ᠦᠷ ᠦᠨ ᠲᠤᠶᠠᠭ᠎ᠠ 1 – ᠪ᠂ ᠷᠢᠨᠴᠢᠨ - ᠲᠡᠷᠢᠬᠦᠨ ᠲᠡᠪᠲᠡᠷ < ᠮᠠᠨᠵᠤ ᠶᠢᠨ ᠳᠠᠯᠬᠢᠨ ᠳᠤ>(ᠳᠣᠯᠣᠭ᠎ᠠ) Үүрийн туяа I – Б ᠂ Ренчин Тэргүүн дэвтэр "<Манжийн талхинд" (7)
ᠳᠣᠯᠣᠭ᠎ᠠ ᠂ ᠵᠣᠯᠢᠭ ᠲᠤ᠌ ᠭᠠᠷᠭᠠᠪᠠ
ᠪᠤᠵᠠᠷ ᠭᠠᠷ ᠢ᠋ᠶ᠋ᠠᠷ ᠢ᠋ᠶ᠋ᠠᠨ
ᠠᠮᠠ (ᠠᠮᠢ) ᠶ᠋ᠢ ᠮᠠᠨᠢ ᠠᠳᠬᠤᠵᠠᠢ᠃
ᠨᠠᠽᠢᠮ ᠬᠢᠺᠮᠸᠲ᠋
ᠵᠣᠯᠢᠭ ᠭᠠᠷᠭᠠᠬᠤ ᠭᠦᠷᠢᠮ ᠦ᠋ᠨ ᠰᠦᠷᠲᠡᠢ ᠵᠠᠩ ᠦᠢᠯᠡ ᠲᠡᠭᠦᠰᠬᠦ ᠳᠠᠰᠢ ᠬᠠᠨᠳᠤᠵᠤ᠂ ᠬᠥᠮᠦᠨ ᠦ᠌ ᠴᠢᠮᠥᠭᠡ ᠪᠡᠷ ᠬᠢᠭᠰᠡᠨ ᠭᠠᠩᠯᠢᠩ ᠤ᠋ᠨ ᠤᠬᠢᠯᠠᠬᠤ ᠮᠡᠲᠦ ᠮᠠᠭᠤᠬᠠᠢ ᠳᠠᠭᠤᠨ᠂ ᠡᠷᠢᠶᠡᠨ ᠪᠣᠳᠣᠭ ᠲᠠᠢ ᠵᠦᠮᠪᠦᠷ ᠬᠡ ᠲᠡᠢ ᠲᠣᠮᠣ ᠬᠡᠩᠭᠡᠷᠭᠡ ᠶ᠋ᠢᠨ ᠨᠢᠵᠢᠭᠢᠨᠡᠬᠦ ᠳᠠᠭᠤᠨ᠂ ᠦᠶ᠎ᠡ ᠦᠶ᠎ᠡ ᠳᠤᠤᠭᠠᠷᠬᠤ ᠲᠤᠩ ᠪᠦᠷᠢᠶ᠎ᠡ ᠶ᠋ᠢᠨ ᠳᠠᠭᠤᠨ ᠨᠢ ᠭᠣᠶᠣ ᠰᠠᠢᠬᠠᠨ ᠨᠣᠮ ᠤ᠋ᠨ ᠬᠤᠪᠴᠠᠰᠤ ᠵᠠᠩᠴᠢ ᠨᠥᠮᠥᠷᠦᠭᠰᠡᠨ ᠯᠠᠮᠠ ᠨᠠᠷ ᠤ᠋ᠨ ᠨᠣᠮ ᠤᠩᠰᠢᠬᠤ ᠳᠠᠭᠤᠨ ᠢ᠋ ᠬᠡᠰᠡᠭ ᠬᠡᠰᠡᠭ ᠳᠠᠷᠤᠵᠤ᠂ ᠴᠠᠩ ᠬᠡᠩᠭᠡᠷᠭᠡ ᠨᠢᠵᠢᠭᠢᠨᠡᠵᠦ ᠫᠢᠵᠢᠭᠢᠨᠡᠵᠦ ᠪᠠᠢᠪᠠ᠃
ᠲᠡᠭᠡᠭᠰᠡᠭᠡᠷ ᠵᠣᠯᠢᠭ ᠲᠤ᠌ ᠭᠠᠷᠬᠤ ᠬᠥᠮᠦᠨ ᠱᠣ ᠬᠠᠶᠠᠬᠤ ᠴᠠᠭ ᠪᠣᠯᠵᠤ᠂ ᠴᠣᠬᠣᠷ ᠲᠥᠪᠡᠳ ᠬᠥᠭᠡᠷᠦᠬᠦᠨ ᠱᠣ ᠬᠠᠶᠠᠭᠠᠳ᠂ ᠱᠣ ᠶ᠋ᠢᠨ ᠨᠢᠳᠦᠨ ᠦ᠌ ᠲᠣᠭ᠎ᠠ ᠪᠠᠷ ᠲᠠᠪᠤᠨ ᠬᠤᠷᠤᠭᠤ ᠪᠠᠨ ᠠᠷᠪᠠᠢᠯᠭᠠᠨ ᠦᠵᠡᠭᠦᠯᠵᠡᠢ᠂ ᠵᠣᠯᠢᠭ ᠲᠤ᠌ ᠭᠠᠷᠬᠤ ᠯᠤᠤᠭᠠᠨ ᠪᠣᠯᠤᠭᠴᠢ ᠬᠥᠮᠦᠨ᠂ ᠨᠢᠭᠤᠷ ᠢ᠋ᠶ᠋ᠠᠨ ᠴᠠᠭᠠᠨ ᠬᠠᠷ᠎ᠠ ᠪᠣᠳᠣᠭ ᠢ᠋ᠶ᠋ᠠᠷ ᠠᠯᠠᠭᠯᠠᠨ ᠪᠣᠳᠣᠭᠠᠳ᠂ ᠴᠠᠭᠠᠨ ᠢᠮᠠᠭᠠᠨ ᠤ᠋ ᠦᠰᠦ ᠶ᠋ᠢ ᠭᠠᠳᠠᠭᠰᠢ ᠬᠠᠷᠠᠭᠤᠯᠤᠭᠰᠠᠨ ᠬᠤᠪᠴᠠᠰᠤ ᠡᠮᠦᠰᠴᠦ᠂ ᠭᠠᠷ ᠲᠠᠭᠠᠨ ᠰᠠᠷᠯᠤᠭ ᠤ᠋ᠨ ᠰᠠᠭᠰᠠᠭᠠᠷ ᠰᠡᠭᠦᠯ ᠪᠠᠷᠢᠭᠠᠳ᠂ ᠲᠠᠯ᠎ᠠ ᠪᠦᠬᠦᠨ ᠳ᠋ᠡᠭᠡᠨ ᠭᠠᠭᠴᠠ ᠭᠠᠭᠴᠠ ᠨᠢᠳᠦ ᠲᠡᠢ ᠪᠦᠳᠦᠭᠦᠨ ᠬᠢᠴᠡ ᠲᠡᠢ ᠲᠣᠮᠣ ᠮᠣᠳᠣᠨ ᠱᠣ ᠪᠠᠨ ᠭᠤᠷᠪᠠᠨᠲᠠ ᠬᠠᠶᠠᠭᠠᠳ᠂ ᠭᠤᠷᠪᠠ ᠳᠠᠬᠢᠨ ᠭᠠᠭᠴᠠ ᠨᠢᠳᠦ ᠪᠠᠭᠤᠵᠤ ᠠᠯᠳᠠᠭᠰᠠᠨ ᠳ᠋ᠠᠭᠠᠨ ᠠᠭᠤᠷᠯᠠᠭᠰᠠᠨ ᠳᠦᠷᠢᠮ ᠦᠵᠡᠭᠦᠯᠵᠦ᠂ ᠱᠣ ᠪᠠᠨ ᠭᠠᠵᠠᠷ ᠰᠠᠪᠠᠬᠤ ᠳ᠋ᠤᠨᠢ᠂ᠰᠦᠷᠴᠢᠭᠢᠨᠡᠲᠡᠯᠡ ᠣᠢᠵᠤ᠂ ᠭᠦᠷᠢᠮᠴᠢ ᠶ᠋ᠢᠨ ᠡᠪᠦᠷ ᠳᠡᠭᠡᠷ᠎ᠡ ᠲᠤᠰᠴᠠᠢ᠃
