ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠳᠡᠳ᠋ ᠪᠣᠲᠢ – ᠭᠤᠷᠪᠠᠳᠤᠭᠠᠷ ᠪᠦᠯᠦᠭ <ᠠᠷᠪᠠᠨ ᠨᠢᠭᠡ> Хан мунын сүүрс < дээд > – Мөнх зохиоов ᠂ Дэд бодь – Гуравдугаар бүлэг <11> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠳᠡᠳ᠋ ᠪᠣᠲᠢ – ᠭᠤᠷᠪᠠᠳᠤᠭᠠᠷ ᠪᠦᠯᠦᠭ <ᠠᠷᠪᠠᠨ ᠨᠢᠭᠡ> Хан мунын сүүрс < дээд > – Мөнх зохиоов ᠂ Дэд бодь – Гуравдугаар бүлэг <11>

ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠳᠡᠳ᠋ ᠪᠣᠲᠢ – ᠭᠤᠷᠪᠠᠳᠤᠭᠠᠷ ᠪᠦᠯᠦᠭ <ᠠᠷᠪᠠᠨ ᠨᠢᠭᠡ> Хан мунын сүүрс < дээд > – Мөнх зохиоов ᠂ Дэд бодь – Гуравдугаар бүлэг <11>

ᠠᠩᠭᠢᠯᠠᠯ:ᠲᠤᠭᠤᠵᠢ ᠷᠣᠮᠠᠨ
2024-11-08

671


                  ᠠᠷᠪᠠᠨ ᠨᠢᠭᠡ      

       ᠬᠣᠪᠣᠩ ᠤ᠋ᠨ ᠴᠣᠭ ᠳᠡᠭᠡᠷ᠎ᠡ ᠤᠳᠠᠭᠠᠨ ᠪᠤᠴᠠᠯᠤᠭᠰᠠᠨ ᠢᠳᠡᠭᠡᠰᠢᠭ ᠴᠠᠢ ᠠ᠋ᠴᠠ ᠠᠩᠴᠢᠨᠵᠠᠪ ᠨᠢᠭᠡ ᠣᠭᠣᠴᠢᠭᠠᠳ᠄ 
       — ᠬᠠ᠂ ᠶᠠᠭᠠᠬᠢᠭᠰᠠᠨ ᠡᠬᠡᠭᠦᠨ ᠴᠠᠢ ᠪᠣᠢ! ᠭᠡᠵᠦ ᠱᠠᠭᠠᠵᠠᠩ ᠢ᠋ ᠰᠢᠷᠡᠭᠡᠨ ᠳᠡᠭᠡᠷ᠎ᠡ ᠲᠣᠱ ᠬᠢᠲᠡᠯ᠎ᠡ ᠬᠦᠴᠦᠲᠡᠢ ᠲᠠᠯᠪᠢᠭᠰᠠᠨ ᠳ᠋ᠤ᠌ ᠮᠠᠨᠴᠤᠷᠭ᠎ᠠ ᠰᠣᠴᠢᠰᠬᠢᠵᠦ ᠲᠡᠭᠦᠨ ᠢ᠋ ᠭᠥᠯᠢᠢᠨ ᠬᠠᠷᠠᠵᠤ《ᠬᠦᠢ᠂ ᠡᠨᠡ ᠪᠠᠰᠠ ᠦᠨᠡᠬᠡᠷ ᠲᠠᠭᠠᠲᠠᠢ ᠰᠠᠭᠠᠷᠢ ᠪᠠᠢᠨ᠎ᠠ᠃ ᠮᠣᠩᠭᠣᠯ ᠬᠥᠮᠦᠨ ᠶᠦᠮ ᠪᠠᠢᠨ᠎ᠠ᠂ ᠬᠦᠢᠲᠡᠨ ᠭᠡᠷ ᠲᠦ᠍ ᠪᠡᠭᠡᠷᠡᠭᠰᠡᠨ ᠪᠠᠢ ᠯᠠ ᠦᠭᠡᠢ᠂ ᠬᠠᠯᠠᠭᠤᠨ ᠴᠠᠢ ᠣᠭᠣᠴᠢᠵᠤ ᠪᠦᠯᠢᠶᠡᠰᠦᠭ ᠭᠡᠰᠡᠨ ᠴᠢᠨᠢ ᠶᠠᠭᠤ ᠪᠣᠯᠪᠠ? ᠬᠠᠮᠢᠭ᠎ᠠ ᠨᠢ ᠬᠠᠳᠬᠤᠭᠠᠳ ᠠᠪᠤᠪᠠ?》 ᠭᠡᠰᠡᠨ ᠲᠥᠯᠥᠪᠲᠡᠢ ᠬᠡᠭᠵᠡᠢᠵᠦ᠄ 
       — ᠶᠠᠭᠠᠬᠢᠪᠠ? ᠠᠶᠠᠭᠠᠯᠠᠭᠰᠠᠨ ᠴᠠᠢ ᠳᠠᠩᠴᠤ ᠬᠠᠯᠠᠭᠤᠨ ᠪᠠᠢᠨ᠎ᠠ ᠤᠤ? ᠠᠶᠠᠭ᠎ᠠ ᠱᠠᠭᠠᠵᠠᠩ ᠰᠠᠪᠠᠯᠠᠳᠠᠭ ᠴᠢᠨᠢ⁈ ᠮᠣᠩᠭᠣᠯ ᠬᠥᠮᠦᠨ ᠭᠡᠵᠦ ᠪᠠᠢᠭᠠᠳ ᠶᠣᠰᠣ ᠮᠡᠳᠡᠳᠡᠭ ᠦᠭᠡᠢ ᠶᠣᠷᠣᠭ ᠲᠠᠨᠢᠳᠠᠭ ᠦᠭᠡᠢ ᠲᠠᠷᠢᠶᠠᠨ ᠤ᠋ ᠬᠢᠲᠠᠳ ᠰᠢᠭ᠋ ᠮᠠᠭᠤᠬᠠᠢ ᠵᠠᠩᠨᠠᠳᠠᠭ ᠨᠢ᠁ ᠭᠡᠵᠦ ᠬᠡᠭᠵᠢᠭᠦᠨ ᠳᠤᠤᠭᠠᠷᠤᠭᠰᠠᠨ ᠳ᠋ᠤ᠌ ᠠᠩᠴᠢᠨᠵᠠᠪ᠄ 
       — ᠴᠢ ᠴᠣᠬᠣᠮ ᠮᠣᠩᠭᠣᠯ ᠤᠤ ᠬᠢᠲᠠᠳ ᠤᠤ ᠭᠡᠳᠡᠭ ᠲᠦ᠍ ᠪᠢ ᠰᠡᠵᠢᠭ ᠲᠡᠢ ᠪᠠᠢᠨ᠎ᠠ ᠭᠡᠪᠡ᠃ 
       — ᠬᠡᠩ᠂ ᠡᠨᠡ ᠡᠪᠦᠭᠡᠨ ᠠᠬ᠎ᠠ ᠴᠢᠨᠢ ᠮᠣᠩᠭᠣᠯ ᠮᠥᠷᠲᠡᠭᠡᠨ ᠥᠨᠳᠥᠷ ᠢᠵᠠᠭᠤᠷ ᠲᠠᠢ ᠬᠥᠮᠦᠨ᠃ 
       — ᠲᠡᠢᠮᠦ ᠪᠣᠯ᠁ ᠮᠣᠩᠭᠣᠯ ᠮᠣᠩᠭᠣᠯ ᠢ᠋ᠶ᠋ᠠᠨ ᠢᠩᠭᠢᠵᠦ ᠬᠢᠬᠠᠳᠠᠭ ᠤᠤ? ᠡᠷ᠎ᠡ ᠬᠥᠮᠦᠨ ᠦ᠌ ᠪᠡᠶ᠎ᠡ ᠳ᠋ᠦ᠍ ᠳᠤᠲᠠᠵᠤ ᠪᠣᠯᠳᠠᠭ ᠦᠭᠡᠢ《ᠭᠤᠷᠪᠠᠨ ᠠᠮᠢᠲᠠᠢ》① ᠶ᠋ᠢ ᠮᠢᠨᠢ ᠴᠦ᠍ ᠦᠯᠡᠳᠡᠭᠡᠬᠦ ᠦᠭᠡᠢ ᠲᠤᠨᠤᠳᠠᠭ ᠶᠠᠮᠠᠷ ᠮᠣᠩᠭᠣᠯ ᠪᠣᠢ? ᠪᠢ ᠡᠢᠮᠦ ᠮᠣᠩᠭᠣᠯ ᠬᠥᠮᠦᠨ ᠦᠵᠡᠭᠡ ᠦᠭᠡᠢ ᠭᠡᠵᠦ ᠠᠩᠴᠢᠨᠵᠠᠪ ᠠᠭᠤᠷ ᠲᠠᠭᠠᠨ ᠰᠢᠷᠡᠭᠡ ᠠᠯᠠᠭᠠᠳᠠᠪᠠ᠃ 
       ᠫᠡᠰᠬᠢᠲᠡᠯ᠎ᠡ ᠴᠣᠴᠢᠮᠠᠭ ᠰᠢᠷᠡᠭᠡ ᠠᠯᠠᠭᠠᠳᠠᠭᠰᠠᠨ ᠳᠠᠭᠤᠨ ᠳ᠋ᠤ᠌ ᠮᠠᠨᠴᠤᠷᠭ᠎ᠠ ᠰᠣᠴᠢᠵᠤ ᠠᠪᠤᠭᠰᠠᠨ ᠪᠣᠯᠪᠠᠴᠤ ᠲᠡᠭᠦᠨ ᠢ᠋ ᠬᠠᠷᠠᠭᠠᠳ ᠬᠥᠬᠡ ᠢᠨᠢᠶᠡᠳᠦ ᠨᠢ ᠬᠦᠷᠴᠦ᠄ 
       — ᠵᠠᠯᠠᠭᠤ ᠬᠥᠮᠦᠨ ᠠᠭᠤᠷ ᠣᠮᠣᠭ ᠢ᠋ᠶ᠋ᠠᠨ ᠳᠠᠷᠤ᠃ ᠴᠢᠨᠦ ᠦᠵᠡᠭᠡ ᠦᠭᠡᠢ ᠶᠠᠭᠤᠮ᠎ᠠ ᠣᠯᠠᠨ ᠪᠠᠢᠨ᠎ᠠ ᠭᠡᠵᠦ ᠳᠡᠷ᠎ᠡ ᠶ᠋ᠢᠨ ᠳᠣᠣᠷ᠎ᠠ ᠠ᠋ᠴᠠ ᠠᠬᠤᠷ ᠫᠤᠤ ᠭᠠᠷᠭᠠᠵᠤ ᠰᠡᠢᠮᠡᠬᠡᠢ ᠬᠠᠭᠤᠴᠢᠨ ᠬᠠᠳᠠᠭ ᠢ᠋ᠶ᠋ᠠᠷ ᠵᠦᠯᠭᠦᠵᠦ ᠨᠢᠭᠡ ᠨᠢᠳᠦ ᠪᠡᠨ ᠠᠨᠢᠨ ᠫᠤᠤ ᠶ᠋ᠢᠨ ᠢ᠋ᠶ᠋ᠡᠨ ᠬᠠᠷᠠᠭ᠎ᠠ ᠶ᠋ᠢ ᠣᠨᠢᠯᠠᠭᠠᠳ ᠳᠡᠭᠡᠷ᠎ᠡ ᠨᠢ ᠦᠯᠦ ᠮᠡᠳᠡᠭᠳᠡᠬᠦ ᠲᠣᠷᠭᠠᠨ ᠲᠣᠭᠣᠰᠣ ᠨᠠᠭᠠᠯᠳᠤᠭᠰᠠᠨ ᠢ᠋ ᠫᠦᠳ᠋ ᠬᠢᠨ ᠦᠯᠢᠶᠡᠵᠦ《ᠵᠠᠯᠠᠭᠤ ᠮᠢᠨᠢ ᠴᠢ᠂ ᠡᠨᠡ ᠶᠠᠭᠤᠮ᠎ᠠ ᠶ᠋ᠢ ᠦᠵᠡᠪᠡ ᠤᠤ?》 ᠭᠡᠵᠦ ᠬᠥᠢᠲᠡᠮᠰᠦᠭ ᠢᠨᠢᠶᠡᠭᠡᠳ ᠠᠬᠤᠷ ᠫᠤᠤ ᠪᠠᠨ ᠰᠢᠷᠡᠭᠡᠨ ᠳᠡᠭᠡᠷ᠎ᠡ ᠬᠠᠶᠠᠭᠰᠠᠨ ᠳ᠋ᠤ᠌ ᠭᠦᠯᠳᠡᠭᠡᠨᠡᠭᠰᠡᠨ ᠥᠨᠥ ᠫᠤᠤ ᠴᠡᠨᠡᠭᠲᠦ ᠬᠡᠪᠡᠯᠢ ᠳ᠋ᠡᠭᠡᠨ ᠲᠠᠢᠯᠳᠠᠵᠤ ᠬᠡᠳᠦ ᠡᠷᠭᠢᠯᠳᠦᠭᠡᠳ ᠫᠤᠤ ᠶ᠋ᠢᠨ ᠠᠮᠠ ᠨᠢ ᠮᠠᠨᠴᠤᠷᠭ᠎ᠠ ᠶ᠋ᠢᠨ ᠥᠭᠡᠳᠡ ᠬᠠᠷᠠᠪᠠ᠃ ᠮᠠᠨᠴᠤᠷᠭ᠎ᠠ ᠠᠬᠤᠷ ᠫᠤᠤ ᠪᠠᠨ ᠭᠠᠷᠭᠠᠵᠤ ᠠᠷᠴᠢᠬᠤᠢᠴᠠ ᠪᠣᠯᠤᠨ ᠰᠢᠷᠡᠭᠡᠨ ᠳᠡᠭᠡᠷ᠎ᠡ ᠰᠢᠳᠡᠭᠰᠡᠨ ᠨᠢ ᠴᠠᠭᠠᠳᠤᠬᠢ ᠶ᠋ᠢᠨ ᠢ᠋ᠶ᠋ᠡᠨ ᠰᠢᠷᠡᠭᠡ ᠠᠯᠠᠭᠠᠳᠠᠵᠤ ᠬᠡᠭᠵᠢᠭᠦᠨ ᠳᠤᠤᠭᠠᠷᠤᠭᠰᠠᠨ ᠤ᠋ ᠬᠠᠷᠢᠭᠤ ᠨᠢ ᠪᠠᠢᠯ᠎ᠠ᠃ ᠲᠡᠭᠡᠬᠦ ᠳ᠋ᠦ᠍ ᠴᠠᠭᠠᠳᠤᠬᠢ ᠨᠢ ᠪᠠᠰᠠ ᠲᠡᠢᠮᠦ ᠠᠮᠠᠷᠬᠠᠨ ᠮᠥᠷᠥᠢ ᠪᠡᠨ ᠥᠭᠳᠡᠭ ᠡᠷ᠎ᠡ ᠪᠢᠰᠢ ᠪᠠᠢᠵᠠᠢ᠃ ᠠᠩᠴᠢᠨᠵᠠᠪ᠂ ᠲᠡᠭᠦᠨ ᠦ᠌ ᠴᠠᠭᠠᠨ᠎ᠠ ᠰᠠᠨᠠᠭ᠎ᠠ ᠶ᠋ᠢ ᠨᠡᠪᠲᠡ ᠮᠡᠳᠡᠵᠦ᠄  
       — ᠫᠤᠤᠳᠠᠬᠤ ᠭᠡᠰᠡᠨ ᠪᠣᠯ ᠨᠠᠭᠠᠰᠢ ᠪᠠᠨ ᠰᠢᠭᠤᠳ ᠫᠤᠤᠳᠠ! ᠡᠷ᠎ᠡ ᠶ᠋ᠢᠨ ᠴᠢᠮᠡᠭ ᠪᠡᠶ᠎ᠡ ᠶ᠋ᠢᠨ ᠵᠡᠪᠰᠡᠭ ᠢ᠋ᠶ᠋ᠡᠨ ᠴᠦ᠍ ᠬᠤᠷᠢᠶᠠᠯᠭᠠᠭᠰᠠᠨ ᠬᠥᠮᠦᠨ ᠲᠠᠨ ᠢ᠋ ᠶᠠᠭᠠᠬᠢᠵᠤ ᠴᠢᠳᠠᠬᠤ ᠶᠤᠮ? ᠡᠷ᠎ᠡ ᠶ᠋ᠢᠨ ᠨᠠᠭᠠᠳᠤᠮ ᠬᠠᠲᠠᠭᠤ ᠭᠡᠳᠡᠭ ᠴᠦ᠍ ᠪᠡᠶ᠎ᠡ ᠪᠡᠨ ᠪᠠᠮᠪᠠᠢᠯᠠᠭᠰᠠᠨ ᠵᠡᠪᠰᠡᠭ ᠬᠥᠳᠡᠯᠭᠡᠵᠦ ᠬᠠᠯᠵᠠᠨ ᠰᠥᠷᠯᠡᠬᠦ ᠶ᠋ᠢ ᠪᠢ ᠦᠵᠡᠨ ᠶᠠᠳᠠᠨ᠎ᠠ᠃ ᠡᠷ᠎ᠡ ᠬᠥᠮᠦᠨ ᠤᠬᠠᠭᠠᠨ ᠰᠠᠮᠪᠠᠭ᠎ᠠ᠂ ᠲᠠᠷ ᠲᠡᠩᠬᠡᠭᠡ ᠪᠡᠷ ᠢ᠋ᠶ᠋ᠡᠨ ᠡᠷ᠎ᠡ ᠮᠥᠰᠥ ᠪᠡᠨ ᠰᠢᠯᠭᠠᠬᠤ ᠠ᠋ᠴᠠ ᠪᠢᠰᠢ ᠴᠢᠮ᠎ᠠ ᠰᠢᠭ ᠢᠩᠭᠢᠳᠡᠭ ᠦᠭᠡᠢ ᠶᠦᠮ ᠰᠢᠦ! ᠭᠡᠯ᠎ᠡ᠃  
       — ᠬᠥᠬᠦᠦᠷ ᠬᠠᠪᠲᠠᠭ᠎ᠠ᠂ ᠬᠡᠲᠡ ᠬᠢᠲᠤᠭ᠎ᠠ ᠶ᠋ᠢ ᠴᠢᠨᠢ ᠪᠢ ᠲᠣᠨᠣᠭᠰᠠᠨ ᠦᠭᠡᠢ ᠭᠡᠰᠡᠨ ᠳ᠋ᠦ᠍ ᠠᠩᠴᠢᠨᠵᠠᠪ᠄ 
       — ᠲᠡᠷᠡ ᠡᠮᠦᠨ᠎ᠡ ᠴᠢᠨᠢ ᠶᠠᠭᠤ ᠪᠣᠢ? ᠭᠡᠪᠡ᠃  
       — ᠣ᠂ ᠡᠨᠡ ᠤᠤ? ᠭᠡᠵᠦ ᠡᠮᠦᠨ᠎ᠡ ᠨᠢ ᠲᠠᠯᠪᠢᠭᠠᠰᠤᠲᠠᠢ ᠬᠥᠬᠦᠦᠷ᠂ ᠬᠢᠲᠤᠭ᠎ᠠ᠂ ᠭᠠᠩᠰᠠ ᠭᠤᠷᠪᠠ ᠶ᠋ᠢ ᠬᠠᠷᠠᠭᠠᠳ《ᠶᠠᠭ ᠳᠠ᠂ ᠡᠭᠦᠨ ᠢ᠋ᠶ᠋ᠡᠷ ᠴᠢᠨᠢ ᠴᠢᠮᠠᠶ᠋ᠢ ᠮᠣᠩᠭᠣᠯ ᠶᠤᠮ ᠪᠠᠢᠨ᠎ᠠ᠂ ᠮᠥᠨ ᠴᠦ᠍ ᠰᠠᠢᠨ ᠡᠷ᠎ᠡ ᠶ᠋ᠢᠨ ᠡᠳ᠋ᠯᠡᠬᠦᠨ ᠪᠠᠢᠨ᠎ᠠ ᠭᠡᠳᠡᠭ ᠢ᠋ ᠮᠡᠳᠡᠵᠦ ᠴᠠᠭᠠᠳᠤᠬᠢ ᠨᠤᠭᠤᠳ ᠤ᠋ᠨ ᠭᠠᠷ ᠠ᠋ᠴᠠ ᠴᠢᠮᠠᠶ᠋ᠢ ᠰᠤᠯᠠᠯᠠᠨ ᠡᠨᠳᠡ ᠨᠠᠳᠠ ᠲᠠᠢ ᠰᠢᠷᠡᠭᠡ ᠬᠠᠪᠴᠢᠨ ᠴᠠᠢ ᠣᠭᠣᠴᠢᠯᠠᠵᠤ ᠴᠢᠯᠥᠭᠡᠲᠡᠢ ᠶᠠᠷᠢᠯᠴᠠᠬᠤ ᠵᠠᠪ ᠣᠯᠭᠣᠭᠰᠠᠨ ᠳᠠ! ᠡᠰᠡ ᠲᠡᠢᠮᠦ ᠪᠣᠯ ᠬᠤᠪᠢ ᠵᠠᠶᠠᠭ᠎ᠠ ᠴᠢᠨᠢ ᠬᠠᠮᠢᠭᠠᠰᠢ ᠪᠠᠨ ᠬᠠᠵᠠᠢᠬᠤ ᠪᠠᠨ ᠴᠢ ᠶᠠᠭᠠᠬᠢᠵᠤ ᠮᠡᠳᠡᠬᠦ ᠪᠣᠢ ᠳᠠ》 ᠭᠡᠵᠦ ᠢᠨᠵᠠᠭᠠᠨ ᠬᠡ ᠲᠡᠢ ᠬᠠᠪᠲᠠᠭᠠᠨ ᠠ᠋ᠴᠠ ᠬᠦᠷᠡᠩ ᠵᠢᠩᠰᠡ ᠲᠡᠢ ᠬᠦᠬᠦᠷ ᠭᠠᠷᠭᠠᠵᠤ ᠶᠡᠬᠡ ᠯᠡ ᠱᠣᠬᠣᠭᠣᠷᠬᠠᠨ᠎ᠠ᠃  
