ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠳᠡᠳ᠋ ᠪᠣᠲᠢ – ᠭᠤᠷᠪᠠᠳᠤᠭᠠᠷ ᠪᠦᠯᠦᠭ <ᠠᠷᠪᠠ> Хан мунын сүүрс < дээд > – Мөнх зохиоов ᠂ Дэд бодь – Гуравдугаар бүлэг <10> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠳᠡᠳ᠋ ᠪᠣᠲᠢ – ᠭᠤᠷᠪᠠᠳᠤᠭᠠᠷ ᠪᠦᠯᠦᠭ <ᠠᠷᠪᠠ> Хан мунын сүүрс < дээд > – Мөнх зохиоов ᠂ Дэд бодь – Гуравдугаар бүлэг <10>

ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠳᠡᠳ᠋ ᠪᠣᠲᠢ – ᠭᠤᠷᠪᠠᠳᠤᠭᠠᠷ ᠪᠦᠯᠦᠭ <ᠠᠷᠪᠠ> Хан мунын сүүрс < дээд > – Мөнх зохиоов ᠂ Дэд бодь – Гуравдугаар бүлэг <10>

ᠠᠩᠭᠢᠯᠠᠯ:ᠲᠤᠭᠤᠵᠢ ᠷᠣᠮᠠᠨ
2024-11-05

499

ᠳᠡᠳ᠋ ᠪᠣᠲᠢ – ᠭᠤᠷᠪᠠᠳᠤᠭᠠᠷ ᠪᠦᠯᠦᠭ <ᠠᠷᠪᠠ>


               ᠠᠷᠪᠠ  

       ᠡᠪᠦᠯ ᠦ᠋ᠨ ᠳᠤᠮᠳᠠ ᠰᠠᠷ᠎ᠠ ᠶ᠋ᠢᠨ ᠰᠡᠭᠦᠯᠴᠢ ᠪᠡᠷ ᠶᠡᠬᠡ ᠴᠠᠰᠤ ᠣᠷᠣᠪᠠ᠃ ᠠᠩᠴᠢᠨᠵᠠᠪ ᠪᠤᠭᠤᠲᠤ ᠣᠷᠣᠵᠤ ᠠᠩ ᠤ᠋ᠨ ᠬᠡᠰᠢᠭ ᠢ᠋ᠶ᠋ᠡᠨ ᠪᠠᠭ᠎ᠠ ᠰᠠᠭ᠎ᠠ ᠮᠥᠩᠭᠥ ᠪᠣᠯᠭᠠᠵᠤ ᠴᠠᠭᠠᠯᠠᠬᠤ ᠶᠠᠭᠤᠮ᠎ᠠ ᠬᠡᠦᠮ᠎ᠡ ᠲᠥᠬᠥᠭᠡᠷᠬᠦ ᠪᠡᠷ ᠠᠭᠤᠯᠠᠨ ᠠ᠋ᠴᠠ ᠪᠠᠭᠤᠪᠠ᠃ ᠲᠢᠰ ᠨᠢᠰ ᠭᠡᠰᠡᠨ ᠶᠢᠰᠦ ᠶ᠋ᠢᠨ ᠬᠦᠢᠲᠡᠨ ᠳ᠋ᠦ᠍ ᠠᠩᠴᠢᠨᠵᠠᠪ ᠢᠰᠡᠭᠡᠢ ᠣᠢᠮᠣᠰᠤ ᠲᠠᠢ ᠡᠭᠡᠳᠡᠨ ᠭᠤᠲᠤᠯ᠂ ᠡᠯᠪᠡᠭ ᠨᠡᠬᠡᠢ ᠳᠡᠪᠦᠯ᠂ ᠦᠨᠡᠭᠡᠨ ᠯᠣᠪᠤᠤᠵᠠ ᠡᠮᠦᠰᠦᠭᠰᠡᠨ ᠡᠴᠡ ᠬᠥᠳᠡᠯᠵᠦ ᠪᠠᠷᠢᠬᠤ ᠳ᠋ᠤ᠌ ᠪᠤᠳᠤᠯᠢᠭᠤ ᠪᠦᠳᠦᠭᠦᠯᠢᠭ ᠠᠵᠢ᠃  
       ᠴᠥᠭᠡᠬᠡᠨ ᠭᠤᠷ᠎ᠠ ᠵᠦᠷ᠂ ᠢᠮᠠᠭᠠᠨ ᠭᠥᠷᠦᠭᠡᠰᠦᠨ ᠦ᠌ ᠠᠷᠠᠰᠤ᠂ ᠬᠣᠶᠠᠷ ᠰᠢᠷᠬᠡᠭ ᠤᠯᠠᠭᠠᠨ ᠦᠨᠡᠭᠡᠨ ᠦ᠌ ᠠᠷᠠᠰᠤ ᠪᠠᠨ ᠢᠯᠡ ᠭᠠᠨᠵᠤᠭᠠᠯᠠᠵᠤ᠂ ᠪᠤᠯᠠᠭ᠎ᠠ ᠬᠠᠯᠢᠭᠤ ᠶ᠋ᠢᠨ ᠠᠷᠠᠰᠤ᠂ ᠪᠤᠭᠤ ᠶ᠋ᠢᠨ ᠬᠢᠷᠵᠠᠩ᠂ ᠣᠷᠬᠣᠳᠠᠢ ᠶ᠋ᠢᠨ ᠲᠥᠮᠥᠰᠥ᠁ ᠵᠡᠷᠭᠡ ᠦᠨᠡᠲᠦ ᠶᠠᠭᠤᠮᠠᠰ ᠢ᠋ᠶ᠋ᠠᠨ ᠲᠡᠯᠢᠩ ᠳᠣᠲᠣᠷ᠎ᠠ ᠪᠠᠨ ᠳᠠᠯᠳᠠᠬᠠᠨ ᠠᠪᠴᠤ᠂ ᠮᠠᠭᠠᠵᠢ ᠶ᠋ᠢᠨ ᠴᠣᠬᠣᠷ ᠲᠤ᠌ ᠬᠦᠷᠭᠡᠬᠦ ᠰᠢᠷᠬᠡᠭ ᠪᠤᠭᠤ ᠶ᠋ᠢᠨ ᠬᠢᠷᠵᠠᠩ ᠢ᠋ᠶ᠋ᠠᠨ ᠨᠢᠮᠪᠠᠢ ᠡᠪᠦᠷᠲᠦᠯᠡᠵᠦ ᠶᠠᠪᠤᠭᠰᠠᠭᠠᠷ ᠮᠠᠭᠠᠵᠢ ᠶ᠋ᠢᠨ ᠴᠣᠬᠣᠷ ᠤ᠋ᠨ ᠶᠡᠬᠡ ᠬᠦᠷᠢᠶᠡᠨ ᠳ᠋ᠦ᠍ ᠠᠴᠢᠶ᠎ᠠ ᠬᠥᠰᠬᠡ ᠪᠡᠨ ᠪᠠᠭᠤᠯᠭᠠᠵᠤ ᠳᠠᠯᠢᠩ ᠢ᠋ᠶ᠋ᠠᠨ ᠮᠥᠷᠥᠯᠡᠭᠡᠳ ᠮᠠᠢᠮᠠᠢ ᠶ᠋ᠢᠨ ᠦᠨ᠎ᠡ ᠬᠠᠩᠰᠢ᠂ ᠡᠳ᠋ ᠪᠠᠷᠠᠭᠠᠨ ᠤ᠋ ᠵᠣᠯᠢᠶᠠᠨ ᠤ᠋ ᠪᠠᠢᠳᠠᠯ ᠢ᠋ ᠠᠵᠢᠭᠯᠠᠵᠤ ᠨᠠᠭᠠᠰᠢ ᠴᠠᠭᠠᠰᠢ ᠰᠦᠯᠵᠢᠬᠦ ᠬᠥᠮᠦᠨ ᠣᠯᠠᠨ ᠤ᠋ ᠱᠤᠤᠭᠢᠶᠠᠨ ᠳ᠋ᠤ᠌ ᠵᠣᠷᠴᠢᠨ ᠶᠠᠪᠤᠵᠤ ᠪᠠᠢᠯ᠎ᠠ᠃ 
       ᠮᠠᠭᠠᠵᠢ ᠶ᠋ᠢᠨ ᠴᠣᠬᠣᠷ ᠤ᠋ᠨ ᠶᠡᠬᠡ ᠬᠦᠷᠢᠶ᠎ᠡ ᠭᠡᠳᠡᠭ ᠨᠢ ᠪᠤᠭᠤᠲᠤ ᠪᠠᠯᠭᠠᠰᠤᠨ ᠤ᠋ ᠪᠠᠷᠠᠭᠤᠨ ᠵᠠᠬ᠎ᠠ ᠶ᠋ᠢ ᠳᠠᠷᠤᠵᠤ ᠪᠣᠰᠤᠭᠰᠠᠨ ᠮᠠ ᠣᠪᠣᠭ ᠲᠠᠢ ᠬᠣᠲᠣᠩ ᠬᠥᠮᠦᠨ ᠡᠵᠡᠩᠨᠡᠭᠰᠡᠨ ᠠᠷᠠᠯᠵᠢᠶᠠᠨ ᠤ᠋ ᠭᠠᠵᠠᠷ ᠪᠢᠯᠡ᠃ ᠮᠠ ᠣᠪᠣᠭᠲᠤ ᠬᠣᠲᠣᠩ ᠭᠡᠭᠴᠢ ᠳᠥᠴᠢ ᠶ᠋ᠢᠨ ᠳᠠᠪᠠᠭ᠎ᠠ ᠶ᠋ᠢ ᠳᠠᠪᠠᠵᠤ ᠶᠠᠪᠤᠭ᠎ᠠ ᠲᠤᠷᠠᠩᠬᠠᠢ ᠳᠤᠮᠳᠠ ᠶ᠋ᠢᠨ ᠪᠡᠶ᠎ᠡ ᠲᠡᠢ᠂ ᠤᠷᠤᠭᠤᠯ ᠬᠠᠯᠵᠠᠨ ᠪᠣᠯᠪᠠᠴᠤ ᠡᠷᠡᠦ ᠳᠣᠣᠭᠤᠷ ᠢ᠋ᠶ᠋ᠠᠨ ᠤᠬᠤᠨᠠᠨ ᠰᠠᠬᠠᠯ ᠲᠠᠢ᠂ ᠮᠠᠭᠠᠵᠢ ᠶ᠋ᠢᠨ ᠲᠣᠯᠪᠣᠲᠤ ᠴᠣᠬᠣᠷ ᠴᠢᠷᠠᠢ ᠲᠠᠢ ᠬᠥᠮᠦᠨ᠃ ᠲᠡᠷᠡ ᠠᠷᠠᠰᠤ ᠰᠢᠷᠢ᠂ ᠨᠣᠣᠰᠣ ᠨᠣᠣᠯᠣᠭᠤᠷ᠂ ᠠᠩ ᠭᠥᠷᠦᠭᠡᠨ ᠦ᠌ ᠠᠰᠢᠭ ᠰᠢᠮ᠎ᠡ ᠡᠨᠡ ᠲᠡᠷᠡ ᠶ᠋ᠢ ᠠᠷᠠᠯᠵᠢᠶᠠᠯᠠᠵᠤ ᠪᠣᠷᠣᠯᠠᠭᠤᠯᠤᠨ ᠳᠤᠮᠳᠠ ᠠ᠋ᠴᠠ ᠨᠢ ᠶᠡᠬᠡ ᠠᠰᠢᠭ ᠴᠣᠬᠢᠵᠤ ᠴᠠᠭᠠᠷᠠᠭᠰᠠᠨ ᠬᠥᠮᠦᠨ ᠦ᠌ ᠨᠢᠭᠡ᠃ ᠰᠤᠸᠠᠮᠫᠠᠨ ᠰᠤᠷᠮᠠᠭᠠᠢ ᠨᠢᠰᠠᠯᠵᠤ᠂ ᠪᠠᠷᠠᠭᠠᠨ ᠤ᠋ ᠦᠨ᠎ᠡ ᠬᠠᠩᠰᠢ ᠲᠣᠭᠠᠴᠠᠵᠤ ᠮᠡᠷᠭᠡᠯᠡᠨ ᠳᠠᠩᠰᠠ ᠰᠠᠢᠨ ᠪᠣᠳᠣᠳᠠᠭ ᠢ᠋ᠶ᠋ᠠᠷ ᠨᠢ ᠮᠠᠢᠮᠠᠢ ᠶ᠋ᠢᠨ ᠬᠥᠮᠦᠰ ᠲᠡᠭᠦᠨ ᠢ᠋ 《ᠰᠤᠸᠠᠮᠫᠠᠨ ᠮᠠ》 ᠭᠡᠳᠡᠭ ᠠᠵᠢ᠃ ᠭᠡᠲᠡᠯ᠎ᠡ ᠬᠣᠶᠠᠷ ᠨᠢᠭᠤᠷ ᠲᠠᠢ ᠬᠣᠷᠸ᠎ᠠ ᠶ᠋ᠢᠨ ᠵᠢᠮ᠎ᠡ ᠪᠡᠷ ᠮᠠᠢᠮᠠᠢ ᠱᠣᠣᠮᠠᠢ ᠳ᠋ᠠᠭᠠᠨ ᠬᠣᠨᠵᠢᠭᠤᠯᠵᠤ ᠬᠣᠬᠢᠷᠠᠭᠰᠠᠨ ᠨᠢᠭᠡ ᠨᠢ ᠲᠡᠭᠦᠨ ᠦ᠌ ᠠᠷᠤ ᠬᠣᠢᠭᠤᠷ 《ᠮᠠᠭᠠᠵᠢ ᠶ᠋ᠢᠨ ᠴᠣᠬᠣᠷ》ᠭᠡᠳᠡᠭ ᠮᠠᠭᠤ ᠬᠣᠴᠢ ᠨᠢ 《ᠰᠤᠸᠠᠮᠫᠠᠨ ᠮᠠ᠋》 ᠭᠡᠳᠡᠭ ᠢ᠋ᠶ᠋ᠡᠨ ᠲᠠᠢᠯᠵᠤ ᠰᠡᠭᠦᠯ ᠳ᠋ᠡᠭᠡᠨ ᠪᠦᠷ ᠴᠦ᠍《ᠮᠠᠭᠠᠵᠢ ᠶ᠋ᠢᠨ ᠴᠣᠬᠣᠷ》 ᠭᠡᠪᠡᠯ ᠮᠡᠳᠡᠬᠦ ᠦᠭᠡᠢ ᠬᠥᠮᠦᠨ ᠦᠭᠡᠢ ᠪᠣᠯᠵᠠᠢ᠃ 
       ᠮᠠᠭᠠᠵᠢ ᠶ᠋ᠢᠨ ᠴᠣᠬᠣᠷ ᠤ᠋ᠨ ᠶᠡᠬᠡ ᠬᠦᠷᠢᠶᠡᠨ ᠳ᠋ᠦ᠍ ᠴᠢᠯᠥᠭᠡᠲᠦ ᠵᠠᠬ᠎ᠠ ᠳᠡᠯᠭᠡᠭᠦᠷ ᠰᠢᠭ ᠬᠠᠮᠢᠭ᠎ᠠ ᠭᠠᠵᠠᠷ ᠤ᠋ᠨ ᠶᠠᠮᠠᠷ ᠴᠦ᠍ ᠬᠥᠮᠦᠨ ᠪᠠᠢᠵᠤ ᠮᠡᠳᠡᠨ᠎ᠡ᠃ ᠮᠣᠩᠭᠣᠯ᠂ ᠬᠢᠲᠠᠳ᠂ ᠬᠣᠲᠣᠩ᠂ ᠮᠠᠨᠵᠤ ᠵᠡᠷᠭᠡ ᠶ᠋ᠢᠨ ᠮᠠᠢᠮᠠᠢ ᠠᠷᠠᠯᠵᠢᠶᠠᠨ ᠤ᠋ ᠬᠥᠮᠦᠨ ᠭᠠᠨᠵᠤᠭ᠎ᠠ ᠶ᠋ᠢᠨ ᠶᠠᠭᠤᠮ᠎ᠠ ᠪᠠᠨ ᠠᠯᠢ ᠳᠤᠷ᠎ᠠ ᠰᠣᠨᠢᠷᠬᠠᠯ ᠲᠠᠢ ᠵᠦᠢᠯ ᠢ᠋ᠶ᠋ᠡᠷ ᠦᠨ᠎ᠡ ᠬᠠᠶᠠᠯᠴᠠᠨ ᠵᠣᠯᠢᠶ᠎ᠠ ᠮᠠᠢᠮᠠᠢ ᠭᠡᠵᠦ ᠶᠡᠬᠡ ᠯᠡ ᠨᠠᠷᠭᠢᠶᠠᠨ ᠬᠥᠭᠵᠢᠶᠡᠨ ᠲᠡᠢ ᠶ᠋ᠢ ᠬᠡᠯᠡᠬᠦ ᠦᠭᠡᠢ ᠬᠤᠳᠠᠯ ᠬᠡᠯᠡᠬᠦ᠂ ᠬᠤᠯᠠᠭᠠᠢ ᠬᠢᠬᠦ᠂ ᠬᠡᠯᠲᠦᠰᠬᠢᠪᠡᠯ ᠲᠤᠨᠤᠭ᠎ᠠ ᠳᠡᠭᠡᠷᠡᠮ ᠴᠦ᠍ ᠪᠠᠢᠳᠠᠭ ᠢ᠋ ᠠᠩᠴᠢᠨᠵᠠᠪ ᠶᠠᠭᠤ ᠠᠨᠳᠠᠬᠤ ᠪᠣᠢ᠃ ᠶᠡᠷᠦ ᠨᠢ ᠲᠡᠷᠡ ᠠᠩ ᠤ᠋ᠨ ᠭᠠᠨᠵᠤᠭ᠎ᠠ ᠪᠠᠨ ᠮᠠᠭᠠᠵᠢ ᠶ᠋ᠢᠨ ᠴᠣᠬᠣᠷ ᠲᠤ᠌ ᠪᠠᠭ᠎ᠠ ᠰᠠᠭ᠎ᠠ ᠭᠠᠷ ᠴᠠᠢᠯᠭᠠᠨ ᠳᠠᠮᠵᠢᠭᠤᠯᠵᠤ ᠬᠠᠩᠭᠢ ᠦᠨ᠎ᠡ ᠳ᠋ᠦ᠍ ᠬᠦᠷᠭᠡᠭᠡᠳ ᠠᠪᠴᠢᠬᠠᠳᠠᠭ᠃ ᠲᠡᠭᠡᠭᠰᠡᠭᠡᠷ ᠪᠠᠢᠵᠤ ᠠᠩᠴᠢᠨᠵᠠᠪ ᠮᠠᠭᠠᠵᠢ ᠶ᠋ᠢᠨ ᠴᠣᠬᠣᠷ ᠲᠠᠢ ᠶᠡᠬᠡ ᠵᠤᠵᠠᠭᠠᠨ ᠨᠠᠢᠷ ᠲᠠᠢ ᠪᠣᠯᠤᠭᠰᠠᠨ ᠶᠤᠮ᠃ ᠡᠨᠡ ᠤᠳᠠᠭ᠎ᠠ ᠴᠦ᠍ ᠭᠡᠰᠡᠨ ᠠᠩᠴᠢᠨᠵᠠᠪ ᠬᠠᠭᠤᠴᠢᠨ ᠶᠣᠰᠣ ᠪᠠᠷ ᠡᠪᠦᠷ ᠳᠠᠬᠢ ᠪᠠᠨ ᠰᠡᠮᠬᠡᠨ ᠲᠡᠮᠲᠡᠷᠢᠵᠦ ᠮᠠᠭᠠᠵᠢ ᠶ᠋ᠢᠨ ᠴᠣᠬᠣᠷ ᠲᠤ᠌ ᠭᠠᠨᠵᠤᠭ᠎ᠠ ᠶ᠋ᠢᠨ ᠶᠠᠭᠤᠮ᠎ᠠ ᠪᠠᠨ ᠥᠭᠴᠦ ᠠᠮᠠᠷᠠᠭᠠᠳ᠂ ᠠᠪᠳᠠᠭ ᠶᠠᠭᠤᠮ᠎ᠠ ᠪᠠᠨ ᠠᠪᠴᠤ ᠱᠠᠯᠠᠪ ᠪᠤᠴᠠᠶ᠎ᠠ ᠭᠡᠵᠦ ᠰᠢᠭᠤᠳ ᠮᠠᠭᠠᠵᠢ ᠶ᠋ᠢᠨ ᠴᠣᠬᠣᠷ ᠤ᠋ᠨ ᠡᠭᠦᠳᠡ ᠶ᠋ᠢ ᠲᠣᠭᠰᠢᠪᠠᠯ ᠥᠨᠥᠬᠢ ᠨᠢ ᠪᠠᠢᠳᠠᠭ ᠦᠭᠡᠢ᠃ ᠬᠠᠷᠠᠯᠠ ᠴᠠᠭᠠᠰᠢ! ᠭᠡᠵᠦ ᠲᠡᠭᠦᠨ ᠦ᠌ ᠭᠠᠷ ᠳᠣᠣᠷᠠᠬᠢ ᠬᠥᠮᠦᠰ ᠡᠴᠡ ᠬᠠᠮᠢᠭ᠎ᠠ ᠶᠠᠪᠤᠭᠰᠠᠨ ᠢ᠋ ᠨᠢ ᠰᠤᠷᠠᠭᠯᠠᠪᠠᠯ ᠴᠠᠭᠠᠨ ᠬᠡᠷᠡᠮ ᠡᠴᠡ ᠴᠠᠭᠠᠰᠢ ᠣᠷᠣᠵᠤ ᠪᠥᠭᠡᠮ ᠪᠠᠷᠠᠭ᠎ᠠ ᠪᠠᠨ ᠪᠣᠷᠣᠯᠠᠭᠤᠯᠬᠤ ᠪᠠᠷ ᠶᠠᠪᠤᠭᠠᠳ ᠬᠡᠳᠦ ᠬᠣᠨᠣᠴᠢᠬᠠᠯ᠎ᠠ ᠭᠡᠨ᠎ᠡ᠃ ᠮᠠᠭᠠᠵᠢ ᠶ᠋ᠢᠨ ᠴᠣᠬᠣᠷ ᠤ᠋ᠨ ᠭᠡᠷ ᠲᠡᠭᠡᠨ ᠪᠠᠢᠳᠠᠭ ᠦᠭᠡᠢ ᠲᠡᠢ ᠨᠢ ᠲᠠᠭᠠᠷᠠᠴᠢᠬᠠᠭᠰᠠᠨ ᠶᠤᠮ ᠴᠢᠨᠢ ᠡᠦᠲᠦ ᠶᠠᠭᠠᠬᠢᠳᠠᠭ ᠪᠢᠯᠡ? ᠶᠠᠭᠠᠬᠢᠬᠤ ᠪᠣᠢ ᠳᠠ᠂ ᠪᠤᠷᠬᠠᠨ ᠳ᠋ᠠᠭᠠᠨ ᠳᠤᠲᠠᠭᠤ ᠵᠠᠯᠪᠠᠷᠢᠵᠤ ᠪᠤᠷᠤᠭᠤ ᠡᠳᠦᠷ ᠭᠡᠷ ᠡᠴᠡ ᠭᠠᠷᠴᠠᠢ ᠭᠡᠵᠦ ᠰᠠᠨᠠᠪᠠ᠃ ᠡᠦᠲᠦ ᠲᠡᠭᠡᠭᠡᠳ ᠪᠠᠭ᠎ᠠ ᠰᠠᠭ᠎ᠠ ᠶᠠᠭᠤᠮ᠎ᠠ ᠪᠠᠨ ᠵᠠᠬ᠎ᠠ ᠶ᠋ᠢᠨ ᠢᠷᠭᠡᠨ ᠳ᠋ᠦ᠍ ᠦᠨ᠎ᠡ ᠬᠠᠪᠢᠯᠳᠤᠪᠠᠯ ᠥᠭᠳᠡᠭ ᠯᠡ ᠬᠡᠷᠡᠭ ᠭᠡᠵᠦ  ᠠᠩᠴᠢᠨᠵᠠᠪ ᠳᠠᠯᠢᠩ ᠢ᠋ᠶ᠋ᠠᠨ ᠮᠥᠷᠥᠪᠴᠢᠯᠡᠨ ᠬᠥᠮᠦᠨ ᠣᠯᠠᠨ ᠤ᠋ ᠳᠤᠮᠳᠠ ᠠ᠋ᠴᠠ ᠭᠠᠷ ᠥᠭᠡᠳᠡ 《ᠭᠠᠨᠵᠤᠭ᠎ᠠ ᠶ᠋ᠢᠨ ᠡᠵᠡᠨ》  ᠬᠠᠢᠵᠤ ᠶᠠᠪᠤᠯ᠎ᠠ᠃  