ᠰᠦᠷᠲᠡᠢ ᠵᠠᠩ ᠦᠢᠯᠡ ᠶ᠋ᠢᠨ ᠠᠶᠤᠮᠠᠷ ᠪᠠᠢᠳᠠᠯ ᠳ᠋ᠤ᠌ ᠡᠮᠢᠶᠡᠨ᠂ ᠬᠣᠨᠢ ᠰᠢᠭ᠋ ᠪᠥᠭᠡᠮᠨᠡᠷᠡᠭᠰᠡᠨ ᠣᠯᠠᠨ᠂ ᠲᠡᠭᠦᠨ ᠢ᠋ ᠦᠵᠡᠭᠡᠳ ᠠᠢ ᠭᠡᠵᠦ ᠨᠢᠭᠡᠨ ᠵᠡᠷᠭᠡᠪᠡᠷ ᠳᠠᠭᠤᠨ ᠠᠯᠲᠠᠨ ᠰᠣᠴᠢᠪᠠ᠃ ᠭᠠᠩᠯᠢᠩ ᠭᠠᠩᠳᠤᠩ( ᠭᠠᠨᠳᠠᠩ) ᠭᠡᠳᠡᠭ ᠶᠠᠰᠤᠨ ᠪᠦᠷᠢᠶ᠎ᠡ᠂ ᠵᠡᠰ ᠪᠦᠷᠢᠶ᠎ᠡ᠂ ᠬᠥᠮᠦᠨ ᠠᠮᠢᠲᠠᠨ ᠠᠶᠤᠮᠠᠷ ᠮᠠᠭᠤᠬᠠᠢ ᠳᠤᠤᠭᠠᠷᠤᠭᠠᠳ᠂ ᠲᠤᠩ ᠪᠦᠷᠢᠶ᠎ᠡ᠂ ᠴᠠᠩ ᠬᠡᠩᠭᠡᠷᠭᠡ ᠨᠢᠵᠢᠭᠢᠨᠡᠵᠦ᠂ ᠦᠬᠡᠷ ᠪᠦᠷᠢᠶ᠎ᠡ ᠶ᠋ᠢᠨ ᠪᠦᠳᠦᠭᠦᠨ ᠰᠥᠭᠡᠩᠭᠢ ᠳᠠᠭᠤᠨ᠂ ᠴᠢᠮᠡᠭᠡ ᠪᠦᠬᠦᠨ ᠢ᠋ ᠳᠠᠷᠤᠵᠤ ᠰᠦᠷᠳᠡᠶ᠎ᠡ ᠳᠤᠤᠭᠠᠷᠤᠭᠠᠳ᠂ ᠵᠣᠯᠢᠭ ᠲᠤ᠌ ᠭᠠᠷᠴᠤ ᠪᠠᠢᠭ᠎ᠠ ᠬᠥᠮᠦᠨ᠂ ᠵᠡᠭᠦᠨ ᠡᠮᠦᠨ᠎ᠡ ᠵᠦᠭ ᠲᠣᠰᠣ ᠲᠠᠢ ᠡᠪᠡᠰᠦ ᠨᠠᠷᠢᠨ ᠬᠠᠭᠤᠷᠠᠢ ᠮᠣᠳᠣ ᠪᠠᠷ ᠪᠤᠰᠬᠠᠵᠤ ᠲᠣᠰᠣ ᠴᠢᠳᠬᠤᠭᠰᠠᠨ ᠱᠣᠪᠣᠭᠣᠷ ᠤ᠋ᠨ ᠵᠦᠭ ᠭᠦᠶᠦᠪᠡ᠃
ᠣᠯᠠᠨ ᠯᠠᠮᠠ ᠨᠠᠷ ᠬᠣᠢᠨ᠎ᠠ ᠠ᠋ᠴᠠ ᠨᠢ ᠳᠠᠭᠠᠵᠤ᠂ ᠯᠾᠠ ᠪᠠᠢᠰᠠ ᠶ᠋ᠢᠨ ᠪᠡᠶ᠎ᠡ ᠶ᠋ᠢᠨ ᠬᠥᠷᠥᠭ᠂ ᠰᠤᠷ ᠪᠠᠷᠢᠭᠰᠠᠨ ᠯᠠᠮᠠ ᠨᠠᠷ ᠲᠡᠷᠡ ᠱᠣᠪᠣᠭᠣᠷ ᠤ᠋ᠨ ᠵᠦᠭ ᠵᠡᠷᠭᠡ ᠣᠢᠷᠠᠲᠤᠮᠠᠭᠴᠠ᠂ ᠭᠦᠷᠢᠮᠴᠢ ᠴᠢᠭᠢᠷᠠᠭ ᠬᠦᠷᠡᠩ ᠭᠠᠷ ᠲᠠᠭᠠᠨ ᠰᠤᠷ ᠪᠠᠷᠢᠭᠠᠳ ᠴᠠᠮᠨᠠᠨ᠂ ᠬᠣᠷᠮᠣᠢ ᠨᠢ ᠳᠡᠷᠪᠡᠨ ᠬᠡᠢᠰᠴᠦ᠂ ᠶᠠᠮᠠᠷ ᠨᠢᠭᠡᠨ ᠲᠤᠷᠤᠭ ᠶᠡᠬᠡ ᠰᠢᠪᠠᠭᠤᠨ ᠤ᠋ ᠳᠡᠯᠭᠡᠭᠰᠡᠨ ᠵᠢᠭᠦᠷ ᠰᠢᠭ ᠦᠵᠡᠭᠳᠡᠭᠡᠳ᠂ ᠭᠢᠯᠠᠯᠵᠠᠭᠰᠠᠨ ᠨᠢᠳᠦ ᠪᠡᠨ ᠪᠦᠯᠲᠡᠢᠲᠡᠯᠡ ᠨᠡᠭᠡᠭᠡᠵᠦ᠂ ᠬᠠᠷ᠎ᠠ ᠴᠠᠬᠢᠯᠭᠠᠨ ᠴᠠᠬᠢᠯᠵᠤ ᠪᠠᠢᠭᠰᠠᠨ ᠶᠤᠮ ᠰᠢᠭ᠋ ᠳᠣᠭᠰᠢᠨ ᠢ᠋ᠶ᠋ᠠᠷ ᠡᠷᠭᠢᠭᠦᠯᠦᠨ᠂ ᠡᠰᠢ ᠲᠡᠰᠢ ᠨᠢᠰᠬᠦ ᠮᠡᠲᠦ ᠦᠰᠦᠷᠦᠨ ᠪᠥᠵᠢᠭᠯᠡᠬᠦ ᠳ᠋ᠦ᠍ᠨᠢ ᠴᠠᠭᠠᠨ ᠰᠢᠲᠦ ᠪᠡᠨ ᠶᠠᠷᠵᠠᠢᠯᠭᠠᠨ (ᠢᠷᠵᠠᠢᠯᠭᠠᠨ) ᠬᠥᠮᠦᠨ ᠠᠮᠢᠲᠠᠨ ᠠᠶᠤᠮᠠᠷ ᠮᠦᠰᠢᠶᠡᠵᠦ᠂ᠤᠯᠠᠭᠠᠨ ᠭᠠᠯ ᠳᠦᠷᠪᠡᠯᠵᠡᠨ (ᠳᠦᠷᠡᠯᠵᠡᠨ) ᠪᠠᠳᠠᠷᠠᠭᠰᠠᠨ᠂ ᠭᠢᠯᠠᠯᠵᠠᠨ ᠴᠠᠢᠭᠰᠠᠨ ᠬᠣᠬᠢᠮᠠᠢ ᠲᠣᠯᠣᠭᠠᠢ ᠶ᠋ᠢ ᠰᠢᠭᠦᠷᠦᠭᠰᠡᠨ (ᠰᠢᠭᠦᠷᠡᠭᠰᠡᠨ) ᠦᠯᠡᠮᠵᠢ ᠪᠡᠶᠡᠲᠦ ᠨᠢᠰᠬᠦ ᠵᠢᠪ* ᠮᠡᠲᠦ ᠳᠡᠭᠳᠡᠯᠬᠡᠢᠯᠡᠵᠦ (ᠳᠡᠭᠳᠡᠯᠬᠢᠯᠡᠵᠦ)᠂ ᠭᠡᠨᠡᠳᠲᠡ ᠬᠡᠳᠦ ᠲᠣᠮᠣ ᠦᠰᠦᠷᠦᠭᠡᠳ᠂ ᠲᠦᠷᠵᠢᠭᠨᠡᠨ (ᠲᠦᠷᠴᠢᠭᠢᠨᠡᠨ) ᠠᠰᠠᠵᠤ ᠪᠠᠢᠭ᠎ᠠ ᠲᠡᠷᠡ ᠱᠣᠪᠣᠭᠣᠷ ᠤ᠋ᠨ ᠵᠦᠭ ᠰᠤᠷ ᠢ᠋ᠶ᠋ᠠᠨ ᠴᠢᠯᠠᠭᠤᠳᠠᠮᠠᠭᠴᠠ᠂ ᠴᠡᠷᠢᠭ ᠴᠠᠬᠢᠭᠤᠷ ᠫᠤᠤ᠂ ᠪᠢᠷᠳᠠᠩ ᠫᠤᠤ ᠪᠠᠷ ᠨᠢᠵᠢᠭᠢᠨᠡᠲᠡᠯ᠎ᠡ ᠫᠤᠤᠳᠠᠪᠠ᠃
ᠭᠦᠷᠢᠮᠴᠢ ᠶ᠋ᠢᠨ ᠭᠠᠷ ᠲᠤ᠌ ᠭᠡᠨᠡᠳᠲᠡ᠂ ᠦᠵᠦᠭᠦᠷ ᠲᠡᠭᠡᠨ ᠬᠠᠷ᠎ᠠ ᠬᠠᠳᠠᠭ ᠤᠶᠠᠭᠰᠠᠨ ᠲᠤᠩᠷᠠ ᠭᠡᠳᠡᠭ ᠲᠠᠷᠨᠢ ᠤᠷᠢᠬᠤ ᠬᠠᠷ᠎ᠠ ᠡᠪᠡᠷ ᠦᠵᠡᠭᠳᠡᠭᠡᠳ᠂ ᠭᠦᠷᠢᠮᠴᠢ ᠫᠤᠤ ᠲᠠᠴᠢᠭᠢᠨᠠᠬᠤ᠂ ᠪᠦᠷᠢᠶ᠎ᠡ ᠬᠠᠰᠬᠢᠷᠬᠤ ᠳᠤᠮᠳᠠᠭᠤᠷ ᠲᠤᠩᠷᠠ ᠪᠠᠷ ᠳᠦᠷᠪᠡᠯᠵᠡᠨ (ᠳᠦᠷᠡᠯᠵᠡᠨ) ᠪᠠᠢᠭ᠎ᠠ ᠭᠠᠯ ᠤ᠋ᠨ ᠵᠦᠭ ᠮᠠᠭᠤ ᠠᠳᠠ ᠵᠡᠳᠬᠡᠷ ᠢ᠋ ᠬᠥᠭᠡᠭᠡᠬᠦ ᠲᠠᠷᠨᠢ ᠤᠩᠰᠢᠨ᠂ ᠭᠤᠷᠪᠠᠨᠲᠠ ᠶᠡᠬᠡᠯ᠎ᠡ ᠰᠦᠷᠲᠡᠢ ᠳᠣᠬᠢᠵᠠᠢ᠃ ᠲᠡᠭᠡᠭᠡᠳ᠂ ᠰᠤᠷ ᠵᠠᠯᠠᠭᠰᠠᠨ ᠣᠯᠠᠨ ᠴᠥᠮ ᠨᠢᠭᠡᠨ ᠵᠡᠷᠭᠡ ᠬᠥᠳᠡᠯᠵᠦ᠂ ᠭᠡᠳᠡᠷᠭᠦ ᠪᠡᠨ ᠪᠤᠴᠠᠵᠤ᠂ ᠡᠷᠯᠢᠭ ᠦ᠋ᠨ ᠡᠯᠴᠢ ᠨᠠᠷ ᠠᠮᠢ ᠵᠣᠯᠢᠬᠤ ᠵᠣᠯᠢᠭ ᠢ᠋ ᠠᠪᠤᠭᠰᠠᠨ ᠪᠣᠯᠵᠠᠢ᠃
