ᠦᠷ ᠦᠨ ᠲᠤᠶᠠᠭ᠎ᠠ 1 – ᠪ᠂ ᠷᠢᠨᠴᠢᠨ - ᠲᠡᠷᠢᠬᠦᠨ ᠲᠡᠪᠲᠡᠷ <ᠮᠠᠨᠵᠤ ᠶᠢᠨ ᠳᠠᠯᠬᠢᠨ ᠳᠤ>(ᠠᠷᠪᠠ) Үүрийн туяа I – Б ᠂ Ренчин Тэргүүн дэвтэр "<Манжийн талхинд" (10)
ᠠᠷᠪᠠ᠂ ᠠᠢᠯ ᠬᠥᠮᠥᠨ ᠠᠮᠢ ᠨᠢᠭᠡ ᠲᠠᠢ
ᠰᠠᠢᠬᠠᠨ ᠰᠠᠨᠠᠭᠠᠨ ᠤ᠋ ᠦᠵᠦᠭᠦᠷ ᠲᠦ᠍ ᠰᠦ
(ᠠᠷᠠᠳ ᠤ᠋ᠨ ᠰᠡᠴᠡᠨ ᠦᠭᠡ)
ᠡᠪᠦᠯ ᠦ᠋ᠨ ᠳᠤᠮᠳᠠ ᠰᠠᠷ᠎ᠠ ᠶ᠋ᠢᠨ ᠰᠡᠭᠦᠯ ᠢ᠋ᠶ᠋ᠡᠷ ᠰᠢᠭᠤᠷᠭ᠎ᠠ ᠬᠥᠳᠡᠯᠵᠡᠢ᠃ ᠥᠷᠯᠥᠭᠡ ᠡᠴᠡ ᠨᠠᠪᠰᠠ ᠤᠨᠠᠵᠤ ᠪᠠᠢᠭᠰᠠᠨ ᠯᠠᠪᠰᠠᠨ ᠴᠠᠰᠤ ᠰᠢᠷᠵᠢᠭᠢᠨᠡᠨ ᠡᠷᠭᠢᠬᠦ ᠬᠡᠢᠰᠬᠦ ᠨᠢ ᠰᠢᠷᠦᠭᠦᠰᠴᠦ᠂ ᠦᠳᠡ ᠡᠴᠡ ᠬᠣᠢᠰᠢ ᠲᠩᠷᠢ ᠶ᠋ᠢᠨ ᠬᠣᠷᠮᠣᠢ ᠪᠠᠷ ᠴᠠᠢᠪᠤᠷ ᠪᠤᠳᠠᠩ ᠲᠠᠲᠠᠵᠤ ᠪᠢᠴᠢᠬᠠᠨ ᠬᠣᠲᠠ ᠶ᠋ᠢ ᠨᠥᠮᠥᠷᠢᠯᠡᠭᠰᠡᠨ ᠠᠭᠤᠯᠠ ᠶ᠋ᠢᠨ ᠣᠷᠣᠢ ᠴᠠᠭᠠᠨ ᠤᠲᠤᠭ᠎ᠠ ᠰᠤᠭᠤᠨᠠᠭᠯᠠᠬᠤ ᠮᠡᠲᠦ ᠴᠠᠰᠤ ᠬᠡᠢᠰᠴᠦ᠂ ᠶᠠᠪᠠᠭᠠᠨ ᠰᠢᠭᠤᠷᠭ᠎ᠠ᠂ ᠬᠡᠭᠡᠷ᠎ᠡ ᠴᠠᠰᠤᠨ ᠳᠡᠭᠡᠰᠦ ᠲᠠᠮᠤᠵᠤ᠂ ᠦᠳᠡᠰᠢ ᠲᠡᠰᠢ ᠰᠢᠭᠤᠷᠭ᠎ᠠ ᠤᠯᠠᠮ ᠴᠢᠩᠭᠠᠷᠠᠭᠠᠳ᠂ ᠬᠡᠭᠡᠷ᠎ᠡ ᠬᠡᠴᠡ ᠪᠠᠷᠢᠨ ᠰᠢᠭᠤᠷᠴᠤ ᠠᠭᠤᠯᠠᠨ ᠳ᠋ᠤ᠌ ᠬᠦᠩᠭᠢᠨᠡᠵᠦ ᠱᠤᠤᠭᠢᠪᠠ᠃
ᠰᠠᠭᠰᠠᠢᠭᠰᠠᠨ ᠳᠡᠯ ᠰᠡᠭᠦᠯ ᠲᠡᠢ ᠴᠠᠩ ᠪᠣᠯᠤᠭᠰᠠᠨ ᠮᠣᠷᠢ ᠶ᠋ᠢ ᠰᠢᠷᠪᠠᠰᠬᠢᠲᠡᠯᠡ ᠬᠦᠢ ᠬᠦᠢ ᠰᠠᠯᠬᠢᠯᠠᠵᠤ ᠪᠠᠢᠭᠰᠠᠨ ᠰᠠᠯᠬᠢ ᠰᠢᠭᠤᠷᠭ᠎ᠠ ᠰᠥᠷᠴᠦ ᠬᠡᠭᠡᠷ᠎ᠡ ᠶᠠᠪᠤᠭᠰᠠᠨ ᠭᠠᠭᠴᠠ ᠬᠥᠮᠦᠨ ᠢ᠋ ᠶᠠᠪᠤ ᠶᠠᠪᠤᠭᠰᠠᠭᠠᠷ ᠠᠭᠤᠯᠠ ᠶ᠋ᠢᠨ ᠬᠣᠷᠮᠣᠢ ᠬᠦᠷᠴᠦ ᠨᠥᠮᠥᠷᠢ ᠳ᠋ᠦ᠍ᠨᠢ ᠪᠠᠢᠭ᠎ᠠ ᠡᠪᠦᠯᠵᠢᠭᠡᠨ (ᠡᠪᠦᠯᠵᠢᠶᠡᠨ) ᠳ᠋ᠦ᠍ ᠪᠠᠭᠤᠬᠤ ᠳ᠋ᠤ᠌᠂ ᠴᠢᠯᠠᠭᠤᠨ ᠬᠠᠳᠠ ᠠᠭᠤᠯᠠ ᠮᠥᠷᠭᠥᠭᠰᠡᠨ ᠰᠠᠯᠬᠢ ᠪᠠᠬᠠᠨ ᠵᠥᠭᠡᠯᠡᠨ ᠪᠣᠯᠵᠤ᠂ ᠨᠢᠳᠦ ᠱᠠᠪᠠᠬᠤ (ᠰᠢᠪᠠᠬᠤ) ᠴᠠᠰᠤ ᠴᠤ᠌ ᠮᠡᠳᠡᠭᠳᠡᠮ᠎ᠡ ᠪᠠᠭ᠎ᠠ ᠪᠣᠯᠵᠠᠢ᠃
ᠦᠨᠢᠶ᠎ᠡ ᠨᠠᠮᠨᠠᠵᠤ ᠪᠠᠢᠭᠰᠠᠨ ᠪᠠᠲᠤᠪᠠᠶᠠᠷ᠂ ᠣᠷᠣᠢ ᠶ᠋ᠢᠨ ᠵᠣᠴᠢᠨ ᠢ᠋ ᠳᠣᠲᠣᠨᠣᠴᠢᠯᠠᠨ ᠲᠣᠰᠴᠤ᠄
