ᠦᠷ ᠦᠨ ᠲᠤᠶᠠᠭ᠎ᠠ 1 – ᠪ᠂ ᠷᠢᠨᠴᠢᠨ - ᠲᠡᠷᠢᠬᠦᠨ ᠲᠡᠪᠲᠡᠷ <ᠮᠠᠨᠵᠤ ᠶᠢᠨ ᠳᠠᠯᠬᠢᠨ ᠳᠤ>(ᠠᠷᠪᠠᠨ ᠨᠢᠭᠡ) Үүрийн туяа I – Б ᠂ Ренчин Тэргүүн дэвтэр "<Манжийн талхинд" (11) ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠷ ᠦᠨ ᠲᠤᠶᠠᠭ᠎ᠠ 1 – ᠪ᠂ ᠷᠢᠨᠴᠢᠨ - ᠲᠡᠷᠢᠬᠦᠨ ᠲᠡᠪᠲᠡᠷ <ᠮᠠᠨᠵᠤ ᠶᠢᠨ ᠳᠠᠯᠬᠢᠨ ᠳᠤ>(ᠠᠷᠪᠠᠨ ᠨᠢᠭᠡ) Үүрийн туяа I – Б ᠂ Ренчин Тэргүүн дэвтэр "<Манжийн талхинд" (11)

ᠦᠷ ᠦᠨ ᠲᠤᠶᠠᠭ᠎ᠠ 1 – ᠪ᠂ ᠷᠢᠨᠴᠢᠨ - ᠲᠡᠷᠢᠬᠦᠨ ᠲᠡᠪᠲᠡᠷ <ᠮᠠᠨᠵᠤ ᠶᠢᠨ ᠳᠠᠯᠬᠢᠨ ᠳᠤ>(ᠠᠷᠪᠠᠨ ᠨᠢᠭᠡ) Үүрийн туяа I – Б ᠂ Ренчин Тэргүүн дэвтэр "<Манжийн талхинд" (11)

ᠠᠩᠭᠢᠯᠠᠯ:ᠲᠤᠭᠤᠵᠢ ᠷᠣᠮᠠᠨ
2024-11-10

844

ᠠᠷᠪᠠᠨ ᠨᠢᠭᠡ ᠂ ᠮᠢᠬ᠎ᠠ ᠮᠠᠩᠨᠤᠭ ᠪᠣᠯᠵᠤ ᠮᠠᠨ ᠤ᠋ ᠪᠠᠶᠠᠨ ᠴᠢᠳᠬᠥᠷ ᠪᠣᠯᠵᠠᠢ


                ᠵᠤᠳ ᠪᠣᠯᠬᠤ ᠳ᠋ᠤ᠌ ᠨᠣᠬᠠᠢ ᠲᠠᠷᠭᠤᠯᠠᠳᠠᠭ    
                ᠵᠣᠪᠠᠯᠠᠩ ᠪᠣᠯᠬᠤ ᠳ᠋ᠤ᠌ ᠪᠠᠶᠠᠴᠤᠳ ᠲᠠᠷᠭᠤᠯᠠᠳᠠᠭ     
                           (ᠠᠷᠠᠳ ᠤ᠋ᠨ ᠰᠡᠴᠡᠨ ᠦᠭᠡ)        

       ᠦᠷ ᠦ᠋ᠨ ᠲᠤᠶᠠᠭ᠎ᠠ ᠳ᠋ᠤ᠌ ᠣᠳᠣᠨ ᠨᠢᠭᠡ ᠨᠢᠭᠡ ᠪᠡᠷ ᠦᠵᠡᠭᠳᠡᠬᠦ ᠦᠭᠡᠢ ᠪᠣᠯᠤᠭᠰᠠᠭᠠᠷ᠂ ᠳᠣᠷᠣᠨ᠎ᠠ ᠵᠦᠭ ᠤᠯᠠᠪᠢᠷ ᠠᠯᠲᠠᠨ ᠵᠤᠷᠪᠤᠰ ᠲᠠᠲᠠᠵᠤ᠂ ᠥᠷᠦᠨᠡᠳᠡᠬᠢ (ᠥᠷᠥᠨ᠎ᠡ ᠳ᠋ᠡᠬᠢ)ᠰᠠᠷᠠᠨ ᠴᠠᠢᠪᠤᠭᠠᠷ ᠪᠣᠯᠵᠤ᠂ ᠲᠩᠷᠢ ᠶ᠋ᠢᠨ ᠬᠠᠶᠠᠭᠠᠨ ᠤ᠋ ᠳᠣᠣᠷ᠎ᠠ ᠠ᠋ᠴᠠ ᠠᠷᠠᠢ ᠭᠠᠷᠴᠤ ᠢᠷᠡᠭᠡ ᠦᠭᠡᠢ ᠪᠢᠲᠡᠭᠦᠦ ᠪᠠᠢᠭ᠎ᠠ ᠨᠠᠷᠠᠨ ᠤ᠋ ᠭᠡᠷᠡᠯ ᠰᠠᠴᠤᠷᠠᠨ ᠦᠵᠡᠭᠳᠡᠪᠡ᠃ ᠯᠣᠳᠣᠢ ᠪᠠᠶᠠᠨ ᠤ᠋ ᠨᠠᠢ᠍ᠮᠠᠨ ᠬᠠᠨ᠎ᠠ ᠲᠠᠢ ᠲᠣᠮᠣ ᠭᠡᠷ ᠲᠣᠭᠣᠷᠢᠭᠰᠠᠨ ᠬᠣᠲᠠ ᠠᠢᠯ ᠤ᠋ᠨ ᠲᠣᠭᠣᠨᠣ ᠪᠠᠷ ᠴᠠᠭᠠᠨ ᠤᠲᠤᠭ᠎ᠠ ᠪᠣᠷ ᠪᠣᠷ ᠭᠠᠷᠴᠤ ᠵᠢᠬᠡᠭᠦᠨ ᠠᠭᠠᠷ ᠲᠤ᠌ ᠵᠠᠮᠬᠠᠷᠠᠨ ᠦᠭᠡᠢ ᠪᠣᠯᠵᠤ ᠪᠠᠢᠪᠠ᠃ 
       ᠯᠣᠳᠣᠢ᠂ ᠳᠡᠪᠡᠯ ᠢ᠋ᠶ᠋ᠡᠨ ᠨᠥᠮᠥᠷᠴᠦ ᠭᠠᠷᠤᠭᠠᠳ᠂ ᠮᠣᠷᠢᠨ ᠤ᠋ ᠤᠶᠠᠭᠠᠨ ᠤ ᠳᠡᠷᠭᠡᠳᠡ ᠬᠡᠪᠲᠡᠵᠦ ᠪᠠᠢᠭᠰᠠᠨ ᠤᠷᠲᠤ ᠭᠡᠭᠴᠢ ᠶ᠋ᠢᠨ ᠡᠪᠡᠷ ᠲᠡᠢ ᠮᠥᠩᠭᠥᠨ ᠮᠡᠲᠦ ᠬᠢᠷᠠᠭᠤ ᠴᠠᠩ ᠪᠣᠯᠤᠭᠰᠠᠨ ᠲᠣᠮᠣ ᠭᠡᠭᠴᠢ ᠶ᠋ᠢᠨ ᠰᠠᠷᠯᠤᠭ ᠤ᠋ᠨ ᠪᠤᠬ᠎ᠠ ᠶ᠋ᠢᠨ ᠬᠠᠵᠠᠭᠤ ᠪᠠᠷ ᠶᠠᠭᠠᠷᠠᠯ ᠦᠭᠡᠢ ᠲᠣᠭᠣᠷᠢᠨ ᠭᠠᠷᠴᠤ᠂ ᠮᠣᠷᠢ ᠪᠠᠨ ᠬᠠᠷᠠᠭᠠᠳ᠂ ᠡᠭᠦᠳᠡ ᠪᠡᠨ ᠡᠪᠲᠡᠢᠬᠡᠨ ᠢ᠋ᠶ᠋ᠡᠷ ᠰᠡᠬᠦᠭᠡᠵᠦ(ᠰᠡᠬᠦᠵᠦ)᠂ ᠰᠠᠷᠯᠤᠭ ᠤ᠋ᠨ ᠰᠦ  ᠪᠡᠷ ᠰᠦᠯᠡᠭᠰᠡᠨ ᠴᠠᠢ ᠶ᠋ᠢᠨ ᠰᠠᠢᠬᠠᠨ ᠦᠨᠦᠷ ᠬᠠᠩᠬᠤᠯᠤᠭᠰᠠᠨ ᠭᠡᠷ ᠲᠡᠭᠡᠨ ᠣᠷᠣᠵᠤ᠂ ᠡᠭᠦᠳᠡᠨ ᠦ᠌ ᠲᠤᠰᠢᠶ᠎ᠠ ᠰᠠᠭᠤᠵᠤ ᠵᠡᠰ ᠬᠤᠮᠬ᠎ᠠ ᠠ᠋ᠴᠠ ᠤᠰᠤ ᠭᠠᠷ ᠳᠡᠭᠡᠷ᠎ᠡ ᠪᠡᠨ ᠭᠣᠭᠣᠵᠢᠭᠤᠯᠤᠨ ᠨᠢᠭᠤᠷ ᠭᠠᠷ ᠢ᠋ᠶ᠋ᠠᠨ ᠤᠬᠢᠶᠠᠭᠠᠳ᠂ ᠳᠡᠪᠡᠯ ᠦ᠋ᠨ ᠬᠣᠷᠮᠣᠢ ᠪᠠᠷ ᠠᠷᠴᠢᠯ᠎ᠠ᠃ 
       — ᠴᠠᠢ! ᠭᠡᠵᠦ ᠬᠡᠯᠡᠭᠡᠳ ᠯᠣᠳᠣᠢ ᠶ᠋ᠢᠨ ᠡᠬᠡᠨᠡᠷ ᠭᠤᠨᠢᠯ ᠰᠢᠩᠭᠡᠭᠰᠡᠨ ᠨᠢᠳᠦ ᠲᠡᠢ᠂ ᠨᠠᠰᠤᠲᠠᠢ ᠰᠢᠭ᠋ ᠪᠡᠶ᠎ᠡ ᠡᠴᠡᠩᠬᠡᠷ ᠡᠮᠡᠭᠲᠡᠢ ᠤᠭᠠᠯᠵᠠ ᠲᠠᠢ ᠨᠠᠮᠬᠠᠨ ᠰᠢᠷᠡᠭᠡᠨ ᠳᠡᠭᠡᠷ᠎ᠡ ᠦᠳᠡᠰᠢ ᠶ᠋ᠢᠨ ᠬᠣᠭᠣᠯᠠ ᠠ᠋ᠴᠠ ᠦᠯᠡᠳᠡᠭᠰᠡᠨ ᠮᠢᠬ᠎ᠠ ᠲᠠᠢ ᠵᠡᠰ ᠴᠠᠷ᠎ᠠ᠂ ᠮᠥᠩᠭᠥᠨ ᠠᠶᠠᠭ᠎ᠠ ᠴᠢᠩᠭᠠᠮᠠᠯᠲᠠᠶ ᠬᠡᠦᠳᠡᠢ᠂ ᠥᠷᠥᠮ᠎ᠡ ᠬᠤᠷᠤᠳ ᠲᠠᠢ᠂ ᠲᠣᠰᠣ ᠲᠠᠢ ᠵᠡᠰ ᠲᠠᠪᠠᠭ ᠲᠠᠯᠪᠢᠭᠠᠳ᠂ ᠰᠢᠷᠡᠭᠡᠨ ᠦ᠌ ᠬᠠᠵᠠᠭᠤ ᠳ᠋ᠤ᠌ ᠮᠥᠩᠭᠥᠨ ᠳᠣᠩᠪᠣ ᠲᠠᠢ ᠴᠠᠢ ᠲᠠᠯᠪᠢᠪᠠ᠃ 
