ᠦᠷ ᠦᠨ ᠲᠤᠶᠠᠭ᠎ᠠ 1 – ᠪ᠂ ᠷᠢᠨᠴᠢᠨ - ᠲᠡᠷᠢᠬᠦᠨ ᠲᠡᠪᠲᠡᠷ <ᠮᠠᠨᠵᠤ ᠶᠢᠨ ᠳᠠᠯᠬᠢᠨ ᠳᠤ>(ᠶᠢᠰᠦ) Үүрийн туяа I – Б ᠂ Ренчин Тэргүүн дэвтэр "<Манжийн талхинд" (9) ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠷ ᠦᠨ ᠲᠤᠶᠠᠭ᠎ᠠ 1 – ᠪ᠂ ᠷᠢᠨᠴᠢᠨ - ᠲᠡᠷᠢᠬᠦᠨ ᠲᠡᠪᠲᠡᠷ <ᠮᠠᠨᠵᠤ ᠶᠢᠨ ᠳᠠᠯᠬᠢᠨ ᠳᠤ>(ᠶᠢᠰᠦ) Үүрийн туяа I – Б ᠂ Ренчин Тэргүүн дэвтэр "<Манжийн талхинд" (9)

ᠦᠷ ᠦᠨ ᠲᠤᠶᠠᠭ᠎ᠠ 1 – ᠪ᠂ ᠷᠢᠨᠴᠢᠨ - ᠲᠡᠷᠢᠬᠦᠨ ᠲᠡᠪᠲᠡᠷ <ᠮᠠᠨᠵᠤ ᠶᠢᠨ ᠳᠠᠯᠬᠢᠨ ᠳᠤ>(ᠶᠢᠰᠦ) Үүрийн туяа I – Б ᠂ Ренчин Тэргүүн дэвтэр "<Манжийн талхинд" (9)

ᠠᠩᠭᠢᠯᠠᠯ:ᠲᠤᠭᠤᠵᠢ ᠷᠣᠮᠠᠨ
2024-11-07

687

ᠶᠢᠰᠦ ᠂ ᠨᠣᠬᠠᠢ ᠰᠢᠷᠪᠠᠭᠠᠴᠢ ᠨᠣᠶᠠᠨ ᠤᠷᠪᠠᠭᠠᠴᠢ


                 ᠭᠠᠳᠠᠨ᠎ᠠ ᠪᠠᠨ ᠭᠢᠯᠠᠨᠴᠠᠭ᠂ ᠳᠣᠲᠣᠷ᠎ᠠ ᠪᠠᠨ ᠫᠠᠯᠠᠨᠴᠠᠭ        
                           (ᠠᠷᠠᠳ ᠤ᠋ᠨ ᠵᠦᠢᠷ ᠦᠭᠡᠨ ᠡᠴᠡ)   

       ᠠᠷᠤ ᠴᠣᠬᠢᠶᠠᠲᠤ ᠶ᠋ᠢᠨ ᠦᠵᠡᠰᠬᠦᠯᠡᠩᠲᠦ ᠰᠠᠢᠬᠠᠨ ᠠᠭᠤᠯᠠᠰ ᠲᠤ᠌ ᠬᠦᠷᠦᠭᠡ ᠬᠢᠵᠦ ᠶᠠᠪᠤᠭᠰᠠᠨ ᠵᠠᠮᠪᠠ᠂ ᠠᠴᠢᠶᠠᠲᠠᠢ ᠲᠡᠮᠡᠭᠡ ᠬᠥᠲᠥᠯᠦᠭᠰᠡᠨ ᠭᠤᠷᠪᠠᠨ ᠮᠣᠷᠢᠲᠠᠨ ᠢ᠋ ᠬᠣᠯᠠ ᠠ᠋ᠴᠠ ᠬᠠᠷᠠᠵᠤ ᠠᠵᠢᠭᠯᠠᠪᠠᠯ᠂ ᠲᠡᠷᠡ ᠠᠶᠠᠨ ᠤ᠋ ᠤᠯᠤᠰ᠂ ᠡᠷᠲᠡᠨ ᠦ᠌ ᠡᠪᠳᠡᠷᠬᠡᠢ ᠪᠠᠯᠭᠠᠰᠤ᠂ ᠬᠥᠰᠢᠶ᠎ᠡ ᠴᠢᠯᠠᠭᠤ ᠲᠠᠢ ᠲᠥᠰᠦᠭᠡᠲᠡᠢ ᠰᠣᠨᠢᠨ ᠰᠣᠨᠢᠨ ᠬᠡᠯᠪᠡᠷᠢᠲᠡᠢ ᠴᠢᠯᠠᠭᠤ᠂ ᠠᠰᠬ᠎ᠠ ᠶ᠋ᠢᠨ ᠢᠷᠣᠭᠠᠷ ᠢ᠋ᠶ᠋ᠠᠷ ᠵᠠᠮᠨᠠᠵᠤ᠂ ᠵᠠᠷᠢᠮ ᠭᠠᠵᠠᠷ ᠶᠣᠰᠣᠲᠠᠢ ᠬᠥᠰᠢᠶ᠎ᠡ ᠴᠢᠯᠠᠭᠤ᠂ ᠬᠢᠷᠭᠢᠰ ᠬᠡᠭᠦᠷ ᠪᠠᠢᠭᠰᠠᠨ ᠢ᠋ ᠣᠨᠴᠣᠭᠣᠢᠯᠠᠨ(ᠣᠨᠴᠠᠭᠠᠢᠯᠠᠨ) ᠦᠵᠡᠵᠦ ᠶᠠᠪᠤᠭ᠎ᠠ ᠶ᠋ᠢ ᠬᠠᠷᠠᠵᠤ᠄ 
       — ᠬᠣᠶᠠᠷ ᠣᠷᠣᠰ ᠨᠢᠭᠡ ᠮᠣᠩᠭᠣᠯ ᠭᠡᠵᠦ ᠬᠤᠪᠴᠠᠰᠤ ᠪᠠᠢᠳᠠᠯ ᠢ᠋ᠶ᠋ᠠᠷ ᠮᠠᠭᠠᠳᠯᠠᠭᠠᠳ ᠲᠡᠳᠡᠨ ᠦ᠌ ᠵᠦᠭ ᠤᠭᠲᠤᠨ ᠣᠳᠪᠠ᠃ ᠠᠢᠰᠤᠵᠤ ᠠᠵᠢᠭᠯᠠᠪᠠᠯ ᠮᠣᠷᠢ ᠲᠡᠮᠡᠭᠡ ᠨᠢ ᠡᠴᠡᠰᠬᠢᠵᠦ ᠠᠭᠤᠯᠠᠨ ᠳ᠋ᠤ᠌ ᠴᠢᠯᠠᠭᠤ ᠶᠡᠬᠡᠲᠡᠢ ᠪᠠᠷᠲᠠᠭᠠᠲᠠᠢ ᠭᠠᠵᠠᠷ ᠶᠠᠪᠤᠭᠰᠠᠭᠠᠷ ᠣᠯᠠᠳᠠᠭᠰᠠᠨ ᠰᠢᠨᠵᠢᠲᠡᠢ ᠦᠵᠡᠭᠳᠡᠵᠡᠢ᠃  
       — ᠰᠠᠢᠨ ᠶᠠᠪᠤᠵᠤ ᠪᠠᠢᠨᠠᠤ? ᠭᠡᠵᠦ ᠠᠶᠠᠨᠴᠢᠨ ᠤ᠋ ᠠᠮᠤᠷ ᠢ᠋ ᠠᠰᠠᠭᠤᠵᠤ ᠡᠪᠦᠭᠡᠵᠢᠬᠡᠷ ᠨᠢᠭᠡ ᠣᠷᠣᠰ ᠲᠡᠭᠦᠨ ᠦ᠌ ᠬᠠᠮ ᠶᠠᠪᠤᠵᠤ ᠪᠠᠢᠭ᠎ᠠ ᠶᠠᠳᠠᠭᠤ ᠬᠣᠪᠴᠠᠰᠤᠲᠠᠢ ᠮᠣᠩᠭᠣᠯ ᠯᠠᠮᠠ᠂ ᠣᠷᠣᠰ ᠬᠣᠪᠴᠠᠰᠤᠲᠠᠢ ᠨᠢᠭᠡ ᠰᠣᠶᠣᠩ ᠭᠡᠵᠦ ᠦᠵᠡᠭᠰᠡᠨ ᠬᠥᠮᠦᠨ ᠢ᠋ ᠰᠣᠨᠢᠷᠬᠠᠨ ᠬᠠᠷᠠᠬᠤ ᠳ᠋ᠤ᠌ ᠰᠣᠶᠣᠩ᠂ ᠯᠠᠮᠠ ᠬᠣᠶᠠᠷ᠂  
       — ᠰᠠᠢᠨ᠂ ᠲᠠ ᠰᠠᠢᠨ ᠶᠠᠪᠤᠵᠤ ᠪᠠᠢᠨᠤ( ᠪᠠᠢᠨ᠎ᠠ ᠤᠤ)? ᠭᠡᠵᠦ ᠬᠠᠷᠢᠭᠤ ᠠᠰᠠᠭᠤᠵᠤ᠂ ᠡᠪᠦᠭᠡᠵᠢᠬᠡᠷ ᠣᠷᠣᠰ ᠬᠥᠮᠦᠨ ᠬᠥᠬᠡ ᠴᠢᠷᠠᠢᠲᠤ ᠰᠣᠶᠣᠩ ᠤ᠋ᠨ ᠵᠦᠭ ᠨᠢᠭᠡ ᠶᠠᠭᠤᠮ᠎ᠠ ᠬᠡᠯᠡᠵᠦ ᠠᠰᠠᠭᠤᠭᠰᠠᠨ ᠪᠣᠯᠤᠯᠲᠠᠢ᠃ ᠲᠡᠷᠡ ᠬᠡᠯᠡᠮᠦᠷᠴᠢ ᠰᠣᠶᠣᠩ᠄ 
       — ᠮᠠᠨ ᠤ᠋ ᠳᠠᠷᠤᠭ᠎ᠠ᠂ ᠬᠠᠮᠢᠭ᠎ᠠ ᠪᠠᠷ ᠶᠠᠪᠤᠪᠠᠯ ᠰᠠᠢᠨ ᠨᠣᠶᠠᠨ ᠬᠠᠭᠠᠨ ᠤ᠋ ᠥᠷᠭᠥᠭᠡ ᠣᠷᠣᠬᠤ ᠳ᠋ᠤ᠌ ᠳᠥᠭᠥᠮ ᠪᠣᠢ ᠭᠡᠵᠦ ᠠᠰᠠᠭᠤᠵᠤ ᠪᠠᠢᠨ᠎ᠠ ᠭᠡᠵᠦ ᠵᠠᠮᠪᠠ ᠠ᠋ᠴᠠ ᠠᠰᠠᠭᠤᠵᠠᠢ᠃  
       — ᠲᠡᠷᠡ ᠬᠠᠪᠴᠢᠯ ᠢ᠋ᠶ᠋ᠠᠷ ᠶᠠᠪᠤᠪᠠᠯ ᠬᠠᠭᠠᠨ ᠤ᠋ ᠬᠦᠷᠢᠶᠡᠨ ᠳ᠋ᠦ᠍ ᠣᠷᠣᠢ ᠳᠠᠰᠢ ᠬᠦᠷᠦᠨ᠎ᠡ ᠳᠡ᠃ ᠲᠠᠨ ᠤ᠋ ᠬᠥᠰᠬᠡ ᠤᠨᠤᠭ᠎ᠠ ᠡᠴᠡᠵᠦ᠂ ᠨᠠᠷᠠᠨ ᠵᠢᠷᠭᠠᠬᠤ ᠠ᠋ᠴᠠ ᠨᠠᠰᠢ ᠬᠦᠷᠴᠦ ᠴᠢᠳᠠᠬᠤ ᠦᠭᠡᠢ ᠪᠣᠯᠪᠠᠤ᠂ ᠬᠠᠭᠠᠨ ᠤ᠋ ᠬᠦᠷᠢᠶᠡᠨ ᠳ᠋ᠦ᠍ ᠯᠠᠮᠠ ᠶ᠋ᠢᠨ ᠭᠡᠭᠡᠭᠡᠨᠲᠡᠨ ᠮᠣᠷᠢᠯᠠᠵᠤ ᠪᠠᠢᠭ᠎ᠠ᠃ ᠮᠠᠷᠭᠠᠰᠢ ᠬᠠᠭᠠᠨ᠂ ᠭᠡᠭᠡᠭᠡᠨᠲᠡᠨ ᠢ᠋ ᠦᠳᠡᠵᠦ ᠭᠠᠷᠭᠠᠵᠤ ᠥᠭᠬᠦ ᠶᠦ᠍ᠮ ᠭᠡᠨ᠎ᠡ ᠪᠢᠯᠡ ᠭᠡᠵᠦ ᠵᠠᠮᠪᠠ ᠲᠡᠷᠡ ᠠᠶᠠᠨ ᠤ᠋ ᠤᠯᠤᠰ ᠢ᠋ ᠠᠵᠢᠭᠯᠠᠨ ᠬᠠᠷᠠᠵᠤ᠂ ᠨᠤᠲᠤᠭ ᠤ᠋ᠨ ᠰᠣᠨᠢᠨ ᠠ᠋ᠴᠠ ᠵᠠᠬ᠎ᠠ ᠵᠤᠬ᠎ᠠ ᠶ᠋ᠢ ᠴᠤᠬᠤᠢᠯᠭᠠᠨ ᠶᠠᠷᠢᠵᠤ ᠠᠰᠠᠭᠤᠷᠤᠨ᠄ 
       — ᠲᠠᠨ ᠤ᠋ ᠳᠠᠷᠤᠭ᠎ᠠ ᠶ᠋ᠢᠨ ᠨᠡᠷ᠎ᠡ ᠬᠡᠨ ᠪᠣᠢ? ᠭᠡᠪᠡᠯ᠂ ᠬᠡᠯᠡᠮᠦᠷᠴᠢ ᠥᠴᠢᠷᠦᠨ᠄ 
       — ᠶᠡᠳ᠋ᠷᠢᠨᠼᠸᠸ    
       — ᠴᠢᠨᠦ ᠨᠡᠷ᠎ᠡ ᠬᠡᠨ ᠪᠣᠢ?     
       — ᠹᠸᠤᠳ᠋ᠤᠷ   
       — ᠹᠸᠤᠳ᠋ᠤᠷ ᠤᠤ ? ᠦᠭᠡᠢ᠂ ᠴᠢ ᠰᠣᠶᠣᠩ ᠬᠥᠮᠦᠨ ᠪᠢᠰᠢ ᠤᠤ ? ᠭᠡᠵᠦ ᠭᠠᠢᠬᠠᠭᠠᠳ᠂ ᠲᠡᠷᠡ ᠬᠡᠯᠡᠮᠦᠷᠴᠢ ᠲᠡᠢ ᠨᠠᠮ ᠳᠠᠭᠤᠨ ᠢ᠋ᠶ᠋ᠠᠷ ᠬᠡᠯᠡᠯᠴᠡᠭᠰᠡᠭᠡᠷ ᠬᠠᠷ᠎ᠠ ᠪᠠᠯᠭᠠᠰᠤᠨ ᠳ᠋ᠤ᠌ ᠪᠠᠭᠤᠭᠰᠠᠨ ᠰᠢᠨᠵᠢᠯᠡᠭᠡᠨ ᠦ᠌ ᠲᠣᠮᠣ ᠠᠩᠭᠢ ᠶ᠋ᠢᠨ ᠨᠢᠭᠡ ᠰᠠᠯᠪᠤᠷᠢ ᠨᠢ ᠶᠠᠪᠤᠵᠤ ᠪᠠᠢᠭ᠎ᠠ ᠤᠴᠢᠷ ᠢ᠋ ᠮᠡᠳᠡᠵᠦ᠂ ᠭᠠᠢᠬᠠᠰᠬᠢᠨ ᠠᠰᠠᠭᠤᠷᠤᠨ᠄ 
       — ᠲᠠ ᠨᠠᠷ᠂ ᠠᠯᠪᠠᠨ ᠤ᠋ ᠬᠥᠮᠦᠨ ᠮᠥᠷᠲᠡᠭᠡᠨ᠂ ᠶᠡᠷᠦ ᠶ᠋ᠢᠨ ᠶᠠᠳᠠᠭᠤ ᠮᠥᠷᠭᠥᠯᠴᠢᠨ ᠰᠢᠭ ᠳᠠᠩᠴᠢ ᠲᠤᠰᠠ ᠦᠭᠡᠢ ᠶᠠᠪᠤᠵᠤ ᠪᠠᠢᠨ᠎ᠠ ᠳᠠ? ᠮᠠᠨ ᠤ᠋ ᠨᠣᠶᠠᠳ ᠳᠠᠷᠤᠭ᠎ᠠ ᠨᠠᠷ ᠢᠩᠭᠢᠵᠦ ᠶᠠᠪᠤᠳᠠᠭ ᠦᠭᠡᠢ ᠰᠢᠦ᠃ ᠨᠣᠮᠣᠬᠠᠨ ᠪᠤᠷᠬᠠᠨ ᠢ᠋ ᠨᠣᠬᠠᠢ ᠳᠣᠯᠢᠶᠠᠳᠠᠭ ᠭᠡᠵᠦ ᠬᠠᠭᠤᠴᠢᠨ ᠤ᠋ ᠦᠭᠡᠨ ᠳ᠋ᠦ᠍ ᠪᠠᠢᠳᠠᠭ᠃ ᠬᠢᠲᠠᠳ ᠲᠦᠩᠰᠢ ᠶ᠋ᠢᠨ ᠫᠦᠰᠡᠨ ᠦ᠌ ᠠᠳᠠᠭ ᠤ᠋ᠨ ᠮᠠᠭᠤ ᠪᠢᠴᠢᠭᠡᠴᠢ ᠬᠦᠷᠲᠡᠯ᠎ᠡ᠂ ᠡᠳᠦᠢ ᠲᠡᠳᠦᠢ ᠭᠠᠵᠠᠷᠴᠢ᠂ ᠤᠯᠠᠭᠠᠴᠢ ᠪᠣᠱᠣᠭ ᠳᠠᠭᠠᠭᠤᠯᠤᠨ ᠳᠠᠪᠬᠢᠵᠤ᠂ ᠶᠠᠪᠤᠭᠰᠠᠨ ᠭᠠᠵᠠᠷ ᠲᠠᠭᠠᠨ ᠢᠳᠡᠬᠦ ᠲᠠᠷᠭᠤᠨ ᠬᠣᠨᠢ᠂ ᠤᠨᠤᠬᠤ ᠰᠠᠢᠨ ᠮᠣᠷᠢ᠂ ᠬᠣᠨᠣᠬᠤ ᠰᠠᠢᠨ ᠭᠡᠷ ᠨᠡᠬᠡᠵᠦ (ᠨᠡᠭᠡᠭᠡᠵᠦ)᠂ ᠨᠢᠭᠤᠷ ᠨᠢᠳᠦ ᠦᠭᠡᠢ ᠲᠠᠰᠢᠭᠤᠷᠳᠠᠵᠤ ᠶᠠᠪᠤᠳᠠᠭ ᠰᠢᠦ ᠳᠡ᠃ ᠲᠠᠨᠠᠷ ᠤ᠋ᠨ ᠢᠩᠭᠢᠵᠦ ᠭᠤᠢᠯᠢᠨᠴᠢᠨ ᠴᠢᠷᠠᠢᠯᠠᠵᠤ᠂ ᠡᠢᠮᠦ ᠶᠠᠳᠠᠭᠤ ᠬᠡᠷᠡᠭᠯᠡᠯ ᠲᠡᠢ ᠶᠠᠪᠤᠬᠤ ᠳ᠋ᠤ᠌᠂ ᠬᠡᠨ ᠲᠠ ᠨᠠᠷ ᠢ᠋ ᠲᠣᠭᠣᠵᠤ᠂ ᠣᠯᠢᠭᠲᠠᠢ ᠤᠯᠠᠭ᠎ᠠ ᠬᠥᠰᠭᠡ ᠨᠡᠢᠯᠡᠭᠦᠯᠳᠡᠭ ᠶᠦᠮ ᠪᠣᠢ? ᠭᠡᠵᠦ ᠲᠡᠷᠡ ᠬᠡᠯᠡᠮᠦᠷᠴᠢ ᠳ᠋ᠦ᠍ ᠬᠡᠯᠡᠬᠦ ᠳ᠋ᠦ᠍ᠨᠢ᠂ ᠣᠷᠣᠰ ᠡᠷᠳᠡᠮᠲᠡᠨ᠂ ᠬᠡᠯᠡᠮᠦᠷᠴᠢ ᠡᠴᠡ 
       — ᠡᠨᠡ ᠬᠥᠮᠦᠨ ᠶᠠᠭᠤ ᠬᠡᠯᠡᠵᠦ ᠪᠠᠢᠨ᠎ᠠ ᠭᠡᠵᠦ ᠠᠰᠠᠭᠤᠭᠠᠳ ᠤᠴᠢᠷ ᠢ᠋ ᠮᠡᠳᠡᠮᠡᠭᠴᠡ᠂ ᠪᠢᠳᠡ ᠲᠦᠰᠢᠮᠡᠯ ᠪᠢᠰᠢ᠂ ᠬᠢᠲᠠᠳ ᠫᠦᠰᠡᠨ ᠦ᠌ ᠪᠢᠴᠢᠭᠡᠴᠢ ᠪᠢᠰᠢ᠂ ᠰᠢᠨᠵᠢᠯᠡᠬᠦ ᠤᠬᠠᠭᠠᠨ ᠤ᠋ ᠬᠥᠮᠦᠨ᠃ ᠮᠠᠨ ᠤ᠋ ᠶᠣᠰᠣᠨ ᠳ᠋ᠤ᠌ ᠨᠣᠶᠠᠳ ᠳᠠᠷᠤᠭ᠎ᠠ ᠨᠠᠷ ᠤ᠋ᠨ ᠡᠮᠦᠨ᠎ᠡ ᠵᠢᠰᠤᠷᠳᠠᠨ ᠭᠤᠶᠤᠵᠤ᠂ ᠠᠷᠠᠳ ᠠ᠋ᠴᠠ ᠬᠢᠬᠠᠨ ᠬᠠᠪᠴᠢᠵᠤ ᠶᠠᠪᠤᠬᠤ ᠲᠡᠢᠮᠦ ᠶᠣᠰᠣ ᠪᠠᠢᠳᠠᠭ ᠦᠭᠡᠢ ᠶᠦ᠍ᠮ ᠭᠡᠵᠦ ᠤᠴᠢᠷ ᠢ᠋ ᠬᠡᠯᠡᠵᠦ ᠥᠭ ᠭᠡᠬᠦ ᠳ᠋ᠦ᠍ᠨᠢ᠂ ᠲᠦᠰᠢᠮᠡᠯ ᠦ᠋ᠨ ᠳᠡᠭᠡᠷᠡᠩᠭᠦᠢ᠂ ᠠᠯᠪᠠᠨ ᠤ᠋ ᠰᠦᠷ ᠢ᠋ᠶ᠋ᠡᠷ ᠳᠠᠯᠠᠢᠯᠭᠠᠵᠤ ᠶᠠᠪᠤᠳᠠᠭ ᠢ᠋ ᠲᠡᠢᠮᠦ ᠯᠡ ᠪᠠᠢᠳᠠᠭ ᠶᠣᠰᠣᠲᠠᠢ ᠶᠤᠮ᠃ ᠳᠡᠭᠡᠭᠦᠷ ᠶᠡᠬᠡ ᠬᠥᠮᠦᠨ᠂ ᠠᠯᠪᠠᠨ ᠲᠦᠰᠢᠮᠡᠯ ᠪᠣᠯᠪᠠᠯ᠂ ᠪᠤᠰᠤᠳ ᠲᠤ᠌ ᠡᠷᠬᠡ ᠴᠢᠳᠠᠯ ᠳᠠᠪᠠᠭᠤ ᠶ᠋ᠢ ᠦᠵᠡᠭᠦᠯᠵᠦ ᠶᠠᠪᠤᠳᠠᠭ ᠶᠣᠰᠣᠲᠠᠢ ᠶᠤᠮ ᠭᠡᠵᠦ ᠪᠣᠳᠣᠵᠤ ᠪᠠᠢᠭᠰᠠᠨ ᠢ᠋ᠶ᠋ᠠᠨ᠂ ᠰᠠᠢᠬᠢ(ᠰᠠᠶᠢᠬᠢ) ᠣᠷᠣᠰ ᠡᠷᠳᠡᠮᠲᠡᠨ ᠦ᠌ ᠦᠭᠡ ᠶ᠋ᠢ ᠰᠣᠨᠣᠰᠤᠭᠠᠳ ᠭᠠᠢᠬᠠᠨᠠᠮ ᠪᠥᠭᠡᠳ ᠢᠴᠡᠩᠭᠦᠷᠡᠨᠡᠮ ᠪᠢᠯᠡ᠃ 
