ᠴᠢᠩᠭᠢᠰ ᠬᠠᠭᠠᠨ ᠤ᠋ ᠪᠠᠢᠯᠳᠤᠬᠤ ᠪᠣᠳᠣᠯᠭ᠎ᠠ ᠪᠠ ᠠᠷᠭ᠎ᠠ04ᠠᠶᠤᠯ ᠲᠦᠭᠰᠢᠭᠦᠷᠢ ᠲᠤᠯᠭᠠᠷᠠᠭᠰᠠᠨ ᠨᠢЧингис хааны байлдах бодлого ба аргаᠰᠦᠷᠡᠬᠡᠢ ᠠᠶᠤᠯ ᠲᠦᠭᠰᠢᠭᠦᠷᠢ ᠨᠡᠮᠡᠭᠳᠡᠵᠦ ᠪᠠᠢᠬᠤ ᠶ᠋ᠢ ᠤᠷᠢᠳ ᠠ᠋ᠴᠠ ᠦᠵᠡᠵᠦ ᠭᠠᠷᠴᠠᠢ᠃ ᠲᠤᠭᠤᠷᠢᠯ ᠤ᠋ᠨ ᠬᠥᠪᠡᠭᠦᠨ ᠰᠡᠩᠭ
( ᠨᠢᠭᠡ ) ᠬᠡᠷᠡᠢᠳ ᠦ᠋ᠨ ᠳᠠᠭᠠᠷᠢᠯᠲᠠ ᠠ᠋ᠴᠠ ᠪᠤᠷᠤᠭᠤᠯᠠᠭᠰᠠᠨ ᠨᠢ
ᠪᠥᠷᠲᠡ ᠬᠠᠲᠤᠨ ᠪᠠᠷᠠᠭᠤᠨ ᠵᠦᠭ ᠲᠦ᠍ ᠬᠦᠨᠳᠦ ᠰᠦᠷᠡᠬᠡᠢ ᠠᠶᠤᠯ ᠲᠦᠭᠰᠢᠭᠦᠷᠢ ᠨᠡᠮᠡᠭᠳᠡᠵᠦ ᠪᠠᠢᠬᠤ ᠶ᠋ᠢ ᠤᠷᠢᠳ ᠠ᠋ᠴᠠ ᠦᠵᠡᠵᠦ ᠭᠠᠷᠴᠠᠢ᠃ ᠲᠤᠭᠤᠷᠢᠯ ᠤ᠋ᠨ ᠬᠥᠪᠡᠭᠦᠨ ᠰᠡᠩᠭᠦᠮ ᠵᠠᠮᠤᠬ᠎ᠠ ᠶ᠋ᠢ ᠰᠢᠨ᠎ᠡ ᠠᠨᠳᠠ ᠪᠣᠯᠭᠠᠵᠤ ᠨᠥᠬᠥᠷᠯᠡᠭᠰᠡᠨ ᠬᠡᠷᠡᠭ ᠪᠣᠯᠤᠨ᠎ᠠ᠃ ᠵᠠᠮᠤᠬ᠎ᠠ ᠪᠠᠢᠯᠳᠤᠭᠠᠨ ᠳ᠋ᠤ᠌ ᠳᠡᠢᠯᠦᠭᠳᠡᠭᠰᠡᠨ ᠬᠣᠢᠨ᠎ᠠ ᠲᠡᠨᠳᠡ ᠳᠤᠲᠠᠭᠠᠵᠤ ᠣᠴᠢᠭᠰᠠᠨ ᠤᠴᠢᠷ ᠠ᠋ᠴᠠ᠂ ᠲᠡᠳᠡ ᠬᠣᠶᠠᠭᠤᠯᠠ ᠬᠠᠮᠲᠤᠷᠠᠭᠠᠳ ᠳᠠᠯᠳᠠᠭᠤᠷ ᠢ᠋ᠶ᠋ᠠᠷ ᠶᠠᠭᠤ ᠪᠠᠵᠠᠭᠠᠵᠤ ᠪᠠᠢᠬᠤ ᠶ᠋ᠢ ᠮᠡᠳᠡᠬᠦ ᠦᠭᠡᠢ᠃ ᠰᠡᠩᠭᠦᠮ ᠤᠳᠠᠭᠠᠨ ᠡᠳᠦᠷ ᠡᠴᠡ ᠨᠠᠰᠢ ᠡᠴᠢᠭᠡ ᠪᠡᠨ ᠲᠡᠮᠦᠵᠢᠨ ᠲᠡᠢ ᠨᠥᠬᠥᠷᠯᠡᠵᠦ ᠪᠠᠢᠬᠤ ᠶ᠋ᠢ ᠡᠰᠡᠷᠭᠦᠴᠡᠵᠦ ᠪᠠᠢᠭᠰᠠᠨ ᠪᠥᠭᠡᠳ ᠲᠡᠭᠦᠨ ᠦ᠌ ᠦᠵᠡᠬᠦ ᠪᠡᠷ᠂ ᠮᠣᠩᠭᠣᠯ ᠤ᠋ᠨ ᠬᠠᠭᠠᠨ ᠢ᠋ ᠳᠡᠮᠡᠢ ᠯᠡ ᠳᠡᠭᠡᠭᠰᠢ ᠪᠡᠨ ᠡᠷᠭᠦᠵᠦ ᠪᠠᠢᠨ᠎ᠠ᠂ ᠡᠨᠡ ᠨᠢ ᠲᠡᠮᠦᠵᠢᠨ ᠦ᠌ ᠵᠡᠷᠯᠢᠭ ᠰᠠᠨᠠᠭ᠎ᠠ ᠶ᠋ᠢ ᠨᠡᠮᠡᠭᠳᠡᠭᠦᠯᠵᠦ ᠪᠠᠢᠨ᠎ᠠ ᠭᠡᠳ ᠣᠳᠣ ᠰᠡᠩᠭᠦᠮ ᠮᠣᠩᠭᠣᠯ ᠬᠠᠭᠠᠨ ᠤ᠋ ᠳᠠᠢᠰᠤᠨ ᠪᠦᠬᠦᠨ ᠢ᠋ ᠳᠡᠷᠭᠡᠳᠡ ᠪᠡᠨ ᠴᠤᠭᠯᠠᠭᠤᠯᠤᠨ ᠠᠪᠬᠤ ᠪᠠᠷ ᠭᠠᠷ ᠢ᠋ᠶ᠋ᠠᠨ ᠰᠤᠩᠭᠠᠪᠠ᠃ ᠲᠡᠮᠦᠵᠢᠨ ᠡᠴᠡ ᠦᠶ᠎ᠡ ᠪᠡᠷ ᠳᠡᠭᠡᠷ᠎ᠡ ᠮᠥᠷᠲᠡᠭᠡᠨ ᠨᠡᠷ᠎ᠡ ᠬᠦᠨᠳᠦᠲᠡᠢ ᠮᠣᠩᠭᠣᠯ ᠤ᠋ᠨ ᠢᠵᠠᠭᠤᠷᠲᠠᠨ ᠠᠯᠲᠠᠨ᠂ ᠬᠤᠴᠠᠷ᠂ ᠳᠠᠷᠢᠳᠠᠢ ᠨᠠᠷ ᠢ᠋ ᠤᠭᠲᠤᠨ ᠠᠪᠴᠢᠷᠠᠪᠠ᠃ ᠡᠳᠡᠭᠡᠷ ᠢᠵᠠᠭᠤᠷᠲᠠᠨ ᠪᠦᠬᠦ ᠭᠡᠷ ᠪᠦᠯᠢ ᠪᠡᠨ ᠠᠪᠴᠤ᠂ ᠬᠡᠷᠡᠢᠳ ᠠᠢᠮᠠᠭ ᠲᠤ ᠣᠷᠣᠵᠤ ᠥᠭᠭᠦᠭᠡᠳ ᠸᠠᠩ ᠬᠠᠨ ᠤ᠋ ᠵᠢᠯᠣᠭᠣᠳᠤᠯᠭ᠎ᠠ ᠳᠣᠣᠷ᠎ᠠ ᠪᠠᠢᠭᠰᠠᠨ ᠶᠤᠮ᠃ ᠲᠡᠳᠡᠨᠡᠷ ᠸᠠᠩ ᠬᠠᠨ ᠤ᠋ ᠮᠠᠰᠢ ᠳᠣᠲᠣᠨᠣ ᠳᠠᠭᠠᠭᠰᠠᠳ ᠤ᠋ᠨ ᠡᠩᠨᠡᠭᠡ ᠳ᠋ᠦ᠍ ᠣᠷᠣᠯᠴᠠᠭᠰᠠᠨ ᠪᠠᠢᠪᠠ᠃ ᠡᠨᠡ ᠴᠢᠨᠢ ᠶᠠᠮᠠᠷ ᠨᠢᠭᠡᠨ ᠮᠠᠭᠤ ᠢᠷᠣ᠎ᠠ ᠶ᠋ᠢ ᠬᠠᠷᠠᠭᠤᠯᠵᠤ ᠪᠠᠢᠬᠤ ᠪᠢᠰᠢ ᠤᠤ᠃ ᠁ ᠲᠡᠮᠦᠵᠢᠨ ᠬᠠᠷᠢᠨ ᠸᠠᠩ ᠬᠠᠨ ᠲᠠᠢ ᠬᠣᠶᠠᠭᠤᠯᠠ《ᠬᠣᠭᠣᠷᠣᠨᠳᠣ ᠮᠠᠨᠢ ᠬᠠᠳᠬᠤᠵᠤ ᠬᠣᠪ ᠵᠢᠪ ᠣᠷᠣᠭᠤᠯᠪᠠᠰᠤ ᠬᠣᠯᠠᠳᠴᠤ ᠰᠠᠯᠤᠯ ᠦᠭᠡᠢ᠂ ᠬᠣᠶᠠᠷ ᠨᠢᠭᠤᠷ ᠢ᠋ᠶ᠋ᠠᠷ ᠤᠴᠠᠷᠠᠵᠤ᠂ ᠬᠣᠣᠷ ᠬᠥᠨᠥᠭᠡᠯ ᠢ᠋ ᠲᠠᠰᠤᠯᠵᠤ ᠪᠠᠢᠶ᠎ᠠ》 ᠭᠡᠰᠡᠨ ᠬᠠᠲᠠᠭᠤ ᠭᠡᠷ᠎ᠡ ᠪᠠᠢᠳᠠᠭ ᠪᠣᠯᠬᠣᠷ ᠭᠠᠷᠴᠤ ᠮᠡᠳᠡᠬᠦ ᠶᠠᠮᠠᠷ ᠬᠡᠷᠡᠭ ᠪᠠᠢᠭᠰᠠᠨ ᠴᠤ᠌ ᠨᠥᠬᠥᠷᠰᠡᠭ ᠢ᠋ᠶ᠋ᠡᠷ ᠲᠠᠰᠤᠯᠵᠤ ᠴᠢᠳᠠᠬᠤ ᠶᠤᠮ᠂ ᠠᠶᠤᠬᠤ ᠬᠡᠷᠡᠭ ᠦᠭᠡᠢ ᠭᠡᠵᠦ ᠪᠥᠷᠲᠡ ᠬᠠᠲᠤᠨ ᠤ᠋ ᠰᠡᠳᠬᠢᠯ ᠢ᠋ ᠲᠠᠢᠳᠬᠤᠷᠠᠭᠤᠯᠪᠠ ᠃ ᠲᠡᠳᠡᠨ ᠦ᠌ ᠨᠥᠬᠥᠷᠰᠡᠭ ᠬᠠᠷᠢᠯᠴᠠᠭ᠎ᠠ ᠨᠢ ᠨᠢᠭᠡᠨᠲᠡ ᠤᠳᠠᠭᠠᠨ ᠵᠢᠯ ᠪᠣᠯᠤᠭᠰᠠᠨ ᠭᠡᠵᠡᠢ᠃ ᠭᠡᠲᠡᠯ᠎ᠡ ᠪᠥᠷᠲᠡ ᠬᠠᠲᠤᠨ᠂ ᠲᠡᠮᠦᠵᠢᠨ ᠳ᠋ᠦ᠍ ᠵᠢᠭᠠᠵᠤ ᠭᠠᠷᠭᠠᠭᠰᠠᠨ ᠨᠢ᠄ ᠸᠠᠩ ᠬᠠᠭᠠᠨ ᠨᠠᠢ᠍ᠮᠠᠨ ᠲᠠᠢ ᠪᠠᠢᠯᠳᠤᠭᠠᠨ ᠬᠢᠬᠦ ᠶ᠋ᠢᠨ ᠤᠷᠢᠳ ᠰᠥᠨᠢ ᠬᠡᠯᠡᠭᠰᠡᠨ ᠦᠭᠡᠢ ᠪᠡᠷ ᠬᠠᠶᠠᠭᠠᠳ ᠶᠠᠪᠤᠭᠰᠠᠨ ᠤᠳᠠᠭ᠎ᠠ ᠲᠠᠢ ᠪᠥᠭᠡᠳ ᠲᠡᠮᠦᠵᠢᠨ ᠳ᠋ᠦ᠍ ᠦᠭᠪᠡᠰᠦ ᠵᠣᠬᠢᠬᠤ ᠪᠠᠢᠯᠳᠤᠭᠠᠨ ᠤ᠋ ᠣᠯᠵᠠ ᠶ᠋ᠢ ᠴᠤ ᠬᠦᠷᠭᠡᠵᠦ ᠦᠭᠭᠦᠭᠰᠡᠨ ᠦᠭᠡᠢ ᠵᠢᠱ᠌ᠢᠶ᠎ᠡ ᠶ᠋ᠢ ᠲᠠᠲᠠᠵᠤ ᠬᠡᠯᠡᠵᠡᠢ᠃ᠦᠨᠡᠬᠡᠷ ᠲᠡᠢᠮᠦ ᠬᠡᠷᠡᠭ ᠪᠠᠢᠭᠰᠠᠨ᠂ ᠭᠡᠪᠡᠴᠦ ᠨᠠᠢ᠍ᠮᠠᠨᠴᠤᠳ ᠲᠡᠮᠦᠵᠢᠨ ᠢ᠋ ᠳᠠᠭᠠᠷᠢᠭᠰᠠᠨ ᠪᠢᠰᠢ᠂ ᠸᠠᠩ ᠬᠠᠨ ᠢ᠋ ᠳᠠᠭᠠᠷᠢᠵᠤ ᠰᠢᠪᠲᠤᠯᠤᠭᠰᠠᠨ ᠤᠴᠢᠷ ᠠ᠋ᠴᠠ ᠲᠡᠢᠮᠦ ᠪᠣᠯᠵᠠᠢ᠃ᠥᠭᠡᠷ᠎ᠡ ᠦᠶ᠎ᠡ ᠳ᠋ᠦ᠍ ᠸᠠᠩ ᠬᠠᠨ ᠪᠠᠰᠠ ᠵᠠᠮ ᠤ᠋ᠨ ᠵᠠᠭᠤᠷ᠎ᠠ ᠠ᠋ᠴᠠ ᠪᠤᠴᠠᠵᠤ ᠢᠷᠡᠭᠰᠡᠨ ᠬᠡᠷᠡᠭ ᠴᠦ᠍ ᠪᠠᠢᠵᠠᠢ᠂ ᠲᠡᠷᠡ ᠦᠶ᠎ᠡ ᠳᠦ ᠸᠠᠩ ᠬᠠᠨ ᠤ᠋ ᠳᠡᠭᠦᠦ ᠨᠢ ᠤᠷᠪᠠᠭᠠᠳ᠂ᠲᠡᠮᠦᠵᠢᠨ ᠡᠴᠡ ᠲᠤᠰᠠᠯᠠᠮᠵᠢ ᠭᠤᠶᠤᠬᠤ ᠬᠡᠷᠡᠭᠴᠡᠭᠡ ᠲᠡᠢ ᠪᠠᠢᠭᠰᠠᠨ ᠦᠶ᠎ᠡ ᠶ᠋ᠢᠨ ᠤᠴᠢᠷ ᠪᠠᠢᠪᠠ᠃ ᠣᠳᠣ ᠳ᠋ᠠᠭᠠᠨ ᠬᠡᠷᠡᠢᠳ ᠦ᠋ᠨ ᠣᠷᠣᠨ ᠨᠤᠲᠤᠭ ᠨᠢ ᠲᠣᠭᠲᠠᠭᠤᠨ ᠪᠣᠯᠤᠭᠰᠠᠨ ᠪᠥᠭᠡᠳ ᠳᠠᠢᠰᠤᠨ ᠨᠢ ᠪᠦᠷᠢᠮᠦᠰᠦᠨ ᠤᠰᠠᠳᠬᠠᠭᠳᠠᠭᠰᠠᠨ ᠪᠠᠢᠯ᠎ᠠ᠃ ᠭᠡᠪᠡᠴᠦ ᠪᠥᠷᠲᠡ ᠬᠠᠲᠤᠨ ᠤ᠋ ᠰᠡᠳᠬᠢᠯ ᠦ᠋ᠨ ᠵᠣᠪᠠᠨᠢᠯ ᠨᠢ ᠦᠷᠭᠦᠯᠵᠢᠯᠡᠵᠦ ᠪᠠᠢᠵᠠᠢ᠃
ᠲᠡᠮᠦᠵᠢᠨ ᠪᠥᠷᠲᠡ ᠬᠠᠲᠤᠨ ᠲᠠᠢ ᠤᠳᠠᠭᠠᠨ ᠬᠡᠯᠡᠯᠴᠡᠭᠰᠡᠨ ᠦ᠌ ᠬᠣᠢᠨ᠎ᠠ᠂ ᠲᠣᠭᠣᠷᠢᠯ ᠤ᠋ᠨ ᠲᠡᠨᠳᠡ ᠡᠯᠴᠢ ᠶᠠᠪᠤᠭᠤᠯᠵᠤ᠂ᠲᠡᠭᠦᠨ ᠦ᠌ ᠬᠡᠦᠬᠡᠨ ᠢ᠋ ᠲᠡᠮᠦᠵᠢᠨ ᠦ᠌ ᠠᠬᠠᠮᠠᠳ ᠬᠥᠪᠡᠭᠦᠨ ᠵᠥᠴᠢ ᠳ᠋ᠡᠭᠡᠨ ᠪᠡᠷᠢ ᠪᠣᠯᠭᠠᠵᠤ ᠠᠪᠬᠤ ᠪᠠᠷ ᠬᠡᠯᠡᠭᠦᠯᠦᠭᠰᠡᠨ ᠪᠢᠯᠡ᠃ ᠡᠯᠴᠢ ᠨᠢ ᠡᠷᠭᠢᠭᠡᠳ ᠲᠡᠮᠦᠵᠢᠨ ᠦ᠌ ᠬᠡᠦᠬᠡᠨ ᠢ᠋ ᠲᠣᠭᠣᠷᠢᠯ ᠬᠠᠨ ᠤ᠋ ᠠᠴᠢ ᠬᠥᠪᠡᠭᠦᠨ ᠳ᠋ᠦ᠍ ᠪᠡᠷᠢ ᠪᠣᠯᠭᠠᠬᠤ ᠰᠠᠨᠠᠭ᠎ᠠ ᠲᠠᠢ ᠪᠠᠢᠬᠤ ᠶ᠋ᠢ ᠳᠤᠷᠠᠳᠴᠤ ᠥᠭᠭᠦᠯ᠎ᠡ᠃ ᠡᠨᠡ ᠤᠳᠠᠭ᠎ᠠ ᠶ᠋ᠢᠨ ᠤᠷᠤᠭ ᠪᠠᠷᠢᠯᠳᠤᠬᠤ ᠭᠡᠰᠡᠨ ᠨᠢ ᠬᠣᠶᠠᠷ ᠡᠲᠡᠭᠡᠳ ᠦ᠋ᠨ ᠭᠠᠳᠠᠭᠠᠳᠤ ᠬᠠᠷᠢᠴᠠᠭ᠎ᠠ ᠨᠢ ᠮᠠᠭᠤᠳᠠᠭᠰᠠᠨ ᠠᠩᠬᠠᠨ ᠤ᠋ ᠰᠢᠯᠲᠠᠭᠠᠨ ᠪᠣᠯᠤᠭᠰᠠᠨ ᠶᠤᠮ᠃ ᠶᠠᠭᠤᠨ ᠳ᠋ᠤ᠌ ᠭᠡᠪᠡᠯ ᠰᠡᠩᠭᠦᠮ ᠬᠠᠷᠢᠨ ᠲᠡᠮᠦᠵᠢᠨ ᠦ᠌ ᠦᠨᠡᠨ ᠰᠡᠳᠬᠢᠯ ᠦ᠋ᠨ ᠲᠤᠬᠠᠢ ᠡᠴᠢᠭᠡ ᠳ᠋ᠡᠭᠡᠨ ᠰᠡᠵᠢᠭ ᠲᠥᠷᠥᠭᠦᠯᠬᠦ ᠭᠡᠵᠦ ᠶᠠᠭ ᠬᠦᠯᠢᠶᠡᠵᠦ ᠪᠠᠢᠭᠰᠠᠨ ᠪᠠᠢᠨ᠎ᠠ᠃
《ᠣᠳᠣ ᠲᠡᠮᠦᠵᠢᠨ ᠦ᠌ ᠰᠢᠷᠲᠡᠵᠦ ᠬᠠᠷᠠᠭᠰᠠᠨ ᠵᠦᠢᠯ ᠨᠢ ᠲᠣᠳᠣᠷᠬᠠᠢ ᠪᠣᠯᠤᠭᠰᠠᠨ ᠪᠢᠰᠢᠦ᠂ ᠲᠡᠭᠦᠨ ᠦ᠌ ᠬᠠᠷᠠᠴᠠ ᠨᠢ ᠬᠡᠷᠡᠢᠳ ᠸᠠᠩ ᠤ᠋ᠨ ᠰᠠᠭᠤᠷᠢᠨ ᠪᠣᠯᠤᠨ᠎ᠠ᠃ ᠡᠴᠢᠭᠡ ᠶ᠋ᠢ ᠦᠬᠦᠪᠡᠯ ᠲᠡᠮᠦᠵᠢᠨ ᠳᠠᠷᠤᠢ ᠵᠥᠴᠢ ᠪᠡᠷ ᠢ᠋ᠶ᠋ᠡᠨ ᠵᠠᠯᠭᠠᠮᠵᠢᠯᠠᠭᠤᠯᠬᠤ ᠪᠠᠷ ᠱᠠᠭᠠᠷᠳᠠᠬᠤ ᠪᠢᠵᠡ᠃ ᠡᠢᠮᠦ ᠤᠴᠢᠷ ᠠ᠋ᠴᠠ ᠬᠡᠷᠡᠢᠳ ᠠᠢᠮᠠᠭ ᠲᠤ ᠲᠡᠮᠦᠵᠢᠨ ᠠᠷᠪᠢᠨ ᠪᠡᠯᠡᠭ ᠰᠡᠯᠡᠭ ᠬᠦᠷᠭᠡᠬᠦ᠂ᠪᠠᠢᠯᠳᠤᠭᠠᠨ ᠤ᠋ ᠣᠯᠵᠠ ᠪᠠᠨ ᠮᠠᠰᠢ ᠡᠯᠪᠡᠭ ᠳᠡᠯᠪᠡᠭ ᠢ᠋ᠶ᠋ᠡᠷ ᠬᠡᠷᠡᠢᠳᠴᠤᠳ ᠲᠤ᠌ ᠬᠤᠪᠢᠶᠠᠵᠤ ᠥᠭᠳᠡᠭ᠂ ᠡᠨᠡ ᠴᠢᠨᠢ ᠬᠥᠮᠦᠨ ᠦ᠌ ᠰᠡᠳᠬᠢᠯ ᠢ᠋ ᠬᠤᠷᠢᠶᠠᠬᠤ ᠶ᠋ᠢᠨ ᠲᠥᠯᠥᠭᠡ ᠬᠡᠷᠡᠭᠯᠡᠭᠰᠡᠨ ᠵᠠᠯᠢ ᠮᠡᠬᠡ ᠶ᠋ᠢᠨ ᠲᠡᠳᠦᠢ ᠪᠢᠯᠡ᠃ ᠁ ᠡᠨᠡᠬᠦ ᠮᠣᠩᠭᠣᠯ ᠬᠠᠭᠠᠨ ᠰᠣᠯᠢᠶᠠᠷᠠᠭᠰᠠᠨ ᠮᠡᠲᠦ ᠵᠡᠷᠯᠢᠭ ᠰᠠᠨᠠᠭ᠎ᠠ ᠡᠪᠦᠷᠯᠡᠵᠦ ᠪᠠᠢᠨ᠎ᠠ᠃ ᠸᠠᠩ ᠬᠠᠨ ᠤ᠋ ᠬᠡᠦᠬᠡᠨ ᠢ᠋ ᠦᠨᠡᠨ ᠡᠴᠢᠭᠡ ᠨᠢ ᠬᠡᠨ ᠪᠣᠯᠬᠤ ᠶ᠋ᠢ ᠮᠡᠳᠡᠬᠦ ᠦᠭᠡᠢ ᠵᠥᠴᠢ ᠳ᠋ᠡᠭᠡᠨ ᠪᠡᠷᠢ ᠪᠣᠯᠭᠠᠵᠤ ᠠᠪᠤᠨ᠎ᠠ ᠭᠡᠰᠡᠨ ᠴᠢᠨᠢ ᠬᠢᠷᠢ ᠡᠴᠡ ᠪᠡᠨ ᠬᠡᠲᠦᠷᠡᠭᠰᠡᠨ ᠬᠦᠰᠡᠯ ᠮᠥᠨ ᠪᠥᠭᠡᠳ ᠰᠣᠯᠢᠶᠠᠷᠠᠵᠤ ᠪᠠᠢᠭ᠎ᠠ ᠬᠡᠷᠡᠭ ᠪᠢᠰᠢ ᠶᠠᠭᠤ ᠪᠣᠢ? ᠡᠨᠡ ᠮᠡᠲᠦ ᠪᠦᠳᠦᠭᠦᠷᠡᠵᠦ ᠪᠠᠢᠬᠤ ᠶᠠᠭᠤᠮ᠎ᠠ ᠶ᠋ᠢ ᠠᠶᠤᠯ ᠲᠦᠭᠰᠢᠭᠦᠷᠢ ᠪᠣᠯᠬᠤ ᠠ᠋ᠴᠠ ᠨᠢ ᠤᠷᠢᠳ ᠬᠦᠴᠦ ᠶ᠋ᠢ ᠨᠢ ᠦᠭᠡᠢᠰᠬᠡᠬᠦ ᠦᠭᠡᠢ ᠪᠡᠷ ᠪᠣᠯᠬᠤ ᠦᠭᠡᠢ》 ᠭᠡᠵᠦ ᠰᠡᠩᠭᠦᠮ ᠳᠤᠷᠠᠳᠤᠭᠰᠠᠨ ᠪᠠᠢᠨ᠎ᠠ᠃
ᠬᠥᠭᠰᠢᠷᠡᠭᠰᠡᠨ ᠬᠡᠷᠡᠢᠳ ᠦ᠋ᠨ ᠸᠠᠩ ᠬᠠᠨ ᠶᠡᠷᠦ ᠡᠢᠮᠦᠷᠬᠦ ᠤᠪ ᠮᠡᠬᠡ ᠶ᠋ᠢ ᠡᠰᠡᠷᠭᠦᠴᠡᠵᠦ ᠴᠢᠳᠠᠬᠤ ᠦᠭᠡᠢ ᠪᠠᠢᠯ᠎ᠠ᠃ ᠲᠡᠭᠦᠨ ᠳ᠋ᠦ᠍ ᠵᠦᠢᠯ ᠪᠦᠷᠢ ᠶ᠋ᠢᠨ ᠰᠠᠨᠠᠭ᠎ᠠ ᠲᠥᠷᠥᠭᠳᠡᠵᠡᠢ᠃ ᠬᠥᠪᠡᠭᠦᠨ ᠦ᠌ ᠪᠣᠳᠣᠭᠰᠠᠨ ᠨᠢ ᠵᠥᠪ ᠪᠠᠢᠬᠤ ᠴᠤ᠌ ᠮᠠᠭᠠᠳ᠂ ᠲᠣᠭᠣᠷᠢᠯ ᠤ᠋ᠨ ᠪᠡᠶ᠎ᠡ ᠸᠠᠩ ᠬᠠᠨ ᠭᠡᠵᠦ ᠡᠷᠬᠡ ᠰᠦᠷ ᠲᠡᠢ ᠠᠮᠢᠳᠤ ᠰᠡᠷᠡᠭᠦᠨ ᠪᠠᠢᠬᠤ ᠦᠶ᠎ᠡ ᠳ᠋ᠡᠭᠡᠨ᠂ ᠲᠡᠮᠦᠵᠢᠨ ᠢ᠋ ᠦᠨᠡᠨ ᠬᠣᠣᠷ ᠪᠣᠯᠵᠤ ᠴᠢᠳᠠᠬᠤ ᠦᠭᠡᠢ ᠶᠠᠭᠤᠮ᠎ᠠ ᠪᠣᠯᠭᠠᠵᠤ ᠲᠠᠯᠪᠢᠬᠤ ᠦᠭᠡᠢ ᠪᠡᠷ ᠪᠣᠯᠬᠤ ᠦᠭᠡᠢ᠂ ᠭᠡᠲᠡᠯ᠎ᠡ ᠬᠥᠪᠡᠭᠦᠨ ᠰᠡᠩᠭᠦᠮ ᠦ᠋ᠨ ᠢ᠋ᠶ᠋ᠡᠨ ᠰᠡᠵᠢᠭ ᠶᠡᠬᠡᠲᠡᠢ ᠬᠠᠷᠭᠢᠰ ᠬᠡᠷᠴᠡᠭᠡᠢ ᠵᠠᠩ ᠴᠢᠨᠠᠷ ᠢ᠋ ᠨᠢ ᠲᠡᠷᠡ ᠮᠡᠳᠡᠵᠦ ᠪᠠᠢᠬᠤ᠂ ᠬᠡᠷᠡᠢᠳ ᠦ᠋ᠨ ᠣᠯᠠᠨ ᠲᠦᠷᠦᠭᠦᠦ ᠲᠡᠢᠮᠦ ᠬᠢᠯᠪᠠᠷ ᠢ᠋ᠶ᠋ᠠᠷ ᠪᠢᠰᠢᠷᠡᠵᠦ ᠳᠠᠭᠠᠬᠤ ᠦᠭᠡᠢ ᠭᠡᠰᠡᠨ ᠢ᠋ ᠪᠠᠰᠠ ᠮᠡᠳᠡᠵᠦ ᠪᠠᠢᠵᠠᠢ᠃ ᠬᠡᠷᠪᠡ ᠲᠡᠢᠮᠦ ᠦᠶ᠎ᠡ ᠳ᠋ᠦ᠍ ᠤᠯᠤᠰ ᠤ᠋ᠨ ᠬᠢᠯᠢ ᠣᠷᠴᠢᠮ ᠲᠡᠮᠦᠵᠢᠨ ᠮᠡᠲᠦ ᠬᠦᠴᠦᠷᠬᠡᠭ ᠶᠡᠬᠡ ᠵᠡᠷᠯᠢᠭ ᠰᠠᠨᠠᠭ᠎ᠠ ᠲᠠᠢ ᠬᠠᠭᠠᠨ ᠪᠠᠢᠪᠠᠯ ᠶᠠᠮᠠᠷ ᠬᠡᠷᠡᠭ ᠪᠣᠯᠬᠤ ᠠᠵᠢ ᠭᠡᠵᠦ ᠪᠣᠳᠣᠯ᠎ᠠ᠃ ᠲᠡᠭᠡᠭᠡᠳ ᠲᠡᠷᠡ ᠬᠠᠮᠤᠭ ᠡᠴᠦᠰ ᠲᠦ᠋ᠨᠢ᠄《ᠵᠠ ᠴᠢ ᠰᠠᠨᠠᠭᠰᠠᠨ ᠳᠤᠷ᠎ᠠ ᠪᠠᠷ ᠢ᠋ᠶ᠋ᠠᠨ ᠶᠠᠪᠤ᠂ ᠴᠢᠨᠦ ᠦᠢᠯᠡᠳᠬᠦ ᠬᠡᠷᠡᠭ ᠲᠦ᠍ ᠪᠢ ᠭᠠᠷ ᠲᠦᠷᠢᠬᠦ ᠦᠭᠡᠢ》 ᠭᠡᠵᠦ ᠪᠠᠷᠬᠢᠷᠠᠵᠠᠢ᠃
ᠰᠡᠩᠭᠦᠮ ᠡᠭᠦᠨ ᠡᠴᠡ ᠢᠯᠡᠭᠦᠦ ᠶᠠᠭᠤ ᠭᠤᠶᠤᠴᠢᠯᠠᠬᠤ ᠶ᠋ᠢ ᠬᠦᠰᠡᠭᠰᠡᠨ ᠬᠡᠷᠡᠭ ᠴᠤ᠌ ᠦᠭᠡᠢ᠃ ᠲᠡᠷᠡ ᠳᠠᠷᠤᠢ ᠲᠦᠷᠭᠡᠨ ᠢ᠋ᠶ᠋ᠡᠷ ᠮᠣᠩᠭᠣᠯ ᠬᠠᠭᠠᠨ ᠤ᠋ ᠳᠡᠷᠭᠡᠳᠡ ᠡᠯᠴᠢ ᠶᠠᠪᠤᠭᠤᠯᠵᠤ ᠤᠷᠤᠭ ᠲᠣᠭᠲᠠᠬᠤ ᠨᠠᠷᠢᠨ ᠨᠢᠭᠲᠠ ᠬᠡᠷᠡᠭ ᠢ᠋ ᠵᠥᠪᠳᠡᠬᠦ ᠶ᠋ᠢᠨ ᠲᠥᠯᠥᠭᠡ᠂ ᠲᠡᠮᠦᠵᠢᠨ ᠪᠡᠶ᠎ᠡ ᠪᠡᠷ ᠢ᠋ᠶ᠋ᠡᠨ ᠮᠣᠷᠢᠯᠠᠵᠤ ᠢᠷᠡᠬᠦ ᠪᠣᠯᠪᠠᠤ ᠭᠡᠵᠦ ᠤᠷᠢᠯᠭ᠎ᠠ ᠭᠠᠷᠭᠠᠪᠠ᠃ ᠲᠡᠭᠡᠭᠡᠳ ᠲᠦᠷᠭᠡᠨ ᠢ᠋ᠶ᠋ᠡᠷ ᠬᠡᠷᠡᠢᠳ ᠦ᠋ᠨ ᠣᠯᠠᠨ ᠠᠢᠮᠠᠭ ᠢ᠋ᠶ᠋ᠠᠨ ᠴᠤᠭᠯᠠᠭᠤᠯᠵᠤ ᠡᠬᠢᠯᠡᠪᠡ᠃ ᠲᠡᠮᠦᠵᠢᠨ ᠢ᠋ ᠬᠦᠷᠴᠦ ᠢᠷᠡᠭᠰᠡᠨ ᠬᠤᠷᠢᠮ ᠳᠡᠭᠡᠷ᠎ᠡ ᠬᠣᠣᠷᠯᠠᠨ ᠠᠯᠠᠬᠤ ᠪᠠᠷ ᠪᠡᠯᠡᠳᠬᠡᠨ᠂ ᠬᠣᠢᠨ᠎ᠠ ᠨᠢ ᠰᠢᠭᠤᠳ ᠮᠣᠩᠭᠣᠯ ᠤᠯᠤᠰ ᠤ᠋ᠨ ᠨᠤᠲᠤᠭ ᠳᠡᠪᠢᠰᠬᠡᠷ ᠲᠦ᠍ ᠳᠣᠪᠲᠣᠯᠤᠨ ᠣᠷᠣᠵᠤ᠂ ᠲᠡᠮᠦᠵᠢᠨ ᠦ᠌ ᠦᠨᠡᠨᠴᠢ ᠰᠢᠳᠤᠷᠭᠤ ᠳᠠᠢᠴᠢᠨ ᠪᠠᠭᠠᠲᠤᠷ ᠥᠷᠯᠥᠭ ᠦ᠋ᠳ ᠦ᠋ᠨ ᠥᠰᠢᠶ᠎ᠡ ᠠᠪᠬᠤ ᠪᠠᠢᠯᠳᠤᠭᠠᠨ ᠡᠭᠦᠰᠬᠡᠬᠦ ᠡᠴᠡ ᠤᠷᠢᠳ ᠭᠠᠷ ᠬᠥᠳᠡᠯᠬᠦ ᠪᠡᠷ ᠲᠥᠯᠥᠪᠯᠡᠪᠡ᠃
ᠲᠡᠮᠦᠵᠢᠨ ᠮᠣᠷᠳᠠᠵᠤ ᠭᠠᠷᠤᠭᠠᠳ ᠵᠠᠮ ᠵᠠᠭᠤᠷ᠎ᠠ ᠥᠭᠡᠯᠦᠨ ᠡᠬᠡ ᠶ᠋ᠢᠨ ᠭᠡᠷ ᠥᠭᠡᠷ᠎ᠡ ᠪᠡᠷ ᠬᠡᠯᠡᠪᠡᠯ ᠲᠡᠭᠦᠨ ᠦ᠌ ᠬᠣᠶᠠᠳᠤᠭᠠᠷ ᠡᠷ᠎ᠡ ᠮᠡᠩᠯᠢᠭ ᠦ᠋ᠨ ᠭᠡᠷ ᠲᠦ᠍ ᠠᠢᠯᠴᠢᠯᠠᠭᠰᠠᠨ ᠶᠤᠮ᠃ ᠲᠡᠨᠳᠡ ᠰᠢᠳᠤᠷᠭᠤ ᠢᠳᠬᠠᠯ ᠢ᠋ ᠳᠠᠬᠢᠨ ᠳᠠᠪᠲᠠᠨ ᠰᠣᠨᠣᠰᠤᠭᠰᠠᠨ ᠪᠠᠢᠨ᠎ᠠ᠃ ᠤᠷᠤᠭ ᠲᠣᠭᠲᠠᠬᠤ ᠶᠣᠰᠣᠯᠠᠯ ᠢ᠋ ᠪᠡᠯᠭᠡᠯᠡᠬᠦ ᠳ᠋ᠦ᠍ ᠲᠡᠮᠦᠵᠢᠨ ᠦ᠌ ᠠᠯᠢᠪᠠ ᠳᠠᠢᠰᠤᠨ ᠢ᠋ ᠪᠦᠷ ᠲᠡᠨᠳᠡ ᠴᠤᠭᠯᠠᠭᠤᠯᠬᠤ ᠶᠣᠰᠣᠲᠠᠢ ᠤᠤ᠃ ᠥᠭᠡᠯᠦᠨ ᠡᠬᠡ ᠤᠳᠠᠭᠠᠨ ᠵᠢᠯ ᠦ᠋ᠨ ᠲᠤᠷᠰᠢᠯᠭ᠎ᠠ ᠪᠠᠷ ᠢ᠋ᠶ᠋ᠠᠨ ᠤᠷᠪᠠᠨ ᠬᠣᠣᠷᠯᠠᠭᠴᠢᠳ ᠤ᠋ᠨ ᠴᠢᠭᠴᠢ ᠪᠤᠰᠤ ᠵᠢᠰᠤᠷ ᠠᠷᠭ᠎ᠠ ᠪᠣᠯᠬᠤ ᠶ᠋ᠢ ᠪᠦᠷᠢᠮᠦᠰᠦᠨ ᠮᠡᠳᠡᠵᠦ ᠪᠠᠢᠵᠠᠢ᠃ ᠥᠷᠢᠰᠦᠯᠳᠦᠨ ᠲᠡᠮᠡᠴᠡᠭᠴᠢ ᠪᠡᠨ ᠤᠰᠠᠳᠬᠠᠬᠤ ᠶ᠋ᠢᠨ ᠲᠥᠯᠥᠭᠡ ᠬᠣᠣᠷ ᠲᠠᠯᠪᠢᠬᠤ᠂ ᠬᠤᠷᠢᠮ ᠤ᠋ᠨ ᠰᠢᠷᠡᠭᠡ ᠶ᠋ᠢᠨ ᠳᠣᠣᠷ᠎ᠠ ᠤᠨᠠᠭᠠᠵᠤ ᠪᠠᠷᠢᠬᠤ ᠨᠦᠬᠡ ᠪᠡᠯᠡᠳᠬᠡᠬᠦ ᠵᠡᠷᠭᠡ ᠲᠠᠯ᠎ᠠ ᠨᠤᠲᠤᠭ ᠤ᠋ᠨ ᠳᠠᠳᠬᠠᠯ ᠢ᠋ ᠪᠦᠷᠢᠮᠦᠰᠦᠨ ᠮᠡᠳᠡᠵᠦ ᠪᠠᠢᠵᠠᠢ᠃ ᠥᠭᠡᠯᠦᠨ ᠡᠬᠡ ᠮᠠᠭᠤ ᠢᠷᠣ᠎ᠠ ᠪᠣᠯᠬᠤ ᠶ᠋ᠢ ᠦᠯᠢᠭᠡᠷ ᠡᠴᠡ ᠵᠢᠱ᠌ᠢᠶ᠎ᠡ ᠲᠠᠲᠠᠵᠤ ᠬᠡᠯᠡᠭᠰᠡᠨ ᠳ᠋ᠦ᠍ ᠲᠡᠮᠦᠵᠢᠨ ᠰᠠᠶᠢ ᠣᠴᠢᠬᠤ ᠪᠠᠨ ᠪᠣᠯᠢᠭᠠᠳ᠂ ᠬᠡᠷᠡᠢᠳ ᠠᠢᠮᠠᠭ ᠲᠤ ᠡᠯᠴᠢ ᠶᠠᠪᠤᠭᠤᠯᠬᠤ ᠳ᠋ᠠᠭᠠᠨ ᠥᠭᠡᠷ᠎ᠡ ᠰᠢᠨ᠎ᠡ ᠠᠰᠠᠭᠤᠳᠠᠯ ᠲᠤᠰᠢᠶᠠᠵᠤ᠂ ᠲᠡᠷᠡ ᠬᠠᠷᠢᠨ ᠥᠪᠡᠷ ᠦ᠋ᠨ ᠣᠷᠳᠣᠨ ᠳ᠋ᠠᠭᠠᠨ ᠪᠤᠴᠠᠪᠠ᠃
ᠣᠳᠣ ᠬᠦᠷᠦᠭᠡᠳ ᠲᠡᠮᠦᠵᠢᠨ ᠰᠠᠶᠢ ᠲᠣᠭᠣᠷᠢᠯ ᠬᠠᠨ ᠤ᠋ ᠨᠥᠬᠥᠷᠯᠡᠯ ᠳ᠋ᠦ᠍ ᠰᠡᠵᠢᠭ
ᠲᠥᠷᠥᠭᠳᠡᠭᠰᠡᠨ ᠨᠢ ᠲᠣᠳᠣᠷᠬᠠᠢ ᠪᠣᠯᠪᠠ᠃ ᠲᠡᠭᠡᠭᠡᠳ ᠰᠡᠩᠭᠦᠮ ᠡᠴᠢᠭᠡ ᠳ᠋ᠡᠭᠡᠨ ᠣᠳᠣ ᠲᠡᠮᠦᠵᠢᠨ ᠳᠠᠰᠢ ᠠᠪᠬᠤ ᠴᠣᠷ ᠤ᠋ᠨ ᠭᠠᠭᠴᠠ ᠠᠷᠭ᠎ᠠ ᠭᠡᠪᠡᠯ ᠵᠠᠪᠳᠤᠵᠤ ᠤᠷᠢᠳᠴᠢᠯᠠᠨ ᠲᠡᠭᠦᠨ ᠢ᠋ ᠴᠣᠬᠢᠬᠤ ᠠ᠋ᠴᠠ ᠥᠭᠡᠷ᠎ᠡ ᠲᠤᠰᠠ ᠦᠭᠡᠢ ᠪᠣᠯᠪᠠ ᠭᠡᠵᠦ ᠬᠡᠯᠡᠭᠰᠡᠨ ᠪᠠᠢᠨ᠎ᠠ᠃ ᠵᠣᠯ ᠵᠠᠪᠰᠢᠶᠠᠨ ᠢ᠋ᠶ᠋ᠠᠷ ᠰᠡᠩᠭᠦᠮ ᠨᠢᠭᠡᠨᠲᠡ ᠴᠡᠷᠢᠭ ᠢ᠋ᠶ᠋ᠡᠨ ᠪᠡᠯᠡᠨ ᠪᠣᠯᠭᠠᠨ ᠴᠤᠭᠯᠠᠭᠤᠯᠵᠤ ᠪᠠᠢᠭᠰᠠᠨ ᠪᠣᠯᠬᠣᠷ᠂ ᠸᠠᠩ ᠬᠠᠨ ᠳᠠᠷᠤᠢ ᠲᠦᠷᠭᠡᠨ ᠢ᠋ᠶ᠋ᠡᠷ ᠳᠠᠭᠠᠭᠰᠠᠳ ᠪᠠ ᠪᠦᠬᠦ ᠴᠡᠷᠢᠭ ᠢ᠋ᠶ᠋ᠡᠨ ᠳᠠᠭᠠᠭᠤᠯᠤᠨ ᠵᠡᠭᠦᠨ ᠲᠡᠰᠢ ᠮᠣᠷᠳᠠᠪᠠ᠃ ᠡᠨᠡ ᠤᠳᠠᠭ᠎ᠠ ᠶ᠋ᠢᠨ ᠳᠠᠭᠠᠷᠢᠯᠲᠠ ᠨᠢ ᠲᠡᠮᠦᠵᠢᠨ ᠳ᠋ᠦ᠍ ᠠᠪᠴᠤ ᠬᠡᠯᠡᠪᠡᠯ ᠴᠣᠬᠣᠮ ᠭᠡᠨᠡᠳᠡᠭᠦᠯᠦᠨ ᠴᠣᠬᠢᠭᠰᠠᠨ ᠶᠤᠮ᠃ ᠬᠠᠷᠢᠨ ᠤᠯᠤᠰ ᠤ᠋ᠨ ᠬᠢᠯᠢ ᠳ᠋ᠡᠬᠢ ᠬᠣᠶᠠᠷ ᠮᠠᠯᠴᠢᠨ᠂ ᠲᠡᠮᠦᠵᠢᠨ ᠦ᠌ ᠳᠡᠷᠭᠡᠳᠡ ᠶᠠᠭᠠᠷᠠᠨ ᠬᠦᠷᠴᠦ᠂ ᠸᠠᠩ ᠬᠠᠨ ᠤ᠋ ᠴᠡᠷᠢᠭ ᠣᠢᠷᠠᠳᠠᠵᠤ ᠢᠷᠡᠭᠰᠡᠨ ᠢ᠋ ᠮᠡᠳᠡᠭᠦᠯᠦᠭᠰᠡᠨ ᠦᠶ᠎ᠡ ᠳ᠋ᠦ᠍᠂ ᠲᠡᠮᠦᠵᠢᠨ ᠦ᠌ ᠭᠠᠷ ᠳᠣᠣᠷ᠎ᠠ ᠵᠥᠪᠬᠡᠨ ᠣᠷᠳᠣᠨ ᠢ᠋ ᠰᠠᠬᠢᠭᠰᠠᠨ ᠴᠥᠭᠡᠨ ᠲᠣᠭᠠᠨ ᠤ᠋ ᠴᠡᠷᠢᠭ ᠦ᠋ᠨ ᠲᠡᠳᠦᠢ ᠪᠠᠢᠭᠰᠠᠨ ᠪᠢᠯᠡ᠃ ᠡᠨᠡᠬᠦ ᠪᠠᠢᠩᠭᠤ ᠶ᠋ᠢᠨ ᠪᠡᠯᠡᠳᠬᠡᠯᠲᠦ ᠴᠡᠷᠢᠭ ᠨᠢ ᠳᠥᠷᠪᠡᠨ ᠮᠢᠩᠭ᠎ᠠ ᠵᠢᠷᠭᠤᠭᠠᠨ ᠵᠠᠭᠤ ᠶ᠋ᠢᠨ ᠲᠡᠳᠦᠢ ᠯᠡ ᠪᠠᠢᠪᠠ᠃ ᠡᠳᠡᠭᠡᠷ ᠴᠡᠷᠢᠭ ᠨᠢ ᠴᠥᠮ ᠡᠬᠡᠨᠡᠷ ᠬᠡᠦᠬᠡᠳ ᠲᠡᠢ᠂ ᠮᠠᠯ ᠰᠦᠷᠦᠭ ᠲᠡᠢ ᠪᠠᠨ ᠬᠠᠮᠲᠤ ᠪᠠᠢᠵᠤ ᠪᠢᠯᠡ᠃ ᠬᠡᠷᠡᠢᠳ ᠦ᠋ᠨ ᠳᠠᠭᠠᠷᠢᠨ ᠢᠷᠡᠬᠦ ᠴᠠᠭ ᠢ᠋ ᠨᠢ ᠲᠠᠭᠠᠮᠠᠭᠯᠠᠨ ᠪᠣᠳᠣᠬᠤ ᠳ᠋ᠤ᠌ ᠮᠠᠷᠭᠠᠰᠢ ᠣᠷᠣᠢ ᠪᠣᠯᠬᠤ ᠤᠴᠢᠷ ᠠ᠋ᠴᠠ ᠶᠠᠭᠠᠬᠢᠬᠤ ᠠᠷᠭ᠎ᠠ ᠦᠭᠡᠢ ᠪᠣᠯᠤᠭᠰᠠᠨ ᠪᠠᠢᠪᠠ᠃
ᠲᠡᠷᠡ ᠦᠶ᠎ᠡ ᠳ᠋ᠦ᠍《ᠰᠤᠮᠤ ᠮᠡᠲᠦ ᠲᠦᠷᠭᠡᠨ》 ᠮᠣᠷᠢᠲᠠᠨ ᠢ᠋ ᠳᠥᠷᠪᠡᠨ ᠵᠦᠭ ᠲᠦ᠍ ᠲᠣᠮᠢᠯᠠᠭᠠᠳ᠂ ᠲᠦᠷᠭᠡᠨ ᠢ᠋ᠶ᠋ᠡᠷ ᠮᠣᠩᠭᠣᠯ ᠭᠡᠷ
ᠢ᠋ᠶ᠋ᠡᠨ ᠪᠠᠭᠤᠯᠭᠠᠵᠤ ᠂ᠬᠠᠭᠠᠨ ᠤ᠋ ᠣᠷᠳᠣᠨ ᠤᠷᠤᠭᠤ ᠪᠤᠰᠢᠭᠤ ᠲᠦᠷᠭᠡᠨ ᠢᠷᠡᠭᠲᠦᠨ ᠭᠡᠵᠦ ᠣᠢᠷᠠᠬᠢ ᠣᠯᠠᠨ ᠠᠢᠯ ᠤ᠋ᠳ ᠲᠤ ᠵᠠᠷ ᠥᠭᠪᠡ᠃ ᠡᠨᠡ ᠬᠣᠭᠣᠷᠣᠨᠳᠣ ᠮᠠᠯ ᠰᠦᠷᠦᠭ ᠢ᠋ᠶ᠋ᠡᠨ ᠡᠯᠡᠰᠦ ᠮᠠᠩᠬᠠᠨ ᠳ᠋ᠤ᠌ ᠳᠡᠪᠰᠢᠭᠦᠯᠦᠭᠡᠳ᠂ ᠠᠪᠠᠭᠠᠢ ᠬᠡᠦᠬᠡᠳ ᠢ᠋ ᠲᠡᠷᠭᠡᠨ ᠳ᠋ᠦ᠍ ᠲᠡᠭᠡᠭᠡᠭᠰᠡᠨ ᠡᠳ᠋ ᠡᠷᠳᠡᠨᠢ᠂ ᠵᠠᠷᠤᠳᠠᠯ ᠬᠡᠷᠡᠭᠰᠡᠯ ᠦ᠋ᠨ ᠬᠠᠮᠲᠤ ᠪᠠᠷ ᠲᠡᠮᠡᠭᠡᠨ ᠠᠴᠢᠶ᠎ᠠ ᠪᠠᠷ ᠥᠭᠡᠷ᠎ᠡ ᠭᠠᠵᠠᠷ ᠲᠤ ᠵᠠᠢᠯᠠᠭᠤᠯᠪᠠ ᠃ ᠲᠡᠮᠦᠵᠢᠨ ᠦ᠌ ᠪᠡᠶ᠎ᠡ ᠴᠡᠷᠢᠭ ᠲᠡᠢ ᠪᠡᠨ ᠪᠠᠷᠤᠭ ᠬᠠᠭᠠᠰ ᠡᠳᠦᠷ ᠦ᠋ᠨ ᠵᠠᠮ ᠤ᠋ᠨ ᠠᠭᠤᠯᠠᠨ ᠳ᠋ᠤ᠌ ᠤᠬᠤᠷᠢᠨ ᠣᠷᠣᠭᠠᠳ ᠂ᠰᠡᠷᠭᠡᠢᠯᠡᠯᠲᠡ ᠶ᠋ᠢᠨ ᠵᠢᠭᠰᠠᠭᠠᠯ ᠢ᠋ ᠡᠵᠡᠯᠡᠵᠦ ᠠᠪᠤᠭᠰᠠᠨ ᠪᠠᠢᠯ᠎ᠠ᠃ ᠴᠡᠷᠢᠭ ᠦ᠋ᠨ ᠬᠦᠷᠢᠶ᠎ᠡ ᠪᠡᠨ ᠤᠭ ᠤ᠋ᠨ ᠬᠡᠪ ᠢ᠋ᠶ᠋ᠡᠷ ᠨᠢ ᠲᠠᠯᠪᠢᠵᠤ ᠭᠠᠭᠴᠠ ᠵᠠᠯᠮ᠎ᠠ ᠶ᠋ᠢ ᠴᠥᠭᠡᠬᠡᠨ ᠴᠡᠷᠢᠭ ᠲᠡᠢ ᠬᠠᠮᠲᠤ ᠬᠣᠴᠣᠷᠤᠭᠤᠯᠤᠭᠠᠳ ᠰᠥᠨᠢ ᠪᠣᠯᠬᠤ ᠳ᠋ᠤ᠌ ᠣᠯᠠᠨ ᠲᠦᠳᠡᠭ ᠭᠠᠯ ᠢ᠋ ᠨᠣᠴᠣᠭᠠᠭᠰᠠᠨ ᠬᠣᠢᠨ᠎ᠠ ᠂ ᠭᠣᠣᠯ ᠴᠡᠷᠢᠭ ᠦ᠋ᠨ ᠬᠣᠢᠨ᠎ᠠ ᠠ᠋ᠴᠠ ᠨᠡᠬᠡᠵᠦ ᠬᠥᠷᠥᠭᠲᠦᠨ ᠭᠡᠵᠦ ᠲᠤᠰᠢᠶᠠᠵᠠᠢ᠃
ᠬᠡᠷᠡᠢᠳ ᠦᠳ ᠪᠣᠯ ᠲᠡᠮᠦᠵᠢᠨ ᠦ᠌ ᠰᠢᠯᠢᠳᠡᠭ ᠴᠡᠷᠢᠭ ᠦ᠋ᠨ ᠳᠠᠢᠴᠢᠨ ᠣᠪᠣᠷ ᠢ᠋ ᠤᠳᠠᠭ᠎ᠠ ᠪᠦᠷᠢ ᠶ᠋ᠢᠨ ᠬᠠᠮᠲᠤᠷᠠᠨ ᠪᠠᠢᠯᠳᠤᠬᠤ ᠳ᠋ᠠᠭᠠᠨ ᠦᠵᠡᠭᠰᠡᠨ ᠡᠴᠡ ᠬᠡᠴᠡᠭᠦᠦ ᠪᠣᠯᠭᠣᠮᠵᠢᠲᠠᠢ ᠪᠠᠢᠵᠤ ᠲᠡᠢᠮᠦ ᠬᠠᠭᠤᠮᠠᠭᠠᠢ ᠪᠠᠷ ᠪᠠᠢᠯᠳᠤᠭᠰᠠᠨ ᠦᠭᠡᠢ ᠂ ᠳᠠᠭᠠᠷᠢᠨ ᠰᠢᠪᠲᠤᠯᠬᠤ ᠳ᠋ᠠᠭᠠᠨ ᠳᠠᠢᠰᠤᠨ ᠳ᠋ᠤ᠌ ᠵᠣᠬᠢᠶᠠᠨ ᠪᠠᠢᠭᠤᠯᠵᠤ ᠡᠰᠡᠷᠭᠦᠴᠡᠬᠦ ᠴᠠᠭ ᠦᠯᠦ ᠥᠭᠬᠦ ᠶ᠋ᠢᠨ ᠲᠥᠯᠥᠭᠡ ᠭᠡᠨᠡᠳᠡᠭᠦᠯᠦᠨ ᠴᠣᠬᠢᠬᠤ ᠯᠠ ᠬᠡᠷᠡᠭ ᠲᠡᠢ ᠪᠠᠢᠭᠰᠠᠨ ᠶᠤᠮ᠃ ᠴᠡᠷᠢᠭ ᠦ᠋ᠨ ᠬᠦᠷᠢᠶ᠎ᠡ ᠳ᠋ᠡᠬᠢ ᠭᠠᠯ ᠨᠣᠴᠣᠵᠤ ᠪᠠᠢᠭᠰᠠᠨ ᠢ᠋ ᠦᠵᠡᠭᠡᠳ ᠲᠡᠳᠡ ᠪᠠᠰᠠ ᠳᠡᠮᠡᠢ ᠠᠰᠢᠭᠲᠠᠢ ᠴᠠᠭ ᠬᠦᠷᠦᠭᠡᠳᠦᠢ ᠭᠡᠵᠦ ᠬᠦᠯᠢᠶᠡᠨ ᠳᠥᠷᠪᠡᠨ ᠵᠦᠭ ᠡᠴᠡ ᠴᠡᠷᠢᠭ ᠦ᠋ᠨ ᠬᠦᠷᠢᠶ᠎ᠡ ᠶ᠋ᠢ ᠨᠢ ᠪᠦᠰᠡᠯᠡᠨ ᠠᠯᠢᠪᠠ ᠠᠪᠳᠠᠭ ᠪᠦᠬᠦ ᠠᠷᠭ᠎ᠠ ᠬᠡᠮᠵᠢᠶ᠎ᠡ ᠪᠡᠨ ᠠᠪᠤᠭᠠᠳ᠂ ᠨᠠᠮ ᠭᠦᠮ ᠰᠡᠮᠡᠬᠡᠷ ᠤᠷᠤᠭᠰᠢᠯᠠᠪᠠ᠃ ᠤᠳᠠᠯ ᠦᠭᠡᠢ ᠭᠠᠯ ᠤᠨᠲᠠᠷᠠᠵᠤ ᠬᠥᠮᠦᠨ ᠦ᠌ ᠴᠢᠮᠡᠭᠡ ᠦᠯᠦ ᠰᠣᠨᠣᠰᠳᠠᠬᠤ ᠦᠶ᠎ᠡ ᠳ᠋ᠦ᠍᠂ ᠣᠳᠣ ᠰᠠᠢᠨ ᠲᠣᠬᠢᠶᠠᠯ ᠪᠣᠯᠤᠯ᠎ᠠ ᠭᠡᠳ ᠪᠦᠷᠢᠶ᠎ᠡ ᠦᠯᠢᠶᠡᠵᠦ ᠤᠨᠲᠠᠭ᠎ᠠ ᠪᠠᠷ ᠨᠢ ᠳᠠᠷᠤᠵᠤ ᠠᠪᠤᠶ᠎ᠠ ᠭᠡᠵᠦ ᠪᠠᠷᠬᠢᠷᠠᠯᠳᠤᠨ ᠴᠡᠷᠢᠭ ᠦ᠋ᠨ ᠬᠦᠷᠢᠶᠡᠨ ᠦ᠌ ᠵᠦᠭ ᠠᠯᠠᠨ ᠣᠷᠣᠭᠠᠳ ᠦᠵᠡᠬᠦᠯ᠎ᠡ᠂ ᠴᠡᠷᠢᠭ ᠦ᠋ᠨ ᠬᠦᠷᠢᠶ᠎ᠡ ᠨᠢ ᠬᠣᠪ ᠬᠣᠭᠣᠰᠣᠨ ᠪᠠᠢᠵᠠᠢ᠃ ᠭᠡᠪᠡᠴᠦ ᠴᠡᠷᠢᠭ ᠦ᠋ᠨ ᠬᠦᠷᠢᠶ᠎ᠡ ᠶ᠋ᠢ ᠨᠢ ᠦᠵᠡᠬᠦᠯ᠎ᠡ᠂ ᠲᠡᠨᠳᠡ ᠰᠠᠭᠤᠵᠤ ᠪᠠᠢᠭᠰᠠᠨ ᠬᠥᠮᠦᠰ ᠮᠡᠩᠳᠡᠨ ᠰᠡᠩᠳᠡᠨ ᠳᠤᠲᠠᠭᠠᠭᠰᠠᠨ ᠪᠠᠢᠳᠠᠯ ᠬᠠᠷᠠᠭᠳᠠᠨ᠎ᠠ᠃ ᠲᠣᠭᠣᠭ᠎ᠠ ᠰᠢᠨᠠᠭ᠎ᠠ ᠪᠣᠯᠤᠨ ᠢᠳᠡᠭᠡᠳ ᠦᠯᠡᠳᠡᠭᠰᠡᠨ ᠶᠠᠭᠤᠮ᠎ᠠ ᠬᠡᠦᠮ᠎ᠡ ᠨᠢ ᠭᠡᠷ ᠪᠦᠷᠢ ᠳ᠋ᠦ᠍ ᠭᠠᠵᠠᠷ ᠳᠦᠭᠦᠷᠡᠩ ᠪᠤᠲᠠᠷᠠᠨ ᠴᠠᠴᠤᠭᠳᠠᠭᠰᠠᠨ ᠪᠠᠢᠵᠠᠢ᠃ ᠡᠭᠦᠨ ᠢ᠋ᠶ᠋ᠡᠷ ᠦᠵᠡᠬᠦ ᠳ᠋ᠦ᠍ ᠪᠠᠷᠤᠭ ᠮᠣᠩᠭᠣᠯᠴᠤᠳ ᠪᠦᠰᠡᠯᠡᠭᠳᠡᠭᠰᠡᠨ ᠢ᠋ᠶ᠋ᠡᠨ ᠮᠡᠳᠡᠭᠡᠳ ᠶᠠᠭᠠᠷᠠᠤ ᠰᠠᠨᠳᠤᠷᠤᠤ ᠪᠠᠷ ᠳᠤᠲᠠᠭᠠᠭᠰᠠᠨ ᠨᠢ ᠢᠯᠡᠳᠲᠡ ᠪᠠᠢᠯ᠎ᠠ᠃ ᠡᠮᠡᠰ ᠬᠡᠦᠬᠡᠳ ᠲᠡᠷᠭᠡ ᠤᠨᠤᠭ᠎ᠠ ᠪᠠᠨ ᠬᠥᠳᠡᠯᠭᠡᠬᠦ ᠨᠢ ᠨᠦᠰᠡᠷ ᠤᠳᠠᠭᠠᠨ ᠪᠣᠯᠬᠣᠷ ᠪᠠᠢᠯᠳᠤᠬᠤ ᠬᠦᠴᠦ ᠨᠢ ᠳᠡᠮᠡᠢ ᠶᠠᠭᠤᠮ᠎ᠠ ᠦᠭᠡᠢ ᠪᠠᠢᠬ᠎ᠠ ᠭᠡᠵᠦ ᠪᠣᠳᠣᠭᠰᠠᠨ ᠬᠡᠷᠡᠢᠳ ᠦ᠋ᠳ ᠳᠠᠷᠤᠢ ᠰᠥᠨᠢ ᠶ᠋ᠢᠨ ᠬᠠᠷᠠᠩᠭᠤᠢ ᠪᠠᠷ ᠨᠡᠬᠡᠵᠦ ᠣᠳᠯᠠ᠃
ᠡᠨᠡ ᠦᠶ᠎ᠡ ᠳ᠋ᠦ᠍ ᠲᠡᠮᠦᠵᠢᠨ ᠨᠠᠮ ᠭᠦᠮ ᠢ᠋ᠶ᠋ᠡᠷ ᠪᠠᠢᠯᠳᠤᠭᠠᠨ ᠤ᠋ ᠪᠡᠯᠡᠳᠬᠡᠯ ᠢ᠋ᠶ᠋ᠡᠨ ᠬᠢᠵᠦ᠂ ᠡᠯ᠎ᠡ ᠠᠩᠭᠢ ᠬᠦᠷᠢᠶ᠎ᠡ ᠳ᠋ᠡᠭᠡᠨ ᠪᠠᠢᠯᠳᠤᠬᠤ ᠡᠭᠦᠷᠭᠡ ᠲᠤᠰᠢᠶᠠᠪᠠ᠃ ᠲᠤᠭᠤᠷᠢᠯ ᠬᠠᠨ ᠤ᠋ ᠭᠣᠣᠯ ᠬᠦᠴᠦᠨ ᠦ᠌ ᠴᠡᠷᠢᠭ᠂ ᠪᠠᠢᠯᠳᠤᠭᠠᠨ ᠤ᠋ ᠲᠠᠯᠠᠪᠠᠢ ᠳ᠋ᠤ᠌ ᠬᠦᠷᠴᠦ ᠢᠷᠡᠬᠦ ᠡᠴᠡ ᠡᠮᠦᠨ᠎ᠡ᠂ ᠲᠡᠭᠦᠨ ᠦ᠌ ᠬᠣᠰᠢᠭᠤᠴᠢ ᠴᠡᠷᠢᠭ ᠨᠢ ᠰᠦᠨᠦᠬᠡᠭᠳᠡᠪᠡ᠃ ᠡᠨᠡ ᠭᠠᠵᠠᠷ ᠤ᠋ᠨ ᠪᠠᠢᠴᠠ ᠠᠭᠤᠯᠠᠷᠬᠠᠭ ᠭᠠᠵᠠᠷ ᠪᠣᠯᠬᠣᠷ᠂ ᠳᠠᠭᠠᠷᠢᠨ ᠰᠢᠪᠳᠦᠯᠣᠬᠴᠢᠳ ᠤ᠋ᠨ ᠬᠥᠳᠡᠯᠭᠡᠭᠡᠨ ᠳ᠋ᠦ᠍ ᠰᠠᠭᠠᠳ ᠪᠣᠯᠵᠤ᠂ ᠲᠡᠷᠡᠴᠢᠯᠡᠨ ᠵᠢᠭᠰᠠᠭᠠᠯ ᠤ᠋ᠨ ᠭᠠᠵᠠᠷ ᠢ᠋ ᠰᠣᠩᠭᠣᠭᠰᠠᠨ ᠨᠢ ᠰᠠᠢᠨ ᠤᠴᠢᠷ ᠠ᠋ᠴᠠ ᠬᠡᠷᠡᠢᠳ ᠦ᠋ᠨ ᠴᠡᠷᠢᠭ ᠨᠢ ᠬᠡᠳᠦᠢ ᠣᠯᠠᠨ ᠪᠠᠢᠪᠠᠴᠤ ᠪᠠᠢᠷᠢᠯᠠᠬᠤ ᠭᠠᠵᠠᠷ ᠢ᠋ᠶ᠋ᠠᠨ ᠣᠯᠬᠤ ᠦᠭᠡᠢ᠂ ᠪᠦᠬᠦ ᠬᠦᠴᠦᠨ ᠢ᠋ᠶ᠋ᠡᠨ ᠬᠡᠷᠡᠭᠯᠡᠵᠦ ᠴᠢᠳᠠᠬᠤ ᠦᠭᠡᠢ ᠪᠠᠢᠭᠰᠠᠨ ᠪᠢᠯᠡ᠃ ᠮᠣᠩᠭᠣᠯᠴᠤᠳ ᠤ᠋ᠨ ᠴᠡᠷᠢᠭ ᠨᠢ ᠲᠡᠮᠦᠷ ᠮᠡᠲᠦ ᠰᠠᠬᠢᠯᠭ᠎ᠠ ᠪᠠᠲᠤ ᠲᠠᠢ᠂ ᠲᠡᠳᠡᠨᠡᠷ ᠦ᠋ᠨ ᠪᠠᠭᠠᠲᠤᠷᠯᠢᠭ ᠵᠣᠷᠢᠭ ᠪᠣᠯᠤᠨ ᠬᠠᠲᠠᠭᠤ ᠪᠡᠷᠬᠡᠰᠢᠶᠡᠯ ᠢ᠋ ᠢᠯᠠᠨ ᠳᠠᠪᠠᠬᠤ ᠡᠯ᠎ᠡ ᠵᠦᠢᠯ ᠦ᠋ᠨ ᠨᠥᠬᠥᠴᠡᠯ ᠪᠦᠷᠢᠳᠦᠭᠰᠡᠨ ᠪᠣᠯᠪᠠᠴᠤ᠂ ᠳᠠᠢᠰᠤᠨ ᠤ᠋ ᠴᠡᠷᠢᠭ ᠦ᠋ᠨ ᠲᠣᠭ᠎ᠠ ᠨᠢ ᠳᠡᠩᠳᠡᠭᠦᠦ ᠣᠯᠠᠨ ᠤᠴᠢᠷ ᠠ᠋ᠴᠠ ᠲᠡᠮᠦᠵᠢᠨ ᠦ᠌ ᠴᠡᠷᠢᠭ ᠨᠢ ᠡᠴᠦᠰ ᠦ᠋ᠨ ᠮᠥᠷᠲᠡᠭᠡᠨ ᠳᠡᠢᠯᠦᠭᠳᠡᠬᠦ ᠳ᠋ᠦ᠍ ᠬᠦᠷᠦᠭᠰᠡᠨ ᠪᠠᠢᠨ᠎ᠠ᠃
ᠲᠡᠮᠦᠵᠢᠨ ᠳᠠᠢᠰᠤᠨ ᠢ᠋ ᠡᠷᠭᠢᠵᠦ ᠲᠣᠭᠣᠷᠢᠨ᠂ ᠠᠷᠤ ᠲᠠᠯ᠎ᠠ ᠠ᠋ᠴᠠ ᠨᠢ ᠳᠠᠭᠠᠷᠢᠨ ᠴᠣᠬᠢᠬᠤ ᠶ᠋ᠢᠨ ᠲᠥᠯᠥᠭᠡ ᠪᠡᠯᠡᠳᠬᠡᠯ ᠴᠡᠷᠢᠭ ᠢ᠋ ᠵᠣᠬᠢᠶᠠᠨ ᠪᠠᠢᠭᠤᠯᠵᠠᠢ᠃ ᠬᠥᠭᠡᠷᠦᠬᠦᠢ ᠴᠥᠭᠡᠬᠡᠨ ᠴᠡᠷᠢᠭ ᠢ᠋ᠶ᠋ᠡᠨ ᠲᠡᠷᠡ ᠬᠡᠳᠦᠨ ᠳᠠᠰᠢ ᠬᠤᠪᠢᠶᠠᠵᠤ ᠬᠡᠷᠡᠭᠯᠡᠭᠰᠡᠨ ᠮᠥᠷᠲᠡᠭᠡᠨ ᠪᠠᠰᠠ ᠨᠢᠭᠡ ᠪᠠᠭ᠎ᠠ ᠠᠩᠭᠢ ᠴᠡᠷᠢᠭ ᠢ᠋ᠶ᠋ᠡᠷ ᠢ᠋ᠶ᠋ᠡᠨ ᠬᠡᠷᠡᠢᠳ ᠦ᠋ᠨ ᠣᠯᠠᠨ ᠴᠡᠷᠢᠭ ᠦ᠋ᠨ ᠳᠤᠮᠳᠠ ᠨᠢᠭᠡ ᠱᠠᠭᠠᠨᠴᠠᠭ ᠱᠠᠭᠠᠵᠤ ᠣᠷᠣᠭᠤᠯᠬᠤ ᠪᠠᠷ ᠰᠡᠢᠳᠪᠦᠷᠢᠯᠡᠭᠴᠢ ᠠᠷᠭ᠎ᠠ ᠶ᠋ᠢ ᠠᠪᠬᠤ ᠪᠣᠯᠤᠯ᠎ᠠ᠃ ᠬᠠᠷᠢᠨ ᠡᠨᠡ ᠠᠷᠭ᠎ᠠ ᠨᠢ ᠶᠡᠬᠡ ᠦᠢᠯᠡᠳᠦᠯ ᠭᠠᠷᠭᠠᠭᠰᠠᠨ ᠶᠤᠮ ᠪᠠᠢᠨ᠎ᠠ᠃ ᠬᠠᠮᠤᠭ ᠤ᠋ᠨ ᠡᠴᠦᠰ ᠲᠦ᠍ ᠲᠡᠭᠦᠨ ᠦ᠌ ᠴᠡᠷᠢᠭ ᠦ᠋ᠨ ᠲᠤᠭ ᠨᠢ ᠬᠡᠷᠡᠢᠳ ᠦ᠋ᠨ ᠴᠡᠷᠢᠭ ᠦ᠋ᠨ ᠠᠷᠤ ᠬᠣᠢᠨᠠᠬᠢ ᠠᠭᠤᠯᠠᠨ ᠳᠡᠭᠡᠷ᠎ᠡ ᠮᠠᠨᠳᠤᠵᠤ ᠪᠠᠢᠬᠤ ᠨᠢ ᠬᠠᠷᠠᠭᠳᠠᠭᠰᠠᠨ ᠪᠢᠯᠡ᠃ ᠲᠤᠭᠤᠷᠢᠯ ᠬᠠᠨ ᠣᠳᠣ ᠠᠷᠤ ᠡᠪᠦᠷ ᠬᠣᠶᠠᠷ ᠲᠠᠯ᠎ᠠ ᠪᠡᠷ ᠪᠠᠢᠯᠳᠤᠬᠤ ᠦᠭᠡᠢ ᠪᠡᠷ ᠪᠣᠯᠬᠤ ᠦᠭᠡᠢ ᠪᠠᠢᠳᠠᠯ ᠳ᠋ᠤ᠌ ᠬᠦᠷᠦᠭᠰᠡᠨ ᠪᠠᠢᠨ᠎ᠠ᠂ ᠠᠷᠤ ᠲᠠᠯ᠎ᠠ ᠠ᠋ᠴᠠ ᠢᠷᠡᠭᠰᠡᠨ ᠮᠣᠩᠭᠣᠯ ᠴᠡᠷᠢᠭ ᠨᠢ ᠠᠢᠬᠤᠪᠲᠤᠷ ᠪᠠᠭᠠᠲᠤᠷᠯᠢᠭ ᠪᠠᠢᠭᠰᠠᠨ ᠪᠥᠭᠡᠳ ᠠᠯᠢᠪᠠ ᠳᠠᠢᠰᠤᠨ ᠤ᠋ ᠳᠠᠭᠠᠷᠢᠯᠲᠠ ᠶ᠋ᠢ ᠣᠢᠰᠢᠶᠠᠬᠤ ᠦᠭᠡᠢ ᠪᠡᠷ ᠪᠡᠬᠢᠯᠡᠯᠲᠡ ᠪᠡᠨ ᠬᠠᠮᠠᠭᠠᠯᠠᠵᠤ ᠪᠠᠢᠯ᠎ᠠ᠃᠂ ᠡᠭᠦᠨ ᠦ᠌ ᠳᠡᠭᠡᠷ᠎ᠡ ᠬᠥᠪᠡᠭᠦᠨ ᠰᠡᠩᠭᠦᠮ ᠨᠢ ᠰᠤᠮᠤᠨ ᠰᠢᠷᠬ᠎ᠠ ᠣᠯᠤᠭᠠᠳ ᠨᠡᠯᠢᠶᠡᠳ ᠬᠦᠨᠳᠦ ᠪᠠᠢᠪᠠ᠂ ᠲᠣᠭᠣᠷᠢᠯ ᠬᠠᠨ ᠡᠳᠦᠷ ᠦ᠋ᠨ ᠭᠡᠭᠡᠨ ᠳ᠋ᠦ᠍ ᠲᠠᠢᠯᠤᠨ ᠳᠡᠢᠯᠦᠭᠳᠡᠬᠦ ᠪᠡᠨ ᠢᠯᠭᠠᠵᠤ ᠴᠢᠳᠠᠬᠤ ᠦᠭᠡᠢ ᠭᠡᠵᠦ ᠪᠣᠳᠣᠭᠠᠳ᠂ ᠳᠠᠢᠰᠤᠨ ᠠ᠋ᠴᠠ ᠠᠩᠭᠢᠵᠢᠷᠠᠬᠤ ᠶ᠋ᠢᠨ ᠲᠥᠯᠥᠭᠡ᠂ ᠳᠠᠢᠰᠤᠨ ᠤ᠋ ᠡᠵᠡᠯᠡᠵᠦ ᠪᠠᠢᠭ᠎ᠠ ᠠᠭᠤᠯᠠᠨ ᠤ᠋ ᠠᠷᠤ ᠳ᠋ᠤ᠌ ᠣᠴᠢᠵᠤ ᠬᠦᠷᠢᠶ᠎ᠡ ᠪᠡᠨ ᠪᠠᠭᠤᠯᠭᠠᠬᠤ ᠪᠠᠷ ᠵᠠᠷᠯᠠᠪᠠ᠃ ᠳᠠᠢᠰᠤᠨ ᠤ᠋ ᠰᠥᠨᠢ ᠪᠡᠷ ᠭᠡᠨᠡᠳᠡᠭᠦᠯᠦᠨ ᠳᠠᠷᠤᠬᠤ ᠠ᠋ᠴᠠ ᠲᠡᠷᠡ ᠠᠶᠤᠬᠤ ᠬᠡᠷᠡᠭ ᠦᠭᠡᠢ᠂ ᠲᠡᠮᠦᠵᠢᠨ ᠣᠳᠣ ᠬᠦᠴᠦ ᠪᠡᠨ ᠰᠦᠢᠳᠬᠡᠵᠦ ᠳᠠᠭᠤᠰᠬᠤ ᠣᠢᠷᠠᠲᠤᠵᠠᠢ᠃ ᠬᠠᠮᠤᠭ ᠰᠢᠯᠢᠳᠡᠭ ᠴᠡᠷᠢᠭ ᠨᠢ ᠦᠬᠦᠭᠰᠡᠨ ᠪᠤᠶᠤ ᠪᠠᠭᠠᠲᠤᠷ ᠥᠷᠯᠥᠭ ᠦ᠋ᠨ ᠣᠯᠠᠩᠬᠢ ᠨᠢ ᠰᠢᠷᠬᠠᠳᠤᠭᠰᠠᠨ ᠪᠠᠢᠯ᠎ᠠ᠃ ᠲᠡᠭᠦᠨ ᠦ᠌ ᠵᠠᠩᠵᠤᠨ ᠤ᠋ ᠣᠷᠳᠣᠨ ᠳ᠋ᠠᠬᠢ ᠦᠨᠡᠨᠴᠢ ᠬᠣᠶᠠᠷ ᠬᠥᠮᠦᠨ ᠳᠠᠷᠤᠢ ᠪᠤᠭᠤᠷᠴᠢ ᠪᠣᠯᠤᠨ ᠪᠣᠷᠣᠬᠤᠯ ᠬᠣᠶᠠᠭᠤᠯᠠ ᠰᠤᠷᠠᠭ ᠴᠢᠮᠡᠭᠡ ᠦᠭᠡᠢ ᠪᠣᠯᠴᠢᠬᠠᠭᠰᠠᠨ ᠪᠢᠯᠡ᠂ ᠡᠭᠦᠨ ᠦ᠌ ᠬᠠᠮᠲᠤ ᠲᠡᠮᠦᠵᠢᠨ ᠦ᠌ ᠭᠤᠷᠪᠠᠳᠤᠭᠠᠷ ᠬᠥᠪᠡᠭᠦᠨ ᠥᠭᠡᠳᠡᠢ ᠵᠠᠯᠠᠭᠤ ᠪᠠᠰᠠ ᠬᠠᠷᠢᠵᠤ ᠢᠷᠡᠭᠰᠡᠨ ᠦᠭᠡᠢ᠃ ᠡᠨᠡᠬᠦ ᠴᠢᠮᠡᠭᠡ ᠶ᠋ᠢ ᠮᠣᠩᠭᠣᠯᠴᠤᠳ ᠲᠡᠮᠦᠵᠢᠨ ᠳ᠋ᠦ᠍ ᠮᠡᠳᠡᠭᠦᠯᠬᠦ ᠦᠶ᠎ᠡ ᠳ᠋ᠦ᠍᠂ ᠲᠡᠭᠦᠨ ᠦ᠌ ᠴᠢᠷᠠᠢ ᠨᠢ ᠣᠭᠲᠣ ᠬᠤᠪᠢᠷᠠᠭᠰᠠᠨ ᠦᠭᠡᠢ ᠪᠡᠷ ᠳᠣᠣᠷᠠᠬᠢ ᠮᠡᠲᠦ ᠦᠭᠡ ᠶ᠋ᠢ ᠳᠦᠳᠡᠭᠡᠨᠡᠯᠡ᠄《ᠡᠨᠡ ᠬᠣᠶᠠᠷ ᠬᠥᠮᠦᠨ ᠪᠣᠯ ᠮᠢᠨᠦ ᠶᠡᠬᠡ ᠰᠠᠢᠨ ᠳᠠᠢᠴᠢᠨ ᠨᠥᠬᠥᠷ ᠮᠥᠨ᠃ ᠲᠡᠷᠡ ᠬᠣᠶᠠᠷ ᠠᠮᠢᠳᠤᠷᠠᠪᠠᠴᠤ ᠦᠬᠦᠪᠡᠴᠦ ᠥᠭᠡᠳᠡᠢ ᠡᠴᠡ ᠬᠠᠭᠠᠴᠠᠬᠤ ᠦᠭᠡᠢ ᠶᠦᠮ》 ᠭᠡᠵᠡᠢ᠃ ᠪᠠᠬᠠᠨ ᠤᠳᠠᠭᠰᠠᠨ ᠬᠣᠢᠨ᠎ᠠ ᠪᠤᠭᠤᠷᠴᠢ ᠪᠤᠴᠠᠵᠤ ᠢᠷᠡᠭᠰᠡᠨ ᠪᠠᠢᠨ᠎ᠠ᠂ ᠪᠠᠰᠠ ᠪᠠᠬᠠᠨ ᠤᠳᠠᠭᠠᠳ ᠪᠣᠷᠣᠬᠤᠯ ᠠᠮᠠᠨ ᠵᠠᠪᠠᠵᠢᠨ ᠠ᠋ᠴᠠ ᠴᠢᠰᠤ ᠴᠤᠪᠤᠷᠠᠭᠤᠯᠵᠤ᠂ ᠥᠭᠡᠳᠡᠢ ᠶ᠋ᠢ ᠡᠮᠡᠭᠡᠯ ᠳᠡᠭᠡᠷ᠎ᠡ ᠪᠡᠨ ᠳᠡᠭᠦᠷᠦᠭᠰᠡᠭᠡᠷ ᠬᠦᠷᠴᠦ ᠢᠷᠡᠯ᠎ᠡ᠃ ᠪᠣᠷᠣᠬᠤᠯ᠂ ᠥᠭᠡᠳᠡᠢ ᠶ᠋ᠢᠨ ᠵᠡᠪᠡ ᠶ᠋ᠢᠨ ᠰᠢᠷᠬ᠎ᠠ ᠶ᠋ᠢ ᠠᠮᠠ ᠪᠠᠷ ᠢ᠋ᠶ᠋ᠠᠨ ᠰᠤᠷᠤᠭᠰᠠᠨ ᠠ᠋ᠴᠠ ᠵᠠᠩᠭᠢᠷᠠᠭᠰᠠᠨ ᠨᠥᠵᠢ ᠨᠢ ᠵᠠᠪᠠᠵᠢ ᠪᠠᠷ ᠨᠢ ᠴᠤᠪᠤᠷᠢᠵᠤ ᠪᠠᠢᠵᠠᠢ᠃ ᠰᠡᠭᠡᠭᠡ ᠠᠯᠳᠠᠭᠰᠠᠨ ᠥᠭᠡᠳᠡᠢ᠂ ᠲᠡᠭᠦᠨ ᠦ᠌ ᠡᠮᠡᠭᠡᠯ ᠳᠡᠭᠡᠷ᠎ᠡ ᠨᠢ ᠤᠨᠵᠢᠯᠵᠠᠵᠤ ᠪᠠᠢᠯ᠎ᠠ᠃ ᠡᠨᠡ ᠪᠠᠢᠳᠠᠯ ᠢ᠋ ᠦᠵᠡᠭᠡᠳ ᠲᠡᠮᠦᠵᠢᠨ ᠦ᠌ ᠨᠢᠳᠦᠨ ᠡᠴᠡ ᠨᠢᠯᠪᠤᠰᠤ ᠠᠰᠬᠠᠷᠠᠪᠠ᠃ ᠭᠡᠪᠡᠴᠦ ᠲᠡᠷᠡ ᠪᠠᠢᠯᠳᠤᠭᠠᠨ ᠤ᠋ ᠲᠠᠯᠠᠪᠠᠢ ᠠ᠋ᠴᠠ ᠰᠠᠯᠤᠭᠰᠠᠨ ᠦᠭᠡᠢ᠃ ᠭᠠᠭᠴᠠᠬᠦ ᠰᠢᠷᠬᠠᠲᠠᠢ ᠬᠥᠮᠦᠨ ᠢ᠋ ᠠᠷᠤ ᠲᠠᠯ᠎ᠠ ᠳ᠋ᠤ᠌ ᠬᠦᠷᠭᠡᠭᠲᠦᠨ ᠭᠡᠵᠦ ᠵᠠᠷᠯᠢᠭ ᠪᠠᠭᠤᠯᠭᠠᠭᠰᠠᠨ ᠲᠡᠳᠦᠢ ᠪᠡᠷ ᠭᠦᠢᠴᠡᠳᠬᠡᠪᠡ᠃