       ᠯᠣᠳᠣᠢ ᠪᠠᠶᠠᠨ᠂ ᠠᠵᠢᠯ ᠤ᠋ᠨ ᠢ᠋ᠶ᠋ᠠᠨ ᠡᠳᠦᠷ ᠢ᠋ ᠨᠡᠯᠢᠶᠡᠳ ᠶᠡᠬᠡ ᠴᠠᠢ ᠬᠣᠭᠣᠯᠠ ᠢᠳᠡᠵᠦ ᠡᠬᠢᠯᠡᠬᠦ ᠳ᠋ᠦ᠍᠂ ᠠᠶᠠᠭᠠᠨ ᠳ᠋ᠠᠭᠠᠨ ᠴᠠᠢ ᠬᠢᠭᠡᠳ᠂ ᠮᠢᠬ᠎ᠠ ᠨᠠᠷᠢᠨ ᠨᠠᠷᠢᠨ ᠬᠡᠷᠴᠢᠮ ᠢ᠋ᠶ᠋ᠡᠷ ᠬᠡᠰᠡᠭᠯᠡᠵᠦ ᠬᠢᠭᠡᠳ᠂ ᠠᠶᠠᠭ᠎ᠠ ᠳᠦᠭᠦᠷᠬᠦ ᠳᠣᠳᠣᠮ ᠴᠠᠢ ᠠ᠋ᠴᠠ ᠪᠠᠯᠭᠤᠵᠤ᠂ ᠬᠢᠭᠰᠡᠨ ᠮᠢᠬ᠎ᠠ ᠪᠠᠨ ᠲᠠᠮᠰᠢᠶᠠᠨ ᠢᠳᠡᠵᠦ ᠪᠠᠷᠠᠭᠠᠳ᠂ ᠠᠶᠠᠭᠠᠨ ᠳ᠋ᠠᠭᠠᠨ ᠴᠢᠩᠭᠠᠮᠠᠯ ᠠ᠋ᠴᠠ ᠬᠢᠵᠦ᠂ ᠥᠷᠥᠮ᠎ᠡ᠂ ᠲᠣᠰᠣ ᠬᠢᠭᠡᠳ ᠴᠠᠢ ᠤᠤᠭᠤᠭᠰᠠᠭᠠᠷ ᠲᠣᠰᠣ ᠰᠢᠩᠭᠡᠵᠦ ᠳᠡᠪᠲᠦᠭᠰᠡᠨ ᠴᠢᠩᠭᠠᠮᠠᠯ ᠢ᠋ ᠳᠣᠯᠢᠶᠠᠨ ᠢᠳᠡᠵᠦ ᠪᠠᠷᠠᠭᠠᠳ᠂ ᠠᠶᠠᠭᠠᠨ ᠳ᠋ᠠᠭᠠᠨ ᠨᠢᠭᠡ ᠪᠠᠯᠭᠤ ᠴᠠᠢ ᠬᠢᠭᠡᠳ᠂ ᠠᠮᠠ ᠪᠠᠨ ᠵᠠᠢᠯᠵᠤ ᠵᠠᠯᠭᠢᠭᠠᠳ᠂ ᠳᠣᠯᠣᠪᠣᠷ ᠬᠤᠷᠤᠭᠤᠨ ᠤ᠋ ᠦᠵᠦᠭᠦᠷ ᠢ᠋ ᠵᠠᠪᠠᠵᠢᠨ ᠳ᠋ᠠᠭᠠᠨ ᠲᠤᠯᠭᠠᠵᠤ᠂ ᠡᠷᠡᠬᠡᠢ ᠬᠤᠷᠤᠭᠤᠨ ᠤ᠋ ᠤᠭ ᠢ᠋ ᠥᠩᠭᠡᠷᠡᠲᠡᠯ᠎ᠡ ᠠᠮᠠ ᠪᠠᠨ ᠱᠤᠳᠤᠷᠤᠨ ᠠᠷᠴᠢᠭᠠᠳ᠂ ᠭᠠᠷ ᠢ᠋ ᠠᠷᠤ ᠲᠠᠯ᠎ᠠ ᠪᠠᠷ ᠪᠠᠬᠠᠨ ᠡᠷᠭᠢᠭᠦᠯᠡᠰᠬᠢᠵᠦ ᠭᠡᠳᠡᠷᠭᠦ ᠳᠣᠯᠣᠪᠣᠷ ᠬᠤᠷᠤᠭᠤᠨ ᠤ᠋ ᠦᠵᠦᠭᠦᠷ ᠬᠦᠷᠲᠡᠯ᠎ᠡ ᠲᠠᠲᠠᠵᠤ᠂ ᠠᠮᠠ ᠪᠠᠨ ᠠᠷᠴᠢᠵᠤ ᠭᠦᠢᠴᠡᠭᠡᠳ᠂ ᠴᠠᠳᠤᠭᠰᠠᠨ ᠢ᠋ᠶ᠋ᠠᠨ ᠮᠡᠳᠡᠭᠳᠡᠵᠦ᠂ ᠰᠢᠷᠡᠭᠡ ᠶ᠋ᠢ ᠥᠴᠦᠬᠡᠨ ᠵᠠᠢᠯᠠᠭᠤᠯᠤᠰᠬᠢᠭᠡᠳ ᠬᠣᠢᠰᠢ ᠰᠠᠭᠤᠵᠤ᠂ ᠲᠦᠷᠡᠢ ᠡᠴᠡ ᠭᠠᠩᠰᠠ ᠪᠠᠨ ᠰᠤᠭᠤᠯᠵᠤ᠂ ᠲᠠᠮᠠᠬᠢ ᠨᠡᠷᠡᠭᠡᠳ ᠡᠬᠡᠨᠡᠷ ᠦ᠋ᠨ ᠠᠪᠴᠤ ᠥᠭᠭᠦᠭᠰᠡᠨ ᠵᠣᠮᠭᠣᠯ ᠤ᠋ᠨ ᠭᠠᠯ ᠠ᠋ᠴᠠ ᠭᠠᠩᠰᠠ ᠪᠠᠨ ᠠᠰᠠᠭᠠᠵᠤ᠂ ᠶᠡᠬᠡᠯ᠎ᠡ(ᠶᠡᠬᠡ ᠯᠡ) ᠲᠠᠭᠠᠰᠢᠶᠠᠨ ᠬᠡᠳᠦ ᠰᠤᠷᠤᠭᠠᠳ᠂ ᠮᠥᠩᠭᠥᠨ ᠴᠣᠬᠢᠭᠤᠷ ᠲᠤ᠌ ᠦᠨᠡᠰᠦ ᠶ᠋ᠢ ᠴᠣᠬᠢᠵᠤ ᠭᠠᠷᠭᠠᠭᠠᠳ᠂ ᠪᠠᠮᠪᠠᠢ ᠲᠠᠢ ᠰᠠᠢᠬᠠᠨ ᠦᠨᠦᠷ ᠲᠡᠢ ᠳᠦᠩᠰᠡᠨ ᠲᠠᠮᠠᠬᠢᠨ ᠠ᠋ᠴᠠ ᠳᠠᠬᠢᠨ ᠨᠢᠭᠡ ᠨᠡᠷᠡᠵᠦ ᠴᠣᠬᠢᠭᠤᠷ ᠤ᠋ᠨ ᠦᠨᠡᠰᠦᠨ ᠦ᠌ ᠭᠠᠯ ᠠ᠋ᠴᠠ ᠭᠠᠩᠰᠠ ᠪᠠᠨ ᠠᠰᠠᠭᠠᠭᠠᠳ᠂ ᠨᠢᠭᠡ ᠰᠤᠷᠤᠭᠠᠳ᠂ ᠨᠢᠳᠦ ᠪᠡᠨ ᠠᠨᠢᠰᠬᠢᠨ ᠪᠣᠳᠣᠯᠭ᠎ᠠ ᠪᠣᠯᠵᠤ ᠰᠠᠭᠤᠪᠠ᠃     
       ᠭᠡᠷ ᠦ᠋ᠨ ᠬᠠᠪᠢ ᠳ᠋ᠤ᠌ ᠶᠠᠭᠤ ᠶᠠᠭᠤ ᠬᠢᠬᠦ ᠠᠵᠢᠯ ᠢ᠋ ᠴᠥᠮ ᠤᠷᠢᠳ ᠦᠳᠡᠰᠢ ᠨᠢ ᠵᠣᠬᠢᠬᠴᠢᠳ ᠲᠤ᠌ ᠬᠡᠯᠡᠵᠦ ᠥᠭᠭᠦᠭᠡᠳ ᠬᠣᠨᠢᠴᠢᠨ ᠦᠬᠡᠷᠴᠢᠨ ᠳ᠋ᠦ᠍ ᠮᠠᠯ ᠢ᠋ᠶ᠋ᠠᠨ ᠠᠯᠢ ᠵᠦᠭ ᠬᠠᠮᠢᠭ᠎ᠠ ᠪᠡᠯᠴᠢᠭᠡᠬᠦ ᠶ᠋ᠢ ᠬᠡᠯᠡᠭᠰᠡᠨ᠃ ᠲᠡᠷᠡ ᠲᠠᠯ᠎ᠠ ᠪᠠᠷ ᠵᠣᠪᠠᠯᠲᠠ ᠦᠭᠡᠢ᠂ ᠪᠡᠯᠴᠢᠭᠡᠷ ᠰᠠᠢᠨ᠂ ᠬᠠᠷᠢᠨ ᠡᠳᠦᠢ ᠪᠠᠬᠠᠨ ᠭᠠᠳᠠᠭᠤᠷ ᠶᠠᠪᠤᠵᠤ ᠭᠠᠭᠴᠠ ᠨᠢᠭᠡ ᠠᠢᠯ ᠢ᠋ᠶ᠋ᠠᠷ ᠣᠷᠣᠬᠤ ᠬᠡᠷᠡᠭᠲᠡᠢ᠃ ᠣᠳᠣ ᠬᠣᠨᠢ ᠬᠤᠷᠠᠭᠠᠯᠠᠬᠤ ᠶ᠋ᠢᠨ ᠪᠡᠯᠡᠳᠬᠡᠯ ᠬᠢᠬᠦ᠂ ᠴᠠᠭᠠᠨ᠎ᠠ ᠨᠢ ᠤᠷᠲᠤ ᠶ᠋ᠢᠨ ᠤᠩᠭᠠᠰᠤ ᠨᠣᠣᠰᠣ ᠬᠢᠷᠭᠠᠬᠤ ᠠᠵᠢᠯ ᠢ᠋ ᠤᠷᠢᠳ ᠠ᠋ᠴᠠ ᠪᠡᠯᠡᠳᠬᠡᠨ ᠪᠣᠳᠣᠬᠤ ᠬᠡᠷᠡᠭᠲᠡᠢ ᠪᠣᠯᠵᠠᠢ᠃ ᠬᠣᠨᠢ ᠡᠨᠡ ᠵᠢᠯ ᠪᠤᠷᠬᠠᠨ ᠤ᠋ ᠠᠪᠤᠷᠠᠯ ᠢ᠋ᠶ᠋ᠠᠷ ᠨᠠᠢ᠍ᠮᠠᠨ ᠮᠢᠩᠭ᠎ᠠ ᠬᠦᠷᠴᠦ ᠠᠷᠪᠠᠨ ᠭᠤᠷᠪᠠᠨ ᠠᠢᠯ ᠬᠡᠰᠡᠭ ᠬᠡᠰᠡᠭ ᠬᠤᠪᠢᠶᠠᠨ ᠮᠠᠯᠯᠠᠵᠤ ᠪᠠᠢᠭ᠎ᠠ ᠪᠣᠯᠪᠠᠴᠤ ᠬᠤᠷᠠᠭᠠᠯᠠᠬᠤ᠂ ᠤᠩᠭᠠᠰᠤ ᠬᠢᠷᠭᠠᠬᠤ ᠠᠵᠢᠯ ᠭᠠᠷᠳᠠᠭ ᠴᠠᠭ ᠬᠥᠮᠦᠨ  ᠪᠦᠯᠢ ᠬᠦᠷᠦᠯᠴᠡᠬᠦ ᠦᠭᠡᠢ ᠪᠣᠯᠬᠤ ᠭᠡᠳ ᠪᠠᠢᠨ᠎ᠠ ᠰᠢᠦ᠃ ᠣᠳᠣ ᠬᠠᠪᠤᠷ ᠤ᠋ᠨ ᠲᠠᠷᠴᠢᠭ ᠴᠠᠭ ᠢ᠋ᠶ᠋ᠠᠷ ᠠᠮᠵᠢᠵᠤ ᠠᠮᠢᠲᠠᠨ ᠤ᠋ ᠨᠠᠮᠤᠷ ᠤ᠋ᠨ ᠤᠭᠤᠴᠠ ᠲᠣᠰᠣ ᠢᠳᠡᠭᠡ ᠬᠣᠪᠣᠷᠳᠠᠵᠤ ᠬᠡᠦᠬᠡᠳ ᠰᠢᠤᠬᠠᠳ ᠣᠷᠣᠢ ᠶ᠋ᠢᠨ ᠬᠣᠭᠣᠯᠠ ᠱᠥᠯᠥ ᠨᠡᠬᠡᠳᠡᠭ ᠡᠨᠡ ᠴᠠᠭ ᠢ᠋ᠶ᠋ᠠᠷ ᠠᠷᠭ᠎ᠠ ᠰᠠᠮ᠎ᠠ ᠬᠢᠵᠦ ᠠᠮᠢᠲᠠᠨ ᠬᠥᠮᠦᠨ ᠢ᠋ ᠡᠷᠲᠡᠬᠡᠨ ᠡᠴᠡ ᠣᠯᠵᠤ ᠠᠪᠬᠤ ᠦᠭᠡᠢ ᠪᠣᠯ ᠬᠣᠵᠢᠮ ᠬᠥᠮᠦᠨ ᠣᠯᠳᠠᠵᠤ ᠥᠭᠬᠦ ᠦᠭᠡᠢ᠃ ᠵᠠ ᠡᠨᠡ ᠭᠠᠩᠰᠠᠨ ᠤ᠋ ᠪᠣᠬᠢ ᠨᠢ ᠶᠡᠬᠡᠳᠴᠦ ᠲᠠᠭᠵᠢᠷᠠᠭᠠᠳ ᠤᠨᠲᠠᠷᠠᠴᠢᠬᠠᠪᠠᠤ ᠳᠠ᠄ 
       — ᠠᠢ ᠬᠦ᠂ ᠭᠠᠯ! ᠭᠡᠵᠦ ᠳᠠᠬᠢᠨ ᠭᠠᠩᠰᠠ ᠪᠠᠨ ᠠᠰᠠᠭᠠᠵᠤ ᠬᠡᠳᠦ ᠰᠤᠷᠤᠭᠠᠳ᠂ ᠦᠨᠡᠰᠦ ᠶ᠋ᠢ ᠴᠣᠬᠢᠵᠤ ᠭᠠᠩᠰᠠ ᠪᠠᠨ ᠲᠦᠷᠡᠢᠯᠡᠭᠡᠳ ᠳᠠᠬᠢᠨ ᠶᠠᠭᠠᠷᠠᠯ ᠦᠭᠡᠢ ᠲᠠᠯᠪᠢᠭᠤᠨ ᠢ᠋ᠶ᠋ᠠᠷ ᠪᠣᠳᠣᠯᠭ᠎ᠠ ᠪᠣᠳᠣᠵᠤ᠂ ᠵᠠ ᠪᠠᠢᠵᠠ ᠤᠤ᠂ ᠥᠨᠥᠳᠥᠷ ᠡᠴᠡ ᠡᠬᠢᠯᠡᠨ ᠬᠣᠨᠢᠴᠢᠨ ᠬᠡᠦᠬᠡᠨ ᠢ᠋ ᠡᠷᠭᠢᠵᠦ ᠦᠵᠡᠬᠦ ᠶᠤᠮᠰᠠᠨ᠃ ᠭᠡᠷ ᠲᠡᠭᠡᠨ  ᠴᠣᠬᠣᠮ ᠶᠠᠭᠤ ᠢᠳᠡᠵᠦ ᠪᠠᠢᠳᠠᠭ ᠪᠣᠯ? ᠪᠠᠯᠴᠢᠷ ᠬᠡᠦᠬᠡᠳ᠂ ᠵᠥᠨᠥᠭ ᠡᠪᠦᠭᠡᠳ ᠦᠨᠡᠨ ᠢ᠋ᠶ᠋ᠡᠨ ᠬᠡᠯᠡᠳᠡᠭ ᠰᠢᠦ ᠳᠡ᠂ ᠢᠳᠡᠵᠦ ᠤᠤᠭᠤᠬᠤ ᠪᠠᠷ ᠲᠠᠰᠤᠯᠳᠠᠵᠤ  ᠪᠠᠢᠭ᠎ᠠ ᠠᠢᠯ ᠢ᠋ ᠮᠡᠳᠡᠵᠦ ᠠᠪᠤᠭᠠᠳ᠂ ᠬᠣᠭᠣᠰᠣᠨ ᠬᠣᠨᠣᠵᠤ ᠭᠣᠣᠯ ᠢ᠋ᠶ᠋ᠠᠨ ᠬᠠᠷᠠᠯᠠᠵᠤ ᠪᠠᠢᠭ᠎ᠠ ᠨᠢᠭᠡᠨ ᠳ᠋ᠦ᠍ᠨᠢ ᠪᠠᠭ᠎ᠠ ᠰᠠᠭ᠎ᠠ ᠮᠢᠬ᠎ᠠ ᠲᠣᠰᠣ᠂ ᠭᠤᠯᠢᠷ᠂ ᠨᠠᠮᠤᠷ ᠤ᠋ᠨ ᠨᠥᠭᠡᠴᠡ ᠡᠴᠡ ᠥᠭᠭᠦᠭᠡᠳ ᠬᠠᠷᠢᠭᠤ ᠳ᠋ᠤᠨᠢ ᠬᠣᠨᠢ ᠪᠠᠨ ᠬᠢᠷᠭᠠᠭᠤᠯᠤᠨ᠎ᠠ᠃   
       ᠨᠠᠮᠤᠷ ᠠ᠋ᠴᠠ ᠬᠤᠯᠠᠭᠠᠢ ᠪᠠᠬᠠᠨ ᠰᠢᠷᠦᠭᠦᠨ ᠪᠣᠯᠵᠤ ᠬᠤᠰᠢᠭᠤᠨ ᠤ᠋ ᠥᠷᠢ ᠰᠢᠷᠢ ᠶ᠋ᠢᠨ ᠬᠦᠦ ᠶ᠋ᠢ ᠫᠦᠰᠡᠨ ᠳ᠋ᠦ᠍ ᠲᠥᠯᠥᠭᠰᠡᠨ ᠡᠴᠡ ᠬᠣᠢᠰᠢ ᠤᠯᠠᠮ ᠴᠢᠩᠭᠠᠷᠠᠵᠤ᠂ ᠳ᠋ᠠᠩ ᠪᠠᠶᠠᠨ ᠠᠢᠯ ᠤ᠋ᠨ ᠠᠳᠤᠭᠤᠨ ᠳ᠋ᠤ᠌ ᠬᠤᠯᠠᠭᠠᠢ ᠣᠷᠣᠳᠠᠭ ᠪᠣᠯᠵᠠᠢ᠃ ᠭᠣᠮᠪᠣ ᠵᠠᠯᠠᠨ ᠤ᠋ ᠰᠦᠷᠦᠭ ᠡᠴᠡ ᠬᠣᠷᠢᠨ ᠠᠳᠤᠭᠤ᠂ ᠮᠠᠨᠠᠢᠬᠢ ᠠ᠋ᠴᠠ ᠶᠢᠰᠦᠨ ᠠᠳᠤᠭᠤ ᠬᠤᠯᠠᠭᠠᠢ ᠠᠪᠴᠠᠢ᠃  
       ᠪᠢ ᠪᠠᠰᠠᠴᠤ ᠬᠠᠭᠤᠴᠢᠨ ᠬᠤᠯᠠᠭᠠᠢᠴᠢ ᠯᠣᠣᠵᠠᠩ ᠤ᠋ᠨ ᠳ᠋ᠤ᠌ ᠣᠴᠢᠵᠤ ᠪᠡᠯᠡᠭ ᠵᠠᠯᠠᠭ ᠥᠭᠴᠦ ᠠᠷᠭᠠᠳᠠᠭᠠᠳ ᠰᠤᠷᠠᠭ ᠭᠠᠷᠭᠠᠵᠤ ᠥᠭᠭᠥᠨᠡᠤ?(ᠥᠭᠭᠦᠨ᠎ᠡ ᠤᠤ ?) ᠭᠡᠵᠦ ᠭᠤᠶᠤᠭᠰᠠᠨ ᠤ᠋ ᠠᠴᠢ ᠪᠠᠷ ᠡᠪᠦᠭᠡᠨ ᠴᠢᠬᠢ ᠲᠠᠯᠪᠢᠵᠤ ᠦᠵᠡᠶ᠎ᠡ ᠭᠡᠵᠦ ᠠᠮᠠᠯᠠᠭᠠᠳ ᠤᠳᠠᠭᠰᠠᠨ ᠴᠤ᠌ ᠦᠭᠡᠢ ᠬᠠᠢᠷᠠᠲᠠᠢ ᠵᠢᠷᠣᠭ᠎ᠠ ᠮᠣᠷᠢ ᠮᠢᠨᠢ ᠲᠣᠬᠣᠮ ᠤ᠋ᠨ ᠰᠢᠨᠡᠬᠡᠨ ᠬᠥᠯᠥᠰᠥᠲᠡᠢ ᠥᠪᠡᠷ ᠢ᠋ᠶ᠋ᠡᠨ ᠠᠳᠤᠭᠤᠨ ᠳ᠋ᠠᠭᠠᠨ ᠭᠦᠶᠦᠵᠦ ᠢᠷᠡᠭᠰᠡᠨ ᠰᠢᠦ ᠳᠡ᠃ ᠲᠡᠷᠡ᠂ ᠲᠠᠯᠪᠢᠭᠰᠠᠨ ᠠ᠋ᠴᠠ ᠵᠠᠢᠯᠠᠬᠤ ᠦᠭᠡᠢ᠃ ᠬᠣᠰᠢᠭᠤ ᠲᠠᠮᠠᠭ᠎ᠠ ᠪᠠᠷ ᠵᠠᠷᠭᠤᠯᠳᠤᠶ᠎ᠠ ᠭᠡᠪᠡᠯ ᠢᠯᠡᠳᠲᠡ ᠪᠠᠷᠢᠮᠲᠠ ᠦᠭᠡᠢ ᠶᠠᠭᠤᠮᠠᠨ ᠳ᠋ᠤ᠌ ᠶᠠᠭᠠᠬᠢᠬᠤ ᠴᠤ᠌ ᠠᠷᠭ᠎ᠠ ᠦᠭᠡᠢ᠃ ᠶᠠᠭᠠᠬᠢᠵᠤ ᠴᠤ᠌ ᠪᠠᠩᠵᠠᠳᠠᠭᠰᠠᠨ ᠬᠤᠯᠠᠭᠠᠢᠴᠢ ᠨᠠᠷ ᠬᠦᠯᠢᠶᠡᠵᠦ ᠥᠭᠳᠡᠭ ᠦᠭᠡᠢ ᠤᠯᠤᠰ ᠳᠠ᠃ ᠲᠡᠷᠡ ᠴᠤ᠌ ᠪᠠᠢᠲᠤᠭᠠᠢ ᠮᠠᠨ ᠤ᠋ ᠬᠣᠰᠢᠭᠤ ᠨᠣᠶᠠᠨ ᠤ᠋ ᠰᠦᠷᠦᠭ ᠡᠴᠡ᠂ ᠪᠠᠰᠠ ᠰᠠᠢᠨ ᠨᠣᠶᠠᠨ ᠬᠠᠭᠠᠨ ᠤ᠋ ᠰᠦᠷᠦᠭ ᠡᠴᠡ ᠰᠢᠯᠢᠳᠡᠭ ᠮᠣᠷᠢ ᠶ᠋ᠢ ᠨᠢ ᠬᠤᠯᠠᠭᠠᠢ ᠠᠪᠤᠭᠰᠠᠨ ᠭᠡᠨ᠎ᠡ ᠪᠢᠯᠡ᠃ ᠡᠨᠡ ᠬᠤᠯᠠᠭᠠᠢ ᠶᠡᠷᠦ ᠨᠢ ᠪᠠᠶᠠᠨ ᠠᠢᠯ ᠳ᠋ᠤ᠌ ᠨᠢᠭᠡ ᠶᠣᠰᠣᠨ ᠤ᠋ ᠲᠠᠲᠠᠪᠤᠷᠢ ᠣᠨᠣᠭᠠᠭᠰᠠᠨ ᠰᠢᠭ᠋ ᠪᠣᠯᠵᠤ ᠪᠠᠢᠨ᠎ᠠ ᠰᠢᠦ᠃ ᠪᠠᠷᠢᠵᠤ ᠠᠪᠤᠭᠠᠳ ᠨᠣᠢᠲᠠᠨ ᠰᠢᠷᠢ ᠪᠡᠷ ᠰᠢᠷᠢᠯᠡᠭᠡᠳ᠂ ᠴᠡᠭᠡᠷᠯᠡᠯ ᠪᠣᠯᠭᠠᠵᠤ ᠠᠮᠢᠳᠤ ᠪᠠᠷ ᠨᠢ ᠬᠠᠲᠠᠭᠠᠬᠤ ᠶᠤᠮᠰᠠᠨ᠃ ᠥᠭᠡᠯᠡᠬᠦ ᠪᠠᠷᠢᠮᠲᠠ ᠣᠯᠳᠠᠬᠤ ᠦᠭᠡᠢ ᠡᠴᠡ ᠬᠣᠢᠰᠢ ᠬᠠᠯᠳᠠᠵᠤ ᠲᠤᠯᠭᠠᠬᠤ ᠶ᠋ᠢᠨ ᠠᠷᠭ᠎ᠠ ᠦᠭᠡᠢ ᠶ᠋ᠢ ᠶᠠᠭᠠᠬᠢᠶ᠎ᠠ ᠭᠡᠬᠦ ᠪᠣᠢ ᠳᠠ᠂ ᠠ— ᠴᠠ ᠪᠠᠰᠠ ᠳᠠ ᠭᠡᠵᠦ ᠰᠢᠳᠦ ᠪᠡᠨ ᠬᠠᠪᠢᠷᠤᠨ ᠵᠠᠭᠤᠮᠠᠭᠴᠠ᠂ ᠭᠡᠨᠡᠳᠲᠡ ᠡᠬᠡᠨᠡᠷ ᠦ᠋ᠨ ᠭᠠᠢᠬᠠᠨ ᠬᠠᠷᠠᠬᠤ ᠶ᠋ᠢ ᠦᠵᠡᠭᠡᠳ ᠰᠠᠨᠳᠤᠷᠤᠰᠬᠢᠵᠤ᠂ 