       ᠠᠩᠴᠢᠨᠵᠠᠪ ᠡᠨᠡ ᠬᠦ᠌ ᠳᠡᠭᠡᠷᠡᠮ ᠦ᠋ᠳ ᠲᠡᠭᠡᠨ ᠵᠠᠩᠭᠤᠢᠳᠠ ᠭᠡᠵᠦ ᠡᠷᠭᠦᠭᠳᠡᠭᠰᠡᠨ ᠮᠠᠷᠵᠠᠩ ᠡᠷ᠎ᠡ ᠶ᠋ᠢ ᠬᠠᠷᠠᠬᠤ ᠳᠣᠳᠣᠮ ᠡᠭᠳᠡᠭᠦᠦ ᠨᠢ ᠬᠦᠷᠴᠦ᠂ ᠨᠡᠩ ᠴᠦ᠍ ᠬᠥᠬᠦᠦᠷ ᠢ᠋ ᠨᠢ ᠱᠣᠬᠣᠭᠣᠷᠬᠠᠵᠤ ᠪᠠᠢᠭ᠎ᠠ ᠶ᠋ᠢ ᠬᠠᠷᠠᠭᠠᠳ᠂ ᠡᠨᠡ ᠵᠣᠯᠢᠭ ᠮᠠᠨᠤᠨ ᠬᠥᠬᠦᠦᠷ ᠲᠦ᠍ ᠮᠢᠨᠢ ᠳᠤᠷᠠᠯᠠᠵᠤ ᠪᠠᠢᠬᠤ ᠴᠢᠷᠠᠢ᠃《ᠡᠴᠢᠭᠡ ᠶ᠋ᠢᠨ ᠴᠢᠨᠢ ᠪᠤᠶᠠᠨ ᠶᠤᠮ ᠠ᠋᠂ ᠠᠮᠢᠲᠠᠢ ᠪᠠᠨ ᠬᠣᠯᠪᠣᠵᠤ ᠶᠠᠪᠤ》 ᠭᠡᠵᠦ ᠡᠵᠢ ᠨᠢ ᠲᠡᠭᠦᠨ ᠳ᠋ᠦ᠍ ᠦᠯᠡᠳᠡᠭᠡᠭᠰᠡᠨ ᠮᠠᠨᠤᠨ ᠬᠥᠬᠦᠦᠷ ᠢ᠋ᠶ᠋ᠡᠨ ᠡᠷᠬᠡ ᠦᠭᠡᠢ ᠬᠠᠷᠠᠮᠨᠠᠬᠤ ᠪᠣᠳᠣᠯ ᠲᠥᠷᠥᠭᠳᠡᠵᠦ᠂ ᠮᠠᠭᠤ ᠰᠠᠢᠨ ᠳᠡᠭᠡᠷᠡᠮ ᠲᠤᠨᠤᠭᠠᠨ ᠤ᠋ ᠬᠠᠷ᠎ᠠ ᠰᠠᠪᠠᠷ ᠤ᠋ᠨ ᠣᠷᠣᠮ ᠪᠠ ᠰᠢᠨᠤᠭ ᠨᠢᠳᠦᠨ ᠦ᠌ ᠬᠢᠨᠢ ᠠᠳᠠ ᠬᠣᠣᠷ ᠮᠠᠨᠤᠨ ᠳ᠋ᠤᠨᠢ ᠰᠢᠩᠭᠡᠭᠦᠵᠡᠢ ᠭᠡᠵᠦ ᠪᠣᠳᠣᠬᠤ ᠲᠣᠰᠤᠮ ᠬᠣᠷᠣ ᠨᠢ ᠬᠥᠳᠡᠯᠵᠦ ᠰᠢᠷᠡᠭᠡ ᠬᠠᠪᠴᠢᠵᠤ ᠰᠠᠭᠤᠭ᠎ᠠ ᠡᠨᠡ ᠬᠦ᠌ ᠮᠠᠷᠵᠠᠩ ᠡᠷ᠎ᠡ ᠶ᠋ᠢ ᠵᠠᠭᠠᠮᠠᠳᠠᠴᠢᠬᠠᠮᠠᠷ ᠰᠠᠨᠠᠭᠳᠠᠨ᠎ᠠ᠃  
       — ᠵᠠ᠂ ᠰᠠᠢᠬᠠᠨ ᠡᠳ᠋ ᠶᠦᠮ᠃ ᠵᠢᠩᠬᠢᠨᠢ ᠡᠷᠲᠡᠨ ᠦ᠌ ᠫᠢᠶᠤᠤᠷ ᠮᠠᠨᠤ② ᠭᠡᠳᠡᠭ ᠡᠨᠡ ᠪᠠᠢᠨ᠎ᠠ ᠰᠢᠦ! ᠤᠳᠤᠮ ᠳᠠᠮᠵᠢᠳᠠᠭ ᠤᠷᠲᠤ ᠨᠠᠰᠤᠲᠠᠢ ᠡᠷᠳᠡᠨᠢ! ᠭᠡᠵᠦ ᠲᠡᠷᠡ ᠡᠷ᠎ᠡ ᠥᠨᠥᠬᠢ ᠮᠠᠨᠤᠨ ᠬᠥᠬᠦᠦᠷ ᠢ᠋ ᠡᠷᠭᠢᠭᠦᠯᠦᠨ ᠤᠷᠪᠠᠭᠤᠯᠤᠨ ᠰᠢᠨᠵᠢᠵᠦ《ᠴᠢ ᠡᠭᠦᠨ ᠢ᠋ ᠬᠠᠮᠢᠭ᠎ᠠ ᠠ᠋ᠴᠠ ᠣᠯᠪᠠ?》 ᠭᠡᠰᠡᠨ ᠲᠥᠯᠥᠪᠲᠡᠢ ᠲᠣᠯᠣᠭᠠᠢ ᠪᠠᠨ ᠭᠢᠯᠵᠢᠢᠯᠭᠡᠨ ᠠᠰᠠᠭᠤᠭᠰᠠᠨ ᠨᠢ ᠠᠩᠴᠢᠨᠵᠠᠪ ᠢ᠋ ᠶᠠᠭᠤ ᠭᠡᠵᠦ ᠬᠡᠯᠡᠬᠦ ᠪᠣᠯ ᠭᠡᠰᠡᠨ ᠰᠢᠭ ᠪᠠᠢᠪᠠ᠃  
       — ᠮᠢᠨᠦ ᠡᠴᠢᠭᠡ ᠳᠡᠭᠡᠳᠦᠰ ᠦ᠋ᠨ ᠥᠪ ᠶᠦᠮ᠂ ᠲᠠ ᠨᠠᠳᠠ ᠲᠡᠭᠦᠨ ᠢ᠋ ᠮᠢᠨᠢ ᠪᠤᠴᠠᠭᠠᠵᠤ ᠥᠭᠭᠦᠭᠡᠴᠢ! ᠥᠭᠡᠷ᠎ᠡ ᠨᠢ ᠴᠦ᠍ ᠶᠠᠭᠠᠬᠢᠬᠤ ᠪᠣᠢ ᠭᠡᠵᠦ ᠬᠡᠯᠡᠭᠰᠡᠨ ᠳ᠋ᠦ᠍ ᠲᠡᠷᠡ᠄ 
       — ᠡᠴᠢᠭᠡ ᠳᠡᠭᠡᠳᠦᠰ ᠦ᠋ᠨ ᠥᠪ ᠭᠡᠨ᠎ᠡ ᠤᠤ? ᠪᠢᠰᠢ ᠪᠠ? ᠡᠨᠡ ᠴᠢᠨᠢ ᠮᠠᠨ ᠤ᠋ ᠪᠠᠷᠠᠭᠤᠨ ᠬᠦᠩ ᠦ᠋ᠨ ᠨᠣᠶᠠᠳ ᠬᠡᠷᠭᠡᠮᠲᠡᠳ ᠦ᠋ᠨ ᠭᠠᠷ ᠲᠤ ᠴᠦ᠍ ᠴᠥᠭᠡᠨ ᠬᠠᠷᠠᠭᠳᠠᠬᠤ ᠬᠣᠪᠣᠷ ᠡᠳ᠋ ᠦ᠋ᠨ ᠨᠢᠭᠡ ᠳᠡ᠃ ᠪᠠᠷᠠᠭᠤᠨ ᠲᠤᠰᠠᠯᠠᠭᠴᠢ ᠮᠢᠩᠭᠠᠨᠪᠤᠤ ᠶ᠋ᠢᠨ ᠭᠠᠷ ᠲᠤ ᠪᠠᠢᠩᠭᠤ ᠡᠢᠮᠦᠷᠬᠦᠦ ᠫᠢᠶᠤᠤᠷ ᠮᠠᠨᠤᠨ ᠬᠥᠬᠦᠦᠷ ᠭᠢᠯᠠᠯᠵᠠᠵᠤ ᠪᠠᠢᠳᠠᠭ ᠰᠠᠨ ᠭᠡᠵᠦ ᠬᠡᠯᠡᠭᠰᠡᠨ ᠳ᠋ᠦ᠍ ᠲᠡᠷᠡ ᠮᠠᠨᠤᠨ ᠬᠥᠬᠦᠦᠷ ᠦ᠋ᠨ ᠦᠨ᠎ᠡ ᠴᠠᠨ᠎ᠠ ᠬᠡᠴᠢᠨᠡᠭᠡᠨ ᠳᠠᠬᠢᠨ ᠢ᠋ᠶ᠋ᠠᠷ ᠥᠰᠴᠦ ᠲᠣᠮᠣᠷᠠᠭᠰᠠᠨ ᠰᠢᠭ᠋ ᠬᠡᠨ ᠬᠡᠨ ᠳ᠋ᠦ᠍ᠨᠢ ᠲᠡᠭᠡᠵᠦ ᠬᠠᠷᠠᠭᠳᠠᠪᠠ᠃      
       ᠲᠡᠷᠡ ᠮᠠᠷᠵᠠᠩ ᠡᠷ᠎ᠡ ᠶ᠋ᠢᠨ ᠬᠡᠯᠡᠭᠰᠡᠨ ᠦᠭᠡ ᠪᠠ ᠭᠢᠯᠵᠢᠢᠭᠰᠡᠨ ᠲᠣᠯᠣᠭᠠᠢ ᠨᠢ ᠶᠠᠭ ᠯᠠ ᠠᠩᠴᠢᠨᠵᠠᠪ ᠴᠢ ᠠᠷᠠᠢ ᠪᠠᠷᠠᠭᠤᠨ ᠲᠤᠰᠠᠯᠠᠭᠴᠢ ᠮᠢᠩᠭᠠᠨᠪᠤᠤ ᠶ᠋ᠢᠨ ᠲᠡᠷᠡ ᠮᠠᠨᠤᠨ ᠬᠥᠬᠦᠦᠷ ᠢ᠋ ᠲᠤᠨᠤᠴᠢᠬᠠᠭᠰᠠᠨ ᠪᠢᠰᠢ ᠪᠢᠵᠡ᠂ ᠡᠰᠡᠪᠡᠰᠦ ᠬᠤᠯᠠᠭᠠᠢᠯᠠᠴᠢᠬᠠᠭᠰᠠᠨ ᠤᠤ? ᠭᠡᠵᠦ ᠲᠣᠯᠣᠭᠠᠢ ᠶ᠋ᠢ ᠨᠢ ᠲᠣᠭᠰᠢᠵᠤ ᠬᠡᠯᠡᠭᠰᠡᠨ ᠰᠢᠭ ᠰᠠᠨᠠᠭᠳᠠᠵᠠᠢ᠃  
       — ᠮᠢᠩᠭᠠᠨᠪᠤᠤ ᠲᠤᠰᠠᠯᠠᠭᠴᠢ ᠶ᠋ᠢᠨ ᠬᠥᠬᠦᠦᠷ⁈ ᠭᠡᠵᠦ ᠠᠩᠴᠢᠨᠵᠠᠪ ᠨᠢᠭᠡ ᠬᠡᠰᠡᠭ ᠭᠠᠢᠬᠠᠨ ᠪᠣᠳᠣᠯᠭᠠᠰᠢᠷᠠᠭᠰᠠᠨ ᠢ᠋ᠶ᠋ᠠᠨ《ᠮᠠᠨᠤᠰ ᠶᠠᠭᠠᠬᠢᠵᠤ ᠲᠤᠰᠠᠯᠠᠭᠴᠢ ᠨᠣᠶᠠᠨ ᠤ᠋ ᠶᠠᠭᠤᠮᠠᠨ ᠳ᠋ᠤ᠌ ᠭᠣᠷᠢᠯᠠᠵᠤ ᠶᠠᠪᠤᠬᠤ ᠪᠣᠢ! ᠲᠡᠢᠮᠦ ᠪᠠᠢᠭᠰᠠᠨ ᠪᠣᠯ ᠥᠨᠥᠳᠥᠷ ᠡᠨᠡ ᠬᠢᠷᠢ ᠬᠥᠮᠦᠨ ᠳ᠋ᠦ᠍ ᠮᠠᠭᠤ ᠪᠠᠨ ᠦᠵᠡᠭᠦᠯᠵᠦ ᠶᠠᠪᠤᠬᠤ ᠦᠭᠡᠢ ᠪᠠᠢᠬ᠎ᠠ》 ᠭᠡᠰᠡᠨ ᠳ᠋ᠦ᠍ ᠲᠡᠷᠡ ᠡᠷ᠎ᠡ᠄ 
       — ᠬᠡᠩ᠂ ᠳᠠᠭᠠᠬᠢ ᠲᠠᠢ ᠭᠡᠵᠦ ᠳᠠᠭ᠎ᠠ ᠮᠣᠷᠢ ᠶ᠋ᠢ ᠪᠢᠲᠡᠭᠡᠢ ᠪᠠᠰᠤ ᠭᠡᠳᠡᠭ ᠢ᠋ᠶ᠋ᠡᠷ ᠴᠢ ᠴᠦ᠍ ᠮᠥᠨ ᠬᠥᠮᠦᠨ ᠦ᠌ ᠭᠠᠨᠵᠤᠭ᠎ᠠ ᠪᠠᠭᠤᠯᠭᠠᠳᠠᠭ ᠡᠷ᠎ᠡ ᠶ᠋ᠢᠨ ᠨᠢᠭᠡ ᠪᠠᠢᠵᠤ ᠮᠡᠳᠡᠨ᠎ᠡ ᠭᠡᠰᠡᠨ ᠳ᠋ᠦ᠍ ᠠᠩᠴᠢᠨᠵᠠᠪ᠄  
       — ᠪᠣᠯᠢ! ᠲᠠᠨᠤᠰ ᠰᠢᠭ᠋ ᠬᠥᠮᠦᠨ ᠠᠮᠢᠲᠠᠨ ᠢ᠋ ᠲᠣᠨᠣᠵᠤ ᠬᠥᠨᠥᠭᠡᠳᠡᠭ ᠢᠷᠣ᠎ᠠ ᠶ᠋ᠢᠨ ᠠᠮᠢᠲᠠᠨ ᠪᠢᠰᠢ ᠯᠡ ᠳᠡ! ᠭᠡᠰᠡᠨ ᠳ᠋ᠦ᠍ ᠲᠡᠷᠡ ᠡᠷ᠎ᠡ ᠭᠡᠨᠡᠳᠲᠡ ᠠᠭᠰᠤᠷᠤᠨ᠄   
       — ᠬᠥᠮᠦᠨ ᠲᠤᠨᠤᠳᠠᠭ ᠢᠷᠣ᠎ᠠ ᠶ᠋ᠢᠨ ᠠᠮᠢᠲᠠᠨ ᠭᠡᠨ᠎ᠡ ᠠ᠋! ᠴᠢᠮᠠᠶ᠋ᠢ ᠬᠡᠵᠢᠶ᠎ᠡ ᠲᠣᠨᠣᠪᠠ ᠪᠢ? ᠭᠡᠵᠦ ᠠᠬᠤᠷ ᠫᠤᠤ ᠪᠠᠨ ᠠᠪᠴᠤ ᠬᠤᠸᠠᠷᠳ᠋ ᠬᠢᠨ ᠰᠤᠮᠤᠯᠠᠪᠠ᠃ 
       ᠠᠩᠴᠢᠨᠵᠠᠪ ᠡᠨᠡ ᠴᠢᠨᠣ᠎ᠠ ᠰᠢᠭ᠋ ᠠᠷᠬᠢᠷᠠᠭᠰᠠᠨ ᠡᠷ᠎ᠡ ᠡᠴᠡ ᠥᠴᠦᠬᠡᠨ ᠴᠦ᠍ ᠭᠡᠯᠮᠡᠭᠳᠡᠭᠰᠡᠨ ᠦᠭᠡᠢ ᠪᠣᠯᠪᠠᠴᠤ ᠳᠡᠭᠡᠷᠡᠮ ᠲᠣᠨᠣᠭ᠎ᠠ ᠬᠢᠳᠡᠭ ᠬᠥᠮᠦᠰ ᠦ᠋ᠨ ᠵᠠᠩ ᠠᠷᠠᠨᠰᠢ ᠶ᠋ᠢ ᠪᠠᠷᠤᠭᠯᠠᠳᠠᠭ ᠤᠴᠢᠷ《ᠡᠨᠡ ᠮᠠᠷᠵᠠᠩ ᠡᠷ᠎ᠡ ᠶ᠋ᠢᠨ ᠲᠡᠨᠡᠭ ᠨᠢ ᠬᠥᠳᠡᠯᠪᠡᠯ ᠶᠠᠭᠠᠬᠢᠵᠤ ᠴᠦ᠍ ᠮᠠᠭᠠᠳ ᠦᠭᠡᠢ》 ᠭᠡᠵᠦ ᠬᠡᠷᠰᠡᠦᠬᠡᠨ ᠪᠣᠳᠣᠯ ᠳ᠋ᠠᠭᠠᠨ ᠠᠪᠲᠠᠵᠤ᠄ 
       — ᠲᠠ ᠴᠢᠨᠢ ᠶᠠᠭᠠᠬᠢᠵᠤ ᠪᠠᠢᠭ᠎ᠠ ᠨᠢ ᠡᠨᠡ ᠪᠣᠢ? ᠬᠥᠮᠦᠨ ᠦ᠌ ᠶᠠᠭᠤᠮ᠎ᠠ ᠶ᠋ᠢ ᠲᠣᠨᠣᠵᠤ ᠳᠡᠭᠡᠷᠡᠮᠳᠡᠴᠢᠬᠡᠭᠡᠳ ᠪᠠᠰᠠ ᠨᠠᠳᠠ ᠫᠤᠤ ᠲᠤᠯᠭᠠᠨ᠎ᠠ? ᠳᠡᠮᠡᠢ ᠬᠡᠯᠡ ᠠᠮᠠᠨ ᠤ᠋ ᠵᠢᠭᠤᠷᠠᠭᠠᠨ ᠬᠢᠬᠦ ᠡᠴᠡ ᠨᠢᠭᠡᠮᠦᠰᠦᠨ ᠴᠠᠭᠠᠰᠢ ᠨᠢ ᠬᠠᠨᠳᠤᠭᠤᠯᠴᠢᠬᠠᠪᠠᠯ ᠳᠡᠭᠡᠷ᠎ᠡ ᠪᠢᠰᠢ ᠤᠤ! ᠭᠡᠰᠡᠨ ᠳ᠋ᠦ᠍ ᠲᠡᠷᠡ ᠡᠷ᠎ᠡ ᠤᠯᠠᠮ ᠡᠭᠳᠡᠭᠦᠦ ᠨᠢ ᠬᠦᠷᠴᠦ ᠫᠤᠤ ᠪᠠᠨ ᠲᠡᠭᠦᠨ ᠦ᠌ ᠵᠦᠭ ᠴᠢᠭᠯᠡᠭᠦᠯᠵᠦ᠄  
       — ᠠᠮᠠ ᠪᠠᠨ ᠣᠯᠵᠤ ᠲᠣᠩᠭᠣᠰ! ᠴᠠᠭᠠᠳᠤ ᠬᠣᠶᠠᠷ ᠲᠤ ᠮᠢᠨᠢ ᠬᠢᠭᠳᠡᠭᠰᠡᠨ ᠦᠭᠡᠢ ᠳ᠋ᠡᠭᠡᠨ ᠵᠠᠶᠠᠭᠠᠨ ᠳ᠋ᠠᠭᠠᠨ ᠵᠠᠯᠪᠠᠷᠢ! ᠭᠡᠯ᠎ᠡ᠃  
       — ᠫᠤᠤ ᠶ᠋ᠢᠨ ᠢ᠋ᠶ᠋ᠡᠨ ᠣᠨᠢ ᠶ᠋ᠢ ᠴᠠᠭᠠᠰᠢ ᠨᠢ! ᠨᠢᠭᠦᠯ! ᠵᠢᠩᠬᠢᠨᠢ ᠡᠷ᠎ᠡ ᠬᠥᠮᠦᠨ ᠭᠡᠰᠡᠨ ᠪᠣᠯ ᠪᠢᠲᠡᠭᠡᠢ ᠨᠢᠭᠦᠯ ᠬᠢ! ᠬᠣᠶᠠᠷ《ᠰᠠᠢᠨ ᠨᠣᠬᠠᠢ》 ᠲᠡᠵᠢᠭᠡᠭᠰᠡᠨ ᠳ᠋ᠡᠭᠡᠨ ᠢᠩᠭᠢᠵᠦ ᠰᠠᠭᠰᠠᠭᠤᠷᠠᠬᠤ ᠳ᠋ᠠᠭᠠᠨ᠁ ᠭᠡᠰᠡᠨ ᠳ᠋ᠦ᠍ ᠲᠡᠷᠡ ᠡᠷ᠎ᠡ ᠬᠠᠳ ᠬᠠᠳ ᠭᠡᠵᠦ ᠢᠨᠢᠶᠡᠵᠦ᠄ 
       — ᠲᠡᠭᠡᠯᠭᠦᠢ ᠬᠦ᠂ ᠲᠡᠷᠡ ᠬᠠᠷ᠎ᠠ ᠨᠢᠳᠦᠲᠦ ᠭᠡᠭᠴᠢ ᠰᠠᠢᠨ《ᠠᠩ》 ᠤ᠋ᠨ ᠨᠣᠬᠠᠢ᠂ ᠰᠦᠷᠡᠬᠡᠢ ᠱᠤᠮ ᠤ᠋ᠨ ᠭᠠᠷᠯᠢᠭ ᠰᠢᠦ! ᠭᠡᠳ ᠣᠨᠢᠯᠠᠭᠰᠠᠨ ᠫᠤᠤ ᠪᠠᠨ ᠬᠤᠷᠢᠶᠠᠵᠤ《ᠳᠡᠭᠦᠦ ᠶ᠋ᠢᠨ ᠠᠯᠳᠠᠷ ᠬᠡᠨ ᠪᠢᠯᠡ?》 ᠭᠡᠵᠦ ᠭᠡᠨᠡᠳᠲᠡ ᠵᠡᠭᠦᠳᠦ ᠡᠴᠡ ᠪᠡᠨ ᠰᠡᠷᠡᠭᠰᠡᠨ ᠰᠢᠭ ᠨᠡᠷ᠎ᠡ ᠠᠯᠳᠠᠷ ᠢ᠋ ᠨᠢ ᠠᠰᠠᠭᠤᠪᠠ᠃ 
       — ᠠᠩᠴᠢᠨᠵᠠᠪ᠃ 
       — ᠠᠩᠴᠢᠨᠵᠠᠪ⁈ 
       — ᠮᠥᠨ᠂ ᠠᠩᠴᠢᠨᠵᠠᠪ!  