ᠬᠣᠢᠲᠤ ᠡᠳᠦᠷ ᠦ᠋ᠨ ᠣᠷᠣᠢ᠂ ᠬᠥᠲᠥᠯᠭᠡᠭᠡ(ᠬᠥᠲᠥᠯᠦᠭᠡ) ᠮᠣᠷᠢ ᠲᠠᠢ ᠭᠤᠷᠪᠠᠨ ᠬᠥᠮᠦᠨ — ᠵᠣᠯᠢᠭ ᠲᠤ᠌ ᠭᠠᠷᠤᠭᠰᠠᠨ ᠬᠦᠦ᠂ ᠴᠡᠷᠢᠭ ᠪᠠᠯᠳᠠᠨ᠂ ᠭᠦᠷᠢᠮᠴᠢ ᠶ᠋ᠢᠨ ᠱᠠᠪᠢ ᠰᠠᠮᠲᠠᠨᠪᠠᠵᠠᠷ (ᠰᠠᠮᠲᠠᠨᠪᠠᠽᠠᠷ )᠂ ᠨᠣᠶᠠᠨ ᠤ᠋ ᠦᠷᠭᠦᠭᠡᠨ ᠡᠴᠡ ᠬᠣᠯᠠᠳᠠᠨ ᠳᠠᠪᠬᠢᠭᠰᠠᠭᠠᠷ᠂ ᠪᠠᠷᠠᠭᠤᠨ ᠰᠥᠨᠢᠳ ᠦ᠋ᠨ ᠨᠤᠲᠤᠭ ᠤ᠋ᠨ ᠵᠦᠭ ᠴᠢᠭᠯᠡᠵᠦ᠂ ᠬᠤᠰᠢᠭᠤᠨ ᠤ᠋ ᠵᠠᠬ᠎ᠠ ᠳᠠᠰᠢ ᠲᠡᠮᠡᠴᠡᠨ ᠳᠠᠪᠬᠢᠵᠤ᠂ ᠨᠥᠭᠥᠭᠡᠳᠦᠷ ᠦ᠋ᠨ ᠰᠢᠩᠭᠡᠬᠦ ᠨᠠᠷᠠᠨ ᠤ᠋ ᠦᠶᠡᠰ᠂ ᠵᠡᠷᠭᠡᠯᠡᠳᠡᠭᠡ ᠬᠤᠰᠢᠭᠤᠨ ᠤ᠋ ᠰᠡᠪ ᠨᠤᠲᠤᠭ ᠲᠤ᠌ ᠬᠦᠷᠴᠦ᠂ ᠲᠥᠪᠡᠳ ᠰᠠᠮᠲᠠᠨᠪᠠᠵᠠᠷ(ᠰᠠᠮᠲᠠᠨᠪᠠᠽᠠᠷ)᠂ ᠴᠡᠷᠢᠭ ᠪᠠᠯᠳᠠᠩ (ᠪᠠᠯᠳᠠᠨ) ᠳ᠋ᠤ᠌ ᠬᠥᠲᠥᠯᠭᠡᠭᠡ( ᠬᠥᠲᠥᠯᠦᠭᠡ) ᠮᠣᠷᠢ ᠪᠠᠨ ᠥᠭᠭᠦᠭᠡᠳ᠂
— ᠣᠳᠣ ᠪᠢ ᠡᠨᠡ ᠬᠥᠮᠦᠨ ᠢ᠋ ᠲᠡᠷᠡ ᠳᠠᠪᠠᠭ᠎ᠠ ᠥᠩᠭᠡᠷᠡᠲᠡᠯ᠎ᠡ ᠥᠳᠥᠵᠦ(ᠦᠳᠡᠵᠦ) ᠥᠭᠭᠦᠭᠡᠳ᠂ ᠳᠠᠪᠠᠭᠠᠨ ᠳᠡᠭᠡᠷ᠎ᠡ ᠭᠠᠷᠴᠤ᠂ ᠰᠠᠩ ᠰᠡᠷᠵᠢᠮ ᠡᠷᠭᠦᠵᠦ ᠥᠭᠭᠦᠶ᠎ᠡ᠂ ᠲᠠ ᠡᠨᠳᠡ ᠮᠣᠷᠢ ᠪᠠᠨ ᠠᠮᠠᠷᠠᠭᠠᠵᠤ᠂ ᠨᠠᠮᠠᠶ᠋ᠢ ᠲᠦᠷ ᠬᠦᠯᠢᠶᠡ (ᠬᠦᠯᠢᠶᠡ)ᠭᠡᠵᠡᠢ᠃ ᠡᠪᠦᠭᠡᠨ ᠪᠠᠯᠳᠠᠨ ᠥᠭᠦᠯᠡᠷᠦᠨ᠂
— ᠵᠠ᠂ ᠪᠢ ᠪᠠᠰᠠ ᠭᠠᠢ ᠵᠡᠳᠬᠡᠷ ᠢ᠋ᠶ᠋ᠡᠨ ᠨᠢᠮᠭᠡᠯᠡᠬᠦ ᠰᠠᠨᠠᠭ᠎ᠠ ᠲᠠᠢ ᠶᠤᠮᠰᠠᠨ᠃ ᠶᠠᠳᠠᠭᠤ ᠨᠠᠳᠠ ᠳ᠋ᠤ᠌ ᠥᠭᠬᠦ ᠠᠯᠲᠠ ᠮᠥᠩᠭᠥ ᠠᠯᠠᠭ᠎ᠠ ᠳᠠ᠃ ᠤᠨᠤᠭᠰᠠᠨ ᠮᠣᠷᠢ᠂ ᠡᠭᠦᠷᠦᠭᠰᠡᠨ ᠫᠤᠤ ᠰᠠᠩ ᠤ᠋ᠨ ᠶᠤᠮ(ᠶᠠᠭᠤᠮ᠎ᠠ)᠃ ᠡᠮᠦᠰᠦᠭᠰᠡᠨ ᠮᠠᠭᠤ ᠳᠡᠪᠡᠯ ᠢ᠋ᠶ᠋ᠡᠷ ᠮᠢᠨᠢ᠂ ᠴᠢ ᠶᠠᠭᠤ ᠬᠢᠬᠦ ᠪᠣᠢ ᠳᠠ᠃ ᠡᠨᠡ ᠲᠠᠰᠢᠭᠤᠷ ᠢ᠋ᠶ᠋ᠠᠨ ᠴᠢᠮᠠᠲᠤ ᠪᠠᠷᠢᠶ᠎ᠠ᠃ ᠪᠦᠦ ᠭᠣᠯᠣᠭᠠᠷᠠᠢ᠃ ᠪᠢ ᠡᠭᠦᠨ ᠢ᠋ᠶ᠋ᠡᠷ ᠢ᠋ᠶ᠋ᠡᠨ ᠴᠢᠨᠣ᠎ᠠ ᠴᠣᠬᠢᠵᠤ ᠶᠠᠪᠤᠭᠰᠠᠨ ᠬᠥᠮᠦᠨ ᠰᠢᠦ᠃ ᠰᠠᠢᠨ ᠲᠠᠰᠢᠭᠤᠷ ᠢ᠋ ᠡᠵᠡᠭᠦᠢ ᠬᠡᠭᠡᠷ᠎ᠡ ᠡᠷ᠎ᠡ ᠬᠥᠮᠦᠨ ᠦ᠌ ᠵᠡᠮᠰᠡᠭ (ᠵᠢᠮᠰᠡᠭ)ᠭᠡᠳᠡᠭ ᠤᠴᠢᠷ ᠲᠠᠢ ᠪᠣᠢ᠃ ᠪᠣᠯᠭᠣᠮᠵᠢᠲᠠᠢ᠂ ᠰᠡᠷᠡᠮᠵᠢᠲᠡᠢ ᠶᠠᠪᠤᠭᠠᠷᠠᠢ᠂ ᠬᠦᠦ ᠮᠢᠨᠢ᠂ ᠡᠵᠡᠨ ᠬᠢᠴᠢᠶᠡᠪᠡᠯ᠂ ᠠᠵᠠ ᠬᠢᠴᠢᠶᠡᠨ᠎ᠡ ᠭᠡᠳᠡᠭ ᠰᠢᠦ ᠭᠡᠵᠦ ᠨᠢᠳᠦ ᠪᠡᠨ ᠰᠠᠮ ᠢᠷᠮᠡᠰᠬᠢᠨ ᠳᠣᠬᠢᠭᠰᠠᠨ ᠳ᠋ᠤ᠌᠂ ᠨᠠᠰᠤᠨᠪᠠᠲᠤ᠂ ᠡᠪᠦᠭᠡᠨ ᠦ᠌ ᠲᠡᠷᠡ ᠲᠠᠰᠢᠭᠤᠷ ᠢ᠋ ᠠᠪᠤᠭᠠᠳ᠂ ᠦᠵᠦᠭᠦᠷ ᠲᠡᠭᠡᠨ ᠮᠠᠰᠢ ᠬᠦᠨᠳᠦ ᠲᠤᠯᠠ᠂ ᠲᠤᠭᠤᠯᠭ᠎ᠠ ᠴᠢᠳᠬᠤᠭᠰᠠᠨ ᠢ᠋ ᠮᠡᠳᠡᠪᠡ᠃