— ᠵᠠ᠂ ᠶᠠᠸᠠᠨ ᠮᠢᠨᠢ᠂ ᠪᠤᠰᠢᠭᠤ ᠭᠡᠷ ᠲᠦ᠍ ᠣᠷᠣᠵᠤ ᠳᠤᠯᠠᠭᠠᠴᠢ(ᠳᠤᠯᠠᠭᠠᠴᠠ)᠃ ᠭᠠᠳᠠᠭ᠎ᠠ ᠲᠩᠷᠢ ᠭᠠᠵᠠᠷ ᠬᠣᠶᠠᠷ ᠨᠡᠢᠯᠡᠵᠦ᠂ ᠬᠡᠴᠡᠭᠦᠦ ᠰᠢᠭᠤᠷᠭ᠎ᠠ ᠲᠠᠯᠪᠢᠵᠤ ᠪᠠᠢᠬᠤ ᠰᠢᠪ ᠳᠡ᠃ ᠴᠢ ᠮᠠᠨᠠᠢᠳᠤ (ᠮᠠᠨ ᠤ᠋ ᠳ᠋ᠤ᠌) ᠬᠣᠨᠣᠨ᠎ᠠ ᠪᠢᠵᠡ ᠳᠡ᠃ ᠡᠢᠮᠦ ᠣᠷᠣᠢ ᠬᠠᠮᠢᠭ᠎ᠠ ᠠ᠋ᠴᠠ ᠶᠠᠪᠤᠵᠤ ᠪᠠᠢᠭ᠎ᠠ ᠬᠥᠮᠦᠨ ᠪᠣᠢ ? ᠭᠡᠵᠦ ᠵᠣᠴᠢᠨ ᠠ᠋ᠴᠠ ᠠᠰᠠᠭᠤᠵᠠᠢ᠃
— ᠶᠠᠺᠤᠸ ᠤ᠋ᠨ ᠬᠢ ᠡᠴᠡ ᠬᠠᠷᠢᠵᠤ ᠶᠠᠪᠤᠭᠠᠳ᠂ ᠡᠨᠡ ᠰᠢᠭᠤᠷᠭ᠎ᠠ ᠪᠠᠷ ᠮᠣᠷᠢ ᠡᠴᠡᠵᠦ ᠰᠦᠷᠡᠬᠡᠢ ᠴᠦ᠍ ᠲᠠᠭᠠᠷᠠᠯ᠎ᠠ ᠭᠡᠳ ᠴᠢᠭᠢᠷᠠᠭ ᠵᠤᠵᠠᠭᠠᠨ ᠪᠡᠶ᠎ᠡ ᠲᠡᠢ ᠲᠡᠷᠡ ᠰᠢᠪᠢᠷ ᠡᠪᠦᠭᠡᠨ ᠵᠣᠴᠢᠨ ᠮᠣᠩᠭᠣᠯ ᠶᠣᠰᠣᠭᠠᠷ ᠣᠶᠣᠭᠰᠠᠨ ᠨᠡᠬᠡᠢ ᠳᠡᠪᠡᠯ ᠦ᠋ᠨ ᠴᠠᠰᠤ ᠶ᠋ᠢ ᠭᠦᠪᠢᠵᠦ ᠭᠦᠢᠴᠡᠭᠡᠳ ᠬᠦᠢ ᠬᠦᠢ ᠰᠠᠯᠬᠢᠨ ᠳ᠋ᠤ᠌ ᠳᠣᠩᠰᠣᠯᠤᠭᠳᠠᠵᠤ ᠪᠠᠢᠭᠰᠠᠨ ᠭᠡᠷ ᠲᠦ᠍ ᠣᠷᠣᠪᠠᠯ᠂ ᠵᠤᠤᠬ᠎ᠠ ᠳ᠋ᠤᠨᠢ ᠭᠠᠯ ᠳᠦᠷᠡᠯᠵᠡᠨ ᠰᠢᠷᠡᠮᠦᠨ ᠲᠣᠭᠣᠭ᠎ᠠ ᠠ᠋ᠴᠠ ᠵᠡᠷᠯᠢᠭ ᠰᠣᠩᠭᠢᠨ᠎ᠠ᠂ ᠬᠣᠨᠢᠨ ᠤ᠋ ᠮᠢᠬ᠎ᠠ ᠴᠢᠨᠠᠵᠤ ᠪᠠᠢᠭ᠎ᠠ ᠱᠥᠯᠥ ᠶ᠋ᠢᠨ ᠦᠨᠦᠷ ᠬᠠᠩᠬᠤᠯᠤᠨ᠂ ᠬᠠᠨ᠎ᠠ ᠶ᠋ᠢᠨ ᠬᠠᠶᠠᠭ᠎ᠠ ᠪᠠᠷ ᠬᠠᠷᠠᠩᠭᠤᠢ ᠪᠣᠯᠪᠠᠴᠤ ᠭᠣᠯᠣᠮᠲᠠ ᠬᠠᠪᠢ ᠪᠠᠷ ᠭᠠᠯ ᠤ᠋ᠨ ᠭᠡᠷᠡᠯ ᠲᠣᠰᠴᠤ ᠵᠤᠯᠠ ᠶ᠋ᠢᠨ ᠭᠡᠷᠡᠯ ᠰᠦᠮᠡᠯᠵᠡᠨ ᠬᠣᠢᠮᠣᠷ ᠢ᠋ ᠭᠡᠢᠭᠦᠯᠵᠦ ᠪᠠᠢᠭ᠎ᠠ ᠨᠢ᠂ ᠭᠡᠷ ᠦ᠋ᠨ ᠬᠠᠨ᠎ᠠ ᠨᠢᠮᠭᠡᠨ ᠲᠤᠭᠤᠷᠭ᠎ᠠ ᠶ᠋ᠢᠨ ᠴᠠᠭᠠᠨ᠎ᠠ ᠱᠤᠤᠭᠢᠵᠤ ᠪᠠᠢᠭ᠎ᠠ ᠰᠠᠯᠬᠢ ᠰᠢᠭᠤᠷᠭᠠᠨ ᠤ᠋ ᠪᠤᠭᠤᠢᠯᠢ ᠠ᠋ᠴᠠ ᠠᠯᠳᠠᠭᠤᠯᠤᠨ ᠮᠤᠯᠲᠤᠷᠠᠵᠤ ᠣᠷᠣᠵᠤ ᠢᠷᠡᠭᠰᠡᠨ ᠠᠶᠠᠨ ᠤ᠋ ᠬᠥᠮᠦᠨ ᠳ᠋ᠦ᠍ ᠶᠡᠬᠡᠯ᠎ᠡ(ᠶᠡᠬᠡ ᠯᠡ) ᠲᠠᠭᠠᠲᠠᠢ ᠳᠤᠯᠠᠭᠠᠨ ᠰᠠᠢᠬᠠᠨ ᠰᠠᠨᠠᠭᠳᠠᠪᠠ᠃
ᠰᠠᠬᠠᠯ ᠠ᠋ᠴᠠ ᠮᠥᠰᠥ ᠲᠡᠭᠦᠵᠦ᠂ ᠭᠠᠯ ᠤ᠋ᠨ ᠳᠡᠷᠭᠡᠳᠡ ᠳᠤᠯᠠᠭᠠᠴᠠᠬᠤ ᠵᠠᠪᠰᠠᠷ᠂ ᠵᠣᠴᠢᠨ ᠡᠪᠦᠭᠡᠨ᠂ ᠪᠠᠲᠤᠪᠠᠶᠠᠷ ᠤ᠋ᠨ ᠡᠮᠡᠭᠡᠨ ᠫᠠᠭᠮ᠎ᠠ ᠲᠠᠢ ᠦᠭᠡ ᠬᠡᠯᠡᠯᠴᠡᠨ ᠠᠮᠤᠷ ᠮᠡᠨᠳᠦ᠂ ᠮᠠᠯ ᠰᠦᠷᠦᠭ ᠦ᠋ᠨ ᠬᠦᠴᠦ ᠲᠠᠷᠭᠤ ᠠᠰᠠᠭᠤᠵᠤ᠂ ᠭᠠᠷ ᠢ᠋ᠶ᠋ᠠᠨ ᠠᠴᠢᠲᠠᠢ ᠰᠠᠢᠬᠠᠨ ᠢᠯᠴᠢᠲᠡᠢ ᠭᠠᠯ ᠤ᠋ᠨ ᠡᠮᠦᠨ᠎ᠡ ᠡᠭᠡᠭᠡᠪᠡ᠃