       — ᠰᠢᠷᠠᠪᠳᠣᠷᠵᠢ ᠬᠦᠩ ᠨᠣᠶᠠᠨ ᠤ᠋ ᠡᠪᠦᠷ ᠡᠴᠡ ᠰᠢᠨ᠎ᠡ ᠬᠠᠲᠤᠨ ᠢ᠋ ᠨᠢ ᠪᠤᠯᠢᠶᠠᠵᠤ ᠳᠤᠲᠠᠭᠠᠳᠠᠭ ᠠᠩᠴᠢᠨᠵᠠᠪ ᠮᠥᠨ ᠤᠤ? 
       — ᠪᠢ ᠬᠦᠩ ᠨᠣᠶᠠᠨ ᠤ᠋ ᠡᠪᠦᠷ ᠡᠴᠡ ᠬᠠᠲᠤᠨ ᠢ᠋ ᠨᠢ ᠪᠤᠯᠢᠶᠠᠭᠰᠠᠨ ᠪᠢᠰᠢ! ᠬᠠᠷᠢᠨ ᠰᠢᠷᠠᠪᠳᠣᠷᠵᠢ ᠬᠦᠩ ᠨᠣᠶᠠᠨ ᠮᠢᠨᠦ ᠠᠮᠠᠷᠠᠭ ᠢ᠋ ᠪᠤᠯᠢᠶᠠᠭᠰᠠᠨ ᠠ᠋ᠴᠠ ᠪᠢᠰᠢ! ᠭᠡᠰᠡᠨ ᠳ᠋ᠦ᠍ ᠥᠨᠥᠬᠢ ᠮᠠᠷᠵᠠᠩ ᠡᠷ᠎ᠡ ᠬᠠᠨᠵᠤᠨ ᠠ᠋ᠴᠠ ᠪᠠᠨ ᠦᠰᠦᠷᠦᠨ ᠪᠠᠭᠤᠵᠤ᠄ 
       — ᠬᠠᠷ᠎ᠠ ᠨᠢᠳᠦᠲᠦ ᠠ᠋! ᠭᠡᠵᠦ ᠵᠠᠩᠳᠠᠩᠭᠤᠢ ᠬᠠᠰᠬᠢᠷᠤᠭᠰᠠᠨ ᠳ᠋ᠤ᠌ ᠡᠭᠦᠳᠡ ᠮᠠᠨᠠᠵᠤ ᠵᠣᠭᠰᠣᠭᠰᠠᠨ ᠥᠨᠥᠬᠢ ᠨᠢ᠂ ᠡᠵᠡᠨ ᠦ᠌ ᠪᠡᠨ ᠬᠠᠬᠢᠷ ᠳᠠᠭᠤ ᠪᠠᠷ ᠳᠠᠷᠤᠢᠬᠠᠨ ᠣᠷᠣᠵᠤ ᠢᠷᠡᠨ᠂ ᠪᠥᠰᠡᠨ ᠳ᠋ᠡᠬᠢ ᠫᠤᠤ ᠪᠠᠨ ᠲᠡᠮᠲᠡᠷᠢᠨ ᠡᠵᠡᠨ ᠦ᠌ ᠪᠡᠨ ᠭᠠᠷ ᠠ᠋ᠴᠠ ᠶᠠᠰᠤ ᠭᠣᠷᠢᠳᠠᠭᠰᠠᠨ ᠭᠥᠯᠥᠭᠡ ᠰᠢᠭ ᠮᠠᠷᠵᠠᠩ ᠡᠷ᠎ᠡ ᠶ᠋ᠢ ᠪᠦᠯᠲᠡᠭᠡᠨᠡᠨ ᠬᠠᠷᠠᠨ᠎ᠠ᠁  
       ᠠᠩᠴᠢᠨᠵᠠᠪ ᠴᠦ᠍ ᠬᠠᠨᠵᠤᠨ ᠠ᠋ᠴᠠ ᠱᠠᠯᠠᠪ ᠪᠠᠭᠤᠵᠤ《ᠣᠳᠣ ᠴᠦ᠍ ᠬᠠᠷᠠᠯᠠᠭᠰᠠᠨ ᠠ᠋᠂ ᠡᠨᠡ ᠵᠣᠯᠢᠭ ᠤ᠋ᠳ ᠨᠠᠮᠠᠶ᠋ᠢ ᠬᠦᠩ ᠦ᠋ᠨ ᠶᠠᠮᠤᠨ ᠳ᠋ᠤ᠌ ᠳᠠᠷᠤᠵᠤ ᠠᠪᠠᠴᠢᠭᠰᠠᠭᠠᠷ ᠴᠦ᠍ ᠁》 ᠭᠡᠵᠦ ᠪᠣᠳᠣᠵᠤ ᠵᠠᠪᠳᠤᠨ ᠡᠳᠡᠨᠥᠰ ᠲᠡᠢ ᠡᠷ᠎ᠡ ᠶ᠋ᠢ ᠪᠡᠨ ᠦᠵᠡᠯᠴᠡᠵᠦ ᠪᠠᠢᠭᠠᠳ ᠪᠣᠯᠤᠶ᠎ᠠ ᠭᠡᠵᠦ ᠨᠢᠳᠤᠷᠭ᠎ᠠ ᠪᠠᠨ ᠵᠠᠩᠭᠢᠳᠤᠨ ᠪᠠᠢᠪᠠ᠃  
       — ᠠᠩᠴᠢᠨᠵᠠᠪ᠂ ᠰᠠᠭᠤ! ᠶᠠᠭᠠᠬᠢᠵᠤ ᠪᠠᠢᠭ᠎ᠠ ᠴᠢᠨᠢ ᠡᠨᠡ ᠪᠣᠢ! ᠬᠠᠷ᠎ᠠ ᠨᠢᠳᠦᠲᠦ ᠴᠢ ᠶᠠᠪᠤᠵᠤ ᠠᠷᠢᠬᠢ ᠠᠪᠴᠢᠷᠠ! ᠭᠡᠰᠡᠨ ᠳ᠋ᠦ᠍ ᠬᠠᠷ᠎ᠠ ᠨᠢᠳᠦᠲᠦ᠄
       — ᠵᠠ! ᠭᠡᠳ ᠭᠠᠷᠪᠠ᠃ 
       — ᠴᠢᠮᠠᠶ᠋ᠢ ᠪᠠᠷᠢᠵᠤ ᠬᠦᠯᠢᠭᠡᠳ ᠰᠢᠷᠠᠪᠳᠣᠷᠵᠢ ᠬᠦᠩ ᠨᠣᠶᠠᠨ ᠳ᠋ᠤ᠌ ᠬᠦᠷᠭᠡᠴᠢᠬᠡᠬᠦ ᠡᠴᠡ ᠠᠶᠤᠪᠠ ᠤᠤ? ᠳᠡᠭᠦᠦ ᠮᠢᠨᠢ᠂ ᠠ᠂ ᠰᠠᠭᠤ᠂ ᠰᠠᠭᠤ! ᠬᠣᠶᠠᠭᠤᠯᠠ ᠪᠠᠨ ᠰᠠᠢᠬᠠᠨ ᠵᠣᠭᠣᠭᠳᠠᠵᠤ ᠰᠠᠭᠤᠶ᠎ᠠ᠃ ᠴᠢ ᠰᠠᠢᠨ ᠡᠷ᠎ᠡ ᠪᠠᠢᠨ᠎ᠠ᠁ ᠭᠡᠵᠦ ᠲᠡᠷᠡ ᠮᠠᠷᠵᠠᠩ ᠡᠷ᠎ᠡ ᠡᠶᠡᠷᠭᠦᠨ ᠳᠤᠤᠭᠠᠷᠴᠤ ᠠᠩᠴᠢᠨᠵᠠᠪ ᠤ᠋ᠨ ᠮᠥᠷᠥ ᠶ᠋ᠢ ᠲᠠᠪᠰᠢᠵᠤ ᠬᠠᠨᠵᠤᠨ ᠳᠡᠭᠡᠷ᠎ᠡ ᠰᠠᠭᠤᠯᠭᠠᠪᠠ᠃  
       ᠠᠩᠴᠢᠨᠵᠠᠪ ᠡᠨᠡ ᠬᠦ᠌ ᠬᠦᠢᠲᠡᠨ ᠲᠡᠢ ᠬᠠᠯᠠᠭᠤᠨ ᠲᠠᠢ ᠡᠷ᠎ᠡ ᠶ᠋ᠢ ᠭᠠᠢᠬᠠᠵᠤ᠂ ᠶᠠᠭᠠᠬᠢᠭᠠᠳ ᠮᠢᠨᠦ ᠨᠡᠷ᠎ᠡ ᠶ᠋ᠢ ᠰᠣᠨᠣᠰᠤᠮᠠᠭᠴᠠ ᠭᠡᠨᠡᠳᠲᠡ ᠨᠠᠳᠠ ᠰᠠᠢᠮᠰᠤᠷᠠᠵᠤ ᠫᠤᠤ ᠲᠤᠯᠭᠠᠳᠠᠭ ᠢ᠋ᠶ᠋ᠠᠨ ᠪᠣᠯᠢᠭᠠᠳ᠂ ᠠᠷᠢᠬᠢᠳᠠᠬᠤ ᠪᠣᠯᠴᠢᠬᠠᠪᠠ? ᠠᠷᠠᠢ ᠯᠠ ᠨᠠᠮᠠᠶ᠋ᠢ ᠰᠣᠭᠲᠣᠭᠠᠵᠤ ᠪᠠᠢᠭᠠᠳ ᠠᠷᠭᠠᠯᠠᠬᠤ ᠭᠡᠵᠦ ᠪᠠᠢᠭ᠎ᠠ ᠪᠢᠰᠢ ᠪᠢᠵᠡ? ᠡᠨᠡ ᠮᠠᠭᠤ ᠰᠠᠢᠨ ᠳᠡᠭᠡᠷᠡᠮ ᠦ᠋ᠳ ᠡᠴᠡ ᠬᠡᠷᠰᠡᠦᠯᠡᠯᠲᠡᠢ ᠭᠡᠵᠦ ᠲᠡᠭᠦᠨ ᠢ᠋ ᠰᠡᠵᠢᠭ ᠲᠠᠢ ᠨᠢᠳᠦ ᠪᠡᠷ ᠬᠠᠷᠠᠭᠰᠠᠨ ᠳ᠋ᠤ᠌ ᠲᠡᠷᠡ ᠮᠠᠷᠵᠠᠩ ᠡᠷ᠎ᠡ᠄ 
       — ᠪᠠᠭ᠎ᠠ ᠬᠠᠲᠤᠨ ᠢ᠋ ᠠᠪᠴᠤ ᠳᠤᠲᠠᠭᠠᠳᠠᠭ ᠲᠡᠷᠡ ᠵᠢᠯ ᠴᠢ ᠨᠠᠳᠠ ᠢᠩᠭᠢᠵᠦ ᠥᠷᠲᠥᠭᠰᠡᠨ ᠪᠣᠯ ᠴᠦ᠍ ᠦᠨᠡᠬᠡᠷ ᠴᠢᠮᠠᠶ᠋ᠢ ᠠᠲᠤᠷᠢᠲᠠᠯ᠎ᠠ ᠬᠦᠯᠢᠵᠦ ᠬᠦᠩ ᠨᠣᠶᠠᠨ ᠤ᠋ ᠡᠪᠦᠳᠦᠭ ᠳᠣᠣᠷ᠎ᠠ ᠰᠥᠭᠥᠳᠬᠡᠬᠦ ᠪᠠᠢᠭᠰᠠᠨ ᠳᠠ! ᠥᠨᠥᠳᠥᠷ ᠬᠠᠷᠢᠨ ᠲᠡᠢᠮᠦ ᠪᠢᠰᠢ ᠠ᠋᠂ ᠪᠣᠯᠳᠠᠭ ᠰᠠᠨ ᠪᠣᠯ ᠰᠢᠷᠠᠪᠳᠣᠷᠵᠢ ᠬᠦᠩ ᠨᠣᠶᠠᠨ ᠢ᠋ ᠪᠠᠷᠢᠵᠤ ᠠᠪᠤᠨ ᠴᠢᠨᠦ ᠡᠮᠦᠨ᠎ᠡ ᠰᠥᠭᠥᠳᠬᠡᠵᠦ ᠪᠠᠭ᠎ᠠ ᠬᠠᠲᠤᠨ ᠢ᠋ ᠪᠤᠲᠠ ᠪᠡᠶ᠎ᠡ ᠪᠡᠷ ᠨᠢ ᠴᠢᠮ᠎ᠠ ᠳ᠋ᠤ᠌ ᠬᠦᠷᠭᠡᠵᠦ ᠥᠭᠬᠦ ᠰᠠᠨ ᠪᠢᠯᠡ᠁ ᠭᠡᠳ ᠳᠡᠰ ᠳᠡᠰ ᠢᠨᠢᠶᠡᠨ᠎ᠡ᠃ 
       — ᠲᠠ ᠶᠠᠭᠠᠬᠢᠬᠤ ᠳ᠋ᠠᠭᠠᠨ ᠰᠢᠷᠠᠪ ᠨᠣᠶᠠᠨ ᠢ᠋ ᠢᠩᠭᠢᠵᠦ ᠬᠣᠷᠣᠰᠳᠠᠭ ᠪᠣᠢ?  
       — ᠠᠢ᠂ ᠬᠡᠯᠡᠪᠡᠯ ᠦᠭᠡ ᠤᠷᠲᠤ᠂ ᠦᠯᠢᠭᠡᠷ ᠰᠢᠦᠬᠡᠨ ᠶᠦᠮ ᠠ᠋!  
