ᠳ᠋ᠦ᠍ ᠵᠠᠮᠪᠠ ᠲᠥᠪᠡᠳ ᠬᠤᠳᠠᠯᠳᠤᠭᠠᠴᠢᠨ ᠳ᠋ᠤ᠌ ᠯᠠᠷᠵᠠ ᠭᠡᠳᠡᠭ ᠬᠦᠳᠡᠷᠢ ᠶ᠋ᠢᠨ ᠵᠢᠭᠠᠷ᠂ ᠲᠣᠨᠢᠲᠤ ᠭᠡᠳᠡᠭ ᠪᠠᠭᠠᠪᠠᠭᠠᠢ ᠶ᠋ᠢᠨ ᠰᠥᠰᠥ᠂ ᠪᠣᠯᠭᠠᠨ ᠭᠣᠣᠯ ᠤ᠋ᠨ ᠮᠢᠨᠵᠢ ᠲᠡᠷᠢᠭᠦᠲᠡᠨ ᠢ᠋ ᠬᠠᠲᠠᠭᠤ ᠦᠨ᠎ᠡ ᠪᠡᠷ ᠥᠭᠴᠦ ᠨᠡᠯᠢᠶᠡᠳ ᠠᠰᠢᠭ ᠣᠯᠤᠭᠠᠳ᠂ ᠪᠣᠭᠳᠠ ᠳ᠋ᠤ᠌ ᠬᠠᠢᠷᠠᠲᠠᠢ ᠵᠢᠷᠣᠭ᠎ᠠ ᠴᠠᠭᠠᠨ ᠢ᠋ᠶ᠋ᠠᠨ ᠡᠷᠭᠦᠬᠦ ᠶ᠋ᠢᠨ ᠡᠮᠦᠨ᠎ᠡ ᠮᠠᠢᠮᠠᠢ ᠬᠣᠲᠠ ᠣᠷᠣᠵᠤ ᠨᠢᠭᠡ ᠰᠥᠨᠢ ᠨᠠᠷᠭᠢᠶ᠎ᠠ ᠭᠡᠵᠦ ᠪᠣᠳᠣᠭᠠᠳ᠂ ᠨᠢᠭᠡ ᠣᠷᠣᠢ᠂ ᠬᠠᠰᠢᠶᠠᠨ ᠳ᠋ᠤ᠌ ᠤᠶᠠᠭ᠎ᠠ ᠲᠠᠢ ᠥᠨᠳᠡᠭᠡᠨ ᠵᠢᠷᠣᠭ᠎ᠠ ᠴᠠᠭᠠᠨ ᠢ᠋ᠶ᠋ᠠᠨ ᠡᠮᠡᠭᠡᠯᠯᠡᠭᠡᠳ᠂ ᠳᠡᠪᠡᠯ ᠬᠤᠪᠴᠠᠰᠤ ᠪᠠᠨ ᠬᠠᠯᠠᠵᠤ ᠡᠮᠦᠰᠦᠭᠡᠳ ᠮᠣᠷᠢᠨ ᠳ᠋ᠠᠭᠠᠨ ᠮᠣᠷᠳᠠᠵᠤ᠂ ᠬᠠᠪᠤᠷ ᠤ᠋ᠨ ᠡᠴᠡᠩᠬᠡᠢ ᠮᠣᠷᠢᠲᠠᠢ ᠪᠦᠰᠡᠲᠡᠢ ᠪᠦᠰᠡᠭᠦᠢ ᠬᠥᠮᠦᠨ ᠦ᠌ ᠴᠣᠭᠭᠢᠭᠤᠯᠤᠨ ᠳᠠᠪᠬᠢᠯᠳᠤᠬᠤ ᠳ᠋ᠤ᠌ ᠬᠠᠵᠠᠭᠤ  ᠪᠠᠷ ᠨᠢ ᠲᠠᠰᠢᠶ᠎ᠠ ᠲᠤᠯᠤᠨ ᠲᠡᠰᠢᠭᠦᠯᠵᠦ᠂ ᠣᠷᠣᠰ ᠺᠣᠨᠰᠣᠯ ᠤ᠋ᠨ ᠶᠠᠮᠤᠨ ᠤ᠋ ᠬᠠᠵᠠᠭᠤ ᠪᠠᠷ ᠥᠩᠭᠡᠷᠡᠬᠦ  ᠳ᠋ᠦ᠍ ᠣᠷᠣᠰ ᠺᠠᠽᠠᠭ ᠴᠡᠷᠢᠭ᠂ ᠵᠠᠮᠪᠠ ᠶ᠋ᠢᠨ ᠮᠣᠷᠢ ᠶ᠋ᠢ ᠪᠠᠬᠠᠳᠤᠨ ᠬᠣᠢᠨ᠎ᠠ ᠠ᠋ᠴᠠ ᠨᠢ ᠬᠥᠭᠵᠢᠯᠳᠦᠨ ᠬᠠᠰᠬᠢᠷᠴᠠᠭᠠᠬᠤ ᠴᠢᠮᠡᠭᠡ ᠴᠢᠬᠢᠨ᠎ᠡ ᠰᠣᠨᠣᠰᠳᠠᠨ᠂ ᠮᠠᠢᠮᠠᠢ ᠬᠣᠲᠠ ᠣᠢᠷᠠᠲᠤᠵᠤ ᠶᠠᠪᠤᠲᠠᠯ᠎ᠠ ᠡᠮᠦᠨ᠎ᠡ ᠡᠴᠡ ᠨᠢ ᠡᠯᠵᠢᠭᠡ ᠤᠨᠤᠭᠰᠠᠨ ᠨᠢᠭᠡ ᠬᠢᠲᠠᠳ ᠭᠠᠷᠤᠭᠠᠳ ᠢᠷᠡᠬᠦ ᠳ᠋ᠦ᠍᠂ ᠵᠠᠮᠪᠠ ᠲᠠᠰᠢᠶ᠎ᠠ ᠪᠠᠨ ᠲᠤᠯᠵᠤ ᠬᠠᠵᠠᠭᠤ ᠪᠠᠷ ᠨᠢ ᠰᠦᠷ ᠪᠠᠳᠠᠷᠠᠭᠤᠯᠤᠨ ᠭᠠᠷᠲᠠᠯ᠎ᠠ ᠲᠡᠷᠡ ᠬᠢᠲᠠᠳ 
