ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠳᠡᠳ᠋ ᠪᠣᠲᠢ – ᠭᠤᠷᠪᠠᠳᠤᠭᠠᠷ ᠪᠦᠯᠦᠭ <ᠶᠢᠰᠦ> Хан мунын сүүрс < дээд > – Мөнх зохиоов ᠂ Дэд бодь – Гуравдугаар бүлэг <9> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠳᠡᠳ᠋ ᠪᠣᠲᠢ – ᠭᠤᠷᠪᠠᠳᠤᠭᠠᠷ ᠪᠦᠯᠦᠭ <ᠶᠢᠰᠦ> Хан мунын сүүрс < дээд > – Мөнх зохиоов ᠂ Дэд бодь – Гуравдугаар бүлэг <9>

ᠬᠠᠨ ᠮᠤᠨᠠ ᠶᠢᠨ ᠰᠡᠭᠦᠷᠡᠰᠦ <ᠳᠡᠭᠡᠳᠦ> – ᠮᠥᠩᠬᠡ ᠵᠣᠬᠢᠶᠠᠪᠠ ᠂ ᠳᠡᠳ᠋ ᠪᠣᠲᠢ – ᠭᠤᠷᠪᠠᠳᠤᠭᠠᠷ ᠪᠦᠯᠦᠭ <ᠶᠢᠰᠦ> Хан мунын сүүрс < дээд > – Мөнх зохиоов ᠂ Дэд бодь – Гуравдугаар бүлэг <9>

ᠠᠩᠭᠢᠯᠠᠯ:ᠲᠤᠭᠤᠵᠢ ᠷᠣᠮᠠᠨ
2024-11-01

453

ᠳᠡᠳ᠋ ᠪᠣᠲᠢ – ᠭᠤᠷᠪᠠᠳᠤᠭᠠᠷ ᠪᠦᠯᠦᠭ <ᠶᠢᠰᠦ>


               ᠶᠢᠰᠦ                                  

       ᠵᠤᠨ ᠤ᠋ ᠵᠢᠷᠭᠤᠭᠠᠨ ᠰᠠᠷ᠎ᠠ ᠶ᠋ᠢᠨ ᠨᠣᠮᠢᠨ ᠠᠭᠤᠯᠠ ᠨᠢ ᠵᠦᠢᠯ ᠦ᠋ᠨ ᠴᠡᠴᠡᠭ ᠮᠢᠷᠠᠯᠵᠠᠵᠤ᠂ ᠵᠢᠭᠦᠷᠲᠡᠨ ᠰᠢᠪᠠᠭᠤᠳ ᠳᠣᠩᠭᠣᠳᠤᠭᠰᠠᠨ ᠦᠵᠡᠮᠵᠢ ᠲᠡᠭᠦᠯᠳᠡᠷ ᠰᠠᠢᠬᠠᠨ ᠣᠷᠣᠨ ᠪᠠᠢᠯ᠎ᠠ᠃  
       ᠨᠣᠮᠢᠨ ᠡᠨᠡ ᠬᠤᠪᠢ ᠢᠷᠦᠭᠡᠯᠲᠦ ᠭᠠᠩᠭᠠᠩ ᠪᠠᠢᠭᠠᠯᠢ ᠶ᠋ᠢᠨ ᠴᠡᠩᠭᠡᠭ ᠠᠭᠠᠷ ᠢ᠋ ᠴᠢᠯᠥᠭᠡᠲᠡᠢ ᠵᠠᠯᠭᠢᠯᠠᠵᠤ ᠥᠯᠥᠰᠪᠡᠯ ᠵᠡᠷᠯᠢᠭ ᠵᠢᠮᠢᠰ ᠢ᠋ᠶ᠋ᠡᠷ ᠥᠯ ᠪᠣᠯᠭᠠᠵᠤ ᠤᠮᠳᠠᠭᠠᠰᠪᠠᠯ ᠪᠤᠯᠠᠭ ᠤ᠋ᠨ ᠲᠤᠩᠭᠠᠯᠠᠭ ᠤᠰᠤᠨ ᠠ᠋ᠴᠠ ᠤᠮᠳᠠᠯᠠᠵᠤ ᠶᠠᠪᠤᠭᠰᠠᠭᠠᠷ ᠠᠭᠤᠯᠠᠨ ᠤ᠋ ᠭᠦᠨ ᠳ᠋ᠦ᠍ ᠣᠷᠣᠵᠤ ᠣᠴᠢᠵᠠᠢ᠃  
       ᠢᠯᠠᠮ᠎ᠠ ᠶ᠋ᠢᠨ ᠮᠣᠳᠣᠨ ᠤ᠋ ᠰᠡᠭᠦᠳᠡᠷ ᠳᠣᠣᠷ᠎ᠠ ᠤᠷᠲᠤ ᠴᠠᠭᠠᠨ ᠬᠥᠮᠥᠰᠬᠡ᠂ ᠤᠷᠲᠤ ᠴᠠᠭᠠᠨ ᠰᠠᠬᠠᠯ ᠲᠠᠢ ᠨᠢᠭᠡ ᠡᠪᠦᠭᠡᠨ ᠰᠡᠷᠢᠭᠦᠴᠡᠵᠦ ᠪᠠᠢᠪᠠ᠃  
       ᠨᠣᠮᠢᠨ ᠲᠡᠷᠡ ᠴᠠᠭᠠᠨ ᠰᠠᠬᠠᠯᠲᠤ ᠡᠪᠦᠭᠡᠨ ᠦ᠌ ᠬᠠᠵᠠᠭᠤ ᠳ᠋ᠤᠨᠢ ᠣᠴᠢᠭᠠᠳ ᠤᠳᠠᠲᠠᠯ᠎ᠠ ᠵᠣᠭᠰᠣᠭᠰᠠᠨ ᠴᠤ᠌ ᠲᠡᠭᠦᠨ ᠢ᠋ ᠦᠵᠡᠭᠰᠡᠨ ᠦᠭᠡᠢ ᠰᠢᠭ ᠠᠨᠢᠷ ᠴᠤ᠌ ᠦᠭᠡᠢ ᠪᠠᠢᠯ᠎ᠠ᠃ 
       ᠴᠠᠭᠠᠨ ᠰᠠᠬᠠᠯᠲᠤ ᠡᠪᠦᠭᠡᠨ ᠨᠢᠭᠡ ᠭᠠᠷ ᠲᠠᠭᠠᠨ ᠠᠷᠵᠠᠭᠠᠨᠠᠲᠠᠯ᠎ᠠ ᠥᠲᠥᠭᠰᠡᠨ ᠬᠣᠨᠢᠨ ᠤ᠋ ᠰᠡᠭᠦᠯ ᠢ᠋ ᠳᠡᠭᠡᠷ᠎ᠡ ᠡᠷᠭᠦᠵᠦ᠂ ᠨᠥᠭᠦᠭᠡ ᠭᠠᠷ ᠲᠠᠬᠢ ᠬᠢᠲᠤᠭ᠎ᠠ ᠪᠠᠷ ᠠᠷᠵᠠᠭᠠᠨᠠᠭᠰᠠᠨ ᠪᠤᠭᠤᠳᠠᠢ ᠶ᠋ᠢᠨ ᠰᠢᠷ᠎ᠠ ᠥᠳᠥ ᠶ᠋ᠢ ᠢᠨᠵᠠᠭᠠᠨ ᠤ᠋ ᠢᠯᠭᠢᠨ ᠳᠡᠭᠡᠷ᠎ᠡ ᠫᠡᠷ ᠫᠡᠷ ᠬᠢᠲᠡᠯ᠎ᠡ ᠤᠨᠠᠭᠠᠵᠤ ᠨᠡᠯᠢᠶᠡᠳ ᠬᠤᠷᠠᠮᠳᠤᠭᠰᠠᠨ ᠢ᠋ ᠠᠳᠬᠤ ᠠᠳᠬᠤ ᠪᠠᠷ ᠵᠠᠵᠢᠯᠵᠤ ᠢᠳᠡᠨ᠎ᠡ᠃  
       ᠴᠠᠭᠠᠨ ᠰᠠᠬᠠᠯᠲᠤ ᠡᠪᠦᠭᠡᠨ ᠲᠣᠰᠣᠲᠤᠭᠰᠠᠨ ᠠᠮᠠ ᠪᠠᠨ ᠠᠷᠴᠢᠵᠤ ᠬᠢᠲᠤᠭ᠎ᠠ ᠪᠠᠨ ᠬᠤᠢᠯᠠᠭᠠᠳ᠄  
       一 ᠰᠠᠭᠤ᠂ ᠰᠠᠭᠤ! ᠨᠠᠭᠠᠰᠢ ᠪᠠᠨ ᠰᠠᠭᠤ! ᠭᠡᠬᠦ ᠳ᠋ᠦ᠍ ᠨᠣᠮᠢᠨ ᠰᠡᠳᠬᠢᠯ ᠨᠢ ᠤᠶᠠᠷᠠᠨ ᠶᠠᠭᠠᠬᠢᠪᠠᠴᠤ ᠲᠡᠰᠦᠭᠰᠡᠨ ᠦᠭᠡᠢ ᠱᠣᠭᠰᠢᠷᠠᠲᠠᠯ᠎ᠠ ᠤᠬᠢᠯᠠᠪᠠ᠃  ᠡᠢᠮᠦ ᠡᠨᠡᠷᠢᠩᠭᠦᠢ ᠳᠤᠯᠠᠭᠠᠨ ᠬᠠᠯᠠᠮᠵᠢ ᠶ᠋ᠢᠨ ᠦᠭᠡ ᠶ᠋ᠢ ᠣᠯᠵᠤ ᠰᠣᠨᠣᠰᠤᠭ᠎ᠠ ᠦᠭᠡᠢ ᠤᠳᠠᠭᠰᠠᠨ ᠨᠣᠮᠢᠨ ᠤ᠋ ᠰᠡᠳᠬᠢᠯ ᠥᠪᠡᠷ ᠦ᠋ᠨ ᠡᠷᠬᠡ ᠦᠭᠡᠢ ᠤᠶᠠᠷᠠᠪᠠ᠃ 
       一 ᠪᠢᠲᠡᠭᠡᠢ ᠤᠬᠢᠯᠠ ᠬᠡᠦᠬᠡ! ᠪᠢ ᠴᠢᠨᠦ ᠵᠣᠪᠠᠯᠠᠩ ᠭᠠᠴᠢᠯᠠᠩ ᠢ᠋ ᠮᠡᠳᠡᠨ᠎ᠡ᠃ ᠴᠢ ᠰᠠᠢᠬᠠᠨ ᠲᠥᠯᠥᠪ ᠲᠡᠢ ᠥᠬᠢᠨ ᠪᠠᠢᠭᠰᠠᠨ ᠶᠤᠮ ᠪᠠᠢᠨ᠎ᠠ᠃  ᠴᠢᠨᠦ ᠰᠢᠲᠠᠩᠬᠠᠢ ᠴᠢᠷᠠᠢ ᠲᠥᠯᠥᠪ ᠦ᠋ᠨ ᠴᠠᠭᠠᠨ᠎ᠠ ᠤᠤᠯ ᠤ᠋ᠨ ᠬᠡᠪ ᠲᠥᠷᠬᠦ ᠴᠢᠨᠢ ᠲᠡᠷᠡ ᠶᠣᠰᠣᠭᠠᠷ ᠢ᠋ᠶ᠋ᠠᠨ ᠬᠠᠷᠠᠭᠳᠠᠵᠤ ᠪᠠᠢᠨ᠎ᠠ᠃  ᠵᠠ᠂ ᠬᠡᠦᠬᠡ ᠠ᠋! ᠨᠠᠮᠠᠶ᠋ᠢ ᠳᠠᠭᠠᠭᠠᠳ ᠢᠷ᠎ᠡ! ᠭᠡᠳ ᠴᠠᠭᠠᠨ ᠰᠠᠬᠠᠯᠲᠤ ᠡᠪᠦᠭᠡᠨ ᠲᠡᠭ ᠬᠢᠲᠡᠯ᠎ᠡ ᠪᠣᠰᠴᠤ ᠴᠠᠭᠠᠳᠤ ᠬᠠᠳᠠ ᠥᠭᠡᠳᠡ ᠮᠠᠴᠤᠪᠠ᠃  
       ᠪᠠᠷᠲᠠᠭ᠎ᠠ ᠶᠡᠬᠡᠲᠡᠢ ᠳᠡᠭᠲᠡᠷ ᠳᠡᠭᠲᠡᠷ ᠬᠠᠳᠠ ᠮᠠᠴᠤᠵᠤ ᠨᠢᠭᠡᠨ ᠬᠠᠳᠠᠨ ᠬᠣᠩᠭᠢᠯ ᠤ᠋ᠨ ᠠᠮᠠᠨ ᠳ᠋ᠤ᠌ ᠬᠦᠷᠪᠡ᠃ ᠡᠭᠦᠳᠡ ᠬᠠᠶᠠᠭ᠎ᠠ ᠰᠠᠬᠢᠭᠰᠠᠨ ᠬᠡᠳᠦ ᠬᠡᠳᠦᠨ ᠴᠢᠨᠣ᠎ᠠ ᠡᠵᠡᠨ ᠬᠥᠮᠦᠨ ᠦ᠌ ᠬᠢᠨᠢ ᠠᠷᠤ ᠳ᠋ᠤ᠌ ᠨᠢᠭᠡ ᠦᠯᠦ ᠲᠠᠨᠢᠬᠤ ᠰᠡᠭᠰᠡᠭᠡᠷ ᠦᠰᠦ ᠲᠡᠢ ᠰᠢᠲᠠᠩᠬᠠᠢ ᠮᠠᠭᠤᠬᠠᠢ ᠴᠢᠷᠠᠢ ᠲᠠᠢ᠂ ᠤᠷᠠᠩ ᠨᠠᠪᠲᠠᠩ ᠬᠤᠪᠴᠠᠰᠤ ᠲᠠᠢ ᠡᠮᠡᠭᠲᠡᠢ ᠳᠠᠭᠠᠯᠳᠤᠵᠤ ᠶᠠᠪᠤᠭ᠎ᠠ ᠶ᠋ᠢ ᠠᠳᠠᠭ ᠨᠢ ᠬᠠᠷᠠᠵᠤ ᠴᠤ᠌ ᠦᠵᠡᠬᠦ ᠦᠭᠡᠢ᠃ ᠲᠡᠭᠡᠬᠦ ᠳ᠋ᠡᠭᠡᠨ ᠥᠭᠡᠷ᠎ᠡ ᠬᠥᠮᠦᠨ ᠢᠷᠡᠬᠦ ᠳ᠋ᠦ᠍ ᠲᠠᠬᠢᠮ ᠤᠷᠤᠭᠤ ᠨᠢ ᠰᠢᠷᠦᠭᠦᠨ ᠨᠢᠳᠤᠷᠴᠤ ᠤᠨᠠᠭᠠᠨ ᠡᠵᠡᠨ ᠦ᠌ ᠪᠡᠨ ᠶᠠᠭᠤ ᠬᠡᠯᠡᠬᠦ ᠶ᠋ᠢ ᠴᠢᠷᠠᠢᠳᠠᠵᠤ ᠬᠠᠳᠠᠨ ᠬᠣᠩᠭᠢᠯ ᠤ᠋ᠨ ᠡᠵᠡᠨ ᠨᠢ《 ᠪᠣᠯᠢ! ᠨᠠᠭᠠᠰᠢ ᠶᠠᠪᠤᠭᠤᠯ!》 ᠭᠡᠬᠦ ᠳ᠋ᠦ᠍ ᠠᠶ᠎ᠠ ᠪᠠᠷ ᠨᠢ ᠲᠠᠯᠪᠢᠳᠠᠭ ᠠᠵᠢ᠃ ᠡᠵᠡᠨ ᠨᠢ ᠡᠳᠦᠢ ᠲᠡᠳᠦᠢ ᠳᠤᠤᠭᠠᠷᠬᠤ ᠦᠭᠡᠢ ᠬᠣᠷᠢᠬᠤ ᠴᠢᠮᠡᠭᠡ ᠥᠭᠬᠦ ᠦᠭᠡᠢ ᠪᠣᠯ ᠲᠡᠭᠦᠨ ᠢ᠋ ᠳᠣᠣᠷ᠎ᠠ ᠨᠢ ᠲᠠᠮᠲᠤᠭ ᠪᠣᠯᠲᠠᠯ᠎ᠠ ᠰᠦᠢᠳᠬᠡᠵᠦ ᠣᠷᠬᠢᠨ᠎ᠠ᠃  
       ᠨᠣᠮᠢᠨ ᠴᠤ᠌ ᠲᠡᠷᠡ ᠴᠠᠭᠠᠨ ᠰᠠᠬᠠᠯᠲᠤ ᠡᠪᠦᠭᠡᠨ ᠢ᠋ ᠪᠣᠷᠪᠢᠳᠠᠨ ᠳᠠᠭᠠᠵᠤ ᠴᠢᠨᠣ᠎ᠠ ᠨᠤᠭᠤᠳ ᠠ᠋ᠴᠠ ᠣᠭᠲᠣᠬᠠᠨ ᠴᠤ᠌ ᠰᠦᠷᠳᠡᠭᠰᠡᠨ ᠦᠭᠡᠢ᠃  
       ᠡᠨᠡ ᠬᠥᠮᠦᠨ ᠪᠣᠯ ᠥᠭᠡᠷ᠎ᠡ ᠬᠥᠮᠦᠨ ᠪᠢᠰᠢ ᠮᠡᠷᠭᠡᠨ ᠴᠠᠭᠠᠨ ᠯᠠᠮᠠᠬᠠᠢ ᠪᠠᠢᠯ᠎ᠠ᠃ 
       ᠬᠠᠳᠠᠨ ᠬᠣᠩᠭᠢᠯ ᠳᠣᠲᠣᠷ᠎ᠠ ᠣᠷᠣᠵᠤ ᠣᠴᠢᠭᠠᠳ ᠨᠣᠮᠢᠨ ᠢ᠋ ᠭᠥᠷᠦᠭᠡᠰᠦᠨ ᠳᠡᠪᠢᠰᠬᠡᠷ ᠳᠡᠭᠡᠷ᠎ᠡ ᠰᠠᠭᠤᠯᠭᠠᠵᠤ《ᠭᠠᠷ ᠢ᠋ᠶ᠋ᠠᠨ ᠨᠠᠭᠠᠰᠢ ᠪᠠᠨ ᠠᠯᠢ᠂ ᠰᠤᠳᠠᠯ ᠢ᠋ ᠴᠢᠨᠢ ᠪᠠᠷᠢᠶ᠎ᠠ》 ᠭᠡᠳ ᠮᠡᠷᠭᠡᠨ ᠴᠠᠭᠠᠨ ᠯᠠᠮᠠᠬᠠᠢ ᠨᠣᠮᠢᠨ ᠤ᠋ ᠪᠠᠷᠠᠭᠤᠨ ᠭᠠᠷ ᠤ᠋ᠨ ᠬᠢᠨᠢ ᠰᠤᠳᠠᠯ ᠢ᠋ ᠲᠡᠮᠲᠡᠷᠢᠵᠦ᠄   
       一 ᠵᠢᠷᠦᠬᠡᠨ ᠳᠦ ᠴᠢᠨᠢ ᠬᠠᠯᠠᠭᠤᠨ ᠰᠢᠷᠭᠤᠵᠤ᠂ ᠬᠡᠢ ᠡᠷᠭᠦᠭᠰᠡᠨ ᠪᠠᠢᠨ᠎ᠠ᠁ ᠡᠨᠡ ᠬᠠᠯᠠᠭᠤᠨ ᠬᠡᠢ ᠨᠢᠳᠦᠨ ᠳ᠋ᠦ᠍ ᠴᠢᠨᠢ ᠬᠠᠷᠪᠤᠭᠰᠠᠭᠠᠷ ᠭᠠᠯᠵᠠᠭᠤᠷᠠᠨ᠎ᠠ᠃ ᠵᠠ᠂ ᠶᠠᠭᠠᠬᠢᠬᠤ ᠪᠣᠢ! ᠭᠠᠢᠭᠤᠢ᠂ ᠭᠠᠢᠭᠤᠢ!  ᠣ! ᠴᠢ ᠮᠣᠭᠠᠢ ᠵᠢᠯ ᠲᠡᠢ᠃ ᠵᠤᠨ ᠤ᠋ ᠲᠤᠢᠯ ᠤ᠋ᠨ ᠡᠳᠦᠷ ᠦ᠋ᠨ ᠦᠦᠷ ᠢ᠋ᠶ᠋ᠡᠷ ᠠᠶᠤᠩᠭᠠᠨ ᠳᠠᠭᠤᠨ ᠳ᠋ᠤ᠌ ᠲᠥᠷᠥᠭᠰᠡᠨ ᠶᠦᠮ ᠪᠠᠢᠨ᠎ᠠ᠃ ᠤᠰᠤᠨ ᠮᠠᠬᠠᠪᠣᠳ᠂ ᠠᠭᠤᠯᠠᠨ ᠳ᠋ᠤ᠌ ᠰᠠᠭᠤᠳᠠᠯ ᠲᠠᠢ᠃ ᠵᠦᠭᠡᠷ᠂ ᠵᠦᠭᠡᠷ! ᠡᠨᠡ ᠪᠣᠭᠣᠳᠠᠯ ᠡᠮ ᠢ᠋ ᠤᠤᠭᠤᠴᠢᠬ᠎ᠠ! ᠭᠡᠳ ᠲᠠᠰᠤ ᠬᠦᠢᠲᠡᠨ ᠪᠤᠯᠠᠭ ᠤ᠋ᠨ ᠤᠰᠤ ᠥᠭᠴᠦ ᠡᠮ ᠦ᠋ᠨ ᠬᠥᠯᠭᠡ ᠪᠣᠯᠭᠠᠪᠠ᠃  
       ᠨᠣᠮᠢᠨ ᠲᠡᠷᠡ ᠪᠣᠭᠣᠳᠠᠯ ᠲᠠᠢ ᠡᠮ ᠢ᠋ ᠯᠠᠮᠠᠬᠠᠢ ᠶ᠋ᠢᠨ ᠥᠭᠭᠦᠭᠰᠡᠨ ᠬᠦᠢᠲᠡᠨ ᠤᠰᠤ ᠪᠠᠷ ᠳᠠᠷᠤᠭᠤᠯᠵᠤ ᠤᠤᠭᠤᠭᠰᠠᠨ ᠳ᠋ᠤ᠌ ᠳᠣᠲᠣᠷ᠎ᠠ ᠨᠢ ᠰᠡᠷᠢᠭᠦᠦ ᠣᠷᠬᠢᠭᠠᠳ ᠶᠠᠪᠤᠴᠢᠬᠠᠪᠠ᠃ 
       一 ᠤᠳᠠᠬᠤ ᠦᠭᠡᠢ ᠨᠣᠢᠷ ᠴᠢᠨᠢ ᠬᠦᠷᠴᠦ ᠡᠪᠰᠢᠶᠡᠯᠭᠡᠬᠦ ᠪᠣᠢ ᠳᠠ! ᠨᠣᠢᠷ ᠬᠦᠷᠪᠡᠯ ᠡᠨᠳᠡ ᠨᠢᠭᠡ ᠤᠨᠲᠠᠭᠠᠳ ᠠᠪ! ᠰᠡᠷᠡᠬᠦᠯᠡᠷ ᠴᠢᠨᠢ ᠨᠢᠭᠡ ᠶᠠᠭᠤᠮ᠎ᠠ ᠲᠠᠨᠢᠭᠳᠠᠬᠤ ᠪᠣᠢ ᠭᠡᠳ ᠮᠤᠬᠤᠷ ᠰᠢᠭᠢᠷ᠎ᠡ ᠲᠡᠢ ᠭᠢᠴᠢᠢ ᠪᠡᠨ ᠳᠠᠭᠤᠳᠠᠵᠤ《ᠢᠷ᠎ᠡ᠂ ᠡᠭᠦᠨ ᠢ᠋ ᠳᠣᠯᠢᠶᠠ!》 ᠭᠡᠬᠦ ᠳ᠋ᠦ᠍ ᠱ᠌ᠢᠷ ᠱᠣᠷ ᠬᠢᠬᠦ ᠵᠠᠪ ᠦᠭᠡᠢ ᠲᠡᠭᠦᠨ ᠦ᠌ ᠬᠠᠵᠠᠭᠤ ᠳ᠋ᠤ᠌ ᠡᠮᠦᠨ᠎ᠡ ᠬᠣᠶᠠᠷ ᠰᠢᠭᠢᠷ᠎ᠡ ᠨᠢ ᠮᠤᠬᠤᠷ ᠭᠢᠴᠢᠢ ᠴᠢᠨᠣ᠎ᠠ ᠢᠷᠡᠵᠦ ᠱᠣᠩᠨᠣᠢᠪᠠ᠃  
       一 ᠡᠨᠡ ᠬᠡᠦᠬᠡᠨ ᠦ᠌ ᠨᠢᠭᠤᠷ ᠢ᠋ ᠰᠠᠢᠬᠠᠨ ᠳᠢᠭᠲᠡᠢ ᠳᠣᠯᠢᠶᠠᠵᠤ ᠥᠭ! ᠰᠢᠲᠠᠭᠰᠠᠨ ᠲᠠᠲᠠᠩᠬᠠᠢ ᠠᠷᠠᠰᠤ ᠶ᠋ᠢ ᠨᠢ ᠳᠠᠨᠠᠢᠲᠠᠯ᠎ᠠ ᠳᠣᠯᠢᠶᠠ! ᠤᠤᠯ ᠤ᠋ᠨ ᠬᠢᠨᠢ ᠨᠢᠯᠬᠠᠰᠢᠶᠠᠷ ᠭᠤᠸ᠎ᠠ ᠬᠡᠪ ᠲᠦ᠋ᠨᠢ ᠣᠷᠣᠲᠠᠯ᠎ᠠ ᠳᠣᠯᠢᠶᠠ! ᠭᠡᠰᠡᠨ ᠳ᠋ᠦ᠍ ᠲᠡᠷᠡ ᠭᠢᠴᠢᠢ ᠰᠣᠶᠣᠭᠠᠲᠤ ᠲᠣᠮᠣ ᠠᠮᠠ ᠪᠠᠨ ᠠᠩᠭᠠᠯᠵᠠᠭᠤᠯᠤᠨ ᠡᠪᠰᠢᠶᠡᠵᠦ ᠠᠪᠤᠭᠠᠳ ᠨᠣᠮᠢᠨ ᠤ᠋ ᠰᠢᠲᠠᠩᠬᠠᠢ ᠠᠲᠤᠷᠢᠯᠳᠤᠭᠰᠠᠨ ᠨᠢᠭᠤᠷ ᠢ᠋ ᠳᠣᠯᠢᠶᠠᠵᠤ ᠡᠬᠢᠯᠡᠪᠡ᠃  
