ᠦᠷ ᠦᠨ ᠲᠤᠶᠠᠭ᠎ᠠ 1 – ᠪ᠂ ᠷᠢᠨᠴᠢᠨ - ᠲᠡᠷᠢᠬᠦᠨ ᠲᠡᠪᠲᠡᠷ < ᠮᠠᠨᠵᠤ ᠶᠢᠨ ᠳᠠᠯᠬᠢᠨ ᠳᠤ>(ᠭᠤᠷᠪᠠ) Үүрийн туяа I – Б ᠂ Ренчин Тэргүүн дэвтэр "<Манжийн талхинд" (3)
ᠭᠤᠷᠪᠠ ᠂ ᠥᠷᠢ ᠳ᠋ᠦ᠍ ᠪᠠᠷᠢᠭᠳᠠᠭᠰᠠᠨ ᠬᠣᠰᠢᠭᠤ
ᠲᠠᠢᠵᠢ ᠶᠢᠨ ᠰᠠᠨᠠᠭ᠎ᠠ ᠠᠮᠤᠷᠳᠠᠭ᠃
(ᠠᠷᠠᠳ ᠤ᠋ᠨ ᠵᠦᠢᠷ ᠦᠭᠡ)
— ᠨᠣᠬᠠᠢ ᠪᠠᠨ ᠬᠣᠷᠢ!
(ᠳᠠᠷᠠᠩ᠂ ᠨᠣᠬᠠᠢ ᠪᠠᠨ ᠬᠣᠷᠢᠬᠤ ᠭᠡᠵᠦ ᠵᠣᠴᠢᠨ ᠢ᠋ ᠤᠭᠲᠤᠷ᠎ᠠ ᠭᠠᠷᠪᠠ᠃ ᠭᠡᠷᠡᠯ ᠲᠡᠢ ᠴᠠᠭᠠᠨ ᠵᠢᠩᠰᠡ ᠲᠡᠢ᠂ ᠰᠠᠬᠠᠯ ᠭᠡᠵᠢᠭᠡ ᠨᠢ ᠪᠤᠭᠤᠷᠤᠯᠲᠤᠭᠰᠠᠨ ᠥᠨᠳᠥᠷ ᠡᠪᠦᠭᠡᠨ᠂ ᠮᠣᠷᠢᠨ ᠠ᠋ᠴᠠ ᠶᠠᠭᠠᠷᠠᠯ ᠦᠭᠡᠢ ᠪᠠᠭᠤᠭᠠᠳ᠂ ᠨᠢᠭᠡ ᠨᠠᠰᠤ ᠪᠠᠷ ᠮᠣᠷᠢ ᠤᠨᠤᠵᠤ᠂ ᠶᠡᠷᠦ ᠶᠠᠪᠠᠭᠠᠨ ᠶᠠᠪᠤᠵᠤ ᠲᠡᠳᠦᠢᠯᠡ ᠦᠵᠡᠭᠡ ᠦᠭᠡᠢ ᠬᠥᠮᠦᠨ ᠦ᠌ ᠠᠯᠬᠤᠳᠠᠭ ᠪᠠᠢᠳᠠᠯ ᠢ᠋ᠶ᠋ᠠᠷ ᠡᠪᠦᠳᠦᠭ ᠢ᠋ᠶ᠋ᠡᠨ ᠪᠠᠬᠠᠨ ᠨᠤᠭᠤᠯᠤᠰᠬᠢᠨ ᠥᠰᠥᠭᠡᠢ ᠪᠡᠷ ᠵᠥᠭᠡᠯᠡᠨ ᠭᠢᠰᠬᠢᠯᠡᠨ᠂ ᠵᠠᠮᠪᠠ ᠶ᠋ᠢᠨ ᠭᠡᠷ ᠦ᠋ᠨ ᠵᠦᠭ ᠠᠯᠬᠤᠪᠠ᠃ ᠳᠠᠷᠠᠩ᠂ ᠵᠣᠴᠢᠨ ᠤ᠋ ᠮᠣᠷᠢ ᠶ᠋ᠢ ᠤᠶᠠᠭᠠᠳ᠂ ᠭᠡᠷ ᠦ᠋ᠨ ᠡᠭᠦᠳᠡ ᠶ᠋ᠢ ᠰᠡᠬᠦᠭᠡᠵᠦ᠂ ᠵᠣᠴᠢᠨ ᠢ᠋ ᠣᠷᠣᠭᠤᠯᠤᠭᠠᠳ ᠬᠣᠢᠨ᠎ᠠ ᠠ᠋ᠴᠠ ᠨᠢ ᠣᠷᠣᠵᠠᠢ᠃
ᠲᠡᠷᠡ ᠡᠪᠦᠭᠡᠨ ᠠᠮᠤᠷ ᠮᠡᠨᠳᠦ ᠶ᠋ᠢ ᠮᠡᠨᠳᠦᠯᠡᠭᠡᠳ᠂ ᠵᠠᠮᠪᠠ ᠬᠠᠮᠢᠭ᠎ᠠ ᠣᠴᠢᠭᠰᠠᠨ ᠪᠣᠢ? ᠭᠡᠵᠦ ᠠᠰᠠᠭᠤᠵᠠᠢ᠃
— ᠬᠦᠷᠦᠭᠡ ᠭᠡᠵᠦ ᠶᠠᠪᠤᠭ᠎ᠠ ᠭᠡᠬᠦ ᠳ᠋ᠦ᠍ᠨᠢ