       — ᠮᠣᠷᠢ ᠪᠠᠨ ᠬᠤᠳᠠᠯᠳᠤ – ᠭᠡᠵᠦ ᠬᠠᠰᠬᠢᠷᠤᠭᠠᠳ᠃   
       — ᠴᠢᠳᠠᠯ ᠴᠢᠨᠢ ᠬᠦᠷᠬᠦ ᠦᠭᠡᠢ! ᠭᠡᠵᠦ ᠵᠠᠮᠪᠠ ᠶ᠋ᠢᠨ ᠬᠠᠰᠬᠢᠷᠬᠤ ᠳ᠋ᠤ᠌᠂ ᠲᠡᠷᠡ ᠬᠢᠲᠠᠳ᠂  
       — ᠮᠣᠷᠢ ᠶ᠋ᠢ ᠴᠢᠨᠢ ᠤᠨᠤᠵᠤ ᠦᠵᠡᠶ᠎ᠡ᠃ ᠦᠨᠡᠬᠡᠷ ᠰᠠᠢᠨ ᠪᠣᠯ ᠮᠥᠩᠭᠥ ᠬᠠᠢᠷᠠᠯᠠᠬᠤ ᠦᠭᠡᠢ ᠭᠡᠵᠦ ᠬᠠᠰᠬᠢᠷᠴᠠᠢ᠃ 
       ᠵᠠᠮᠪᠠ᠂ ᠮᠣᠷᠢᠨ ᠤ᠋ ᠵᠢᠯᠣᠭᠣ ᠲᠠᠲᠠᠵᠤ᠂ ᠬᠢᠲᠠᠳ ᠤ᠋ᠨ ᠥᠭᠡᠳᠡ ᠡᠴᠡ ᠡᠷᠭᠢᠵᠦ ᠣᠴᠢᠭᠠᠳ᠂ ᠲᠡᠷᠡ ᠬᠢᠲᠠᠳ᠂ ᠵᠠᠮᠪᠠ ᠳ᠋ᠤ᠌ ᠡᠯᠵᠢᠭᠡᠨ ᠦ᠌ ᠴᠤᠯᠪᠤᠭᠤᠷ ᠢ᠋ ᠪᠠᠷᠢᠭᠤᠯᠤᠭᠠᠳ᠂ ᠮᠣᠷᠢᠨ ᠳ᠋ᠤᠨᠢ ᠮᠣᠷᠳᠠᠵᠤ ᠪᠠᠷᠠᠭᠤᠨ ᠲᠡᠰᠢ ᠰᠢᠷᠦᠭᠦᠯᠦᠨ ᠵᠢᠷᠣᠭᠠᠯᠠᠨ ᠵᠢᠷᠣᠭᠠᠯᠠᠭᠤᠯᠤᠭᠰᠠᠭᠠᠷ ᠠᠯᠠᠭ᠎ᠠ ᠪᠣᠯᠤᠭᠠᠳ ᠥᠭᠪᠡ᠃ ᠵᠠᠮᠪᠠ ᠬᠦᠢᠲᠡᠨ ᠵᠢᠪᠠᠷ ᠲᠤ᠌ ᠵᠢᠬᠡᠭᠦᠴᠡᠨ ᠲᠠᠭᠠᠷᠠᠵᠤ᠂ ᠬᠡᠴᠢᠨᠡᠨ ᠪᠣᠯᠲᠠᠯ᠎ᠠ ᠲᠡᠷᠡ ᠬᠢᠲᠠᠳ ᠢ᠋ ᠬᠦᠯᠢᠶᠡᠭᠡᠳ᠂ ᠠᠭᠤᠷᠯᠠᠬᠤ ᠢᠴᠢᠬᠦ ᠰᠡᠳᠬᠢᠯ ᠬᠠᠮᠲᠤᠳᠠᠵᠤ᠂ ᠪᠠᠭᠤᠭᠰᠠᠨ ᠠᠢᠯ ᠳ᠋ᠠᠭᠠᠨ ᠣᠷᠣᠢ ᠬᠠᠷᠠᠩᠭᠤᠢ ᠪᠣᠯᠤᠭᠰᠠᠨ ᠬᠣᠢᠨ᠎ᠠ ᠡᠯᠵᠢᠭᠡ ᠤᠨᠤᠵᠤ ᠢᠷᠡᠭᠡᠳ᠂ ᠬᠣᠢᠲᠤ ᠥᠷᠯᠥᠭᠡ ᠨᠢ ᠡᠷᠲᠡᠯᠡᠵᠦ᠂ ᠥᠴᠥᠭᠡᠳᠦᠷ ᠦ᠋ᠨ ᠭᠠᠵᠠᠷ ᠣᠴᠢᠭᠠᠳ᠂ ᠥᠨᠥᠬᠢ ᠬᠢᠲᠠᠳ ᠢ᠋ ᠬᠦᠷᠴᠦ ᠢᠷᠡᠬᠦ ᠪᠣᠯᠪᠠᠤ? ᠭᠡᠵᠦ ᠡᠳᠦᠷᠵᠢᠨ ᠢ᠋ᠶ᠋ᠡᠨ ᠬᠦᠯᠢᠶᠡᠭᠡᠳ᠂ ᠲᠠᠭᠠᠷᠠᠵᠤ ᠲᠠᠭᠠᠷᠠᠵᠤ ᠦᠳᠡᠰᠢ ᠶ᠋ᠢᠨ ᠪᠦᠷᠦᠢ ᠪᠡᠷ ᠥᠨᠥ ᠮᠠᠭᠤ ᠡᠯᠵᠢᠭᠡ ᠶ᠋ᠢ ᠤᠨᠤᠵᠤ ᠬᠠᠷᠢᠬᠤ ᠳ᠋ᠠᠭᠠᠨ᠄  
