ᠦᠷ ᠦᠨ ᠲᠤᠶᠠᠭ᠎ᠠ 1 – ᠪ᠂ ᠷᠢᠨᠴᠢᠨ - ᠲᠡᠷᠢᠬᠦᠨ ᠲᠡᠪᠲᠡᠷ < ᠮᠠᠨᠵᠤ ᠶᠢᠨ ᠳᠠᠯᠬᠢᠨ ᠳᠤ>(ᠳᠦᠷᠪᠡ) Үүрийн туяа I – Б ᠂ Ренчин Тэргүүн дэвтэр "<Манжийн талхинд" (4)
ᠳᠥᠷᠪᠡ᠂ ᠪᠡᠯᠴᠢᠭᠡᠷ ᠨᠤᠲᠤᠭ ᠲᠡᠮᠡᠴᠡᠪᠡ
(ᠠᠷᠠᠳ ᠤ᠋ᠨ ᠵᠦᠢᠷ ᠦᠭᠡᠨ ᠡᠴᠡ)
ᠰᠠᠢ᠍ᠢ ᠶ᠋ᠢᠨ ᠪᠢᠴᠢᠬᠠᠨ ᠬᠣᠲᠠ ᠠᠢᠯ ᠤ᠋ᠨ ᠢ᠋ᠶ᠋ᠠᠨ ᠥᠷᠢ ᠪᠡᠨ ᠬᠤᠭᠤᠴᠠᠭᠠᠨ ᠳ᠋ᠤᠨᠢ ᠠᠷᠭᠠᠯᠠᠵᠠᠢ᠃ ᠡᠪᠦᠭᠡᠨ ᠪᠠᠲᠤᠪᠠᠶᠠᠷ ᠬᠤᠰᠢᠭᠤᠨ ᠳ᠋ᠤᠨᠢ ᠰᠠᠶᠢᠪᠲᠤᠷ ᠪᠣᠢ ᠪᠣᠯᠤᠭᠰᠠᠨ ᠬᠠᠯᠵᠠᠨ ᠶᠠᠺᠦᠸ ᠭᠡᠳᠡᠭ ᠣᠷᠣᠰ ᠬᠤᠳᠠᠯᠳᠤᠭᠠᠴᠢᠨ ᠲᠠᠢ ᠬᠡᠯᠡᠯᠴᠡᠭᠡ ᠲᠣᠬᠢᠷᠠᠵᠠᠢ᠃ ᠤᠩᠭᠠᠰᠤ᠂ ᠬᠣᠨᠢ ᠮᠠᠯ ᠢ᠋ᠶ᠋ᠠᠨ ᠥᠭᠬᠦ ᠪᠡᠷ ᠬᠡᠯᠡᠯᠴᠡᠵᠦ᠂ ᠮᠥᠩᠭᠥ ᠤᠷᠢᠳᠴᠢᠯᠠᠵᠤ ᠠᠪᠤᠭᠠᠳ᠂ ᠬᠢᠲᠠᠳ ᠤ᠋ᠨ ᠥᠷᠢ ᠶ᠋ᠢ ᠳᠣᠣᠷ᠎ᠠ ᠨᠢ ᠲᠥᠯᠥᠵᠦ ᠪᠢᠯᠡ᠃