— ᠲᠠᠨᠠᠢᠬᠡᠨ ᠴᠢᠨᠢ ᠬᠥᠮᠦᠨ ᠨᠡᠮᠡᠭᠳᠡᠵᠡᠢ ᠠ᠋ ? ᠭᠡᠵᠦ ᠵᠠᠭᠠᠯ ᠬᠦᠦ ᠶ᠋ᠢᠨ ᠵᠦᠭ ᠬᠠᠷᠠᠵᠤ ᠡᠨᠡ ᠰᠠᠢᠨ ᠡᠷ᠎ᠡ᠂ ᠶᠡᠷᠦ ᠬᠥᠮᠦᠨ ᠡᠴᠡ ᠪᠢᠰᠢᠭᠦᠷᠡᠬᠡᠳᠡᠭ ᠦᠭᠡᠢ ᠬᠥᠮᠦᠨ ᠶᠣᠮ᠎ᠠ ᠭᠡᠳ᠂ ᠡᠪᠦᠭᠡᠨ ᠦ᠌ ᠳᠡᠷᠭᠡᠳᠡ ᠠᠯᠴᠠᠩ ᠠᠯᠴᠠᠩ ᠭᠡᠵᠦ ᠬᠦᠷᠴᠦ ᠢᠷᠡᠭᠡᠳ᠂ ᠮᠣᠢᠯ ᠬᠠᠷ᠎ᠠ ᠨᠢᠳᠦ ᠪᠡᠷ ᠡᠪᠦᠭᠡᠨ ᠥᠭᠡᠳᠡ ᠶᠡᠬᠡᠯ᠎ᠡ ᠰᠣᠨᠢᠭᠤᠴᠢᠷᠬᠠᠨ ᠬᠠᠷᠠᠵᠤ ᠪᠠᠢᠭ᠎ᠠ ᠵᠠᠭᠠᠯ ᠢ᠋ ᠬᠥᠭᠷᠦᠬᠦᠢᠰᠢᠶᠡᠵᠦ ᠰᠠᠭᠤᠬᠤ ᠳ᠋ᠤᠨᠢ ᠳᠠᠷᠠᠩ᠂
— ᠰᠠᠶᠢ ᠬᠥᠮᠦᠨ ᠡᠴᠡ ᠡᠷᠭᠦᠵᠦ ᠠᠪᠤᠭᠰᠠᠨ ᠶᠤᠮ᠎ᠠ᠂ ᠡᠨᠡ ᠵᠠᠭᠠᠯ ᠢ᠋ ᠭᠡᠵᠦ ᠬᠡᠯᠡᠭᠡᠳ᠂ ᠵᠣᠴᠢᠨ ᠳ᠋ᠤ᠌ ᠴᠠᠢ ᠢᠳᠡᠭᠡ ᠪᠠᠷᠢᠬᠤ ᠵᠠᠭᠤᠷ᠎ᠠ ᠵᠠᠮᠪᠠ᠂ ᠲᠡᠷᠡ ᠬᠡᠦᠬᠡᠳ ᠦ᠋ᠨ ᠡᠬᠡ ᠲᠡᠢ᠂ ᠠᠵᠠ ᠲᠠᠢ ᠰᠠᠢᠬᠠᠨ ᠳᠠᠭᠠᠷᠢᠯᠳᠤᠭᠰᠠᠨ ᠢ᠋ ᠶᠠᠷᠢᠵᠤ ᠡᠬᠢᠯᠡᠭᠡᠳ ᠡᠪᠦᠭᠡᠨ ᠦ᠌ ᠪᠠᠬᠠᠨ ᠶᠠᠭᠤᠮ᠎ᠠ᠂ ᠳᠤᠤᠭᠠᠷᠴᠤ ᠥᠭᠬᠦ ᠦᠭᠡᠢ᠂ ᠠᠯᠪᠠᠨ ᠤ᠋ ᠴᠢᠷᠠᠢ ᠭᠠᠷᠭᠠᠵᠤ ᠰᠠᠭᠤᠭ᠎ᠠ ᠪᠠᠢᠳᠠᠯ ᠢ᠋ ᠨᠢ ᠦᠵᠡᠭᠡᠳ᠂ ᠨᠢᠭᠡ ᠯᠡ ᠠᠶ᠎ᠠ ᠦᠭᠡᠢ ᠰᠢᠭ ᠠᠵᠢᠯ ᠬᠡᠷᠡᠭ ᠲᠡᠢ ᠢᠷᠡᠵᠦ ᠳᠠ ᠭᠡᠵᠦ ᠮᠡᠳᠡᠪᠡ᠃
ᠡᠪᠦᠭᠡᠨ ᠵᠠᠩᠭᠢ᠂ ᠤᠤᠯ ᠠ᠋ᠴᠠ ᠶᠠᠷᠢᠶ᠎ᠠ ᠲᠠᠢ ᠵᠤᠭ᠎ᠠ ᠲᠠᠢ ᠬᠥᠮᠦᠨ ᠪᠢᠯᠡ᠃ ᠭᠠᠭᠴᠠᠬᠦ ᠰᠡᠳᠬᠢᠯ ᠳ᠋ᠦ᠍ᠨᠢ ᠳᠠᠭ᠎ᠠ ᠦᠭᠡᠢ ᠠᠯᠪᠠᠨ ᠤ᠋ ᠬᠡᠷᠡᠭ ᠭᠦᠢᠴᠡᠳᠬᠡᠵᠦ ᠶᠠᠪᠤᠬᠤ ᠳ᠋ᠠᠭᠠᠨ ᠢᠯᠡᠭᠦᠦ ᠳᠤᠲᠠᠭᠤ ᠶᠠᠷᠢᠶ᠎ᠠ ᠪᠠᠨ ᠲᠠᠲᠠᠵᠤ᠂ ᠠᠯᠪᠠᠨ ᠤ᠋ ᠬᠦᠢᠲᠡᠨ ᠴᠢᠷᠠᠢ ᠴᠢᠷᠠᠢᠯᠠᠳᠠᠭ ᠬᠥᠮᠦᠨ ᠪᠠᠢᠵᠠᠢ᠃ ᠡᠨᠡ ᠤᠳᠠᠭ᠎ᠠ ᠪᠠᠰᠠ ᠨᠢᠭᠡ ᠠᠶᠠᠭ᠎ᠠ ᠴᠠᠢ ᠤᠤᠭᠤᠭᠠᠳ᠂ ᠭᠡᠷ ᠦ᠋ᠨ ᠡᠵᠡᠭᠲᠡᠢ ᠶ᠋ᠢᠨ ᠰᠡᠳᠬᠢᠯ ᠢ᠋ ᠪᠣᠳᠣᠵᠤ᠂ ᠲᠠᠯᠪᠢᠭᠰᠠᠨ ᠢᠳᠡᠭᠡ ᠪᠢᠰᠢᠯᠠᠭ ᠠ᠋ᠴᠠ ᠨᠢ ᠴᠢᠮᠬᠢᠵᠦ ᠠᠮᠠ ᠬᠦᠷᠦᠭᠡᠳ᠂ ᠪᠤᠭᠤᠷᠤᠯ ᠰᠠᠬᠠᠯ ᠢ᠋ᠶ᠋ᠠᠨ ᠳᠡᠷᠪᠡᠢᠯᠭᠡᠨ᠂ ᠨᠢᠭᠡ ᠶᠡᠬᠡ ᠶᠠᠭᠤᠮ᠎ᠠ ᠵᠠᠵᠢᠯᠤᠭᠰᠠᠨ ᠪᠠᠢᠳᠠᠯ ᠦᠵᠡᠭᠦᠯᠵᠦ᠂ ᠵᠠᠵᠢᠯᠵᠤ ᠵᠠᠵᠢᠯᠵᠤ ᠵᠠᠯᠭᠢᠭᠠᠳ᠂ ᠳᠠᠷᠠᠩ ᠠ᠋ᠴᠠ ᠨᠢᠳᠦ ᠬᠠᠯᠲᠤᠷᠢᠭᠰᠠᠨ ᠰᠢᠨᠵᠢᠲᠡᠢ᠂ ᠳᠡᠮᠡᠢ ᠯᠡ ᠡᠭᠦᠳᠡ ᠪᠡᠷ ᠭᠠᠳᠠᠭᠰᠢ ᠠᠯᠤᠰ ᠢ᠋ ᠰᠢᠷᠲᠡᠯᠬᠢᠯᠡᠨ
— ᠭᠠᠢ ᠭᠠᠵᠠᠷ ᠳᠣᠣᠷ᠎ᠠ ᠠ᠋ᠴᠠ ᠭᠡᠵᠦ ᠲᠢᠶᠠᠨ ᠢ ᠳᠧ ᠶ᠋ᠢᠨ ᠫᠦᠰᠡ ᠵᠠᠮᠰᠥ᠋ᠷᠦᠩᠵᠠᠪ ᠲᠠᠢᠵᠢ ᠶ᠋ᠢᠨ ᠥᠷᠢ ᠶ᠋ᠢ ᠬᠤᠰᠢᠭᠤᠨ ᠠ᠋ᠴᠠ ᠨᠡᠬᠡᠵᠦ᠂ ᠪᠠᠰᠠ ᠨᠣᠶᠠᠨ ᠤ᠋ ᠬᠠᠭᠤᠴᠢᠨ ᠥᠷᠢ ᠶ᠋ᠢᠨ ᠬᠦᠦ ᠨᠡᠬᠡᠵᠡᠢ᠃ ᠬᠡᠦᠬᠡ᠂ ᠡᠪᠦᠭᠡᠨ ᠪᠠᠲᠤᠪᠠᠶᠠᠷ ᠢ᠋ ᠰᠦᠷᠦᠩ ᠡᠮᠡᠭᠡᠨ ᠦ᠌ ᠬᠠᠮᠲᠤ ᠳᠠᠭᠤᠳᠠᠭᠠᠳ ᠢᠨᠠᠭᠰᠢ ᠨᠢ ᠢᠷᠡᠭᠦᠯᠦᠭᠡᠴᠢ ᠭᠡᠬᠦ ᠳ᠋ᠦ᠍ ᠳᠠᠷᠠᠩ ᠰᠡᠳᠬᠢᠯ ᠵᠣᠪᠠᠰᠬᠢᠵᠤ ᠡᠪᠦᠭᠡᠨ ᠵᠠᠩᠭᠢ ᠶ᠋ᠢᠨ ᠵᠠᠬᠢᠶ᠎ᠠ ᠶ᠋ᠢ ᠭᠦᠢᠴᠡᠳᠬᠡᠬᠦ ᠭᠡᠵᠦ ᠪᠣᠰᠪᠠ᠃ ᠬᠥᠳᠡᠭᠡ ᠭᠠᠵᠠᠷ᠂ ᠡᠯᠴᠢᠯ ᠦᠭᠡᠢ ᠠᠭᠤᠳᠠᠮ ᠬᠡᠭᠡᠷ᠎ᠡ ᠲᠠᠯ᠎ᠠ ᠳ᠋ᠤ᠌ ᠬᠠᠶᠠ ᠳᠠᠭᠠᠷᠢᠯᠳᠤᠬᠤ ᠬᠥᠮᠦᠨ ᠡᠴᠡ᠂ ᠨᠢᠭᠡ ᠬᠣᠨᠢᠴᠢᠨ ᠠ᠋ᠴᠠ ᠨᠢᠭᠡ ᠬᠣᠨᠢᠴᠢᠨ ᠳ᠋ᠤ᠌᠂ ᠨᠢᠭᠡ ᠠᠢᠯ ᠠ᠋ᠴᠠ ᠨᠢᠭᠡ ᠠᠢᠯ ᠳ᠋ᠤ᠌ ᠳᠠᠮᠵᠢᠬᠤ ᠰᠣᠨᠢᠨ ᠢ᠋ ᠠᠢᠯ ᠬᠣᠲᠠ ᠪᠠᠷ ᠣᠷᠣᠭᠰᠠᠨ ᠬᠥᠮᠦᠨ ᠶᠠᠷᠢᠳᠠᠭ ᠤᠴᠢᠷ᠂ ᠰᠣᠨᠢᠨ ᠶᠠᠭᠤ ᠪᠠᠢᠭ᠎ᠠ ᠪᠣᠯ ᠭᠡᠵᠦ ᠡᠪᠦᠭᠡᠨ ᠪᠠᠲᠤᠪᠠᠶᠠᠷ᠂ ᠡᠮᠡᠭᠡᠨ ᠰᠦᠷᠦᠩ ᠬᠣᠶᠠᠭᠤᠯᠠ ᠪᠠᠨ ᠵᠠᠮᠪᠠ ᠶ᠋ᠢᠨ ᠳ᠋ᠦ᠍ ᠣᠷᠣᠬᠤ ᠭᠡᠵᠦ᠂ ᠳᠠᠷᠠᠩ ᠢ᠋ ᠣᠴᠢᠵᠤ ᠳᠠᠭᠤᠳᠠᠬᠤ ᠠ᠋ᠴᠠ ᠡᠮᠦᠨ᠎ᠡ ᠡᠭᠦᠳᠡᠨ ᠳ᠋ᠦ᠍ᠨᠢ ᠬᠦᠷᠴᠦ ᠢᠷᠡᠭᠡᠳ᠂ ᠪᠠᠲᠤᠪᠠᠶᠠᠷ᠂ ᠡᠪᠦᠭᠡᠨ ᠵᠠᠩᠭᠢ ᠲᠠᠢ ᠲᠠᠮᠠᠬᠢᠯᠠᠵᠤ᠂ ᠠᠮᠤᠷ ᠮᠡᠨᠳᠦ ᠶ᠋ᠢ ᠮᠡᠳᠡᠵᠦ᠂ ᠮᠠᠯ ᠰᠦᠷᠦᠭ᠂ ᠨᠤᠲᠤᠭ ᠤᠰᠤ ᠪᠠᠷ ᠮᠡᠨᠳᠦ ᠪᠠᠢᠭ᠎ᠠ ᠶ᠋ᠢ ᠮᠡᠳᠡᠯᠳᠡᠭᠡᠳ᠂ ᠡᠪᠦᠭᠡᠨ ᠵᠠᠩᠭᠢ ᠢᠷᠡᠭᠰᠡᠨ ᠤᠴᠢᠷ ᠢ᠋ᠶ᠋ᠠᠨ ᠬᠣᠯᠠ ᠠ᠋ᠴᠠ ᠲᠣᠭᠣᠷᠢᠭᠤᠯᠵᠤ ᠬᠡᠯᠡᠬᠦ ᠭᠡᠵᠦ ᠰᠣᠨᠢᠨ ᠢ᠋ᠶ᠋ᠠᠨ ᠶᠠᠷᠢᠵᠤ ᠭᠠᠷᠪᠠ᠃
— ᠰᠣᠨᠣᠰᠪᠠᠯ᠂ ᠥᠨᠥᠬᠢ ᠠᠷᠢᠬᠢᠴᠢ ᠮᠠᠭᠤ ᠵᠠᠮᠰᠥ᠋ᠷᠦᠩᠵᠠᠪ ᠲᠠᠢᠵᠢ ᠳᠠᠬᠢᠭᠠᠳ ᠯᠠ ᠥᠷᠢ ᠰᠢᠷᠢ ᠲᠠᠷᠢᠵᠤ᠂ ᠠᠷᠢᠬᠢ ᠳᠠᠷᠠᠰᠤ ᠤᠤᠭᠤᠵᠤ᠂ ᠮᠥᠷᠥᠢ ᠲᠡᠢ ᠲᠣᠭᠯᠠᠭᠠᠮ ᠬᠢᠭᠰᠡᠭᠡᠷ᠂ ᠮᠢᠩᠭ᠎ᠠ ᠲᠠᠪᠤᠨ ᠵᠠᠭᠤᠨ ᠯᠠᠩ ᠤ᠋ᠨ ᠭᠠᠢ ᠴᠢᠷᠴᠦ ᠭᠡᠨ᠎ᠡ ᠭᠡᠵᠦ ᠵᠠᠩᠭᠢ ᠶ᠋ᠢᠨ ᠬᠡᠯᠡᠬᠦ ᠳ᠋ᠦ᠍ ᠪᠠᠲᠤᠪᠠᠶᠠᠷ ᠰᠡᠭᠦᠷᠡᠰᠦ ᠠᠯᠳᠠᠵᠤ᠂
— ᠲᠡᠷᠡ ᠵᠠᠪᠬᠠᠢ ᠠᠷᠢᠬᠢᠴᠢ ᠶ᠋ᠢ ᠡᠷᠯᠢᠭ ᠬᠡᠵᠢᠶ᠎ᠡ ᠲᠠᠲᠠᠵᠤ ᠠᠪᠠᠴᠢᠭᠠᠳ᠂ ᠠᠮᠢᠲᠠᠨ ᠢ᠋ ᠠᠮᠤᠷᠤᠭᠤᠯᠳᠠᠭ ᠶᠤᠮ ᠪᠣᠯ? ᠬᠠᠷᠠᠬᠤ ᠳ᠋ᠤ᠌ ᠣᠢ ᠭᠣᠳᠣᠮᠠᠷ ᠥᠭᠡᠳᠡ ᠦᠭᠡᠢ ᠠᠮᠢᠲᠠᠨ ᠮᠥᠷᠲᠡᠭᠡᠨ ᠬᠣᠰᠢᠭᠤ ᠨᠡᠢᠭᠡᠮ ᠢ᠋ ᠴᠢᠷᠦᠭᠳᠡᠭᠦᠯᠳᠡᠭ ᠯᠠᠢ ᠲᠠᠢ ᠠᠮᠢᠲᠠᠨ ᠳ᠋ᠠᠭ ᠠ᠃ ᠬᠠᠪᠤᠷ ᠪᠢ᠂ ᠳᠡ ᠬᠦᠷᠢᠶᠡᠨ ᠦ᠌ ᠮᠠᠢᠮᠠᠢ ᠬᠣᠲᠠ ᠳ᠋ᠤ᠌ ᠲᠡᠭᠦᠨ ᠲᠡᠢ ᠨᠢᠭᠡ ᠫᠦᠰᠡᠨ ᠳ᠋ᠦ᠍ ᠲᠠᠭᠠᠷᠢᠯᠳᠤᠴᠢᠭᠠᠳ᠂ ᠲᠡᠭᠦᠨ ᠦ᠌ ᠬᠦᠷᠢᠶᠡᠨ ᠳ᠋ᠦ᠍ ᠨᠠᠷᠭᠢᠳᠠᠭ ᠤ᠋ᠨ ᠯᠠᠢ ᠯᠠᠨᠴᠢᠭ ᠨᠢ ᠪᠢᠳᠡᠨ ᠳ᠋ᠦ᠍ ᠯᠡ ᠥᠷᠢ ᠰᠢᠷᠢ ᠪᠣᠯᠵᠤ ᠲᠤᠰᠬᠤ ᠨᠢ ᠳᠡ ᠭᠡᠵᠦ ᠪᠣᠳᠣᠭᠰᠠᠨ ᠶᠣᠮ᠎ᠠ᠃ ᠲᠡᠷᠡ ᠰᠣᠭᠲᠣᠭᠤ ᠲᠠᠢᠵᠢ᠂ ᠦᠬᠦᠭᠰᠡᠨ ᠵᠢᠭᠠᠰᠤᠨ ᠤ᠋ ᠪᠤᠯᠠᠩᠭᠢᠷ ᠲᠠᠢ ᠨᠢᠳᠦ ᠭᠠᠷᠭᠠᠴᠢᠭᠠᠳ᠂ ᠮᠠᠢᠮᠠᠢ ᠶ᠋ᠢᠨ ᠰᠣᠭᠲᠣᠭᠤ ᠬᠡᠦᠬᠡᠨ ᠲᠡᠢ ᠬᠠᠮᠲᠤ ᠯᠠᠩᠭᠤᠢ ᠶ᠋ᠢᠨ ᠬᠠᠵᠠᠭᠤ ᠳ᠋ᠤ᠌ ᠰᠠᠭᠤᠵᠤ᠂ ᠲᠡᠭᠦᠨ ᠳ᠋ᠡᠭᠡᠨ ᠲᠣᠷᠭ᠎ᠠ ᠠᠪᠴᠤ ᠪᠠᠢᠭᠰᠠᠨ ᠪᠢᠯᠡ᠃ ᠮᠢᠨᠦ ᠶᠣᠰᠣᠯᠠᠬᠤ ᠳ᠋ᠤ᠌