ᠲᠡᠭᠡᠲᠡᠯ᠎ᠡ᠂ ᠬᠣᠪᠣᠩ ᠳ᠋ᠠᠭᠠᠨ ᠴᠣᠭ ᠲᠠᠢ᠂ ᠵᠤᠤᠬ᠎ᠠ ᠳ᠋ᠠᠭᠠᠨ ᠭᠠᠯ ᠲᠠᠢ ᠪᠠᠢᠭ᠎ᠠ ᠴᠠᠭ ᠲᠤ᠌ ᠢᠳᠡᠭᠡ ᠤᠮᠳᠠ ᠰᠠᠢᠲᠠᠢ ᠠᠢᠯ ᠳ᠋ᠤ᠌ ᠬᠡᠵᠢᠶᠡᠳᠡ ᠪᠡᠯᠡᠨ ᠪᠠᠢᠳᠠᠭ ᠰᠠᠢᠬᠠᠨ ᠬᠠᠯᠠᠭᠤᠨ ᠴᠠᠢ᠂ ᠲᠣᠰᠣ᠂ ᠪᠣᠯᠤᠭᠰᠠᠨ ᠭᠤᠯᠢᠷ᠂ ᠭᠱᠠᠨ ᠵᠠᠭᠤᠷ᠎ᠠ ᠷᠢᠳᠢ ᠬᠤᠪᠢᠯᠭᠠᠨ ᠢ᠋ᠶ᠋ᠠᠷ ᠪᠣᠢ ᠪᠣᠯᠤᠭᠰᠠᠨ ᠶᠤᠮ ᠰᠢᠭ᠋ ᠵᠣᠴᠢᠨ ᠤ᠋ ᠡᠮᠦᠨ᠎ᠡ ᠰᠢᠷᠡᠭᠡ ᠳᠦᠭᠦᠷᠡᠩ ᠢᠳᠡᠭᠡ ᠪᠣᠢ ᠪᠣᠯᠵᠤ᠂ ᠭᠡᠷ ᠦ᠋ᠨ ᠡᠵᠡᠨ ᠠᠪᠠᠭᠠᠢ ᠴᠢᠨᠠᠵᠤ ᠪᠠᠢᠭᠰᠠᠨ ᠬᠣᠭᠣᠯᠠ ᠳ᠋ᠠᠭᠠᠨ ᠳᠠᠯᠤ ᠳᠥᠷᠪᠡᠨ ᠥᠨᠳᠥᠷ ᠬᠢᠵᠦ᠂ ᠴᠠᠭᠠᠨ ᠢᠳᠡᠭᠡ᠂ ᠠᠭᠠᠷᠤᠤᠯ ᠲᠣᠰᠣᠨ ᠤ᠋ ᠠᠮᠲᠠᠲᠠᠢ ᠰᠠᠢᠬᠠᠨ ᠢ᠋ ᠲᠠᠯᠪᠢᠵᠤ᠂ ᠢᠸᠠᠨ ᠭᠤᠸᠠᠢ ᠶ᠋ᠢ ᠵᠣᠴᠢᠯᠠᠨ᠂ ᠠᠪᠳᠠᠷ᠎ᠠ ᠪᠠᠨ ᠠᠭᠤᠳᠠᠯᠵᠤ᠂ ᠴᠠᠭᠠᠨ ᠪᠥᠭᠰᠡᠲᠦ ᠯᠣᠩᠬᠣ ᠲᠠᠢ ᠠᠷᠠᠵᠠ ᠭᠠᠷᠭᠠᠵᠤ᠂ ᠶᠡᠬᠡᠯ᠎ᠡ (ᠶᠡᠬᠡ ᠯᠡ) ᠨᠠᠢᠷᠲᠠᠢ ᠳᠣᠲᠣᠨᠣ ᠡᠯᠢᠭᠡᠰᠡᠭ ᠪᠠᠢᠳᠠᠯᠲᠠᠢ ᠪᠠᠢᠭ᠎ᠠ ᠶ᠋ᠢ ᠨᠢ ᠦᠵᠡᠪᠡᠯ᠂ ᠭᠡᠷ ᠦ᠋ᠨ ᠡᠵᠡᠨ ᠡᠮᠡᠭᠲᠡᠢ ᠨᠢ ᠨᠠᠢᠷᠲᠠᠢ ᠵᠣᠴᠢᠮᠰᠠᠭ(ᠵᠣᠴᠢᠨᠰᠠᠭ) ᠮᠣᠩᠭᠣᠯ ᠤ᠋ᠨ ᠶᠣᠰᠣ ᠭᠦᠢᠴᠡᠳᠬᠡᠨ ᠳᠠᠭᠠᠵᠤ ᠪᠠᠢᠭ᠎ᠠ ᠲᠡᠳᠦᠢᠬᠡᠨ ᠪᠢᠰᠢ᠂ ᠦᠨᠡᠬᠡᠷ ᠰᠠᠢᠨ ᠬᠥᠮᠦᠨ ᠭᠡᠵᠦ ᠡᠷᠬᠢᠮᠯᠡᠨ ᠦᠵᠡᠵᠦ ᠪᠠᠢᠭ᠎ᠠ ᠵᠣᠴᠢᠨ ᠢ᠋ᠶ᠋ᠠᠨ ᠬᠦᠨᠳᠦᠳᠬᠡᠵᠦ ᠵᠣᠴᠢᠯᠠᠭᠰᠠᠨ ᠪᠠᠢᠳᠠᠯᠲᠠᠢ ᠠᠵᠢ᠃
ᠦᠨᠡᠬᠡᠷ ᠰᠢᠪᠢᠷ ᠦ᠋ᠨ ᠲᠡᠷᠡ ᠣᠷᠣᠰ ᠢᠸᠠᠨ᠂ ᠡᠪᠦᠭᠡᠨ ᠮᠠᠯᠴᠢᠨ ᠪᠠᠲᠤᠪᠠᠶᠠᠷ ᠬᠣᠶᠠᠷ ᠦᠨᠡᠨ ᠰᠡᠳᠬᠢᠯ ᠦ᠋ᠨ ᠰᠠᠢᠬᠠᠨ ᠲᠠᠨᠢᠯᠴᠠᠭᠰᠠᠨ ᠵᠤᠵᠠᠭᠠᠨ ᠨᠠᠢᠷᠲᠠᠢ ᠵᠢᠷᠤᠮ ᠤ᠋ᠨ ᠬᠣᠶᠠᠷ ᠨᠥᠬᠥᠷ ᠪᠠᠢᠵᠠᠢ᠃ ᠨᠤᠲᠤᠭ ᠤ᠋ᠨ ᠮᠣᠩᠭᠣᠯᠴᠤᠳ ᠤ᠋ᠨ ᠬᠠᠯᠵᠠᠨ ᠶᠡᠺᠦᠸ ᠭᠡᠳᠡᠭ ᠣᠷᠣᠰ ᠬᠤᠳᠠᠯᠳᠤᠭᠠᠴᠢᠨ ᠲᠣᠷᠭᠣᠸ ᠤ᠋ᠨ ᠳ᠋ᠤ᠌ ᠵᠠᠷᠤᠴᠠᠯᠠᠭᠳᠠᠵᠤ ᠪᠠᠢᠬᠤ ᠳ᠋ᠠᠭᠠᠨ ᠢᠸᠠᠨ ᠡᠪᠦᠭᠡᠨ᠂ ᠰᠢᠳᠤᠷᠭᠤ ᠴᠢᠬᠡᠴᠢ ᠪᠠᠲᠤᠪᠠᠶᠠᠷ ᠲᠠᠢ ᠲᠠᠨᠢᠯᠴᠠᠭᠠᠳ ᠬᠣᠶᠠᠭᠤᠯᠠ ᠶᠡᠬᠡᠯ᠎ᠡ(ᠶᠡᠬᠡ ᠯᠡ) ᠳᠣᠲᠣᠨᠣ ᠡᠯᠢᠭᠡᠰᠡᠭ ᠠᠬ᠎ᠠ ᠳᠡᠭᠦᠦ ᠰᠢᠭ ᠪᠣᠯᠤᠭᠰᠠᠨ ᠤᠯᠤᠰ ᠪᠠᠢᠵᠠᠢ᠃