ᠭᠡᠪᠡᠴᠦ ᠪᠠᠰᠠ ᠨᠢᠭᠡ ᠭᠠᠢ ᠲᠦᠪᠡᠭ ᠴᠤᠬᠤᠢᠵᠤ ᠪᠠᠢᠭᠰᠠᠨ ᠶᠤᠮ ᠪᠠᠢᠵᠠᠢ᠃ ᠲᠤᠰ ᠬᠤᠰᠢᠭᠤᠨ ᠤ᠋ ᠲᠡᠷᠢᠭᠦᠨ ᠪᠠᠶᠠᠨ ᠯᠣᠳᠣᠢ ᠭᠡᠭᠴᠢ᠂ ᠲᠥᠷᠥᠯ ᠦ᠋ᠨ ᠵᠠᠬ᠎ᠠ ᠪᠣᠯᠤᠭᠰᠠᠨ ᠵᠠᠯᠠᠨ ᠭᠣᠮᠪᠣ ᠲᠠᠢ ᠬᠣᠶᠠᠭᠤᠯᠠ ᠪᠠᠨ ᠵᠠᠮᠪᠠ ᠶ᠋ᠢᠨ ᠬᠢᠨᠢ ᠨᠠᠮᠤᠷᠵᠢᠶ᠎ᠠ ᠶ᠋ᠢᠨ ᠭᠠᠵᠠᠷ ᠰᠢᠪᠠᠭ᠎ᠠ ᠪᠤᠰᠬᠠᠴᠢᠵᠡᠢ᠃
ᠪᠠᠲᠤᠪᠠᠶᠠᠷ ᠨᠠᠮᠤᠷ ᠤ᠋ᠨ ᠪᠡᠯᠴᠢᠭᠡᠷ ᠨᠤᠲᠤᠭ ᠢ᠋ ᠡᠷᠭᠢᠵᠦ ᠶᠠᠪᠤᠲᠠᠯ᠎ᠠ ᠪᠠᠨ᠂ ᠨᠢᠳᠤᠨᠤᠨ ᠵᠢᠯ ᠦ᠋ᠨ ᠪᠠᠭᠤᠭᠰᠠᠨ ᠭᠠᠵᠠᠷ ᠤ᠋ᠨ ᠬᠠᠪᠢ ᠳ᠋ᠤ᠌ ᠨᠢᠭᠡ ᠰᠢᠪᠠᠭ᠎ᠠ ᠭᠠᠳᠠᠰᠤ ᠰᠢᠭᠠᠭᠰᠠᠨ ᠢ᠋ ᠦᠵᠡᠭᠡᠳ ᠮᠣᠷᠢᠨ ᠠ᠋ᠴᠠ ᠪᠠᠭᠤᠭᠠᠳ᠂ ᠡᠨᠡ ᠶᠠᠭᠤ ᠪᠤᠯᠴᠢᠪᠠ? ᠭᠡᠵᠦ ᠲᠡᠷᠡ ᠭᠠᠳᠠᠰᠤ ᠶ᠋ᠢ ᠰᠤᠭᠤ ᠲᠠᠲᠠᠬᠤ ᠭᠡᠲᠡᠯ᠎ᠡ᠂ ᠵᠠᠯᠠᠨ ᠭᠣᠮᠪᠣ ᠶ᠋ᠢᠨ ᠨᠠᠮᠤᠷᠵᠢᠬᠤ ᠭᠠᠵᠠᠷ ᠭᠡᠵᠦ ᠪᠢᠴᠢᠭᠰᠡᠨ ᠢ᠋ ᠦᠵᠡᠭᠡᠳ᠂ ᠪᠤᠭᠤᠷᠤᠯ ᠰᠠᠬᠠᠯ ᠳᠣᠣᠷ᠎ᠠ ᠪᠠᠨ ᠮᠢᠰᠢᠶᠡᠰᠬᠢᠭᠡᠳ᠂ ᠬᠢᠲᠤᠭ᠎ᠠ ᠪᠠᠨ ᠭᠠᠷᠭᠠᠵᠤ᠂ ᠲᠡᠷᠡ ᠰᠢᠪᠠᠭ᠎ᠠ ᠲᠠᠯᠪᠢᠭᠰᠠᠨ ᠭᠠᠳᠠᠰᠤ ᠮᠣᠳᠣᠨ ᠳ᠋ᠤ᠌ ᠨᠢᠭᠡ ᠶᠠᠭᠤᠮ᠎ᠠ ᠬᠤᠰᠤᠭᠠᠳ ᠮᠣᠷᠳᠠᠵᠠᠢ᠃