       ᠡᠨᠡ ᠦᠶ᠎ᠡ ᠳ᠋ᠦ᠍ ᠥᠨᠥᠬᠢ ᠬᠠᠷ᠎ᠠ ᠨᠢᠳᠦᠲᠦ ᠭᠠᠯᠠᠭᠤᠨ ᠬᠦᠵᠦᠭᠦᠲᠦ ᠬᠠᠷ᠎ᠠ ᠪᠣᠳᠣᠩ ᠳ᠋ᠤ᠌ ᠠᠷᠢᠬᠢ ᠬᠠᠯᠠᠭᠠᠵᠤ ᠠᠪᠴᠢᠷᠠᠪᠠ᠃ ᠲᠡᠭᠦᠨ ᠦ᠌ ᠠᠷᠤ ᠠ᠋ᠴᠠ ᠨᠥᠭᠦᠭᠡ ᠨᠢᠭᠡ ᠨᠢ ᠬᠣᠶᠠᠷ ᠬᠤᠷᠤᠭᠤ ᠵᠤᠵᠠᠭᠠᠨ ᠨᠤᠯ ᠰᠢᠷ᠎ᠠ ᠥᠭᠡᠬᠦ ᠴᠡᠴᠡᠷᠭᠡᠨᠡᠭᠰᠡᠨ ᠦᠬᠡᠷ ᠦ᠋ᠨ ᠬᠠᠪᠢᠷᠭ᠎ᠠ ᠣᠷᠣᠭᠤᠯᠤᠭᠰᠠᠨ ᠳ᠋ᠤ᠌ ᠲᠡᠷᠡ ᠡᠷ᠎ᠡ ᠠᠩᠴᠢᠨᠵᠠᠪ ᠲᠤ ᠠᠷᠢᠬᠢ ᠬᠤᠨᠳᠠᠭᠠᠯᠠᠵᠤ᠄  
       — ᠴᠢ ᠪᠢᠳᠡ ᠬᠣᠶᠠᠷ ᠤ᠋ᠨ ᠬᠤᠪᠢ ᠲᠠᠪᠢᠯᠠᠩ ᠠᠳᠠᠯᠢᠬᠠᠨ᠃ ᠦᠢᠯᠡ ᠲᠡᠢ ᠣᠳᠣᠨ ᠳ᠋ᠤ᠌ ᠵᠠᠶᠠᠭᠠᠭᠰᠠᠨ ᠪᠠᠢᠵᠤ ᠳᠠ᠂ ᠴᠢ ᠪᠢᠳᠡ ᠬᠣᠶᠠᠷ ᠬᠡᠳᠦᠢᠪᠡᠷ ᠠᠩᠬ᠎ᠠ ᠤᠴᠠᠷᠠᠵᠤ ᠪᠠᠢᠭ᠎ᠠ ᠪᠣᠯᠪᠠᠴᠤ ᠴᠢ ᠬᠠᠷᠢᠨ ᠨᠠᠳᠠ ᠰᠠᠢᠨ ᠡᠷ᠎ᠡ ᠪᠡᠷ ᠲᠠᠨᠢᠭᠳᠠᠭᠰᠠᠨ᠃《ᠠᠵᠢᠷᠭᠠᠨ ᠬᠠᠷ᠎ᠠ》 ᠭᠡᠰᠡᠨ ᠨᠡᠷ᠎ᠡ ᠶ᠋ᠢ ᠴᠢᠨᠢ ᠠᠯᠢ ᠤᠵᠠᠭᠤᠷ ᠲᠤᠭᠤᠯᠵᠤ ᠪᠠᠢᠯ᠎ᠠ᠃ ᠴᠠᠭᠠᠨ᠎ᠠ ᠠ᠋ᠴᠠ ᠪᠠᠨ ᠨᠠᠳᠠ ᠨᠢᠭᠡ ᠯᠡ ᠡᠯᠢᠭᠡᠰᠡᠭ ᠰᠠᠨᠠᠭᠳᠠᠭᠠᠳ ᠪᠠᠢᠭᠰᠠᠨ ᠨᠢ ᠥᠨᠥᠳᠥᠷ《ᠠᠵᠢᠷᠭᠠᠨ ᠬᠠᠷ᠎ᠠ》 ᠲᠠᠢ ᠪᠠᠨ ᠡᠨᠳᠡ ᠠᠭᠤᠯᠵᠠᠬᠤ ᠢᠷᠦᠭᠡᠯ ᠲᠡᠢ ᠪᠠᠢᠵᠠᠢ᠃ ᠵᠠ᠂ ᠲᠠᠨᠢᠯᠴᠠᠭᠰᠠᠨ ᠤ᠋ ᠬᠤᠪᠢ ᠳ᠋ᠤ᠌ ᠨᠢᠭᠡ ᠬᠤᠨᠳᠠᠭ᠎ᠠ ᠤᠤᠭᠤᠴᠢᠬᠠᠶ᠎ᠠ ᠭᠡᠳ ᠬᠤᠨᠳᠠᠭ᠎ᠠ ᠲᠤᠯᠭᠠᠭᠰᠠᠨ ᠳ᠋ᠤ᠌ ᠬᠤᠨᠳᠠᠭ᠎ᠠ ᠲᠠᠢ ᠠᠷᠢᠬᠢ ᠶᠠᠯᠢ ᠦᠭᠡᠢ ᠴᠠᠯᠭᠢᠨ᠎ᠠ᠃  
       ᠲᠡᠷᠡ ᠡᠷ᠎ᠡ ᠬᠤᠨᠳᠠᠭ᠎ᠠ ᠲᠠᠢ ᠠᠷᠢᠬᠢ ᠪᠠᠨ ᠨᠢᠭᠡ ᠯᠡ ᠬᠥᠨᠲᠥᠷᠴᠢᠬᠡᠭᠡᠳ ᠲᠠᠷᠭᠤᠨ ᠬᠠᠪᠢᠷᠭᠠᠨ ᠠ᠋ᠴᠠ ᠣᠭᠲᠣᠯᠵᠤ ᠠᠮᠠᠨ ᠳ᠋ᠠᠭᠠᠨ ᠬᠢᠭᠰᠡᠨ ᠳ᠋ᠦ᠍ ᠬᠣᠶᠠᠷ ᠵᠠᠪᠠᠵᠢᠨ ᠳ᠋ᠤᠨᠢ ᠲᠣᠰᠣ ᠭᠢᠯᠲᠠᠭᠠᠨᠠᠨ᠎ᠠ᠃ 
       — ᠬᠠᠷ᠎ᠠ ᠨᠢᠳᠦᠲᠦ ᠠ᠋! ᠮᠠᠢ᠂ ᠡᠨᠡ ᠵᠣᠴᠢᠨ ᠳ᠋ᠤ᠌ ᠠᠷᠢᠬᠢ ᠪᠠᠷᠢᠵᠤ ᠪᠤᠷᠤᠭᠤ ᠮᠡᠳᠡ᠂ ᠬᠥᠮᠦᠨ ᠦ᠌ ᠮᠠᠨᠤᠨ ᠬᠥᠬᠦᠦᠷ ᠶᠠᠭᠤᠮᠠᠰ ᠢ᠋ ᠡᠵᠡᠨ ᠳ᠋ᠦ᠍ᠨᠢ ᠪᠤᠴᠠᠭᠠᠵᠤ ᠥᠭ! ᠴᠢ ᠡᠨᠡ ᠬᠥᠮᠦᠨ ᠢ᠋ ᠬᠡᠨ ᠭᠡᠵᠦ ᠰᠠᠨᠠᠨ᠎ᠠ?《ᠠᠵᠢᠷᠭᠠᠨ ᠬᠠᠷ᠎ᠠ》 ᠭᠡᠭᠴᠢ ᠰᠠᠢᠨ ᠡᠷ᠎ᠡ᠃ ᠰᠢᠷᠠᠪᠳᠣᠷᠵᠢ ᠬᠦᠩ ᠨᠣᠶᠠᠨ ᠤ᠋ ᠰᠢᠨ᠎ᠡ ᠬᠠᠲᠤᠨ ᠢ᠋ ᠬᠤᠷᠢᠮᠯᠠᠭᠰᠠᠨ ᠲᠡᠷᠡ ᠰᠥᠨᠢ ᠳ᠋ᠦ᠍ᠨᠢ ᠠᠪᠴᠤ ᠳᠤᠲᠠᠭᠠᠭᠰᠠᠨ ᠭᠡᠵᠦ ᠪᠢ ᠴᠢᠮ᠎ᠠ ᠳ᠋ᠤ᠌ ᠲᠠᠩᠳᠠ ᠶᠠᠷᠢᠵᠤ ᠪᠠᠢᠳᠠᠭ ᠲᠡᠷᠡ ᠰᠠᠢᠨ ᠡᠷ᠎ᠡ ᠴᠢᠨᠢ ᠡᠨᠡ ᠪᠠᠢᠨ᠎ᠠ ᠭᠡᠳ ᠭᠠᠯᠠᠭᠤᠨ ᠬᠦᠵᠦᠭᠦᠲᠦ ᠶ᠋ᠢ ᠲᠡᠭᠦᠨ ᠵᠦᠭ ᠳᠥᠬᠥᠭᠦᠯᠵᠦ ᠤᠷᠮᠠᠰᠢᠨ ᠬᠡᠯᠡᠭᠰᠡᠨ ᠳ᠋ᠦ᠍ ᠬᠠᠷ᠎ᠠ ᠨᠢᠳᠦᠲᠦ ᠰᠠᠨᠳᠤᠷᠤᠨ ᠨᠢᠭᠡ ᠭᠡᠮ ᠠᠷᠢᠬᠢ ᠬᠤᠨᠳᠠᠭᠠᠯᠠᠵᠤ ᠠᠩᠴᠢᠨᠵᠠᠪ ᠲᠤ ᠪᠠᠷᠢᠭᠠᠳ᠄ 
       — ᠡᠷᠭᠢᠨ《ᠠᠵᠢᠷᠭᠠᠨ ᠬᠠᠷ᠎ᠠ》 ᠠᠬ᠎ᠠ ᠳ᠋ᠤ᠌ ᠣᠯᠳᠣᠢ ᠪᠢ ᠨᠢᠳᠦᠨ ᠳ᠋ᠡᠭᠡᠨ ᠤᠰᠤ ᠦᠭᠡᠢ ᠴᠡᠭᠡᠵᠢᠨ ᠳ᠋ᠡᠭᠡᠨ ᠪᠣᠳᠣᠯ ᠦᠭᠡᠢ ᠳ᠋ᠡᠭᠡᠨ ᠳᠠᠩᠴᠤ ᠴᠦᠯᠢᠰ ᠶᠠᠭᠤᠮ᠎ᠠ ᠬᠢᠵᠦ ᠲᠠᠨ ᠢ᠋ ᠰᠣᠴᠢᠭᠠᠯ᠎ᠠ᠁ ᠣ ᠪᠢ ᠪᠤᠷᠤᠭᠤ ᠮᠡᠳᠡᠶ᠎ᠡ᠃ ᠥᠴᠦᠬᠡᠨ ᠬᠥᠮᠦᠨ ᠢ᠋ ᠠᠭᠤᠴᠢᠯᠠᠭᠠᠷᠠᠢ ᠭᠡᠵᠦ ᠬᠥᠰᠡᠷ ᠲᠦᠰᠬᠢᠲᠡᠯ᠎ᠡ ᠰᠥᠭᠥᠳᠦᠨ ᠮᠥᠷᠭᠥᠪᠡ᠃ ᠡᠭᠦᠨ ᠳ᠋ᠦ᠍《ᠵᠣᠪᠠᠯᠭ᠎ᠠ》 ᠭᠡᠳᠡᠭ ᠨᠢ ᠴᠦ᠍ ᠳᠠᠭᠠᠭᠠᠳ ᠠᠩᠴᠢᠨᠵᠠᠪ ᠲᠤ ᠰᠥᠭᠥᠳᠴᠦ ᠪᠤᠷᠤᠭᠤ ᠮᠡᠳᠡᠪᠡ᠃ 
       — ᠵᠠ᠂ ᠪᠣᠰ ᠪᠣᠰ! ᠵᠠᠩᠭᠤᠢᠳᠠ ᠴᠢᠨᠢ ᠴᠢᠮ᠎ᠠ ᠳ᠋ᠤ᠌ ᠨᠢᠭᠤᠷ ᠬᠠᠢᠷᠠᠯᠠᠭᠰᠠᠨ ᠪᠠᠢᠬᠤ ᠳ᠋ᠤ᠌ ᠪᠢ ᠴᠦ᠍ ᠶᠠᠭᠠᠬᠢᠬᠤ ᠪᠣᠢ! ᠴᠢ ᠪᠢᠳᠡ ᠬᠣᠶᠠᠷ ᠬᠡᠨ ᠬᠡᠨ ᠢ᠋ᠶ᠋ᠡᠨ ᠲᠠᠨᠢᠬᠤ ᠦᠭᠡᠢ ᠶᠦᠮ ᠴᠢᠨᠢ᠁ ᠭᠡᠰᠡᠨ ᠳ᠋ᠦ᠍ ᠬᠠᠷ᠎ᠠ ᠨᠢᠳᠦᠲᠦ ᠵᠣᠪᠠᠯᠭ᠎ᠠ ᠬᠣᠶᠠᠷ ᠪᠣᠰᠴᠤ ᠵᠠᠩᠭᠤᠢᠳᠠ ᠶ᠋ᠢᠨ ᠢ᠋ᠶ᠋ᠡᠨ ᠡᠮᠦᠨ᠎ᠡ ᠪᠠᠢᠭ᠎ᠠ ᠬᠥᠬᠦᠦᠷ᠂ ᠬᠢᠲᠤᠭ᠎ᠠ᠂ ᠭᠠᠩᠰᠠ ᠶ᠋ᠢ ᠡᠵᠡᠨ ᠳ᠋ᠦ᠍ᠨᠢ ᠪᠤᠴᠠᠭᠠᠵᠤ ᠥᠭᠭᠦᠭᠡᠳ ᠵᠠᠩᠭᠤᠢᠳᠠ ᠶ᠋ᠢᠨ ᠢ᠋ᠶ᠋ᠡᠨ ᠴᠢᠷᠠᠢ ᠤᠷᠤᠭᠤ ᠬᠠᠷᠠᠭᠰᠠᠨ ᠳ᠋ᠤ᠌ ᠲᠡᠭᠦᠨ ᠦ᠌ ᠨᠢᠳᠦᠨ ᠦ᠌ ᠬᠠᠷᠠᠴᠠ ᠳ᠋ᠤ᠌《ᠣᠳᠣ ᠭᠠᠷ》 ᠭᠡᠰᠡᠨ ᠰᠠᠨᠠᠭ᠎ᠠ ᠪᠠᠢᠭ᠎ᠠ ᠶ᠋ᠢ ᠣᠢᠯᠠᠭᠠᠵᠤ ᠪᠤᠰᠢᠭᠤᠬᠠᠨ ᠭᠠᠷᠴᠤ ᠶᠠᠪᠤᠪᠠ᠃  
       ᠠᠩᠴᠢᠨᠵᠠᠪ ᠬᠥᠬᠦᠦᠷ ᠢ᠋ᠶ᠋ᠡᠨ ᠠᠪᠴᠤ ᠡᠪᠦᠷᠲᠦᠯᠡᠭᠡᠳ ᠳᠣᠲᠣᠷ᠎ᠠ ᠨᠢ ᠠᠭᠤᠵᠢᠷᠠᠵᠤ ᠬᠢᠲᠤᠭ᠎ᠠ ᠲᠠᠢ ᠪᠣᠯᠤᠭᠰᠠᠨ ᠳ᠋ᠠᠭᠠᠨ ᠵᠣᠷᠢᠭ ᠣᠷᠣᠭᠰᠠᠨ ᠰᠢᠭ᠋᠄  
       — ᠲᠠᠨ ᠳ᠋ᠤ᠌ ᠭᠢᠯᠠᠢᠯ᠎ᠠ! ᠨᠠᠮᠠᠶ᠋ᠢ ᠪᠠᠨ ᠡᠨᠡᠷᠢᠵᠦ ᠠᠭᠤᠴᠢᠯᠠᠭᠰᠠᠨ ᠳ᠋ᠤ᠌ ᠳᠡᠭᠦᠦ ᠨᠢ ᠲᠠᠨ ᠳ᠋ᠤ᠌ ᠭᠡᠮ ᠠᠷᠢᠬᠢ ᠪᠠᠷᠢᠶ᠎ᠠ ᠭᠡᠳ ᠥᠷᠥᠭᠡᠰᠦᠨ ᠡᠪᠦᠳᠦᠭ ᠢ᠋ᠶ᠋ᠡᠨ ᠰᠥᠬᠥᠷᠡᠨ ᠬᠦᠨᠳᠦᠯᠡᠭᠰᠡᠨ ᠳ᠋ᠦ᠍ ᠲᠡᠷᠡ ᠡᠷ᠎ᠡ᠄  
       — ᠶᠠᠭᠤ ᠬᠢᠬᠦ ᠪᠣᠢ! ᠬᠣᠶᠠᠭᠤᠯᠠ ᠬᠤᠨᠳᠠᠭ᠎ᠠ ᠲᠤᠯᠭᠠᠶ᠎ᠠ᠂ ᠠᠩᠬ᠎ᠠ ᠲᠠᠨᠢᠯᠴᠠᠭᠰᠠᠨ ᠪᠣᠯᠪᠠᠴᠤ ᠠᠯᠢ ᠡᠷᠲᠡ ᠶ᠋ᠢᠨ ᠠᠬ᠎ᠠ ᠳᠡᠭᠦᠦ ᠤᠯᠤᠰ ᠭᠡᠵᠦ ᠪᠢ ᠰᠠᠨᠠᠵᠤ ᠪᠠᠢᠨ᠎ᠠ ᠭᠡᠳ ᠲᠡᠭᠦᠨ ᠲᠡᠢ ᠬᠤᠨᠳᠠᠭ᠎ᠠ ᠲᠤᠯᠭᠠᠵᠤ ᠤᠤᠭᠤᠪᠠ᠃  
       — ᠢᠩᠭᠢᠵᠦ ᠪᠣᠯᠬᠤ ᠦᠭᠡᠢ᠂ ᠮᠣᠩᠭᠣᠯ ᠬᠥᠮᠦᠨ ᠠᠬᠠᠰ ᠵᠠᠬᠠᠰ ᠢ᠋ᠶ᠋ᠠᠨ ᠬᠦᠨᠳᠦᠯᠡᠵᠦ ᠶᠠᠪᠤᠬᠤ ᠨᠢ ᠤᠵᠠᠭᠤᠷ ᠤ᠋ᠨ ᠶᠣᠰᠣ᠃ ᠳᠠᠬᠢᠪᠠᠯ ᠲᠠ ᠴᠦ᠍ ᠨᠠᠳᠠ ᠠ᠋ᠴᠠ ᠢᠯᠡᠭᠦᠦ ᠬᠡᠳᠦᠨ ᠰᠢᠭᠤᠳᠠᠢ ᠳᠠᠪᠤᠰᠤ ᠢᠳᠡᠭᠰᠡᠨ ᠲᠤᠯᠠ ᠪᠢ ᠲᠠᠨ ᠳ᠋ᠤ᠌᠂ ᠳᠡᠭᠦᠦ ᠶ᠋ᠢᠨ ᠬᠤᠪᠢ ᠪᠠᠷ ᠨᠢᠭᠡ ᠭᠡᠮ ᠠᠷᠢᠬᠢ ᠪᠠᠷᠢᠶ᠎ᠠ᠃ ᠴᠣᠬᠣᠮ ᠳ᠋ᠠᠭᠠᠨ ᠤᠷᠠᠳ ᠤ᠋ᠨ ᠶᠣᠰᠣᠨ ᠳ᠋ᠤ᠌ ᠭᠤᠷᠪᠠᠨ ᠭᠡᠮ ᠪᠠᠷᠢᠪᠠᠯ ᠲᠠᠭᠠᠷᠠᠬᠤ ᠶᠤᠮ᠃ ᠠᠳᠠᠭ ᠨᠢ ᠳᠡᠭᠦᠦ ᠶ᠋ᠢᠨ ᠢ᠋ᠶ᠋ᠡᠨ ᠡᠨᠡ ᠭᠡᠮ ᠠᠷᠢᠬᠢ ᠶ᠋ᠢ ᠲᠣᠭᠲᠠᠭᠠᠨ᠎ᠠ ᠤᠤ? ᠭᠡᠰᠡᠨ ᠳ᠋ᠦ᠍ ᠨᠥᠭᠦᠭᠡ ᠮᠠᠷᠵᠠᠩ ᠡᠷ᠎ᠡ᠄  
       — ᠵᠠ᠂ ᠶᠠᠭᠠᠬᠢᠬᠤ ᠪᠣᠢ! ᠳᠡᠭᠦᠦ ᠶ᠋ᠢᠨ ᠬᠡᠰᠢᠭ ᠣᠯᠳᠠᠰᠢ ᠦᠭᠡᠢ ᠭᠡᠳᠡᠭ᠃ ᠰᠠᠢᠨ ᠡᠷ᠎ᠡ ᠲᠡᠢ ᠲᠠᠨᠢᠯᠴᠠᠭᠰᠠᠨ ᠳ᠋ᠠᠭᠠᠨ ᠮᠢᠨᠦ ᠰᠡᠳᠬᠢᠯ ᠥᠶᠥᠭ ᠪᠠᠢᠨ᠎ᠠ᠃ ᠤᠤᠭᠤᠴᠢᠬᠠᠶ᠎ᠠ ᠭᠡᠳ ᠠᠩᠴᠢᠨᠵᠠᠪ ᠤ᠋ᠨ ᠪᠠᠷᠢᠭᠰᠠᠨ ᠠᠷᠢᠬᠢ ᠶ᠋ᠢ ᠭᠠᠭᠴᠠᠬᠠᠨ ᠬᠥᠨᠲᠥᠷᠪᠡ᠃  
       ᠠᠩᠴᠢᠨᠵᠠᠪ ᠲᠠᠷᠭᠤᠨ ᠬᠠᠪᠢᠷᠭᠠᠨ ᠠ᠋ᠴᠠ ᠣᠭᠲᠣᠯᠵᠤ ᠥᠭᠡᠬᠦ ᠶ᠋ᠢ ᠨᠢ ᠱᠠᠯᠴᠢᠭᠢᠨᠠᠭᠤᠯᠤᠨ ᠢᠳᠡᠬᠦ ᠳ᠋ᠦ᠍ ᠦᠨᠡᠬᠡᠷ ᠬᠣᠪᠳᠣᠭ ᠳᠡᠢᠯᠦᠮ᠎ᠡ ᠰᠠᠢᠬᠠᠨ ᠪᠠᠢᠨ᠎ᠠ᠃  
       — ᠥᠨᠥᠳᠥᠷ ᠲᠠᠨ ᠤ᠋ ᠶᠡᠬᠡ ᠨᠠᠢᠷ ᠲᠠᠯ᠎ᠠ ᠳ᠋ᠤ᠌ ᠭᠤᠷᠪᠠᠨ ᠠᠮᠢᠲᠠᠢ ᠪᠠᠨ ᠪᠡᠶ᠎ᠡ ᠳ᠋ᠡᠭᠡᠨ ᠡᠵᠡᠮᠳᠡᠵᠦ ᠶᠠᠪᠤᠬᠤ ᠪᠣᠯᠤᠭᠰᠠᠨ ᠳ᠋ᠤ᠌ ᠦᠨᠡᠬᠡᠷ ᠪᠠᠶᠠᠷᠲᠠᠢ ᠪᠠᠢᠨ᠎ᠠ᠃ ᠮᠠᠨᠤᠨ ᠬᠥᠬᠦᠦᠷ ᠢ᠋ᠶ᠋ᠡᠨ ᠪᠢ ᠪᠡᠶ᠎ᠡ ᠡᠴᠡ ᠪᠡᠨ ᠬᠡᠵᠢᠶ᠎ᠡ ᠴᠦ᠍ ᠰᠠᠯᠭᠠᠳᠠᠭ ᠦᠭᠡᠢ ᠶᠦᠮ᠃ ᠡᠴᠢᠭᠡ ᠳᠡᠭᠡᠳᠦᠰ ᠦ᠋ᠨ ᠴᠢᠨᠢ ᠥᠪ ᠶᠦᠮ ᠭᠡᠵᠦ ᠡᠵᠢ ᠮᠢᠨᠢ ᠨᠠᠳᠠ ᠥᠪᠯᠡᠵᠦ ᠥᠭᠭᠦᠭᠰᠡᠨ ᠡᠴᠡ ᠬᠣᠢᠰᠢ ᠨᠠᠳᠠ ᠨᠢᠭᠡ ᠯᠡ ᠠᠮᠢᠨ ᠲᠦᠰᠢᠭ ᠲᠡᠢ ᠰᠢᠭ ᠰᠠᠨᠠᠭᠳᠠᠳᠠᠭ᠃ ᠪᠦᠯᠲᠡᠢᠭᠰᠡᠨ ᠬᠠᠷ᠎ᠠ ᠨᠢᠳᠦᠲᠦ ᠴᠢᠨᠢ ᠡᠪᠦᠷ ᠡᠴᠡ ᠮᠢᠨᠢ ᠮᠠᠯᠲᠠᠵᠤ ᠠᠪᠬᠤ ᠳ᠋ᠤ᠌ ᠳᠣᠲᠣᠷ᠎ᠠ ᠬᠠᠷᠠᠯᠠᠭᠠᠳ ᠶᠠᠪᠤᠴᠢᠬᠠᠭᠰᠠᠨ᠁ ᠬᠣᠶᠠᠷ ᠭᠠᠷ ᠢ᠋ ᠮᠢᠨᠢ ᠤᠶᠠᠭ᠎ᠠ ᠦᠭᠡᠢ ᠪᠠᠢᠭᠰᠠᠨ ᠪᠣᠯ ᠥᠨᠥᠬᠢ ᠶ᠋ᠢᠨ ᠴᠢᠨᠢ ᠲᠠᠷᠢᠬᠢ ᠶ᠋ᠢ ᠰᠠᠴᠤᠭᠰᠠᠨ ᠪᠠᠢᠵᠤ ᠶᠠᠳᠠᠬᠤ ᠦᠭᠡᠢ᠁ ᠭᠡᠰᠡᠨ ᠳ᠋ᠦ᠍ ᠲᠡᠷᠡ ᠮᠠᠷᠵᠠᠩ ᠡᠷ᠎ᠡ᠄  