       ᠲᠡᠭᠡᠲᠡᠯ᠎ᠡ ᠬᠣᠶᠠᠷ ᠵᠠᠯᠠᠭᠤᠬᠠᠨ ᠡᠷ᠎ᠡ ᠲᠡᠭᠦᠨ ᠦ᠌ ᠪᠡᠶ᠎ᠡ ᠶ᠋ᠢ ᠨᠠᠯᠠᠵᠤ ᠢᠷᠡᠨ ᠵᠠᠮ ᠢ᠋ ᠨᠢ ᠬᠡᠷᠡᠵᠦ ᠵᠣᠭᠰᠣᠨ᠎ᠠ᠃ ᠭᠠᠷ ᠲᠠᠭᠠᠨ ᠬᠡᠳᠦᠨ ᠴᠠᠭᠠᠨ ᠵᠣᠭᠣᠰ ᠰᠢᠯᠭᠡᠭᠡᠵᠦ ᠨᠠᠭᠠᠳᠤᠭᠰᠠᠨ ᠪᠦᠯᠲᠡᠭᠡᠷ ᠬᠠᠷ᠎ᠠ ᠨᠢᠳᠦ ᠲᠡᠢ ᠨᠢᠭᠡ ᠨᠢ᠄ 
       — ᠮᠣᠩᠭᠣᠯ ᠬᠥᠮᠦᠨ ᠤᠤ? ᠭᠡᠵᠦ ᠬᠡᠭᠵᠡᠭᠦᠨ ᠳᠤᠤᠭᠠᠷᠪᠠ᠃ 
       — ᠮᠥᠨ᠂ ᠪᠢ ᠮᠣᠩᠭᠣᠯ ᠬᠥᠮᠦᠨ! ᠭᠡᠵᠦ ᠠᠩᠴᠢᠨᠵᠠᠪ ᠠᠵᠢᠭ ᠴᠤ᠌ ᠦᠭᠡᠢ ᠰᠢᠯᠤᠭᠤᠬᠠᠨ ᠬᠠᠷᠢᠭᠤᠯᠤᠭᠰᠠᠨ ᠳ᠋ᠤ᠌ ᠲᠡᠷᠡ ᠵᠣᠭᠣᠰ ᠰᠢᠯᠭᠡᠭᠡᠵᠦ ᠨᠠᠭᠠᠳᠤᠭᠰᠠᠨ ᠡᠷ᠎ᠡ ᠠᠩᠴᠢᠨᠵᠠᠪ ᠢ᠋ ᠡᠷᠭᠢᠵᠦ ᠲᠣᠭᠣᠷᠢᠨ ᠣᠷᠣᠢ ᠠ᠋ᠴᠠ ᠨᠢ ᠤᠯᠠ ᠳ᠋ᠤᠨᠢ ᠲᠤᠯᠲᠠᠯ᠎ᠠ ᠨᠠᠷᠢᠨ ᠰᠢᠨᠵᠢᠭᠰᠡᠨ ᠢ᠋ᠶ᠋ᠡᠨ 《ᠡᠨᠡ ᠪᠠᠰᠠ ᠰᠠᠢᠨ ᠡᠷ᠎ᠡ ᠶ᠋ᠢᠨ ᠰᠢᠨᠵᠢ ᠪᠠᠢᠨ᠎ᠠ ᠰᠢᠦ! ᠬᠡᠷᠰᠡᠦᠬᠡᠨ ᠪᠠᠢ᠂ ᠡᠬᠡ ᠶ᠋ᠢᠨ ᠬᠢᠨᠢ ᠤᠩᠬᠤᠷ》 ᠭᠡᠵᠦ ᠨᠥᠭᠥᠭᠡᠳᠡᠬᠢ ᠳ᠋ᠡᠭᠡᠨ ᠰᠡᠷᠡᠮᠵᠢ ᠥᠭᠬᠦ ᠳ᠋ᠦ᠍ ᠴᠠᠭᠠᠳᠤᠬᠢ ᠨᠢ ᠠᠩᠴᠢᠨᠵᠠᠪ ᠢ᠋ ᠯᠠᠪᠯᠠᠵᠤ ᠨᠢᠭᠡ ᠬᠠᠷᠠᠭᠰᠠᠨ ᠢ᠋ᠶ᠋ᠠᠨ ᠲᠣᠯᠣᠭᠠᠢ ᠪᠠᠨ ᠳᠣᠬᠢᠪᠠ᠃ 
       ᠠᠩᠴᠢᠨᠵᠠᠪ ᠲᠤ᠌ ᠡᠨᠡ ᠬᠣᠶᠠᠷ ᠡᠷ᠎ᠡ ᠶ᠋ᠢᠨ ᠬᠥᠳᠡᠯᠦᠯ ᠪᠠᠢᠳᠠᠯ ᠨᠢ ᠨᠢᠭᠡ ᠯᠡ ᠡᠲᠡᠭᠡᠳ ᠰᠣᠨᠢᠨ ᠰᠠᠨᠠᠭᠳᠠᠭᠰᠠᠨ ᠳ᠋ᠤ᠌ ᠥᠨᠥᠬᠢ ᠬᠣᠶᠠᠷ ᠡᠷ᠎ᠡ ᠶ᠋ᠢ ᠡᠭᠡᠯᠵᠢᠯᠡᠨ ᠠᠵᠢᠭᠯᠠᠪᠠᠯ ᠭᠠᠷ ᠲᠠᠭᠠᠨ ᠴᠠᠭᠠᠨ ᠵᠣᠭᠣᠰ ᠰᠢᠯᠭᠡᠭᠡᠵᠦ ᠨᠠᠭᠠᠳᠤᠭᠰᠠᠨ ᠫᠠᠭᠳᠠᠭ ᠲᠠᠷᠭᠤᠨ ᠪᠡᠶ᠎ᠡ ᠲᠡᠢ ᠪᠦᠯᠲᠡᠭᠡᠷ ᠬᠠᠷ᠎ᠠ ᠨᠢᠳᠦ ᠲᠡᠢ ᠨᠢ ᠬᠠᠷ᠎ᠠ ᠰᠢᠳᠦᠯᠡᠩ ᠦ᠋ᠨ ᠠᠷᠠᠰᠤᠨ ᠬᠣᠭᠣᠯᠠᠢᠪᠴᠢ ᠲᠠᠢ ᠢᠮᠠᠭᠠᠨ ᠣᠭᠴᠣᠷ ᠬᠡᠳᠡᠷᠴᠦ᠂ ᠲᠣᠯᠣᠭᠠᠢ ᠳ᠋ᠠᠭᠠᠨ ᠨᠣᠬᠠᠢ ᠶ᠋ᠢᠨ ᠠᠷᠠᠰᠤ ᠨᠠᠭᠠᠭᠰᠠᠨ ᠢᠰᠡᠭᠡᠢ ᠲᠣᠭᠣᠷᠴᠣᠭ ᠢ᠋ ᠥᠷᠥᠭᠡᠰᠦᠨ ᠴᠢᠬᠢᠪᠴᠢ ᠶ᠋ᠢ ᠨᠢ ᠪᠠᠭᠤᠯᠭᠠᠵᠤ ᠲᠠᠯᠪᠢᠭᠰᠠᠨ ᠪᠠᠢᠪᠠ᠃ ᠨᠥᠭᠦᠭᠡ ᠠᠷᠠᠢ ᠪᠡᠶᠡᠷᠬᠡᠭ ᠨᠢ ᠱᠤᠪᠲᠤᠩ ᠡᠷᠡᠦ ᠲᠡᠢ ᠭᠤᠷᠪᠠᠯᠵᠢᠨ ᠨᠢᠳᠦ ᠲᠡᠢ ᠬᠤᠯᠠᠭᠠᠢᠴᠢ ᠬᠠᠷᠠᠴᠠ ᠲᠠᠢ ᠬᠥᠮᠦᠨ  ᠪᠠᠢᠯ᠎ᠠ᠃ ᠠᠭᠤᠵᠢᠭᠤ ᠬᠠᠷ᠎ᠠ ᠬᠥᠪᠥᠩᠲᠡᠢ ᠥᠮᠥᠳᠥᠨ ᠦ᠌ ᠪᠡᠨ ᠰᠢᠷᠬᠤᠨᠠᠭ ᠢ᠋ ᠪᠣᠭᠣᠭᠰᠠᠨ ᠤᠴᠢᠷ ᠶᠣᠣᠵᠠ ᠮᠠᠭᠤᠲᠠᠢ ᠬᠠᠷᠠᠭᠳᠠᠨ᠂ ᠣᠭᠳᠣᠷ ᠪᠣᠰᠢᠨᠵᠠ ᠶ᠋ᠢᠨ ᠡᠩᠭᠡᠷ ᠢ᠋ ᠨᠢ ᠵᠥᠷᠢᠭᠦᠯᠦᠨ ᠣᠯᠣᠰᠣᠨ ᠳᠡᠭᠡᠰᠦ ᠪᠡᠷ ᠴᠢᠩᠭ᠎ᠠ ᠪᠦᠰᠡᠯᠡᠵᠦ᠂ ᠬᠤᠯᠤᠭᠤᠪᠴᠢ ᠴᠢᠬᠢ ᠲᠡᠢ ᠦᠰᠦ ᠨᠢ ᠲᠠᠬᠢᠷᠠᠭᠰᠠᠨ ᠬᠠᠭᠤᠴᠢᠨ ᠦᠨᠡᠭᠡᠨ ᠮᠠᠯᠠᠭᠠᠢ ᠡᠮᠦᠰᠦᠭᠰᠡᠨ ᠨᠢ ᠬᠥᠮᠦᠰ ᠲᠦ᠍ ᠳᠡᠭᠡᠷᠡᠮ ᠲᠤᠨᠤᠭ᠎ᠠ ᠶ᠋ᠢ ᠰᠠᠨᠠᠭᠳᠠᠭᠤᠯᠤᠨ᠎ᠠ᠃ 
       — ᠶᠠᠮᠠᠷ ᠭᠠᠨᠵᠤᠭ᠎ᠠ ᠲᠠᠢ ᠶᠠᠪᠤᠭ᠎ᠠ ᠪᠣᠢ ᠭᠡᠵᠦ ᠨᠥᠭᠦᠭᠡ ᠰᠢᠷᠬᠤᠨᠠᠭ ᠢ᠋ᠶ᠋ᠠᠨ ᠪᠣᠭᠣᠭᠰᠠᠨ ᠨᠢᠭᠡ ᠨᠢ ᠲᠡᠭᠦᠨ ᠦ᠌ ᠳᠠᠯᠢᠩ ᠳ᠋ᠠᠬᠢ ᠶ᠋ᠢ ᠭᠣᠷᠢᠳᠠᠭᠰᠠᠨ ᠶᠠᠭᠤᠮ᠎ᠠ ᠠᠰᠠᠭᠤᠪᠠ᠃ 
       — ᠠ᠂ ᠶᠠᠭᠤ ᠯᠠ ᠪᠠᠢᠬᠤ ᠪᠣᠢ ! ᠠᠩ ᠭᠥᠷᠦᠭᠡᠨ ᠦ᠌ ᠵᠦᠢᠯ ᠲᠡᠳᠦᠢ ᠭᠡᠵᠦ ᠠᠩᠴᠢᠨᠵᠠᠪ ᠬᠠᠢᠩᠭᠤᠬᠠᠨ ᠬᠠᠷᠢᠭᠤᠯᠪᠠ᠃ 
       — ᠠᠩ ᠬᠦᠷᠦᠭᠡ ? ᠠᠩᠴᠢᠨ ᠤᠤ? 
       — ᠲᠡᠢᠮᠦ! ᠠᠩᠴᠢᠨ ᠬᠥᠮᠦᠨ ! ᠭᠡᠰᠡᠨ ᠳ᠋ᠦ᠍᠂  
       — ᠬᠠᠮᠢᠭᠠᠬᠢ ᠶ᠋ᠢᠨ ᠠᠩᠴᠢᠨ? ᠭᠡᠵᠦ ᠬᠠᠷ᠎ᠠ ᠨᠢᠳᠦ ᠲᠡᠢ ᠢᠰᠡᠭᠡᠢ ᠲᠣᠭᠣᠷᠴᠣᠭᠲᠤ ᠠᠰᠠᠭᠤᠪᠠ᠃ 
       — ᠮᠤᠨᠠ ᠠᠭᠤᠯᠠ ᠶ᠋ᠢᠨ ᠬᠢ᠃ 
       — ᠪᠤᠭᠤ ᠶ᠋ᠢᠨ ᠬᠢᠷᠵᠠᠩ ᠪᠠᠢᠨ᠎ᠠ ᠤᠤ ? ᠭᠡᠵᠦ ᠨᠥᠭᠦᠭᠡ ᠨᠢᠭᠡ ᠨᠢ ᠪᠠᠷᠤᠭ ᠲᠡᠭᠦᠨ ᠦ᠌ ᠮᠥᠷᠦᠨ ᠳ᠋ᠡᠬᠢ ᠲᠡᠯᠢᠩ ᠢ᠋ ᠪᠠᠭᠤᠯᠭᠠᠵᠤ ᠨᠡᠩᠵᠢᠮᠡᠷ ᠶᠠᠭᠤᠮ᠎ᠠ ᠪᠣᠯᠪᠠ᠃ 
       ᠠᠩᠴᠢᠨᠵᠠᠪ ᠲᠤ᠌ ᠡᠨᠡ ᠬᠣᠶᠠᠷ ᠤ᠋ᠨ ᠡᠮᠦᠰᠴᠦ ᠵᠡᠭᠦᠭᠰᠡᠨ᠂ ᠬᠥᠳᠡᠯᠦᠯ ᠪᠠᠷᠢᠯ ᠨᠢ ᠬᠠᠴᠢᠨ ᠡᠪ ᠦᠭᠡᠢ ᠬᠠᠷᠠᠭᠳᠠᠵᠤ ᠨᠠᠳᠠ ᠲᠠᠢ ᠨᠤᠤᠷᠠᠬᠤ ᠮᠠᠭᠤ ᠰᠠᠢᠨ ᠲᠣᠨᠣᠭ᠎ᠠ ᠨᠤᠭᠤᠳ ᠤ᠋ᠨ ᠨᠢᠭᠡ ᠪᠣᠯᠴᠢᠬᠠᠪᠠ ᠤᠤ ᠳᠠ ! ᠭᠡᠵᠦ ᠪᠣᠳᠣᠨ 《ᠪᠠᠢᠵᠠ !》 ᠭᠡᠵᠦ ᠳᠠᠯᠢᠩ ᠢ᠋ᠶ᠋ᠠᠨ ᠯᠠᠪ ᠰᠢᠭ᠋ ᠮᠥᠷᠥᠯᠡᠭᠡᠳ᠄ 
       — ᠨᠠᠳᠠ ᠠ᠋ᠴᠠ ᠶᠠᠭᠤ ᠠᠪᠤᠮᠠᠷ  ᠪᠠᠢᠨ᠎ᠠ? ᠭᠡᠵᠦ ᠠᠰᠠᠭᠤᠪᠠ᠃ 
       — ᠪᠤᠭᠤ ᠶ᠋ᠢᠨ ᠬᠢᠷᠵᠠᠩ ᠪᠠᠢᠨ᠎ᠠ ᠤᠤ? ᠭᠡᠰᠡᠨ ᠰᠢᠳᠡ ! ᠮᠠᠨ ᠤ᠋ ᠵᠠᠩᠭᠤᠢᠳᠠ ᠪᠤᠭᠤ ᠶ᠋ᠢᠨ ᠬᠢᠷᠵᠠᠩ ᠠᠪᠤᠨ᠎ᠠ ᠭᠡᠵᠦ ᠪᠣᠢ᠃ 
       — ᠶᠠᠮᠠᠷ ᠦᠨ᠎ᠡ ᠪᠡᠷ ᠠᠪᠬᠤ ᠰᠠᠨᠠᠭᠠᠲᠠᠢ ᠶᠤᠮ? 
       — ᠲᠠ ᠨᠢᠭᠡ ᠰᠢᠷᠬᠡᠭ ᠲᠡᠭᠡᠨ ᠬᠡᠳᠦᠢ ᠮᠥᠩᠭᠥ ᠠᠪᠬᠤ ᠰᠠᠨᠠᠭᠠᠲᠠᠢ ᠶᠤᠮ? ᠰᠢᠭᠤᠳ ᠬᠡᠯᠡᠴᠢᠬᠡ᠂ ᠦᠨ᠎ᠡ ᠲᠠᠭᠠᠷᠠᠪᠠᠯ ᠮᠥᠩᠭᠥ ᠪᠡᠯᠡᠨ ᠭᠡᠳ ᠢᠰᠡᠭᠡᠢ ᠲᠣᠭᠣᠷᠴᠣᠭᠲᠤ 《ᠡᠬᠡ ᠶ᠋ᠢᠨ ᠬᠢᠨᠢ ᠣᠩᠬᠣᠷ》 ᠭᠡᠵᠦ ᠪᠡᠯᠡᠨ ᠬᠠᠷᠢᠶᠠᠯ ᠲᠠᠯᠪᠢᠭᠠᠳ᠂ ᠠᠩᠴᠢᠨᠵᠠᠪ ᠤ᠋ᠨ ᠬᠠᠨᠴᠤᠢ ᠳ᠋ᠤ᠌ ᠭᠠᠷ ᠢ᠋ᠶ᠋ᠠᠨ ᠰᠢᠷᠭᠤᠭᠤᠯᠤᠨ 《ᠭᠤᠷᠪᠠᠨ ᠬᠤᠷᠤᠭᠤ》 ᠪᠠᠨ ᠲᠡᠮᠳᠡᠷᠢᠭᠦᠯᠪᠡ᠃ 
       ᠠᠩᠴᠢᠨᠵᠠᠪ ᠳᠣᠲᠣᠷ᠎ᠠ ᠪᠠᠨ 《ᠭᠤᠴᠢᠬᠠᠨ ᠮᠥᠩᠭᠥᠨ ᠵᠣᠭᠣᠰ》 ᠢ᠋ᠶ᠋ᠠᠷ ᠨᠢᠭᠡ ᠰᠢᠷᠬᠡᠭ ᠪᠤᠭᠤ ᠶ᠋ᠢᠨ ᠬᠢᠷᠵᠠᠩ ᠠᠪᠬᠤ ᠰᠠᠨᠠᠭᠠᠲᠠᠢ ᠭᠡᠳᠡᠭ ᠢ᠋ ᠮᠡᠳᠡᠵᠦ ᠲᠣᠯᠣᠭᠠᠢ ᠪᠠᠨ ᠰᠡᠭᠰᠦᠷᠦᠨ᠂ 
       — ᠡᠳᠦᠢᠬᠡᠨ ᠮᠥᠩᠭᠥ ᠳ᠋ᠦ᠍ ᠥᠭᠬᠦ ᠦᠭᠡᠢ᠃ ᠮᠢᠨᠦ ᠡᠨᠡ ᠡᠳ᠋ ᠵᠢᠩᠬᠢᠨᠢ ᠰᠠᠢᠨ ᠶᠠᠭᠤᠮ᠎ᠠ᠃ ᠮᠤᠨᠠ ᠠᠭᠤᠯᠠ ᠶ᠋ᠢᠨ ᠬᠢᠵᠠᠭᠠᠯᠠᠩ ᠪᠤᠭᠤ ᠶ᠋ᠢᠨ ᠬᠢᠷᠵᠠᠩ ᠰᠢᠦ! ᠨᠠᠭᠠᠳᠤᠮ ᠪᠢᠰᠢ! ᠭᠡᠳ ᠲᠡᠳᠡ ᠬᠣᠶᠠᠷ ᠢ᠋ ᠲᠦᠯᠬᠢᠵᠦ ᠴᠠᠭᠠᠰᠢ ᠶᠠᠪᠤᠬᠤ ᠭᠡᠪᠡᠯ ᠢᠰᠡᠭᠡᠢ ᠲᠣᠭᠣᠷᠴᠣᠭᠲᠤ᠄ 
       — ᠪᠠᠢᠵᠠ᠂ ᠪᠠᠢᠵᠠ ᠪᠢᠲᠡᠭᠡᠢ ᠰᠠᠨᠳᠤᠷ᠂ ᠵᠢᠩᠬᠢᠨᠢ ᠶᠠᠭᠤᠮ᠎ᠠ ᠭᠡᠳ ᠯᠡ ᠪᠠᠢᠬᠤ ᠶᠤᠮ᠃ ᠪᠢᠳᠡ ᠶᠠᠭᠤᠮ᠎ᠠ ᠶ᠋ᠢ ᠴᠢᠨᠢ ᠦᠵᠡᠵᠦ ᠪᠠᠢᠭᠠᠳ ᠳᠠᠬᠢᠵᠤ ᠦᠨ᠎ᠡ ᠥᠭᠭᠦᠶ᠎ᠡ! ᠡᠬᠡ ᠶ᠋ᠢᠨ ᠬᠢᠨᠢ ᠣᠩᠬᠣᠷ ᠁ ᠭᠡᠵᠦ ᠬᠠᠷᠢᠶᠠᠯ ᠲᠠᠯᠪᠢᠨ ᠲᠡᠭᠦᠨ ᠦ᠌ ᠡᠮᠦᠨ᠎ᠡ ᠨᠢ ᠨᠠᠪᠲᠠᠭᠠᠨᠠᠨ ᠭᠦᠶᠦᠵᠦ ᠢᠷᠡᠭᠡᠳ ᠵᠠᠮ ᠢ᠋ ᠨᠢ ᠬᠣᠷᠢᠪᠠ᠃  
       ᠠᠩᠴᠢᠨᠵᠠᠪ ᠳᠣᠲᠣᠷ᠎ᠠ ᠪᠠᠨ 《ᠡᠨᠡ ᠬᠣᠶᠠᠷ ᠵᠣᠯᠢᠭ ᠴᠤ᠌ ᠶᠠᠭ ᠨᠠᠳᠠ ᠲᠠᠢ ᠨᠣᠣᠷᠠᠴᠢᠬᠠᠯ᠎ᠠ ᠳᠠ᠂ ᠶᠠᠭᠤᠮ᠎ᠠ ᠶ᠋ᠢ ᠴᠢᠨᠢ ᠦᠵᠡᠶ᠎ᠡ ᠭᠡᠳ ᠭᠠᠷᠭᠠᠬᠤ ᠲᠠᠢ ᠵᠡᠷᠭᠡ ᠭᠠᠷ ᠠ᠋ᠴᠠ ᠴᠢᠨᠢ ᠰᠤᠭᠤ ᠲᠡᠳᠡᠨ ᠠᠪᠴᠤ ᠭᠣᠳ ᠳᠤᠲᠠᠭᠠᠳᠠᠭ ᠭᠠᠷᠯᠢᠭ ᠤ᠋ᠳ ᠪᠠᠢᠬᠤ ᠨᠢ ᠠ᠋》 ᠭᠡᠵᠦ ᠳᠠᠯᠢᠩ ᠢ᠋ᠶ᠋ᠠᠨ ᠪᠠᠭᠤᠯᠭᠠᠵᠤ ᠬᠥᠰᠡᠷ ᠲᠠᠯᠪᠢᠨ 《ᠡᠨᠡ ᠢᠰᠡᠭᠡᠢ ᠲᠣᠭᠣᠷᠴᠣᠭᠲᠤ ᠶ᠋ᠢ ᠡᠯᠢᠭᠡ ᠲᠦᠷᠦᠭᠦᠰᠢ ᠪᠡᠨ ᠰᠢᠷᠣᠢ ᠡᠮᠬᠦᠬᠦᠯᠴᠢᠬᠡᠪᠡᠯ ᠶᠠᠭᠠᠬᠢᠳᠠᠭ ᠶᠤᠮ?》 ᠭᠡᠵᠦ ᠡᠪᠦᠷ ᠢ᠋ᠶ᠋ᠡᠨ ᠲᠡᠮᠲᠡᠷᠢᠬᠦ ᠮᠠᠶᠢᠭ ᠭᠠᠷᠭᠠᠨ ᠴᠣᠴᠢᠮᠠᠭ ᠳᠠᠭᠠᠷᠢᠬᠤ ᠭᠡᠲᠡᠯ᠎ᠡ ᠭᠡᠨᠡᠳᠲᠡ ᠲᠡᠭᠦᠨ ᠦ᠌ ᠠᠷᠤ ᠠ᠋ᠴᠠ ᠲᠣᠯᠣᠭᠠᠢ ᠳ᠋ᠤᠨᠢ ᠰᠤᠮᠠᠯ ᠤᠭᠯᠠᠪᠠ᠃ ᠶᠠᠭᠠᠬᠢᠵᠤ ᠶᠠᠭᠠᠬᠢᠬᠤ ᠶ᠋ᠢᠨ ᠵᠠᠪ ᠪᠣᠯᠤᠭᠰᠠᠨ ᠦᠭᠡᠢ ᠬᠡᠳᠦ ᠬᠡᠳᠦᠨ ᠡᠷ᠎ᠡ ᠲᠡᠭᠦᠨ ᠢ᠋ ᠬᠦᠯᠢᠵᠦ ᠣᠷᠬᠢᠪᠠ᠃ 
       ᠠᠯᠢ ᠵᠦᠭ ᠲᠦ᠍ ᠬᠠᠮᠢᠭ᠎ᠠ ᠬᠠᠮᠢᠭᠠᠰᠢ ᠪᠠᠨ ᠮᠤᠷᠤᠢᠵᠤ ᠶᠠᠪᠤᠭᠰᠠᠨ ᠢ᠋ ᠠᠩᠴᠢᠨᠵᠠᠪ ᠮᠡᠳᠡᠭᠰᠡᠨ ᠦᠭᠡᠢ᠃ ᠥᠨᠥᠬᠢ ᠬᠡᠳᠦᠨ ᠡᠷ᠎ᠡ ᠲᠡᠭᠦᠨ ᠢ᠋ ᠲᠦᠯᠬᠢᠵᠦ ᠲᠠᠲᠠᠭᠰᠠᠭᠠᠷ ᠶᠠᠪᠤᠨ ᠨᠢᠭᠡ ᠴᠡᠯ ᠬᠦᠢᠲᠡᠨ ᠭᠡᠷ ᠲᠦ᠍ ᠣᠷᠣᠭᠤᠯᠵᠤ ᠬᠣᠷᠢᠵᠠᠢ᠃ ᠪᠦᠯᠲᠡᠭᠡᠷ ᠬᠠᠷ᠎ᠠ ᠨᠢᠳᠦ ᠲᠡᠢ ᠨᠢ ᠲᠡᠭᠦᠨ ᠦ᠌ ᠡᠪᠦᠷ ᠲᠦ᠍ ᠭᠠᠷ ᠢ᠋ᠶ᠋ᠠᠨ ᠣᠷᠣᠭᠤᠯᠤᠨ ᠪᠣᠭᠣᠯᠲᠠ ᠲᠠᠢ ᠪᠤᠭᠤ ᠶ᠋ᠢᠨ ᠬᠢᠷᠵᠠᠩ᠂ ᠬᠦᠷᠡᠩ ᠤᠯᠠᠭᠠᠨ ᠵᠢᠩᠰᠡ ᠲᠡᠢ ᠮᠠᠨᠤᠨ ᠬᠥᠬᠦᠦᠷ ᠪᠠ ᠪᠥᠰᠡᠨ ᠳ᠋ᠡᠬᠢ ᠮᠣᠩᠭᠣᠯ ᠬᠢᠲᠤᠭ᠎ᠠ᠂ ᠭᠤᠲᠤᠯ ᠤ᠋ᠨ ᠲᠦᠷᠡᠢ ᠡᠴᠡ ᠨᠢ ᠮᠥᠩᠭᠥᠨ ᠲᠣᠯᠣᠭᠠᠢ ᠲᠠᠢ ᠭᠠᠩᠰᠠ ᠶ᠋ᠢ ᠨᠢ ᠬᠦᠷᠲᠡᠯ᠎ᠡ ᠦᠯᠡᠳᠡᠭᠡᠭᠰᠡᠨ ᠦᠭᠡᠢ ᠬᠤᠷᠢᠶᠠᠵᠤ ᠠᠪᠤᠪᠠ᠃ 