— ᠬᠥᠭᠰᠢᠨ ᠪᠣᠭᠣᠯ ᠴᠢ᠂ ᠶᠠᠭᠠᠬᠢᠵᠤ ᠶᠣᠰᠣ ᠠᠯᠳᠠᠵᠤ ᠪᠠᠢᠨ᠎ᠠ? ᠴᠢ ᠨᠠᠮᠠᠶ᠋ᠢ ᠬᠡᠨ ᠭᠡᠵᠦ ᠪᠣᠳᠣᠪᠠ? ᠨᠠᠳᠠ ᠪᠠᠰᠠ ᠨᠢᠭᠡ ᠶᠣᠰᠣᠯᠠ᠃ ᠡᠨᠡ ᠬᠡᠦᠬᠡᠨ ᠦ᠌ ᠡᠮᠦᠨ᠎ᠡ ᠪᠠᠰᠠ ᠶᠣᠰᠣᠯᠠ᠃ ᠨᠠᠳᠠᠲᠠᠢ ᠤᠨᠲᠠᠳᠠᠭ ᠢ᠋ᠶ᠋ᠠᠷ ᠢ᠋ᠶ᠋ᠠᠨ ᠴᠢᠮᠠᠶ᠋ᠢ ᠪᠣᠳᠣᠪᠠᠯ᠂ ᠡᠨᠡ ᠬᠡᠦᠬᠡᠨ ᠪᠠᠰᠠ ᠲᠩᠷᠢ ᠢᠵᠠᠭᠤᠷᠲᠠᠨ ᠲᠠᠢ ᠴᠢᠨᠢ ᠰᠠᠴᠠᠭᠤ ᠪᠣᠯᠵᠤ ᠪᠠᠢᠭ᠎ᠠ ᠶᠤᠮ ᠰᠢᠦ ᠭᠡᠵᠦ ᠰᠣᠭᠲᠣᠭᠤ ᠲᠠᠢᠵᠢ᠂ ᠲᠡᠷᠡ ᠠᠮᠠ ᠬᠠᠯᠠᠭᠰᠠᠨ ᠬᠡᠦᠬᠡᠨ ᠢ᠋ ᠵᠢᠭᠠᠵᠤ ᠨᠠᠮᠠᠶ᠋ᠢ ᠵᠠᠩᠨᠠᠵᠤ ᠪᠢᠯᠡ᠃ ᠲᠡᠭᠡᠭᠡᠳ᠂ ᠲᠡᠷᠡ ᠡᠮ᠎ᠡ ᠳ᠋ᠦ᠍ ᠪᠠᠰᠠ ᠶᠣᠰᠣ ᠬᠢᠬᠦ ᠳ᠋ᠦ᠍᠂ ᠲᠠᠢᠵᠢ ᠠᠭᠰᠤᠮᠨᠠᠵᠤ᠂
— ᠮᠠᠭᠤ ᠪᠣᠭᠣᠯ ᠴᠢ᠂ ᠬᠥᠮᠦᠨ ᠦ᠌ ᠥᠭᠡᠳᠡ ᠡᠴᠡ ᠶᠠᠭᠠᠬᠢᠵᠤ ᠬᠠᠷᠠᠵᠤ ᠪᠠᠢᠭ᠎ᠠ ᠠᠮᠢᠲᠠᠨ ᠪᠣᠢ? ᠨᠠᠮᠠᠶ᠋ᠢ ᠰᠣᠭᠲᠣᠭᠤ ᠪᠠᠢᠪᠠᠯ ᠶᠠᠭᠤᠮ᠎ᠠ ᠬᠠᠷᠠᠳᠠᠭ ᠦᠭᠡᠢ ᠬᠥᠮᠦᠨ ᠭᠡᠵᠦ ᠪᠣᠳᠣᠵᠤ ᠪᠠᠢᠨᠠᠤ? ᠨᠠᠮᠠᠶ᠋ᠢ ᠲᠣᠭᠣᠬᠤ ᠦᠭᠡᠢ ᠰᠢᠨᠵᠢᠳᠡᠶᠡ ᠴᠢ? ᠡᠯᠢᠶ᠎ᠡ ᠮᠠᠭᠤ ᠪᠣᠯᠪᠠᠴᠤ ᠬᠠᠨ ᠭᠠᠷᠤᠳᠢ ᠶ᠋ᠢᠨ ᠠᠢᠮᠠᠭ᠂ ᠡᠨᠡ ᠪᠡᠶ᠎ᠡ ᠮᠠᠭᠤ ᠪᠣᠯᠪᠠᠴᠤ ᠡᠵᠡᠨ ᠴᠢᠩᠭᠢᠰ ᠦ᠋ᠨ ᠤᠭᠰᠠᠭ᠎ᠠ᠃ ᠪᠢ ᠮᠠᠭᠤ ᠰᠠᠢᠨ ᠪᠣᠭᠣᠯ ᠲᠠ ᠨᠠᠷ ᠢ᠋ ᠲᠩᠷᠢ ᠢᠵᠠᠭᠤᠷᠲᠤ ᠪᠢᠳᠡᠨ ᠦ᠌ ᠲᠠᠢᠵᠢ ᠨᠠᠷ ᠢ᠋ ᠬᠦᠨᠳᠦᠳᠬᠡᠬᠦ ᠶᠣᠰᠣ ᠰᠤᠷᠭᠠᠵᠤ᠂ ᠴᠢᠬᠡᠷᠯᠡᠭᠦᠯᠦᠨ ᠬᠥᠮᠦᠵᠢᠭᠦᠯᠵᠦ ᠥᠭᠭᠦᠨ᠎ᠡ᠂ ᠬᠦᠢ ᠪᠢᠴᠢᠭᠡᠴᠢ᠂ ᠳᠠᠩᠰᠠᠨ ᠳ᠋ᠠᠭᠠᠨ ᠲᠡᠮᠳᠡᠭᠯᠡ᠃ ᠪᠢ ᠡᠨᠡ ᠬᠡᠦᠬᠡᠨ ᠳ᠋ᠦ᠍ ᠨᠢᠭᠡ ᠵᠠᠬ᠎ᠠ ᠲᠣᠷᠭ᠎ᠠ ᠥᠭᠭᠦᠨ᠎ᠡ ᠭᠡᠰᠡ ᠪᠢᠯᠡ᠃ ᠣᠳᠣ᠂ ᠬᠣᠶᠠᠷ ᠵᠠᠬ᠎ᠠ ᠲᠣᠷᠭ᠎ᠠ ᠥᠭᠬᠦ ᠪᠡᠷ ᠪᠣᠯᠤᠯ᠎ᠠ᠂ ᠳᠠᠩᠰᠠ ᠳ᠋ᠠᠭᠠᠨ ᠪᠢᠴᠢ᠃ ᠡᠨᠡ ᠮᠠᠭᠤ ᠰᠠᠢᠨ ᠬᠠᠷᠠᠴᠤ ᠪᠣᠭᠣᠯ ᠪᠠᠢᠭ᠎ᠠ ᠴᠠᠭ ᠲᠤ᠌᠂ ᠲᠩᠷᠢ ᠢᠵᠠᠭᠤᠷᠲᠤ ᠲᠠᠢᠵᠢ ᠨᠠᠷ ᠤ᠋ᠨ ᠥᠷᠢ ᠶ᠋ᠢ ᠲᠥᠯᠥᠬᠦ ᠬᠥᠮᠦᠨ ᠣᠯᠳᠠᠨ᠎ᠠ ᠭᠡᠵᠦ ᠵᠠᠩᠨᠠᠵᠤ ᠪᠠᠢᠭᠰᠠᠨ ᠪᠢᠯᠡ ᠭᠡᠵᠡᠢ᠃
— ᠵᠠᠯᠢ ᠲᠠᠢ ᠬᠡᠳᠦᠨ ᠮᠠᠢᠮᠠᠢᠴᠢᠨ ᠤ᠋ ᠠᠷᠭ᠎ᠠ ᠳ᠋ᠤ᠌ ᠣᠷᠣᠵᠤ ᠠᠷᠢᠬᠢᠨ ᠳ᠋ᠤ᠌ ᠳᠡᠪᠲᠦᠭᠡᠳ᠂ ᠥᠷᠢ ᠰᠢᠷᠢ ᠲᠠᠯᠪᠢᠵᠤ᠂ ᠮᠠᠢᠮᠠᠢ ᠶ᠋ᠢ ᠪᠠᠶᠠᠵᠢᠭᠤᠯᠵᠤ᠂ ᠬᠣᠰᠢᠭᠤ ᠨᠡᠢᠭᠡᠮ ᠢ᠋ ᠬᠣᠬᠢᠷᠠᠭᠤᠯᠳᠠᠭ ᠲᠠᠢᠵᠢ᠂ ᠬᠦᠷᠢᠶᠡᠨ ᠳ᠋ᠦ᠍ ᠣᠯᠠᠨ ᠪᠠᠢᠬᠤ ᠰᠢᠪ ᠳᠡ᠃ ᠲᠡᠷᠡ ᠵᠢᠯ ᠪᠢ ᠨᠣᠶᠠᠨ ᠤ᠋ ᠪᠠᠷ᠎ᠠ ᠪᠣᠯᠵᠤ ᠬᠦᠷᠢᠶ᠎ᠡ ᠣᠷᠣᠭᠠᠳ᠂ ᠪᠡᠭᠡᠵᠢᠩ ᠰᠤᠣ᠌ᠠᠨᠡᠮᠳᠡᠷᠵᠠ ᠶ᠋ᠢᠨ ᠫᠦᠰᠡᠨ ᠦ᠌ ᠬᠢᠨ ᠮᠠᠨ ᠤ᠋ ᠨᠣᠶᠠᠨ ᠢ᠋ ᠵᠣᠴᠢᠯᠠᠨ ᠪᠤᠳᠠᠭᠠᠯᠠᠵᠤ ᠪᠢᠯᠡ᠃ ᠪᠢ ᠠᠷᠢᠬᠢᠨ ᠳ᠋ᠤᠨᠢ ᠰᠣᠭᠲᠣᠭᠠᠳ᠂ ᠪᠤᠰᠤᠳ ᠢ᠋ ᠳᠠᠭᠠᠵᠤ ᠵᠢᠭᠡᠯᠡ ᠲᠠᠯᠪᠢᠵᠤ᠂ ᠡᠬᠡᠨᠡᠷ ᠲᠡᠭᠡᠨ ᠨᠢᠭᠡ ᠯᠤᠤᠴᠢᠨ ᠭᠤᠲᠤᠯ᠂ ᠬᠡᠦᠬᠡᠳ ᠲᠦ᠍ ᠬᠣᠶᠠᠷ ᠵᠢᠩ ᠴᠢᠪᠠᠭ᠎ᠠ ᠠᠪᠤᠭᠰᠠᠨ ᠴᠢᠨᠢ ᠬᠣᠵᠢᠮ ᠬᠠᠷᠢᠨ ᠭᠤᠷᠪᠠᠨ ᠪᠦᠳᠦᠭᠦᠨ ᠢᠷᠭᠡ ᠥᠭᠴᠦ ᠰᠠᠯᠤᠭᠰᠠᠨ ᠰᠢᠦ ᠭᠡᠵᠦ ᠵᠠᠩᠭᠢ ᠶ᠋ᠢᠨ ᠬᠡᠯᠡᠬᠦ ᠳ᠋ᠦ᠍ ᠪᠠᠲᠤᠪᠠᠶᠠᠷ ᠢᠨᠢᠶᠡᠮᠰᠦᠷᠡᠨ᠂