ᠡᠨᠡ ᠦᠶ᠎ᠡ ᠳ᠋ᠦ᠍ ᠰᠢᠳᠦ ᠨᠢ ᠡᠮᠲᠡᠷᠡᠭᠰᠡᠨ ᠰᠠᠮ ᠮᠡᠲᠦ ᠨᠢᠮᠭᠡᠨ ᠪᠠᠭᠤᠷᠠᠢ ᠵᠢᠭᠰᠠᠭᠠᠯ ᠢ᠋ᠶ᠋ᠠᠷ ᠳᠠᠷᠠᠭ᠎ᠠ ᠡᠳᠦᠷ ᠶᠠᠭᠠᠬᠢᠵᠤ ᠳᠠᠢᠰᠤᠨ ᠲᠠᠢ ᠪᠠᠢᠯᠳᠤᠬᠤ ᠶᠤᠮ ᠪᠣᠢ? ᠁ ᠲᠡᠭᠡᠪᠡᠯ ᠪᠦᠬᠦᠨ ᠢ᠋ᠶ᠋ᠡᠷ ᠢ᠋ᠶ᠋ᠡᠨ ᠰᠦᠨᠦᠭᠡᠭᠳᠡᠬᠦ ᠳ᠋ᠦ᠍ ᠬᠦᠷᠦᠨ᠎ᠡ ᠰᠢᠦ᠃ ᠭᠠᠭᠴᠠ ᠲᠤᠰᠠᠯᠠᠬᠤ ᠵᠠᠮ ᠭᠡᠪᠡᠯ ᠪᠤᠷᠤᠭᠤᠯᠠᠬᠤ ᠠ᠋ᠴᠠ ᠥᠭᠡᠷ᠎ᠡ ᠠᠷᠭ᠎ᠠ ᠦᠭᠡᠢ ᠪᠣᠯᠤᠯ᠎ᠠ᠃ ᠲᠡᠷᠡᠴᠢᠯᠡᠨ ᠳᠠᠷᠤᠢ ᠲᠦᠷᠭᠡᠨ ᠢ᠋ᠶ᠋ᠡᠷ ᠳᠠᠢᠰᠤᠨ ᠠ᠋ᠴᠠ ᠠᠩᠭᠢᠵᠢᠷᠠᠨ᠂ ᠲᠡᠭᠦᠨ ᠦ᠌ ᠨᠡᠬᠡᠵᠦ ᠴᠣᠬᠢᠬᠤ ᠠ᠋ᠴᠠ ᠬᠡᠯᠲᠦᠷᠢᠬᠦ ᠶ᠋ᠢᠨ ᠲᠥᠯᠥᠭᠡ ᠪᠤᠰᠢᠭᠤ ᠪᠤᠷᠤᠭᠤᠯᠠᠬᠤ ᠯᠠ ᠬᠡᠷᠡᠭᠲᠡᠢ ᠪᠠᠢᠯ᠎ᠠ᠃ ᠡᠬᠡ ᠡᠴᠡ ᠪᠡᠨ ᠲᠥᠷᠥᠭᠰᠡᠨ ᠡᠴᠡ ᠨᠠᠰᠢ ᠲᠦᠷᠦᠭᠦᠦ ᠤᠳᠠᠭ᠎ᠠ ᠳᠡᠢᠯᠦᠭᠳᠡᠭᠰᠡᠨ ᠢ᠋ᠶ᠋ᠡᠨ ᠦᠵᠡᠭᠡᠳ᠂ ᠲᠡᠮᠦᠵᠢᠨ ᠦ᠌ ᠲᠠᠷᠢᠬᠢ ᠨᠢ ᠳᠦᠢᠷᠡᠭᠰᠡᠨ ᠪᠠᠢᠬ᠎ᠠ᠃
ᠡᠨᠡ ᠬᠣᠭᠣᠷᠣᠨᠳᠣ ᠳᠠᠢᠴᠢᠨ ᠨᠥᠬᠥᠳ ᠨᠢ ᠲᠡᠮᠦᠵᠢᠨ ᠳ᠋ᠦ᠍ ᠶᠠᠭᠠᠬᠢᠯ᠎ᠠ ᠭᠡᠳ ᠪᠤᠷᠤᠭᠤᠯᠠᠬᠤ ᠪᠣᠯᠬᠣᠷ ᠬᠤᠷᠳᠤᠨ ᠵᠠᠷᠯᠢᠭ ᠪᠠᠭᠤᠯᠭᠠᠭᠠᠷᠠᠢ ᠭᠡᠵᠦ ᠱᠠᠭᠠᠷᠳᠠᠭᠰᠠᠨ ᠪᠣᠯᠪᠠᠴᠤ ᠲᠡᠷᠡ ᠲᠣᠯᠣᠭᠠᠢ ᠪᠠᠨ ᠰᠠᠵᠢᠵᠤ ᠯᠠ ᠪᠠᠢᠭᠰᠠᠨ ᠲᠡᠳᠦᠢ ᠪᠠᠢᠪᠠ᠃ ᠳᠠᠢᠰᠤᠨ ᠤ᠋ ᠠᠷᠤ ᠠ᠋ᠴᠠ ᠳᠠᠷᠤᠬᠤ ᠪᠠᠷ ᠠᠭᠤᠯᠠᠨ ᠳ᠋ᠤ᠌ ᠲᠣᠮᠢᠯᠠᠭᠰᠠᠨ ᠨᠢᠭᠡᠨ ᠪᠠᠭ᠎ᠠ ᠰᠠᠯᠪᠤᠷᠢ ᠴᠡᠷᠢᠭ ᠦ᠋ᠨ ᠢ᠋ᠶ᠋ᠡᠨ ᠪᠤᠴᠠᠵᠤ ᠢᠷᠡᠬᠦ ᠪᠣᠯᠲᠠᠯ᠎ᠠ ᠲᠡᠷᠡ ᠪᠤᠷᠤᠭᠤᠯᠠᠨ ᠳᠤᠲᠠᠭᠠᠬᠤ ᠵᠠᠷᠯᠢᠭ ᠢ᠋ ᠠᠮᠠᠨ ᠠ᠋ᠴᠠ ᠪᠠᠨ ᠭᠠᠷᠭᠠᠬᠤ ᠳᠤᠷ᠎ᠠ ᠦᠭᠡᠢ ᠪᠠᠢᠯ᠎ᠠ᠃ ᠬᠡᠷᠪᠡ ᠲᠡᠳᠡᠨ ᠡᠴᠡ ᠤᠷᠢᠳ ᠢ᠋ᠶ᠋ᠠᠷ ᠳᠤᠲᠠᠭᠠᠴᠢᠬᠠᠪᠠᠯ ᠡᠨᠡ ᠨᠢᠭᠡᠨ ᠪᠠᠭ᠎ᠠ ᠰᠠᠯᠪᠤᠷᠢ ᠴᠡᠷᠢᠭ ᠪᠦᠷ ᠰᠦᠨᠦᠭᠡᠭᠳᠡᠬᠦ ᠨᠢ ᠵᠠᠢᠯᠠᠰᠢ ᠦᠭᠡᠢ ᠬᠡᠷᠡᠭ ᠪᠣᠯᠤᠨ᠎ᠠ᠃ ᠥᠪᠡᠷ ᠦ᠋ᠨ ᠪᠡᠶ᠎ᠡ ᠶ᠋ᠢᠨ ᠢ᠋ᠶ᠋ᠡᠨ ᠠᠶᠤᠯ ᠦᠭᠡᠢ ᠪᠣᠯᠬᠤ ᠶ᠋ᠢᠨ ᠲᠥᠯᠥᠭᠡ᠂ ᠦᠨᠡᠨᠴᠢ ᠰᠢᠳᠤᠷᠭᠤ ᠨᠥᠬᠥᠳ ᠢ᠋ᠶ᠋ᠡᠨ ᠬᠠᠶᠠᠵᠤ ᠶᠠᠪᠤᠬᠤ ᠠ᠋ᠴᠠ ᠪᠦᠭᠦᠳᠡᠭᠡᠷ ᠢ᠋ᠶ᠋ᠡᠨ ᠬᠠᠮᠲᠤ ᠪᠠᠷ ᠰᠦᠨᠦᠭᠡᠭᠳᠡᠬᠦ ᠲᠦᠭᠰᠢᠭᠦᠷᠢ ᠶ᠋ᠢ ᠠᠮᠰᠠᠬᠤ ᠨᠢ ᠢᠷᠠᠭᠤ ᠠᠯᠳᠠᠷᠲᠠᠢ ᠭᠡᠵᠦ ᠲᠡᠷᠡ ᠪᠣᠳᠣᠵᠤ ᠪᠠᠢᠵᠠᠢ᠃
ᠲᠡᠮᠦᠵᠢᠨ ᠡᠴᠦᠰ ᠦ᠋ᠨ ᠨᠢᠭᠡᠨ ᠬᠥᠮᠦᠨ ᠢ᠋ ᠬᠦᠷᠲᠡᠯ᠎ᠡ ᠪᠦᠷ ᠪᠤᠴᠠᠵᠤ ᠢᠷᠡᠭᠰᠡᠨ ᠬᠣᠢᠨ᠎ᠠ ᠰᠠᠶᠢ ᠤᠬᠤᠷᠢᠬᠤ ᠵᠠᠷᠯᠢᠭ ᠢ᠋ ᠪᠠᠭᠤᠯᠭᠠᠵᠠᠢ᠃ ᠡᠨᠡ ᠦᠶ᠎ᠡ ᠳ᠋ᠦ᠍ ᠲᠡᠷᠡ ᠶᠠᠳᠠᠷᠠᠵᠤ ᠵᠦᠳᠡᠷᠡᠭᠡᠳ ᠲᠤᠢᠯ ᠳ᠋ᠤ᠌ ᠲᠤᠯᠤᠭᠰᠠᠨ ᠲᠡᠳᠡᠭᠡᠷ ᠪᠠᠢᠯᠳᠤᠭᠴᠢ ᠨᠠᠷ ᠲᠤ᠌ ᠥᠴᠦᠬᠡᠨ ᠲᠡᠳᠦᠢ ᠠᠮᠠᠷᠠᠬᠤ ᠴᠢᠯᠥᠭᠡ ᠥᠭᠬᠦ ᠦᠭᠡᠢ᠂ ᠲᠦᠷᠭᠡᠨ ᠡᠴᠡ ᠲᠦᠷᠭᠡᠨ ᠭᠡᠵᠦ ᠱᠠᠭᠠᠷᠳᠠᠨ ᠮᠣᠷᠢᠨ ᠤ᠋ ᠭᠦᠶᠦᠳᠡᠯ ᠦ᠋ᠨ ᠴᠢᠨᠡᠭᠡ ᠪᠡᠷ ᠪᠤᠰᠢᠭᠤ ᠶᠠᠪᠤᠬᠤ ᠪᠠᠷ ᠲᠤᠯᠭᠠᠪᠠ᠃
ᠢᠰᠡᠭᠡᠢ ᠲᠤᠭᠤᠷᠭᠠᠲᠠᠨ ᠤᠯᠤᠰ ᠪᠦᠭᠦᠳᠡ ᠶ᠋ᠢᠨ ᠡᠵᠡᠨ ᠬᠠᠭᠠᠨ ᠪᠣᠯᠤᠭᠰᠠᠨ ᠲᠡᠮᠦᠵᠢᠨ᠂ ᠡᠨᠡ ᠮᠡᠲᠦ ᠶ᠋ᠢᠨ ᠳᠠᠢᠴᠢᠨ ᠨᠥᠬᠥᠳ ᠢ᠋ᠶ᠋ᠡᠨ ᠲᠤᠢᠯ ᠢ᠋ᠶ᠋ᠠᠷ ᠬᠠᠢᠷᠠᠯᠠᠬᠤ ᠰᠡᠳᠬᠢᠯ ᠢ᠋ᠶ᠋ᠡᠷ ᠬᠠᠤᠯᠢ ᠳᠦᠷᠢᠮ ᠪᠣᠯᠭᠠᠨ ᠲᠣᠭᠲᠠᠭᠠᠨ ᠲᠡᠮᠳᠡᠭᠡᠯᠡᠭᠰᠡᠨ ᠨᠢ᠄《ᠶᠢᠰᠦᠨ ᠨᠡᠷ᠎ᠡ ᠪᠠᠢᠯᠳᠤᠭᠴᠢ ᠪᠣᠯᠤᠨ ᠨᠢᠭᠡ ᠠᠷᠪᠠᠲᠤ ᠶ᠋ᠢᠨ ᠳᠠᠷᠤᠭ᠎ᠠ ᠪᠠᠷ ᠪᠦᠷᠢᠯᠳᠦᠭᠰᠡᠨ ᠴᠡᠷᠢᠭ ᠦ᠋ᠨ ᠬᠠᠮᠤᠭ ᠤ᠋ᠨ ᠦᠨᠳᠦᠰᠦᠨ ᠪᠠᠢᠯᠳᠤᠬᠤ ᠨᠢᠭᠡᠴᠡ ᠪᠣᠯᠤᠨ᠎ᠠ᠂ ᠪᠠᠰᠠᠴᠤ ᠦᠬᠦᠵᠦ ᠰᠡᠬᠡᠬᠦ ᠪᠡᠨ ᠬᠠᠮᠲᠤᠳᠬᠠᠭᠰᠠᠨ ᠪᠦᠯᠬᠦᠮ ᠪᠣᠯᠤᠨ᠎ᠠ᠃ ᠡᠨᠡᠬᠦ ᠨᠢᠭᠡᠴᠡ ᠨᠢ ᠨᠢᠭᠡ ᠬᠥᠮᠦᠨ ᠢ᠋ᠶ᠋ᠡᠨ ᠰᠢᠷᠬᠠᠲᠤᠭᠰᠠᠨ ᠪᠡᠷᠬᠡ ᠭᠠᠴᠢᠭᠳᠠᠯ ᠲᠠᠢ ᠪᠠᠢᠳᠠᠯ ᠳᠣᠣᠷ᠎ᠠ ᠣᠷᠬᠢᠵᠤ ᠬᠠᠶᠠᠬᠤ ᠠ᠋ᠴᠠ ᠬᠠᠷᠢᠨ ᠪᠦᠭᠦᠳᠡᠭᠡᠷ ᠢ᠋ᠶ᠋ᠡᠨ ᠨᠢᠭᠡ ᠯᠡ ᠳᠣᠣᠷ᠎ᠠ ᠴᠠᠪᠴᠢᠭᠳᠠᠨ ᠦᠬᠦᠭᠰᠡᠨ ᠨᠢ ᠳᠡᠭᠡᠷ᠎ᠡ ᠭᠡᠵᠦ ᠦᠵᠡᠳᠡᠭ᠃ ᠡᠨᠡᠬᠦ ᠨᠢᠭᠡᠴᠡ ᠳᠣᠲᠣᠷ᠎ᠠ ᠬᠡᠨ ᠨᠢ ᠭᠡᠳ ᠳᠠᠢᠴᠢᠨ ᠨᠥᠬᠥᠷ ᠢ᠋ᠶ᠋ᠡᠨ ᠬᠠᠶᠠᠭᠠᠳ ᠳᠤᠲᠠᠭᠠᠭᠰᠠᠨ ᠬᠥᠮᠦᠨ ᠢ᠋ ᠦᠵᠡᠬᠦ ᠬᠡᠷᠡᠭ ᠦᠭᠡᠢ᠂ ᠠᠯᠠᠬᠤ ᠶᠠᠯ᠎ᠠ ᠪᠠᠷ ᠰᠢᠳᠬᠡᠬᠦ ᠬᠡᠷᠡᠭᠲᠡᠢ》 ᠭᠡᠵᠡᠢ᠃
( ᠬᠣᠶᠠᠷ)
ᠤᠬᠤᠷᠢᠨ ᠪᠤᠷᠤᠭᠤᠯᠠᠭᠠᠳ ᠤᠷᠠᠨ ᠠᠷᠭ᠎ᠠ ᠬᠡᠷᠡᠭᠯᠡᠭᠰᠡᠨ ᠨᠢ
ᠮᠣᠩᠭᠣᠯ ᠴᠡᠷᠢᠭ ᠦ᠋ᠳ ᠬᠡᠳᠦᠢ ᠪᠡᠷ ᠴᠢᠳᠠᠯ ᠢ᠋ᠶ᠋ᠠᠨ ᠮᠣᠬᠣᠲᠠᠯ᠎ᠠ ᠡᠰᠡᠷᠭᠦᠴᠡᠭᠰᠡᠨ ᠡᠴᠡ ᠬᠠᠮᠤᠭ ᠲᠡᠷᠢᠭᠦᠨ ᠳ᠋ᠦ᠍ ᠪᠠᠢᠯᠳᠤᠭᠠᠨ ᠤ᠋ ᠲᠠᠯᠠᠪᠠᠢ ᠪᠠᠨ ᠠᠯᠳᠠᠭᠰᠠᠨ ᠨᠢ ᠲᠡᠳᠡ ᠪᠢᠰᠢ᠂ ᠬᠠᠷᠢᠨ ᠬᠡᠷᠡᠢᠳ ᠦ᠋ᠳ ᠪᠠᠢᠭᠰᠠᠨ ᠪᠣᠯᠪᠠᠴᠤ᠂ ᠡᠨᠡ ᠤᠳᠠᠭ᠎ᠠ ᠶ᠋ᠢᠨ ᠪᠠᠢᠯᠳᠤᠭᠠᠨ ᠤ᠋ ᠦᠷ᠎ᠡ ᠳ᠋ᠦᠩ ᠨᠢ ᠲᠡᠮᠦᠵᠢᠨ ᠳᠡᠢᠯᠦᠭᠳᠡᠭᠡᠳ ᠳᠠᠭᠤᠰᠤᠭᠰᠠᠨ ᠨᠢ ᠭᠠᠷᠴᠠᠭ᠎ᠠ ᠦᠭᠡᠢ ᠪᠣᠯᠪᠠ᠃ ᠦᠷ᠎ᠡ ᠳ᠋ᠦᠩ ᠨᠢ ᠳᠣᠣᠷ᠎ᠠ ᠪᠠᠨ ᠢᠯᠡᠷᠡᠵᠦ ᠢᠷᠡᠵᠡᠢ᠃ ᠲᠡᠭᠦᠨ ᠯᠦ᠍ᠭᠡ ᠬᠠᠮᠲᠤᠷᠠᠵᠤ ᠨᠡᠢᠯᠡᠬᠦ ᠪᠡᠷ ᠢᠷᠡᠬᠦ ᠶᠣᠰᠣᠲᠠᠢ ᠠᠢᠮᠠᠭ ᠶᠠᠰᠤᠲᠠᠨ ᠨᠤᠭᠤᠳ ᠪᠣᠯᠵᠣᠭ᠎ᠠ ᠶ᠋ᠢᠨ ᠶᠣᠰᠣ ᠪᠠᠷ ᠢᠷᠡᠭᠰᠡᠨ ᠦᠭᠡᠢ ᠪᠠᠢᠯ᠎ᠠ᠃ ᠲᠡᠭᠦᠨ ᠦ᠌ ᠬᠠᠷᠢᠶ᠎ᠠ ᠲᠦᠰᠢᠮᠡᠳ ᠦ᠋ᠨ ᠬᠡᠯᠡᠬᠦ ᠪᠡᠷ᠂ ᠲᠡᠳᠡᠨᠦᠰ ᠲᠡᠭᠦᠨ ᠳ᠋ᠦ᠍ ᠬᠠᠭᠠᠨ ᠭᠡᠮᠡᠨ ᠣᠯᠭᠣᠭᠰᠠᠨ ᠡᠷᠬᠡ ᠡᠴᠡ ᠨᠢ ᠲᠡᠮᠦᠵᠢᠨ ᠬᠡᠲᠦᠷᠡᠭᠦᠯᠴᠢᠬᠡᠪᠡ ᠭᠡᠵᠦ ᠳᠠᠭᠤᠨ ᠬᠣᠭᠣᠯᠠᠢ ᠨᠢᠭᠡᠳᠬᠡᠵᠦ ᠲᠤᠩᠬᠠᠭ ᠨᠡᠢᠲᠡᠯᠡᠪᠡ ᠭᠡᠵᠡᠢ᠃
ᠡᠨᠡ ᠮᠡᠲᠦ ᠶ᠋ᠢᠨ ᠵᠠᠷᠯᠢᠭ ᠢ᠋《ᠰᠤᠮᠤ ᠮᠡᠲᠦ ᠲᠦᠷᠭᠡᠨ》 ᠮᠣᠷᠢᠳ ᠢ᠋ᠶ᠋ᠠᠷ ᠤᠯᠠᠮᠵᠢᠯᠠᠨ ᠵᠠᠷᠯᠠᠬᠤ ᠡᠷᠬᠡ ᠰᠦᠷ ᠢ᠋ ᠲᠡᠮᠦᠵᠢᠨ ᠳ᠋ᠦ᠍ ᠣᠯᠭᠣᠭᠰᠠᠨ ᠦᠭᠡᠢ᠂ ᠨᠠᠢᠷᠠᠮᠳᠠᠯ ᠪᠤᠶᠤ ᠲᠡᠢᠨ ᠬᠢᠬᠦ ᠶ᠋ᠢ ᠪᠦᠭᠦᠳᠡᠭᠡᠷ ᠢ᠋ᠶ᠋ᠡᠨ ᠴᠤᠭᠯᠠᠷᠠᠭᠠᠳ ᠶᠠᠷᠢᠯᠴᠠᠵᠤ ᠲᠣᠭᠲᠠᠬᠤ ᠦᠭᠡᠢ ᠪᠡᠷ ᠪᠣᠯᠬᠤ ᠦᠭᠡᠢ᠂ ᠪᠠᠢᠯᠳᠤᠭᠠᠨ ᠬᠢᠬᠦ ᠪᠡᠷ ᠪᠦᠭᠦᠳᠡᠭᠡᠷ ᠢ᠋ᠶ᠋ᠡᠨ ᠲᠣᠭᠲᠠᠭᠠᠭᠰᠠᠨ ᠴᠣ᠂ ᠵᠠᠪᠠᠯ ᠲᠡᠮᠦᠵᠢᠨ ᠢ᠋ ᠳᠠᠭᠠᠵᠤ ᠪᠠᠢᠯᠳᠤᠬᠤ ᠡᠭᠦᠷᠭᠡ ᠭᠡᠵᠦ ᠪᠢᠳᠡᠨ ᠳ᠋ᠦ᠍ ᠪᠠᠢᠬᠤ ᠦᠭᠡᠢ᠃ ᠶᠠᠭᠠᠬᠢᠭᠠᠳ ᠮᠣᠩᠭᠣᠯ ᠤ᠋ᠨ ᠲᠦᠷᠦᠭᠦᠴᠦᠳ ᠡᠨᠡ ᠡᠳᠦᠷ ᠦ᠋ᠨ ᠬᠣᠪᠢᠨ ᠳ᠋ᠤ᠌ ᠪᠠᠢᠯᠳᠤᠭᠠᠨ ᠬᠢᠬᠦ ᠦᠭᠡᠢ ᠪᠣᠯ ᠪᠣᠯᠬᠤ ᠦᠭᠡᠢ ᠠᠵᠢ᠃
ᠪᠢᠳᠡᠨᠡᠷ ᠣᠳᠣ ᠬᠦᠷᠲᠡᠯ᠎ᠡ ᠬᠢᠭᠰᠡᠨ ᠣᠯᠠᠨ ᠪᠠᠢᠯᠳᠤᠭᠠᠨ ᠢ᠋ ᠳᠠᠮᠵᠢᠭᠠᠳ ᠠᠷᠪᠢᠨ ᠣᠯᠵᠠ ᠣᠯᠵᠤ ᠪᠠᠶᠠᠵᠢᠴᠢᠬᠠᠭᠰᠠᠨ ᠪᠠᠢᠨ᠎ᠠ᠃ ᠪᠢᠳᠡᠨ ᠳ᠋ᠦ᠍ ᠬᠦᠷᠦᠯᠴᠡᠬᠦᠢᠴᠡ ᠣᠯᠠᠨ ᠠᠪᠠᠭᠠᠢ ᠬᠡᠦᠬᠡᠳ ᠪᠠ ᠵᠠᠷᠤᠴᠠ ᠪᠣᠭᠣᠯ ᠬᠢᠭᠡᠳ ᠮᠠᠯ ᠬᠥᠷᠥᠩᠭᠡ ᠲᠡᠢ ᠪᠣᠯᠤᠭᠰᠠᠨ ᠶᠤᠮ᠃ ᠲᠡᠷᠡᠴᠢᠯᠡᠨ ᠪᠢᠳᠡᠨᠡᠷ ᠮᠠᠰᠢ ᠪᠠᠶᠠᠯᠢᠭ ᠨᠤᠲᠤᠭ ᠪᠡᠯᠴᠢᠭᠡᠷ ᠲᠡᠢ ᠪᠣᠯᠴᠢᠬᠠᠭᠰᠠᠨ ᠪᠠᠢᠨ᠎ᠠ᠃ ᠶᠠᠭᠤᠨ ᠤ᠋ ᠲᠤᠰᠠᠳᠠ ᠡᠳᠡᠭᠡᠷ ᠪᠦᠬᠦᠨ ᠢ᠋ ᠬᠠᠶᠠᠴᠢᠬᠠᠭᠠᠳ ᠵᠣᠪᠠᠭᠤᠷᠢ ᠵᠦᠳᠡᠭᠦᠷᠢ ᠪᠣᠯᠤᠨ ᠠᠶᠤᠯ ᠲᠦᠭᠰᠢᠭᠦᠷᠢ ᠶ᠋ᠢ ᠡᠷᠢᠬᠦ ᠶᠦ᠍ᠮ ᠪᠣᠢ? ᠪᠢᠳᠡᠨᠡᠷ ᠡᠨᠡᠬᠦ ᠪᠠᠢᠳᠠᠯ ᠢ᠋ᠶ᠋ᠠᠷ ᠢ᠋ᠶ᠋ᠠᠨ ᠦᠭᠡ ᠳᠠᠭᠤᠨ ᠦᠭᠡᠢ ᠰᠠᠭᠤᠵᠤ ᠪᠠᠢᠪᠠᠯ᠂ᠶᠠᠮᠠᠷ ᠴᠤ᠌ ᠵᠦᠳᠡᠭᠦᠷᠢ ᠵᠣᠪᠠᠯᠠᠩ ᠢ᠋ ᠠᠮᠰᠠᠬᠤ ᠦᠭᠡᠢ ᠪᠥᠭᠡᠳ ᠴᠦ᠍ ᠤᠴᠠᠷᠠᠬᠤ ᠶᠣᠰᠣ ᠦᠭᠡᠢ ᠪᠢᠰᠢᠦ᠃ ᠬᠡᠷᠪᠡ ᠲᠡᠢᠮᠦ ᠪᠢᠰᠢ ᠪᠡᠷ ᠲᠡᠮᠦᠵᠢᠨ ᠲᠡᠢ ᠨᠡᠢᠯᠡᠭᠡᠳ ᠬᠥᠳᠡᠯᠳᠡᠭ ᠪᠣᠯ ᠲᠡᠭᠦᠨ ᠢ᠋ ᠨᠡᠬᠡᠭᠰᠡᠨ ᠬᠡᠷᠡᠢᠳ ᠦ᠋ᠨ ᠴᠡᠷᠢᠭ ᠣᠳᠣ ᠡᠬᠡᠨᠡᠷ ᠬᠡᠦᠬᠡᠳ ᠪᠠ ᠮᠠᠯ ᠬᠥᠷᠥᠩᠭᠡ ᠶ᠋ᠢ ᠪᠦᠷ ᠳᠡᠭᠡᠷᠡᠮᠳᠡᠨ ᠪᠤᠯᠢᠶᠠᠬᠤ ᠳ᠋ᠤ᠌ ᠬᠦᠷᠦᠨ᠎ᠡ᠃ ᠡᠨᠡ ᠤᠳᠠᠭ᠎ᠠ ᠶ᠋ᠢᠨ ᠪᠠᠢᠯᠳᠤᠭᠠᠨ ᠪᠣᠯ ᠵᠥᠪᠬᠡᠨ ᠲᠡᠮᠦᠵᠢᠨ ᠦ᠌ ᠬᠤᠪᠢ ᠬᠥᠮᠦᠨ ᠦ᠌ ᠬᠡᠷᠡᠭ ᠪᠣᠯᠤᠨ᠎ᠠ᠃ᠬᠡᠷᠪᠡ ᠲᠡᠮᠦᠵᠢᠨ ᠳᠡᠢᠯᠦᠭᠳᠡᠬᠦ ᠳ᠋ᠦ᠍ ᠲᠤᠯᠪᠠᠯ᠂ ᠲᠡᠷᠡ ᠴᠠᠭ ᠲᠤ᠌᠂ ᠲᠡᠮᠦᠵᠢᠨ ᠳᠠᠬᠢᠭᠠᠳ ᠲᠤᠰᠠᠭᠠᠷ ᠠᠢᠮᠠᠭ ᠦᠨᠳᠦᠰᠦᠲᠡᠨ ᠦ᠌ ᠳᠠᠷᠤᠭ᠎ᠠ ᠪᠣᠯᠵᠤ ᠴᠢᠳᠠᠬᠤ ᠭᠡᠵᠢ ᠤᠤ? ᠰᠢᠨ᠎ᠡ ᠬᠠᠭᠠᠨ ᠢ᠋ᠶ᠋ᠠᠷ ᠰᠣᠩᠭᠣᠭᠳᠠᠬᠤ ᠬᠥᠮᠦᠨ ᠨᠢ ᠲᠣᠭᠲᠠᠲᠠᠯ᠎ᠠ ᠰᠠᠢᠬᠠᠨ ᠪᠣᠳᠣᠵᠤ ᠦᠵᠡᠵᠡᠭᠡᠶ᠎ᠡ᠃
ᠲᠡᠮᠦᠵᠢᠨ ᠪᠣᠯᠤᠨ ᠲᠡᠭᠦᠨ ᠦ᠌ ᠨᠢᠭᠡ ᠪᠦᠯᠦᠭ ᠬᠥᠮᠦᠰ ᠲᠦ᠍ ᠠᠪᠴᠤ ᠬᠡᠯᠡᠪᠡᠯ ᠡᠨᠡ ᠤᠳᠠᠭ᠎ᠠ ᠠᠢᠬᠤᠪᠲᠤᠷ ᠶᠡᠬᠡ ᠪᠤᠷᠤᠭᠤᠯᠠᠵᠤ ᠳᠤᠲᠠᠭᠠᠭᠰᠠᠨ ᠬᠡᠷᠡᠭ ᠪᠣᠯᠤᠭᠰᠠᠨ ᠪᠠᠢᠨ᠎ᠠ᠃ ᠲᠡᠳᠡ ᠬᠠᠮᠢᠭ᠎ᠠ ᠠ᠋ᠴᠠ ᠴᠤ᠌ ᠲᠤᠰᠠᠯᠠᠮᠵᠢ ᠣᠯᠬᠤ ᠦᠭᠡᠢ᠂ᠣᠯᠤᠶ᠎ᠠ ᠭᠡᠵᠦ ᠪᠣᠳᠣᠬᠤ ᠶ᠋ᠢᠨ ᠠᠷᠭ᠎ᠠ ᠦᠭᠡᠢ ᠪᠠᠢᠪᠠ᠃ ᠲᠡᠳᠡ ᠨᠠᠷ ᠢᠶᠡᠨ ᠮᠥᠷ ᠢ᠋ᠶ᠋ᠡᠨ ᠳᠠᠢᠰᠤᠨ ᠳ᠋ᠤ᠌ ᠮᠡᠳᠡᠭᠳᠡᠬᠦ ᠦᠭᠡᠢ ᠶ᠋ᠢᠨ ᠲᠥᠯᠥᠭᠡ ᠬᠥᠮᠦᠨ ᠠᠮᠢᠲᠠᠨ ᠣᠯᠠᠨ ᠪᠠᠶᠠᠯᠢᠭ ᠰᠠᠢᠬᠠᠨ ᠪᠡᠯᠴᠢᠭᠡᠷ ᠲᠡᠢ ᠰᠠᠢᠨ ᠵᠠᠮ ᠪᠦᠬᠦᠨ ᠡᠴᠡ ᠵᠠᠢᠯᠠᠵᠤ ᠶᠠᠪᠤᠯ᠎ᠠ ᠃ ᠡᠪᠡᠰᠦ ᠨᠣᠭᠣᠭ᠎ᠠ ᠤᠷᠭᠤᠬᠤ ᠦᠭᠡᠢ ᠭᠠᠵᠠᠷ ᠲᠤ᠌ ᠳᠤᠲᠠᠭᠠᠵᠤ ᠬᠦᠷᠦᠯ᠎ᠡ ᠃ ᠲᠡᠷᠡ ᠭᠠᠵᠠᠷ ᠲᠤ᠌ ᠬᠥᠮᠦᠨ ᠠᠮᠢᠲᠠᠨ ᠪᠦᠷ ᠲᠣᠭᠲᠠᠮᠠᠯ ᠦᠮᠡᠬᠡᠢ ᠤᠰᠤ ᠶ᠋ᠢ ᠤᠤᠭᠤᠵᠤ ᠠᠮᠢᠳᠤᠷᠠᠬᠤ ᠠ᠋ᠴᠠ ᠥᠭᠡᠷ᠎ᠡ ᠠᠷᠭ᠎ᠠ ᠦᠭᠡᠢ ᠪᠠᠢᠪᠠ ᠃ ᠲᠡᠨᠳᠡ ᠬᠦᠷᠲᠡᠯ᠎ᠡ ᠲᠡᠮᠦᠵᠢᠨ ᠢ᠋ ᠳᠠᠭᠠᠭᠠᠳ ᠶᠠᠪᠤᠵᠤ ᠪᠠᠢᠭᠰᠠᠨ ᠮᠠᠰᠢ ᠴᠥᠭᠡᠨ ᠲᠣᠭ᠎ᠠ ᠲᠠᠢ ᠠᠢᠮᠠᠭ ᠶᠠᠰᠤᠲᠠᠨ ᠨᠤᠭᠤᠳ ᠨᠢ ᠪᠠᠰᠠ ᠲᠡᠭᠦᠨ ᠢ᠋ ᠬᠠᠶᠠᠭᠠᠳ ᠶᠠᠪᠤᠴᠢᠬᠠᠯ᠎ᠠ ᠂ ᠡᠭᠦᠨ ᠡᠴᠡ ᠢᠯᠡᠭᠦᠦ ᠲᠡᠮᠦᠵᠢᠨ ᠳ᠋ᠦ᠍ ᠡᠰᠡᠷᠭᠦᠴᠡᠬᠦ ᠴᠢᠳᠠᠯ ᠭᠡᠵᠦ ᠠᠯᠠᠭ᠎ᠠ ᠪᠣᠯᠪᠠ ᠭᠡᠵᠦ ᠪᠣᠳᠣᠭᠰᠠᠨ ᠪᠢᠵᠡ ᠃ ᠲᠡᠭᠡᠭᠡᠳ ᠲᠡᠮᠦᠵᠢᠨ ᠪᠣᠯᠤᠨ ᠲᠡᠭᠦᠨ ᠦ᠌ ᠬᠠᠮᠤᠭ ᠤ᠋ᠨ ᠦᠨᠡᠨᠴᠢ ᠰᠢᠳᠤᠷᠭᠤ ᠨᠥᠬᠥᠳ ᠨᠢ ᠶᠠᠭᠠᠬᠢᠪᠠᠴᠤ ᠪᠡᠶ᠎ᠡ ᠪᠡᠶ᠎ᠡ ᠪᠡᠨ ᠣᠷᠬᠢᠨ ᠭᠡᠭᠡᠬᠦ ᠦᠭᠡᠢ ᠂ᠠᠯᠢᠪᠠ ᠵᠠᠪᠰᠢᠶᠠᠨ ᠪᠤᠰᠤ ᠵᠦᠳᠡᠭᠦᠷᠢ ᠵᠣᠪᠠᠯᠠᠩ ᠢ᠋ ᠬᠠᠮᠲᠤᠪᠠᠷ ᠢᠶᠠᠨ ᠠᠮᠰᠠᠬᠤ ᠪᠠᠷ ᠲᠠᠩᠭᠠᠷᠢᠭᠯᠠᠪᠠ᠃ ᠡᠨᠡᠬᠦ ᠦᠮᠡᠬᠡᠢ ᠰᠢᠪᠠᠷᠲᠠᠢ ᠤᠰᠤᠨ ᠤ᠋ ᠬᠥᠪᠡᠭᠦᠨ ᠳ᠋ᠦ᠍᠂ ᠲᠡᠳᠡ ᠨᠠᠷ ᠬᠡᠨ ᠬᠡᠷᠪᠡ ᠲᠠᠩᠭᠠᠷᠢᠭ ᠢ᠋ᠶ᠋ᠠᠨ ᠡᠪᠳᠡᠳᠡᠭ ᠪᠣᠯ ᠮᠥᠨ ᠦᠮᠡᠬᠡᠢᠷᠡᠭᠰᠡᠨ ᠤᠰᠤ ᠮᠡᠲᠦ ᠪᠣᠯᠲᠤᠭᠠᠢ ᠭᠡᠵᠦ ᠲᠠᠩᠭᠠᠷᠢᠭᠯᠠᠪᠠ᠃ ᠲᠡᠮᠦᠵᠢᠨ ᠳᠠᠷᠬᠠᠨ ᠭᠡᠬᠦ ᠴᠣᠯᠠ ᠶ᠋ᠢ ᠲᠣᠭᠲᠠᠭᠠᠭᠰᠠᠨ ᠨᠢ ᠡᠨᠡ ᠦᠶ᠎ᠡ ᠶ᠋ᠢᠨ ᠬᠡᠷᠡᠭ ᠪᠣᠯᠤᠨ᠎ᠠ᠃ ᠳᠠᠷᠬᠠᠨ ᠭᠡᠬᠦ ᠴᠣᠯᠠ ᠪᠠᠷ ᠡᠷᠭᠦᠮᠵᠢᠯᠡᠭᠳᠡᠭᠰᠡᠨ ᠬᠥᠮᠦᠨ ᠬᠡᠵᠢᠶ᠎ᠡ ᠶᠠᠮᠠᠷ ᠴᠠᠭ ᠲᠤ᠌ ᠴᠤ᠌ ᠬᠠᠭᠠᠨ ᠤ᠋ ᠣᠷᠳᠣᠨ ᠳ᠋ᠤ᠌ ᠡᠷᠬᠡ ᠴᠢᠯᠥᠭᠡ ᠲᠡᠢ ᠪᠡᠷ ᠣᠷᠣᠵᠤ ᠭᠠᠷᠬᠤ ᠡᠷᠬᠡ ᠲᠡᠢ ᠪᠥᠭᠡᠳ ᠬᠠᠭᠠᠨ ᠳ᠋ᠤ᠌ ᠲᠤᠰᠢᠶᠠᠬᠤ ᠠᠯᠢᠪᠠ ᠠᠯᠪᠠᠨ ᠭᠠᠢᠯᠢ ᠲᠠᠲᠠᠪᠤᠷᠢ ᠶ᠋ᠢ ᠪᠦᠷᠢᠮᠦᠰᠦᠨ ᠬᠡᠯᠲᠦᠷᠢᠭᠦᠯᠦᠨ᠎ᠡ᠃ ᠳᠠᠷᠬᠠᠨ ᠨᠠᠷ ᠪᠠᠢᠯᠳᠤᠭᠠᠨ ᠤ᠋ ᠦᠶ᠎ᠡ ᠳ᠋ᠦ᠍ ᠣᠯᠤᠭᠰᠠᠨ ᠠᠯᠢᠪᠠ ᠡᠳ᠋ ᠡᠷᠳᠡᠨᠢ ᠵᠡᠷᠭᠡ ᠪᠦᠬᠦ ᠣᠯᠵᠠ ᠶ᠋ᠢ ᠳᠡᠭᠡᠭᠰᠢ ᠲᠤᠰᠢᠶᠠᠬᠤ ᠦᠭᠡᠢ ᠪᠦᠷ ᠥᠪᠡᠷ ᠢ᠋ᠶ᠋ᠡᠨ ᠠᠪᠴᠤ ᠪᠣᠯᠤᠨ᠎ᠠ᠃ ᠪᠤᠰᠤᠳ ᠬᠥᠮᠦᠨ ᠳ᠋ᠦ᠍ ᠠᠪᠴᠤ ᠬᠡᠯᠡᠪᠡᠯ ᠠᠯᠠᠬᠤ ᠶᠠᠯ᠎ᠠ ᠳ᠋ᠤ᠌ ᠬᠦᠷᠪᠡᠴᠦ ᠡᠳᠡᠭᠡᠷ ᠳᠠᠷᠬᠠᠴᠤᠳ ᠶᠢᠰᠦᠨᠲᠡ ᠠᠯᠠᠭᠳᠠᠬᠤ ᠶᠠᠯ᠎ᠠ ᠠ᠋ᠴᠠ ᠬᠡᠯᠲᠦᠷᠢᠬᠦ ᠡᠷᠬᠡ ᠲᠡᠢ ᠶᠦᠮ᠃ ᠲᠡᠮᠦᠵᠢᠨ ᠦᠨᠡᠨᠴᠢ ᠰᠢᠳᠤᠷᠭᠤ ᠨᠥᠬᠥᠳ ᠲᠡᠭᠡᠨ ᠡᠨᠡ ᠮᠡᠲᠦ ᠶ᠋ᠢᠨ ᠤᠨᠴᠣᠭᠠᠢ ᠡᠷᠬᠡ ᠲᠡᠢ ᠳᠠᠷᠬᠠᠨ ᠴᠣᠯᠠ ᠶ᠋ᠢ ᠬᠦᠷᠲᠡᠭᠡᠭᠰᠡᠨ ᠪᠠᠢᠨ᠎ᠠ᠃ ᠡᠨᠡ ᠬᠣᠭᠣᠷᠣᠨᠳᠣ ᠲᠡᠳᠡ ᠨᠠᠷ ᠬᠡᠷᠡᠢᠳ ᠦ᠋ᠨ ᠴᠡᠷᠢᠭ ᠲᠦ᠍ ᠬᠥᠭᠡᠭᠡᠭᠳᠡᠭᠰᠡᠭᠡᠷ ᠵᠡᠭᠦᠨ ᠲᠡᠰᠢ ᠪᠡᠨ ᠬᠠᠮᠢᠭ᠎ᠠ ᠬᠦᠷᠬᠦ ᠶ᠋ᠢ ᠮᠡᠳᠡᠬᠦ ᠦᠭᠡᠢ ᠠᠶᠠᠯᠠᠵᠤ ᠶᠠᠪᠤᠯ᠎ᠠ᠃