       — ᠪᠠᠢᠵᠠ᠂ ᠮᠢᠨᠦ ᠬᠥᠬᠦᠦᠷ᠂ ᠬᠡᠲᠡ ᠴᠠᠬᠢᠭᠤᠷ᠂ ᠳ᠋ᠠᠢ ᠲᠠᠮᠠᠭ᠎ᠠ (ᠭᠠᠩᠰᠠ) ᠶ᠋ᠢ ᠮᠢᠨᠢ ᠦᠯᠡᠳᠡᠭᠡᠵᠦ ᠥᠭ! ᠭᠡᠵᠦ ᠠᠩᠴᠢᠨᠵᠠᠪ ᠤ᠋ᠨ ᠬᠡᠯᠡᠬᠦ ᠳ᠋ᠦ᠍ ᠥᠨᠥᠬᠢ ᠪᠦᠯᠲᠡᠭᠡᠷ ᠬᠠᠷ᠎ᠠ ᠨᠢᠳᠦᠲᠦ᠄ 
       — ᠡᠬᠡ ᠶ᠋ᠢᠨ ᠴᠢᠨᠢ ᠣᠩᠬᠣᠷ᠃ ᠠᠯᠢ ᠶ᠋ᠢ ᠨᠢ ᠦᠯᠡᠳᠡᠭᠡᠵᠦ᠂ ᠠᠯᠢ ᠶ᠋ᠢ ᠨᠢ ᠠᠪᠬᠤ ᠪᠠᠨ ᠴᠢᠮ᠎ᠠ ᠪᠠᠷ ᠵᠢᠭᠠᠯᠭᠠᠨ᠎ᠠ ᠤᠤ? ᠭᠡᠭᠰᠡᠭᠡᠷ ᠡᠭᠦᠳᠡ ᠬᠠᠶᠠᠵᠤ  ᠭᠠᠷᠴᠤ ᠶᠠᠪᠤᠬᠤ ᠳ᠋ᠤᠨᠢ ᠳᠠᠭᠠᠯᠳᠤᠭᠰᠠᠨ ᠨᠢᠭᠡ ᠨᠢ ᠮᠠᠭᠤ ᠪᠠᠨᠰᠠᠨ ᠬᠠᠭᠠᠯᠭ᠎ᠠ ᠶ᠋ᠢ ᠣᠨᠢᠰᠤᠯᠠᠪᠠ ᠪᠣᠯᠤᠯᠲᠠᠢ᠂ ᠲᠠᠷᠳ᠋ ᠭᠡᠰᠡᠨ ᠳᠠᠭᠤᠨ ᠭᠠᠷᠪᠠ᠃ 
       ᠪᠦᠯᠲᠡᠭᠡᠷ ᠬᠠᠷ᠎ᠠ ᠨᠢᠳᠦ ᠲᠡᠢ ᠡᠷ᠎ᠡ ᠲᠦᠷᠦᠭᠦᠲᠡᠢ ᠬᠡᠳᠦᠭᠦᠯᠡ ᠥᠨᠥᠬᠢ ᠠᠩᠴᠢᠨᠵᠠᠪ ᠠ᠋ᠴᠠ ᠲᠣᠨᠣᠭᠰᠠᠨ ᠭᠤᠷ᠎ᠠ ᠵᠦᠷ᠂ ᠢᠮᠠᠭᠠᠨ ᠭᠥᠷᠦᠭᠡᠰᠦᠨ ᠦ᠌ ᠠᠷᠠᠰᠤ ᠡᠨᠡ ᠲᠡᠷᠡ ᠶᠠᠭᠤᠮ᠎ᠠ ᠪᠠ ᠳᠠᠯᠢᠩ ᠲᠠᠢ ᠶᠠᠭᠤᠮᠠᠰ ᠢ᠋ ᠠᠪᠴᠤ ᠣᠯᠵᠠ ᠶ᠋ᠢᠨ ᠭᠠᠨᠵᠤᠭ᠎ᠠ ᠳ᠋ᠠᠭᠠᠨ ᠪᠡᠶᠡᠰᠦᠨ ᠶᠡᠬᠡᠳᠡ ᠢᠨᠢᠶᠡᠯᠴᠡᠵᠦ ᠬᠠᠨᠢᠶᠠᠯᠴᠠᠭᠰᠠᠭᠠᠷ ᠭᠣᠣᠯ ᠭᠡᠷ ᠲᠡᠬᠢ ᠵᠠᠩᠭᠤᠢᠳᠠ ᠳ᠋ᠠᠭᠠᠨ ᠭᠠᠪᠢᠶ᠎ᠠ ᠭᠠᠨᠵᠤᠭ᠎ᠠ ᠪᠠᠨ ᠮᠡᠳᠡᠭᠦᠯᠬᠦ ᠪᠡᠷ ᠴᠥᠷᠬᠡᠯᠡᠭᠳᠡᠨ ᠣᠷᠣᠵᠠᠭᠠᠪᠠ᠃ 
       ᠡᠨᠡ ᠬᠦ᠌ ᠲᠣᠭᠣᠰᠬᠠᠨ ᠭᠡᠷ ᠦ᠋ᠨ ᠳᠣᠲᠣᠷ᠎ᠠ ᠥᠷᠥᠭᠡᠨ ᠦ᠌ ᠰᠢᠯ ᠭᠡᠭᠡᠪᠴᠢ ᠶ᠋ᠢᠨ ᠨᠠᠷᠠᠨ ᠡᠭᠡᠪᠦᠷ ᠲᠦ᠍ ᠬᠠᠨᠵᠤᠨ ᠤ᠋ ᠰᠢᠷᠡᠭᠡ ᠥᠩᠭᠡᠢᠨ ᠬᠠᠵᠠᠭᠤᠯᠳᠠᠭᠰᠠᠨ ᠭᠥᠯᠢᠩ ᠲᠣᠯᠣᠭᠠᠢ ᠲᠠᠢ ᠪᠦᠳᠦᠭᠦᠨ ᠡᠷ᠎ᠡ ᠬᠠᠷ᠎ᠠ ᠲᠠᠮᠠᠬᠢ ᠴᠣᠷᠭᠢᠵᠤ ᠰᠠᠭᠤᠨ᠎ᠠ᠃ 
       ᠡᠨᠡ ᠬᠥᠮᠦᠨ ᠪᠣᠯ ᠮᠠᠨᠴᠤᠷᠭ᠎ᠠ᠃  
       ᠮᠠᠨᠴᠤᠷᠭ᠎ᠠ᠂ ᠰᠢᠷᠠᠪᠳᠣᠷᠵᠢ ᠬᠦᠩ ᠨᠣᠶᠠᠨ ᠤ᠋ ᠬᠠᠢᠷᠠᠲᠠᠢ ᠬᠠᠲᠤᠨ ᠴᠡᠴᠡᠭ ᠲᠡᠢ ᠡᠢᠮᠦ ᠲᠡᠢᠮᠦ ᠪᠣᠯᠵᠤ ᠬᠡᠷᠡᠭ ᠯᠡᠪᠡᠷᠡᠭᠰᠡᠨ ᠳ᠋ᠦ᠍ ᠶᠣᠰᠣᠲᠠᠢ ᠲᠡᠭᠷᠢ ᠶ᠋ᠢᠨ ᠪᠤᠬᠤᠷ ᠲᠤ᠌ ᠭᠠᠯ ᠲᠠᠯᠪᠢᠴᠢᠬᠠᠭᠠᠳ ᠠᠷᠭ᠎ᠠ ᠪᠤᠶᠤ ᠥᠪᠡᠷ ᠢ᠋ᠶ᠋ᠡᠨ ᠬᠦᠯᠢᠶᠡᠰᠦ ᠪᠡᠨ ᠠᠯᠳᠠᠷᠠᠭᠠᠵᠤ ᠨᠣᠶᠠᠨ ᠰᠠᠩ ᠤ᠋ᠨ ᠶᠠᠮᠤᠨ ᠠ᠋ᠴᠠ ᠵᠢᠭᠤᠲᠠᠵᠠᠢ᠃ ᠡᠨᠡ ᠬᠣᠭᠣᠷᠣᠨᠳᠣ ᠲᠡᠭᠦᠨ ᠦ᠌ ᠡᠴᠢᠭᠡ ᠡᠯᠳᠡᠩᠭᠡ ᠲᠤᠰᠠᠯᠠᠭᠴᠢ ᠡᠨᠡ ᠤᠴᠢᠷ ᠲᠤ᠌ ᠰᠢᠷᠠᠪᠳᠣᠷᠵᠢ ᠬᠦᠩ ᠨᠣᠶᠠᠨ ᠲᠠᠢ ᠡᠪᠳᠡᠷᠡᠯᠴᠡᠵᠦ ᠪᠠᠷᠠᠭᠤᠨ ᠬᠦᠩ ᠦ᠋ᠨ ᠬᠢᠨ ᠳᠣᠲᠣᠷ᠎ᠠ ᠪᠠᠨ ᠶᠡᠬᠡᠳᠡ ᠬᠢᠮᠤᠷᠠᠭᠰᠠᠨ ᠢ᠋ ᠠᠳᠠ ᠥᠭᠦᠯᠡᠬᠦ ᠦᠭᠡᠢ᠃ ᠡᠭᠦᠨ ᠦ᠌ ᠤᠴᠢᠷ ᠲᠤ᠌ ᠲᠡᠷᠡ ᠬᠣᠰᠢᠭᠤ ᠨᠤᠲᠤᠭ ᠲᠠᠭᠠᠨ ᠬᠥᠯ ᠲᠥᠷᠥᠵᠦ ᠴᠢᠳᠠᠬᠤ ᠦᠭᠡᠢ᠂ ᠭᠡᠷ ᠲᠡᠭᠡᠨ ᠴᠦ᠍ ᠬᠠᠷᠢᠬᠤ ᠠᠷᠭ᠎ᠠ ᠦᠭᠡᠢ ᠲᠡᠨᠦᠭᠦᠴᠢᠯᠡᠵᠦ ᠶᠠᠪᠤᠵᠠᠢ᠃  
       ᠤᠷᠰᠢᠭ ᠤ᠋ᠨ ᠲᠦᠷᠦᠭᠦᠦ ᠥᠯᠵᠡᠢᠰᠠᠩ ᠢ᠋ ᠥᠯᠥᠩᠲᠦ ᠶ᠋ᠢᠨ ᠠᠮᠠᠨ ᠳ᠋ᠤ᠌ ᠮᠣᠳᠣᠨ ᠳ᠋ᠤ᠌ ᠳᠡᠭᠦᠵᠢᠯᠡᠵᠦ ᠬᠠᠶᠠᠴᠢᠬᠠᠭᠠᠳ ᠪᠤᠭᠤᠲᠤ ᠪᠠᠷ ᠳᠠᠭᠠᠷᠢᠬᠤ ᠳ᠋ᠠᠭᠠᠨ ᠨᠠᠮᠰᠠᠷᠠᠢ ᠪᠤᠷᠬᠠᠨᠲᠤ ᠰᠦᠮ᠎ᠡ ᠶ᠋ᠢᠨ ᠡᠭᠦᠳᠡᠨ ᠳ᠋ᠦ᠍ ᠵᠢᠭᠠᠬᠠᠨ ᠪᠠᠨᠳᠢ ᠲᠡᠮᠦᠷᠰᠥ᠋ᠬᠡ ᠶ᠋ᠢᠨ ᠠᠮᠠᠨ ᠠ᠋ᠴᠠ ᠷᠤᠯᠮ᠎ᠠ ᠶ᠋ᠢᠨ ᠲᠤᠬᠠᠢ ᠵᠣᠯ ᠪᠤᠰᠤ ᠰᠤᠷᠠᠭ ᠲᠤᠭᠤᠯᠵᠤ᠂ ᠮᠥᠨ ᠰᠦᠮ᠎ᠡ ᠶ᠋ᠢᠨ ᠬᠦᠷᠢᠶᠡᠨ ᠦ᠌ ᠬᠡᠷᠡᠮ ᠳ᠋ᠦ᠍ ᠲᠡᠭᠦᠨ ᠦ᠌ ᠵᠢᠷᠤᠮᠠᠯ ᠬᠥᠷᠥᠭ ᠲᠡᠢ ᠪᠠᠷᠢᠪᠴᠢᠯᠠᠬᠤ ᠵᠠᠷ ᠨᠠᠭᠠᠭᠠᠰᠤᠲᠠᠢ ᠪᠠᠢᠭᠰᠠᠨ ᠢ᠋ ᠨᠢᠳᠦ ᠪᠡᠷ ᠣᠯᠵᠤ ᠦᠵᠡᠩᠭᠦᠲᠡ 《ᠡᠨᠡ ᠭᠠᠵᠠᠷ ᠤᠳᠠᠭᠠᠨ ᠪᠠᠢᠵᠤ ᠪᠣᠯᠬᠤ ᠦᠭᠡᠢ》 ᠭᠡᠵᠦ ᠲᠡᠨᠳᠡ ᠡᠴᠡ ᠱᠠᠯᠠᠪᠬᠠᠨ ᠰᠠᠯᠪᠠ᠃ 
       ᠲᠡᠷᠡ ᠰᠥᠨᠢ ᠳ᠋ᠡᠭᠡᠨ ᠰᠠᠯᠴᠢᠨ ᠰᠦᠮ᠎ᠡ ① ᠦ᠌ ᠭᠠᠯ ᠲᠣᠭᠣᠭᠠᠨ ᠤ᠋ ᠳᠣᠩᠷᠣᠪ ᠯᠠᠮᠠᠬᠠᠢ ᠶ᠋ᠢᠨ ᠳ᠋ᠦ᠍ ᠣᠴᠢᠵᠤ ᠬᠡᠳᠦ ᠬᠣᠨᠣᠭ ᠬᠣᠷᠭᠣᠳᠠᠪᠠ᠃ ᠲᠡᠭᠡᠭᠡᠳ ᠮᠠᠴᠠᠭ ᠪᠠᠷᠢᠵᠤ ᠮᠠᠨᠢ ᠲᠣᠭᠠᠯᠠᠨ ᠯᠠᠮᠠ ᠪᠣᠯᠤᠶ᠎ᠠ ᠴᠤ᠌ ᠭᠡᠵᠦ ᠰᠠᠨᠠᠨ ᠦᠰᠦ ᠪᠡᠨ ᠬᠤᠰᠤᠵᠤ ᠰᠠᠯᠴᠢᠨ ᠰᠦᠮ᠎ᠡ ᠶ᠋ᠢᠨ ᠯᠠᠮᠠ ᠪᠣᠯᠬᠤ ᠪᠠᠷ ᠬᠡᠳᠦᠨ ᠰᠠᠷ᠎ᠠ ᠪᠡᠶ᠎ᠡ ᠪᠡᠨ ᠲᠡᠪᠴᠢᠵᠦ ᠦᠵᠡᠪᠡ᠃ ᠪᠣᠯᠳᠠᠭ ᠶᠠᠭᠤᠮ᠎ᠠ ᠪᠢᠰᠢ ᠵᠠᠷᠢᠮ ᠳ᠋ᠠᠭᠠᠨ ᠰᠥᠨᠢᠵᠢᠨ ᠨᠣᠢᠷ ᠦᠭᠡᠢ ᠬᠡᠪᠲᠡᠬᠦ ᠳ᠋ᠡᠭᠡᠨ ᠴᠡᠴᠡᠭ ᠬᠠᠲᠤᠨ ᠤ᠋ ᠥᠭᠡᠬᠦ ᠰᠢᠭ ᠲᠣᠷᠭᠠᠨ ᠪᠡᠶ᠎ᠡ᠂  ᠷᠤᠯᠮ᠎ᠠ ᠶ᠋ᠢᠨ ᠬᠣᠩᠭᠢᠯᠳᠠᠭ᠁ ᠵᠡᠷᠭᠡ ᠴᠢᠳᠬᠥᠷ ᠲᠡᠢ ᠶᠠᠭᠤᠮ᠎ᠠ ᠪᠡᠶ᠎ᠡ ᠰᠦᠨᠡᠰᠦ ᠶ᠋ᠢ ᠨᠢ ᠣᠷᠢᠶᠠᠭᠠᠳ ᠦᠯᠦ ᠰᠠᠯᠤᠨ᠎ᠠ᠃ ᠭᠠᠰᠢᠭᠤᠨ ᠬᠠᠷ᠎ᠠ᠂ ᠬᠠᠷ᠎ᠠ ᠲᠠᠮᠠᠬᠢ ᠶ᠋ᠢ ᠪᠣᠯ ᠬᠡᠯᠡᠬᠦ ᠶᠠᠭᠤ ᠪᠠᠢᠬᠤ ᠪᠣᠢ? ᠲᠠᠩᠳᠠ ᠬᠣᠷᠣᠬᠠᠢ ᠶ᠋ᠢ ᠨᠢ ᠬᠥᠳᠡᠯᠭᠡᠨ᠎ᠡ 《ᠯᠠᠮᠠ ᠪᠣᠯᠤᠨ᠎ᠠ ᠭᠡᠳᠡᠭ ᠴᠢᠨᠢ ᠬᠠᠷ᠎ᠠ ᠲᠣᠯᠣᠭᠠᠢᠲᠤ ᠬᠥᠮᠦᠨ ᠦ᠌ ᠦᠢᠯᠡᠳᠳᠡᠭ ᠠᠵᠢᠯ ᠳᠠᠩᠴᠤ ᠨᠢᠭᠡ ᠪᠢᠰᠢ ᠳᠡ! ᠶᠣᠰᠣᠲᠠᠢ ᠯᠠ ᠥᠪᠡᠷ ᠦ᠋ᠨ ᠮᠢᠬ᠎ᠠ ᠪᠠᠨ ᠢᠳᠡᠵᠦ᠂ ᠴᠢᠰᠤ ᠪᠠᠨ ᠤᠤᠭᠤᠳᠠᠭ ᠰᠢᠭ᠋ ᠲᠠᠮᠤ  ᠬᠣᠢᠨ᠎ᠠ᠂ ᠪᠠᠢᠶ᠎ᠠ 》 ᠭᠡᠵᠦ ᠨᠢᠭᠡ ᠰᠥᠨᠢ ᠮᠠᠨᠴᠤᠷᠭ᠎ᠠ ᠰᠠᠯᠴᠢᠨ ᠰᠦᠮ᠎ᠡ ᠡᠴᠡ ᠰᠡᠮᠡᠬᠡᠷ ᠤᠷᠭᠤᠵᠤ ᠶᠠᠪᠤᠪᠠ᠃ 
       ᠮᠠᠨᠴᠤᠷᠭ᠎ᠠ ᠰᠠᠯᠴᠢᠨ ᠰᠦᠮ᠎ᠡ ᠡᠴᠡ ᠶᠠᠪᠤᠵᠤ ᠪᠤᠭᠤᠲᠤ ᠶ᠋ᠢᠨ ᠬᠠᠪᠢᠯᠳᠤᠭᠤ ᠰᠠᠭᠠᠯᠢᠴᠢᠨ᠂ ᠠᠳᠤᠭᠤᠨ ᠤ᠋ ᠠᠢᠯ᠂ ᠭᠤᠨᠵᠢᠨ ᠦᠬᠡᠷ ᠦ᠋ᠨ ᠪᠠᠢᠰᠢᠩ ᠵᠡᠷᠭᠡ ᠭᠠᠵᠠᠷ ᠢ᠋ᠶ᠋ᠠᠷ ᠬᠣᠯᠬᠢᠵᠤ ᠢᠰᠡᠭᠡᠢ ᠲᠣᠭᠣᠷᠴᠣᠭ ᠡᠮᠦᠰᠦᠨ ᠲᠠᠷᠢᠶᠠᠴᠢᠨ ᠬᠢᠲᠠᠳ ᠰᠢᠭ᠋ ᠨᠡᠷ᠎ᠡ ᠵᠢᠰᠦ ᠪᠡᠨ ᠪᠤᠷᠤᠭᠤᠯᠠᠨ ᠣᠯᠠᠨ ᠲᠤᠨᠤᠭᠠᠨ ᠤ᠋ ᠠᠬ᠎ᠠ ᠳᠡᠭᠦᠦ ᠲᠡᠢ ᠪᠣᠯᠵᠤ ᠪᠠᠶᠠᠳ ᠬᠠᠷᠬᠢᠰᠴᠤᠳ ᠢ᠋ ᠲᠣᠨᠣᠵᠤ ᠠᠮᠢ ᠪᠠᠨ ᠪᠣᠷᠣᠯᠠᠭᠤᠯᠳᠠᠭ ᠪᠣᠯᠵᠠᠢ᠃ 
       ᠮᠥᠨ ᠲᠡᠷᠡ ᠡᠪᠦᠯ ᠶᠤᠮᠰᠠᠨ ᠲᠡᠭᠦᠨ ᠦ᠌ ᠡᠴᠢᠭᠡ ᠡᠯᠳᠡᠩᠭᠡ ᠲᠤᠰᠠᠯᠠᠭᠴᠢ ᠮᠢᠩᠭᠠᠨ ᠬᠤᠰᠢᠭᠤᠨ ᠤ᠋ ᠳᠣᠷᠵᠢᠸᠠᠩᠴᠣᠭ ᠨᠣᠶᠠᠨ ᠢ᠋ ᠲᠦᠰᠢᠷ᠎ᠡ ᠣᠴᠢᠵᠤ ᠭᠡᠷ ᠲᠡᠷᠭᠡ ᠪᠡᠨ ᠪᠦᠷ ᠲᠠᠢᠰᠢ ᠨᠢ ᠨᠡᠭᠦᠯᠭᠡᠯ᠎ᠡ ᠭᠡᠰᠡᠨ ᠴᠢᠮᠡᠭᠡ ᠠᠪᠤᠪᠠ᠃ 
       ᠮᠠᠨᠴᠤᠷᠭ᠎ᠠ ᠠᠷᠪᠠᠭᠠᠳ ᠴᠡᠷᠢᠭ ᠮᠣᠷᠢ ᠲᠠᠢ ᠪᠠᠨ ᠭᠡᠷ ᠦ᠋ᠨ ᠪᠠᠷ᠎ᠠ ᠬᠠᠷᠠᠬᠤ ᠪᠠᠷ ᠲᠡᠨᠳᠡ ᠡᠴᠡ ᠬᠥᠳᠡᠯᠪᠡ᠃ ᠪᠤᠭᠤᠲᠤ ᠠ᠋ᠴᠠ ᠬᠣᠢᠰᠢ ᠪᠠᠨ ᠮᠤᠨᠠ ᠠᠭᠤᠯᠠ ᠳᠠᠪᠠᠵᠤ ᠭᠠᠷᠤᠭᠠᠳ ᠮᠢᠩᠭᠠᠨ ᠤ᠋ ᠲᠠᠯ᠎ᠠ ᠳ᠋ᠤ᠌ ᠣᠷᠣᠬᠤ ᠳ᠋ᠤ᠌ ᠴᠠᠰᠤ ᠶᠡᠬᠡᠲᠡᠢ ᠵᠠᠷᠢᠮ ᠭᠠᠵᠠᠷ ᠰᠥᠬᠥ ᠭᠠᠷᠴᠤ᠂ ᠭᠣᠣ ᠭᠠᠩᠭ᠎ᠠ ᠲᠡᠭᠰᠢᠷᠡᠨ ᠮᠣᠷᠢᠲᠠᠢ ᠬᠥᠮᠦᠨ ᠳᠠᠷᠤᠯᠴᠠᠵᠤ ᠣᠢᠴᠢᠨ ᠵᠠᠮ ᠳᠥᠭᠥᠬᠦ ᠦᠭᠡᠢ ᠪᠣᠯᠬᠣᠷ ᠭᠡᠰᠡᠨ ᠶᠠᠯᠢ ᠦᠭᠡᠢ ᠲᠣᠰᠬᠣᠨ ᠳ᠋ᠤ᠌ ᠣᠷᠣᠵᠤ ᠬᠣᠨᠣᠬᠤ ᠬᠡᠷᠡᠭᠲᠡᠢ ᠪᠣᠯᠵᠠᠢ᠃ 
       ᠡᠨᠡ ᠲᠣᠰᠬᠣᠨ ᠤ᠋ ᠵᠡᠭᠡᠭᠡᠭᠰᠡᠨ ᠪᠠᠶᠠᠨ ᠠᠢᠯ ᠢ᠋ ᠰᠣᠩᠭᠣᠵᠤ ᠬᠣᠨᠣᠭᠯᠠᠬᠤ ᠪᠠᠷ ᠪᠣᠯᠤᠭᠰᠠᠨ ᠳ᠋ᠤ᠌ ᠭᠡᠷ ᠦ᠋ᠨ ᠡᠵᠡᠨ ᠪᠣᠯᠤᠯᠲᠠᠢ ᠪᠠᠷᠵᠠᠭᠠᠷ ᠬᠠᠷ᠎ᠠ ᠡᠪᠦᠭᠡᠨ ᠡᠳᠡᠨᠥᠰ ᠢ᠋ ᠫᠤᠤ ᠵᠡᠪᠰᠡᠭ᠂ ᠮᠣᠷᠢ ᠬᠠᠷ᠎ᠠ ᠲᠠᠢ ᠪᠣᠯᠬᠣᠷ ᠠᠷᠭ᠎ᠠ ᠦᠭᠡᠢ ᠰᠦᠷᠳᠡᠵᠦ᠄ 