ᠤᠳᠠᠯ ᠦᠭᠡᠢ ᠡᠪᠦᠭᠡᠨ ᠦ᠌ ᠬᠣᠢᠨ᠎ᠠ ᠠ᠋ᠴᠠ ᠳᠡᠪᠡᠯ ᠳ᠋ᠡᠭᠡᠨ ᠪᠠᠭᠲᠠᠵᠤ ᠶᠠᠳᠠᠲᠠᠯ᠎ᠠ ᠠᠭᠤᠷᠯᠠᠭᠰᠠᠨ ᠯᠣᠳᠣᠢ ᠪᠠᠶᠠᠨ ᠳᠠᠪᠬᠢᠵᠤ ᠢᠷᠡᠭᠡᠳ᠂ ᠰᠠᠭᠰᠠᠢᠨ ᠤᠷᠭᠤᠭᠰᠠᠨ ᠤᠷᠲᠤ ᠬᠥᠮᠥᠰᠬᠡ ᠳᠣᠣᠷ᠎ᠠ ᠠ᠋ᠴᠠ ᠬᠣᠶᠠᠷ ᠨᠢᠳᠦ ᠨᠢ ᠬᠣᠷᠣᠰᠤᠨ ᠭᠢᠯᠠᠯᠵᠠᠵᠤ᠂ ᠪᠠᠷᠠᠭᠤᠨ ᠴᠢᠬᠢᠨ ᠳᠣᠲᠣᠷᠠᠬᠢ ᠣᠯᠣᠭᠠᠢ ᠰᠢᠭ᠋ ᠪᠦᠳᠦᠭᠦᠨ ᠬᠦᠷᠡᠩ ᠣᠯᠬᠤ ᠨᠢ ᠳᠡᠯᠪᠡᠷᠡᠬᠦ ᠭᠡᠵᠦ ᠪᠠᠢᠭ᠎ᠠ ᠶᠤᠮ ᠰᠢᠭ᠋ (ᠰᠢᠭ) ᠴᠢᠨᠡᠷᠡᠵᠦ (ᠴᠢᠨᠦᠷᠡᠵᠦ)᠂ ᠠᠮᠢᠰᠬᠤᠯ ᠨᠢ ᠳᠠᠪᠬᠤᠴᠠᠨ᠂
— ᠰᠠᠢ᠍ᠢ ᠶ᠋ᠢᠨ ᠲᠡᠷᠡ ᠴᠢᠮᠠᠴᠠ ᠭᠠᠷᠤᠭᠰᠠᠨ ᠤᠤ? ᠭᠡᠵᠦ ᠠᠰᠠᠭᠤᠵᠠᠢ᠄
— ᠦᠭᠡᠢ ᠨᠣᠬᠠᠢ ᠠ᠋ᠴᠠ ᠭᠠᠷᠤᠭᠰᠠᠨ ᠬᠡᠷᠡᠭ᠃ ᠬᠠᠷᠢᠨ ᠪᠢ᠂ ᠴᠡᠪᠡᠷ ᠭᠠᠵᠠᠷ ᠢ᠋ ᠨᠣᠬᠠᠢ ᠪᠤᠵᠠᠷᠯᠠᠵᠠᠢ ᠭᠡᠵᠦ ᠬᠤᠰᠤᠵᠤ ᠴᠡᠪᠡᠷᠯᠡᠭᠰᠡᠨ ᠪᠢᠯᠡ᠃ ᠨᠣᠬᠠᠢ ᠶ᠋ᠢᠨ ᠬᠠᠮᠢᠭ᠎ᠠ ᠦᠭᠡᠢ ᠭᠠᠷᠯᠠᠬᠤ ᠳ᠋ᠤ᠌ ᠳᠤᠷ᠎ᠠ ᠦᠭᠡᠢ ᠬᠦᠷᠳᠡᠭ ᠶᠦᠮ ᠳᠡ ᠭᠡᠬᠦ ᠳ᠋ᠦ᠍ᠨᠢ ᠯᠣᠳᠣᠢ᠂ ᠪᠠᠲᠤᠪᠠᠶᠠᠷ ᠡᠪᠦᠭᠡᠨ ᠦ᠌ ᠶᠣᠭᠲᠠ ᠦᠭᠡ ᠶ᠋ᠢᠨ ᠤᠴᠢᠷ ᠢ᠋ ᠮᠡᠳᠡᠭᠡᠳ ᠲᠡᠰᠬᠡᠯ ᠦᠭᠡᠢ ᠠᠭᠤᠷᠯᠠᠵᠤ᠂