ᠡᠨᠡ ᠤᠳᠠᠭ᠎ᠠ ᠶ᠋ᠢᠨ ᠪᠤᠷᠤᠭᠤᠯᠠᠬᠤ ᠦᠶ᠎ᠡ ᠳ᠋ᠦ᠍ ᠲᠡᠮᠦᠵᠢᠨ ᠦ᠌ ᠮᠠᠩᠨᠠᠢ ᠳ᠋ᠠᠬᠢ ᠤᠯᠠᠭᠠᠨ ᠥᠩᠭᠡᠲᠡᠢ ᠰᠠᠮᠰᠠᠭ ᠨᠢ ᠴᠠᠪ ᠴᠠᠭᠠᠨ ᠪᠣᠯᠴᠢᠬᠠᠯ᠎ᠠ᠃ ᠲᠡᠭᠦᠨ ᠦ᠌ ᠦᠨᠡᠨᠴᠢ ᠰᠢᠳᠤᠷᠭᠤ ᠳᠠᠢᠴᠢᠨ ᠨᠥᠬᠥᠳ ᠨᠢ ᠰᠣᠴᠢᠭᠰᠠᠨ ᠮᠡᠲᠦ ᠭᠠᠢᠬᠠᠵᠠᠭᠠᠪᠠ᠂ ᠡᠳᠦᠭᠡ ᠪᠣᠯᠲᠠᠯ᠎ᠠ ᠥᠴᠦᠬᠡᠨ ᠴᠦ᠍ ᠬᠥᠭᠰᠢᠷᠡᠭᠰᠡᠨ ᠳᠦᠷᠰᠦ ᠦᠭᠡᠢ ᠪᠠᠢᠭᠰᠠᠨ ᠡᠵᠡᠨ ᠬᠠᠭᠠᠨ ᠮᠢᠨᠢ ᠶᠠᠭᠠᠬᠢᠭᠠᠳ ᠡᠢᠮᠦ ᠪᠣᠯᠤᠭᠰᠠᠨ ᠪᠣᠢ? ᠭᠡᠵᠦ ᠠᠰᠠᠭᠤᠬᠤ ᠳ᠋ᠤ᠌᠂ ᠲᠡᠮᠦᠵᠢᠨ ᠦᠯᠦ ᠮᠡᠳᠡᠭᠴᠢ ᠪᠡᠷ ᠬᠠᠷᠢᠭᠤ ᠬᠡᠯᠡᠭᠰᠡᠨ ᠨᠢ᠄《ᠡᠨᠡ ᠴᠢᠨᠢ ᠲᠩᠷᠢ ᠪᠤᠷᠬᠠᠨ ᠨᠠᠮᠠᠶ᠋ᠢ ᠡᠵᠡᠨ ᠬᠠᠭᠠᠨ ᠢ᠋ᠶ᠋ᠠᠷ ᠲᠣᠭᠲᠠᠭᠠᠭᠰᠠᠨ ᠠ᠋ᠴᠠ ᠪᠣᠯᠤᠭᠰᠠᠨ ᠪᠠᠢᠨ᠎ᠠ᠃ ᠲᠩᠷᠢ ᠪᠤᠷᠬᠠᠨ ᠣᠳᠣ ᠠ᠋ᠴᠠ ᠡᠬᠢᠯᠡᠨ ᠡᠷᠬᠡ ᠰᠦᠷ ᠦ᠋ᠨ ᠲᠡᠮᠳᠡᠭ ᠪᠣᠯᠬᠤ ᠨᠠᠰᠤᠲᠠᠨ ᠮᠡᠲᠦ ᠪᠡᠷ ᠨᠠᠮᠠᠶ᠋ᠢ ᠴᠢᠮᠡᠭᠯᠡᠵᠦ ᠪᠠᠢᠬᠤ ᠨᠢ ᠲᠡᠷᠡ》 ᠭᠡᠪᠡ᠃
ᠡᠨᠡ ᠬᠤᠭᠤᠴᠠᠭᠠᠨ ᠳ᠋ᠤ᠌ ᠲᠡᠮᠦᠵᠢᠨ ᠬᠡᠨ ᠲᠡᠢ ᠴᠤ᠌ ᠵᠥᠪᠳᠡᠯᠴᠡᠬᠦ ᠦᠭᠡᠢ᠃ ᠨᠡᠩ ᠴᠤ᠌ ᠪᠠᠢᠳᠠᠯ ᠤ᠋ᠨ ᠲᠤᠬᠠᠢ ᠬᠡᠨ ᠲᠡᠢ ᠴᠦ᠍ ᠶᠠᠷᠢᠯᠴᠠᠬᠤ ᠦᠭᠡᠢ ᠪᠠᠢᠭᠰᠠᠨ ᠪᠢᠯᠡ᠃
ᠲᠡᠮᠦᠵᠢᠨ ᠲᠤᠭᠤᠷᠢᠯ ᠬᠠᠨ ᠤ᠋ ᠳᠡᠷᠭᠡᠳᠡ ᠡᠯᠴᠢ ᠶᠠᠪᠤᠭᠤᠯᠬᠤ ᠳ᠋ᠠᠭᠠᠨ ᠲᠤᠰᠢᠶᠠᠭᠰᠠᠨ ᠡᠭᠦᠷᠭᠡ ᠨᠢ᠄ ᠥᠩᠭᠡᠷᠡᠭᠰᠡᠨ ᠳ᠋ᠡᠭᠡᠨ ᠲᠡᠮᠦᠵᠢᠨ ᠲᠡᠭᠦᠨ ᠳ᠋ᠦ᠍ ᠦᠵᠡᠭᠦᠯᠦᠭᠰᠡᠨ ᠵᠦᠢᠯ ᠪᠦᠷᠢ ᠶ᠋ᠢᠨ ᠲᠤᠰᠠᠯᠠᠮᠵᠢ ᠪᠠ ᠳᠠᠢᠯᠠᠯᠭ᠎ᠠ ᠶ᠋ᠢ
ᠰᠠᠨᠠᠭᠤᠯᠬᠤ ᠶ᠋ᠢᠨ ᠲᠥᠯᠥᠭᠡ ᠪᠠᠢᠪᠠ᠃《ᠪᠢᠳᠡ ᠬᠣᠶᠠᠭᠤᠯᠠ ᠶᠠᠭᠤ ᠭᠡᠵᠦ ᠬᠡᠯᠡᠯᠴᠡᠭᠰᠡᠨ ᠪᠢᠯᠡ᠂ ᠬᠣᠣᠷᠲᠤ ᠮᠣᠭᠠᠢ ᠶ᠋ᠢᠨ ᠬᠡᠯᠡ ᠬᠣᠭᠣᠷᠣᠨᠳᠣ ᠮᠢᠨᠢ ᠬᠠᠳᠬᠤᠵᠤ᠂ ᠬᠣᠪ ᠵᠢᠪ ᠣᠷᠣᠭᠤᠯᠪᠠᠰᠤ᠂ ᠬᠣᠯᠠᠳᠴᠤ ᠰᠠᠯᠤᠯ ᠦᠭᠡᠢ᠂ ᠬᠣᠶᠠᠷ ᠨᠢᠭᠤᠷ ᠢ᠋ᠶ᠋ᠠᠷ ᠤᠴᠠᠷᠠᠵᠤ᠂ ᠬᠣᠣᠷ ᠬᠥᠨᠥᠭᠡᠯ ᠢ᠋ ᠲᠠᠰᠤᠯᠵᠤ ᠪᠠᠢᠶ᠎ᠠ》 ᠭᠡᠵᠦ ᠲᠣᠭᠲᠠᠭᠰᠠᠨ ᠢ᠋ᠶ᠋ᠠᠨ ᠰᠠᠨᠠᠭ᠎ᠠ ᠣᠷᠣᠭᠤᠯᠬᠤ ᠭᠡᠰᠡᠨ ᠶᠦᠮ᠃ ᠲᠡᠭᠡᠭᠡᠳ ᠡᠯᠴᠢ ᠳ᠋ᠡᠭᠡᠨ ᠬᠡᠯᠡᠬᠦ ᠦᠭᠡᠢ ᠪᠡᠷ ᠪᠣᠯᠬᠤ ᠦᠭᠡᠢ ᠦᠭᠡᠰ ᠢ᠋ ᠴᠡᠭᠡᠵᠢᠯᠡᠭᠦᠯᠪᠡ᠃ ᠲᠡᠷᠡᠬᠦ ᠦᠭᠡᠰ ᠨᠢ᠄
《ᠬᠠᠨ ᠡᠴᠢᠭᠡ ᠮᠢᠨᠢ ᠠ᠋! ᠶᠠᠭᠤᠨ ᠳ᠋ᠤ᠌ ᠬᠢᠯᠢᠩᠯᠡᠵᠦ᠂ ᠨᠠᠮᠠᠶ᠋ᠢ ᠶᠠᠭᠤᠨ ᠳ᠋ᠤ᠌ ᠠᠶᠤᠯᠭᠠᠪᠠ? ᠮᠠᠭᠤ ᠬᠥᠪᠡᠭᠦᠨ ᠮᠠᠭᠤ ᠪᠡᠷᠢᠶᠡᠳ ᠪᠢᠳᠡᠨ ᠢ᠋ ᠠᠮᠤᠷ ᠤᠨᠲᠠᠭᠤᠯᠬᠤ ᠦᠭᠡᠢ ᠶᠠᠭᠤᠨ ᠳ᠋ᠤ᠌ ᠠᠶᠤᠯᠭᠠᠵᠤ ᠪᠠᠢᠮᠤᠢ? ᠪᠢ ᠬᠡᠷᠪᠡ ᠶᠠᠮᠠᠷ ᠪᠤᠷᠤᠭᠤ ᠶᠠᠪᠤᠳᠠᠯ ᠬᠢᠭᠰᠡᠨ ᠪᠣᠯ ᠨᠠᠮᠠᠶ᠋ᠢ ᠨᠥᠬᠥᠷᠰᠡᠭ ᠶᠣᠰᠣ ᠪᠠᠷ ᠵᠠᠩᠳᠤᠷᠴᠤ ᠰᠤᠷᠭᠠᠪᠠᠴᠤ ᠪᠣᠯᠬᠤ ᠪᠢᠰᠢᠦ? ᠮᠢᠨᠦ ᠨᠤᠲᠤᠭ ᠳᠡᠪᠢᠰᠬᠡᠷ ᠡᠳ᠋ ᠬᠥᠷᠥᠩᠭᠡ ᠶ᠋ᠢ ᠰᠠᠮᠠᠭᠤᠷᠠᠭᠤᠯᠬᠤ ᠬᠡᠷᠡᠭᠴᠡᠭᠡ ᠦᠭᠡᠢ ᠪᠢᠰᠢᠦ? ᠁ ᠶᠠᠭᠤᠨ ᠤ᠋ ᠤᠴᠢᠷ ᠠ᠋ᠴᠠ ᠨᠠᠮᠠᠶ᠋ᠢ ᠠᠮᠤᠷ ᠰᠠᠭᠤᠯᠭᠠᠬᠤ ᠦᠭᠡᠢ ᠶᠦᠮ ᠪᠣᠢ? ᠶᠠᠭᠤᠨ ᠳ᠋ᠤ᠌ ᠠᠮᠤᠷᠬᠠᠨ ᠵᠢᠷᠭᠠᠵᠤ ᠰᠠᠭᠤᠬᠤ ᠦᠭᠡᠢ ᠪᠡᠷ ᠨᠠᠳᠠᠳᠤ ᠪᠠᠢᠯᠳᠤᠭᠠᠨ ᠢ᠋ ᠲᠤᠯᠭᠠᠷᠠᠭᠤᠯᠤᠭᠰᠠᠨ ᠶᠤᠮ ᠪᠣᠢ? ᠬᠠᠨ ᠡᠴᠢᠭᠡ ᠮᠢᠨᠢ ᠠ᠋! ᠨᠥᠬᠥᠷᠰᠡᠭ ᠨᠠᠢᠷᠠᠮᠳᠠᠯ ᠢ᠋ ᠣᠯᠬᠤ ᠶ᠋ᠢᠨ ᠲᠥᠯᠥᠭᠡ ᠬᠠᠷᠢᠯᠴᠠᠨ ᠡᠯᠴᠢ ᠲᠣᠮᠢᠯᠠᠨ ᠰᠠᠨᠠᠯ ᠢ᠋ᠶ᠋ᠠᠨ ᠰᠣᠯᠢᠯᠴᠠᠵᠤ ᠶᠠᠪᠤᠯᠴᠠᠶᠠ᠃ ᠮᠢᠨᠦ ᠠᠨᠳᠠ ᠰᠡᠩᠭᠦᠮ᠂ ᠵᠠᠮᠤᠬ᠎ᠠ ᠪᠣᠯᠤᠨ ᠥᠭᠡᠷ᠎ᠡ ᠪᠤᠰᠤᠳ ᠣᠢᠷ᠎ᠠ ᠲᠥᠷᠥᠯ ᠪᠦᠭᠦᠳᠡ ᠪᠡᠷ ᠢ᠋ᠶ᠋ᠡᠨ ᠠᠯᠢᠪᠠ ᠶ᠋ᠢ ᠶᠠᠷᠢᠯᠴᠠᠵᠤ ᠪᠠᠢᠵᠤ ᠰᠢᠢᠳᠪᠦᠷᠢᠯᠡᠬᠦ ᠶ᠋ᠢᠨ ᠲᠥᠯᠥᠭᠡ᠂ ᠲᠤᠰ ᠲᠤᠰ ᠲᠠᠭᠠᠨ ᠨᠢᠭᠡᠨ ᠲᠥᠯᠥᠭᠡᠯᠡᠭᠴᠢ ᠶ᠋ᠢ ᠲᠣᠮᠢᠯᠠᠵᠤ ᠬᠡᠯᠡᠯᠴᠡᠭᠡ ᠬᠢᠶ᠎ᠡ!》 ᠭᠡᠵᠡᠢ᠃
ᠲᠡᠮᠦᠵᠢᠨ ᠡᠭᠦᠨ ᠦ᠌ ᠬᠠᠮᠲᠤ ᠳ᠋ᠤᠨᠢ ᠠᠯᠲᠠᠨ᠂ ᠬᠤᠴᠠᠷ᠂ ᠳᠠᠷᠢᠳᠠᠢ ᠨᠠᠷ ᠤ᠋ᠨ ᠳᠡᠷᠭᠡᠳᠡ ᠡᠯᠴᠢ ᠲᠣᠮᠢᠯᠠᠨ ᠶᠠᠪᠤᠭᠤᠯᠵᠠᠢ᠃ ᠡᠨᠡ ᠨᠢ ᠥᠩᠭᠡᠷᠡᠭᠰᠡᠨ ᠳ᠋ᠡᠭᠡᠨ ᠲᠡᠮᠦᠵᠢᠨ ᠢ᠋ ᠬᠠᠭᠠᠨ ᠪᠣᠯᠭᠠᠬᠤ ᠪᠠᠷ ᠲᠡᠳᠡᠨᠡᠷ ᠦ᠋ᠨ ᠳᠤᠷᠠᠳᠤᠭᠰᠠᠨ ᠵᠦᠢᠯ ᠢ᠋ ᠨᠢ ᠰᠠᠨᠠᠭᠤᠯᠤᠶ᠎ᠠ ᠭᠡᠰᠡᠨ ᠪᠠᠢᠨ᠎ᠠ᠃ ᠲᠡᠳᠡᠨ ᠳ᠋ᠦ᠍ ᠬᠠᠭᠠᠨ ᠤ᠋ ᠰᠠᠭᠤᠷᠢᠨ ᠢ᠋ ᠨᠠᠢᠷ ᠲᠠᠯᠪᠢᠨ ᠥᠭᠭᠦᠶ᠎ᠡ ᠭᠡᠰᠡᠨ ᠳ᠋ᠦ᠍᠂ ᠲᠡᠳᠡ ᠬᠦᠯᠢᠶᠡᠬᠦ ᠦᠭᠡᠢ ᠪᠡᠷ ᠲᠠᠩᠭᠠᠷᠢᠭ ᠬᠢᠭᠰᠡᠨ ᠢ᠋ ᠨᠢ ᠰᠠᠨᠠᠭᠠᠨ ᠳ᠋ᠤᠨᠢ ᠣᠷᠣᠭᠤᠯᠤᠶ᠎ᠠ ᠭᠡᠵᠦ ᠰᠡᠳᠦᠭᠰᠡᠨ ᠶᠦᠮ᠃ ᠲᠡᠮᠦᠵᠢᠨ ᠲᠡᠳᠡᠨ ᠳ᠋ᠦ᠍ ᠶᠠᠮᠠᠷ ᠴᠤ᠌ ᠪᠤᠷᠤᠭᠤ ᠶᠠᠪᠤᠳᠠᠯ ᠬᠢᠭᠰᠡᠨ ᠦᠭᠡᠢ ᠪᠡᠨ ᠮᠡᠳᠡᠵᠦ ᠪᠠᠢᠨ᠎ᠠ᠃ ᠪᠣᠯᠵᠣᠭᠰᠠᠨ ᠡᠭᠦᠷᠭᠡ ᠪᠡᠨ ᠪᠦᠷ ᠪᠡᠶᠡᠯᠡᠭᠦᠯᠵᠦ ᠶᠠᠪᠤᠭᠰᠠᠨ ᠪᠥᠭᠡᠳ ᠳᠠᠢᠰᠤᠨ ᠤ᠋ ᠵᠦᠭ ᠶᠠᠪᠤᠭᠤᠯᠤᠭᠰᠠᠨ ᠪᠠᠢᠯᠳᠤᠭᠠᠨ ᠳ᠋ᠤ᠌ ᠤᠳᠠᠭ᠎ᠠ ᠪᠦᠷᠢ ᠢᠯᠠᠵᠤ᠂ ᠠᠩ ᠬᠦᠷᠦᠭᠡ ᠬᠢᠬᠦ ᠳ᠋ᠡᠭᠡᠨ ᠲᠡᠳᠡᠨ ᠳ᠋ᠦ᠍ ᠣᠯᠵᠠ ᠣᠯᠭᠠᠭᠤᠯᠤᠭᠰᠠᠭᠠᠷ ᠢᠷᠡᠵᠡᠢ᠃ ᠪᠠᠢᠯᠳᠤᠭᠠᠨ ᠤ᠋ ᠦᠶ᠎ᠡ ᠳ᠋ᠦ᠍ ᠡᠭᠦᠷᠭᠡ ᠪᠠ ᠰᠠᠬᠢᠯᠭ᠎ᠠ ᠪᠠᠲᠤ ᠠ᠋ᠴᠠ ᠪᠠᠨ ᠵᠥᠷᠢᠴᠡᠭᠰᠡᠨ ᠨᠢ ᠬᠠᠷᠢᠨ ᠲᠡᠳᠡᠨᠡᠷ ᠶᠦᠮ ᠪᠠᠢᠨ᠎ᠠ᠃ ᠭᠡᠲᠡᠯ᠎ᠡ ᠶᠠᠮᠠᠷ ᠴᠤ᠌ ᠬᠣᠷᠣᠰᠤᠯ ᠥᠰᠢᠶ᠎ᠡ ᠦᠭᠡᠢ ᠤᠴᠢᠷ ᠠ᠋ᠴᠠ ᠨᠥᠬᠥᠷᠰᠡᠭ᠂ ᠨᠠᠢᠷᠠᠮᠳᠠᠯ ᠢ᠋ᠶ᠋ᠠᠷ ᠬᠡᠯᠡᠯᠴᠡᠭᠡ ᠬᠢᠬᠦ ᠶ᠋ᠢᠨ ᠲᠥᠯᠥᠭᠡ᠂ ᠲᠡᠮᠦᠵᠢᠨ ᠦ᠌ ᠳᠡᠷᠭᠡᠳᠡ ᠡᠯᠴᠢ ᠲᠣᠮᠢᠯᠠᠨ ᠬᠡᠯᠡᠯᠴᠡᠭᠡ ᠬᠢᠶ᠎ᠡ ᠭᠡᠵᠦ ᠬᠡᠯᠡᠭᠦᠯᠵᠡᠢ᠃
ᠡᠳᠡᠭᠡᠷ ᠡᠯᠴᠢ ᠪᠤᠴᠠᠵᠤ ᠢᠷᠡᠭᠡᠳ ᠬᠡᠯᠡᠭᠰᠡᠨ ᠵᠦᠢᠯ ᠨᠢ ᠠᠶᠤᠩᠭ᠎ᠠ ᠨᠢᠷᠭᠡᠭᠰᠡᠨ ᠮᠡᠲᠦ ᠪᠠᠢᠵᠠᠢ᠃ ᠰᠡᠩᠭᠦᠮ ᠪᠣᠯ ᠡᠳᠡᠭᠡᠷ ᠳᠤᠷᠠᠳᠤᠯᠭ᠎ᠠ ᠶ᠋ᠢᠨ ᠡᠰᠡᠷᠭᠦ ᠬᠠᠷᠢᠭᠤᠯᠤᠭᠰᠠᠨ ᠦᠭᠡ ᠨᠢ᠄《ᠭᠠᠭᠴᠠᠬᠦ ᠪᠠᠢᠯᠳᠤᠭᠠᠨ ᠬᠢᠬᠦ ᠪᠣᠯᠤᠨ᠎ᠠ》 ᠭᠡᠵᠡᠢ᠃
ᠲᠡᠮᠦᠵᠢᠨ ᠣᠳᠣ ᠶᠠᠭ ᠭᠣᠷᠢ ᠲᠠᠰᠤᠷᠠᠭᠰᠠᠨ ᠪᠠᠢᠵᠠᠢ᠃ ᠲᠡᠷᠡ ᠲᠤᠭᠤᠷᠢᠯ ᠬᠠᠨ ᠤ᠋ ᠴᠡᠷᠢᠭ ᠦ᠋ᠨ ᠤᠷᠤᠭᠰᠢᠯᠠᠯᠲᠠ ᠠ᠋ᠴᠠ ᠵᠠᠢᠯᠠᠬᠤ ᠶ᠋ᠢᠨ ᠲᠥᠯᠥᠭᠡ ᠥᠪᠡᠷ ᠦ᠋ᠨ ᠪᠦᠬᠦ ᠨᠤᠲᠤᠭ ᠳᠡᠪᠢᠰᠬᠡᠷ ᠡᠴᠡ ᠪᠡᠨ ᠤᠬᠤᠷᠢᠨ ᠰᠠᠯᠬᠤ ᠦᠭᠡᠢ ᠪᠡᠷ ᠪᠣᠯᠬᠤ ᠦᠭᠡᠢ ᠳ᠋ᠦ᠍ ᠬᠦᠷᠪᠡ᠃ ᠤᠯᠠᠮ ᠵᠡᠭᠦᠨ ᠲᠡᠰᠢ ᠠᠯᠤᠰ ᠬᠣᠯᠠ ᠪᠤᠷᠤᠭᠤᠯᠠᠭᠠᠳ ᠪᠠᠷᠤᠭ ᠮᠠᠨᠵᠤ ᠶ᠋ᠢᠨ ᠬᠢᠵᠠᠭᠠᠷ ᠳᠠᠬᠢ ᠪᠠᠯᠵᠤᠳ ᠨᠠᠭᠤᠷ ᠤ᠋ᠨ ᠬᠥᠪᠡᠭᠡᠨ ᠳ᠋ᠦ᠍ ᠬᠦᠷᠦᠭᠡᠳ ᠮᠥᠷ ᠢ᠋ᠶ᠋ᠡᠨ ᠳᠥᠩᠭᠡᠵᠢ ᠪᠠᠯᠠᠯᠵᠤ ᠴᠢᠳᠠᠵᠠᠢ᠃
ᠲᠡᠨᠳᠡ ᠬᠦᠷᠦᠭᠡᠳ ᠲᠡᠮᠦᠵᠢᠨ ᠰᠠᠶᠢ ᠲᠤᠰᠠᠯᠠᠮᠵᠢ ᠶ᠋ᠢ ᠣᠯᠵᠤ ᠴᠢᠳᠠᠭᠰᠠᠨ ᠪᠠᠢᠨ᠎ᠠ᠃《ᠳᠣᠷᠣᠨᠠᠲᠤ》 ᠶ᠋ᠢᠨ ᠣᠯᠠᠨ ᠠᠢᠮᠠᠭ ᠶᠠᠰᠤᠲᠠᠨ ᠨᠤᠭᠤᠳ᠂ ᠲᠣᠭᠣᠷᠢᠯ ᠬᠠᠨ ᠤ᠋ ᠴᠡᠷᠢᠭ ᠦ᠋ᠨ ᠬᠥᠯ ᠳ᠋ᠦ᠍ ᠳᠠᠭᠠᠷᠢᠭᠳᠠᠭᠰᠠᠨ ᠭᠠᠵᠠᠷ ᠪᠣᠯᠭᠠᠨ ᠦᠯᠡᠳᠡᠭᠳᠡᠯ ᠦᠭᠡᠢ ᠳᠡᠭᠡᠷᠡᠮᠳᠡᠭᠳᠡᠭᠰᠡᠨ ᠴᠢᠮᠡᠭᠡ ᠶ᠋ᠢ ᠰᠣᠨᠣᠰᠤᠭᠠᠳ ᠠᠶᠤᠵᠤ᠂ ᠲᠡᠮᠦᠵᠢᠨ ᠲᠡᠢ ᠬᠠᠮᠲᠤᠷᠠᠬᠤ ᠪᠣᠯᠤᠯ᠎ᠠ᠃ ᠲᠡᠨᠳᠡ ᠪᠠᠰᠠ ᠬᠡᠷᠡᠢᠳ ᠴᠡᠷᠢᠭ ᠦ᠋ᠨ ᠳᠠᠭᠠᠷᠢᠯᠲᠠ ᠶ᠋ᠢᠨ ᠳᠣᠣᠷ᠎ᠠ ᠤᠬᠤᠷᠢᠨ ᠳᠤᠲᠠᠭᠠᠵᠤ ᠢᠷᠡᠭᠰᠡᠨ ᠣᠯᠠᠨ ᠠᠢᠮᠠᠭ ᠤ᠋ᠨ ᠴᠡᠷᠢᠭ ᠴᠤᠭᠯᠠᠷᠠᠵᠤ ᠪᠠᠢᠵᠠᠢ᠃ ᠣᠭᠲᠣ ᠰᠠᠨᠠᠮᠰᠠᠷ ᠦᠭᠡᠢ ᠵᠦᠢᠯ ᠪᠣᠯᠬᠤ ᠨᠢ ᠲᠡᠮᠦᠵᠢᠨ ᠦ᠌ ᠠᠪᠠᠭ᠎ᠠ ᠳᠠᠷᠢᠳᠠᠢ ᠪᠠᠰᠠ ᠲᠡᠭᠦᠨ ᠦ᠌ ᠡᠮᠦᠨ᠎ᠡ ᠢᠯᠡᠷᠡᠨ ᠬᠠᠷᠠᠭᠳᠠᠪᠠ᠃ ᠲᠡᠷᠡ᠂ ᠸᠠᠩ ᠬᠠᠨ ᠢ᠋ ᠵᠢᠭᠰᠢᠭᠡᠳ ᠡᠨᠳᠡ ᠢᠷᠡᠭᠰᠡᠨ ᠪᠠᠢᠵᠠᠢ᠃ ᠶᠠᠮᠠᠷ ᠨᠢᠭᠡ ᠬᠦᠨᠳᠦ ᠴᠢᠬᠤᠯᠠ ᠬᠤᠪᠢᠷᠠᠯᠲᠠ ᠭᠠᠷᠤᠭᠰᠠᠨ ᠪᠣᠯᠤᠯᠲᠠᠢ᠃
ᠳᠠᠷᠢᠳᠠᠢ ᠶ᠋ᠢᠨ ᠪᠤᠷᠤᠭᠤᠰᠢᠶᠠᠨ ᠬᠡᠯᠡᠭᠰᠡᠨ ᠪᠠ ᠲᠡᠭᠦᠨ ᠦ᠌ ᠳᠠᠭᠠᠭᠰᠠᠳ ᠤ᠋ᠨ ᠶᠠᠷᠢᠶ᠎ᠠ ᠶ᠋ᠢ ᠦᠨᠳᠦᠰᠦᠯᠡᠵᠦ ᠬᠡᠷᠡᠢᠳ ᠦ᠋ᠨ ᠴᠡᠷᠢᠭ ᠦ᠋ᠨ ᠬᠦᠷᠢᠶ᠎ᠡ ᠳ᠋ᠦ᠍ ᠭᠠᠷᠤᠭᠰᠠᠨ ᠬᠡᠷᠡᠭ ᠦ᠋ᠨ ᠪᠠᠷᠤᠭ ᠲᠥᠯᠥᠪ ᠢ᠋ ᠨᠢ ᠲᠡᠮᠦᠵᠢᠨ ᠮᠡᠳᠡᠵᠦ ᠣᠯᠪᠠ᠃ ᠶᠠᠭᠤ ᠪᠣᠢ ᠭᠡᠪᠡᠯ᠂ ᠲᠤᠭᠤᠷᠢᠯ ᠬᠠᠨ ᠮᠣᠩᠭᠣᠯ ᠤ᠋ᠨ ᠲᠦᠷᠦᠭᠦᠴᠦᠳ ᠪᠤᠶᠤ ᠵᠠᠮᠤᠬ᠎ᠠ ᠪᠠ ᠪᠤᠰᠤᠳ ᠬᠠᠷᠢᠶ᠎ᠠ ᠲᠦᠰᠢᠮᠡᠯ ᠪᠣᠯᠣᠭᠰᠠᠳ ᠲᠤ ᠬᠡᠲᠦᠷᠬᠡᠢ ᠡᠵᠡᠷᠬᠡᠭᠯᠡᠨ ᠨᠣᠶᠠᠷᠬᠠᠭᠯᠠᠬᠤ ᠪᠣᠯᠤᠭᠠᠳ ᠭᠠᠵᠠᠷ ᠰᠠᠢ ᠦᠭᠡᠢ ᠲᠡᠳᠡᠨ ᠢ᠋ ᠬᠦᠨᠳᠦ ᠰᠦᠷᠡᠬᠡᠢ ᠳᠠᠷᠤᠩᠭᠤᠢᠯᠠᠵᠤ ᠣᠯᠵᠠ ᠠᠰᠢᠭ ᠢ᠋ ᠴᠦ᠍ ᠬᠤᠪᠢᠶᠠᠵᠤ ᠥᠭᠬᠦ ᠦᠭᠡᠢ᠃ ᠮᠣᠩᠭᠣᠯ ᠤ᠋ᠨ ᠲᠦᠷᠦᠭᠦᠴᠦᠳ ᠣᠳᠣ ᠲᠡᠮᠦᠵᠢᠨ ᠢ᠋ ᠨᠢᠭᠡᠨᠲᠡ ᠪᠤᠲᠠ ᠴᠣᠬᠢᠭᠳᠠᠭᠰᠠᠨ ᠠ᠋ᠴᠠ ᠳᠡᠮᠡᠢ ᠲᠦᠭᠰᠢᠭᠦᠷᠢᠲᠡᠢ ᠬᠥᠮᠦᠨ ᠪᠢᠰᠢ ᠪᠣᠯᠵᠠᠢ ᠭᠡᠵᠦ ᠦᠵᠡᠬᠦ ᠪᠣᠯᠵᠠᠢ᠃
ᠲᠡᠭᠡᠭᠡᠳ ᠲᠡᠳᠡ ᠨᠠᠷ ᠲᠤᠭᠤᠷᠢᠯ ᠬᠠᠨ ᠢ᠋ ᠭᠡᠨᠡᠳᠡᠭᠦᠯᠦᠨ ᠳᠠᠷᠤᠵᠤ ᠲᠡᠭᠦᠨ ᠢ᠋ ᠠᠯᠠᠭᠠᠳ᠂ ᠲᠤᠰᠠᠭᠠᠷ ᠲᠣᠭᠲᠠᠨᠢᠭᠰᠠᠨ ᠠᠢᠮᠠᠭ ᠪᠣᠯᠵᠤ᠂ ᠳᠠᠷᠤᠯᠠᠯ ᠦᠭᠡᠢ ᠡᠷᠬᠡ ᠴᠢᠯᠥᠭᠡ ᠲᠡᠢ ᠠᠮᠢᠳᠤᠷᠠᠶ᠎ᠠ ᠭᠡᠵᠦ ᠲᠥᠯᠥᠪᠯᠡᠭᠰᠡᠨ ᠪᠢᠯᠡ᠃ ᠡᠨᠡ ᠨᠢ ᠯᠡᠪᠡᠷᠡᠭᠡᠳ ᠲᠤᠭᠤᠷᠢᠯ ᠬᠠᠨ ᠵᠡᠪᠰᠡᠭ ᠢ᠋ᠶ᠋ᠡᠨ ᠲᠡᠳᠡᠨ ᠦ᠌ ᠵᠦᠭ ᠬᠠᠨᠳᠤᠭᠤᠯᠤᠭᠰᠠᠨ ᠠ᠋ᠴᠠ ᠰᠠᠨᠠᠮᠰᠠᠷ ᠦᠭᠡᠢ ᠴᠣᠬᠢᠭᠳᠠᠭᠠᠳ ᠪᠤᠯᠢᠶᠠᠭᠳᠠᠨ ᠳᠡᠭᠡᠷᠡᠮᠳᠡᠭᠳᠡᠵᠦ ᠰᠦᠷᠡᠬᠡᠢ ᠰᠢᠢᠳᠬᠡᠯ ᠣᠯᠵᠠᠢ᠃ ᠠᠯᠲᠠᠨ᠂ ᠬᠤᠴᠠᠷ᠂ ᠵᠠᠮᠤᠬ᠎ᠠ ᠨᠠᠷ ᠪᠠᠷᠠᠭᠤᠨ ᠳᠠᠰᠢ ᠴᠢᠭᠯᠡᠨ ᠨᠠᠢ᠍ᠮᠠᠨ ᠠᠢᠮᠠᠭ ᠤ᠋ᠨ ᠵᠦᠭ ᠳᠤᠲᠠᠭᠠᠵᠠᠢ᠃ ᠲᠠᠷᠢᠳᠠᠢ ᠲᠡᠮᠦᠵᠢᠨ ᠦ᠌ ᠡᠯᠴᠢ ᠶ᠋ᠢᠨ ᠦᠭᠡ ᠶ᠋ᠢ ᠢᠲᠡᠭᠡᠮᠵᠢᠯᠡᠨ᠂ ᠲᠡᠭᠦᠨ ᠢ᠋ ᠡᠨᠳᠡ ᠢᠷᠡᠯ᠎ᠡ ᠭᠡᠵᠦ ᠨᠡᠬᠡᠵᠦ ᠢᠷᠡᠵᠡᠢ᠃