ᠢᠸᠠᠨ ᠡᠪᠦᠭᠡᠨ᠂ ᠰᠠᠢᠨ ᠨᠥᠬᠥᠷ ᠦ᠋ᠨ ᠭᠡᠷ ᠲᠦ᠍ ᠰᠠᠭᠤᠵᠤ ᠬᠣᠭᠣᠯᠠ ᠢᠳᠡᠵᠦ᠂ ᠠᠷᠠᠵᠠ ᠶ᠋ᠢ ᠳᠤᠷᠠᠲᠠᠶ᠎ᠠ ᠰᠢᠮᠡᠵᠦ ᠰᠠᠭᠤᠬᠤ ᠳ᠋ᠠᠭᠠᠨ ᠭᠡᠷ ᠦ᠋ᠨ ᠡᠵᠡᠨ ᠡᠪᠦᠭᠡᠨ ᠡᠮᠡᠭᠡᠨ ᠬᠣᠶᠠᠷ ᠡᠨᠡ ᠰᠥᠨᠢ ᠶ᠋ᠢᠨ ᠰᠢᠭᠤᠷᠭ᠎ᠠ ᠪᠠᠷ ᠯᠠᠪ ᠨᠣᠢᠷ ᠦᠭᠡᠢ ᠬᠣᠨᠣᠬᠤ ᠨᠢ ᠳᠡ ᠭᠡᠵᠦ ᠲᠥᠯᠥᠭᠡᠨ᠎ᠡ ᠰᠡᠳᠬᠢᠯᠴᠢᠯᠡᠨ ᠰᠠᠭᠤᠵᠤ ᠠᠵᠢᠭᠯᠠᠪᠠᠯ᠂ ᠫᠠᠭᠮ᠎ᠠ ᠪᠠᠲᠤᠪᠠᠶᠠᠷ ᠬᠣᠶᠠᠷ᠂ ᠬᠡᠳᠦᠨ ᠬᠦᠴᠦ ᠪᠠᠬᠠᠨ ᠮᠠᠭᠤᠳᠠᠭᠰᠠᠨ ᠦᠨᠢᠶ᠎ᠡ ᠳ᠋ᠦ᠍ ᠦᠯᠡᠳᠡᠭᠰᠡᠨ ᠱᠥᠯᠥ ᠡᠴᠡ ᠤᠤᠭᠤᠯᠭᠠᠭᠠᠳ᠂ ᠥᠷᠯᠥᠭᠡ ᠲᠡᠰᠢ ᠪᠠᠰᠠ ᠠᠭ᠎ᠠ ᠲᠠᠢ ᠴᠠᠢ ᠤᠤᠭᠤᠯᠭᠠᠨ᠎ᠠ ᠭᠡᠵᠦ ᠶᠠᠷᠢᠯᠴᠠᠵᠤ᠂ ᠭᠡᠷ ᠦ᠋ᠨ ᠳᠣᠲᠣᠷ᠎ᠠ ᠨᠢᠭᠡᠴᠤ ᠬᠥᠮᠦᠨ ᠳᠡᠪᠡᠯ ᠬᠤᠪᠴᠠᠰᠤ ᠪᠠᠨ ᠲᠠᠢᠯᠵᠤ᠂ ᠣᠷᠣ ᠳᠡᠪᠢᠰᠬᠡᠷ ᠵᠠᠰᠠᠭᠰᠠᠨ ᠦᠭᠡᠢ᠃ ᠪᠠᠲᠤᠪᠠᠶᠠᠷ᠂ ᠭᠠᠭᠴᠠᠬᠦ ᠵᠣᠴᠢᠨ ᠡᠪᠦᠭᠡᠨ ᠢ᠋ ᠤᠨᠲᠠᠵᠤ ᠠᠮᠠᠷᠠ ᠭᠡᠵᠦ ᠰᠢᠬᠠᠵᠤ᠂ ᠢᠸᠠᠨ ᠢ᠋ ᠡᠨᠡ ᠰᠢᠭᠤᠷᠭ᠎ᠠ ᠪᠠᠷ ᠪᠢ ᠪᠠᠰᠠ ᠲᠤᠰᠠᠯᠠᠯᠴᠠᠵᠤ᠂ ᠮᠠᠯ ᠢ᠋ ᠴᠢᠨᠢ ᠡᠷᠭᠢᠵᠦ ᠬᠠᠷᠠᠯᠴᠠᠶᠠ ᠭᠡᠬᠦ ᠳ᠋ᠦ᠍ᠨᠢ᠄
— ᠰᠠᠢᠨ ᠨᠥᠬᠥᠷ ᠠᠢᠯᠴᠢᠨ ᠢ᠋ ᠡᠨᠡ ᠰᠢᠭᠤᠷᠭᠠᠨ ᠳ᠋ᠤ᠌ ᠬᠣᠨᠢ ᠮᠠᠯ ᠢ᠋ᠶ᠋ᠠᠷ ᠮᠢᠨᠢ ᠨᠣᠴᠣᠯᠳᠤ ᠭᠡᠵᠦ ᠬᠥᠮᠦᠨ ᠶᠠᠮᠠᠷ ᠨᠢᠭᠤᠷ ᠢ᠋ᠶ᠋ᠠᠷ ᠬᠡᠯᠡᠳᠡᠭ ᠶᠦᠮ ᠪᠣᠢ ? ᠴᠢ ᠳᠡᠮᠡᠢ ᠦᠭᠡ ᠨᠠᠳᠠᠳᠤ ᠪᠢᠲᠡᠭᠡᠢ ᠬᠡᠯᠡ᠃ ᠢᠸᠠᠨ ᠮᠢᠨᠢ᠃ ᠰᠥᠨᠢ ᠬᠦᠢᠲᠡᠨ ᠬᠣᠨᠣᠬᠤ ᠪᠠᠢᠬᠤ᠃ ᠡᠨᠡ ᠴᠢᠨᠣ᠎ᠠ ᠶ᠋ᠢᠨ ᠳᠠᠬᠤ ᠨᠥᠮᠥᠷᠦᠭᠡᠳ ᠰᠠᠢᠨ ᠳᠤᠯᠠᠭᠠᠯᠠᠵᠤ ᠬᠡᠪᠲᠡ᠃ ᠭᠠᠯ ᠲᠦᠯᠡᠬᠦ ᠶ᠋ᠢ ᠵᠣᠭᠰᠣᠮᠠᠭᠴᠠ᠂ ᠭᠡᠷ ᠲᠦ᠍ ᠬᠦᠢᠲᠡᠨ ᠪᠣᠯᠤᠨ᠎ᠠ ᠭᠡᠵᠦ ᠡᠪᠦᠭᠡᠨ ᠪᠠᠲᠤᠪᠠᠶᠠᠷ᠂ ᠫᠠᠭᠮ᠎ᠠ ᠶ᠋ᠢ ᠠᠢᠯᠴᠢᠨ ᠳ᠋ᠤ᠌ ᠳᠡᠪᠢᠰᠬᠡᠷ ᠵᠠᠰᠠᠵᠤ᠂ ᠵᠥᠭᠡᠯᠡᠨ ᠰᠢᠷᠲᠡᠭ ᠳᠡᠭᠡᠷ᠎ᠡ ᠪᠠᠭᠠᠪᠠᠭᠠᠢ ᠶ᠋ᠢᠨ ᠳᠤᠯᠠᠭᠠᠨ ᠰᠠᠬᠠᠯᠢᠭ ᠦᠰᠦᠲᠡᠢ ᠠᠷᠠᠰᠤ ᠳᠡᠯᠭᠡᠵᠦ ᠪᠠᠢᠬᠤ ᠳ᠋ᠤᠨᠢ ᠢᠸᠠᠨ ᠢ᠋ ᠢᠳᠬᠠᠵᠤ ᠪᠢᠯᠡ᠃ ᠲᠡᠭᠡᠭᠡᠳ ᠲᠡᠷᠡ ᠬᠣᠲᠠ ᠠᠢᠯ ᠤ᠋ᠨ ᠬᠢᠨ ᠰᠥᠨᠢᠵᠢᠨ ᠮᠠᠯ ᠢ᠋ᠶ᠋ᠠᠨ ᠡᠷᠭᠢᠵᠦ᠂ ᠨᠣᠢᠷ ᠦᠭᠡᠢ ᠬᠣᠨᠣᠵᠠᠢ᠃
ᠢᠸᠠᠨ ᠭᠤᠸᠠᠢ ᠦᠰᠦᠲᠡᠢ ᠳᠡᠪᠡᠯ᠂ ᠴᠢᠨᠣ᠎ᠠ ᠶ᠋ᠢᠨ ᠳᠠᠬᠤ ᠪᠠᠷ ᠳᠤᠯᠠᠭᠠᠯᠠᠨ ᠬᠤᠴᠢᠵᠤ ᠬᠡᠪᠲᠡᠬᠦ ᠳ᠋ᠡᠭᠡᠨ ᠮᠠᠯᠴᠢᠨ ᠬᠥᠮᠦᠨ ᠦ᠌ ᠠᠵᠢᠯ ᠭᠡᠳᠡᠭ ᠮᠥᠨᠴᠥ ᠬᠦᠨᠳᠦ ᠰᠢᠷᠭᠠᠭᠤ ᠬᠥᠳᠡᠯᠮᠦᠷᠢ ᠳ᠋ᠡᠭ — ᠠ᠋᠃ ᠶᠡᠬᠡᠯ᠎ᠡ ᠳᠠᠳᠤᠯᠭ᠎ᠠ ᠲᠠᠢ ᠬᠠᠲᠠᠭᠤᠵᠢᠯᠲᠠᠢ ᠬᠥᠮᠦᠨ ᠦ᠌ ᠬᠢᠬᠦ ᠠᠵᠢᠯ ᠪᠠᠢᠨ᠎ᠠ ᠳᠠ ᠭᠡᠵᠦ ᠮᠠᠯᠴᠢᠨ ᠠᠷᠠᠳ ᠤ᠋ᠨ ᠠᠵᠢᠯ ᠢ᠋ ᠪᠣᠳᠣᠭᠰᠠᠭᠠᠷ ᠬᠦᠢ ᠬᠦᠢ ᠰᠠᠯᠬᠢᠯᠠᠵᠤ ᠭᠡᠷ ᠢ᠋ ᠳᠣᠩᠰᠣᠯᠭᠠᠬᠤ ᠰᠢᠭᠤᠷᠭᠠᠨ ᠤ᠋ ᠴᠢᠮᠡᠭᠡᠨ ᠳᠤᠮᠳᠠᠭᠤᠷ ᠨᠢᠭᠡ ᠮᠡᠳᠡᠬᠦ ᠳ᠋ᠦ᠍ ᠬᠡᠳᠦᠢᠨᠡᠢ ᠤᠨᠲᠠᠵᠠᠢ᠃
ᠥᠷᠯᠥᠭᠡ᠂ ᠰᠢᠭᠤᠷᠭ᠎ᠠ ᠪᠦᠷ ᠴᠦ᠍ ᠰᠢᠷᠦᠭᠦᠨ ᠪᠣᠯᠵᠤ᠂ ᠤᠷᠵᠢ ᠰᠥᠨᠢ ᠨᠣᠢᠷ ᠦᠭᠡᠢ ᠬᠣᠨᠣᠭᠰᠠᠨ ᠲᠡᠷᠡ ᠬᠣᠲᠠ ᠶ᠋ᠢᠨ ᠬᠢᠨ ᠮᠠᠯ ᠢ᠋ᠶ᠋ᠠᠨ ᠡᠪᠦᠯ ᠦ᠋ᠨ ᠰᠢᠭᠤᠷᠭ᠎ᠠ ᠪᠠᠷ ᠪᠡᠯᠴᠢᠭᠡᠬᠦ ᠳ᠋ᠦ᠍ ᠬᠡᠷᠡᠭᠯᠡᠵᠦ᠂ ᠵᠣᠷᠢᠭᠤᠳᠠ ᠨᠡᠭᠡᠭᠡᠵᠦ ᠪᠠᠢᠭᠰᠠᠨ ᠨᠥᠮᠥᠷᠢ ᠪᠡᠯᠴᠢᠭᠡᠷ ᠦ᠋ᠨ ᠵᠦᠭ ᠮᠠᠯ ᠪᠡᠯᠴᠢᠭᠡᠬᠦ ᠪᠡᠷ ᠪᠣᠯᠵᠠᠢ᠃
ᠰᠢᠭᠤᠷᠭᠠᠨ ᠠ᠋ᠴᠠ ᠠᠭᠤᠯᠠ ᠬᠠᠳᠠ᠂ ᠪᠤᠷᠭᠠᠰᠤ ᠬᠠᠷᠭᠠᠨ᠎ᠠ ᠪᠠᠷ ᠬᠠᠯᠬᠠᠯᠠᠭᠳᠠᠭᠰᠠᠨ ᠨᠥᠮᠥᠷᠢ ᠪᠡᠯᠴᠢᠭᠡᠷ ᠦ᠋ᠨ ᠵᠦᠭ ᠲᠡᠮᠡᠭᠡ ᠪᠡᠷ ᠴᠠᠰᠤᠨ ᠵᠠᠮ ᠭᠠᠷᠭᠠᠵᠤ᠂ ᠲᠡᠮᠡᠭᠡᠨ ᠦ᠌ ᠬᠣᠢᠨ᠎ᠠ ᠠ᠋ᠴᠠ ᠦᠬᠡᠷ ᠢ᠋ᠶ᠋ᠡᠨ᠂ ᠦᠬᠡᠷ ᠦ᠋ᠨ ᠬᠣᠢᠨ᠎ᠠ ᠠ᠋ᠴᠠ ᠬᠣᠨᠢ ᠪᠠᠨ ᠲᠠᠭᠤᠵᠢ᠃ ᠬᠣᠲᠠᠨ ᠳ᠋ᠤᠨᠢ ᠭᠠᠭᠴᠠᠬᠦ ᠡᠮᠡᠭᠡᠨ ᠰᠦᠷᠦᠩ᠂ ᠵᠠᠭᠠᠯ ᠰᠢᠷᠴᠢᠨ᠂ ᠰᠢᠭᠤᠷᠭ᠎ᠠ ᠨᠠᠮᠳᠠᠬᠤ ᠶ᠋ᠢ ᠲᠦᠷ ᠬᠦᠯᠢᠭᠡᠯᠵᠡᠨᠡᠭᠰᠡᠨ ᠢᠸᠠᠨ ᠲᠠᠢ ᠭᠤᠷᠪᠠᠭᠤᠯᠠ ᠦᠯᠡᠳᠡᠵᠡᠢ᠃