       ᠳᠡᠮᠡᠢ ᠤᠳᠠᠭᠰᠠᠨ ᠦᠭᠡᠢ ᠨᠣᠮᠢᠨ ᠬᠡᠦᠬᠡᠨ ᠡᠪᠰᠢᠶᠡᠯᠭᠡᠵᠦ ᠨᠣᠢᠷ ᠨᠢ ᠬᠦᠷᠪᠡ᠃ ᠬᠣᠶᠠᠷ ᠨᠢᠳᠦᠨ ᠦ᠌ ᠬᠢᠨᠢ ᠵᠣᠪᠬᠢ ᠨᠢ ᠠᠨᠢᠯᠳᠤᠭᠠᠳ ᠶᠠᠭ ᠲᠡᠰᠬᠦ ᠪᠡᠨ ᠪᠣᠯᠢᠪᠠ᠃ ᠮᠡᠷᠭᠡᠨ ᠴᠠᠭᠠᠨ ᠯᠠᠮᠠᠬᠠᠢ ᠨᠣᠮᠢᠨ ᠤ᠋ ᠨᠣᠢᠷ ᠨᠢ ᠬᠦᠷᠦᠭᠰᠡᠨ ᠢ᠋ ᠦᠵᠡᠭᠡᠳ᠄  
       一 ᠵᠠ᠂ ᠣᠳᠣ ᠤᠨᠲᠠ᠂ ᠤᠨᠲᠠ! ᠪᠡᠶ᠎ᠡ ᠪᠡᠨ ᠰᠠᠢᠬᠠᠨ ᠠᠮᠠᠷᠠᠭᠠᠵᠤ ᠲᠠᠪᠠᠲᠠᠢᠬᠠᠨ ᠨᠢᠭᠡ ᠤᠨᠲᠠᠭᠠᠳ ᠠᠪ! ᠭᠡᠰᠡᠨ ᠳ᠋ᠦ᠍ ᠨᠣᠮᠢᠨ ᠮᠡᠷᠭᠡᠨ ᠴᠠᠭᠠᠨ ᠯᠠᠮᠠᠬᠠᠢ ᠶ᠋ᠢᠨ ᠤᠨᠲᠠᠭᠤᠯᠳᠠᠭ ᠡᠮ ᠢ᠋ ᠤᠤᠭᠤᠭᠠᠳ ᠪᠦᠪᠡᠢ ᠶ᠋ᠢᠨ ᠲᠠᠷᠨᠢ ᠶ᠋ᠢ ᠬᠦᠷᠲᠡᠭᠰᠡᠨ ᠰᠢᠭ ᠲᠡᠰᠬᠡᠯ ᠦᠭᠡᠢ ᠲᠤᠭ ᠨᠣᠢᠷ ᠲᠠᠭᠠᠨ ᠣᠷᠣᠪᠠ᠃   
        ᠁  
       ᠬᠠᠮᠢᠭ᠎ᠠ ᠴᠤ᠌ ᠶᠤᠮ ᠪᠤᠤ ᠮᠡᠳᠡ! ᠶᠠᠮᠠᠷ ᠨᠢᠭᠡᠨ ᠰᠣᠨᠢᠬᠠᠨ ᠭᠠᠵᠠᠷ ᠬᠦᠷᠦᠭᠡᠳ ᠣᠴᠢᠭᠰᠠᠨ ᠰᠢᠭ᠋᠃ ᠡᠭᠦᠯᠡ ᠴᠦ᠍ ᠰᠢᠭ ᠮᠠᠨᠠᠨ ᠴᠤ᠌ ᠰᠢᠭ᠋᠂ ᠮᠤᠰᠬᠢᠷᠠᠯᠳᠤᠨ ᠣᠷᠢᠶᠠᠯᠳᠤᠭᠰᠠᠨ ᠷᠠᠰᠢᠶᠠᠨ ᠪᠤᠯᠠᠭ ᠤ᠋ᠨ ᠤᠰᠤᠨ ᠳ᠋ᠤ᠌ ᠪᠡᠶ᠎ᠡ ᠪᠡᠨ ᠤᠬᠢᠶᠠᠵᠤ ᠪᠠᠢᠨ᠎ᠠ ᠭᠡᠵᠦ ᠵᠡᠭᠦᠳᠦᠯᠡᠪᠡ᠁ 
       一 ᠵᠠ᠂ ᠴᠢ ᠡᠳᠦᠷ ᠡᠳᠦᠷ ᠡᠨᠳᠡ ᠢᠷᠡᠵᠦ ᠪᠡᠶ᠎ᠡ ᠪᠡᠨ ᠤᠬᠢᠶᠠ! ᠤᠬᠢᠶᠠᠭᠰᠠᠭᠠᠷ ᠪᠠᠢᠲᠠᠯ᠎ᠠ ᠬᠣᠨᠣᠭ ᠲᠣᠭ᠎ᠠ ᠭᠦᠢᠴᠡᠵᠦ ᠨᠢᠭᠡ ᠡᠳᠦᠷ ᠪᠡᠶ᠎ᠡ ᠡᠴᠡ ᠴᠢᠨᠢ ᠮᠠᠭᠤ ᠮᠠᠭᠤᠬᠠᠢ ᠰᠢᠲᠠᠩᠬᠠᠢ ᠲᠠᠲᠠᠩᠬᠠᠢ ᠬᠠᠢᠷᠰᠤ ᠰᠢᠪᠲᠤᠷᠠᠵᠤ ᠤᠨᠠᠬᠤ ᠪᠣᠯᠤᠨ᠎ᠠ᠃ ᠲᠡᠭᠡᠪᠡᠯ ᠴᠢ ᠬᠣᠷᠸ᠎ᠠ ᠳ᠋ᠤ᠌ ᠬᠣᠣᠰ ᠦᠭᠡᠢ ᠭᠤᠸ᠎ᠠ ᠬᠡᠦᠬᠡᠨ ᠪᠣᠯᠵᠤ ᠬᠤᠪᠢᠷᠠᠨ᠎ᠠ᠃ ᠲᠡᠷᠡ ᠦᠶ᠎ᠡ ᠳ᠋ᠦ᠍ ᠴᠢᠮᠠᠶ᠋ᠢ ᠳᠣᠭᠣᠭᠢᠯᠠᠵᠤ ᠳᠣᠷᠣᠮᠵᠢᠯᠠᠵᠤ ᠪᠠᠢᠭᠰᠠᠨ ᠬᠥᠮᠦᠰ ᠴᠢᠨᠦ ᠬᠠᠵᠠᠭᠤ ᠳ᠋ᠤ᠌ ᠢᠴᠢᠵᠦ ᠦᠬᠦᠨ᠎ᠡ ᠭᠡᠳ ᠮᠡᠷᠭᠡᠨ ᠴᠠᠭᠠᠨ ᠯᠠᠮᠠᠬᠠᠢ ᠬᠠᠳᠠ ᠴᠤᠤᠷᠢᠶᠳᠤᠲᠠᠯ᠎ᠠ ᠢᠨᠢᠶᠡᠨ᠎ᠡ᠃  
       一 ᠲᠡᠭᠡᠪᠡᠯ ᠶᠠᠮᠠᠷ ᠰᠠᠢᠬᠠᠨ ᠪᠣᠢ⁈  ᠪᠢ ᠬᠡᠯᠡᠭᠰᠡᠨ ᠢ᠋ᠶ᠋ᠡᠷ ᠴᠢᠨᠢ ᠲᠡᠷᠡ ᠷᠠᠰᠢᠶᠠᠨ ᠳ᠋ᠤ᠌ ᠡᠳᠦᠷ ᠡᠳᠦᠷ ᠠᠯᠳᠠᠯ ᠦᠭᠡᠢ ᠤᠬᠢᠶᠠᠨ᠎ᠠ᠃   
       一 ᠲᠡᠭᠡᠨ᠎ᠡ ᠰᠢᠦ! ᠳᠡᠭᠡᠯ ᠦᠭᠡᠢ ᠶᠠᠭᠠᠬᠢᠬᠤ ᠪᠣᠢ!  ᠲᠡᠭᠡᠪᠡᠴᠦ ᠵᠠᠷᠢᠮ ᠳ᠋ᠠᠭᠠᠨ ᠡᠨᠡ ᠷᠠᠰᠢᠶᠠᠨᠲᠤ ᠴᠡᠩᠬᠡᠷ ᠴᠣᠩᠬᠢᠶᠠᠯ ᠳ᠋ᠤ᠌ ᠨᠢᠭᠡ ᠠᠪᠤᠷᠭᠤ ᠨᠣᠭᠣᠭᠠᠨ ᠮᠣᠭᠠᠢ ᠲᠠᠭᠠᠷᠠᠯᠳᠤᠬᠤ ᠶᠤᠮ ᠠ᠋!  
       一 ᠮᠣᠭᠠᠢ ᠭᠡᠨ᠎ᠡ ᠠ᠋?   
       — ᠲᠡᠢᠮᠦ ᠠ᠋᠂ ᠠᠪᠤᠷᠭᠤ ᠨᠣᠭᠣᠭᠠᠨ ᠮᠣᠭᠠᠢ᠂ ᠪᠠᠰᠠ ᠡᠪᠡᠷ ᠲᠡᠢ᠃  
         ᠁  
       一 ᠲᠡᠭᠦᠨ ᠡᠴᠡ ᠪᠢᠲᠡᠭᠡᠢ ᠠᠶᠤ! ᠮᠣᠭᠠᠢ ᠠ᠋ᠴᠠ ᠠᠶᠤᠵᠤ ᠰᠣᠴᠢᠭᠠᠳ ᠳᠤᠲᠠᠭᠠᠵᠤ ᠴᠠᠭᠠᠰᠢ ᠪᠢᠲᠡᠭᠡᠢ ᠭᠦᠶᠦ! ᠨᠡᠩ ᠴᠦ᠍ ᠠᠶᠤᠵᠤ ᠪᠠᠯᠠᠭᠳᠠᠬᠤ ᠳ᠋ᠠᠭᠠᠨ ᠲᠡᠭᠦᠨ ᠢ᠋ ᠬᠣᠣᠷᠯᠠᠵᠤ ᠬᠥᠨᠥᠭᠡᠬᠦ ᠶ᠋ᠢ ᠤᠷᠤᠯᠳᠤᠵᠤ ᠪᠣᠯᠬᠤ ᠦᠭᠡᠢ᠃ ᠠᠵᠢᠭ ᠦᠭᠡᠢ ᠯᠡ ᠶᠠᠪᠤᠭᠠᠳ ᠪᠠᠢᠭᠠᠷᠠᠢ! ᠲᠡᠷᠡ ᠴᠢᠮᠠᠶ᠋ᠢ ᠶᠠᠭᠠᠬᠢᠬᠤ ᠴᠤ᠌ ᠦᠭᠡᠢ᠃ ᠴᠢ ᠬᠠᠷᠢᠨ ᠮᠢᠨᠦ ᠬᠡᠯᠡᠭᠰᠡᠨ ᠡᠴᠡ ᠵᠥᠷᠢᠴᠡᠵᠦ ᠠᠪᠤᠷᠭᠤ ᠨᠣᠭᠣᠭᠠᠨ ᠮᠣᠭᠠᠢ ᠠ᠋ᠴᠠ ᠠᠶᠤᠨ ᠳᠤᠲᠠᠭᠠᠵᠤ ᠰᠦᠢᠳ ᠪᠣᠯᠤᠭᠰᠠᠭᠠᠷ ᠲᠡᠷᠡ ᠴᠢᠮᠠᠶ᠋ᠢ ᠵᠢᠭᠰᠢᠵᠦ ᠦᠭᠡᠢ ᠬᠢᠨ᠎ᠡ ᠰᠢᠦ! ᠲᠡᠷᠡ ᠠᠪᠤᠷᠭᠤ ᠮᠣᠭᠠᠢ ᠴᠢᠮ᠎ᠠ ᠳ᠋ᠤ᠌ ᠥᠨᠢᠳᠡ ᠶ᠋ᠢᠨ ᠲᠦᠰᠢᠭ ᠪᠣᠯᠵᠤ ᠲᠡᠳᠬᠦᠬᠦ ᠶᠦᠮ! ᠶᠡᠷᠦ ᠡᠴᠡ ᠤᠷᠢᠲᠠᠵᠤ ᠴᠢᠮ᠎ᠠ ᠳ᠋ᠤ᠌ ᠬᠣᠣᠷ ᠬᠥᠨᠥᠭᠡᠯ ᠲᠠᠷᠢᠬᠤ ᠦᠭᠡᠢ᠃ ᠶᠡᠷᠦ ᠨᠢ ᠭᠠᠭᠴᠠ ᠴᠢᠮᠠᠶ᠋ᠢ ᠢᠪᠡᠭᠡᠨ ᠡᠨᠡᠷᠢᠬᠦ ᠪᠡᠷ ᠵᠣᠭᠰᠣᠬᠤ ᠦᠭᠡᠢ᠂ ᠪᠠᠰᠠ ᠬᠠᠨ ᠮᠤᠨᠠ ᠶ᠋ᠢᠨ ᠠᠮᠢᠲᠠᠨ ᠵᠢᠷᠭᠤᠭᠠᠨ ᠵᠦᠢᠯ᠂ ᠡᠪᠡᠰᠦ ᠤᠷᠭᠤᠮᠠᠯ᠂ ᠮᠣᠳᠣ ᠦᠶᠡᠳᠡᠨ᠂ ᠷᠠᠬᠢᠨᠢ ᠴᠢᠬᠢᠨᠢ ᠪᠦᠭᠦᠳᠡ ᠶ᠋ᠢ ᠡᠨᠡᠷᠢᠨ ᠢᠪᠡᠭᠡᠵᠦ᠂ ᠪᠣᠷᠣᠭᠠᠨ ᠬᠤᠷ᠎ᠠ ᠶ᠋ᠢ ᠴᠠᠭ ᠲᠤᠨᠢ ᠳᠠᠭᠤᠳᠠᠵᠤ ᠭᠠᠩ ᠬᠠᠭᠤᠷᠠᠢ ᠤᠰᠤ ᠴᠢᠭᠢᠭ ᠢ᠋ ᠲᠣᠬᠢᠷᠠᠭᠤᠯᠳᠠᠭ ᠯᠤᠤᠰ ᠤ᠋ᠨ ᠰᠠᠪᠳᠠᠭ ᠪᠤᠶᠤ!  
       一 ᠯᠤᠤᠰ ᠤ᠋ᠨ ᠰᠠᠪᠳᠠᠭ ᠭᠡᠨ᠎ᠡ ᠊ᠤᠤ?  
