ᠦᠷ ᠦᠨ ᠲᠤᠶᠠᠭ᠎ᠠ 1 – ᠪ᠂ ᠷᠢᠨᠴᠢᠨ - ᠲᠡᠷᠢᠬᠦᠨ ᠲᠡᠪᠲᠡᠷ < ᠮᠠᠨᠵᠤ ᠶᠢᠨ ᠳᠠᠯᠬᠢᠨ ᠳᠤ>(ᠲᠠᠪᠤ) Үүрийн туяа I – Б ᠂ Ренчин Тэргүүн дэвтэр "<Манжийн талхинд" (5) ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠷ ᠦᠨ ᠲᠤᠶᠠᠭ᠎ᠠ 1 – ᠪ᠂ ᠷᠢᠨᠴᠢᠨ - ᠲᠡᠷᠢᠬᠦᠨ ᠲᠡᠪᠲᠡᠷ < ᠮᠠᠨᠵᠤ ᠶᠢᠨ ᠳᠠᠯᠬᠢᠨ ᠳᠤ>(ᠲᠠᠪᠤ) Үүрийн туяа I – Б ᠂ Ренчин Тэргүүн дэвтэр "<Манжийн талхинд" (5)

ᠦᠷ ᠦᠨ ᠲᠤᠶᠠᠭ᠎ᠠ 1 – ᠪ᠂ ᠷᠢᠨᠴᠢᠨ - ᠲᠡᠷᠢᠬᠦᠨ ᠲᠡᠪᠲᠡᠷ < ᠮᠠᠨᠵᠤ ᠶᠢᠨ ᠳᠠᠯᠬᠢᠨ ᠳᠤ>(ᠲᠠᠪᠤ) Үүрийн туяа I – Б ᠂ Ренчин Тэргүүн дэвтэр "<Манжийн талхинд" (5)

ᠠᠩᠭᠢᠯᠠᠯ:ᠲᠤᠭᠤᠵᠢ ᠷᠣᠮᠠᠨ
2024-11-02

621

ᠲᠠᠪᠤ᠂ ᠠᠶᠤᠮᠠᠬᠠᠢ ᠨᠣᠬᠠᠢ ᠴᠢᠮᠡᠭᠡ ᠦᠭᠡᠢ ᠵᠠᠭᠤᠳᠠᠭ


                   ᠬᠥᠮᠦᠨ ᠢ᠋ ᠬᠣᠣᠷᠯᠠᠬᠤ ᠮᠠᠭᠤ ᠬᠥᠮᠦᠨ ᠦ᠌ 
                   ᠬᠡᠯᠡᠨ ᠦ᠌ ᠦᠵᠦᠭᠦᠷ ᠵᠥᠪ ᠵᠥᠭᠡᠯᠡᠬᠡᠨ     
                            (ᠠᠷᠠᠳ ᠤ᠋ᠨ ᠰᠡᠴᠡᠨ ᠦᠭᠡ)    