— ᠴᠢ ᠵᠠᠯᠠᠨ ᠤ᠋ ᠵᠠ᠊ ᠭᠡᠳᠡᠭ ᠲᠣᠯᠣᠭᠠᠢ ᠶ᠋ᠢ ᠰᠠᠨᠠᠭ᠎ᠠ ᠲᠠᠢ ᠪᠠᠷ ᠬᠤᠰᠤᠵᠤ᠂ ᠲᠥᠷᠥ ᠶ᠋ᠢᠨ ᠴᠣᠯᠠ ᠶ᠋ᠢ ᠳᠠᠷᠤᠯᠠᠵᠠᠢ᠃ ᠲᠡᠷᠡ ᠴᠢᠨᠢ ᠲᠡᠭᠡᠭᠡᠳ ᠥᠩᠭᠡᠷᠡᠳᠡᠭ ᠬᠡᠷᠡᠭ ᠪᠢᠰᠢ ᠰᠢᠦ᠂ ᠬᠥᠭᠰᠢᠨ ᠨᠣᠬᠠᠢ᠃ ᠪᠢ ᠴᠢᠮᠠᠶ᠋ᠢ ᠲᠠᠮᠠᠭ᠎ᠠ ᠶ᠋ᠢᠨ ᠭᠠᠵᠠᠷ ᠮᠡᠳᠡᠭᠦᠯᠦᠨ᠎ᠡ ᠭᠡᠬᠦ ᠳ᠋ᠦ᠍ᠨᠢ ᠪᠠᠲᠤᠪᠠᠶᠠᠷ ᠢᠨᠢᠶᠡᠮᠰᠦᠭᠯᠡᠵᠦ᠂
— ᠶᠠᠭᠠᠬᠢᠬᠤ ᠪᠣᠢ᠂ ᠪᠢ ᠲᠠᠮᠠᠭ᠎ᠠ ᠶ᠋ᠢᠨ ᠭᠠᠵᠠᠷ ᠴᠢᠮᠠᠲᠤ ᠬᠡᠯᠡᠭᠰᠡᠨ ᠦᠭᠡ ᠪᠠᠨ ᠯᠠ ᠬᠡᠯᠡᠨ᠎ᠡ᠃ ᠬᠠᠷᠢᠨ᠂ ᠬᠥᠮᠦᠨ ᠴᠢᠨᠦ ᠬᠦᠷᠭᠡᠨ ᠵᠠᠯᠠᠨ ᠤ᠋ ᠵᠠ᠊ ᠭᠡᠳᠡᠭ ᠲᠣᠯᠣᠭᠠᠢ ᠶ᠋ᠢ ᠨᠢ ᠬᠤᠰᠤᠪᠠᠯ ᠰᠢᠪᠰᠢᠭ ᠦ᠋ᠨ ᠶᠠᠭᠤᠮ᠎ᠠ ᠪᠣᠯᠴᠢᠳᠠᠭ (ᠪᠣᠯᠴᠢᠬᠠᠳᠠᠭ) ᠭᠡᠵᠦ ᠠᠮᠢᠲᠠᠨ ᠰᠣᠨᠣᠰᠪᠠᠯ ᠴᠢᠨᠦ ᠰᠡᠳᠬᠢᠯ ᠠᠮᠤᠷᠬᠤ (ᠠᠮᠠᠷᠠᠬᠤ) ᠤᠤ? ᠶᠠᠭᠠᠬᠢᠬᠤ ᠪᠣᠢ᠂ ᠵᠠᠯᠠᠨ ᠢ᠋ᠶ᠋ᠠᠨ ᠠᠢᠮᠠᠭ ᠳᠠᠶᠠᠭᠠᠷ ᠲᠤ᠌ ᠠᠯᠳᠠᠷᠰᠢᠭᠤᠯᠵᠤ ᠨᠢᠭᠡ ᠨᠠᠰᠤᠨ ᠳ᠋ᠤᠨᠢ ᠰᠠᠯᠬᠤ ᠦᠭᠡᠢ ᠬᠣᠴᠢ ᠲᠠᠢ ᠪᠣᠯᠭᠠᠬᠤ ᠭᠡᠪᠡᠯ ᠮᠡᠳᠡᠭᠦᠯᠵᠦ ᠪᠠᠢ᠃