ᠴᠠᠰᠤᠨ ᠪᠤᠳᠠᠩ ᠳᠤᠮᠳᠠᠭᠤᠷ ᠲᠣᠮᠣ ᠴᠠᠭᠠᠨ ᠠᠳᠠ ᠤᠨᠤᠭᠰᠠᠨ ᠫᠠᠭᠮ᠎ᠠ᠂ ᠲᠡᠮᠡᠭᠡ ᠲᠡᠢ ᠲᠦᠷᠦᠭᠦᠯᠡᠵᠦ᠂ ᠬᠣᠢᠨ᠎ᠠ ᠠ᠋ᠴᠠ ᠨᠢ ᠬᠣᠨᠢ ᠪᠠᠨ ᠲᠠᠭᠤᠵᠤ᠂ ᠲᠡᠮᠡᠭᠡ ᠤᠨᠤᠵᠤ ᠳᠠᠭᠠᠭᠰᠠᠨ ᠪᠠᠲᠤᠪᠠᠶᠠᠷ ᠳᠠᠷᠠᠩ ᠬᠣᠶᠠᠷ ᠪᠤᠳᠠᠩ ᠳᠤᠮᠳᠠᠭᠤᠷ ᠬᠠᠴᠢᠨ ᠬᠡᠢ ᠦᠵᠡᠭᠳᠡᠯ ᠰᠢᠭ ᠰᠦᠮᠡᠯᠵᠡᠨ᠂ ᠬᠠᠶᠠ ᠰᠠᠯᠬᠢ ᠬᠦᠢ ᠬᠦᠢ ᠰᠠᠯᠬᠢᠯᠠᠵᠤ᠂ ᠲᠣᠮᠣ ᠲᠣᠮᠣ ᠲᠡᠮᠡᠭᠡ ᠶ᠋ᠢ ᠪᠡᠶ᠎ᠡ ᠪᠡᠶ᠎ᠡ ᠲᠡᠢ ᠨᠢ ᠮᠥᠷᠭᠥᠯᠳᠦᠲᠡᠯᠡ ᠰᠢᠭᠤᠷᠴᠤ ᠪᠠᠢᠪᠠ᠃ ᠲᠡᠭᠡᠵᠦ ᠶᠠᠪᠤᠭᠰᠠᠭᠠᠷ᠂ ᠠᠭᠤᠯᠠ ᠶ᠋ᠢᠨ ᠰᠤᠭᠤᠨ ᠳ᠋ᠠᠬᠢ ᠨᠥᠮᠥᠷᠢ ᠪᠡᠯᠴᠢᠭᠡᠷ ᠲᠦ᠍ ᠬᠦᠷᠪᠡᠯ᠂ ᠰᠠᠯᠬᠢ ᠲᠡᠷᠡ ᠬᠠᠪᠢ ᠳ᠋ᠤ᠌ ᠨᠡᠯᠢᠶᠡᠳ ᠨᠠᠮᠳᠠᠭᠤ᠂ ᠴᠠᠰᠤ ᠶ᠋ᠢ ᠵᠠᠢᠯᠠᠭᠤᠯᠵᠤ ᠬᠠᠮᠤᠬᠤ ᠳ᠋ᠤ᠌ ᠳᠣᠣᠷ᠎ᠠ ᠠ᠋ᠴᠠ ᠨᠢ ᠤᠭ ᠲᠠᠭᠠᠨ ᠨᠣᠭᠣᠭᠠᠨ ᠥᠩᠭᠡᠲᠡᠢ ᠥᠳᠬᠡᠨ ᠬᠠᠭᠳᠠ ᠡᠪᠡᠰᠦ ᠭᠠᠷᠴᠤ᠂ ᠬᠦᠢᠲᠡᠨ ᠳ᠋ᠦ᠍ ᠲᠠᠭᠠᠷᠠᠵᠤ ᠪᠡᠶ᠎ᠡ ᠪᠡᠨ ᠬᠤᠷᠢᠶᠠᠵᠤ ᠪᠥᠭᠴᠥᠢᠭᠰᠡᠨ ᠦᠬᠡᠷ ᠮᠠᠯ᠂ ᠴᠠᠰᠤᠨ ᠳᠣᠣᠷ᠎ᠠ ᠠ᠋ᠴᠠ ᠭᠠᠷᠤᠭᠰᠠᠨ ᠬᠠᠭᠳᠠ ᠰᠢᠨᠤᠨ ᠢᠳᠡᠵᠦ᠂ ᠮᠠᠯᠯᠠᠵᠤ ᠶᠠᠪᠤᠭᠰᠠᠨ ᠬᠥᠮᠦᠨ ᠨᠢ ᠴᠢᠭᠢᠷᠠᠭ ᠬᠦᠴᠦᠲᠡᠢ ᠮᠠᠯ ᠨᠢ ᠬᠦᠴᠦ ᠲᠠᠷᠭᠤ ᠮᠠᠭᠤᠲᠠᠢ ᠪᠠᠨ ᠬᠣᠢᠰᠢ ᠲᠦᠷᠢᠭᠦᠵᠢᠨ ᠭᠡᠵᠦ ᠬᠠᠷᠢᠭᠤᠯᠤᠨ ᠮᠠᠯᠯᠠᠭᠰᠠᠭᠠᠷ᠂ ᠣᠷᠣᠢ ᠲᠡᠰᠢ ᠨᠡᠯᠢᠶᠡᠳ ᠶᠠᠳᠠᠷᠠᠵᠤ᠂ ᠮᠠᠯ ᠲᠠᠢ ᠪᠠᠨ ᠬᠠᠮᠲᠤ ᠪᠤᠴᠠᠵᠤ ᠢᠷᠡᠭᠡᠳ᠂ ᠭᠡᠷ ᠦ᠋ᠨ ᠢ᠋ᠶ᠋ᠡᠨ ᠬᠠᠵᠠᠭᠤ ᠨᠥᠮᠥᠷᠢ ᠳ᠋ᠦ᠍ ᠮᠠᠭᠤ ᠰᠠᠢᠨ ᠢᠰᠡᠭᠡᠢ ᠪᠡᠷ ᠳᠠᠷᠤᠭᠤᠯᠵᠤ᠂ ᠬᠣᠨᠢᠨ ᠤ᠋ ᠬᠣᠲᠠᠨ ᠤ᠋ ᠬᠣᠨᠢᠨ ᠬᠠᠰᠢᠶ᠎ᠠ ᠶ᠋ᠢ ᠵᠠᠳᠠᠯᠠᠵᠤ ᠬᠠᠰᠢᠭᠰᠠᠨ ᠣᠪᠣᠭᠠᠯᠠᠰᠤᠲᠠᠢ ᠶᠡᠬᠡ ᠡᠪᠡᠰᠦ ᠦᠵᠡᠭᠡᠳ ᠶᠡᠬᠡᠯ᠎ᠡ ᠭᠠᠢᠬᠠᠵᠠᠢ᠃ ᠪᠠᠲᠤᠪᠠᠶᠠᠷ᠂ ᠰᠦᠷᠦᠩ ᠡᠮᠡᠭᠡᠨ ᠢ᠋ ᠵᠠᠩᠨᠠᠵᠤ᠂ ᠴᠢ ᠢᠸᠠᠨ ᠢ᠋ ᠵᠣᠪᠠᠭᠠᠵᠤ᠂ ᠡᠨᠡ ᠬᠡᠴᠡᠭᠦᠦ ᠰᠢᠭᠤᠷᠭᠠᠨ ᠢ᠋ᠶ᠋ᠠᠷ ᠡᠪᠡᠰᠦ ᠴᠢᠷᠦᠭᠦᠯᠵᠦ ᠲᠦᠪᠡᠭ ᠲᠠᠲᠠᠭᠤᠯᠤᠭᠰᠠᠨ ᠪᠢᠵᠡ! ᠬᠥᠮᠦᠨ᠂ ᠡᠨᠡ ᠶᠡᠬᠡ ᠰᠠᠯᠬᠢ ᠰᠢᠭᠤᠷᠭᠠᠨ ᠢ᠋ᠶ᠋ᠠᠷ ᠬᠡᠭᠡᠷ᠎ᠡ ᠵᠠᠮ ᠲᠥᠭᠡᠷᠢᠵᠦ᠂ ᠠᠮᠢ ᠦᠷᠡᠭᠳᠡᠪᠡᠯ ᠶᠠᠭᠠᠬᠢᠨ᠎ᠠ? ᠭᠡᠵᠡᠢ᠃