       — ᠠᠢ – ᠬᠦ! ᠪᠣᠷᠣ ᠮᠣᠷᠢ ᠡᠮᠡᠭᠡᠯᠯᠡᠭᠦᠯ! ᠭᠡᠵᠦ ᠮᠣᠷᠢ ᠪᠠᠨ ᠡᠮᠡᠭᠡᠯᠯᠡᠭᠦᠯᠵᠦ ᠮᠣᠷᠳᠠᠬᠤ ᠳ᠋ᠠᠭᠠᠨ ᠡᠪᠦᠯᠵᠢᠭᠡ (ᠡᠪᠦᠯᠵᠢᠶ᠎ᠡ) ᠪᠡᠨ ᠬᠠᠷᠠᠪᠠᠯ ᠬᠡᠳᠦᠨ ᠡᠬᠡᠨᠡᠷ ᠬᠡᠦᠬᠡᠨ᠂ ᠮᠠᠯ ᠤ᠋ᠨ ᠬᠡᠪᠲᠡᠰᠢ ᠶ᠋ᠢᠨ ᠬᠦᠢᠳᠡᠰᠦ ᠪᠠᠭᠠᠰᠤ ᠴᠡᠪᠡᠷᠯᠡᠨ ᠵᠠᠢᠯᠠᠭᠤᠯᠵᠤ᠂ ᠨᠢᠭᠡ ᠴᠤ᠌ ᠶᠠᠰᠤ ᠬᠠᠮᠢᠶ᠎ᠠ ᠦᠭᠡᠢ ᠭᠠᠵᠠᠷ ᠬᠡᠪᠲᠡᠬᠦ ᠦᠭᠡᠢ ᠴᠠᠪ ᠴᠡᠪᠡᠷᠬᠡᠨ ᠪᠠᠢᠭ᠎ᠠ ᠶ᠋ᠢ ᠪᠠᠬᠠᠷᠬᠠᠨ ᠬᠠᠷᠠᠵᠤ᠂ ᠭᠡᠷ ᠡᠴᠡ ᠠᠯᠤᠰ ᠡᠪᠦᠯᠵᠢᠭᠡᠨ (ᠡᠪᠦᠯᠵᠢᠶᠡᠨ) ᠦ᠌ ᠳᠥᠷᠪᠡᠨ ᠥᠨᠴᠥᠭ ᠲᠦ᠍ ᠨᠣᠬᠠᠢ ᠭᠡᠷ ᠦ᠋ᠨ ᠭᠠᠳᠠᠭ᠎ᠠ ᠪᠦᠦ ᠰᠢᠬᠢᠭ ᠭᠡᠵᠦ ᠭᠣᠵᠣᠭᠣᠷ ᠴᠢᠯᠠᠭᠤ ᠪᠤᠰᠬᠠᠵᠤ᠂ ᠶᠠᠭᠤᠮ᠎ᠠ ᠪᠦᠬᠦᠨ ᠳ᠋ᠦ᠍ ᠨᠠᠷᠢᠨ ᠨᠢᠮᠪᠠᠢ ᠡᠵᠡᠨ ᠬᠥᠮᠦᠨ ᠲᠡᠢ ᠪᠠᠢᠭ᠎ᠠ ᠶ᠋ᠢᠨ ᠪᠠᠢᠳᠠᠯ ᠢᠯᠡᠷᠬᠡᠢ ᠪᠠᠢᠭ᠎ᠠ ᠶ᠋ᠢ ᠨᠡᠯᠢᠶᠡᠳ ᠪᠠᠬᠠᠷᠬᠠᠨ ᠪᠠᠷᠳᠠᠵᠤ ᠬᠣᠨᠢᠴᠢᠨ ᠬᠡᠦᠬᠡᠳ ᠢ᠋ ᠡᠷᠢᠵᠦ ᠶᠠᠪᠤᠲᠠᠯ᠎ᠠ᠂ ᠬᠡᠭᠡᠷ᠎ᠡ ᠬᠠᠭᠤᠴᠢᠨ ᠮᠠᠭᠤᠳᠠᠭᠰᠠᠨ ᠠᠷᠤᠭ ᠡᠭᠦᠷᠦᠭᠰᠡᠨ ᠭᠤᠷᠪᠠᠨ ᠬᠡᠦᠬᠡᠳ ᠳᠠᠭᠠᠷᠢᠯᠳᠤᠵᠠᠢ᠃ ᠰᠢᠨ᠎ᠡ ᠬᠠᠭᠤᠴᠢᠨ ᠲᠦᠮᠡᠨ ᠨᠥᠬᠥᠭᠡᠰᠦ ᠳᠠᠪᠬᠤᠴᠠᠭᠰᠠᠨ ᠤᠷᠠᠩᠬᠠᠢ ᠮᠠᠭᠤ ᠳᠡᠪᠡᠯ ᠲᠡᠢ᠂ ᠣᠯᠠᠨ ᠬᠣᠨᠣᠭ ᠨᠢᠭᠤᠷ ᠢ᠋ᠶ᠋ᠠᠨ ᠤᠬᠢᠶᠠᠭ᠎ᠠ ᠦᠭᠡᠢ ᠬᠠᠯᠲᠠᠷ ᠬᠡᠦᠬᠡᠳ ᠦ᠋ᠨ ᠴᠢᠷᠠᠢ ᠶ᠋ᠢ ᠬᠠᠷᠠᠵᠤ ᠲᠠᠨᠢᠭᠠᠳ᠄ 
       ᠪᠡᠶ᠎ᠡ ᠮᠠᠭᠤᠲᠠᠢ ᠮᠠᠭᠤ ᠫᠧᠯᠵᠡᠢ ᠶ᠋ᠢᠨ ᠬᠡᠦᠬᠡᠳ ᠰᠢᠪ ᠳᠡ ᠭᠡᠵᠦ ᠪᠣᠳᠣᠭᠠᠳ ᠬᠠᠵᠠᠭᠤ ᠪᠠᠷ ᠨᠢ ᠥᠩᠭᠡᠷᠡᠨ ᠭᠠᠷᠬᠤ ᠭᠡᠵᠦ ᠶᠠᠪᠤᠲᠠᠯ᠎ᠠ᠂ ᠴᠠᠳᠬᠤᠯᠠᠩ ᠲᠠᠷᠭᠤᠨ ᠮᠣᠷᠢ ᠪᠠᠨ ᠬᠡᠦᠬᠡᠳ ᠦ᠋ᠨ ᠳᠡᠷᠭᠡᠳᠡ ᠵᠣᠭᠰᠣᠭᠠᠵᠤ᠂ ᠶᠡᠬᠡ ᠬᠦᠦ ᠶ᠋ᠢᠨ ᠡᠭᠦᠷᠴᠦ ᠶᠠᠪᠤᠭᠰᠠᠨ ᠠᠷᠤᠭ ᠤᠷᠤᠭᠤ ᠮᠣᠷᠢᠨ ᠳᠡᠭᠡᠷ᠎ᠡ ᠡᠴᠡ ᠥᠨᠳᠡᠢᠰᠬᠢᠨ ᠪᠥᠬᠥᠢᠵᠦ ᠬᠠᠷᠠᠭᠠᠳ ᠢᠷᠪᠠᠢᠵᠤ᠄   
       — ᠡᠨᠡ ᠨᠣᠬᠠᠢ ᠰᠢᠩᠰᠢᠬᠦ ᠦᠭᠡᠢ ᠰᠡᠭ ᠢ᠋ ᠬᠠᠮᠢᠭ᠎ᠠ ᠠ᠋ᠴᠠ ᠴᠢᠷᠴᠦ ᠶᠠᠪᠤᠭ᠎ᠠ ᠶᠤᠮ ᠪᠣᠢ? ᠭᠡᠪᠡᠯ᠂  
       — ᠲᠡᠷᠡ ᠪᠣᠷᠣ ᠲᠣᠯᠣᠭᠠᠢ ᠶ᠋ᠢᠨ ᠴᠠᠭᠠᠨ᠎ᠠ ᠬᠡᠪᠲᠡᠵᠦ ᠪᠠᠢᠭᠰᠠᠨ ᠦᠬᠦᠭᠰᠡᠨ ᠵᠡᠭᠡᠷ᠎ᠡ ᠠ᠋! ᠡᠵᠢ ᠶ᠋ᠢᠨ ᠪᠡᠶ᠎ᠡ ᠮᠠᠭᠤ᠂ ᠢᠳᠡᠬᠦ ᠶᠠᠭᠤᠮ᠎ᠠ ᠦᠭᠡᠢ ᠪᠣᠯᠤᠭᠠᠳ ᠥᠨᠥ ᠥᠷᠯᠥᠭᠡ ᠡᠵᠢ᠂ ᠰᠡᠭ ᠬᠠᠷᠠᠭᠰᠠᠨ ᠬᠢᠷᠢᠶ᠎ᠡ ᠳᠤᠤᠭᠠᠷᠴᠤ ᠶᠠᠪᠤᠨ᠎ᠠ᠃ ᠲᠠᠨᠠᠢ ᠲᠡᠷᠡ ᠵᠦᠭ ᠤᠷᠤᠭᠤ ᠶᠠᠪᠤ! ᠭᠡᠵᠦ ᠪᠢᠳᠡᠨ ᠢ᠋ ᠶᠠᠪᠤᠭᠤᠯᠤᠭᠰᠠᠨ ᠪᠢᠯᠡ᠃ ᠣᠳᠣ᠂ ᠨᠢᠭᠡ ᠱᠥᠯᠥ ᠭᠠᠷᠭᠠᠬᠤ ᠶᠣᠰᠣᠲᠠᠢ ᠪᠣᠯᠤᠭᠠᠳ ᠶᠠᠪᠤᠵᠤ ᠶᠠᠪᠤᠨ᠎ᠠ ᠳᠠ ᠭᠡᠵᠦ ᠵᠠᠭᠠᠯ(ᠵᠢᠭᠠᠯ) ᠥᠬᠢᠨ ᠪᠣᠷᠣ ᠲᠣᠯᠣᠭᠠᠢ ᠶ᠋ᠢᠨ ᠵᠦᠭ ᠵᠢᠭᠠᠵᠤ ᠬᠡᠯᠡᠭᠡᠳ᠂ 
