ᠦᠷ ᠦᠨ ᠲᠤᠶᠠᠭ᠎ᠠ 1 – ᠪ᠂ ᠷᠢᠨᠴᠢᠨ - ᠲᠡᠷᠢᠬᠦᠨ ᠲᠡᠪᠲᠡᠷ < ᠮᠠᠨᠵᠤ ᠶᠢᠨ ᠳᠠᠯᠬᠢᠨ ᠳᠤ>(ᠵᠢᠷᠭᠤᠭ᠎ᠠ) Үүрийн туяа I – Б ᠂ Ренчин Тэргүүн дэвтэр "<Манжийн талхинд" (6) ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠷ ᠦᠨ ᠲᠤᠶᠠᠭ᠎ᠠ 1 – ᠪ᠂ ᠷᠢᠨᠴᠢᠨ - ᠲᠡᠷᠢᠬᠦᠨ ᠲᠡᠪᠲᠡᠷ < ᠮᠠᠨᠵᠤ ᠶᠢᠨ ᠳᠠᠯᠬᠢᠨ ᠳᠤ>(ᠵᠢᠷᠭᠤᠭ᠎ᠠ) Үүрийн туяа I – Б ᠂ Ренчин Тэргүүн дэвтэр "<Манжийн талхинд" (6)

ᠦᠷ ᠦᠨ ᠲᠤᠶᠠᠭ᠎ᠠ 1 – ᠪ᠂ ᠷᠢᠨᠴᠢᠨ - ᠲᠡᠷᠢᠬᠦᠨ ᠲᠡᠪᠲᠡᠷ < ᠮᠠᠨᠵᠤ ᠶᠢᠨ ᠳᠠᠯᠬᠢᠨ ᠳᠤ>(ᠵᠢᠷᠭᠤᠭ᠎ᠠ) Үүрийн туяа I – Б ᠂ Ренчин Тэргүүн дэвтэр "<Манжийн талхинд" (6)

ᠠᠩᠭᠢᠯᠠᠯ:ᠲᠤᠭᠤᠵᠢ ᠷᠣᠮᠠᠨ
2024-11-03

585

ᠵᠢᠷᠭᠤᠭ᠎ᠠ ᠂ ᠨᠣᠶᠠᠨ ᠤ᠋ ᠬᠡᠰᠢᠭ

  
                ᠭᠠᠵᠠᠷ ᠲᠤ᠌ ᠬᠡᠯᠡᠶ᠎ᠡ — ᠭᠠᠵᠠᠷ ᠬᠠᠲᠠᠭᠤ᠂    
                ᠲᠩᠷᠢ ᠳ᠋ᠦ᠍ ᠬᠡᠯᠡᠶ᠎ᠡ — ᠲᠩᠷᠢ ᠬᠣᠯᠠ    
                      (ᠠᠷᠠᠳ ᠤ᠋ᠨ ᠰᠡᠴᠡᠨ ᠦᠭᠡ)                       

       ᠥᠷᠲᠡᠭᠡᠨ ᠦ᠌ ᠭᠠᠵᠠᠷ ᠨᠣᠶᠠᠨ ᠤ᠋ ᠬᠢᠶ᠎ᠡ ᠸᠠᠩᠲᠠᠨ ᠳᠠᠪᠬᠢᠵᠤ ᠢᠷᠡᠭᠡᠳ᠂ ᠲᠡᠢ ᠶ᠋ᠢᠨ ᠭᠡᠷ ᠲᠦ᠍ ᠣᠷᠣᠮᠠᠭᠴᠠ ᠪᠣᠱᠣᠭ ᠢ᠋᠂  ᠨᠠᠰᠤᠨᠪᠠᠲᠤ ᠤᠯᠠᠭᠠᠴᠢ ᠶ᠋ᠢ ᠳᠠᠭᠤᠳᠠ ᠭᠡᠵᠦ ᠲᠤᠰᠢᠶᠠᠪᠠ᠃  
       ᠨᠠᠰᠤᠨᠪᠠᠲᠤ ᠭᠡᠳᠡᠭ ᠴᠢᠭᠢᠷᠠᠭ᠂ ᠥᠨᠳᠥᠷ ᠨᠢᠷᠤᠭᠤ ᠲᠠᠢ ᠵᠠᠯᠠᠭᠤ ᠬᠦᠦ ᠣᠷᠣᠵᠤ ᠢᠷᠡᠭᠡᠳ᠂ ᠶᠡᠬᠡ ᠵᠠᠩ ᠲᠠᠢ ᠲᠡᠷᠡ ᠲᠦᠰᠢᠮᠡᠯ ᠢ᠋ ᠪᠠᠬᠠᠨ ᠭᠠᠢᠬᠠᠰᠬᠢᠨ ᠶᠣᠰᠣ ᠬᠢᠪᠡ᠃ ᠬᠢᠶ᠎ᠡ ᠠᠰᠠᠭᠤᠷᠤᠨ  
       — ᠴᠢ ᠨᠣᠶᠠᠨ ᠤ᠋ ᠬᠡᠰᠢᠭ ᠬᠦᠷᠲᠡᠬᠦ ᠤᠤ? ᠭᠡᠵᠡᠢ᠃   