       — ᠮᠠᠢᠮᠠᠢ ᠬᠣᠲᠠ ᠣᠷᠣᠵᠤ ᠨᠠᠷᠭᠢᠬᠤ ᠭᠡᠵᠦ ᠲᠡᠢᠮᠦ ᠰᠠᠢᠬᠠᠨ ᠵᠢᠷᠣᠭ᠎ᠠ ᠮᠣᠷᠢ ᠪᠠᠨ ᠡᠨᠡ ᠵᠣᠯᠢᠭ ᠤ᠋ᠨ ᠡᠯᠵᠢᠭᠡ ᠪᠡᠷ ᠰᠣᠯᠢᠨ ᠭᠠᠢᠳᠠᠵᠠᠢ ᠪᠢ ᠭᠡᠵᠦ ᠠᠮᠠ ᠳᠣᠲᠣᠷ᠎ᠠ ᠪᠠᠨ ᠭᠦᠩᠭᠦᠨᠡᠵᠦ᠂ ᠡᠯᠵᠢᠭᠡ ᠪᠡᠨ ᠭᠤᠶᠠᠳᠠᠨ ᠭᠤᠶᠠᠳᠠᠨ ᠰᠠᠢᠪᠤᠷᠯᠠᠭᠤᠯᠵᠤ ᠶᠠᠪᠤᠲᠠᠯ᠎ᠠ᠂ ᠭᠡᠨᠡᠳᠲᠡ ᠪᠠᠳᠢᠷᠴᠢᠨ ᠠ᠋ᠴᠠ ᠪᠤᠷᠬᠠᠨ ᠠᠮᠪᠠᠨ ᠭᠡᠵᠦ ᠰᠣᠨᠣᠰᠤᠭᠰᠠᠨ ᠢ᠋ᠶ᠋ᠠᠨ ᠰᠠᠨᠠᠭᠠᠳ᠂ ᠮᠠᠷᠭᠠᠰᠢ ᠥᠷᠯᠥᠭᠡ ᠠᠮᠪᠠᠰ ᠤ᠋ᠨ ᠶᠠᠮᠤᠨ ᠳ᠋ᠤ᠌ ᠣᠴᠢᠵᠤ ᠲᠡᠷᠡ ᠲᠠᠨᠢᠬᠤ ᠦᠭᠡᠢ ᠬᠢᠲᠠᠳ ᠲᠤ᠌ ᠮᠣᠷᠢ ᠪᠠᠨ ᠠᠯᠳᠠᠭᠰᠠᠨ ᠬᠡᠷᠡᠭ ᠮᠡᠳᠡᠭᠦᠯᠦᠶ᠎ᠡ ᠭᠡᠵᠦ ᠰᠠᠨᠠᠭ᠎ᠠ ᠰᠢᠯᠤᠭᠤᠳᠴᠠᠢ᠃ 
       ᠨᠠᠮᠬᠠᠨ ᠨᠢᠷᠤᠭᠤ ᠲᠠᠢ᠂ ᠲᠤᠷᠠᠩᠬᠠᠢ ᠰᠢᠭ᠋ ᠡᠪᠦᠭᠡᠨ ᠮᠠᠨᠵᠤ ᠠᠮᠪᠠᠨ ᠬᠥᠳᠡᠭᠡ ᠶ᠋ᠢᠨ ᠠᠵᠠ ᠦᠭᠡᠢ ᠭᠡᠨᠡᠨ ᠡᠷ᠎ᠡ ᠶ᠋ᠢᠨ ᠦᠭᠡ ᠶᠠᠪᠤᠳᠠᠯ ᠢ᠋ ᠰᠣᠨᠣᠰᠤᠭᠠᠳ᠂ ᠲᠣᠮᠣ ᠤᠰᠤᠨ ᠪᠣᠯᠣᠷ ᠰᠢᠯ ᠦ᠋ᠨ ᠴᠠᠭᠠᠨ᠎ᠠ ᠠ᠋ᠴᠠ ᠵᠠᠮᠪᠠ ᠤᠷᠤᠭᠤ ᠰᠦᠷᠡᠬᠡᠢ ᠬᠡᠷᠰᠡᠦ ᠨᠢᠳᠦ ᠪᠡᠨ ᠵᠤᠯᠭᠤᠢᠳᠠᠨ ᠠᠨᠢᠰᠬᠢᠵᠦ ᠬᠠᠷᠠᠭᠠᠳ᠄ 
       — ᠵᠠ᠂ ᠲᠡᠭᠡᠭᠡᠳ ᠮᠣᠷᠢ ᠶ᠋ᠢ ᠴᠢᠨᠢ ᠠᠪᠤᠭᠰᠠᠨ ᠬᠥᠮᠦᠨ ᠢ᠋ᠶ᠋ᠡᠨ ᠲᠠᠨᠢᠬᠤ ᠦᠭᠡᠢ ᠭᠡᠨ᠎ᠡ? ᠵᠠ᠂ ᠵᠠ᠂ ᠠᠷᠭ᠎ᠠ ᠰᠦᠪᠡᠭᠴᠢᠯᠡᠵᠦ ᠦᠵᠡᠶ᠎ᠡ ᠳᠡ᠃ ᠴᠢ ᠡᠯᠵᠢᠭᠡ ᠪᠡᠨ ᠲᠦᠷ ᠮᠠᠨ ᠤ᠋ ᠶᠠᠮᠤᠨ ᠳ᠋ᠤ᠌ ᠦᠯᠡᠳᠡᠭᠡᠭᠡᠳ᠂ ᠭᠤᠷᠪᠠ ᠬᠣᠨᠣᠭᠠᠳ ᠨᠢᠭᠡ ᠡᠷᠭᠢᠵᠦ ᠢᠷ᠎ᠡ! ᠭᠡᠵᠦ ᠵᠠᠮᠪᠠ ᠳ᠋ᠤ᠌ ᠬᠡᠯᠡᠭᠡᠳ ᠶᠡᠶᠢ ᠨᠠᠷ ᠲᠤ᠌ ᠲᠠ ᠨᠠᠷ ᠮᠢᠨᠦ ᠵᠥᠪᠰᠢᠶᠡᠷᠡᠯ ᠦᠭᠡᠢ ᠪᠡᠷ ᠲᠡᠷᠡ ᠡᠯᠵᠢᠭᠡᠨ ᠳ᠋ᠦ᠍ ᠬᠡᠨ ᠬᠥᠮᠦᠨ ᠳᠤᠷ᠎ᠠ ᠮᠡᠳᠡᠨ ᠤᠰᠤ ᠡᠪᠡᠰᠦ ᠥᠭᠴᠦ ᠬᠡᠷᠬᠢᠪᠡᠴᠦ ᠪᠣᠯᠬᠤ ᠦᠭᠡᠢ᠃ ᠵᠥᠷᠢᠴᠡᠭᠰᠡᠨ ᠬᠥᠮᠦᠨ ᠢ᠋ ᠪᠠᠩᠵᠠᠳᠠᠨ ᠰᠢᠳᠬᠡᠨ᠎ᠡ ᠭᠡᠬᠦ ᠳ᠋ᠦ᠍ᠨᠢ ᠵᠠᠮᠪᠠ᠄ 
       — ᠵᠠ᠂ ᠪᠢ ᠣᠳᠣ ᠮᠠᠭᠤ ᠡᠯᠵᠢᠭᠡ ᠪᠡᠨ ᠴᠤ᠌ ᠠᠯᠳᠠᠯ᠎ᠠ᠃ ᠪᠤᠷᠬᠠᠨ ᠴᠣᠯᠠ ᠪᠠᠨ ᠴᠤ᠌ ᠠᠯᠳᠠᠭᠰᠠᠨ ᠪᠤᠷᠬᠠᠨ ᠠᠮᠪᠠᠨ ᠪᠣᠯ ᠳᠠ᠃ ᠮᠠᠭᠤ ᠡᠯᠵᠢᠭᠡ ᠶ᠋ᠢ ᠴᠤ᠌ ᠭᠣᠯᠣᠳᠠᠭ ᠦᠭᠡᠢ ᠬᠣᠮᠣᠬᠠᠢ ᠮᠠᠨᠵᠤ ᠰᠢᠪ ᠳᠡ ᠭᠡᠵᠦ ᠪᠣᠳᠣᠭᠠᠳ ᠵᠠ ᠶᠠᠭᠤ ᠴᠤ᠌ ᠪᠣᠯᠤᠭᠰᠠᠨ᠂ ᠭᠤᠷᠪᠠ ᠬᠣᠨᠣᠭᠠᠳ ᠠᠵᠠ ᠪᠠᠨ ᠨᠢᠭᠡ ᠦᠵᠡᠭᠡᠳ ᠠᠯᠳᠠᠶ᠎ᠠ ᠭᠡᠵᠦ ᠪᠣᠳᠣᠵᠠᠢ᠃ 
       ᠭᠤᠷᠪᠠ ᠬᠣᠨᠣᠭᠠᠳ᠂ ᠠᠮᠪᠠᠰ ᠤ᠋ᠨ ᠶᠠᠮᠤᠨ ᠳ᠋ᠤ᠌ ᠣᠴᠢᠬᠤ ᠳ᠋ᠤᠨᠢ ᠨᠢᠭᠡ ᠶᠠᠶᠢ᠂ ᠠᠮᠪᠠᠨ ᠤ᠋ ᠲᠤᠰᠢᠶᠠᠯ ᠭᠡᠵᠦ ᠵᠠᠮᠪᠠ ᠳ᠋ᠤ᠌ ᠨᠢᠭᠡ ᠤᠨᠤᠬᠤ ᠮᠣᠷᠢ ᠥᠭᠴᠦ᠂ ᠭᠤᠷᠪᠠ ᠬᠣᠨᠣᠭ ᠬᠣᠭᠣᠰᠣᠨ ᠨᠣᠢᠲᠠᠨ ᠪᠠᠢᠭᠰᠠᠨ ᠥᠨᠥᠬᠢ ᠡᠯᠵᠢᠭᠡ ᠶ᠋ᠢ ᠳᠠᠭᠠᠭᠤᠯᠵᠤ᠂ ᠵᠠᠮᠪᠠ ᠲᠠᠢ ᠬᠠᠮᠲᠤ ᠲᠤᠤᠯᠠ ᠭᠣᠣᠯ ᠤ᠋ᠨ ᠵᠦᠭ ᠣᠳᠴᠤ᠂ ᠬᠡᠷᠡᠭ ᠤᠴᠢᠷ ᠶᠠᠭᠤ ᠪᠣᠯᠵᠤ ᠪᠠᠢᠭ᠎ᠠ ᠶ᠋ᠢ ᠠᠰᠠᠭᠤᠬᠤ ᠳ᠋ᠤ᠌᠂ ᠴᠢ ᠪᠢᠳᠡ ᠬᠣᠶᠠᠷ᠂ ᠠᠮᠪᠠᠨ ᠤ᠋ ᠲᠤᠰᠢᠶᠠᠯ ᠢ᠋ᠶ᠋ᠠᠷ ᠶᠠᠪᠤᠵᠤ ᠶᠠᠪᠤᠨ᠎ᠠ᠃ ᠴᠣᠬᠣᠮ ᠶᠠᠭᠤ ᠪᠣᠯᠬᠤ ᠶ᠋ᠢ ᠳᠠᠷᠠᠭ᠎ᠠ ᠦᠵᠡ ᠭᠡᠳ ᠣᠯᠠᠨ ᠲᠠᠪᠤᠨ ᠦᠭᠡ ᠬᠡᠯᠡᠵᠦ ᠦᠭᠭᠦᠭᠰᠡᠨ ᠦᠭᠡᠢ᠂ ᠭᠣᠣᠯ ᠳᠡᠭᠡᠷ᠎ᠡ ᠣᠴᠢᠵᠤ ᠬᠠᠷᠠᠵᠠ ᠤᠰᠤᠨ ᠠ᠋ᠴᠠ ᠡᠯᠵᠢᠭᠡ ᠶ᠋ᠢ ᠤᠰᠤᠯᠠᠭᠠᠳ ᠵᠣᠳᠣᠵᠤ ᠵᠣᠳᠣᠵᠤ᠂ ᠬᠠᠵᠠᠭᠠᠷ ᠢ᠋ ᠠᠪᠤᠭᠠᠳ ᠲᠠᠯᠪᠢᠴᠢᠵᠡᠢ᠃ ᠲᠡᠭᠡᠭᠡᠳ ᠡᠨᠡ ᠴᠢᠨᠢ ᠶᠠᠭᠠᠬᠢᠵᠤ ᠪᠠᠢᠭ᠎ᠠ ᠴᠢᠨᠢ ᠡᠨᠡ ᠪᠣᠢ?   
