ᠦᠷ ᠦᠨ ᠲᠤᠶᠠᠭ᠎ᠠ 1 – ᠪ᠂ ᠷᠢᠨᠴᠢᠨ - ᠲᠡᠷᠢᠬᠦᠨ ᠲᠡᠪᠲᠡᠷ < ᠮᠠᠨᠵᠤ ᠶᠢᠨ ᠳᠠᠯᠬᠢᠨ ᠳᠤ>(ᠨᠠᠢ᠍ᠮᠠ) Үүрийн туяа I – Б ᠂ Ренчин Тэргүүн дэвтэр "<Манжийн талхинд" (8)
ᠨᠠᠢ᠍ᠮᠠ᠂ ᠡᠷᠳᠡᠮᠲᠡᠨ ᠲᠠᠢ ᠤᠴᠠᠷᠠᠬᠤ ᠭᠡᠳᠡᠭ᠂ ᠨᠢᠭᠡᠨ ᠨᠠᠰᠤᠨ ᠤ ᠰᠠᠢᠬᠠᠨ ᠪᠠᠶᠠᠷ ᠳᠤᠷᠠᠰᠬᠠᠯ
ᠪᠠᠢᠭ᠎ᠠ ᠶ᠋ᠢ ᠨᠢ ᠦᠵᠡᠬᠦ ᠳᠤᠰᠤᠮ᠎ᠠ ᠴᠡᠭᠡᠵᠢ ᠳᠦᠭᠦᠷᠡᠩ ᠪᠠᠶᠠᠷᠯᠠᠵᠤ ᠪᠠᠢᠳᠠᠭ ᠰᠠᠨ ᠪᠢᠯᠡ ᠪᠢ᠂
ᠪᠡ᠊᠂ ᠺᠣᠽᠠᠯᠣᠸ ᠂ ᠮᠣᠩᠭᠣᠯ ᠺᠠᠮ ᠬᠣᠶᠠᠷ ᠭᠠᠵᠠᠷ ᠭᠡᠳᠡᠭ
ᠵᠣᠬᠢᠶᠠᠯ ᠳ᠋ᠤ᠌ 1906 ᠣᠨ ᠳ᠋ᠤ᠌ ᠪᠢᠴᠢᠵᠡᠢ᠃
ᠠᠶᠠᠨ ᠬᠢᠭᠰᠡᠨ ᠣᠯᠠᠨ ᠵᠢᠭᠤᠯᠴᠢᠨ ᠬᠠᠷ᠎ᠠ ᠪᠠᠯᠭᠠᠰᠤᠨ ᠳ᠋ᠤ᠌ ᠪᠠᠭᠤᠵᠤ᠂ ᠰᠦᠷᠯᠢᠭ ᠪᠠᠢᠳᠠᠯᠲᠤ ᠡᠷᠲᠡᠨ ᠦ᠌ ᠲᠡᠷᠡ ᠡᠪᠳᠡᠷᠬᠡᠢ ᠪᠠᠯᠭᠠᠰᠤᠨ ᠤ᠋ ᠣᠷᠴᠢᠨ ᠲᠣᠭᠣᠷᠢᠨ ᠬᠥᠮᠦᠨ ᠠᠮᠢᠲᠠᠨ ᠦᠭᠡᠢ ᠡᠵᠡᠭᠦᠢ ᠭᠠᠵᠠᠷ᠂ ᠰᠢᠩᠭᠡᠬᠦ ᠨᠠᠷᠠᠨ ᠤ᠋ ᠭᠡᠷᠡᠯ ᠳ᠋ᠦ᠍ ᠠᠳᠤᠭᠤ ᠲᠡᠮᠡᠭᠡ᠂ ᠣᠷᠣᠰ ᠮᠣᠩᠭᠣᠯ ᠬᠥᠮᠦᠨ ᠪᠤᠵᠢᠭᠢᠨᠠᠨ᠂ ᠠᠷᠪᠠᠳᠤᠭᠠᠷ ᠵᠠᠭᠤᠨ ᠠ᠋ᠴᠠ ᠨᠠᠰᠢ ᠲᠡᠢᠮᠦ ᠶᠡᠬᠡ ᠣᠯᠠᠨ ᠬᠥᠮᠦᠨ ᠦ᠌ ᠬᠥᠯ ᠲᠡᠢ ᠬᠥᠳᠡᠯᠭᠡᠭᠡᠨ ᠢ᠋ ᠦᠵᠡᠭᠡ ᠦᠭᠡᠢ ᠤᠢᠭᠤᠷ ᠤ᠋ᠨ ᠡᠷᠲᠡᠨ ᠦ᠌ ᠲᠡᠷᠡ ᠬᠣᠲᠠ ᠶ᠋ᠢᠨ ᠡᠪᠳᠡᠷᠬᠡᠢ ᠬᠡᠷᠡᠮ ᠪᠠᠯᠭᠠᠰᠤᠨ ᠳ᠋ᠤ᠌ ᠬᠥᠮᠦᠨ ᠠᠮᠢᠲᠠᠨ ᠤ᠋ ᠳᠠᠭᠤᠨ ᠴᠤᠤᠷᠢᠶᠠᠲᠤᠵᠤ᠂ ᠠᠳᠤᠭᠤ ᠤᠩᠭᠤᠯᠳᠠᠬᠤ᠂ ᠲᠡᠮᠡᠭᠡ ᠪᠤᠢᠯᠠᠬᠤ᠂ ᠣᠷᠣᠰ ᠮᠣᠩᠭᠣᠯ ᠦᠭᠡ ᠬᠡᠯᠡᠯᠴᠡᠬᠦ ᠴᠢᠮᠡᠭᠡ ᠰᠣᠨᠣᠰᠳᠠᠵᠠᠢ᠃
ᠳᠠᠷᠠᠰᠤ ᠤᠷᠭᠤᠭᠰᠠᠨ ᠡᠷᠲᠡᠨ ᠦ᠌ ᠳᠠᠯᠠᠩ ᠤ᠋ᠨ ᠳᠣᠲᠣᠷ᠎ᠠ ᠪᠠᠭᠤᠳᠠᠯᠯᠠᠬᠤ ᠭᠠᠵᠠᠷ ᠰᠣᠩᠭᠣᠵᠤ᠂ ᠰᠢᠨᠵᠢᠯᠡᠭᠡᠨ ᠦ᠌ ᠠᠩᠭᠢ ᠶ᠋ᠢᠨ ᠳᠠᠷᠤᠭ᠎ᠠ ᠠᠺᠠᠳᠧᠮᠢᠴᠢ ᠷᠡᠳ᠋ᠯᠦᠸ ᠦ᠋ᠨ ᠭᠡᠷ ᠪᠠᠷᠢᠵᠤ᠂ ᠣᠷᠣᠰ ᠤ᠋ᠨ ᠺᠠᠽᠠᠭ ᠴᠡᠷᠢᠭ ᠦ᠋ᠨ ᠮᠠᠢᠬᠠᠨ᠂ ᠮᠣᠩᠭᠣᠯ ᠡᠷᠢᠶᠡᠨ ᠮᠠᠢᠬᠠᠨ ᠰᠢᠭᠠᠬᠤ ᠵᠠᠪᠰᠠᠷ ᠡᠪᠦᠭᠡᠨ ᠡᠷᠳᠡᠮᠲᠡᠨ ᠵᠠᠯᠠᠭᠤ ᠬᠥᠮᠦᠨ ᠰᠢᠭ ᠭᠠᠪᠰᠢᠭᠠᠢᠯᠠᠵᠤ᠂ ᠡᠷᠲᠡᠨ ᠦ᠌ ᠰᠢᠷᠣᠢ ᠶ᠋ᠢᠨ ᠳᠠᠯᠠᠩ ᠳᠡᠭᠡᠷ᠎ᠡ ᠠᠪᠠᠷᠢᠨ ᠭᠠᠷᠤᠭᠠᠳ᠂
— ᠵᠠ᠂ ᠪᠢᠳᠡ ᠪᠥᠬᠡ ᠬᠠᠭᠠᠨ ᠤ᠋ ᠳ᠋ᠤ᠌ ᠠᠢᠯᠴᠢᠯᠠᠷᠠ ᠢᠷᠡᠯ᠎ᠡ᠃ ᠬᠠᠷ᠎ᠠ ᠪᠠᠯᠭᠠᠰᠤ ᠬᠣᠲᠠ ᠶ᠋ᠢᠨ ᠠᠮᠤᠷ ᠢ᠋ ᠡᠷᠢᠶ᠎ᠡ ᠭᠡᠵᠦ ᠪᠦᠷᠭᠦ ᠮᠠᠯᠠᠭᠠᠢ* ᠪᠠᠨ ᠠᠪᠴᠤ᠂ ᠭᠠᠷ ᠢ᠋ᠶ᠋ᠠᠨ ᠳᠡᠯᠭᠡᠨ ᠶᠣᠰᠣᠯᠠᠵᠤ ᠮᠡᠬᠦᠢᠰᠬᠢᠪᠡ᠃ ᠲᠡᠭᠡᠭᠡᠳ᠂ ᠲᠡᠷᠡ ᠡᠷᠳᠡᠮᠲᠡᠨ ᠲᠤᠰ ᠰᠢᠨᠵᠢᠯᠡᠭᠡᠨ ᠦ᠌ ᠠᠩᠭᠢ ᠲᠠᠢ ᠥᠷᠯᠥᠭᠡ ᠪᠤᠴᠠᠬᠤ ᠵᠠᠮ ᠳ᠋ᠠᠭᠠᠨ ᠨᠡᠢᠯᠡᠭᠰᠡᠨ ᠡᠪᠦᠭᠡᠨ ᠪᠠᠲᠤᠪᠠᠶᠠᠷ ᠠ᠋ᠴᠠ ᠹᠸᠤᠳᠤᠷ ᠤᠰᠤᠺᠢᠨ ᠭᠡᠳᠡᠭ ᠬᠠᠷ᠎ᠠ ᠴᠢᠷᠠᠢ ᠲᠠᠢ ᠤᠷᠢᠶᠠᠩᠬᠠᠢ ᠶ᠋ᠢᠨ ᠰᠣᠶᠣᠩ ᠰᠢᠭ᠋ ᠵᠢᠰᠦ ᠪᠠᠢᠳᠠᠯᠲᠠᠢ ᠬᠡᠯᠡᠮᠦᠷᠴᠢ ᠪᠡᠷ ᠳᠠᠮᠵᠢᠭᠤᠯᠤᠨ᠂
— ᠵᠠ᠂ ᠪᠠᠲᠤᠪᠠᠶᠠᠷ ᠭᠤᠸᠠᠢ ᠮᠢᠨᠢ᠂ ᠡᠨᠡ ᠬᠡᠨ ᠦ᠌ ᠬᠣᠲᠠ ᠪᠠᠢᠭᠰᠠᠨ ᠭᠡᠳᠡᠭ ᠢ᠋ ᠲᠠ ᠮᠡᠳᠡᠬᠦ ᠤᠤ? ᠭᠡᠵᠡᠢ᠃
— ᠰᠣᠨᠣᠰᠪᠠᠯ᠂ ᠬᠥᠮᠦᠨ ᠶᠠᠩᠵᠤ ᠶᠠᠩᠵᠤ ᠬᠡᠯᠡᠯᠴᠡᠳᠡᠭ ᠶᠦᠮ ᠪᠢᠯᠡ᠃ ᠡᠪᠦᠭᠡᠳ ᠦ᠋ᠨ ᠬᠡᠯᠡᠬᠦ ᠪᠡᠷ ᠡᠨᠳᠡ ᠡᠷᠲᠡ ᠴᠠᠭ ᠲᠤ᠌ ᠤᠢᠭᠤᠷ ᠤᠯᠤᠰ ᠤ᠋ᠨ ᠶᠡᠬᠡ ᠬᠣᠲᠠ ᠪᠠᠯᠭᠠᠰᠤ ᠪᠠᠢᠭᠰᠠᠨ ᠶᠤᠮ ᠭᠡᠳᠡᠭ᠃
— ᠤᠤᠬᠠᠢ ᠳᠠ᠂ ᠡᠪᠦᠭᠡᠨ ᠮᠢᠨᠢ᠂ ᠵᠥᠪ ᠵᠥᠪ᠃ ᠲᠡᠷᠡ ᠤᠢᠭᠤᠷ ᠭᠡᠳᠡᠭ ᠴᠢᠨᠢ ᠴᠣᠬᠣᠮ ᠶᠠᠮᠠᠷ ᠤᠯᠤᠰ ᠪᠠᠢᠭᠰᠠᠨ ᠭᠡᠳᠡᠭ ᠪᠣᠢ ? ᠭᠡᠬᠦ ᠳ᠋ᠦ᠍ ᠡᠪᠦᠭᠡᠨ ᠪᠠᠲᠤᠪᠠᠶᠠᠷ ᠥᠴᠢᠷᠦᠨ᠄