       — ᠫᠡᠭ !  ᠭᠡᠵᠦ ᠯᠣᠳᠣᠢ ᠪᠠᠶᠠᠨ ᠤ᠋ ᠵᠢᠭᠰᠢᠨ ᠳᠤᠤᠭᠠᠷᠬᠤ ᠳ᠋ᠤ᠌᠂ ᠵᠠᠭᠠᠯ(ᠵᠢᠭᠠᠯ) ᠬᠦᠦ ᠶᠡᠬᠡ ᠮᠠᠭᠤᠬᠠᠢ ᠬᠢᠯᠠᠰᠬᠢᠵᠦ ᠬᠠᠷᠠᠭᠠᠳ᠂ ᠯᠣᠳᠣᠢ ᠡᠭᠦᠨ ᠢ᠋ ᠠᠵᠢᠭᠯᠠᠭᠠᠳ ᠴᠢᠯᠠᠭᠤᠨ᠂ ᠴᠢ ᠶᠠᠭᠤᠨ ᠳ᠋ᠤ᠌ ᠬᠥᠮᠦᠨ ᠦ᠌ ᠥᠭᠡᠳᠡ ᠴᠢᠨᠣ᠎ᠠ ᠰᠢᠭ᠋ ᠭᠢᠯᠥᠢᠯᠵᠡᠵᠦ ᠪᠠᠢᠭ᠎ᠠ ᠨᠣᠬᠠᠢ ᠪᠣᠢ? ᠭᠡᠵᠦ ᠵᠠᠩᠳᠤᠷᠪᠠᠯ᠂ ᠲᠡᠷᠡ ᠵᠠᠭᠠᠯ(ᠵᠢᠭᠠᠯ)  ᠬᠦᠦ ᠦᠭᠡ ᠳᠠᠭᠤᠨ ᠦᠭᠡᠢ ᠡᠷᠭᠢᠭᠡᠳ᠂ ᠳᠡᠭᠡᠰᠦ ᠰᠤᠷ ᠤ᠋ᠨ ᠲᠠᠰᠤᠷᠬᠠᠢ ᠪᠠᠷ ᠣᠷᠢᠶᠠᠵᠤ ᠲᠣᠷᠭᠣᠭᠰᠠᠨ ᠢᠯᠵᠠᠷᠠᠭᠰᠠᠨ ᠪᠤᠯᠢᠭᠠᠷ ᠬᠠᠭᠠᠷᠬᠠᠢ ᠮᠠᠢᠵᠢᠭᠢ᠂ ᠲᠣᠮᠣ ᠭᠡᠭᠴᠢ ᠶ᠋ᠢᠨ ᠭᠤᠲᠤᠯ ᠢ᠋ ᠫᠡᠷ ᠫᠢᠷ ᠴᠢᠷᠴᠦ ᠬᠦᠨᠳᠦ ᠠᠷᠤᠭ ᠢ᠋ ᠪᠥᠬᠥᠢᠨ ᠡᠭᠦᠷᠴᠦ᠂ ᠡᠭᠡᠮ ᠢ᠋ ᠳᠠᠷᠤᠭᠰᠠᠨ ᠠᠷᠤᠭ ᠤ᠋ᠨ ᠳᠡᠭᠡᠰᠦ ᠡᠴᠡ ᠪᠠᠷᠢᠵᠤ ᠠᠯᠬᠤᠯᠠᠪᠠ᠃ 
       ᠯᠣᠳᠣᠢ ᠪᠠᠶᠠᠨ᠂ ᠴᠢᠯᠠᠭᠤᠨ ᠤ᠋ ᠰᠢᠲᠦ ᠵᠠᠭᠤᠨ ᠭᠢᠯᠦᠢᠵᠦ ᠬᠠᠷᠠᠭᠰᠠᠨ ᠲᠠᠰᠤ ᠬᠠᠷ᠎ᠠ ᠨᠢᠳᠦᠨ ᠦ᠌ ᠬᠣᠷᠣᠰᠤᠨ ᠵᠢᠭᠰᠢᠬᠦ ᠮᠠᠭᠤᠬᠠᠢ ᠬᠠᠴᠠᠷ ᠢ᠋ ᠰᠠᠨᠠᠭᠠᠳ᠂ ᠲᠡᠷᠡ ᠵᠢᠯ ᠮᠢᠨᠦ ᠬᠣᠨᠢ ᠬᠠᠷᠢᠭᠤᠯᠵᠤ ᠪᠠᠢᠭᠠᠳ ᠬᠥᠭᠡᠭᠡᠭᠳᠡᠭᠰᠡᠨ᠂ ᠮᠡᠩᠭᠡᠷ ᠲᠡᠢ ᠮᠠᠭᠤ ᠡᠴᠢᠭᠡ ᠲᠡᠢ ᠪᠡᠨ ᠶᠠᠭᠠᠬᠢᠭᠰᠠᠨ ᠠᠳᠠᠯᠢᠬᠠᠨ ᠪᠣᠯᠵᠤ ᠪᠣᠢ ᠨᠣᠬᠠᠢ ᠴᠢᠨᠢ? ᠬᠠᠷᠠᠴᠠ ᠨᠢ ᠬᠦᠷᠲᠡᠯ᠎ᠡ᠂ ᠡᠴᠢᠭᠡ ᠰᠢᠭ ᠢ᠋ᠶ᠋ᠡᠨ ᠨᠠᠮᠠᠶ᠋ᠢ ᠮᠠᠭᠤᠬᠠᠢ ᠬᠠᠷᠠᠵᠤ ᠪᠠᠢᠨ᠎ᠠ ᠰᠢᠦ ᠭᠡᠵᠦ ᠪᠣᠳᠣᠭᠠᠳ᠂ 
       ᠮᠠᠭᠤ ᠠ᠋ᠴᠠ ᠮᠠᠭᠤ᠂ ᠮᠣᠳᠣᠨ ᠠ᠋ᠴᠠ ᠬᠦ ᠭᠡᠵᠦ ᠠᠮᠠ ᠳᠣᠲᠣᠷ᠎ᠠ ᠪᠠᠨ ᠭᠦᠩᠭᠦᠨᠡᠵᠦ᠂ ᠪᠣᠷᠣ ᠲᠣᠯᠣᠭᠠᠢ ᠶ᠋ᠢᠨ ᠬᠣᠷᠮᠣᠢ ᠪᠠᠷ ᠠᠷᠤ ᠳ᠋ᠤᠨᠢ ᠭᠠᠷᠤᠭᠠᠳ᠂ ᠬᠡᠳᠦᠨ ᠡᠴᠡᠩᠬᠡᠢ ᠬᠣᠨᠢ ᠢᠮᠠᠭ᠎ᠠ ᠬᠠᠷᠢᠭᠤᠯᠤᠭᠰᠠᠨ ᠬᠣᠶᠠᠷ ᠪᠢᠴᠢᠬᠠᠨ ᠬᠡᠦᠬᠡᠨ ᠲᠡᠢ ᠳᠠᠭᠠᠷᠢᠯᠳᠤᠵᠤ᠂ 
       — ᠡᠵᠢ ᠴᠢᠨᠢ ᠪᠣᠢ ᠤᠤ ᠭᠡᠵᠦ ᠠᠰᠠᠭᠤᠪᠠ᠃  
       — ᠪᠣᠢ    
       — ᠥᠴᠥᠭᠡᠳᠦᠷ ᠣᠷᠣᠢ ᠲᠠᠨᠠᠷ ᠶᠠᠭᠤ ᠢᠳᠡᠵᠦ ᠬᠣᠨᠣᠪᠠ? ᠭᠡᠪᠡᠯ᠂  
       — ᠬᠠᠷ᠎ᠠ ᠴᠠᠢ ᠤᠤᠭᠤᠵᠤ ᠬᠣᠨᠣᠭᠰᠠᠨ!      
       — ᠥᠨᠥ ᠥᠷᠯᠥᠭᠡ ᠶᠠᠭᠤ ᠢᠳᠡᠭᠰᠡᠨ ᠪᠣᠢ ? ᠭᠡᠪᠡᠯ  
       — ᠥᠴᠥᠭᠡᠳᠦᠷ ᠦ᠋ᠨ ᠴᠠᠢ ᠶ᠋ᠢᠨ ᠰᠢᠭᠠᠷᠤ ᠪᠤᠴᠠᠯᠭᠠᠵᠤ᠂ ᠨᠢᠭᠡ ᠬᠤᠷᠤᠳ ᠬᠤᠪᠢᠶᠠᠵᠤ ᠢᠳᠡᠭᠰᠡᠨ᠂  
       — ᠬᠤᠷᠤᠳ ᠴᠠᠭᠠᠨ ᠢᠳᠡᠭᠡ ᠲᠠᠨᠠᠢᠳᠤ (ᠲᠠᠨ ᠤ᠋ ᠳ᠋ᠤ᠌) ᠶᠡᠬᠡ ᠪᠣᠢ ᠤᠤ ? ᠭᠡᠪᠡᠯ᠂   
       — ᠡᠵᠢ᠂ ᠬᠤᠷᠤᠳ ᠭᠡᠬᠦ ᠪᠡᠷ ᠶᠠᠭᠤᠮ᠎ᠠ ᠦᠭᠡᠢ ᠪᠣᠯᠤᠯ᠎ᠠ ᠭᠡᠵᠦ᠂ ᠬᠡᠦᠳᠡᠢ ᠳᠣᠲᠣᠷᠠᠬᠢ ᠬᠤᠷᠤᠳ ᠢ᠋ᠶ᠋ᠠᠨ ᠲᠣᠭᠠᠯᠠᠵᠤ ᠪᠠᠢᠨ᠎ᠠ ᠪᠢᠯᠡ ᠭᠡᠵᠦ ᠬᠡᠦᠬᠡᠳ ᠢ᠋ ᠬᠡᠯᠡᠬᠦ ᠳ᠋ᠦ᠍  
       — ᠲᠡᠭᠡᠪᠡᠯ ᠡᠵᠢ ᠳ᠋ᠡᠭᠡᠨ ᠮᠠᠨᠠᠢᠳᠤ (ᠮᠠᠨ ᠤ᠋ ᠳ᠋ᠤ᠌) ᠣᠴᠢ ᠭᠡᠵᠦ ᠬᠡᠯᠡᠭᠡᠷᠡᠢ᠃ ᠪᠢ ᠪᠠᠭ᠎ᠠ ᠰᠠᠭ᠎ᠠ ᠮᠢᠬ᠎ᠠ ᠲᠣᠰᠣ᠂ ᠭᠤᠯᠢᠷ ᠥᠭᠭᠦᠨᠡᠮ ᠢ᠎ᠠ᠃ ᠳᠠᠷᠠᠭ᠎ᠠ ᠬᠣᠨᠢᠨ ᠠ᠋ᠴᠠ ᠮᠢᠨᠢ ᠬᠢᠷᠭᠠᠯᠴᠠᠵᠤ ᠥᠭᠭᠦᠨ᠎ᠡ ᠪᠢᠵᠡ ᠭᠡᠵᠦ ᠬᠡᠯᠡᠭᠡᠷᠡᠢ᠂ ᠮᠠᠲᠠᠪᠠᠤ? ᠪᠤᠰᠢᠭᠤᠬᠠᠨ ᠣᠴᠢ! ᠭᠡᠵᠦ ᠬᠡᠯᠡᠭᠡᠷᠡᠢ᠂ ᠲᠡᠭᠡᠬᠦ ᠦᠭᠡᠢ ᠪᠣᠯ᠂ ᠪᠢ ᠬᠥᠮᠦᠨ ᠣᠯᠤᠭᠠᠳ ᠠᠪᠤᠨ᠎ᠠ ᠰᠢᠦ᠃ ᠮᠠᠢ ᠨᠢᠭᠡ ᠨᠢᠭᠡ ᠬᠤᠷᠤᠳ ᠲᠠ ᠨᠠᠷ ᠲᠤ᠌ ᠥᠭᠭᠦᠶ᠎ᠡ᠃ ᠰᠢᠷ᠎ᠠ ᠵᠠᠪᠵᠢᠲᠠᠢ (ᠵᠠᠪᠠᠵᠢᠲᠠᠢ) ᠠᠩᠭᠠᠯᠵᠤᠤᠷ ᠰᠢᠭ᠋ ᠲᠠ ᠨᠠᠷ ᠢ᠋ ᠪᠢ ᠬᠠᠢᠷᠠᠯᠠᠵᠤ ᠪᠠᠢᠭ᠎ᠠ ᠶᠤᠮ ᠰᠢᠦ ᠳᠡ᠃ ᠡᠵᠢ ᠳ᠋ᠡᠭᠡᠨ ᠨᠠᠮᠠᠶ᠋ᠢ ᠲᠠ ᠨᠠᠷ ᠢ᠋ ᠦᠷᠦ ᠡᠪᠡᠳᠦᠭᠡᠳ ᠵᠠᠭᠠᠯ ᠵᠤᠭᠤᠯ ᠢᠳᠡᠬᠦ ᠤᠤᠭᠤᠬᠤ ᠶᠠᠭᠤᠮ᠎ᠠ ᠪᠠᠷ ᠲᠤᠰᠠᠯᠠᠶ᠎ᠠ ᠭᠡᠰᠡᠨ ᠭᠡᠵᠦ ᠬᠡᠯᠡᠭᠡᠷᠡᠢ ᠮᠠᠲᠠᠪᠠᠤ ? ᠭᠡᠳ ᠪᠠᠰᠠ ᠬᠡᠳᠦᠨ ᠬᠣᠨᠢᠴᠢᠨ ᠬᠡᠦᠬᠡᠳ ᠳᠡᠭᠡᠭᠦᠷ ᠡᠷᠭᠢᠵᠦ᠂ ᠲᠡᠷᠡ ᠬᠠᠪᠢ ᠶ᠋ᠢᠨ ᠠᠢᠯ ᠤ᠋ᠨ ᠲᠤᠬᠠᠢ ᠬᠡᠷᠡᠭ ᠲᠡᠢ ᠮᠡᠳᠡᠭᠡ ᠰᠤᠷᠪᠤᠯᠵᠢᠯᠠᠵᠤ ᠣᠯᠤᠭᠠᠳ ᠬᠡᠳᠦᠨ ᠶᠠᠳᠠᠭᠤ ᠠᠢᠯ ᠢ᠋ᠶ᠋ᠠᠷ ᠣᠷᠣᠵᠠᠢ᠃ ᠬᠠᠪᠤᠷ ᠤ᠋ᠨ ᠲᠠᠷᠴᠢᠭ ᠴᠠᠭ ᠢ᠋ᠶ᠋ᠠᠷ ᠭᠠᠴᠢᠭᠳᠠᠭᠰᠠᠨ ᠤᠯᠤᠰ ᠠᠷᠭ᠎ᠠ ᠪᠤᠶᠤ ᠯᠣᠳᠣᠢ ᠪᠠᠶᠠᠨ ᠤ᠋ ᠬᠠᠲᠠᠭᠤ ᠨᠠᠷᠢᠨ ᠬᠡᠯᠡᠯᠴᠡᠭᠡᠷ ᠢ᠋ ᠥᠯᠥᠰᠬᠦ ᠶ᠋ᠢᠨ ᠵᠣᠪᠠᠯᠠᠩ ᠳ᠋ᠤ᠌ ᠬᠠᠪᠴᠢᠭᠳᠠᠨ ᠬᠦᠯᠢᠶᠡᠵᠦ᠂ ᠬᠣᠨᠢᠨ ᠤ᠋ ᠨᠢᠭᠡ ᠬᠥᠯ ᠮᠢᠬ᠎ᠠ᠂ ᠨᠢᠭᠡ ᠲᠣᠭᠣ ᠭᠤᠯᠢᠷ ᠪᠤᠳᠠᠭ᠎ᠠ ᠪᠠᠷ ᠲᠡᠳᠤᠠᠢᠴᠢᠨᠡᠭᠡᠨ ᠬᠣᠨᠢ ᠬᠢᠷᠭᠠᠵᠤ ᠥᠭᠭᠦᠨ᠎ᠡ᠂ ᠬᠣᠨᠢ ᠬᠤᠷᠠᠭᠠᠯᠠᠬᠤ ᠦᠶ᠎ᠡ ᠪᠡᠷ ᠲᠥᠴᠢᠨᠡᠨ ᠬᠣᠨᠣᠭ ᠠᠵᠢᠯ ᠬᠢᠵᠦ ᠥᠭᠭᠦᠨ᠎ᠡ ᠭᠡᠵᠦ ᠯᠣᠳᠣᠢ ᠶ᠋ᠢᠨ ᠠᠮᠠ ᠪᠠᠷ ᠪᠣᠯᠵᠠᠢ᠃  
       ᠮᠠᠯ ᠴᠥᠭᠡᠨ ᠲᠡᠢ᠂ ᠲᠣᠰᠣ ᠢᠳᠡᠭᠡ ᠪᠠᠭ᠎ᠠ ᠠᠪᠤᠭᠰᠠᠨ ᠠᠢᠯ᠂ ᠬᠠᠪᠤᠷ ᠤ᠋ᠨ ᠲᠠᠷᠴᠢᠭ ᠴᠠᠭ ᠢ᠋ᠶ᠋ᠠᠷ ᠬᠡᠴᠡᠭᠦᠳᠡᠵᠦ᠂ ᠬᠡᠦᠬᠡᠳ ᠰᠢᠤᠬᠠᠳ ᠣᠷᠣᠢ ᠬᠣᠭᠣᠰᠣᠨ ᠨᠣᠢᠲᠠᠨ ᠬᠡᠪᠲᠡᠳᠡᠭ ᠪᠣᠯᠵᠠᠢ᠃ ᠡᠴᠢᠭᠡ ᠡᠬᠡ ᠨᠢ ᠠᠷᠭ᠎ᠠ ᠶᠠᠳᠠᠬᠤ ᠳ᠋ᠠᠭᠠᠨ ᠬᠡᠦᠬᠡᠳ ᠢ᠋ᠶ᠋ᠡᠨ ᠮᠢᠬ᠎ᠠ ᠪᠣᠯᠤᠭᠰᠠᠨ ᠬᠣᠢᠨ᠎ᠠ ᠰᠡᠷᠢᠭᠡᠨ᠎ᠡ ᠬᠡᠪᠲᠡᠵᠦ ᠪᠠᠢ ᠭᠡᠵᠦ ᠬᠠᠭᠤᠷᠴᠤ ᠬᠡᠪᠲᠡᠭᠦᠯᠳᠡᠭ ᠪᠠᠢᠵᠠᠢ᠃ ᠬᠠᠶᠠ ᠭᠠᠭᠴᠠ ᠨᠢᠭᠡ ᠴᠢᠮᠬᠢ ᠮᠢᠬ᠎ᠠ ᠣᠯᠳᠠᠪᠠᠯ ᠡᠬᠡ ᠨᠢ ᠬᠡᠦᠬᠡᠳ ᠲᠡᠭᠡᠨ ᠬᠣᠪᠣᠷ ᠡᠷᠳᠡᠨᠢ ᠬᠤᠪᠢᠶᠠᠨ ᠲᠦᠭᠡᠭᠡᠵᠦ ᠪᠠᠢᠭ᠎ᠠ ᠶᠤᠮ ᠰᠢᠭ᠋ ᠴᠢᠮᠬᠢ ᠴᠢᠮᠬᠢ ᠪᠡᠷ᠂ ᠬᠥᠮᠦᠨ ᠪᠦᠷᠢ ᠳ᠋ᠦ᠍ ᠠᠳᠠᠯᠢ ᠲᠡᠭᠰᠢ ᠬᠤᠪᠢ ᠣᠨᠣᠭᠠᠵᠤ— ᠬᠡᠦᠬᠡᠳ ᠰᠢᠤᠬᠠᠳ ᠲᠠᠭᠠᠨ ᠲᠦᠭᠡᠭᠡᠨ ᠥᠭᠳᠡᠭ ᠳᠡᠭᠡᠷ᠎ᠡ ᠡᠴᠡ ᠮᠢᠬ᠎ᠠ ᠮᠠᠩᠨᠤᠭ ᠪᠣᠯᠤᠯ᠎ᠠ ᠮᠠᠨ ᠤ᠋ ᠡᠵᠢ ᠴᠢᠳᠬᠥᠷ ᠪᠣᠯᠤᠯ᠎ᠠ ᠭᠡᠰᠡᠨ ᠬᠡᠦᠬᠡᠳ ᠦ᠋ᠨ ᠭᠤᠨᠢᠭᠲᠤ ᠵᠦᠢᠷ ᠦᠭᠡ ᠶᠡᠬᠡᠯ᠎ᠡ(ᠶᠡᠬᠡ ᠯᠡ) ᠡᠷᠲᠡ ᠳᠡᠭᠡᠷ᠎ᠡ ᠴᠠᠭ ᠭᠠᠷᠤᠭᠰᠠᠨ ᠠᠵᠢ᠃ ᠬᠥᠭᠡᠷᠦᠬᠦᠢ ᠥᠯᠥᠨ ᠬᠣᠭᠣᠰᠣᠨ ᠠ᠋ᠴᠠ ᠪᠣᠯᠵᠤ ᠴᠢᠭᠢᠭ ᠪᠠᠮ ᠳ᠋ᠤ᠌ ᠪᠠᠷᠢᠭᠳᠠᠭᠰᠠᠨ ᠡᠵᠢ ᠨᠢ ᠥᠪᠡᠷ ᠢ᠋ᠶ᠋ᠡᠨ ᠴᠢᠳᠬᠥᠷ ᠪᠣᠯᠬᠤ ᠦᠭᠡᠢ ᠮᠢᠬ᠎ᠠ ᠶ᠋ᠢ ᠮᠠᠩᠨᠤᠭ ᠠ᠋ᠴᠠ ᠡᠯᠪᠡᠭ ᠪᠣᠯᠭᠠᠬᠤ ᠰᠠᠨᠠᠭ᠎ᠠ ᠶᠡᠬᠡ ᠪᠠᠢᠪᠠᠴᠤ ᠬᠠᠮᠢᠭ᠎ᠠ ᠠ᠋ᠴᠠ ᠬᠣᠭᠣᠰᠣᠨ ᠨᠣᠢᠲᠠᠨ ᠬᠡᠦᠬᠡᠳ ᠲᠡᠭᠡᠨ ᠡᠯᠪᠡᠭ ᠮᠢᠬ᠎ᠠ ᠣᠯᠵᠤ ᠥᠭᠬᠦ ᠪᠢᠯᠡ᠃ ᠠᠷᠪᠠ᠂ ᠲᠠᠪᠤᠨ ᠮᠠᠯ ᠨᠢ ᠬᠣᠪᠣᠷ ᠴᠠᠭ ᠭᠡᠳᠡᠭ ᠡᠴᠡ ᠭᠠᠷᠤᠭᠰᠠᠨ ᠭᠠᠷᠤᠯᠲᠠᠢ ᠬᠠᠪᠤᠷ ᠴᠠᠭ ᠭᠡᠳᠡᠭ ᠨᠡᠷᠡᠲᠡᠢ ᠪᠡᠷᠬᠡ ᠲᠠᠷᠴᠢᠭ ᠴᠠᠭ ᠢ᠋ᠶ᠋ᠠᠷ ᠡᠷᠭᠦᠭᠦᠯᠦᠨ ᠪᠠᠷᠢᠭᠤᠯᠤᠨ ᠨᠠᠢ᠍ᠮᠠᠨ ᠶᠠᠰᠤᠨ ᠳ᠋ᠠᠭᠠᠨ ᠬᠡᠯᠬᠢᠴᠢᠭᠰᠡᠨ ᠠᠷᠠᠢ ᠭᠣᠣᠯ ᠲᠠᠢ ᠪᠠᠢᠳᠠᠭ ᠴᠠᠭ ᠢ᠋ᠶ᠋ᠠᠷ ᠶᠠᠭᠠᠬᠢᠬᠤ ᠶ᠋ᠢᠨ ᠴᠤ᠌ ᠠᠷᠭ᠎ᠠ ᠮᠡᠬᠡ ᠪᠠᠢᠳᠠᠭ ᠦᠭᠡᠢ ᠴᠠᠭ ᠪᠠᠢᠵᠤ ᠰᠢᠦ ᠳᠡ᠂ ᠬᠠᠪᠤᠷ ᠭᠡᠳᠡᠭ ᠮᠠᠨᠢ᠃   
       ᠯᠣᠳᠣᠢ ᠪᠠᠶᠠᠨ ᠲᠡᠷᠡ ᠡᠳᠦᠷ ᠦ᠋ᠨ ᠶᠠᠪᠤᠳᠠᠯ ᠤᠷᠤᠭᠰᠢᠲᠠᠢ ᠣᠯᠵᠠ ᠲᠠᠢ ᠪᠣᠯᠪᠠ ᠭᠡᠵᠦ ᠪᠠᠶᠠᠷᠲᠠᠢ᠂ ᠠᠢᠯ ᠳ᠋ᠤ᠌ ᠲᠠᠯᠪᠢᠭᠰᠠᠨ ᠬᠡᠰᠡᠭ ᠬᠣᠨᠢ ᠪᠠᠨ ᠡᠷᠭᠢᠬᠦ ᠭᠡᠵᠦ ᠨᠡᠯᠢᠶᠡᠳ ᠲᠣᠭᠣᠷᠢᠵᠤ ᠲᠡᠷᠡ ᠬᠣᠲᠠ ᠳ᠋ᠤ᠌ ᠣᠢᠷᠠᠲᠤᠬᠤ ᠳ᠋ᠠᠭᠠᠨ᠂ ᠭᠡᠷ ᠡᠴᠡ ᠨᠢᠭᠡ ᠡᠬᠡᠨᠡᠷ ᠪᠣᠯᠤᠯᠲᠠᠢ ᠭᠦᠶᠦᠵᠦ ᠭᠠᠷᠤᠭᠠᠳ ᠬᠣᠯᠠ ᠠ᠋ᠴᠠ ᠯᠣᠳᠣᠢ ᠶ᠋ᠢ ᠲᠠᠨᠢᠮᠠᠭᠴᠠ ᠭᠡᠷ ᠳᠡᠭᠡᠷ᠎ᠡ ᠡᠴᠡ ᠨᠢᠭᠡ ᠠᠷᠠᠰᠤ ᠰᠢᠬᠦᠷᠴᠦ ᠠᠪᠤᠭᠠᠳ ᠨᠣᠣᠷᠬᠠᠢ ᠬᠠᠷ᠎ᠠ ᠢᠰᠡᠭᠡᠢ ᠬᠤᠷᠢᠶᠠᠭᠰᠠᠨ ᠪᠠᠷᠠᠭ᠎ᠠ ᠶ᠋ᠢᠨ ᠳᠡᠷᠭᠡᠳᠡ ᠨᠢᠭᠡ ᠶᠠᠭᠤᠮ᠎ᠠ ᠨᠢᠭᠤᠵᠤ ᠪᠠᠢᠭ᠎ᠠ ᠶ᠋ᠢ ᠨᠢ ᠬᠠᠷᠠᠴᠢᠭᠠᠳ(ᠬᠠᠷᠠᠴᠢᠬᠠᠭᠠᠳ) ᠱᠥᠯᠥ ᠭᠠᠷᠭᠠᠵᠤ ᠳᠠ ᠭᠡᠵᠦ ᠪᠣᠳᠣᠭᠠᠳ᠂ ᠵᠣᠴᠢᠨ ᠢ᠋ ᠬᠦᠯᠢᠶᠡᠵᠦ ᠭᠠᠳᠠᠨ᠎ᠠ ᠪᠠᠨ ᠵᠣᠭᠰᠣᠵᠤ ᠪᠠᠢᠭᠰᠠᠨ ᠲᠡᠷᠡ ᠡᠬᠡᠨᠡᠷ ᠦ᠋ᠨ ᠳᠡᠷᠭᠡᠳᠡ ᠳᠠᠪᠬᠢᠵᠤ ᠣᠴᠢᠭᠠᠳ᠄ 