       ᠲᠤᠰ ᠬᠤᠰᠢᠭᠤᠨ ᠤ᠋ ᠵᠠᠰᠠᠭ ᠨᠣᠶᠠᠨ ᠯᠾᠠ ᠪᠠᠢᠰᠠ ᠦᠷᠭᠦᠭᠡᠨ ᠳ᠋ᠡᠭᠡᠨ ᠡᠪᠡᠳᠴᠢᠲᠡᠢ ᠬᠡᠪᠲᠡᠵᠡᠢ᠃ ᠴᠡᠴᠡᠷᠡᠭ ᠡᠪᠡᠳᠴᠢᠨ ᠲᠣᠰᠴᠤ᠂ ᠱᠣᠨᠲᠣᠭᠣᠷ ᠪᠣᠭᠣᠨᠢ ᠬᠠᠮᠠᠷ ᠲᠠᠢ᠂ ᠬᠠᠯᠵᠠᠨ ᠶᠡᠬᠡ ᠳᠤᠬᠤ ᠲᠠᠢ᠂ ᠴᠢᠪᠠᠭᠠᠨᠴᠠ ᠴᠢᠷᠠᠢ ᠲᠠᠢ ᠲᠡᠷᠡ ᠨᠣᠶᠠᠨ ᠤ᠋ ᠤᠯᠴᠠᠭᠠᠷ ᠨᠢᠭᠤᠷ ᠨᠢ ᠬᠠᠷ᠎ᠠ ᠬᠥᠯᠥᠰᠥ ᠴᠢᠬᠠᠷᠠᠵᠤ᠂ ᠬᠡᠪᠲᠡᠵᠦ ᠪᠠᠢᠭᠰᠠᠨ ᠪᠢᠯᠡ᠃  
       ᠳᠡᠷᠭᠡᠳᠡ ᠨᠢ ᠰᠢᠳᠠᠷ ᠡᠮᠴᠢ ᠵᠠᠮᠰᠤ ᠮᠠᠷᠠᠮᠪᠠ ᠭᠡᠳᠡᠭ᠂ ᠪᠤᠭᠤᠷᠤᠯᠲᠤᠵᠤ ᠪᠠᠢᠭ᠎ᠠ ᠦᠰᠦ ᠪᠡᠨ ᠵᠦᠢᠯᠡᠭᠰᠡᠨ ᠲᠣᠯᠣᠭᠠᠢ ᠲᠠᠢ᠂ ᠪᠤᠯᠴᠠᠭᠠᠷ ᠭᠠᠷ ᠲᠠᠢ ᠮᠠᠷᠢᠶ᠎ᠠ ᠶᠡᠬᠡᠲᠡᠢ ᠡᠪᠦᠭᠡᠨ᠂ ᠨᠣᠶᠠᠨ ᠳ᠋ᠤ᠌ ᠴᠡᠴᠡᠷᠡᠭ ᠳᠠᠷᠤᠬᠤ ᠡᠮ ᠥᠭᠭᠦᠭᠡᠳ ᠰᠢᠩᠭᠡᠬᠦ ᠶ᠋ᠢ ᠨᠢ ᠬᠦᠯᠢᠶᠡᠵᠦ᠂ ᠨᠣᠶᠠᠨ ᠤ᠋ ᠤᠷᠢᠵᠤ ᠢᠷᠡᠭᠦᠯᠦᠭᠰᠡᠨ ᠭᠦᠷᠢᠮᠴᠢ ᠵᠢᠷᠤᠬᠠᠢᠴᠢ ᠸᠠᠩᠴᠢᠭᠨᠤᠷᠫᠢᠯ ᠲᠠᠢ ᠳᠡᠷᠭᠡᠳᠡᠬᠢ ᠬᠥᠮᠦᠨ ᠦ᠌ ᠮᠡᠳᠡᠬᠦ ᠦᠭᠡᠢ ᠲᠥᠪᠡᠳ ᠦᠭᠡ ᠪᠡᠷ ᠨᠠᠮ ᠳᠠᠭᠤᠨ ᠢ᠋ᠶ᠋ᠠᠷ ᠬᠡᠯᠡᠯᠴᠡᠨ ᠰᠠᠭᠤᠵᠤ ᠪᠠᠢᠪᠠ᠃  
       ᠰᠢᠳᠠᠷ ᠡᠮᠴᠢ᠂ ᠨᠣᠶᠠᠨ  ᠤ᠋ ᠦᠷᠭᠦᠭᠡᠨ ᠳ᠋ᠦ᠍ ᠵᠠᠯᠢᠲᠠᠢ ᠲᠡᠷᠡ ᠲᠥᠪᠡᠳ ᠦ᠋ᠨ ᠬᠦᠷᠴᠦ ᠢᠷᠡᠭᠰᠡᠨ ᠳ᠋ᠦ᠍᠂ ᠳᠣᠲᠣᠷ᠎ᠠ ᠪᠠᠨ ᠳᠤᠷ᠎ᠠ ᠦᠭᠡᠢᠴᠡᠵᠦ᠂ ᠠᠰᠢᠭ ᠲᠡᠮᠡᠴᠡᠬᠦ ᠡᠲᠡᠭᠡᠳ ᠭᠠᠷᠴᠤ ᠢᠷᠡᠪᠡ ᠭᠡᠵᠦ ᠪᠣᠳᠣᠪᠠᠴᠤ᠂ ᠭᠠᠳᠠᠨ᠎ᠠ ᠪᠠᠨ ᠶᠡᠬᠡ ᠨᠠᠢᠷᠲᠠᠢ ᠰᠠᠢᠬᠠᠨ ᠪᠠᠢᠳᠠᠯᠲᠠᠢ ᠪᠠᠢᠵᠤ᠂  