— ᠤᠷᠢᠳ ᠴᠠᠭ ᠲᠤ᠌ ᠮᠣᠩᠭᠣᠯᠴᠤᠳ ᠥᠪᠡᠷᠰᠡᠳ ᠢ᠋ᠶ᠋ᠡᠨ ᠮᠣᠩᠭᠣᠯ ᠨᠣᠮ ᠰᠤᠳᠤᠷ ᠲᠠᠢ ᠪᠣᠯᠬᠤ ᠶ᠋ᠢᠨ ᠡᠮᠦᠨ᠎ᠡ ᠤᠢᠭᠤᠷ ᠨᠣᠮ ᠦᠵᠡᠳᠡᠭ ᠪᠠᠢᠭᠰᠠᠨ ᠭᠡᠵᠦ ᠪᠢ ᠬᠠᠭᠤᠴᠢᠨ ᠪᠢᠴᠢᠭ ᠰᠤᠳᠤᠷ ᠲᠤ᠌ ᠦᠵᠡᠭᠰᠡᠨ ᠪᠢᠯᠡ᠃ ᠰᠢᠨᠢᠩ ᠬᠣᠲᠠ ᠳ᠋ᠤ᠌ ᠰᠠᠮᠲᠠᠨᠵᠠᠮᠪᠠ ᠭᠡᠳᠡᠭ᠂ ᠳᠠᠯᠠᠭᠠᠳ ᠬᠥᠮᠦᠨ ᠲᠡᠢ ᠠᠭᠤᠯᠵᠠᠵᠤ ᠰᠣᠨᠣᠰᠪᠠᠯ ᠲᠥᠪᠡᠳ ᠭᠠᠵᠠᠷ ᠮᠣᠩᠭᠣᠯ ᠦᠭᠡ ᠪᠡᠷ ᠬᠡᠯᠡᠯᠴᠡᠳᠡᠭ ᠰᠢᠷ᠎ᠠ ᠤᠢᠭᠤᠷ᠂ ᠮᠥᠨ ᠰᠢᠨᠵᠢᠶᠠᠩ ᠤ᠋ᠨ ᠤᠢᠭᠤᠷ ᠲᠠᠢ ᠲᠥᠰᠦᠭᠡᠲᠡᠢ ᠦᠭᠡ ᠪᠡᠷ ᠬᠡᠯᠡᠯᠴᠡᠳᠡᠭ ᠬᠠᠷ᠎ᠠ ᠤᠢᠭᠤᠷ ᠭᠡᠵᠦ ᠪᠠᠢᠳᠠᠭ ᠶᠤᠮ ᠭᠡᠵᠦ ᠰᠣᠨᠣᠰᠤᠭᠰᠠᠨ᠂ ᠬᠥᠪᠰᠥᠭᠥᠯ ᠳ᠋ᠦ᠍ ᠪᠢ ᠪᠠᠰᠠ ᠴᠠᠭᠠᠳᠠᠨ ᠤᠢᠭᠤᠷ ᠪᠠᠢᠳᠠᠭ ᠢ᠋ ᠦᠵᠡᠭᠰᠡᠨ᠂ ᠥᠩᠭᠡᠷᠡᠭᠰᠡᠨ ᠲᠡᠦᠬᠡ ᠰᠤᠳᠤᠷ ᠢ᠋ᠶ᠋ᠠᠨ ᠮᠡᠳᠡᠳᠡᠭ ᠦᠭᠡᠢ᠂ ᠪᠢᠴᠢᠭ ᠦᠰᠦᠭ ᠦᠭᠡᠢ ᠤᠯᠤᠰ ᠪᠢᠯᠡ᠃ ᠲᠡᠳᠡ ᠪᠠᠰᠠ ᠡᠷᠲᠡᠨ ᠦ᠌ ᠤᠢᠭᠤᠷ ᠤ᠋ᠨ ᠦᠷ᠎ᠡ ᠨᠢ ᠪᠢᠰᠢ ᠪᠠᠢᠭ᠎ᠠ? ᠭᠡᠬᠦ ᠳ᠋ᠦ᠍ᠨᠢ᠂
— ᠮᠠᠭᠠᠳ ᠦᠭᠡᠢ ᠡᠷᠲᠡᠨ ᠦ᠌ ᠤᠢᠭᠤᠷ ᠡᠨᠳᠡ ᠶᠡᠬᠡ ᠳᠡᠭᠡᠷ᠎ᠡ ᠴᠠᠭ ᠲᠤ᠌ ᠴᠢᠩᠭᠢᠰ ᠡᠴᠡ ᠡᠮᠦᠨ᠎ᠡ ᠪᠠᠢᠭᠰᠠᠨ ᠤᠯᠤᠰ᠃ ᠰᠠᠢ᠍ᠢ (ᠰᠠᠶᠢ) ᠶ᠋ᠢᠨ ᠲᠠᠨ ᠤ᠋ ᠬᠡᠯᠡᠭᠰᠡᠨ ᠰᠠᠮᠲᠠᠨᠵᠠᠮᠪᠠ ᠭᠡᠳᠡᠭ ᠲᠡᠷᠡ᠂ ᠶᠠᠮᠠᠷ ᠬᠥᠮᠦᠨ ᠪᠣᠢ ? ᠭᠡᠬᠦ ᠳ᠋ᠦ᠍ᠨᠢ
— ᠭᠠᠵᠠᠷᠴᠢ ᠡᠪᠦᠭᠡᠨ᠃ ᠬᠥᠮᠦᠨ ᠢ᠋ᠶ᠋ᠡᠷ ᠶᠡᠬᠡ ᠰᠠᠢᠨ ᠬᠥᠮᠦᠨ ᠳᠡ ᠮᠢᠨᠦ ᠬᠣᠶᠠᠷ ᠳᠠᠬᠢᠨ ᠠᠭᠤᠯᠵᠠᠵᠤ ᠶᠠᠪᠤᠭᠰᠠᠨ ᠫᠤᠲ᠋ᠠᠨᠢᠨ ᠭᠡᠳᠡᠭ ᠲᠡᠢ ᠪᠠᠰᠠ ᠶᠠᠪᠤᠯᠴᠠᠵᠤ ᠶᠠᠪᠤᠭᠰᠠᠨ ᠭᠡᠬᠦ ᠳ᠋ᠦ᠍ᠨᠢ᠂
— ᠠ᠂ ᠲᠡᠭᠡᠪᠡᠯ ᠡᠷᠳᠡᠮᠲᠡᠨ ᠦ᠌ ᠮᠡᠳᠡᠳᠡᠭ ᠪᠢᠳᠡᠨ ᠦ᠌ ᠰᠠᠮᠲᠠᠨᠵᠠᠮᠪᠠ ᠭᠡᠳᠡᠭ ᠬᠥᠮᠦᠨ ᠰᠢᠪ ᠳᠡ᠃ ᠲᠠ᠂ ᠫᠤᠲ᠋ᠠᠨᠢᠨ ᠤ᠋ ᠠᠪᠠᠭᠠᠢ ᠠᠯᠢᠺᠰᠠᠨᠳ᠋ᠷᠠ ᠸᠠᠰᠢᠯᠸᠸᠨ᠋ᠠ ᠶ᠋ᠢ ᠲᠠᠨᠢᠬᠤ ᠤᠤ?
— ᠲᠠᠨᠢᠨ᠎ᠠ᠂ ᠲᠠᠨᠢᠯ ᠦᠭᠡᠢ ᠶᠠᠭᠠᠬᠢᠬᠤ ᠪᠣᠢ! ᠴᠡᠩᠬᠡᠷ ᠨᠢᠳᠦᠲᠡᠢ᠂ ᠰᠠᠢᠬᠠᠨ ᠰᠠᠨᠠᠭ᠎ᠠ ᠲᠠᠢ᠂ ᠥᠨᠳᠥᠷ ᠠᠪᠠᠭᠠᠢ ᠤᠤ? ᠭᠡᠬᠦ ᠳ᠋ᠦ᠍ᠨᠢ ᠡᠪᠦᠭᠡᠨ ᠡᠷᠳᠡᠮᠲᠡᠨ ᠪᠠᠶᠠᠷᠯᠠᠨ᠂
— ᠮᠥᠨ ᠮᠥᠨ! ᠲᠡᠷᠡ ᠬᠣᠶᠠᠷ᠂ ᠫᠣᠲ᠋ᠠᠨᠢᠨ ᠭᠡᠳᠡᠭ ᠴᠢᠨᠢ ᠦᠨᠡᠬᠡᠷ ᠰᠠᠢᠬᠠᠨ ᠰᠠᠨᠠᠭᠠᠲᠠᠢ ᠤᠯᠤᠰ ᠳᠠ᠃ ᠣᠳᠣ ᠳᠥᠷᠪᠡᠳᠦᠭᠡᠷ ᠤᠳᠠᠭ᠎ᠠ ᠪᠠᠨ ᠰᠢᠨᠵᠢᠯᠡᠭᠡᠨ ᠦ᠌ ᠠᠶᠠᠨ ᠬᠢᠬᠦ ᠭᠡᠵᠦ ᠪᠠᠢᠭ᠎ᠠ ᠳᠠ᠃ ᠪᠠᠢᠵᠠ᠂ ᠲᠡᠷᠡ ᠶᠠᠭᠤ ᠪᠣᠢ? ᠭᠡᠷᠡᠯᠲᠦ ᠬᠥᠰᠢᠶ᠎ᠡ ᠪᠠᠢᠨᠠᠤ? ᠭᠡᠳ ᠡᠪᠦᠭᠡᠨ ᠡᠷᠳᠡᠮᠲᠡᠨ ᠪᠢᠴᠢᠭ ᠦᠰᠦᠭ ᠪᠦᠬᠦᠢ ᠨᠢᠭᠡ ᠲᠣᠮᠣ ᠪᠣᠷᠵᠢᠨ ᠴᠢᠯᠠᠭᠤᠨ ᠬᠥᠰᠢᠶ᠎ᠡ ᠶ᠋ᠢᠨ ᠵᠦᠭ ᠶᠡᠬᠡ ᠶᠡᠬᠡᠪᠡᠷ ᠠᠯᠬᠤᠵᠤ ᠣᠴᠢᠭᠠᠳ᠂
— ᠵᠠ ᠪᠠᠲᠤᠪᠠᠶᠠᠷ ᠭᠤᠸᠠᠢ ᠡᠨᠡ ᠪᠣᠯ ᠤᠢᠭᠤᠷ ᠦᠰᠦᠭ᠂ ᠲᠠᠨ ᠤ᠋ ᠮᠣᠩᠭᠣᠯ ᠦᠰᠦᠭ ᠲᠡᠢ ᠨᠡᠯᠢᠶᠡᠳ ᠲᠥᠰᠦᠭᠡᠲᠡᠢ ᠪᠢᠵᠡ? ᠡᠨᠡ ᠬᠢᠲᠠᠳ ᠦᠰᠦᠭ᠃ ᠡᠨᠡ ᠷᠢᠮ ᠦ᠋ᠨ ᠦᠰᠦᠭ ᠭᠡᠳᠡᠭ ᠦᠰᠦᠭ ᠭᠡᠵᠦ ᠬᠡᠯᠡᠮᠦᠷᠴᠢ ᠪᠡᠷ ᠬᠡᠯᠡᠭᠦᠯᠵᠦ ᠶᠠᠷᠢᠯᠴᠠᠲᠠᠯᠠ (ᠲᠡᠷᠡ ᠬᠡᠯᠡᠮᠦᠷᠴᠢ ᠨᠢ᠂ ᠬᠥᠮᠦᠨ ᠦ᠌ ᠠᠮᠤᠷ ᠮᠡᠨᠳᠦ ᠶ᠋ᠢ ᠠᠰᠠᠭᠤᠬᠤ᠂ ᠶᠠᠪᠤᠬᠤ ᠵᠠᠮ᠂ ᠭᠠᠵᠠᠷ ᠤᠰᠤᠨ ᠤ᠋ ᠨᠡᠷ᠎ᠡ ᠲᠡᠳᠦᠢ ᠶ᠋ᠢ ᠯᠠᠪᠯᠠᠬᠤ ᠲᠤᠯᠭ᠎ᠠ ᠲᠣᠭᠣᠷᠢᠭᠰᠠᠨ ᠴᠥᠭᠡᠨ ᠦᠭᠡ ᠲᠡᠢ ᠬᠥᠮᠦᠨ ᠪᠠᠢᠭᠠᠳ᠂ ᠮᠣᠩᠭᠣᠯ ᠪᠢᠴᠢᠭ ᠰᠤᠳᠤᠷ ᠨᠡᠯᠢᠶᠡᠳ ᠦᠵᠡᠭᠰᠡᠨ ᠡᠪᠦᠭᠡᠨ ᠮᠠᠯᠴᠢᠨ ᠪᠠᠲᠤᠪᠠᠶᠠᠷ᠂ ᠲᠡᠷᠡ ᠡᠷᠳᠡᠮᠲᠡᠨ ᠬᠣᠶᠠᠷ ᠤ᠋ᠨ ᠪᠡᠶ᠎ᠡ ᠪᠡᠶ᠎ᠡ ᠡᠴᠡ ᠰᠣᠨᠢᠷᠬᠠᠨ ᠠᠰᠠᠭᠤᠯᠴᠠᠬᠤ ᠰᠡᠳᠦᠪ ᠢ᠋ ᠤᠷᠢᠳ ᠡᠮᠦᠨ᠎ᠡ ᠬᠡᠯᠡᠮᠦᠷᠴᠢᠯᠡᠬᠦ ᠪᠠᠢᠲᠤᠭᠠᠢ ᠬᠣᠶᠠᠷ ᠡᠪᠦᠭᠡᠨ ᠦ᠌ ᠠᠰᠠᠭᠤᠭᠰᠠᠨ ᠬᠠᠷᠢᠭᠤᠯᠤᠭᠰᠠᠨ ᠢ᠋ ᠨᠡᠪᠲᠡᠷᠡᠭᠦᠯᠬᠦ ᠮᠣᠩᠭᠣᠯ ᠣᠷᠣᠰ ᠠᠯᠢᠴᠤ(ᠠᠯᠢ ᠴᠤ᠌)ᠦᠭᠡ ᠨᠢ ᠬᠦᠷᠦᠯᠴᠡᠬᠦ ᠦᠭᠡᠢ ᠲᠡᠷᠡ ᠡᠳᠦᠷ ᠨᠡᠯᠢᠶᠡᠳ ᠰᠠᠨᠳᠤᠷᠤᠨ ᠲᠡᠪᠡᠳᠡᠵᠦ ᠪᠠᠢᠭᠰᠠᠨ ᠢ᠋ᠶ᠋ᠠᠨ᠂