       — ᠦᠨᠡᠬᠡᠷ ᠡᠴᠢᠭᠡ ᠳᠡᠭᠡᠳᠦᠰ ᠦ᠋ᠨ ᠴᠢᠨᠢ ᠠᠮᠢᠲᠠᠢ ᠡᠷᠳᠡᠨᠢ ᠶᠦᠮ ᠪᠠᠢᠨ᠎ᠠ᠂ ᠮᠠᠨᠤᠨ ᠬᠥᠬᠦᠦᠷ ᠴᠢᠨᠢ ᠯᠡ ᠴᠢᠮᠠᠶ᠋ᠢ ᠵᠣᠪᠠᠯᠠᠩ ᠠ᠋ᠴᠠ ᠠᠪᠤᠷᠠᠵᠤ ᠳᠠ! ᠲᠡᠷᠡ ᠶ᠋ᠢ ᠴᠢᠨᠢ ᠬᠠᠷᠠᠭᠰᠠᠨ ᠦᠭᠡᠢ ᠪᠣᠯ ᠪᠢ ᠴᠢᠮᠠᠶ᠋ᠢ ᠳᠠᠯᠳᠠ ᠠ᠋ᠴᠠ ᠶᠠᠭᠠᠬᠢᠵᠤ ᠮᠣᠩᠭᠣᠯ ᠭᠡᠵᠦ ᠮᠡᠳᠡᠬᠦ ᠪᠣᠢ ᠳᠠ! ᠬᠠ ᠬᠠ᠁ ᠭᠡᠵᠦ ᠬᠥᠬᠥᠷᠡᠪᠡ᠃  
       — ᠶᠠᠭᠤᠮ᠎ᠠ ᠶᠠᠭᠤᠮ᠎ᠠ ᠭᠡᠭᠴᠢ ᠴᠠᠭᠠᠨ᠎ᠠ ᠠ᠋ᠴᠠ ᠪᠠᠨ ᠣᠨᠳᠣᠣ ᠶᠤᠮ ᠳᠠ᠃ ᠪᠢᠳᠡ ᠬᠣᠶᠠᠷ ᠢᠩᠭᠢᠵᠦ ᠯᠡ ᠠᠭᠤᠯᠵᠠᠬᠤ ᠢᠷᠦᠭᠡᠯ ᠲᠡᠢ ᠪᠠᠢᠵᠠᠢ᠃ 
       — ᠵᠥᠪ᠂ ᠵᠥᠪ! ᠲᠡᠭᠡᠵᠦ ᠯᠡ ᠳᠡ᠂ ᠢᠷᠣᠭᠠᠷ ᠲᠠᠢ ᠳ᠋ᠠᠭᠠᠨ ᠲᠣᠭᠲᠠᠵᠤ᠂ ᠢᠷᠦᠭᠡᠯ ᠲᠡᠢ ᠳ᠋ᠡᠭᠡᠨ ᠠᠭᠤᠯᠵᠠᠳᠠᠭ ᠭᠡᠳᠡᠭ ᠦᠨᠡᠨ ᠦᠭᠡ᠃  
       — ᠲᠠᠨᠢᠯᠴᠠᠭᠰᠠᠨ ᠤ᠋ ᠬᠤᠪᠢ ᠳ᠋ᠤ᠌ ᠥᠨᠥᠬᠢ ᠪᠠᠭ᠎ᠠ ᠰᠠᠭ᠎ᠠ ᠭᠠᠨᠵᠤᠭᠠᠨ ᠤ᠋ ᠵᠦᠢᠯᠡᠰ ᠢ᠋ ᠲᠠᠨ ᠳ᠋ᠤ᠌ ᠪᠡᠯᠡᠭ ᠪᠠᠷᠢᠴᠢᠬᠠᠶ᠎ᠠ ᠭᠡᠰᠡᠨ ᠳ᠋ᠦ᠍ ᠮᠠᠷᠵᠠᠩ ᠡᠷ᠎ᠡ ᠰᠠᠨᠳᠤᠷᠴᠤ᠄  
       — ᠶᠠᠭᠤ ᠭᠡᠰᠡᠨ ᠦᠭᠡ ᠶᠦᠮ? ᠡᠷ᠎ᠡ ᠬᠥᠮᠦᠨ ᠪᠤᠰᠤᠳ ᠤ᠋ᠨ ᠭᠠᠨᠵᠤᠭ᠎ᠠ ᠪᠠᠭᠤᠯᠭᠠᠵᠤ ᠠᠮᠢᠰᠬᠤᠯ ᠥᠨᠳᠡᠢᠨ᠎ᠡ ᠭᠡᠳᠡᠭ ᠮᠠᠭᠤᠬᠠᠢ ᠬᠡᠷᠡᠭ᠃ ᠠᠬ᠎ᠠ ᠨᠢ ᠠᠷᠭ᠎ᠠ ᠦᠭᠡᠢ ᠳ᠋ᠡᠭᠡᠨ ᠡᠢᠮᠦ ᠬᠤᠳᠠᠷᠭ᠎ᠠ ᠦᠭᠡᠢ ᠠᠵᠢ ᠬᠢᠵᠦ ᠶᠠᠪᠤᠨ᠎ᠠ᠃ ᠰᠢᠷᠠᠪᠳᠣᠷᠵᠢ ᠳ᠋ᠤ᠌ ᠰᠢᠬᠠᠭᠳᠠᠵᠤ᠂ ᠭᠡᠷ ᠨᠤᠲᠤᠭ ᠢ᠋ᠶ᠋ᠠᠨ ᠴᠦ᠍ ᠪᠤᠰᠠᠨᠢᠭᠤᠯᠤᠨ ᠭᠡᠷ ᠪᠠᠢᠭᠠᠳ ᠭᠡᠷ ᠲᠡᠭᠡᠨ ᠬᠠᠷᠢᠵᠤ ᠴᠢᠳᠠᠬᠤ ᠦᠭᠡᠢ ᠡᠢᠮᠦ ᠲᠠᠴᠢᠶᠠᠨ ᠳ᠋ᠤ᠌ ᠬᠥᠷᠴᠢᠬᠡᠯ᠎ᠡ᠁ ᠦᠬᠦᠲᠡᠯ᠎ᠡ ᠪᠡᠨ ᠠᠮᠢ ᠬᠠᠢᠷᠠᠨ ᠭᠡᠳᠡᠭ ᠢ᠋ᠶ᠋ᠡᠷ ᠠᠮᠢ ᠲᠠᠢ ᠰᠠᠷᠪᠠᠢᠵᠤ ᠶᠠᠪᠤᠭᠰᠠᠨ ᠴᠠᠭ ᠲᠤ ᠥᠯ ᠭᠣᠣᠯ ᠵᠠᠯᠭᠠᠵᠤ ᠣᠨᠳᠣᠷᠣᠨ᠎ᠠ ᠭᠡᠵᠦ ᠴᠢᠨᠦ ᠬᠡᠯᠡᠳᠡᠭ ᠢ᠋ᠶ᠋ᠡᠷ《ᠬᠠᠷ᠎ᠠ ᠨᠢᠳᠦᠲᠦ》᠂《ᠵᠣᠪᠠᠯᠭ᠎ᠠ》 ᠭᠡᠰᠡᠨ ᠬᠣᠶᠠᠷ《ᠰᠠᠢᠨ ᠨᠣᠬᠠᠢ》 ᠲᠡᠵᠢᠭᠡᠵᠦ ᠪᠡᠶ᠎ᠡ ᠰᠡᠳᠬᠢᠯ ᠢ᠋ᠶ᠋ᠡᠨ ᠬᠠᠭᠤᠷᠴᠤ ᠶᠠᠪᠤᠨ᠎ᠠ᠁ ᠭᠡᠵᠦ ᠶᠠᠷᠢᠬᠤ ᠳ᠋ᠤ᠌ ᠲᠡᠭᠦᠨ ᠦ᠌ ᠬᠥᠮᠥᠰᠬᠡ ᠨᠢ ᠠᠲᠤᠷᠢᠨ ᠴᠢᠷᠠᠢ ᠨᠢ ᠪᠠᠷᠤᠢᠵᠤ ᠬᠠᠷᠠᠭᠳᠠᠨ᠎ᠠ᠃ 
       — ᠰᠢᠷᠠᠪᠳᠣᠷᠵᠢ ᠳ᠋ᠤ᠌ ᠰᠢᠬᠠᠭᠳᠠᠭᠠᠳ ᠭᠡᠨ᠎ᠡ?᠁ ᠭᠡᠵᠦ ᠠᠩᠴᠢᠨᠵᠠᠪ ᠢ᠋ ᠬᠡᠯᠡᠲᠡᠯ᠎ᠡ ᠲᠡᠷᠡ ᠡᠷ᠎ᠡ ᠲᠣᠰᠴᠤ᠄  
       — ᠰᠢᠷᠠᠪᠳᠣᠷᠵᠢ ᠬᠦᠩ ᠨᠣᠶᠠᠨ ᠬᠣᠢᠲᠤ ᠮᠥᠷ ᠦᠭᠡᠢ᠃ ᠮᠠᠨᠠᠭᠤᠯ ᠨᠣᠶᠠᠨ ᠭᠡᠵᠦ ᠬᠡᠯᠡᠬᠦ ᠤᠤ ᠳᠠ᠂ ᠤᠷᠤᠭᠤ ᠲᠠᠢ ᠠᠮᠢᠲᠠᠨ᠃ ᠨᠢᠭᠡ ᠣᠯᠠᠨ ᠡᠮ᠎ᠡ ᠠᠪᠴᠤ ᠪᠥᠭᠰᠡ ᠪᠡᠨ ᠲᠣᠭᠣᠷᠢᠭᠤᠯᠤᠭᠠᠳ ᠡᠵᠡᠨ ᠰᠠᠭᠤᠵᠤ ᠴᠢᠳᠠᠬᠤ ᠦᠭᠡᠢ᠃ ᠥᠨᠥᠬᠢ ᠨᠦ᠍ᠭᠦᠳ ᠨᠢ ᠲᠡᠭᠡᠭᠡᠳ ᠲᠡᠰᠬᠦ ᠠᠯᠳᠠᠷᠠᠬᠤ ᠳ᠋ᠠᠭᠠᠨ ᠲᠣᠯᠣᠭᠠᠢ ᠨᠢ ᠭᠠᠳᠠᠭᠰᠢ ᠪᠠᠨ᠁ ᠪᠢ ᠠᠩᠬ᠎ᠠ ᠬᠡᠯᠡᠭᠰᠡᠨ ᠦᠭᠡᠢ ᠤᠤ᠂ ᠴᠢ ᠪᠢᠳᠡ ᠬᠣᠶᠠᠷ ᠤ᠋ᠨ ᠬᠤᠪᠢ ᠲᠠᠪᠢᠯᠠᠩ ᠠᠳᠠᠯᠢᠬᠠᠨ᠃ ᠦᠢᠯᠡ ᠲᠡᠢ ᠣᠳᠣᠨ ᠳ᠋ᠤ᠌ ᠵᠠᠶᠠᠭᠠᠵᠠᠢ᠃ ᠴᠢ ᠪᠠᠭ᠎ᠠ ᠬᠠᠲᠤᠨ ᠢ᠋ ᠨᠢ ᠠᠪᠴᠤ ᠳᠤᠲᠠᠭᠠᠪᠠ ᠭᠡᠬᠦ ᠳ᠋ᠦ᠍ ᠮᠠᠭᠤ ᠠᠬ᠎ᠠ ᠨᠢ ᠴᠡᠴᠡᠭ ᠬᠠᠲᠤᠨ ᠢ᠋ ᠨᠢ ᠤᠮᠠᠯᠵᠤ ᠪᠠᠢᠯ᠎ᠠ᠃ ᠪᠢ ᠲᠡᠭᠦᠨ ᠢ᠋ ᠤᠮᠠᠯᠪᠠ ᠭᠡᠭᠴᠢ ᠳᠡ᠂ ᠬᠦᠩ ᠨᠣᠶᠠᠨ ᠬᠦᠦ ᠲᠡᠢ ᠪᠣᠯᠬᠤ ᠭᠡᠵᠦ ᠪᠠᠭ᠎ᠠ ᠬᠠᠲᠤᠨ ᠪᠠᠭᠤᠯᠭᠠᠵᠤ ᠥᠨᠥᠬᠢ ᠪᠡᠨ ᠰᠢᠨᠡᠷᠬᠡᠭᠡᠳ ᠡᠮ᠎ᠡ ᠢᠮᠠᠭᠠᠨ ᠳ᠋ᠤ᠌ ᠰᠢᠭᠢᠳᠦᠭᠰᠡᠨ ᠱᠠᠯᠵᠠ ᠰᠢᠭ᠋ ᠪᠣᠯᠳᠠᠭ ᠶᠤᠮ ᠪᠠᠢᠨ᠎ᠠ᠃ ᠲᠡᠭᠡᠭᠡᠳ ᠢᠳᠡᠵᠦ ᠤᠤᠭᠤᠴᠢᠬᠠᠮᠠᠷ ᠪᠠᠢᠭᠰᠠᠨ ᠴᠡᠴᠡᠭ ᠬᠠᠲᠤᠨ ᠢ᠋ᠶ᠋ᠠᠨ ᠬᠠᠶᠠᠭᠠᠨ ᠳ᠋ᠤᠨᠢ ᠬᠠᠭᠰᠠᠭᠠᠴᠢᠬᠠᠬᠤ ᠦᠭᠡᠢ ᠤᠤ! ᠰᠠᠶᠢᠬᠢ ᠨᠢ ᠲᠡᠭᠡᠭᠡᠳ ᠬᠠᠭᠰᠠᠭᠰᠠᠨ ᠰᠠᠭᠤᠯᠠᠭ᠎ᠠ ᠰᠢᠭ᠋ ᠪᠦᠷ ᠠᠭᠰᠠᠢᠵᠤ ᠲᠡᠰᠬᠦ ᠪᠡᠨ ᠪᠣᠯᠢᠬᠤ ᠳ᠋ᠠᠭᠠᠨ ᠨᠠᠳᠠ ᠲᠠᠢ ᠨᠤᠤᠷᠠᠭᠠᠳ᠁ ᠢᠩᠭᠢᠭᠡᠳ ᠠᠪᠤ ᠶ᠋ᠢᠨ ᠬᠦᠦ ᠮᠠᠨᠴᠤᠷᠭ᠎ᠠ ᠪᠢ ᠲᠩᠷᠢ ᠶ᠋ᠢᠨ ᠪᠤᠬᠤᠷ ᠲᠤ ᠭᠠᠯ ᠲᠠᠯᠪᠢᠪᠠ ᠭᠡᠭᠴᠢ ᠶᠣᠰᠣᠲᠠᠢ ᠰᠢᠷᠠᠪᠳᠣᠷᠵᠢ ᠶ᠋ᠢᠨ ᠡᠭᠦᠷ ᠲᠦ᠍ ᠭᠠᠯ ᠣᠷᠣᠭᠤᠯᠵᠤ ᠪᠦᠬᠦ ᠶᠠᠭᠤᠮ᠎ᠠ ᠪᠦᠷ ᠪᠤᠷᠤᠭᠤ ᠪᠠᠷ ᠡᠷᠭᠢᠭᠰᠡᠨ᠃ ᠨᠢᠭᠡ ᠪᠣᠳᠣᠪᠠᠯ ᠰᠢᠷᠠᠪᠳᠣᠷᠵᠢ ᠬᠦᠩ ᠨᠣᠶᠠᠨ ᠳ᠋ᠤ᠌ ᠪᠦᠷ ᠪᠤᠷᠤᠭᠤ ᠭᠡᠵᠦ ᠲᠣᠬᠣᠬᠤ ᠠᠷᠭ᠎ᠠ ᠦᠭᠡᠢ᠃ ᠴᠡᠴᠡᠭ ᠬᠠᠲᠤᠨ ᠭᠡᠭᠴᠢ ᠰᠦᠷᠡᠬᠡᠢ ᠱᠤᠮᠲᠠᠢ ᠠᠮᠢᠲᠠᠨ᠃ ᠡᠷ᠎ᠡ ᠶ᠋ᠢᠨ ᠲᠣᠯᠣᠭᠠᠢ ᠡᠷᠭᠢᠭᠦᠯᠬᠦ ᠳ᠋ᠡᠭᠡᠨ ᠰᠠᠢᠨ᠃ ᠨᠠᠳᠠ ᠲᠠᠢ ᠨᠢᠭᠡ ᠦᠶ᠎ᠡ ᠨᠤᠤᠷᠠᠭᠠᠳ ᠪᠣᠯᠬᠤ ᠦᠭᠡᠢ ᠳ᠋ᠦ᠍ ᠳᠤᠷ᠎ᠠ ᠪᠡᠶ᠎ᠡ ᠶ᠋ᠢ ᠭᠣᠯᠣᠬᠤ ᠦᠭᠡᠢ ᠳᠤᠮᠳᠠ ᠴᠢᠮᠥᠭᠡ ᠰᠡᠭᠦᠵᠢ ᠪᠡᠨ ᠭᠣᠯᠣᠬᠤ ᠦᠭᠡᠢ ᠭᠡᠭᠴᠢ ᠪᠡᠷ ᠲᠡᠷᠡ ᠤᠰᠤᠩᠬᠠᠢ ᠡᠮ᠎ᠡ ᠶ᠋ᠢᠨ ᠠᠭᠠᠭ ᠲᠤ ᠡᠷᠭᠢᠭᠦᠳᠡᠵᠦ ᠶᠠᠭᠠᠬᠢᠭᠰᠠᠨ ᠴᠦ᠍ ᠰᠠᠯᠵᠤ ᠴᠢᠳᠠᠬᠤ ᠦᠭᠡᠢ ᠪᠣᠯᠪᠠ᠃ ᠡᠨᠡ ᠴᠦ᠍ ᠶᠠᠭᠠᠬᠢᠬᠤ ᠪᠣᠢ᠂ ᠲᠡᠷᠡ ᠡᠮ᠎ᠡ ᠶ᠋ᠢᠨ ᠰᠠᠨᠠᠭ᠎ᠠ ᠪᠠᠷ ᠪᠣᠯᠵᠤ ᠥᠭᠬᠦ ᠦᠭᠡᠢ ᠪᠣᠯ ᠬᠦᠩ ᠨᠣᠶᠠᠨ ᠤ᠋ ᠴᠢᠬᠢᠨ ᠳ᠋ᠦ᠍ ᠰᠣᠯᠣᠭᠠᠢ ᠬᠡᠯᠡ ᠲᠡᠢ ᠬᠣᠩᠬᠣ ᠵᠡᠭᠦᠯᠭᠡᠪᠡᠯ ᠪᠠᠰᠠ ᠠᠮᠠᠷ ᠦᠭᠡᠢ᠃ ᠢᠩᠭᠢᠭᠡᠳ ᠡᠪ ᠡᠪ ᠢ᠋ᠶ᠋ᠡᠨ ᠣᠯᠵᠤ ᠬᠥᠮᠦᠨ ᠠᠮᠢᠲᠠᠨ ᠠ᠋ᠴᠠ ᠳᠠᠯᠳᠠᠭᠤᠷ ᠨᠢᠭᠤᠵᠤ ᠬᠠᠪᠴᠢᠰᠬᠢᠨ ᠨᠢᠭᠡ ᠨᠢᠭᠡᠨ ᠢ᠋ᠶ᠋ᠡᠨ ᠬᠠᠢᠷᠠᠯᠠᠯᠴᠠᠵᠤ ᠰᠡᠪ ᠮᠡᠳᠡᠭᠳᠡᠬᠦ ᠦᠭᠡᠢ ᠭᠡᠵᠦ ᠪᠡᠶ᠎ᠡ ᠪᠡᠨ ᠥᠮᠥᠭᠯᠡᠨ ᠪᠠᠢᠵᠤ ᠶᠠᠪᠤᠨ ᠶᠠᠪᠤᠨ ᠵᠣᠷᠢᠭ ᠪᠦᠳᠦᠭᠦᠷᠡᠵᠦ ᠪᠢᠯᠡ᠃ ᠨᠢᠭᠡ ᠤᠳᠠᠭ᠎ᠠ ᠰᠢᠷᠠᠪᠳᠣᠷᠵᠢ ᠬᠦᠩ ᠨᠣᠶᠠᠨ ᠶᠠᠮᠤᠨ ᠤ᠋ ᠲᠣᠮᠣᠭᠠᠲᠠᠳ ᠤ᠋ᠨ ᠪᠠᠷ᠎ᠠ ᠪᠣᠯᠤᠯᠭ᠎ᠠ ᠪᠠᠷ ᠪᠦᠭᠦᠳᠡᠭᠡᠷ《ᠱᠠᠵᠢᠨ ᠪᠠᠳᠠᠷᠠᠭᠤᠯᠤᠭᠴᠢ ᠰᠦᠮ᠎ᠡ》 ᠶ᠋ᠢᠨ ᠮᠠᠨᠢ ᠶ᠋ᠢᠨ ᠬᠤᠷᠠᠯ ᠳ᠋ᠤ᠌ ᠶᠠᠪᠤᠭᠰᠠᠨ ᠬᠣᠢᠭᠤᠷ ᠴᠡᠴᠡᠭ ᠬᠠᠲᠤᠨ ᠲᠠᠢ ᠬᠣᠶᠠᠭᠤᠯᠠ ᠳᠡᠭᠡᠷ᠎ᠡ ᠡᠴᠡ ᠪᠡᠨ ᠠᠶᠤᠬᠤ ᠶᠠᠭᠤᠮ᠎ᠠ ᠦᠭᠡᠢ ᠳᠡᠷᠭᠡᠳᠡ ᠡᠴᠡ ᠴᠣᠴᠢᠬᠤ ᠶᠠᠭᠤᠮ᠎ᠠ ᠠᠯᠠᠭ᠎ᠠ ᠭᠡᠵᠦ ᠶᠣᠰᠣᠲᠠᠢ ᠨᠢᠭᠡ ᠵᠢᠷᠭᠠᠭᠰᠠᠨ ᠭᠡᠬᠦ ᠤᠤ ᠳᠠ! ᠲᠡᠷᠡ ᠰᠥᠨᠢ ᠣᠨᠴᠠ ᠨᠠᠮᠤᠭᠤᠬᠠᠨ᠂ ᠬᠠᠭᠤᠴᠢᠨ ᠤᠯᠠᠷᠢᠯ ᠤ᠋ᠨ ᠳᠣᠯᠣᠭᠠᠨ ᠰᠠᠷ᠎ᠠ ᠶ᠋ᠢᠨ ᠠᠷᠪᠠᠨ ᠬᠡᠳᠦᠨ ᠪᠠᠢᠭᠰᠠᠨ ᠪᠣᠯᠬᠣᠷ ᠰᠠᠷᠠ ᠲᠤᠨᠤᠷᠠᠭᠰᠠᠨ ᠰᠠᠢᠬᠠᠨ ᠴᠦ᠍ ᠰᠥᠨᠢ ᠭᠡᠳᠡᠭ ᠴᠦ᠍ ᠵᠢᠭᠲᠡᠢᠬᠡᠨ ᠪᠠᠢᠯ᠎ᠠ᠃ ᠬᠡᠨ ᠮᠠᠲᠠᠨᠠᠮ᠂ ᠭᠠᠢ ᠭᠠᠵᠠᠷ ᠳᠣᠣᠷ᠎ᠠ ᠠ᠋ᠴᠠ ᠭᠠᠳᠠᠰᠤ ᠪᠥᠭᠰᠡᠨ ᠳᠣᠣᠷ᠎ᠠ ᠠ᠋ᠴᠠ ᠭᠡᠭᠴᠢ ᠪᠡᠷ ᠭᠡᠨᠡᠳᠲᠡ ᠡᠭᠦᠳᠡ ᠪᠠᠯᠪᠠᠵᠤ ᠬᠡᠳᠦ ᠬᠡᠳᠦᠨ ᠫᠤᠤ ᠶ᠋ᠢᠨ ᠠᠮᠠ ᠣᠩᠭᠣᠯᠵᠠᠵᠤ ᠴᠠᠭᠠᠨ᠎ᠠ ᠨᠢ ᠢᠮᠠᠭᠠᠨ ᠳᠠᠭᠤ ᠲᠠᠢ ᠬᠥᠮᠦᠨ ᠦ᠌ ᠶᠠᠩ ᠶᠠᠩ ᠭᠡᠬᠦ ᠨᠢ ᠴᠢᠬᠢ ᠬᠠᠳᠬᠤᠨ ᠰᠣᠨᠣᠰᠳᠠᠪᠠ᠃  
       — ᠢᠮᠠᠭᠠᠨ ᠳᠠᠭᠤ ᠲᠠᠢ ᠬᠥᠮᠦᠨ ᠭᠡᠨ᠎ᠡ ᠤᠤ?   