       ᠵᠠᠮᠪᠠ ᠶ᠋ᠢᠨ ᠭᠠᠢᠬᠠᠨ ᠠᠰᠠᠭᠤᠬᠤ ᠳ᠋ᠤᠨᠢ ᠲᠡᠷᠡ ᠶᠡᠶᠢ᠂ ᠠᠮᠪᠠᠨ ᠰᠡᠢᠣ᠌ᠠ ᠡᠯᠵᠢᠭᠡ ᠶ᠋ᠢ ᠭᠤᠷᠪᠠᠨ ᠬᠣᠨᠣᠭ ᠬᠣᠭᠣᠰᠣᠨ ᠨᠣᠢᠲᠠᠨ ᠪᠠᠢᠯᠭᠠᠭᠠᠳ᠂ ᠭᠣᠣᠯ ᠳᠡᠭᠡᠷ᠎ᠡ ᠤᠰᠤᠯᠠᠵᠤ ᠰᠠᠢᠨ ᠵᠣᠳᠣᠭᠠᠳ ᠲᠠᠯᠪᠢᠭᠠᠷᠠᠢ᠂ ᠲᠡᠭᠡᠭᠡᠳ ᠬᠠᠮᠢᠭᠠᠰᠢ ᠪᠠᠨ ᠣᠴᠢᠭᠰᠠᠨ ᠵᠦᠭ ᠲᠤᠨᠢ ᠳᠠᠭᠠᠭᠠᠳ ᠶᠠᠪᠤ ᠭᠡᠰᠡᠨ ᠭᠡᠵᠦ ᠤᠴᠢᠷ ᠢ᠋ ᠬᠡᠯᠡᠵᠦ ᠥᠭᠴᠡᠢ᠃ 
       ᠥᠯᠥᠨ᠂ ᠲᠠᠭᠠᠷᠠᠭᠰᠠᠨ ᠡᠯᠵᠢᠭᠡ ᠤᠰᠤ ᠤᠤᠭᠤᠭᠰᠠᠨ ᠪᠣᠯᠤᠭᠠᠳ᠂ ᠮᠠᠢᠮᠠᠢ ᠬᠣᠲᠠ ᠶ᠋ᠢᠨ ᠵᠦᠭ ᠲᠡᠷᠡ ᠴᠢᠭ ᠢ᠋ᠶ᠋ᠡᠷ ᠢ᠋ᠶ᠋ᠡᠨ ᠶᠠᠪᠤᠭᠠᠳ ᠥᠭᠴᠡᠢ᠃ ᠵᠠᠮᠪᠠ᠂ ᠶᠡᠶᠢ ᠬᠣᠶᠠᠷ ᠡᠯᠵᠢᠭᠡ ᠶ᠋ᠢᠨ ᠬᠣᠢᠨ᠎ᠠ ᠠ᠋ᠴᠠ ᠳᠠᠭᠠᠵᠤ᠂ ᠲᠡᠷᠡ ᠡᠯᠵᠢᠭᠡ ᠨᠢ ᠣᠯᠠᠨ ᠰᠠᠯᠠᠭ᠎ᠠ ᠮᠤᠷᠤᠢ ᠲᠠᠬᠢᠷ ᠭᠤᠳᠤᠮᠵᠢ ᠳᠠᠮᠵᠢᠭᠰᠠᠭᠠᠷ ᠨᠢᠭᠡ ᠲᠤᠭᠤᠯ ᠭᠤᠳᠤᠮᠵᠢᠨ ᠳ᠋ᠤ᠌ ᠣᠷᠣᠭᠠᠳ᠂ ᠶᠠᠪᠠᠭᠠᠨ ᠬᠠᠭᠠᠯᠭ᠎ᠠ ᠶ᠋ᠢᠨ ᠡᠮᠦᠨ᠎ᠡ ᠤᠷᠢᠯᠠᠵᠢ᠃ ᠡᠯᠵᠢᠭᠡ ᠶ᠋ᠢᠨ ᠲᠡᠷᠡ ᠳᠠᠭᠤᠨ ᠢ᠋ᠶ᠋ᠠᠷ ᠨᠢᠭᠡ ᠬᠢᠲᠠᠳ ᠢ᠋ ᠬᠠᠭᠠᠯᠭ᠎ᠠ ᠪᠠᠷ ᠴᠤᠬᠤᠰᠬᠢᠨ ᠭᠠᠷᠤᠭᠰᠠᠨ ᠢ᠋ ᠵᠠᠮᠪᠠ ᠳᠣᠣᠷ᠎ᠠ ᠪᠠᠨ ᠲᠠᠨᠢᠵᠠᠢ᠃  
       — ᠨᠠᠭᠠᠳᠤᠬᠢ ᠴᠢᠨᠢ ᠵᠢᠰᠦ ᠪᠡᠷ ᠢ᠋ᠶ᠋ᠡᠨ ᠮᠥᠨ ᠪᠠᠢᠨ᠎ᠠ! ᠭᠡᠵᠦ ᠪᠠᠷᠬᠢᠷᠠᠵᠠᠢ᠃ ᠲᠡᠷᠡ ᠬᠢᠲᠠᠳ᠂ ᠵᠠᠮᠪᠠ᠂ ᠶᠡᠶᠢ ᠬᠣᠶᠠᠷ ᠢ᠋ ᠦᠵᠡᠭᠡᠳ᠂ ᠵᠢᠰᠦ ᠰᠢᠷᠣᠢ ᠶ᠋ᠢᠨ ᠥᠩᠭᠡᠲᠡᠢ ᠪᠣᠯᠵᠤ ᠤᠬᠠᠭᠠᠨ ᠠᠮᠢ ᠦᠭᠡᠢ ᠠᠶᠤᠵᠠᠢ᠃ 
       ᠶᠡᠶᠢ ᠳᠣᠣᠷ᠎ᠠ ᠪᠠᠨ ᠮᠣᠷᠢᠨ ᠡᠴᠡᠭᠡᠨ ᠪᠠᠭᠤᠵᠤ᠂ ᠲᠡᠷᠡ ᠬᠢᠲᠠᠳ ᠤ᠋ᠨ ᠬᠦᠵᠦᠭᠦᠨ ᠳ᠋ᠦ᠍ ᠲᠡᠮᠦᠷ ᠭᠢᠨᠵᠢ ᠵᠡᠭᠦᠭᠡᠳ᠂ ᠤᠳᠠᠯ ᠦᠭᠡᠢ ᠵᠠᠮᠪᠠ ᠵᠢᠷᠣᠭ᠎ᠠ ᠴᠠᠭᠠᠨ ᠢ᠋ᠶ᠋ᠠᠨ ᠤᠨᠤᠭᠠᠳ ᠠᠮᠪᠠᠨ ᠤ᠋ ᠮᠣᠷᠢ ᠶ᠋ᠢ ᠬᠥᠲᠥᠯᠵᠦ᠂ ᠠᠮᠪᠠᠰ ᠤ᠋ᠨ ᠶᠠᠮᠤᠨ ᠤ᠋ ᠶᠡᠶᠢ᠂ ᠥᠨᠥᠬᠢ ᠬᠢᠲᠠᠳ ᠢ᠋ ᠨᠣᠬᠠᠢ ᠰᠢᠭ᠋ ᠬᠥᠲᠥᠯᠦᠨ ᠶᠠᠮᠤᠨ ᠤ᠋ ᠵᠦᠭ ᠣᠳᠪᠠ᠃   