— ᠳᠠᠷᠤᠭ᠎ᠠ ᠠ᠋᠂ ᠲᠠᠨ ᠤ᠋ ᠭᠡᠷ ᠢ᠋ ᠪᠠᠷᠢᠵᠤ ᠭᠦᠢᠴᠡᠵᠡᠢ᠃ ᠪᠠᠰᠠ ᠨᠤᠲᠤᠭ ᠤ᠋ᠨ ᠠᠷᠠᠳ ᠤ᠋ᠳ ᠠᠶᠠᠨ ᠤ᠋ ᠤᠯᠤᠰ ᠢᠷᠡᠭᠰᠡᠨ ᠢ ᠦᠵᠡᠭᠡᠳ᠂ ᠪᠢᠳᠡᠨ ᠦ᠌ ᠠᠮᠤᠷ ᠢ᠋ ᠠᠰᠠᠭᠤᠬᠤ ᠭᠡᠵᠦ ᠠᠢᠰᠤᠢ ᠪᠣᠯᠤᠯᠲᠠᠢ ᠭᠡᠬᠦ ᠳ᠋ᠦ᠍ᠨᠢ᠂
— ᠵᠠ᠂ ᠲᠡᠭᠡᠪᠡᠯ ᠶᠠᠪᠤᠶ᠎ᠠ᠃ ᠵᠣᠴᠢᠳ ᠢ᠋ ᠮᠢᠨᠦ ᠭᠡᠷ ᠲᠦ᠍ ᠤᠷᠢ ᠭᠡᠵᠦ ᠬᠡᠯᠡᠭᠡᠳ ᠡᠪᠦᠭᠡᠨ ᠡᠷᠳᠡᠮᠲᠡᠨ᠂ ᠲᠡᠷᠡ ᠬᠠᠪᠢ ᠶ᠋ᠢᠨ ᠠᠢᠯ ᠠ᠋ᠴᠠ᠂ ᠮᠣᠩᠭᠣᠯ ᠤ᠋ᠨ ᠨᠠᠢᠷᠲᠠᠢ ᠡᠯᠢᠭᠡᠰᠡᠭ ᠰᠠᠢᠬᠠᠨ ᠶᠣᠰᠣᠭᠠᠷ ᠠᠶᠠᠨ ᠵᠠᠮ ᠤ᠋ᠨ ᠡᠴᠡᠵᠦ ᠵᠦᠳᠡᠭᠰᠡᠨ ᠬᠥᠮᠦᠨ ᠳ᠋ᠦ᠍ ᠬᠠᠯᠠᠭᠤᠨ ᠴᠠᠢ ᠤᠮᠳᠠ᠂ ᠪᠢᠰᠢᠯᠠᠭ᠂ ᠥᠷᠥᠮ᠎ᠡ ᠬᠤᠷᠤᠳ ᠤ᠋ᠨ ᠵᠡᠷᠭᠡ ᠴᠠᠭᠠᠨ ᠢᠳᠡᠭᠡ ᠪᠠᠷᠢᠬᠤ ᠭᠡᠵᠦ ᠳᠠᠪᠬᠢᠯᠳᠤᠨ ᠢᠷᠡᠭᠰᠡᠨ ᠬᠡᠳᠦᠨ ᠮᠠᠯᠴᠢᠨ ᠡᠪᠦᠭᠡᠨ ᠢ᠋ ᠳᠠᠭᠠᠭᠤᠯᠵᠤ᠂ ᠰᠠᠢ᠍ᠢ(ᠰᠠᠶᠢ) ᠪᠠᠷᠢᠵᠤ ᠭᠦᠢᠴᠡᠭᠰᠡᠨ ᠭᠡᠷ ᠲᠡᠭᠡᠨ ᠣᠷᠣᠬᠤ ᠳ᠋ᠤᠨᠢ ᠨᠤᠲᠤᠭ ᠤ᠋ᠨ ᠲᠡᠷᠡ ᠡᠪᠦᠭᠡᠳ ᠦ᠋ᠨ ᠳᠤᠮᠳᠠ ᠠ᠋ᠴᠠ ᠬᠣᠶᠠᠷ ᠰᠡᠴᠡᠷ ᠤᠷᠤᠭᠤᠯ ᠢ᠋ᠶ᠋ᠠᠨ ᠬᠤᠰᠤᠵᠤ ᠭᠠᠭᠴᠠ᠂ ᠬᠣᠶᠠᠷ ᠴᠢᠬᠢᠨ ᠡᠴᠡ ᠡᠷᠡᠦ ᠳᠣᠭᠤᠤᠷ ᠢ᠋ᠶ᠋ᠠᠨ ᠬᠤᠤᠵᠠ ᠰᠠᠬᠠᠯ ᠲᠠᠯᠪᠢᠭᠰᠠᠨ ᠨᠢᠭᠡᠨ ᠠᠬᠠᠮᠠᠳ ᠡᠪᠦᠭᠡᠨ᠂
— ᠣᠷᠣᠰ ᠡᠷᠳᠡᠮᠲᠡᠨ᠂ ᠮᠠᠨ ᠤ᠋ ᠡᠨᠡ ᠯᠥ ( ᠤᠷᠤᠭᠤ) ᠢᠷᠡᠵᠦ ᠶᠠᠪᠤᠭ᠎ᠠ ᠭᠡᠵᠦ ᠰᠤᠷᠠᠭ ᠰᠣᠨᠣᠰᠤᠭᠠᠳ᠂ ᠲᠠ ᠪᠦᠭᠦᠳᠡ ᠲᠡᠢ ᠨᠢᠭᠤᠷ ᠵᠣᠯᠭᠠᠬᠤ ᠭᠡᠵᠦ ᠢᠷᠡᠯ᠎ᠡ᠃ ᠪᠢᠳᠡ᠂ ᠬᠡᠳᠦᠨ ᠬᠣᠨᠢ ᠮᠠᠯ ᠢ᠋ᠶ᠋ᠠᠨ ᠯᠠ ᠳᠠᠭᠠᠵᠤ ᠶᠠᠪᠤᠳᠠᠭ᠂ ᠡᠮᠡᠭᠡᠯ ᠦ᠋ᠨ ᠪᠦᠭᠦᠷᠭᠡ ᠡᠴᠡ ᠥᠨᠳᠥᠷ ᠳᠠᠪᠠᠭ᠎ᠠ ᠳᠠᠪᠠᠵᠤ ᠦᠵᠡᠭᠡ ᠦᠭᠡᠢ᠂ ᠡᠷᠳᠡᠮ ᠨᠣᠮ ᠦᠭᠡᠢ ᠤᠯᠤᠰ ᠠ᠋᠃ ᠬᠥᠮᠦᠨ ᠲᠡᠢ ᠦᠭᠡ ᠴᠦ᠍ ᠰᠣᠯᠢᠵᠤ ᠴᠢᠳᠠᠬᠤ ᠦᠭᠡᠢ ᠰᠢᠬᠠᠭᠤ᠂ ᠪᠠᠯᠴᠢᠷ ᠬᠡᠦᠬᠡᠳ ᠰᠢᠭ ᠳᠡᠮᠡᠢ ᠶᠠᠭᠤᠮ᠎ᠠ ᠱᠣᠯᠭᠠᠨᠠᠵᠤ( ᠱᠤᠯᠤᠭᠠᠨᠠᠵᠤ) ᠪᠠᠢᠳᠠᠭ ᠠᠮᠢᠲᠠᠨ ᠪᠣᠯᠪᠠᠴᠤ᠂ ᠡᠷᠳᠡᠮᠲᠡᠨ ᠢ᠋ ᠶᠡᠬᠡᠯ᠎ᠡ( ᠶᠡᠬᠡ ᠯᠡ) ᠬᠦᠨᠳᠦᠳᠬᠡᠳᠡᠭ ᠶᠦᠮ ᠳᠡ᠃ ᠲᠠ ᠪᠦᠬᠦᠨ ᠢ᠋ ᠮᠣᠷᠢᠯᠠᠵᠤ ᠢᠷᠡᠭᠰᠡᠨ ᠭᠡᠵᠦ ᠰᠣᠨᠣᠰᠤᠭᠠᠳ᠂ ᠴᠢᠳᠠᠬᠤ ᠴᠢᠨᠡᠭᠡᠪᠡᠷ (ᠴᠢᠨᠡᠭᠡ ᠪᠡᠷ) ᠢ᠋ᠶ᠋ᠡᠨ ᠲᠤᠰᠠᠯᠠᠶ᠎ᠠ ᠭᠡᠵᠦ ᠢᠷᠡᠯ᠎ᠡ᠃ ᠡᠨᠡ ᠵᠢᠯ ᠵᠤᠨᠰᠢᠯᠭᠠ ᠰᠠᠢᠲᠠᠢ᠂ ᠰᠦ ᠰᠠᠭᠠᠯᠢ ᠡᠯᠪᠡᠭ ᠪᠠᠢᠨ᠎ᠠ᠃ ᠥᠷᠯᠥᠭᠡ ᠪᠦᠷᠢ ᠮᠠᠨᠠᠢᠬᠢᠨ ᠠ᠋ᠴᠠ ᠰᠦ ᠠᠪᠤᠶ᠎ᠠ ᠭᠡᠪᠡᠯ᠂ ᠠᠪᠴᠤ ᠪᠣᠯᠤᠨ᠎ᠠ᠃ ᠦᠭᠡᠢ ᠪᠣᠯ᠂ ᠪᠢᠳᠡ ᠬᠦᠷᠭᠡᠵᠦ ᠢᠷᠡᠭᠰᠡᠨ ᠴᠦ᠍ ᠪᠣᠯᠤᠨ᠎ᠠ ᠭᠡᠵᠦ ᠬᠡᠯᠡᠪᠡ᠃
— ᠶᠡᠬᠡ ᠪᠠᠶᠠᠷᠯᠠᠯ᠎ᠠ᠂ ᠡᠪᠦᠭᠡᠨ ᠠᠬ᠎ᠠ ᠳᠡᠭᠦᠦ ᠨᠠᠷ ᠮᠢᠨᠢ᠃ ᠪᠢᠳᠡ ᠲᠠᠨᠠᠢᠬᠢᠨ ᠠ᠋ᠴᠠ ᠰᠦ ᠠᠪᠴᠤ ᠪᠠᠢᠶ᠎ᠠ ᠭᠡᠬᠦ ᠳ᠋ᠦ᠍ᠨᠢ ᠲᠡᠷᠡ ᠡᠪᠦᠭᠡᠨ ᠥᠭᠦᠯᠡᠷᠦᠨ᠂