       — ᠵᠠ! ᠭᠡᠲᠡᠯ᠎ᠡ᠂  
       — ᠲᠡᠭᠡᠪᠡᠯ ᠶᠠᠪᠤᠶ᠎ᠠ! ᠡᠨᠡ ᠬᠥᠮᠦᠨ ᠳ᠋ᠦ᠍ ᠤᠨᠤᠭ᠎ᠠ ᠥᠭ ᠭᠡᠵᠦ ᠪᠣᠱᠣᠭ ᠲᠤ᠌ ᠲᠤᠰᠢᠶᠠᠭᠠᠳ᠂ ᠭᠠᠳᠠᠭᠰᠢ ᠭᠠᠷᠴᠤ ᠮᠣᠷᠳᠠᠭᠠᠳ᠂ ᠨᠠᠰᠤᠨᠪᠠᠲᠤ ᠶ᠋ᠢ ᠳᠠᠭᠠᠭᠤᠯᠤᠨ ᠳᠠᠪᠬᠢᠪᠠ᠃  
       ᠡᠪᠦᠭᠡᠨ ᠪᠣᠱᠣᠭ ᠬᠣᠢᠨ᠎ᠠ ᠠ᠋ᠴᠠ ᠨᠢ ᠬᠠᠷᠠᠭᠠᠳ᠂ ᠰᠢᠯᠢᠨ ᠬᠦᠵᠦᠭᠦᠦ ᠪᠡᠨ ᠮᠠᠭᠠᠵᠢᠯᠠᠰᠬᠢᠵᠤ᠂ ᠶᠡᠷᠦᠨᠢ ᠨᠣᠶᠠᠨ ᠤ᠋ ᠬᠡᠰᠢᠭ ᠬᠦᠷᠲᠡᠬᠦ ᠤᠤ? ᠭᠡᠵᠦ ᠶᠡᠬᠡᠯ᠎ᠡ ᠰᠡᠵᠢᠭ ᠲᠡᠢ ᠦᠭᠡ ᠠᠰᠠᠭᠤᠵᠤ ᠳᠠ᠃ ᠤᠷᠢᠳ᠂ ᠯᠠᠮᠠ ᠨᠣᠶᠠᠳ ᠤ᠋ᠨ ᠵᠡᠷᠭᠡ ᠶᠡᠬᠡᠰ ᠦ᠋ᠨ ᠭᠠᠢ ᠵᠠᠣ᠌ᠠᠬᠡᠷ ᠢ᠋ ᠠᠴᠢᠵᠤ ᠵᠣᠯᠢᠭ ᠲᠤ᠌ ᠭᠠᠷᠬᠤ ᠬᠥᠮᠦᠨ ᠢ᠋ ᠡᠷᠢᠵᠦ ᠰᠤᠷᠠᠭᠯᠠᠬᠤ ᠳ᠋ᠠᠭᠠᠨ᠂ ᠴᠢᠩᠭᠢᠵᠦ ᠠᠰᠠᠭᠤᠳᠠᠭ ᠰᠠᠨ᠃ ᠡᠨᠡ ᠶᠠᠭᠤ ᠪᠣᠯ ᠳᠠ ? ᠤᠰᠤ ᠦᠵᠡᠯ ᠦᠭᠡᠢ᠂ ᠳᠡᠮᠡᠢ ᠭᠤᠲᠤᠯ ᠢ᠋ᠶ᠋ᠠᠨ ᠲᠠᠢᠯᠵᠤ᠂ ᠶᠠᠭᠤᠮᠠᠨ ᠤ᠋ ᠲᠡᠷᠢᠭᠦᠨ ᠳ᠋ᠦ᠍ ᠬᠡᠷᠡᠭ ᠴᠦ᠍ ᠦᠭᠡᠢ ᠵᠠ ᠭᠡᠵᠦ ᠬᠡᠯᠡᠵᠦ ᠣᠷᠭᠢᠪᠠᠤ ᠳᠠ ᠲᠡᠷᠡ ᠵᠠᠭᠠᠯ ᠬᠦᠦ᠃ ᠰᠣᠨᠣᠰᠪᠠᠯ᠂ ᠨᠣᠶᠠᠨ ᠤ᠋ ᠪᠡᠶ᠎ᠡ ᠡᠪᠡᠳᠴᠢᠲᠡᠢ᠂ ᠨᠠᠰᠤᠨᠪᠠᠲᠤ ᠠᠶ᠎ᠠ ᠦᠭᠡᠢ ᠬᠡᠷᠡᠭ ᠲᠦ᠍ ᠴᠢᠷᠦᠭᠳᠡᠵᠦ ᠣᠴᠢᠳᠠᠭ ᠪᠣᠯᠪᠠᠤ᠂ ᠶᠠᠭᠠᠬᠢᠳᠠᠭ ᠪᠣᠯ᠂ ᠪᠠᠲᠤᠪᠠᠶᠠᠷ ᠲᠤᠨᠢ ᠬᠡᠯᠡ ᠬᠦᠷᠭᠡᠬᠦ ᠡᠴᠡ ᠳᠡ ᠭᠡᠳ ᠣᠷᠣᠢᠲᠠᠵᠤ᠂ ᠬᠡᠷᠡᠭ ᠨᠢᠭᠡᠨᠲᠡ ᠥᠩᠭᠡᠷᠡᠵᠡᠢ᠃ ᠵᠠ ᠭᠡᠪᠡᠯ ᠶᠣᠣ — ᠦᠭᠡᠢ ᠭᠡᠳᠡᠭ ᠰᠢᠦ ᠳᠡ ᠭᠡᠵᠦ ᠡᠪᠦᠭᠡᠨ ᠪᠣᠱᠣᠭ ᠤ᠋ᠨ ᠭᠠᠢᠬᠠᠰᠢ ᠪᠠᠨ ᠪᠠᠷᠠᠵᠤ ᠪᠣᠳᠣᠵᠤ ᠪᠠᠢᠲᠠᠯ᠎ᠠ᠂ ᠳᠥᠷᠪᠡᠨ ᠬᠥᠮᠦᠨ ᠢ᠋ᠶ᠋ᠡᠷ ᠳᠠᠮᠨᠠᠭᠤᠯᠤᠭᠰᠠᠨ ᠬᠥᠬᠡ ᠣᠷᠣᠢ ᠲᠠᠢ ᠰᠡᠦᠬᠡ ᠲᠡᠷᠭᠡ ᠦᠵᠡᠭᠳᠡᠨ᠂ ᠪᠥᠭᠡᠮ ᠮᠣᠷᠢᠲᠠᠨ ᠳᠠᠪᠬᠢᠯᠳᠤᠨ ᠭᠠᠷᠴᠤ ᠢᠷᠡᠭᠰᠡᠨ ᠳ᠋ᠦ᠍᠂  
       — ᠳᠠᠬᠢᠭᠠᠳ ᠯᠠ ᠮᠠᠨᠵᠤ ᠲᠦᠰᠢᠮᠡᠯ ᠢᠷᠡᠵᠡᠢ! ᠭᠡᠵᠦ ᠭᠤᠶ᠎ᠠ ᠪᠠᠨ ᠭᠠᠰᠠᠯᠤᠨ ᠠᠯᠠᠭᠠᠳᠠᠭᠠᠳ᠂ ᠡᠪᠦᠭᠡᠨ ᠪᠣᠱᠣᠭ ᠤᠯᠠᠭᠠᠴᠢ ᠨᠠᠷ ᠢᠶᠡᠨ ᠪᠡᠯᠡᠨ ᠵᠠᠯᠠᠨ ᠪᠣᠯᠭᠠᠬᠤ ᠭᠡᠵᠦ᠂ ᠥᠷᠲᠡᠭᠡ ᠪᠡᠷ ᠬᠥᠮᠦᠨ ᠠᠮᠢᠲᠠᠨ ᠢ᠋ ᠵᠣᠳᠣᠵᠤ ᠶᠠᠪᠤᠳᠠᠭ ᠰᠢᠷᠦᠭᠦᠨ ᠡᠯᠴᠢ ᠨᠠᠷ ᠠ᠋ᠴᠠ ᠡᠮᠢᠶᠡᠵᠦ ᠰᠡᠩᠳᠡᠨ ᠮᠡᠩᠳᠡᠨ ᠭᠦᠶᠦᠭᠡᠳ᠂ ᠥᠷᠲᠡᠭᠡᠨ ᠦ᠌ ᠬᠢᠨ ᠬᠥᠭᠡᠷᠡᠴᠢᠭ ᠬᠥᠭᠡᠮᠡᠢ ᠪᠣᠯᠪᠠ᠃  
       ᠨᠣᠶᠠᠨ ᠤ᠋ ᠦᠷᠭᠦᠭᠡᠨ ᠳ᠋ᠦ᠍ ᠲᠡᠷᠡᠴᠢᠯᠡᠨ ᠪᠠᠰᠠᠯᠠ ᠬᠥᠯ ᠦᠢᠮᠡᠭᠡᠨ ᠲᠡᠢ ᠪᠠᠢᠵᠠᠢ᠃ ᠤᠯᠠᠪᠤᠷ ᠰᠢᠷ᠎ᠠ ᠳᠡᠪᠡᠯ ᠲᠡᠢ ᠯᠠᠮᠠ ᠨᠠᠷ ᠰᠡᠯᠭᠦᠴᠡᠨ᠂ ᠲᠤᠰᠬᠠᠢ ᠪᠠᠷᠢᠭᠰᠠᠨ ᠨᠢᠭᠡᠨ ᠭᠡᠷ ᠲᠦ᠍ ᠭᠦᠷᠢᠮᠴᠢ ᠶ᠋ᠢᠨ ᠱᠠᠪᠢ ᠨᠠᠮᠬᠠᠨ ᠴᠣᠬᠣᠷ ᠲᠥᠪᠡᠳ᠂ ᠨᠣᠶᠠᠨ ᠤ᠋ ᠬᠦᠷᠢᠶᠡᠨ ᠦ᠌ ᠡᠴᠡᠩᠬᠡᠷ ᠡᠪᠦᠭᠡᠨ ᠮᠣᠩᠭᠣᠯ ᠯᠠᠮᠠ ᠲᠠᠢ ᠬᠣᠶᠠᠭᠤᠯᠠ ᠪᠠᠨ ᠨᠡᠢᠯᠡᠵᠦ᠂ ᠰᠤᠷ ᠬᠢᠵᠦ ᠳᠠᠭᠤᠰᠬᠤ ᠰᠢᠬᠠᠵᠤ ᠪᠠᠢᠪᠠ᠃ ᠳᠥᠷᠪᠡᠯᠵᠢᠨ ᠮᠣᠳᠣᠨ ᠲᠠᠯᠪᠢᠭᠤᠷ ᠤ᠋ᠨ ᠳᠤᠮᠳᠠ ᠮᠣᠳᠣᠨ ᠪᠠᠭᠠᠨ᠎ᠠ ᠵᠤᠭᠤᠵᠤ ᠦᠵᠦᠭᠦᠷ ᠡᠴᠡ ᠨᠢ ᠰᠠᠮᠪᠠᠷ ᠤ᠋ᠨ ᠭᠤᠷᠪᠠᠨ ᠥᠨᠴᠥᠭ ᠲᠦ᠍ ᠴᠠᠭᠠᠰᠤ ᠪᠠᠷ ᠤᠷᠠᠯᠠᠨ ᠬᠢᠭᠰᠡᠨ ᠭᠠᠯ ᠤ᠋ᠨ ᠤᠯᠠᠭᠠᠨ ᠳᠥᠯᠥ ᠲᠣᠷᠭᠣᠵᠤ ᠬᠠᠲᠠᠭᠠᠳ᠂ ᠬᠣᠭᠣᠷᠣᠨᠳᠣ ᠪᠠᠷ ᠨᠢ ᠶᠣᠭᠲᠠ ᠤᠳᠬ᠎ᠠ ᠪᠦᠬᠦᠢ ᠴᠠᠭᠠᠰᠤᠨ ᠤᠭᠠᠯᠵᠠ ᠬᠡ ᠬᠠᠲᠠᠵᠤ ᠪᠠᠢᠪᠠ᠃   
       ᠡᠪᠦᠭᠡᠨ ᠮᠣᠩᠭᠣᠯ ᠨᠢ ᠰᠤᠷ ᠤ᠋ᠨ ᠪᠠᠭᠠᠨ᠎ᠠ ᠶ᠋ᠢᠨ ᠣᠷᠣᠢ ᠳ᠋ᠤ᠌ ᠰᠢᠪᠠᠷ ᠢ᠋ᠶ᠋ᠠᠷ ᠤᠷᠠᠯᠠᠨ ᠬᠢᠭᠡᠳ᠂ ᠴᠠᠭᠠᠨ ᠢ᠋ᠶ᠋ᠠᠷ ᠪᠣᠳᠣᠵᠤ᠂ ᠨᠢᠳᠦᠨ ᠦ᠌ ᠠᠶᠠᠭ᠎ᠠ᠂ ᠰᠢᠲᠦ᠂ ᠠᠮᠠᠨ ᠤ᠋ ᠵᠠᠪᠰᠠᠷ ᠢ᠋ ᠤᠯᠠᠭᠠᠨ ᠢ᠋ᠶ᠋ᠠᠷ ᠢᠯᠭᠠᠭᠰᠠᠨ ᠬᠣᠬᠢᠮᠠᠢ ᠲᠣᠯᠣᠭᠠᠢ ᠶ᠋ᠢ ᠵᠣᠭᠣᠭᠰᠠᠨ ᠨᠢ᠂ ᠬᠣᠭᠣᠰᠣᠨ ᠴᠢᠰᠤᠨ ᠤᠯᠠᠭᠠᠨ ᠤᠬᠤᠷᠬᠠᠢ ᠪᠠᠷ ᠢ᠋ᠶ᠋ᠠᠨ ᠠᠶᠤᠮᠠᠷ ᠬᠠᠷᠠᠵᠤ᠂ ᠰᠢᠲᠦ ᠪᠡᠨ ᠶᠠᠷᠵᠠᠢᠯᠭᠠᠵᠠᠢ᠃  