       ᠠᠮᠪᠠᠰ ᠤ᠋ᠨ ᠶᠠᠮᠤᠨ ᠳ᠋ᠤ᠌ ᠬᠦᠷᠴᠦ ᠢᠷᠡᠬᠦ ᠳ᠋ᠦ᠍᠂ ᠠᠯᠪᠠᠨ ᠤ᠋ ᠬᠥᠮᠦᠰ ᠵᠠᠮᠪᠠ ᠶ᠋ᠢ ᠴᠢ ᠠᠮᠪᠠᠨ ᠰᠠᠢᠳ ᠤ᠋ᠨ ᠠᠴᠢ ᠶ᠋ᠢ ᠬᠠᠷᠢᠭᠤᠯᠬᠤ ᠶᠣᠰᠣᠲᠠᠢ ᠭᠡᠵᠦ ᠡᠷᠡᠭᠡ ᠦᠭᠡᠢ ᠬᠡᠯᠡᠵᠡᠢ᠃ ᠲᠡᠭᠡᠬᠦ ᠳ᠋ᠦ᠍ᠨᠢ᠂ ᠠᠷᠭ᠎ᠠ ᠪᠤᠶᠤ ᠬᠦᠵᠦᠭᠦᠨ ᠳ᠋ᠡᠭᠡᠨ ᠵᠡᠭᠦᠵᠦ ᠶᠠᠪᠤᠭᠰᠠᠨ ᠪᠢᠴᠢᠬᠠᠨ ᠤᠭᠤᠲᠠ ᠠ᠋ᠴᠠ ᠨᠠᠮᠤᠷ ᠬᠥᠪᠰᠥᠭᠥᠯ ᠦ᠋ᠨ ᠴᠠᠭᠠᠳᠠᠨ ᠤᠢᠭᠤᠷ ᠬᠥᠮᠦᠨ ᠡᠴᠡ ᠠᠷᠠᠯᠵᠢᠵᠤ ᠠᠪᠤᠭᠰᠠᠨ ᠬᠥᠮᠦᠨ ᠣᠷᠬᠣᠳᠠᠢ ᠭᠠᠷᠭᠠᠵᠤ ᠳᠣᠲᠣᠷ᠎ᠠ ᠪᠠᠨ ᠪᠡᠶ᠎ᠡ ᠪᠡᠨ ᠵᠢᠮᠡᠯᠡᠨ᠂ ᠮᠠᠢᠮᠠᠢ ᠬᠣᠲᠠ ᠳ᠋ᠤ᠌ ᠨᠠᠷᠭᠢᠬᠤ ᠭᠡᠵᠦ ᠡᠢᠮᠦ ᠬᠡᠷᠡᠭ ᠲᠦ᠍ ᠣᠷᠤᠴᠢᠯ᠎ᠡ ᠭᠡᠵᠦ ᠭᠡᠮᠰᠢᠨ᠂ ᠠᠮᠪᠠᠨ ᠳ᠋ᠤ᠌ ᠲᠡᠷᠡ ᠬᠣᠪᠣᠷ ᠦᠨᠳᠦᠰᠦ ᠶ᠋ᠢ ᠡᠷᠭᠦᠨ ᠪᠠᠷᠢᠪᠠᠯ᠂ ᠵᠠᠯᠢ ᠲᠠᠢ ᠮᠠᠨᠵᠤ ᠰᠠᠢᠳ ᠤ᠋ᠨ ᠨᠢᠳᠦ ᠨᠢ ᠭᠢᠯᠠᠯᠵᠠᠨ ᠪᠠᠶᠠᠷᠯᠠᠵᠤ᠄  
       — ᠤᠤᠬᠠᠢ ᠲᠠᠨ ᠤ᠋ ᠨᠤᠲᠤᠭ ᠲᠤ᠌ ᠬᠥᠮᠦᠨ ᠣᠷᠬᠣᠳᠠᠢ ᠪᠠᠰᠠ ᠤᠷᠭᠤᠳᠠᠭ ᠶᠣᠮ᠎ᠠ ?(ᠶᠦ᠍ᠮ ᠤᠤ ?) ᠭᠡᠵᠦ ᠠᠰᠠᠭᠤᠪᠠ᠃ ᠲᠡᠭᠡᠭᠡᠳ᠂ ᠵᠠᠮᠪᠠ ᠠᠷᠭ᠎ᠠ ᠪᠤᠶᠤ ᠠᠮᠢᠳᠤ ᠶᠠᠪᠤᠬᠤ ᠶ᠋ᠢᠨ ᠪᠠᠬ᠎ᠠ ᠵᠢᠷᠭᠠᠯ᠂ ᠬᠦᠴᠦ ᠲᠠᠮᠢᠷ᠂ ᠵᠠᠯᠠᠭᠤ ᠶ᠋ᠢᠨ ᠢᠳᠡ ᠴᠣᠭ ᠲᠦᠷᠦᠭᠦᠯᠡᠭᠴᠢ ᠳᠣᠮᠣᠭᠲᠤ ᠭᠠᠢᠬᠠᠮᠰᠢᠭᠲᠤ ᠲᠡᠷᠡ ᠡᠮ ᠦ᠋ᠨ ᠡᠪᠡᠰᠦᠨ ᠦ᠌ ᠦᠨᠳᠦᠰᠦ ᠭᠠᠷᠳᠠᠭ ᠭᠠᠵᠠᠷ ᠢ᠋ ᠣᠢ ᠶ᠋ᠢᠨ ᠭᠥᠷᠥᠭᠡᠴᠢᠨ ᠲᠡᠷᠡ ᠲᠡᠷᠡ ᠬᠠᠪᠢ ᠨᠤᠲᠤᠭ ᠠ᠋ᠴᠠ ᠣᠯᠳᠠᠭ ᠭᠡᠵᠦ ᠬᠡᠯᠡᠵᠦ ᠥᠭᠬᠦ ᠳ᠋ᠦ᠍ ᠬᠦᠷᠪᠡ᠃ 
       — ᠲᠡᠷᠡ ᠬᠥᠮᠦᠨ ᠣᠷᠬᠣᠳᠠᠢ ᠶ᠋ᠢ ᠳᠡᠭᠡᠷᠡᠬᠢ ᠶ᠋ᠢᠨ ᠭᠡᠭᠡᠬᠡᠨ ᠳ᠋ᠦ᠍ ᠡᠷᠭᠦᠬᠦ ᠰᠠᠨᠠᠭ᠎ᠠ ᠲᠠᠢ ᠶᠠᠪᠤᠭᠰᠠᠨ ᠢ᠋ᠶ᠋ᠠᠨ ᠡᠨᠡ ᠮᠠᠨᠵᠤ ᠶ᠋ᠢᠨ ᠠᠮᠠ ᠳ᠋ᠤ᠌ ᠡᠮᠬᠦᠭᠦᠯᠪᠡ ᠳᠡ ᠭᠡᠵᠦ ᠬᠠᠷᠠᠮᠰᠠᠨ ᠪᠤᠳᠤᠲᠠᠯ᠎ᠠ᠂ ᠭᠡᠨᠡᠳᠲᠡ ᠡᠪᠦᠭᠡᠨ ᠪᠠᠳᠢᠷᠴᠢ ᠠ᠋ᠴᠠ ᠳᠡᠭᠡᠷᠡᠬᠢ ᠶ᠋ᠢᠨ ᠭᠡᠭᠡᠬᠡᠨ᠂ ᠡᠨᠡ ᠠᠮᠪᠠᠨ ᠤ᠋ ᠠᠮᠢ ᠠᠪᠤᠷᠠᠭᠰᠠᠨ ᠭᠡᠳᠡᠭ ᠢ᠋ ᠰᠣᠨᠣᠰᠤᠭᠰᠠᠨ ᠢ᠋ᠶ᠋ᠠᠨ ᠰᠠᠨᠠᠵᠤ᠂ ᠲᠡᠭᠦᠨ ᠢ᠋ ᠠᠰᠠᠭᠤᠭᠠᠳ ᠠᠯᠳᠠᠶ᠎ᠠ᠃ ᠳᠦᠭᠦᠷᠦᠭᠰᠡᠨ ᠬᠡᠷᠡᠭ ᠭᠡᠵᠦ ᠠᠰᠠᠭᠤᠷᠤᠨ᠄  
       — ᠰᠠᠢᠳ ᠠᠪᠤᠭᠠᠢ ᠳ᠋ᠤ᠌ ᠠᠢᠯᠠᠳᠬᠠᠨ ᠠᠰᠠᠭᠤᠬᠤ ᠨᠢᠭᠡ ᠦᠭᠡ ᠪᠠᠢᠨ᠎ᠠ᠃ ᠲᠠᠨ ᠢ᠋ ᠨᠡᠰᠢ ᠳᠠ ᠬᠦᠷᠢᠶᠡᠨ ᠦ᠌ ᠵᠦᠭ ᠮᠣᠷᠢᠯᠠᠵᠤ ᠶᠠᠪᠤᠬᠤ ᠳ᠋ᠠᠭᠠᠨ ᠮᠣᠷᠢᠨ ᠠ᠋ᠴᠠ ᠪᠠᠨ ᠣᠢᠴᠢᠭᠠᠳ᠂ ᠶᠡᠬᠡ ᠪᠣᠭᠳᠠ ᠶ᠋ᠢᠨ ᠰᠢᠳᠢ ᠠᠪᠤᠷᠠᠯ ᠢ᠋ᠶ᠋ᠠᠷ ᠠᠮᠢ ᠮᠡᠨᠳᠦ ᠭᠠᠷᠤᠭᠰᠠᠨ ᠭᠡᠵᠦ ᠬᠡᠯᠡᠯᠴᠡᠳᠡᠭ᠂ ᠦᠨᠡᠨ ᠤᠤ?  ᠭᠡᠵᠦ ᠠᠰᠠᠭᠤᠵᠠᠢ᠃  
       — ᠦᠭᠡᠢ᠂ ᠪᠢ ᠮᠣᠷᠢᠨ ᠠ᠋ᠴᠠ ᠪᠠᠨ ᠤᠨᠠᠭᠰᠠᠨ ᠴᠤ᠌ ᠦᠭᠡᠢ᠂ ᠨᠠᠮᠠᠶ᠋ᠢ ᠠᠪᠤᠷᠠᠬᠤ ᠬᠡᠷᠡᠭ ᠴᠤ᠌ ᠭᠠᠷᠤᠭᠰᠠᠨ ᠦᠭᠡᠢ ᠭᠡᠬᠦ ᠳ᠋ᠦ᠍ᠨᠢ᠄
       ᠲᠠᠨ ᠤ᠋ ᠪᠠᠢᠰᠢᠩ ᠳ᠋ᠤ᠌ ᠭᠠᠯ ᠭᠠᠷᠤᠭᠰᠠᠨ ᠢ᠋ ᠴᠠᠢ ᠪᠠᠷ ᠬᠤᠷ᠎ᠠ ᠣᠷᠣᠭᠤᠯᠵᠤ ᠤᠨᠲᠠᠷᠠᠭᠠᠭᠰᠠᠨ ᠤᠳᠠᠭ᠎ᠠ ᠪᠣᠢ ᠤᠤ? ᠭᠡᠵᠦ ᠵᠠᠮᠪᠠ᠂ ᠬᠥᠮᠦᠨ ᠣᠷᠬᠣᠳᠠᠢ ᠪᠠᠨ ᠠᠯᠳᠠᠭᠰᠠᠨ ᠠ᠋ᠴᠠ ᠬᠣᠢᠰᠢ ᠬᠠᠷᠢᠭᠤ ᠳ᠋ᠤᠨᠢ ᠰᠣᠨᠢᠷᠬᠠᠵᠤ ᠶᠠᠪᠤᠭᠰᠠᠨ ᠶᠠᠭᠤᠮ᠎ᠠ ᠪᠠᠨ ᠠᠰᠠᠭᠤᠵᠤ ᠠᠪᠤᠶ᠎ᠠ ᠭᠡᠵᠦ ᠰᠢᠢᠳᠪᠡ᠃   
       — ᠴᠠᠢ ᠪᠠᠷ ᠬᠤᠷ᠎ᠠ ᠣᠷᠣᠭᠤᠯᠤᠭᠰᠠᠨ ᠭᠡᠵᠦ ᠴᠢ ᠶᠠᠭᠤ ᠬᠡᠯᠡᠵᠦ ᠪᠠᠢᠨ᠎ᠠ? ᠭᠡᠵᠦ ᠮᠠᠨᠵᠤ ᠠᠮᠪᠠᠨ ᠭᠠᠢᠬᠠᠵᠤ᠂ ᠮᠠᠨ ᠤ᠋ ᠲᠣᠭᠣᠭ᠎ᠠ ᠶ᠋ᠢᠨ ᠪᠠᠢᠰᠢᠩ ᠳ᠋ᠤ᠌ ᠥᠴᠦᠬᠡᠨ ᠭᠠᠯ ᠭᠠᠷᠤᠭᠰᠠᠨ ᠤᠳᠠᠭ᠎ᠠ ᠪᠣᠢ ᠪᠣᠯᠪᠠᠴᠤ᠂ ᠪᠣᠷᠣᠭᠠᠨ ᠬᠤᠷ᠎ᠠ ᠪᠠᠷ ᠳᠠᠷᠤᠭᠰᠠᠨ ᠢ᠋ ᠪᠢ ᠦᠵᠡᠵᠦ ᠰᠣᠨᠣᠰᠤᠭᠰᠠᠨ ᠦᠭᠡᠢ᠂ ᠮᠠᠨ ᠤ᠋ ᠲᠣᠭᠣᠭᠠᠴᠢ ᠮᠠᠨᠠᠭᠠᠴᠢ ᠬᠣᠶᠠᠷ ᠭᠠᠩ ᠲᠠᠢ ᠤᠰᠤᠨ ᠠ᠋ᠴᠠ ᠠᠰᠬᠠᠵᠤ ᠤᠨᠲᠠᠷᠠᠭᠠᠭᠰᠠᠨ ᠪᠢᠯᠡ ᠭᠡᠬᠦ ᠳ᠋ᠦ᠍ᠨᠢ᠄ 