ᠬᠡᠳᠦᠢ ᠲᠡᠢᠮᠦ ᠪᠣᠯᠪᠠᠴᠤ ᠡᠳᠡᠭᠡᠷ ᠬᠥᠮᠦᠰ ᠰᠠᠯᠤᠭᠠᠳ ᠶᠠᠪᠤᠯ᠎ᠠ ᠭᠡᠳ ᠦᠯᠡᠳᠡᠭᠰᠡᠨ ᠬᠡᠷᠡᠢᠳ ᠪᠠᠰᠠᠴᠤ ᠬᠦᠴᠦᠨ ᠶᠡᠬᠡ ᠪᠣᠯᠬᠣᠷ᠂ ᠲᠡᠮᠦᠵᠢᠨ ᠠᠰ ᠲᠤᠯᠤᠭᠠᠳ ᠳᠠᠭᠠᠷᠢᠨ ᠰᠢᠪᠲᠤᠯᠵᠤ ᠴᠢᠳᠠᠬᠤ ᠦᠭᠡᠢ ᠪᠠᠢᠪᠠ᠃ ᠲᠡᠮᠦᠵᠢᠨ ᠪᠠᠰᠠ ᠥᠪᠡᠷ ᠦ᠋ᠨ ᠳᠡᠭᠦᠦ ᠬᠠᠰᠠᠷ ᠤ᠋ᠨ ᠢᠷᠡᠵᠦ᠂ ᠬᠦᠴᠦᠨ ᠨᠡᠮᠡᠬᠦ ᠶ᠋ᠢ ᠬᠦᠯᠢᠶᠡᠵᠦ ᠪᠠᠢᠯ᠎ᠠ᠃ ᠬᠠᠰᠠᠷ᠂ ᠠᠬ᠎ᠠ ᠲᠡᠮᠦᠵᠢᠨ ᠢ᠋ ᠪᠡᠨ ᠨᠡᠬᠡᠵᠦ ᠭᠦᠢᠴᠡᠬᠦ ᠪᠡᠷ ᠣᠷᠳᠣᠨ ᠢ᠋ᠶ᠋ᠠᠨ ᠨᠡᠭᠦᠯᠭᠡᠵᠦ᠂ ᠶᠠᠭ ᠵᠠᠮ ᠵᠠᠭᠤᠷ᠎ᠠ ᠪᠠᠨ ᠶᠠᠪᠤᠵᠤ ᠪᠠᠢᠭᠰᠠᠨ ᠪᠢᠯᠡ᠃ ᠭᠡᠨᠡᠳᠲᠡ ᠸᠠᠩ ᠬᠠᠨ ᠤ᠋ ᠴᠡᠷᠢᠭ ᠬᠠᠰᠠᠷ ᠢ᠋ ᠨᠡᠬᠡᠵᠦ ᠭᠦᠢᠴᠡᠭᠡᠳ ᠰᠥᠨᠥᠭᠡᠮᠡᠷ ᠴᠣᠬᠢᠯᠲᠠ ᠦᠭᠭᠦᠭᠰᠡᠨ ᠪᠠᠢᠵᠠᠢ᠃ ᠬᠠᠰᠠᠷ ᠲᠤᠢᠯ ᠢ᠋ᠶ᠋ᠠᠷ ᠵᠦᠳᠡᠷᠡᠵᠦ ᠴᠥᠬᠥᠷᠡᠭᠡᠳ᠂ ᠲᠡᠭᠦᠨ ᠯᠦ᠍ᠭᠡ ᠬᠠᠮᠲᠤ ᠳᠤᠲᠠᠭᠠᠵᠤ ᠢᠷᠡᠭᠰᠡᠨ ᠴᠥᠭᠡᠨ ᠬᠥᠮᠦᠰ ᠲᠡᠢ ᠪᠡᠨ ᠲᠡᠮᠦᠵᠢᠨ ᠦ᠌ ᠳᠡᠷᠭᠡᠳᠡ ᠬᠦᠷᠴᠦ ᠢᠷᠡᠭᠰᠡᠨ ᠳ᠋ᠦ᠍᠂ ᠲᠡᠮᠦᠵᠢᠨ ᠶᠠᠭᠤ ᠴᠤ ᠪᠣᠯᠤᠭᠰᠠᠨ ᠬᠠᠮᠢᠶ᠎ᠠ ᠦᠭᠡᠢ᠂ ᠶᠠᠭᠠᠬᠢᠯ᠎ᠠ ᠭᠡᠳ ᠣᠳᠣ ᠠᠵᠢᠯᠯᠠᠭ᠎ᠠ ᠠᠪᠬᠤ ᠦᠭᠡᠢ ᠪᠡᠷ ᠪᠣᠯᠬᠤ ᠦᠭᠡᠢ ᠭᠡᠵᠦ ᠵᠣᠷᠢᠭ ᠰᠢᠭᠤᠳᠴᠠᠢ᠃ ᠨᠠᠮᠤᠷ ᠪᠣᠯᠤᠭᠠᠳ ᠨᠡᠯᠢᠶᠡᠳ ᠤᠳᠠᠯ᠎ᠠ᠃ ᠡᠨᠡ ᠪᠠᠢᠳᠠᠯ ᠢ᠋ᠶ᠋ᠠᠷ ᠮᠣᠩᠭᠣᠯ ᠭᠠᠵᠠᠷ ᠰᠦᠷᠡᠬᠡᠢ ᠬᠦᠢᠲᠡᠨ ᠪᠣᠯᠵᠤ᠂ ᠡᠪᠦᠯ ᠢ᠋ ᠥᠩᠭᠡᠷᠡᠭᠡᠬᠦ ᠳ᠋ᠦ᠍ ᠪᠡᠷᠬᠡ ᠭᠡᠵᠦ ᠪᠣᠳᠣᠭᠳᠠᠵᠠᠢ᠃
ᠲᠡᠭᠡᠭᠡᠳ ᠪᠠᠢᠯᠳᠤᠭᠠᠨ ᠤ᠋ ᠮᠡᠬᠡᠯᠡᠬᠦ ᠠᠷᠭ᠎ᠠ ᠶ᠋ᠢ ᠬᠡᠷᠡᠭᠯᠡᠵᠡᠢ᠃ ᠬᠠᠰᠠᠷ ᠤ᠋ᠨ ᠬᠣᠶᠠᠷ ᠢᠲᠡᠭᠡᠯᠲᠡᠢ ᠳᠠᠢᠴᠢᠨ ᠨᠥᠬᠥᠷ ᠢ᠋ ᠶᠠᠳᠠᠷᠠᠵᠤ ᠵᠦᠳᠡᠷᠡᠭᠰᠡᠨ ᠪᠠᠢᠳᠠᠯ ᠢ᠋ ᠬᠡᠪ ᠢ᠋ᠶ᠋ᠡᠷ ᠨᠢ ᠪᠠᠢᠯᠭᠠᠵᠤ᠂ ᠮᠠᠭᠤᠳᠠᠵᠤ ᠶᠠᠳᠠᠷᠠᠭᠰᠠᠨ ᠮᠣᠷᠢ ᠶ᠋ᠢ ᠤᠨᠤᠭᠤᠯᠤᠭᠠᠳ ᠲᠤᠭᠤᠷᠢᠯ ᠬᠠᠨ ᠤ᠋ ᠳᠡᠷᠭᠡᠳᠡ ᠶᠠᠪᠤᠭᠤᠯᠪᠠ᠃ ᠬᠠᠰᠠᠷ ᠤ᠋ᠨ ᠨᠡᠷ᠎ᠡ ᠪᠡᠷ ᠪᠦᠷᠢᠮᠦᠰᠦᠨ ᠳᠠᠭᠠᠵᠤ ᠣᠷᠣᠵᠤ ᠥᠭᠬᠦ ᠪᠡᠷ ᠭᠤᠶᠤᠳᠠᠯ ᠡᠷᠭᠦᠪᠡ᠃ ᠡᠨᠡᠬᠦ ᠡᠯᠴᠢᠨ ᠦ᠌ ᠪᠠᠢᠳᠠᠯ ᠠ᠋ᠴᠠ ᠡᠵᠡᠨ ᠦ᠌ ᠬᠢᠨ ᠭᠣᠷᠢ ᠲᠠᠰᠤᠷᠠᠭᠰᠠᠨ ᠪᠠᠢᠳᠠᠯ ᠢ᠋ ᠦᠵᠡᠨ ᠭᠠᠷᠴᠤ ᠴᠢᠳᠠᠬᠤ ᠶᠣᠰᠣᠲᠠᠢ ᠶᠤᠮ᠃
ᠲᠡᠳᠡᠨᠡᠷ ᠪᠠᠰᠠ ᠬᠠᠰᠠᠷ ᠤ᠋ᠨ ᠳᠤᠲᠠᠭᠠᠵᠤ ᠭᠠᠷᠤᠭᠠᠳ ᠠᠬ᠎ᠠ ᠲᠡᠮᠦᠵᠢᠨ ᠢ᠋ᠶ᠋ᠡᠨ ᠬᠠᠷᠠᠯᠲᠠ ᠪᠣᠯᠭᠠᠨ ᠡᠷᠢᠭᠰᠡᠨ ᠪᠣᠯᠪᠠᠴᠤ᠂ ᠲᠡᠮᠦᠵᠢᠨ ᠠᠯᠤᠰ ᠬᠣᠯᠠ ᠬᠠᠮᠢᠭ᠎ᠠ ᠶᠠᠪᠤᠭᠰᠠᠨ ᠢ᠋ ᠨᠢ ᠮᠡᠳᠡᠬᠦ ᠦᠭᠡᠢ᠂ ᠴᠢᠮᠡᠭᠡ ᠰᠤᠷᠠᠭ ᠴᠤ ᠦᠭᠡᠢ ᠪᠣᠯᠤᠭᠰᠠᠨ ᠠ᠋ᠴᠠ ᠠᠷᠭ᠎ᠠ ᠠᠯᠳᠠᠷᠠᠵᠤ ᠶᠠᠪᠤᠬᠤ ᠵᠠᠮ ᠨᠢ ᠬᠠᠭᠠᠭᠳᠠᠪᠠ ᠭᠡᠵᠦ ᠬᠡᠯᠡᠭᠰᠡᠨ ᠪᠠᠢᠨ᠎ᠠ᠃
ᠲᠤᠭᠤᠷᠢᠯ ᠬᠠᠨ ᠡᠨᠡ ᠡᠯᠴᠢ ᠶ᠋ᠢ ᠰᠡᠵᠢᠭᠯᠡᠬᠦ ᠶᠠᠮᠠᠷ ᠴᠤ ᠰᠢᠯᠲᠠᠭᠠᠨ ᠦᠭᠡᠢ ᠪᠣᠯᠪᠠ᠃ ᠡᠨᠡ ᠬᠣᠶᠠᠷ ᠬᠥᠮᠦᠨ ᠪᠣᠯ ᠬᠠᠰᠠᠷ ᠤ᠋ᠨ ᠬᠠᠮᠲᠤ ᠤᠳᠠᠭᠠᠨ ᠶᠠᠪᠤᠭᠰᠠᠨ ᠢ᠋ ᠰᠠᠢᠲᠤᠷ ᠮᠡᠳᠡᠵᠦ ᠪᠠᠢᠵᠠᠢ᠂ ᠬᠠᠰᠠᠷ ᠤ᠋ᠨ ᠪᠡᠶ᠎ᠡ ᠨᠢ ᠭᠡᠳ ᠶᠠᠮᠠᠷᠴᠤ ᠠᠷᠭ᠎ᠠ ᠮᠡᠬᠡ ᠬᠡᠷᠡᠭᠯᠡᠬᠦ ᠴᠢᠳᠠᠪᠤᠷᠢ ᠦᠭᠡᠢ ᠪᠢᠯᠡ᠃ ᠶᠠᠭᠠᠬᠢᠭᠠᠳ ᠲᠡᠢᠮᠦ ᠪᠣᠢ ᠭᠡᠪᠡᠯ᠂ ᠪᠠᠷᠢᠴᠠ ᠪᠣᠯᠭᠠᠵᠤ ᠬᠠᠰᠠᠷ ᠤ᠋ᠨ ᠡᠬᠡᠨᠡᠷ᠂ ᠭᠡᠷ ᠡᠷᠦᠬᠡ᠂ ᠠᠳᠤᠭᠤ ᠮᠠᠯ ᠨᠢ ᠲᠡᠳᠡᠨ ᠳ᠋ᠦ᠍ ᠳᠠᠷᠤᠭᠳᠠᠵᠤ ᠪᠠᠢᠬᠤ ᠶᠤᠮ᠃
ᠲᠤᠭᠤᠷᠢᠯ ᠬᠠᠨ ᠤ᠋ ᠣᠯᠠᠨ ᠬᠠᠷᠠᠭᠤᠯ᠂ ᠲᠠᠩᠨᠠᠭᠤᠯ ᠨᠢ ᠪᠠᠰᠠ ᠲᠡᠮᠦᠵᠢᠨ ᠦ᠌ ᠬᠠᠮᠢᠭ᠎ᠠ ᠪᠠᠢᠬᠤ ᠶ᠋ᠢ ᠣᠭᠲᠣ ᠰᠤᠷᠠᠭᠯᠠᠵᠤ ᠣᠯᠵᠤ ᠴᠢᠳᠠᠭᠰᠠᠨ ᠦᠭᠡᠢ ᠪᠡᠨ ᠮᠡᠳᠡᠭᠦᠯᠵᠦ ᠪᠠᠢᠭᠰᠠᠨ ᠪᠢᠯᠡ᠃ ᠬᠡᠷᠪᠡ ᠲᠡᠮᠦᠵᠢᠨ ᠦ᠌ ᠲᠥᠷᠥᠭᠰᠡᠨ ᠳᠡᠭᠦᠦ ᠨᠢ ᠲᠣᠭᠣᠷᠢᠯ ᠬᠠᠨ ᠤ᠋ ᠲᠠᠯ᠎ᠠ ᠳ᠋ᠤ᠌ ᠵᠣᠭᠰᠣᠬᠤ ᠳ᠋ᠤ᠌ ᠬᠦᠷᠪᠡᠯ ᠵᠠᠯᠠᠭᠤ ᠬᠠᠭᠠᠨ ᠳ᠋ᠠᠭᠠᠨ ᠦᠨᠡᠨᠴᠢ ᠰᠢᠳᠤᠷᠭᠤ ᠪᠠᠢᠳᠠᠭ ᠮᠣᠩᠭᠣᠯᠴᠤᠳ ᠲᠤ ᠲᠡᠷᠡ ᠬᠠᠭᠠᠨ ᠢ᠋ᠶ᠋ᠠᠨ ᠣᠷᠬᠢᠵᠤ ᠭᠡᠭᠡᠴᠢᠬᠡ ᠭᠡᠰᠡᠨ ᠰᠡᠷᠡᠮᠵᠢ ᠶ᠋ᠢᠨ ᠳᠣᠬᠢᠶ᠎ᠠ ᠪᠣᠯᠬᠤ ᠪᠢᠰᠢᠦ᠃
ᠤᠴᠢᠷ ᠡᠢᠮᠦ ᠡᠴᠡ ᠲᠤᠭᠤᠷᠢᠯ ᠬᠠᠨ ᠠᠮᠢᠲᠠᠨ ᠤ᠋ ᠡᠪᠡᠷ ᠳᠣᠲᠣᠷ᠎ᠠ ᠴᠢᠰᠤ ᠪᠠᠨ ᠬᠡᠳᠦᠨ ᠳᠤᠰᠤᠯ ᠲᠤᠰᠬᠠᠵᠤ᠂ ᠬᠠᠰᠠᠷ ᠲᠤ ᠶᠠᠮᠠᠷᠴᠤ ᠬᠣᠣᠷ ᠬᠥᠨᠥᠭᠡᠯ ᠤᠴᠠᠷᠠᠭᠤᠯᠬᠤ ᠦᠭᠡᠢ᠂ ᠬᠠᠷᠢᠶ᠎ᠠ ᠲᠦᠰᠢᠮᠡᠯ ᠢ᠋ᠶ᠋ᠡᠨ ᠪᠣᠯᠭᠠᠨ ᠤᠭᠲᠤᠨ᠎ᠠ ᠭᠡᠵᠦ ᠲᠠᠩᠭᠠᠷᠢᠭᠯᠠᠪᠠ᠃ ᠲᠡᠭᠦᠨ ᠦ᠌ ᠳᠠᠷᠠᠭ᠎ᠠ ᠬᠠᠰᠠᠷ ᠤ᠋ᠨ ᠢᠯᠡᠭᠡᠭᠰᠡᠨ ᠬᠣᠶᠠᠷ ᠡᠯᠴᠢ ᠶ᠋ᠢᠨ ᠬᠠᠮᠲᠤ ᠨᠢᠭᠡᠨ ᠡᠯᠴᠢ ᠲᠣᠮᠢᠯᠠᠪᠠ᠃ ᠬᠠᠰᠠᠷ ᠢ᠋ ᠪᠠᠰᠠ ᠡᠨᠡᠬᠦ ᠡᠯᠴᠢ ᠶ᠋ᠢᠨ ᠨᠢᠳᠦᠨ ᠡᠮᠦᠨ᠎ᠡ᠂ ᠠᠮᠢᠲᠠᠨ ᠤ᠋ ᠡᠪᠡᠷ ᠳᠣᠲᠣᠷ᠎ᠠ ᠬᠡᠳᠦᠨ ᠳᠤᠰᠤᠯ ᠴᠢᠰᠤ ᠪᠠᠨ ᠳᠤᠰᠬᠠᠵᠤ᠂ ᠰᠢᠨ᠎ᠡ ᠡᠵᠡᠨ ᠳ᠋ᠡᠭᠡᠨ ᠲᠠᠩᠭᠠᠷᠢᠭᠯᠠᠬᠤ ᠦᠭᠡᠢ ᠪᠡᠷ ᠪᠣᠯᠬᠤ ᠦᠭᠡᠢ ᠭᠡᠪᠡ᠃ ᠡᠨᠡ ᠬᠣᠭᠣᠷᠣᠨᠳᠣ ᠬᠡᠷᠡᠢᠳ ᠦ᠋ᠳ ᠰᠢᠨ᠎ᠡ ᠬᠠᠷᠢᠶ᠎ᠠ ᠲᠦᠰᠢᠮᠡᠯ ᠢ᠋ᠶ᠋ᠡᠨ ᠤᠭᠲᠤᠬᠤ ᠶᠡᠬᠡ ᠬᠤᠷᠢᠮ ᠪᠠᠵᠠᠭᠠᠵᠤ ᠪᠠᠢᠯ᠎ᠠ᠃
ᠲᠣᠭᠣᠷᠢᠯ ᠤ᠋ᠨ ᠡᠯᠴᠢ ᠨᠢ ᠬᠠᠷᠢᠨ ᠰᠠᠨᠠᠮᠰᠠᠷ ᠦᠭᠡᠢ ᠪᠡᠷ ᠬᠠᠰᠠᠷ ᠤ᠋ᠨ ᠣᠷᠣᠨ ᠳ᠋ᠤ᠌ ᠬᠥᠲᠥᠯᠦᠭᠳᠡᠭᠡᠳ ᠲᠡᠮᠦᠵᠢᠨ ᠦ᠌ ᠡᠮᠦᠨ᠎ᠡ ᠣᠴᠢᠭᠰᠠᠨ ᠳ᠋ᠠᠭᠠᠨ ᠰᠣᠴᠢᠭᠠᠳ ᠮᠠᠨᠠᠷᠠᠨ ᠣᠢᠴᠢᠬᠤ ᠠᠯᠳᠠᠯ᠎ᠠ᠃ ᠮᠣᠩᠭᠣᠯ ᠤ᠋ᠨ ᠬᠠᠭᠠᠨ ᠳᠡᠮᠡᠢ ᠠᠰᠠᠭᠤᠵᠤ ᠴᠠᠭ ᠢ᠋ᠶ᠋ᠠᠨ ᠰᠠᠭᠠᠲᠠᠭᠠᠭᠰᠠᠨ ᠦᠭᠡᠢ᠂ ᠳᠠᠷᠤᠢ ᠲᠦᠷᠭᠡᠨ ᠢ᠋ᠶ᠋ᠡᠷ ᠭᠡᠷ ᠬᠣᠲᠠ ᠪᠠᠨ ᠠᠴᠢᠶᠠᠯᠠᠵᠤ᠂ ᠡᠳᠦᠷ ᠰᠥᠨᠢ ᠦᠭᠡᠢ ᠠᠭᠲᠠ ᠶ᠋ᠢᠨ ᠢ᠋ᠶ᠋ᠡᠨ ᠴᠢᠨᠡᠭᠡ ᠪᠡᠷ ᠲᠦᠷᠭᠡᠯᠡᠨ ᠤᠷᠤᠭᠰᠢᠯᠠᠪᠠ᠃ ᠬᠡᠷᠡᠢᠳ ᠦ᠋ᠨ ᠲᠤᠬᠠᠢ ᠮᠡᠳᠡᠶ᠎ᠡ ᠭᠡᠰᠡᠨ ᠪᠦᠬᠦᠨ ᠢ᠋ᠶ᠋ᠡᠨ ᠵᠠᠮ ᠵᠠᠭᠤᠷ᠎ᠠ ᠪᠠᠨ ᠬᠠᠰᠠᠷ ᠤ᠋ᠨ ᠲᠣᠮᠢᠯᠠᠭᠰᠠᠨ ᠬᠣᠶᠠᠷ ᠪᠠᠢᠯᠳᠤᠭᠴᠢ ᠠ᠋ᠴᠠ ᠠᠰᠠᠭᠤᠵᠤ ᠪᠠᠢᠯ᠎ᠠ᠃ ᠲᠡᠳᠡ ᠬᠣᠶᠠᠭᠤᠯᠠ ᠭᠠᠵᠠᠷᠴᠢ ᠪᠣᠯᠵᠤ᠂ ᠲᠤᠩ ᠰᠠᠢᠨ ᠲᠦᠳᠡ ᠵᠠᠮ ᠢ᠋ᠶ᠋ᠠᠷ ᠶᠠᠪᠤᠵᠠᠢ᠃
ᠶᠠᠮᠠᠷᠴᠤ ᠰᠡᠵᠢᠭ ᠦᠭᠡᠢ ᠪᠠᠢᠭᠰᠠᠨ ᠠ᠋ᠴᠠ ᠲᠤᠭᠤᠷᠢᠯ ᠬᠠᠨ ᠤ᠋ ᠴᠡᠷᠢᠭ ᠥᠴᠦᠬᠡᠨ ᠴᠦ᠍ ᠪᠠᠢᠯᠳᠤᠭᠠᠨ ᠤ᠋ ᠪᠡᠯᠡᠳᠬᠡᠯ ᠦᠭᠡᠢ ᠪᠡᠷ᠂ ᠶᠡᠬᠡ ᠬᠤᠷᠢᠮ ᠢ᠋ᠶ᠋ᠠᠨ ᠪᠡᠯᠡᠳᠬᠡᠵᠦ᠂ ᠴᠡᠷᠢᠭ ᠦ᠋ᠨ ᠬᠦᠷᠢᠶ᠎ᠡ ᠭᠡᠷ ᠲᠡᠷᠭᠡ ᠪᠡᠨ ᠰᠠᠢᠬᠠᠨ ᠴᠢᠮᠡᠭᠯᠡᠭᠡᠳ ᠪᠠᠢᠭᠰᠠᠨ ᠨᠢ ᠬᠠᠷᠢᠨ ᠰᠠᠨᠠᠮᠰᠠᠷ ᠦᠭᠡᠢ ᠳᠠᠭᠠᠷᠢᠯᠲᠠ ᠳ᠋ᠤ᠌ ᠤᠴᠠᠷᠠᠪᠠ᠃ ᠡᠨᠡ ᠴᠢᠨᠢ ᠲᠩᠷᠢ ᠡᠴᠡ ᠪᠠᠭᠤᠭᠰᠠᠨ ᠴᠡᠷᠢᠭ ᠮᠡᠲᠦ ᠪᠠᠢᠯᠳᠤᠭᠠᠨ ᠪᠣᠯᠵᠤ᠂ ᠨᠡᠭᠦᠳᠡᠯᠴᠢᠨ ᠠᠷᠠᠳ ᠤ᠋ᠨ ᠱᠠᠰᠢᠨ ᠰᠤᠷᠲᠠᠬᠤᠨ ᠤ᠋ ᠰᠦᠰᠦᠭ ᠪᠢᠰᠢᠷᠡᠯ ᠢ᠋ᠶ᠋ᠡᠷ ᠬᠡᠯᠡᠪᠡᠯ᠂ ᠬᠤᠪᠢ ᠵᠠᠶᠠᠭ᠎ᠠ ᠭᠡᠵᠦ ᠬᠡᠯᠡᠬᠦ ᠪᠣᠯᠤᠯᠲᠠᠢ᠂ ᠭᠠᠭᠴᠠ ᠴᠣᠬᠢᠯᠲᠠ ᠳ᠋ᠤ᠌ ᠰᠦᠢᠳᠴᠢᠬᠡᠬᠦ ᠨᠢ ᠣᠯᠠᠨ ᠪᠠᠢᠯᠳᠤᠭᠠᠨ ᠤ᠋ ᠳᠣᠲᠣᠷᠠᠬᠢ ᠣᠨᠴᠠ ᠨᠢᠭᠡ ᠦᠯᠢᠭᠡᠷ ᠵᠢᠱ᠌ᠢᠶ᠎ᠡ ᠪᠣᠯᠤᠨ᠎ᠠ᠃ ᠠᠯᠢᠪᠠ ᠡᠰᠡᠷᠭᠦᠴᠡᠬᠦ ᠭᠣᠷᠢᠳᠠᠯᠭ᠎ᠠ ᠨᠢ ᠬᠢᠯᠢᠩᠯᠡᠭᠰᠡᠨ ᠮᠣᠩᠭᠣᠯᠴᠤᠳ ᠤ᠋ᠨ ᠭᠠᠯᠵᠠᠭᠤ ᠳᠠᠭᠠᠷᠢᠯᠲᠠ ᠳ᠋ᠤ᠌ ᠳᠠᠷᠤᠢ ᠲᠦᠷᠭᠡᠨ ᠢ᠋ᠶ᠋ᠡᠷ ᠪᠤᠲᠠ ᠨᠢᠷᠭᠡᠭᠳᠡᠪᠡ᠃ ᠰᠦᠨᠦᠭᠡᠭᠳᠡᠬᠦ ᠳᠤᠷ᠎ᠠ ᠦᠭᠡᠢ ᠬᠥᠮᠦᠰ᠂ ᠪᠦᠬᠦ ᠴᠡᠷᠢᠭ ᠢ᠋ᠶ᠋ᠡᠷ ᠢ᠋ᠶ᠋ᠡᠨ ᠮᠣᠩᠭᠣᠯ ᠳ᠋ᠤ᠌ ᠪᠠᠭᠤᠵᠤ ᠥᠭᠪᠡ᠃ ᠲᠤᠭᠤᠷᠢᠯ ᠬᠠᠨ ᠪᠣᠯᠤᠨ ᠲᠡᠭᠦᠨ ᠦ᠌ ᠬᠥᠪᠡᠭᠦᠨ ᠰᠡᠩᠭᠦᠮ ᠲᠡᠢ ᠪᠡᠨ ᠬᠣᠶᠠᠭᠤᠯᠠ ᠠᠷᠠᠢ ᠴᠢᠷᠠᠢ ᠠᠮᠢ ᠬᠡᠯᠲᠦᠷᠢᠨ ᠳᠤᠲᠠᠭᠠᠭᠠᠳ᠂ ᠴᠡᠷᠢᠭ ᠨᠢ ᠬᠣᠭ ᠲᠣᠭᠣᠰᠣ ᠮᠡᠲᠦ ᠬᠡᠢᠰᠦᠭᠡᠳ ᠳᠠᠭᠤᠰᠪᠠ᠃
ᠥᠨᠥᠬᠡᠨ ᠨᠤᠲᠤᠭ ᠳᠡᠪᠢᠰᠬᠡᠷ ᠳᠡᠭᠡᠷ᠎ᠡ ᠪᠡᠨ ᠳᠠᠢᠰᠤᠨ ᠳ᠋ᠤ᠌ ᠳᠠᠷᠤᠭᠳᠠᠵᠤ ᠲᠣᠭᠲᠠᠵᠤ ᠴᠢᠳᠠᠬᠤ ᠭᠠᠵᠠᠷ ᠦᠭᠡᠢ ᠡᠷᠭᠢᠯᠳᠦᠨ ᠳᠤᠲᠠᠭᠠᠵᠤ ᠶᠠᠪᠤᠭᠰᠠᠨ ᠲᠡᠮᠦᠵᠢᠨ᠂ ᠭᠠᠭᠴᠠ ᠨᠢᠷᠭᠡᠯᠲᠡ ᠪᠡᠷ ᠢ᠋ᠶ᠋ᠡᠨ ᠪᠦᠬᠦ ᠨᠤᠲᠤᠭ ᠳᠡᠪᠢᠰᠬᠡᠷ ᠲᠡᠭᠡᠨ ᠡᠵᠡᠨ ᠪᠣᠯᠤᠨ ᠡᠭᠡᠵᠦ ᠢᠷᠡᠭᠰᠡᠨ ᠢ᠋ᠶ᠋ᠡᠷ ᠦᠯᠦ ᠪᠠᠷᠠᠨ᠂ ᠬᠡᠷᠡᠢᠳ ᠦ᠌ ᠪᠦᠬᠦ ᠣᠷᠣᠨ ᠨᠢ ᠦᠯᠡᠳᠡᠭᠳᠡᠯ ᠦᠭᠡᠢ ᠪᠡᠷ ᠲᠡᠭᠦᠨ ᠳ᠋ᠦ᠍ ᠬᠠᠭᠠᠯᠭ᠎ᠠ ᠪᠠᠨ ᠲᠠᠯᠪᠢᠵᠤ ᠥᠭᠭᠦᠯ᠎ᠡ᠃ ᠲᠡᠭᠦᠨ ᠦ᠌ ᠰᠢᠷᠡᠭᠡᠨ ᠳᠡᠭᠡᠷ᠎ᠡ ᠪᠠᠷᠢᠴᠠ ᠪᠣᠯᠤᠭᠰᠠᠨ ᠵᠦᠢᠯ ᠦ᠋ᠨ ᠬᠡᠷᠡᠢᠳ ᠦ᠋ᠳ ᠲᠡᠳᠡᠨ ᠡᠴᠡ ᠪᠤᠯᠢᠶᠠᠵᠤ ᠠᠪᠴᠢᠷᠠᠭᠰᠠᠨ ᠡᠳ᠋ ᠪᠠᠷᠠᠭ᠎ᠠ ᠠ᠋ᠴᠠ ᠭᠠᠳᠠᠨ᠎ᠠ᠂ ᠡᠨᠡ ᠪᠠᠢᠯᠳᠤᠭᠠᠨ ᠤ᠋ ᠦᠷ᠎ᠡ ᠳ᠋ᠦᠩ ᠢ᠋ᠶ᠋ᠡᠷ ᠪᠦᠬᠦ ᠬᠡᠷᠡᠢᠳ ᠦ᠋ᠨ ᠡᠳ᠋ ᠬᠥᠷᠥᠩᠭᠡ᠂ ᠬᠥᠮᠦᠨ ᠮᠠᠯ ᠲᠠᠢ ᠪᠠᠨ ᠬᠠᠮᠲᠤᠪᠠᠷ ᠲᠡᠭᠦᠨ ᠦ᠌ ᠭᠠᠷ ᠲᠤ ᠣᠷᠣᠵᠠᠢ᠃ ᠡᠭᠦᠨ ᠢ᠋ ᠪᠡᠨ ᠪᠦᠷ ᠰᠢᠳᠤᠷᠭᠤ ᠪᠠᠢᠯᠳᠤᠭᠴᠢ ᠨᠠᠷ ᠲᠠᠭᠠᠨ ᠲᠦᠭᠡᠭᠡᠵᠦ᠂ ᠦᠨᠡᠨᠴᠢ ᠵᠢᠷᠤᠮᠲᠠᠢ ᠬᠠᠷᠢᠶᠠᠲᠤ ᠨᠠᠷ ᠨᠢ ᠬᠦᠰᠡᠭᠰᠡᠨ ᠶᠠᠭᠤᠮ᠎ᠠ ᠪᠦᠬᠦᠨ ᠢ᠋ ᠪᠡᠨ ᠳᠤᠲᠠᠭᠳᠠᠬᠤ ᠦᠭᠡᠢ ᠬᠦᠷᠲᠡᠪᠡ᠃ ᠭᠡᠪᠡᠴᠦ ᠲᠡᠮᠦᠵᠢᠨ ᠲᠡᠳᠡᠨ ᠳ᠋ᠦ᠍ ᠠᠮᠤᠰᠬᠢᠬᠦ ᠴᠢᠯᠥᠭᠡ ᠶ᠋ᠢ ᠴᠤ ᠣᠯᠭᠣᠭᠰᠠᠨ ᠦᠭᠡᠢ ᠪᠡᠷ᠂ ᠬᠠᠷᠢᠶᠠᠲᠤ ᠴᠡᠷᠢᠭ ᠢ᠋ᠶ᠋ᠡᠨ ᠴᠢᠨᠠᠭᠰᠢᠳᠠ ᠳᠠᠢᠰᠤᠨ ᠢ᠋ ᠲᠦᠷᠭᠡᠨ ᠨᠡᠬᠡᠮᠵᠢᠯᠡᠭᠲᠦᠨ ᠭᠡᠵᠦ ᠱᠠᠭᠠᠷᠳᠠᠯ᠎ᠠ᠃
ᠰᠡᠩᠭᠦᠮ ᠪᠠᠷᠠᠭᠤᠨ ᠲᠡᠰᠢ ᠤᠶ᠋ᠢᠭᠤᠷᠴᠤᠳ ᠤ᠋ᠨ ᠰᠠᠭᠤᠵᠤ ᠪᠠᠢᠬᠤ ᠭᠠᠵᠠᠷ ᠲᠤ ᠳᠤᠲᠠᠭᠠᠨ ᠣᠴᠢᠵᠠᠢ᠃ ᠡᠨᠡᠬᠦ ᠤᠢᠭᠤᠷ ᠦᠨᠳᠦᠰᠦᠲᠡᠨ ᠦ᠌ ᠣᠯᠠᠩᠬᠢ ᠨᠢ ᠡᠨᠡᠳᠬᠡᠭ ᠦ᠋ᠨ ᠰᠢᠷᠮᠠᠨ ᠨᠤᠭᠤᠳ ᠬᠣᠯᠢᠯᠳᠤᠭᠰᠠᠨ ᠲᠦᠷᠺ ᠦᠨᠳᠦᠰᠦᠲᠡᠨ ᠪᠣᠯᠬᠤ ᠪᠥᠭᠡᠳ ᠬᠡᠳᠦᠨ ᠵᠠᠭᠤᠨ ᠵᠢᠯ ᠦ᠋ᠨ ᠡᠮᠦᠨ᠎ᠡ ᠪᠦᠬᠦ ᠮᠣᠩᠭᠣᠯ ᠣᠷᠣᠨ ᠪᠣᠯᠤᠨ ᠬᠢᠷᠬᠢᠰᠲᠡᠨ ᠦ᠌ ᠨᠢᠭᠡ ᠬᠡᠰᠡᠭ ᠢ᠋ ᠵᠠᠬᠢᠷᠤᠯ ᠤ᠋ᠨ ᠳᠣᠣᠷ᠎ᠠ ᠪᠠᠨ ᠣᠷᠣᠭᠤᠯᠵᠤ᠂ ᠬᠢᠲᠠᠳ ᠤ᠋ᠨ ᠬᠡᠳᠦᠨ ᠦᠶ᠎ᠡ ᠶ᠋ᠢᠨ ᠬᠠᠭᠠᠨ ᠲᠠᠢ ᠪᠠᠷᠤᠭ ᠠᠳᠠᠯᠢ ᠲᠡᠭᠰᠢ ᠪᠡᠷ ᠬᠠᠷᠢᠯᠴᠠᠵᠤ ᠪᠠᠢᠭᠰᠠᠨ ᠶᠤᠮ᠃ ᠲᠡᠭᠦᠨᠴᠡ ᠬᠣᠵᠢᠮ ᠤᠶ᠋ᠢᠭᠤᠷᠴᠤᠳ ᠰᠢᠨ᠎ᠡ ᠢᠷᠡᠭᠰᠡᠨ ᠨᠡᠭᠦᠳᠡᠯᠴᠢᠨ ᠦᠨᠳᠦᠰᠦᠲᠡᠨ ᠳ᠋ᠦ᠍ ᠳᠡᠢᠯᠦᠭᠳᠡᠭᠡᠳ ᠳᠤᠮᠳᠠᠳᠤ ᠠᠽᠢᠶ᠎ᠠ ᠲᠡᠰᠢ ᠰᠢᠬᠠᠭᠳᠠᠨ ᠬᠣᠵᠢᠮ ᠨᠢ ᠬᠠᠷ᠎ᠠ ᠬᠢᠳᠠᠨ ᠤᠯᠤᠰ ᠤ᠋ᠨ ᠬᠠᠭᠠᠨ ᠤ᠋ ᠬᠠᠷᠢᠶ᠎ᠠ ᠪᠣᠯᠵᠤ ᠳᠠᠭᠤᠰᠤᠭᠰᠠᠨ ᠪᠢᠯᠡ᠃ ᠰᠣᠶᠣᠯ ᠭᠡᠭᠡᠷᠡᠯ ᠦ᠋ᠨ ᠬᠡᠮᠵᠢᠶ᠎ᠡ ᠳᠣᠣᠷ᠎ᠠ ᠪᠣᠯᠪᠠᠴᠤ ᠪᠠᠢᠯᠳᠤᠭᠠᠨ ᠳ᠋ᠤ᠌ ᠰᠢᠨᠤᠬᠠᠢ᠂ ᠣᠯᠠᠨ ᠤᠯᠤᠰ ᠤ᠋ᠨ ᠳᠣᠲᠣᠷ᠎ᠠ᠂ ᠬᠡᠳᠦᠢᠪᠡᠷ ᠤᠯᠤᠰ ᠲᠥᠷᠥ ᠶ᠋ᠢᠨ ᠲᠠᠯ᠎ᠠ ᠳ᠋ᠤ᠌ ᠬᠦᠴᠦᠨ ᠦᠭᠡᠢ ᠪᠣᠯᠪᠠᠴᠤ ᠰᠣᠶᠣᠯ ᠲᠠᠢ ᠦᠨᠳᠦᠰᠦᠲᠡᠨ ᠮᠥᠨ ᠪᠣᠯᠬᠣᠷ ᠬᠦᠨᠳᠦ ᠴᠢᠬᠤᠯᠠ ᠴᠢᠨᠠᠷ ᠢᠶᠠᠨ ᠬᠠᠳᠠᠭᠠᠯᠠᠵᠤ ᠴᠢᠳᠠᠭᠰᠠᠨ ᠶᠤᠮ᠃ ᠲᠡᠳᠡᠨ ᠦ᠌ ᠦᠭᠡ ᠬᠡᠯᠡ ᠨᠢ ᠳᠤᠮᠳᠠᠳᠤ ᠠᠽᠢᠶ᠎ᠠ ᠶ᠋ᠢᠨ ᠠᠷᠠᠯᠵᠢᠶ᠎ᠠ ᠬᠢᠬᠦ ᠬᠡᠯᠡ ᠪᠣᠯᠵᠤ ᠨᠡᠢᠲᠡ ᠳ᠋ᠦ᠍ ᠬᠡᠷᠡᠭᠯᠡᠭᠳᠡ ᠠᠷᠠᠮᠧᠠ ᠡᠴᠡ ᠡᠭᠦᠰᠦᠭᠰᠡᠨ ᠲᠡᠮᠳᠡᠭ ᠦᠰᠦᠭ ᠬᠡᠷᠡᠭᠯᠡᠵᠦ ᠪᠠᠢᠭᠰᠠᠨ ᠶᠤᠮ᠃ ᠤᠯᠤᠰ ᠲᠤᠨᠢ ᠪᠠᠶᠠᠯᠢᠭ ᠠᠷᠠᠯᠵᠢᠶ᠎ᠠ ᠶ᠋ᠢᠨ ᠬᠣᠲᠠ ᠪᠠᠯᠭᠠᠰᠤᠨ ᠪᠠᠢᠬᠤ ᠪᠥᠭᠡᠳ ᠲᠠᠷᠢᠶᠠᠯᠠᠩ ᠢ᠋ᠶ᠋ᠠᠷ ᠠᠵᠤ ᠠᠬᠤᠢ ᠶ᠋ᠢᠨ ᠰᠠᠭᠤᠷᠢ ᠪᠣᠯᠭᠠᠵᠤ ᠪᠠᠢᠯ᠎ᠠ᠃ ᠰᠡᠩᠭᠦᠮ ᠡᠳᠦᠢ ᠲᠡᠳᠦᠢ ᠨᠡᠭᠦᠳᠡᠯᠴᠢᠨ ᠴᠡᠷᠢᠭ ᠢ᠋ᠶ᠋ᠡᠨ ᠳᠠᠭᠠᠭᠤᠯᠤᠭᠠᠳ ᠡᠩᠬᠡ ᠠᠮᠤᠷ ᠠᠮᠢᠳᠤᠷᠠᠵᠤ ᠪᠠᠢᠭᠰᠠᠨ ᠲᠠᠷᠢᠶᠠᠴᠢᠨ ᠠᠷᠠᠳ ᠢ᠋ ᠪᠤᠯᠢᠶᠠᠨ ᠳᠡᠭᠡᠷᠡᠮᠳᠡᠭᠰᠡᠨ ᠦ᠌ ᠡᠴᠦᠰ ᠲᠦ᠍ ᠪᠠᠷᠢᠭᠳᠠᠵᠤ ᠠᠯᠠᠬᠤ ᠶᠠᠯ᠎ᠠ ᠪᠠᠷ ᠰᠢᠢᠳᠬᠡᠭᠳᠡᠪᠡ᠃