       — ᠮᠢᠨᠦ ᠡᠮ᠂ ᠴᠡᠴᠡᠷᠡᠭ ᠡᠪᠡᠳᠴᠢᠨ ᠢ᠋ ᠳᠠᠷᠤᠨ᠎ᠠ᠃ ᠭᠠᠭᠴᠠᠬᠦ᠂ ᠨᠣᠶᠠᠨ ᠲᠠᠨ ᠰᠠᠢ᠍ᠢ ᠪᠡᠭᠡᠵᠢᠩ ᠣᠷᠣᠭᠠᠳ᠂ ᠪᠡᠶ᠎ᠡ ᠮᠠᠬᠠᠪᠣᠳ ᠨᠢ ᠮᠠᠭᠤᠳᠠᠵᠤ᠂ ᠰᠥᠨᠢ ᠵᠡᠭᠦᠳᠦᠯᠡᠬᠦ᠂ ᠬᠠᠷ᠎ᠠ ᠳᠠᠷᠤᠭᠤᠯᠬᠤ ᠪᠣᠯᠪᠠ᠃ ᠡᠪᠡᠳᠴᠢᠨ ᠦ᠌ ᠡᠨᠳᠡ ᠵᠡᠳᠬᠡᠷ ᠬᠥᠨᠥᠭᠡᠵᠦ ᠪᠠᠢᠭ᠎ᠠ ᠪᠣᠯᠪᠠᠴᠤ᠂ ᠣᠲᠣᠴᠢ ᠪᠤᠷᠬᠠᠨ ᠤ᠋ ᠠᠴᠢ ᠪᠠᠷ ᠪᠢ ᠡᠪᠡᠳᠴᠢᠨ ᠢ᠋ ᠠᠨᠠᠭᠠᠵᠤ ᠴᠢᠳᠠᠨ᠎ᠠ ᠭᠡᠵᠦ ᠪᠣᠳᠣᠵᠤ ᠪᠠᠢᠨ᠎ᠠ ᠭᠡᠵᠡᠢ᠃ ᠲᠡᠭᠡᠬᠦ ᠳ᠋ᠦ᠍ᠨᠢ᠂ ᠲᠡᠷᠡ ᠲᠥᠪᠡᠳ ᠰᠠᠨᠠᠯ ᠵᠥᠷᠢᠵᠦ᠂ 
       — ᠮᠢᠨᠦ ᠵᠢᠷᠤᠬᠠᠢ ᠵᠢᠷᠤᠭᠰᠠᠨ ᠢ᠋ᠶ᠋ᠠᠷ ᠪᠣᠯ᠂ ᠨᠣᠶᠠᠨᠲᠠᠨ ᠪᠠᠷᠴᠢᠳ ᠢ᠋ᠶ᠋ᠠᠨ ᠨᠢᠮᠭᠡᠯᠡᠵᠦ᠂ ᠪᠤᠶᠠᠨ ᠦᠢᠯᠡᠳᠬᠦ᠂ ᠵᠣᠯᠢᠭ ᠭᠠᠷᠭᠠᠬᠤ ᠬᠡᠷᠡᠭᠲᠡᠢ ᠪᠣᠯᠤᠭᠠᠳ ᠪᠠᠢᠭ᠎ᠠ ᠶᠤᠮ ᠪᠠᠢᠨ᠎ᠠ᠃ ᠡᠷᠬᠢᠮ ᠭᠣᠮᠪᠣ ᠵᠠᠯᠠᠨ ᠥᠭᠯᠢᠭᠡ ᠶ᠋ᠢᠨ ᠡᠵᠡᠨ ᠯᠤᠳᠣᠶ ᠬᠣᠶᠠᠷ ᠯᠤᠤᠭᠠᠨ ᠪᠣᠯᠵᠤ᠂ ᠨᠣᠶᠠᠨ ᠤ᠋ ᠭᠠᠢ ᠵᠡᠳᠬᠡᠷ ᠢ᠋ ᠪᠡᠶ᠎ᠡ ᠪᠡᠷ ᠵᠣᠯᠢᠭ ᠭᠠᠷᠭᠠᠬᠤ ᠬᠥᠮᠦᠨ ᠢ᠋ ᠣᠯᠵᠤ ᠥᠭᠭᠦᠨ᠎ᠡ ᠭᠡᠰᠡᠨ᠃ ᠭᠠᠭᠴᠠᠬᠦ᠂ ᠲᠡᠷᠡ ᠬᠡᠷᠡᠭ ᠲᠦ᠍ ᠲᠠᠨ ᠢ᠋ ᠰᠢᠲᠦᠬᠦ ᠪᠣᠯᠵᠣᠰᠢ ᠦᠭᠡᠢ ᠲᠤᠯᠠ ᠨᠠᠮᠠᠶ᠋ᠢ ᠡᠷᠬᠢᠮ ᠡᠮᠴᠢ ᠲᠠᠨ ᠤ᠋ ᠲᠤᠰ ᠢᠪᠡᠭᠡᠯ ᠳ᠋ᠦ᠍ ᠰᠢᠲᠦᠪᠡᠯ ᠰᠠᠢᠨ ᠭᠡᠵᠦ ᠬᠡᠯᠡᠵᠦ ᠥᠭᠭᠦᠭᠰᠡᠨ ᠪᠢᠯᠡ ᠭᠡᠵᠦ ᠠᠷᠭᠠᠳᠠᠬᠤ ᠮᠠᠶᠢᠭ ᠢ᠋ᠶ᠋ᠠᠷ ᠪᠢᠯᠪᠢᠭᠦᠷᠳᠡᠨ᠂ ᠶᠠᠭᠤ ᠬᠡᠯᠡᠬᠦ ᠶ᠋ᠢ ᠬᠦᠯᠢᠶᠡᠵᠦ ᠰᠠᠭᠤᠬᠤ ᠳ᠋ᠤᠨᠢ᠂ 