ᠡᠪᠦᠭᠡᠨ ᠲᠠᠢ ᠰᠠᠯᠬᠤ ᠶᠣᠰᠣ ᠬᠢᠵᠦ᠂ ᠥᠨᠥᠬᠢ ᠳᠠᠪᠠᠭᠠᠨ ᠤ᠋ ᠵᠦᠭ ᠣᠳᠴᠤ᠂ ᠳᠠᠪᠠᠭᠠᠨ ᠳᠡᠭᠡᠷᠡᠬᠢ ᠣᠪᠣᠭᠠᠨ ᠤ᠋ ᠳᠡᠷᠭᠡᠳᠡ ᠲᠡᠷᠡ ᠲᠥᠪᠡᠳ ᠦ᠋ᠨ ᠰᠡᠷᠵᠢᠮ ᠡᠷᠭᠦᠬᠦ ᠵᠠᠪᠰᠠᠷ᠂ ᠨᠠᠰᠤᠨᠪᠠᠲᠤ᠂ ᠰᠢᠩᠭᠡᠬᠦ ᠨᠠᠷᠠᠨ ᠤ᠋ ᠭᠡᠷᠡᠯ ᠳ᠋ᠦ᠍ ᠭᠢᠯᠠᠯᠵᠠᠵᠤ ᠪᠠᠢᠭ᠎ᠠ ᠪᠠᠷᠠᠭᠤᠨ ᠬᠣᠢᠲᠤ ᠵᠦᠭ᠂ ᠨᠤᠲᠤᠭ ᠤ᠋ᠨ ᠢ᠋ᠶ᠋ᠠᠨ ᠵᠦᠭ ᠰᠢᠷᠳᠡᠨ ᠬᠠᠷᠠᠪᠠᠯ᠂ ᠨᠠᠷᠠᠨ ᠳ᠋ᠤ᠌ ᠭᠠᠩᠳᠠᠭᠰᠠᠨ᠂ ᠰᠢᠷᠠᠪᠲᠤᠷ ᠨᠣᠭᠣᠭᠠᠨ ᠥᠩᠭᠡᠲᠡᠢ᠂ ᠳᠣᠪᠣ ᠲᠣᠯᠣᠭᠠᠢᠳ(ᠲᠤᠯᠤᠭᠠᠳ) ᠪᠣᠯᠤᠭᠰᠠᠨ ᠲᠠᠯ᠎ᠠ ᠭᠠᠵᠠᠷ᠂ ᠬᠥᠬᠡᠷᠡᠨ ᠬᠠᠷᠠᠭᠳᠠᠭᠴᠢ ᠠᠯᠤᠰ ᠤ᠋ᠨ ᠠᠭᠤᠯᠠ ᠶ᠋ᠢᠨ ᠬᠣᠷᠮᠣᠢ ᠲᠠᠢ ᠵᠠᠯᠭᠠᠯᠳᠤᠨ᠂ ᠲᠡᠷᠡ ᠠᠭᠤᠯᠠᠰ ᠤ᠋ᠨ ᠲᠡᠷᠲᠡᠭᠡ ᠪᠠᠰᠠ ᠨᠢᠭᠡ ᠶᠡᠬᠡ ᠲᠠᠯ᠎ᠠ᠂ ᠲᠡᠭᠦᠨ ᠦ᠌ ᠴᠠᠭᠠᠨ᠎ᠠ ᠪᠠᠰᠠ ᠠᠭᠤᠯᠠ᠂ ᠲᠡᠷᠡ ᠠᠭᠤᠯᠠ ᠶ᠋ᠢᠨ ᠴᠠᠭᠠᠨ᠎ᠠ ᠭᠠᠷᠬᠤ ᠳ᠋ᠤ᠌ ᠡᠨᠡ ᠳᠠᠪᠠᠭᠠᠨ ᠤ᠋ ᠬᠣᠶᠠᠷ ᠲᠠᠯ᠎ᠠ ᠳ᠋ᠤ᠌ ᠲᠩᠷᠢ ᠶ᠋ᠢᠨ ᠬᠣᠷᠮᠣᠢ ᠳ᠋ᠤ᠌ ᠵᠢᠷᠢᠯᠵᠡᠵᠦ ᠪᠠᠢᠭ᠎ᠠ ᠵᠡᠭᠡᠷ᠎ᠡ ᠲᠡᠢ᠂ ᠵᠠᠬ᠎ᠠ ᠬᠢᠵᠠᠭᠠᠷ ᠦᠭᠡᠢ ᠥᠷᠭᠡᠨ ᠲᠠᠯ᠎ᠠ ᠰᠢᠭ᠋ ᠡᠯᠴᠢᠯ ᠦᠭᠡᠢ ᠠᠭᠤᠵᠢᠮ ᠲᠠᠯ᠎ᠠ ᠪᠣᠢ᠃
ᠲᠡᠷᠡ ᠮᠢᠨᠦ ᠨᠤᠲᠤᠭ ᠭᠡᠵᠦ ᠰᠠᠨᠠᠬᠤ ᠳ᠋ᠠᠭᠠᠨ ᠰᠡᠳᠬᠢᠯ ᠨᠢ ᠤᠶᠠᠷᠠᠨ ᠭᠤᠨᠢᠪᠠ᠃ ᠬᠡᠭᠡᠷ᠎ᠡ ᠶ᠋ᠢᠨ ᠠᠭᠢ ᠭᠠᠩᠭ᠎ᠠ ᠳᠠᠭᠠᠨ᠎ᠠ ᠬᠠᠩᠬᠤᠯᠤᠭᠰᠠᠨ ᠰᠠᠯᠬᠢ ᠨᠢ᠂ ᠲᠥᠷᠥᠭᠰᠡᠨ ᠨᠤᠲᠤᠭ ᠤ᠋ᠨ ᠮᠢᠨᠢ ᠰᠠᠢᠬᠠᠨ ᠦᠨᠦᠷ᠂ ᠠᠢᠯ ᠬᠣᠲᠠ ᠶ᠋ᠢᠨ ᠮᠢᠨᠢ ᠠᠷᠭᠠᠯ ᠤ᠋ᠨ ᠤᠲᠤᠭ᠎ᠠ ᠬᠠᠩᠬᠤᠯᠵᠤ ᠶᠠᠪᠤᠨᠠᠤ ᠳᠠ! ᠭᠡᠵᠦ ᠰᠠᠨᠠᠭᠳᠠᠵᠤ ᠪᠠᠢᠲᠠᠯ᠎ᠠ ᠠᠷᠤ ᠳ᠋ᠤᠨᠢ ᠠᠶᠠᠷᠬᠠᠨ ᠭᠡᠳᠡᠰᠬᠢᠨ ᠭᠢᠰᠬᠢᠬᠦ ᠴᠢᠮᠡᠭᠡ ᠰᠣᠨᠣᠰᠳᠠᠪᠠ᠂ ᠡᠷᠭᠢᠵᠦ ᠬᠠᠷᠠᠪᠠᠯ᠂ ᠥᠨᠥᠬᠢ ᠲᠥᠪᠡᠳ᠂ ᠰᠡᠷᠵᠢᠮ ᠢ᠋ᠶ᠋ᠡᠨ ᠡᠷᠭᠦᠵᠦ ᠭᠦᠢᠴᠡᠭᠡᠳ ᠬᠦᠢᠲᠡᠨ ᠢ᠋ᠶ᠋ᠡᠷ ᠢᠨᠢᠶᠡᠮᠰᠦᠷᠡᠨ᠂ ᠨᠠᠰᠤᠨᠪᠠᠲᠤ ᠶ᠋ᠢᠨ ᠵᠦᠭ ᠠᠢᠰᠤᠢ ᠠᠵᠢ᠃ ᠲᠥᠪᠡᠳ ᠦ᠋ᠨ ᠲᠡᠷᠡ ᠬᠦᠢᠲᠡᠨ ᠴᠢᠷᠠᠢ ᠶ᠋ᠢ ᠨᠢ ᠦᠵᠡᠭᠡᠳ᠂ ᠨᠠᠰᠤᠨᠪᠠᠲᠤ ᠰᠠᠢᠨ ᠰᠠᠨᠠᠭᠠᠲᠤ ᠡᠪᠦᠭᠡᠨ ᠪᠠᠯᠳᠠᠨ ᠤ᠋ ᠰᠠᠨᠠᠭᠤᠯᠤᠭᠰᠠᠨ ᠦᠭᠡ ᠶ᠋ᠢ ᠰᠠᠨᠠᠵᠤ᠂ ᠶᠡᠬᠡᠯ᠎ᠡ ᠬᠢᠴᠢᠶᠡᠨ ᠪᠣᠯᠭᠣᠮᠵᠢᠯᠠᠪᠠ᠃
— ᠤᠨᠠᠭᠰᠠᠨ ᠭᠠᠵᠠᠷ᠂ ᠤᠬᠢᠶᠠᠭᠰᠠᠨ ᠤᠰᠤ᠂ ᠨᠤᠲᠤᠭ ᠤ᠋ᠨ ᠵᠦᠭ ᠬᠠᠷᠠᠵᠤ ᠪᠠᠢᠨᠠᠤ? ᠭᠠᠢ ᠦᠭᠡᠢ ᠣᠳᠣ ᠲᠤᠩ ᠤᠳᠠᠬᠤ ᠦᠭᠡᠢ ᠰᠡᠳᠬᠢᠯ ᠦ᠋ᠨ ᠵᠣᠪᠠᠯᠠᠩ ᠭᠤᠨᠢᠯ ᠴᠥᠮ ᠠᠷᠢᠯᠤᠨ᠎ᠠ᠃ ᠶᠠᠪᠤᠶ᠎ᠠ ᠪᠢ ᠴᠢᠮᠠᠶ᠋ᠢ ᠳᠠᠪᠠᠭ᠎ᠠ ᠤᠷᠤᠭᠤ ᠥᠲᠥᠭᠡᠳ (ᠦᠳᠡᠭᠡᠳ) ᠥᠭᠭᠦᠶ᠎ᠡ ᠭᠡᠵᠡᠢ᠃
ᠵᠠᠭᠠᠯ(ᠵᠢᠭᠠᠯ) ᠬᠦᠦ ᠶ᠋ᠢᠨ ᠨᠢᠭᠡ ᠮᠡᠳᠡᠬᠦ ᠳ᠋ᠦ᠍᠂ ᠵᠡᠷᠭᠡᠴᠡᠵᠦ ᠶᠠᠪᠤᠭᠰᠠᠨ ᠲᠡᠷᠡ ᠲᠥᠪᠡᠳ ᠦ᠋ᠨ ᠮᠣᠷᠢᠨ ᠤ᠋ ᠲᠣᠯᠣᠭᠠᠢ ᠨᠢ ᠠᠶᠠᠷᠬᠠᠨ ᠠᠶᠠᠷᠬᠠᠨ ᠢ᠋ᠶ᠋ᠠᠷ ᠬᠣᠴᠣᠷᠣᠰᠬᠢᠬᠦ(ᠬᠣᠴᠣᠷᠣᠰᠬᠢᠬᠤ) ᠪᠠᠢᠳᠠᠯᠲᠠᠢ ᠪᠣᠯᠵᠤ ᠡᠬᠢᠯᠡᠬᠦ ᠳ᠋ᠦ᠍᠂ ᠣᠳᠣ ᠯᠠ ᠮᠢᠨᠦ ᠬᠣᠢᠨ᠎ᠠ ᠠ᠋ᠴᠠ ᠲᠠᠰᠢᠭᠤᠷ ᠢ᠋ᠶ᠋ᠠᠷ ᠢ᠋ᠶ᠋ᠠᠨ ᠪᠠᠭᠤᠯᠭᠠᠬᠤ ᠨᠢ ᠳᠡ ᠭᠡᠵᠦ ᠪᠣᠳᠣᠭᠠᠳ ᠣᠷᠴᠢᠨ ᠲᠣᠭᠣᠷᠢᠨ ᠤ᠋ ᠭᠠᠵᠠᠷ ᠤ᠋ᠨ ᠪᠠᠢᠳᠠᠯ ᠢ᠋ ᠬᠠᠷᠠᠭᠰᠠᠨ ᠶᠤᠮ ᠰᠢᠭ᠋᠂ ᠡᠷᠭᠢᠵᠦ ᠬᠠᠷᠠᠬᠤ ᠳ᠋ᠤᠨᠢ ᠥᠨᠥᠬᠢ ᠲᠥᠪᠡᠳ᠂ ᠮᠣᠷᠢᠨ ᠤ᠋ ᠪᠠᠨ ᠠᠮᠠ ᠶ᠋ᠢ ᠰᠠᠮ ᠲᠠᠲᠠᠰᠬᠢᠭᠡᠳ(ᠲᠠᠲᠠᠰᠬᠢᠭᠠᠳ) ᠨᠢᠳᠦ ᠪᠡᠨ ᠠᠨᠢᠰᠬᠢᠵᠤ ᠬᠦᠨᠳᠦ ᠲᠠᠰᠢᠭᠤᠷ ᠢ᠋ᠶ᠋ᠠᠨ ᠲᠠᠰᠤ ᠠᠳᠬᠤᠭᠠᠳ ᠶᠠᠪᠤᠵᠠᠢ᠃
— ᠴᠣᠬᠢᠬᠤ ᠶ᠋ᠢ ᠨᠢ ᠬᠦᠯᠢᠶᠡᠬᠦ ᠤᠤ? ᠥᠪᠡᠷ ᠢ᠋ᠶ᠋ᠡᠨ ᠤᠷᠢᠲᠠᠭᠠᠳ ᠴᠣᠬᠢᠵᠤ ᠦᠵᠡᠬᠦ ᠤᠤ? ᠭᠡᠵᠦ ᠪᠤᠳᠤᠲᠠᠯ᠎ᠠ ᠨᠢ᠂ ᠭᠡᠨᠡᠳᠲᠡ ᠮᠣᠷᠢ ᠨᠢ ᠬᠣᠢᠨ᠎ᠠ ᠠ᠋ᠴᠠ ᠪᠠᠨ ᠶᠠᠭᠤᠮᠠᠨ ᠳ᠋ᠤ᠌ ᠬᠥᠭᠡᠭᠡᠭᠳᠡᠵᠦ ᠦᠷᠭᠦᠭᠰᠡᠨ ᠶᠦ᠍ᠮ ᠰᠢᠭ ᠤᠬᠤᠰᠬᠢᠨ ᠦᠰᠦᠷᠦᠮᠡᠭᠴᠡ᠂ ᠲᠥᠪᠡᠳ ᠦ᠋ᠨ ᠲᠠᠰᠢᠭᠤᠷ ᠨᠢ ᠱᠣᠷ ᠬᠢᠵᠦ ᠵᠠᠯᠠᠭᠤ ᠬᠦᠦ ᠶ᠋ᠢᠨ ᠰᠢᠯᠢᠨ ᠬᠦᠵᠦᠭᠦᠦ ᠶ᠋ᠢ ᠲᠠᠰᠢᠭᠤᠷ ᠤ᠋ᠨ ᠪᠣᠭᠣᠨᠢ ᠰᠤᠷ ᠡᠪᠡᠳᠲᠡᠯᠡ ᠰᠢᠷᠪᠢᠵᠡᠢ᠃ ᠨᠠᠰᠤᠨᠪᠠᠲᠤ ᠶ᠋ᠢ ᠬᠥᠲᠥᠯᠭᠡᠭᠡ ᠮᠣᠷᠢᠨ ᠤ᠋ ᠪᠠᠨ ᠴᠤᠯᠪᠤᠭᠤᠷ ᠢ᠋ ᠶᠠᠭᠠᠷᠠᠨ ᠵᠡᠭᠦᠨ ᠭᠠᠷ ᠲᠠᠭᠠᠨ ᠪᠠᠷᠢᠵᠤ᠂ ᠥᠨᠥᠬᠢ ᠲᠥᠪᠡᠳ ᠦ᠋ᠨ ᠵᠦᠭ ᠰᠠᠨᠳᠤᠷᠤᠨ ᠡᠷᠭᠢᠲᠡᠯ᠎ᠡ᠂ ᠲᠡᠷᠡ ᠨᠢ ᠠᠯᠳᠠᠵᠤ ᠳᠤᠲᠠᠭᠤ ᠴᠣᠬᠢᠭᠰᠠᠨ ᠳ᠋ᠠᠭᠠᠨ ᠬᠣᠷᠣᠰᠴᠤ᠂ ᠴᠢᠷᠠᠢ ᠪᠠᠨ ᠨᠢᠭᠡ ᠶᠡᠬᠡ ᠮᠠᠭᠤᠬᠠᠢ ᠪᠣᠯᠭᠠᠵᠤ ᠶᠠᠷᠪᠠᠢᠭᠠᠳ (ᠢᠷᠪᠠᠢᠭᠠᠳ)᠂ ᠲᠠᠰᠢᠭᠤᠷ ᠢ᠋ᠶ᠋ᠠᠨ ᠳᠠᠬᠢᠨ ᠳᠠᠯᠠᠢᠨ ᠵᠠᠪᠳᠤᠵᠠᠢ᠃
ᠨᠠᠰᠤᠨᠪᠠᠲᠤ ᠰᠡᠩᠳᠡᠨ ᠲᠡᠪᠡᠳᠡᠬᠦ ᠶ᠋ᠢᠨ ᠳᠠᠪᠠᠭᠠᠨ ᠳᠡᠭᠡᠷ᠎ᠡ ᠪᠡᠶ᠎ᠡ ᠪᠡᠨ ᠬᠠᠮᠠᠭᠠᠯᠠᠨ᠂ ᠲᠠᠰᠢᠭᠤᠷ ᠢ᠋ᠶ᠋ᠠᠷ ᠢ᠋ᠶ᠋ᠠᠨ ᠮᠤᠯᠭᠤ᠂ ᠲᠦᠢ ᠮᠠᠭᠤᠲᠠᠢ ᠪᠠᠷ ᠨᠢᠭᠡ ᠰᠢᠷᠪᠢᠭᠡᠳ ᠣᠷᠬᠢᠭᠰᠠᠨ ᠴᠢᠨᠢ᠂ ᠲᠤᠭᠤᠯᠭ᠎ᠠ ᠴᠢᠳᠬᠤᠭᠰᠠᠨ ᠬᠦᠨᠳᠦ ᠦᠵᠦᠭᠦᠷ ᠢ᠋ᠶ᠋ᠡᠷ ᠨᠢ ᠰᠠᠨᠠᠮᠰᠠᠷ ᠦᠭᠡᠢ ᠥᠨᠥᠬᠢ ᠲᠥᠪᠡᠳ ᠢ᠋ ᠰᠢᠷᠪᠢᠲᠡᠯᠡ ᠨᠢ ᠬᠠᠮᠠᠷ ᠳᠡᠭᠡᠷ᠎ᠡ ᠨᠢ ᠴᠣᠬᠢᠵᠠᠢ᠃ ᠲᠡᠭᠡᠭᠡᠳ᠂ ᠲᠠᠰᠢᠭᠤᠷ ᠢ᠋ᠶ᠋ᠠᠷ ᠢ᠋ᠶ᠋ᠠᠨ ᠤᠬᠠᠭᠠᠨ ᠠᠮᠢ ᠦᠭᠡᠢ ᠳᠡᠮᠡᠢ ᠯᠡ ᠰᠠᠪᠠᠵᠤ ᠪᠠᠢᠭᠰᠠᠨ᠂ ᠨᠢᠭᠡ ᠮᠡᠳᠡᠲᠡᠯᠡ ᠲᠡᠷᠡ ᠲᠥᠪᠡᠳ ᠨᠢ ᠮᠣᠷᠢᠨ ᠠ᠋ᠴᠠ ᠪᠠᠨ ᠣᠢᠴᠢᠭᠠᠳ᠂ ᠴᠢᠰᠤ ᠨᠥᠵᠢ ᠪᠣᠯᠵᠤ ᠭᠠᠵᠠᠷ ᠲᠠᠷᠴᠢᠯᠠᠵᠤ ᠬᠡᠪᠲᠡᠪᠡ᠃