       一 ᠲᠡᠢᠮᠦ᠃  
       一 ᠠᠯᠢ ᠳᠠᠯᠠᠢ ᠲᠠᠩᠭᠢᠰ ᠠ᠋ᠴᠠ ᠮᠣᠷᠢᠯᠠᠵᠤ ᠢᠷᠡᠭᠰᠡᠨ ᠯᠤᠤᠰ ᠤ᠋ᠨ ᠰᠠᠪᠳᠠᠭ ᠪᠣᠯᠴᠢᠬᠠᠪᠠ?  
       一 ᠴᠢ ᠡᠭᠦᠨ ᠢ᠋ ᠰᠣᠨᠢᠷᠬᠠᠵᠤ ᠪᠠᠢᠬᠤ ᠨᠢ ᠦᠯᠢᠭᠡᠷ ᠳᠣᠮᠣᠭ ᠢ᠋ ᠨᠢ ᠰᠣᠨᠣᠰᠬᠤ ᠰᠠᠨᠠᠭᠠᠲᠠᠢ ᠊ᠤᠤ?  
       一 ᠰᠣᠨᠣᠰᠤᠶ᠎ᠠ! ᠲᠠ ᠨᠠᠳᠠ ᠬᠡᠯᠡᠭᠡᠳ ᠥᠭᠭᠦᠨ᠎ᠡ ᠊ᠤᠤ? 
       一 ᠵᠠ ᠲᠡᠭᠡᠶ᠎ᠡ! ᠭᠡᠳ ᠮᠥᠩᠭᠥᠨ ᠴᠠᠭᠠᠨ ᠰᠠᠬᠠᠯ ᠢ᠋ᠶ᠋ᠠᠨ ᠰᠢᠪᠲᠤᠷᠠᠵᠤ ᠠᠪᠤᠭᠠᠳ ᠦᠯᠢᠭᠡᠷ ᠢ᠋ᠶ᠋ᠡᠨ ᠶᠠᠷᠢᠵᠤ ᠡᠬᠢᠯᠡᠪᠡ᠃   
       ᠡᠷᠲᠡ ᠤᠷᠢᠳᠤ ᠴᠠᠭ ᠲᠤ᠌ ᠬᠠᠨ ᠮᠤᠨᠠ ᠶ᠋ᠢᠨ ᠰᠢᠷ᠎ᠠ ᠣᠷᠣᠢ ᠶ᠋ᠢᠨ ᠥᠪᠥᠷ ᠲᠦ᠍᠂ ᠬᠠᠳᠠ ᠲᠠᠢ ᠡᠩᠭᠡᠷ ᠦ᠋ᠨ ᠵᠢᠯᠠᠭᠠᠨ ᠳ᠋ᠤ᠌ ᠨᠢᠭᠡ ᠬᠠᠷ᠎ᠠ ᠡᠷᠢᠶᠡᠨ ᠮᠣᠭᠠᠢ ᠪᠠᠢᠵᠠᠢ᠃ ᠲᠡᠷᠡ ᠪᠣᠯ ᠬᠠᠷ᠎ᠠ ᠲᠠᠩᠭᠢᠰ ᠠ᠋ᠴᠠ ᠡᠨᠳᠡ ᠲᠣᠮᠢᠯᠠᠵᠤ ᠢᠷᠡᠭᠦᠯᠦᠭᠰᠡᠨ ᠯᠤᠤᠰ ᠤ᠋ᠨ ᠬᠦᠯᠦᠭ ᠦ᠋ᠨ ᠨᠢᠭᠡ᠂ ᠲᠡᠷᠡ ᠮᠣᠭᠠᠢ ᠬᠠᠨ ᠮᠤᠨᠠ ᠶ᠋ᠢᠨ ᠥᠪᠥᠷ ᠬᠠᠵᠠᠭᠤ᠂ ᠣᠢᠷ᠎ᠠ ᠬᠠᠪᠢᠯᠳᠠᠭᠤ ᠨᠤᠲᠤᠭ ᠪᠡᠯᠴᠢᠭᠡᠷ ᠦ᠋ᠨ ᠤᠰᠤ ᠴᠢᠭᠢᠭ ᠢ᠋ ᠵᠣᠬᠢᠴᠠᠭᠤᠯᠵᠤ ᠥᠩ ᠰᠢᠮᠡᠯᠢᠭ ᠥᠨᠢᠷ ᠪᠠᠶᠠᠨ ᠪᠣᠯᠭᠠᠭᠰᠠᠨ ᠢ᠋ ᠬᠥᠮᠦᠰ ᠮᠡᠳᠡᠳᠡᠭ ᠦᠭᠡᠢ ᠪᠠᠢᠵᠠᠢ᠃ ᠲᠡᠷᠡ ᠠᠪᠤᠷᠭᠤ ᠮᠣᠭᠠᠢ ᠨᠢᠭᠡ ᠯᠤᠲᠤ ᠪᠠᠶᠠᠨ ᠠᠢᠯ ᠤ᠋ᠨ ᠵᠤᠵᠠᠭᠠᠨ ᠢᠮᠠᠭᠠᠨ ᠰᠦᠷᠦᠭ ᠡᠴᠡ ᠨᠢ ᠠᠯᠢ ᠲᠣᠮᠣ᠂ ᠲᠠᠷᠭᠤᠨ ᠢ᠋ ᠨᠢ ᠡᠳᠦᠷ ᠲᠦ᠍ ᠨᠢᠭᠡ ᠶ᠋ᠢ ᠰᠣᠷᠣᠵᠤ ᠢᠳᠡᠳᠡᠭ ᠪᠠᠢᠵᠠᠢ᠃ ᠭᠡᠷ ᠦ᠋ᠨ ᠡᠵᠡᠨ ᠨᠢ ᠶᠠᠪᠤᠭᠤᠯ ᠤ᠋ᠨ ᠬᠥᠮᠦᠨ ᠦ᠌ ᠬᠣᠪᠴᠢ ᠦᠭᠡᠨ ᠳ᠋ᠦ᠍ ᠣᠷᠣᠵᠤ ᠲᠡᠷᠡ ᠮᠣᠭᠠᠢ ᠶ᠋ᠢ ᠬᠥᠨᠥᠭᠡᠭᠰᠡᠨ ᠳ᠋ᠦ᠍ ᠠᠵᠢᠷᠭᠠᠨ ᠪᠣᠷᠣᠭᠠᠨ ᠣᠷᠣᠵᠤ ᠲᠣᠭᠰᠢᠨ ᠦᠶᠡᠷ ᠪᠠᠭᠤᠭᠠᠳ ᠲᠡᠷᠡ ᠪᠠᠶᠠᠨ ᠠᠢᠯ ᠢ᠋ ᠬᠣᠭ ᠦᠭᠡᠢ ᠠᠪᠴᠤ ᠶᠠᠪᠤᠵᠠᠢ᠃ ᠲᠡᠭᠦᠨ ᠡᠴᠡ ᠬᠣᠢᠰᠢ ᠯᠤᠤᠰ ᠤ᠋ᠨ ᠡᠵᠡᠨ ᠠᠭᠤᠷᠯᠠᠵᠤ ᠬᠠᠨ ᠮᠤᠨᠠ ᠶ᠋ᠢᠨ ᠨᠤᠲᠤᠭ ᠲᠤ᠌ ᠡᠯᠴᠢ ᠬᠦᠯᠦᠭ ᠲᠣᠮᠢᠯᠠᠬᠤ ᠪᠠᠨ ᠪᠣᠯᠢᠵᠤ ᠡᠨᠡ ᠨᠤᠲᠤᠭ ᠢ᠋ ᠭᠠᠩ ᠬᠠᠭᠤᠷᠠᠢ ᠪᠣᠯᠭᠠᠵᠤ ᠣᠷᠬᠢᠵᠠᠢ ᠭᠡᠨ᠎ᠡ᠃   
       ᠬᠡᠵᠢᠶ᠎ᠡ ᠬᠣᠢᠨ᠎ᠠ《ᠱᠠᠵᠢᠨ ᠪᠠᠳᠠᠷᠠᠭᠤᠯᠤᠭᠴᠢ ᠰᠦᠮ᠎ᠡ》 ᠶ᠋ᠢᠨ ᠮᠡᠷᠭᠡᠨ ᠭᠡᠭᠡᠨ᠂ ᠰᠦᠮ᠎ᠡ ᠬᠡᠢᠳ ᠦ᠋ᠨ ᠢ᠋ᠶ᠋ᠡᠨ ᠳᠡᠭᠡᠳᠦ ᠭᠣᠣᠯ ᠢ᠋ ᠥᠭᠡᠳᠡᠯᠡᠵᠦ ᠶᠠᠪᠤᠨ ᠵᠦᠯᠭᠡᠯᠢᠭ ᠨᠣᠭᠣᠭᠠᠨ ᠭᠠᠵᠠᠷ ᠭᠡᠰᠡᠷ ᠰᠦᠮ᠎ᠡ ᠪᠠᠢᠭᠤᠯᠵᠤ ᠲᠠᠪᠤᠨ ᠰᠠᠷ᠎ᠠ ᠶ᠋ᠢᠨ ᠰᠢᠨᠡᠳ ᠢ᠋ᠶ᠋ᠡᠷ ᠯᠤᠤᠰ ᠤ᠋ᠨ ᠡᠵᠡᠨ ᠡᠴᠡ ᠪᠣᠷᠣᠭᠠᠨ ᠬᠤᠷ᠎ᠠ ᠭᠤᠶᠤᠵᠤ ᠰᠦᠰᠦᠭᠯᠡᠨ ᠳᠠᠬᠢᠳᠠᠭ ᠪᠣᠯᠵᠠᠢ᠃ ᠰᠡᠭᠦᠯ ᠰᠡᠭᠦᠯ ᠳ᠋ᠡᠭᠡᠨ ᠪᠦᠷ ᠲᠠᠪᠤᠨ ᠰᠠᠷ᠎ᠠ ᠶ᠋ᠢᠨ ᠰᠢᠨ᠎ᠡ ᠶ᠋ᠢᠨ ᠲᠠᠪᠤᠨ ᠳ᠋ᠠᠭᠠᠨ ᠬᠤᠪᠢᠯᠭᠠᠨ ᠯᠠᠮᠠ ᠮᠡᠷᠭᠡᠨ ᠭᠡᠭᠡᠨ ᠪᠡᠶ᠎ᠡ ᠪᠡᠷ ᠢ᠋ᠶ᠋ᠡᠨ ᠮᠤᠨᠠ ᠬᠠᠢᠷᠬᠠᠨ ᠤ᠋ ᠬᠠᠮᠤᠭ ᠤ᠋ᠨ ᠥᠨᠳᠥᠷ ᠰᠠᠷᠢᠳᠠᠭ一 ᠰᠢᠷ᠎ᠠ ᠣᠷᠣᠢ ᠳ᠋ᠤ᠌ ᠭᠠᠷᠴᠤ ᠳᠠᠬᠢᠯᠠᠭ᠎ᠠ ᠦᠢᠯᠡᠳᠴᠦ ᠪᠣᠷᠣᠭᠠᠨ ᠬᠤᠷ᠎ᠠ ᠭᠤᠶᠤᠳᠠᠭ ᠪᠣᠯᠤᠭᠰᠠᠨ ᠢ᠋ ᠮᠤᠨᠠ ᠬᠠᠨ ᠦᠵᠡᠭᠡᠳ ᠰᠡᠳᠬᠢᠯ ᠬᠥᠳᠡᠯᠵᠦ ᠯᠤᠤᠰ ᠤ᠋ᠨ ᠡᠵᠡᠨ ᠳ᠋ᠦ᠍《ᠱᠠᠵᠢᠨ ᠪᠠᠳᠠᠷᠠᠭᠤᠯᠤᠭᠴᠢ ᠰᠦᠮ᠎ᠡ》 ᠶ᠋ᠢᠨ ᠮᠡᠷᠭᠡᠨ ᠭᠡᠭᠡᠨ ᠦ᠌ ᠦᠢᠯᠡ ᠵᠢᠷᠤᠮ ᠢ᠋ ᠦᠨᠡᠨ ᠮᠥᠨ ᠢ᠋ᠶ᠋ᠡᠷ ᠨᠢ ᠠᠢᠯᠠᠳᠬᠠᠭᠰᠠᠨ ᠳ᠋ᠤ᠌ ᠰᠢᠷ᠎ᠠ ᠲᠠᠩᠭᠢᠰ ᠤ᠋ᠨ ᠯᠤᠤᠰ ᠤ᠋ᠨ ᠡᠵᠡᠨ ᠮᠤᠨᠠ ᠠᠭᠤᠯᠠᠨ ᠳ᠋ᠤ᠌ ᠯᠤᠤᠰ ᠤ᠋ᠨ ᠡᠯᠴᠢ ᠲᠣᠮᠢᠯᠠᠵᠤ ᠢᠷᠡᠭᠦᠯᠦᠭᠰᠡᠨ ᠭᠡᠨ᠎ᠡ᠃  