       ᠰᠤᠷ ᠬᠢᠵᠦ ᠪᠠᠢᠭᠰᠠᠨ ᠲᠡᠷᠡ ᠭᠡᠷ ᠦ᠋ᠨ ᠵᠡᠷᠭᠡᠯᠡᠳᠡᠭᠡ ᠨᠢᠭᠡᠨ ᠪᠢᠴᠢᠬᠠᠨ ᠳᠥᠷᠪᠡᠨ ᠬᠠᠨ᠎ᠠ ᠲᠠᠢ ᠭᠡᠷ ᠲᠦ᠍ ᠲᠥᠪᠡᠳ ᠭᠦᠷᠢᠮᠴᠢ᠂ ᠭᠡᠲᠡᠨ ᠲᠣᠯᠣᠭᠠᠢᠲᠤ ᠨᠠᠰᠤᠨᠪᠠᠲᠤ ᠶ᠋ᠢᠨ ᠲᠣᠯᠣᠭᠠᠢ ᠶ᠋ᠢ ᠶᠡᠬᠡᠯ᠎ᠡ ᠠᠵᠢᠭᠯᠠᠨ ᠬᠠᠷᠠᠵᠤ ᠵᠣᠯᠢᠭ ᠲᠤ᠌ ᠭᠠᠷᠬᠤ ᠬᠥᠮᠦᠨ ᠶᠠᠭᠠᠬᠢᠪᠠᠯ ᠵᠣᠬᠢᠬᠤ ᠶ᠋ᠢ ᠭᠣᠨᠢᠬᠠᠷᠠᠰᠬᠢᠬᠰᠠᠨ ᠲᠡᠷᠡ ᠵᠠᠯᠠᠭᠤ ᠳ᠋ᠤ᠌ ᠲᠠᠢᠯᠪᠤᠷᠢᠯᠠᠨ ᠬᠡᠯᠡᠵᠦ᠂ ᠢᠳᠬᠠᠨ ᠤᠬᠠᠭᠤᠯᠬᠤ ᠦᠭᠡ ᠪᠡᠨ ᠪᠠᠷᠤᠭ ᠲᠡᠭᠦᠰᠴᠦ ᠪᠠᠢᠪᠠ᠃  
       ᠭᠦᠷᠢᠮᠴᠢ ᠥᠭᠦᠯᠡᠷᠦᠨ   
       — ᠲᠠᠨ ᠤ᠋ ᠮᠣᠩᠭᠣᠯ ᠬᠥᠮᠦᠨ᠂ ᠵᠠ ᠭᠡᠪᠡᠯ ᠶᠣᠣ ᠦᠭᠡᠢ ᠭᠡᠵᠦ ᠬᠡᠯᠡᠳᠡᠭ ᠰᠢᠦ ᠳᠡ᠃ ᠲᠡᠷᠡ ᠶᠡᠬᠡ ᠮᠡᠷᠭᠡᠨ ᠦᠭᠡ᠃ ᠴᠢ ᠨᠢᠭᠡᠨᠲᠡ ᠠᠰᠠᠭᠤᠬᠤ ᠲᠣᠭᠲᠠᠭᠰᠠᠨ ᠦᠭᠡᠨ ᠳ᠋ᠦ᠍ ᠵᠠ ᠭᠡᠵᠦ ᠬᠠᠷᠢᠭᠤ ᠬᠡᠯᠡᠭᠰᠡᠨ ᠡᠴᠡ ᠬᠣᠢᠰᠢ᠂ ᠪᠤᠴᠠᠬᠤ ᠪᠠᠭᠤᠷᠠᠵᠢᠬᠤ ᠠᠷᠭ᠎ᠠ ᠦᠭᠡᠢ ᠪᠣᠯᠤᠭᠰᠠᠨ ᠢ᠋ ᠴᠢᠮᠠᠲᠤ ᠬᠥᠮᠦᠨ ᠬᠡᠯᠡᠵᠦ ᠥᠭᠭᠦᠭᠰᠡᠨ ᠰᠢᠦ ᠳᠡ᠃ ᠲᠡᠢᠮᠦ ᠳᠡᠭᠡᠷ᠎ᠡ ᠡᠴᠡ᠂ ᠴᠢ ᠮᠢᠨᠦ ᠳᠠᠪᠲᠠᠨ ᠬᠡᠯᠡᠬᠦ ᠦᠭᠡ ᠶ᠋ᠢ ᠰᠠᠢᠲᠤᠷ ᠣᠢᠯᠠᠭᠠᠨ ᠲᠣᠭᠲᠠᠭ᠎ᠠ᠃ ᠮᠠᠷᠭᠠᠰᠢ ᠭᠦᠷᠢᠮ ᠬᠢᠵᠦ᠂ ᠴᠢᠮᠠᠶ᠋ᠢ ᠨᠣᠶᠠᠨ ᠤ᠋ ᠲᠥᠯᠥᠭᠡ ᠵᠣᠯᠢᠭ ᠲᠤ᠌ ᠭᠠᠷᠭᠠᠨ᠎ᠠ᠃ ᠲᠡᠭᠡᠬᠦ ᠳ᠋ᠦ᠍ ᠨᠣᠮ ᠤ᠋ᠨ ᠶᠣᠰᠣᠭᠠᠷ ᠪᠣᠯᠪᠠᠯ᠂ ᠴᠢ ᠴᠣᠬᠣᠮ ᠵᠣᠯᠢᠭ ᠲᠤ᠌ ᠬᠡᠨ ᠮᠠᠨᠢ ᠭᠠᠷᠬᠤ ᠪᠣᠢ ᠭᠡᠵᠦ ᠭᠤᠷᠪᠠ ᠳᠠᠬᠢᠨ ᠱᠣ ᠬᠠᠶᠠᠵᠤ᠂ ᠠᠵᠠ ᠪᠠᠨ ᠦᠵᠡᠬᠦ ᠶᠣᠰᠣᠲᠠᠢ ᠶᠤᠮ᠃ ᠭᠤᠷᠪᠠ ᠳᠠᠬᠢᠨ ᠱᠣ ᠬᠠᠶᠠᠭᠠᠳ᠂ ᠭᠤᠷᠪᠠᠭᠤᠯᠠ ᠳ᠋ᠤᠨᠢ ᠴᠢ ᠭᠠᠷᠴᠠᠭ᠎ᠠ ᠦᠭᠡᠢ ᠵᠣᠯᠢᠭ ᠲᠤ᠌ ᠭᠠᠷᠬᠤ ᠪᠣᠯᠤᠨ᠎ᠠ᠃ ᠲᠡᠭᠡᠬᠦ ᠳ᠋ᠡᠭᠡᠨ ᠴᠢ ᠴᠢᠮᠠᠶ᠋ᠢ ᠬᠣᠬᠢᠷᠠᠭᠤᠯᠤᠭᠰᠠᠨ ᠱᠣ ᠪᠠᠨ ᠭᠠᠵᠠᠷ ᠬᠠᠶᠠᠵᠤ᠂ ᠬᠥᠯ ᠢ᠋ᠶ᠋ᠡᠷ ᠢ᠋ᠶ᠋ᠡᠨ ᠳᠡᠪᠰᠡᠭᠡᠳ᠂ ᠵᠡᠭᠦᠨ ᠤᠷᠤᠭᠰᠢ ᠪᠠᠨ ᠵᠦᠭᠯᠡᠵᠦ ᠭᠠᠷᠤᠭᠠᠷᠠᠢ᠃ ᠲᠡᠨᠳᠡ ᠴᠢᠮᠠᠶ᠋ᠢ ᠬᠥᠮᠦᠨ ᠲᠣᠰᠴᠤ ᠪᠠᠢᠭᠠᠳ ᠬᠤᠰᠢᠭᠤᠨ ᠤ᠋ ᠵᠠᠬ᠎ᠠ ᠨᠤᠲᠤᠭ ᠲᠤ᠌ ᠬᠦᠷᠲᠡᠯ᠎ᠡ ᠭᠠᠷᠭᠠᠵᠤ ᠥᠭᠭᠦᠨ᠎ᠡ᠃ ᠬᠣᠰᠢᠭᠤ ᠣᠯᠠᠨ ᠳ᠋ᠤ᠌ ᠬᠦᠨᠳᠦ ᠲᠡᠢ᠂ ᠥᠭᠯᠢᠭᠡ ᠶ᠋ᠢᠨ ᠡᠵᠡᠨ ᠡᠷᠬᠢᠮ ᠯᠣᠳᠣᠢ᠂ ᠲᠩᠷᠢ ᠢᠵᠠᠭᠤᠷᠲᠤ ᠵᠠᠯᠠᠨ ᠭᠣᠮᠪᠣ ᠶ᠋ᠢᠨ ᠵᠡᠷᠭᠡ ᠲᠤᠰ ᠬᠤᠰᠢᠭᠤᠨ ᠤ᠋ ᠪᠠᠢᠰᠠ ᠨᠣᠶᠠᠨᠲᠠᠨ ᠤ᠋ ᠰᠢᠳᠠᠷ ᠬᠡᠳᠦᠨ ᠬᠥᠮᠦᠨ ᠦ᠌ ᠭᠠᠢ ᠵᠡᠳᠬᠡᠷ ᠢ᠋ ᠨᠢᠮᠭᠡᠯᠡᠵᠦ᠂ ᠲᠡᠳᠡᠨ ᠦ᠌ ᠪᠤᠶᠠᠨ ᠬᠡᠰᠢᠭ ᠡᠴᠡ ᠬᠦᠷᠲᠡᠬᠦ ᠳ᠋ᠦ᠍ ᠴᠢᠨᠢ᠂ ᠴᠢᠮᠠᠲᠤ ᠪᠠᠰᠠ ᠠᠮᠢ ᠵᠢᠭᠤᠬᠤ ᠶ᠋ᠢᠨ ᠬᠤᠪᠢ ᠳ᠋ᠤ᠌ ᠨᠡᠮᠡᠷᠢ ᠪᠣᠯᠵᠤ ᠥᠭᠭᠦᠨ᠎ᠡ᠂ ᠪᠢ ᠴᠢᠨᠦ ᠲᠥᠯᠥᠭᠡ ᠰᠠᠨᠠᠭ᠎ᠠ ᠲᠠᠯᠪᠢᠵᠤ᠂ ᠠᠯᠲᠠ ᠮᠥᠩᠭᠥ᠂ ᠰᠤᠪᠤᠳ ᠲᠠᠨ᠎ᠠ ᠥᠭᠬᠦ ᠡᠴᠡ ᠪᠢᠰᠢ᠂ ᠬᠣᠨᠢ ᠮᠠᠯ ᠥᠭᠭᠦᠭᠰᠡᠨ ᠦ᠌ ᠬᠡᠷᠡᠭ ᠦᠭᠡᠢ᠃ ᠶᠠᠪᠤᠬᠤ ᠳ᠋ᠤᠨᠢ ᠴᠢᠷᠦᠭᠳᠡᠯ ᠪᠣᠯᠤᠨ᠎ᠠ ᠭᠡᠵᠦ ᠬᠡᠯᠡᠵᠦ ᠥᠭᠭᠦᠭᠰᠡᠨ᠃ ᠨᠣᠶᠠᠨ ᠪᠠᠰᠠ ᠴᠢᠮᠠᠶ᠋ᠢ ᠬᠣᠬᠢᠷᠠᠭᠤᠯᠬᠤ ᠦᠭᠡᠢ᠂ ᠬᠡᠰᠢᠭ ᠢ᠋ᠶ᠋ᠡᠨ ᠬᠦᠷᠲᠡᠭᠡᠨ᠎ᠡ᠃ ᠮᠢᠨᠦ ᠱᠠᠪᠢ ᠰᠠᠮᠲᠠᠨᠪᠠᠵᠠᠷ ᠭᠡᠳᠡᠭ ᠨᠢᠭᠡ ᠨᠠᠮᠬᠠᠨ ᠴᠣᠬᠣᠷ ᠬᠥᠮᠦᠨ ᠪᠣᠢ᠃ ᠴᠢ ᠦᠵᠡᠭᠰᠡᠨ ᠪᠠᠢᠬ᠎ᠠ᠃ ᠲᠡᠷᠡ ᠬᠥᠮᠦᠨ ᠴᠢᠮᠠᠶ᠋ᠢ ᠭᠠᠷᠭᠠᠵᠤ ᠥᠭᠭᠦᠭᠡᠳ᠂ ᠲᠥᠪᠡᠳ ᠭᠠᠵᠠᠷ ᠤ᠋ᠨ ᠭᠦᠮᠪᠦᠮ ᠭᠡᠳᠡᠭ ᠬᠡᠢᠳ ᠲᠦ᠍ ᠶᠠᠭᠠᠬᠢᠵᠤ ᠬᠦᠷᠴᠦ᠂ ᠲᠡᠨᠳᠡ ᠬᠡᠨ ᠲᠡᠢ ᠠᠭᠤᠯᠵᠠᠵᠤ ᠵᠠᠮ ᠢ᠋ᠶ᠋ᠠᠨ ᠣᠯᠬᠤ ᠶ᠋ᠢ ᠴᠢᠨᠢ ᠬᠣᠣ ᠵᠢᠭᠠᠵᠤ ᠥᠭᠭᠦᠨ᠎ᠡ᠃ ᠴᠢ ᠭᠦᠮᠪᠦᠮ ᠣᠷᠣᠪᠠᠯ᠂ ᠡᠷᠭᠦᠯ ᠪᠠᠷᠢᠴᠠ ᠡᠷᠭᠦᠭᠡᠳ ᠭᠠᠢ ᠵᠡᠳᠬᠡᠷ ᠡᠴᠡ ᠪᠡᠨ ᠰᠠᠯᠵᠤ᠂ ᠴᠢᠯᠥᠭᠡ ᠤᠴᠠᠷᠠᠯ ᠲᠡᠭᠦᠰ ᠬᠥᠮᠦᠨ ᠪᠣᠯᠤᠭᠠᠳ ᠭᠡᠷ ᠲᠡᠭᠡᠨ ᠬᠣᠵᠢᠮ ᠬᠣᠢᠨ᠎ᠠ ᠡᠷᠭᠢᠵᠦ ᠢᠷᠡᠭᠰᠡᠨ ᠴᠤ᠌ ᠪᠣᠯᠬᠤ ᠴᠠᠭ ᠢᠷᠡᠨ᠎ᠡ᠃ ᠬᠠᠷᠢᠨ ᠳᠣᠣᠷ᠎ᠠ ᠪᠠᠨ ᠡᠷᠭᠢᠵᠦ ᠢᠷᠡᠪᠡᠯ ᠲᠤᠰᠠ ᠦᠭᠡᠢ ᠰᠢᠦ᠃ ᠬᠥᠮᠦᠨ ᠴᠢᠮᠠᠶ᠋ᠢ ᠭᠠᠢ ᠵᠡᠳᠬᠡᠷ ᠢ᠋ᠶ᠋ᠡᠨ ᠴᠢᠷᠴᠦ ᠢᠷᠡᠭᠰᠡᠨ ᠭᠡᠵᠦ ᠦᠵᠡᠨ᠎ᠡ᠃    
       — ᠴᠢ ᠵᠣᠷᠢᠭᠲᠠᠢ ᠵᠠᠯᠠᠭᠤ ᠪᠠᠢᠨ᠎ᠠ᠃ ᠭᠡᠪᠡᠴᠦ᠂ ᠬᠡᠷᠪᠡ ᠰᠡᠳᠬᠢᠯ ᠰᠠᠨᠠᠭ᠎ᠠ ᠵᠣᠪᠠᠨᠢᠯᠲᠠᠢ ᠪᠣᠯ᠂ ᠪᠢ ᠴᠢᠮᠠᠲᠤ ᠵᠣᠪᠠᠯᠠᠩ ᠢ᠋ ᠤᠮᠠᠷᠲᠠᠬᠤ ᠡᠮ ᠥᠭᠴᠦ ᠪᠣᠯᠤᠨ᠎ᠠ᠃ ᠰᠣᠨᠣᠰᠪᠠᠤ? ᠭᠡᠬᠦ ᠳ᠋ᠦ᠍ᠨᠢ   