       — ᠲᠠ ᠨᠠᠷ ᠪᠢᠲᠡᠭᠡᠢ ᠯᠡ ᠡᠮᠡᠰ ᠥᠬᠢᠳ ᠢ᠋ ᠮᠢᠨᠢ᠁ ᠡᠳ᠋ ᠪᠠᠷᠠᠭ᠎ᠠ ᠶ᠋ᠢ ᠮᠢᠨᠢ᠁ ᠪᠢᠲᠡᠭᠡᠢ ᠯᠡ ᠲᠣᠨᠣᠵᠤ ᠳᠡᠭᠡᠷᠡᠮᠳᠡᠭᠡᠷᠡᠢ᠁ ᠶᠠᠭᠤ ᠢᠳᠡᠵᠦ ᠤᠤᠭᠤᠪᠠᠯ ᠬᠠᠩᠭᠠᠯᠲᠠᠲᠠᠢ ᠥᠭᠭᠦᠶ᠎ᠡ!  ᠭᠡᠬᠦ ᠳ᠋ᠦ᠍ ᠮᠠᠨᠴᠤᠷᠭ᠎ᠠ᠄  
       — ᠪᠥᠭᠰᠡ ᠪᠡᠨ ᠬᠠᠪᠴᠢᠭᠠᠳ ᠬᠤᠷᠳᠤᠨ ᠬᠣᠭᠣᠯᠠ ᠤᠮᠳᠠ ᠪᠠᠵᠠᠭ᠎ᠠ! ᠬᠣᠨᠣᠭ ᠭᠤᠶᠤᠭᠠᠳ ᠭᠠᠷᠤᠶ᠎ᠠ ᠭᠡᠰᠡᠨ ᠡᠴᠡ ᠪᠢᠰᠢ ᠪᠢᠳᠡ ᠶᠠᠮᠠᠷ ᠡᠮᠡᠰ ᠥᠬᠢᠳ ᠢ᠋ ᠴᠢᠨᠢ ᠶᠠᠭᠠᠬᠢᠬᠤ ᠭᠡᠵᠦ ᠪᠠᠢᠨ᠎ᠠ? ᠮᠠᠨᠤᠰ ᠴᠢᠮ᠎ᠠ ᠳ᠋ᠤ᠌ ᠳᠡᠭᠡᠷᠡᠮ ᠰᠢᠭ ᠬᠠᠷᠠᠭᠳᠠᠵᠤ ᠪᠠᠢᠨ᠎ᠠ ᠤᠤ? ᠭᠡᠵᠦ ᠵᠠᠩᠨᠠᠵᠠᠢ᠃ 
       — ᠦᠭᠡᠢ᠂ ᠦᠭᠡᠢ ᠠ᠋! ᠭᠡᠳ ᠪᠠᠷᠵᠠᠭᠠᠷ ᠬᠠᠷ᠎ᠠ ᠡᠪᠦᠭᠡᠨ ᠠᠶᠤᠨ ᠪᠡᠮᠪᠡᠭᠡᠨᠡᠵᠦ ᠢᠳᠡᠰᠢ ᠤᠤᠭᠤᠰᠢ ᠲᠥᠪᠬᠢᠨᠡᠭᠦᠯᠬᠦ ᠪᠡᠷ ᠪᠣᠯᠪᠠ᠃ ᠲᠡᠭᠡᠭᠡᠳ ᠡᠳᠡᠨ ᠦ᠌ ᠬᠢᠨ ᠶᠡᠬᠡ ᠲᠡᠢ ᠪᠠᠭ᠎ᠠ ᠲᠠᠢ ᠪᠠᠨ ᠬᠥᠳᠡᠯᠵᠦ ᠲᠠᠬᠢᠶ᠎ᠠ ᠮᠤᠰᠬᠢᠬᠤ ᠨᠢ ᠲᠠᠬᠢᠶ᠎ᠠ ᠮᠤᠰᠬᠢᠵᠦ᠂ ᠬᠣᠨᠢ ᠨᠢᠲᠤᠯᠬᠤ ᠨᠢ ᠬᠣᠨᠢ ᠨᠢᠲᠤᠯᠵᠤ ᠪᠤᠵᠢᠭᠢᠨᠠᠯᠳᠤᠪᠠ᠃ ᠲᠡᠢᠨ ᠲᠡᠢᠨ ᠬᠦ᠌ ᠲᠡᠷᠡ ᠠᠢᠯ ᠳ᠋ᠤ᠌ ᠠᠷᠢᠬᠢ ᠳᠠᠷᠠᠰᠤ ᠤᠤᠭᠤᠵᠤ᠂ ᠲᠠᠬᠢᠶ᠎ᠠ ᠭᠠᠬᠠᠢ ᠶ᠋ᠢᠨ ᠮᠢᠬᠠᠨ ᠤ᠋ ᠵᠠᠭᠤᠰᠢ ᠬᠣᠨᠢᠨ ᠤ᠋ ᠲᠠᠷᠭᠤᠨ ᠮᠢᠬ᠎ᠠ ᠢᠳᠡᠵᠦ ᠴᠠᠳᠤᠭᠠᠳ ᠪᠦᠬᠦᠯᠢ ᠪᠡᠷ ᠢ᠋ᠶ᠋ᠡᠨ ᠬᠡᠪᠲᠡᠵᠡᠭᠡᠪᠡ᠃ 
       ᠬᠡᠪᠲᠡᠬᠦ ᠡᠴᠡ ᠡᠮᠦᠨ᠎ᠡ 《ᠲᠠ ᠨᠠᠷ ᠮᠣᠷᠢᠨ ᠤ᠋ ᠪᠠᠨ ᠡᠮᠡᠭᠡᠯ ᠢ᠋ ᠪᠢᠲᠡᠭᠡᠢ ᠠᠪ᠂ ᠬᠠᠵᠠᠭᠠᠷ ᠢ᠋ ᠨᠢ ᠠᠮᠠᠭᠠᠢᠳᠠᠵᠤ ᠲᠡᠵᠢᠭᠡᠵᠦ ᠬᠣᠨᠣ! ᠰᠡᠷᠡᠮᠵᠢᠲᠡᠢ  ᠪᠠᠢᠭᠠᠷᠠᠢ 》 ᠭᠡᠵᠦ ᠮᠠᠨᠴᠤᠷᠭ᠎ᠠ ᠮᠠᠭᠤ ᠰᠤᠪᠢᠨ ᠲᠠᠲᠠᠭᠰᠠᠨ ᠮᠡᠲᠦ ᠬᠡᠯᠡᠭᠰᠡᠨ ᠦᠭᠡ ᠶ᠋ᠢᠨ ᠣᠷᠣ ᠪᠠᠷ ᠦᠦᠷ ᠴᠠᠢᠬᠤ ᠶ᠋ᠢᠨ ᠠᠯᠲᠠ ᠪᠠᠷ ᠡᠨᠡ ᠠᠢᠯ ᠤ᠋ᠨ ᠬᠠᠶᠠᠭᠠᠨ ᠳ᠋ᠤ᠌ ᠫᠤᠤ ᠨᠢᠵᠢᠭᠢᠨᠡᠪᠡ᠃  
       ᠮᠠᠨᠴᠤᠷᠭ᠎ᠠ ᠫᠤᠤ ᠶ᠋ᠢᠨ ᠳᠠᠭᠤᠨ ᠳ᠋ᠤ᠌ ᠬᠣᠪᠬᠤ ᠦᠰᠦᠷᠦᠨ ᠪᠣᠰᠴᠤ ᠪᠠᠨᠰᠠᠨ ᠬᠠᠭᠠᠯᠭᠠᠨ ᠤ᠋ ᠠᠷᠤ ᠳ᠋ᠤ᠌ ᠨᠢᠭᠤᠵᠤ ᠭᠠᠳᠠᠨᠠᠬᠢ ᠴᠢᠮᠡᠭᠡ ᠶ᠋ᠢ ᠴᠢᠩᠨᠠᠪᠠᠯ ᠲᠦᠰ ᠲᠦᠰ ᠬᠢᠨ ᠬᠡᠳᠦᠨ ᠬᠥᠮᠦᠨ ᠡᠭᠦᠳᠡ ᠳᠥᠭᠥᠨ ᠭᠦᠶᠦᠵᠦ ᠢᠷᠡᠬᠦ ᠬᠥᠯ ᠦ᠋ᠨ ᠴᠢᠮᠡᠭᠡ ᠳᠤᠭᠤᠯᠳᠠᠭᠰᠠᠨ ᠳ᠋ᠤ᠌᠂ 
       — ᠰᠡᠷᠡᠩ ᠠ᠋᠂ ᠲᠠ ᠬᠡᠳᠦᠭᠦᠯᠡ ᠫᠤᠤ ᠪᠠᠨ  ᠵᠠᠮᠤᠭᠯᠠᠭᠠᠳ ᠴᠣᠩᠬᠣ ᠪᠠᠷ ᠭᠠᠷᠴᠤ ᠮᠣᠷᠢᠳ ᠢ᠋ ᠣᠢᠷᠠᠲᠤᠭᠤᠯ᠂ ᠪᠢ ᠠᠳᠠ ᠡᠭᠦᠳᠡ ᠠᠪᠴᠤ ᠭᠡᠷ ᠲᠦ᠍ ᠣᠷᠣᠵᠤ ᠢᠷᠡᠭᠰᠡᠨ ᠳᠡᠭᠡᠷᠡᠮ ᠢ᠋ ᠨᠢ ᠨᠤᠭᠤᠰᠤᠯᠠᠶ᠎ᠠ! ᠭᠡᠵᠦ ᠨᠠᠮ ᠳᠠᠭᠤ ᠪᠠᠷ ᠪᠣᠯᠪᠠᠴᠤ ᠬᠠᠲᠠᠭᠤ ᠵᠠᠷᠯᠢᠭ ᠪᠣᠯᠪᠠ᠃  
       ᠭᠡᠨᠡᠳᠲᠡ ᠬᠠᠭᠠᠯᠭᠠᠨ ᠤ᠋ ᠴᠣᠩᠬᠣ ᠪᠠᠷ ᠫᠠᠩ ᠭᠡᠵᠦ ᠫᠤᠤ ᠳᠤᠤᠭᠠᠷᠤᠨ ᠦᠰᠦᠷᠦᠭᠰᠡᠨ ᠰᠤᠮᠤ ᠬᠣᠢᠲᠤ ᠬᠡᠷᠡᠮ ᠢ᠋ ᠣᠩᠭᠢᠯᠵᠤ ᠰᠢᠷᠣᠢ ᠪᠤᠵᠢᠭᠢᠨᠠᠭᠤᠯᠪᠠ᠃ 
       — ᠫᠤᠤ ᠪᠠᠨ ᠬᠠᠶᠠ᠂ ᠭᠠᠷ ᠢ᠋ᠶ᠋ᠠᠨ ᠡᠷᠭᠦ ! ᠨᠣᠮᠣᠬᠠᠨ  ᠪᠠᠢᠪᠠᠯ ᠫᠤᠤᠳᠠᠬᠤ ᠦᠭᠡᠢ᠃  ᠫᠤᠤ ᠶ᠋ᠢᠨ ᠰᠤᠮᠤ ᠨᠢᠳᠦ ᠦᠭᠡᠢ ᠰᠢᠦ! ᠭᠡᠵᠦ ᠳᠡᠭᠡᠷᠡᠮ ᠦ᠋ᠳ ᠭᠠᠳᠠᠨ᠎ᠠ ᠠ᠋ᠴᠠ ᠬᠠᠰᠬᠢᠷᠤᠯᠳᠤᠨ ᠡᠭᠦᠳᠡ ᠪᠠᠯᠪᠠᠵᠤ ᠰᠦᠷᠳᠡᠭᠦᠯᠦᠨ᠎ᠡ᠃ 
       ᠭᠡᠷ ᠦ᠋ᠨ ᠡᠵᠡᠨ ᠪᠠᠷᠵᠠᠭᠠᠷ ᠡᠪᠦᠭᠡᠨ ᠠᠶᠤᠬᠤ ᠳ᠋ᠠᠭᠠᠨ 《ᠠᠮᠢ ᠠᠪᠤᠷᠠ! ᠪᠤᠷᠬᠠᠨ ᠲᠡᠭᠷᠢ ᠮᠢᠨᠢ᠂ ᠪᠢ ᠶᠠᠮᠠᠷ ᠴᠦ᠍ ᠨᠢᠭᠦᠯ ᠬᠢᠭᠡ ᠦᠭᠡᠢ!》 ᠭᠡᠵᠦ ᠪᠣᠯᠳᠠᠭ ᠰᠠᠨ ᠪᠣᠯ ᠬᠠᠨᠵᠤᠨ ᠤ᠋ ᠬᠣᠢᠲᠤ ᠪᠤᠯᠤᠩ ᠢ᠋ᠶ᠋ᠠᠷ ᠭᠠᠳᠠᠭᠰᠢ ᠰᠢᠷᠭᠤᠭᠠᠳ ᠭᠠᠷᠴᠢᠬᠠᠮᠠᠷ ᠪᠡᠮᠪᠡᠭᠡᠨᠡᠵᠦ ᠪᠠᠢᠪᠠ᠃ ᠮᠠᠨᠴᠤᠷᠭ᠎ᠠ᠄ 
       — ᠡᠪᠦᠭᠡᠨ ᠠ᠋᠂ ᠪᠠᠭᠤᠵᠤ ᠢᠷ᠎ᠡ!  ᠭᠡᠵᠦ ᠰᠡᠮᠡᠬᠡᠷ ᠳᠣᠬᠢᠨ ᠳᠠᠭᠤᠳᠠᠭᠰᠠᠨ ᠳ᠋ᠤ᠌ ᠥᠮᠥᠳᠥᠨ ᠳ᠋ᠡᠭᠡᠨ ᠪᠠᠭᠤᠴᠢᠬᠠᠭᠰᠠᠨ ᠶᠤᠮ ᠰᠢᠭ᠋ ᠲᠡᠷᠡ ᠡᠪᠦᠭᠡᠨ ᠱᠤᠤᠬᠢᠲᠤᠨᠠᠨ ᠪᠠᠭᠠᠴᠠᠭᠠᠭᠰᠠᠭᠠᠷ ᠮᠠᠨᠴᠤᠷᠭ᠎ᠠ ᠶ᠋ᠢᠨ ᠳᠡᠷᠭᠡᠳᠡ ᠢᠷᠡᠪᠡ᠃ ᠲᠡᠷᠡ ᠡᠪᠦᠭᠡᠨ ᠦ᠌ ᠡᠷᠡᠦ ᠨᠢ ᠬᠠᠪᠬᠢᠨᠠᠨ ᠡᠪᠦᠳᠦᠭ ᠢ᠋ᠶ᠋ᠡᠷ ᠢ᠋ᠶ᠋ᠡᠨ ᠴᠡᠴᠡᠷᠡᠵᠦ ᠪᠠᠢᠪᠠ᠃  
       — ᠪᠢᠲᠡᠭᠡᠢ ᠠᠶᠤ᠂ ᠳ᠋ᠧᠩ ᠢ᠋ᠶ᠋ᠡᠨ ᠠᠰᠠᠭᠠᠭᠠᠳ ᠭᠠᠷ ᠢ᠋ᠶ᠋ᠠᠨ ᠡᠷᠭᠦᠵᠦ ᠵᠣᠭᠰᠣ! ᠡᠨᠡ ᠳᠡᠭᠡᠷᠡᠮ ᠦ᠋ᠳ ᠴᠢᠮᠠᠶ᠋ᠢ ᠬᠣᠣᠷᠯᠠᠬᠤ ᠦᠭᠡᠢ! ᠪᠤᠰᠢᠭᠤ! ᠭᠡᠵᠦ ᠮᠠᠨᠴᠤᠷᠭ᠎ᠠ ᠲᠡᠭᠦᠨ ᠦ᠌ ᠴᠢᠬᠢᠨ ᠳ᠋ᠦ᠍ ᠰᠢᠪᠡᠨᠡᠪᠡ᠃ ᠲᠡᠭᠦᠨ ᠦ᠌ ᠬᠡᠯᠡᠭᠰᠡᠨ ᠢ᠋ᠶ᠋ᠡᠷ ᠪᠠᠷᠵᠠᠭᠠᠷ ᠡᠪᠦᠭᠡᠨ ᠦ᠌ ᠠᠢᠳᠠᠰ ᠨᠢ ᠵᠢᠭᠠᠬᠠᠨ ᠠᠷᠢᠯᠤᠭᠰᠠᠨ ᠰᠢᠭ᠋ ᠴᠦᠳᠡᠩ ᠵᠢᠷᠤᠵᠤ ᠳ᠋ᠧᠩ ᠠᠰᠠᠭᠠᠪᠠ᠃ ᠳ᠋ᠧᠩ ᠦ᠋ᠨ ᠭᠡᠷᠡᠯ ᠳ᠋ᠦ᠍ ᠥᠨᠥᠬᠢ ᠪᠠᠷᠵᠠᠭᠠᠷ ᠡᠪᠦᠭᠡᠨ ᠮᠠᠨᠴᠤᠷᠭ᠎ᠠ ᠶ᠋ᠢᠨ ᠬᠡᠯᠡᠭᠰᠡᠨ ᠢ᠋ᠶ᠋ᠡᠷ ᠬᠣᠶᠠᠷ ᠭᠠᠷ ᠢ᠋ᠶ᠋ᠠᠨ ᠡᠷᠭᠦᠭᠡᠳ ᠬᠥᠰᠡᠷ ᠰᠥᠭᠥᠳᠦᠭᠰᠡᠨ ᠪᠠᠢᠯ᠎ᠠ᠁ 
       ᠰᠡᠷᠡᠩ ᠰᠢᠷᠠᠮᠠᠩ ᠬᠣᠶᠠᠷ ᠴᠣᠩᠬᠣᠨ ᠤ᠋ ᠮᠣᠣᠲᠤᠤ ᠴᠠᠭᠠᠰᠤ ᠶ᠋ᠢ ᠴᠣᠭᠣᠯᠵᠤ ᠭᠠᠳᠠᠨ᠎ᠠ ᠡᠭᠦᠳᠡ ᠠᠪᠴᠤ ᠵᠣᠭᠰᠣᠭᠰᠠᠨ ᠬᠣᠶᠠᠷ ᠢ᠋ ᠣᠨᠢᠯᠠᠵᠤ ᠫᠤᠤᠳᠠᠮᠠᠭᠴᠠ ᠪᠠᠨ ᠴᠣᠩᠬᠣ ᠪᠠᠷ ᠦᠰᠦᠷᠴᠦ ᠳᠤᠲᠠᠭᠠᠬᠤ ᠪᠠᠷ ᠪᠡᠯᠡᠬᠡᠨ ᠪᠣᠯᠪᠠ᠃ 
       ᠭᠡᠷ ᠦ᠋ᠨ ᠡᠭᠦᠳᠡ ᠪᠡᠷ ᠫᠤᠤ ᠶ᠋ᠢᠨ ᠠᠮᠠ ᠣᠩᠭᠣᠯᠵᠠᠭᠰᠠᠭᠠᠷ ᠨᠢᠭᠡ ᠨᠢ ᠣᠷᠣᠵᠤ ᠢᠷᠡᠬᠦ ᠲᠡᠢ ᠵᠡᠷᠭᠡ ᠮᠠᠨᠴᠤᠷᠭ᠎ᠠ ᠥᠨᠥᠬᠢ ᠶ᠋ᠢ ᠬᠦᠵᠦᠭᠦᠳᠡᠨ ᠲᠡᠪᠡᠷᠢᠵᠦ ᠠᠮᠠ ᠶ᠋ᠢ ᠨᠢ ᠪᠢᠲᠡᠭᠦᠯᠡᠪᠡ᠃ ᠶᠠᠭ ᠡᠨᠡ ᠦᠶ᠎ᠡ ᠳ᠋ᠦ᠍ ᠫᠠᠩ᠂ ᠫᠠᠩ ᠭᠡᠵᠦ ᠬᠣᠶᠠᠷᠲᠠ ᠫᠤᠤ ᠳᠤᠤᠭᠠᠷᠤᠭᠰᠠᠨ ᠳ᠋ᠤ᠌ ᠭᠠᠳᠠᠨ᠎ᠠ ᠡᠭᠦᠳᠡ ᠶ᠋ᠢ ᠠᠪᠴᠤ ᠵᠣᠭᠰᠣᠭᠰᠠᠨ ᠬᠣᠶᠠᠷ ᠡᠷ᠎ᠡ ᠲᠦᠰ ᠬᠢᠨ ᠣᠢᠴᠢᠬᠤ ᠴᠢᠮᠡᠭᠡ ᠪᠡᠷ ᠭᠡᠷ ᠦ᠋ᠨ ᠴᠣᠩᠬᠣ ᠪᠠᠯᠪᠠ ᠢᠰᠬᠦᠯᠦᠭᠳᠡᠵᠦ ᠰᠡᠷᠡᠩ᠂ ᠰᠢᠷᠠᠮᠠᠩ ᠨᠠᠷ ᠴᠣᠩᠬᠣ ᠪᠠᠷ ᠬᠣᠢᠨ᠎ᠠ ᠬᠣᠢᠨ᠎ᠠ ᠠ᠋ᠴᠠ ᠪᠠᠨ ᠦᠰᠦᠷᠦᠨ ᠭᠠᠷᠪᠠ᠃ 
       ᠭᠡᠷ ᠲᠦ᠍ ᠫᠤᠤ ᠳᠤᠤᠭᠠᠷᠴᠤ᠂ ᠡᠭᠦᠳᠡᠨ ᠦ᠌ ᠬᠠᠵᠠᠭᠤ ᠶ᠋ᠢᠨ ᠬᠣᠶᠠᠷ ᠨᠢ ᠦᠬᠦᠭᠰᠡᠨ ᠢ᠋ ᠦᠵᠡᠭᠰᠡᠨ ᠨᠥᠭᠦᠭᠡ ᠬᠦᠷᠢᠶᠡᠨ ᠦ᠌ ᠠᠮᠠ ᠰᠠᠬᠢᠵᠤ ᠵᠣᠭᠰᠣᠭᠰᠠᠨ᠂ ᠮᠥᠨ ᠪᠠᠷᠠᠭᠤᠨ ᠭᠡᠷ ᠦ᠋ᠨ ᠡᠭᠦᠳᠡᠨ ᠳᠡᠭᠡᠷᠡᠬᠢ ᠰᠠᠬᠢᠭᠤᠯ ᠤ᠋ᠳ ᠬᠡᠳᠦ ᠬᠡᠳᠦ ᠨᠢ ᠴᠠᠭᠠᠰᠢ ᠳᠤᠲᠠᠭᠠᠪᠠ᠃ ᠡᠨᠡ ᠦᠶ᠎ᠡ ᠳ᠋ᠦ᠍ ᠪᠠᠷᠠᠭᠤᠨ ᠭᠡᠷ ᠲᠦ᠍ ᠬᠡᠦᠬᠡᠳ ᠰᠢᠤᠬᠠᠳ ᠣᠷᠢᠯᠠᠯᠳᠤᠵᠤ ᠡᠬᠡᠨᠡᠷ ᠪᠦᠰᠡᠭᠦᠢ ᠮᠡᠭᠰᠢᠨ ᠤᠬᠢᠯᠠᠨ᠎ᠠ᠃ 
       ᠮᠠᠨᠴᠤᠷᠭ᠎ᠠ ᠥᠨᠥᠬᠢ ᠭᠡᠷ ᠲᠦ᠍ ᠣᠷᠣᠵᠤ ᠢᠷᠡᠭᠰᠡᠨ ᠳᠡᠭᠡᠷᠡᠮ ᠦ᠋ᠨ ᠴᠢᠮᠠᠷᠬᠠᠢ ᠳ᠋ᠤ᠌ ᠫᠤᠤ ᠲᠤᠯᠭᠠᠵᠤ᠄  
       — ᠴᠢ ᠶᠠᠭᠤᠨ ᠤ᠋ ᠬᠥᠮᠦᠨ ᠪᠣᠢ ᠭᠡᠵᠦ ᠠᠰᠠᠭᠤᠪᠠ᠃ 
       ᠥᠨᠥᠬᠢ ᠨᠢ ᠳᠠᠭᠤᠨ ᠦᠭᠡᠢ ᠳᠠᠭᠵᠢᠨ᠎ᠠ᠃ 
       — ᠦᠨᠡᠨ ᠢ᠋ᠶ᠋ᠡᠨ ᠬᠡᠯᠡᠪᠡᠯ ᠠᠮᠢ ᠶ᠋ᠢ ᠴᠢᠨᠢ ᠦᠯᠡᠳᠡᠭᠡᠶ᠎ᠡ᠃ ᠦᠭᠡᠢ ᠪᠣᠯ ᠭᠡᠳ ᠮᠠᠨᠴᠤᠷᠭ᠎ᠠ ᠫᠤᠤ ᠶ᠋ᠢᠨ ᠠᠮᠠ ᠶ᠋ᠢ ᠲᠡᠭᠦᠨ ᠦ᠌ ᠴᠢᠮᠠᠷᠬᠠᠢ ᠳ᠋ᠤ᠌ ᠬᠦᠴᠦᠯᠡᠨ ᠨᠢᠳᠤᠷᠪᠠᠯ᠂ ᠥᠨᠥᠬᠢ ᠳᠡᠭᠡᠷᠡᠮ ᠰᠠᠨᠳᠤᠷᠴᠤ᠄ 
       — ᠪᠢ ᠬᠡᠯᠡᠶ᠎ᠡ᠂ ᠪᠢ ᠦᠨᠡᠨ ᠢ᠋ᠶ᠋ᠡᠨ ᠬᠡᠯᠡᠶ᠎ᠡ! ᠪᠢᠲᠡᠭᠡᠢ ᠫᠤᠤᠳᠠ! ᠠᠮᠢ ᠶ᠋ᠢ ᠮᠢᠨᠢ ᠦᠯᠡᠳᠡᠭᠡ᠂ ᠭᠤᠶᠤᠶ᠎ᠠ ᠳᠠ ᠁ ᠭᠡᠵᠦ ᠪᠡᠮᠪᠡᠭᠡᠨᠡ ᠴᠡᠴᠡᠷᠡᠨ᠎ᠡ᠃ 
       — ᠬᠤᠷᠳᠤᠨ ᠬᠡᠯᠡ᠂ ᠪᠢᠲᠡᠭᠡᠢ ᠬᠤᠳᠠᠯ ᠶᠠᠭᠤᠮ᠎ᠠ ᠱᠠᠯᠴᠢᠭᠠᠳ ᠪᠠᠢ! ᠴᠢ ᠶᠠᠮᠠᠷ ᠬᠥᠮᠦᠨ ᠪᠣᠢ? ᠶᠠᠭᠤ ᠬᠢᠬᠦᠨ ᠢ᠋ᠶ᠋ᠡᠷ ᠠᠳᠠ ᠦᠦᠷ ᠬᠠᠷᠠᠩᠭᠤᠢ ᠪᠠᠷ ᠬᠥᠮᠦᠨ ᠦ᠌ ᠠᠢᠯ ᠭᠡᠷ ᠢ᠋ ᠦᠢᠮᠡᠭᠦᠯᠪᠡ? 
       — ᠮᠢᠨᠦ ᠨᠡᠷ᠎ᠡ ᠵᠣᠣ ᠪᠤᠤ ᠯᠧᠩ ᠭᠡᠳᠡᠭ᠃ 
       — ᠬᠠᠮᠢᠭᠠᠭᠤᠷ ᠨᠤᠲᠤᠭ ᠲᠠᠢ? 
       — ᠰᠠᠭᠠᠯᠢᠴᠢᠨ ᠤ᠋ ᠬᠥᠮᠦᠨ᠃ 
       — ᠴᠢ ᠶᠠᠭᠤ ᠭᠡᠵᠦ ᠦᠦᠷ ᠬᠠᠷᠠᠩᠭᠤᠢ ᠪᠠᠷ ᠡᠨᠡ ᠠᠢᠯ ᠢ᠋ ᠲᠣᠨᠣᠵᠤ ᠪᠠᠢᠭ᠎ᠠ ᠶᠤᠮ? ᠭᠡᠳ ᠥᠨᠥᠬᠢ ᠭᠡᠷ ᠦ᠋ᠨ ᠡᠵᠡᠨ ᠪᠠᠷᠵᠠᠭᠠᠷ ᠬᠠᠷ᠎ᠠ ᠡᠪᠦᠭᠡᠨ ᠢ᠋ ᠬᠠᠷᠠᠪᠠᠯ ᠮᠥᠨ ᠯᠡ ᠬᠣᠶᠠᠷ ᠭᠠᠷ ᠢ᠋ᠶ᠋ᠠᠨ ᠡᠷᠭᠦᠨ ᠬᠥᠰᠡᠷ ᠰᠥᠭᠥᠳᠦᠭᠰᠡᠨ ᠬᠡᠪ ᠢ᠋ᠶ᠋ᠡᠷ ᠢ᠋ᠶ᠋ᠡᠨ ᠪᠠᠢᠭ᠎ᠠ ᠶ᠋ᠢ ᠬᠠᠷᠠᠭᠠᠳ ᠮᠠᠨᠴᠤᠷᠭ᠎ᠠ᠄ 
       — ᠡᠪᠦᠭᠡᠨ ᠭᠤᠸᠠᠢ ᠠ᠋᠂ ᠡᠦᠲᠦ ᠪᠣᠰ⁈ ᠭᠡᠰᠡᠨ ᠳ᠋ᠦ᠍ ᠪᠠᠷᠵᠠᠭᠠᠷ ᠬᠠᠷ᠎ᠠ ᠡᠪᠦᠭᠡᠨ ᠪᠣᠰᠪᠠ᠃ 
       — ᠥᠨᠥᠬᠢ ᠳᠡᠭᠡᠷᠡᠮ ᠥᠷᠪᠥᠯᠵᠡᠨ ᠪᠣᠰᠤᠭᠰᠠᠨ ᠡᠪᠦᠭᠡᠨ ᠢ᠋ ᠬᠠᠷᠠᠭᠠᠳ᠄ 
       — ᠡᠳᠡᠨ ᠦ᠌ ᠬᠢ ᠶ᠋ᠢ ᠲᠣᠨᠣᠵᠤ ᠳᠡᠭᠡᠷᠡᠮᠳᠡᠬᠦ ᠪᠡᠷ ᠢᠷᠡᠭᠰᠡᠨ ᠪᠢᠰᠢ! ᠭᠡᠯ᠎ᠡ᠃ 
       — ᠲᠡᠭᠡᠭᠡᠳ ᠶᠠᠭᠤ ᠭᠡᠵᠦ ᠠᠳᠠ ᠢᠷᠡᠪᠡ? 
       — ᠮᠠᠨᠴᠤᠷᠭ᠎ᠠ ᠶ᠋ᠢ ᠠᠯᠠᠬᠤ ᠪᠠᠷ ᠠᠷᠤ ᠠ᠋ᠴᠠ ᠨᠢ ᠭᠡᠲᠡᠵᠦ ᠡᠨᠡ ᠠᠢᠯ ᠳ᠋ᠤ᠌ ᠪᠠᠭᠤᠭᠰᠠᠨ ᠢ᠋ ᠯᠠᠪ ᠮᠡᠳᠡᠵᠦ ᠦᠦᠷ ᠬᠠᠷᠠᠩᠭᠤᠢ ᠪᠠᠷ ᠭᠡᠨᠡᠳᠡᠭᠦᠯᠵᠦ ᠳᠠᠭᠠᠷᠢᠬᠤ ᠭᠡᠰᠡᠨ ᠶᠦᠮ᠃ 
       — ᠮᠠᠨᠴᠤᠷᠭ᠎ᠠ ᠶ᠋ᠢ ᠠᠯᠠᠬᠤ ᠪᠠᠷ⁈ ᠴᠢ ᠮᠠᠨᠴᠤᠷᠭ᠎ᠠ ᠶ᠋ᠢ ᠲᠠᠨᠢᠳᠠᠭ ᠤᠤ? 
       — ᠲᠠᠨᠢᠬᠤ ᠦᠭᠡᠢ᠃ 
       — ᠲᠡᠭᠡᠭᠡᠳ ᠴᠢ ᠵᠥᠪ ᠵᠦᠭᠡᠷ ᠪᠠᠢᠭ᠎ᠠ ᠬᠥᠮᠦᠨ ᠢ᠋ ᠶᠠᠭᠤ ᠭᠡᠵᠦ ᠠᠯᠠᠵᠤ ᠱᠤᠯᠤᠨ᠎ᠠ ᠭᠡᠳᠡᠭ ᠴᠢᠨᠢ ᠰᠣᠯᠢᠶᠠᠲᠠᠢ ᠤᠤ? 
       — ᠁ 
       — ᠬᠡᠨ ᠴᠢᠮᠠᠶ᠋ᠢ ᠮᠠᠨᠴᠤᠷᠭ᠎ᠠ ᠶ᠋ᠢ ᠠᠯᠠ ᠭᠡᠵᠦ ᠠᠷᠤ ᠠ᠋ᠴᠠ ᠴᠢᠨᠢ ᠳᠣᠬᠢᠭᠰᠠᠨ ᠪᠣᠢ?  
       — ᠡᠯ ᠾᠧᠢ ᠶᠠᠨ ②
       — ᠡᠯ ᠾᠧᠢ ᠶᠠᠨ ᠬᠠᠮᠢᠭ᠎ᠠ ᠪᠣᠢ?   
       — ᠮᠥᠨ ᠡᠨᠡ ᠪᠠᠷᠠᠭᠤᠨ ᠭᠡᠷ ᠲᠦ᠍ ᠣᠷᠣᠭᠰᠠᠨ᠃ 
       ᠮᠠᠨᠴᠤᠷᠭ᠎ᠠ ᠥᠨᠥᠬᠢ ᠵᠣᠣ ᠪᠤᠤ ᠯᠧᠩ ᠭᠡᠳᠡᠭ ᠳᠡᠭᠡᠷᠡᠮ ᠦ᠋ᠨ ᠳᠠᠯᠠᠢ ᠶ᠋ᠢ ᠠᠯᠳᠠᠷᠠᠭᠠᠵᠤ ᠭᠠᠷ ᠢ᠋ ᠨᠢ ᠠᠷᠤ ᠳ᠋ᠤᠨᠢ ᠤᠶᠠᠵᠤ ᠣᠷᠬᠢᠭᠠᠳ᠄ 
       — ᠨᠣᠬᠠᠢ ᠢᠳᠡᠳᠡᠭ ᠦᠭᠡᠢ ᠵᠣᠪᠠᠯᠭ᠎ᠠ ᠪᠠᠨ ᠪᠦᠲᠦᠨ ᠠᠪᠴᠤ ᠬᠠᠷᠢᠶ᠎ᠠ ᠭᠡᠵᠦ ᠰᠠᠨᠠᠪᠠᠯ ᠠᠳᠠ ᠨᠣᠮᠣᠬᠠᠨ ᠬᠡᠪᠲᠡᠵᠦ ᠪᠠᠢ! ᠴᠢᠨᠦ ᠨᠡᠷ᠎ᠡ ᠴᠢᠨᠢ ᠴᠢᠮ᠎ᠠ ᠳ᠋ᠠᠭᠠᠨ ᠴᠢᠪ ᠵᠣᠬᠢᠷᠠᠭᠰᠠᠨ ᠮᠠᠭᠤ 《ᠵᠣᠪᠠᠯᠭ᠎ᠠ》 ᠯᠠ ᠭᠡᠰᠡᠨ ᠦᠭᠡ ᠪᠠᠢᠨ᠎ᠠ ᠳᠠ᠂ ᠴᠢᠭᠢᠶᠡᠲᠦᠷᠦᠦ ! ᠭᠡᠰᠡᠨ ᠢ᠋ ᠥᠨᠥᠬᠢ ᠨᠢ ᠣᠢᠯᠠᠭᠠᠭᠰᠠᠨ ᠴᠤ᠌ ᠦᠭᠡᠢ᠃ 
       — ᠵᠠ᠂ ᠵᠠ! ᠪᠢ ᠨᠣᠮᠣᠬᠠᠨ ᠪᠠᠢᠶ᠎ᠠ! ᠭᠡᠳ ᠨᠠᠪᠲᠠᠢᠪᠠ᠃ 
       ᠡᠨᠡ ᠠᠢᠯ ᠤ᠋ᠨ ᠪᠠᠷᠠᠭᠤᠨ ᠭᠡᠷ ᠲᠦ᠍ ᠡᠮᠡᠰ ᠥᠬᠢᠳ ᠢ᠋ ᠤᠬᠢᠯᠠᠩᠨᠠᠭᠤᠯᠬᠤ᠂ ᠠᠢᠯ ᠤ᠋ᠨ ᠡᠬᠡᠨᠡᠷ ᠲᠦ᠍ ᠫᠤᠤ ᠲᠤᠯᠭᠠᠭᠰᠠᠨ ᠨᠢᠭᠡ ᠫᠠᠭᠳᠠᠭ ᠪᠡᠶ᠎ᠡ ᠲᠡᠢ ᠡᠷ᠎ᠡ᠄
       — ᠮᠠᠨᠴᠤᠷᠭ᠎ᠠ ᠬᠠᠮᠢᠭ᠎ᠠ ᠪᠠᠢᠨ᠎ᠠ? ᠴᠢ ᠮᠠᠨᠴᠤᠷᠭ᠎ᠠ ᠶ᠋ᠢ ᠬᠠᠮᠢᠭ᠎ᠠ ᠪᠠᠨ ᠨᠢᠭᠤᠪᠠ? ᠠ! ᠭᠡᠵᠦ ᠵᠠᠩᠳᠤᠷᠤᠨ᠎ᠠ᠃ 
       — ᠁ 
       — ᠬᠤᠷᠳᠤᠨ ᠬᠡᠯᠡ! ᠬᠡᠯᠡᠬᠦ ᠦᠭᠡᠢ ᠪᠣᠯ ᠫᠤᠤᠳᠠᠯ᠎ᠠ! 
       — ᠮᠡᠳᠡᠬᠦ ᠦᠭᠡᠢ ᠁ ᠮᠠᠨᠴᠤᠷᠭ᠎ᠠ ᠭᠡᠰᠡᠨ ᠬᠥᠮᠦᠨ ᠢ᠋ ᠪᠢ᠁ ᠪᠢ᠁ ᠲᠠᠨᠢᠬᠤ ᠦᠭᠡᠢ ᠁ ᠭᠡᠵᠦ ᠠᠢᠯ ᠤ᠋ᠨ ᠡᠬᠡᠨᠡᠷ ᠤᠬᠢᠯᠠᠩᠨᠠᠨ ᠬᠡᠯᠡᠨ᠎ᠡ᠃  
       ᠡᠨᠡ ᠦᠶ᠎ᠡ ᠳ᠋ᠦ᠍ ᠭᠡᠨᠡᠳᠲᠡ ᠫᠠᠭᠳᠠᠭ ᠪᠡᠶ᠎ᠡ ᠲᠡᠢ ᠡᠷ᠎ᠡ ᠶ᠋ᠢᠨ ᠳᠤᠬᠤᠨ ᠳ᠋ᠤᠨᠢ ᠬᠦᠢᠲᠡᠨ ᠣᠷᠬᠢᠬᠤ ᠰᠢᠭ᠋ ᠪᠣᠯᠵᠤ ᠨᠢᠭᠡ ᠬᠠᠲᠠᠭᠤ ᠶᠠᠭᠤᠮ᠎ᠠ ᠢᠪ ᠨᠠᠭᠠᠯᠳᠤᠭᠰᠠᠨ ᠳ᠋ᠤ᠌ ᠲᠡᠷᠡ ᠡᠷ᠎ᠡ ᠴᠣᠴᠢᠮᠠᠭ ᠡᠷᠭᠢᠵᠦ ᠬᠠᠷᠠᠪᠠᠯ ᠫᠤᠤ ᠶ᠋ᠢᠨ ᠬᠠᠷ᠎ᠠ ᠠᠮᠠ ᠣᠩᠭᠣᠯᠵᠠᠵᠤ ᠬᠠᠷᠠᠭᠳᠠᠨ ᠲᠡᠭᠦᠨ ᠦ᠌ ᠮᠠᠩᠨᠠᠢ ᠳ᠋ᠤ᠌ ᠲᠤᠯᠵᠤ᠄ 
       — ᠪᠢ ᠮᠠᠨᠴᠤᠷᠭ᠎ᠠ ᠪᠠᠢᠨ᠎ᠠ᠃ ᠴᠢ ᠨᠠᠮᠠᠶ᠋ᠢ ᠡᠷᠢᠵᠦ ᠪᠠᠢᠨ᠎ᠠ ᠤᠤ? ᠭᠡᠰᠡᠨ ᠳ᠋ᠦ᠍  ᠲᠡᠷᠡ ᠫᠠᠭᠳᠠᠭ ᠡᠷ᠎ᠡ ᠶ᠋ᠢᠨ ᠨᠢᠳᠦ ᠨᠢ ᠪᠦᠯᠲᠡᠯᠵᠡᠵᠦ ᠭᠠᠷ ᠳᠠᠬᠢ ᠫᠤᠤ ᠪᠠᠨ ᠬᠥᠰᠡᠷ ᠠᠯᠳᠠᠵᠤ ᠤᠨᠠᠭᠠᠪᠠ᠃ 
       ᠮᠠᠨᠴᠤᠷᠭ᠎ᠠ ᠲᠡᠷᠡ ᠫᠠᠨᠲᠠᠭ ᠡᠷ᠎ᠡ ᠶ᠋ᠢᠨ ᠦᠬᠦᠭᠰᠡᠨ ᠪᠤᠬ᠎ᠠ ᠶ᠋ᠢᠨ ᠨᠢᠳᠦ ᠮᠡᠲᠦ ᠪᠦᠯᠲᠡᠢᠭᠰᠡᠨ ᠬᠠᠷ᠎ᠠ ᠨᠢᠳᠦ ᠨᠢ ᠴᠠᠪᠴᠢᠯᠠᠬᠤ ᠪᠠᠨ ᠪᠣᠯᠢᠭᠰᠠᠨ ᠳ᠋ᠤ᠌ ᠭᠠᠷ ᠫᠤᠤ ᠪᠠᠨ ᠪᠥᠰᠡᠨ ᠳ᠋ᠡᠭᠡᠨ ᠬᠠᠪᠴᠢᠭᠤᠯᠵᠤ ᠥᠨᠥᠬᠢ ᠡᠷ᠎ᠡ ᠶ᠋ᠢ ᠭᠠᠭᠴᠠᠬᠠᠨ ᠠᠯᠠᠭᠠᠳᠠᠭᠰᠠᠨ ᠳ᠋ᠤ᠌ ᠲᠣᠩᠭᠣᠷᠴᠠᠭᠯᠠᠨ ᠣᠢᠴᠢᠵᠤ ᠠᠶᠤᠨ ᠪᠡᠮᠪᠡᠭᠡᠨᠡᠭᠰᠡᠨ ᠠᠢᠯ ᠤ᠋ᠨ ᠡᠬᠡᠨᠡᠷ ᠦ᠋ᠨ ᠠᠯᠠᠨ ᠳ᠋ᠤ᠌ ᠮᠥᠷᠭᠥᠵᠦ ᠣᠴᠢᠨ ᠰᠤᠯᠳᠠᠢᠪᠠ᠃ 
       — ᠪᠣᠰ! ᠡᠯ ᠾᠧᠢ ᠶᠠᠨ! ᠭᠡᠵᠦ ᠮᠠᠨᠴᠤᠷᠭ᠎ᠠ ᠵᠠᠩᠳᠤᠷᠤᠭᠰᠠᠨ ᠳ᠋ᠤ᠌ ᠲᠡᠷᠡ ᠫᠠᠭᠳᠠᠭ ᠡᠷ᠎ᠡ ᠭᠣᠰ ᠦᠰᠦᠷᠦᠨ ᠪᠣᠰᠤᠭᠰᠠᠨ ᠳ᠋ᠤ᠌ ᠮᠠᠨᠴᠤᠷᠭ᠎ᠠ ᠪᠤᠷᠤᠭᠤ ᠲᠠᠯ᠎ᠠ ᠠ᠋ᠴᠠ ᠨᠢ ᠪᠠᠰᠠ ᠨᠢᠭᠡ ᠲᠦᠭᠦᠰᠢᠯᠡᠭᠰᠡᠨ ᠳ᠋ᠦ᠍ ᠬᠠᠨᠵᠤᠨ ᠤ᠋ ᠮᠤᠬᠤᠷ ᠲᠤ᠌ ᠲᠠᠪᠠᠷᠴᠠᠭᠯᠠᠨ ᠤᠨᠠᠪᠠ᠃ 
       — ᠴᠢ ᠡᠯ ᠾᠧᠢ ᠶᠠᠨ ᠮᠥᠨ ᠤᠤ?   
       — ᠮᠥᠨ᠃ ᠪᠢ ᠮᠥᠨ! ᠭᠡᠭᠰᠡᠭᠡᠷ ᠪᠣᠰᠪᠠ᠃ 
       — ᠭᠠᠭᠴᠠᠬᠠᠨ ᠠᠯᠠᠭ᠎ᠠ ᠳᠠᠭᠠᠭᠠᠬᠤ ᠦᠭᠡᠢ ᠪᠠᠢᠵᠤ᠂ ᠮᠠᠨᠴᠤᠷᠭ᠎ᠠ ᠨᠠᠮᠠᠶ᠋ᠢ ᠠᠯᠠᠨ᠎ᠠ ᠭᠡᠨ᠎ᠡ? 
       ᠡᠯ ᠾᠧᠢ ᠶᠠᠨ ᠤ᠋ ᠬᠠᠮᠠᠷ ᠠᠮᠠᠨ ᠠ᠋ᠴᠠ ᠨᠢ ᠴᠢᠰᠤ ᠰᠠᠳᠠᠭᠠᠨᠠᠵᠤ ᠦᠵᠡᠬᠦ ᠶ᠋ᠢᠨ ᠳᠦᠷᠢ ᠦᠭᠡᠢ ᠪᠣᠯᠪᠠ᠃ ᠮᠠᠨᠴᠤᠷᠭ᠎ᠠ ᠡᠯ ᠾᠧᠢ ᠶᠠᠨ ᠤ᠋ ᠬᠥᠰᠡᠷ ᠣᠢᠴᠢᠭᠰᠠᠨ ᠫᠤᠤ ᠶ᠋ᠢ ᠢᠰᠬᠦᠯᠵᠦ᠄ 
       — ᠮᠠᠢ᠂ ᠫᠤᠤ ᠪᠠᠨ ᠠᠪ ᠭᠡᠵᠦ ᠵᠠᠩᠳᠤᠷᠪᠠ᠃ 
       — ᠁ 
       ᠡᠯ ᠾᠧᠢ ᠶᠠᠨ ᠦᠭᠡ ᠳᠠᠭᠤᠨ ᠦᠭᠡᠢ ᠮᠠᠨᠴᠤᠷᠭ᠎ᠠ ᠶ᠋ᠢ ᠮᠡᠯᠡᠷᠡᠨ ᠬᠠᠷᠠᠨ᠎ᠠ᠃ 
       — ᠫᠤᠤ ᠪᠠᠨ ᠠᠪ! ᠭᠡᠵᠦ  ᠪᠠᠢᠬᠤ ᠳ᠋ᠤ᠌ ᠭᠡᠵᠦ ᠳᠠᠬᠢᠨᠲᠠ ᠵᠠᠩᠳᠤᠷᠤᠭᠰᠠᠨ ᠳ᠋ᠤ᠌ ᠡᠯ ᠾᠧᠢ ᠶᠠᠨ ᠰᠠᠨᠳᠤᠷᠴᠤ ᠬᠥᠰᠡᠷ ᠡᠴᠡ ᠫᠤᠤ ᠪᠠᠨ ᠰᠢᠭᠦᠷᠡᠨ ᠠᠪᠤᠪᠠ᠃ 
       — ᠵᠠ᠂ ᠡᠦᠲᠦ ᠨᠠᠭᠠᠰᠢ ᠫᠤᠤᠳᠠ! ᠮᠠᠨᠴᠤᠷᠭ᠎ᠠ ᠡᠮᠦᠨ᠎ᠡ ᠴᠢᠨᠢ ᠵᠣᠭᠰᠣᠵᠤ ᠪᠠᠢᠨ᠎ᠠ᠂ ᠭᠡᠰᠡᠨ ᠳ᠋ᠦ᠍ ᠡᠯ ᠾᠧᠢ ᠶᠠᠨ ᠰᠣᠴᠢᠭᠰᠠᠨ ᠳ᠋ᠠᠭᠠᠨ᠄ 
       — ᠮᠠᠨᠴᠤᠷᠭ᠎ᠠ⁈ ᠭᠡᠵᠦ ᠳᠠᠭᠤ ᠠᠯᠲᠠᠨ《ᠡᠨᠡ ᠡᠷ᠎ᠡ ᠲᠡᠢ ᠢᠩᠭᠢᠵᠦ ᠬᠠᠯᠵᠠ ᠲᠠᠭᠠᠷᠠᠬᠤ ᠪᠠᠢᠵᠢ ᠳᠠ! ᠡᠦᠲᠦ ᠢᠩᠭᠢᠭᠡᠳ ᠴᠢᠮᠠᠶ᠋ᠢ ᠫᠠᠩ! ᠭᠡᠬᠦ ᠳ᠋ᠦ᠍ ᠴᠦᠩᠬᠦᠨ ᠳ᠋ᠦ᠍ ᠮᠢᠨᠢ ᠮᠥᠩᠭᠥ ᠳᠦᠭᠦᠷᠦᠨ᠎ᠡ》 ᠭᠡᠵᠦ ᠣᠯᠵᠠᠨ ᠤ᠋ ᠬᠢᠨᠢ ᠰᠢᠨᠤᠭ ᠭᠢᠯᠠᠰᠬᠢᠨ ᠣᠪᠣᠯᠵᠠᠭᠰᠠᠨ ᠳ᠋ᠤ᠌ ᠬᠠᠷ᠎ᠠ ᠰᠠᠨᠠᠭᠠᠨ ᠤ᠋ ᠬᠢᠨᠢ ᠶᠣᠷᠣ ᠲᠡᠭᠦᠨ ᠢ᠋ ᠡᠷᠬᠡ ᠦᠭᠡᠢ ᠵᠠᠬᠢᠷᠴᠤ ᠭᠠᠷ ᠳᠠᠬᠢ ᠫᠤᠤ ᠨᠢ ᠮᠠᠨᠴᠤᠷᠭ᠎ᠠ ᠶ᠋ᠢᠨ ᠮᠠᠩᠨᠠᠢ ᠶ᠋ᠢ ᠣᠨᠢᠯᠠᠨ ᠫᠠᠩ᠂ ᠫᠠᠩ᠂ ᠫᠠᠩ ᠭᠡᠵᠦ ᠤᠭᠰᠠᠷᠠᠭ᠎ᠠ ᠭᠤᠷᠪᠠ ᠳᠤᠤᠭᠠᠷᠪᠠ᠃ ᠮᠠᠨᠴᠤᠷᠭ᠎ᠠ ᠲᠣᠯᠣᠭᠠᠢ ᠪᠠᠨ ᠬᠠᠵᠠᠢᠰᠬᠢᠨ ᠵᠠᠢᠯᠠᠭᠰᠠᠨ ᠳ᠋ᠤ᠌ ᠴᠢᠬᠢᠨ ᠦ᠌ ᠬᠠᠵᠠᠭᠤ ᠪᠠᠷ ᠱᠤᠤᠭᠢᠭᠰᠠᠨ ᠰᠤᠮᠤ ᠴᠠᠭᠠᠳᠤ ᠲᠤᠭᠤᠷᠭ᠎ᠠ ᠶ᠋ᠢᠨ ᠴᠠᠭᠠᠨ ᠢ᠋ ᠣᠩᠭᠢᠯᠵᠤ ᠰᠢᠷᠣᠢ ᠪᠤᠲᠠᠷᠠᠨ᠎ᠠ᠃  
       ᠳᠠᠬᠢᠭᠠᠳ ᠫᠤᠤᠳᠠᠬᠤ ᠠ᠋ᠴᠠ ᠰᠡᠷᠡᠮᠵᠢᠯᠡᠭᠰᠡᠨ ᠮᠠᠨᠴᠤᠷᠭ᠎ᠠ ᠪᠥᠬᠥᠰᠬᠢᠨ ᠡᠷᠭᠢᠵᠦ ᠲᠡᠭᠦᠨ ᠦ᠌ ᠭᠠᠷ ᠫᠤᠤ ᠶ᠋ᠢ ᠨᠢ ᠭᠡᠨᠡᠳᠡᠭᠦᠯᠦᠨ ᠢᠰᠬᠦᠯᠵᠦ ᠬᠡᠩᠬᠦᠳᠡᠭ ᠤᠷᠤᠭᠤ ᠨᠢ ᠬᠦᠴᠦᠲᠡᠢ ᠨᠢᠳᠤᠷᠭᠠᠳᠠᠭᠰᠠᠨ ᠳ᠋ᠤ᠌ ᠡᠯ ᠾᠧᠢ ᠶᠠᠨ ᠪᠥᠭᠰᠡ ᠪᠡᠷ ᠢ᠋ᠶ᠋ᠡᠨ ᠬᠡᠯᠲᠦᠷᠢᠭᠰᠡᠭᠡᠷ ᠴᠠᠭᠠᠳᠤ ᠲᠤᠭᠤᠷᠭ᠎ᠠ ᠶ᠋ᠢᠨ ᠢᠷᠣᠭᠠᠷ ᠲᠤ᠌ ᠯᠠᠭᠬᠢᠲᠠᠯ᠎ᠠ ᠰᠠᠭᠤᠪᠠ᠃  
       — ᠡᠷᠯᠢᠭ ᠢ᠋ᠶ᠋ᠡᠨ ᠡᠷᠢᠭᠰᠡᠨ ᠬᠤᠯᠤᠭᠠᠨ᠎ᠠ ᠮᠤᠤᠷ ᠤ᠋ᠨ ᠤᠮᠠᠳᠠᠭ ᠲᠡᠮᠲᠡᠷᠢᠪᠡ ᠭᠡᠭᠴᠢ ᠴᠢ ᠦᠨᠡᠬᠡᠷ ᠪᠦᠳᠦᠭᠦᠨ ᠵᠢᠷᠦᠬᠡ ᠲᠡᠢ ᠪᠠᠢᠨ᠎ᠠ᠃ ᠮᠠᠨᠴᠤᠷᠭ᠎ᠠ ᠶ᠋ᠢᠨ ᠮᠠᠩᠨᠠᠢ ᠳ᠋ᠤ᠌ ᠠᠶᠤᠮᠰᠢᠭ ᠦᠭᠡᠢ ᠫᠤᠤ ᠲᠤᠯᠭᠠᠨ᠎ᠠ ᠭᠡᠳᠡᠭ ᠨᠠᠭᠠᠳᠤᠮ ᠪᠤᠰᠤ᠃ ᠪᠣᠰ! ᠫᠤᠤ ᠪᠠᠨ ᠲᠡᠭᠦᠵᠦ ᠠᠪ! ᠭᠡᠵᠦ ᠵᠠᠩᠳᠤᠷᠤᠭᠰᠠᠨ ᠳ᠋ᠤ᠌ ᠡᠯ ᠾᠧᠢ ᠶᠠᠨ ᠨᠢᠳᠦ ᠨᠢ ᠪᠤᠯᠲᠠᠢᠵᠤ ᠮᠠᠨᠴᠤᠷᠭ᠎ᠠ ᠶ᠋ᠢ ᠭᠥᠯᠢᠢᠨ ᠬᠠᠷᠠᠨ᠎ᠠ᠃  
       — ᠫᠤᠤ ᠪᠠᠨ ᠠᠪ! ᠭᠡᠰᠡᠨ ᠳ᠋ᠦ᠍ ᠡᠯ ᠾᠧᠢ ᠶᠠᠨ ᠪᠣᠰᠴᠤ ᠲᠤᠯᠭᠠᠨ ᠤ᠋ ᠮᠤᠬᠤᠷ ᠲᠤ᠌ ᠪᠠᠢᠭᠰᠠᠨ ᠫᠤᠤ ᠪᠠᠨ ᠠᠪᠴᠤ ᠬᠠᠨᠴᠤᠢ ᠪᠠᠷ ᠢ᠋ᠶ᠋ᠠᠨ ᠲᠣᠭᠣᠰᠣ ᠰᠢᠷᠣᠢ ᠶ᠋ᠢ ᠨᠢ ᠠᠷᠴᠢᠪᠠ᠃ 
       — ᠰᠥᠰᠥᠲᠡᠢ ᠡᠷ᠎ᠡ ᠶ᠋ᠢᠨ ᠨᠢᠭᠡ ᠪᠣᠯ ᠳᠠᠬᠢᠭᠠᠳ ᠨᠢᠭᠡ ᠫᠤᠤᠳᠠ! ᠨᠠᠭᠠᠰᠢ ᠪᠠᠨ᠁ ᠭᠡᠰᠡᠨ ᠳ᠋ᠦ᠍ ᠡᠯ ᠾᠧᠢ ᠶᠠᠨ᠄ 
       — ᠦᠭᠡᠢ᠂ ᠡᠦᠲᠦ ᠪᠣᠯᠢᠶ᠎ᠠ ! ᠠᠩᠬ᠎ᠠ ᠫᠤᠤᠳᠠᠭᠠᠳ ᠤᠨᠤᠭᠰᠠᠨ ᠦᠭᠡᠢ ᠪᠡᠨ ᠪᠢ ᠳᠠᠬᠢᠵᠤ ᠫᠤᠤᠳᠠᠳᠠᠭ ᠦᠭᠡᠢ᠃ ᠴᠢ ᠡᠨᠡ ᠫᠤᠤ ᠶ᠋ᠢᠨ ᠰᠤᠮᠤᠨ ᠳ᠋ᠤ᠌ ᠦᠬᠦᠬᠦ ᠡᠷ᠎ᠡ ᠪᠢᠰᠢ ᠶᠦᠮ ᠪᠠᠢᠨ᠎ᠠ᠃ 《ᠮᠠᠢ》ᠭᠡᠳ ᠡᠯ ᠾᠧᠢ ᠶᠠᠨ ᠫᠤᠤ ᠪᠠᠨ ᠵᠠᠮᠤᠭᠯᠠᠵᠤ ᠮᠠᠨᠴᠤᠷᠭ᠎ᠠ ᠳ᠋ᠤ᠌ ᠥᠭᠪᠡ᠃ ᠮᠠᠨᠴᠤᠷᠭ᠎ᠠ ᠲᠡᠭᠦᠨ ᠦ᠌ ᠫᠤᠤ ᠶ᠋ᠢ ᠲᠣᠰᠴᠤ᠄  
       — ᠴᠢ ᠫᠤᠤᠳᠠᠬᠤ ᠦᠭᠡᠢ ᠪᠣᠯ ᠪᠢ ᠴᠢᠮᠠᠶ᠋ᠢ ᠫᠤᠤᠳᠠᠨ᠎ᠠ ᠰᠢᠦ! ᠪᠢᠲᠡᠭᠡᠢ ᠭᠡᠮᠰᠢᠭᠡᠷᠡᠢ! ᠭᠡᠳ ᠲᠡᠭᠦᠨ ᠦ᠌ ᠳᠡᠷᠭᠡᠳᠡ ᠬᠦᠷᠴᠦ ᠴᠢᠮᠠᠷᠬᠠᠢ ᠳ᠋ᠤᠨᠢ ᠫᠤᠤ ᠲᠤᠯᠭᠠᠭᠰᠠᠨ ᠳ᠋ᠤ᠌ ᠡᠯ ᠾᠧᠢ ᠶᠠᠨ᠄ 
       — ᠭᠡᠮᠰᠢᠬᠦ ᠶᠠᠭᠤ ᠪᠠᠢᠬᠤ ᠪᠣᠢ! ᠴᠢᠮ᠎ᠠ ᠰᠢᠭ᠋ ᠰᠠᠢᠨ ᠡᠷ᠎ᠡ ᠶ᠋ᠢᠨ ᠰᠤᠮᠤᠨ ᠳ᠋ᠤ᠌ ᠦᠬᠦᠬᠦ ᠳ᠋ᠡᠭᠡᠨ ᠪᠢ ᠭᠡᠮᠰᠢᠬᠦ ᠦᠭᠡᠢ᠃ ᠮᠢᠨᠦ ᠦᠬᠦᠬᠦ ᠡᠦᠲᠦ ᠮᠥᠨ ᠠᠳᠠ ᠯᠠ ᠪᠠᠢᠵᠢ ᠳᠠ!  ᠨᠠᠮᠠᠶ᠋ᠢ ᠲᠦᠷᠭᠡᠯᠡᠭᠡᠴᠢ! ᠭᠡᠵᠦ ᠴᠡᠭᠡᠵᠢ ᠲᠦᠷᠢᠨ ᠵᠣᠭᠰᠣᠪᠠ᠃  
       ᠮᠠᠨᠴᠤᠷᠭ᠎ᠠ ᠡᠨᠡ ᠪᠦᠯᠲᠡᠭᠡᠷ ᠨᠢᠳᠦ ᠲᠡᠢ ᠫᠠᠭᠳᠠᠭ ᠡᠷ᠎ᠡ ᠶ᠋ᠢᠨ ᠡᠴᠡ ᠠᠶᠤᠬᠤ ᠦᠭᠡᠢ ᠰᠢᠭᠤᠷᠬᠠᠢ ᠵᠠᠩ ᠢ᠋ ᠲᠣᠭᠣᠵᠤ ᠬᠠ ᠬᠠ ᠭᠡᠵᠦ ᠬᠠᠳᠠᠭᠠᠨᠠᠲᠠᠯ᠎ᠠ ᠢᠨᠢᠶᠡᠵᠦ᠄ 
       — ᠵᠠ᠂ ᠪᠠᠰᠠ ᠴᠦ᠍ ᠣᠪᠣᠭ᠎ᠠ ᠡᠷ᠎ᠡ ᠶᠦᠮ ᠪᠠᠢᠨ᠎ᠠ ᠴᠢ ! ᠮᠢᠨᠦ ᠭᠠᠷ ᠲᠤ᠌ ᠦᠬᠦᠬᠦ ᠳ᠋ᠡᠭᠡᠨ ᠭᠡᠮᠰᠢᠬᠦ ᠦᠭᠡᠢ ᠭᠡᠨ᠎ᠡ ᠠ᠋ ⁈ ᠬᠠᠷᠢᠨ ᠦᠬᠦᠬᠦ ᠡᠴᠡ ᠪᠡᠨ ᠠᠶᠤᠵᠤ ᠡᠪᠦᠳᠦᠭ ᠢ᠋ᠶ᠋ᠡᠷ ᠢ᠋ᠶ᠋ᠡᠨ ᠴᠡᠴᠡᠷᠡᠭᠰᠡᠨ ᠦᠬᠦᠭᠡᠨᠴᠡ ᠠᠮᠢᠲᠠᠨ ᠪᠠᠢᠭᠰᠠᠨ ᠪᠣᠯ ᠤᠤ᠂ ᠴᠢᠮᠠᠶ᠋ᠢ ᠪᠢ᠁ ᠭᠡᠳ ᠫᠤᠤ ᠶ᠋ᠢᠨ ᠢ᠋ᠶ᠋ᠡᠨ ᠭᠣᠬ᠎ᠠ ᠶ᠋ᠢ ᠭᠣᠬᠠᠳᠠᠭᠰᠠᠨ ᠳ᠋ᠤ᠌ ᠫᠠᠩ! ᠭᠡᠰᠡᠨ ᠳᠠᠭᠤᠨ ᠢ᠋ᠶ᠋ᠠᠷ ᠴᠠᠭᠠᠳᠤ ᠮᠠᠭᠠᠵᠢᠨ ᠲᠣᠰᠣᠨ ᠳ᠋ᠧᠩ ᠤᠨᠲᠠᠷᠠᠪᠠ᠃  
       ᠡᠯ ᠾᠧᠢ ᠶᠠᠨ ᠤ᠋ ᠳᠣᠲᠣᠷ᠎ᠠ ᠠᠭᠵᠠᠰᠬᠢᠵᠦ ᠠᠪᠤᠨ 《ᠪᠤᠷᠬᠠᠨ ᠮᠢᠨᠢ ᠠ᠋》 ᠭᠡᠵᠦ ᠳᠣᠲᠣᠷ᠎ᠠ ᠪᠠᠨ ᠥᠭᠡᠯᠡᠨ᠄ 
       — ᠠᠯᠠᠬᠤ ᠭᠡᠵᠦ ᠢᠷᠡᠭᠰᠡᠨ ᠬᠥᠮᠦᠨ ᠦ᠌ ᠪᠡᠨ ᠲᠣᠯᠣᠭᠠᠢ ᠤᠷᠤᠭᠤ ᠫᠤᠤ ᠫᠤᠤᠳᠠᠳᠠᠭ ᠦᠭᠡᠢ᠂ ᠬᠠᠷᠢᠨ ᠬᠠᠮᠢᠶ᠎ᠠ ᠦᠭᠡᠢ ᠳ᠋ᠧᠩ ᠢ᠋ ᠫᠤᠤᠳᠠᠳᠠᠭ ᠴᠢᠨᠢ ᠶᠠᠭᠤ ᠭᠡᠰᠡᠨ ᠦᠭᠡ ᠪᠣᠢ? ᠭᠡᠵᠦ ᠡᠯ ᠾᠧᠢ ᠶᠠᠨ ᠮᠠᠨᠴᠤᠷᠭ᠎ᠠ ᠶ᠋ᠢ ᠲᠡᠩᠰᠡᠵᠦ ᠠᠰᠠᠭᠤᠭᠰᠠᠨ ᠳ᠋ᠤ᠌ ᠮᠠᠨᠴᠤᠷᠭ᠎ᠠ᠄ 
       — ᠬᠡᠭ᠂ ᠪᠢ ᠴᠢᠮᠠᠶ᠋ᠢ ᠫᠤᠤᠳᠠᠬᠤ ᠦᠭᠡᠢ ᠭᠡᠵᠦ ᠰᠠᠨᠠᠪᠠ ᠤᠤ ? ᠡᠨᠡ ᠬᠠᠷ᠎ᠠ ᠴᠠᠰᠤᠨ ᠳ᠋ᠤ᠌ ᠦᠦᠷ ᠬᠠᠷᠠᠩᠭᠤᠢ ᠪᠠᠷ ᠠᠢᠯ ᠬᠣᠲᠠ ᠦᠢᠮᠡᠭᠦᠯᠦᠨ ᠶᠠᠭᠠᠬᠢᠬᠤ ᠰᠠᠨᠠᠭᠠᠲᠠᠢ ᠪᠠᠨ ᠲᠣᠳᠣᠷᠬᠠᠢ ᠶᠠᠷᠢ! ᠡᠰᠡ ᠲᠡᠢᠮᠦ ᠪᠣᠯ ᠲᠡᠷᠡ ᠳ᠋ᠧᠩ ᠶᠠᠭᠠᠬᠢᠵᠤ ᠰᠥᠨᠥᠭᠰᠡᠨ ᠢ᠋ ᠬᠠᠷᠠᠭᠰᠠᠨ ᠪᠢᠵᠡ⁈ 