       ᠨᠢᠭᠡ ᠡᠳᠦᠷ《ᠱᠠᠵᠢᠨ ᠪᠠᠳᠠᠷᠠᠭᠤᠯᠤᠭᠴᠢ ᠰᠦᠮ᠎ᠡ》 ᠶ᠋ᠢᠨ ᠮᠡᠷᠭᠡᠨ ᠭᠡᠭᠡᠨ᠂ ᠭᠡᠭᠡᠨ ᠰᠠᠩ ᠵᠢᠰᠠ ᠶ᠋ᠢᠨ ᠣᠮᠪᠣ᠂ ᠨᠢᠷᠪᠠ᠂ ᠭᠡᠭᠡᠨ ᠯᠠᠪᠷᠤᠩ ᠤ᠋ᠨ ᠱᠠᠩᠽᠠᠳ᠂ ᠰᠣᠢᠪᠣᠨ ᠨᠠᠷ ᠲᠠᠭᠠᠨ᠄《 ᠥᠨᠥᠳᠥᠷ ᠵᠡᠭᠦᠨ ᠡᠮᠦᠨ᠎ᠡ ᠵᠦᠭ ᠡᠴᠡ ᠡᠷᠬᠢᠮᠰᠦᠭ ᠬᠦᠨᠳᠦᠲᠡᠢ ᠵᠣᠴᠢᠨ ᠢᠷᠡᠨ᠎ᠡ᠂ ᠲᠠ ᠨᠠᠷ ᠲᠦᠷᠭᠡᠬᠡᠨ ᠶᠠᠪᠤᠵᠤ ᠭᠡᠭᠡᠨ ᠯᠠᠪᠷᠤᠩ ᠤ᠋ᠨ ᠤᠯᠠᠭᠠᠨ ᠰᠢᠷ᠎ᠠ ᠤᠭᠠᠯᠵᠠ ᠲᠠᠢ ᠨᠣᠭᠣᠭᠠᠨ ᠬᠥᠯᠲᠥᠷᠭᠡ ᠲᠡᠢ ᠭᠡᠷ ᠢ᠋ ᠴᠢᠭᠢᠭᠯᠢᠭ ᠰᠡᠷᠢᠭᠦᠨ ᠤᠷᠲᠤ ᠪᠣᠯᠭᠠᠵᠤ ᠪᠠᠷᠢᠭᠠᠳ᠂ ᠬᠦᠷᠢᠶ᠎ᠡ ᠬᠠᠰᠢᠶ᠎ᠠ ᠪᠠᠨ ᠭᠢᠯᠠ ᠴᠢᠯᠡ ᠪᠣᠯᠲᠠᠯ᠎ᠠ ᠴᠡᠪᠡᠷᠯᠡᠨ᠂ ᠴᠢ ᠴᠤᠤ᠂ ᠬᠣᠭᠣᠯᠠ ᠬᠤᠰᠢ ᠪᠠᠨ ᠪᠡᠯᠡᠬᠡᠨ ᠪᠣᠯᠭᠠᠵᠤ᠂ ᠬᠦᠵᠢ ᠰᠠᠩ ᠤᠩᠭᠤᠰᠬᠠᠨ᠂ ᠵᠤᠯᠠ ᠲᠠᠬᠢᠯ ᠢ᠋ᠶ᠋ᠠᠨ ᠰᠡᠷᠭᠦᠭᠡᠨ᠂ ᠲᠡᠷᠡ ᠡᠷᠬᠢᠮᠰᠦᠭ ᠵᠣᠴᠢᠨ ᠢ᠋ ᠤᠭᠲᠤᠬᠤ ᠪᠠᠷ ᠪᠡᠯᠡᠳᠬᠡᠭᠡᠷᠡᠢ!》 ᠭᠡᠵᠡᠢ᠃ ᠲᠡᠭᠡᠭᠡᠳ ᠭᠡᠭᠡᠨ ᠯᠠᠪᠷᠤᠩ ᠤ᠋ᠨ ᠯᠠᠮᠠ ᠬᠤᠸᠠᠷᠠᠭ ᠨᠠᠷ ᠭᠡᠭᠡᠨ ᠬᠤᠪᠢᠯᠭᠠᠨ ᠤ᠋ ᠪᠠᠨ ᠵᠠᠬᠢᠭᠰᠠᠨ ᠶᠣᠰᠣ ᠪᠠᠷ ᠪᠦᠬᠦ ᠶᠠᠭᠤᠮ᠎ᠠ ᠶ᠋ᠢ ᠪᠦᠷᠢᠨ ᠲᠡᠭᠦᠰ ᠪᠠᠵᠠᠭᠠᠴᠢᠬᠠᠭᠠᠳ ᠵᠡᠭᠦᠨ ᠡᠮᠦᠨ᠎ᠡ ᠵᠦᠭ ᠤᠷᠤᠭᠤ ᠨᠢᠳᠦ ᠪᠡᠨ ᠬᠥᠬᠡᠷᠡᠲᠡᠯ᠎ᠡ ᠬᠠᠷᠠᠭᠰᠠᠨ ᠪᠣᠯᠪᠠᠴᠤ ᠶᠠᠮᠠᠷ ᠴᠤ᠌ ᠬᠦᠨᠳᠦᠲᠦ ᠵᠣᠴᠢᠨ ᠭᠡᠮᠡᠷ ᠬᠥᠮᠦᠨ ᠬᠠᠷ᠎ᠠ ᠬᠠᠷᠠᠭᠳᠠᠭᠰᠠᠨ ᠦᠭᠡᠢ᠃ ᠨᠠᠷᠠ ᠬᠡᠯᠪᠡᠢᠵᠦ ᠭᠡᠭᠡᠨ ᠰᠠᠩ ᠤ᠋ᠨ ᠭᠡᠭᠦᠦ ᠲᠠᠯᠪᠢᠬᠤ ᠶ᠋ᠢᠨ ᠦᠶ᠎ᠡ ᠳ᠋ᠦ᠍ ᠵᠡᠭᠦᠨ ᠡᠮᠦᠨ᠎ᠡ ᠴᠢᠨᠳᠠᠮᠤᠨᠢ ᠶ᠋ᠢᠨ ᠣᠪᠣᠭ᠎ᠠ ᠶ᠋ᠢᠨ ᠴᠠᠭᠠᠭᠤᠷ ᠨᠣᠣᠷᠬᠠᠢ ᠳᠡᠪᠰᠡᠭ ᠦ᠋ᠨ ᠮᠤᠬᠤᠷ ᠬᠣᠰᠢᠭᠤ ᠶ᠋ᠢ ᠳᠤᠭᠤᠢᠯᠠᠵᠤ ᠬᠣᠶᠠᠷ ᠬᠥᠮᠦᠨ ᠦ᠌ ᠪᠠᠷ᠎ᠠ ᠠᠢᠰᠤᠢ ᠭᠡᠨ᠎ᠡ᠃ ᠣᠢᠷᠠᠲᠤᠭᠠᠳ ᠢᠷᠡᠬᠦᠯᠡᠷ ᠨᠣᠭᠣᠭᠠᠨ ᠲᠣᠷᠭᠠᠨ ᠨᠠᠪᠲᠠᠷᠬᠠᠢ ᠲᠡᠷᠯᠢᠭ ᠲᠡᠢ᠂ ᠳᠡᠭᠡᠭᠦᠷ ᠢ᠋ᠶ᠋ᠡᠨ ᠤᠯᠠᠭᠠᠨ ᠬᠣᠷᠭᠣᠢ ᠬᠥᠪᠡᠭᠡ ᠲᠡᠢ ᠤᠷᠠᠩᠬᠠᠢ ᠤᠤᠵᠢ ᠡᠮᠦᠰᠦᠭᠰᠡᠨ ᠨᠢᠭᠡ ᠶᠠᠳᠠᠷᠠᠭᠤᠬᠠᠨ ᠭᠤᠢᠷᠠᠨᠴᠢ ᠲᠥᠯᠥᠪ ᠲᠡᠢ ᠡᠮᠡᠭᠲᠡᠢ ᠮᠥᠷᠦᠨ ᠳᠡᠭᠡᠷ᠎ᠡ ᠪᠡᠨ ᠴᠠᠭᠠᠨ ᠡᠷᠢᠶᠡᠨ ᠳᠠᠯᠢᠩ ᠮᠥᠷᠥᠯᠡᠵᠦ᠂ ᠲᠡᠭᠦᠨ ᠢ᠋ ᠳᠠᠭᠠᠯᠳᠤᠨ ᠪᠠᠰᠠ ᠨᠢᠭᠡ ᠬᠦᠷᠡᠩ ᠤᠯᠠᠭᠠᠨ ᠴᠢᠷᠠᠢ ᠲᠠᠢ᠂ ᠬᠥᠬᠡ ᠮᠣᠷᠢ ᠬᠥᠲᠥᠯᠵᠦ ᠪᠡᠶ᠎ᠡ ᠳ᠋ᠡᠭᠡᠨ ᠪᠠᠭᠠᠲᠤᠳ ᠤ᠋ᠨ ᠡᠮᠦᠰᠳᠡᠭ ᠬᠤᠶᠠᠭ ᠳᠤᠭᠤᠯᠠᠭ᠎ᠠ ᠡᠮᠦᠰᠴᠦ ᠤᠷᠲᠤ ᠢᠯᠳᠦ ᠵᠡᠭᠦᠵᠦ᠂ ᠮᠥᠷᠦᠨ ᠳᠡᠭᠡᠷ᠎ᠡ ᠪᠡᠨ ᠬᠠᠷᠴᠠᠭᠠᠢ ᠰᠢᠪᠠᠭᠤ ᠳᠡᠷᠪᠡᠭᠦᠯᠦᠨ ᠲᠠᠢᠭ᠎ᠠ ᠨᠣᠬᠠᠢ ᠳᠠᠭᠠᠭᠤᠯᠤᠭᠰᠠᠨ ᠰᠣᠨᠢᠨ ᠡᠲᠡᠭᠡᠳ ᠬᠣᠶᠠᠷ ᠬᠥᠮᠦᠨ《ᠱᠠᠵᠢᠨ ᠪᠠᠳᠠᠷᠠᠭᠤᠯᠤᠭᠴᠢ ᠰᠦᠮ᠎ᠡ》 ᠶ᠋ᠢ ᠰᠢᠭᠤᠳ ᠴᠢᠭᠯᠡᠨ ᠬᠦᠷᠴᠦ ᠢᠷᠡᠭᠡᠳ᠄《ᠵᠠ᠂ ᠪᠢᠳᠡ ᠬᠣᠶᠠᠷ ᠮᠡᠷᠭᠡᠨ ᠭᠡᠭᠡᠨ ᠬᠤᠪᠢᠯᠭᠠᠨ ᠳ᠋ᠤ᠌ ᠪᠠᠷᠠᠳᠠᠬᠤ ᠪᠠᠷ ᠢᠷᠡᠯ᠎ᠡ》 ᠭᠡᠪᠡ᠃ ᠡᠢᠨ ᠬᠦ᠌ ᠯᠠᠮᠠ ᠨᠠᠷ ᠰᠦᠢᠳ ᠪᠣᠯᠤᠨ ᠰᠠᠨᠳᠤᠷᠴᠤ ᠱᠠᠯᠠᠪᠬᠠᠨ ᠭᠡᠭᠡᠨ ᠳ᠋ᠦ᠍ ᠭᠦᠶᠦᠵᠦ ᠣᠴᠢᠭᠠᠳ《ᠲᠡᠢᠮᠦ ᠲᠡᠢᠮᠦ ᠰᠣᠨᠢᠬᠠᠨ ᠬᠣᠶᠠᠷ ᠬᠥᠮᠦᠨ ᠰᠦᠮ᠎ᠡ ᠶ᠋ᠢᠨ ᠡᠭᠦᠳᠡᠨ ᠳᠡᠭᠡᠷ᠎ᠡ ᠢᠷᠡᠭᠡᠳ ᠪᠠᠢᠨ᠎ᠠ᠃ ᠭᠡᠭᠡᠨ ᠲᠠᠨ ᠲᠠᠢ ᠪᠠᠷᠠᠭᠳᠠᠬᠤ ᠶᠤᠮ ᠭᠡᠨ᠎ᠡ》 ᠭᠡᠵᠦ ᠳᠠᠮᠵᠢᠭᠤᠯᠤᠭᠰᠠᠨ ᠳ᠋ᠤ᠌ ᠭᠡᠭᠡᠨ ᠮᠡᠷᠭᠡᠨ᠄《ᠵᠠ᠂ ᠡᠨᠡ ᠪᠣᠯ ᠪᠢᠳᠡᠨᠦᠰ ᠦ᠋ᠨ ᠤᠭᠲᠤᠬᠤ ᠡᠷᠬᠢᠮᠰᠦᠭ ᠬᠦᠨᠳᠦᠲᠦ ᠵᠣᠴᠢᠨ ᠮᠥᠨ! ᠲᠠᠨᠤᠰ ᠪᠤᠰᠢᠭᠤᠬᠠᠨ ᠶᠠᠪᠤᠵᠤ ᠭᠤᠷᠪᠠᠨ ᠴᠠᠭᠠᠨ᠂ ᠭᠤᠷᠪᠠᠨ ᠠᠮᠲᠠᠲᠠᠨ᠂ ᠭᠤᠷᠪᠠᠨ ᠵᠢᠮᠢᠰ ᠢ᠋ᠶ᠋ᠡᠷ ᠨᠠᠢᠷᠠᠭᠤᠯᠤᠭᠰᠠᠨ ᠲᠠᠷᠠᠭ᠂ ᠠᠮᠤᠰᠤ᠂ ᠰᠦ ᠲᠡᠢ ᠴᠠᠢ ᠪᠡᠯᠡᠳᠬᠡᠵᠦ ᠮᠢᠨᠦ ᠯᠠᠪᠷᠤᠩ ᠳ᠋ᠤ᠌ ᠠᠪᠠᠴᠢᠵᠤ ᠰᠠᠢᠲᠤᠷ ᠵᠣᠴᠢᠯᠠᠵᠤ ᠪᠠᠢᠭᠠᠷᠠᠢ!》 ᠭᠡᠵᠦ ᠠᠢᠯᠠᠳᠬᠠᠪᠠ᠃ ᠲᠡᠢᠨ ᠬᠦ᠌ ᠯᠠᠮᠠ ᠬᠤᠸᠠᠷᠠᠭ᠂ ᠱᠠᠪᠢ ᠨᠠᠷ ᠨᠢ ᠭᠡᠭᠡᠨ ᠦ᠌ ᠪᠡᠨ ᠠᠢᠯᠠᠳᠤᠭᠰᠠᠨ ᠢ᠋ᠶ᠋ᠠᠷ ᠬᠣᠶᠠᠷ ᠰᠣᠨᠢᠬᠠᠨ ᠭᠡᠢᠴᠢᠨ ᠢ᠋ ᠮᠠᠰᠢᠳᠠ ᠬᠦᠨᠳᠦᠯᠡᠨ ᠵᠣᠴᠢᠯᠠᠵᠠᠢ ᠭᠡᠨ᠎ᠡ᠃ ᠵᠣᠴᠢᠯᠠᠭᠰᠠᠨ ᠤ᠋ ᠳᠠᠷᠠᠭ᠎ᠠ ᠳᠡᠮᠡᠢ ᠤᠳᠠᠭᠰᠠᠨ ᠦᠭᠡᠢ ᠨᠥᠭᠦᠭᠡ ᠪᠠᠭᠠᠲᠤᠷ ᠵᠠᠩᠵᠤᠨ ᠰᠢᠭ᠋ ᠲᠥᠯᠥᠪᠲᠡᠢ ᠬᠦᠨᠳᠦᠲᠦ ᠵᠣᠴᠢᠨ ᠨᠢ᠄《ᠵᠠ᠂ ᠮᠢᠨᠦ ᠶᠠᠪᠤᠬᠤ ᠴᠠᠭ ᠪᠣᠯᠤᠯ᠎ᠠ!》 ᠭᠡᠳ ᠬᠥᠬᠡ ᠮᠣᠷᠢᠨ ᠳ᠋ᠠᠭᠠᠨ ᠮᠣᠷᠳᠠᠵᠤ ᠮᠡᠷᠭᠡᠨ ᠭᠣᠣᠯ ᠢ᠋ ᠥᠭᠡᠳᠡᠯᠡᠨ ᠣᠮᠣᠭᠯᠠᠩ ᠰᠦᠷᠲᠡᠢ ᠶᠠᠪᠤᠭᠠᠳ ᠦᠭᠴᠢᠬᠡᠵᠡᠢ᠃  