       — ᠪᠢ ᠡᠮᠴᠢ ᠬᠥᠮᠦᠨ᠂ ᠡᠮ ᠥᠭᠬᠦ ᠡᠴᠡ ᠣᠨᠳᠣᠣ ᠶᠠᠭᠤᠮ᠎ᠠ ᠮᠡᠳᠡᠳᠡᠭ ᠦᠭᠡᠢ ᠪᠢᠯᠡ᠃ ᠲᠠᠨ ᠤ᠋ ᠡᠷᠬᠢᠯᠡᠭᠰᠡᠨ ᠵᠢᠷᠤᠬᠠᠢ ᠶ᠋ᠢᠨ ᠤᠬᠠᠭᠠᠨ᠂ ᠠᠳᠠ ᠵᠡᠳᠬᠡᠷ ᠳᠠᠷᠤᠬᠤ᠂ ᠭᠦᠷᠢᠮ ᠬᠢᠬᠦ ᠳ᠋ᠦ᠍ ᠮᠡᠳᠡᠬᠦ ᠴᠢᠳᠠᠬᠤ ᠶᠠᠭᠤᠮ᠎ᠠ ᠨᠠᠳᠠᠳᠤ ᠠᠯᠠᠭ᠎ᠠ᠃ ᠲᠤᠬᠠᠢᠯᠠᠨ ᠵᠢᠱ᠌ᠢᠶᠡᠯᠡᠪᠡᠯ᠂ ᠮᠢᠨᠦ ᠡᠮ ᠪᠠᠷᠢᠬᠤ ᠵᠦᠢᠯ ᠳ᠋ᠦ᠍ ᠲᠠᠨ ᠤ᠋ ᠴᠢᠳᠠᠳᠠᠭ ᠦᠭᠡᠢ ᠲᠡᠢ ᠠᠳᠠᠯᠢ᠂ ᠪᠢ ᠴᠦ᠍ ᠲᠠᠨ ᠤ᠋ ᠡᠷᠬᠢᠯᠡᠭᠰᠡᠨ ᠦᠢᠯᠡᠳᠪᠦᠷᠢ ᠳ᠋ᠦ᠍ ᠮᠡᠳᠡᠬᠦ ᠶᠠᠭᠤᠮ᠎ᠠ ᠠᠯᠠᠭ᠎ᠠ ᠳᠠ ᠭᠡᠵᠡᠢ᠃  
       ᠴᠢᠩᠭᠢᠬᠦ ᠳ᠋ᠦ᠍ᠨᠢ ᠲᠡᠷᠡ ᠲᠥᠪᠡᠳ᠂ ᠥᠨᠥᠬᠢ ᠮᠠᠷᠠᠮᠪᠠ ᠶ᠋ᠢᠨ ᠦᠭᠡ ᠶ᠋ᠢᠨ ᠰᠢᠪᠦᠭᠡᠨ ᠳ᠋ᠦ᠍ ᠬᠠᠳᠬᠤᠭᠤᠯᠤᠭᠰᠠᠨ ᠢ᠋ᠶ᠋ᠠᠨ ᠮᠡᠳᠡᠭᠡᠴᠢ ᠦᠭᠡᠢ ᠪᠣᠯᠤᠨ᠂ ᠶᠡᠬᠡᠯ᠎ᠡ ᠡᠯᠢᠭᠡᠰᠡᠭ ᠳᠦᠷᠢᠮ ᠦᠵᠡᠭᠦᠯᠵᠦ ᠥᠭᠦᠯᠡᠷᠦᠨ᠂ 
       — ᠮᠢᠨᠦ ᠰᠠᠨᠠᠬᠤ ᠳ᠋ᠤ᠌ ᠡᠷᠬᠢᠮ ᠦ᠋ᠨ ᠮᠠᠩᠬᠠᠭ ᠲᠠᠢ ᠡᠮ ᠳᠣᠲᠣᠷ᠎ᠠ ᠬᠥᠮᠦᠨ ᠦ᠌ ᠤᠬᠠᠭᠠᠨ ᠮᠡᠳᠡᠭᠡ ᠶ᠋ᠢ ᠪᠠᠯᠠᠷᠳᠠᠭᠤᠯᠳᠠᠭ ᠡᠮ ᠪᠣᠢ ᠪᠣᠯᠪᠠᠤ? ᠭᠡᠬᠦ ᠳ᠋ᠦ᠍ᠨᠢ᠂  
       — ᠲᠠ᠂ ᠬᠥᠮᠦᠨ ᠢ᠋ ᠬᠠᠪᠴᠢᠯᠭ᠎ᠠ ᠪᠠᠷ ᠵᠣᠯᠢᠭ ᠪᠣᠯᠭᠠᠬᠤ ᠭᠡᠵᠦ ᠪᠠᠢᠭ᠎ᠠ ᠬᠡᠷᠡᠭ ᠤᠤ? ᠭᠡᠵᠦ ᠠᠰᠠᠭᠤᠵᠠᠢ᠃  
       — ᠦᠭᠡᠢ᠂ ᠪᠢ ᠬᠣᠪᠢᠨ ᠳ᠋ᠠᠭᠠᠨ᠂ ᠬᠡᠨ ᠢ᠋ ᠴᠤ᠌ ᠬᠠᠪᠴᠢᠵᠤ ᠪᠠᠢᠭ᠎ᠠ ᠬᠡᠷᠡᠭ ᠪᠢᠰᠢ᠃ ᠵᠣᠯᠢᠭ ᠲᠤ᠌ ᠭᠠᠷᠬᠤ ᠬᠥᠮᠦᠨ᠂ ᠥᠪᠡᠷ ᠢ᠋ᠶ᠋ᠡᠨ ᠰᠠᠢᠨ ᠳᠤᠷ᠎ᠠ ᠪᠠᠷ ᠢ᠋ᠶ᠋ᠠᠨ ᠪᠣᠯᠤᠨᠠᠤ᠂ ᠬᠠᠪᠴᠢᠯᠭ᠎ᠠ ᠪᠠᠷ ᠪᠣᠯᠤᠨᠠᠤ᠂ ᠲᠡᠷᠡ ᠬᠡᠷᠡᠭ ᠨᠢ ᠶᠡᠷᠦ᠂ ᠲᠠ ᠪᠢᠳᠡ ᠬᠣᠶᠠᠷ ᠲᠤ᠌ ᠬᠠᠮᠢᠶ᠎ᠠ ᠦᠭᠡᠢ᠂ ᠴᠣᠬᠣᠮ ᠨᠠᠷᠢᠨ ᠶᠣᠰᠣ ᠬᠡᠯᠡᠯᠴᠡᠪᠡᠯ᠂ ᠰᠠᠢᠨ ᠳᠤᠷ᠎ᠠ ᠪᠠᠷ ᠵᠣᠯᠢᠭ ᠲᠤ᠌ ᠭᠠᠷᠬᠤ ᠭᠡᠵᠦ ᠶᠠᠭᠤ ᠭᠡᠰᠡᠨ ᠦᠭᠡ ᠪᠣᠢ ? ᠠᠮᠠᠨ ᠳ᠋ᠠᠭᠠᠨ ᠰᠠᠢᠨ ᠳᠤᠷ᠎ᠠ ᠪᠠᠷ ᠲᠡᠭᠡᠶ᠎ᠡ ᠭᠡᠵᠦ ᠵᠥᠪᠰᠢᠨ ᠬᠦᠯᠢᠶᠡᠭᠰᠡᠨ ᠬᠥᠮᠦᠨ᠂ ᠨᠠᠷᠢᠨ ᠳᠡᠭᠡᠷ᠎ᠡ ᠪᠡᠨ ᠶᠠᠳᠠᠭᠤ ᠬᠣᠭᠣᠰᠣᠨ ᠤ᠋ ᠵᠣᠪᠠᠯᠠᠩ ᠳ᠋ᠤ᠌ ᠬᠠᠪᠴᠢᠭᠳᠠᠨ ᠵᠣᠯᠢᠭ ᠲᠤ᠌ ᠭᠠᠷᠴᠤ ᠪᠠᠢᠭ᠎ᠠ ᠬᠡᠷᠡᠭ ᠰᠢᠦ ᠳᠡ᠃ ᠵᠢᠱ᠌ᠢᠶ᠎ᠡ ᠨᠢ᠄ ᠲᠠ ᠡᠨᠡ ᠨᠣᠶᠠᠨ ᠤ᠋ ᠰᠢᠳᠠᠷ ᠡᠮᠴᠢ ᠬᠥᠮᠦᠨ᠂ ᠥᠯᠥᠰᠬᠦ ᠲᠠᠭᠠᠷᠠᠬᠤ ᠶᠠᠳᠠᠬᠤ ᠵᠦᠳᠡᠬᠦ ᠵᠣᠪᠠᠯᠠᠩ ᠤ᠋ᠨ ᠲᠠᠰᠢᠭᠤᠷ ᠲᠤ᠌ ᠲᠠᠭᠤᠭᠳᠠᠬᠤ ᠦᠭᠡᠢ ᠤᠴᠢᠷ ᠠ᠋ᠴᠠ ᠨᠣᠶᠠᠨ ᠤ᠋ ᠪᠠᠨ ᠭᠠᠢ ᠵᠡᠳᠬᠡᠷ ᠢ᠋ ᠰᠠᠢᠨ ᠳᠤᠷ᠎ᠠ ᠪᠠᠷ ᠢ᠋ᠶ᠋ᠠᠨ ᠪᠡᠶ᠎ᠡ ᠳ᠋ᠡᠭᠡᠨ ᠡᠭᠦᠷᠴᠦ᠂ ᠵᠣᠯᠢᠭ ᠲᠤᠨᠢ ᠭᠠᠷᠤᠶ᠎ᠠ ᠭᠡᠵᠦ ᠶᠠᠭᠠᠬᠢᠭᠰᠠᠨ ᠴᠤ᠌ ᠬᠡᠯᠡᠬᠦ ᠦᠭᠡᠢ ᠪᠠᠢᠬ᠎ᠠ᠃
       ᠪᠢ ᠲᠠᠨ ᠤ᠋ ᠲᠤᠰᠠᠯᠠᠨ ᠲᠡᠳᠬᠦᠬᠦ ᠶ᠋ᠢ ᠭᠤᠶᠤᠬᠤ ᠳ᠋ᠠᠭᠠᠨ ᠵᠣᠯᠢᠭ ᠲᠤ᠌ ᠭᠠᠷᠬᠤ ᠲᠡᠷᠡ ᠵᠣᠪᠠᠯᠠᠩᠲᠤ ᠶᠠᠳᠠᠭᠤ ᠠᠮᠢᠲᠠᠨ ᠢ᠋ ᠡᠨᠡᠷᠢᠨ ᠦᠷᠦ ᠡᠪᠡᠳᠦᠭᠰᠡᠨ ᠳ᠋ᠡᠭᠡᠨ ᠲᠡᠭᠡᠵᠦ ᠪᠠᠢᠭ᠎ᠠ ᠶᠤᠮ ᠰᠢᠦ᠃ ᠲᠠ ᠡᠮ ᠢ᠋ᠶ᠋ᠡᠷ ᠲᠤᠰᠠᠯᠠᠵᠤ ᠲᠡᠷᠡ ᠬᠥᠮᠦᠨ ᠦ᠌ ᠰᠡᠳᠬᠢᠯ ᠢ᠋ ᠮᠠᠨᠠᠷᠠᠭᠤᠯᠤᠨ᠂ ᠵᠣᠪᠠᠯᠠᠩ ᠢ᠋ ᠨᠢ ᠳᠠᠷᠤᠵᠤ ᠥᠭᠪᠡᠯ᠂ ᠲᠡᠭᠦᠪᠡᠷ ᠢ᠋ᠶ᠋ᠡᠨ ᠪᠠᠰᠠ ᠨᠣᠶᠠᠨ ᠤ᠋ ᠪᠠᠨ ᠰᠡᠳᠬᠢᠯ ᠢ᠋ ᠡᠮᠨᠡᠵᠦ᠂ ᠡᠪᠡᠳᠴᠢᠨ ᠵᠣᠪᠠᠯᠠᠩ ᠠ᠋ᠴᠠ ᠣᠳᠣ ᠰᠠᠯᠵᠤ᠂ ᠤᠷᠲᠤ ᠨᠠᠰᠤᠯᠠᠬᠤ ᠬᠤᠲᠤᠭᠲᠠᠢ ᠪᠣᠯᠤᠯ᠎ᠠ ᠭᠡᠵᠦ ᠵᠣᠷᠢᠭ ᠪᠠᠳᠠᠷᠠᠭᠤᠯᠬᠤ ᠶ᠋ᠢ ᠪᠣᠳᠣᠵᠤ ᠦᠵᠡ᠃ ᠲᠡᠭᠡᠪᠡᠯ᠂ ᠨᠢᠭᠡᠨᠲᠡ ᠰᠡᠳᠬᠢᠯ ᠰᠠᠨᠠᠭ᠎ᠠ ᠠᠮᠤᠷ ᠪᠣᠯᠵᠤ ᠢᠷᠡᠭᠰᠡᠨ ᠬᠣᠢᠨ᠎ᠠ᠂ ᠪᠡᠶ᠎ᠡ ᠶ᠋ᠢ ᠠᠮᠤᠷ ᠪᠣᠯᠭᠠᠵᠤ ᠠᠨᠠᠭᠠᠬᠤ ᠳ᠋ᠤ᠌ ᠳᠥᠭᠥᠮ  ᠪᠣᠯᠬᠤ ᠶᠣᠰᠣ ᠪᠣᠢ ᠭᠡᠵᠡᠢ᠃ ᠲᠡᠭᠡᠬᠦ ᠳ᠋ᠦ᠍ᠨᠢ᠂ ᠰᠢᠳᠠᠷ ᠡᠮᠴᠢ ᠥᠭᠦᠯᠡᠷᠦᠨ᠂   
       — ᠪᠢ ᠪᠤᠷᠬᠠᠨ ᠱᠠᠰᠢᠨ ᠲᠠᠢ ᠭᠡᠯᠦᠩ ᠬᠥᠮᠦᠨ᠂ ᠲᠠᠨ ᠤ᠋ ᠲᠡᠷᠡ ᠦᠭᠡ ᠶ᠋ᠢ ᠳᠠᠭᠠᠵᠤ ᠴᠢᠳᠠᠬᠤ ᠦᠭᠡᠢ ᠭᠡᠬᠦ ᠳ᠋ᠦ᠍ᠨᠢ᠂ ᠴᠢᠨᠠᠳᠤᠬᠢ ᠨᠢ᠂  
       — ᠪᠢ ᠴᠦ᠍ ᠪᠠᠰᠠ ᠪᠤᠷᠬᠠᠨ ᠱᠠᠰᠢᠨ ᠲᠠᠢ ᠭᠡᠯᠦᠩ ᠬᠥᠮᠦᠨ ᠳᠡ᠃ ᠲᠡᠢᠮᠦ ᠳᠡᠭᠡᠷ᠎ᠡ ᠡᠴᠡ ᠴᠤ᠌ ᠮᠠᠨ ᠤ᠋ ᠽᠦᠩᠺᠠᠸ᠎ᠠ ᠪᠣᠭᠳᠠ ᠶ᠋ᠢᠨ ᠱᠠᠰᠢᠨ ᠳ᠋ᠤ᠌ ᠠᠮᠢᠲᠠᠨ ᠤ᠋ ᠲᠤᠰᠠ ᠶ᠋ᠢᠨ ᠲᠤᠯᠠᠳᠠ ᠲᠣᠭᠲᠠᠭᠠᠭᠰᠠᠨ ᠲᠡᠷᠡ ᠠᠷᠭ᠎ᠠ ᠵᠠᠰᠠᠯ ᠢ᠋ ᠬᠡᠷᠡᠭᠯᠡᠬᠦ ᠨᠢ ᠱᠠᠰᠢᠨ ᠠᠮᠢᠲᠠᠨ ᠤ᠋ ᠲᠤᠰᠠ ᠶ᠋ᠢ ᠪᠣᠳᠣᠭᠰᠠᠨ ᠬᠡᠷᠡᠭ ᠭᠡᠵᠦ ᠦᠵᠡᠵᠦ ᠪᠠᠢᠨ᠎ᠠ᠃ ᠨᠣᠶᠠᠨ ᠤ᠋ ᠵᠡᠳᠬᠡᠷ ᠦ᠋ᠨ ᠵᠣᠯᠢᠶᠠᠰᠤᠨ ᠳ᠋ᠤ᠌ ᠭᠠᠷᠴᠤ ᠵᠣᠯᠢᠭ ᠪᠣᠯᠬᠤ ᠲᠡᠷᠡ ᠬᠥᠮᠦᠨ ᠱᠠᠩ ᠬᠡᠰᠢᠭ ᠦᠯᠡᠮᠵᠢ ᠶ᠋ᠢ ᠬᠦᠷᠲᠡᠵᠦ᠂ ᠲᠡᠭᠦᠪᠡᠷ ᠢ᠋ᠶ᠋ᠡᠨ ᠠᠷᠢᠯᠤᠭᠰᠠᠨ ᠣᠷᠣᠨ ᠪᠠᠷᠠᠭᠤᠨ ᠵᠣᠣ ᠳ᠋ᠤ᠌ ᠬᠦᠷᠴᠦ᠂ ᠪᠣᠳᠢ ᠮᠥᠷ ᠢ᠋ ᠵᠣᠷᠢᠭᠰᠠᠨ  ᠭᠡᠯᠦᠩ ᠬᠥᠮᠦᠨ ᠪᠣᠯᠵᠤ ᠪᠣᠯᠬᠤ ᠶᠣᠰᠣ ᠪᠣᠢ᠃ ᠪᠤᠰᠤᠳ ᠤ᠋ᠨ ᠲᠤᠰᠠ ᠶ᠋ᠢ ᠪᠣᠳᠣᠵᠤ ᠪᠡᠶ᠎ᠡ ᠳ᠋ᠡᠭᠡᠨ ᠵᠡᠳᠬᠡᠷ ᠢ᠋ ᠡᠭᠦᠷᠦᠨ ᠭᠠᠷᠤᠭᠰᠠᠨ ᠪᠤᠶᠠᠨ ᠤ᠋ ᠬᠦᠴᠦ ᠪᠡᠷ ᠲᠡᠷᠡ ᠬᠥᠮᠦᠨ᠂ ᠬᠠᠷᠢᠨ ᠴᠤ᠌ ᠪᠡᠶ᠎ᠡ ᠪᠡᠨ ᠪᠤᠷᠬᠠᠨ ᠱᠠᠰᠢᠨ ᠲᠠᠢ᠂ ᠭᠡᠯᠦᠩ ᠰᠠᠨᠸᠠᠷ ᠲᠠᠢ ᠭᠡᠵᠦ ᠬᠠᠩᠬᠤᠯᠵᠠᠳᠠᠭ ᠵᠠᠷᠢᠮ ᠡᠲᠡᠭᠡᠳ ᠡᠴᠡ ᠤᠷᠢᠳ ᠢ᠋ᠶ᠋ᠠᠷ ᠪᠤᠷᠬᠠᠨ ᠤ᠋ ᠬᠤᠲᠤᠭ ᠢ᠋ ᠣᠯᠵᠤ ᠪᠣᠯᠬᠤ ᠵᠠᠪᠰᠢᠶᠠᠨ ᠪᠣᠢ ᠭᠡᠵᠦ ᠢᠨᠢᠶᠡᠮᠰᠦᠭᠯᠡᠨ ᠬᠡᠯᠡᠭᠡᠳ᠂ ᠣᠳᠣ ᠡᠨᠡ ᠮᠣᠩᠭᠣᠯ ᠠ᠋ᠴᠠ ᠬᠠᠷᠢᠭᠤ ᠪᠠᠨ ᠠᠪᠴᠠᠢ᠃ ᠪᠢ ᠴᠦ᠍ ᠭᠡᠰᠡᠨ ᠬᠥᠪᠥᠩ ᠢ᠋ᠶ᠋ᠡᠷ ᠣᠷᠢᠶᠠᠭᠰᠠᠨ ᠴᠢᠯᠠᠭᠤ ᠪᠠᠷ ᠨᠢᠭᠡ ᠴᠣᠬᠢᠭᠠᠳ ᠠᠪᠤᠯ᠎ᠠ ᠭᠡᠵᠦ ᠪᠠᠬᠠᠳᠤᠲᠠᠯ᠎ᠠ᠂ ᠴᠢᠨᠠᠳᠤ ᠮᠣᠩᠭᠣᠯ ᠨᠢ ᠶᠡᠬᠡ ᠨᠠᠢᠷᠲᠠᠢ ᠡᠯᠢᠭᠡᠰᠡᠭ ᠢ᠋ᠶ᠋ᠡᠷ ᠢᠨᠢᠶᠡᠮᠰᠦᠭᠯᠡᠨ᠂ ᠦᠭᠡ ᠪᠡᠷ ᠰᠢᠪᠦᠭᠡᠳᠡᠵᠦ ᠥᠭᠦᠯᠡᠷᠦᠨ᠂ 
       — ᠲᠡᠭᠡᠪᠡᠯ᠂ ᠤᠬᠠᠭᠠᠨ ᠨᠢ᠂ ᠪᠤᠰᠤᠳ ᠤ᠋ᠨ ᠵᠡᠳᠬᠡᠷ ᠢ᠋ ᠡᠭᠦᠷᠴᠦ ᠵᠣᠯᠢᠭ ᠲᠤ᠌ ᠭᠠᠷᠤᠭᠰᠠᠨ ᠬᠥᠮᠦᠨ᠂ ᠠᠳᠠ  ᠵᠡᠳᠬᠡᠷ ᠳᠠᠷᠤᠳᠠᠭ ᠶᠡᠬᠡ ᠭᠦᠷᠢᠮᠴᠢ ᠲᠠᠨ ᠠ᠋ᠴᠠ ᠤᠷᠢᠲᠠᠵᠤ᠂ ᠪᠤᠷᠬᠠᠨ ᠤ᠋ ᠬᠤᠲᠤᠭ ᠢ᠋ ᠣᠯᠵᠤ ᠪᠣᠯᠬᠤ ᠨᠢ ᠰᠢᠪ ᠳᠡ ? ᠭᠡᠬᠦ ᠳ᠋ᠦ᠍᠂  