       ᠡᠯ ᠾᠧᠢ ᠶᠠᠨ ᠮᠠᠨᠴᠤᠷᠭ᠎ᠠ ᠶ᠋ᠢᠨ ᠡᠮᠦᠨ᠎ᠡ ᠦᠬᠦᠬᠦ ᠡᠴᠡ ᠠᠶᠤᠳᠠᠭ ᠦᠭᠡᠢ ᠭᠡᠳᠡᠭ ᠰᠦᠷᠡᠬᠡᠢ ᠪᠡᠨ ᠦᠵᠡᠭᠦᠯᠬᠦ ᠭᠡᠵᠦ ᠪᠡᠶ᠎ᠡ ᠪᠡᠨ ᠪᠠᠷᠢᠬᠤ ᠪᠣᠯᠪᠠᠴᠤ ᠮᠠᠨᠴᠤᠷᠭ᠎ᠠ ᠶ᠋ᠢᠨ ᠬᠡᠳᠡᠷ ᠬᠠᠲᠠᠭᠤ ᠵᠠᠩ ᠳ᠋ᠤ᠌ ᠡᠷᠬᠡ ᠦᠭᠡᠢ ᠰᠦᠷᠳᠡᠵᠦ ᠳᠠᠩᠴᠤ ᠮᠣᠬᠣᠳᠠᠭ ᠦᠭᠡᠢ ᠡᠷᠡᠮᠡᠬᠡᠢᠯᠡᠵᠦ ᠪᠠᠢᠭᠠᠳ ᠡᠨᠡ ᠡᠷ᠎ᠡ ᠶ᠋ᠢᠨ ᠭᠠᠷ ᠲᠤ᠌ ᠡᠷᠯᠢᠭ ᠢ᠋ᠶ᠋ᠡᠨ ᠦᠵᠡᠴᠢᠬᠡᠬᠦ ᠡᠴᠡ ᠪᠠᠰᠠ ᠡᠮᠢᠶᠡᠨ᠎ᠡ᠃ ᠢᠩᠭᠢᠵᠦ ᠪᠣᠳᠣᠬᠤ ᠳᠣᠳᠣᠮ ᠢ᠋ᠶ᠋ᠠᠨ ᠲᠡᠭᠦᠨ ᠦ᠌ ᠡᠪᠦᠳᠦᠭ ᠦᠯᠦ ᠮᠡᠳᠡᠭ ᠴᠡᠴᠡᠷᠡᠰᠬᠢᠨ ᠮᠠᠨᠴᠤᠷᠭ᠎ᠠ ᠶ᠋ᠢᠨ ᠥᠭᠡᠳᠡ ᠡᠴᠡ ᠶᠠᠭᠤ ᠬᠡᠯᠡᠬᠦ ᠪᠡᠨ ᠣᠯᠬᠤ ᠦᠭᠡᠢ 《ᠪᠢ ᠁ ᠪᠢ ᠁ 》ᠭᠡᠵᠦ ᠡᠭᠡᠷᠡᠬᠦ ᠳ᠋ᠦ᠍ ᠮᠠᠩᠨᠠᠢ ᠳ᠋ᠤᠨᠢ ᠬᠦᠢᠲᠡᠨ ᠬᠥᠯᠥᠰᠥ ᠴᠢᠭᠢᠭᠯᠡᠪᠡ᠃  
       ᠮᠠᠨᠴᠤᠷᠭ᠎ᠠ ᠡᠨᠡ ᠪᠦᠯᠲᠡᠭᠡᠷ ᠨᠢᠳᠦ ᠲᠡᠢ ᠡᠷ᠎ᠡ ᠶ᠋ᠢᠨ ᠪᠣᠳᠣᠯ ᠨᠢ ᠨᠤᠷᠠᠭᠰᠠᠨ ᠢ᠋ ᠭᠠᠳᠠᠷᠯᠠᠵᠤ ᠭᠠᠷ ᠫᠤᠤ ᠪᠠᠨ ᠬᠤᠢᠯᠠᠭᠠᠳ᠄ 
       — ᠮᠠᠨᠴᠤᠷᠭ᠎ᠠ ᠶ᠋ᠢ ᠠᠯᠠ! ᠭᠡᠵᠦ ᠬᠡᠨ ᠴᠢᠮᠠᠶ᠋ᠢ ᠠᠷᠤ ᠠ᠋ᠴᠠ ᠴᠢᠨᠢ ᠳᠣᠬᠢᠵᠤ ᠶᠡᠬᠡ ᠮᠥᠩᠭᠥ ᠡᠪᠦᠷᠲᠦᠯᠡᠭᠦᠯᠪᠡ ⁈ᠭᠡᠰᠡᠨ ᠳ᠋ᠦ᠍ ᠲᠡᠭᠦᠨ ᠦ᠌ ᠮᠠᠩᠨᠠᠢ ᠳ᠋ᠤᠨᠢ ᠲᠠᠭ ᠲᠤᠯᠭᠠᠭᠰᠠᠨ ᠫᠤᠤ ᠪᠠᠨ ᠠᠪᠴᠤ ᠬᠤᠢᠯᠠᠭᠰᠠᠨ ᠮᠠᠨᠴᠤᠷᠭ᠎ᠠ ᠶ᠋ᠢ ᠬᠠᠷᠠᠭᠠᠳ ᠰᠠᠨᠠᠭ᠎ᠠ ᠠᠯᠳᠠᠪᠠ᠃ 
       — ᠰᠠᠨᠠᠭ᠎ᠠ ᠠᠯᠳᠠᠬᠤ ᠶᠠᠭᠤ ᠪᠣᠢ? ᠦᠨᠡᠨ ᠢ᠋ᠶ᠋ᠡᠨ ᠬᠡᠯᠡ᠂ ᠦᠨᠡᠨ ᠢ᠋ᠶ᠋ᠡᠨ ᠬᠡᠯᠡᠪᠡᠯ ᠥᠷᠥᠰᠢᠶᠡᠵᠦ᠂ ᠥᠴᠦᠬᠡᠨ ᠬᠤᠳᠠᠯ ᠬᠡᠯᠡᠪᠡᠯ ᠤᠤ? ᠶᠠᠭᠤ ᠪᠣᠯᠬᠤ ᠶ᠋ᠢ ᠴᠢ ᠮᠡᠳᠡᠨ᠎ᠡ ᠪᠢᠵᠡ⁈ 
       — ᠪᠢ ᠬᠡᠯᠡᠶ᠎ᠡ! ᠮᠠᠨᠴᠤᠷᠭ᠎ᠠ ᠠᠬ᠎ᠠ ᠨᠠᠮᠠᠶ᠋ᠢ ᠥᠷᠥᠰᠢᠶᠡ! ᠰᠠᠭᠠᠯᠢᠴᠢᠨ ᠤ᠋ ᠵᠡᠭᠡᠯᠢ ᠳᠡᠭᠡᠷ᠎ᠡ ᠮᠢᠨᠦ ᠨᠢᠭᠡ ᠲᠠᠨᠢᠳᠠᠭ ᠵᠠᠩ ᠣᠪᠣᠭ ᠲᠠᠢ ᠬᠠᠷ᠎ᠠ ᠲᠠᠮᠠᠬᠢᠨ ᠤ᠋ ᠴᠢᠳᠬᠥᠷ ᠪᠠᠢᠳᠠᠭ ᠶᠤᠮ᠃ ᠲᠡᠷᠡ ᠨᠠᠳᠠ ᠵᠠᠭᠤᠨ ᠯᠠᠩ ᠤ᠋ᠨ ᠶᠤᠸᠠᠮᠪᠤᠤ᠂ ᠲᠠᠪᠢᠨ ᠮᠥᠩᠭᠥᠨ ᠵᠣᠭᠣᠰ ᠥᠭᠴᠦ 《ᠴᠢ ᠶᠠᠪᠤᠵᠤ ᠮᠠᠨᠴᠤᠷᠭ᠎ᠠ ᠶ᠋ᠢ ᠠᠯᠠ! ᠬᠡᠷᠡᠭ ᠪᠦᠲᠦᠪᠡᠯ ᠪᠠᠰᠠ ᠱᠠᠩ ᠲᠠᠢ》 ᠭᠡᠵᠦ ᠬᠡᠯᠡᠭᠰᠡᠨ᠃ ᠲᠡᠭᠡᠭᠡᠳ ᠪᠢ ᠮᠥᠩᠭᠥᠨ ᠳ᠋ᠦ᠍ ᠳᠤᠷᠠᠯᠠᠵᠤ᠂ ᠡᠨᠡ ᠬᠠᠷ᠎ᠠ ᠴᠠᠰᠤᠨ ᠳ᠋ᠤ᠌ ᠴᠢᠮᠠᠶ᠋ᠢ ᠠᠯᠠᠬᠤ ᠭᠡᠵᠦ ᠢᠷᠡᠭᠰᠡᠨ ᠮᠢᠨᠢ ᠡᠨᠡ᠃ ᠮᠠᠨᠴᠤᠷᠭ᠎ᠠ ᠠᠬ᠎ᠠ ᠠᠭᠤᠴᠢᠯᠠᠭᠠᠷᠠᠢ! ᠭᠡᠳ ᠲᠡᠭᠦᠨ ᠦ᠌ ᠡᠮᠦᠨ᠎ᠡ ᠲᠦᠰ ᠬᠢᠲᠡᠯ᠎ᠡ ᠰᠥᠭᠥᠳᠪᠡ᠃ 
       — ᠲᠡᠷᠡ ᠵᠠᠩ ᠣᠪᠣᠭᠲᠠᠨ ᠭᠡᠳᠡᠭ ᠴᠢᠨᠢ ᠬᠠᠷ᠎ᠠ ᠲᠠᠮᠠᠬᠢᠨ ᠤ᠋ ᠴᠢᠳᠬᠥᠷ ᠭᠡᠵᠦ ᠪᠠᠢᠭᠠᠳ ᠬᠠᠮᠢᠭ᠎ᠠ ᠠ᠋ᠴᠠ ᠡᠢᠮᠦ ᠶᠡᠬᠡ ᠮᠥᠩᠭᠥ ᠪᠠᠢᠬᠤ ᠪᠣᠢ? 
       — ᠲᠡᠭᠦᠨ ᠦ᠌ ᠬᠡᠯᠡᠬᠦ ᠪᠡᠷ ᠥᠭᠡᠷ᠎ᠡ ᠨᠢᠭᠡ ᠬᠥᠮᠦᠨ ᠲᠡᠭᠦᠨ ᠳ᠋ᠦ᠍ ᠶᠡᠬᠡ ᠮᠥᠩᠭᠥ ᠥᠭᠴᠦ ᠢᠩᠭᠢᠵᠦ ᠬᠢᠯᠭᠡᠯ᠎ᠡ ᠭᠡᠰᠡᠨ᠃ 
       — ᠨᠥᠭᠦᠭᠡ ᠬᠥᠮᠦᠨ ᠨᠢ ᠬᠡᠨ ᠪᠣᠢ? 
       — ᠪᠢ ᠦᠨᠡᠬᠡᠷ ᠮᠡᠳᠡᠬᠦ ᠦᠭᠡᠢ᠃ ᠲᠡᠷᠡ ᠬᠥᠮᠦᠨ ᠲᠡᠢ ᠪᠢ ᠠᠭᠤᠯᠵᠠᠭ᠎ᠠ ᠦᠭᠡᠢ᠃ 
       — ᠴᠠᠭᠠᠳᠤ ᠵᠠᠩ ᠣᠪᠣᠭᠲᠤ ᠴᠢᠨᠢ ᠶᠠᠮᠠᠷ ᠴᠤ᠌ ᠰᠡᠪ ᠭᠠᠷᠭᠠᠭᠰᠠᠨ ᠦᠭᠡᠢ ᠤᠤ? 
       — ᠵᠠᠩ ᠣᠪᠣᠭᠲᠠᠨ ᠨᠢᠭᠡ ᠤᠳᠠᠭ᠎ᠠ ᠨᠠᠳᠠ ᠲᠠᠢ ᠠᠷᠢᠬᠢ ᠤᠤᠭᠤᠵᠤ ᠪᠠᠢᠭᠠᠳ 《ᠮᠠᠨᠴᠤᠷᠭ᠎ᠠ ᠶ᠋ᠢ ᠴᠡᠪᠡᠷᠬᠡᠨ ᠬᠢᠴᠢᠬᠡ! ᠲᠡᠭᠡᠪᠡᠯ ᠮᠠᠭᠤ ᠢᠮᠠᠭᠠᠨ ᠳᠠᠭᠤᠲᠤ ᠪᠠᠰᠠ ᠮᠥᠩᠭᠥ ᠥᠭᠭᠦᠨ᠎ᠡ ᠭᠡᠰᠡᠨ ᠰᠢᠦ!》 ᠭᠡᠵᠦ ᠮᠢᠨᠦ ᠮᠥᠷᠥ ᠶ᠋ᠢ ᠳᠠᠪᠰᠢᠵᠤ ᠪᠠᠢᠭᠰᠠᠨ᠁ 
       — ᠢᠮᠠᠭᠠᠨ ᠳᠠᠭᠤ ᠲᠠᠢ ᠬᠥᠮᠦᠨ! 
       — ᠲᠡᠢᠮᠦ! 
       — ᠵᠠ᠂ ᠪᠣᠯᠵᠠᠢ᠃ ᠪᠣᠰ ! ᠴᠢ ᠦᠨᠡᠨ ᠢ᠋ᠶ᠋ᠡᠨ ᠬᠡᠯᠡᠭᠰᠡᠨ ᠪᠠᠢᠨ᠎ᠠ᠃ ᠥᠨᠥᠳᠥᠷ ᠠᠮᠢ ᠶ᠋ᠢ ᠴᠢᠨᠢ ᠥᠷᠥᠰᠢᠶᠡᠶ᠎ᠡ ! ᠡᠦᠲᠦ ᠪᠡᠷ ᠢ᠋ᠶ᠋ᠡᠨ ᠠᠳᠠ ᠠ᠋ᠴᠠ ᠲᠣᠨᠢᠯ! ᠲᠡᠭᠡᠭᠡᠳ ᠵᠠᠩ ᠣᠪᠣᠭᠲᠠᠨ ᠪᠠ ᠢᠮᠠᠭᠠᠨ ᠳᠠᠭᠤ ᠲᠠᠢ ᠬᠥᠮᠦᠨ ᠳ᠋ᠡᠭᠡᠨ ᠣᠴᠢᠵᠤ ᠬᠡᠯᠡ ᠮᠠᠨᠴᠤᠷᠭ᠎ᠠ ᠶ᠋ᠢᠨ ᠪᠡᠶ᠎ᠡ ᠳ᠋ᠦ᠍ ᠰᠤᠮᠤ ᠣᠷᠣᠬᠤ ᠦᠭᠡᠢ ᠬᠠᠴᠢᠨ ᠶᠤᠮ! ᠬᠡᠯᠡᠵᠦ ᠥᠭ ! ᠭᠡᠪᠡ᠃ 
       — ᠵᠠ᠂ ᠮᠡᠳᠡᠯ᠎ᠡ᠃ ᠮᠠᠨᠴᠤᠷᠭ᠎ᠠ ᠠᠬ᠎ᠠ ᠶᠣᠰᠣᠲᠠᠢ ᠬᠡᠯᠡᠭᠰᠡᠨ ᠳ᠋ᠡᠭᠡᠨ ᠬᠦᠷᠳᠡᠭ ᠡᠷ᠎ᠡ ᠬᠥᠮᠦᠨ ᠪᠠᠢᠨ᠎ᠠ᠃ ᠥᠴᠦᠬᠡᠨ ᠠᠮᠢ ᠶ᠋ᠢ ᠮᠢᠨᠢ ᠥᠷᠥᠰᠢᠶᠡᠵᠦ ᠬᠠᠢᠷᠠᠯᠠᠭᠰᠠᠨ ᠠᠴᠢ ᠶ᠋ᠢ ᠴᠢᠨᠢ ᠪᠢ ᠬᠡᠵᠢᠶᠡᠳᠡ ᠮᠠᠷᠲᠠᠵᠤ ᠴᠢᠳᠠᠬᠤ ᠦᠭᠡᠢ᠂ ᠠᠬ᠎ᠠ ᠠ᠋᠂ ᠦᠨᠡᠬᠡᠷ᠁ ᠭᠡᠵᠦ ᠮᠠᠨᠴᠤᠷᠭ᠎ᠠ ᠶ᠋ᠢᠨ ᠡᠪᠦᠳᠦᠭ ᠳᠣᠣᠷ᠎ᠠ ᠭᠤᠷᠪᠠᠨᠲᠠ ᠮᠥᠷᠭᠥᠭᠡᠳ ᠪᠣᠰᠴᠤ ᠰᠢᠯᠤᠭᠤᠬᠠᠨ ᠭᠠᠷᠴᠤ ᠶᠠᠪᠤᠪᠠ᠃  
       ᠮᠠᠨᠴᠤᠷᠭ᠎ᠠ᠂ ᠰᠡᠷᠡᠩ ᠨᠠᠷ ᠥᠨᠥᠬᠢ ᠳᠡᠭᠡᠷᠡᠮ ᠦ᠋ᠳ ᠦ᠋ᠨ ᠫᠤᠤ ᠵᠡᠪᠰᠡᠭ ᠢ᠋ ᠬᠤᠷᠢᠶᠠᠵᠤ ᠠᠪᠤᠨ ᠮᠣᠷᠢᠨ ᠤ᠋ ᠪᠠᠨ ᠡᠮᠡᠭᠡᠯ ᠢ᠋ ᠵᠠᠰᠠᠵᠤ ᠣᠯᠣᠩ ᠢ᠋ ᠨᠢ ᠴᠢᠩᠭᠠᠯᠠᠭᠠᠳ ᠮᠣᠷᠳᠠᠬᠤ ᠳ᠋ᠤ᠌ ᠵᠡᠭᠦᠨ ᠡᠴᠡ ᠬᠠᠶᠠᠭᠠᠷᠠᠵᠤ ᠦᠦᠷ ᠮᠠᠩᠬᠠᠢᠲᠠᠯ᠎ᠠ ᠴᠠᠢᠵᠤ ᠪᠠᠢᠪᠠ᠃ 
       ᠰᠥᠬᠥᠷᠡᠭᠰᠡᠨ ᠶᠡᠬᠡ ᠴᠠᠰᠤᠨ ᠳ᠋ᠤ᠌ ᠮᠠᠨᠴᠤᠷᠭ᠎ᠠ ᠵᠡᠷᠭᠡ ᠠᠷᠪᠠᠭᠠᠳ ᠮᠣᠷᠢᠲᠠᠨ ᠮᠣᠷᠢᠨ ᠤ᠋ ᠪᠠᠨ ᠠᠶ᠎ᠠ ᠪᠠᠷ ᠱᠣᠭᠰᠢᠭᠤᠯᠵᠤ ᠶᠠᠪᠤᠬᠤ ᠳ᠋ᠤ᠌ ᠡᠷᠲᠡ ᠶ᠋ᠢᠨ ᠬᠦᠢᠲᠡᠨ ᠵᠢᠪᠠᠷ ᠴᠢᠷᠠᠢ ᠡᠭᠡᠭᠡᠵᠦ ᠰᠥᠨᠢ ᠨᠣᠢᠷ ᠳᠤᠲᠠᠭᠤᠳᠠᠭᠰᠠᠨ ᠠ᠋ᠴᠠ ᠪᠡᠶ᠎ᠡ ᠵᠢᠬᠡᠭᠦᠰᠬᠦ ᠰᠢᠭ ᠪᠠᠢᠪᠠ᠃ ᠮᠣᠷᠢᠳ ᠤ᠋ᠨ ᠵᠢᠰᠦᠮ ᠳᠠᠩ ᠵᠢᠰᠦᠮ ᠦ᠋ᠨ ᠴᠠᠭᠠᠨ ᠪᠤᠭᠤᠷᠤᠯ ᠪᠣᠯᠵᠤ ᠴᠠᠩᠲᠤᠭᠰᠠᠨ ᠨᠢ ᠬᠣᠯᠠ ᠠ᠋ᠴᠠ ᠬᠠᠷᠠᠬᠤ ᠳ᠋ᠤ᠌ ᠡᠲᠡᠭᠡᠳ ᠰᠦᠷ ᠨᠠᠮᠨᠠᠭ᠎ᠠ ᠲᠠᠢ ᠠᠵᠤᠭᠤ᠃  
       ᠨᠠᠷᠠ ᠰᠤᠪᠤᠷᠠᠬᠤ ᠳ᠋ᠤ᠌ ᠪᠤᠭᠤᠷᠤᠯᠲᠤᠭᠰᠠᠨ ᠮᠣᠷᠢᠳ ᠤ᠋ᠨ ᠵᠢᠰᠦᠮ ᠤᠯᠠᠪᠤᠷ ᠲᠤᠶᠠᠭᠠᠨ ᠳ᠋ᠤ᠌ ᠭᠢᠯᠲᠠᠭᠠᠨᠠᠵᠤ ᠬᠠᠷᠠᠭᠳᠠᠨ ᠬᠥᠯᠥᠷᠡᠭᠰᠡᠨ ᠪᠡᠶ᠎ᠡ ᠡᠴᠡ ᠨᠢ ᠴᠠᠭᠠᠨ ᠪᠤᠭᠤᠷᠤᠯ ᠮᠠᠨᠠᠨ ᠲᠤᠨᠤᠷᠠᠨ᠎ᠠ᠃  
       — ᠮᠠᠨᠴᠤᠷᠭ᠎ᠠ ᠠᠬ᠎ᠠ ᠠ᠋᠂ ᠬᠣᠶᠠᠷ ᠮᠣᠷᠢ ᠲᠠᠢ ᠬᠥᠮᠦᠨ ᠠᠷᠤ ᠠ᠋ᠴᠠ ᠨᠡᠬᠡᠵᠦ ᠠᠢᠰᠤᠢ᠃ 
       — ᠶᠠᠭᠤᠨ ᠤ᠋ ᠬᠥᠮᠦᠨ ᠪᠣᠢ?  
       — ᠠᠢᠯ ᠤ᠋ᠨ ᠠᠳᠤᠭᠤᠴᠢᠨ ᠴᠦ᠍ ᠶᠤᠮ ᠤᠤ?  ᠪᠤᠤ ᠮᠡᠳᠡ ᠳᠠ! 