       — ᠴᠢ ᠰᠠᠢ᠍ᠢ(ᠰᠠᠶᠢ) ᠭᠡᠷ ᠳᠡᠭᠡᠷ᠎ᠡ ᠡᠴᠡ ᠶᠠᠭᠤ ᠪᠠᠨ ᠬᠣᠣ ᠲᠠᠲᠠᠭᠠᠳ ᠳᠠᠯᠳᠠ ᠬᠢᠪᠡ? ᠭᠡᠵᠦ ᠠᠮᠤᠷ ᠮᠡᠨᠳᠦ ᠶ᠋ᠢ ᠠᠰᠠᠭᠤᠬᠤ ᠵᠠᠪᠳᠤᠯ ᠦᠭᠡᠢ ᠲᠤᠯᠭᠠᠵᠤ᠂ ᠴᠣᠭᠣᠷᠬᠠᠢ ᠢᠰᠡᠭᠡᠢ ᠶ᠋ᠢᠨ ᠵᠠᠪᠰᠠᠷ ᠢ᠋ᠶ᠋ᠠᠷ ᠪᠠᠷᠠᠭ᠎ᠠ ᠶ᠋ᠢᠨ ᠳᠣᠣᠷ᠎ᠠ ᠠ᠋ᠴᠠ ᠬᠤᠯᠠᠭᠠᠢ ᠶ᠋ᠢ ᠨᠢ ᠪᠠᠷᠢᠭᠤᠯᠵᠤ ᠴᠤᠬᠤᠢᠵᠤ ᠪᠠᠢᠭᠰᠠᠨ ᠬᠣᠨᠢᠨ ᠤ᠋ ᠠᠷᠠᠰᠤ ᠶ᠋ᠢ ᠨᠢᠳᠦ ᠪᠡᠷ ᠰᠢᠷᠪᠢᠨ ᠬᠠᠷᠠᠪᠠᠯ᠂ ᠲᠡᠷᠡ ᠡᠬᠡᠨᠡᠷ ᠬᠠᠷᠢᠭᠤ ᠥᠴᠢᠷᠦᠨ᠄ 
       — ᠶᠠᠭᠤ ᠴᠤ᠌ ᠳᠠᠯᠳᠠ ᠬᠢᠭᠰᠡᠨ ᠦᠭᠡᠢ ᠭᠡᠵᠡᠢ᠃ 
       — ᠶᠠᠭᠤ ᠴᠤ᠌ ᠳᠠᠯᠳᠠ ᠬᠢᠭᠰᠡᠨ ᠦᠭᠡᠢ ᠭᠡᠪᠡᠦ ᠴᠢ? ᠲᠡᠷᠡ ᠴᠢᠨᠢ ᠶᠠᠭᠤ ᠪᠣᠢ ? ᠭᠠᠷᠭᠠᠭᠠᠳ ᠣᠷᠭᠢ! ᠭᠡᠵᠦ ᠪᠠᠷᠠᠭ᠎ᠠ ᠶ᠋ᠢᠨ ᠵᠦᠭ ᠵᠢᠭᠠᠬᠤ ᠳ᠋ᠤᠨᠢ ᠤᠷᠠᠩᠬᠠᠢ ᠨᠣᠣᠷᠬᠠᠢ ᠳᠡᠪᠡᠯ ᠲᠡᠢ ᠡᠴᠡᠩᠬᠡᠷ ᠲᠡᠷᠡ ᠬᠥᠭᠡᠷᠦᠬᠦᠢ ᠡᠬᠡᠨᠡᠷ ᠠᠷᠭ᠎ᠠ ᠪᠤᠶᠤ ᠪᠠᠷᠠᠭ᠎ᠠ ᠶ᠋ᠢᠨ ᠵᠦᠭ ᠮᠣᠳᠣᠨ ᠬᠥᠮᠦᠨ ᠰᠢᠭ ᠠᠶ᠎ᠠ ᠦᠭᠡᠢ ᠬᠥᠳᠡᠯᠵᠦ ᠣᠴᠢᠭᠠᠳ ᠬᠤᠮᠢᠵᠤ ᠴᠢᠬᠢᠭᠰᠡᠨ ᠠᠷᠠᠰᠤ ᠭᠠᠷᠭᠠᠵᠠᠢ᠃  
       — ᠳᠡᠯᠭᠡ᠂ ᠡᠨᠡ ᠬᠡᠨ ᠦ᠌ ᠬᠣᠨᠢᠨ ᠤ᠋ ᠠᠷᠠᠰᠤ ᠪᠣᠢ? ᠭᠡᠬᠦ ᠳ᠋ᠦ᠍ᠨᠢ ᠲᠡᠷᠡ ᠬᠥᠭᠡᠷᠦᠬᠦᠢ ᠡᠮᠡᠭᠲᠡᠢ ᠭᠡᠯᠮᠡᠭᠳᠡᠨ ᠠᠶᠤᠵᠤ ᠰᠢᠪᠡᠨᠡᠬᠦ ᠨᠢ ᠰᠣᠨᠣᠰᠳᠠᠭᠰᠠᠨ ᠦᠭᠡᠢ ᠳᠡᠮᠡᠢ ᠯᠡ ᠤᠷᠤᠭᠤᠯ ᠨᠢ ᠳᠠᠭᠤᠨ ᠦᠭᠡᠢ ᠬᠥᠳᠡᠯᠪᠡ᠃   
       — ᠴᠢᠨᠦ ᠬᠡᠯᠡ ᠠᠮᠠ ᠴᠢᠨᠢ ᠬᠠᠳᠠᠴᠢᠬᠰᠠᠨ ᠶᠤᠮ ᠤᠤ? ᠡᠨᠡ ᠴᠢᠨᠢ ᠮᠠᠨ ᠤ᠋ ᠬᠠᠯᠵᠠᠨ ᠬᠣᠨᠢᠨ ᠤ᠋ ᠠᠷᠠᠰᠤ ᠪᠠᠢᠬᠤ ᠰᠢᠪ ᠳᠡ᠂ ᠬᠡᠨ ᠭᠠᠷᠭᠠᠭᠰᠠᠨ ᠶᠤᠮ ᠪᠣᠢ ? ᠮᠢᠬᠠᠰᠠᠵᠤ ᠲᠠ ᠨᠠᠷ᠂ ᠬᠠᠷ᠎ᠠ ᠨᠣᠬᠠᠢ! ᠬᠥᠮᠦᠨ ᠦ᠌ ᠮᠠᠯ ᠢ᠋ ᠢᠩᠭᠢᠵᠦ ᠬᠠᠷᠠᠳᠠᠭ ᠶᠤᠮ ᠤᠤ? ᠥᠨᠥᠳᠥᠷ ᠪᠢ ᠮᠠᠯ ᠢ᠋ᠶ᠋ᠠᠨ ᠬᠤᠷᠢᠶᠠᠵᠤ ᠠᠪᠤᠨ᠎ᠠ᠃ ᠬᠥᠳᠡᠭᠡ ᠭᠠᠵᠠᠷ ᠭᠤᠢᠯᠢᠨᠴᠢᠨ᠂ ᠬᠣᠨᠢᠴᠢᠨ ᠶᠠᠮᠠᠷ ᠮᠤᠩᠳᠠᠬᠤ ᠶᠤᠮ ᠪᠢᠰᠢ᠃   
       ᠬᠠᠷ᠎ᠠ ᠬᠥᠮᠦᠨ ᠴᠢᠨᠢ ᠮᠢᠨᠦ ᠬᠣᠨᠢᠨ ᠤ᠋ ᠮᠢᠬ᠎ᠠ ᠶ᠋ᠢ ᠲᠥᠯᠥᠵᠦ ᠥᠭᠭᠦᠭ(ᠥᠭ) ᠲᠤᠭᠤᠯᠪᠠᠤ? ᠭᠡᠵᠦ ᠬᠠᠰᠬᠢᠷᠲᠠᠯ᠎ᠠ ᠭᠡᠷ ᠦ᠋ᠨ ᠤᠷᠠᠩᠬᠠᠢ ᠡᠭᠦᠳᠡ ᠴᠡᠴᠡᠷᠡᠨ ᠴᠠᠭᠠᠨ᠎ᠠ ᠠ᠋ᠴᠠ ᠨᠢ ᠡᠷᠭᠦᠭᠳᠡᠵᠦ ᠨᠢᠭᠡ ᠲᠠᠶᠠᠭ ᠤ᠋ᠨ ᠦᠵᠦᠭᠦᠷ ᠴᠤᠬᠤᠢᠵᠤ ᠦᠵᠡᠭᠳᠡᠭᠡᠳ᠂ ᠬᠣᠢᠨ᠎ᠠ ᠠ᠋ᠴᠠ ᠨᠢ ᠰᠤᠷ ᠢ᠋ᠶ᠋ᠠᠷ ᠣᠷᠢᠶᠠᠵᠤ ᠲᠣᠷᠭᠣᠭᠰᠠᠨ ᠬᠠᠩᠵᠠᠷᠠᠭᠰᠠᠨ ᠮᠠᠢᠵᠢᠭᠢ ᠭᠤᠲᠤᠯ ᠭᠠᠷᠴᠤ ᠢᠷᠡᠭᠡᠳ᠂ ᠴᠠᠭᠠᠨ᠎ᠠ ᠠ᠋ᠴᠠ ᠨᠢ ᠲᠡᠷᠡ ᠭᠤᠲᠤᠯ ᠲᠠᠶᠠᠭ ᠬᠣᠶᠠᠷ ᠤ᠋ᠨ ᠡᠵᠡᠨ ᠡᠴᠡᠩᠬᠡᠷ ᠬᠥᠬᠡ ᠪᠡᠶ᠎ᠡ ᠨᠢ ᠤᠷᠠᠩᠬᠠᠢ ᠳᠡᠪᠡᠯ ᠦ᠋ᠨ ᠴᠣᠭᠣᠷᠣᠬᠠᠢ ᠪᠠᠷ ᠦᠵᠡᠭᠳᠡᠭᠰᠡᠨ ᠡᠴᠡᠵᠦ ᠲᠤᠷᠠᠭᠰᠠᠨ ᠨᠢᠭᠡᠨ ᠡᠮᠡᠭᠡᠨ ᠰᠠᠯᠭᠠᠯᠠᠨ(ᠰᠠᠯᠭᠠᠨᠠᠨ) ᠭᠠᠷᠴᠤ ᠢᠷᠡᠵᠦ᠂ ᠨᠠᠷᠠᠨ ᠤ᠋ ᠭᠡᠷᠡᠯ ᠳ᠋ᠦ᠍ ᠨᠢᠳᠦ ᠭᠢᠯᠪᠠᠢᠨ ᠠᠨᠢᠰᠬᠢᠵᠦ᠂ ᠲᠣᠯᠣᠭᠠᠢ ᠨᠢ ᠰᠠᠯᠭᠠᠯᠠᠨ(ᠰᠠᠯᠭᠠᠨᠠᠨ) ᠯᠣᠳᠣᠢ ᠪᠠᠶᠠᠨ ᠤ᠋ ᠥᠭᠡᠳᠡ ᠡᠴᠡ ᠪᠤᠷᠤᠭᠤᠰᠢᠶᠠᠨ ᠥᠭᠦᠯᠡᠷᠦᠨ᠂ 