       ᠪᠦᠷᠦᠢ ᠪᠣᠯᠵᠤ᠂ ᠳ᠋ᠧᠩ ᠠᠰᠠᠭᠠᠬᠤ ᠶ᠋ᠢᠨ ᠦᠶ᠎ᠡ ᠳ᠋ᠦ᠍ ᠮᠡᠷᠭᠡᠨ ᠭᠡᠭᠡᠨ ᠡᠨᠡ ᠬᠦ᠌ ᠬᠣᠴᠣᠷᠤᠭᠰᠠᠨ ᠰᠣᠨᠢᠨ ᠡᠷᠬᠢᠮᠰᠦᠭ ᠵᠣᠴᠢᠨ᠂ ᠶᠠᠳᠠᠷᠠᠭᠤᠬᠠᠨ ᠵᠠᠯᠠᠭᠤ ᠡᠮᠡᠭᠲᠡᠢ ᠶ᠋ᠢ ᠤᠯᠠᠭᠠᠨ ᠰᠢᠷ᠎ᠠ ᠨᠣᠭᠣᠭᠠᠨ ᠬᠥᠯᠲᠥᠷᠭᠡ ᠲᠡᠢ ᠥᠷᠥᠭᠡᠨ ᠳ᠋ᠡᠭᠡᠨ ᠤᠷᠢᠵᠤ ᠬᠦᠨᠳᠦ ᠵᠣᠴᠢᠯᠠᠭ᠎ᠠ ᠬᠢᠵᠦ ᠬᠣᠶᠠᠭᠤᠯᠠ ᠰᠡᠳᠬᠢᠯ ᠲᠠᠭᠠᠷᠠᠨ ᠦᠭᠡ ᠵᠣᠭᠣᠭ ᠨᠡᠢᠯᠡᠮᠵᠢᠲᠡᠢ ᠰᠥᠨᠢᠵᠢᠨ ᠳᠦᠩᠭᠢᠨᠡᠲᠡᠯ᠎ᠡ ᠶᠠᠷᠢᠯᠴᠠᠪᠠ ᠭᠡᠨ᠎ᠡ᠃ ᠡᠨᠡ ᠦᠶ᠎ᠡ ᠳ᠋ᠦ᠍ ᠨᠢᠭᠡ ᠨᠢᠷᠪᠠ ᠯᠠᠮᠠ ᠮᠠᠭᠤᠬᠠᠢ ᠰᠡᠵᠢᠭ ᠲᠥᠷᠥᠵᠦ᠄《ᠮᠠᠨ ᠤ᠋ ᠭᠡᠭᠡᠨ ᠯᠠᠮᠠᠬᠠᠢ ᠡᠨᠡ ᠰᠣᠨᠢᠬᠠᠨ ᠡᠮᠡᠭᠲᠡᠢ ᠲᠡᠢ ᠶᠠᠭᠤᠨ ᠳ᠋ᠤ᠌ ᠢᠩᠭᠢᠲᠡᠯ᠎ᠡ ᠪᠡᠨ ᠰᠥᠨᠢ ᠳᠦᠯᠢ ᠥᠩᠭᠡᠷᠡᠲᠡᠯ᠎ᠡ ᠶᠠᠷᠢᠯᠴᠠᠵᠤ ᠠᠮᠠᠷᠠᠭᠯᠠᠬᠤ ᠨᠢ ᠪᠣᠢ?》 ᠭᠡᠳ ᠡᠭᠦᠳᠡᠨ ᠦ᠌ ᠵᠠᠪᠰᠠᠷ ᠢ᠋ᠶ᠋ᠠᠷ ᠰᠡᠮᠡᠭᠡᠷᠬᠡᠨ ᠱᠠᠭᠠᠢᠵᠤ ᠦᠵᠡᠭᠰᠡᠨ ᠳ᠋ᠦ᠍ ᠨᠢᠭᠡᠨ ᠠᠪᠤᠷᠭᠤ ᠪᠦᠳᠦᠭᠦᠨ ᠨᠣᠭᠣᠭᠠᠨ ᠮᠣᠭᠠᠢ ᠭᠡᠭᠡᠨ ᠯᠠᠮᠠᠬᠠᠢ ᠶ᠋ᠢᠨ ᠰᠢᠷᠡᠭᠡᠨ ᠦ᠌ ᠪᠠᠷᠠᠭᠤᠨ ᠲᠠᠯ᠎ᠠ ᠳ᠋ᠤᠨᠢ ᠤᠭᠠᠯᠵᠠᠯᠠᠨ ᠬᠡᠪᠲᠡᠵᠦ᠂ ᠮᠡᠷᠭᠡᠨ ᠭᠡᠭᠡᠨ ᠯᠠᠮᠠᠬᠠᠢ ᠵᠡᠭᠦᠨ ᠲᠠᠯ᠎ᠠ ᠳ᠋ᠤᠨᠢ ᠮᠠᠨᠢ ᠶ᠋ᠢᠨ ᠡᠷᠢᠭᠡ ᠪᠡᠨ ᠪᠥᠮᠪᠥᠷᠢᠭᠦᠯᠦᠨ ᠢᠮᠡᠷᠴᠦ ᠮᠠᠰᠢᠳᠠ ᠲᠥᠪᠯᠡᠭᠦᠨ ᠢᠨᠢᠶᠡᠮᠰᠦᠭᠯᠡᠨ ᠨᠢᠭᠡ ᠶᠠᠭᠤᠮ᠎ᠠ ᠶᠠᠷᠢᠵᠤ ᠰᠠᠭᠤᠨ᠎ᠠ᠃  ᠮᠠᠷᠭᠠᠲᠤᠷ ᠤ᠋ᠨ ᠬᠢᠨᠢ ᠥᠷᠯᠥᠭᠡ ᠡᠷᠲᠡ ᠥᠩᠭᠡᠷᠡᠭᠴᠢ ᠰᠥᠨᠢ ᠭᠡᠷ ᠦ᠋ᠨ ᠡᠭᠦᠳᠡᠨ ᠦ᠌ ᠵᠠᠪᠰᠠᠷ ᠢ᠋ᠶ᠋ᠠᠷ ᠰᠡᠮᠡᠭᠡᠷᠬᠡᠨ ᠱᠠᠭᠠᠢᠭᠰᠠᠨ ᠲᠡᠷᠡ ᠨᠢᠷᠪᠠ ᠯᠠᠮᠠ ᠶ᠋ᠢᠨ ᠬᠣᠶᠠᠷ ᠨᠢᠳᠦ ᠨᠢ ᠰᠣᠬᠣᠷᠠᠴᠢᠬᠠᠵᠠᠢ ᠭᠡᠨ᠎ᠡ᠃ 
       ᠮᠡᠷᠭᠡᠨ ᠭᠡᠭᠡᠨ ᠲᠡᠷᠡ ᠬᠦ᠌ ᠡᠷᠬᠢᠮᠰᠦᠭ ᠵᠣᠴᠢᠨ ᠢ᠋ᠶ᠋ᠠᠨ ᠵᠣᠴᠢᠯᠠᠵᠤ ᠮᠡᠷᠭᠡᠨ ᠭᠣᠣᠯ ᠢ᠋ ᠥᠭᠡᠳᠡᠯᠡᠭᠦᠯᠵᠦ ᠵᠦᠯᠭᠡᠲᠦ ᠨᠣᠭᠣᠭᠠᠨ ᠭᠠᠵᠠᠷ ᠬᠦᠷᠲᠡᠯ᠎ᠡ ᠦᠳᠡᠵᠦ ᠮᠣᠷᠳᠠᠭᠤᠯᠤᠭᠠᠳ ᠭᠡᠰᠡᠷ ᠰᠦᠮ᠎ᠡ ᠶ᠋ᠢᠨ ᠶᠡᠨᠳᠡᠷ ᠲᠦ᠍ ᠬᠦᠨᠳᠦᠲᠡᠢ ᠶᠣᠰᠣ ᠬᠢᠵᠦ ᠰᠠᠯᠤᠯᠴᠠᠵᠠᠢ᠃ ᠲᠡᠷᠡ ᠬᠦ᠌ ᠨᠠᠪᠲᠠᠷᠬᠠᠢ ᠨᠣᠭᠣᠭᠠᠨ ᠲᠡᠷᠯᠢᠭ ᠲᠡᠢ ᠡᠮᠡᠭᠲᠡᠢ ᠴᠠᠭᠠᠰᠢ ᠮᠡᠷᠭᠡᠨ ᠭᠣᠣᠯ ᠢ᠋ᠶ᠋ᠠᠷ ᠥᠭᠰᠥᠨ ᠮᠡᠷᠭᠡᠨ ᠳᠠᠪᠠᠭᠠᠨ ᠤ᠋ ᠳᠣᠣᠷ᠎ᠠ ᠰᠡᠷᠮᠡᠭᠦᠬᠡᠨ ᠭᠠᠵᠠᠷ ᠲᠤ᠌ ᠨᠢᠭᠡ ᠦᠳᠡᠯᠡᠭᠡᠳ ᠦᠳᠡᠰᠢ ᠪᠣᠯᠬᠤ ᠳ᠋ᠤ᠌ ᠮᠤᠨᠠ ᠠᠭᠤᠯᠠ ᠶ᠋ᠢᠨ ᠠᠷᠤ ᠳ᠋ᠠᠬᠢ ᠡᠷᠲᠡᠨ ᠦ᠌ ᠬᠠᠷᠢᠶᠠᠯ ᠢ᠋ᠶ᠋ᠠᠷ ᠪᠠᠷᠠᠭᠤᠨ ᠭᠠᠵᠠᠷ ᠠ᠋ᠴᠠ ᠵᠡᠭᠦᠨᠰᠢ ᠨᠡᠭᠦᠳᠡᠯᠯᠡᠵᠦ᠂ ᠵᠡᠭᠦᠨ ᠭᠠᠵᠠᠷ ᠤ᠋ᠨ ᠬᠠᠷᠠᠴᠢᠨ ᠨᠤᠲᠤᠭ ᠢ᠋ ᠬᠣᠣᠷᠯᠠᠬᠤ ᠪᠠᠷ ᠰᠢᠯᠵᠢᠵᠦ ᠪᠠᠢᠭᠰᠠᠨ ᠡᠯᠡᠰᠦᠨ ᠠᠭᠤᠯᠠᠨ ᠤ᠋《ᠭᠦᠶᠦᠩ》 ᠭᠡᠰᠡᠨ ᠭᠠᠵᠠᠷ ᠲᠤ᠌ ᠨᠢᠭᠡ ᠬᠣᠨᠣᠭᠠᠳ ᠳᠠᠷᠠᠭ᠎ᠠ ᠡᠳᠦᠷ ᠲᠤᠨᠢ ᠮᠢᠩᠭᠠᠨ ᠲᠠᠯ᠎ᠠ ᠠᠷᠤ ᠠᠭᠤᠯᠠᠨ ᠳ᠋ᠠᠬᠢ《ᠰᠢᠲᠦᠭᠡᠨ ᠰᠦᠮ᠎ᠡ 》 ᠪᠡᠷ ᠨᠢᠭᠡ ᠡᠷᠭᠢᠴᠡᠵᠦ ᠠᠪᠤᠭᠠᠳ ᠮᠤᠨᠠ ᠠᠭᠤᠯᠠ ᠶ᠋ᠢᠨ ᠴᠢᠳᠬᠤᠯᠠᠩ ᠤ᠋ᠨ ᠴᠡᠩᠬᠡᠷ ᠴᠣᠩᠬᠢᠶᠠᠯ ᠬᠠᠪᠢ ᠳ᠋ᠤ᠌ ᠨᠤᠲᠤᠭᠰᠢᠵᠠᠢ ᠭᠡᠨ᠎ᠡ᠃    