— ᠶᠠᠭᠠᠬᠢᠬᠤ ᠪᠣᠢ ᠳᠠ ᠰᠤᠨᠤᠮ ᠭᠤᠸᠠᠢ᠂ ᠨᠠᠷᠠ ᠳᠠᠭᠠᠪᠠᠯ ᠳᠠᠭᠠᠷᠠᠳᠠᠭ ᠦᠭᠡᠢ᠂ ᠨᠣᠶᠠᠨ ᠳᠠᠭᠠᠪᠠᠯ ᠥᠯᠥᠰᠳᠡᠭ ᠦᠭᠡᠢ ᠭᠡᠳᠡᠭ ᠰᠢᠦ ᠳᠡ᠃ ᠲᠠ ᠴᠤ᠌ ᠪᠠᠰᠠ ᠨᠢᠭᠡ ᠰᠠᠢᠬᠠᠨ ᠬᠣᠭᠣᠯᠠ ᠢᠳᠡᠵᠦ ᠠᠪᠤᠭᠰᠠᠨ ᠪᠢᠰᠢᠦ ᠲᠡᠭᠡᠬᠦ ᠳ᠋ᠡᠭᠡᠨ ? ᠭᠡᠵᠡᠢ᠃
ᠵᠠᠩᠭᠢ᠂ ᠡᠪᠦᠭᠡᠨ ᠦ᠌ ᠲᠡᠷᠡ ᠦᠭᠡ ᠰᠣᠨᠣᠰᠤᠭᠠᠳ᠂ ᠬᠥᠪᠥᠩ ᠳ᠋ᠦ᠍ ᠣᠷᠢᠶᠠᠭᠰᠠᠨ ᠴᠢᠯᠠᠭᠤ ᠪᠠᠷ ᠴᠣᠬᠢᠭᠰᠠᠨ ᠢ᠋ ᠮᠡᠳᠡᠭᠡᠴᠢ ᠦᠭᠡᠢ ᠪᠣᠯᠵᠤ ᠥᠭᠦᠯᠡᠷᠦᠨ᠄ ᠰᠠᠶᠢ ᠮᠠᠨ ᠤ᠋ ᠬᠣᠰᠢᠭᠤ ᠲᠠᠮᠠᠭ᠎ᠠ ᠳ᠋ᠤ᠌ ᠵᠢᠰᠢᠶ᠎ᠠ ᠶ᠋ᠢᠨ ᠲᠦᠰᠢᠮᠡᠯ ᠳᠠᠩᠰᠠ ᠪᠣᠳᠣᠭᠠᠳ᠂ ᠲᠢᠶᠠᠨ ᠢ ᠳᠧ ᠶ᠋ᠢᠨ ᠫᠦᠰᠡᠨ ᠳ᠋ᠦ᠍ ᠬᠣᠰᠢᠭᠤ ᠨᠡᠢᠭᠡᠮ ᠢ᠋ᠶ᠋ᠡᠷ ᠥᠷᠢ ᠲᠡᠢ ᠪᠠᠢᠭ᠎ᠠ ᠶ᠋ᠢᠨ ᠬᠤᠪᠢ ᠶ᠋ᠢ ᠭᠠᠷᠭᠠᠵᠤ ᠦᠵᠡᠭᠰᠡᠨ᠃ ᠮᠠᠨ ᠤ᠋ ᠬᠣᠰᠢᠭᠤ ᠨᠡᠢᠭᠡᠮ ᠦ᠋ᠨ ᠪᠦᠬᠦ ᠠᠷᠠᠳ ᠤ᠋ᠨ ᠮᠠᠯ ᠢ᠋ ᠵᠠᠷᠤᠬᠤ ᠳ᠋ᠤ᠌᠂ ᠥᠷᠢ ᠶ᠋ᠢᠨ ᠲᠠᠯ᠎ᠠ ᠬᠤᠪᠢ ᠨᠢ ᠪᠠᠰᠠ ᠦᠯᠡᠳᠡᠬᠦ ᠶᠦ᠍ᠮ ᠪᠠᠢᠨ᠎ᠠ ᠭᠡᠵᠦ ᠪᠣᠳᠣᠵᠤ ᠭᠡᠨ᠎ᠡ ᠭᠡᠬᠦ ᠳ᠋ᠦ᠍ ᠳᠠᠷᠠᠩ ᠲᠠᠴᠢᠶᠠᠳᠠᠵᠤ᠂
— ᠲᠡᠭᠡᠪᠡᠯ᠂ ᠮᠠᠨ ᠤ᠋ ᠮᠠᠯ ᠴᠣᠬᠣᠮ ᠳ᠋ᠠᠭᠠᠨ ᠮᠠᠨᠠᠢ ᠪᠢᠰᠢ᠂ ᠲᠡᠷᠡ ᠫᠦᠰᠡᠨ ᠦ᠌ ᠮᠠᠯ ᠪᠣᠯᠬᠤ ᠨᠢ ᠠ᠋᠂ ᠵᠤᠨ ᠤ᠋ ᠬᠠᠯᠠᠭᠤᠨ᠂ ᠡᠪᠦᠯ ᠦ᠋ᠨ ᠬᠦᠢᠲᠡᠨ ᠳ᠋ᠦ᠍ ᠪᠢᠳᠡᠨ ᠦ᠌ ᠵᠦᠳᠡᠷᠡᠵᠦ ᠵᠣᠪᠠᠵᠤ ᠶᠠᠪᠤᠳᠠᠭ ᠮᠠᠨᠢ᠂ ᠬᠣᠪᠳᠣᠭ ᠬᠣᠮᠣᠬᠠᠢ ᠮᠠᠢᠮᠠᠢ ᠨᠠᠷ ᠤ᠋ᠨ ᠤᠯᠠᠮ ᠪᠠᠶᠠᠵᠢᠬᠤ ᠶ᠋ᠢᠨ ᠲᠥᠯᠥᠭᠡ ᠢᠩᠭᠢᠵᠦ ᠦᠢᠯᠡ ᠪᠡᠨ ᠡᠳ᠋ᠯᠡᠵᠦ ᠪᠠᠢᠭ᠎ᠠ ᠬᠡᠷᠡᠭ ᠤᠤ ᠭᠡᠵᠦ ᠠᠰᠠᠭᠤᠵᠠᠢ᠃