       — ᠶᠡᠷᠦ ᠨᠢ ᠲᠡᠷᠡ ᠲᠤᠬᠠᠢ ᠬᠤᠷ᠎ᠠ ᠣᠷᠣᠭᠰᠠᠨ ᠦᠭᠡᠢ ᠤᠤ?  ᠭᠡᠵᠦ ᠳᠠᠪᠲᠠᠨ ᠠᠰᠠᠭᠤᠬᠤ ᠳ᠋ᠤᠨᠢ᠄ 
       — ᠦᠭᠡᠢ ᠴᠢ ᠬᠤᠷ᠎ᠠ ᠪᠠᠷ ᠶᠠᠭᠠᠬᠢᠬᠤ ᠭᠡᠰᠡᠨ ᠶᠦᠮ ᠪᠣᠢ ? ᠭᠡᠵᠦ ᠬᠠᠷᠢᠭᠤ ᠠᠰᠠᠭᠤᠬᠤ ᠳ᠋ᠤᠨᠢ᠂ ᠵᠠᠮᠪᠠ᠂ 
       — ᠨᠠᠳᠠ ᠨᠢᠭᠡ ᠪᠠᠳᠢᠷᠴᠢ᠂ ᠲᠠᠨ ᠢ᠋ ᠪᠡᠭᠡᠵᠢᠩ ᠡᠴᠡ ᠢᠷᠡᠵᠦ ᠶᠠᠪᠤᠭᠠᠳ ᠮᠣᠷᠢᠨ ᠠ᠋ᠴᠠ ᠪᠠᠨ ᠣᠢᠴᠢᠬᠤ ᠳ᠋ᠤ᠌ ᠳᠡᠭᠡᠷᠡᠬᠢ ᠶᠢᠨ ᠭᠡᠭᠡᠬᠡᠨ᠂ ᠲᠠᠨ ᠢ᠋ ᠠᠪᠤᠷᠠᠵᠤ᠂ ᠬᠣᠵᠢᠮ ᠨᠢ ᠪᠠᠰᠠ ᠲᠠᠨ ᠤ᠋ ᠪᠠᠢᠰᠢᠩ ᠳ᠋ᠤ᠌ ᠭᠠᠯ ᠭᠠᠷᠬᠤ ᠳ᠋ᠤ᠌᠂ ᠥᠷᠥᠭᠡᠨ ᠡᠴᠡ ᠪᠡᠨ ᠴᠠᠢ ᠰᠦᠷᠴᠢᠨ᠂ ᠴᠠᠢ ᠶ᠋ᠢᠨ ᠬᠤᠷ᠎ᠠ ᠣᠷᠣᠭᠤᠯᠵᠤ ᠭᠠᠯ ᠤᠨᠲᠠᠷᠠᠭᠠᠭᠰᠠᠨ ᠭᠡᠵᠦ ᠶᠠᠷᠢᠭᠰᠠᠨ ᠶᠤᠮ᠃ ᠲᠡᠭᠡᠭᠡᠳ ᠪᠢ ᠰᠣᠨᠢᠷᠬᠠᠵᠤ ᠰᠠᠢᠳ ᠠᠪᠤᠭᠠᠢ ᠳ᠋ᠤ᠌ ᠠᠢᠯᠠᠳᠬᠠᠨ ᠠᠰᠠᠭᠤᠵᠤ ᠪᠠᠢᠭ᠎ᠠ ᠤᠴᠢᠷ ᠲᠡᠷᠡ ᠪᠢᠯᠡ ᠭᠡᠬᠦ ᠳ᠋ᠦ᠍ᠨᠢ᠄
       — ᠪᠣᠭᠳᠠ ᠭᠡᠭᠡᠬᠡᠨ ᠦ᠌ ᠲᠡᠢᠮᠦ ᠢᠯᠡᠳᠲᠡ ᠨᠠᠮᠠᠶ᠋ᠢ ᠥᠷᠥᠰᠢᠶᠡᠨ ᠦᠵᠡᠵᠦ ᠠᠪᠤᠷᠠᠯ ᠳ᠋ᠠᠭᠠᠨ ᠪᠠᠭᠲᠠᠭᠠᠬᠤ ᠭᠡᠳᠡᠭ ᠢ᠋ ᠪᠢ᠂ ᠬᠠᠢᠷᠠᠯᠠᠬᠤ ᠨᠢ ᠬᠠᠷᠠᠬᠠᠨ ᠬᠦᠷᠲᠡᠭᠡ ᠦᠭᠡᠢ ᠪᠢᠯᠡ᠃ ᠵᠠ ᠴᠢ ᠶᠠᠪᠤ᠂ ᠶᠠᠪᠤ᠃ ᠨᠠᠳᠠᠳᠤ ᠥᠨᠥᠳᠥᠷ ᠰᠢᠳᠬᠡᠬᠦ ᠠᠯᠪᠠᠨ ᠬᠡᠷᠡᠭ ᠦᠯᠡᠮᠵᠢ ᠪᠣᠢ ᠭᠡᠵᠦ ᠮᠠᠨᠵᠤ ᠠᠮᠪᠠᠨ ᠭᠡᠨᠡᠳᠲᠡ ᠴᠢᠷᠠᠢ ᠪᠠᠷᠤᠢᠯᠭᠠᠨ ᠬᠡᠯᠡᠵᠡᠢ᠃        

          ᠦᠰᠦᠭ ᠠᠮᠢᠯᠠᠭᠤᠯᠤᠭᠴᠢ᠄ ᠰᠠᠷᠠᠨᠲᠤᠶᠠᠭ᠎ᠠ᠂ ᠣᠶᠤᠨᠪᠠᠲᠦ᠂ ᠤᠢᠭᠤᠷᠵᠢᠨ ᠣᠳᠬᠣᠨᠪᠠᠪᠠ᠂ 
                                       ᠮᠥᠩᠭᠥᠨᠭᠣᠸ᠎ᠠ᠂ ᠣᠳᠬᠣᠨᠴᠡᠴᠡᠭ᠂ ᠪᠠᠳᠮᠠᠰᠡᠴᠡᠨ
               ᠬᠢᠨᠠᠭᠴᠢ᠄ ᠣᠳᠬᠣᠨᠴᠡᠴᠡᠭ᠂ ᠮᠥᠩᠭᠥᠨᠭᠣᠸ᠎ᠠ᠂  ᠲ ᠬᠦᠮᠦᠵᠢᠯᠲᠦ᠂ ᠪᠠᠯ 
               ᠤᠩᠰᠢᠭᠴᠢ᠄  ᠨᠠᠰᠤᠨ᠌ᠦ᠌ᠯᠵᠡᠢ