       ᠲᠡᠷᠡ ᠨᠠᠪᠲᠠᠷᠬᠠᠢ ᠲᠡᠷᠯᠢᠭ ᠲᠡᠢ ᠡᠮᠡᠭᠲᠡᠢ ᠥᠭᠡᠷ᠎ᠡ ᠬᠥᠮᠦᠨ ᠪᠢᠰᠢ᠂ ᠬᠠᠷᠢᠨ ᠥᠨᠥ ᠯᠤᠤᠰ ᠨᠠᠢ᠍ᠮᠠᠨ ᠠᠢᠮᠠᠭ ᠤ᠋ᠨ ᠨᠣᠭᠣᠭᠠ ᠯᠤᠤᠰ ᠤ᠋ᠨ ᠬᠠᠭᠠᠨ ᠱᠠᠵᠢᠨ ᠠᠮᠢᠲᠠᠨ ᠳ᠋ᠤ᠌ ᠲᠤᠰᠠ ᠬᠦᠷᠭᠡᠬᠦ ᠶ᠋ᠢᠨ ᠲᠤᠯᠠᠳᠠ ᠮᠡᠷᠭᠡᠨ ᠭᠡᠭᠡᠨ ᠦ᠌ ᠪᠣᠷᠣᠭᠠᠨ ᠬᠤᠷ᠎ᠠ ᠭᠤᠶᠤᠨ ᠳᠠᠭᠠᠳᠬᠠᠳᠠᠭ ᠲᠤ᠌ ᠰᠡᠳᠬᠢᠯ ᠬᠥᠳᠡᠯᠵᠦ《ᠲᠠᠪᠤᠨ ᠴᠥᠪ ᠦ᠋ᠨ ᠴᠠᠭ》 ᠲᠤ᠌ ᠤᠰᠤ ᠴᠣᠩᠬᠢᠶᠠᠯ ᠵᠠᠰᠠᠵᠤ᠂ ᠴᠢᠭᠢᠭ ᠬᠤᠷ᠎ᠠ ᠵᠣᠬᠢᠴᠠᠭᠤᠯᠬᠤ ᠪᠠᠷ ᠲᠣᠮᠢᠯᠠᠵᠤ ᠢᠷᠡᠭᠦᠯᠦᠭᠰᠡᠨ ᠡᠯᠴᠢ ᠶᠦᠮ᠃ ᠡᠨᠡ ᠬᠦ᠌ ᠴᠢᠮᠡᠭᠡ ᠪᠡᠷ ᠭᠠᠵᠠᠷ ᠨᠤᠲᠤᠭ ᠊ ᠠᠭᠤᠯᠠ ᠰᠠᠬᠢᠭᠤᠯᠰᠤᠨ ᠤ᠋ ᠡᠵᠡᠨ ᠬᠠᠨ ᠮᠤᠨᠠ ᠣᠯᠵᠤ ᠮᠡᠳᠡᠭᠡᠳ ᠲᠡᠷᠡ ᠢᠷᠡᠭᠦᠯᠦᠭᠰᠡᠨ ᠡᠯᠴᠢ ᠲᠡᠢ ᠤᠷᠢᠲᠠᠵᠤ ᠠᠭᠤᠯᠵᠠᠭᠠᠳ ᠲᠡᠭᠦᠨ ᠢ᠋ ᠳᠠᠭᠠᠭᠤᠯᠵᠤ ᠮᠡᠷᠭᠡᠨ ᠭᠡᠭᠡᠨ ᠳ᠋ᠦ᠍ ᠠᠭᠤᠯᠵᠠᠭᠤᠯᠤᠭᠰᠠᠨ ᠨᠢ ᠲᠡᠷᠡ ᠪᠠᠢᠵᠠᠢ᠃ ᠲᠡᠢᠨ ᠬᠦ᠌《ᠱᠠᠵᠢᠨ ᠪᠠᠳᠠᠷᠠᠭᠤᠯᠤᠭᠴᠢ ᠰᠦᠮ᠎ᠡ》 ᠶ᠋ᠢᠨ ᠮᠡᠷᠭᠡᠨ ᠭᠡᠭᠡᠨ ᠡᠨᠡ ᠬᠦ᠌ ᠡᠷᠬᠢᠮᠰᠦᠭ ᠵᠣᠴᠢᠨ ᠢ᠋ ᠮᠠᠰᠢᠳᠠ ᠬᠦᠨᠳᠦᠯᠡᠨ ᠳᠡᠭᠡᠳᠦᠯᠡᠵᠦ ᠱᠠᠵᠢᠨ ᠠᠮᠢᠲᠠᠨ ᠤ᠋ ᠲᠤᠰᠠ ᠶ᠋ᠢᠨ ᠲᠤᠯᠠᠳᠠ《ᠱᠠᠵᠢᠨ ᠪᠠᠳᠠᠷᠠᠭᠤᠯᠤᠭᠴᠢ ᠰᠦᠮ᠎ᠡ》 ᠶ᠋ᠢᠨ ᠣᠯᠠᠨ ᠪᠤᠷᠰᠠᠩ ᠬᠤᠸᠠᠷᠠᠭ ᠪᠠ ᠰᠦᠰᠦᠭᠲᠡᠨ ᠱᠠᠪᠢ ᠨᠠᠷ ᠤ᠋ᠨ ᠢᠳᠡᠬᠦ ᠬᠡᠷᠡᠭᠯᠡᠬᠦ ᠤᠰᠤ ᠶ᠋ᠢ ᠬᠡᠵᠢᠶᠡᠳᠡ ᠲᠠᠲᠠᠯ ᠦᠭᠡᠢ ᠬᠠᠩᠭᠠᠵᠤ᠂ ᠬᠠᠨ ᠮᠤᠨᠠ ᠶ᠋ᠢᠨ ᠨᠤᠲᠤᠭ ᠪᠡᠯᠴᠢᠭᠡᠷ᠂ ᠤᠷᠠᠳ ᠬᠦᠩ ᠦ᠋ᠨ ᠥᠩ ᠥᠷᠭᠡᠨ ᠪᠡᠯᠴᠢᠭᠡᠷ ᠨᠤᠲᠤᠭ ᠲᠤ᠌ ᠬᠤᠷ᠎ᠠ ᠪᠣᠷᠣᠭᠠᠨ ᠢ᠋ ᠲᠡᠩᠴᠡᠭᠦᠨ ᠪᠠᠢᠯᠭᠠᠬᠤ᠂ ᠪᠠᠰᠠ ᠮᠡᠷᠭᠡᠨ ᠭᠣᠣᠯ ᠤ᠋ᠨ ᠤᠷᠤᠰᠬᠠᠯ ᠤᠰᠤ ᠪᠠ《ᠰᠢᠲᠦᠭᠡᠨ ᠰᠦᠮ᠎ᠡ》 ᠶ᠋ᠢᠨ ᠠᠷᠤ ᠳ᠋ᠠᠬᠢ ᠰᠢᠲᠦᠭᠡᠨ ᠠᠭᠤᠯᠠᠨ ᠤ᠋ ᠤᠰᠤ ᠶ᠋ᠢ ᠤᠨᠳᠤᠷᠤᠭᠠᠳ ᠪᠠᠷᠠᠰᠢ ᠦᠭᠡᠢ ᠳᠣᠨᠣᠯᠵᠠᠭᠠᠳ ᠪᠠᠢᠬᠤ ᠪᠠᠷ ᠶᠠᠷᠢᠯᠴᠠᠨ ᠲᠣᠭᠲᠠᠵᠠᠢ᠃ ᠲᠡᠢᠨ ᠬᠦ᠌ ᠨᠣᠭᠣᠭᠠᠨ ᠯᠤᠤᠰ ᠤ᠋ᠨ ᠬᠠᠭᠠᠨ ᠤ᠋ ᠡᠯᠴᠢ ᠶ᠋ᠢᠨ ᠠᠩᠬ᠎ᠠ ᠠᠮᠠᠷᠠᠭᠰᠠᠨ ᠭᠠᠵᠠᠷ ᠲᠤᠨᠢ ᠨᠣᠭᠣᠭᠠᠨ ᠪᠤᠯᠠᠭ ᠣᠨᠳᠣᠷᠴᠤ᠂ ᠲᠡᠷᠡ ᠪᠤᠯᠠᠭ ᠢ᠋《ᠨᠣᠭᠣᠭᠠᠨ ᠪᠤᠯᠠᠭ》 ᠭᠡᠵᠦ᠂ ᠦᠳᠡᠯᠡᠭᠰᠡᠨ ᠰᠡᠷᠮᠡᠭᠦᠬᠡᠨ ᠭᠠᠵᠠᠷ ᠲᠤᠨᠢ ᠪᠥᠭᠡᠷ᠎ᠡ ᠪᠤᠯᠠᠭ ᠪᠤᠷᠭᠢᠯᠤᠭᠰᠠᠨ ᠳ᠋ᠤ᠌ ᠲᠡᠷᠡ ᠭᠠᠵᠠᠷ ᠢ᠋《ᠪᠥᠭᠡᠷ᠎ᠡ ᠪᠤᠯᠠᠭ》 ᠭᠡᠮᠡᠨ ᠨᠡᠷᠡᠢᠳᠴᠦ᠂ ᠠᠷᠤ ᠡᠯᠡᠰᠦᠨ ᠠᠭᠤᠯᠠᠨ᠎ᠠ ᠬᠣᠨᠣᠭᠯᠠᠭᠰᠠᠨ ᠳ᠋ᠤ᠌ ᠲᠡᠨᠳᠡ ᠬᠥᠶᠦᠭ ᠦ᠋ᠨ ᠪᠦᠷᠢᠳᠦ ᠡᠭᠦᠰᠴᠦ ᠲᠡᠷᠡ ᠭᠠᠵᠠᠷ ᠢ᠋《ᠭᠦᠶᠦᠩ ᠦ᠋ᠨ ᠪᠦᠷᠢᠳᠦ》 ᠭᠡᠵᠦ ᠨᠡᠷᠡᠢᠳᠦᠭᠰᠡᠨ ᠭᠡᠨ᠎ᠡ᠃  
         ᠁  
       ᠨᠢᠭᠡ ᠤᠨᠲᠠᠭᠠᠳ ᠰᠡᠷᠡᠬᠦᠯᠡᠷ ᠮᠠᠷᠭᠠᠲᠤᠷ ᠥᠷᠯᠥᠭᠡ ᠶ᠋ᠢᠨ ᠬᠢᠨᠢ ᠡᠷᠲᠡ ᠨᠠᠷᠠ ᠬᠠᠳᠠᠨ ᠬᠣᠩᠭᠢᠯ ᠢ᠋ ᠳᠤᠯᠠᠢᠲᠠᠯ᠎ᠠ ᠭᠡᠷᠡᠯᠲᠦᠭᠦᠯᠵᠡᠢ᠃ 
       一 ᠡᠨᠳᠡ ᠤᠨᠲᠠᠵᠤ ᠬᠠᠨᠤᠭᠠᠳ ᠠᠮᠠᠷᠠᠭᠰᠠᠨ ᠪᠣᠯ ᠵᠣᠷᠢᠭᠰᠠᠨ ᠲᠡᠷᠡ ᠭᠠᠵᠠᠷ ᠲᠠᠭᠠᠨ ᠶᠠᠪᠤ᠃ ᠲᠡᠨᠳᠡ ᠴᠢᠨᠦ ᠬᠦᠰᠡᠭᠰᠡᠨ ᠰᠠᠨᠠᠭᠰᠠᠨ ᠶᠠᠭᠤᠮ᠎ᠠ ᠴᠢᠨᠢ ᠲᠡᠷᠡ ᠶᠣᠰᠣᠭᠠᠷ ᠪᠡᠶᠡᠯᠡᠬᠦ ᠪᠣᠢ ᠭᠡᠵᠦ ᠮᠡᠷᠭᠡᠨ ᠴᠠᠭᠠᠨ ᠯᠠᠮᠠᠬᠠᠢ ᠬᠡᠯᠡᠪᠡᠯ ᠨᠣᠮᠢᠨ᠄  
       一 ᠵᠠ᠂ ᠮᠡᠳᠡᠯ᠎ᠡ! ᠮᠢᠨᠦ ᠨᠢᠭᠤᠷ ᠴᠢᠷᠠᠢ ᠨᠢᠭᠡ ᠯᠡ ᠣᠨᠳᠣᠣ ᠪᠣᠯᠴᠢᠬᠠᠭᠰᠠᠨ ᠰᠢᠭ᠋ ᠶᠦᠮ ᠠ᠋ ᠁ ᠭᠡᠵᠡᠢ᠃ 
       一 ᠵᠥᠪ᠃ ᠲᠡᠭᠡᠭᠡᠳ ᠲᠡᠷᠡ ᠴᠡᠩᠬᠡᠷ ᠴᠣᠩᠬᠢᠶᠠᠯ ᠤ᠋ᠨ ᠤᠰᠤᠨ ᠳ᠋ᠤ᠌ ᠤᠬᠢᠶᠠᠭᠠᠳ ᠯᠠ ᠪᠠᠢᠪᠠᠯ ᠤᠯᠠᠮ ᠴᠤ᠌ ᠭᠣᠶᠣ ᠰᠠᠢᠬᠠᠨ ᠪᠣᠯᠤᠨ᠎ᠠ᠃ ᠲᠡᠷᠡ ᠨᠠᠪᠲᠠᠩ ᠰᠠᠪᠲᠠᠩ ᠤᠷᠠᠩᠬᠠᠢ ᠲᠡᠷᠯᠢᠭ ᠢ᠋ᠶ᠋ᠡᠨ ᠣᠷᠭᠢ! ᠡᠬᠡ ᠶ᠋ᠢᠨ ᠤᠮᠠᠢ ᠠ᠋ᠴᠠ ᠪᠠᠨ ᠡᠨᠡ ᠬᠣᠷᠸ᠎ᠠ ᠳ᠋ᠤ᠌ ᠢᠷᠡᠬᠦ ᠳ᠋ᠡᠭᠡᠨ ᠴᠢ ᠶᠠᠭᠠᠬᠢᠵᠤ ᠢᠷᠡᠭᠰᠡᠨ ᠪᠣᠯ ᠮᠥᠨ ᠲᠡᠭᠡᠵᠦ ᠯᠡ ᠶᠠᠪᠤ! ᠲᠡᠷᠡ ᠪᠣᠯ ᠬᠠᠮᠤᠭ ᠤ᠋ᠨ ᠴᠡᠪᠡᠷ ᠲᠣᠬᠢᠯᠢᠭ ᠭᠬᠢᠷ ᠦᠭᠡᠢ ᠠᠷᠢᠭᠤᠨ《ᠬᠤᠪᠴᠠᠯᠠᠯ》 ᠪᠤᠶᠤ᠃ ᠪᠡᠶ᠎ᠡ ᠪᠡᠨ ᠬᠠᠭᠤᠷᠴᠤ ᠪᠤᠰᠤᠳ ᠤ᠋ᠨ ᠨᠢᠳᠦ ᠶ᠋ᠢ ᠬᠠᠯᠬᠠᠯᠠᠭᠰᠠᠨ ᠬᠠᠭᠤᠷᠮᠠᠭ ᠪᠠᠭ ᠡᠮᠦᠰᠬᠦ ᠬᠡᠷᠡᠭ ᠶᠠᠭᠤ ᠪᠣᠢ⁈ 
       一 ᠲᠡᠭᠡᠭᠡᠳ ᠪᠦᠷ ᠱᠠᠯᠳᠠᠩ ᠨᠢᠴᠦᠭᠦᠨ ᠢ᠋ᠶ᠋ᠡᠷ ᠊ᠤᠤ? 