       — ᠥᠴᠦᠬᠡᠨ ᠮᠢᠨᠢ ᠪᠡᠶ᠎ᠡ᠂ ᠬᠠᠮᠤᠭ ᠠᠮᠢᠲᠠᠨ ᠤ᠋ ᠪᠣᠳᠢ ᠬᠤᠲᠤᠭ ᠢ᠋ ᠣᠯᠤᠭᠰᠠᠨ ᠬᠣᠢᠨ᠎ᠠ ᠨᠢᠷᠸᠠᠨ ᠤ᠋ ᠬᠤᠲᠤᠭ ᠢ᠋ ᠣᠯᠤᠨ᠎ᠠ ᠭᠡᠳᠡᠭ ᠪᠣᠳᠢᠰᠠᠳ᠋ᠸ᠎ᠠ ᠨᠠᠷ ᠤ᠋ᠨ ᠦᠯᠢᠭᠡᠷ ᠢ᠋ ᠳᠠᠭᠠᠵᠤ ᠶᠠᠪᠤᠭ᠎ᠠ ᠬᠥᠮᠦᠨ ᠭᠡᠵᠦ ᠬᠠᠷᠢᠭᠤ ᠬᠡᠯᠡᠬᠦ ᠠᠷᠭ᠎ᠠ ᠪᠠᠨ ᠣᠯᠤᠭᠠᠳ᠂ ᠴᠢᠷᠠᠢ ᠪᠠᠨ ᠲᠥᠪ ᠪᠣᠯᠭᠠᠨ ᠥᠭᠦᠯᠡᠷᠦᠨ᠂  
       — ᠵᠠ᠂ ᠡᠷᠬᠢᠮ ᠡᠮᠴᠢ᠂ ᠲᠠ ᠨᠠᠳᠠᠳᠤ ᠲᠤᠰᠠᠯᠠᠬᠤ ᠪᠢᠵᠡ ᠳᠡ᠂ ᠬᠡᠷᠪᠡ ᠡᠷᠬᠢᠮ ᠦ᠋ᠨ ᠮᠠᠩᠬᠠᠭ ᠲᠤ᠌ ᠮᠢᠨᠦ ᠬᠡᠷᠡᠭᠯᠡᠵᠦ ᠪᠣᠯᠵᠣᠰᠢ ᠦᠭᠡᠢ ᠵᠦᠢᠯ ᠪᠠᠢᠬᠤ ᠦᠭᠡᠢ ᠪᠠᠢᠪᠠᠯ᠂ ᠠᠷᠭ᠎ᠠ ᠪᠤᠶᠤ ᠨᠣᠶᠠᠨ ᠳ᠋ᠤ᠌ ᠠᠢᠯᠠᠳᠬᠠᠭᠠᠳ᠂ ᠲᠠᠨ ᠤ᠋ ᠠᠷᠤ ᠭᠠᠵᠠᠷ ᠡᠪᠡᠳᠴᠢᠲᠡᠨ ᠵᠣᠪᠠᠯᠠᠩᠲᠠᠨ ᠳ᠋ᠤ᠌ ᠲᠤᠰᠠᠯᠠᠷ᠎ᠠ ᡀᠠᠰᠠ ᠠ᠋ᠴᠠ ᠢᠷᠡᠭᠰᠡᠨ ᠲᠥᠪᠡᠳ ᠡᠮᠴᠢ ᠶ᠋ᠢ ᠵᠠᠯᠠᠬᠤ ᠠ᠋ᠴᠠ ᠳᠠ ᠭᠡᠬᠦ ᠳ᠋ᠦ᠍ᠨᠢ᠂ ᠨᠣᠶᠠᠨ ᠤ᠋ ᠰᠢᠳᠠᠷ ᠡᠮᠴᠢ᠂ ᠲᠡᠷᠡ ᠲᠥᠪᠡᠳ ᠦ᠋ᠨ ᠪᠢᠲᠡᠭᠦᠦ ᠪᠡᠷ ᠵᠠᠨᠤᠨ ᠰᠦᠷᠳᠡᠭᠦᠯᠦᠭᠰᠡᠨ ᠤᠴᠢᠷ ᠢ᠋ ᠣᠯᠵᠤ ᠮᠡᠳᠡᠭᠡᠳ᠂ ᠨᠣᠶᠠᠨ ᠤ᠋ ᠪᠤᠶᠠᠨ ᠢ᠋ ᠬᠥᠮᠦᠨ ᠦ᠌ ᠲᠥᠪᠡᠳ ᠨᠣᠬᠠᠢ ᠢᠳᠡᠭᠰᠡᠨ ᠡᠴᠡ᠂ ᠥᠪᠡᠷᠦᠨ ᠮᠣᠩᠭᠣᠯ ᠨᠣᠬᠠᠢ ᠢᠳᠡᠭ ᠭᠡᠵᠦ ᠪᠣᠳᠣᠭᠠᠳ ᠶᠠᠭᠠᠷᠠᠨ ᠵᠥᠪᠰᠢᠶᠡᠷᠡᠵᠦ᠂ ᠲᠥᠪᠡᠳ ᠭᠦᠷᠢᠮᠴᠢ ᠶ᠋ᠢᠨ ᠦᠭᠡ ᠶ᠋ᠢ ᠳᠠᠭᠠᠪᠠ᠃     


          ᠦᠰᠦᠭ ᠠᠮᠢᠯᠠᠭᠤᠯᠤᠭᠴᠢ᠄ ᠣᠳᠬᠣᠨᠴᠡᠴᠡᠭ᠂ ᠣᠶᠤᠨᠪᠠᠲᠤ᠂ ᠮᠥᠩᠭᠥᠨᠭᠣᠸ᠎ᠠ᠂ ᠣᠭ᠌ᠶᠤ
           ᠬᠢᠨᠠᠭᠴᠢ᠄ ᠠᠯᠲᠠᠨᠱᠠ᠂ ᠣᠳᠬᠣᠨᠴᠡᠴᠡᠭ ᠂ ᠲ ᠬᠦᠮᠦᠵᠢᠯᠲᠦ ᠂ ᠪᠠᠯ 
           ᠤᠩᠰᠢᠭᠴᠢ᠄  ᠨᠠᠰᠤᠨ᠌ᠦ᠌ᠯᠵᠡᠢ