ᠲᠤᠭᠤᠷᠢᠯ ᠬᠠᠨ ᠤ᠋ ᠪᠡᠶ᠎ᠡ ᠨᠢ ᠪᠠᠷᠠᠭᠤᠨ ᠬᠣᠢᠲᠤ ᠵᠦᠭ ᠤᠢᠭᠤᠷᠴᠤᠳ ᠤ᠋ᠨ ᠵᠡᠷᠭᠡᠯᠡᠳᠡᠭᠡ ᠨᠠᠢ᠍ᠮᠠᠨ ᠨᠤᠭᠤᠳ ᠲᠤ ᠳᠤᠲᠠᠭᠠᠵᠤ ᠣᠴᠢᠭᠰᠠᠨ ᠳ᠋ᠤ᠌᠂ ᠤᠷᠢᠳ ᠵᠢᠯ ᠨᠢ ᠨᠠᠢ᠍ᠮᠠᠨ ᠢ᠋ ᠳᠠᠭᠠᠷᠢᠵᠤ ᠳᠡᠭᠡᠷᠡᠮᠳᠡᠭᠡᠳ ᠬᠣᠣᠷ ᠬᠥᠨᠥᠭᠡᠯ ᠳ᠋ᠦ᠍ᠨᠢ ᠤᠴᠠᠷᠠᠭᠰᠠᠨ ᠬᠣᠶᠠᠷ ᠲᠦᠷᠦᠭᠦᠦ ᠶ᠋ᠢᠨ ᠭᠠᠷ ᠲᠤ ᠣᠷᠣᠭᠠᠳ ᠠᠯᠠᠭᠳᠠᠪᠠ᠃ ᠡᠨᠡ ᠬᠣᠶᠠᠷ ᠬᠥᠮᠦᠨ᠂ ᠣᠳᠣ ᠶᠡᠬᠡ ᠭᠠᠪᠢᠶ᠎ᠠ ᠪᠠᠢᠭᠤᠯᠤᠯ᠎ᠠ᠂ ᠰᠠᠢᠰᠢᠶᠠᠭᠳᠠᠬᠤ ᠪᠣᠯᠪᠠᠤ ᠭᠡᠵᠦ ᠪᠣᠳᠣᠭᠰᠠᠨ ᠠ᠋ᠴᠠ ᠲᠤᠭᠤᠷᠢᠯ ᠬᠠᠨ ᠤ᠋ ᠲᠣᠯᠣᠭᠠᠢ ᠶ᠋ᠢ ᠨᠠᠢ᠍ᠮᠠᠨ ᠤ᠋ ᠳᠠᠶᠠᠨ ᠬᠠᠨ ᠪᠢᠯᠭᠡ ᠳ᠋ᠦ᠍ ᠡᠷᠭᠦᠭᠰᠡᠨ ᠳ᠋ᠦ᠍ ᠰᠠᠢᠰᠢᠶᠠᠭᠳᠠᠬᠤ ᠦᠭᠡᠢ ᠪᠡᠷ ᠦᠯᠦ ᠪᠠᠷᠠᠨ ᠬᠠᠷᠢᠨ ᠲᠤᠭᠤᠷᠢᠯ ᠬᠠᠨ ᠢ᠋ ᠠᠮᠢᠳᠤ ᠪᠠᠷ ᠲᠤᠰᠢᠶᠠᠭᠰᠠᠨ ᠦᠭᠡᠢ ᠭᠡᠵᠦ ᠪᠤᠷᠤᠭᠤᠰᠢᠶᠠᠭᠳᠠᠪᠠ᠃
( ᠭᠤᠷᠪᠠ)
ᠴᠠᠰᠤᠨ ᠪᠥᠮᠪᠥᠭᠡ ᠥᠩᠬᠥᠷᠢᠳᠦᠭᠦᠯᠬᠦ ᠪᠠᠢᠯᠳᠤᠬᠤ ᠠᠷᠭ᠎ᠠ ᠶ᠋ᠢ ᠬᠡᠷᠡᠭᠯᠡᠭᠰᠡᠨ ᠨᠢ
ᠨᠠᠢ᠍ᠮᠠᠨ ᠨᠤᠭᠤᠳ ᠰᠠᠭᠤᠵᠤ ᠪᠠᠢᠭᠰᠠᠨ ᠭᠠᠵᠠᠷ ᠤ᠋ᠨ ᠣᠯᠠᠩᠬᠢ ᠨᠢ ᠠᠭᠤᠯᠠᠷᠬᠠᠭ ᠣᠷᠣᠨ ᠪᠥᠭᠡᠳ ᠠᠯᠲᠠᠢ ᠠᠭᠤᠯᠠᠨ ᠤ᠋ ᠰᠠᠯᠪᠤᠷᠢ ᠳᠣᠲᠣᠷ᠎ᠠ ᠳᠠᠷᠬᠠᠨ ᠰᠠᠭᠤᠵᠤ ᠪᠠᠢᠭᠰᠠᠨ ᠪᠥᠭᠡᠳ ᠡᠨᠡᠬᠦ ᠭᠠᠵᠠᠷ ᠢ᠋ ᠠᠬ᠎ᠠ ᠳᠡᠭᠦᠦ ᠬᠣᠶᠠᠷ ᠬᠥᠮᠦᠨ ᠬᠤᠪᠢᠶᠠᠨ ᠬᠠᠮᠢᠶᠠᠷᠴᠤ ᠪᠠᠢᠭᠰᠠᠨ ᠶᠤᠮ᠃ ᠥᠭᠡᠷ᠎ᠡ ᠪᠡᠷ ᠬᠡᠯᠡᠪᠡᠯ ᠪᠠᠷᠠᠭᠤᠨᠲᠠᠢ ᠶᠡᠬᠡ ᠠᠯᠲᠠᠢ ᠪᠣᠯᠤᠨ ᠲᠡᠭᠦᠨ ᠦ᠌ ᠰᠠᠯᠪᠤᠷᠢ ᠨᠤᠭᠤᠳ ᠢ᠋ ᠪᠣᠢᠷᠣᠭ᠋ ᠬᠠᠨ ᠬᠠᠮᠢᠶᠠᠷᠤᠨ᠂ ᠵᠡᠭᠦᠨ ᠲᠠᠯ᠎ᠠ ᠶ᠋ᠢ ᠪᠢᠯᠭᠡ ᠳᠠᠶᠠᠨ ᠬᠠᠨ ᠬᠠᠮᠢᠶᠠᠷᠴᠤ ᠪᠠᠢᠭᠰᠠᠨ ᠪᠢᠯᠡ᠃ ᠡᠨᠡ ᠬᠣᠶᠠᠷ ᠤ᠋ᠨ ᠡᠴᠢᠭᠡ ᠨᠢ ᠡᠨᠳᠡᠬᠢ ᠪᠦᠬᠦ ᠣᠷᠣᠨ ᠳ᠋ᠤ᠌ ᠡᠵᠡᠨ ᠪᠣᠯᠵᠤ ᠪᠠᠢᠭᠰᠠᠨ ᠪᠥᠭᠡᠳ ᠪᠠᠢᠯᠳᠤᠨ ᠳᠠᠭᠠᠭᠤᠯᠤᠭᠰᠠᠨ ᠠ᠋ᠴᠠ ᠪᠣᠯᠵᠤ ᠨᠡᠭᠦᠳᠡᠯᠴᠢᠨ ᠣᠯᠠᠨ ᠠᠢᠮᠠᠭ ᠤ᠋ᠨ ᠳᠣᠲᠣᠷ᠎ᠠ ᠬᠠᠮᠤᠭ ᠤ᠋ᠨ ᠴᠢᠬᠢᠷᠡᠭ ᠸᠠᠩᠲᠤ ᠤᠯᠤᠰ ᠪᠣᠯᠵᠤ ᠪᠠᠢᠭᠰᠠᠨ ᠶᠤᠮ᠃ ᠡᠴᠢᠭᠡ ᠨᠢ ᠦᠬᠦᠭᠰᠡᠨ ᠦ᠌ ᠬᠣᠢᠨ᠎ᠠ᠂ ᠬᠠᠭᠠᠴᠠᠭᠰᠠᠨ ᠪᠣᠯᠬᠣᠷ ᠡᠨᠡᠬᠦ ᠸᠠᠩᠲᠤ ᠤᠯᠤᠰ ᠤ᠋ᠨ ᠬᠦᠴᠦ ᠨᠢ ᠪᠠᠭᠤᠷᠠᠢ ᠪᠣᠯᠤᠭᠰᠠᠨ ᠪᠥᠭᠡᠳ ᠬᠡᠷᠡᠢᠳ ᠦᠳ ᠪᠢᠯᠭᠡ ᠳᠠᠶᠠᠨ ᠬᠠᠨ ᠳ᠋ᠤ᠌ ᠤᠳᠠᠭ᠎ᠠ ᠳᠠᠷᠠᠭ᠎ᠠ ᠪᠠᠷ ᠰᠦᠷᠳᠡᠭᠦᠯᠭᠡ ᠦᠵᠡᠭᠦᠯᠵᠦ ᠪᠠᠢᠭᠰᠠᠨ ᠪᠢᠯᠡ᠃ ᠲᠡᠢᠮᠦ ᠪᠣᠯᠪᠠᠴᠤ ᠣᠳᠣ ᠳ᠋ᠤ᠌ ᠬᠦᠷᠴᠦ ᠲᠡᠮᠦᠵᠢᠨ ᠦ᠌ ᠢᠯᠠᠯᠲᠠ ᠶ᠋ᠢ ᠳᠠᠭᠠᠯᠳᠤᠨ ᠰᠦᠷ ᠬᠦᠴᠦᠨ ᠦ᠌ ᠬᠡᠪᠴᠢᠶ᠎ᠡ ᠨᠢ ᠨᠠᠢ᠍ᠮᠠᠨ ᠨᠤᠭᠤᠳ ᠤ᠋ᠨ ᠬᠢᠯᠢ ᠬᠢᠵᠠᠭᠠᠷ ᠬᠦᠷᠲᠡᠯ᠎ᠡ ᠥᠷᠭᠡᠵᠢᠭᠰᠡᠨ ᠡᠴᠡ ᠲᠤᠭᠤᠷᠢᠯ ᠬᠠᠨ ᠤ᠋ ᠢᠷᠡᠭᠰᠡᠨ ᠤᠴᠢᠷ ᠨᠢ ᠪᠢᠯᠭᠡ ᠳᠠᠶᠠᠨ ᠬᠠᠨ ᠳ᠋ᠤ᠌ ᠬᠦᠷᠢᠶᠡᠯᠡᠭᠳᠡᠨ ᠤᠭᠲᠤᠭᠳᠠᠬᠤ ᠤᠴᠢᠷ ᠪᠣᠯᠤᠭᠰᠠᠨ ᠪᠠᠢᠨ᠎ᠠ᠃ ᠨᠠᠢ᠍ᠮᠠᠨ ᠨᠤᠭᠤᠳ ᠤ᠋ᠨ ᠲᠠᠯ᠎ᠠ ᠠ᠋ᠴᠠ ᠦᠵᠡᠪᠡᠯ᠂ ᠲᠤᠭᠤᠷᠢᠯ ᠬᠠᠨ ᠪᠣᠯ ᠮᠣᠩᠭᠣᠯ ᠬᠠᠭᠠᠨ ᠤ᠋ ᠬᠦᠴᠦᠨ ᠢ᠋ ᠲᠡᠳᠡᠨ ᠬᠣᠪᠢᠶᠠᠭᠳᠠᠭᠯᠬᠤ ᠦᠢᠯᠡᠳᠦᠯ ᠭᠠᠷᠭᠠᠳᠠᠭ ᠶᠤᠮ᠃ ᠬᠡᠷᠡᠢᠳ ᠦ᠋ᠳ ᠲᠠᠰᠤᠷᠠᠯᠲᠠ ᠦᠭᠡᠢ ᠤᠷᠪᠠᠯᠭ᠎ᠠ ᠪᠣᠰᠤᠯᠭ᠎ᠠ ᠭᠠᠷᠭᠠᠬᠤ ᠨᠢ ᠲᠡᠮᠦᠵᠢᠨ ᠢ᠋ ᠵᠣᠪᠠᠭᠠᠬᠤ ᠬᠦᠨᠳᠦ ᠴᠢᠬᠤᠯᠠ ᠵᠡᠪᠰᠡᠭ ᠪᠣᠯᠤᠨ᠎ᠠ ᠭᠡᠵᠦ ᠦᠵᠡᠵᠦ ᠪᠠᠢᠵᠠᠢ᠃ ᠡᠨᠡᠬᠦ ᠰᠢᠨ᠎ᠡ ᠬᠦᠷᠰᠢ ᠤᠯᠤᠰ ᠨᠢ ᠵᠠᠮᠤᠬ᠎ᠠ ᠪᠣᠯᠤᠨ ᠲᠡᠮᠦᠵᠢᠨ ᠦ᠌ ᠲᠥᠷᠥᠯ ᠦ᠋ᠨ ᠬᠥᠮᠦᠰ ᠦ᠋ᠨ ᠭᠡᠷᠡᠴᠢᠯᠡᠭᠰᠡᠨ ᠮᠡᠲᠦ ᠪᠡᠷ ᠥᠩᠭᠡᠷᠡᠦ ᠴᠤ ᠳᠤᠷᠠᠯᠠᠮᠠᠷ ᠬᠥᠮᠦᠰ ᠪᠢᠰᠢ ᠪᠠᠢᠵᠠᠢ᠃
ᠭᠡᠲᠡᠯ᠎ᠡ ᠣᠳᠣ ᠲᠤᠭᠤᠷᠢᠯ ᠬᠠᠨ ᠨᠢᠭᠡᠨᠲᠡ ᠦᠬᠦᠴᠢᠬᠡᠭᠰᠡᠨ ᠪᠣᠯᠬᠣᠷ᠂ ᠥᠭᠡᠷ᠎ᠡ ᠶᠠᠮᠠᠷ ᠨᠢᠭᠡ ᠠᠷᠭ᠎ᠠ ᠠᠪᠬᠤ ᠦᠭᠡᠢ ᠪᠡᠷ ᠪᠣᠯᠬᠤ ᠦᠭᠡᠢ ᠪᠣᠯᠵᠠᠢ᠃ ᠲᠡᠭᠡᠭᠡᠳ ᠪᠢᠯᠭᠡ ᠳᠠᠶᠠᠨ ᠬᠠᠨ᠂ ᠲᠤᠭᠤᠷᠢᠯ ᠬᠠᠨ ᠤ᠋ ᠲᠣᠯᠣᠭᠠᠢ ᠶ᠋ᠢ ᠮᠥᠩᠭᠥᠨ ᠬᠠᠢᠷᠴᠠᠭ ᠲᠤ ᠠᠭᠤᠯᠵᠤ᠂ ᠨᠢᠭᠤᠷ ᠢ᠋ ᠨᠢ ᠵᠡᠭᠦᠨᠰᠢ ᠪᠡᠨ ᠬᠠᠨᠳᠤᠭᠤᠯᠤᠨ᠂ ᠡᠭᠦᠨ ᠢ᠋ ᠬᠠᠨ ᠰᠠᠭᠤᠳᠠᠯ ᠳ᠋ᠠᠬᠢ ᠲᠦᠰᠢᠯᠭᠡ ᠮᠣᠳᠣᠨ ᠳᠡᠭᠡᠷ᠎ᠡ ᠲᠠᠯᠪᠢᠭᠠᠳ᠂ ᠲᠣᠭᠣᠷᠢᠯ ᠬᠠᠨ ᠬᠡᠷᠡᠢᠳ ᠦ᠋ᠳ ᠢ᠋ᠶ᠋ᠡᠨ ᠤᠮᠠᠷᠲᠠᠬᠤ ᠦᠭᠡᠢ ᠭᠡᠰᠡᠨ ᠢ᠋ ᠦᠵᠡᠭᠦᠯᠵᠦ ᠪᠠᠢᠨ᠎ᠠ ᠭᠡᠵᠡᠢ᠃ ᠡᠭᠦᠨ ᠦ᠌ ᠬᠠᠮᠲᠤ ᠣᠩᠭᠣᠳ ᠤ᠋ᠳ ᠤ᠋ᠨ ᠬᠠᠨ ᠠᠯᠬᠤᠱᠳᠢᠬᠢᠳ ᠲᠤ ᠨᠢᠭᠡᠨ ᠬᠠᠭᠤᠳᠠᠰᠤ ᠪᠢᠴᠢᠭ ᠬᠦᠷᠭᠡᠪᠡ᠃
ᠣᠩᠭᠣᠳ ᠤ᠋ᠳ ᠪᠣᠯ ᠨᠠᠢ᠍ᠮᠠᠨ ᠨᠤᠭᠤᠳ ᠲᠠᠢ ᠠᠳᠠᠯᠢ ᠪᠠᠷ ᠮᠣᠩᠭᠣᠯᠴᠤᠳ ᠲᠠᠢ ᠠᠳᠠᠯᠢᠳᠬᠠᠪᠠᠯ ᠰᠣᠶᠣᠯ ᠭᠡᠭᠡᠷᠡᠯ ᠦ᠋ᠨ ᠬᠡᠮᠵᠢᠶ᠎ᠡ ᠨᠢ ᠨᠡᠯᠢᠶᠡᠳ ᠥᠨᠳᠥᠷ ᠶᠠᠰᠤᠲᠠᠨ ᠪᠠᠢᠭᠰᠠᠨ ᠶᠤᠮ᠃ ᠨᠠᠢ᠍ᠮᠠᠨ ᠨᠤᠭᠤᠳ ᠬᠣᠯᠠ ᠪᠠᠷᠠᠭᠤᠨ ᠡᠲᠡᠭᠡᠳ ᠲᠦ᠍ ᠪᠠᠢᠵᠤ ᠤᠢᠭᠤᠷ ᠪᠤᠶᠤ ᠬᠠᠷ᠎ᠠ ᠬᠢᠳᠠᠨ ᠤ᠋ ᠨᠥᠯᠥᠭᠡ ᠶ᠋ᠢᠨ ᠳᠣᠣᠷ᠎ᠠ ᠪᠠᠢᠵᠠᠢ᠂ ᠣᠩᠭᠣᠳ ᠤ᠋ᠳ ᠪᠣᠯ ᠭᠣᠪᠢ ᠮᠠᠩᠬ᠎ᠠ ᠶ᠋ᠢᠨ ᠵᠡᠭᠦᠨ ᠡᠮᠦᠨ᠎ᠡ ᠪᠠᠢᠭᠰᠠᠨ ᠪᠣᠯᠬᠣᠷ ᠠᠯᠲᠠᠨ ᠤᠯᠤᠰ ᠲᠠᠢ ᠬᠢᠯᠢ ᠬᠢᠵᠠᠭᠠᠷ ᠨᠡᠢᠯᠡᠵᠦ ᠪᠠᠢᠭᠰᠠᠨ ᠶᠤᠮ᠃ ᠡᠨᠡ ᠬᠣᠶᠠᠷ ᠠᠢᠮᠠᠭ ᠤ᠋ᠨ ᠳᠤᠮᠳᠠ ᠬᠠᠪᠴᠢᠭᠳᠠᠵᠤ ᠪᠠᠢᠬᠤ ᠨᠢ ᠮᠣᠩᠭᠣᠯ ᠭᠠᠵᠠᠷ ᠪᠣᠯᠬᠤ ᠪᠥᠭᠡᠳ ᠡᠨᠡ ᠭᠠᠵᠠᠷ ᠲᠤ ᠲᠡᠮᠦᠵᠢᠨ ᠦ᠌ ᠵᠣᠷᠢᠭ ᠰᠠᠨᠠᠭ᠎ᠠ ᠣᠳᠣ ᠶᠠᠮᠠᠷ ᠴᠤ ᠰᠠᠭᠠᠳ ᠦᠭᠡᠢ ᠪᠡᠷ ᠶᠠᠪᠤᠭᠳᠠᠵᠤ ᠪᠠᠢᠯ᠎ᠠ᠃ ᠪᠢᠯᠭᠡ ᠳᠠᠶᠠᠨ ᠬᠠᠨ ᠤ᠋ ᠵᠠᠬᠢᠳᠠᠯ ᠳᠣᠲᠣᠷ᠎ᠠ᠂ ᠮᠣᠩᠭᠣᠯᠴᠤᠳ ᠤ᠋ᠨ ᠬᠠᠭᠠᠨ ᠪᠣᠯᠤᠭᠰᠠᠨ ᠡᠨᠡᠬᠦ ᠳᠡᠭᠡᠷᠡᠩᠭᠦᠢ ᠠᠮᠢᠲᠠᠨ ᠶᠠᠮᠠᠷ ᠬᠠᠷᠠᠴᠠ ᠪᠠᠷ ᠬᠦᠷᠰᠢ ᠪᠡᠨ ᠬᠠᠷᠠᠵᠤ ᠪᠠᠢᠬᠤ ᠶ᠋ᠢ ᠪᠢᠴᠢᠪᠡ᠃《ᠮᠠᠨ ᠤ᠋ ᠤᠯᠤᠰ ᠲᠤ ᠮᠣᠩᠭᠣᠯᠴᠤᠳ ᠤ᠋ᠨ ᠬᠠᠭᠠᠨ ᠭᠡᠵᠦ ᠥᠪᠡᠰᠦᠪᠡᠨ ᠡᠷᠭᠦᠮᠵᠢᠯᠡᠭᠰᠡᠨ ᠨᠢᠭᠡᠨ ᠡᠷ᠎ᠡ ᠢᠯᠡᠷᠡᠵᠡᠢ᠃ ᠡᠨᠡᠬᠦ ᠡᠷ᠎ᠡ ᠨᠠᠷᠠᠨ ᠰᠠᠷᠠᠨ ᠢ᠋ ᠪᠠᠢᠯᠳᠤᠨ ᠳᠠᠭᠠᠭᠤᠯᠬᠤ ᠵᠡᠷᠯᠢᠭ ᠰᠡᠳᠬᠢᠯ ᠢ᠋ᠶ᠋ᠡᠷ ᠲᠩᠷᠢ ᠰᠢᠷᠳᠡᠨ ᠥᠭᠡᠳᠡ ᠬᠠᠷᠠᠵᠤ ᠪᠠᠢᠬᠤ ᠴᠢᠮᠡᠭᠡ ᠲᠡᠢ ᠪᠢᠯᠡ᠃ ᠭᠠᠭᠴᠠ ᠬᠤᠢ ᠳᠣᠲᠣᠷ᠎ᠠ ᠬᠣᠶᠠᠷ ᠰᠡᠯᠡᠮ᠎ᠡ ᠪᠠᠭᠲᠠᠬᠤ ᠦᠭᠡᠢ ᠲᠡᠢ ᠠᠳᠠᠯᠢ᠂ ᠨᠢᠭᠡᠨ ᠪᠡᠶ᠎ᠡ ᠳ᠋ᠦ᠍ ᠬᠣᠶᠠᠷ ᠲᠣᠯᠣᠭᠠᠢ ᠤᠷᠭᠤᠵᠤ ᠪᠣᠯᠬᠤ ᠦᠭᠡᠢ ᠲᠡᠢ ᠠᠳᠠᠯᠢ᠂ ᠨᠢᠭᠡᠨ ᠤᠯᠤᠰ ᠲᠤ ᠬᠣᠶᠠᠷ ᠡᠵᠡᠨ ᠬᠠᠮᠲᠤᠪᠠᠷ ᠣᠷᠣᠰᠢᠵᠤ ᠴᠢᠳᠠᠬᠤ ᠦᠭᠡᠢ ᠶᠦᠮ᠃ ᠡᠨᠡ ᠡᠷ᠎ᠡ ᠶ᠋ᠢᠨ ᠭᠠᠷ ᠠ᠋ᠴᠠ ᠨᠢ ᠨᠤᠮᠤ ᠰᠤᠮᠤ ᠶ᠋ᠢ ᠪᠦᠯᠢᠶᠡᠨ ᠠᠪᠬᠤ ᠶ᠋ᠢᠨ ᠲᠥᠯᠥᠭᠡ᠂ ᠮᠢᠨᠦ ᠪᠠᠷᠠᠭᠤᠨ ᠭᠠᠷ ᠪᠣᠯᠵᠤ ᠲᠤᠰᠠᠯᠠᠭᠠᠷᠠᠢ》 ᠭᠡᠵᠡᠢ᠃
ᠭᠡᠲᠡᠯ᠎ᠡ ᠣᠩᠭᠣᠳ ᠤ᠋ᠨ ᠠᠰᠢᠭ ᠲᠤᠰᠠ ᠨᠢ ᠨᠠᠢ᠍ᠮᠠᠨ ᠤ᠋ ᠠᠰᠢᠭ ᠲᠤᠰᠠ ᠲᠠᠢ ᠨᠢᠭᠡᠨ ᠠᠳᠠᠯᠢ ᠪᠢᠰᠢ ᠪᠢᠯᠡ᠃ ᠣᠩᠭᠣᠳ ᠤ᠋ᠳ ᠲᠤ᠌ ᠠᠪᠴᠤ ᠬᠡᠯᠡᠪᠡᠯ᠂ ᠲᠡᠮᠦᠵᠢᠨ ᠦ᠌ ᠡᠵᠡᠨ ᠡᠷᠬᠡ ᠶ᠋ᠢᠨ ᠳᠣᠣᠷ᠎ᠠ ᠬᠠᠲᠠᠭᠤ ᠴᠠᠬᠢᠷᠠᠭ ᠢ᠋ᠶ᠋ᠠᠷ ᠵᠣᠬᠢᠶᠠᠨ ᠪᠠᠢᠭᠤᠯᠤᠭᠳᠠᠭᠰᠠᠨ ᠨᠢᠭᠡ ᠤᠯᠤᠰ ᠪᠣᠯᠬᠤ ᠨᠢ ᠲᠣᠭ᠎ᠠ ᠲᠣᠮᠰᠢ ᠦᠭᠡᠢ ᠣᠯᠠᠨ ᠠᠢᠮᠠᠭ ᠶᠠᠰᠤᠲᠠᠨ ᠪᠤᠶᠤ ᠲᠡᠳᠡᠨᠡᠷ ᠦ᠋ᠨ ᠨᠡᠢᠯᠡᠨ ᠰᠠᠯᠬᠤ ᠨᠢ ᠲᠣᠭᠲᠠᠪᠤᠷᠢ ᠦᠭᠡᠢ ᠪᠤᠳᠤᠯᠢᠶᠠᠨ ᠲᠠᠢ ᠰᠠᠮᠠᠭᠤᠨ ᠪᠠᠢᠳᠠᠯ ᠠ᠋ᠴᠠ ᠳᠡᠭᠡᠷ᠎ᠡ ᠮᠡᠲᠦ ᠰᠠᠨᠠᠭᠳᠠᠪᠠ᠃ ᠡᠭᠦᠨ ᠢ᠋ᠶ᠋ᠡᠷ ᠪᠠᠷᠠᠬᠤ ᠦᠭᠡᠢ᠂ ᠨᠡᠭᠦᠳᠡᠯᠴᠢᠨ ᠠᠷᠠᠳ ᠤ᠋ᠨ ᠬᠠᠭᠠᠨ᠂ ᠠᠯᠲᠠᠨ ᠤᠯᠤᠰ ᠲᠡᠰᠢ ᠠᠶᠠᠨ ᠲᠡᠢᠨ ᠬᠢᠬᠦ ᠪᠦᠷᠢ ᠣᠩᠭᠣᠳ ᠠᠢᠮᠠᠭ ᠢ᠋ᠶ᠋ᠠᠷ ᠥᠩᠭᠡᠷᠡᠬᠦ ᠵᠠᠮ ᠪᠣᠯᠭᠠᠵᠤ ᠬᠠᠮᠤᠭ ᠤ᠋ᠨ ᠤᠷᠢᠳ ᠪᠤᠯᠢᠶᠠᠭᠳᠠᠳᠠᠭ᠃ ᠡᠭᠦᠨ ᠢ᠋ ᠳᠠᠭᠠᠯᠳᠤᠨ ᠠᠯᠲᠠᠨ ᠤᠯᠤᠰ ᠶᠠᠯ᠎ᠠ ᠠᠰᠠᠭᠤᠬᠤ ᠴᠡᠷᠢᠭ ᠢ᠋ᠶ᠋ᠡᠨ ᠮᠣᠷᠳᠠᠭᠤᠯᠬᠤ ᠦᠶ᠎ᠡ ᠳ᠋ᠦ᠍
ᠲᠡᠳᠡ ᠪᠠᠰᠠᠴᠤ ᠬᠠᠮᠤᠭ ᠤ᠋ᠨ ᠲᠡᠷᠢᠭᠦᠨ ᠳ᠋ᠦ᠍ ᠭᠠᠰᠢᠭᠤᠨ ᠢ᠋ ᠠᠮᠲᠠᠯᠠᠵᠤ ᠪᠠᠢᠭᠰᠠᠨ ᠶᠤᠮ᠃ ᠡᠢᠮᠦ ᠤᠴᠢᠷ ᠠ᠋ᠴᠠ᠂ ᠨᠢᠭᠡᠨ ᠴᠢᠩᠭ᠎ᠠ ᠰᠦᠷᠡᠬᠡᠢ ᠡᠵᠡᠨ ᠲᠡᠢ ᠪᠠᠢᠬᠤ ᠪᠣᠯ ᠡᠨᠡ ᠮᠡᠲᠦ ᠶ᠋ᠢᠨ ᠨᠢᠭᠡᠳᠦᠮᠡᠯ ᠦᠭᠡᠢ ᠣᠷᠣᠨᠴᠠᠭ ᠪᠣᠯᠬᠤ ᠣᠯᠠᠨ ᠠᠷᠪᠢᠨ ᠡᠵᠡᠨ ᠬᠠᠷᠢᠯᠴᠠᠨ ᠲᠡᠮᠡᠴᠡᠯᠳᠦᠬᠦ ᠰᠠᠮᠠᠭᠤᠨ ᠪᠠᠢᠳᠠᠯ ᠠ᠋ᠴᠠ ᠰᠠᠢᠨ ᠴᠤ ᠮᠠᠭᠠᠳ ᠦᠭᠡᠢ᠃ ᠡᠨᠡ ᠮᠡᠲᠦ ᠶ᠋ᠢᠨ ᠡᠵᠡᠨ ᠲᠡᠢ ᠪᠣᠯ ᠪᠡᠶ᠎ᠡ ᠪᠡᠶ᠎ᠡ ᠪᠡᠨ ᠰᠠᠢᠨ ᠣᠢᠯᠠᠭᠠᠬᠤ ᠲᠣᠬᠢᠶᠠᠯ ᠲᠠᠢ ᠪᠣᠯᠬᠤ ᠶᠤᠮ ᠭᠡᠵᠦ ᠪᠣᠳᠣᠵᠠᠢ᠃ ᠡᠢᠮᠦ ᠤᠴᠢᠷ ᠠ᠋ᠴᠠ ᠣᠩᠭᠣᠳ ᠤ᠋ᠨ ᠡᠵᠡᠨ᠂ ᠨᠠᠢ᠍ᠮᠠᠨ ᠤ᠋ ᠬᠠᠨ ᠳ᠋ᠤ᠌ ᠲᠤᠰᠠᠯᠠᠭᠰᠠᠨ ᠦᠭᠡᠢ ᠪᠡᠷ ᠦᠯᠦ ᠪᠠᠷᠠᠨ᠂ ᠬᠠᠷᠢᠨ ᠡᠯᠴᠢ ᠵᠠᠷᠤᠵᠤ ᠲᠡᠮᠦᠵᠢᠨ ᠦ᠌ ᠳᠡᠷᠭᠡᠳᠡ ᠣᠴᠢᠭᠤᠯᠤᠭᠠᠳ᠂ ᠨᠠᠢ᠍ᠮᠠᠨ ᠤ᠋ ᠳᠠᠶᠠᠨ ᠬᠠᠨ ᠤ᠋ ᠵᠠᠬᠢᠳᠠᠯ ᠢ᠋ ᠲᠡᠭᠦᠨ ᠳ᠋ᠦ᠍ ᠬᠦᠷᠭᠡᠨ ᠥᠭᠴᠦ᠂ ᠲᠡᠳᠡᠨ ᠦ᠌ ᠰᠡᠳᠦᠵᠦ ᠪᠠᠢᠬᠤ ᠵᠦᠢᠯ ᠢ᠋ ᠮᠡᠳᠡᠭᠦᠯᠵᠡᠢ᠃
ᠲᠡᠮᠦᠵᠢᠨ᠂ ᠲᠤᠭᠤᠷᠢᠯ ᠳᠠᠰᠢ ᠶᠠᠪᠤᠭᠤᠯᠤᠭᠰᠠᠨ ᠪᠠᠢᠯᠳᠤᠭᠠᠨ ᠤ᠋ ᠢᠯᠠᠯᠲᠠ ᠶ᠋ᠢ ᠣᠯᠤᠭᠰᠠᠨ ᠬᠣᠢᠨᠠᠬᠢ ᠡᠪᠦᠯ ᠳ᠋ᠦ᠍᠂ ᠭᠤᠢᠪᠢᠯᠵᠠᠭᠰᠠᠨ ᠥᠪᠡᠷ ᠦ᠋ᠨ ᠰᠦᠷ ᠬᠦᠴᠦᠨ ᠢ᠋ᠶ᠋ᠡᠨ ᠳᠠᠬᠢᠨ ᠪᠠᠢᠭᠤᠯᠬᠤ ᠪᠠᠷ ᠴᠢᠷᠮᠠᠢᠵᠤ ᠪᠠᠢᠪᠠ᠃ ᠵᠠᠷᠯᠢᠭ ᠠ᠋ᠴᠠ ᠨᠢ ᠵᠥᠷᠢᠴᠡᠭᠰᠡᠨ ᠲᠦᠷᠦᠭᠦᠴᠦᠳ ᠢ᠋ᠶ᠋ᠡᠨ ᠲᠤᠰᠢᠶᠠᠯ ᠠ᠋ᠴᠠ ᠨᠢ ᠬᠠᠰᠤᠭᠰᠠᠨ ᠪᠥᠭᠡᠳ ᠳᠠᠭᠠᠵᠤ ᠢᠷᠡᠭᠰᠡᠨ ᠠᠢᠮᠠᠭ ᠶᠠᠰᠤᠲᠠᠨ ᠨᠤᠭᠤᠳ ᠴᠤ ᠮᠣᠩᠭᠣᠯ ᠬᠥᠮᠦᠨ ᠢ᠋ᠶ᠋ᠡᠷ ᠳᠠᠷᠤᠭ᠎ᠠ ᠲᠠᠯᠪᠢᠬᠤ ᠦᠭᠡᠢ ᠪᠡᠷ ᠪᠣᠯᠬᠤ ᠦᠭᠡᠢ ᠪᠠᠢᠯ᠎ᠠ᠃ ᠡᠨᠡᠬᠦ ᠳᠠᠷᠤᠭ᠎ᠠ ᠨᠢ ᠠᠷᠢᠭᠤᠨ ᠳᠠᠷᠬᠠᠨ ᠶᠢᠰᠦ ᠭᠡᠰᠡᠨ ᠲᠣᠭ᠎ᠠ ᠪᠠᠷ ᠬᠥᠮᠦᠨ ᠠᠮᠠᠨ ᠤ᠋ ᠲᠣᠭ᠎ᠠ ᠶ᠋ᠢ ᠬᠤᠪᠢᠶᠠᠨ᠂ ᠶᠢᠰᠦᠨ ᠭᠡᠷ ᠦ᠋ᠨ ᠳᠡᠭᠡᠷ᠎ᠡ ᠨᠢ ᠲᠤᠰ ᠠᠢᠮᠠᠭ ᠠ᠋ᠴᠠ ᠨᠢᠭᠡᠨ ᠳᠠᠷᠤᠭ᠎ᠠ ᠲᠠᠯᠪᠢᠨ᠎ᠠ᠃ ᠶᠢᠰᠦ ᠲᠣᠭᠠᠴᠠᠭᠳᠠᠬᠤ ᠡᠳᠡᠭᠡᠷ ᠬᠥᠮᠦᠰ ᠨᠢ ᠠᠷᠪᠠ ᠭᠡᠵᠦ ᠲᠣᠭᠠᠯᠠᠭᠳᠠᠬᠤ ᠳᠠᠷᠤᠭ᠎ᠠ ᠳ᠋ᠠᠭᠠᠨ ᠵᠠᠬᠢᠷᠤᠭᠳᠠᠬᠤ ᠶᠣᠰᠣᠲᠠᠢ᠃ ᠡᠨᠡᠬᠦ ᠳᠠᠷᠤᠭ᠎ᠠ ᠨᠢ ᠥᠪᠡᠷ ᠦ᠋ᠨ ᠪᠡᠶ᠎ᠡ ᠪᠡᠨ ᠪᠠᠭᠲᠠᠭᠠᠭᠰᠠᠨ ᠠᠷᠪᠠᠨ ᠭᠡᠷ ᠢ᠋ ᠵᠠᠬᠢᠷᠬᠤ ᠭᠡᠬᠦ ᠮᠡᠲᠦ ᠪᠡᠷ ᠲᠡᠮᠦᠵᠢᠨ ᠦ᠌ ᠴᠡᠷᠢᠭ ᠦ᠋ᠨ ᠪᠠᠢᠭᠤᠯᠤᠮᠵᠢ ᠨᠢ ᠶᠢᠰᠦ ᠭᠡᠰᠡᠨ ᠠᠷᠢᠭᠤᠨ ᠳᠠᠷᠬᠠᠨ ᠲᠣᠭ᠎ᠠ ᠪᠠᠷ ᠰᠠᠭᠤᠷᠢ ᠪᠣᠯᠭᠠᠵᠤ᠂ ᠠᠷᠪᠠ ᠪᠣᠯᠬᠤ ᠪᠦᠷᠢ ᠳᠠᠪᠰᠢᠬᠤ ᠳᠦᠷᠢᠮ ᠢ᠋ ᠬᠡᠷᠡᠭᠯᠡᠭᠰᠡᠨ ᠪᠠᠢᠨ᠎ᠠ᠃
ᠡᠢᠮᠦ ᠠᠷᠭ᠎ᠠ ᠪᠠᠷ ᠲᠡᠮᠦᠵᠢᠨ ᠪᠦᠬᠦ ᠬᠠᠷᠢᠶᠠᠲᠤ ᠠᠢᠮᠠᠭ᠂ ᠶᠠᠰᠤᠲᠠᠨ ᠢ᠋ᠶ᠋ᠠᠨ ᠪᠠᠢᠯᠳᠤᠭᠠᠨ ᠤ᠋ ᠪᠠᠢᠩᠭᠤ ᠶ᠋ᠢᠨ ᠪᠡᠯᠡᠳᠬᠡᠯ ᠲᠡᠢ ᠪᠣᠯᠭᠠᠵᠤ ᠴᠢᠳᠠᠭᠰᠠᠨ ᠶᠤᠮ᠃ ᠣᠳᠣ ᠲᠡᠮᠦᠵᠢᠨ ᠭᠠᠭᠴᠠᠬᠦ ᠥᠪᠡᠷ ᠦ᠋ᠨ ᠡᠷᠬᠡ ᠰᠦᠷ ᠢ᠋ᠶ᠋ᠡᠷ ᠢ᠋ᠶ᠋ᠡᠨ ᠪᠠᠢᠯᠳᠤᠭᠠᠨ ᠢ᠋ ᠲᠤᠩᠬᠠᠭᠯᠠᠬᠤ ᠶ᠋ᠢ ᠪᠣᠳᠣᠬᠤ ᠦᠭᠡᠢ ᠪᠣᠯᠪᠠ᠃ ᠲᠣᠭᠣᠷᠢᠯ ᠲᠠᠢ ᠬᠢᠭᠰᠡᠨ ᠪᠠᠢᠯᠳᠤᠭᠠᠨ ᠳ᠋ᠤ᠌ ᠠᠢᠮᠠᠭ᠂ ᠶᠠᠰᠤᠲᠠᠨ ᠤ᠋ ᠲᠦᠷᠦᠭᠦᠴᠦᠳ ᠨᠢ ᠰᠠᠨᠠᠮᠰᠠᠷ ᠦᠭᠡᠢ ᠪᠡᠷ ᠵᠠᠷᠯᠢᠭ ᠢ᠋ ᠨᠢ ᠰᠣᠨᠣᠰᠬᠤ ᠦᠭᠡᠢ ᠪᠣᠯᠤᠭᠰᠠᠨ ᠰᠤᠷᠭᠠᠮᠵᠢ ᠨᠢ ᠳᠠᠩᠴᠤ ᠢᠯᠡ ᠲᠣᠳᠣᠷᠬᠠᠢ ᠰᠠᠨᠠᠭᠳᠠᠭᠠᠳ ᠪᠠᠢᠯ᠎ᠠ᠃ ᠬᠡᠷᠡᠭ ᠪᠣᠯᠭᠠᠨ ᠳ᠋ᠤ᠌ ᠳᠦᠷᠢᠮ ᠲᠣᠭᠲᠠᠭᠠᠯ ᠲᠠᠢ ᠵᠠᠩᠰᠢᠯ ᠳᠠᠳᠬᠠᠯ ᠢ᠋