— ᠳᠡ ᠬᠦᠷᠢᠶᠡᠨ ᠦ᠌ ᠮᠠᠨᠵᠤ ᠨᠣᠶᠠᠳ ᠠᠮᠪᠠᠰ᠂ ᠲᠠ ᠪᠦᠬᠦᠨ ᠳ᠋ᠦ᠍ ᠶᠠᠭᠤᠮ᠎ᠠ ᠪᠢᠲᠡᠭᠡᠢ ᠵᠢᠭᠠᠵᠤ ᠥᠭ ᠭᠡᠵᠦ ᠳᠠᠯᠳᠠᠭᠤᠷ ᠲᠤᠰᠢᠶᠠᠵᠠᠢ᠃ ᠰᠣᠨᠣᠰᠪᠠᠯ᠂ ᠠᠯᠪᠠᠨ ᠨᠢ ᠬᠥᠮᠦᠨ ᠭᠠᠷᠭᠠᠵᠤ᠂ ᠲᠠ ᠪᠦᠬᠦᠨ ᠢ᠋ ᠪᠢᠲᠡᠭᠦᠦ ᠪᠡᠷ ᠵᠠᠩᠰᠢᠯᠠᠨ ᠠᠵᠢᠬᠤ ᠭᠡᠵᠦ ᠪᠠᠢᠭ᠎ᠠ ᠰᠤᠷᠠᠭ ᠪᠣᠢ᠃ ᠲᠡᠭᠡᠭᠰᠡᠨ ᠴᠦ᠍ ᠲᠠ ᠨᠠᠷ᠂ ᠡᠷᠲᠡᠨ ᠦ᠌ ᠪᠠᠯᠭᠠᠰᠤ᠂ ᠪᠤᠯᠠᠰᠢ ᠬᠢᠷᠬᠡᠰ ᠬᠡᠭᠦᠷ ᠬᠠᠮᠢᠭ᠎ᠠ ᠬᠠᠮᠢᠭ᠎ᠠ ᠪᠠᠢᠳᠠᠭ ᠢ᠋ ᠮᠡᠳᠡᠶ᠎ᠡ ᠭᠡᠪᠡᠯ᠂ ᠪᠢᠳᠡ ᠮᠡᠳᠡᠭᠰᠡᠨ ᠢ᠋ᠶ᠋ᠡᠨ ᠰᠡᠮᠡᠭᠡᠷᠬᠡᠨ ᠵᠢᠭᠠᠵᠤ ᠥᠭᠭᠦᠨ᠎ᠡ᠃ ᠲᠠᠨᠠᠷ(ᠲᠠ ᠨᠠᠷ) ᠢ᠋ ᠡᠷᠳᠡᠮᠲᠡᠨ ᠤᠯᠤᠰ᠂ ᠲᠦᠮᠡᠨ ᠦ᠌ ᠭᠠᠵᠠᠷ ᠠ᠋ᠴᠠ ᠰᠢᠨᠤᠬᠠᠢ ᠬᠢᠲᠠᠳ ᠬᠤᠳᠠᠯᠳᠤᠭᠠᠴᠢᠨ᠂ ᠮᠥᠩᠭᠥ ᠬᠦᠦᠯᠡᠭᠴᠢᠳ᠂ ᠬᠠᠷᠭᠢᠰ ᠮᠠᠨᠵᠤ ᠲᠦᠰᠢᠮᠡᠳ ᠰᠢᠭ ᠬᠤᠪᠢ ᠶ᠋ᠢᠨ ᠠᠰᠢᠭ ᠵᠠᠪᠰᠢᠶᠠᠨ ᠤ᠋ ᠬᠣᠢᠨ᠎ᠠ ᠠ᠋ᠴᠠ ᠢᠷᠡᠭᠰᠡᠨ ᠤᠯᠤᠰ ᠪᠢᠰᠢ ᠭᠡᠳᠡᠭ ᠢ᠋ ᠪᠢᠳᠡ ᠮᠡᠳᠡᠵᠦ ᠪᠠᠢᠨ᠎ᠠ᠃ ᠥᠲᠡᠯ᠎ᠡ ᠮᠠᠯᠴᠢᠨ ᠪᠢᠳᠡ᠂ ᠲᠠ ᠪᠦᠬᠦᠨ ᠳ᠋ᠦ᠍ ᠶᠡᠬᠡᠯ᠎ᠡ(ᠶᠡᠬᠡ ᠯᠡ) ᠳᠣᠲᠣᠨᠣ ᠡᠯᠢᠭᠡ ᠲᠡᠢ ᠭᠡᠵᠦ ᠮᠡᠳᠡᠭᠡᠷᠡᠢ ᠭᠡᠬᠦ ᠳ᠋ᠦ᠍ᠨᠢ ᠡᠪᠦᠭᠡᠨ ᠡᠷᠳᠡᠮᠲᠡᠨ ᠥᠭᠦᠯᠡᠷᠦᠨ᠂
— ᠮᠠᠨ ᠤ᠋ ᠵᠣᠷᠢᠯᠲᠠ ᠶ᠋ᠢᠨ ᠤᠴᠢᠷ ᠢ᠋ ᠵᠥᠪ ᠵᠦᠢ ᠲᠡᠢ ᠪᠡᠷ ᠮᠡᠳᠡᠭᠰᠡᠨ ᠲᠠᠨᠢ ᠰᠠᠢᠨ ᠪᠠᠢᠨ᠎ᠠ᠃ ᠮᠠᠨ ᠤ᠋ ᠣᠷᠣᠰ ᠭᠠᠵᠠᠷ ᠤ᠋ᠨ ᠢᠳᠡᠭᠡ ᠪᠣᠣᠪᠣ ᠠ᠋ᠴᠠ ᠠᠮᠰᠠᠵᠤ ᠦᠵᠡ᠂ ᠲᠠ ᠮᠢᠨᠢ ᠭᠡᠵᠦ ᠡᠪᠦᠭᠡᠳ ᠢ᠋ ᠵᠣᠴᠢᠯᠠᠨ᠂ ᠲᠠ ᠪᠦᠬᠦᠨ ᠦ᠌ ᠦᠭᠡ ᠵᠥᠪ᠃ ᠪᠢᠳᠡ᠂ ᠠᠰᠢᠭ ᠵᠠᠪᠰᠢᠶᠠᠨ ᠡᠷᠢᠵᠦ ᠢᠷᠡᠭᠰᠡᠨ ᠤᠯᠤᠰ ᠪᠢᠰᠢ᠂ ᠳᠡᠯᠡᠬᠡᠢ ᠳ᠋ᠠᠬᠢᠨ ᠤ᠋ ᠰᠢᠨᠵᠢᠯᠡᠬᠦ ᠤᠬᠠᠭᠠᠨ᠂ ᠬᠥᠮᠦᠨ ᠲᠥᠷᠥᠯᠬᠢᠲᠡᠨ ᠦ᠌ ᠰᠣᠶᠣᠯ ᠲᠡᠦᠬᠡᠨ ᠳ᠋ᠦ᠍ ᠴᠢᠬᠤᠯᠠ ᠬᠣᠯᠪᠣᠭᠳᠠᠯᠲᠠᠢ ᠲᠡᠦᠬᠡ ᠶ᠋ᠢᠨ ᠳᠤᠷᠠᠰᠬᠠᠯᠲᠤ ᠵᠦᠢᠯ ᠲᠠᠨ ᠤ᠋ ᠤᠯᠤᠰ ᠲᠤ᠌ ᠪᠠᠢᠭ᠎ᠠ ᠶ᠋ᠢ ᠰᠢᠨᠵᠢᠯᠡᠵᠦ ᠰᠤᠳᠤᠯᠬᠤ ᠵᠣᠷᠢᠯᠭ᠎ᠠ ᠲᠠᠢ ᠢᠷᠡᠭᠰᠡᠨ ᠤᠯᠤᠰ ᠶᠤᠮ᠃ ᠵᠠ᠂ ᠹᠸᠤᠳ᠋ᠤᠷ ᠮᠢᠨᠢ᠂ ᠮᠢᠨᠦ ᠡᠨᠡ ᠦᠭᠡ ᠶ᠋ᠢ ᠬᠥᠮᠦᠨ ᠦ᠌ ᠤᠬᠠᠭᠠᠷᠠᠮᠠᠷ ᠠᠶᠠᠲᠠᠢᠬᠠᠨ ᠬᠡᠯᠡᠮᠦᠷᠴᠢᠯᠡᠵᠦ ᠦᠵᠡ ᠳᠡ ᠭᠡᠬᠦ ᠳ᠋ᠦ᠍ᠨᠢ᠂
— ᠵᠠ᠂ ᠳᠠᠷᠤᠭ᠎ᠠ ᠮᠢᠨᠢ ᠬᠢᠴᠢᠶᠡᠶ᠎ᠡ᠃ ᠭᠠᠭᠴᠠᠬᠠᠨ᠂ ᠤᠷᠢᠳ ᠡᠮᠦᠨ᠎ᠡ ᠨᠢ ᠰᠣᠨᠣᠰᠴᠤ ᠰᠤᠷᠤᠭ᠎ᠠ ᠦᠭᠡᠢ ᠬᠡᠴᠡᠭᠦᠦ ᠦᠭᠡ ᠪᠠᠢᠨ᠎ᠠ᠃ ᠶᠠᠭᠠᠬᠢᠵᠤ ᠬᠡᠯᠡ ᠵᠠᠯᠭᠠᠵᠤ ᠥᠭᠭᠦᠶ᠎ᠡ ᠳᠡ ᠭᠡᠵᠦ ᠬᠡᠯᠡᠮᠦᠷᠴᠢᠯᠡᠬᠦ ᠳ᠋ᠦ᠍ᠨᠢ ᠲᠡᠷᠡ ᠬᠡᠳᠦᠨ ᠡᠪᠦᠭᠡᠳ ᠦ᠋ᠨ ᠬᠠᠮᠤᠭ ᠤ᠋ᠨ ᠳᠣᠣᠷ᠎ᠠ᠂ ᠡᠭᠦᠳᠡᠨ ᠲᠤᠰᠢᠶ᠎ᠠ ᠰᠠᠭᠤᠵᠤ ᠪᠠᠢᠭᠰᠠᠨ ᠬᠠᠮᠤᠭ ᠤ᠋ᠨ ᠳᠡᠭᠦᠦᠮᠡᠳ ᠡᠪᠦᠭᠡᠨ᠂
— ᠡᠷᠬᠢᠮ ᠡᠷᠳᠡᠮᠲᠡᠨ᠂ ᠮᠠᠯ ᠣᠯᠠᠨ ᠲᠠᠢ ᠤᠤ ᠭᠡᠵᠦ ᠰᠣᠨᠢᠷᠬᠠᠵᠠᠢ᠃
— ᠮᠠᠯ ᠶᠠᠭᠤ ᠴᠤ᠌ ᠪᠠᠢᠳᠠᠭ ᠦᠭᠡᠢ᠂ ᠶᠠᠭᠤ ᠪᠠᠷ ᠪᠠᠶᠠᠨ ᠪᠣᠢ ? ᠭᠡᠪᠡᠯ ᠭᠠᠭᠴᠠ ᠨᠣᠮ ᠪᠢᠴᠢᠭ ᠢ᠋ᠶ᠋ᠡᠷ ᠯᠡ ᠪᠠᠶᠠᠨ ᠳᠠ ᠭᠡᠬᠦ ᠳ᠋ᠦ᠍ᠨᠢ᠂
— ᠵᠠ! ᠡᠷᠬᠢᠮ ᠪᠠᠶᠠᠨ ᠡᠷᠳᠡᠮ᠂ ᠳᠤᠮᠳᠠ ᠪᠠᠶᠠᠨ ᠥᠨᠢᠷ᠂ ᠠᠳᠠᠭ ᠪᠠᠶᠠᠨ ᠠᠳᠤᠭᠤ ᠮᠠᠯ ᠭᠡᠵᠦ ᠮᠠᠨ ᠤ᠋ ᠬᠠᠭᠤᠴᠢᠨ ᠤ᠋ ᠦᠭᠡᠨ ᠳ᠋ᠦ᠍ ᠪᠠᠢᠳᠠᠭ ᠨᠢ ᠦᠨᠡᠨ ᠶᠦᠮ ᠪᠠᠢᠨ᠎ᠠ ᠰᠢᠦ ᠳᠡ ᠭᠡᠬᠦ ᠳ᠋ᠦ᠍ᠨᠢ᠂
— ᠶᠡᠬᠡ ᠰᠡᠴᠡᠨ ᠰᠠᠢᠬᠠᠨ ᠦᠭᠡ ᠪᠠᠢᠨ᠎ᠠ ᠭᠡᠵᠦ ᠡᠪᠦᠭᠡᠨ ᠡᠷᠳᠡᠮᠲᠡᠨ ᠢᠨᠢᠶᠡᠮᠰᠦᠭᠯᠡᠨ ᠪᠠᠶᠠᠷᠯᠠᠵᠤ᠂ ᠬᠡᠯᠡᠮᠦᠷᠴᠢ ᠶ᠋ᠢᠨ ᠵᠦᠭ ᠥᠭᠦᠯᠡᠷᠦᠨ᠂ ᠵᠠ ᠴᠢ ᠮᠢᠨᠢ᠂ ᠡᠨᠡ ᠡᠪᠦᠭᠡᠳ ᠦ᠋ᠨ ᠪᠢᠳᠡᠨ ᠢ᠋ ᠵᠣᠴᠢᠯᠠᠵᠤ᠂ ᠴᠠᠢ ᠢᠳᠡᠭᠡ ᠪᠡᠷ ᠬᠦᠨᠳᠦᠯᠡᠭᠰᠡᠨ ᠦ᠌ ᠬᠠᠷᠢᠭᠤ ᠳ᠋ᠤ᠌ ᠬᠠᠳᠠᠭ ᠪᠠᠷᠢᠵᠤ ᠪᠠᠶᠠᠷ ᠬᠦᠷᠭᠡ᠂ ᠵᠠ ᠪᠠᠢᠵᠤ ᠤᠤ ᠁᠁ ᠡᠨᠡ ᠠᠬᠠᠮᠠᠳ ᠡᠪᠦᠭᠡᠨ ᠳ᠋ᠦ᠍ᠨᠢ ᠤᠴᠠᠷᠠᠭᠰᠠᠨ ᠤ᠋ ᠪᠠᠶᠠᠷ ᠭᠡᠵᠦ ᠶᠠᠭᠤ ᠪᠡᠯᠡᠭᠯᠡᠳᠡᠭ ᠪᠢᠯᠡ ᠳᠠ ᠭᠡᠲᠡᠯ᠎ᠡ᠂ ᠬᠡᠯᠡᠮᠦᠷᠴᠢ ᠨᠢ᠂