ᠬᠡᠷᠪᠡ᠂ ᠨᠢᠭᠤᠷ ᠢ᠋ᠶ᠋ᠠᠨ ᠪᠣᠳᠣᠳᠠᠭ ᠪᠣᠯ᠂ ᠲᠡᠷᠡ ᠬᠤᠰᠤᠭᠤᠯᠤᠭᠰᠠᠨ ᠭᠠᠳᠠᠰᠤ ᠪᠠᠨ ᠰᠤᠭᠤ ᠲᠠᠲᠠᠭᠠᠳ᠂ ᠠᠢᠯ ᠤ᠋ᠨ ᠨᠤᠲᠤᠭ ᠪᠠᠭᠤᠴᠠ ᠪᠢᠲᠡᠭᠡᠢ ᠪᠤᠯᠢᠶᠠᠴᠠᠯᠳᠤ᠃ ᠨᠠᠮᠠᠶ᠋ᠢ ᠤᠷᠢᠶᠠᠩᠬᠠᠢ ᠣᠮᠣᠭᠲᠠᠢ ᠬᠥᠮᠦᠨ ᠭᠡᠵᠦ ᠪᠦᠦ ᠮᠠᠷᠲᠠᠭᠠᠷᠠᠢ᠃ ᠪᠠᠶᠠᠨ ᠨᠣᠶᠠᠨ ᠢ᠋ᠶ᠋ᠠᠷ ᠢ᠋ᠶ᠋ᠠᠨ ᠳᠠᠯᠠᠢᠯᠭᠠᠵᠤ᠂ ᠬᠥᠮᠦᠨ ᠦ᠌ ᠨᠤᠲᠤᠭ ᠪᠡᠯᠴᠢᠭᠡᠷ ᠪᠤᠯᠢᠶᠠᠬᠤ ᠶ᠋ᠢ ᠴᠢᠨᠢ ᠨᠤᠲᠤᠭ ᠤᠰᠤᠨ ᠤ᠋ ᠡᠵᠡᠨ ᠰᠠᠪᠳᠠᠭ ᠨᠢ ᠳᠡᠮᠡᠢ ᠣᠢᠰᠢᠶᠠᠬᠤ ᠦᠭᠡᠢ ᠬᠢᠯᠢᠩᠨᠡᠵᠦ ᠮᠠᠭᠠᠳ ᠦᠭᠡᠢ ᠰᠢᠦ᠂ ᠬᠦ! ᠭᠡᠬᠦ ᠳ᠋ᠦ᠍ ᠰᠡᠵᠢᠭᠭᠦᠴᠢ (ᠰᠡᠵᠢᠭᠴᠢ) ᠪᠠᠶᠠᠨ ᠤ᠋ ᠴᠢᠷᠠᠢ ᠨᠢ ᠦᠨᠡᠰᠦᠨ ᠬᠥᠬᠡ ᠪᠣᠯᠲᠠᠯ᠎ᠠ ᠶᠡᠬᠡᠳᠡ ᠠᠶᠤᠨ ᠬᠢᠷᠳ᠋ᠬᠢᠵᠦ ᠬᠡᠯᠡ ᠨᠢ ᠡᠭᠡᠳᠡᠷᠡᠨ᠂