ᠳᠠᠭᠠᠬᠤ ᠦᠭᠡᠢ ᠪᠣᠯ ᠪᠣᠯᠬᠤ ᠦᠭᠡᠢ᠃ ᠲᠡᠷᠡ ᠣᠯᠠᠨ ᠳᠠᠷᠤᠭ᠎ᠠ ᠨᠠᠷ ᠢ᠋ ᠪᠦᠷ ᠴᠤᠭᠯᠠᠭᠤᠯᠤᠨ ᠬᠤᠷᠠᠯᠳᠤᠭᠠᠨ ᠢ᠋ ᠬᠤᠷᠠᠯᠳᠤᠭᠤᠯᠪᠠ᠃ ᠡᠨᠡ ᠬᠤᠷᠠᠯ ᠳᠡᠭᠡᠷ᠎ᠡ ᠪᠡᠨ ᠣᠯᠠᠨ ᠳᠠᠷᠤᠭ᠎ᠠ ᠨᠠᠷ ᠲᠠᠭᠠᠨ ᠨᠠᠢ᠍ᠮᠠᠨ ᠨᠤᠭᠤᠳ ᠤ᠋ᠨ ᠭᠣᠷᠢᠳᠠᠯᠭ᠎ᠠ ᠪᠠ ᠣᠩᠭᠣᠳ ᠤ᠋ᠳ ᠠ᠋ᠴᠠ ᠮᠡᠳᠡᠭᠳᠡᠭᠰᠡᠨ ᠴᠢᠮᠡᠭᠡ ᠶ᠋ᠢ ᠬᠡᠯᠡᠵᠦ ᠥᠭᠪᠡ ᠃
ᠲᠡᠮᠦᠵᠢᠨ ᠦ᠌ ᠤᠷᠢᠳᠠ ᠪᠠᠷ ᠵᠥᠩᠨᠡᠵᠦ ᠪᠣᠳᠣᠭᠰᠠᠨ ᠠ᠋ᠴᠠ ᠵᠥᠷᠢᠴᠡᠭᠰᠡᠨ ᠦᠭᠡᠢ᠂ ᠰᠢᠨ᠎ᠡ ᠪᠠᠢᠯᠳᠤᠭᠠᠨ ᠵᠠᠢᠯᠠᠰᠢ ᠦᠭᠡᠢ ᠭᠡᠵᠦ ᠬᠤᠷᠠᠯᠳᠤᠭᠠᠨ ᠳᠡᠭᠡᠷ᠎ᠡ ᠣᠯᠠᠨ ᠢ᠋ᠶ᠋ᠠᠷ ᠢ᠋ᠶ᠋ᠠᠨ ᠰᠠᠨᠠᠯ ᠨᠢᠭᠡᠳᠦᠭᠰᠡᠨ ᠶᠦ᠍ᠮ᠃ ᠭᠡᠪᠡᠴᠦ ᠪᠠᠢᠯᠳᠤᠭᠠᠨ ᠢ᠋ᠶ᠋ᠠᠨ ᠬᠡᠵᠢᠶ᠎ᠡ ᠡᠬᠢᠯᠡᠭᠦᠯᠬᠦ ᠪᠣᠳᠠᠲᠠᠢ ᠴᠠᠭ ᠬᠤᠭᠤᠴᠠᠭ᠎ᠠ ᠶ᠋ᠢ ᠲᠣᠭᠲᠠᠭᠠᠭᠰᠠᠨ ᠦᠭᠡᠢ ᠪᠠᠢᠯ᠎ᠠ᠃ᠲᠤᠬᠠᠢ ᠶ᠋ᠢᠨ ᠦᠶ᠎ᠡ ᠬᠠᠪᠤᠷ ᠤ᠋ᠨ ᠬᠠᠲᠠᠭᠤ ᠴᠠᠭ ᠪᠠᠢᠵᠤ ᠂ ᠡᠪᠦᠯ ᠦ᠋ᠨ ᠬᠣᠪᠢᠨ ᠳ᠋ᠤ᠌ ᠪᠣᠷᠳᠣᠭ᠎ᠠ ᠳᠤᠲᠠᠭᠳᠠᠭᠰᠠᠨ ᠠ᠋ᠴᠠ ᠠᠭᠲᠠ ᠨᠢ ᠥᠩᠭᠡᠷᠡᠦ ᠲᠤᠷᠠᠩᠬᠠᠢ ᠪᠣᠯᠵᠠᠢ᠃ᠶᠠᠭᠤᠨ ᠤ᠋ ᠤᠷᠢᠳ ᠥᠩ ᠰᠢᠮᠡᠯᠢᠭ ᠨᠤᠲᠤᠭ ᠪᠡᠯᠴᠢᠭᠡᠷ ᠣᠯᠵᠤ ᠮᠣᠷᠢᠳ ᠢ᠋ᠶ᠋ᠠᠨ ᠲᠠᠷᠭᠤᠯᠠᠭᠤᠯᠵᠤ ᠂ᠲᠠᠮᠢᠷ ᠬᠦᠴᠦᠨ ᠢ᠋ ᠰᠡᠷᠭᠦᠭᠡᠬᠦ ᠦᠭᠡᠢ ᠪᠡᠷ ᠪᠣᠯᠬᠤ ᠦᠭᠡᠢ ᠃ᠡᠨᠡ ᠮᠡᠲᠦ ᠶ᠋ᠢᠨ ᠮᠣᠷᠢᠳ ᠢ᠋ ᠪᠠᠢᠯᠳᠤᠭᠠᠨ ᠤ᠋ ᠲᠠᠯᠠᠪᠠᠢ ᠳ᠋ᠤ᠌ ᠣᠷᠣᠭᠤᠯᠪᠠᠯ ᠳᠠᠷᠤᠢ ᠠᠯᠠᠵᠤ ᠠᠪᠬᠤ ᠭᠡᠰᠡᠨ ᠬᠡᠷᠡᠭ ᠪᠣᠯᠬᠤ ᠪᠢᠰᠢᠦ᠂ ᠪᠠᠢᠯᠳᠤᠭᠠᠨ ᠬᠢᠪᠡᠯ ᠵᠤᠨ ᠪᠤᠶᠤ ᠴᠢᠳᠠᠪᠠᠯ ᠨᠠᠮᠤᠷ ᠪᠣᠯᠬᠤ ᠶ᠋ᠢ ᠬᠦᠯᠢᠶᠡᠬᠦ ᠦᠭᠡᠢ ᠪᠡᠷ ᠪᠣᠯᠬᠤ ᠦᠭᠡᠢ ᠭᠡᠬᠦ ᠬᠥᠮᠦᠰ ᠴᠥᠭᠡᠨ ᠪᠤᠰᠤ ᠪᠣᠯᠪᠠ᠃
ᠲᠡᠮᠦᠵᠢᠨ ᠢᠵᠠᠭᠤᠷᠲᠠᠨ ᠤ᠋ ᠬᠤᠷᠠᠯᠳᠤᠭᠠᠨ ᠢ᠋ ᠬᠤᠷᠠᠯᠳᠤᠭᠤᠯᠬᠤ ᠦᠶ᠎ᠡ ᠳ᠋ᠦ᠍᠂ ᠡᠢᠮᠦᠷᠬᠦ ᠡᠰᠡᠷᠭᠦᠴᠡᠬᠦ ᠰᠠᠨᠠᠯ ᠭᠠᠷᠬᠤ ᠪᠠᠢᠬ᠎ᠠ ᠭᠡᠵᠦ ᠲᠡᠷᠡ ᠤᠷᠢᠳᠴᠢᠯᠠᠨ ᠪᠣᠳᠣᠵᠤ ᠪᠠᠢᠭᠰᠠᠨ ᠶᠤᠮ᠃ ᠭᠡᠪᠡᠴᠦ ᠲᠡᠮᠦᠵᠢᠨ ᠡᠨᠡ ᠢᠵᠠᠭᠤᠷᠲᠠᠨ ᠤ᠋ ᠬᠤᠷᠠᠯᠳᠤᠭᠠᠨ ᠤ᠋ ᠰᠢᠢᠳᠪᠦᠷᠢ ᠳ᠋ᠦ᠍ ᠲᠦᠰᠢᠭᠯᠡᠵᠦ᠂ ᠬᠤᠷᠠᠯᠳᠤᠭᠠᠨ ᠠ᠋ᠴᠠ ᠨᠡᠢᠲᠡᠯᠡᠬᠦ ᠵᠠᠷᠯᠢᠭ ᠢ᠋ ᠪᠠᠭᠤᠯᠭᠠᠪᠠᠯ ᠪᠠᠷᠤᠭ ᠪᠣᠯᠬᠤ ᠪᠠᠢᠬ᠎ᠠ ᠭᠡᠵᠦ ᠲᠡᠷᠡ ᠤᠭ ᠤ᠋ᠨ ᠳᠠᠳᠬᠠᠯ ᠢ᠋ᠶ᠋ᠠᠷ ᠢ᠋ᠶ᠋ᠠᠨ ᠪᠣᠳᠣᠭᠰᠠᠨ ᠶᠤᠮ᠃ ᠵᠠᠪᠰᠢᠶᠠᠨ ᠢ᠋ᠶ᠋ᠠᠷ ᠲᠡᠭᠦᠨ ᠦ᠌ ᠣᠨᠳᠣᠣ ᠡᠬᠡ ᠡᠴᠡ ᠲᠥᠷᠥᠭᠰᠡᠨ ᠳᠡᠭᠦᠦ ᠪᠡᠯᠭᠦᠳᠡᠢ ᠳᠠᠢᠰᠤᠨ ᠢ᠋ ᠭᠡᠨᠡᠳᠡᠭᠦᠯᠦᠨ ᠳᠠᠭᠠᠷᠢᠬᠤ ᠨᠢ ᠲᠠᠷᠭᠤᠨ ᠮᠣᠷᠢ ᠠ᠋ᠴᠠ ᠴᠢᠬᠤᠯᠠ ᠭᠡᠵᠦ ᠰᠠᠨᠠᠯ ᠢ᠋ᠶ᠋ᠠᠨ ᠢᠯᠡᠳᠬᠡᠪᠡ᠃ ᠲᠡᠮᠦᠵᠢᠨ ᠦ᠌ ᠳᠡᠭᠦᠦ ᠨᠠᠷ ᠪᠠ ᠥᠩᠭᠡᠷᠡᠭᠰᠡᠨ ᠦ᠌ ᠪᠤᠷᠤᠭᠤ ᠪᠠᠨ ᠲᠠᠢᠯᠬᠤ ᠪᠠᠷ ᠪᠠᠢᠭ᠎ᠠ ᠠᠪᠠᠭ᠎ᠠ ᠳᠠᠷᠢᠳᠠᠢ ᠡᠨᠡᠬᠦ ᠰᠠᠨᠠᠯ ᠢ᠋ ᠵᠥᠪᠰᠢᠶᠡᠷᠡᠭᠰᠡᠨ ᠪᠠᠢᠨ᠎ᠠ᠃ ᠮᠡᠩᠯᠢᠭ ᠲᠡᠷᠢᠭᠦᠲᠡᠢ ᠣᠯᠠᠨ ᠥᠷᠯᠥᠭ᠂ ᠳᠠᠷᠬᠠᠴᠤᠳ( ᠲᠡᠮᠦᠵᠢᠨ ᠦ᠌ ᠵᠢᠩᠬᠢᠨᠢ ᠦᠨᠡᠨᠴᠢ ᠰᠢᠳᠤᠷᠭᠤ ᠳᠠᠢᠴᠢᠨ ᠨᠥᠬᠥᠳ) ᠭᠡᠬᠦ ᠣᠯᠠᠨ ᠲᠣᠭ᠎ᠠ ᠲᠠᠢ ᠬᠥᠮᠦᠨ ᠳ᠋ᠦ᠍ ᠳᠠᠷᠤᠭᠳᠠᠵᠤ᠂ ᠡᠰᠡᠷᠭᠦ ᠰᠠᠨᠠᠯ ᠲᠠᠢ ᠬᠥᠮᠦᠰ ᠳᠤᠭᠤᠢ ᠪᠠᠢᠬᠤ ᠠ᠋ᠴᠠ ᠭᠠᠳᠠᠨ᠎ᠠ ᠥᠭᠡᠷ᠎ᠡ ᠠᠷᠭ᠎ᠠ ᠦᠭᠡᠢ ᠪᠣᠯᠤᠭᠰᠠᠨ ᠶᠤᠮ᠃ ᠲᠡᠭᠡᠭᠡᠳ ᠲᠡᠷᠡ ᠳᠠᠷᠤᠢ ᠳ᠋ᠤᠨᠢ ᠪᠠᠢᠯᠳᠤᠭᠠᠨ ᠡᠬᠢᠯᠡᠬᠦ ᠰᠢᠢᠳᠪᠦᠷᠢ ᠭᠠᠷᠭᠠᠭᠰᠠᠨ ᠪᠠᠢᠨ᠎ᠠ᠃
ᠲᠡᠮᠦᠵᠢᠨ ᠡᠨᠡ ᠤᠳᠠᠭ᠎ᠠ ᠪᠠᠰᠠ ᠶᠡᠷᠦ ᠶ᠋ᠢᠨ ᠠᠳᠠᠯᠢ ᠪᠠᠷ ᠥᠪᠡᠷ ᠲᠡᠭᠡᠨ ᠪᠠᠢᠯᠳᠤᠭᠠᠨ ᠤ᠋ ᠲᠠᠯᠠᠪᠠᠢ ᠶ᠋ᠢ ᠰᠣᠩᠭᠣᠵᠤ ᠡᠭᠦᠨ ᠢ᠋ᠶ᠋ᠡᠷ ᠢ᠋ᠶ᠋ᠡᠨ ᠳᠠᠢᠰᠤᠨ ᠳ᠋ᠤ᠌ ᠠᠯᠪᠠᠳᠠᠯᠭ᠎ᠠ ᠲᠤᠯᠭᠠᠵᠤ ᠴᠢᠳᠠᠨ᠎ᠠ ᠭᠡᠵᠦ ᠪᠣᠳᠣᠵᠠᠢ᠃ ᠢᠩᠭᠢᠭᠡᠳ ᠲᠡᠷᠡ ᠨᠠᠢ᠍ᠮᠠᠨ ᠨᠤᠭᠤᠳ ᠤ᠋ᠨ ᠬᠢᠯᠢ ᠳ᠋ᠡᠬᠢ ᠥᠩ ᠰᠢᠮᠡᠯᠢᠭ ᠨᠤᠲᠤᠭ ᠪᠡᠯᠴᠢᠭᠡᠷ ᠢ᠋ ᠰᠣᠩᠭᠣᠵᠤ ᠪᠠᠭᠤᠭᠠᠳ ᠪᠢᠯᠭᠡ ᠳᠠᠶᠠᠨ ᠬᠠᠨ ᠤ᠋ ᠢᠷᠡᠬᠦ ᠶ᠋ᠢ ᠬᠦᠯᠢᠶᠡᠪᠡ᠃
ᠭᠡᠲᠡᠯ᠎ᠡ ᠡᠨᠡ ᠤᠳᠠᠭ᠎ᠠ ᠶ᠋ᠢᠨ ᠳᠠᠢᠰᠤᠨ ᠨᠠᠢ᠍ᠮᠠᠨ ᠤ᠋ ᠴᠡᠷᠢᠭ ᠪᠣᠯ ᠳᠦᠷᠢᠮ ᠦᠭᠡᠢ ᠠᠢᠮᠠᠭ ᠶᠠᠰᠤᠲᠠᠨ ᠪᠢᠰᠢ᠂ ᠬᠠᠷᠢᠨ ᠵᠣᠬᠢᠶᠠᠨ ᠪᠠᠢᠭᠤᠯᠤᠯᠲᠠ ᠪᠦᠬᠦᠢ ᠴᠡᠷᠢᠭ ᠲᠡᠢ ᠠᠵᠢ᠃ ᠪᠢᠯᠭᠡ ᠳᠠᠶᠠᠨ ᠬᠠᠨ ᠤ᠋ ᠲᠠᠯ᠎ᠠ ᠶ᠋ᠢᠨ ᠬᠢᠨ ᠪᠠᠰᠠ ᠠᠭᠤᠯᠠᠨ ᠳᠣᠲᠣᠷ᠎ᠠ ᠵᠢᠭᠰᠠᠭᠠᠯ ᠢ᠋ ᠪᠡᠯᠡᠳᠬᠡᠨ ᠲᠡᠮᠦᠵᠢᠨ ᠦ᠌ ᠲᠦᠷᠢᠵᠦ ᠣᠷᠣᠬᠤ ᠶ᠋ᠢ ᠰᠡᠮᠡᠬᠡᠷ ᠬᠦᠯᠢᠶᠡᠵᠦ ᠪᠠᠢᠵᠠᠢ᠃ ᠲᠡᠷᠡ ᠴᠡᠷᠢᠭ ᠦ᠋ᠨ ᠲᠤᠭ ᠤ᠋ᠨ ᠳᠣᠣᠷ᠎ᠠ ᠪᠠᠨ ᠨᠠᠢ᠍ᠮᠠᠨ ᠲᠦᠮᠡᠨ ᠴᠡᠷᠢᠭ ᠢ᠋ᠶ᠋ᠡᠨ ᠴᠤᠭᠯᠠᠭᠤᠯᠵᠠᠢ᠃ ᠡᠭᠦᠨ ᠳ᠋ᠦ᠍ ᠨᠠᠢ᠍ᠮᠠᠨ ᠤ᠋ ᠬᠥᠮᠦᠨ ᠪᠠᠢᠬᠤ ᠠ᠋ᠴᠠ ᠭᠠᠳᠠᠨ᠎ᠠ᠂ ᠮᠡᠷᠭᠢᠳ᠂ ᠲᠠᠲ᠋ᠠᠷ᠂ ᠪᠤᠲᠠ ᠨᠢᠷᠭᠡᠭᠳᠡᠭᠰᠡᠨ ᠬᠡᠷᠡᠢᠳ ᠦ᠋ᠨ ᠦᠯᠡᠳᠡᠭᠳᠡᠯ᠂ ᠵᠠᠮᠤᠬ᠎ᠠ ᠪᠣᠯᠤᠨ ᠲᠡᠭᠦᠨ ᠦ᠌ ᠪᠠᠢᠯᠳᠤᠭᠴᠢᠳ ᠴᠥᠮ ᠵᠢᠭᠰᠠᠭᠠᠯ ᠳ᠋ᠤᠨᠢ ᠪᠠᠢᠵᠠᠢ᠃
ᠳᠠᠢᠰᠤᠨ᠂ ᠥᠪᠡᠷ ᠦ᠋ᠨ ᠵᠢᠱ᠌ᠢᠭᠰᠡᠨ ᠰᠠᠨᠠᠭ᠎ᠠ ᠪᠠᠷ ᠨᠢ ᠬᠥᠳᠡᠯᠬᠦ ᠪᠠ ᠡᠰᠡᠬᠦ ᠶ᠋ᠢ ᠳᠥᠩᠭᠡᠵᠢ ᠮᠡᠳᠡᠭᠰᠡᠨ ᠲᠡᠮᠦᠵᠢᠨ ᠪᠠᠢᠯᠳᠤᠭᠠᠨ ᠤ᠋ ᠲᠥᠯᠥᠪᠯᠡᠭᠡ ᠪᠡᠨ ᠳᠠᠷᠤᠢ ᠬᠤᠪᠢᠷᠠᠭᠤᠯᠪᠠ᠃ ᠵᠡᠪᠡ ᠨᠣᠶᠠᠨ ᠵᠢᠯᠣᠭᠣᠳᠤᠭᠰᠠᠨ ᠬᠣᠰᠢᠭᠤᠴᠢ ᠴᠡᠷᠢᠭ ᠢ᠋ ᠨᠠᠢ᠍ᠮᠠᠨ ᠨᠤᠭᠤᠳ ᠤ᠋ᠨ ᠬᠢᠯᠢ ᠳᠣᠲᠣᠷ᠎ᠠ ᠳᠣᠪᠲᠣᠯᠤᠨ ᠣᠷᠣᠭᠤᠯᠤᠭᠠᠳ᠂ ᠬᠡᠵᠢᠶ᠎ᠡ ᠴᠦ᠍ ᠪᠠᠢᠯᠳᠤᠬᠤ ᠳ᠋ᠤ᠌ ᠪᠡᠯᠡᠬᠡᠨ ᠪᠡᠯᠡᠳᠬᠡᠯ ᠲᠡᠢ ᠪᠠᠢᠬᠤ ᠭᠣᠣᠯ ᠬᠦᠴᠦᠨ ᠦ᠌ ᠴᠡᠷᠢᠭ ᠢ᠋ᠶ᠋ᠡᠨ ᠳᠠᠭᠠᠭᠤᠯᠵᠤ ᠲᠡᠷᠡ ᠠᠯᠭᠤᠷ ᠠᠭᠠᠵᠢᠮ ᠢ᠋ᠶ᠋ᠠᠷ ᠬᠣᠰᠢᠭᠤᠴᠢ ᠴᠡᠷᠢᠭ ᠦ᠋ᠨ ᠬᠣᠢᠨ᠎ᠠ ᠠ᠋ᠴᠠ ᠳᠠᠭᠠᠵᠠᠢ᠃ ᠬᠣᠰᠢᠭᠤᠴᠢ ᠴᠡᠷᠢᠭ ᠨᠢ ᠬᠡᠷᠪᠡ ᠳᠠᠢᠰᠤᠨ ᠤ᠋ ᠰᠢᠷᠦᠭᠦᠨ ᠡᠰᠡᠷᠭᠦᠴᠡᠯ ᠳ᠋ᠦ᠍ ᠤᠴᠠᠷᠠᠪᠠᠯ ᠤᠬᠤᠷᠢᠭᠲᠤᠨ ᠭᠡᠵᠦ ᠵᠠᠷᠯᠠᠵᠠᠢ᠃
ᠨᠠᠢ᠍ᠮᠠᠨ ᠨᠤᠭᠤᠳ᠂ ᠳᠠᠢᠰᠤᠨ ᠤ᠋ ᠪᠠᠢᠯᠳᠤᠬᠤ ᠵᠣᠷᠢᠭ ᠨᠢ ᠰᠤᠯᠠ᠂ ᠠᠭᠲᠠ ᠮᠣᠷᠢᠳ ᠨᠢ ᠲᠤᠷᠠᠩᠬᠠᠢ ᠭᠡᠵᠦ ᠦᠵᠡᠭᠰᠡᠨ ᠡᠴᠡ ᠡᠷᠡᠭᠴᠢᠨ ᠡᠮᠡᠭᠴᠢᠨ ᠢ᠋ᠶ᠋ᠡᠨ ᠢᠯᠭᠠᠨ ᠪᠠᠢᠯᠳᠤᠶ᠎ᠠ ᠭᠡᠵᠦ ᠣᠮᠣᠭ ᠢ᠋ᠶ᠋ᠠᠨ ᠢᠯᠡᠷᠡᠭᠦᠯᠵᠡᠢ᠃ ᠪᠢᠯᠭᠡ ᠳᠠᠶᠠᠨ ᠬᠠᠨ ᠴᠢᠨᠠᠭᠰᠢᠳᠠ ᠤᠬᠤᠷᠢᠭᠠᠳ᠂ ᠮᠣᠩᠭᠣᠯ ᠴᠡᠷᠢᠭ ᠢ᠋ ᠠᠭᠤᠯᠠᠨ ᠳᠣᠲᠣᠷᠠᠬᠢ ᠪᠦᠭᠭᠦᠭᠰᠡᠨ ᠴᠡᠷᠢᠭ ᠦ᠋ᠨ ᠵᠢᠭᠰᠠᠭᠠᠯ ᠳ᠋ᠠᠭᠠᠨ ᠤᠨᠠᠭᠠᠵᠤ᠂ ᠠᠭᠤᠯᠠ ᠳᠠᠪᠠᠵᠤ ᠶᠠᠳᠠᠷᠠᠭᠰᠠᠨ ᠠᠭᠲᠠ ᠮᠣᠷᠢᠳ ᠢ᠋ ᠨᠢ ᠤᠯᠠᠮ ᠪᠠᠭᠤᠷᠠᠢ ᠪᠣᠯᠭᠠᠶ᠎ᠠ ᠭᠡᠵᠦ ᠰᠢᠢᠳᠦᠭᠰᠡᠨ ᠪᠣᠯᠪᠠᠴᠤ᠂ ᠲᠡᠭᠦᠨ ᠦ᠌ ᠴᠡᠷᠢᠭ ᠦ᠋ᠨ ᠰᠠᠬᠢᠯᠭ᠎ᠠ ᠪᠠᠲᠤ ᠨᠢ ᠲᠡᠮᠦᠵᠢᠨ ᠦ᠌ ᠴᠡᠷᠢᠭ ᠦ᠋ᠨ ᠬᠢᠷᠢ ᠴᠢᠩᠭ᠎ᠠ ᠦᠭᠡᠢ ᠪᠠᠢᠵᠠᠢ᠃ ᠴᠡᠷᠢᠭ ᠦ᠋ᠨ ᠵᠠᠩᠵᠤᠨ ᠨᠠᠷ ᠨᠢ ᠲᠣᠭ᠎ᠠ ᠶ᠋ᠢᠨ ᠲᠠᠯ᠎ᠠ ᠪᠠᠷ ᠳᠤᠲᠠᠭᠤ ᠪᠥᠭᠡᠳ ᠵᠡᠪᠰᠡᠭ ᠨᠢ ᠴᠦ᠍ ᠮᠠᠭᠤ᠂ ᠳᠠᠢᠰᠤᠨ ᠤ᠋ ᠡᠮᠦᠨ᠎ᠡ ᠤᠬᠤᠷᠢᠨ ᠳᠤᠲᠠᠭᠠᠨ᠎ᠠ ᠭᠡᠰᠡᠨ ᠴᠢᠨᠢ ᠶᠠᠮᠠᠷ ᠤᠴᠢᠷ ᠪᠣᠯᠬᠤ ᠤᠳᠬ᠎ᠠ ᠶ᠋ᠢ ᠨᠢ ᠴᠦ᠍ ᠣᠢᠯᠠᠭᠠᠵᠤ ᠴᠢᠳᠠᠭᠰᠠᠨ ᠦᠭᠡᠢ ᠪᠠᠢᠵᠠᠢ᠃
ᠵᠠᠩᠵᠤᠨ ᠨᠠᠷ ᠨᠢ ᠪᠢᠯᠭᠡ ᠳᠠᠶᠠᠨ ᠬᠠᠨ ᠤ᠋ ᠠᠶᠤᠮᠠᠲᠠᠭᠠᠢ ᠶ᠋ᠢ ᠪᠤᠷᠤᠭᠤᠰᠢᠶᠠᠯ᠎ᠠ᠄《ᠴᠢᠨᠦ ᠡᠴᠢᠭᠡ ᠶ᠋ᠢᠨ ᠵᠠᠷᠯᠢᠭ ᠤ᠋ᠨ ᠳᠣᠣᠷ᠎ᠠ ᠪᠠᠢᠭᠰᠠᠨ ᠪᠣᠯ ᠳᠠᠢᠰᠤᠨ ᠳ᠋ᠤ᠌ ᠪᠢᠳᠡ ᠶᠠᠭᠠᠬᠢᠯ᠎ᠠ ᠭᠡᠳ ᠨᠢᠷᠤᠭᠤ ᠪᠠᠨ ᠦᠵᠡᠭᠦᠯᠬᠦ ᠦᠭᠡᠢ》 ᠭᠡᠵᠦ ᠪᠠᠷᠬᠢᠷᠠᠯᠳᠤᠯᠠ᠃ ᠲᠡᠳᠡᠨᠡᠷ ᠪᠠᠰᠠ ᠪᠢᠳᠡ ᠬᠣᠴᠣᠷᠤᠭᠠᠳ ᠮᠣᠩᠭᠣᠯᠴᠤᠳ ᠲᠠᠢ ᠪᠠᠢᠯᠳᠤᠶ᠎ᠠ᠂ ᠲᠡᠭᠡᠭᠡᠳ ᠳᠠᠢᠰᠤᠨ ᠢ᠋ ᠪᠤᠲᠠ ᠴᠣᠬᠢᠵᠤ ᠪᠠᠢᠶ᠎ᠠ᠃ ᠳᠠᠶᠠᠨ ᠬᠠᠨ ᠬᠠᠷᠢᠭᠠᠳ ᠠᠪᠠᠭᠠᠢ ᠬᠡᠦᠬᠡᠳ ᠲᠡᠢ ᠪᠡᠨ ᠵᠢᠭᠤᠷᠠᠯᠳᠤᠵᠤ ᠪᠠᠢ ᠭᠡᠵᠦ ᠢᠳᠬᠠᠪᠠ᠃
ᠲᠡᠳᠡᠨᠡᠷ ᠪᠠᠷᠳᠠᠮᠯᠠᠵᠤ ᠬᠡᠯᠡᠭᠰᠡᠨ ᠨᠢ᠄《ᠪᠢᠳᠡᠨᠡᠷ ᠮᠣᠩᠭᠣᠯᠴᠤᠳ ᠢ᠋ ᠬᠣᠨᠢ ᠮᠡᠲᠦ ᠬᠤᠷᠢᠶᠠᠭᠠᠳ ᠬᠥᠭᠡᠭᠡᠵᠦ ᠢᠷᠡᠶ᠎ᠡ᠃ ᠲᠡᠳᠡᠨᠦᠰ ᠢ᠋ ᠡᠪᠡᠷ ᠲᠤᠭᠤᠷᠠᠢ ᠦᠭᠡᠢ ᠪᠣᠯᠲᠠᠯ᠎ᠠ ᠰᠢᠢᠳᠬᠡᠶ᠎ᠡ》 ᠭᠡᠪᠡ᠃ ᠡᠢᠮᠦ ᠦᠭᠡᠨ ᠳ᠋ᠦ᠍ ᠭᠤᠲᠤᠭᠠᠭᠳᠠᠵᠤ ᠬᠢᠯᠢᠩ ᠲᠥᠷᠥᠭᠰᠡᠨ ᠳᠠᠶᠠᠨ ᠬᠠᠨ ᠮᠣᠩᠭᠣᠯ ᠴᠡᠷᠢᠭ ᠲᠡᠰᠢ ᠳᠠᠭᠠᠷᠢᠵᠤ ᠣᠷᠣᠬᠤ ᠵᠠᠷᠯᠢᠭ ᠪᠠᠭᠤᠯᠭᠠᠪᠠ᠃ ᠲᠡᠷᠡ ᠨᠢᠭᠡᠨᠲᠡᠶ᠎ᠡ ᠪᠠᠢᠯᠳᠤᠭᠠᠨ ᠤ᠋ ᠪᠡᠯᠡᠳᠬᠡᠯ ᠢ᠋ᠶ᠋ᠡᠨ ᠪᠦᠷᠢᠳᠬᠡᠭᠰᠡᠨ ᠲᠡᠮᠦᠵᠢᠨ ᠦ᠌ ᠴᠡᠷᠢᠭ ᠲᠡᠢ ᠠᠭᠤᠯᠵᠠᠪᠠ᠃ ᠳᠠᠢᠰᠤᠨ ᠤ᠋ ᠭᠣᠣᠯ ᠴᠣᠬᠢᠯᠲᠠ ᠶ᠋ᠢ ᠬᠦᠯᠢᠶᠡᠭᠰᠡᠨ ᠳᠤᠮᠳᠠᠳᠤ ᠲᠠᠯ᠎ᠠ ᠶ᠋ᠢ ᠬᠠᠰᠠᠷ ᠤ᠋ᠨ ᠵᠢᠯᠣᠭᠣᠳᠤᠭᠰᠠᠨ ᠴᠡᠷᠢᠭ ᠳᠠᠭᠠᠭᠠᠵᠤ ᠠᠪᠤᠭᠰᠠᠨ ᠠᠵᠢ᠃ ᠲᠡᠮᠦᠵᠢᠨ ᠦ᠌ ᠥᠪᠡᠷ ᠦ᠋ᠨ ᠪᠡᠶ᠎ᠡ ᠨᠢ ᠳᠠᠢᠰᠤᠨ ᠤ᠋ ᠠᠷᠤ ᠳ᠋ᠤᠨᠢ ᠲᠣᠭᠣᠷᠢᠵᠤ ᠣᠷᠣᠭᠠᠳ᠂ ᠬᠠᠷᠢᠭᠤ ᠴᠣᠬᠢᠯᠲᠠ ᠥᠭᠬᠦ ᠬᠦᠴᠦᠷᠬᠡᠭ ᠴᠡᠷᠢᠭ ᠢ᠋ᠶ᠋ᠡᠨ ᠵᠢᠯᠣᠭᠣᠳᠴᠤ ᠪᠠᠢᠵᠠᠢ᠃ ᠡᠨᠡ ᠮᠡᠲᠦ ᠶ᠋ᠢᠨ ᠪᠡᠷᠬᠡ ᠠᠭᠤᠯᠠᠷᠬᠠᠭ ᠭᠠᠵᠠᠷ ᠤ᠋ᠨ ᠪᠠᠢᠴᠠ ᠳᠣᠣᠷ᠎ᠠ ᠪᠠᠢᠯᠳᠤᠬᠤ ᠪᠣᠯᠬᠣᠷ᠂ ᠤᠷᠢᠳᠴᠢᠯᠠᠨ ᠦᠵᠡᠵᠦ ᠭᠠᠷᠬᠤ ᠪᠠ ᠮᠡᠷᠭᠡᠨ ᠪᠣᠳᠣᠯᠭ᠎ᠠ ᠶᠡᠬᠡ ᠬᠡᠷᠡᠭᠴᠡᠭᠡ ᠲᠡᠢ ᠲᠤᠯᠠ ᠢᠩᠭᠢᠵᠦ ᠬᠢᠭᠰᠡᠨ ᠪᠠᠢᠵᠠᠢ᠃ ᠵᠠᠷᠢᠮ ᠨᠢᠭᠡ ᠲᠡᠦᠬᠡᠨ ᠨᠣᠮ ᠤ᠋ᠨ ᠳᠡᠭᠡᠷ᠎ᠡ ᠡᠨᠡ ᠤᠳᠠᠭ᠎ᠠ ᠶ᠋ᠢᠨ ᠪᠠᠢᠯᠳᠤᠭᠠᠨ ᠢ᠋ ᠰᠢᠯᠦᠭᠯᠡᠨ ᠲᠡᠮᠳᠡᠭᠯᠡᠵᠦ ᠦᠯᠡᠳᠡᠭᠡᠭᠰᠡᠨ ᠡᠢᠮᠦ ᠪᠠᠢᠨ᠎ᠠ᠃ ᠲᠠᠶᠠᠡ ᠬᠠᠨ ᠪᠣᠯᠤᠨ ᠵᠠᠮᠤᠬ᠎ᠠ ᠬᠣᠶᠠᠭᠤᠯᠠ ᠬᠠᠮᠲᠤ ᠨᠢᠭᠡᠨ ᠠᠭᠤᠯᠠᠨ ᠣᠷᠣᠢ ᠳᠡᠭᠡᠷ᠎ᠡ ᠵᠣᠭᠰᠣᠭᠠᠳ ᠪᠠᠢᠯᠳᠤᠭᠠᠨ ᠤ᠋ ᠥᠩᠭᠡᠷᠡᠯᠲᠡ ᠶ᠋ᠢ ᠦᠵᠡᠭᠰᠡᠭᠡᠷ ᠬᠡᠯᠡᠯᠴᠡᠭᠰᠡᠨ ᠦᠭᠡᠰ ᠢ᠋ ᠲᠡᠮᠳᠡᠭᠯᠡᠵᠡᠢ᠃ ᠮᠣᠬᠣᠵᠤ ᠴᠥᠬᠥᠷᠡᠭᠡᠳ ᠲᠣᠯᠣᠭᠠᠢ ᠲᠦᠷᠦᠭᠦᠦ ᠨᠢ ᠳᠦᠢᠷᠡᠭᠰᠡᠨ ᠳᠠᠶᠠᠨ ᠬᠠᠨ ᠵᠠᠮᠤᠬ᠎ᠠ ᠠ᠋ᠴᠠ ᠠᠰᠠᠭᠤᠭᠰᠠᠨ ᠨᠢ᠄《ᠲᠡᠷᠡ ᠰᠦᠷᠦᠭ ᠬᠣᠨᠢᠨ ᠳ᠋ᠤ᠌ ᠣᠷᠣᠵᠤ᠂ ᠬᠣᠲᠠ ᠳ᠋ᠤᠨᠢ ᠬᠦᠷᠲᠡᠯ᠎ᠡ ᠬᠥᠭᠡᠭᠡᠵᠦ ᠶᠠᠪᠤᠭ᠎ᠠ ᠴᠢᠨᠣ᠎ᠠ ᠮᠡᠲᠦ ᠳᠣᠪᠲᠣᠯᠤᠭᠴᠢ ᠶᠠᠮᠠᠷ ᠬᠥᠮᠦᠰ ᠪᠣᠢ?》 ᠭᠡᠰᠡᠨ ᠳ᠋ᠦ᠍ ᠂ ᠵᠠᠮᠤᠬ᠎ᠠ ᠬᠠᠷᠢᠭᠤᠯᠤᠭᠰᠠᠨ ᠨᠢ᠄《ᠲᠡᠮᠦᠵᠢᠨ ᠠᠨᠳᠠ ᠮᠢᠨᠢ᠂ ᠳᠥᠷᠪᠡᠨ ᠨᠣᠬᠠᠢ ᠶ᠋ᠢ ᠬᠥᠮᠦᠨ ᠦ᠌ ᠮᠢᠬ᠎ᠠ ᠪᠠᠷ ᠲᠡᠵᠢᠭᠡᠵᠦ᠂ ᠬᠢᠡᠵᠡᠡ ᠡᠴᠡ ᠤᠶᠠᠵᠤ ᠪᠠᠢᠳᠠᠭ ᠪᠥᠯᠥᠭᠡ᠃ ᠣᠳᠣ ᠮᠠᠨ ᠤ᠋ ᠬᠠᠷᠠᠭᠤᠯ ᠢ᠋ ᠬᠥᠭᠡᠭᠡᠵᠦ ᠢᠷᠡᠭᠴᠢᠳ ᠲᠡᠷᠡ ᠳᠥᠷᠪᠡᠨ ᠨᠣᠬᠠᠢ ᠪᠣᠢ ᠵᠠ᠃
ᠰᠢᠷᠡᠮᠦᠨ ᠲᠡᠮᠦᠷ ᠮᠠᠩᠨᠠᠢ ᠲᠠᠢ
ᠰᠢᠪᠡᠭᠡ ᠬᠤᠷᠴᠠ ᠬᠡᠯᠡ ᠲᠡᠢ
ᠭᠠᠩ ᠲᠡᠮᠦᠷ ᠵᠢᠷᠦᠬᠡ ᠲᠡᠢ
ᠭᠠᠳᠠᠰᠤ ᠴᠦᠴᠡᠡ ᠬᠣᠰᠢᠭᠤ ᠲᠠᠢ
ᠭᠠᠯᠵᠠᠭᠤ ᠳᠥᠷᠪᠡᠨ ᠨᠣᠬᠠᠢ᠂
ᠲᠦᠮᠡᠨ ᠠᠮᠢᠲᠠᠨ ᠢ᠋ ᠬᠢᠳᠤᠬᠤ ᠪᠠᠷ
ᠲᠡᠮᠦᠷ ᠭᠢᠨᠵᠢᠨ ᠡᠴᠡ ᠮᠤᠯᠲᠤᠷᠠᠵᠤ
ᠰᠢᠭᠤᠳ ᠪᠠᠷᠢᠵᠤ ᠢᠳᠡᠬᠦ ᠪᠡᠷ
ᠰᠢᠨᠤᠬᠠᠢ ᠰᠢᠯᠦᠰᠦ ᠪᠡᠨ ᠰᠠᠪᠢᠷᠠᠭᠤᠯᠵᠤ ᠠᠢᠰᠤᠢ᠃
ᠰᠢᠭᠦᠳᠡᠷᠢ ᠪᠡᠷ ᠤᠮᠳᠠ ᠬᠢᠵᠦ
ᠰᠢᠯᠦᠰᠦ ᠪᠡᠷ ᠬᠣᠭᠣᠯᠠ ᠬᠢᠵᠦ
ᠰᠠᠯᠬᠢ ᠪᠠᠷ ᠤᠨᠤᠭ᠎ᠠ ᠬᠢᠵᠦ
ᠰᠠᠭᠠᠳᠠᠭ ᠢ᠋ᠶ᠋ᠠᠷ ᠨᠥᠬᠥᠷ ᠬᠢᠵᠦ ᠶᠠᠪᠤᠳᠠᠭ
ᠵᠡᠪᠡ᠂ ᠬᠤᠪᠢᠯᠠᠢ ᠲᠡᠷᠢᠭᠦᠲᠡᠢ
ᠵᠡᠯᠮ᠎ᠡ ᠰᠦᠪᠡᠭᠡᠳᠡᠢ ᠳᠠᠷᠠᠭ᠎ᠠ ᠲᠠᠢ
ᠲᠡᠮᠦᠵᠢᠨ ᠠᠨᠳᠠ ᠶ᠋ᠢᠨ ᠲᠡᠵᠢᠭᠡᠭᠰᠡᠨ
ᠲᠡᠷᠡ ᠳᠥᠷᠪᠡᠨ ᠨᠣᠬᠠᠳ