— ᠭᠠᠯᠲᠤ ᠰᠢᠯ ᠪᠡᠯᠡᠭᠯᠡᠪᠡᠯ᠂ ᠮᠣᠩᠭᠣᠯᠴᠤᠳ ᠶᠡᠬᠡ ᠰᠣᠨᠢᠨ ᠶᠠᠭᠤᠮ᠎ᠠ ᠪᠣᠯᠭᠠᠬᠤ ᠪᠠᠢᠬᠤ ᠭᠡᠵᠡᠢ᠃
— ᠦᠨᠡᠷᠡᠨ ᠲᠡᠢᠮᠦ᠂ ᠨᠠᠳᠠᠳᠤ ᠪᠠᠰᠠ ᠢᠯᠡᠭᠦᠦ ᠨᠢᠭᠡ ᠰᠢᠯ ᠬᠠᠳᠠᠭᠠᠯᠠᠰᠤᠲᠠᠢ ᠪᠣᠢ ᠰᠢᠦ᠃ ᠵᠠ᠂ ᠡᠪᠦᠭᠡᠨ ᠠᠬ᠎ᠠ ᠮᠢᠨᠢ᠂ ᠮᠠᠨ ᠤ᠋ ᠰᠢᠨᠵᠢᠯᠡᠭᠡᠨ ᠦ᠌ ᠠᠩᠭᠢ ᠶ᠋ᠢᠨ ᠬᠢᠨ ᠡᠴᠡ ᠲᠠᠨ ᠲᠠᠢ ᠤᠴᠠᠷᠠᠨ ᠵᠣᠯᠭᠠᠭᠰᠠᠨ ᠤ᠋ ᠪᠡᠯᠡᠭ ᠪᠣᠯᠭᠠᠶ᠎ᠠ ᠭᠡᠵᠦ ᠲᠡᠷᠡ ᠭᠠᠯᠲᠤ ᠰᠢᠯ ᠢ᠋ ᠡᠪᠦᠭᠡᠨ ᠳ᠋ᠦ᠍ ᠥᠭᠬᠦ ᠳ᠋ᠦ᠍ᠨᠢ᠂ ᠠᠪᠤᠭᠠᠳ ᠶᠡᠬᠡᠳᠡ ᠬᠦᠨᠳᠦᠳᠬᠡᠭᠰᠡᠨ ᠢ᠋ ᠦᠵᠡᠭᠦᠯᠵᠦ ᠠᠳᠢᠰ ᠠᠪᠴᠤ ᠥᠭᠦᠯᠡᠷᠦᠨ᠂
— ᠣᠷᠣᠰ ᠤ᠋ᠨ ᠭᠠᠯᠲᠤ ᠰᠢᠯ ᠡᠭᠦᠨ ᠢ᠋ ᠮᠢᠨᠦ ᠠᠴᠢ ᠦᠷ᠎ᠡ ᠮᠢᠨᠢ᠂ ᠡᠴᠢᠭᠡ ᠡᠪᠦᠭᠡᠳ ᠢ᠋ᠶ᠋ᠡᠨ ᠣᠷᠣᠰ ᠡᠷᠳᠡᠮᠲᠡᠨ ᠲᠡᠢ ᠨᠠᠢᠷᠲᠠᠢ ᠰᠠᠢᠬᠠᠨ ᠶᠠᠪᠤᠭᠰᠠᠨ ᠤ᠋ ᠳᠤᠷᠠᠰᠬᠠᠯ ᠪᠣᠯᠭᠠᠵᠤ ᠬᠠᠳᠠᠭᠠᠯᠠᠨ᠎ᠠ᠃ ᠵᠢᠭᠤᠯᠴᠢᠨ ᠲᠢᠮᠺᠤᠪᠰᠺᠢ ᠶ᠋ᠢᠨ᠂ ᠮᠢᠨᠦ ᠡᠪᠦᠭᠡ ᠡᠴᠢᠭᠡ ᠳ᠋ᠦ᠍ ᠲᠡᠮᠦᠷ ᠯᠤᠤ ᠵᠢᠯ ᠪᠡᠯᠡᠭ ᠦᠭᠭᠦᠭᠰᠡᠨ ᠣᠷᠣᠰ ᠰᠡᠯᠡᠮ᠎ᠡ᠂ ᠣᠳᠣ ᠬᠦᠷᠲᠡᠯ᠎ᠡ ᠮᠠᠨᠠᠢᠳᠤ (ᠮᠠᠨ ᠤ᠋ ᠳ᠋ᠤ᠌) ᠪᠠᠢᠳᠠᠭ ᠭᠡᠬᠦ ᠳ᠋ᠦ᠍ᠨᠢ᠂
— ᠲᠢᠮᠺᠤᠪᠰᠺᠢ ᠤᠤ ? ᠲᠡᠭᠡᠪᠡᠯ 1820 ᠣᠨ ᠳ᠋ᠤ᠌ ᠲᠠᠨ ᠤ᠋ ᠡᠪᠦᠭᠡ ᠡᠴᠢᠭᠡ ᠳ᠋ᠦ᠍ ᠰᠡᠯᠡᠮ᠎ᠡ ᠪᠡᠯᠡᠭᠯᠡᠭᠰᠡᠨ ᠶᠦ᠍ᠮ ᠪᠠᠢᠵᠠᠢ᠃ ᠲᠡᠷᠡ ᠬᠥᠮᠦᠨ ᠦ᠌ ᠲᠡᠮᠳᠡᠭᠯᠡᠯ ᠢ᠋ ᠦᠵᠡᠪᠡᠯ᠂ ᠮᠣᠩᠭᠣᠯ ᠬᠥᠮᠦᠨ ᠪᠢᠳᠡᠨ ᠦ᠌ ᠣᠷᠣᠰ ᠵᠢᠭᠤᠯᠴᠢᠨ ᠳ᠋ᠤ᠌ ᠮᠠᠨᠵᠤ ᠲᠦᠰᠢᠮᠡᠳ ᠡᠴᠡ ᠲᠠᠰᠤ ᠣᠨᠳᠣᠣ᠂ ᠶᠡᠬᠡᠯ᠎ᠡ(ᠶᠡᠬᠡ ᠯᠡ) ᠳᠣᠲᠣᠨᠣ ᠰᠠᠢᠨ ᠪᠠᠢᠭᠰᠠᠨ ᠭᠡᠵᠦ ᠲᠡᠮᠳᠡᠭᠯᠡᠭᠰᠡᠨ ᠪᠠᠢᠳᠠᠭ ᠪᠢᠯᠡ᠃ ᠵᠠ᠂ ᠡᠪᠦᠭᠡᠨ ᠭᠤᠸᠠᠢ᠂ ᠲᠠᠨ ᠤ᠋ ᠨᠠᠢᠷᠲᠠᠢ ᠡᠯᠢᠭᠡᠰᠡᠭ ᠳᠣᠲᠣᠨᠣ ᠳ᠋ᠤ᠌ ᠶᠡᠬᠡᠯ᠎ᠡ(ᠶᠡᠬᠡ ᠯᠡ) ᠪᠠᠶᠠᠷᠯᠠᠪᠠ ᠭᠡᠵᠡᠢ᠃
ᠲᠡᠷᠡ ᠦᠳᠡᠰᠢ ᠹᠸᠤᠳᠤᠷ ᠣᠰᠣᠺᠢᠨ᠂ ᠪᠠᠲᠤᠪᠠᠶᠠᠷ ᠡᠷᠳᠡᠮᠲᠡᠨ ᠬᠣᠶᠠᠷ ᠤ᠋ᠨ ᠬᠡᠯᠡ ᠵᠠᠯᠭᠠᠭᠤᠯᠬᠤ ᠭᠡᠵᠦ᠂ ᠪᠠᠰᠠᠯᠠ(ᠪᠠᠰᠠ ᠯᠠ) ᠨᠡᠯᠢᠶᠡᠳ ᠵᠦᠳᠡᠷᠡᠵᠦ ᠪᠢᠯᠡ᠃ ᠡᠪᠦᠭᠡᠨ ᠡᠷᠳᠡᠮᠲᠡᠨ᠂ ᠶᠠᠭᠤᠮ᠎ᠠ ᠰᠣᠨᠢᠷᠬᠠᠳᠠᠭ ᠮᠠᠯᠴᠢᠨ ᠡᠪᠦᠭᠡᠨ ᠳ᠋ᠦ᠍ ᠲᠥᠪ ᠠᠽᠢ( ᠠᠽᠢᠶ᠎ᠠ) ᠶ᠋ᠢᠨ ᠣᠯᠠᠨ ᠤᠯᠤᠰ ᠤ᠋ᠨ ᠡᠷᠲᠡ ᠥᠩᠭᠡᠷᠡᠭᠰᠡᠨ ᠲᠡᠦᠬᠡ ᠶ᠋ᠢ ᠤᠬᠠᠬᠤ ᠳ᠋ᠤ᠌ ᠬᠢᠯᠪᠠᠷ ᠴᠠᠭᠠᠨ ᠦᠭᠡ ᠪᠡᠷ ᠲᠠᠢᠯᠪᠤᠷᠢᠯᠠᠨ ᠬᠡᠯᠡᠵᠦ ᠥᠭᠴᠦ ᠪᠢᠯᠡ᠃
ᠪᠠᠲᠤᠪᠠᠶᠠᠷ᠂ ᠡᠪᠦᠭᠡᠨ ᠡᠷᠳᠡᠮᠲᠡᠨ ᠦ᠌ ᠦᠭᠡ ᠶ᠋ᠢ ᠰᠣᠨᠢᠷᠬᠠᠨ ᠰᠣᠨᠣᠰᠴᠤ ᠠᠰᠠᠭᠤᠷᠤᠨ᠂
— ᠮᠠᠨ ᠤ᠋ ᠬᠠᠭᠤᠴᠢᠨ ᠵᠠᠷᠢᠮ ᠨᠣᠮ ᠰᠤᠳᠤᠷ ᠲᠤ᠌ ᠵᠡᠭᠦᠨ ᠬᠣᠢᠲᠤ ᠵᠦᠭ ᠲᠦ᠍ ᠨᠣᠬᠠᠢ ᠡᠷᠡᠰ ᠭᠡᠵᠦ ᠤᠯᠤᠰ ᠪᠠᠢᠳᠠᠭ ᠭᠡᠳᠡᠭ᠃ ᠲᠡᠷᠡ ᠤᠯᠤᠰ ᠤ᠋ᠨ ᠡᠮ᠎ᠡ ᠨᠢ ᠬᠥᠮᠦᠨ᠂ ᠡᠷ᠎ᠡ ᠨᠢ ᠬᠥᠮᠦᠨ ᠨᠣᠬᠠᠢ ᠪᠠᠢᠳᠠᠭ ᠤᠴᠢᠷ᠂ ᠨᠣᠬᠠᠢ ᠡᠷᠡᠲᠡᠨ ᠭᠡᠳᠡᠭ ᠭᠡᠵᠦ ᠲᠤᠭᠤᠯᠤᠭᠰᠠᠨ᠃ ᠭᠠᠵᠠᠷ ᠤ᠋ᠨ ᠪᠠᠷᠢᠮᠵᠢᠶ᠎ᠠ ᠶ᠋ᠢ ᠪᠣᠳᠣᠪᠠᠯ᠂ ᠲᠠᠨ ᠤ᠋ ᠣᠷᠣᠰ ᠭᠠᠵᠠᠷ ᠯᠠ ᠪᠠᠢᠮᠠᠷ ᠤᠯᠤᠰ ᠳᠠ᠂ ᠪᠣᠢ ᠤᠤ᠂ ᠲᠡᠢᠮᠦ ᠤᠯᠤᠰ᠂ ᠲᠠᠨ ᠤ᠋ ᠭᠠᠵᠠᠷ? ᠭᠡᠵᠦ ᠡᠪᠦᠭᠡᠨ ᠪᠣᠯᠣᠷ ᠲᠣᠯᠢ ᠭᠡᠳᠡᠭ ᠪᠢᠴᠢᠭ ᠲᠦ᠍ ᠤᠩᠰᠢᠭᠠᠳ᠂ ᠤᠴᠢᠷ ᠢ᠋ ᠮᠠᠭᠠᠳᠯᠠᠬᠤ ᠭᠡᠵᠦ ᠪᠣᠳᠣᠵᠤ ᠶᠠᠪᠤᠳᠠᠭ ᠨᠢᠭᠡᠨ ᠵᠦᠢᠯ ᠢ᠋ ᠠᠰᠠᠭᠤᠵᠠᠢ᠃