       ᠴᠢᠩᠭᠢᠵᠦ ᠶᠠᠪᠤᠭᠰᠠᠭᠠᠷ ᠨᠠᠷᠢᠨ ᠬᠠᠪᠴᠢᠯ ᠳ᠋ᠤ᠌ ᠣᠷᠣᠵᠤ ᠬᠤᠷᠴᠠ ᠨᠢᠳᠦᠲᠡᠢ ᠭᠥᠷᠥᠭᠡᠴᠢᠨ ᠵᠠᠮᠪᠠ ᠠ᠋ᠴᠠ ᠥᠭᠡᠷ᠎ᠡ ᠬᠥᠮᠦᠨ ᠦ᠌ ᠪᠠᠷᠤᠭ ᠵᠠᠮ ᠭᠡᠵᠦ ᠮᠠᠲᠠᠰᠢ ᠦᠭᠡᠢ ᠨᠠᠷᠢᠨ ᠵᠥᠷᠢᠭ ᠵᠠᠮ ᠢ᠋ᠶ᠋ᠠᠷ ᠲᠣᠮᠣ ᠲᠣᠮᠣ ᠦᠬᠡᠷ ᠴᠢᠯᠠᠭᠤᠨ ᠤ᠋ ᠬᠣᠭᠣᠷᠣᠨᠳᠣᠭᠤᠷ ᠮᠣᠭᠠᠢ ᠮᠡᠲᠦ ᠮᠤᠰᠬᠢᠯᠵᠠᠨ ᠴᠤᠪᠤᠵᠤ᠂ ᠴᠢᠭᠢᠭᠲᠡᠢ ᠬᠠᠪᠴᠢᠯ ᠳ᠋ᠤ᠌ ᠰᠣᠨᠢᠨ ᠬᠠᠴᠢᠨ ᠤᠭᠠᠯᠵᠠ ᠰᠢᠭ᠋ ᠭᠡᠭᠡᠯᠡᠨ ᠤᠷᠭᠤᠭᠰᠠᠨ ᠬᠠᠭ ᠬᠥᠪᠳᠥ ᠲᠡᠢ ᠬᠠᠳᠠ ᠴᠣᠬᠢᠶ᠎ᠠ ᠶ᠋ᠢᠨ ᠳᠤᠮᠳᠠᠭᠤᠷ ᠶᠠᠪᠤᠬᠤ ᠳ᠋ᠤᠨᠢ᠂ ᠵᠠᠮ ᠨᠢ ᠵᠠᠷᠢᠮ ᠳ᠋ᠠᠭᠠᠨ ᠪᠣᠷᠭᠢᠶ᠎ᠠ ᠲᠠᠢ ᠴᠢᠯᠠᠭᠤ᠂ ᠬᠣᠶᠠᠷ ᠡᠷᠭᠢ ᠶ᠋ᠢᠨ ᠬᠠᠳᠠᠨ ᠳ᠋ᠤ᠌ ᠬᠠᠪᠴᠢᠭᠳᠠᠵᠤ᠂ ᠬᠥᠭᠡᠰᠦᠷᠡᠨ ᠪᠤᠷᠭᠢᠯᠵᠤ ᠪᠠᠢᠭᠰᠠᠨ ᠣᠩᠭᠢᠨ ᠭᠣᠣᠯ ᠤ᠋ᠨ ᠳᠡᠭᠡᠭᠦᠷ᠂ ᠬᠠᠳᠠᠨ ᠤ᠋ ᠢᠷᠮᠡᠭ ᠢ᠋ᠶ᠋ᠡᠷ ᠭᠠᠷᠴᠤ᠂ ᠪᠠᠢᠳᠠᠯ ᠶᠡᠬᠡ ᠰᠦᠷᠲᠡᠢ ᠠᠵᠢ᠃    
       ᠣᠷᠣᠢ ᠲᠡᠰᠢ ᠬᠠᠷᠠᠩᠭᠤᠢ ᠴᠢᠭᠢᠭᠲᠡᠢ ᠬᠠᠪᠴᠢᠯ ᠠ᠋ᠴᠠ ᠭᠠᠷᠴᠤ᠂ ᠨᠢᠭᠡᠨ ᠬᠠᠳᠠᠨ ᠬᠣᠰᠢᠭᠤ ᠲᠣᠭᠣᠷᠢᠲᠠᠯ᠎ᠠ᠂ ᠠᠢᠯ᠂ ᠮᠠᠯ ᠳᠦᠭᠦᠷᠦᠭᠰᠡᠨ ᠥᠷᠭᠡᠨ ᠬᠥᠨᠳᠡᠢ ᠦᠵᠡᠭᠳᠡᠪᠡ᠃ ᠦᠳᠡᠰᠢ ᠶ᠋ᠢᠨ ᠨᠠᠷᠠᠨ ᠭᠡᠷᠡᠯ ᠳ᠋ᠦ᠍ ᠬᠠᠭᠠᠨ ᠤ᠋ ᠬᠦᠷᠢᠶᠡᠨ ᠦ᠌ ᠰᠦᠮ᠎ᠡ ᠳᠤᠭᠠᠩ ᠤ᠋ᠨ ᠠᠯᠲᠠᠨ ᠭᠠᠨᠵᠢᠷ᠎ᠠ ᠭᠢᠯᠠᠯᠵᠠᠵᠤ᠂ ᠣᠷᠣᠢ ᠶ᠋ᠢᠨ ᠮᠥᠷᠭᠥᠯ ᠦ᠋ᠨ ᠪᠢᠰᠬᠢᠭᠦᠷ ᠲᠠᠲᠠᠬᠤ ᠢᠷᠠᠭᠤ ᠳᠠᠭᠤᠨ ᠰᠣᠨᠣᠰᠳᠠᠵᠤ᠂ ᠬᠠᠶᠠ ᠬᠠᠶᠠ ᠥᠳᠬᠡᠨ ᠳᠠᠭᠤᠲᠤ ᠦᠬᠡᠷ ᠪᠦᠷᠢᠶ᠎ᠡ ᠪᠠᠷᠬᠢᠷᠠᠬᠤ ᠨᠢ ᠰᠣᠨᠣᠰᠳᠠᠪᠠ᠃ 
       ᠰᠢᠨᠵᠢᠯᠡᠭᠡᠨ ᠦ᠌ ᠬᠢᠨ ᠢ᠋ ᠠᠷᠠᠢ ᠬᠡᠢᠳ ᠲᠦ᠍ ᠬᠦᠷᠦᠯ ᠦᠭᠡᠢ ᠵᠠᠮ ᠭᠣᠳᠣᠰ ᠳᠠᠭᠠᠷᠢᠯᠳᠤᠭᠰᠠᠨ ᠤᠷᠠᠩᠬᠠᠢ ᠬᠠᠷ᠎ᠠ ᠭᠡᠷ ᠦ᠋ᠨ ᠳᠡᠷᠭᠡᠳᠡ ᠵᠣᠭᠰᠣᠬᠤ ᠳ᠋ᠤ᠌ ᠵᠠᠮᠪᠠ ᠭᠠᠢᠬᠠᠵᠤ᠄ 
       — ᠲᠠᠨ ᠤ᠋ ᠳᠠᠷᠤᠭ᠎ᠠ᠂ ᠬᠣᠶᠠᠷ ᠢᠮᠠᠭ᠎ᠠ ᠲᠠᠢ ᠠᠳᠠᠭ ᠤ᠋ᠨ ᠭᠤᠢᠯᠢᠨᠴᠢᠨ ᠶᠠᠳᠠᠭᠤ ᠠᠢᠯ ᠳ᠋ᠤ᠌ ᠪᠠᠭᠤᠬᠤ ᠭᠡᠵᠦ ᠪᠠᠢᠭ᠎ᠠ ᠶᠤᠮ ᠤᠤ? ᠲᠠᠨᠠᠷ ᠶᠠᠭᠠᠬᠢᠴᠢᠬᠰᠠᠨ (ᠶᠠᠭᠠᠬᠢᠴᠢᠬᠠᠭᠰᠠᠨ) ᠤᠯᠤᠰ ᠪᠣᠢ? ᠪᠢ ᠲᠠᠨᠢᠳᠠᠭ ᠯᠠᠮᠠ ᠶ᠋ᠢᠨ ᠳ᠋ᠡᠭᠠᠨ ᠣᠴᠢᠵᠤ ᠪᠠᠭᠤᠨ᠎ᠠ ᠭᠡᠵᠡᠢ᠃ 
       ᠵᠢᠭᠤᠯᠴᠢᠨ᠂ ᠵᠠᠮᠪᠠ ᠶ᠋ᠢᠨ ᠲᠡᠷᠡ ᠦᠭᠡ ᠶ᠋ᠢ ᠰᠣᠨᠣᠰᠤᠭᠠᠳ᠂ ᠪᠢ ᠡᠨᠳᠡ ᠪᠠᠭᠤᠨ᠎ᠠ᠃ ᠵᠠᠮ ᠳ᠋ᠤ᠌ ᠪᠡᠶ᠎ᠡ ᠶᠠᠳᠠᠷᠠᠭᠠᠳ ᠨᠠᠳᠠᠳᠤ ᠲᠡᠭᠡᠵᠦ ᠶᠣᠰᠣᠷᠬᠠᠬᠤ ᠰᠠᠨᠠᠭ᠎ᠠ ᠠᠯᠠᠭ᠎ᠠ ᠭᠡᠵᠦ ᠬᠡᠯᠡᠭᠡᠳ ᠴᠢᠭᠢᠭᠲᠡᠢ ᠨᠣᠢᠲᠠᠨ ᠭᠠᠵᠠᠷ ᠶᠠᠪᠤᠭᠰᠠᠨ ᠠ᠋ᠴᠠ ᠪᠣᠯᠵᠤ ᠬᠥᠯ ᠦ᠋ᠨ ᠰᠢᠷ᠎ᠠ ᠤᠰᠤ ᠬᠥᠳᠡᠯᠵᠦ᠂ ᠶᠠᠩᠭᠢᠨᠠᠭᠰᠠᠨ ᠳ᠋ᠠᠭᠠᠨ ᠪᠤᠰᠢᠭᠤᠬᠠᠨ ᠪᠠᠭᠤᠵᠤ ᠠᠮᠠᠷᠠᠬᠤ ᠶ᠋ᠢ ᠰᠢᠮᠳᠠᠵᠠᠢ᠃ 
       ᠲᠡᠷᠡ ᠶᠠᠳᠠᠭᠤ ᠬᠠᠷ᠎ᠠ ᠭᠡᠷ ᠲᠡᠢ ᠠᠢᠯ ᠤ᠋ᠨ ᠬᠢᠨ ᠵᠣᠴᠢᠳ ᠢ᠋ ᠶᠡᠬᠡᠯ᠎ᠡ(ᠶᠡᠬᠡ ᠯᠡ) ᠬᠦᠨᠳᠦᠯᠡᠵᠦ ᠨᠣᠣᠷᠬᠠᠢ ᠳᠡᠪᠡᠯ ᠲᠡᠢ ᠡᠵᠡᠨ ᠡᠮᠡᠭᠲᠡᠢ ᠶ᠋ᠢ ᠮᠠᠭᠤ ᠬᠠᠷ᠎ᠠ ᠭᠡᠷ ᠲᠡᠭᠡᠨ ᠢᠮᠠᠭᠠᠨ ᠰᠦ ᠪᠡᠷ ᠰᠦᠯᠡᠭᠰᠡᠨ ᠴᠠᠢ ᠴᠢᠨᠠᠬᠤ ᠵᠠᠭᠤᠷ᠎ᠠ᠂ ᠭᠡᠷ ᠦ᠋ᠨ ᠡᠵᠡᠨ ᠲᠡᠮᠡᠭᠡᠨ ᠦ᠌ ᠠᠴᠢᠶ᠎ᠠ ᠶ᠋ᠢ ᠪᠠᠭᠤᠯᠭᠠᠵᠤ᠂ ᠮᠠᠢᠬᠠᠨ ᠰᠢᠭᠠᠬᠤ ᠳ᠋ᠤᠨᠢ ᠲᠤᠰᠠᠯᠠᠵᠤ ᠪᠠᠢᠲᠠᠯ᠎ᠠ ᠵᠢᠭᠤᠯᠴᠢᠨ ᠤ᠋ ᠬᠥᠯ ᠦ᠋ᠨ ᠰᠢᠷ᠎ᠠ ᠤᠰᠤ ᠬᠥᠳᠡᠯᠵᠦ᠂ ᠶᠠᠰᠤ ᠶᠠᠩᠭᠢᠨᠠᠭᠰᠠᠨ ᠢ᠋ ᠠᠰᠠᠭᠤᠵᠤ ᠮᠡᠳᠡᠭᠡᠳ᠂ ᠢᠰᠢᠭᠡ ᠶ᠋ᠢᠨ ᠬᠡᠳᠦᠨ ᠠᠷᠠᠰᠤ ᠠᠪᠴᠢᠷᠠᠭᠠᠳ᠂ ᠬᠥᠯ ᠢ᠋ᠶ᠋ᠡᠨ ᠳᠤᠯᠠᠭᠠᠯᠠᠵᠤ ᠣᠷᠢᠶᠠ ᠭᠡᠵᠦ ᠱᠠᠯ ᠱᠠᠯᠠᠭᠰᠠᠭᠠᠷ᠂ ᠡᠪᠦᠭᠡᠨ ᠵᠢᠭᠤᠯᠴᠢᠨ ᠤ᠋ ᠭᠤᠲᠤᠯ ᠢ᠋ ᠲᠠᠢᠯᠵᠤ᠂ ᠬᠥᠯ ᠢ᠋ ᠨᠢ ᠰᠠᠢᠬᠠᠨ ᠡᠯᠳᠡᠭᠰᠡᠨ ᠢᠰᠢᠭᠡ ᠶ᠋ᠢᠨ ᠵᠥᠭᠡᠯᠡᠨ ᠠᠷᠠᠰᠤ ᠪᠠᠷ ᠵᠢᠭᠢᠨᠡᠨ ᠪᠣᠭᠣᠵᠤ ᠥᠭᠬᠦ ᠡᠴᠡ ᠨᠠᠰᠢ ᠰᠠᠨᠠᠭ᠎ᠠ ᠠᠮᠠᠷᠠᠭᠰᠠᠨ ᠦᠭᠡᠢ᠂ ᠲᠡᠭᠡᠲᠡᠯ᠎ᠡ ᠴᠠᠢ ᠴᠤ᠌ ᠪᠤᠴᠠᠯᠵᠤ ᠵᠢᠭᠤᠯᠴᠢᠨ ᠭᠠᠳᠠᠭ᠎ᠠ ᠠᠶᠠᠨ ᠤ᠋ ᠪᠠᠨ ᠮᠠᠢᠬᠠᠨ ᠤ᠋ ᠠᠮᠠᠨ ᠳ᠋ᠤ᠌ ᠴᠠᠢ ᠤᠤᠭᠤᠵᠤ ᠴᠠᠩᠭ᠎ᠠ ᠪᠠᠨ ᠭᠠᠷᠭᠠᠪᠠ᠃ ᠲᠡᠷᠡ ᠵᠠᠪᠰᠠᠷ᠂ ᠭᠡᠷ ᠦ᠋ᠨ ᠡᠵᠡᠨ ᠠᠪᠠᠭᠠᠢ ᠵᠣᠴᠢᠳ ᠤ᠋ᠨ ᠠᠪᠴᠢᠷᠠᠭᠰᠠᠨ ᠬᠣᠨᠢᠨ ᠤ᠋ ᠮᠢᠬ᠎ᠠ ᠪᠠᠷ ᠣᠷᠣᠢ ᠶ᠋ᠢᠨ ᠬᠣᠭᠣᠯᠠ ᠬᠢᠵᠦ᠂ ᠲᠡᠷᠡ ᠦᠶ᠎ᠡ ᠳ᠋ᠦ᠍ ᠴᠢᠨᠡᠭᠡᠯᠢᠭ ᠮᠠᠯᠴᠢᠨ ᠴᠤ᠌ ᠭᠡᠰᠡᠨ᠂ ᠶᠡᠷᠦ ᠵᠤᠨ ᠴᠠᠭ ᠲᠡᠷᠡ ᠪᠦᠷᠢ ᠮᠠᠯ ᠢ᠋ᠶ᠋ᠠᠨ ᠨᠢᠲᠤᠯᠵᠤ ᠮᠢᠬ᠎ᠠ ᠢᠳᠡᠳᠡᠭ ᠦᠭᠡᠢ ᠲᠤᠯᠠ᠂ ᠵᠣᠴᠢᠳ ᠤ᠋ᠨ ᠪᠠᠭᠤᠭᠰᠠᠨ ᠲᠡᠷᠡ ᠶᠠᠳᠠᠭᠤ ᠠᠢᠯ ᠤ᠋ᠨ ᠭᠡᠷ ᠦ᠋ᠨ ᠡᠵᠡᠨ᠂ ᠨᠡᠯᠢᠶᠡᠳ ᠮᠢᠬᠠᠰᠠᠭᠰᠠᠨ ᠲᠤᠯᠠ ᠶᠡᠬᠡᠯ᠎ᠡ (ᠶᠡᠬᠡ ᠯᠡ)ᠳᠤᠷᠠᠲᠠᠢ᠃  
       — ᠰᠠᠢᠨ ᠠᠢᠯᠴᠢᠨ ᠳ᠋ᠤ᠌ ᠨᠣᠬᠠᠢ ᠬᠡᠦᠬᠡᠳ ᠬᠣᠶᠠᠷ ᠳᠤᠷᠠᠲᠠᠢ ᠭᠡᠳᠡᠭ ᠪᠢᠯᠡ᠃ ᠶᠠᠳᠠᠭᠤ ᠪᠢᠳᠡᠨ ᠦ᠌ ᠮᠠᠭᠤ ᠬᠠᠷ᠎ᠠ ᠭᠡᠷ ᠢ᠋ ᠭᠣᠯᠣᠯ ᠦᠭᠡᠢ ᠪᠠᠭᠤᠭᠰᠠᠨ ᠵᠣᠴᠢᠳ ᠲᠤ᠌ ᠡᠨᠡ ᠭᠡᠷ ᠦ᠋ᠨ ᠪᠦᠭᠦᠳᠡ ᠶᠡᠬᠡ ᠪᠠᠭ᠎ᠠ ᠦᠭᠡᠢ ᠪᠠᠶᠠᠷᠯᠠᠵᠤ ᠪᠠᠢᠨ᠎ᠠ᠃ ᠪᠢᠳᠡ ᠠᠯᠢ ᠬᠠᠪᠤᠷ ᠠ᠋ᠴᠠ ᠴᠠᠭᠠᠨ ᠰᠠᠷ᠎ᠠ ᠠ᠋ᠴᠠ ᠬᠣᠢᠰᠢ ᠶᠡᠷᠦ ᠬᠣᠨᠢᠨ ᠤ᠋ ᠮᠢᠬ᠎ᠠ ᠠᠮᠰᠠᠵᠤ ᠦᠵᠡᠭᠡ ᠦᠭᠡᠢ᠂ ᠪᠠᠷᠤᠭ ᠠᠮᠲᠠ ᠶ᠋ᠢ ᠨᠢ ᠤᠮᠠᠷᠲᠠᠴᠢᠬᠰᠠᠨ (ᠤᠮᠠᠷᠲᠠᠴᠢᠬᠠᠭᠰᠠᠨ)᠃ ᠵᠢᠰᠠ ᠶ᠋ᠢᠨ ᠦᠨᠢᠶ᠎ᠡ ᠶ᠋ᠢᠨ ᠬᠠᠭ ᠨᠠᠪᠲᠠᠰᠤ ᠬᠦᠷᠲᠡᠯ᠎ᠡ ᠪᠢᠳᠡᠨ ᠳ᠋ᠦ᠍ ᠮᠥᠨ ᠬᠣᠭᠣᠯᠠ ᠪᠣᠯᠵᠤ ᠪᠠᠢᠭᠰᠠᠨ ᠳᠠ ᠭᠡᠵᠦ ᠥᠨᠥ ᠥᠷᠯᠥᠭᠡ ᠮᠢᠬ᠎ᠠ ᠰᠠᠨᠠᠬᠤ ᠳ᠋ᠠᠭᠠᠨ ᠡᠬᠡᠨᠡᠷ ᠪᠢᠳᠡ ᠬᠣᠶᠠᠷ ᠶᠠᠷᠢᠵᠤ ᠰᠠᠭᠤᠭᠰᠠᠨ ᠪᠢᠯᠡ ᠭᠡᠵᠦ ᠦᠨᠡᠨ ᠦᠭᠡ ᠪᠡᠨ ᠡᠷᠡᠭᠡ ᠦᠭᠡᠢ ᠬᠡᠯᠡᠭᠡᠳ᠂ ᠠᠮᠠᠨ ᠳ᠋ᠠᠭᠠᠨ ᠰᠢᠬᠢᠷ ᠬᠢᠭᠡᠳ ᠡᠪᠦᠷ ᠳᠡᠭᠡᠷ᠎ᠡ ᠨᠢ ᠭᠠᠷᠤᠭᠰᠠᠨ ᠪᠢᠴᠢᠬᠠᠨ ᠬᠦᠦ ᠶ᠋ᠢ ᠦᠨᠦᠰᠴᠡᠢ᠃ ᠥᠭᠭᠢᠶᠡᠮᠦᠷ ᠵᠢᠭᠤᠯᠴᠢᠨ᠂ ᠭᠡᠷ ᠦ᠋ᠨ ᠡᠵᠡᠨ ᠢ᠋ ᠬᠣᠨᠢᠨ ᠤ᠋ ᠮᠢᠬ᠎ᠠ᠂ ᠤᠷᠢᠳ ᠦᠵᠡᠭᠳᠡᠭᠡ ᠦᠭᠡᠢ ᠣᠷᠣᠰ ᠰᠦᠬᠠᠷ ᠲᠠᠯᠬ᠎ᠠ ᠪᠠᠷ ᠬᠦᠨᠳᠦᠯᠡᠵᠦ᠂ ᠲᠡᠷᠡ ᠦᠳᠡᠰᠢ ᠥᠨᠥᠬᠢ ᠶᠠᠳᠠᠭᠤ ᠠᠢᠯ ᠤ᠋ᠨ ᠬᠢᠨ ᠬᠡᠰᠢᠭ ᠲᠤᠨᠢ ᠬᠦᠷᠲᠡᠵᠦ ᠪᠢᠲᠡᠭᠦᠨ ᠢ᠋ᠶ᠋ᠡᠷ ᠪᠢᠲᠡᠭᠦᠯᠡᠵᠦ ᠢᠳᠡᠵᠦ ᠦᠵᠡᠭᠡ ᠦᠭᠡᠢ ᠪᠡᠨ ᠢᠳᠡᠵᠦ ᠴᠠᠳᠤᠭᠰᠠᠨ ᠪᠢᠯᠡ᠃ 
       ᠥᠷᠯᠥᠭᠡ ᠨᠢ ᠵᠢᠭᠤᠯᠴᠢᠨ ᠡᠷᠳᠡᠮᠲᠡᠨ᠂ ᠬᠡᠯᠡᠮᠦᠷᠴᠢ ᠳᠠᠭᠠᠭᠤᠯᠤᠨ ᠨᠣᠶᠠᠨ ᠤ᠋ ᠬᠣᠰᠢᠭᠤ ᠲᠠᠮᠠᠭ᠎ᠠ ᠶ᠋ᠢᠨ ᠭᠠᠵᠠᠷ ᠣᠴᠢᠵᠠᠢ᠃  
       ᠪᠠᠬᠢᠷ ᠬᠠᠷ᠎ᠠ ᠭᠬᠢᠷ ᠪᠣᠯᠤᠭᠰᠠᠨ ᠡᠴᠡᠵᠦ ᠲᠤᠷᠠᠭᠰᠠᠨ ᠭᠤᠷᠪᠠᠨ ᠬᠣᠷᠢᠭᠳᠠᠯ᠂ ᠤᠷᠲᠤ ᠲᠠᠰᠢ ᠳᠤᠮᠳᠠᠭᠤᠷ ᠨᠢ ᠳᠠᠭᠠᠷᠢᠵᠤ᠂ ᠬᠥᠯ ᠰᠢᠷᠭᠤᠭᠤᠯᠬᠤ ᠨᠦᠬᠡ ᠭᠠᠷᠭᠠᠭᠠᠳ᠂ ᠴᠣᠭᠣᠵᠢᠯᠠᠭᠰᠠᠨ (ᠴᠣᠣᠵᠢᠯᠠᠭᠰᠠᠨ) ᠤᠷᠲᠤ ᠮᠣᠳᠣᠨ ᠳ᠋ᠤ᠌ ᠬᠣᠶᠠᠷ ᠬᠥᠯ ᠢ᠋ᠶ᠋ᠡᠨ ᠴᠢᠬᠢᠭᠦᠯᠵᠦ᠂ ᠪᠣᠰᠬᠤ ᠶᠠᠪᠤᠬᠤ ᠠᠷᠭ᠎ᠠ ᠦᠭᠡᠢ ᠰᠠᠭᠤᠵᠤ ᠪᠠᠢᠭᠰᠠᠨ ᠢ᠋ᠶ᠋ᠠᠨ ᠵᠢᠭᠤᠯᠴᠢᠨ ᠢ᠋ ᠬᠠᠷᠠᠭᠠᠳ᠂ ᠶᠠᠭᠤᠮ᠎ᠠ ᠭᠤᠶᠤᠵᠤ ᠭᠠᠷ ᠢ᠋ᠶ᠋ᠠᠨ ᠰᠠᠷᠪᠠᠢᠵᠠᠢ᠃ ᠬᠦᠵᠦᠭᠦᠨ ᠳ᠋ᠡᠭᠡᠨ ᠲᠥᠭᠡ ᠬᠢᠷᠢᠲᠡᠢ ᠲᠣᠮᠣ ᠲᠣᠮᠣ ᠦᠶ᠎ᠡ ᠲᠡᠢ ᠨᠠᠶᠠᠨ ᠵᠢᠩ ᠦ᠋ᠨ ᠬᠦᠨᠳᠦ ᠲᠡᠮᠦᠷ ᠭᠢᠨᠵᠢᠲᠡᠢ ᠬᠣᠶᠠᠷ ᠬᠥᠮᠦᠨ ᠮᠥᠨ ᠥᠷᠥᠰᠢᠶᠡᠨ ᠨᠢᠭᠦᠯᠡᠰᠴᠦ᠂ ᠶᠠᠭᠤᠮ᠎ᠠ ᠬᠠᠢᠷᠠᠯᠠᠬᠤ ᠶ᠋ᠢ ᠭᠤᠶᠤᠨ ᠭᠠᠷ ᠢ᠋ᠶ᠋ᠠᠨ ᠬᠠᠪᠰᠤᠷᠤᠨ ᠲᠤᠰᠤᠭᠰᠠᠨ ᠳ᠋ᠤ᠌᠂ ᠵᠢᠭᠤᠯᠴᠢᠨ ᠶᠡᠬᠡᠯ᠎ᠡ ᠰᠣᠴᠢᠨ ᠦᠷᠦ ᠡᠪᠡᠳᠦᠭᠡᠳ ᠲᠦᠷᠡᠢᠪᠴᠢ ᠪᠡᠨ ᠭᠠᠷᠭᠠᠭᠠᠳ ᠮᠥᠩᠭᠥ ᠥᠭᠭᠦᠶ᠎ᠡ ᠭᠡᠲᠡᠯ᠎ᠡ ᠬᠡᠯᠡᠮᠦᠷᠴᠢ ᠤᠰᠤᠺᠢᠨ ᠲᠠᠮᠠᠭ᠎ᠠ ᠶ᠋ᠢᠨ ᠭᠠᠵᠠᠷ ᠤ᠋ᠨ ᠴᠠᠭᠳᠠᠭ᠎ᠠ ᠬᠤᠶᠠᠭ ᠤ᠋ᠨ ᠵᠠᠩ ᠢ᠋ ᠠᠨᠳᠤᠬᠤ ᠦᠭᠡᠢ ᠲᠤᠯᠠ ᠡᠳᠡᠨ ᠳ᠋ᠦ᠍ ᠮᠥᠩᠭᠥ ᠥᠭᠪᠡᠯ ᠲᠤᠰᠠ ᠦᠭᠡᠢ᠂ ᠢᠳᠡᠬᠦ ᠶᠠᠭᠤᠮ᠎ᠠ ᠣᠯᠵᠤ ᠥᠭᠭᠦᠭᠰᠡᠨ ᠳᠡᠭᠡᠷ᠎ᠡ᠃ ᠮᠥᠩᠭᠥ ᠥᠭᠪᠡᠯ᠂ ᠬᠤᠶᠠᠭ ᠪᠤᠯᠢᠶᠠᠵᠤ ᠠᠪᠤᠨ᠎ᠠ᠃ ᠬᠠᠷᠢᠨ ᠬᠤᠶᠠᠭ ᠠ᠋ᠴᠠ ᠨᠢ ᠢᠳᠡᠬᠦ ᠶᠠᠭᠤᠮ᠎ᠠ ᠬᠤᠳᠠᠯᠳᠤᠵᠤ ᠠᠪᠤᠭᠠᠳ ᠥᠭᠪᠡᠯ ᠳᠡᠭᠡᠷ᠎ᠡ ᠪᠣᠢ᠃ ᠲᠠ ᠪᠤᠶᠠᠨ ᠰᠠᠨᠠᠵᠤ ᠡᠳᠡᠨ ᠳ᠋ᠦ᠍ ᠢᠳᠡᠬᠦ ᠶᠠᠭᠤᠮ᠎ᠠ ᠪᠠᠷ ᠥᠭᠯᠢᠭᠡ ᠥᠭᠭᠦᠶ᠎ᠡ ᠭᠡᠵᠦ ᠬᠡᠯᠡ᠃ ᠬᠣᠷᠢᠭᠳᠠᠯ ᠬᠥᠮᠦᠨ ᠶᠡᠬᠡ ᠲᠥᠯᠥᠪ ᠬᠥᠮᠦᠨ ᠦ᠌ ᠦᠷᠦ ᠡᠪᠡᠳᠴᠦ ᠥᠭᠭᠦᠭᠰᠡᠨ ᠶᠠᠭᠤᠮ᠎ᠠ ᠪᠠᠷ ᠬᠥᠭᠡᠷᠦᠬᠦᠢ ᠠᠮᠢ ᠪᠠᠨ ᠵᠠᠯᠭᠠᠵᠤ ᠪᠠᠢᠳᠠᠭ ᠶᠤᠮ ᠰᠢᠦ ᠳᠡ᠂ ᠡᠨᠡ ᠭᠠᠵᠠᠷ᠃ ᠲᠠ ᠨᠠᠳᠠᠳᠤ ᠬᠣᠷᠢᠨ ᠮᠥᠩᠭᠥ ᠥᠭ᠂ ᠪᠢ ᠠᠭᠠᠷᠤᠤᠯ ᠬᠤᠷᠤᠳ ᠠᠪᠴᠤ ᠥᠭᠭᠦᠶ᠎ᠡ ᠭᠡᠵᠦ ᠬᠡᠯᠡᠭᠡᠳ ᠲᠠᠮᠠᠭ᠎ᠠ ᠶ᠋ᠢᠨ ᠲᠠᠬᠠᠷ ᠠ᠋ᠴᠠ ᠬᠣᠷᠢᠨ ᠮᠥᠩᠭᠥ ᠪᠡᠨ ᠥᠭᠴᠦ ᠥᠭᠯᠢᠭᠡ ᠥᠭᠬᠦ ᠶᠠᠭᠤᠮ᠎ᠠ ᠭᠤᠶᠤᠬᠤ ᠳ᠋ᠤᠨᠢ᠂ ᠲᠣᠭᠣᠭᠠᠨ ᠤ᠋ ᠭᠡᠷ ᠡᠴᠡ ᠬᠣᠷᠮᠣᠢ ᠳ᠋ᠠᠭᠠᠨ ᠬᠤᠷᠤᠳ ᠠᠭᠠᠷᠤᠤᠯ᠂ ᠲᠣᠭᠣᠰᠣ ᠪᠣᠯᠤᠭᠰᠠᠨ ᠥᠷᠥᠮ᠎ᠡ ᠠᠪᠴᠢᠷᠠᠵᠤ᠂ ᠲᠡᠷᠡ ᠬᠡᠳᠦᠨ ᠬᠣᠷᠢᠭᠳᠠᠯ ᠳ᠋ᠤ᠌ ᠮᠠᠢ᠂ ᠡᠨᠡ ᠣᠷᠣᠰ ᠨᠣᠶᠠᠨ ᠲᠠ ᠨᠠᠷ ᠢ᠋ ᠦᠷᠦ ᠡᠪᠡᠳᠴᠦ᠂ ᠥᠭᠯᠢᠭᠡ ᠥᠭᠴᠦ ᠪᠠᠢᠭ᠎ᠠ ᠨᠢ ᠡᠨᠡ ᠭᠡᠵᠦ ᠲᠦᠭᠡᠭᠡᠵᠦ ᠥᠭᠭᠦᠭᠡᠳ ᠵᠢᠭᠤᠯᠴᠢᠨ ᠳ᠋ᠤ᠌ ᠲᠠᠮᠠᠭ᠎ᠠ ᠶ᠋ᠢᠨ ᠭᠠᠵᠠᠷ ᠤ᠋ᠨ ᠶᠠᠮᠤᠯᠠᠬᠤ ᠬᠦᠯᠳᠦᠷᠭᠡᠲᠦ ᠲᠣᠮᠣ ᠭᠡᠷ ᠢ᠋ ᠵᠢᠭᠠᠵᠤ ᠥᠭᠪᠡ᠃ ᠲᠡᠷᠡ ᠭᠡᠷ ᠦ᠋ᠨ ᠡᠭᠦᠳᠡᠨ ᠦ᠌ ᠬᠣᠶᠠᠷ ᠲᠠᠯ᠎ᠠ ᠪᠠᠷ ᠪᠠᠩᠵᠠ ᠱᠠᠬᠠᠢ ᠦᠵᠡᠭᠳᠡᠵᠦ᠂ ᠳᠣᠲᠣᠷ᠎ᠠ ᠣᠷᠣᠪᠠᠯ ᠮᠥᠨ ᠪᠠᠩᠵᠠ ᠱᠠᠬᠠᠢ ᠦᠵᠡᠭᠳᠡᠵᠦ ᠪᠠᠢᠪᠠ᠃  
       ᠭᠡᠷ ᠦ᠋ᠨ ᠬᠣᠢᠮᠣᠷ ᠲᠤ᠌ ᠬᠣᠶᠠᠷ ᠲᠠᠯ᠎ᠠ ᠪᠢᠴᠢᠭᠡᠴᠢ ᠪᠠᠭᠠᠴᠤᠳ ᠤ᠋ᠨ ᠡᠮᠦᠨ᠎ᠡ ᠵᠠᠪᠢᠯᠠᠨ ᠰᠠᠭᠤᠵᠤ ᠪᠠᠢᠭᠰᠠᠨ ᠯᠠᠮᠠ ᠲᠦᠰᠢᠮᠡᠯ᠂ ᠵᠢᠭᠤᠯᠴᠢᠨ ᠢ᠋ ᠡᠶᠡᠯᠳᠡᠭ ᠢ᠋ᠶ᠋ᠡᠷ ᠬᠦᠯᠢᠶᠡᠨ ᠠᠭᠤᠯᠵᠠᠵᠤ ᠲᠠᠮᠠᠬᠢ ᠪᠠᠷᠢᠭᠠᠳ᠂ ᠢᠷᠡᠭᠰᠡᠨ ᠬᠡᠷᠡᠭ ᠵᠣᠷᠢᠭ ᠢ᠋ ᠯᠠᠪᠯᠠᠨ ᠠᠰᠠᠭᠤᠭᠠᠳ᠄ 
       — ᠠ᠂ ᠲᠡᠷᠡ ᠰᠢᠨᠵᠢᠯᠡᠭᠡᠨ ᠦ᠌ ᠬᠢᠨ ᠲᠠ ᠨᠠᠷ ᠶᠤᠮ ᠤᠤ? ᠪᠢᠳᠡ ᠬᠦᠷᠢᠶ᠎ᠡ ᠤᠯᠢᠶᠠᠰᠤᠲᠠᠢ ᠶ᠋ᠢᠨ ᠠᠮᠪᠠᠰ ᠤ᠋ᠨ ᠭᠠᠵᠠᠷ ᠠ᠋ᠴᠠ ᠲᠠ ᠨᠠᠷ ᠤ᠋ᠨ ᠲᠤᠬᠠᠢ ᠬᠡᠳᠦᠢᠨᠡᠢ ᠪᠢᠴᠢᠭ ᠠᠪᠤᠭᠠᠳ ᠬᠠᠭᠠᠨᠲᠠᠨ ᠨᠠᠢᠷᠲᠠᠢ ᠶᠣᠰᠣᠨ ᠤ᠋ ᠲᠤᠰᠠᠯᠠᠮᠵᠢ ᠦᠵᠡᠭᠦᠯᠦᠨ ᠥᠩᠭᠡᠷᠡᠭᠡᠲᠦᠭᠡᠢ ᠭᠡᠵᠦ ᠠᠢᠯᠠᠳᠤᠭᠰᠠᠨ ᠪᠢᠯᠡ᠃ ᠲᠠᠨ ᠤ᠋ ᠶᠡᠬᠡ ᠳᠠᠷᠤᠭ᠎ᠠ ᠬᠠᠮᠢᠭ᠎ᠠ ᠪᠠᠢᠨ᠎ᠠ ᠭᠡᠬᠦ ᠳ᠋ᠦ᠍ᠨᠢ᠃   