— ᠪᠢ᠁ ᠪᠢ᠁ ᠰᠠᠨᠠᠮᠰᠠᠷ ᠦᠭᠡᠢ᠂ ᠶᠣᠰᠣᠨ ᠠ᠋ᠴᠠ ᠭᠠᠵᠢᠭᠤ ᠦᠭᠡ ᠬᠡᠯᠡᠯ᠎ᠡ᠃ ᠴᠢ ᠨᠠᠳᠠ ᠪᠦᠦ ᠮᠠᠭᠤ ᠰᠠᠨᠠᠭᠠᠷᠠᠢ᠃ ᠪᠢᠳᠡ ᠬᠣᠶᠠᠷ ᠤ᠋ᠨ ᠡᠴᠢᠭᠡ ᠨᠠᠢᠷᠲᠠᠢ ᠰᠠᠢᠬᠠᠨ ᠶᠠᠪᠤᠭᠰᠠᠨ ᠤᠯᠤᠰ ᠰᠢᠦ ᠳᠡ᠃ ᠣᠳᠣ ᠪᠣᠯᠬᠤ ᠳ᠋ᠤ᠌᠂ ᠴᠢ ᠪᠢᠳᠡ ᠬᠣᠶᠠᠷ ᠶᠠᠭᠤᠨ ᠳ᠋ᠠᠭᠠᠨ ᠭᠡᠵᠦ ᠡᠪᠳᠡᠷᠡᠨ ᠮᠠᠭᠤᠳᠠᠯᠴᠠᠬᠤ ᠪᠢᠯᠡ? ᠡᠨᠡ ᠴᠢᠨᠢ ᠭᠣᠮᠪᠣ ᠯᠠ ᠨᠠᠮᠠᠶ᠋ᠢ ᠬᠠᠳᠬᠠᠨ(ᠬᠠᠳᠬᠤᠨ) ᠥᠳᠥᠭᠡᠵᠦ ᠪᠠᠢᠭᠠᠳ᠂ ᠪᠢ ᠦᠭᠡᠨ ᠳ᠋ᠦ᠍ᠨᠢ ᠣᠷᠣᠵᠤ᠂ ᠲᠡᠷᠡ ᠮᠠᠭᠤ ᠰᠢᠪᠠᠭ᠎ᠠ ᠪᠣᠰᠬᠠᠴᠢᠬᠰᠠᠨ(ᠪᠤᠰᠬᠠᠴᠢᠬᠠᠭᠰᠠᠨ) ᠶᠤᠮ᠃ ᠣᠳᠣ᠂ ᠪᠢ ᠭᠣᠮᠪᠣ ᠳ᠋ᠤ᠌ ᠪᠠᠢᠯ᠎ᠠ ᠭᠡᠵᠦ ᠬᠡᠯᠡᠨ᠎ᠡ᠃ ᠴᠢ ᠨᠠᠳᠠ ᠭᠣᠮᠣᠳᠠᠵᠤ ᠥᠰᠢᠶ᠎ᠡ ᠪᠢᠲᠡᠭᠡᠢ ᠵᠠᠩᠭᠢᠳᠤᠭᠠᠷᠠᠢ ᠭᠡᠵᠡᠢ᠃ ᠲᠡᠭᠡᠬᠦ ᠳ᠋ᠦ᠍ᠨᠢ ᠪᠠᠲᠤᠪᠠᠶᠠᠷ᠂
— ᠪᠢ ᠲᠡᠢᠮᠦ ᠥᠰᠢᠶ᠎ᠡ ᠡᠪᠦᠷᠯᠡᠵᠦ ᠶᠠᠪᠤᠳᠠᠭ ᠬᠥᠮᠦᠨ ᠪᠢᠰᠢ᠃ ᠬᠡᠷᠪᠡ ᠴᠢ ᠦᠨᠡᠨ ᠰᠡᠳᠬᠢᠯ ᠲᠡᠢ ᠠᠢᠯ ᠠᠬ᠎ᠠ ᠳᠡᠭᠦᠦ ᠬᠥᠮᠦᠨ ᠶᠦᠮ ᠪᠣᠯ᠂ ᠮᠠᠨᠠᠢᠬᠢᠨ ᠤ᠋ ᠤᠩᠭᠠᠰᠤ ᠪᠠᠨ ᠰᠠᠪᠠᠬᠤ ᠳ᠋ᠤ᠌᠂ ᠬᠡᠳᠦᠨ ᠬᠥᠮᠦᠨ ᠶᠠᠪᠤᠭᠤᠯᠵᠤ ᠲᠤᠰᠠᠯᠠᠯᠴᠠᠭᠤᠯᠵᠤ ᠥᠭᠬᠦ ᠦᠭᠡᠢ ᠤᠤ᠃ ᠮᠠᠨ ᠤ᠋ ᠬᠣᠲᠠ᠂ ᠭᠤᠷᠪᠠᠬᠠᠨ ᠠᠢᠯ ᠲᠠᠢ᠂ ᠬᠥᠮᠦᠨ ᠪᠦᠯᠢ ᠮᠠᠭᠤ ᠲᠠᠢ ᠪᠠᠢᠨ᠎ᠠ ᠭᠡᠵᠡᠢ᠃
— ᠲᠡᠭᠡᠶ᠎ᠡ᠂ ᠲᠡᠭᠡᠶ᠎ᠡ! ᠭᠡᠵᠦ ᠯᠣᠳᠣᠢ ᠪᠠᠶᠠᠨ ᠪᠠᠶᠠᠷᠯᠠᠭᠠᠳ᠂ ᠦᠳᠡᠰᠢ ᠨᠢ ᠪᠠᠲᠤᠪᠠᠶᠠᠷ᠂ ᠵᠠᠮᠪᠠ᠂ ᠰᠦᠷᠦᠩ ᠡᠮᠡᠭᠡᠨ ᠬᠣᠶᠠᠷ ᠲᠤ᠌ ᠯᠣᠳᠣᠢ ᠪᠠᠶᠠᠨ ᠤ᠋ ᠵᠢᠷᠦᠬᠡ ᠶ᠋ᠢ ᠠᠮᠠ ᠪᠠᠷ ᠢ᠋ᠶ᠋ᠠᠨ ᠦᠬᠦᠭᠦᠯᠦᠭᠰᠡᠨ ᠢ᠋ ᠶᠠᠷᠢᠵᠤ᠂ ᠲᠡᠷᠡ ᠪᠢᠴᠢᠬᠠᠨ ᠬᠣᠲᠠ ᠨᠠᠢᠬᠠᠨ ᠰᠡᠵᠢᠭ ᠶᠡᠬᠡᠲᠡᠢ ᠠᠶᠤᠮᠠᠬᠠᠢ ᠪᠠᠶᠠᠨ ᠢ᠋ ᠡᠯᠢᠭᠡ ᠪᠡᠨ ᠬᠥᠰᠢᠲᠡᠯ᠎ᠡ ᠢᠨᠢᠶᠡᠵᠦ᠂ ᠰᠦᠷᠦᠩ ᠡᠮᠡᠭᠡ᠂
— ᠰᠦᠰᠦᠭ ᠡᠴᠡ ᠪᠤᠷᠬᠠᠨ᠂ ᠰᠡᠵᠢᠭ ᠡᠴᠡ ᠴᠢᠳᠬᠥᠷ ᠭᠡᠵᠦ ᠬᠠᠭᠤᠴᠢᠨ ᠤ᠋ ᠦᠭᠡᠨ ᠳ᠋ᠦ᠍ ᠪᠠᠢᠳᠠᠭ ᠨᠢ ᠠᠷᠭ᠎ᠠ ᠦᠭᠡᠢ ᠦᠨᠡᠨ ᠦᠭᠡ ᠳᠡ᠃ ᠴᠢ ᠴᠦ᠍ ᠪᠠᠰᠠ ᠴᠢ ᠳᠡ᠃ ᠮᠥᠨ ᠴᠦ᠍ ᠳᠦᠷᠰᠦ ᠦᠭᠡᠢ ᠠᠯᠢᠶ᠎ᠠ ᠠᠮᠢᠲᠠᠨ ᠰᠢᠪ ᠳᠡ ᠭᠡᠵᠡᠢ᠃ ᠴᠢᠩᠭᠢᠬᠦ ᠳ᠋ᠦ᠍ᠨᠢ᠂ ᠪᠠᠲᠤᠪᠠᠶᠠᠷ᠂ ᠪᠠᠶᠠᠨ ᠨᠣᠶᠠᠨ ᠬᠣᠶᠠᠷ ᠬᠥᠮᠦᠨ ᠢ᠋ ᠬᠣᠣᠷ ᠦᠭᠡᠢ ᠳᠠᠮᠰᠢᠭᠯᠠᠵᠤ ᠴᠢᠳᠠᠭᠰᠠᠨ ᠳᠠᠭᠠᠨ ᠪᠠᠬᠠᠳᠤᠵᠤ᠂