       — ᠲᠡᠢᠮᠦ! ᠨᠣᠶᠠᠨ ᠰᠠᠩ ᠤ᠋ᠨ ᠶᠠᠮᠤᠨ ᠳ᠋ᠤ᠌ ᠢᠮᠠᠭᠠᠨ ᠳᠠᠭᠤ ᠲᠠᠢ᠂ ᠠᠷᠠᠮᠠᠭ ᠲᠠᠷᠠᠮᠠᠭ ᠰᠢᠩᠭᠡᠨ ᠰᠠᠬᠠᠯ ᠲᠠᠢ ᠠᠭᠳᠠᠯᠠᠭᠰᠠᠨ ᠬᠥᠮᠦᠨ ᠰᠢᠭ ᠰᠢᠨᠵᠢ ᠮᠠᠭᠤ ᠲᠠᠢ ᠨᠢᠭᠡ ᠠᠮᠢᠲᠠᠨ ᠪᠠᠢᠳᠠᠭ ᠶᠤᠮ ᠭᠡᠵᠦ ᠮᠠᠨᠴᠤᠷᠭ᠎ᠠ ᠶ᠋ᠢ ᠬᠡᠯᠡᠲᠡᠯ᠎ᠡ ᠠᠩᠴᠢᠨᠵᠠᠪ ᠲᠡᠭᠦᠨ ᠦ᠌ ᠦᠭᠡ ᠶ᠋ᠢ ᠲᠠᠰᠤᠯᠵᠤ᠄  
       — ᠡᠨᠡ ᠬᠥᠮᠦᠨ ᠢ᠋ ᠴᠢᠨᠢ ᠪᠢ ᠦᠵᠡᠵᠦ ᠥᠩᠭᠡᠷᠡᠭᠰᠡᠨ ᠭᠡᠪᠡ᠃ 
       — ᠪᠢᠰᠢ᠃ ᠴᠢ ᠪᠤᠷᠤᠭᠤ ᠬᠥᠮᠦᠨ ᠲᠡᠢ ᠠᠨᠳᠠᠭᠤᠷᠠᠭᠰᠠᠨ ᠪᠠᠢᠬ᠎ᠠ᠃ ᠡᠨᠡ ᠬᠥᠮᠦᠨ ᠢ᠋ ᠪᠢ ᠥᠯᠥᠩᠲᠦ ᠶ᠋ᠢᠨ ᠡᠬᠢ ᠳ᠋ᠦ᠍ ᠳᠡᠭᠦᠵᠢᠯᠡᠵᠦ ᠬᠠᠶᠠᠭᠰᠠᠨ ᠶᠤᠮ ᠴᠢᠨᠢ ᠠᠯᠢ ᠬᠡᠵᠢᠶᠡᠨ ᠦ᠌ ᠴᠢᠨᠣ᠎ᠠ ᠶ᠋ᠢᠨ ᠬᠣᠭᠣᠯᠠ ᠪᠣᠯᠴᠢᠬᠠᠭᠰᠠᠨ ᠪᠠᠢᠯᠭᠦᠢ᠂ ᠴᠢ ᠶᠠᠭᠠᠬᠢᠵᠤ ᠲᠡᠭᠦᠨ ᠢ᠋᠁ ᠭᠡᠰᠡᠨ ᠳ᠋ᠦ᠍ ᠠᠩᠴᠢᠨᠵᠠᠪ ᠡᠪᠦᠳᠦᠭ ᠢ᠋ᠶ᠋ᠡᠨ ᠠᠯᠠᠭᠠᠳᠠᠨ ᠪᠣᠰᠴᠤ᠄ 
       — ᠶᠠᠭᠤᠨ ᠳ᠋ᠤ᠌ ᠠᠨᠳᠠᠭᠤᠷᠠᠬᠤ ᠪᠣᠢ ᠳᠠ᠂ ᠮᠥᠨ ᠲᠡᠷᠡ ᠥᠯᠥᠩᠲᠦ ᠶ᠋ᠢᠨ ᠡᠬᠢ ᠳ᠋ᠦ᠍ ᠳᠡᠭᠦᠵᠢᠯᠡᠭᠡᠰᠦᠲᠡᠢ ᠦᠬᠦᠮᠡᠷ ᠪᠠᠢᠭᠰᠠᠨ ᠢ᠋ ᠪᠢ ᠲᠠᠯᠪᠢᠵᠤ ᠶᠠᠪᠤᠭᠤᠯᠤᠭᠰᠠᠨ ᠶᠤᠮ ᠭᠡᠯ᠎ᠡ᠃ 
       — ᠢᠰᠢ᠂ ᠴᠢ ᠶᠠᠭᠤ ᠭᠡᠵᠦ ᠲᠡᠭᠦᠨ ᠢ᠋ ᠲᠠᠯᠪᠢᠪᠠ⁈  
       — ᠪᠢ ᠴᠦ᠍ ᠤᠴᠢᠷ ᠤᠬᠠᠭᠠᠨ ᠢ᠋ ᠨᠢ ᠣᠯᠳᠠᠭ ᠦᠭᠡᠢ᠂ ᠲᠠᠨᠢᠵᠤ ᠮᠡᠳᠡᠬᠦ ᠦᠭᠡᠢ ᠶᠦᠮ ᠴᠢᠨᠢ ᠶᠠᠭᠤᠨ ᠤ᠋ ᠬᠥᠮᠦᠨ ᠪᠣᠯᠴᠢᠬᠠᠪᠠ ᠭᠡᠵᠦ ᠦᠷᠦ ᠡᠪᠡᠳᠦᠭᠰᠡᠨ ᠦ᠌ ᠭᠠᠢ! 
       — ᠲᠡᠭᠦᠨ ᠢ᠋ ᠴᠢᠨᠢ ᠪᠢ ᠠᠪᠠᠴᠢᠵᠤ ᠳᠡᠭᠦᠵᠢᠯᠡᠵᠦ ᠬᠠᠶᠠᠭᠰᠠᠨ ᠶᠤᠮ᠃ ᠮᠣᠩᠭᠣᠯ ᠤ᠋ᠨ ᠤᠬᠢᠶᠠᠳᠠᠰᠤ ᠳᠣᠯᠢᠶᠠᠵᠤ ᠭᠡᠳᠡᠰᠦ ᠨᠢ ᠥᠭᠡᠬᠦᠯᠡᠭᠰᠡᠨ ᠮᠠᠭᠤ ᠳᠤᠷᠠᠰᠬ᠎ᠠ ᠶ᠋ᠢ ᠥᠯᠥᠩᠲᠦ ᠶ᠋ᠢᠨ ᠡᠬᠢᠨ ᠳ᠋ᠦ᠍ ᠡᠯᠭᠦᠵᠦ ᠬᠠᠶᠠᠨ ᠦᠬᠦᠬᠦ ᠶ᠋ᠢᠨ ᠮᠠᠭᠤ ᠪᠠᠷ ᠦᠬᠦᠭ! ᠥᠯᠥᠭᠴᠢᠨ ᠴᠢᠨᠣ᠎ᠠ ᠪᠠᠷ ᠰᠡᠭᠴᠢᠭᠦᠯᠵᠦ ᠦᠬᠦᠭ! ᠭᠡᠰᠡᠨ ᠶᠦᠮ᠃ ᠬᠠᠮᠢᠭ᠎ᠠ ᠭᠠᠵᠠᠷ ᠴᠦ᠍ ᠲᠡᠢᠮᠦ ᠨᠢᠭᠡ ᠠᠢᠯ ᠤ᠋ᠨ ᠤᠬᠢᠶᠠᠳᠠᠰᠤ ᠳᠣᠯᠢᠶᠠᠭᠰᠠᠨ ᠵᠣᠯᠪᠢᠩ ᠨᠣᠬᠠᠢ ᠰᠢᠭ᠋ ᠭᠠᠪᠢᠬᠤ ᠦᠭᠡᠢ ᠠᠮᠢᠲᠠᠨ ᠪᠠᠢᠭᠠᠳ ᠪᠠᠢᠬᠤ ᠶᠤᠮ᠃ ᠲᠡᠷᠡ ᠬᠥᠮᠦᠨ ᠢ᠋ ᠥᠯᠵᠡᠢᠰᠠᠩ ᠭᠡᠳᠡᠭ᠃ ᠪᠠᠷᠠᠭᠤᠨ ᠬᠦᠩ ᠦ᠋ᠨ ᠨᠣᠶᠠᠨ ᠰᠠᠩ ᠤ᠋ᠨ ᠭᠣᠴᠢᠭ᠎ᠠ ᠶᠠᠪᠤᠭᠰᠠᠨ ᠬᠥᠮᠦᠨ᠃ ᠬᠡᠵᠢᠶ᠎ᠡ ᠳ᠋ᠡᠭᠡᠨ ᠬᠥᠮᠦᠨ ᠦ᠌ ᠮᠠᠭᠤ ᠶ᠋ᠢ ᠦᠵᠡᠬᠦ ᠭᠡᠵᠦ ᠰᠢᠩᠰᠢᠯᠡᠳᠡᠭ ᠡᠷ᠎ᠡ᠃ ᠪᠢ ᠲᠡᠭᠦᠨ ᠢ᠋ ᠱᠠᠯ ᠵᠢᠭᠰᠢᠳᠡᠭ ᠶᠦᠮ᠃ ᠬᠠᠮᠢᠭ᠎ᠠ ᠭᠠᠵᠠᠷ ᠤ᠋ᠨ ᠮᠠᠭᠤ ᠭᠤᠢᠷᠠᠨᠴᠢ ᠶ᠋ᠢᠨ ᠰᠢᠭᠡᠰᠦ ᠶᠠᠭᠠᠬᠢᠵᠤ ᠶᠠᠪᠤᠵᠤ ᠪᠠᠢᠭᠠᠳ ᠬᠦᠩ ᠦ᠋ᠨ ᠶᠠᠮᠤᠨ ᠳ᠋ᠤ᠌ ᠠᠯᠪᠠ ᠬᠠᠭᠠᠳᠠᠭ ᠪᠣᠯᠤᠭᠰᠠᠨ ᠢ᠋ ᠮᠡᠳᠡᠬᠦ ᠦᠭᠡᠢ᠃ ᠭᠡᠬᠦ ᠳ᠋ᠡᠭᠡᠨ ᠨᠣᠶᠠᠳ ᠬᠡᠷᠭᠡᠮᠲᠡᠳ ᠢ᠋ ᠬᠢᠷᠢ ᠪᠡᠷ ᠢ᠋ᠶ᠋ᠡᠨ ᠪᠤᠬᠤᠷᠴᠢᠯᠠᠵᠤ ᠴᠢᠳᠠᠳᠠᠭ ᠢ᠋ᠶ᠋ᠠᠷ ᠢ᠋ᠶ᠋ᠠᠨ ᠲᠡᠳᠡᠨᠦᠰ ᠲᠡᠭᠡᠨ ᠰᠠᠢᠬᠠᠨ ᠯᠠ ᠬᠠᠷᠠᠭᠳᠠᠳᠠᠭ ᠪᠠᠢᠯᠭᠦᠢ! 
       — ᠡᠢᠮᠦ ᠣᠯᠢᠭ ᠦᠭᠡᠢ ᠠᠮᠢᠲᠠᠨ ᠪᠠᠢᠭᠰᠠᠨ ᠶᠤᠮ ᠤᠤ! ᠳᠠᠩᠴᠤ ᠲᠡᠢᠮᠦ ᠪᠠᠢᠭᠰᠠᠨ᠃ ᠰᠢᠷᠠᠪᠳᠣᠷᠵᠢ ᠬᠦᠩ ᠨᠣᠶᠠᠨ ᠢ᠋ ᠲᠠᠯᠢᠢᠭᠴᠢ ᠪᠣᠯᠳᠠᠭ ᠤ᠋ᠨ ᠲᠡᠷᠡ ᠵᠢᠯ ᠦ᠋ᠨ ᠵᠤᠨ ᠬᠠᠷ᠎ᠠ ᠴᠡᠷᠢᠭ ᠦ᠋ᠨ ᠬᠢᠨ ᠢ᠋ ᠳᠠᠭᠠᠭᠤᠯᠵᠤ ᠨᠠᠮᠠᠶ᠋ᠢ ᠡᠰᠡ ᠯᠡ ᠱᠣᠷᠣᠩ ᠳ᠋ᠤ᠌ ᠬᠢᠴᠢᠬᠡᠬᠦ ᠰᠢᠬᠠᠭᠰᠠᠨ ᠶᠤᠮ᠃  
       — ᠲᠡᠭᠡᠨ᠎ᠡ ᠠ᠋᠂ ᠲᠡᠭᠦᠨ ᠳ᠋ᠦ᠍ ᠬᠢᠬᠦ ᠦᠭᠡᠢ ᠮᠠᠭᠤ ᠠᠵᠢᠯ ᠭᠡᠵᠦ ᠪᠠᠢᠬᠤ ᠦᠭᠡᠢ᠃ ᠲᠡᠷᠡ ᠵᠢᠯ ᠴᠢ ᠪᠠᠭ᠎ᠠ ᠬᠠᠲᠤᠨ ᠢ᠋ ᠠᠪᠴᠤ ᠳᠤᠲᠠᠭᠠᠳᠠᠭ ᠤᠳᠠᠭ᠎ᠠ ᠬᠠᠷ᠎ᠠ ᠡᠷᠲᠡ ᠪᠡᠷ ᠬᠦᠩ ᠨᠣᠶᠠᠨ ᠳ᠋ᠤ᠌ ᠠᠩᠬ᠎ᠠ ᠮᠡᠳᠡᠭᠦᠯᠦᠭᠰᠡᠨ ᠬᠥᠮᠦᠨ ᠪᠣᠯ ᠮᠥᠨ ᠲᠡᠷᠡ ᠢᠮᠠᠭᠠᠨ ᠳᠠᠭᠤ ᠲᠠᠢ ᠥᠯᠵᠡᠢᠰᠠᠩ ᠰᠢᠲᠠ! ᠶᠡᠬᠡ ᠱᠠᠩ ᠤ᠋ᠨ ᠣᠯᠵᠠ ᠡᠪᠦᠷᠲᠦᠯᠡᠬᠦ ᠭᠡᠵᠦ ᠨᠣᠶᠠᠳ ᠲᠤ ᠰᠠᠢᠮᠰᠤᠷᠠᠵᠤ ᠮᠢᠨᠦ ᠦᠢᠯᠡ ᠶ᠋ᠢ ᠮᠠᠭᠤ ᠴᠦ᠍ ᠪᠠᠷᠠᠭ᠎ᠠ ᠦᠭᠡᠢ᠃ ᠬᠠᠷᠢᠨ ᠲᠡᠷᠡ ᠤᠳᠠᠭ᠎ᠠ ᠴᠢᠨᠦ ᠠᠷᠤ ᠠ᠋ᠴᠠ ᠴᠡᠷᠢᠭ ᠠᠪᠴᠤ ᠨᠡᠬᠡᠵᠦ ᠶᠠᠪᠤᠭᠰᠠᠨ ᠬᠥᠮᠦᠰ ᠦ᠋ᠨ ᠳᠤᠮᠳᠠ ᠪᠢ ᠪᠠᠢᠭᠰᠠᠨ ᠰᠢᠦ᠃  
       — ᠲᠡᠷᠡ ᠦᠶ᠎ᠡ ᠳ᠋ᠦ᠍ ᠲᠠᠨ ᠤ᠋ ᠭᠠᠷ ᠲᠤ ᠥᠭᠲᠡᠭᠰᠡᠨ ᠪᠣᠯ ᠪᠢᠳᠡ ᠬᠣᠶᠠᠷ ᠦᠰᠲᠡᠨ ᠳᠠᠢᠰᠤᠨ ᠪᠣᠯᠴᠢᠬᠠᠭᠰᠠᠨ ᠪᠠᠢᠬ᠎ᠠ! ᠥᠨᠥᠳᠥᠷ ᠥᠩᠭᠡᠷᠡᠭᠰᠡᠨ ᠲᠡᠦᠬᠡ ᠪᠡᠨ ᠬᠠᠭᠤᠴᠢᠯᠠᠵᠤ ᠰᠠᠭᠤᠬᠤ ᠳ᠋ᠤ᠌ ᠬᠠᠷᠢᠨ ᠰᠠᠢᠨ ᠨᠠᠢᠵᠠ ᠪᠣᠯᠴᠢᠬᠠᠭᠰᠠᠨ ᠪᠠᠢᠳᠠᠭ᠁ ᠣᠭᠣᠰᠣᠷ ᠦᠭᠡᠢ ᠣᠷᠴᠢᠯᠠᠩ ᠤ᠋ᠨ ᠶᠠᠪᠤᠳᠠᠯ ᠭᠡᠭᠴᠢ ᠡᠢᠮᠦ ᠯᠡ ᠶᠦᠮ ᠳᠡ! ᠭᠡᠵᠦ ᠬᠣᠶᠠᠭᠤᠯᠠ ᠵᠡᠷᠭᠡ ᠪᠡᠷ ᠢᠨᠢᠶᠡᠯᠴᠡᠨ ᠬᠤᠨᠳᠠᠭ᠎ᠠ ᠲᠤᠯᠭᠠᠵᠤ ᠤᠤᠭᠤᠯᠴᠠᠪᠠ᠃  
       — ᠲᠡᠭᠡᠪᠡᠯ ᠡᠨᠡ ᠮᠠᠭᠤ ᠢᠮᠠᠭᠠᠨ ᠳᠤᠷᠠᠰᠬ᠎ᠠ ᠴᠢᠨᠢ ᠣᠳᠣ ᠠᠮᠢᠳᠤ ᠭᠦᠶᠦᠵᠦ ᠪᠠᠢᠨ᠎ᠠ ᠭᠡᠰᠡᠨ ᠦᠭᠡ ᠤᠤ?  