— ᠠᠮᠢ ᠠᠪᠤᠷᠠ( ᠠᠪᠤᠷᠠ)᠂ ᠨᠠᠭᠠᠨ᠎ᠠ᠂ ᠠᠮᠢ ᠠᠪᠤᠷᠠ( ᠠᠪᠤᠷᠠ)! ᠨᠠᠷᠠ ᠪᠠᠢᠨ᠎ᠠ᠃ ᠪᠢ ᠦᠨᠡᠨ ᠢ᠋ᠶ᠋ᠡᠨ ᠬᠡᠯᠡᠶ᠎ᠡ! ᠭᠡᠵᠦ ᠲᠡᠷᠡ ᠲᠥᠪᠡᠳ᠂ ᠰᠢᠯᠦᠰᠦ ᠴᠢᠰᠤ ᠪᠠᠨ ᠬᠠᠬᠠᠨ ᠴᠡᠴᠡᠨ ᠵᠠᠯᠭᠢᠵᠤ᠂ ᠠᠷᠬᠢᠷᠠᠨ ᠬᠡᠯᠡᠵᠦ— ᠭᠦᠷᠢᠮᠴᠢ ᠪᠠᠭᠰᠢ᠂ ᠴᠢᠮᠠᠶ᠋ᠢ ᠠᠯᠠ ᠭᠡᠵᠦ ᠵᠠᠬᠢᠵᠤ ᠨᠠᠮᠠᠶ᠋ᠢ ᠶᠠᠪᠤᠭᠤᠯᠤᠭᠰᠠᠨ ᠶᠤᠮ᠃ ᠪᠠᠭᠰᠢ᠂ ᠮᠠᠨ ᠤ᠋ ᠲᠥᠪᠡᠳ ᠭᠠᠵᠠᠷ ᠭᠠᠭᠴᠠ᠁ ᠶᠡᠬᠡ ᠯᠠᠮᠠ ᠨᠠᠷ ᠲᠤ᠌ ᠬᠠᠶᠠ ᠭᠠᠭᠴᠠ ᠨᠢᠭᠡ ᠪᠠᠢᠳᠠᠭ ᠡᠷᠳᠡᠨᠢ ᠶ᠋ᠢᠨ ᠭᠠᠪᠠᠯᠠ ᠬᠢᠬᠦ ᠭᠡᠵᠦ᠂ ᠴᠢᠨᠦ ᠭᠠᠪᠠᠯᠠ ᠶ᠋ᠢ ᠣᠯᠵᠤ ᠢᠷ᠎ᠡ ᠭᠡᠵᠦ ᠨᠠᠮᠠᠶ᠋ᠢ ᠶᠠᠪᠤᠭᠤᠯᠤᠭᠰᠠᠨ ᠪᠢᠯᠡ᠃ ᠥᠴᠦᠬᠡᠨ ᠮᠢᠨᠦ ᠪᠡᠶ᠎ᠡ ᠪᠠᠭᠰᠢ ᠶ᠋ᠢᠨ ᠢ᠋ᠶ᠋ᠡᠨ ᠯᠡ ᠵᠠᠷᠯᠢᠭ ᠢ᠋ ᠳᠠᠭᠠᠵᠤ ᠶᠠᠪᠤᠭᠰᠠᠨ ᠪᠢᠯᠡ᠃ ᠪᠢ᠂᠂᠂ ᠪᠢ᠂᠂᠂ ᠠ᠋ — ᠠ᠋ ! ᠮᠢᠨᠦ ᠬᠣᠷᠣᠬᠠᠢ ᠮᠡᠲᠦ ᠠᠮᠢ ᠶ᠋ᠢ ᠠᠭᠤᠴᠢᠯᠠᠨ ᠬᠠᠢᠷᠠᠯᠠ!᠂᠂᠂᠂ ᠪᠢ ᠴᠢᠮᠠᠲᠤ ᠠᠮᠢ ᠶ᠋ᠢᠨ ᠢ᠋ᠶ᠋ᠡᠨ ᠵᠣᠯᠢᠶ᠎ᠠ ᠠᠯᠲᠠ ᠂᠂᠂ ᠶᠡᠬᠡ ᠠᠯᠲᠠ ᠥᠭᠭᠦᠶ᠎ᠠ᠂᠂᠂ ᠮᠢᠨᠦ ᠡᠪᠦᠷ ᠲᠦ᠍ ᠬᠦᠵᠦᠭᠦᠨ ᠡᠴᠡ ᠵᠡᠭᠦᠯᠲᠡᠲᠡᠢ ᠪᠢᠴᠢᠬᠠᠨ ᠬᠡᠦᠳᠡᠢ ᠰᠠᠪᠠ ᠲᠠᠢ ᠠᠯᠲᠠ ᠪᠣᠢ᠂᠂᠂᠂᠂ ᠪᠢ ᠪᠠᠷᠠᠭᠤᠨ ᠭᠠᠷ ᠢ᠋ᠶ᠋ᠠᠨ ᠬᠤᠭᠤ ᠴᠣᠬᠢᠭᠤᠯᠵᠤ ᠣᠷᠬᠢᠭᠠᠳ᠂ ᠥᠪᠡᠷ ᠢ᠋ᠶ᠋ᠡᠨ ᠠᠪᠴᠤ ᠴᠢᠳᠠᠬᠤ ᠦᠭᠡᠢ ᠪᠠᠢᠨ᠎ᠠ᠃ ᠳᠡᠭᠦᠦ ᠮᠢᠨᠢ ᠨᠠᠮᠠᠶ᠋ᠢ ᠪᠠᠨ ᠥᠷᠥᠰᠢᠶᠡ᠃ ᠠᠮᠢ ᠬᠠᠢᠷᠠᠯᠠ! ᠠᠮᠢ ᠬᠠᠢᠷᠠᠯᠠ! ᠶᠣᠰᠣᠲᠠᠢ ᠵᠣᠯᠢᠭ ᠲᠤ᠌ ᠭᠠᠷᠤᠭᠰᠠᠨ ᠠᠮᠢᠲᠠᠨ ᠴᠢᠨᠢ ᠪᠢ ᠪᠠᠢᠨ᠎ᠠ ᠰᠢᠦ᠃ ᠳᠡᠭᠦᠦ ᠮᠢᠨᠢ᠂ ᠮᠢᠨᠦ ᠬᠣᠷᠣᠬᠠᠢ ᠮᠡᠲᠦ ᠠᠮᠢ ᠶ᠋ᠢ ᠠᠭᠤᠴᠢᠯᠠ᠂᠂᠂᠂᠂ ᠨᠠᠭᠠᠨ᠎ᠠ᠂ ᠨᠠᠭᠠᠨ᠎ᠠ᠂ ᠠ᠋ — ᠠ᠋! ᠠᠮᠢ ᠬᠠᠢᠷᠠᠯᠠ! ᠭᠡᠵᠦ ᠨᠠᠰᠤᠨᠪᠠᠲᠤ ᠶ᠋ᠢᠨ ᠬᠥᠳᠡᠯᠬᠦ ᠶ᠋ᠢ ᠠᠵᠢᠭᠯᠠᠵᠤ ᠪᠠᠷᠬᠢᠷᠠᠨ ᠭᠤᠶᠤᠵᠠᠢ᠃
ᠵᠠᠯᠠᠭᠤ ᠬᠦᠦ᠂ ᠮᠣᠷᠢᠨ ᠠ᠋ᠴᠠ ᠪᠠᠨ ᠪᠠᠭᠤᠭᠠᠳ᠂ ᠰᠠᠢ᠍ᠢ (ᠰᠠᠶᠢ) ᠶ᠋ᠢᠨ ᠰᠠᠨᠳᠤᠷᠤᠭᠰᠠᠨ ᠠ᠋ᠴᠠ ᠴᠡᠴᠡᠷᠡᠨ ᠰᠠᠯᠭᠠᠨᠠᠵᠤ ᠪᠠᠢᠭ᠎ᠠ ᠭᠠᠷ ᠢ᠋ᠶ᠋ᠠᠷ ᠢ᠋ᠶ᠋ᠠᠨ ᠬᠠᠨᠲᠠᠷᠴᠤ ᠲᠤᠱᠠᠭᠠᠳ᠂ ᠬᠥᠲᠥᠯᠭᠡᠭᠡ ᠮᠣᠷᠢ ᠪᠠᠨ᠂ ᠤᠨᠤᠵᠤ ᠶᠠᠪᠤᠭᠰᠠᠨ ᠮᠣᠷᠢ ᠶ᠋ᠢᠨ ᠢ᠋ᠶ᠋ᠡᠨ ᠬᠦᠵᠦᠭᠦᠨ ᠡᠴᠡ ᠤᠶᠠᠭᠠᠳ᠂ ᠲᠡᠷᠡ ᠲᠥᠪᠡᠳ ᠦ᠋ᠨ ᠳᠡᠷᠭᠡᠳᠡ ᠣᠴᠢᠬᠤ ᠳ᠋ᠤᠨᠢ ᠶᠠᠭᠠᠬᠢᠳᠠᠭ ᠪᠣᠯ ᠭᠡᠵᠦ ᠰᠠᠨᠳᠤᠷᠴᠤ ᠪᠠᠢᠭᠰᠠᠨ ᠲᠡᠷᠡ ᠲᠥᠪᠡᠳ ᠨᠢ ᠨᠠᠰᠤᠨᠪᠠᠲᠤ ᠶ᠋ᠢ ᠬᠦᠨᠳᠦ ᠲᠠᠰᠢᠭᠤᠷ ᠢ᠋ᠶ᠋ᠠᠨ ᠡᠮᠡᠭᠡᠯ ᠦ᠋ᠨ ᠪᠦᠭᠦᠷᠭᠡ ᠡᠴᠡ ᠵᠡᠭᠦᠵᠦ᠂ ᠠᠯᠠᠬᠤ ᠬᠣᠣᠷᠯᠠᠬᠤ ᠰᠠᠨᠠᠭ᠎ᠠ ᠦᠭᠡᠢ ᠣᠢᠷᠠᠲᠤᠵᠤ ᠢᠷᠡᠭᠰᠡᠨ ᠳ᠋ᠦ᠍ᠨᠢ ᠳᠣᠲᠣᠷ᠎ᠠ ᠨᠢ ᠪᠠᠬᠠᠨ ᠣᠩᠭᠣᠢᠵᠤ