— ᠦᠭᠡᠢ᠂ ᠰᠦᠷᠦᠩ ᠠᠪᠠᠭᠠᠢ᠂ ᠮᠠᠨ ᠤ᠋ ᠬᠤᠰᠢᠭᠤᠨ ᠤ᠋ ᠲᠡᠷᠢᠭᠦᠨ ᠪᠠᠶᠠᠨ ᠠᠢᠯ ᠤ᠋ᠨ ᠬᠢᠨ ᠮᠠᠨ ᠤ᠋ ᠤᠩᠭᠠᠰᠤ ᠠ᠋ᠴᠠ ᠰᠡᠪᠡᠯᠴᠡᠴᠦ ᠥᠭᠬᠦ ᠨᠢ ᠰᠠᠢᠬᠠᠨ ᠶᠤᠮ ᠪᠢᠰᠢᠦ? ᠪᠠᠰᠠ ᠲᠠᠮᠠᠭ᠎ᠠ ᠶ᠋ᠢᠨ ᠭᠠᠵᠠᠷ ᠢ᠋ᠶ᠋ᠠᠷ ᠣᠷᠣᠯ ᠦᠭᠡᠢ ᠤᠷᠠᠨ ᠠᠷᠭ᠎ᠠ ᠪᠠᠷ ᠨᠤᠲᠤᠭ ᠪᠡᠯᠴᠢᠭᠡᠷ ᠢ᠋ᠶ᠋ᠡᠨ ᠡᠷᠭᠢᠭᠦᠯᠵᠦ ᠠᠪᠤᠭᠰᠠᠨ ᠮᠢᠨᠢ ᠲᠠᠭᠠᠲᠠᠢ ᠬᠡᠷᠡᠭ ᠪᠢᠰᠢᠦ? ᠲᠠᠮᠠᠭ᠎ᠠ ᠶ᠋ᠢᠨ ᠭᠠᠵᠠᠷ ᠵᠠᠷᠭᠤᠯᠳᠤᠪᠠᠯ᠂ ᠵᠠᠯᠠᠨ ᠠᠪᠤᠭᠠᠢ ᠶ᠋ᠢᠨ ᠭᠠᠭᠴᠠ ᠵᠢᠩᠰᠡ ᠨᠢ ᠮᠠᠨ ᠤ᠋ ᠬᠣᠲᠠ ᠶ᠋ᠢᠨ ᠭᠤᠷᠪᠠᠨ ᠠᠢᠯ ᠠ᠋ᠴᠠ ᠢᠯᠡᠭᠦᠦ ᠵᠢᠩ ᠲᠡᠢ ᠪᠣᠯᠴᠢᠵᠤ ᠮᠡᠳᠡᠬᠦ ᠯᠠ ᠬᠡᠷᠡᠭ ᠭᠡᠵᠦ ᠢᠨᠢᠶᠡᠯᠴᠡᠪᠡ᠃
ᠦᠰᠦᠭ ᠠᠮᠢᠯᠠᠭᠤᠯᠤᠭᠴᠢ᠄ ᠤᠢᠭᠤᠷᠵᠢᠨ ᠣᠳᠬᠣᠨ᠂ ᠮᠥᠩᠭᠥᠨᠭᠣᠸ᠎ᠠ
ᠬᠢᠨᠠᠭᠴᠢ᠄ ᠣᠳᠬᠣᠨᠴᠡᠴᠡᠭ᠂ ᠬᠦᠮᠦᠵᠢᠯᠲᠦ᠂ ᠪᠠᠯ
ᠤᠩᠰᠢᠭᠴᠢ᠄ ᠨᠠᠰᠤᠨ᠌ᠦ᠌ᠯᠵᠡᠢ