       — ᠲᠡᠭᠡᠯᠭᠦᠢ ᠳᠡ᠃ ᠪᠦᠷ ᠮᠢᠨᠦ ᠮᠠᠭᠤ ᠠ᠋ᠴᠠ ᠪᠣᠯᠵᠠᠢ᠃ ᠮᠡᠳᠡᠬᠦ ᠦᠭᠡᠢ᠂ ᠲᠠᠨᠢᠬᠤ ᠦᠭᠡᠢ ᠭᠡᠳᠡᠭ ᠴᠢᠨᠢ ᠬᠡᠴᠡᠭᠦᠦ ᠪᠠᠢᠬᠤ ᠦᠭᠡᠢ ᠤᠤ᠃ ᠶᠠᠪᠤᠵᠤ ᠶᠠᠪᠤᠵᠤ ᠤᠷᠰᠢᠭ ᠤ᠋ᠨ ᠦᠨᠳᠦᠰᠦ ᠶ᠋ᠢ ᠲᠠᠯᠪᠢᠵᠤ ᠶᠠᠪᠤᠭᠤᠯᠤᠨ᠎ᠠ ᠭᠡᠳᠡᠭ ᠴᠢᠨᠢ᠁ ᠮᠠᠨᠴᠤᠷᠭ᠎ᠠ ᠠᠬ᠎ᠠ ᠬᠡᠷᠰᠡᠦᠯᠡᠵᠦ ᠪᠠᠢᠭᠠᠷᠠᠢ᠂ ᠬᠤᠯᠠᠭᠠᠢᠴᠢ ᠨᠣᠬᠠᠢ ᠪᠣᠷᠪᠢ ᠲᠠᠲᠠᠨ᠎ᠠ ᠭᠡᠳᠡᠭ ᠰᠢᠦ!  
       — ᠶᠠᠭ ᠲᠡᠢᠮᠦ! ᠴᠢ ᠴᠦ᠍ ᠬᠡᠷᠰᠡᠦᠬᠡᠨ ᠪᠠᠢ ᠳᠠ! ᠴᠢ ᠪᠢᠳᠡ ᠬᠣᠶᠠᠷ ᠤ᠋ᠨ ᠠᠯᠢᠨ ᠢ᠋ ᠨᠢ ᠣᠭᠣᠰᠣᠷᠯᠠᠵᠤ ᠠᠪᠤᠭᠠᠳ ᠶᠠᠮᠤᠨ ᠳ᠋ᠤ᠌ ᠬᠦᠷᠬᠦ ᠳ᠋ᠦ᠍ ᠲᠡᠷᠡ ᠮᠠᠭᠤ ᠶ᠋ᠢᠨ ᠡᠪᠦᠷ ᠲᠦ᠍ ᠶᠡᠬᠡ ᠮᠥᠩᠭᠥ ᠲᠦᠭᠳᠦᠢᠨ᠎ᠡ ᠰᠢᠦ! 
       — ᠣᠳᠣ ᠶᠠᠮᠤᠨ ᠴᠦ᠍ ᠶᠠᠭᠠᠬᠢᠬᠤ ᠪᠣᠢ ᠳᠠ! ᠰᠢᠷᠠᠪᠳᠣᠷᠵᠢ ᠬᠦᠩ ᠨᠣᠶᠠᠨ ᠲᠠᠯᠢᠢᠭᠴᠢ ᠪᠣᠯᠴᠢᠬᠠᠯ᠎ᠠ᠁ ᠬᠠᠷᠢᠨ ᠴᠠᠭᠠᠳᠤ ᠢᠮᠠᠭᠠᠨ ᠳᠠᠭᠤᠲᠤ ᠴᠢᠨᠢ ᠬᠤᠪᠢ ᠶ᠋ᠢᠨ ᠥᠰᠢᠶ᠎ᠡ ᠵᠠᠩᠭᠢᠳᠴᠤ ᠪᠣᠯᠴᠢᠮ᠎ᠠ ᠦᠭᠡᠢ ᠠᠵᠢᠯ ᠬᠢᠨ᠎ᠡ᠃ ᠲᠡᠭᠡᠬᠦ ᠳ᠋ᠦ᠍ ᠬᠣᠬᠢᠷᠠᠳᠠᠭ ᠨᠢ ᠲᠠ ᠪᠢᠳᠡ ᠬᠣᠶᠠᠷ᠃ ᠴᠢᠷᠦᠯᠳᠦᠭᠡᠳ ᠡᠬᠡᠨᠡᠷ ᠬᠡᠦᠬᠡᠳ ᠦ᠋ᠳ ᠴᠦ᠍ ᠳᠠᠭᠠᠭᠠᠳ ᠵᠣᠪᠠᠯᠠᠩ ᠠᠮᠰᠠᠬᠤ ᠶ᠋ᠢᠨ ᠨᠡᠮᠡᠷᠢ!  
       — ᠬᠡᠯᠡᠪᠡᠯ ᠴᠦ᠍ ᠲᠡᠢᠮᠦ! ᠭᠡᠪᠡᠴᠦ ᠰᠢᠷᠠᠪᠳᠣᠷᠵᠢ ᠲᠠᠯᠢᠢᠭᠴᠢ ᠪᠣᠯᠴᠢᠬᠠᠯ᠎ᠠ ᠭᠡᠬᠦ ᠳ᠋ᠦ᠍ ᠷᠠᠰᠢ ᠵᠠᠬᠢᠷᠤᠭᠴᠢ᠂ ᠮᠢᠩᠭᠠᠨᠪᠤᠤ ᠲᠤᠰᠠᠯᠠᠭᠴᠢ ᠵᠡᠷᠭᠡ ᠶ᠋ᠢᠨ ᠬᠠᠭᠤᠴᠢᠨ ᠫᠤᠤ ᠶ᠋ᠢᠨ ᠬᠤᠭᠤᠷᠬᠠᠢ ᠨᠤᠭᠤᠳ ᠪᠠᠢᠭ᠎ᠠ ᠰᠢᠦ! ᠬᠠᠷᠢᠨ ᠴᠢᠮ᠎ᠠ ᠳ᠋ᠤ᠌ ᠠᠵᠠ ᠲᠠᠢ ᠪᠠᠢᠵᠤ ᠮᠡᠳᠡᠨ᠎ᠡ᠃ ᠲᠠᠯᠢᠢᠭᠴᠢ ᠬᠦᠩ ᠨᠣᠶᠠᠨ ᠠ᠋ᠴᠠ ᠬᠣᠢᠰᠢ ᠪᠠᠭ᠎ᠠ ᠬᠠᠲᠤᠨ ᠵᠠᠰᠠᠭ ᠪᠠᠷᠢᠵᠤ ᠪᠠᠢᠨ᠎ᠠ ᠭᠡᠰᠡᠨ ᠰᠤᠷᠠᠭ ᠲᠠᠢ᠃ ᠴᠢᠮᠠᠶ᠋ᠢ ᠬᠦᠷᠦᠭᠡᠳ ᠣᠴᠢᠬᠤ ᠳ᠋ᠤ᠌ ᠪᠠᠭ᠎ᠠ ᠬᠠᠲᠤᠨ ᠪᠡᠷᠬᠡᠳᠡᠵᠦ ᠨᠢᠭᠡ ᠶᠠᠭᠤᠮ᠎ᠠ ᠪᠣᠯᠬᠤ ᠪᠠᠢᠬᠤ ᠠ᠋᠁ ᠭᠡᠵᠦ ᠮᠠᠷᠵᠠᠩᠨᠠᠨ ᠢᠨᠢᠶᠡᠪᠡ᠃ 
       — ᠣᠳᠣ ᠶᠠᠭᠤ ᠪᠠᠨ ᠬᠢᠬᠦ ᠪᠣᠢ? ᠠᠢᠯ ᠤ᠋ᠨ ᠡᠷᠦᠬᠡ ᠡᠭᠦᠳᠡ ᠶ᠋ᠢ ᠣᠩᠭᠣᠢᠯᠭᠠᠵᠤ᠂ ᠵᠠᠰᠠᠭ ᠶᠠᠮᠤᠨ ᠭᠡᠳ ᠰᠠᠭᠰᠠᠯᠵᠠᠭᠰᠠᠨ ᠡᠬᠡᠨᠡᠷ ᠬᠥᠮᠦᠨ ᠦ᠌ ᠰᠡᠳᠬᠢᠯ ᠢ᠋ ᠳᠡᠩᠰᠡᠯᠭᠡᠬᠦ ᠪᠡᠨ ᠪᠠᠢᠶ᠎ᠠ ᠵᠦᠭᠡᠷ! ᠭᠡᠳ ᠠᠩᠴᠢᠨᠵᠠᠪ ᠡᠪ ᠦᠭᠡᠢᠷᠬᠡᠨ ᠢᠨᠢᠶᠡᠮᠰᠦᠭᠯᠡᠪᠡ᠃  
       ᠮᠣᠷᠢ ᠬᠠᠷᠠᠵᠤ ᠦᠵᠡᠬᠦ ᠪᠡᠷ ᠭᠠᠷᠤᠭᠰᠠᠨ ᠮᠠᠨᠴᠤᠷᠭ᠎ᠠ ᠭᠡᠷ ᠲᠦ᠍ ᠣᠷᠣᠵᠤ ᠢᠷᠡᠭᠡᠳ᠄ 
       — ᠦᠦᠷ ᠦ᠋ᠨ ᠴᠣᠯᠮᠣᠨ ᠳᠡᠭᠡᠷ᠎ᠡ ᠭᠢᠯᠠᠯᠵᠠᠵᠤ ᠪᠠᠢᠨ᠎ᠠ᠃ ᠠᠬ᠎ᠠ ᠳᠡᠭᠦᠦ ᠬᠣᠶᠠᠭᠤᠯᠠ ᠪᠠᠨ ᠭᠠᠷᠴᠤ ᠲᠩᠷᠢ ᠳ᠋ᠦ᠍ ᠮᠥᠷᠭᠥᠶ᠎ᠡ! ᠵᠤᠯᠠᠢ ᠵᠤᠯᠠᠢ ᠪᠠᠨ ᠭᠢᠰᠬᠢᠭᠰᠡᠨ ᠠᠬ᠎ᠠ ᠳᠡᠭᠦᠦ ᠪᠢᠰᠢ ᠴᠦ᠍ ᠭᠡᠰᠡᠨ ᠵᠣᠪᠠᠯ ᠵᠢᠷᠭᠠᠯ ᠢ᠋ᠶ᠋ᠠᠨ ᠬᠠᠮᠲᠤᠳᠬᠠᠭᠰᠠᠨ ᠠᠬ᠎ᠠ ᠳᠡᠭᠦᠦ ᠪᠠᠷᠢᠯᠳᠤᠶ᠎ᠠ ᠭᠡᠰᠡᠨ ᠳ᠋ᠦ᠍ ᠠᠩᠴᠢᠨᠵᠠᠪ᠄  
       — ᠵᠠ ᠲᠡᠭᠡᠶ᠎ᠡ ᠭᠡᠪᠡ᠃  
       — ᠬᠠᠷ᠎ᠠ ᠨᠢᠳᠦᠲᠦ ᠠ᠋! ᠵᠣᠪᠠᠯᠭ᠎ᠠ ᠠ᠋! ᠭᠡᠰᠡᠨ ᠳ᠋ᠦ᠍ ᠨᠥᠭᠦᠭᠡ ᠭᠡᠷ ᠡᠴᠡ ᠲᠡᠷᠡ ᠬᠣᠶᠠᠷ ᠱᠦᠷ ᠱᠠᠷ ᠬᠢᠨ ᠨᠢᠳᠦ ᠪᠡᠨ ᠨᠤᠬᠤᠯᠠᠭᠰᠠᠭᠠᠷ ᠭᠠᠷᠴᠤ ᠢᠷᠡᠪᠡ᠃ 
       — ᠲᠠ ᠬᠣᠶᠠᠷ ᠶᠠᠭᠤᠮ᠎ᠠ ᠪᠠᠵᠠᠭ᠎ᠠ!  
       — ᠬᠠᠮᠢᠭ᠎ᠠ ᠶᠠᠪᠤᠬᠤ ᠪᠣᠢ?  
       — ᠶᠠᠭᠤ ᠪᠠᠵᠠᠭᠠᠬᠤ ᠶᠤᠮ? ᠭᠡᠵᠦ ᠲᠡᠷᠡ ᠬᠣᠶᠠᠷ ᠤᠬᠠᠭᠠᠨ ᠲᠥᠬᠥᠭᠡ ᠶ᠋ᠢ ᠨᠢ ᠣᠯᠬᠤ ᠦᠭᠡᠢ ᠶᠠᠭᠤᠮ᠎ᠠ ᠪᠣᠯᠵᠤ ᠳᠡᠮᠡᠢ ᠯᠡ ᠪᠡᠮᠪᠡᠭᠡᠨᠡᠨ᠎ᠡ᠃   
       — ᠲᠩᠷᠢ ᠳ᠋ᠦ᠍ ᠮᠥᠷᠭᠥᠬᠦ ᠶᠠᠭᠤᠮ᠎ᠠ ᠪᠠᠵᠠᠭᠠᠨ᠎ᠠ ᠪᠢᠵᠡ! ᠪᠢᠳᠡ ᠬᠣᠶᠠᠷ ᠣᠳᠣ ᠲᠩᠷᠢ ᠳ᠋ᠦ᠍ ᠮᠥᠷᠭᠥᠵᠦ ᠠᠨᠳᠠ ᠪᠠᠷᠢᠯᠳᠤᠨ ᠲᠠᠩᠭᠠᠷᠢᠭ ᠲᠠᠯᠪᠢᠨ᠎ᠠ᠃ 
       — ᠵᠠ! ᠭᠡᠵᠦ ᠴᠠᠭᠠᠳᠤᠭᠤᠯᠠ ᠨᠢ ᠪᠣᠰᠢᠭᠣ ᠬᠥᠳᠡᠯᠪᠡ᠃  
       ᠭᠠᠳᠠᠨ᠎ᠠ ᠰᠢᠷᠢᠳᠡᠭ ᠳᠡᠪᠢᠰᠴᠦ ᠰᠢᠷᠡᠭᠡᠨ ᠳᠡᠭᠡᠷ᠎ᠡ ᠮᠥᠴᠢ ᠰᠢᠭᠦᠰᠦ᠂ ᠬᠠᠭᠤᠷᠤᠭᠰᠠᠨ ᠪᠤᠳᠠᠭ᠎ᠠ᠂ ᠰᠢᠬᠢᠷ ᠴᠢᠪᠠᠭ᠎ᠠ᠂ ᠰᠢᠷ᠎ᠠ ᠲᠣᠰᠣ ᠠᠭᠠᠷᠤᠤᠯ᠂ ᠢᠳᠡᠵᠦ ᠤᠤᠭᠤᠬᠤ ᠲᠠᠪᠤᠨ ᠠᠮᠲᠠᠲᠠᠨ ᠵᠡᠷᠭᠡ ᠶᠠᠭᠤᠮ᠎ᠠ ᠦᠷᠦᠭᠳᠡᠵᠦ ᠰᠠᠩ ᠲᠠᠯᠪᠢᠵᠤ ᠭᠤᠷᠪᠠᠨ ᠵᠤᠯᠠ ᠠᠰᠠᠭᠠᠪᠠ᠃ 
       ᠮᠠᠨᠴᠤᠷᠭ᠎ᠠ ᠠᠩᠴᠢᠨᠵᠠᠪ ᠬᠣᠶᠠᠷ ᠳᠡᠪᠢᠰᠦᠭᠰᠡᠨ ᠰᠢᠷᠢᠳᠡᠭ ᠳᠡᠭᠡᠷ᠎ᠡ ᠰᠥᠭᠥᠳᠴᠦ ᠲᠩᠷᠢ ᠪᠤᠷᠬᠠᠨ ᠳ᠋ᠠᠭᠠᠨ ᠮᠥᠷᠭᠥᠨ᠎ᠡ ᠭᠡᠵᠦ ᠣᠳᠣᠲᠤ ᠲᠩᠷᠢ ᠳ᠋ᠦ᠍ ᠠᠩᠬᠠᠯᠠᠨ ᠵᠠᠯᠪᠠᠷᠢᠨ ᠮᠥᠷᠭᠥᠭᠡᠳ᠂ ᠰᠢᠷ᠎ᠠ ᠣᠷᠣᠢ ᠵᠦᠭ ᠬᠠᠲᠤᠨ ᠡᠴᠢᠭᠡ ᠬᠠᠨ ᠮᠤᠨᠠ ᠰᠠᠬᠢᠭᠤᠰᠤ ᠳ᠋ᠤ᠌ ᠮᠥᠷᠭᠥᠮᠦ ᠭᠡᠵᠦ ᠰᠦᠵᠢᠭᠯᠡᠨ ᠮᠥᠷᠭᠥᠭᠡᠳ ᠡᠬᠡ ᠤᠯᠠᠭᠠᠨ ᠬᠠᠲᠤᠨ ᠳ᠋ᠠᠭᠠᠨ ᠠᠨᠳᠠᠭᠠᠢᠯᠠᠨ ᠮᠥᠷᠭᠥᠮᠦ ᠭᠡᠵᠦ ᠭᠤᠷᠪᠠᠨᠲᠠ ᠮᠥᠷᠭᠥᠵᠦ ᠬᠣᠶᠠᠭᠤᠯᠠ ᠬᠠᠳᠠᠭ ᠰᠣᠯᠢᠯᠴᠠᠨ ᠬᠠᠴᠠᠷ ᠢ᠋ᠶ᠋ᠠᠨ ᠨᠠᠭᠠᠨ ᠴᠢᠩᠭ᠎ᠠ ᠲᠡᠪᠡᠷᠢᠯᠴᠡᠪᠡ᠃ 
       ᠠᠳᠤᠭᠤᠴᠢᠨ ᠬᠥᠮᠦᠨ ᠦ᠌ ᠨᠢᠳᠦ ᠪᠡᠷ ᠬᠠᠷᠠᠪᠠᠯ ᠡᠳᠡ ᠬᠣᠶᠠᠷ ᠡᠭᠡᠭᠡ ᠯᠡ ᠦᠦᠷ ᠦ᠋ᠨ ᠭᠡᠭᠡ ᠪᠡᠷ ᠦᠦᠷᠰᠡᠨ ᠢᠨᠴᠠᠭᠠᠭᠰᠠᠨ ᠬᠤᠷ ᠳᠡᠯ ᠲᠡᠢ ᠬᠣᠶᠠᠷ ᠠᠵᠢᠷᠭ᠎ᠠ ᠥᠨᠳᠥᠷ ᠮᠤᠨᠠ ᠶ᠋ᠢᠨ ᠬᠢᠷ᠎ᠠ ᠳᠡᠭᠡᠷ᠎ᠡ ᠮᠤᠨᠳᠠᠭ᠎ᠠ ᠮᠤᠨᠳᠠᠭ᠎ᠠ ᠪᠠᠨ ᠬᠠᠵᠠᠯᠠᠨ ᠡᠭᠡᠨᠡᠭᠰᠢᠵᠦ ᠪᠠᠢᠭ᠎ᠠ ᠵᠢᠷᠤᠭ ᠰᠢᠭ᠋ ᠬᠠᠷᠠᠭᠳᠠᠬᠤ ᠨᠢ ᠭᠠᠢᠬᠠᠯᠲᠠᠢ!  