— ᠦᠭᠡᠢ᠂ ᠪᠢ ᠶᠡᠷᠦ ᠳ᠋ᠡᠭᠡᠨ ᠶᠠᠭᠤᠮ᠎ᠠ ᠬᠡᠯᠡᠭᠡ ᠦᠭᠡᠢ ᠰᠢᠦ᠃ ᠢᠸᠠᠨ᠂ ᠲᠠ ᠨᠠᠷ ᠠ᠋ᠴᠠ ᠬᠣᠢᠰᠢ ᠰᠠᠯᠬᠢ ᠪᠠᠬᠠᠨ ᠨᠠᠮᠳᠠᠬᠤ ᠨᠢᠭᠡ ᠵᠠᠪᠰᠠᠷ ᠲᠤ᠌ ᠨᠢ ᠶᠠᠪᠤᠭᠠᠳ ᠬᠠᠷᠢᠨ᠂ ᠨᠢᠭᠡ ᠮᠡᠳᠡᠬᠦᠯ᠎ᠡ ᠦᠳᠡ ᠡᠴᠡ ᠬᠣᠢᠰᠢ ᠬᠣᠶᠠᠷ ᠴᠢᠷᠭ᠎ᠠ ᠡᠪᠡᠰᠦ ᠠᠪᠴᠢᠷᠠᠭᠠᠳ᠂ ᠪᠠᠲᠤᠪᠠᠶᠠᠷ ᠢ᠋ ᠣᠯᠠᠨ ᠶᠠᠭᠤᠮ᠎ᠠ ᠬᠡᠯᠡᠭᠡᠳ ᠪᠠᠢᠪᠠᠯ ᠠᠢᠯ ᠬᠥᠮᠦᠨ ᠠᠮᠢ ᠨᠢᠭᠡᠲᠡᠢ ᠶᠦᠮ ᠭᠡᠵᠦ ᠨᠠᠮᠠᠶ᠋ᠢ ᠬᠡᠯᠡᠭᠰᠡᠨ ᠭᠡᠵᠦ ᠬᠡᠯᠡᠭᠡᠷᠡᠢ ᠭᠡᠳ ᠶᠠᠪᠤᠴᠢᠬᠰᠠᠨ (ᠶᠠᠪᠤᠴᠢᠬᠠᠭᠰᠠᠨ) ᠭᠡᠬᠦ ᠳ᠋ᠦ᠍ᠨᠢ᠂
— ᠴᠢ ᠬᠠᠷᠢᠭᠤ ᠳ᠋ᠤᠨᠢ᠂ ᠠᠴᠢᠲᠠᠢ ᠪᠣᠯ ᠭᠡᠵᠦ ᠭᠠᠭᠴᠠ ᠴᠤ᠌ ᠦᠭᠡ ᠬᠡᠯᠡᠪᠡᠦ(ᠬᠡᠯᠡᠪᠡ ᠤᠤ?) ᠪᠢᠳᠡᠨ ᠦ᠌ ᠲᠥᠯᠥᠭᠡ ᠡᠨᠡ ᠰᠢᠭᠤᠷᠭᠠᠨ ᠢ᠋ᠶ᠋ᠠᠷ ᠬᠥᠮᠦᠨ ᠢ᠋ ᠲᠡᠭᠡᠵᠦ ᠪᠠᠢᠬᠤ ᠳ᠋ᠤ᠌?
— ᠪᠢ ᠠᠷᠠᠢ ᠭᠡᠵᠦ ᠨᠢᠭᠡ ᠭᠦᠵᠡᠭᠡ ᠲᠣᠰᠣ᠂ ᠬᠠᠷ᠎ᠠ ᠪᠠ ᠪᠠᠷ(ᠠᠯᠪᠠ ᠪᠠᠷ) ᠥᠭᠴᠦ ᠶᠠᠪᠤᠭᠤᠯᠤᠭᠰᠠᠨ᠃ ᠶᠠᠭᠤᠮ᠎ᠠ ᠠᠪᠬᠤ ᠦᠭᠡᠢ ᠭᠡᠳ ᠬᠠᠯᠠᠭᠠᠵᠤ(ᠬᠠᠯᠭᠠᠵᠤ) ᠥᠭᠭᠦᠭᠰᠡᠨ ᠦᠭᠡᠢ᠃
— ᠵᠠᠮᠪᠠ ᠢᠷᠡᠭᠰᠡᠨ ᠤᠤ ?
— ᠦᠳᠡ ᠶ᠋ᠢᠨ ᠠᠯᠲᠠᠲᠤ (ᠠᠯᠲᠠ ᠳ᠋ᠤ᠌) ᠢᠷᠡᠭᠡᠳ ᠶᠠᠪᠤᠭᠰᠠᠨ᠂ ᠠᠳᠤᠭᠤ ᠪᠦᠷᠢᠨ ᠰᠠᠢᠨ ᠭᠡᠨ᠎ᠡ ᠪᠢᠯᠡ᠃ ᠰᠠᠯᠬᠢᠨ ᠳ᠋ᠤ᠌ ᠲᠠᠭᠤᠭᠳᠠᠭᠰᠠᠨ ᠲᠠᠪᠢᠭᠠᠳ ᠠᠳᠤᠭᠤ ᠶ᠋ᠢ ᠠᠳᠤᠭᠤᠨ ᠳ᠋ᠠᠭᠠᠨ ᠨᠡᠢᠯᠡᠭᠦᠯᠦᠭᠡᠳ ᠮᠠᠨᠠᠵᠤ ᠬᠣᠨᠣᠭᠰᠠᠨ ᠭᠡᠨ᠎ᠡ ᠪᠢᠯᠡ᠃
— ᠵᠠ᠂ ᠪᠣᠯᠵᠠᠢ᠂ ᠪᠣᠯᠵᠠᠢ᠂ ᠶᠣᠰᠣᠲᠠᠢ ᠬᠥᠮᠦᠨ ᠰᠢᠭ ᠵᠥᠪ ᠬᠢᠵᠦ ᠳᠡ᠃ ᠡᠨᠡ ᠰᠢᠭᠤᠷᠭᠠᠨ ᠢ᠋ᠶ᠋ᠠᠷ ᠠᠳᠤᠭᠤ ᠦᠬᠡᠷ ᠢ᠋ᠶ᠋ᠡᠨ ᠠᠯᠳᠠᠭᠰᠠᠨ ᠬᠣᠬᠢᠷᠠᠭᠰᠠᠨ ᠤᠯᠤᠰ ᠶᠡᠬᠡᠯ᠎ᠡ(ᠶᠡᠬᠡ ᠯᠡ) ᠣᠯᠠᠨ ᠪᠠᠢᠬᠤ ᠶᠣᠰᠣᠲᠠᠢ᠃ ᠶᠠᠮᠠᠷ᠂ ᠠᠢᠯ ᠪᠦᠷᠢ ᠪᠢᠳᠡ ᠰᠢᠭ᠋ ᠨᠥᠮᠥᠷᠢ ᠡᠪᠦᠯᠵᠢᠭᠡ (ᠡᠪᠦᠯᠵᠢᠶ᠎ᠡ) ᠪᠡᠯᠴᠢᠭᠡᠷ ᠲᠡᠢ ᠪᠠᠢᠭ᠎ᠠ(ᠪᠢᠰᠢ) ᠭᠡᠵᠡᠢ᠃ ᠪᠠᠰᠠ ᠬᠥᠮᠦᠨ ᠪᠦᠷᠢ ᠳ᠋ᠦ᠍ ᠪᠤᠶᠠᠨ ᠨᠢ ᠳᠡᠯᠭᠡᠷᠡᠭᠰᠡᠨ ᠢᠸᠠᠨ ᠭᠤᠸᠠᠢ ᠪᠠᠢᠳᠠᠭ ᠪᠢᠰᠢ᠂ ᠬᠡᠴᠡᠭᠦᠦ ᠪᠠᠢᠨ᠎ᠠ ᠳᠠ ᠡᠳᠦᠢ ᠳ᠋ᠦ᠍ ᠭᠡᠵᠦ ᠬᠡᠯᠡᠯᠴᠡᠭᠰᠡᠭᠡᠷ ᠭᠡᠷ ᠲᠡᠭᠡᠨ ᠣᠷᠣᠵᠤ ᠳᠤᠯᠠᠭᠠᠴᠠᠪᠠ᠃
ᠰᠥᠨᠢ ᠳᠤᠮᠳᠠ ᠠ᠋ᠴᠠ ᠬᠣᠢᠰᠢ ᠰᠠᠯᠬᠢ ᠨᠠᠮᠳᠠᠵᠤ᠂ ᠰᠢᠭᠤᠷᠭᠠᠨ ᠢ᠋ᠶ᠋ᠠᠷ ᠮᠠᠯ ᠲᠠᠢ ᠨᠣᠴᠣᠯᠳᠤᠵᠤ ᠠᠯᠵᠢᠶᠠᠭᠰᠠᠨ ᠬᠣᠲᠠ ᠶ᠋ᠢᠨ ᠬᠢᠨ ᠰᠠᠢ᠍ᠢ (ᠰᠠᠶᠢ) ᠪᠡᠶ᠎ᠡ ᠰᠡᠳᠬᠢᠯ ᠠᠮᠠᠷᠠᠪᠠ᠃
— ᠰᠠᠯᠬᠢᠨ ᠤ᠋ ᠡᠮᠡᠭᠡᠨ ᠣᠳᠣ ᠯᠠ ᠨᠢᠭᠡ᠂ ᠲᠤᠯᠤᠮ᠎ᠠ ᠪᠠᠨ(ᠲᠤᠯᠤᠮ ᠢ᠋ᠶ᠋ᠠᠨ) ᠤᠶᠠᠵᠤ ᠳᠠ᠂ ᠪᠢᠳᠡ ᠴᠤ᠌ ᠭᠡᠰᠡᠨ ᠬᠥᠭᠰᠢᠨ ᠶᠠᠰᠤ ᠪᠠᠨ ᠠᠮᠠᠷᠠᠭᠠᠶ᠎ᠠ ᠳᠠ ᠭᠡᠵᠦ ᠪᠠᠲᠤᠪᠠᠶᠠᠷ ᠰᠡᠭᠦᠯ ᠦ᠋ᠨ ᠤᠳᠠᠭ᠎ᠠ ᠮᠠᠯ ᠢ᠋ᠶ᠋ᠠᠨ ᠨᠢᠭᠡ ᠡᠷᠭᠢᠵᠦ ᠦᠵᠡᠪᠡ᠃
ᠡᠭᠦᠯᠡᠨ ᠦ᠌ ᠵᠠᠪᠰᠠᠷ ᠠ᠋ᠴᠠ ᠰᠠᠷ᠎ᠠ ᠭᠠᠷᠴᠤ᠂ ᠴᠠᠰᠤᠨ ᠪᠦᠲᠡᠭᠡᠯᠭᠡ ᠲᠡᠢ ᠵᠠᠬ᠎ᠠ ᠬᠢᠵᠠᠭᠠᠷ ᠦᠭᠡᠢ ᠠᠭᠤᠳᠠᠮ ᠴᠠᠭᠠᠨ ᠲᠠᠯ᠎ᠠ᠂ ᠰᠥᠨᠢ ᠶ᠋ᠢᠨ ᠲᠩᠷᠢ ᠵᠤᠷᠠᠢᠨ ᠬᠠᠷᠠᠭᠳᠠᠵᠤ ᠪᠠᠢᠭ᠎ᠠ᠂ ᠬᠦᠢᠲᠡᠨ ᠠᠮᠢᠰᠬᠤᠯ ᠵᠢᠩᠭᠢᠨᠡᠭᠰᠡᠨ ᠰᠦᠷᠲᠡᠢ ᠠᠭᠤᠯᠠᠰ ᠢ᠋ ᠭᠡᠢᠵᠡᠢ᠃ ᠰᠠᠯᠬᠢᠨ ᠤ᠋ ᠱᠤᠤᠬᠢᠨᠠᠬᠤ ᠴᠢᠮᠡᠭᠡ ᠨᠠᠮᠳᠠᠵᠤ᠂ ᠶᠡᠬᠡᠯ᠎ᠡ(ᠶᠡᠬᠡ ᠯᠡ) ᠨᠠᠮ ᠭᠦᠮ ᠪᠣᠯᠪᠠ᠃ ᠴᠠᠰᠤ ᠪᠣᠯᠤᠭᠰᠠᠨ ᠲᠡᠮᠡᠭᠡ᠂ ᠦᠬᠡᠷ᠂ ᠬᠣᠨᠢ᠂ ᠭᠡᠷ᠂ ᠰᠠᠷᠠᠨ ᠤ᠋ ᠭᠡᠷᠡᠯ ᠳ᠋ᠦ᠍ ᠴᠠᠰᠤᠨ ᠳ᠋ᠤ᠌ ᠳᠠᠷᠤᠭᠳᠠᠭᠰᠠᠨ᠂ ᠤᠷᠭᠤᠭ᠎ᠠ ᠦᠬᠡᠷ ᠴᠢᠯᠠᠭᠤ ᠰᠢᠭ᠋ ᠦᠵᠡᠭᠳᠡᠵᠦ᠂ ᠬᠥᠮᠦᠨ ᠦ᠌ ᠮᠥᠷ ᠴᠠᠰᠤᠨ ᠳᠡᠭᠡᠷ᠎ᠡ ᠵᠤᠷᠠᠢᠨ ᠦᠵᠡᠭᠳᠡᠵᠦ ᠪᠠᠢᠭ᠎ᠠ ᠨᠢ ᠠᠰᠬ᠎ᠠ ᠴᠢᠯᠠᠭᠤᠨ ᠳᠣᠣᠷᠠᠬᠢ ᠣᠭᠣᠲᠣᠨ᠎ᠠ ᠶ᠋ᠢᠨ ᠮᠥᠷ ᠰᠢᠭ ᠬᠠᠷᠠᠭᠳᠠᠵᠠᠢ᠃
ᠦᠰᠦᠭ ᠠᠮᠢᠯᠠᠭᠤᠯᠤᠭᠴᠢ᠄ ᠤᠢᠭᠤᠷᠵᠢᠨ ᠣᠳᠬᠣᠨᠪᠠᠪᠠ᠂ ᠪᠠᠳᠮᠠᠰᠡᠴᠡᠨ᠂ ᠣᠶᠤᠨᠪᠠᠲᠤ
ᠬᠢᠨᠠᠭᠴᠢ᠄ ᠣᠳᠬᠣᠨᠴᠡᠴᠡᠭ᠂ ᠬᠦᠮᠦᠵᠢᠯᠲᠦ᠂ ᠪᠠᠯ
ᠤᠩᠰᠢᠭᠴᠢ᠄ ᠨᠠᠰᠤᠨ᠌ᠦ᠌ᠯᠵᠡᠢ