       — ᠯᠣᠳᠣᠢ ᠲᠠ ᠲᠣᠮᠣᠭ᠎ᠠ ᠲᠠᠢ ᠬᠥᠮᠦᠨ ᠮᠥᠷᠲᠡᠭᠡᠨ ᠭᠠᠭᠴᠠ ᠬᠣᠨᠢᠨ ᠤ᠋ ᠲᠥᠯᠥᠭᠡ ᠡᠨᠡ ᠬᠥᠭᠡᠷᠦᠬᠦᠢ ᠠᠮᠢᠲᠠᠨ ᠢ᠋ ᠵᠠᠩᠨᠠᠵᠤ ᠪᠤᠰᠤᠷᠮᠠᠭᠯᠠᠭᠠᠳ ᠶᠠᠭᠠᠬᠢᠬᠤ ᠨᠢ ᠪᠣᠢ?  ᠡᠨᠡ ᠬᠣᠨᠢ ᠲᠠᠨ ᠤ᠋ ᠬᠣᠨᠢ ᠪᠠᠢᠭᠰᠠᠨ ᠨᠢ ᠦᠨᠡᠨ᠂ ᠤᠷᠵᠢᠳᠤᠷ ᠦᠬᠡᠷ ᠲᠦ᠍ ᠭᠢᠰᠬᠢᠭᠦᠯᠵᠦ ᠪᠡᠷᠲᠡᠭᠡᠳ ᠲᠠᠷᠴᠢᠯᠠᠵᠤ ᠵᠣᠪᠠᠬᠤ ᠳ᠋ᠤᠨᠢ ᠮᠠᠯ ᠪᠣᠯᠬᠤ ᠠ᠋ᠴᠠ ᠥᠩᠭᠡᠷᠡᠪᠡ ᠭᠡᠵᠦ ᠥᠴᠥᠭᠡᠳᠦᠷ ᠭᠠᠷᠭᠠᠭᠰᠠᠨ ᠶᠣᠮ᠎ᠠ( ᠶᠤᠮ ᠠ᠋)᠃  ᠮᠢᠬ᠎ᠠ ᠨᠢ ᠪᠦᠲᠦᠨ ᠢ᠋ᠶ᠋ᠡᠷ ᠢ᠋ᠶ᠋ᠡᠨ ᠰᠢᠬᠠᠭᠤ ᠪᠣᠢ᠂ ᠲᠠ ᠦᠵᠡᠪᠡᠯ ᠦᠵᠡ᠃ ᠪᠢ ᠥᠴᠥᠭᠡᠳᠦᠷ ᠣᠷᠣᠢ ᠨᠢᠭᠡ ᠠᠶᠠᠭ᠎ᠠ ᠱᠥᠯᠥ ᠭᠠᠷᠭᠠᠬᠤ ᠭᠡᠵᠦ ᠠᠯᠠᠭ᠎ᠠ ᠶ᠋ᠢᠨ ᠴᠢᠨᠡᠭᠡ ᠮᠢᠬ᠎ᠠ ᠠᠪᠤᠭᠰᠠᠨ᠃ ᠪᠠᠰᠠ ᠮᠠᠨ ᠤ᠋ ᠠᠢᠯ ᠤ᠋ᠨ ᠡᠪᠡᠳᠴᠢᠲᠡᠢ ᠬᠡᠦᠬᠡᠨ ᠳ᠋ᠦ᠍ ᠨᠢᠭᠡ ᠠᠶᠠᠭ᠎ᠠ ᠱᠥᠯᠥ ᠶ᠋ᠢᠨ ᠡᠮᠬᠦ ᠮᠢᠬ᠎ᠠ ᠥᠭᠭᠦᠭᠰᠡᠨ ᠭᠡᠬᠦ ᠳ᠋ᠦ᠍ᠨᠢ᠄ 
       — ᠥᠴᠥᠭᠡᠳᠦᠷ ᠨᠠᠳᠠ ᠬᠡᠯᠡᠬᠦ ᠶ᠋ᠢ ᠶᠠᠭᠠᠬᠢᠭᠰᠠᠨ ᠶᠤᠮ ᠪᠣᠢ ? ᠭᠡᠵᠡᠢ᠃    
       — ᠥᠴᠥᠭᠡᠳᠦᠷ ᠣᠷᠣᠢ ᠮᠠᠯ ᠪᠣᠯᠬᠤ ᠠ᠋ᠴᠠ ᠪᠠᠨ ᠥᠩᠭᠡᠷᠡᠵᠡᠢ ᠭᠡᠵᠦ ᠭᠠᠷᠭᠠᠭᠰᠠᠨ ᠶᠣᠮ᠎ᠠ( ᠶᠤᠮ ᠠ᠋)᠃ ᠬᠦᠦ ᠲᠠᠨᠠᠢ (ᠲᠠᠨ ᠤ᠋) ᠳ᠋ᠤ᠌ ᠬᠣᠨᠢᠨ ᠳᠡᠭᠡᠷ᠎ᠡ ᠡᠴᠡ ᠪᠡᠨ ᠳᠠᠭᠠᠷᠢᠵᠤ ᠣᠴᠢᠭᠠᠳ ᠬᠡᠯᠡᠨ᠎ᠡ ᠭᠡᠵᠦ ᠥᠷᠯᠥᠭᠡ ᠭᠠᠷᠤᠭᠰᠠᠨ ᠭᠡᠵᠦ ᠡᠮᠡᠭᠡᠨ ᠦ᠌ ᠬᠡᠯᠡᠬᠦ ᠳ᠋ᠦ᠍᠂  
       — ᠵᠠ᠂ ᠶᠠᠭᠠᠮᠠᠢ᠃ ᠬᠠᠷᠢᠨ ᠮᠢᠬ᠎ᠠ ᠶ᠋ᠢ ᠨᠢ ᠥᠨᠥᠳᠥᠷ ᠮᠠᠨᠠᠢᠳᠤ (ᠮᠠᠨ ᠤ᠋ ᠳ᠋ᠤ᠌) ᠬᠦᠷᠭᠡᠵᠦ ᠥᠭ ᠭᠡᠵᠦ ᠬᠡᠯᠡᠭᠡᠷᠡᠢ ᠬᠦᠦ ᠳ᠋ᠡᠭᠡᠨ᠂ ᠢᠷᠡᠬᠦ ᠳ᠋ᠦ᠍ᠨᠢ ᠭᠡᠪᠡᠯ᠄ 
       — ᠯᠣᠳᠣᠢ ᠭᠤᠸᠠᠢ ᠲᠠ᠂ ᠬᠠᠪᠤᠷ ᠤ᠋ᠨ ᠵᠣᠪᠠᠯᠭ᠎ᠠ ᠮᠢᠬ᠎ᠠ ᠪᠠᠷ ᠶᠠᠭᠤ ᠬᠢᠬᠦ ᠨᠢ ᠪᠣᠢ? ᠬᠠᠷᠢᠨ ᠪᠢᠳᠡ ᠮᠡᠲᠦ ᠶ᠋ᠢᠨ ᠶᠠᠳᠠᠭᠰᠠᠨ ᠠᠮᠢᠲᠠᠨ ᠳ᠋ᠤ᠌ ᠣᠯᠳᠠᠰᠢ ᠦᠭᠡᠢ ᠶᠠᠭᠤᠮ᠎ᠠ ᠰᠢᠦ ᠳᠡ᠃   
       ᠪᠢᠳᠡ᠂ ᠲᠠᠨ ᠤ᠋ ᠬᠣᠨᠢ ᠮᠠᠯ ᠢ᠋ ᠥᠪᠡᠷ ᠦ᠋ᠨ ᠮᠠᠯ ᠠ᠋ᠴᠠ ᠢᠯᠡᠭᠦᠦ ᠬᠢᠴᠢᠶᠡᠵᠦ ᠮᠠᠯᠯᠠᠵᠤ ᠪᠠᠢᠭ᠎ᠠ ᠶᠤᠮ ᠪᠢᠰᠢ ᠤᠤ? ᠤᠯᠤᠰ ᠲᠠᠨ ᠢ᠋ ᠭᠠᠭᠴᠠ ᠬᠣᠨᠢᠨ ᠤ᠋ ᠵᠣᠪᠠᠯᠭ᠎ᠠ ᠶ᠋ᠢᠨ ᠲᠥᠯᠥᠭᠡ ᠢᠩᠭᠢᠵᠦ ᠪᠠᠢᠭ᠎ᠠ ᠶ᠋ᠢ ᠴᠢᠨᠢ ᠦᠵᠡᠪᠡᠯ ᠮᠢᠬ᠎ᠠ ᠮᠠᠩᠨᠤᠭ ᠪᠣᠯᠵᠤ᠂ ᠮᠠᠨ ᠤ᠋ ᠪᠠᠶᠠᠨ ᠯᠣᠳᠣᠢ ᠴᠢᠳᠬᠥᠷ ᠪᠣᠯᠤᠯ᠎ᠠ ᠭᠡᠵᠦ ᠬᠡᠯᠡᠬᠦ ᠶᠦ᠍ᠮ ᠪᠢᠰᠢ ᠤᠤ? ᠭᠡᠬᠦ ᠳ᠋ᠦ᠍ᠨᠢ᠄ 
       — ᠨᠠᠳᠠ ᠬᠡᠷᠡᠭ ᠪᠠᠢᠨ᠎ᠠ᠃ ᠬᠥᠮᠦᠨ ᠶᠠᠭᠤ ᠯᠠ ᠭᠡᠪᠡᠯ᠂ ᠭᠡᠵᠦ ᠪᠠᠢᠭ᠃ ᠨᠠᠳᠠ ᠲᠡᠷᠡ ᠬᠠᠮᠢᠶ᠎ᠠ ᠦᠭᠡᠢ᠃ ᠲᠠᠨ ᠤ᠋ ᠡᠨᠳᠡ ᠢᠩᠭᠢᠭᠡᠳ ᠣᠷᠬᠢᠪᠠᠯ ᠳᠣᠯᠣᠭ᠎ᠠ ᠬᠣᠨᠣᠭ ᠳᠣᠳᠣᠮ ᠦᠬᠡᠷ ᠴᠢᠨᠢ ᠨᠢᠭᠡ ᠬᠣᠨᠢ ᠭᠢᠰᠬᠢᠨ ᠠᠯᠠᠵᠤ ᠵᠠᠩᠰᠢᠬᠤ ᠨᠢ ᠠ᠋᠃ ᠬᠠᠷᠢᠨ ᠡᠭᠦᠨᠴᠡ ᠬᠣᠢᠰᠢ ᠲᠡᠭᠦᠨᠴᠡ ᠴᠠᠰᠢ(ᠴᠠᠭᠠᠰᠢ)ᠢᠩᠭᠢᠭᠡᠳ ᠪᠠᠢᠪᠠᠯ ᠭᠣᠷᠢ ᠦᠭᠡᠢ ᠳᠡ᠃ ᠬᠣᠨᠢ ᠪᠠᠨ ᠣᠨᠳᠣᠣ ᠠᠢᠯ ᠳ᠋ᠤ᠌ ᠯᠠ ᠲᠠᠯᠪᠢᠬᠤ ᠠ᠋ᠴᠠ ᠥᠭᠡᠷ᠎ᠡ ᠠᠷᠭ᠎ᠠ ᠦᠭᠡᠢ ᠪᠣᠯᠤᠯ᠎ᠠ ᠭᠡᠵᠡᠢ᠃ 


             ᠦᠰᠦᠭ ᠠᠮᠢᠯᠠᠭᠤᠯᠤᠭᠴᠢ᠄ ᠤᠢᠭᠤᠷᠵᠢᠨ ᠣᠳᠬᠣᠨᠪᠠᠪᠠ᠂ ᠣᠶᠤᠨᠪᠠᠲᠤ᠂ ᠣᠭ᠌ᠶᠤ᠂ 
                                          ᠰᠠᠷᠠᠨᠲᠤᠶᠠᠭ᠎ᠠ᠂ ᠪᠠᠯ᠂ ᠪᠠᠳᠮᠠᠰᠡᠴᠡᠨ
                   ᠬᠢᠨᠠᠭᠴᠢ᠄ ᠣᠳᠬᠣᠨᠴᠡᠴᠡᠭ᠂ ᠪᠠᠯ 
                   ᠤᠩᠰᠢᠭᠴᠢ᠄  ᠨᠠᠰᠤᠨ᠌ᠦ᠌ᠯᠵᠡᠢ