— ᠲᠡᠢᠮᠦ ᠤᠯᠤᠰ ᠪᠠᠢᠬᠤ ᠦᠭᠡᠢ᠂ ᠲᠡᠷᠡ ᠪᠣᠯ ᠨᠣᠬᠠᠢ ᠬᠥᠯᠥᠵᠦ (ᠬᠥᠯᠵᠦ)᠂ ᠪᠠᠰᠠ ᠠᠩ ᠤ᠋ᠨ ᠠᠷᠠᠰᠤ ᠪᠠᠷ ᠦᠰᠦ ᠶ᠋ᠢ ᠨᠢ ᠳᠠᠬᠤ ᠰᠢᠭ᠋ ᠭᠠᠳᠠᠭᠰᠢ ᠨᠢ ᠬᠠᠷᠠᠭᠤᠯᠤᠭᠰᠠᠨ ᠳᠡᠪᠡᠯ ᠬᠤᠪᠴᠠᠰᠤ ᠡᠮᠦᠰᠳᠡᠭ ᠤᠮᠠᠷ᠎ᠠ ᠵᠦᠭ ᠦ᠋ᠨ ᠤᠯᠤᠰ ᠢ᠋ ᠡᠷᠲᠡ ᠴᠠᠭ ᠲᠤ᠌ ᠦᠵᠡᠭᠰᠡᠨ ᠦ᠌ ᠰᠤᠷᠠᠭ ᠳᠣᠮᠣᠭ ᠰᠤᠨᠵᠢᠷᠠᠵᠤ ᠶᠠᠪᠤᠭ᠎ᠠ ᠨᠢ ᠲᠡᠷᠡ᠃ ᠡᠷᠲᠡ ᠳᠡᠭᠡᠷ᠎ᠡ ᠴᠠᠭ ᠲᠤ᠌ ᠣᠷᠴᠢᠨ ᠲᠣᠭᠣᠷᠢᠨ ᠤ᠋ ᠭᠠᠵᠠᠷ ᠣᠷᠣᠨ ᠤ᠋ ᠪᠠᠢᠳᠠᠯ ᠢ᠋ ᠰᠠᠢᠨ ᠮᠡᠳᠡᠬᠦ ᠦᠭᠡᠢ ᠪᠠᠢᠭᠰᠠᠨ ᠴᠠᠭ ᠧᠦ᠋ᠷᠣᠫᠠ ᠳᠠᠶᠠᠭᠠᠷ᠂ ᠮᠥᠨ ᠣᠷᠣᠰ ᠤᠯᠤᠰ ᠲᠤ᠌ ᠨᠢᠭᠡᠨ ᠠᠳᠠᠯᠢ ᠡᠢᠮᠦ ᠨᠣᠬᠠᠢ ᠤᠯᠤᠰ ᠪᠠᠢᠳᠠᠭ᠂ ᠬᠡᠩᠬᠦᠳᠡᠭ ᠲᠡᠭᠡᠨ ᠨᠢᠳᠦᠲᠡᠢ ᠲᠣᠯᠣᠭᠠᠢ ᠦᠭᠡᠢ ᠤᠯᠤᠰ ᠪᠠᠢᠳᠠᠭ᠂ ᠨᠠᠷᠠᠨ ᠲᠣᠭᠣᠷᠢᠨ ᠡᠷᠭᠢᠵᠦ᠂ ᠡᠳᠦᠷ ᠰᠥᠨᠢ ᠪᠣᠯᠵᠤ ᠪᠠᠢᠳᠠᠭ᠂ ᠥᠨᠳᠥᠷ ᠶᠡᠬᠡ ᠠᠭᠤᠯᠠ ᠪᠠᠢᠳᠠᠭ ᠭᠡᠵᠦ ᠳᠤᠮᠳᠠᠳᠤ ᠡᠷᠲᠡᠨ ᠦ᠌ ᠦᠶ᠎ᠡ ᠳ᠋ᠦ᠍ ᠶᠡᠬᠡᠯ᠎ᠡ( ᠶᠡᠬᠡ ᠯᠡ) ᠶᠠᠷᠢᠳᠠᠭ᠂ ᠨᠣᠮ ᠰᠤᠳᠤᠷ ᠲᠤ᠌ ᠪᠢᠴᠢᠳᠡᠭ ᠴᠦ᠍ ᠪᠠᠢᠭᠰᠠᠨ ᠪᠢᠯᠡ᠃ ᠲᠡᠷᠡ ᠨᠢ ᠴᠥᠮ ᠲᠡᠰᠢᠶ᠎ᠡ ᠪᠠᠢᠵᠠᠢ ᠭᠡᠬᠦ ᠳ᠋ᠦ᠍ᠨᠢ᠂
— ᠮᠠᠨᠠᠢᠬᠢᠨ (ᠮᠠᠨ ᠤ᠋ ᠬᠢᠨ) ᠴᠢᠯᠠᠭᠤᠨ ᠤ᠋ ᠬᠠᠭᠠᠨ ᠬᠢᠲᠠᠳ ᠲᠤ᠌᠂ ᠲᠡᠮᠦᠷ ᠦ᠋ᠨ ᠬᠠᠭᠠᠨ ᠣᠷᠣᠰ ᠲᠤ᠌᠂ ᠨᠣᠮ ᠤ᠋ᠨ ᠬᠠᠭᠠᠨ ᠲᠥᠪᠡᠳ ᠲᠦ᠍ ᠭᠡᠳᠡᠭ ᠪᠢᠯᠡ᠃ ᠣᠳᠣ ᠪᠢ ᠨᠣᠮ ᠤ᠋ᠨ ᠬᠠᠭᠠᠨ ᠲᠥᠪᠡᠳ ᠲᠦ᠍ ᠪᠢᠰᠢ᠂ ᠣᠷᠣᠰ ᠲᠤ᠌ ᠪᠠᠢᠳᠠᠭ ᠶᠤᠮ ᠪᠠᠢᠨ᠎ᠠ ᠭᠡᠵᠦ ᠮᠡᠳᠡᠯ᠎ᠡ ᠭᠡᠳ ᠡᠪᠦᠭᠡᠨ ᠪᠠᠲᠤᠪᠠᠶᠠᠷ᠂ ᠣᠷᠣᠰ ᠡᠷᠳᠡᠮᠲᠡᠨ ᠦ᠌ ᠰᠤᠷᠭᠠᠨ ᠰᠡᠩᠬᠡᠷᠡᠭᠦᠯᠵᠦ᠂ ᠣᠯᠠᠨ ᠰᠣᠨᠢᠨ ᠰᠠᠢᠬᠠᠨ ᠶᠠᠭᠤᠮ᠎ᠠ ᠬᠡᠯᠡᠵᠦ ᠥᠭᠭᠦᠭᠰᠡᠨ ᠳ᠋ᠦ᠍ ᠶᠡᠬᠡᠳᠡ ᠪᠠᠶᠠᠷᠯᠠᠪᠠ᠃ ᠣᠳᠣ ᠠᠮᠤᠷ ᠰᠠᠢᠬᠠᠨ ᠵᠢᠷᠭᠠᠵᠤ ᠨᠣᠢᠷᠰᠤ ᠭᠡᠳ ᠭᠠᠷᠴᠠᠢ᠃
ᠥᠷᠯᠥᠭᠡ ᠨᠢ ᠪᠠᠲᠤᠪᠠᠶᠠᠷ᠂ ᠡᠪᠦᠭᠡᠨ ᠡᠷᠳᠡᠮᠲᠡᠨ ᠲᠠᠢ ᠰᠠᠯᠬᠤ ᠶᠣᠰᠣ ᠬᠢᠵᠦ ᠬᠠᠳᠠᠭ ᠪᠠᠷᠢᠭᠠᠳ᠂
— ᠡᠷᠳᠡᠮᠲᠡᠨ ᠬᠥᠮᠦᠨ ᠲᠡᠢ ᠤᠴᠠᠷᠠᠭᠰᠠᠨ ᠡᠳᠦᠷ᠂ ᠨᠢᠭᠡ ᠨᠠᠰᠤᠨ ᠤ᠋ ᠰᠠᠢᠬᠠᠨ ᠳᠤᠷᠠᠰᠬᠠᠯ ᠭᠡᠳᠡᠭ᠂ ᠪᠢ ᠣᠷᠣᠰ ᠤ᠋ᠨ ᠬᠣᠶᠠᠷ ᠡᠷᠳᠡᠮᠲᠡᠨ᠂ ᠲᠠ ᠫᠣᠲ᠋ᠠᠨᠢᠨ ᠬᠣᠶᠠᠷ ᠠ᠋ᠴᠠ ᠰᠣᠨᠣᠰᠤᠭ᠎ᠠ ᠦᠭᠡᠢ ᠰᠠᠢᠬᠠᠨ ᠶᠠᠭᠤᠮ᠎ᠠ ᠰᠣᠨᠣᠰᠴᠤ᠂ ᠮᠡᠳᠡᠭᠡ ᠦᠭᠡᠢ ᠰᠠᠢᠬᠠᠨ ᠶᠠᠭᠤᠮ᠎ᠠ ᠮᠡᠳᠡᠵᠦ ᠠᠪᠤᠯ᠎ᠠ᠃ ᠲᠠ ᠪᠦᠬᠦᠨ ᠲᠡᠢ ᠤᠴᠠᠷᠠᠨ ᠵᠣᠯᠭᠠᠭᠰᠠᠨ ᠢ᠋ᠶ᠋ᠠᠨ ᠪᠢ ᠬᠥᠮᠦᠨ ᠦ᠌ ᠰᠠᠢᠨ ᠲᠠᠢ ᠤᠴᠠᠷᠠᠭᠰᠠᠨ ᠡᠷᠬᠢᠮ ᠵᠠᠪᠰᠢᠶᠠᠨ ᠭᠡᠵᠦ ᠬᠡᠵᠢᠶ᠎ᠡ ᠴᠦ᠍ ᠰᠠᠨᠠᠵᠤ ᠶᠠᠪᠤᠨ᠎ᠠ᠃
ᠪᠢᠳᠡᠨ ᠦ᠌ ᠮᠣᠩᠭᠣᠯᠴᠤᠳ ᠶᠡᠬᠡᠳᠡ ᠬᠣᠴᠣᠷᠴᠤ᠂ ᠳᠡᠯᠡᠬᠡᠢ ᠶ᠋ᠢᠨ ᠣᠯᠠᠨ ᠤᠯᠤᠰ ᠠ᠋ᠴᠠ ᠬᠦᠵᠦᠭᠦᠦ ᠪᠡᠷ ᠳᠤᠲᠠᠭᠤ ᠪᠣᠯᠴᠢᠵᠠᠢ (ᠪᠣᠯᠴᠢᠬᠠᠵᠠᠢ)᠃ ᠭᠡᠪᠡᠴᠦ ᠣᠷᠣᠰ ᠤ᠋ᠨ ᠠᠷᠠᠳ ᠲᠦᠮᠡᠨ᠂ ᠣᠷᠣᠰ ᠤ᠋ᠨ ᠡᠷᠳᠡᠮᠲᠡᠨ᠂ ᠪᠢᠳᠡᠨ ᠢ᠋ ᠬᠥᠮᠦᠨ ᠡᠴᠡ ᠳᠤᠲᠠᠭᠤ ᠦᠭᠡᠢ ᠪᠣᠯᠭᠠᠬᠤ ᠳ᠋ᠤ᠌᠂ ᠲᠤᠰᠠ ᠪᠣᠯᠭᠠᠬᠤ(ᠪᠣᠯᠬᠤ) ᠪᠠᠢᠬᠤ ᠭᠡᠵᠦ ᠭᠣᠷᠢᠳᠠᠨ ᠨᠠᠢᠳᠠᠵᠤ ᠪᠠᠢᠨ᠎ᠠ᠃ ᠡᠷᠳᠡᠮ ᠨᠣᠮ ᠦᠭᠡᠢ ᠡᠭᠡᠯ ᠮᠠᠯᠴᠢᠨ ᠮᠢᠨᠦ᠂ ᠣᠷᠣᠰ ᠡᠷᠳᠡᠮᠲᠡᠨ ᠢ᠋ ᠶᠡᠬᠡᠯ᠎ᠡ (ᠶᠡᠬᠡ ᠯᠡ) ᠳᠣᠲᠣᠨᠣᠴᠢᠯᠠᠨ ᠡᠯᠢᠭᠡᠰᠡᠭᠯᠡᠵᠦ᠂ ᠡᠷᠬᠢᠮᠯᠡᠨ ᠬᠦᠨᠳᠦᠳᠬᠡᠵᠦ ᠪᠠᠢᠭ᠎ᠠ ᠴᠢᠩ ᠰᠡᠳᠬᠢᠯ ᠦ᠋ᠨ ᠡᠭᠦᠳᠡᠨ ᠡᠴᠡ ᠳᠡᠪᠰᠢᠭᠦᠯᠵᠦ ᠪᠠᠢᠭ᠎ᠠ ᠡᠨᠡ ᠠᠷᠢᠭᠤᠨ ᠴᠠᠭᠠᠨ ᠬᠠᠳᠠᠭ ᠢ᠋ ᠲᠣᠭᠲᠠᠭᠠᠵᠤ ᠠᠵᠢᠶᠠᠮᠤ᠃ ᠡᠷᠬᠢᠮ ᠡᠷᠳᠡᠮᠲᠡᠨ ᠲᠠᠨ ᠤ᠋ ᠰᠠᠨᠠᠭᠰᠠᠨ ᠦᠢᠯᠡᠰ ᠰᠡᠳᠬᠢᠯᠴᠢᠯᠡᠨ ᠪᠦᠲᠦᠵᠦ᠂ ᠣᠷᠣᠰ ᠤ᠋ᠨ ᠰᠢᠨᠵᠢᠯᠡᠬᠦ ᠤᠬᠠᠭᠠᠨ ᠪᠤᠮ ᠨᠠᠷᠠᠨ ᠤ᠋ ᠭᠡᠷᠡᠯ ᠮᠡᠲᠦ ᠭᠡᠢᠵᠦ᠂ ᠬᠠᠮᠤᠭ ᠠᠮᠢᠲᠠᠨ ᠤ᠋ ᠬᠦᠰᠡᠯ ᠢ᠋ ᠬᠠᠩᠭᠠᠬᠤ ᠴᠢᠨᠳᠠᠮᠤᠨᠢ ᠡᠷᠳᠡᠨᠢ ᠪᠣᠯᠲᠤᠭᠠᠢ! ᠭᠡᠵᠦ ᠢᠷᠥᠭᠡᠨ ᠬᠡᠯᠡᠬᠦ ᠳ᠋ᠦ᠍ᠨᠢ᠂