       ᠮᠠᠷᠭᠠᠲᠤᠷ ᠨᠢ ᠮᠠᠭᠠᠵᠢ ᠶ᠋ᠢᠨ ᠴᠣᠬᠣᠷ ᠬᠠᠷᠢᠭᠠᠳ ᠢᠷᠡᠴᠢᠬᠡᠯ᠎ᠡ ᠭᠡᠵᠦ ᠡᠳᠡ ᠬᠣᠶᠠᠷ ᠢ᠋ ᠱᠣᠣᠮᠠᠢ ᠶ᠋ᠢᠨ ᠲᠠᠭᠲᠤ ᠳ᠋ᠠᠭᠠᠨ ᠳᠠᠢᠯᠠᠬᠤ ᠪᠠᠷ ᠪᠣᠯᠪᠠ᠃  
       ᠠᠩᠴᠢᠨᠵᠠᠪ ᠪᠤᠭᠤᠲᠤ ᠠ᠋ᠴᠠ ᠰᠢᠨᠡᠯᠡᠵᠦ ᠴᠠᠭᠠᠯᠠᠬᠤ ᠭᠡᠵᠦ ᠭᠤᠯᠢᠷ ᠪᠤᠳᠠᠭ᠎ᠠ᠂ ᠰᠢᠬᠢᠷ ᠴᠢᠪᠠᠭ᠎ᠠ᠂ ᠪᠤᠷᠠᠮ ᠪᠣᠭᠣᠷᠰᠣᠭ᠂ ᠦᠵᠦᠮ᠂ ᠡᠯᠵᠢᠭᠡᠨ ᠴᠢᠬᠢ᠂ ᠴᠠᠢ ᠳᠠᠪᠤᠰᠤ᠂ ᠴᠦᠳᠡᠩ ᠬᠦᠵᠢ᠂ ᠳ᠋ᠦᠩᠰᠡᠨ ᠲᠠᠮᠠᠬᠢ ᠵᠡᠷᠭᠡ ᠡᠨᠡ ᠲᠡᠷᠡ ᠶᠠᠭᠤᠮ᠎ᠠ ᠭᠠᠨᠵᠤᠭᠠᠯᠠᠵᠤ ᠠᠭᠤᠯᠠᠨ ᠳ᠋ᠠᠭᠠᠨ ᠪᠤᠴᠠᠵᠠᠢ᠃ 
       ᠲᠡᠭᠦᠨ ᠡᠴᠡ ᠬᠣᠢᠰᠢ ᠠᠩᠴᠢᠨᠵᠠᠪ ᠬᠠᠶᠠ ᠪᠤᠭᠤᠲᠤ ᠳ᠋ᠤ᠌ ᠣᠷᠣᠵᠤ ᠢᠷᠡᠪᠡᠯ ᠮᠠᠨᠴᠤᠷᠭ᠎ᠠ ᠲᠠᠢ ᠵᠠᠪᠠᠯ ᠠᠭᠤᠯᠵᠠᠵᠤ᠂ ᠮᠠᠭᠠᠵᠢ ᠶ᠋ᠢᠨ ᠴᠣᠬᠣᠷ ᠤ᠋ᠨ ᠱᠣᠣᠮᠠᠢ ᠶ᠋ᠢᠨ ᠲᠠᠭᠲᠤ ᠳ᠋ᠤ᠌ ᠠᠷᠢᠬᠢᠳᠠᠳᠠᠭ ᠵᠤᠷᠰᠢᠯ ᠲᠠᠢ ᠪᠣᠯᠪᠠ᠃ ᠨᠢᠭᠡ ᠤᠳᠠᠭ᠎ᠠ ᠮᠠᠭᠠᠵᠢ ᠶ᠋ᠢᠨ ᠴᠣᠬᠣᠷ ᠲᠠᠢ ᠭᠤᠷᠪᠠᠭᠤᠯᠠ ᠶᠡᠬᠡ ᠣᠷᠣᠢ ᠪᠣᠯᠲᠠᠯ᠎ᠠ ᠠᠷᠢᠬᠢᠳᠠᠵᠤ ᠠᠩᠴᠢᠨᠵᠠᠪ ᠮᠠᠨᠴᠤᠷᠭ᠎ᠠ ᠬᠣᠶᠠᠷ ᠥᠪᠡᠷ ᠦ᠋ᠨ ᠬᠠᠯᠠ ᠵᠣᠪᠠᠭᠤᠷᠢ ᠪᠠᠨ ᠠᠭᠤᠳᠠᠯᠤᠨ ᠲᠣᠭᠠᠴᠢᠵᠤ ᠶᠠᠷᠢᠯᠴᠠᠨ ᠬᠥᠭᠡᠷᠦᠭᠰᠡᠭᠡᠷ ᠪᠠᠢᠵᠤ ᠶᠡᠬᠡ ᠣᠷᠣᠢ ᠪᠣᠯᠭᠠᠪᠠ᠃ ᠨᠡᠯᠢᠶᠡᠳ ᠬᠠᠯᠠᠮᠰᠠᠭᠰᠠᠨ ᠤ᠋ ᠤᠴᠢᠷ ᠠᠩᠴᠢᠨᠵᠠᠪ ᠵᠠᠪᠠᠯ ᠰᠥᠨᠢ ᠪᠡᠷ ᠠᠭᠤᠯᠠᠨ ᠳ᠋ᠤ᠌ ᠭᠠᠷᠤᠨ᠎ᠠ ᠭᠡᠵᠦ ᠵᠢᠳᠬᠦᠭᠡᠳ ᠪᠠᠢᠬᠤᠯᠠᠷ ᠮᠠᠨᠴᠤᠷᠭ᠎ᠠ ᠲᠡᠭᠦᠨ ᠢ᠋ ᠬᠠᠷ᠎ᠠ ᠳᠠᠪᠠᠭ᠎ᠠ ᠳᠠᠪᠠᠲᠠᠯ᠎ᠠ ᠦᠳᠡᠵᠡᠢ᠃ 
       ᠬᠠᠷ᠎ᠠ ᠳᠠᠪᠠᠭᠠᠨ ᠳᠡᠭᠡᠷ᠎ᠡ ᠭᠠᠷᠤᠭᠠᠳ ᠰᠠᠯᠬᠤ ᠳ᠋ᠠᠭᠠᠨ ᠠᠩᠴᠢᠨᠵᠠᠪ᠄  
       — ᠮᠠᠨᠴᠤᠷᠭ᠎ᠠ ᠠᠬ᠎ᠠ ᠠ᠋᠂ ᠲᠡᠷᠡ ᠢᠮᠠᠭᠠᠨ ᠲᠤᠷᠠᠰᠬ᠎ᠠ ᠶ᠋ᠢ ᠬᠠᠭᠤᠯᠵᠤ ᠮᠠᠭᠤ ᠵᠣᠪᠠᠯᠭ᠎ᠠ ᠶ᠋ᠢ ᠨᠢ ᠴᠢᠨᠣ᠎ᠠ ᠶ᠋ᠢᠨ ᠬᠣᠭᠣᠯᠠ ᠪᠣᠯᠭᠠᠶ᠎ᠠ! ᠪᠢᠳᠡ ᠬᠣᠶᠠᠷ ᠴᠢᠨᠢ《 ᠬᠠᠭᠠᠨ》 ᠤ᠋ ᠬᠠᠲᠤᠨ ᠳ᠋ᠤ᠌ ᠬᠠᠯᠳᠠᠭᠰᠠᠨ ᠠᠭᠤᠴᠢᠯᠠᠰᠢ ᠦᠭᠡᠢ ᠶᠠᠯᠠᠲᠠᠨ ᠰᠢᠦ! ᠡᠨᠡ ᠢᠮᠠᠭᠠᠨ ᠳᠠᠭᠤᠲᠤ ᠶ᠋ᠢᠨ ᠭᠠᠢ ᠶ᠋ᠢ ᠡᠳ᠋ᠯᠡᠭᠰᠡᠨ ᠦᠭᠡᠢ ᠪᠣᠯ ᠪᠢᠳᠡ ᠣᠳᠣ ᠯᠠᠪ ᠰᠠᠢᠬᠠᠨ ᠶᠠᠪᠤᠵᠤ ᠪᠠᠢᠬ᠎ᠠ ᠭᠡᠪᠡ᠃ 
       — ᠲᠡᠢᠮᠦ ᠰᠢᠦ! ᠴᠢ ᠪᠢᠳᠡ ᠬᠣᠶᠠᠷ ᠰᠢᠭ᠋ ᠬᠦᠩ ᠨᠣᠶᠠᠨ ᠤ᠋ ᠬᠠᠲᠤᠨ ᠢ᠋ ᠪᠤᠯᠢᠶᠠᠵᠤ ᠡᠪᠦᠷᠯᠡᠬᠦ ᠰᠥᠰᠥ ᠲᠡᠢ ᠡᠷ᠎ᠡ ᠬᠡᠳᠦ ᠪᠠᠢᠨ᠎ᠠ? ᠡᠨᠡ ᠮᠠᠭᠤ ᠤᠷᠰᠢᠭ ᠤ᠋ᠨ ᠦᠨᠳᠦᠰᠦ ᠶ᠋ᠢ ᠡᠷᠲᠡᠬᠡᠨ ᠲᠠᠰᠤᠯᠬᠤ ᠶᠤᠮ ᠰᠠᠨ ᠭᠡᠰᠡᠨ ᠳ᠋ᠦ᠍ ᠠᠩᠴᠢᠨᠵᠠᠪ᠄ 
       — ᠪᠠᠢᠵᠠ᠂ ᠮᠠᠨᠴᠤᠷᠭ᠎ᠠ ᠠᠬ᠎ᠠ ᠠ᠋! ᠡᠨᠡ ᠮᠠᠭᠤ ᠳᠠᠮᠰᠢᠭ ᠢ᠋ ᠪᠢ ᠲᠠᠯᠪᠢᠵᠤ ᠶᠠᠪᠤᠭᠤᠯᠤᠭᠰᠠᠨ ᠳ᠋ᠠᠭᠠᠨ ᠭᠡᠮᠰᠢᠵᠦ ᠪᠠᠷᠠᠬᠤ ᠦᠭᠡᠢ᠃ ᠪᠢ ᠲᠡᠭᠦᠨ ᠢ᠋ ᠬᠠᠮᠢᠭ᠎ᠠ ᠠ᠋ᠴᠠ ᠲᠠᠯᠪᠢᠭᠰᠠᠨ ᠪᠣᠯ ᠮᠥᠨ ᠲᠡᠨᠳᠡ ᠨᠢ ᠠᠪᠠᠴᠢᠵᠤ ᠳᠤᠷᠠᠰᠬ᠎ᠠ ᠶ᠋ᠢ ᠨᠢ ᠬᠠᠭᠤᠯᠵᠤ ᠬᠠᠶᠠᠨ᠎ᠠ᠁ ᠠᠬ᠎ᠠ ᠲᠠ ᠰᠠᠨᠠᠭ᠎ᠠ ᠠᠮᠤᠷ ᠪᠠᠢ᠂ ᠳᠡᠭᠦᠦ ᠨᠢ ᠪᠠᠢᠭᠰᠠᠨ ᠴᠠᠭ ᠲᠤ ᠳᠥᠷᠥᠭᠡ ᠬᠣᠭᠣᠰᠣᠨ ᠬᠠᠪᠢᠷᠤᠯᠳᠤᠬᠤ ᠦᠭᠡᠢ ᠠ᠋ ᠭᠡᠯ᠎ᠡ! 
       — ᠲᠡᠢᠮᠦ! ᠬᠣᠶᠠᠭᠤᠯᠠ ᠪᠠᠨ ᠲᠡᠷᠡ ᠮᠠᠭᠤ ᠢᠮᠠᠭᠠᠨ ᠳᠤᠷᠠᠰᠬ᠎ᠠ ᠶ᠋ᠢ ᠵᠣᠪᠠᠭᠠᠵᠤ ᠪᠠᠢᠵᠤ ᠲᠤᠷᠠᠰᠬᠠᠯᠠᠶ᠎ᠠ! 
       — ᠮᠥᠨ᠂ ᠶᠠᠭ ᠳᠠ! ᠮᠠᠨᠴᠤᠷᠭ᠎ᠠ ᠠᠬ᠎ᠠ ᠠ᠋᠂ ᠪᠢ ᠳᠠᠬᠢᠭᠠᠳ ᠪᠠᠭᠤᠵᠤ ᠢᠷᠡᠬᠦ ᠳ᠋ᠦ᠍ ᠲᠠᠨ ᠳ᠋ᠤ᠌ ᠨᠢᠭᠡ ᠰᠠᠢᠨ ᠮᠣᠷᠢ ᠣᠯᠵᠤ ᠢᠷᠡᠶ᠎ᠡ! ᠪᠢ ᠣᠳᠣ ᠡᠨᠳᠡ ᠡᠴᠡ ᠪᠤᠴᠠᠵᠤ ᠬᠣᠢᠲᠤᠨ ᠬᠠᠪᠤᠷ ᠢ᠋ᠶ᠋ᠠᠷ ᠳᠤᠯᠠᠭᠠᠨ ᠣᠷᠣᠭᠰᠠᠭᠠᠷ ᠬᠣᠢᠰᠢ ᠪᠠᠨ ᠶᠠᠪᠤᠨ᠎ᠠ᠃ ᠪᠤᠴᠠᠯᠭᠠᠨ ᠳ᠋ᠠᠭᠠᠨ ᠬᠥᠲᠥᠯᠦᠭᠡ ᠬᠣᠶᠠᠷ ᠮᠣᠷᠢ ᠲᠠᠢ ᠱᠤᠤᠭᠢᠭᠤᠯᠵᠤ ᠢᠷᠡᠨ᠎ᠡ ᠰᠢᠦ᠃ ᠲᠡᠭᠡᠭᠡᠳ ᠠᠬ᠎ᠠ ᠳᠡᠭᠦᠦ ᠬᠣᠶᠠᠭᠤᠯᠠ ᠪᠠᠨ ᠮᠠᠭᠤ ᠳᠤᠷᠠᠰᠬ᠎ᠠ ᠶ᠋ᠢ᠁ ᠭᠡᠬᠦ ᠳ᠋ᠦ᠍ ᠠᠩᠴᠢᠨᠵᠠᠪ ᠤ᠋ᠨ ᠨᠢᠳᠦᠨ ᠳ᠋ᠦ᠍ ᠨᠢᠯᠪᠤᠰᠤ ᠴᠡᠢᠯᠡᠭᠡᠨᠡᠵᠦ ᠪᠠᠢᠭᠰᠠᠨ ᠨᠢ ᠰᠠᠷᠠᠨ ᠤ᠋ ᠭᠡᠷᠡᠯ ᠳ᠋ᠦ᠍ ᠮᠡᠯᠲᠡᠯᠵᠡᠨ᠎ᠡ᠃ 
       — ᠵᠠ᠂ ᠳᠡᠭᠦᠦ ᠮᠢᠨᠢ ᠬᠦᠰᠡᠯ ᠵᠣᠷᠢᠯ ᠰᠠᠨᠠᠭᠰᠠᠨ ᠢ᠋ᠶ᠋ᠠᠷ ᠪᠡᠶᠡᠯᠡᠲᠦᠭᠡᠢ! ᠪᠢ ᠴᠢᠮᠠᠶ᠋ᠢ ᠬᠦᠯᠢᠶᠡᠵᠦ ᠪᠠᠢᠶ᠎ᠠ! ᠭᠡᠳ ᠮᠠᠨᠴᠤᠷᠭ᠎ᠠ ᠠᠩᠴᠢᠨᠵᠠᠪ ᠢ᠋ ᠲᠡᠪᠡᠷᠢᠨ ᠵᠡᠭᠦᠨ ᠬᠠᠴᠠᠷ ᠢ᠋ ᠨᠢ ᠦᠨᠦᠰᠴᠦ《ᠢᠩᠭᠢᠭᠡᠳ ᠰᠠᠯᠬᠤ ᠶᠣᠰᠣ ᠬᠢᠶ᠎ᠡ! ᠪᠠᠷᠠᠭᠤᠨ ᠬᠠᠴᠠᠷ ᠢ᠋ ᠴᠢᠨᠢ ᠳᠠᠬᠢᠵᠤ ᠪᠠᠶᠠᠷᠲᠠᠢ ᠠᠭᠤᠯᠵᠠᠬᠤ ᠳ᠋ᠠᠭᠠᠨ ᠦᠯᠡᠳᠡᠭᠡᠵᠦ ᠦᠨᠦᠰᠦᠶ᠎ᠡ!》 ᠭᠡᠳ ᠨᠢᠭᠡ ᠨᠢᠭᠡᠨ ᠦ᠌ ᠪᠡᠨ ᠮᠥᠷᠥ ᠴᠡᠭᠡᠵᠢ ᠤᠷᠤᠭᠤ ᠬᠦᠴᠦᠲᠡᠢ ᠳᠡᠯᠡᠳᠴᠦ《ᠵᠠ᠂ ᠳᠡᠭᠦᠦ ᠮᠢᠨᠢ ᠣᠳᠣ ᠮᠣᠷᠳᠠ!》 ᠭᠡᠰᠡᠨ ᠢ᠋ᠶ᠋ᠡᠷ ᠠᠩᠴᠢᠨᠵᠠᠪ ᠮᠣᠷᠢᠨ ᠤ᠋ ᠪᠠᠨ ᠵᠢᠯᠣᠭᠣ ᠶ᠋ᠢ ᠬᠤᠷᠢᠶᠠᠰᠬᠢᠨ ᠮᠣᠷᠳᠠᠬᠤ ᠳ᠋ᠤ᠌ ᠠᠭᠰᠤᠮ ᠵᠠᠩ ᠲᠠᠢ ᠮᠣᠷᠢ ᠨᠢ ᠳᠥᠷᠥᠭᠡ ᠪᠤᠯᠢᠶᠠᠯᠴᠠᠵᠤ ᠪᠡᠶ᠎ᠡ ᠶ᠋ᠢ ᠨᠢ ᠡᠷᠭᠢᠭᠡᠳ ᠪᠤᠵᠢᠭᠢᠨᠠᠨ᠎ᠠ᠃  
       ᠠᠩᠴᠢᠨᠵᠠᠪ ᠮᠣᠷᠢᠨ ᠳ᠋ᠠᠭᠠᠨ《ᠴᠥᠬᠥ》 ᠭᠡᠳ ᠲᠠᠰᠢᠭᠤᠷ ᠥᠭᠬᠦ ᠳ᠋ᠦ᠍《ᠠᠬ᠎ᠠ ᠰᠠᠢᠨ ᠰᠠᠭᠤᠵᠤ ᠪᠠᠢ᠂ ᠬᠡᠷᠰᠡᠦ ᠬᠡᠷᠡᠭ ᠲᠡᠢ ᠰᠢᠦ!》 ᠭᠡᠰᠡᠨ ᠦᠭᠡ ᠪᠣᠯᠵᠤ ᠮᠠᠨᠴᠤᠷᠭ᠎ᠠ ᠳ᠋ᠤ᠌ ᠰᠣᠨᠣᠰᠳᠠᠭᠰᠠᠨ ᠪᠣᠯ ᠮᠣᠷᠢ ᠨᠢ ᠬᠣᠲᠣᠰᠬᠢᠨ ᠳᠠᠪᠬᠢᠵᠤ ᠠᠷᠵᠠᠭ ᠪᠠᠷᠵᠠᠭ ᠬᠠᠢᠷ ᠴᠢᠯᠠᠭᠤᠳ ᠢ᠋ ᠬᠠᠮᠤᠨ ᠳᠣᠪᠲᠣᠯᠤᠨ᠎ᠠ᠃    
       ᠰᠥᠨᠢ ᠶ᠋ᠢᠨ ᠵᠢᠬᠡᠭᠦᠨ ᠵᠢᠪᠠᠷ ᠮᠠᠨᠴᠤᠷᠭ᠎ᠠ ᠶ᠋ᠢᠨ ᠬᠠᠴᠠᠷ ᠢ᠋ ᠦᠯᠢᠶᠡᠬᠦ ᠳ᠋ᠦ᠍ ᠦᠯᠦ ᠮᠡᠳᠡᠭ ᠵᠢᠬᠡᠭᠦᠰᠬᠦ ᠰᠢᠭ ᠰᠠᠨᠠᠭᠳᠠᠭᠰᠠᠨ ᠪᠣᠯᠪᠠᠴᠤ ᠰᠡᠳᠬᠢᠯ ᠳ᠋ᠦ᠍ ᠠᠰᠬᠠᠭᠰᠠᠨ ᠬᠠᠢᠷ᠎ᠠ ᠶ᠋ᠢᠨ ᠭᠠᠯ ᠨᠢᠯᠴᠢᠭᠢᠨᠡᠨ᠂ ᠬᠠᠷᠠᠩᠭᠤᠢ ᠳ᠋ᠤ᠌ ᠳᠠᠪᠬᠢᠨ ᠣᠳᠤᠭᠰᠠᠨ ᠠᠩᠴᠢᠨᠵᠠᠪ ᠤ᠋ᠨ ᠬᠣᠢᠨ᠎ᠠ ᠠ᠋ᠴᠠ ᠰᠠᠯᠵᠤ ᠲᠦᠪᠳᠡᠬᠦ ᠦᠭᠡᠢ ᠵᠣᠭᠰᠣᠭᠰᠠᠨ ᠣᠷᠣᠨ ᠳ᠋ᠠᠭᠠᠨ ᠶᠡᠬᠡ ᠤᠳᠠᠭᠠᠨ ᠮᠡᠯᠡᠷᠡᠬᠦ ᠳ᠋ᠡᠭᠡᠨ《 ᠡᠷ᠎ᠡ ᠬᠥᠮᠦᠨ ᠡᠷ᠎ᠡ ᠬᠥᠮᠦᠨ ᠳ᠋ᠡᠭᠡᠨ ᠬᠠᠢᠷᠠᠲᠠᠢ》 ᠭᠡᠵᠦ ᠬᠡᠨ ᠨᠢᠭᠡ ᠬᠥᠮᠦᠨ ᠦ᠌ ᠬᠡᠯᠡᠭᠰᠡᠨ ᠦᠭᠡ ᠲᠡᠭᠦᠨ ᠦ᠌ ᠰᠡᠳᠬᠢᠯ ᠢ᠋ ᠠᠷᠭ᠎ᠠ ᠦᠭᠡᠢ ᠤᠶᠠᠷᠠᠭᠤᠯᠵᠤ ᠪᠠᠢᠯ᠎ᠠ᠁ 

— — — —
 ① ᠡᠨᠳᠡ ᠬᠥᠬᠦᠦᠷ᠂ ᠬᠢᠲᠤᠭ᠎ᠠ᠂ ᠭᠠᠩᠰᠠ ᠭᠤᠷᠪᠠ ᠶ᠋ᠢ ᠵᠢᠭᠠᠵᠠᠢ᠃ 
 ② ᠤᠰᠤᠨ ᠳ᠋ᠤ᠌ ᠲᠠᠯᠪᠢᠬᠤ ᠳ᠋ᠤ᠌ ᠳᠡᠭᠡᠭᠦᠷ ᠨᠢ ᠬᠥᠪᠴᠦ ᠳᠡᠭᠳᠡᠳᠡᠭ ᠦᠨᠡᠲᠦ ᠮᠠᠨᠤ᠃