       — ᠦᠭᠡᠢ᠂ ᠬᠡᠷᠡᠭ ᠦᠭᠡᠢ ᠭᠡᠵᠦ ᠲᠣᠯᠣᠭᠠᠢ ᠪᠠᠨ ᠰᠡᠭᠰᠦᠷᠴᠡᠢ᠃    
       — ᠵᠠ᠂ ᠲᠡᠭᠡᠪᠡᠯ ᠪᠣᠯᠵᠠᠢ᠃ ᠪᠢ ᠴᠢᠮᠠᠶ᠋ᠢ ᠰᠠᠨᠳᠤᠷᠴᠤ ᠭᠤᠨᠢᠬᠠᠷᠠᠬᠤ ᠭᠤᠲᠤᠬᠤ ᠠᠮᠢᠲᠠᠨ ᠪᠣᠯᠪᠠᠤ ᠭᠡᠵᠦ᠂ ᠶᠡᠬᠡ ᠦᠨ᠎ᠡ ᠪᠡᠷ ᠬᠣᠪᠣᠷ ᠡᠮ ᠣᠯᠵᠤ ᠠᠪᠤᠭᠠᠳ᠂ ᠴᠢᠮᠠᠲᠤ ᠥᠭ ᠤᠤ ᠭᠡᠵᠦ ᠪᠣᠳᠣᠵᠤ ᠪᠠᠢᠭᠰᠠᠨ ᠶᠤᠮ᠃ ᠬᠡᠷᠡᠭᠲᠡᠢ ᠪᠣᠯ᠂ ᠠᠪᠤᠭᠠᠷᠠᠢ ᠭᠡᠵᠦ ᠬᠡᠯᠡᠭᠡᠳ ᠲᠡᠷᠡ ᠵᠠᠯᠠᠭᠤ ᠬᠦᠦ ᠶ᠋ᠢᠨ ᠲᠣᠯᠣᠭᠠᠢ ᠶ᠋ᠢ ᠪᠠᠰᠠ ᠨᠢᠭᠡ ᠰᠣᠨᠢᠷᠬᠠᠨ ᠰᠢᠷᠲᠡᠰᠬᠢᠭᠡᠳ ᠭᠠᠷᠤᠭᠰᠠᠨ ᠬᠣᠢᠨ᠎ᠠ ᠨᠢ ᠭᠡᠷ ᠦ᠋ᠨ ᠬᠠᠶᠠᠭᠠᠨ ᠳ᠋ᠤ᠌ ᠨᠢᠭᠡᠨ ᠬᠥᠮᠦᠨ ᠳᠣᠬᠢᠶ᠎ᠠ ᠥᠭᠭᠦᠭᠰᠡᠨ ᠶᠦ᠍ᠮ ᠰᠢᠭ ᠬᠠᠨᠢᠶᠠᠭᠠᠳ᠂ ᠳᠠᠭᠤᠨ ᠢ᠋ ᠨᠢ ᠰᠣᠨᠣᠰᠪᠠᠯ᠂ ᠨᠠᠰᠤᠲᠠᠢ ᠡᠪᠦᠭᠡᠨ ᠬᠥᠮᠦᠨ ᠪᠣᠯᠤᠯᠲᠠᠢ᠃ 
       — ᠬᠦᠦᠶᠢ ( ᠬᠥᠶᠢ)᠂ ᠭᠡᠷ ᠳᠣᠲᠣᠷᠠᠬᠢ ᠵᠠᠭᠠᠯ( ᠵᠢᠭᠠᠯ) ᠬᠦᠦ ᠲᠤᠭᠤᠯᠵᠤ ᠪᠠᠢᠨᠠᠤ᠂ ᠴᠢ ᠭᠡᠵᠡᠢ᠃ 
       — ᠵᠠ! ᠭᠡᠬᠦ ᠳ᠋ᠦ᠍ᠨᠢ᠂ ᠭᠡᠷ ᠦ᠋ᠨ ᠬᠠᠶᠠᠭᠠᠨ ᠤ᠋ ᠬᠥᠮᠦᠨ ᠥᠭᠦᠯᠡᠷᠦᠨ᠂  
       — ᠪᠢ ᠪᠠᠯᠳᠠᠨ ᠭᠡᠳᠡᠭ ᠡᠪᠦᠭᠡᠨ ᠴᠡᠷᠢᠭ ᠪᠠᠢᠨ᠎ᠠ᠃ ᠴᠢᠮᠠᠶ᠋ᠢ ᠬᠠᠢᠷᠠᠯᠠᠭᠠᠳ ᠲᠤᠰᠠ ᠪᠣᠯᠬᠤ ᠦᠭᠡ ᠬᠡᠯᠡᠬᠦ ᠭᠡᠵᠦ ᠪᠠᠢᠨ᠎ᠠ᠃ ᠰᠡᠳᠬᠢᠯ ᠢ᠋ᠶ᠋ᠡᠨ ᠬᠠᠲᠠᠮᠵᠢᠯᠠᠵᠤ᠂ ᠡᠷ᠎ᠡ ᠬᠥᠮᠦᠨ ᠰᠢᠭ ᠪᠠᠢᠵᠤ ᠦᠵᠡ᠂ ᠬᠦᠦ ᠮᠢᠨᠢ᠃ ᠦᠮᠡᠬᠡᠢ ᠪᠠᠶᠠᠨ ᠯᠣᠳᠣᠢ᠂ ᠵᠠᠯᠠᠨ ᠭᠣᠮᠪᠣ ᠬᠣᠶᠠᠷ ᠴᠢᠮᠠᠶ᠋ᠢ ᠰᠠᠶᠢ ᠶ᠋ᠢᠨ ᠬᠥᠭᠰᠢᠨ ᠲᠥᠪᠡᠳ ᠴᠢᠨᠣ᠎ᠠ ᠳ᠋ᠤ᠌ ᠪᠠᠷᠢᠵᠤ ᠦᠭᠭᠦᠭᠰᠡᠨ ᠶᠦᠮ ᠰᠢᠦ᠃ ᠲᠡᠷᠡ ᠲᠠᠩᠭᠤᠳ ᠤ᠋ᠨ ᠴᠢᠮᠠᠲᠤ ᠢᠳᠬᠠᠨ ᠬᠡᠯᠡᠭᠰᠡᠨ ᠦᠭᠡ ᠶ᠋ᠢ ᠪᠢ ᠴᠥᠮ ᠢ᠋ ᠰᠣᠨᠣᠰᠤᠭᠰᠠᠨ᠂ ᠨᠠᠮᠠᠶ᠋ᠢ ᠬᠠᠷᠠᠭᠤᠯ ᠪᠣᠯᠭᠠᠵᠤ᠂ ᠴᠢᠮᠠᠶ᠋ᠢ ᠰᠠᠬᠢᠭᠤᠯᠵᠤ ᠪᠠᠢᠭ᠎ᠠ ᠶᠤᠮ ᠰᠢᠦ ᠡᠳᠡᠨᠥᠰ᠃ ᠴᠢ ᠪᠢᠲᠡᠭᠡᠢ ᠠᠶᠤ᠃ ᠭᠠᠢ ᠵᠡᠳᠬᠡᠷ᠂ ᠠᠳᠠ ᠴᠢᠳᠬᠥᠷ᠂ ᠡᠷᠯᠢᠭ ᠦ᠋ᠨ ᠡᠯᠴᠢ ᠭᠡᠵᠦ᠂ ᠭᠦᠷᠢᠮᠴᠢ ᠨᠠᠷ ᠤ᠋ᠨ ᠰᠡᠵᠢᠭᠴᠢ ᠬᠥᠮᠦᠨ ᠢ᠋ ᠮᠡᠬᠡᠯᠡᠬᠦ ᠲᠤᠨᠤᠬᠤ ᠠᠷᠭ᠎ᠠ ᠨᠢ ᠶᠦ᠍ᠮ ᠰᠢᠦ᠃ ᠴᠢ᠂ ᠠᠳᠠ ᠴᠢᠳᠬᠥᠷ ᠡᠴᠡ ᠪᠦᠦ ᠠᠶᠤ! ᠠᠶᠤᠪᠠᠯ ᠬᠠᠷᠢᠨ ᠬᠥᠮᠦᠨ ᠡᠴᠡ ᠠᠶᠤ᠂ ᠰᠠᠶᠢ ᠶ᠋ᠢᠨ ᠬᠣᠪᠳᠣᠭ ᠲᠠᠩᠭᠤᠳ ᠴᠢᠨᠢ᠂ ᠱᠠᠪᠢ ᠲᠠᠢ ᠪᠠᠨ ᠮᠢᠨᠦ ᠳᠡᠷᠭᠡᠳᠡ ᠲᠦᠷᠦᠭᠦᠨ ᠦᠭᠡ ᠬᠡᠯᠡᠯᠴᠡᠵᠦ ᠪᠢᠯᠡ᠃ ᠪᠢ ᠤᠷᠢᠳ ᠲᠥᠪᠡᠳ ᠭᠠᠵᠠᠷ ᠢ᠋ᠶ᠋ᠠᠷ ᠬᠡᠰᠦᠵᠦ᠂ ᠬᠡᠯᠡ ᠶ᠋ᠢ ᠨᠢ ᠰᠤᠷᠤᠭᠰᠠᠨ ᠬᠥᠮᠦᠨ᠃ ᠲᠡᠳᠡᠨᠦᠰ᠂ ᠨᠠᠮᠠᠶ᠋ᠢ ᠲᠥᠪᠡᠳ ᠬᠡᠯᠡ ᠮᠡᠳᠡᠬᠦ ᠦᠭᠡᠢ ᠭᠡᠵᠦ ᠪᠣᠳᠣᠭᠠᠳ᠂ ᠮᠢᠨᠦ ᠳᠡᠷᠭᠡᠳᠡ ᠲᠥᠪᠡᠳ ᠢ᠋ᠶ᠋ᠡᠷ ᠬᠠᠮᠢᠶ᠎ᠠ ᠦᠭᠡᠢ ᠶᠠᠷᠢᠵᠠᠢ᠃ ᠰᠣᠨᠣᠰᠪᠠᠯ᠂ ᠲᠡᠷᠡ ᠲᠠᠩᠭᠤᠳ ᠭᠦᠷᠢᠮᠴᠢ᠂ ᠴᠢᠮᠠᠶ᠋ᠢ ᠮᠠᠨ ᠤ᠋ ᠬᠤᠰᠢᠭᠤᠨ ᠤ᠋ ᠵᠠᠬ᠎ᠠ ᠨᠤᠲᠤᠭ ᠲᠤ᠌ ᠭᠠᠷᠭᠠᠭᠠᠳ᠂ ᠲᠤᠨᠤᠬᠤ ᠰᠠᠨᠠᠭ᠎ᠠ ᠲᠠᠢ ᠶᠤᠮ ᠪᠠᠢᠨ᠎ᠠ᠃ ᠲᠡᠭᠡᠭᠡᠳ᠂ ᠴᠢᠮᠠᠲᠤ ᠠᠯᠲᠠ ᠮᠥᠩᠭᠥ ᠶᠡᠬᠡᠬᠡᠨ ᠥᠭᠭᠦᠭᠡᠰᠡᠢ ᠭᠡᠵᠦ ᠬᠢᠴᠢᠶᠡᠵᠦ ᠪᠠᠢᠭ᠎ᠠ ᠶᠤᠮ ᠪᠠᠢᠵᠠᠢ᠃ ᠲᠡᠭᠦᠨ ᠦ᠌ ᠬᠠᠵᠠᠭᠤ ᠪᠠᠷ᠂ ᠪᠠᠰᠠ ᠴᠢᠨᠦ ᠲᠣᠯᠣᠭᠠᠢ ᠶ᠋ᠢ ᠭᠠᠪᠠᠯᠠ ᠡᠷᠳᠡᠨᠢ ᠭᠡᠵᠦ ᠰᠢᠨᠵᠢᠭᠡᠳ᠂ ᠭᠠᠪᠠᠯᠠ ᠶ᠋ᠢ ᠴᠢᠨᠢ ᠣᠯᠵᠤ ᠠᠪᠬᠤ ᠰᠠᠨᠠᠭ᠎ᠠ ᠲᠠᠢ ᠶᠤᠮ ᠪᠠᠢᠨ᠎ᠠ ᠰᠢᠦ᠃ ᠪᠥᠨᠲᠥᠭᠡᠷ ᠴᠢᠨᠢ ᠠᠶ᠎ᠠ ᠦᠭᠡᠢᠳᠡᠪᠡᠯ ᠮᠥᠷᠦᠨ ᠳᠡᠭᠡᠷ᠎ᠡ ᠴᠢᠨᠢ ᠲᠣᠭᠲᠠᠬᠤ ᠦᠭᠡᠢ ᠪᠣᠯᠵᠤ ᠮᠡᠳᠡᠬᠦ ᠬᠡᠷᠡᠭ᠂ ᠴᠢ ᠪᠣᠳᠣᠯᠭ᠎ᠠ ᠲᠠᠢ ᠪᠠᠢᠭᠠᠷᠠᠢ᠃ ᠭᠦᠷᠢᠮᠴᠢ ᠲᠠᠩᠭᠤᠳ ᠤ᠋ᠨ ᠱᠠᠪᠢ ᠴᠣᠬᠣᠷ ᠲᠥᠪᠡᠳ᠂ ᠴᠢᠮᠠᠶ᠋ᠢ ᠮᠠᠨ ᠤ᠋ ᠬᠤᠰᠢᠭᠤᠨ ᠤ᠋ ᠵᠠᠬ᠎ᠠ ᠳ᠋ᠤ᠌ ᠭᠠᠷᠭᠠᠭᠠᠳ᠂ ᠴᠢᠮᠠᠶ᠋ᠢ ᠰᠡᠮᠡᠬᠡᠨ( ᠰᠡᠮᠬᠡᠨ) ᠪᠣᠳᠢ ᠶ᠋ᠢ ᠴᠢᠨᠢ ᠬᠥᠲᠥᠯᠵᠦ ᠲᠣᠩᠰᠢᠴᠢᠭᠠᠳ (ᠲᠣᠩᠰᠢᠴᠢᠬᠠᠭᠠᠳ) ᠭᠠᠪᠠᠯᠠ ᠶ᠋ᠢ ᠴᠢᠨᠢ ᠪᠠᠭᠰᠢ ᠳ᠋ᠠᠭᠠᠨ ᠠᠪᠴᠢᠷᠠᠵᠤ ᠥᠭᠬᠦ ᠭᠡᠵᠦ ᠪᠠᠭᠰᠢ ᠱᠠᠪᠢ ᠬᠣᠶᠠᠷ ᠬᠡᠯᠡᠯᠴᠡᠵᠡᠢ᠃ ᠭᠡᠪᠡᠴᠦ᠂ ᠴᠢ ᠪᠢᠲᠡᠭᠡᠢ ᠰᠠᠨᠳᠤᠷ᠂ ᠨᠠᠮᠠᠶ᠋ᠢ ᠪᠠᠰᠠ ᠲᠡᠷᠡ ᠲᠥᠪᠡᠳ ᠲᠡᠢ ᠬᠠᠮᠲᠤ ᠴᠢᠮᠠᠶ᠋ᠢ ᠭᠠᠷᠭᠠᠵᠤ ᠥᠭ ᠭᠡᠵᠦ ᠨᠣᠶᠠᠨ ᠶᠠᠪᠤᠭᠤᠯᠬᠤ ᠭᠡᠵᠦ ᠲᠣᠭᠲᠠᠵᠠᠢ᠃ ᠭᠠᠪᠠᠯᠠ ᠭᠥᠷᠥᠭᠡᠯᠡᠳᠡᠭ ᠲᠡᠷᠡ ᠲᠠᠩᠭᠤᠳ ᠪᠢᠳᠡᠨ ᠢ᠋ ᠬᠣᠨᠢ ᠰᠢᠭ᠋ ᠨᠣᠮᠣᠬᠠᠨ᠂ ᠦᠬᠡᠷ ᠰᠢᠭ ᠲᠡᠨᠡᠭ ᠭᠡᠵᠦ ᠪᠣᠳᠣᠳᠠᠭ ᠪᠣᠯ᠂ ᠴᠣᠬᠣᠮ ᠬᠡᠨ ᠮᠠᠨᠢ ᠦᠬᠡᠷ᠂ ᠬᠡᠨ ᠮᠠᠨᠢ ᠪᠢᠰᠢ ᠶ᠋ᠢ ᠦᠵᠡᠭᠦᠯᠦᠨ᠎ᠡ ᠳᠡ᠃ ᠬᠠᠷᠢᠨ ᠴᠢ ᠮᠢᠨᠢ ᠬᠢᠴᠢᠶᠡᠵᠦ᠂ ᠠᠭᠤᠵᠢᠮ ᠰᠠᠮᠪᠠᠭ᠎ᠠ ᠲᠠᠢ ᠪᠠᠢ᠃ ᠲᠡᠷᠡ ᠲᠠᠩᠭᠤᠳ ᠤ᠋ᠨ ᠮᠠᠭᠤᠬᠠᠢ ᠰᠠᠨᠠᠭ᠎ᠠ ᠶ᠋ᠢ ᠮᠡᠳᠡᠭᠰᠡᠨ ᠰᠡᠳᠦᠪ ᠣᠭᠲᠣ ᠴᠤᠬᠤᠢᠯᠭᠠᠵᠤ ᠪᠣᠯᠬᠤ ᠦᠭᠡᠢ᠃ ᠴᠡᠭᠡᠵᠢᠨ ᠳ᠋ᠡᠭᠡᠨ ᠲᠦᠢᠮᠡᠷ ᠰᠢᠲᠠᠭᠰᠠᠨ ᠴᠤ᠌᠂ ᠤᠲᠤᠭ᠎ᠠ ᠶ᠋ᠢ ᠬᠠᠮᠠᠷ ᠢ᠋ᠶ᠋ᠠᠷ ᠢ᠋ᠶ᠋ᠠᠨ ᠪᠢᠲᠡᠭᠡᠢ ᠭᠠᠷᠭ᠎ᠠ ᠭᠡᠳᠡᠭ ᠡᠷᠲᠡᠨ ᠦ᠌ ᠮᠡᠷᠭᠡᠨ ᠦᠭᠡ ᠶ᠋ᠢ ᠪᠣᠳᠣᠵᠤ ᠶᠠᠪᠤ ᠠ᠋! ᠭᠡᠵᠦ ᠬᠡᠯᠡᠲᠡᠯ᠎ᠡ᠂ ᠡᠪᠦᠭᠡᠨ ᠭᠡᠨᠡᠳᠲᠡ ᠭᠤᠩᠰᠢᠶ᠎ᠠ ᠳᠠᠭᠤᠨ ᠢ᠋ᠶ᠋ᠠᠷ ᠮᠢᠭ᠌ᠰᠸᠮ( ᠮᠡᠭᠵᠡᠮ) ᠡᠭᠡᠰᠢᠭᠯᠡᠵᠦ   
         《 ᠮᠢᠭᠮᠢᠳ ᠰᠸᠪᠢ ᠳ᠋ᠸᠷᠴᠢᠨ ᠵᠠᠨᠷᠠᠢᠰᠠᠭ᠂》  
         《 ᠷᠢᠮᠡᠳ ᠴᠠᠮᠪᠢ ᠸᠠᠩᠪᠤ( ᠪᠠᠨᠪᠤᠤ) ᠵᠠᠮᠪᠢᠶᠠᠩ ᠁》 ᠭᠡᠵᠦ ᠰᠢᠷ᠎ᠠ ᠶ᠋ᠢᠨ ᠱᠠᠰᠢᠨ ᠢ᠋ ᠪᠠᠢᠭᠤᠯᠤᠭᠰᠠᠨ ᠽᠦᠩᠺᠠᠸ᠎ᠠ ᠶ᠋ᠢᠨ ᠮᠠᠭᠲᠠᠭᠠᠯ ᠤᠩᠰᠢᠲᠠᠯ᠎ᠠ᠂ ᠴᠠᠭᠠᠨ᠎ᠠ ᠠ᠋ᠴᠠ ᠨᠢ ᠨᠢᠭᠡᠨ ᠬᠥᠮᠦᠨ ᠦ᠌ ᠠᠯᠬᠤᠬᠤ ᠬᠥᠯ ᠦ᠋ᠨ ᠴᠢᠮᠡᠭᠡ ᠰᠣᠨᠣᠰᠳᠠᠪᠠ᠃  

         ᠦᠰᠦᠭ ᠠᠮᠢᠯᠠᠭᠤᠯᠤᠭᠴᠢ᠄ ᠣᠳᠬᠣᠨᠴᠡᠴᠡᠭ᠂ ᠣᠶᠤᠨᠪᠠᠲᠤ᠂ ᠮᠥᠩᠭᠥᠨᠭᠣᠸ᠎ᠠ᠂ 
                           ᠪᠠᠳᠮᠠᠰᠡᠴᠡᠨ᠂ ᠰᠠᠷᠠᠨᠲᠤᠶᠠᠭ᠎ᠠ᠂ ᠤᠢᠭᠤᠷᠵᠢᠨ ᠣᠳᠬᠣᠨᠪᠠᠪᠠ 
            ᠬᠢᠨᠠᠭᠴᠢ᠄ ᠠᠯᠲᠠᠨᠱᠠ᠂ ᠣᠳᠬᠣᠨᠴᠡᠴᠡᠭ᠂ ᠪᠣᠯᠣᠳ᠂ ᠲ ᠬᠦᠮᠦᠵᠢᠯᠲᠦ ᠂ ᠪᠠᠯ 
            ᠤᠩᠰᠢᠭᠴᠢ᠄  ᠨᠠᠰᠤᠨ᠌ᠦ᠌ᠯᠵᠡᠢ