       — ᠫᠤᠤ ᠪᠠᠨ ᠵᠠᠮᠤᠭᠯᠠᠬᠤ᠂ ᠬᠡᠷᠰᠡᠦᠬᠡᠨ ᠪᠠᠢ! ᠭᠡᠵᠦ ᠮᠠᠨᠴᠤᠷᠭ᠎ᠠ ᠶ᠋ᠢ ᠬᠡᠯᠡᠬᠦ ᠳ᠋ᠦ᠍ ᠰᠡᠷᠡᠩ ᠳᠤᠷᠠᠨ ᠢ᠋ᠶ᠋ᠠᠷ ᠥᠨᠥᠬᠢ ᠬᠣᠶᠠᠷ ᠬᠥᠮᠦᠨ ᠢ᠋ ᠵᠢᠰᠦᠯᠡᠵᠦ ᠲᠠᠨᠢᠭᠠᠳ᠄ 
       — ᠮᠠᠨᠴᠤᠷᠭ᠎ᠠ ᠠᠬ᠎ᠠ ᠠ᠋᠂ ᠥᠨᠥᠬᠢ ᠰᠠᠶᠢ ᠶ᠋ᠢᠨ ᠳᠡᠭᠡᠷᠡᠮ ᠦ᠋ᠨ ᠬᠣᠶᠠᠷ ᠲᠦᠷᠦᠭᠦᠦ ᠨᠢ ᠪᠣᠯᠤᠯᠲᠠᠢ᠃ ᠲᠣᠯᠣᠭᠠᠢ ᠳ᠋ᠠᠭᠠᠨ ᠢᠰᠡᠭᠡᠢ ᠲᠣᠭᠣᠷᠴᠣᠭ ᠲᠠᠢ ᠬᠠᠷᠠᠭᠳᠠᠬᠤ ᠨᠢ ᠮᠥᠨ ᠰᠢᠦ ᠪᠠᠢᠨ᠎ᠠ ᠭᠡᠰᠡᠨ ᠳ᠋ᠦ᠍ ᠮᠠᠨᠴᠤᠷᠭ᠎ᠠ᠄ 
       — ᠫᠤᠤ ᠵᠡᠪᠰᠡᠭ ᠢ᠋ ᠨᠢ ᠬᠤᠷᠢᠶᠠᠴᠢᠬᠠᠭᠰᠠᠨ ᠶᠤᠮ ᠴᠢᠨᠢ ᠶᠠᠭᠠᠬᠢᠳᠠᠭ ᠴᠢᠷᠠᠢ ᠪᠠᠢᠨ᠎ᠠ? ᠠᠬ᠎ᠠ ᠳᠡᠭᠦᠦ ᠨᠠᠷ ᠠ᠋᠂ ᠪᠢᠲᠡᠭᠡᠢ ᠠᠶᠤ᠃ ᠬᠣᠰᠢᠭᠤᠷᠠᠵᠤ ᠶᠠᠪᠤ!  ᠣᠢᠷᠠᠳᠤᠭᠠᠳ ᠢᠷᠡᠬᠦ ᠳ᠋ᠤ᠌ ᠬᠤᠮᠢᠭᠠᠳ ᠠᠪ ! ᠭᠡᠰᠡᠨ ᠳ᠋ᠦ᠍ ᠠᠷᠪᠠᠭᠠᠳ ᠮᠣᠷᠢᠲᠠᠳ ᠨᠡᠭᠦᠳᠡᠯ ᠦ᠋ᠨ ᠭᠠᠯᠠᠭᠤᠳ ᠰᠢᠭ᠋ ᠬᠣᠰᠢᠭᠤᠷᠠᠨ ᠶᠠᠪᠤᠪᠠ᠃ 
       — ᠮᠠᠨᠴᠤᠷᠭ᠎ᠠ ᠠᠬ᠎ᠠ ᠠ᠋᠂ ᠬᠦᠯᠢᠶᠡᠵᠦ ᠪᠠᠢ᠂ ᠪᠢᠳᠡ ᠬᠣᠶᠠᠷ ᠢ᠋ ᠠᠪᠤᠭᠠᠳ ᠶᠠᠪᠤ! ᠭᠡᠵᠦ ᠠᠷᠤ ᠠ᠋ᠴᠠ ᠨᠢ ᠬᠠᠰᠬᠢᠷᠬᠤ ᠴᠢᠮᠡᠭᠡ ᠳᠤᠭᠤᠯᠳᠠᠨ᠎ᠠ᠃
       ᠶᠣᠬᠢᠷᠠᠩ᠂ ᠶᠣᠬᠢᠷᠠᠩ᠁ ᠭᠡᠵᠦ ᠭᠦᠶᠦᠳᠡᠯ ᠮᠠᠭᠤᠲᠠᠢ ᠬᠣᠶᠠᠷ ᠮᠣᠷᠢ ᠬᠠᠮᠠᠷ ᠨᠢ ᠣᠩᠭᠣᠯᠵᠠᠵᠤ᠂ ᠬᠤᠯᠤᠭᠤ ᠶ᠋ᠢ ᠨᠢ ᠳᠠᠭᠠᠭᠠᠳ ᠬᠥᠯᠥᠰᠥ ᠴᠤᠪᠤᠷᠠᠭᠰᠠᠨ ᠴᠤ᠌ ᠭᠠᠵᠠᠷ ᠳᠥᠭᠥᠬᠦ ᠦᠭᠡᠢ ᠳ᠋ᠦ᠍ ᠮᠣᠷᠢᠨ ᠳᠡᠭᠡᠷᠡᠬᠢ ᠶᠠᠭᠠᠷᠠᠮᠠᠲᠠᠭᠠᠢ ᠬᠣᠶᠠᠷ ᠡᠷ᠎ᠡ ᠳᠡᠮᠡᠢ ᠯᠡ ᠬᠥᠯ ᠢ᠋ᠶ᠋ᠡᠨ ᠳᠠᠪᠢᠷᠠᠨ ᠳᠠᠷᠪᠠᠯᠵᠠᠨ᠎ᠠ᠁ 
       ᠥᠨᠥᠬᠢ ᠬᠣᠶᠠᠷ ᠮᠣᠷᠢᠨ ᠠ᠋ᠴᠠ ᠦᠰᠦᠷᠴᠦ ᠪᠠᠭᠤᠨ ᠴᠠᠰᠤᠨ ᠳᠡᠭᠡᠷ᠎ᠡ ᠵᠡᠷᠭᠡᠴᠡᠨ ᠰᠥᠭᠥᠳᠴᠦ᠄ 
       — ᠮᠠᠨᠴᠤᠷᠭ᠎ᠠ ᠠᠬ᠎ᠠ ᠠ᠋᠂ ᠪᠢᠳᠡ ᠬᠣᠶᠠᠷ ᠲᠠᠨ ᠳ᠋ᠤ᠌ ᠤᠰᠤᠯᠲᠠᠯ᠎ᠠ᠃ ᠡᠦᠲᠦ ᠪᠢᠳᠡ ᠣᠰᠣᠯ ᠢ᠋ᠶ᠋ᠠᠨ ᠬᠦᠯᠢᠶᠡᠵᠦ ᠲᠠᠨ ᠤ᠋ ᠡᠪᠦᠳᠦᠭ ᠳᠣᠣᠷ᠎ᠠ ᠬᠣᠶᠠᠷ ᠦᠭᠡᠢ ᠵᠢᠳᠬᠦᠵᠦ ᠶᠠᠪᠤᠶ᠎ᠠ! ᠲᠠ ᠪᠢᠳᠡ ᠬᠣᠶᠠᠷ ᠢ᠋ ᠭᠣᠯᠣᠬᠤ ᠦᠭᠡᠢ ᠯᠡ ᠶᠦᠮ ᠪᠣᠯ ᠳᠠᠯᠠᠯᠤᠭᠰᠠᠨ ᠭᠠᠵᠠᠷ ᠲᠤ᠌ ᠴᠢᠨᠢ ᠢᠯᠡᠷᠡᠵᠦ᠂ ᠳᠠᠯᠠᠢᠭᠰᠠᠨ ᠭᠠᠵᠠᠷ ᠲᠤ᠌ ᠴᠢᠨᠢ ᠳᠠᠯᠳᠢᠷᠠᠵᠤ ᠪᠠᠢᠶ᠎ᠠ! ᠭᠡᠳ ᠰᠢᠭᠡᠵᠡᠢ ᠬᠤᠷᠤᠭᠤᠨ ᠤ᠋ ᠪᠠᠨ ᠥᠨᠳᠡᠭᠡ ᠶ᠋ᠢ ᠲᠠᠰᠤ ᠬᠠᠵᠠᠭᠰᠠᠨ ᠳ᠋ᠤ᠌ ᠬᠦᠷᠡᠩ ᠬᠠᠷ᠎ᠠ ᠴᠢᠰᠤ ᠮᠡᠯᠡᠰ ᠬᠢᠨ ᠤᠷᠤᠰᠴᠤ ᠴᠠᠰᠤ ᠴᠠᠭᠠᠨ ᠭᠠᠵᠠᠷ ᠢ᠋ ᠬᠡᠰᠡᠭ ᠤᠯᠠᠢᠯᠭᠠᠨ ᠪᠣᠳᠣᠵᠠᠢ᠃ 
       ᠡᠨᠡ ᠬᠣᠶᠠᠷ ᠪᠣᠯ ᠨᠢᠭᠡ ᠨᠢ ᠪᠦᠯᠲᠡᠭᠡᠷ ᠬᠠᠷ᠎ᠠ ᠨᠢᠳᠦ ᠲᠡᠢ ᠡᠯ ᠾᠧᠢ ᠶᠠᠨ᠂ ᠨᠥᠭᠦᠭᠡ ᠨᠢ ᠬᠤᠯᠠᠭᠠᠢᠴᠢ ᠬᠠᠷᠠᠴᠠ ᠲᠠᠢ ᠭᠤᠷᠪᠠᠯᠵᠢᠨ ᠨᠢᠳᠦ ᠲᠡᠢ ᠵᠣᠣ ᠪᠤᠤ ᠯᠧᠩ ᠭᠡᠳᠡᠭ ᠬᠣᠶᠠᠷ ᠳᠡᠭᠡᠷᠡᠮ ᠦ᠋ᠨ ᠲᠦᠷᠦᠭᠦᠦ ᠪᠠᠢᠵᠠᠢ᠃ 
       ᠮᠠᠨᠴᠤᠷᠭ᠎ᠠ ᠡᠨᠡ ᠬᠣᠶᠠᠷ ᠬᠢᠲᠠᠳ ᠤ᠋ᠨ ᠥᠪᠡᠷᠰᠡᠳ ᠦ᠋ᠨ ᠵᠠᠩᠰᠢᠯ ᠢ᠋ᠶ᠋ᠠᠷ ᠬᠤᠷᠤᠭᠤᠨ ᠤ᠋ ᠪᠠᠨ ᠥᠨᠳᠡᠭᠡ ᠶ᠋ᠢ ᠲᠠᠰᠤ ᠬᠠᠵᠠᠵᠤ ᠲᠠᠩᠭᠠᠷᠢᠭ ᠲᠠᠯᠪᠢᠭᠰᠠᠨ ᠳ᠋ᠤᠨᠢ 《ᠡᠳᠡ ᠬᠣᠶᠠᠷ ᠢ᠋ ᠦᠨᠡᠬᠡᠷ ᠳᠠᠭᠠᠭᠤᠯᠤᠭᠠᠳ ᠶᠠᠪᠤᠳᠠᠭ ᠴᠦ᠍ ᠶᠤᠮ ᠤᠤ⁈ ᠲᠡᠭᠡᠪᠡᠯ ᠰᠡᠷᠡᠩ ᠰᠢᠷᠠᠮᠠᠩ ᠬᠣᠶᠠᠷ ᠢ᠋ᠶ᠋ᠠᠷ ᠢᠮᠠᠭᠲᠠ ᠬᠡᠳᠡᠭᠥᠯᠵᠥ ᠪᠠᠢᠬᠤ ᠬᠡᠷᠡᠭᠲᠡᠢ》 ᠭᠡᠵᠦ ᠪᠣᠳᠣᠭᠰᠠᠨ ᠢ᠋ᠶ᠋ᠠᠨ᠄ 
       — ᠵᠠ ᠲᠡᠭᠡᠪᠡᠯ ᠲᠠ ᠬᠣᠶᠠᠷ ᠲᠤ᠌ ᠮᠣᠩᠭᠣᠯ ᠨᠡᠷ᠎ᠡ ᠥᠭᠭᠦᠶ᠎ᠡ ᠴᠢᠮᠠᠶ᠋ᠢ 《ᠬᠠᠷ᠎ᠠ ᠨᠢᠳᠦᠲᠦ》 ᠭᠡᠶ᠎ᠡ᠂ ᠴᠢᠮᠠᠶ᠋ᠢ 《ᠵᠣᠪᠠᠯᠭ᠎ᠠ》 ᠭᠡᠶ᠎ᠡ!  ᠪᠣᠯᠤᠨ᠎ᠠ ᠤᠤ? ᠭᠡᠪᠡ᠃ 
       — ᠪᠣᠯᠤᠨ᠎ᠠ᠂ ᠪᠣᠯᠤᠨ᠎ᠠ ! ᠭᠡᠵᠦ ᠨᠥᠭᠦᠭᠡ ᠬᠣᠶᠠᠷ ᠵᠡᠷᠭᠡ ᠪᠡᠷ ᠳᠤᠤᠭᠠᠷᠤᠭᠰᠠᠨ ᠳ᠋ᠤ᠌ ᠪᠦᠭᠦᠳᠡᠭᠡᠷ ᠢ᠋ᠶ᠋ᠡᠨ ᠬᠥᠷ ᠬᠢᠨ ᠢᠨᠢᠶᠡᠯᠴᠡᠪᠡ ᠁  
        ᠁  
       ᠬᠠᠷ᠎ᠠ ᠨᠢᠳᠦᠲᠦ ᠪᠣᠯᠤᠨ ᠵᠣᠪᠠᠯᠭ᠎ᠠ ᠬᠣᠶᠠᠷ ᠳᠠᠯᠢᠩ ᠲᠠᠢ ᠶᠠᠭᠤᠮ᠎ᠠ ᠬᠡᠦᠮ᠎ᠡ ᠶ᠋ᠢ ᠬᠥᠰᠡᠷ ᠲᠠᠯᠪᠢᠵᠤ᠄ 
       — ᠮᠠᠨᠴᠤ ᠠᠬ᠎ᠠ ᠠ᠋᠂ ᠥᠨᠥᠳᠥᠷ ᠬᠠᠷᠢᠨ ᠣᠯᠵᠠ ᠰᠠᠢᠲᠠᠢ᠃ ᠪᠤᠯᠠᠭ᠎ᠠ ᠶ᠋ᠢᠨ ᠠᠷᠠᠰᠤ᠂ ᠪᠤᠭᠤ ᠶ᠋ᠢᠨ ᠬᠢᠷᠵᠠᠩ ᠵᠡᠷᠭᠡ ᠣᠪᠣᠭ᠎ᠠ ᠦᠨᠡᠲᠡᠢ ᠶᠠᠭᠤᠮ᠎ᠠ ᠣᠯᠵᠠᠢ ᠭᠡᠵᠦ ᠵᠣᠪᠠᠯᠭ᠎ᠠ ᠬᠡᠯᠡᠲᠡᠯ᠎ᠡ ᠬᠠᠷ᠎ᠠ ᠨᠢᠳᠦᠲᠦ᠄ 
       — ᠪᠠᠰᠠ ᠱ᠌ᠢᠷᠦᠨ ᠵᠢᠩᠰᠡ ᠲᠡᠢ ᠮᠠᠨᠤᠨ ᠬᠥᠬᠦᠦᠷ᠂ ᠮᠥᠩᠭᠥᠨ ᠬᠤᠢ ᠲᠠᠢ ᠬᠢᠲᠤᠭ᠎ᠠ᠁ ᠭᠡᠳ ᠥᠨᠥᠬᠢ ᠶᠠᠭᠤᠮᠠᠰ ᠢ᠋ ᠮᠠᠨᠴᠤᠷᠭ᠎ᠠ ᠳ᠋ᠤ᠌ ᠠᠪᠠᠴᠢᠵᠤ ᠥᠭᠪᠡ᠃ 
       ᠮᠠᠨᠴᠤᠷᠭ᠎ᠠ ᠬᠠᠷ᠎ᠠ ᠲᠠᠮᠠᠬᠢᠨ ᠤ᠋ ᠳ᠋ᠧᠩ ᠢ᠋ᠶ᠋ᠡᠨ ᠦᠯᠢᠶᠡᠵᠦ ᠥᠨᠳᠡᠢᠨ ᠪᠣᠰᠴᠤ᠄ 
       — ᠮᠠᠨᠤᠨ ᠬᠥᠬᠦᠦᠷ? ᠮᠥᠩᠭᠥᠨ ᠬᠤᠢ ᠲᠠᠢ ᠬᠢᠲᠤᠭ᠎ᠠ᠁ ᠮᠣᠩᠭᠣᠯ ᠬᠥᠮᠦᠨ ᠤᠤ ᠴᠠᠭᠠᠳᠤᠬᠢ ᠴᠢᠨᠢ? ᠭᠡᠵᠦ ᠠᠰᠠᠭᠤᠯ᠎ᠠ᠃ 
       — ᠲᠡᠢᠮᠦ ᠠ᠋! ᠮᠣᠩᠭᠣᠯ ᠬᠥᠮᠦᠨ! 
       — ᠬᠠᠮᠢᠭᠠᠬᠢ ᠶ᠋ᠢᠨ ᠮᠣᠩᠭᠣᠯ ᠬᠥᠮᠦᠨ ᠪᠣᠢ?  
       — ᠮᠤᠨᠠ ᠶ᠋ᠢᠨ ᠠᠭᠤᠯᠠ ᠶ᠋ᠢᠨ᠁ ᠭᠡᠵᠦ ᠬᠡᠯᠡᠲᠡᠯ᠎ᠡ ᠨᠥᠭᠦᠭᠡ ᠨᠢ᠄ 
       — ᠠ᠂ ᠪᠠᠰᠠ ᠣᠪᠣᠭ᠎ᠠ ᠰᠠᠢᠨ ᠡᠷ᠎ᠡ ᠶ᠋ᠢᠨ ᠰᠢᠨᠵᠢ ᠲᠡᠢ ᠭᠡᠵᠦ ᠬᠡᠯᠡᠭᠰᠡᠨ ᠳ᠋ᠦ᠍ ᠮᠠᠨᠴᠤᠷᠭ᠎ᠠ᠄ 
       — ᠡᠨᠡ ᠬᠥᠮᠦᠨ ᠡᠦᠲᠦ ᠬᠠᠮᠢᠭ᠎ᠠ ᠪᠠᠢᠨ᠎ᠠ ᠪᠣᠢ? ᠬᠠᠷ᠎ᠠ ᠨᠢᠳᠦᠲᠦ ᠴᠢ ᠬᠤᠷᠳᠤᠨ ᠶᠠᠪᠤᠵᠤ ᠲᠡᠷᠡ ᠬᠥᠮᠦᠨ ᠢ᠋ ᠪᠠᠷᠢᠵᠤ ᠢᠷ᠎ᠡ᠂ ᠪᠢ ᠲᠡᠭᠦᠨ ᠲᠡᠢ ᠠᠭᠤᠯᠵᠠᠵᠤ ᠦᠵᠡᠶ᠎ᠡ ᠶᠠᠮᠠᠷ ᠰᠠᠢᠨ ᠡᠷ᠎ᠡ ᠪᠠᠢᠳᠠᠭ ᠶᠤᠮ  ᠪᠠᠢᠨ᠎ᠠ ᠭᠡᠯ᠎ᠡ᠃ 
       — ᠮᠠᠨᠴᠤ ᠠᠬ᠎ᠠ ᠠ᠋᠂ ᠮᠥᠨ ᠡᠨᠡ ᠬᠦᠢᠲᠡᠨ ᠭᠡᠷ ᠲᠦ᠍ ᠪᠣᠢ᠃  
       — ᠶᠠᠪᠤ᠂ ᠲᠡᠭᠦᠨ ᠢ᠋ ᠣᠷᠣᠭᠤᠯᠵᠤ ᠢᠷ᠎ᠡ ! ᠭᠡᠵᠦ ᠵᠠᠩᠳᠤᠷᠤᠭᠰᠠᠨ ᠳ᠋ᠤ᠌ ᠨᠥᠭᠦᠭᠡ ᠬᠣᠶᠠᠷ ᠪᠤᠰᠢᠭᠤᠬᠠᠨ ᠭᠠᠷᠴᠤ ᠶᠠᠪᠤᠪᠠ᠃ 
       ᠤᠳᠠᠭᠰᠠᠨ ᠦᠭᠡᠢ ᠠᠩᠴᠢᠨᠵᠠᠪ ᠢ᠋ ᠬᠦᠯᠢᠶᠡᠰᠦᠲᠡᠢ ᠨᠢ ᠭᠡᠷ ᠲᠦ᠍ ᠣᠷᠣᠭᠤᠯᠪᠠ᠃ 
       ᠮᠠᠨᠴᠤᠷᠭ᠎ᠠ ᠡᠭᠦᠳᠡ ᠪᠡᠷ ᠬᠡᠩᠬᠦᠯᠵᠡᠨ ᠣᠷᠣᠵᠤ ᠢᠷᠡᠭᠰᠡᠨ ᠡᠨᠡ ᠬᠦ᠌ ᠡᠯᠪᠡᠭ ᠨᠡᠬᠡᠢ ᠳᠡᠪᠡᠯ ᠲᠡᠢ᠂ ᠡᠭᠡᠳᠡᠨ ᠭᠤᠲᠤᠯ ᠢᠰᠬᠦᠯᠦᠭᠰᠡᠨ ᠬᠦᠳᠡᠷᠯᠢᠭ ᠡᠷ᠎ᠡ ᠶ᠋ᠢ ᠨᠠᠷᠢᠨ ᠠᠵᠢᠭᠯᠠᠭᠰᠠᠨ ᠳ᠋ᠤ᠌ ᠬᠣᠶᠠᠷ ᠴᠢᠮᠠᠷᠬᠠᠢ ᠠ᠋ᠴᠠ ᠨᠢ ᠳᠣᠷᠣᠭᠰᠢ ᠤᠷᠭᠤᠭᠰᠠᠨ ᠵᠤᠵᠠᠭᠠᠨ ᠰᠠᠬᠠᠯ ᠨᠢ ᠡᠷᠡᠦ ᠪᠡᠨ ᠪᠣᠭᠣᠵᠤ ᠬᠠᠷᠠᠯᠠᠭᠠᠳ᠂ ᠬᠢᠩᠭ᠎ᠠ ᠥᠨᠳᠥᠷ ᠬᠠᠮᠠᠷ ᠨᠢ ᠡᠷ᠎ᠡ ᠪᠡᠶ᠎ᠡ ᠶ᠋ᠢᠨ ᠬᠢᠨᠢ ᠰᠦᠯᠳᠡ ᠰᠢᠭ ᠬᠠᠷᠠᠭᠳᠠᠨ᠎ᠠ᠃ 
       — ᠬᠦᠯᠢᠶᠡᠰᠦ ᠶ᠋ᠢ ᠨᠢ ᠲᠠᠢᠯ ᠭᠡᠰᠡᠨ ᠳ᠋ᠦ᠍ ᠨᠥᠭᠦᠭᠡ ᠬᠣᠶᠠᠷ ᠠᠩᠴᠢᠨᠵᠠᠪ ᠤ᠋ᠨ ᠬᠦᠯᠢᠶᠡᠰᠦ ᠶ᠋ᠢ ᠲᠡᠷᠡ ᠳᠣᠣᠷ᠎ᠠ ᠨᠢ ᠠᠯᠳᠠᠷᠠᠭᠠᠪᠠ᠃  
       ᠮᠠᠨᠴᠤᠷᠭ᠎ᠠ ᠵᠡᠭᠦᠨ ᠭᠠᠷ ᠢ᠋ᠶ᠋ᠠᠨ ᠵᠠᠩᠭᠠᠵᠤ 《ᠲᠠ ᠬᠣᠶᠠᠷ ᠴᠠᠭᠠᠰᠢ ᠶᠠᠪᠤ!》 ᠭᠡᠰᠡᠨ ᠳᠣᠬᠢᠶ᠎ᠠ ᠦᠭᠭᠦᠭᠰᠡᠨ ᠳ᠋ᠦ᠍ ᠨᠥᠭᠦᠭᠡ ᠬᠣᠶᠠᠷ ᠭᠠᠷᠴᠤ ᠶᠠᠪᠤᠪᠠ᠃ 
       ᠠᠩᠴᠢᠨᠵᠠᠪ ᠦᠨᠡᠭᠡᠨ ᠯᠣᠪᠤᠤᠵᠠ ᠪᠠᠨ ᠠᠪᠬᠤ ᠳ᠋ᠤᠨᠢ ᠠᠵᠢᠷᠭᠠᠨ ᠳᠡᠯ ᠰᠢᠭ᠋ ᠰᠠᠳᠠᠷᠠᠭᠰᠠᠨ ᠭᠡᠵᠢᠭᠡ ᠨᠢ ᠮᠥᠷᠥ ᠤᠷᠤᠭᠤ ᠨᠢ ᠡᠮᠬᠢ ᠵᠠᠮᠪᠠᠷᠠᠭ᠎ᠠ ᠦᠭᠡᠢ ᠪᠠᠭᠤᠪᠠ᠃  
       — ᠠ᠂ ᠰᠠᠢᠬᠠᠨ ᠮᠣᠩᠭᠣᠯ ᠡᠷ᠎ᠡ ᠪᠠᠢᠨ᠎ᠠ ᠭᠡᠰᠡᠨ ᠳ᠋ᠦ᠍ ᠠᠩᠴᠢᠨᠵᠠᠪ ᠡᠨᠡ ᠭᠥᠯᠢᠩ ᠲᠣᠯᠣᠭᠠᠢ ᠲᠠᠢ ᠵᠠᠩᠭᠤᠢᠳᠠ ᠨᠢ ᠮᠣᠩᠭᠣᠯ ᠦᠭᠡ ᠬᠡᠯᠡᠭᠰᠡᠨ ᠳ᠋ᠦ᠍ ᠭᠠᠢᠬᠠᠵᠤ᠄ 
       — ᠲᠠ ᠥᠪᠡᠷ ᠢ᠋ᠶ᠋ᠡᠨ ᠴᠦ᠍ ᠮᠣᠩᠭᠣᠯ ᠬᠥᠮᠦᠨ ᠪᠠᠢᠭᠰᠠᠨ ᠶᠤᠮ ᠤᠤ ᠭᠡᠵᠦ ᠬᠠᠴᠢᠷᠬᠠᠨ ᠠᠰᠠᠭᠤᠭᠰᠠᠨ ᠳ᠋ᠤ᠌ ᠮᠠᠨᠴᠤᠷᠭ᠎ᠠ ᠬᠠᠯ ᠬᠠᠯ ᠢᠨᠢᠶᠡᠵᠦ᠄ 
       — ᠨᠠᠭᠠᠰᠢ ᠪᠠᠨ ᠰᠠᠭᠤ᠂ ᠰᠠᠭᠤ! ᠬᠠᠯᠠᠭᠤᠨ ᠴᠠᠢ ᠤᠤᠭᠤ! ᠭᠡᠵᠦ ᠬᠣᠪᠣᠩ ᠳᠡᠭᠡᠷ᠎ᠡ ᠲᠠᠯᠪᠢᠭᠰᠠᠨ ᠵᠡᠰ ᠳᠡᠪᠦᠷ᠎ᠡ ᠡᠴᠡ ᠴᠠᠢ ᠠᠶᠠᠭᠠᠯᠠᠨ ᠲᠡᠭᠦᠨ ᠳ᠋ᠦ᠍  ᠪᠠᠷᠢᠪᠠ᠃

– – – – 
① ᠪᠤᠭᠤᠲᠤ ᠶ᠋ᠢᠨ ᠵᠡᠭᠦᠨᠲᠡᠢ ᠡᠭᠴᠡ ᠬᠠᠳᠠ ᠲᠠᠢ ᠠᠭᠤᠯᠠ ᠶ᠋ᠢᠨ ᠡᠩᠭᠡᠷ ᠲᠦ᠍ ᠪᠠᠢᠳᠠᠭ ᠰᠦᠮ᠎ᠡ᠃
② ᠡᠯ ᠾᠧᠢ ᠶᠠᠨ— ᠬᠢᠲᠠᠳ ᠬᠥᠮᠦᠨ᠃ ᠬᠣᠶᠠᠳᠤᠭᠠᠷ ᠬᠠᠷ᠎ᠠ ᠨᠢᠳᠦᠲᠦ ᠭᠡᠰᠡᠨ ᠤᠳᠬ᠎ᠠ ᠲᠠᠢ᠃