— ᠲᠠᠨ ᠤ᠋ ᠰᠠᠢᠬᠠᠨ ᠢᠷᠦᠭᠡᠯ ᠦ᠋ᠨ ᠦᠭᠡᠨ ᠳ᠋ᠦ᠍ ᠰᠡᠳᠬᠢᠯ ᠪᠠᠶᠠᠷᠯᠠᠪᠠ᠃ ᠮᠢᠨᠦ ᠰᠠᠨᠠᠬᠤ ᠳ᠋ᠤ᠌ ᠲᠠᠨ ᠤ᠋ ᠠᠪᠢᠶᠠᠰ ᠪᠢᠯᠢᠭ ᠲᠡᠭᠦᠯᠳᠡᠷ ᠠᠷᠠᠳ ᠲᠦᠮᠡᠨ ᠢ᠋ ᠪᠣᠯᠪᠠᠰᠤᠷᠠᠯ ᠤ᠋ᠨ ᠵᠠᠮ ᠳ᠋ᠤ᠌ ᠣᠷᠣᠵᠤ᠂ ᠲᠠᠨ ᠤ᠋ ᠠᠷᠠᠳ ᠤ᠋ᠨ ᠵᠠᠯᠠᠭᠤᠰ ᠤ᠋ᠨ ᠡᠮᠦᠨ᠎ᠡ᠂ ᠡᠷᠳᠡᠮ ᠢ᠋ ᠲᠤᠭᠤᠯᠬᠤ ᠡᠭᠦᠳᠡ ᠨᠡᠭᠡᠭᠡᠭᠳᠡᠬᠦ ᠴᠠᠭ ᠠᠰᠤᠷᠤ ᠬᠣᠯᠠ ᠦᠭᠡᠢ ᠪᠠᠢᠬ᠎ᠠ᠃ ᠣᠳᠣ ᠲᠠᠨ ᠤ᠋ ᠭᠠᠵᠠᠷ ᠡᠷᠳᠡᠮ ᠰᠤᠷᠤᠶ᠎ᠠ ᠭᠡᠪᠡᠯ ᠬᠦᠷᠢᠶ᠎ᠡ ᠬᠡᠢᠳ ᠲᠦ᠍ ᠯᠠᠮᠠ ᠪᠣᠯᠬᠤ ᠠ᠋ᠴᠠ ᠥᠭᠡᠷ᠎ᠡ ᠵᠠᠮ ᠦᠭᠡᠢ ᠠᠵᠢ᠃ ᠭᠡᠲᠡᠯ᠎ᠡ᠂ ᠲᠡᠷᠡ ᠵᠠᠮ ᠨᠢ ᠶᠣᠰᠣᠲᠠᠢ ᠡᠷᠳᠡᠮ ᠨᠣᠮ ᠰᠤᠷᠬᠤ ᠵᠠᠮ ᠪᠢᠰᠢ᠂ ᠬᠠᠭᠤᠷᠮᠠᠴᠢ ᠡᠷᠳᠡᠮ ᠨᠣᠮ ᠤ᠋ᠨ ᠵᠠᠮ ᠭᠡᠵᠦ ᠦᠵᠡᠬᠦ ᠨᠢ ᠮᠥᠨ᠃ ᠡᠷᠳᠡᠮ ᠰᠤᠷᠬᠤ ᠴᠣᠬᠣᠮ ᠬᠦ᠌ ᠶᠣᠰᠣᠲᠠᠢ ᠵᠠᠮ ᠨᠢ ᠲᠠᠨ ᠤ᠋ ᠠᠷᠠᠳ ᠤ᠋ᠨ ᠵᠠᠯᠠᠭᠤᠰ ᠲᠤ᠌ ᠬᠠᠷᠠᠬᠠᠨ ᠨᠡᠭᠡᠭᠡᠭᠳᠡᠭᠡᠳᠦᠢ ᠪᠠᠢᠭ᠎ᠠ ᠨᠢ ᠬᠠᠷᠠᠮᠰᠠᠯᠲᠠᠢ᠃ ᠭᠡᠪᠡᠴᠦ᠂ ᠲᠡᠷᠡ ᠴᠠᠭ ᠬᠦᠷᠴᠦ ᠢᠷᠡᠭᠡᠳ᠂ ᠮᠣᠩᠭᠣᠯ ᠵᠠᠯᠠᠭᠤᠰ᠂ ᠳᠠᠷᠤᠢ ᠣᠷᠣᠰ ᠵᠠᠯᠠᠭᠤ᠂ ᠸᠸᠩᠬᠸᠷ ᠵᠠᠯᠠᠭᠤ᠂ ᠹᠷᠠᠨᠼᠢ ᠵᠠᠯᠠᠭᠤ᠂ ᠢᠲ᠋ᠠᠯᠢ ᠵᠠᠯᠠᠭᠤ᠂ ᠴᠸᠬᠤ ᠵᠠᠯᠠᠭᠤ ᠨᠢᠭᠡᠨ ᠠᠳᠠᠯᠢ ᠶᠠᠭᠤᠮ᠎ᠠ ᠰᠤᠷᠴᠤ᠂ ᠶᠠᠮᠠᠷ ᠮᠡᠷᠭᠡᠵᠢᠯᠲᠡᠢ ᠪᠣᠯᠳᠠᠭ ᠪᠢᠯᠡ᠂ ᠬᠦᠴᠦ ᠴᠢᠳᠠᠯ ᠢ᠋ᠶ᠋ᠠᠨ ᠶᠠᠭᠤᠨ ᠳ᠋ᠤ᠌ ᠵᠣᠷᠢᠭᠤᠯᠳᠠᠭ ᠪᠢᠯᠡ ᠭᠡᠵᠦ ᠬᠦᠰᠡᠮᠵᠢᠯᠡᠨ ᠪᠣᠳᠣᠬᠤ ᠴᠠᠭ ᠢᠷᠡᠬᠦ ᠪᠣᠢ᠃ ᠲᠠ ᠪᠢᠳᠡᠨ ᠦ᠌ ᠵᠠᠷᠢᠮ ᠨᠢᠭᠡ ᠨᠢ ᠴᠦ᠍᠂ ᠳᠡᠭᠡᠳᠦ ᠰᠤᠷᠭᠠᠭᠤᠯᠢ ᠲᠠᠢ ᠮᠣᠩᠭᠣᠯ ᠬᠥᠮᠦᠨ ᠥᠪᠡᠷᠦᠨ (ᠥᠪᠡᠷ ᠦ᠋ᠨ) ᠮᠣᠩᠭᠣᠯ ᠡᠮᠴᠢ᠂ ᠢᠨᠵᠧᠨᠧᠷ᠂ ᠮᠣᠩᠭᠣᠯ ᠤ᠋ᠨ ᠥᠪᠡᠷᠰᠡᠳ ᠦ᠋ᠨ ᠯᠣᠮᠣᠨᠣᠰᠣᠸ ᠤ᠋ᠳ (ᠹᠸᠤᠳ᠋ᠤᠷ ᠮᠢᠨᠢ᠂ ᠯᠤᠮᠤᠨᠤᠰᠤᠸ ᠭᠡᠵᠦ ᠮᠠᠨ ᠤ᠋) ᠣᠷᠣᠰ ᠤ᠋ᠨ ᠠᠩᠬᠠᠳᠤᠭᠠᠷ ᠶᠡᠬᠡ ᠡᠷᠳᠡᠮᠲᠡᠨ᠂ ᠡᠭᠡᠯ ᠲᠠᠷᠢᠶᠠᠴᠢᠨ ᠬᠥᠮᠦᠨ ᠦ᠌ ᠬᠦᠦ ᠪᠠᠢᠭᠰᠠᠨ ᠶᠤᠮ ᠭᠡᠵᠦ ᠪᠠᠲᠤᠪᠠᠶᠠᠷ ᠭᠤᠸᠠᠢ ᠳ᠋ᠤ᠌ ᠬᠡᠯᠡᠵᠦ ᠥᠭᠭᠦᠭᠡᠷᠡᠢ)᠂ ᠮᠣᠩᠭᠣᠯ ᠡᠷᠳᠡᠮᠲᠡᠨ ᠪᠣᠢ ᠪᠣᠯᠬᠤ ᠶ᠋ᠢᠨ ᠡᠬᠢ ᠵᠠᠬ᠎ᠠ ᠶ᠋ᠢ ᠦᠵᠡᠬᠦ ᠬᠤᠪᠢ ᠲᠠᠢ ᠴᠤ᠌ ᠪᠠᠢᠵᠤ ᠶᠠᠭᠤᠨ ᠤ᠋ ᠮᠠᠭᠠᠳ᠃ ᠪᠢ ᠲᠡᠷᠡ ᠴᠠᠭ ᠳᠡᠮᠡᠢ ᠬᠣᠯᠠ ᠦᠭᠡᠢ ᠭᠡᠵᠦ ᠪᠣᠳᠣᠵᠤ ᠪᠠᠢᠨ᠎ᠠ᠃ ᠮᠠᠨ ᠤ᠋ ᠣᠷᠣᠰ ᠤᠯᠤᠰ ᠲᠤ᠌᠂ ᠮᠠᠨ ᠤ᠋ ᠭᠠᠵᠠᠷ ᠪᠣᠢ ᠮᠣᠩᠭᠣᠯᠴᠤᠳ ᠤ᠋ᠨ ᠳᠤᠮᠳᠠ ᠠ᠋ᠴᠠ ᠣᠷᠣᠰ ᠧᠦ᠋ᠷᠣᠫᠠ ᠭᠠᠵᠠᠷ ᠤ᠋ᠨ ᠳᠣᠷᠣᠨ᠎ᠠ ᠳ᠋ᠠᠬᠢᠨ ᠢ᠋ ᠰᠤᠳᠤᠯᠤᠭᠴᠢ ᠡᠷᠳᠡᠮᠲᠡᠨ ᠪᠦᠭᠦᠳᠡ ᠶ᠋ᠢᠨ ᠮᠡᠳᠡᠳᠡᠭ ᠪᠠᠨᠵᠠᠷ ᠤ᠋ᠨ ᠳᠣᠷᠵᠢ ᠭᠡᠳᠡᠭ ᠤᠷᠢᠶᠠᠩᠬᠠᠢ ᠣᠪᠣᠭ ᠤ᠋ᠨ ᠨᠢᠭᠡᠨ ᠡᠷᠳᠡᠮᠲᠡᠨ ᠬᠥᠮᠦᠨ ᠭᠠᠷᠤᠭᠰᠠᠨ ᠪᠢᠯᠡ ᠭᠡᠬᠦ ᠳ᠋ᠦ᠍ᠨᠢ᠂
— ᠤᠷᠢᠶᠠᠩᠬᠠᠢ ᠣᠪᠣᠭᠲᠠᠢ ᠡᠷᠳᠡᠮᠲᠡᠨ ᠭᠡᠪᠡᠯ᠂ ᠮᠢᠨᠦ ᠣᠪᠣᠭ ᠤ᠋ᠨ ᠬᠥᠮᠦᠨ ᠪᠠᠢᠨ᠎ᠠ ᠰᠢᠦ ᠳᠡ ᠭᠡᠵᠦ ᠡᠪᠦᠭᠡᠨ ᠪᠠᠶᠠᠷᠯᠠᠨ ᠳᠤᠤᠭᠠᠷᠪᠠᠯ᠂
— ᠲᠡᠢᠮᠦ ᠠ᠋᠂ ᠲᠡᠢᠮᠦ! ᠣᠷᠣᠰ ᠤᠯᠤᠰ ᠲᠠ ᠨᠠᠷ ᠲᠤ᠌ ᠲᠤᠰᠠᠯᠠᠵᠤ᠂ ᠣᠷᠣᠰ ᠤ᠋ᠨ ᠡᠷᠳᠡᠮᠲᠡᠨ᠂ ᠠᠪᠢᠶᠠᠰᠲᠤ ᠮᠣᠩᠭᠣᠯ ᠤ᠋ᠨ ᠵᠠᠯᠠᠭᠤᠰ ᠤ᠋ᠨ ᠳᠤᠮᠳᠠ ᠠ᠋ᠴᠠ ᠭᠠᠷᠤᠭᠰᠠᠨ ᠱᠠᠪᠢ ᠨᠠᠷ ᠢ᠋ᠶ᠋ᠠᠨ ᠤᠷᠢᠳᠠ ᠪᠠᠨ ᠪᠠᠷᠢᠵᠤ᠂ ᠮᠠᠨ ᠤ᠋ ᠣᠷᠣᠰ ᠤᠯᠤᠰ᠂ ᠲᠠᠨ ᠤ᠋ ᠮᠣᠩᠭᠣᠯ ᠤ᠋ᠨ ᠠᠷᠠᠳ ᠲᠦᠮᠡᠨ ᠳ᠋ᠦ᠍ ᠬᠡᠨ ᠬᠡᠨ ᠡᠴᠡ ᠴᠤ᠌ ᠡᠮᠦᠨ᠎ᠡ ᠲᠤᠰᠠᠯᠠᠮᠵᠢ ᠦᠵᠡᠭᠦᠯᠦᠭᠰᠡᠨ ᠢ᠋ᠶ᠋ᠡᠨ ᠪᠠᠬᠠᠳᠤᠨ ᠳᠤᠷᠠᠳᠬᠤ ᠴᠠᠭ ᠢᠷᠡᠬᠦ ᠪᠠᠢᠬᠤ ᠭᠡᠵᠦ ᠪᠠᠲᠤᠪᠠᠶᠠᠷ ᠭᠤᠸᠠᠢ ᠮᠢᠨᠢ᠂ ᠪᠢ ᠲᠠᠨ ᠲᠠᠢ ᠡᠭᠡᠭᠡ ᠨᠢᠭᠡᠨ ᠠᠳᠠᠯᠢ ᠪᠣᠳᠣᠵᠤ ᠶᠠᠪᠤᠳᠠᠭ ᠰᠢᠦ ᠭᠡᠬᠦ ᠳ᠋ᠦ᠍ᠨᠢ᠂