ᠲᠡᠮᠦᠯᠦᠨ ᠬᠦᠷᠴᠦ ᠢᠷᠡᠪᠡ》 ᠭᠡᠵᠡᠢ᠃ ᠪᠢᠯᠭᠡ ᠳᠠᠶᠠᠨ ᠬᠠᠨ ᠪᠠᠰᠠ ᠠᠰᠠᠭᠤᠯ᠎ᠠ᠄《ᠪᠠᠰᠠ ᠲᠡᠳᠡᠨ ᠦ᠌ ᠬᠣᠢᠨ᠎ᠠ ᠠ᠋ᠴᠠ ᠥᠯᠥᠰᠦᠭᠰᠡᠨ ᠰᠢᠪᠠᠭᠤ ᠮᠡᠲᠦ᠂ ᠦᠷᠪᠦᠯᠵᠢᠨ ᠰᠦᠷᠪᠦᠯᠵᠢᠨ ᠢᠷᠡᠭᠴᠢᠳ ᠬᠡᠨ ᠪᠣᠢ》 ᠭᠡᠰᠡᠨ ᠳ᠋ᠦ᠍᠂ ᠵᠠᠮᠤᠬ᠎ᠠ ᠬᠠᠷᠢᠭᠤᠯᠤᠭᠰᠠᠨ ᠨᠢ᠄
《ᠲᠡᠷᠡ ᠬᠣᠢᠨ᠎ᠠ ᠠ᠋ᠴᠠ ᠢᠷᠡᠭᠴᠢ ᠨᠢ
ᠲᠡᠮᠦᠵᠢᠨ ᠠᠨᠳᠠ ᠮᠥᠨ ᠪᠠᠢᠨ᠎ᠠ᠃
ᠬᠠᠭᠠᠨ ᠲᠡᠮᠦᠵᠢᠨ ᠲᠡᠷᠡ
ᠬᠠᠮᠤᠭ ᠪᠡᠶ᠎ᠡ ᠳ᠋ᠡᠭᠡᠨ ᠴᠥᠮ᠂
ᠰᠢᠪᠡᠭᠡ ᠬᠠᠳᠬᠤᠬᠤ ᠵᠠᠢ ᠦᠭᠡᠢ
ᠱᠥᠷᠭᠡ ᠲᠡᠮᠦᠷ ᠡᠮᠦᠰᠴᠦ
ᠵᠦᠢᠮᠡᠯ ᠬᠤᠶᠠᠭ ᠡᠮᠦᠰᠴᠦ
ᠥᠯᠥᠰᠦᠭᠰᠡᠨ ᠰᠢᠪᠠᠭᠤ ᠮᠡᠲᠦ᠂
ᠦᠷᠪᠦᠯᠵᠢᠨ ᠰᠦᠷᠪᠦᠯᠵᠢᠨ ᠠᠢᠰᠤᠢ᠃
ᠠᠭᠤᠷᠯᠠᠭᠰᠠᠨ ᠠᠷᠢᠶᠠᠲᠠᠨ ᠮᠡᠲᠦ᠂
ᠣᠷᠣᠭᠰᠢ ᠳᠡᠭᠦᠯᠢᠨ ᠠᠢᠰᠤᠢ᠃
ᠨᠠᠢ᠍ᠮᠠᠨ ᠠᠢᠮᠠᠭ ᠲᠠᠨᠠᠷ ᠮᠣᠩᠭᠣᠯ ᠢ᠋ ᠦᠵᠡᠮᠡᠭᠴᠡ᠂ ᠢᠰᠢᠭᠡᠨ ᠦ᠌ ᠭᠤᠳᠤ ᠴᠤ ᠦᠯᠡᠳᠡᠭᠡᠬᠦ ᠦᠭᠡᠢ ᠡᠰᠢ ᠳᠠᠰᠢ ᠬᠤᠪᠢᠶᠠᠵᠤ ᠡᠵᠡᠯᠡᠨ᠎ᠡ ᠭᠡᠳᠡᠭ ᠪᠠᠢᠭᠰᠠᠨ ᠪᠢᠰᠢ ᠪᠢᠯᠢᠤ? ᠣᠳᠣ ᠲᠠᠨᠠᠷ ᠦᠵᠡᠲᠦᠭᠡᠢ ᠭᠡᠵᠡᠢ᠃
ᠵᠠᠮᠤᠬ᠎ᠠ ᠪᠣᠯᠤᠨ ᠪᠢᠯᠭᠡ ᠪᠠᠰᠠᠴᠤ ᠨᠠᠢ᠍ᠮᠠᠨ ᠨᠤᠭᠤᠳ ᠲᠠᠢ ᠠᠳᠠᠯᠢ ᠪᠠᠷ ᠰᠣᠴᠢᠵᠤ ᠪᠠᠬᠠᠷᠤᠮ᠎ᠠ ᠪᠠᠭᠠᠲᠤᠷᠯᠠᠨ ᠪᠠᠢᠯᠳᠤᠭᠰᠠᠨ ᠪᠣᠯᠪᠠᠴᠤ ᠮᠣᠩᠭᠣᠯᠴᠤᠳ ᠤ᠋ᠨ ᠳᠡᠢᠯᠬᠦ ᠭᠡᠵᠦ ᠪᠠᠢᠲᠠᠯ᠎ᠠ ᠵᠠᠮᠤᠬ᠎ᠠ ᠴᠡᠷᠢᠭ ᠢ᠋ᠶ᠋ᠡᠨ ᠠᠪᠤᠭᠠᠳ ᠪᠠᠢᠯᠳᠤᠭᠠᠨ ᠤ᠋ ᠲᠠᠯᠠᠪᠠᠢ ᠠ᠋ᠴᠠ ᠰᠠᠯᠵᠤ ᠶᠠᠪᠤᠯ᠎ᠠ᠃ ᠪᠢᠯᠭᠡ ᠲᠠᠶᠠᠨ ᠬᠠᠨ ᠵᠠᠯᠭᠠᠭᠠᠳ ᠪᠠᠢᠯᠳᠤᠭᠰᠠᠨ ᠪᠢᠯᠡ᠃ ᠲᠡᠷᠡ ᠤᠨᠠᠭᠰᠠᠨ ᠪᠣᠯᠪᠠᠴᠤ ᠲᠡᠭᠦᠨ ᠦ᠌ ᠵᠠᠩᠵᠤᠨ ᠨᠠᠷ ᠵᠠᠯᠭᠠᠭᠠᠳ ᠪᠠᠢᠯᠳᠤᠵᠤ ᠪᠠᠢᠯ᠎ᠠ᠃ ᠨᠠᠢ᠍ᠮᠠᠨ ᠤ᠋ ᠴᠡᠷᠢᠭ ᠪᠣᠯ ᠬᠣᠯᠪᠣᠭᠠᠲᠤ ᠴᠡᠷᠢᠭ ᠪᠠᠢᠵᠠᠢ᠂ ᠵᠢᠱ᠌ᠢᠶᠡᠯᠡᠪᠡᠯ ᠲᠣᠭᠳᠣᠭ᠎ᠠ ᠪᠡᠬᠢ ᠶ᠋ᠢᠨ ᠮᠡᠷᠭᠢᠳ ᠬᠠᠶᠠᠵᠤ ᠳᠤᠲᠠᠭᠠᠭᠰᠠᠨ ᠠ᠋ᠴᠠ ᠰᠠᠶᠢ ᠡᠬᠢᠯᠡᠨ ᠰᠠᠷᠨᠢᠵᠤ ᠪᠤᠲᠠᠷᠠᠯᠠ᠃ ᠪᠠᠢᠯᠳᠤᠭᠠᠨ ᠡᠬᠢᠯᠡᠬᠦ ᠦᠶ᠎ᠡ ᠶ᠋ᠢᠨ ᠪᠠᠢᠳᠠᠯ ᠤ᠋ᠨ ᠬᠤᠪᠢᠷᠠᠯᠲᠠ ᠶ᠋ᠢ ᠳᠠᠭᠠᠭᠠᠳ ᠪᠠᠢᠯᠳᠤᠭᠠᠨ ᠤ᠋ ᠲᠥᠯᠥᠪᠯᠡᠭᠡ ᠪᠡᠨ ᠬᠤᠪᠢᠷᠠᠭᠤᠯᠤᠭᠰᠠᠨ ᠲᠠᠢ ᠠᠳᠠᠯᠢ ᠪᠠᠷ ᠲᠡᠮᠦᠵᠢᠨ ᠢᠯᠠᠭᠳᠠᠭᠰᠠᠳ ᠤ᠋ᠨ ᠵᠦᠭ ᠠᠪᠬᠤ ᠶᠣᠰᠣᠲᠠᠢ ᠠᠵᠢᠯᠯᠠᠭ᠎ᠠ ᠪᠠᠨ ᠬᠤᠪᠢᠷᠠᠭᠤᠯᠪᠠ᠃ ᠲᠡᠷᠡ᠂ ᠨᠠᠢ᠍ᠮᠠᠨ ᠤ᠋ ᠴᠡᠷᠢᠭ ᠤᠷᠤᠭᠤ ᠳᠡᠭᠡᠷᠡᠮᠳᠡᠵᠦ ᠪᠤᠯᠢᠶᠠᠬᠤ ᠶ᠋ᠢ ᠴᠠᠭᠠᠵᠠᠯᠠᠵᠤ ᠪᠠᠷᠢᠭᠳᠠᠭᠰᠠᠨ ᠵᠠᠩᠵᠤᠨ ᠳᠠᠷᠤᠭ᠎ᠠ ᠨᠠᠷ ᠤ᠋ᠨ ᠨᠢᠭᠡ ᠬᠥᠮᠦᠨ ᠢ᠋ ᠴᠦ᠍ ᠠᠯᠠᠭᠰᠠᠨ ᠦᠭᠡᠢ᠂ ᠬᠠᠷᠢᠨ ᠲᠡᠳᠡᠨ ᠳ᠋ᠦ᠍ ᠵᠠᠷ ᠵᠡᠪᠰᠡᠭ ᠢ᠋ ᠨᠢ ᠪᠤᠴᠠᠭᠠᠵᠤ ᠥᠭᠪᠡ᠃ ᠲᠡᠳᠡᠨᠡᠷ ᠪᠠᠢᠯᠳᠤᠭᠠᠳ ᠦᠬᠦᠭᠰᠡᠨ ᠬᠠᠨ ᠳ᠋ᠠᠭᠠᠨ ᠭᠦᠢᠴᠡᠳᠬᠡᠭᠰᠡᠨ ᠦᠨᠡᠨᠴᠢ ᠰᠢᠳᠤᠷᠭᠤ ᠰᠡᠳᠬᠢᠯ ᠢ᠋ᠶ᠋ᠡᠷ ᠲᠡᠮᠦᠵᠢᠨ ᠳ᠋ᠦ᠍ ᠦᠢᠯᠡᠴᠢᠯᠡᠬᠦ ᠶ᠋ᠢ ᠬᠦᠰᠡᠵᠡᠢ᠃ ᠲᠡᠷᠡ ᠥᠪᠡᠷ ᠢ᠋ᠶ᠋ᠡᠨ ᠳᠠᠶᠠᠨ ᠬᠠᠨ ᠤ᠋ ᠡᠬᠡᠨᠡᠷ ᠢ᠋ ᠬᠠᠲᠤᠨ ᠪᠣᠯᠭᠠᠨ᠂ ᠣᠳᠬᠣᠨ ᠬᠥᠪᠡᠭᠦᠨ ᠲᠤᠯᠤᠢ ᠳ᠋ᠠᠭᠠᠨ ᠨᠠᠢ᠍ᠮᠠᠨ ᠤ᠋ ᠭᠦᠩᠵᠦ ᠶ᠋ᠢ ᠪᠡᠷᠢ ᠪᠣᠯᠭᠠᠨ ᠤᠷᠤᠭ ᠪᠠᠷᠢᠯᠳᠤᠭᠤᠯᠪᠠ᠃ ᠴᠢᠳᠠᠬᠤ ᠶ᠋ᠢᠨ ᠴᠢᠨᠡᠭᠡ ᠪᠡᠷ ᠡᠨᠡ ᠬᠣᠶᠠᠷ ᠶᠠᠰᠤᠲᠠᠨ ᠢ᠋ ᠬᠣᠯᠢᠯᠳᠤᠭᠤᠯᠤᠭᠰᠨ ᠮᠣᠩᠭᠣᠯ ᠬᠥᠮᠦᠨ ᠳ᠋ᠦ᠍ ᠨᠠᠢ᠍ᠮᠠᠨ ᠤ᠋ ᠮᠠᠰᠢ ᠲᠠᠪᠰᠢᠭᠰᠠᠨ ᠰᠣᠶᠣᠯ ᠭᠡᠭᠡᠷᠡᠯ ᠢ᠋ ᠨᠡᠭᠦᠳᠡᠯᠴᠢᠨ ᠠᠷᠠᠳ ᠲᠤ᠌ ᠬᠦᠯᠢᠶᠡᠨ ᠠᠪᠤᠭᠤᠯᠬᠤ ᠪᠠᠷ ᠴᠢᠷᠮᠠᠢᠭᠰᠠᠨ ᠨᠢ ᠡᠨᠡ ᠪᠠᠢᠨ᠎ᠠ᠃
ᠶᠠᠷᠢᠶ᠎ᠠ ᠬᠡᠯᠡᠯᠴᠡᠭᠡ ᠶ᠋ᠢ ᠦᠨᠳᠦᠰᠦᠯᠡᠪᠡᠯ ᠪᠠᠢᠯᠳᠤᠭᠠᠨ ᠳᠠᠭᠤᠰᠴᠤ ᠪᠠᠬᠠᠨ ᠤᠳᠠᠰᠬᠢᠭᠰᠡᠨ ᠬᠣᠢᠨ᠎ᠠ᠂ ᠭᠣᠶᠣ ᠰᠠᠢᠬᠠᠨ ᠬᠤᠪᠴᠠᠰᠤ ᠡᠮᠦᠰᠦᠭᠰᠡᠨ ᠪᠣᠯᠪᠠᠴᠤ ᠭᠠᠷ ᠲᠠᠭᠠᠨ ᠵᠡᠪᠰᠡᠭ ᠪᠠᠷᠢᠭᠰᠠᠨ ᠦᠭᠡᠢ᠂ ᠬᠠᠷᠢᠨ ᠡᠪᠦᠷ ᠲᠡᠭᠡᠨ ᠨᠢᠭᠡᠨ ᠲᠠᠮᠠᠭ᠎ᠠ ᠡᠪᠦᠷᠲᠦᠯᠡᠭᠰᠡᠨ ᠨᠢᠭᠡ ᠬᠥᠮᠦᠨ ᠢ᠋ ᠪᠠᠷᠢᠵᠤ ᠣᠯᠵᠠᠢ᠃ ᠲᠡᠭᠡᠭᠡᠳ ᠲᠡᠭᠦᠨ ᠢ᠋ ᠲᠡᠮᠦᠵᠢᠨ ᠦ᠌ ᠡᠮᠦᠨ᠎ᠡ ᠬᠥᠲᠥᠯᠦᠨ ᠠᠪᠴᠢᠷᠠᠭᠰᠠᠨ ᠳ᠋ᠤ᠌᠂ ᠡᠨᠡ ᠡᠷ᠎ᠡ ᠶ᠋ᠢᠨ ᠬᠡᠯᠡᠬᠦ ᠪᠡᠷ᠂ ᠥᠪᠡᠷ ᠦ᠋ᠨ ᠪᠡᠶ᠎ᠡ ᠨᠢ ᠤᠢᠭᠤᠷ ᠬᠥᠮᠦᠨ ᠪᠥᠭᠡᠳ ᠨᠡᠷ᠎ᠡ ᠨᠢ ᠲᠠᠲᠠᠲᠤᠩᠭ᠎ᠠ ᠭᠡᠳᠡᠭ᠃ ᠳᠠᠶᠠᠨ ᠬᠠᠨ ᠤ᠋ ᠳᠣᠣᠷ᠎ᠠ ᠲᠠᠮᠠᠭ᠎ᠠ ᠶ᠋ᠢ ᠨᠢ ᠬᠠᠳᠠᠭᠠᠯᠠᠳᠠᠭ ᠲᠦᠰᠢᠮᠡᠯ ᠢ᠋ᠶ᠋ᠡᠷ ᠦᠢᠯᠡᠴᠢᠯᠡᠵᠦ ᠪᠠᠢᠭᠰᠠᠨ ᠭᠡᠨ᠎ᠡ᠃ ᠲᠡᠭᠦᠨ ᠦ᠌ ᠡᠪᠦᠷᠲᠦᠯᠡᠵᠦ ᠶᠠᠪᠤᠭᠰᠠᠨ ᠲᠠᠮᠠᠭ᠎ᠠ ᠪᠣᠯ ᠨᠠᠢ᠍ᠮᠠᠨ ᠤ᠋ ᠬᠠᠨ ᠲᠠᠮᠠᠭ᠎ᠠ ᠪᠠᠢᠵᠠᠢ᠃ ᠲᠡᠮᠦᠵᠢᠨ ᠳ᠋ᠦ᠍ ᠲᠡᠷᠡ ᠡᠨᠡᠬᠦ ᠲᠠᠮᠠᠭ᠎ᠠ ᠶ᠋ᠢᠨ ᠦᠢᠯᠡᠳᠦᠯ ᠬᠡᠷᠡᠭᠴᠡᠭᠡ ᠪᠣᠯᠤᠨ ᠵᠠᠷᠤᠬᠤ ᠠᠷᠭ᠎ᠠ ᠶ᠋ᠢ ᠬᠡᠯᠡᠵᠦ ᠥᠭᠭᠦᠭᠰᠡᠨ ᠪᠥᠭᠡᠳ ᠡᠨᠡ ᠲᠠᠮᠠᠭ᠎ᠠ ᠶ᠋ᠢᠨ ᠳᠡᠭᠡᠷ᠎ᠡ ᠰᠡᠢᠯᠦᠭᠰᠡᠨ ᠤᠢᠭᠤᠷ ᠦᠰᠦᠭ ᠦ᠋ᠨ ᠠᠭᠤᠯᠭ᠎ᠠ ᠶ᠋ᠢ ᠲᠠᠢᠯᠪᠤᠷᠢᠯᠠᠵᠤ ᠥᠭᠭᠦᠭᠰᠡᠨ ᠬᠣᠢᠨ᠎ᠠ᠂ ᠡᠭᠦᠨ ᠡᠴᠡ ᠲᠡᠮᠦᠵᠢᠨ ᠮᠣᠩᠭᠣᠯ ᠦᠨᠳᠦᠰᠦᠲᠡᠨ ᠳ᠋ᠦ᠍ ᠥᠩᠭᠡᠷᠡᠭᠰᠡᠨ ᠳ᠋ᠡᠭᠡᠨ ᠥᠪᠡᠷ ᠦ᠋ᠨ ᠦᠭᠡ ᠪᠡᠷ ᠪᠢᠴᠢᠭᠰᠡᠨ ᠨᠣᠮ ᠪᠢᠴᠢᠭ ᠦᠭᠡᠢ᠂ ᠬᠣᠴᠣᠷᠤᠭᠳᠠᠩᠭᠤᠢ ᠪᠣᠯᠬᠤ ᠶ᠋ᠢ ᠮᠡᠳᠡᠭᠰᠡᠨ ᠪᠥᠭᠡᠳ ᠦᠰᠦᠭ ᠪᠢᠴᠢᠭ ᠦ᠋ᠨ ᠬᠦᠨᠳᠦ ᠴᠢᠬᠤᠯᠠ ᠴᠢᠨᠠᠷ ᠢ᠋ ᠣᠢᠯᠠᠭᠠᠭᠰᠠᠨ ᠪᠠᠢᠨ᠎ᠠ᠃ ᠡᠢᠮᠦ ᠡᠴᠡ ᠲᠤᠬᠠᠢ ᠶ᠋ᠢᠨ ᠦᠶ᠎ᠡ ᠳ᠋ᠦ᠍ ᠬᠦᠷᠲᠡᠯ᠎ᠡ ᠦᠰᠦᠭ ᠪᠢᠴᠢᠭ ᠤᠩᠰᠢᠵᠤ ᠪᠢᠴᠢᠵᠦ ᠴᠢᠳᠠᠬᠤ ᠦᠭᠡᠢ ᠪᠠᠢᠭᠰᠠᠨ ᠲᠡᠮᠦᠵᠢᠨ᠂ ᠲᠠᠲᠠᠲᠤᠩᠭ᠎ᠠ ᠶ᠋ᠢ ᠲᠠᠮᠠᠭ᠎ᠠ ᠬᠠᠳᠠᠭᠠᠯᠠᠳᠠᠭ ᠲᠦᠰᠢᠮᠡᠯ ᠢ᠋ᠶ᠋ᠡᠷ ᠡᠷᠭᠦᠮᠵᠢᠯᠡᠭᠡᠳ᠂ ᠥᠪᠡᠷ ᠦ᠋ᠨ ᠬᠡᠦᠬᠡᠳ ᠪᠣᠯᠤᠨ ᠥᠷᠯᠥᠭ ᠨᠠᠷ ᠤ᠋ᠨ ᠬᠡᠦᠬᠡᠳ ᠲᠡᠭᠡᠨ ᠪᠢᠴᠢᠭ ᠵᠢᠭᠠᠯᠭᠠᠪᠠ᠃
—ᠢᠩᠭᠢᠭᠡᠳ ᠤᠢᠭᠤᠷ ᠦᠰᠦᠭ᠂ ᠮᠣᠩᠭᠣᠯ ᠤ᠋ᠨ ᠠᠯᠪᠠᠨ ᠪᠢᠴᠢᠭ ᠲᠦ᠍ ᠬᠡᠷᠡᠭᠯᠡᠭᠳᠡᠬᠦ ᠦᠰᠦᠭ ᠪᠣᠯᠵᠠᠢ᠃ ᠬᠣᠵᠢᠮ ᠬᠣᠢᠰᠢ ᠲᠡᠮᠦᠵᠢᠨ ᠬᠢᠲᠠᠳ ᠪᠣᠯᠤᠨ ᠢᠰᠯᠠᠮ ᠤ᠋ᠨ ᠰᠣᠶᠣᠯ ᠢ᠋ ᠮᠡᠳᠡᠬᠦ ᠲᠡᠢ ᠪᠣᠯᠤᠭᠰᠠᠨ ᠪᠣᠯᠪᠠᠴᠤ ᠠᠯᠪᠠᠨ ᠪᠢᠴᠢᠭ ᠲᠦ᠍ ᠦᠷᠭᠦᠯᠵᠢ ᠤᠢᠭᠤᠷ ᠦᠰᠦᠭ ᠢ᠋ ᠬᠡᠷᠡᠭᠯᠡᠵᠡᠢ᠃ ᠲᠡᠮᠦᠵᠢᠨ ᠳᠡᠭᠡᠷ᠎ᠡ ᠳᠤᠷᠠᠳᠤᠭᠰᠠᠨ ᠬᠣᠶᠠᠷ ᠵᠦᠢᠯ ᠦ᠋ᠨ ᠰᠣᠶᠣᠯ ᠲᠠᠢ ᠡᠳᠦᠢ ᠲᠡᠳᠦᠢ ᠬᠥᠮᠦᠨ ᠢ᠋ ᠬᠡᠳᠦᠢᠪᠡᠷ ᠥᠨᠳᠥᠷ ᠪᠠᠢᠷᠢ ᠰᠠᠭᠤᠷᠢ ᠬᠦᠷᠲᠡᠯ᠎ᠡ ᠬᠡᠷᠡᠭᠯᠡᠭᠰᠡᠨ ᠪᠣᠯᠪᠠᠴᠤ ᠪᠦᠭᠦᠳᠡ ᠶ᠋ᠢᠨ ᠬᠣᠪᠢᠨ ᠳ᠋ᠤ᠌ ᠬᠡᠯᠡᠪᠡᠯ ᠡᠨᠡ ᠬᠣᠶᠠᠷ ᠵᠦᠢᠯ ᠦ᠋ᠨ ᠰᠣᠶᠣᠯ ᠢ᠋ ᠣᠢᠰᠢᠶᠠᠭᠰᠠᠨ ᠦᠭᠡᠢ ᠣᠷᠬᠢᠭᠳᠠᠭᠤᠯᠤᠭᠰᠠᠨ ᠶᠤᠮ᠃ ᠲᠡᠮᠦᠵᠢᠨ ᠦ᠌ ᠦᠵᠡᠬᠦ ᠪᠡᠷ ᠡᠨᠡ ᠬᠣᠶᠠᠷ ᠵᠦᠢᠯ ᠦ᠋ᠨ ᠰᠣᠶᠣᠯ ᠪᠣᠯ ᠥᠩᠭᠡᠷᠡᠦ ᠬᠣᠲᠠ ᠪᠠᠯᠭᠠᠰᠤᠨ ᠤ᠋ ᠶᠠᠭᠤᠮ᠎ᠠ ᠪᠣᠯᠵᠤ᠂ ᠥᠩᠭᠡᠷᠡᠦ ᠦᠬᠡᠡᠴᠡ ᠪᠠᠭᠤᠷᠠᠢ ᠬᠠᠷᠢ ᠶ᠋ᠢᠨ ᠰᠢᠭ᠋ ᠪᠠᠢᠭᠰᠠᠨ ᠶᠤᠮ᠃ ᠤᠢᠭᠤᠷᠴᠤᠳ ᠲᠤ ᠬᠠᠷᠢᠨ ᠣᠢᠷ᠎ᠠ ᠰᠠᠳᠤᠨ᠂ ᠦᠨᠳᠦᠰᠦ ᠠᠳᠠᠯᠢ᠂ ᠮᠠᠯᠴᠢᠳ ᠤ᠋ᠨ ᠤᠷᠮ᠎ᠠ ᠪᠠᠬ᠎ᠠ ᠲᠠᠢ ᠶᠠᠭᠤᠮ᠎ᠠ ᠪᠠᠢᠭᠰᠠᠨ ᠪᠣᠯᠬᠣᠷ᠂ ᠲᠡᠮᠦᠵᠢᠨ ᠡᠭᠦᠨ ᠢ᠋ ᠥᠨᠳᠥᠷ ᠢ᠋ᠶ᠋ᠡᠷ ᠦᠨᠡᠯᠡᠭᠰᠡᠨ ᠪᠢᠯᠡ᠃
( ᠳᠥᠷᠪᠡ)
ᠳᠠᠢᠰᠤᠨ ᠤ᠋ ᠦᠯᠡᠳᠡᠭᠳᠡᠯ ᠢ᠋ ᠱᠦᠭᠦᠷᠳᠡᠨ ᠠᠷᠢᠯᠭᠠᠭᠰᠠᠨ ᠨᠢ
ᠲᠡᠮᠦᠵᠢᠨ ᠦ᠌ ᠨᠠᠢ᠍ᠮᠠᠨ ᠳ᠋ᠤ᠌ ᠦᠵᠡᠭᠦᠯᠦᠭᠰᠡᠨ ᠡᠶᠡᠪᠡᠷᠭᠦᠦ ᠪᠠᠢᠳᠠᠯ ᠨᠢ ᠲᠡᠭᠦᠨ ᠦ᠌ ᠨᠣᠶᠠᠷᠬᠠᠯ ᠤ᠋ᠨ ᠡᠯ᠎ᠡ ᠲᠠᠯ᠎ᠠ ᠳ᠋ᠤ᠌ ᠳᠡᠯᠭᠡᠷᠡᠭᠦᠯᠬᠦ ᠭᠡᠰᠡᠨ ᠰᠢᠨᠵᠢ ᠲᠡᠮᠳᠡᠭ ᠪᠢᠰᠢ ᠪᠢᠯᠡ᠃ ᠳᠠᠢᠰᠤᠨ ᠳ᠋ᠤ᠌ ᠬᠠᠨᠳᠤᠬᠤ ᠳ᠋ᠠᠭᠠᠨ ᠥᠴᠦᠬᠡᠨ ᠴᠦ᠍ ᠥᠷᠥᠰᠢᠶᠡᠯ ᠲᠡᠢ ᠪᠠᠢᠵᠤ ᠪᠣᠯᠬᠤ ᠦᠭᠡᠢ ᠭᠡᠰᠡᠨ ᠨᠢ ᠡᠭᠡᠨᠢᠭᠳᠡ ᠶ᠋ᠢᠨ ᠬᠡᠷᠡᠭ ᠪᠣᠯᠵᠤ ᠪᠠᠢᠪᠠ᠃ ᠲᠡᠷᠡ ᠵᠥᠴᠢ ᠳ᠋ᠦ᠍ ᠬᠡᠳᠦᠨ ᠥᠷᠯᠥᠭ ᠳᠠᠭᠠᠭᠤᠯᠵᠤ ᠥᠭᠭᠡᠳ᠂ ᠲᠠᠲ᠋ᠠᠷ ᠤ᠋ᠨ ᠣᠯᠠᠨ ᠠᠢᠮᠠᠭ ᠲᠤ ᠬᠠᠮᠤᠭ ᠡᠴᠦᠰ ᠦ᠋ᠨ ᠳᠠᠷᠤᠩᠭᠤᠢᠯᠠᠯ ᠶᠠᠪᠤᠭᠤᠯᠵᠠᠢ᠃ ᠵᠥᠴᠢ ᠶ᠋ᠢᠨ ᠡᠬᠡᠨᠡᠷ ᠨᠢ ᠲᠠᠲ᠋ᠠᠷ ᠬᠥᠮᠦᠨ ᠪᠣᠯᠬᠣᠷ ᠠᠪᠠᠭᠠᠢ ᠪᠠᠨ ᠬᠠᠢᠷᠠᠯᠠᠬᠤ ᠰᠡᠳᠬᠢᠯᠭᠡ ᠪᠡᠷ ᠲᠡᠳᠡᠨᠦᠰ ᠢ᠋ ᠦᠷᠦ ᠡᠪᠡᠳᠴᠦ ᠠᠭᠤᠴᠢᠯᠠᠬᠤ ᠭᠡᠰᠡᠨ ᠤᠴᠢᠷ ᠠ᠋ᠴᠠ ᠵᠥᠴᠢ ᠪᠣᠯᠤᠨ ᠡᠴᠢᠭᠡ ᠶ᠋ᠢᠨ ᠬᠣᠭᠣᠷᠣᠨᠳᠣ ᠳ᠋ᠤᠨᠢ ᠠᠩᠬ᠎ᠠ ᠤᠳᠠᠭ᠎ᠠ ᠵᠥᠷᠢᠴᠡᠯᠳᠦᠭᠡᠨ ᠭᠠᠷᠤᠭᠰᠠᠨ ᠪᠠᠢᠨ᠎ᠠ᠃ ᠲᠡᠮᠦᠵᠢᠨ ᠡᠴᠡ ᠬᠠᠲᠠᠭᠤ ᠵᠠᠷᠯᠢᠭ ᠦᠭᠭᠰᠡᠨ ᠲᠤᠯᠠᠳᠠ ᠵᠥᠴᠢ ᠠᠷᠭ᠎ᠠ ᠪᠤᠰᠤ ᠳᠠᠲ᠋ᠠᠷᠴᠤᠳ ᠢ᠋ ᠪᠤᠲᠠ ᠴᠣᠬᠢᠵᠤ᠂ ᠦᠯᠡᠳᠡᠭᠰᠡᠨ ᠬᠥᠮᠦᠨ ᠢ᠋ ᠨᠢ ᠲᠣᠭᠲᠤᠭ᠎ᠠ ᠪᠡᠬᠢ ᠮᠢᠷᠭᠡᠴᠦᠳ ᠢ᠋ᠶ᠋ᠡᠨ ᠳᠠᠭᠠᠭᠤᠯᠤᠨ ᠣᠢ ᠰᠢᠭᠤᠢ ᠶ᠋ᠢᠨ ᠳᠣᠲᠣᠷ᠎ᠠ ᠭᠦᠨ ᠳᠤᠲᠠᠭᠠᠨ ᠣᠷᠣᠭᠰᠠᠨ ᠠ᠋ᠴᠠ ᠨᠡᠬᠡᠭᠰᠡᠨ ᠴᠡᠷᠢᠭ ᠡᠴᠡ ᠮᠤᠯᠲᠤᠷᠠᠨ ᠭᠠᠷᠴᠠᠢ᠃ ᠪᠢᠯᠭᠡ ᠳᠠᠶᠠᠨ ᠬᠠᠨ ᠤ᠋ ᠬᠥᠪᠡᠭᠦᠨ ᠬᠦᠴᠦᠯᠦᠭ ᠠᠩᠬᠠᠨ ᠳ᠋ᠠᠭᠠᠨ ᠲᠣᠭᠲᠣᠭ᠎ᠠ ᠪᠡᠬᠢ ᠲᠡᠢ ᠬᠠᠮᠲᠤ ᠶ᠋ᠢᠨ ᠠᠵᠢᠯᠯᠠᠭ᠎ᠠ ᠬᠢᠵᠦ ᠪᠠᠢᠭᠰᠠᠨ ᠪᠣᠯᠪᠠᠴᠤ ᠠᠯᠲᠠᠢ ᠠᠭᠤᠯᠠᠨ ᠳ᠋ᠠᠬᠢ ᠠᠪᠠᠭ᠎ᠠ ᠪᠣᠢᠷᠣᠭ ᠬᠠᠨ ᠤ᠋ ᠳᠡᠷᠭᠡᠳᠡ ᠳᠤᠲᠠᠭᠠᠵᠤ ᠣᠴᠢᠭᠰᠠᠨ ᠪᠢᠯᠡ᠃ ᠲᠡᠮᠦᠵᠢᠨ ᠡᠴᠡ ᠤᠷᠪᠠᠵᠤ ᠭᠠᠷᠤᠭᠰᠠᠨ ᠲᠥᠷᠥᠯ ᠰᠠᠳᠤᠨ ᠤ᠋ ᠬᠥᠮᠦᠨ ᠠᠯᠲᠠᠨ ᠪᠣᠯᠤᠨ ᠬᠣᠴᠠᠷ ᠪᠠᠷᠢᠭᠳᠠᠵᠤ ᠠᠯᠠᠭᠳᠠᠪᠠ᠃ ᠵᠠᠮᠤᠬ᠎ᠠ ᠪᠠᠰᠠ ᠡᠴᠦᠰ ᠲᠡᠭᠡᠨ ᠲᠠᠪᠢᠯᠠᠩ ᠳ᠋ᠠᠭᠠᠨ ᠲᠣᠬᠢᠶᠠᠯᠳᠤᠪᠠ᠃ ᠡᠯ᠎ᠡ ᠲᠠᠯ᠎ᠠ ᠠ᠋ᠴᠠ ᠨᠡᠬᠡᠭᠳᠡᠨ ᠴᠣᠬᠢᠭᠳᠠᠵᠤ ᠰᠢᠬᠠᠭᠳᠠᠭᠰᠠᠭᠠᠷ ᠠᠢᠮᠠᠭ ᠤ᠋ᠨ ᠬᠢᠨ ᠨᠢ ᠪᠦᠷ ᠤᠷᠪᠠᠵᠤ ᠵᠠᠮᠤᠬ᠎ᠠ ᠶ᠋ᠢ ᠪᠠᠷᠢᠵᠤ ᠠᠪᠤᠭᠠᠳ ᠲᠡᠮᠦᠵᠢᠨ ᠦ᠌ ᠴᠡᠷᠢᠭ ᠦ᠋ᠨ ᠭᠠᠷ ᠲᠤ᠌ ᠲᠤᠰᠢᠶᠠᠵᠠᠢ᠃ ᠭᠡᠲᠡᠯ᠎ᠡ ᠶᠠᠮᠠᠷ ᠶᠠᠪᠤᠴᠠ ᠶ᠋ᠢ ᠥᠩᠭᠡᠷᠡᠭᠡᠵᠦ ᠵᠠᠮᠤᠬ᠎ᠠ ᠲᠡᠭᠦᠨ ᠦ᠌ ᠭᠠᠷ ᠲᠤ᠌ ᠣᠷᠣᠭᠰᠠᠨ ᠢ᠋ ᠮᠡᠳᠡᠭᠰᠡᠨ ᠬᠣᠢᠨ᠎ᠠ ᠲᠡᠮᠦᠵᠢᠨ ᠡᠳᠡᠭᠡᠷ ᠤᠷᠪᠠᠭᠰᠠᠨ ᠤ᠋ ᠡᠷᠡᠭᠲᠡᠢ᠂ ᠬᠡᠦᠬᠡᠳ ᠨᠢᠯᠬ᠎ᠠ ᠬᠦᠷᠲᠡᠯ᠎ᠡ ᠨᠢ ᠦᠯᠡᠳᠡᠭᠡᠯ ᠦᠭᠡᠢ ᠪᠦᠬᠦᠨ ᠢ᠋ᠶ᠋ᠡᠷ ᠨᠢ ᠠᠯᠠᠪᠠ᠃ ᠲᠡᠮᠦᠵᠢᠨ᠄《ᠥᠪᠡᠷ ᠦ᠋ᠨ ᠡᠵᠡᠨ ᠳ᠋ᠡᠭᠡᠨ ᠬᠠᠯᠳᠠᠭᠰᠠᠨ ᠬᠥᠮᠦᠨ ᠢ᠋ ᠶᠠᠭᠠᠬᠢᠵᠤ ᠣᠷᠬᠢᠬᠤ ᠪᠣᠢ? ᠲᠡᠢᠮᠦ ᠬᠥᠮᠦᠨ ᠬᠡᠨ ᠲᠡᠢ ᠨᠥᠬᠥᠷᠯᠡᠬᠦ ᠪᠣᠢ? ᠬᠠᠨ ᠡᠵᠡᠨ ᠳ᠋ᠡᠭᠡᠨ ᠬᠠᠯᠳᠠᠭᠰᠠᠨ ᠬᠠᠷᠠᠴᠤ ᠠᠷᠠᠳ ᠢ᠋ ᠤᠷᠤᠭ ᠲᠥᠷᠥᠯ ᠢ᠋ ᠨᠢ ᠬᠦᠷᠲᠡᠯ᠎ᠡ ᠤᠰᠠᠳᠬ᠎ᠠ》 ᠭᠡᠵᠦ ᠭᠣᠣᠯ ᠠ᠋ᠴᠠ ᠪᠠᠨ ᠬᠢᠯᠢᠩᠯᠡᠵᠦ ᠪᠠᠷᠬᠢᠷᠠᠪᠠ᠃ ᠡᠭᠦᠨ ᠦ᠌ ᠡᠰᠡᠷᠭᠦ ᠠᠨᠳᠠ ᠵᠠᠮᠤᠬ᠎ᠠ ᠪᠠᠨ ᠴᠢᠰᠤ ᠭᠠᠷᠭᠠᠯ ᠦᠭᠡᠢ ᠪᠡᠷ ᠨᠥᠭᠴᠢᠭᠦᠯᠪᠡ᠃ ᠮᠣᠩᠭᠣᠯᠴᠤᠳ ᠤ᠋ᠨ ᠱᠠᠰᠢᠨ ᠰᠤᠷᠲᠠᠬᠤᠨ ᠢ᠋ ᠦᠨᠳᠦᠰᠦᠯᠡᠪᠡᠯ᠂ ᠬᠥᠮᠦᠨ ᠦ᠌ ᠰᠦᠨᠡᠰᠦ ᠨᠢ ᠴᠢᠰᠤᠨ ᠳᠣᠲᠣᠷ᠎ᠠ ᠪᠠᠢᠨ᠎ᠠ ᠭᠡᠵᠦ ᠢᠲᠡᠭᠡᠵᠦ ᠪᠠᠢᠭᠰᠠᠨ ᠪᠣᠯᠬᠣᠷ᠂ ᠵᠠᠮᠤᠬ᠎ᠠ ᠶ᠋ᠢ ᠲᠡᠮᠦᠵᠢᠨ ᠴᠢᠰᠤ ᠤᠷᠤᠰᠬᠠᠬᠤ ᠦᠭᠡᠢ ᠪᠡᠷ ᠦᠬᠦᠬᠦ ᠶ᠋ᠢ ᠨᠢ ᠵᠥᠪᠰᠢᠶᠡᠷᠡᠵᠡᠢ᠃
ᠦᠰᠦᠭ ᠠᠮᠢᠯᠠᠭᠤᠯᠤᠭᠴᠢ᠄ ᠬᠡᠷᠡᠢᠳ ᠮᠥᠩᠬᠡᠨᠠᠰᠣᠡ᠂ ᠪᠠᠶᠠᠨᠰᠡᠷᠡᠩ᠂ ᠪᠠᠶᠠᠨᠴᠡᠴᠡᠭ᠂ ᠥᠯᠵᠡᠶ᠋ᠢᠪᠠᠭᠠᠲᠤᠷ᠂ ᠲᠣᠭᠲᠠᠭᠤᠨ᠂ ᠡᠷᠳᠡᠨᠢᠭᠤᠸ᠎ᠠ
ᠬᠢᠨᠠᠭᠴᠢ᠄ ᠲ᠂ ᠬᠦᠮᠦᠵᠢᠯᠲᠦ᠂ ᠪᠠᠶᠠᠨᠴᠡᠴᠡᠭ᠂ ᠲᠣᠭᠲᠠᠭᠤᠨ᠂ ᠣᠳᠬᠠᠨᠰᠣ᠎ᠠ᠂ ᠬᠡᠷᠡᠢᠳ ᠮᠥᠨᠬᠡᠨᠠᠰᠤᠨ