       一 ᠵᠠ᠂ ᠲᠡᠷᠡ ᠬᠠᠷᠢᠨ ᠪᠤᠤ ᠮᠡᠳᠡ!  
       一 ᠬᠥᠮᠦᠰ ᠨᠠᠮᠠᠶ᠋ᠢ ᠡᠯᠡᠭᠯᠡᠬᠦ ᠦᠭᠡᠢ ᠊ᠦᠦ? ᠮᠠᠭᠤ ᠬᠡᠯᠡᠵᠦ ᠳᠣᠭᠣᠭᠢᠯᠠᠨ᠎ᠠ ᠰᠢᠦ! 
       一 ᠶᠠᠭᠤ ᠭᠡᠵᠦ ᠡᠯᠡᠭᠯᠡᠳᠡᠭ ᠪᠣᠢ? ᠮᠠᠭᠤ ᠬᠡᠯᠡᠵᠦ ᠳᠣᠭᠣᠭᠢᠯᠠᠳᠠᠭ ᠬᠥᠮᠦᠨ ᠶᠡᠷᠦ ᠠᠯᠠᠭ᠎ᠠ! ᠮᠠᠭᠤ ᠰᠠᠨᠠᠵᠤ ᠬᠠᠷᠠᠭᠰᠠᠨ ᠬᠥᠮᠦᠨ ᠦ᠌ ᠨᠢᠳᠦᠨ ᠳ᠋ᠦ᠍ ᠠᠪᠤᠷᠭᠤ ᠨᠣᠭᠣᠭᠠᠨ ᠮᠣᠭᠠᠢ ᠪᠣᠯᠵᠤ ᠦᠵᠡᠭᠳᠡᠭᠡᠳ ᠵᠣᠭᠰᠣᠬᠤ ᠦᠭᠡᠢ᠂ ᠮᠠᠭᠤᠬᠠᠢ ᠰᠠᠳᠤᠷ ᠰᠠᠮᠠᠭᠤᠨ ᠰᠡᠳᠬᠢᠯ ᠬᠥᠳᠡᠯᠥᠭᠰᠡᠳ ᠦ᠋ᠨ ᠨᠢᠳᠦ ᠨᠢ ᠰᠣᠬᠣᠷᠠᠵᠤ ᠬᠠᠷᠠᠭ᠎ᠠ ᠦᠭᠡᠢ ᠪᠣᠯᠤᠨ᠎ᠠ᠃ ᠵᠢᠩᠬᠢᠨᠢ ᠬᠥᠮᠦᠨ ᠲᠥᠷᠥᠯᠬᠢᠲᠡᠨ ᠦ᠌ ᠭᠤᠸ᠎ᠠ ᠰᠠᠢᠬᠠᠨ ᠤ᠋ ᠪᠦᠷᠢᠯᠸ᠎ᠠ ᠶ᠋ᠢ ᠣᠢᠯᠠᠭᠠᠭᠰᠠᠳ ᠰᠠᠶᠢ ᠴᠢᠨᠦ ᠣᠣᠷ ᠪᠡᠶ᠎ᠡ ᠮᠠᠬᠠᠪᠣᠳ ᠤ᠋ᠨ ᠴᠢᠨᠢ ᠭᠤᠸᠠᠯᠢᠭ ᠢ᠋ ᠪᠠᠬᠠᠷᠠᠭᠠᠳ ᠪᠠᠷᠠᠬᠤ ᠦᠭᠡᠢ᠂ ᠰᠢᠨᠵᠢᠭᠡᠳ ᠬᠠᠨᠤᠰᠢ ᠦᠭᠡᠢ ᠪᠠᠢᠬᠤ ᠶᠣᠰᠣᠲᠠᠢ᠁ ᠶᠡᠷᠦ ᠨᠢ ᠬᠠᠷ᠎ᠠ ᠲᠡᠷᠢᠭᠦᠲᠡᠳ ᠬᠡᠵᠢᠶ᠎ᠡ ᠨᠢᠭᠡ ᠡᠳᠦᠷ ᠡᠷᠭᠢᠬᠦ ᠵᠠᠭᠤᠨ ᠤ᠋ ᠡᠭᠡᠯᠵᠢᠯᠡᠯ ᠳ᠋ᠦ᠍ ᠪᠠᠯᠠᠷᠯᠢᠭ ᠨᠡᠢᠭᠡᠮ ᠦ᠋ᠨ ᠪᠣᠳᠠᠭᠠᠯᠢ ᠰᠢᠨᠵᠢ ᠳ᠋ᠡᠭᠡᠨ ᠪᠤᠴᠠᠵᠤ ᠣᠷᠴᠢᠬᠤ ᠨᠢᠭᠡ ᠶᠣᠰᠣᠨ ᠪᠣᠢ᠃ ᠲᠡᠷᠡ ᠦᠶ᠎ᠡ ᠳ᠋ᠦ᠍ ᠭᠠᠯᠪᠠ ᠶ᠋ᠢᠨ ᠬᠥᠮᠦᠰ ᠤᠬᠠᠭᠠᠷᠠᠵᠤ ᠵᠢᠩᠬᠢᠨᠢ ᠨᠢᠳᠦ ᠨᠡᠭᠡᠭᠡᠵᠦ᠂ ᠨᠢᠭᠡ ᠨᠢ ᠨᠥᠭᠦᠭᠡ ᠳ᠋ᠡᠭᠡᠨ ᠡᠯᠡᠭᠯᠡᠵᠦ ᠱᠣᠣᠯᠠᠬᠤ ᠤᠴᠢᠷ ᠦᠭᠡᠢ ᠪᠣᠯᠤᠨ᠎ᠠ᠃ ᠭᠠᠭᠴᠠᠬᠠᠨ ᠬᠢᠯᠭᠠᠰᠤᠨ ᠳᠡᠭᠡᠭᠦᠷ ᠪᠠᠷᠢᠮᠵᠢᠶ᠎ᠠ ᠰᠠᠴᠠᠭᠤ ᠱᠣᠭᠰᠢᠳᠠᠭ ᠤ᠋ᠨ ᠤᠴᠢᠷ ᠵᠦᠷ᠁ ᠭᠡᠵᠦ ᠮᠡᠷᠭᠡᠨ ᠴᠠᠭᠠᠨ ᠯᠠᠮᠠᠬᠠᠢ ᠤᠴᠢᠷ ᠤᠬᠠᠭᠠᠨ ᠨᠢ ᠣᠯᠳᠠᠬᠤ ᠦᠭᠡᠢ ᠶᠠᠭᠤᠮ᠎ᠠ ᠥᠭᠦᠯᠡᠵᠦ ᠬᠠᠳᠠᠨ ᠤ᠋ ᠬᠣᠩᠭᠢᠯ ᠤᠷᠤᠭᠤ ᠣᠷᠣᠪᠠ᠁  
        ᠁  
       一 ᠴᠢ ᠲᠡᠭᠡᠭᠡᠳ ᠨᠣᠶᠠᠨ ᠰᠠᠩ ᠤ᠋ᠨ ᠠᠳᠤᠭᠤ ᠪᠠᠨ ᠮᠠᠨᠠᠳᠠᠭ ᠦᠭᠡᠢ ᠡᠨᠡ ᠬᠠᠷ᠎ᠠ ᠠᠭᠤᠯᠠᠨ ᠳ᠋ᠤ᠌ ᠨᠠᠮᠠᠶ᠋ᠢ ᠪᠠᠨ ᠭᠡᠳ ᠲᠡᠨᠦᠵᠦ ᠶᠠᠪᠤᠭ᠎ᠠ ᠨᠢ ᠡᠨᠡ ᠊ᠤᠤ?  
       一 ᠦᠨᠡᠨ ᠭᠡᠬᠦ ᠳ᠋ᠦ᠍ ᠬᠤᠳᠠᠯ᠂ ᠬᠤᠳᠠᠯ ᠭᠡᠬᠦ ᠳ᠋ᠦ᠍ ᠮᠥᠨ ᠦᠨᠡᠨ ᠳᠡ! ᠬᠥᠮᠦᠰ ᠴᠢᠮᠠᠶ᠋ᠢ ᠭᠡᠨᠡᠳᠲᠡ ᠠᠯᠠᠭ᠎ᠠ ᠪᠣᠯᠴᠢᠬᠠᠬᠠᠤᠯᠠᠷ ᠤᠯᠠᠭᠠᠨ ᠬᠠᠳᠠᠨ ᠳ᠋ᠤ᠌ ᠬᠠᠷᠠᠢᠴᠢᠬᠠᠯ᠎ᠠ᠂ ᠢᠩᠭᠢᠴᠢᠬᠡᠯ᠎ᠡ ᠲᠡᠭᠡᠴᠢᠬᠡᠯ᠎ᠡ ᠭᠡᠵᠦ ᠡᠯᠳᠡᠪ ᠢ᠋ᠶ᠋ᠡᠷ ᠱᠤᠤᠭᠢᠵᠤ ᠪᠠᠢᠯ᠎ᠠ᠁ ᠪᠢ ᠴᠢᠨᠦ ᠬᠣᠢᠨ᠎ᠠ ᠠ᠋ᠴᠠ ᠡᠷᠢᠯ ᠰᠤᠷᠠᠯ ᠲᠠᠯᠪᠢᠯ᠎ᠠ᠂ ᠠᠯᠠᠭ᠎ᠠ᠃ ᠲᠡᠭᠡᠭᠡᠳ ᠨᠢᠭᠡᠮᠦᠰᠦᠨ ᠵᠣᠷᠢᠭ ᠮᠣᠬᠣᠪᠠ᠃  ᠰᠡᠭᠦᠯ ᠳ᠋ᠦ᠍ᠨᠢ ᠰᠢᠷᠠᠪ ᠨᠣᠶᠠᠨ ᠴᠤ᠌ ᠡᠪᠡᠳᠴᠢᠨ ᠬᠠᠭᠤᠴᠢᠨ ᠳ᠋ᠤ᠌ ᠪᠣᠭᠣᠭᠳᠠᠭᠠᠳ ᠲᠡᠩᠬᠡᠷᠡᠳᠡᠭ ᠦᠭᠡᠢ ᠳ᠋ᠦ᠍ ᠮᠢᠨᠦ ᠪᠡᠶ᠎ᠡ《ᠵᠣᠯᠢᠭ》 ᠤ᠋ᠨ ᠣᠷᠣᠨ ᠳ᠋ᠤ᠌ ᠵᠣᠯᠢᠭᠯᠠᠭᠤᠯᠵᠤ ᠡᠨᠡ ᠬᠠᠷ᠎ᠠ ᠠᠭᠤᠯᠠᠨ ᠳ᠋ᠤ᠌ ᠢᠷᠡᠭᠰᠡᠨ ᠭᠡᠳ ᠦᠵᠡᠭᠰᠡᠨ ᠬᠠᠷᠠᠭᠰᠠᠨ ᠪᠦᠬᠦᠨ ᠢ᠋ᠶ᠋ᠡᠨ ᠨᠣᠮᠢᠨ ᠳ᠋ᠤ᠌ ᠨᠢ ᠨᠣᠤ ᠦᠭᠡᠢ ᠶᠠᠷᠢᠵᠤ ᠥᠭᠪᠡ᠃  
       一 ᠮᠡᠷᠭᠡᠨ ᠴᠠᠭᠠᠨ ᠯᠠᠮᠠᠬᠠᠢ᠂ ᠤᠯᠠᠭᠠᠨ ᠬᠦᠵᠦᠭᠦᠲᠦ ᠠᠯᠠᠭ ᠰᠢᠪᠠᠭᠤ ᠴᠢ ᠪᠢᠳᠡ ᠬᠣᠶᠠᠷ ᠢ᠋ ᠠᠭᠤᠯᠵᠭᠤᠯᠵᠢ ᠳᠠ! 
       一 ᠬᠠᠷᠢᠨ ᠲᠡᠢᠮᠦ ᠪᠠᠢᠨ᠎ᠠ᠃  
       ᠭᠣᠩᠴᠣᠭᠷᠠᠬᠤ᠎ᠠ ᠨᠣᠮᠢᠨ ᠬᠣᠶᠠᠷ ᠬᠠᠳᠠᠨ ᠬᠣᠩᠭᠢᠯ ᠳᠣᠲᠣᠷ᠎ᠠ ᠦᠨᠦᠰᠦᠯᠳᠦᠨ ᠲᠡᠪᠡᠷᠢᠯᠴᠡᠵᠦ᠂ ᠠᠮᠠᠷᠠᠭᠯᠠᠨ ᠬᠠᠢᠷᠠᠯᠠᠯᠴᠠᠵᠤ ᠨᠢᠰᠸᠠᠨᠢᠰ ᠤ᠋ᠨ ᠶᠡᠬᠡ ᠲᠦᠢᠮᠡᠷ ᠲᠦ᠍ ᠪᠡᠶ᠎ᠡ ᠰᠡᠳᠬᠢᠯ ᠢ᠋ᠶ᠋ᠡᠨ ᠬᠤᠢᠬᠠᠯᠠᠨ ᠰᠢᠲᠠᠭᠠᠨ᠎ᠠ᠁