— ᠲᠠᠨ ᠤ᠋ ᠡᠨᠡ ᠰᠠᠢᠨ ᠰᠠᠢᠬᠠᠨ ᠢᠷᠦᠭᠡᠯ ᠦᠭᠡ ᠪᠡᠷ ᠪᠣᠯᠬᠤ ᠪᠣᠯᠲᠤᠭᠠᠢ! ᠭᠡᠵᠦ ᠡᠪᠦᠭᠡᠨ ᠮᠠᠯᠴᠢᠨ ᠶᠡᠬᠡᠯ᠎ᠡ (ᠶᠡᠬᠡ ᠯᠡ)ᠤᠷᠮᠠᠰᠢᠨ ᠥᠴᠢᠪᠡ᠃
ᠠᠷᠠᠳ ᠤ᠋ᠨ ᠰᠡᠴᠡᠨ ᠦᠭᠡᠨ ᠳ᠋ᠦ᠍ ᠮᠠᠭᠤ ᠶᠠᠭᠤᠮ᠎ᠠ ᠮᠣᠳᠣᠨ ᠤᠯᠠᠭ᠎ᠠ ᠲᠠᠢ ᠭᠡᠳᠡᠭ᠃ ᠪᠠᠲᠤᠪᠠᠶᠠᠷ᠂ ᠣᠷᠣᠰ ᠡᠷᠳᠡᠮᠲᠡᠨ ᠲᠡᠢ ᠠᠭᠤᠯᠵᠠᠭᠰᠠᠨ ᠳ᠋ᠠᠭᠠᠨ ᠶᠡᠬᠡᠯ᠎ᠡ (ᠶᠡᠬᠡ ᠯᠡ) ᠪᠠᠶᠠᠷᠲᠠᠢ ᠶᠠᠪᠤᠵᠤ᠂ ᠨᠤᠲᠤᠭ ᠤ᠋ᠨ ᠵᠠᠬ᠎ᠠ ᠳ᠋ᠤ᠌ ᠣᠢᠷᠠᠲᠤᠵᠤ ᠢᠷᠡᠩᠭᠦᠲᠡ᠂ ᠬᠦᠦ ᠪᠡᠨ ᠨᠣᠶᠠᠨ ᠤ᠋ ᠵᠣᠯᠢᠭ ᠲᠤ᠌ ᠭᠠᠷᠤᠭᠰᠠᠨ ᠡᠮᠭᠡᠨᠢᠯᠲᠦ ᠮᠡᠳᠡᠭᠡ ᠶ᠋ᠢ ᠣᠯᠵᠤ ᠰᠣᠨᠣᠰᠪᠠ᠃
ᠡᠪᠦᠭᠡᠨ ᠴᠡᠷᠢᠭ ᠪᠠᠯᠳᠠᠨ᠂ ᠵᠠᠮ ᠳ᠋ᠤ᠌ ᠪᠠᠲᠤᠪᠠᠶᠠᠷ ᠲᠠᠢ ᠰᠠᠨᠠᠮᠰᠠᠷ ᠦᠭᠡᠢ ᠲᠣᠬᠢᠶᠠᠯᠳᠤᠭᠠᠳ᠂ ᠣᠯᠵᠤ ᠰᠣᠨᠣᠰᠤᠭᠰᠠᠨ ᠦᠵᠡᠭᠰᠡᠨ ᠢ᠋ᠶ᠋ᠡᠨ ᠶᠠᠷᠢᠵᠤ ᠥᠭᠭᠦᠭᠰᠡᠨ ᠲᠤᠯᠠ ᠪᠠᠲᠤᠪᠠᠶᠠᠷ᠂ ᠬᠦᠦ ᠨᠠᠰᠤᠨᠪᠠᠲᠤ ᠶ᠋ᠢᠨ ᠵᠣᠷᠢᠭ ᠰᠠᠮᠪᠠᠭ᠎ᠠ ᠲᠠᠢ ᠶ᠋ᠢ ᠰᠣᠨᠣᠰᠴᠤ ᠳᠣᠲᠣᠷ᠎ᠠ ᠪᠠᠬᠠᠨ ᠣᠩᠭᠣᠢᠪᠠᠴᠤ᠂ ᠯᠠᠮᠠ ᠨᠣᠶᠠᠳ᠂ ᠲᠦᠰᠢᠮᠡᠯ᠂ ᠮᠠᠢᠮᠠᠢ ᠨᠠᠷ ᠤ᠋ᠨ ᠲᠠᠯᠬᠢ ᠶ᠋ᠢᠨ ᠳᠣᠣᠷ᠎ᠠ ᠡᠨᠡᠯᠦᠨ ᠰᠢᠨᠠᠯᠤᠨ ᠵᠣᠪᠠᠵᠤ᠂ ᠡᠢᠮᠦ ᠡᠷᠬᠡ ᠦᠭᠡᠢ ᠶ᠋ᠢᠨ ᠲᠤᠢᠯ ᠳ᠋ᠤ᠌ ᠬᠦᠷᠦᠭᠰᠡᠨ ᠤᠯᠤᠰ ᠠᠷᠠᠳ ᠶᠤᠭᠠᠨ ᠡᠳᠦᠭᠡ ᠶ᠋ᠢᠨ ᠪᠠᠢᠳᠠᠯ ᠢ᠋ ᠡᠷᠭᠢᠴᠡᠭᠦᠯᠦᠨ᠂ ᠬᠡᠳᠦ ᠢᠷᠡᠭᠡᠳᠦᠢ ᠳ᠋ᠦ᠍ ᠬᠡᠷᠬᠢᠬᠦ ᠶ᠋ᠢ ᠨᠢ ᠭᠤᠨᠢᠨ ᠪᠣᠳᠣᠭᠰᠠᠭᠠᠷ ᠭᠡᠷ ᠲᠡᠭᠡᠨ ᠣᠢᠷᠠᠲᠤᠵᠤ᠂
— ᠲᠩᠷᠢ ᠳ᠋ᠦ᠍ ᠬᠡᠯᠡᠶ᠎ᠡ - ᠲᠩᠷᠢ ᠬᠣᠯᠠ᠂ ᠭᠠᠵᠠᠷ ᠲᠤ᠌ ᠬᠡᠯᠡᠶ᠎ᠡ - ᠭᠠᠵᠠᠷ ᠬᠠᠲᠠᠭᠤ᠃ ᠡᠷᠬᠡ ᠵᠢᠷᠭᠠᠯ ᠢ᠋ᠶ᠋ᠠᠨ ᠡᠷᠢᠭᠰᠡᠭᠡᠷ᠂ ᠡᠷᠭᠢᠬᠦ ᠳᠥᠷᠪᠡᠨ ᠴᠠᠭ ᠲᠤ᠌ ᠡᠵᠡᠭᠦᠢ ᠬᠡᠭᠡᠷ᠎ᠡ ᠨᠡᠭᠦᠵᠦ ᠶᠠᠪᠤᠳᠠᠭ ᠡᠩ ᠦ᠋ᠨ ᠠᠷᠠᠳ ᠪᠢᠳᠡᠨ ᠦ᠌ ᠡᠷᠬᠡ ᠵᠢᠷᠭᠠᠯ ᠤ᠋ᠨ ᠨᠠᠷᠠᠨ ᠬᠡᠵᠢᠶ᠎ᠡ ᠮᠠᠨᠳᠤᠳᠠᠭ ᠪᠢᠯᠡ? ᠣᠷᠣᠰ ᠡᠷᠳᠡᠮᠲᠡᠨ᠂ ᠣᠷᠣᠰ ᠤᠯᠤᠰ ᠢ᠋ ᠮᠠᠨ ᠤ᠋ ᠮᠣᠩᠭᠣᠯ ᠳ᠋ᠤ᠌ ᠲᠤᠰᠠᠯᠠᠨ᠎ᠠ ᠭᠡᠵᠦ ᠬᠡᠯᠡᠭᠰᠡᠨ ᠰᠠᠢᠬᠠᠨ ᠦᠭᠡ ᠪᠤᠷᠬᠠᠨ ᠤ᠋ ᠵᠠᠷᠯᠢᠭ ᠪᠣᠯᠲᠤᠭᠠᠢ ᠭᠡᠵᠦ ᠡᠪᠦᠭᠡᠨ ᠪᠠᠲᠤᠪᠠᠶᠠᠷ ᠭᠡᠷ ᠦ᠋ᠨ ᠪᠠᠷᠠᠭ᠎ᠠ(ᠪᠠᠷ᠎ᠠ) ᠬᠠᠷᠠᠭᠳᠠᠬᠤ ᠳᠠᠪᠠᠭᠠᠨ ᠳᠡᠭᠡᠷ᠎ᠡ ᠮᠣᠷᠢᠨ ᠠ᠋ᠴᠠ ᠪᠠᠨ ᠪᠠᠭᠤᠵᠤ᠂ ᠣᠪᠣᠭᠠᠨ ᠳ᠋ᠤ᠌ ᠮᠣᠷᠢᠨ ᠤ᠋ ᠳᠡᠯ ᠬᠢᠯᠭᠠᠰᠤ ᠠ᠋ᠴᠠ ᠡᠷᠭᠦᠭᠡᠳ᠂ ᠵᠢᠷᠭᠠᠯ ᠵᠣᠪᠠᠯᠠᠩ ᠢ᠋ ᠬᠠᠭᠠᠴᠠᠯ ᠦᠭᠡᠢ ᠬᠠᠮᠲᠤ ᠡᠳ᠋ᠯᠡᠭᠴᠢ ᠭᠠᠩᠰᠠ ᠪᠠᠨ ᠲᠦᠷᠡᠢ ᠡᠴᠡ ᠪᠡᠨ ᠭᠠᠷᠭᠠᠵᠤ᠂ ᠭᠡᠷ ᠦ᠋ᠨ ᠵᠦᠭ ᠠᠯᠤᠰ ᠢ᠋ ᠰᠢᠷᠲᠡᠨ᠂
— ᠣᠷᠣᠰ ᠡᠷᠳᠡᠮᠲᠡᠨ ᠦ᠌ ᠭᠡᠷ ᠲᠦ᠍ ᠮᠢᠨᠦ ᠳᠣᠲᠣᠷ᠎ᠠ ᠣᠩᠭᠣᠢᠵᠤ ᠰᠡᠳᠬᠢᠯ ᠲᠡᠨᠢᠢᠭᠰᠡᠨ ᠲᠡᠷᠡ ᠡᠳᠦᠷ ᠵᠡᠭᠦᠳᠦ ᠤᠤ? ᠮᠢᠨᠦ ᠬᠥᠮᠥᠰᠬᠡ ᠶ᠋ᠢ ᠵᠣᠪᠠᠯᠠᠩ ᠢ᠋ᠶ᠋ᠠᠷ ᠵᠠᠩᠭᠢᠳᠤᠭᠰᠠᠨ ᠡᠨᠡ ᠡᠳᠦᠷ ᠵᠡᠭᠦᠳᠦ ᠤᠤ? ᠭᠡᠵᠦ ᠭᠠᠩᠰᠠ ᠪᠠᠨ ᠲᠠᠲᠠᠵᠠᠢ᠃
— — — —
* ᠣᠷᠣᠰ ᠢ᠋ᠶ᠋ᠠᠷ ᠱᠯᠶᠠᠫᠠ ᠭᠡᠳᠡᠭ ᠦ᠋ᠨ ᠨᠡᠷ᠎ᠡ
ᠦᠰᠦᠭ ᠠᠮᠢᠯᠠᠭᠤᠯᠤᠭᠴᠢ᠄ ᠣᠶᠤᠨᠪᠠᠲᠤ᠂ ᠪᠠᠳᠮᠠᠰᠡᠴᠡᠨ᠂ ᠣᠭ᠌ᠶᠤ᠂ ᠤᠢᠭᠤᠷᠵᠢᠨ ᠣᠳᠬᠣᠨᠪᠠᠪᠠ᠂
ᠡᠷᠳᠡᠨᠢᠭᠣᠸ᠎ᠠ᠂ ᠮᠥᠩᠭᠥᠨᠭᠣᠸ᠎ᠠ
ᠬᠢᠨᠠᠭᠴᠢ᠄ ᠣᠳᠬᠣᠨᠴᠡᠴᠡᠭ᠂ ᠤᠢᠭᠤᠷᠵᠢᠨ ᠣᠳᠬᠣᠨᠪᠠᠪᠠ᠂ ᠠᠯᠲᠠᠨᠱᠠ᠂ ᠪᠠᠯ
ᠤᠩᠰᠢᠭᠴᠢ᠄ ᠨᠠᠰᠤᠨ᠌ᠦ᠌ᠯᠵᠡᠢ