       — ᠰᠢᠨᠵᠢᠯᠡᠭᠡᠨ ᠦ᠌ ᠪᠦᠬᠦ ᠠᠩᠭᠢ ᠶ᠋ᠢᠨ ᠳᠠᠷᠤᠭ᠎ᠠ᠂ ᠬᠠᠷ᠎ᠠ ᠪᠠᠯᠭᠠᠰᠤᠨ ᠳ᠋ᠤ᠌ ᠪᠣᠢ᠃ ᠪᠢ ᠲᠡᠷᠡ ᠠᠩᠭᠢ ᠠ᠋ᠴᠠ ᠲᠤᠰᠬᠠᠢᠯᠠᠨ ᠲᠣᠢᠨ ᠭᠣᠣᠯ ᠤ᠋ᠨ ᠵᠦᠭ ᠡᠷᠲᠡᠨ ᠦ᠌ ᠪᠤᠯᠠᠰᠢ ᠳᠤᠷᠠᠰᠬᠠᠯ ᠤ᠋ᠨ ᠵᠦᠢᠯ ᠢ᠋ ᠦᠵᠡᠬᠦ ᠪᠡᠷ ᠶᠠᠪᠤᠵᠤ ᠶᠠᠪᠤᠨ᠎ᠠ᠃ ᠳᠠ ᠬᠦᠷᠢᠶᠡᠨ ᠳ᠋ᠡᠬᠢ ᠮᠠᠨ ᠤ᠋ ᠺᠣᠨᠰᠣᠯ ᠠ᠋ᠴᠠ ᠰᠢᠢᠳᠬᠡᠨ ᠣᠯᠭᠣᠭᠰᠠᠨ ᠵᠠᠮ ᠶᠠᠪᠤᠬᠤ ᠪᠢᠴᠢᠭ ᠮᠢᠨᠦ ᠭᠠᠳᠠᠭᠠᠳᠤ ᠳ᠋ᠤ᠌ ᠶᠠᠪᠤᠬᠤ ᠫᠢᠶᠣᠣ ᠪᠢᠴᠢᠭ ᠡᠨᠡ᠂ ᠮᠠᠨ ᠤ᠋ ᠶᠠᠪᠤᠭᠰᠠᠨ ᠵᠠᠮ ᠶᠡᠬᠡ ᠴᠢᠯᠠᠭᠤᠲᠠᠢ ᠤᠴᠢᠷ ᠤᠨᠤᠭ᠎ᠠ ᠬᠥᠰᠬᠡ ᠤᠯᠠ ᠦᠭᠡᠢᠳᠡᠵᠦ ᠪᠠᠬᠠᠨ ᠭᠠᠴᠢᠭᠳᠠᠵᠤ ᠶᠠᠪᠤᠨ᠎ᠠ᠃ ᠨᠠᠳᠠᠳᠤ ᠤᠨᠤᠭ᠎ᠠ ᠬᠥᠰᠬᠡ ᠣᠯᠭᠣᠵᠤ ᠲᠤᠰᠠᠯᠠᠨᠠᠤ(ᠲᠤᠰᠠᠯᠠᠨ᠎ᠠ ᠤᠤ)? ᠪᠠᠰᠠ ᠡᠷᠬᠢᠮ ᠰᠠᠢᠨ ᠨᠣᠶᠠᠨ ᠬᠠᠭᠠᠨ ᠳ᠋ᠤ᠌ ᠪᠠᠷᠠᠭᠠᠯᠬᠠᠬᠤ (ᠪᠠᠷᠠᠯᠬᠠᠬᠤ) ᠬᠦᠰᠡᠯ ᠪᠣᠢ ᠶ᠋ᠢ ᠤᠯᠠᠮᠵᠢᠯᠠᠨ ᠠᠢᠯᠠᠳᠬᠠᠵᠤ ᠥᠭᠭᠦᠨᠡᠦ(ᠥᠭᠭᠦᠨ᠎ᠡ ᠤᠤ)? ᠭᠡᠬᠦ ᠳ᠋ᠦ᠍ᠨᠢ᠂ ᠯᠠᠮᠠ ᠲᠦᠰᠢᠮᠡᠯ ᠬᠠᠷᠢᠭᠤ ᠮᠡᠬᠦᠢᠰᠬᠢᠨ ᠶᠣᠰᠣᠯᠠᠵᠤ᠄ 
       — ᠬᠡ – ᠬᠡ – ᠬᠡ! ᠪᠢ ᠣᠳᠣ ᠪᠤᠰᠢᠭᠤᠬᠠᠨ ᠠᠢᠯᠠᠳᠬᠠᠭᠠᠳ ᠢᠷᠡᠶ᠎ᠡ᠃ ᠲᠠ ᠲᠦᠷ ᠡᠨᠳᠡ ᠬᠦᠯᠢᠶᠡᠨ ᠰᠠᠭᠠᠲᠠᠵᠤ ᠪᠠᠢᠨᠠᠤ (ᠪᠠᠢᠨ᠎ᠠ ᠤᠤ)? ᠭᠡᠳ ᠭᠠᠷᠴᠤ᠂ ᠡᠪᠦᠭᠡᠨ ᠭᠠᠯᠴᠢ ᠳᠣᠩᠪᠣ ᠲᠠᠢ ᠴᠠᠢ᠂ ᠵᠡᠰ ᠲᠠᠪᠠᠭ ᠲᠠᠢ ᠪᠣᠭᠣᠷᠰᠣᠭ᠂ ᠴᠢᠪᠠᠭ᠎ᠠ ᠲᠠᠯᠪᠢᠵᠤ ᠴᠠᠢ ᠪᠠᠷᠢᠪᠠᠢ᠃ ᠬᠣᠶᠠᠷ ᠲᠠᠯ᠎ᠠ ᠪᠢᠴᠢᠭᠡᠴᠢ ᠪᠠᠭᠠᠴᠤᠳ᠂ ᠠᠬᠠᠯᠠᠬᠤ ᠬᠥᠮᠦᠨ ᠢ᠋ ᠶᠠᠪᠤᠮᠠᠭᠴᠠ᠂ ᠪᠢᠷ ᠢ᠋ᠶ᠋ᠡᠨ ᠳᠤᠭᠲᠤᠢᠯᠠᠵᠤ᠂ ᠪᠢᠴᠢᠭ ᠦ᠋ᠨ ᠰᠠᠮᠪᠠᠷ᠎ᠠ ᠶ᠋ᠢ ᠬᠣᠢᠰᠢ ᠲᠠᠯᠪᠢᠭᠠᠳ᠂ ᠡᠪᠦᠷ ᠡᠴᠡᠭᠡᠨ ᠮᠣᠳᠣᠨ ᠠᠶᠠᠭ᠎ᠠ ᠭᠠᠷᠭᠠᠵᠤ᠂ ᠬᠡᠯᠡᠮᠦᠷᠴᠢ ᠶ᠋ᠢᠨ ᠳᠡᠷᠭᠡᠳᠡ ᠰᠠᠭᠤᠵᠤ᠂ ᠵᠣᠴᠢᠳ ᠤ᠋ᠨ ᠳᠡᠯᠢᠮ ᠢ᠋ᠶ᠋ᠡᠷ ᠴᠠᠢᠯᠠᠪᠠ᠃  
       ᠴᠠᠭ ᠨᠢᠭᠡ ᠮᠥᠴᠡ ᠥᠩᠭᠡᠷᠡᠲᠡᠯ᠎ᠡ᠂ ᠯᠠᠮᠠ ᠲᠦᠰᠢᠮᠡᠯ ᠡᠷᠭᠢᠵᠦ ᠢᠷᠡᠭᠡᠳ᠂ ᠠᠯᠠᠭ᠎ᠠ ᠪᠠᠨ ᠬᠠᠪᠰᠤᠷᠤᠨ ᠶᠡᠬᠡᠯ᠎ᠡ(ᠶᠡᠬᠡ ᠯᠡ) ᠶᠣᠰᠣᠷᠬᠠᠭ ᠢ᠋ᠶ᠋ᠠᠷ ᠬᠠᠷᠢᠭᠤ ᠮᠡᠳᠡᠭᠳᠡᠵᠦ᠂ ᠭᠠᠵᠠᠷᠴᠢ ᠬᠥᠮᠦᠨ ᠢ᠋ ᠥᠭᠬᠦ ᠪᠣᠯᠪᠠ᠃ ᠠᠶᠠᠨ ᠵᠠᠮ ᠳ᠋ᠤ᠌ ᠲᠠᠨ ᠢ᠋ ᠳᠠᠭᠠᠯᠳᠤᠨ ᠲᠤᠰᠠᠯᠠᠬᠤ ᠬᠤᠶᠠᠭ ᠬᠣᠶᠠᠷ ᠢ᠋ ᠶᠠᠪᠤᠭᠤᠯᠤᠨ᠎ᠠ᠂ ᠥᠷᠲᠡᠭᠡ  ᠤᠯᠠᠭ᠎ᠠ ᠬᠡᠷᠡᠭᠯᠡᠬᠦ ᠬᠠᠷᠢᠭᠤ ᠮᠠᠷᠭᠠᠰᠢ ᠥᠭᠭᠦᠶ᠎ᠡ᠃ ᠣᠳᠣ ᠪᠤᠴᠠᠵᠤ ᠠᠮᠠᠷᠠᠵᠤ ᠪᠠᠢᠨᠠᠤ  (ᠪᠠᠢᠨ᠎ᠠ ᠤᠤ)? ᠭᠡᠵᠦ ᠮᠡᠬᠦᠢᠰᠬᠢᠭᠰᠡᠨ ᠳ᠋ᠦ᠍  
       — ᠰᠠᠢᠨ ᠨᠣᠶᠠᠨ ᠬᠠᠭᠠᠨ ᠳ᠋ᠤ᠌ ᠬᠡᠵᠢᠶ᠎ᠡ ᠪᠠᠷᠠᠭᠠᠯᠬᠠᠬᠤ ᠪᠣᠢ? ᠭᠡᠵᠦ ᠠᠰᠠᠭᠤᠵᠠᠢ᠃ ᠠᠮᠠ ᠲᠦᠰᠢᠮᠡᠯ ᠳᠠᠬᠢᠨ ᠠᠯᠠᠭ᠎ᠠ ᠪᠠᠨ ᠬᠠᠪᠰᠤᠷᠴᠤ᠂ ᠬᠠᠭᠠᠨ ᠤ᠋ ᠪᠡᠶ᠎ᠡ ᠮᠠᠭᠤ᠃ ᠣᠢᠷ᠎ᠠ ᠶ᠋ᠢᠨ ᠬᠡᠳᠦ ᠬᠣᠨᠣᠭ ᠲᠤ᠌ ᠡᠷᠬᠢᠮ ᠵᠢᠭᠤᠯᠴᠢᠨ ᠲᠠᠢ ᠠᠭᠤᠯᠵᠠᠵᠤ ᠴᠢᠳᠠᠬᠤ ᠦᠭᠡᠢ ᠳ᠋ᠡᠭᠡᠨ ᠶᠡᠬᠡᠳᠡ ᠭᠠᠰᠢᠭᠤᠳᠠᠨ᠂ ᠠᠭᠤᠴᠢᠯᠠᠨ ᠦᠵᠡᠬᠦ ᠶ᠋ᠢ ᠭᠤᠶᠤᠵᠤ ᠪᠠᠢᠨ᠎ᠠ ᠭᠡᠬᠦ ᠳ᠋ᠦ᠍ᠨᠢ᠄  
       — ᠲᠡᠭᠡᠪᠡᠯ᠂ ᠬᠦᠷᠢᠶ᠎ᠡ ᠶ᠋ᠢ ᠰᠣᠨᠢᠷᠬᠠᠨ ᠦᠵᠡᠵᠦ ᠪᠣᠯᠬᠤ ᠤᠤ? ᠭᠡᠵᠡᠢ᠃ 
       — ᠵᠠ!  ᠮᠠᠨ ᠤ᠋ ᠡᠨᠳᠡ ᠬᠠᠷᠢ ᠶ᠋ᠢᠨ ᠬᠥᠮᠦᠨ ᠢ᠋ ᠬᠡᠢᠳ ᠦ᠋ᠨ ᠭᠣᠷᠯᠤᠮ ᠤ᠋ᠨ ᠳᠣᠲᠣᠷ᠎ᠠ ᠣᠷᠣᠭᠤᠯᠳᠠᠭ ᠦᠭᠡᠢ ᠶᠦᠮ ᠳᠡ᠃ ᠮᠠᠨ ᠤ᠋ ᠯᠠᠮᠠ ᠨᠠᠷ᠂ ᠥᠭᠡᠷ᠎ᠡ ᠱᠠᠰᠢᠨ ᠮᠥᠷᠭᠥᠯᠲᠡᠢ ᠬᠥᠮᠦᠨ ᠳ᠋ᠦ᠍ ᠪᠠᠬᠠᠨ ᠳᠤᠷ᠎ᠠ ᠦᠭᠡᠢ ᠤᠴᠢᠷ᠂ ᠪᠢᠳᠡ ᠡᠨᠳᠡᠬᠢ ᠶ᠋ᠢᠨ ᠬᠢᠲᠠᠳ ᠮᠠᠢᠮᠠᠢ ᠶ᠋ᠢ ᠬᠦᠷᠲᠡᠯ᠎ᠡ ᠬᠦᠷᠢᠶᠡᠨ ᠳᠣᠲᠣᠭᠤᠷ ᠶᠠᠪᠤᠭᠤᠯᠳᠠᠭ ᠦᠭᠡᠢ ᠶᠦᠮ ᠳᠡ ᠭᠡᠬᠦ ᠳ᠋ᠦ᠍ᠨᠢ᠄ 
       — ᠰᠣᠨᠢᠨ ᠶᠤᠮ᠎ᠠ (ᠶᠤᠮ ᠠ᠋)? ᠪᠢ ᠮᠣᠩᠭᠣᠯ ᠬᠡᠢᠳ ᠬᠦᠷᠢᠶ᠎ᠡ ᠪᠡᠷ ᠤᠷᠢᠳ ᠣᠯᠠᠨ ᠤᠳᠠᠭ᠎ᠠ ᠶᠠᠪᠤᠵᠤ ᠪᠠᠢᠭᠰᠠᠨ᠂ ᠡᠷᠳᠡᠨᠢ ᠵᠣᠣ ᠪᠠᠷᠠᠭᠤᠨ ᠬᠦᠷᠢᠶ᠎ᠡ ᠪᠡᠷ ᠴᠤ᠌ ᠣᠷᠣᠵᠤ ᠦᠵᠡᠭᠰᠡᠨ᠃ ᠶᠠᠪᠤᠭᠰᠠᠨ ᠭᠠᠵᠠᠷ ᠴᠥᠮ ᠰᠠᠭᠠᠳ ᠦᠭᠡᠢ ᠨᠠᠢᠷᠲᠠᠢ ᠰᠠᠢᠬᠠᠨ ᠢ᠋ᠶ᠋ᠠᠷ ᠥᠩᠭᠡᠷᠡᠭᠦᠯᠵᠦ᠂ ᠰᠦᠮ᠎ᠡ ᠬᠡᠢᠳ ᠢ᠋ᠶ᠋ᠡᠷ ᠣᠷᠣᠬᠤ ᠳ᠋ᠤ᠌ ᠶᠡᠷᠦ ᠬᠣᠷᠢᠭ ᠬᠢᠳᠡᠭ ᠦᠭᠡᠢ ᠪᠠᠢᠭᠰᠠᠨ ᠭᠡᠬᠦ ᠳ᠋ᠦ᠍ᠨᠢ᠂ 
       — ᠵᠠ! ᠪᠢ ᠬᠡᠢᠳ ᠦ᠋ᠨ ᠡᠷᠬᠡ ᠪᠠᠷᠢᠭᠴᠢᠳ ᠠ᠋ᠴᠠ ᠯᠠᠪᠯᠠᠨ ᠠᠰᠠᠭᠤᠭᠠᠳ ᠲᠠᠨ ᠳ᠋ᠤ᠌ ᠳᠠᠷᠠᠭ᠎ᠠ ᠬᠠᠷᠢᠭᠤ ᠮᠡᠳᠡᠭᠳᠡᠶ᠎ᠡ! ᠭᠡᠵᠦ ᠯᠠᠮᠠ ᠲᠦᠰᠢᠮᠡᠯ ᠳᠠᠬᠢᠨ ᠮᠡᠬᠦᠢᠰᠬᠢᠪᠡ᠃ 
       ᠵᠢᠭᠤᠯᠴᠢᠨ᠂ ᠮᠠᠢᠬᠠᠨ ᠳ᠋ᠠᠭᠠᠨ ᠪᠤᠴᠠᠵᠤ ᠶᠠᠪᠤᠬᠤ ᠵᠠᠮ ᠵᠠᠭᠤᠷ᠎ᠠ ᠵᠠᠮᠪᠠ ᠲᠠᠢ ᠳᠠᠭᠠᠷᠢᠯᠳᠤᠵᠤ᠂ ᠵᠠᠮᠪᠠ᠂ ᠵᠢᠭᠤᠯᠴᠢᠨ ᠤ᠋ ᠴᠢᠷᠠᠢ ᠪᠠᠷ ᠲᠠᠮᠠᠭ᠎ᠠ ᠶ᠋ᠢᠨ ᠭᠠᠵᠠᠷ ᠣᠴᠢᠵᠤ ᠤᠷᠤᠭᠰᠢ ᠮᠠᠭᠤᠲᠠᠢ ᠶᠠᠪᠤᠭ᠎ᠠ ᠰᠢᠨᠵᠢ ᠶ᠋ᠢ ᠮᠡᠳᠡᠭᠡᠳ ᠢᠨᠢᠶᠡᠮᠰᠦᠭᠯᠡᠨ᠂ ᠨᠣᠮᠣᠬᠠᠨ ᠪᠤᠷᠬᠠᠨ ᠢ᠋ ᠨᠣᠬᠠᠢ ᠳᠣᠯᠢᠶᠠᠳᠠᠭ ᠭᠡᠵᠦ ᠪᠢ ᠲᠠᠨ ᠳ᠋ᠤ᠌ ᠡᠰᠡ ᠬᠡᠯᠡᠯᠦ? ᠪᠢ ᠯᠠᠮᠠ ᠶ᠋ᠢᠨ ᠭᠡᠭᠡᠬᠡᠨ ᠳ᠋ᠦ᠍ ᠪᠠᠷᠠᠭᠠᠯᠬᠠᠵᠤ ᠮᠥᠷᠭᠥᠭᠡᠳ ᠶᠠᠪᠤᠵᠤ ᠶᠠᠪᠤᠨ᠎ᠠ᠃ ᠰᠠᠢᠨ ᠨᠣᠶᠠᠨ ᠬᠠᠭᠠᠨ᠂ ᠣᠳᠣ᠂ ᠭᠡᠭᠡᠬᠡᠨ ᠢ᠋ ᠦᠳᠡᠬᠦ ᠭᠡᠵᠦ ᠭᠡᠭᠡᠬᠡᠨ ᠦ᠌ ᠬᠥᠰᠬᠡ ᠶ᠋ᠢᠨ ᠲᠦᠷᠦᠭᠦᠴᠢ ᠨᠢ ᠬᠥᠳᠡᠯᠵᠦ ᠡᠬᠢᠯᠡᠭᠰᠡᠨ᠃ ᠲᠡᠷᠡ᠂ ᠬᠠᠷᠠᠪᠠᠤ? ᠭᠡᠵᠦ ᠲᠠᠰᠢᠭᠤᠷ ᠢ᠋ᠶ᠋ᠠᠷ ᠵᠢᠭᠠᠭᠰᠠᠨ ᠵᠦᠭ ᠬᠠᠷᠠᠪᠠᠯ᠂ ᠦᠨᠡᠬᠡᠷ᠂ ᠬᠥᠬᠡ ᠤᠯᠠᠭᠠᠨ ᠢ᠋ᠶ᠋ᠠᠷ ᠠᠯᠠᠭᠯᠠᠭᠰᠠᠨ ᠰᠠᠢᠬᠠᠨ ᠬᠣᠮ ᠲᠠᠢ ᠲᠣᠮᠣ ᠲᠣᠮᠣ ᠲᠡᠮᠡᠭᠡ᠂ ᠭᠡᠭᠡᠬᠡᠨ ᠦ᠌ ᠭᠡᠷ᠂ ᠠᠪᠳᠠᠷ᠎ᠠ ᠪᠠᠷᠠᠭ᠎ᠠ ᠠᠴᠢᠵᠤ᠂ ᠲᠤᠭ ᠳᠠᠯᠪᠠᠭ᠎ᠠ᠂ ᠬᠡᠢ ᠮᠣᠷᠢ ᠳᠠᠷᠴᠠᠭ ᠨᠠᠮᠢᠯᠵᠠᠭᠤᠯᠤᠨ ᠴᠤᠪᠤᠵᠤ᠂ ᠲᠡᠮᠡᠭᠡᠨ ᠦ᠌ ᠬᠦᠵᠦᠭᠦᠨ ᠡᠴᠡ ᠤᠶᠠᠭᠰᠠᠨ ᠬᠣᠩᠬᠣ ᠬᠠᠩᠭᠢᠷ ᠴᠢᠩᠬᠢᠷ ᠳᠤᠤᠭᠠᠷᠬᠤ ᠴᠢᠮᠡᠭᠡ ᠰᠣᠨᠣᠰᠳᠠᠵᠠᠢ᠃ 
       — ᠲᠡᠷᠡ᠂ ᠬᠠᠷᠠᠪᠠᠤ? ᠮᠠᠨ ᠤ᠋ ᠪᠠᠭᠤᠭᠰᠠᠨ ᠭᠠᠵᠠᠷ ᠠ᠋ᠴᠠ ᠬᠠᠭᠠᠰ ᠮᠣᠳᠣ ᠬᠢᠷᠢᠲᠡᠢ ᠭᠠᠵᠠᠷ᠂ ᠲᠡᠷᠡ ᠨᠢᠭᠡ ᠳᠡᠨᠵᠢ ᠳᠡᠭᠡᠷ᠎ᠡ ᠠᠮᠢᠲᠠᠨ ᠦᠢᠮᠡᠵᠦ ᠪᠠᠢᠭ᠎ᠠ ᠶ᠋ᠢ ᠪᠣᠳᠣᠪᠠᠯ᠂ ᠭᠡᠭᠡᠬᠡᠨ ᠢ᠋ ᠲᠡᠨᠳᠡ ᠦᠳᠡᠬᠦ ᠶᠣᠰᠣᠯᠠᠯ ᠬᠢᠬᠦ ᠨᠢ ᠠ᠋! ᠭᠡᠵᠦ ᠬᠡᠯᠡᠮᠦᠷᠴᠢ ᠶ᠋ᠢᠨ ᠬᠡᠯᠡᠭᠰᠡᠨ ᠵᠦᠭ ᠬᠠᠷᠠᠪᠠᠯ ᠭᠣᠶᠣ ᠰᠠᠢᠬᠠᠨ ᠤᠭᠠᠯᠵᠠ ᠲᠠᠢ ᠡᠷᠢᠶᠡᠨ ᠲᠣᠷᠭᠠᠨ ᠠᠰᠠᠷ ᠲᠣᠭᠣᠷᠢᠨ᠂ ᠮᠣᠷᠢ ᠲᠠᠢ ᠶᠠᠪᠠᠭᠠᠨ ᠰᠢᠷ᠎ᠠ ᠤᠯᠠᠭᠠᠨ ᠳᠡᠪᠡᠯ ᠲᠡᠢ ᠯᠠᠮᠠ ᠨᠠᠷ ᠦᠢᠮᠡᠯᠳᠦᠵᠦ ᠳᠡᠨᠵᠢ ᠥᠭᠡᠳᠡ ᠶᠠᠭᠤᠮ᠎ᠠ ᠠᠴᠢᠭᠰᠠᠨ ᠶᠡᠬᠡ ᠳᠠᠭᠤᠨ ᠲᠠᠢ ᠦᠬᠡᠷ ᠲᠡᠷᠭᠡ ᠬᠢᠬᠤᠨᠠᠨ ᠭᠠᠷᠴᠤ ᠬᠠᠷᠠᠭᠳᠠᠪᠠ᠃ ᠵᠢᠭᠤᠯᠴᠢᠨ ᠢ᠋ ᠥᠨᠥᠬᠢ ᠶᠠᠳᠠᠭᠤ ᠠᠢᠯ ᠤ᠋ᠨ ᠨᠣᠣᠷᠬᠠᠢ ᠬᠠᠷ᠎ᠠ ᠭᠡᠷ ᠦ᠋ᠨ ᠬᠠᠶᠠᠭᠠᠨ ᠳ᠋ᠤ᠌ ᠥᠷᠥᠭᠡᠰᠦᠨ ᠪᠥᠭᠡᠷ᠎ᠡ ᠨᠢ ᠪᠣᠯᠤᠭᠰᠠᠨ᠂ ᠨᠠᠷᠠᠨ ᠰᠠᠯᠬᠢᠨ ᠳ᠋ᠤ᠌ ᠭᠠᠩᠳᠠᠵᠤ ᠠᠷᠭᠠᠯ ᠤ᠋ᠨ ᠤᠲᠤᠭ᠎ᠠ ᠲᠠᠢ ᠨᠡᠪᠲᠡ ᠤᠲᠤᠭᠤᠯᠤᠭᠰᠠᠨ ᠮᠠᠢᠬᠠᠨ ᠳ᠋ᠠᠭᠠᠨ ᠬᠦᠷᠴᠦ ᠢᠷᠡᠲᠡᠯ᠎ᠡ᠂ ᠬᠦᠷᠢᠶᠡᠨ ᠡᠴᠡ ᠭᠡᠭᠡᠬᠡᠨ ᠶᠡᠬᠡ ᠶᠣᠰᠣᠯᠠᠯ ᠢ᠋ᠶ᠋ᠠᠷ ᠭᠠᠷᠴᠤ ᠢᠷᠡᠪᠡ᠃ ᠡᠮᠦᠨ᠎ᠡ ᠨᠢ ᠲᠣᠷᠭᠠᠨ ᠲᠤᠭ ᠳᠠᠷᠴᠠᠭ ᠬᠡᠢᠰᠬᠡᠭᠰᠡᠨ ᠭᠣᠶᠣ ᠭᠠᠩᠭᠠᠩ ᠯᠠᠮᠠ ᠨᠠᠷ ᠲᠡᠷᠡ ᠳᠡᠨᠵᠢ ᠶ᠋ᠢᠨ ᠵᠦᠭ ᠴᠢᠭᠯᠡᠨ ᠳᠠᠪᠬᠢᠵᠤ᠂ ᠳᠥᠷᠪᠡᠨ ᠬᠥᠮᠦᠨ ᠢ᠋ᠶ᠋ᠡᠷ ᠳᠠᠮᠨᠠᠭᠤᠯᠤᠭᠰᠠᠨ ᠰᠢᠷ᠎ᠠ ᠡᠷᠢᠶᠡᠨ ᠴᠢᠮᠡᠭᠲᠦ ᠭᠣᠶᠣ ᠰᠡᠦᠬᠡ ᠲᠡᠷᠭᠡ ᠶ᠋ᠢ ᠵᠢᠭᠤᠯᠴᠢᠨ ᠤ᠋ ᠮᠠᠢᠬᠠᠨ ᠤ᠋ ᠤᠷᠢᠳᠤ ᠪᠠᠷ ᠭᠠᠷᠬᠤ ᠳ᠋ᠤ᠌᠂ ᠭᠡᠭᠡᠬᠡᠨ᠂ ᠲᠣᠷᠭᠠᠨ ᠬᠥᠰᠢᠭᠡ ᠪᠡᠨ ᠳᠣᠲᠣᠷ᠎ᠠ ᠠ᠋ᠴᠠ ᠰᠡᠬᠦᠵᠦ᠂ ᠶᠠᠳᠠᠭᠤ ᠮᠠᠭᠤ ᠬᠠᠷ᠎ᠠ ᠭᠡᠷ ᠦ᠋ᠨ ᠳᠡᠷᠭᠡᠳᠡ ᠲᠡᠷᠡ ᠨᠤᠲᠤᠭ ᠲᠤ᠌ ᠦᠵᠡᠭᠳᠡᠭᠡ ᠦᠭᠡᠢ ᠬᠠᠴᠢᠨ ᠧᠦ᠋ᠷᠣᠫᠠ ᠬᠣᠪᠴᠠᠰᠤᠲᠠᠢ ᠬᠥᠮᠦᠨ ᠵᠣᠭᠰᠣᠵᠤ ᠪᠠᠢᠭ᠎ᠠ ᠶ᠋ᠢ ᠬᠣᠯᠠ ᠠ᠋ᠴᠠ ᠰᠣᠨᠢᠷᠬᠠᠨ ᠬᠠᠷᠠᠵᠤ ᠥᠩᠭᠡᠷᠡᠪᠡ᠃ ᠰᠡᠦᠬᠡ ᠶ᠋ᠢᠨ ᠬᠣᠢᠨ᠎ᠠ ᠠ᠋ᠴᠠ ᠲᠣᠮᠣ ᠲᠣᠷᠭᠠᠨ ᠰᠢᠭᠦᠷ ᠪᠠᠷᠢᠭᠰᠠᠨ ᠮᠣᠷᠢᠲᠠᠨ ᠬᠥᠮᠦᠨ ᠳᠠᠪᠬᠢᠵᠤ᠂ ᠡᠳᠦᠢ ᠲᠡᠳᠦᠢ ᠣᠯᠠᠨ ᠯᠠᠮᠠ ᠵᠠᠢᠰᠠᠩ ᠲᠦᠰᠢᠮᠡᠯ ᠳᠠᠭᠠᠯᠳᠤᠨ᠂ ᠰᠡᠭᠦᠯ ᠳ᠋ᠦ᠍ᠨᠢ ᠰᠡᠦᠬᠡᠨ ᠡᠴᠡ ᠪᠠᠬᠠᠨ ᠵᠠᠢᠰ᠂ ᠬᠥᠬᠡ ᠲᠣᠷᠭᠠᠨ ᠬᠦᠷᠮ᠎ᠡ ᠲᠡᠢ᠂ ᠤᠲᠤᠭ᠎ᠠ ᠵᠢᠩᠰᠡ ᠲᠡᠢ᠂ ᠶᠡᠬᠡᠮᠰᠦᠭ ᠪᠠᠢᠳᠠᠯᠲᠠᠢ ᠨᠢᠭᠡ ᠬᠥᠮᠦᠨ ᠭᠣᠶᠣ ᠰᠠᠢᠬᠠᠨ ᠴᠠᠭᠠᠨ ᠮᠣᠷᠢ ᠤᠨᠤᠵᠤ᠂ ᠲᠣᠷᠭᠠᠨ ᠳᠡᠪᠡᠯ ᠲᠡᠢ ᠡᠳᠦᠢ ᠲᠡᠳᠦᠢ ᠬᠢᠶ᠎ᠡ ᠳᠠᠭᠠᠯᠲᠠ ᠬᠣᠢᠨ᠎ᠠ ᠪᠠᠨ ᠳᠠᠭᠠᠭᠤᠯᠤᠨ ᠳᠠᠪᠬᠢᠭᠰᠠᠨ ᠢ᠋ ᠵᠠᠮᠪᠠ᠂ 
       — ᠰᠠᠢᠨ ᠨᠣᠶᠠᠨ ᠬᠠᠭᠠᠨᠲᠠᠨ ᠵᠠᠯᠠᠷᠠᠵᠤ ᠶᠠᠪᠤᠨ᠎ᠠ ᠭᠡᠵᠡᠢ᠃  
       — ᠦᠭᠡᠢ᠂ ᠬᠠᠭᠠᠨ ᠢ᠋ ᠪᠡᠶ᠎ᠡ ᠡᠪᠡᠳᠴᠢᠲᠡᠢ ᠭᠡᠰᠡᠨ ᠪᠢᠰᠢ ᠪᠢᠯᠢᠤ (ᠪᠢᠯᠡ ᠤᠤ)? ᠭᠡᠵᠦ ᠵᠢᠭᠤᠯᠴᠢᠨ ᠤ᠋ ᠬᠡᠯᠡᠬᠦ ᠳ᠋ᠦ᠍᠂  
       — ᠪᠢ ᠲᠠᠨ ᠳ᠋ᠤ᠌ ᠨᠣᠬᠠᠢ ᠰᠢᠷᠪᠠᠭᠠᠴᠢ᠂ ᠨᠣᠶᠠᠨ ᠤᠷᠪᠠᠭᠠᠴᠢ ᠭᠡᠵᠦ ᠡᠰᠡ ᠬᠡᠯᠡᠯᠦ (ᠬᠡᠯᠡᠯ᠎ᠡ ᠤᠤ)? ᠲᠠ ᠶᠡᠬᠡ ᠨᠣᠶᠠᠨ ᠬᠥᠮᠦᠨ ᠦ᠌ ᠶᠠᠩᠪᠠ ᠲᠠᠢ ᠶᠠᠪᠤᠪᠠᠯ᠂ ᠬᠠᠮᠢᠭ᠎ᠠ ᠴᠤ᠌ ᠲᠠᠨ ᠳ᠋ᠤ᠌ ᠬᠦᠢᠲᠡᠨ ᠴᠢᠷᠠᠢᠯᠠᠬᠤ ᠶᠣᠰᠣ ᠦᠭᠡᠢ ᠰᠠᠨ ᠭᠡᠬᠦ ᠳ᠋ᠦ᠍ᠨᠢ᠂ 
       — ᠲᠠᠨ ᠤ᠋ ᠨᠣᠶᠠᠳ ᠴᠢᠨᠢ᠂ ᠬᠥᠮᠦᠨ ᠢ᠋ ᠥᠩᠭᠡ ᠪᠡᠷ ᠨᠢ ᠤᠭᠲᠤᠵᠤ᠂ ᠲᠤᠰᠢᠶᠠᠯ ᠵᠡᠷᠭᠡ ᠪᠡᠷ ᠨᠢ ᠦᠳᠡᠳᠡᠭ ᠢ᠋ ᠣᠳᠣ ᠦᠵᠡᠵᠦ ᠮᠡᠳᠡᠯ᠎ᠡ᠃ ᠡᠨᠡ ᠶᠠᠩᠵᠤ ᠪᠠᠷ ᠪᠣᠯ᠂ ᠲᠠᠨᠠᠢᠬᠢᠨ(ᠲᠠᠨ ᠤ᠋ ᠬᠢᠨ) ᠦ᠌ ᠲᠦᠰᠢᠮᠡᠳ ᠰᠢᠨᠵᠢᠯᠡᠬᠦ ᠤᠬᠠᠭᠠᠨ ᠤ᠋ ᠶᠣᠰᠣᠲᠠᠢ ᠡᠷᠳᠡᠮᠲᠡᠨ ᠬᠥᠮᠦᠨ ᠢ᠋ ᠶᠡᠷᠦ ᠮᠥᠳᠳᠥ ᠳ᠋ᠡᠭᠡᠨ᠂ ᠬᠥᠮᠦᠨ ᠭᠡᠵᠦ ᠦᠵᠡᠬᠦ ᠰᠢᠨᠵᠢ ᠦᠭᠡᠢ ᠲᠠᠭ ᠠ᠋ ᠭᠡᠵᠦ ᠬᠡᠯᠡᠭᠡᠳ ᠡᠪᠦᠭᠡᠨ ᠡᠷᠳᠡᠮᠲᠡᠨ ᠳᠣᠭᠣᠯᠠᠰᠬᠢᠵᠤ(ᠳᠣᠭᠣᠯᠣᠰᠬᠢᠵᠤ) ᠠᠶᠠᠨ ᠤ᠋ ᠪᠠᠨ ᠮᠠᠢᠬᠠᠨ ᠳ᠋ᠤ᠌ ᠣᠷᠣᠵᠠᠢ᠃          

          ᠦᠰᠦᠭ ᠠᠮᠢᠯᠠᠭᠤᠯᠤᠭᠴᠢ᠄ ᠣᠶᠤᠨᠪᠠᠲᠤ᠂ ᠤᠢᠭᠤᠷᠵᠢᠨ ᠣᠳᠬᠣᠨᠪᠠᠪᠠ᠂ ᠰᠠᠷᠠᠨᠲᠤᠶᠠᠭ᠎ᠠ᠂ ᠮᠥᠩᠭᠥᠨᠭᠣᠸ᠎ᠠ 
             ᠬᠢᠨᠠᠭᠴᠢ᠄ ᠣᠳᠬᠣᠨᠴᠡᠴᠡᠭ᠂ ᠤᠢᠭᠤᠷᠵᠢᠨ ᠣᠳᠬᠣᠨᠪᠠᠪᠠ᠂ ᠠᠯᠲᠠᠨᠱᠠ᠂ ᠲ ᠬᠦᠮᠦᠵᠢᠯᠲᠦ᠂ ᠪᠠᠯ 
             ᠤᠩᠰᠢᠭᠴᠢ᠄  ᠨᠠᠰᠤᠨ᠌ᠦ᠌ᠯᠵᠡᠢ