— ᠠᠯᠲᠠ ᠡᠨᠳᠡ ᠮᠢᠨᠦ ᠡᠯᠢᠭᠡᠨ ᠳᠡᠭᠡᠷ᠎ᠡ ᠪᠣᠢ᠂ ᠪᠥᠬᠥᠢᠭᠡᠳ᠂ ᠡᠪᠦᠷ ᠡᠴᠡ ᠮᠢᠨᠢ ᠠᠪ᠂ ᠲᠩᠷᠢ ᠨᠠᠮᠠᠶ᠋ᠢ ᠬᠡᠰᠬᠡᠬᠡᠵᠡᠢ (ᠭᠡᠰᠬᠡᠵᠡᠢ) ᠭᠡᠵᠦ ᠭᠦᠩᠭᠦᠨᠡᠪᠡ᠃
— ᠴᠢᠨᠦ ᠠᠯᠲᠠ ᠨᠠᠳᠠ ᠬᠡᠷᠡᠭ ᠦᠭᠡᠢ᠃ ᠪᠢ ᠴᠢᠨᠦ ᠬᠣᠪᠳᠣᠭ ᠪᠠᠭᠰᠢ ᠲᠠ ᠬᠣᠶᠠᠷ ᠲᠠᠢ ᠠᠳᠠᠯᠢ ᠬᠥᠮᠦᠨ ᠪᠢᠰᠢ᠃ ᠴᠢᠮᠠᠶ᠋ᠢ ᠵᠦᠢ ᠨᠢ ᠲᠠᠰᠢᠭᠤᠷ ᠢ᠋ᠶ᠋ᠠᠷ ᠢ᠋ᠶ᠋ᠠᠨ ᠴᠣᠬᠢᠵᠤ ᠠᠯᠠᠪᠠᠯ ᠵᠣᠬᠢᠪᠠᠴᠤ᠂ ᠲᠥᠷᠥᠭᠰᠡᠨ ᠨᠤᠲᠤᠭ ᠠ᠋ᠴᠠ ᠪᠠᠨ ᠬᠠᠭᠠᠴᠠᠬᠤ ᠶ᠋ᠢᠨ ᠬᠠᠮᠲᠤ ᠬᠥᠮᠦᠨ ᠠᠯᠠᠵᠤ ᠭᠠᠷ ᠢ᠋ᠶ᠋ᠠᠨ ᠪᠤᠵᠠᠷᠯᠠᠬᠤ ᠶ᠋ᠢ ᠪᠢ ᠦᠯᠦ ᠬᠦᠰᠡᠨ᠎ᠡ᠃ ᠴᠢ ᠮᠣᠷᠢ ᠪᠠᠨ ᠪᠠᠷᠢᠵᠤ ᠴᠢᠳᠠᠬᠤ ᠤᠤ? ᠲᠡᠷᠡ᠂ ᠢᠳᠡᠵᠦ ᠶᠠᠪᠤᠨ᠎ᠠ ᠭᠡᠬᠦ ᠳ᠋ᠦ᠍ᠨᠢ
— ᠮᠢᠨᠦ ᠭᠠᠷ ᠬᠤᠭᠤᠷᠠᠭᠰᠠᠨ ᠭᠡᠵᠦ ᠶᠣᠢᠯᠠᠪᠠ(ᠶᠣᠣᠯᠠᠪᠠ)᠃
— ᠵᠠ᠂ ᠲᠡᠭᠡᠪᠡᠯ᠂ ᠪᠢ ᠴᠢᠨᠦ ᠮᠣᠷᠢ ᠶ᠋ᠢ ᠳᠥᠬᠥᠭᠦᠯᠵᠦ ᠥᠭᠭᠦᠶ᠎ᠡ ᠭᠡᠳ ᠲᠡᠷᠡ ᠵᠠᠯᠠᠭᠤ ᠵᠠᠮ ᠤ᠋ᠨ ᠬᠠᠵᠠᠭᠤ ᠳ᠋ᠤ᠌ ᠣᠢᠷᠠᠬᠠᠨ ᠨᠣᠭᠣᠭ᠎ᠠ ᠵᠣᠯᠭᠠᠵᠤ(ᠵᠤᠯᠭᠠᠭᠠᠵᠤ) ᠶᠠᠪᠤᠭᠰᠠᠨ ᠮᠣᠷᠢ ᠶ᠋ᠢ ᠨᠢ ᠤᠷᠲᠤ ᠴᠤᠯᠪᠤᠭᠤᠷ ᠠ᠋ᠴᠠ ᠨᠢ ᠪᠠᠷᠢᠵᠤ ᠠᠪᠤᠭᠠᠳ ᠡᠷᠭᠢᠵᠦ ᠢᠷᠡᠬᠦ ᠳ᠋ᠦ᠍ᠨᠢ᠂ ᠥᠨᠥᠬᠢ ᠲᠥᠪᠡᠳ ᠨᠢ ᠥᠨᠳᠡᠢᠭᠡᠳ᠂ ᠤᠨᠵᠢᠴᠢᠭᠰᠠᠨ ᠪᠠᠷᠠᠭᠤᠨ ᠭᠠᠷ ᠢ᠋ᠶ᠋ᠠᠨ ᠶᠣᠢᠯᠠᠨ ᠲᠡᠮᠲᠡᠷᠢᠵᠦ ᠰᠠᠭᠤᠪᠠ᠃ ᠬᠦᠦ ᠶ᠋ᠢᠨ
— ᠮᠠᠢ᠂ ᠮᠣᠷᠢ ᠪᠠᠨ ᠠᠪ ᠭᠡᠬᠦ ᠳ᠋ᠦ᠍ᠨᠢ ᠂
— ᠠ᠋ ᠳᠠ ᠂ ᠵᠠᠶᠠᠭ᠎ᠠ ᠪᠤᠶᠠᠨ ᠴᠢᠨᠢ ᠳᠡᠯᠭᠡᠷᠡᠵᠦ᠂ ᠲᠩᠷᠢ ᠪᠤᠷᠬᠠᠨ ᠴᠢᠮᠠᠶ᠋ᠢ ᠬᠠᠷᠠᠭ᠃ ᠴᠢ ᠶᠣᠰᠣᠲᠠᠢ ᠰᠦ ᠰᠢᠭ ᠴᠠᠭᠠᠨ ᠰᠠᠨᠠᠭ᠎ᠠ ᠲᠠᠢ ᠬᠥᠮᠦᠨ ᠪᠠᠢᠨ᠎ᠠ ᠳᠠ᠂ ᠨᠠᠷᠠ ᠪᠠᠢᠨ᠎ᠠ᠂ ᠪᠢ ᠴᠢᠮᠠᠲᠤ ᠣᠳᠣ ᠲᠦᠮᠡᠨ ᠦᠨᠡᠨ ᠢ᠋ᠶ᠋ᠡᠨ ᠬᠡᠯᠡᠶ᠎ᠡ᠃ ᠴᠢᠮᠠᠶ᠋ᠢ(ᠴᠢᠮ᠎ᠠ ᠶ᠋ᠢ) ᠮᠢᠨᠦ ᠡᠪᠦᠷ ᠡᠴᠡ ᠦᠨᠡᠨ ᠳ᠋ᠡᠭᠡᠨ ᠪᠠᠢᠬᠤ ᠦᠭᠡᠢ ᠠᠯᠲᠠ ᠠᠪᠬᠤ ᠭᠡᠵᠦ ᠪᠥᠬᠥᠢᠪᠡᠯ ᠴᠢᠨᠢ ᠪᠢ ᠬᠢᠲᠤᠭᠠᠯᠠᠵᠤ ᠠᠯᠠᠬᠤ ᠭᠡᠵᠦ ᠪᠣᠳᠣᠵᠤ ᠪᠠᠢᠭᠰᠠᠨ ᠪᠢᠯᠡ᠃ ᠪᠢ ᠪᠣᠯ ᠪᠠᠶᠠᠨ ᠪᠠᠭᠰᠢ ᠳ᠋ᠠᠭᠠᠨ ᠨᠣᠬᠠᠢ ᠮᠣᠷᠢᠨ ᠤ᠋ ᠬᠦᠴᠦ ᠭᠠᠷᠭᠠᠵᠤ ᠵᠢᠳᠬᠦᠳᠡᠭ ᠶᠠᠳᠠᠭᠤ ᠱᠠᠪᠢ ᠨᠢ ᠪᠢᠯᠡ᠃ ᠪᠠᠭᠰᠢ ᠨᠠᠮᠠᠶ᠋ᠢ ᠪᠤᠴᠠᠵᠤ ᠣᠴᠢᠬᠤ ᠳ᠋ᠤ᠌ ᠡᠷᠳᠡᠨᠢ ᠶ᠋ᠢᠨ ᠭᠠᠪᠠᠯᠠ ᠶ᠋ᠢ ᠠᠯᠳᠠᠯ᠎ᠠ ᠭᠡᠵᠦ ᠨᠠᠮᠠᠶ᠋ᠢ ᠰᠢᠳᠬᠡᠨ᠎ᠡ ᠳᠡ᠃ ᠰᠢᠳᠬᠡᠪᠡᠯ ᠴᠤ᠌ ᠰᠢᠳᠬᠡᠭ! ᠴᠢᠨᠦ ᠵᠥᠭᠡᠯᠡᠨ ᠰᠠᠢᠬᠠᠨ ᠰᠡᠳᠬᠢᠯ ᠴᠢᠨᠢ᠂ ᠮᠢᠨᠦ ᠨᠢᠳᠦ ᠶ᠋ᠢ ᠪᠥᠭᠯᠡᠭᠰᠡᠨ ᠠᠷᠪᠠᠨ ᠬᠠᠷ᠎ᠠ ᠨᠢᠭᠦᠯ ᠦ᠋ᠨ ᠰᠠᠷᠠᠪᠴᠢ ᠶ᠋ᠢ ᠰᠡᠬᠦᠵᠦ ᠥᠭᠭᠦᠯ᠎ᠡ᠃ ᠳᠡᠭᠡᠷᠡᠮᠴᠢᠨ ᠬᠥᠮᠦᠨ ᠦ᠌ ᠫᠤᠤ ᠨᠢ ᠭᠤᠷᠪᠠᠨ ᠵᠢᠯ ᠪᠣᠯᠤᠭᠠᠳ᠂ ᠡᠵᠡᠨ ᠦ᠌ ᠪᠡᠨ ᠥᠭᠡᠳᠡ ᠡᠴᠡ ᠨᠢᠭᠡ ᠬᠠᠷᠠᠳᠠᠭ ᠭᠡᠳᠡᠭ᠃ ᠪᠢ ᠭᠦᠷᠢᠮᠴᠢ ᠪᠠᠭᠰᠢ ᠳ᠋ᠠᠭᠠᠨ ᠭᠤᠴᠢᠨ ᠵᠢᠯ ᠵᠠᠷᠤᠭᠳᠠᠵᠤ ᠶᠠᠪᠤᠭᠰᠠᠨ ᠶᠤᠮ᠃ ᠣᠳᠣ᠂ ᠲᠡᠷᠡ ᠬᠥᠮᠦᠨ ᠢ᠋ ᠲᠠᠪᠤᠨ ᠵᠠᠭᠤᠨ ᠲᠥᠷᠥᠯ ᠳ᠋ᠡᠭᠡᠨ ᠨᠠᠮᠠᠶ᠋ᠢ ᠮᠠᠷᠲᠠᠬᠤ ᠦᠭᠡᠢ ᠪᠣᠯᠲᠠᠯ᠎ᠠ ᠨᠢ ᠥᠭᠡᠳᠡ ᠡᠴᠡ ᠨᠢ ᠨᠢᠭᠡ ᠬᠠᠷᠠᠨ᠎ᠠ ᠳᠠ ! ᠴᠢ ᠮᠢᠨᠦ ᠭᠠᠷ ᠢ᠋ ᠬᠤᠭᠤ ᠲᠠᠰᠢᠭᠰᠠᠨ ᠪᠢᠰᠢ᠂ ᠮᠢᠨᠦ ᠪᠠᠭᠰᠢ ᠶ᠋ᠢᠨ ᠨᠢᠭᠦᠯ ᠦ᠋ᠨ ᠰᠠᠪᠠ ᠳᠦᠭᠦᠷᠦᠭᠰᠡᠨ ᠦ᠌ ᠲᠡᠮᠳᠡᠭ ᠨᠢ ᠲᠡᠷᠡ ᠠ᠋! ᠣ᠁ ᠣ᠁ ᠣ᠁ ᠭᠡᠵᠦ ᠮᠣᠷᠢᠨ ᠤ᠋ ᠪᠠᠨ ᠴᠤᠯᠪᠤᠭᠤᠷ ᠢ᠋ ᠲᠠᠰᠤ ᠠᠳᠬᠤᠭᠠᠳ ᠣᠷᠬᠢᠷᠠᠲᠠᠯᠠ᠂ ᠳᠠᠪᠠᠭᠠᠨ ᠤ᠋ ᠴᠠᠭᠠᠨ᠎ᠠ ᠠ᠋ᠴᠠ ᠮᠣᠷᠢᠨ ᠤ᠋ ᠲᠦᠪᠦᠷᠭᠡᠨ ( ᠲᠦᠪᠡᠷᠭᠡᠨ) ᠰᠣᠨᠣᠰᠳᠠᠵᠤ᠂ ᠡᠪᠦᠭᠡᠨ ᠴᠡᠷᠢᠭ ᠪᠠᠯᠳᠠᠨ ᠬᠥᠲᠥᠯᠭᠡᠭᠡ ᠮᠣᠷᠢᠨ ᠬᠥᠲᠥᠯᠦᠭᠰᠡᠭᠡᠷ ᠳᠠᠪᠬᠢᠵᠤ ᠢᠷᠡᠭᠡᠳ᠂ ᠰᠠᠮᠲᠠᠨᠪᠠᠵᠠᠷ ( ᠰᠠᠮᠲᠠᠨᠪᠠᠽᠠᠷ ) ᠤᠷᠤᠭᠤ ᠬᠠᠷᠠᠵᠤ
— ᠵᠠ ᠶᠠᠭᠤ ᠪᠣᠯᠴᠢᠬᠠᠪᠠ? ᠮᠣᠷᠢᠨ ᠠ᠋ᠴᠠ ᠪᠠᠨ ᠣᠢᠴᠢᠪᠠᠤ( ᠣᠢᠴᠢᠪᠠ ᠤᠤ) ᠭᠡᠵᠡᠢ᠃
— ᠦᠭᠡᠢ᠂ ᠪᠢ ᠬᠥᠮᠦᠨ ᠠᠯᠠᠬᠤ ᠭᠡᠳ᠂ ᠲᠩᠷᠢ ᠨᠠᠮᠠᠶ᠋ᠢ ᠭᠡᠰᠬᠡᠨ ᠰᠢᠳᠬᠡᠵᠡᠢ ᠭᠡᠵᠦ ᠠᠷᠬᠢᠷᠠᠭᠠᠳ ᠭᠠᠷ ᠢ᠋ ᠮᠢᠨᠢ ᠴᠢᠭ ᠪᠠᠷᠢᠵᠤ ᠪᠣᠭᠣᠵᠤ ᠥᠭᠭᠦᠨᠡᠦ᠂ ᠠ— ᠷᠠ— ᠷᠠ— ᠷᠠ! * ᠭᠡᠵᠦ ᠶᠣᠢᠯᠠᠨ ᠪᠠᠷᠬᠢᠷᠠᠭᠠᠳ᠂ ᠲᠡᠰᠬᠡᠯ ᠦᠭᠡᠢ ᠡᠪᠡᠳᠦᠭᠰᠡᠨ ᠡᠴᠡ ᠪᠣᠯᠵᠤ᠂ ᠴᠢᠷᠠᠢ ᠨᠢ ᠵᠢᠪᠡᠬᠡᠢᠷᠡᠭᠡᠳ᠂ ᠭᠡᠨᠡᠳᠲᠡ ᠬᠠᠵᠠᠭᠤ ᠲᠠᠰᠢ ᠪᠠᠨ ᠦᠬᠦᠳᠬᠢᠨ ᠤᠨᠠᠪᠠ᠃
— — — —
* ᠨᠢᠰᠬᠦ ᠵᠢᠪ ᠰᠠᠷᠢᠰᠤᠨ ᠪᠠᠭᠪᠠᠭᠠᠢ ᠶ᠋ᠢᠨ ᠨᠢᠭᠡ ᠵᠦᠢᠯ᠃
* ᠲᠥᠪᠡᠳ ᠬᠥᠮᠦᠨ ᠶᠣᠢᠯᠠᠬᠤ ᠳ᠋ᠠᠭᠠᠨ ᠠ— ᠷᠠ— ᠷᠠ— ᠷᠠ— ᠭᠡᠳᠡᠭ ᠶᠦᠮ᠃
ᠦᠰᠦᠭ ᠠᠮᠢᠯᠠᠭᠤᠯᠤᠭᠴᠢ᠄ ᠪᠠᠳᠮᠠᠰᠡᠴᠡᠨ᠂ ᠣᠶᠤᠨᠪᠠᠲᠤ᠂ ᠰᠠᠷᠠᠨᠲᠤᠶᠠᠭ᠎ᠠ᠂ ᠤᠢᠭᠤᠷᠵᠢᠨ ᠣᠳᠬᠣᠨᠪᠠᠪᠠ
ᠬᠢᠨᠠᠭᠴᠢ᠄ ᠣᠳᠬᠣᠨᠴᠡᠴᠡᠭ ᠂ ᠠᠯᠲᠠᠨᠱᠠ᠂ ᠤᠢᠭᠤᠷᠵᠢᠨ ᠣᠳᠬᠣᠨᠪᠠᠪᠠ᠂ ᠪᠠᠯ
ᠤᠩᠰᠢᠭᠴᠢ᠄ ᠨᠠᠰᠤᠨ᠌ᠦ᠌ᠯᠵᠡᠢ