— ᠮᠠᠨ ᠤ᠋ ᠨᠣᠶᠠᠨ ᠰᠠᠶᠢ ᠶ᠋ᠢᠨ ᠪᠡᠭᠡᠵᠢᠩ ᠣᠷᠣᠳᠠᠭ ᠨᠢ ᠨᠡᠯᠢᠶᠡᠳ ᠶᠡᠬᠡ ᠵᠠᠷᠤᠳᠠᠯ ᠭᠠᠷᠴᠠᠢ᠃ ᠬᠠᠭᠤᠴᠢᠨ ᠥᠷᠢ ᠡᠴᠡ ᠮᠤᠯᠲᠤᠷᠠᠵᠤ ᠶᠠᠳᠠᠵᠤ ᠪᠠᠢᠲᠠᠯ᠎ᠠ᠂ ᠨᠣᠶᠠᠨ ᠤ᠋ ᠪᠡᠢᠰᠡ ᠶ᠋ᠢᠨ ᠵᠡᠷᠭᠡ ᠶ᠋ᠢ ᠬᠤᠳᠠᠯᠳᠤᠨ ᠠᠪᠬᠤ ᠵᠠᠷᠤᠳᠠᠯ ᠳ᠋ᠤ᠌ ᠭᠡᠵᠦ ᠪᠠᠰᠠ ᠥᠷᠢ ᠳ᠋ᠦ᠍ ᠪᠢᠳᠡᠨ ᠢ᠋ᠶ᠋ᠡᠨ ᠤᠨᠠᠭᠠᠴᠢᠬᠠᠵᠠᠢ ᠳᠠ᠃ ᠮᠠᠨ ᠤ᠋ ᠨᠣᠶᠠᠨ ᠤ᠋ ᠲᠡᠷᠡ ᠵᠢᠩᠰᠡ ᠨᠢ ᠮᠥᠨ ᠴᠤ᠌ ᠭᠠᠢ ᠲᠠᠢ ᠬᠦᠨᠳᠦ ᠴᠢᠯᠠᠭᠤ ᠶᠠ! ᠲᠡᠮᠡᠭᠡᠨ ᠦ᠌ ᠬᠣᠷᠭᠣᠯ ᠤ᠋ᠨ ᠲᠡᠳᠦᠢ ᠮᠥᠷᠲᠡᠭᠡᠨ᠂ ᠬᠣᠰᠢᠭᠤ ᠨᠡᠢᠭᠡᠮ ᠢ᠋ᠶ᠋ᠡᠷ ᠲᠡᠭᠦᠨ ᠢ᠋ ᠡᠷᠭᠦᠵᠦ ᠳᠠᠭᠠᠭᠠᠬᠤ ᠦᠭᠡᠢ ᠨᠢ ᠰᠢᠪ ᠳᠡ ᠪᠢᠳᠡ ᠴᠢᠨᠢ ᠭᠡᠵᠦ ᠪᠠᠲᠤᠪᠠᠶᠠᠷ ᠤ᠋ᠨ ᠬᠡᠯᠡᠬᠦ ᠳ᠋ᠦ᠍ ᠰᠣᠨᠣᠮ ᠵᠠᠩᠭᠢ ᠥᠭᠦᠯᠡᠷᠦᠨ᠄
— ᠬᠦᠷᠢᠶᠡᠨ ᠳ᠋ᠦ᠍ ᠰᠣᠨᠣᠰᠪᠠᠯ᠂ ᠵᠡᠭᠦᠨ ᠬᠦᠷᠢᠶᠡᠨ ᠦ᠌ ᠯᠠᠮᠠ ᠨᠠᠷ ᠬᠡᠢᠳ ᠦ᠋ᠨ ᠭᠣᠷᠯᠤᠮ ᠳ᠋ᠤ᠌ ᠣᠷᠣᠭᠰᠠᠨ ᠭᠡᠵᠦ ᠬᠣᠶᠠᠷ ᠭᠤᠷᠪᠠᠨ ᠮᠠᠢᠮᠠᠨ ᠤ᠋ ᠫᠦᠰᠡ ᠶ᠋ᠢ ᠵᠠᠳᠠ ᠳᠠᠭᠠᠷᠢᠭᠠᠳ᠂ ᠮᠠᠢᠮᠠᠢ ᠨᠠᠷ ᠲᠠᠢ ᠪᠤᠵᠠᠭᠠᠢ ᠵᠣᠳᠣᠭᠠᠨ ᠬᠢᠵᠦ ᠭᠡᠨ᠎ᠡ ᠳᠡ ᠭᠡᠬᠦ ᠳ᠋ᠦ᠍᠂
— ᠲᠡᠭᠡᠭᠡᠳ ᠭᠡᠵᠦ ᠪᠠᠲᠤᠪᠠᠶᠠᠷ ᠠᠰᠠᠭᠤᠵᠠᠢ᠃
— ᠲᠡᠭᠡᠭᠡᠳ ᠶᠠᠭᠠᠬᠢᠬᠤ ᠪᠣᠢ᠂ ᠭᠠᠭᠴᠠ ᠨᠢᠭᠡᠨ ᠯᠠᠮᠠ ᠳ᠋ᠤ᠌ ᠪᠠᠩᠵᠠ ᠰᠤᠨᠳᠠᠭ ᠬᠦᠷᠲᠡᠭᠡᠵᠦ᠂ ᠵᠦᠢᠯ ᠳᠠᠭᠤᠰᠬᠠᠭᠰᠠᠨ ᠭᠡᠨ᠎ᠡ ᠪᠢᠯᠡ ᠭᠡᠵᠦ ᠵᠠᠩᠭᠢ ᠶ᠋ᠢᠨ ᠬᠡᠯᠡᠬᠦ ᠳ᠋ᠦ᠍᠂ ᠪᠠᠲᠤᠪᠠᠶᠠᠷ ᠬᠣᠷᠣᠰᠴᠤ ᠥᠭᠦᠯᠡᠷᠦᠨ᠄
— ᠡᠨᠡ ᠬᠡᠳᠦᠨ ᠲᠦᠰᠢᠮᠡᠯ ᠮᠠᠢᠮᠠᠢ ᠨᠠᠷ ᠤ᠋ᠨ ᠠᠯᠢ ᠠᠯᠢᠨ ᠴᠤ᠌ ᠢᠴᠢᠬᠦ ᠨᠢᠭᠤᠷ ᠢ᠋ᠶ᠋ᠠᠨ ᠠᠯᠳᠠᠵᠤ᠂ ᠳᠡᠩᠳᠡᠵᠦ ᠪᠠᠢᠨ᠎ᠠ᠃ ᠰᠠᠶᠢᠬᠠᠨ ᠨᠢᠭᠡ ᠨᠢ ᠮᠠᠨ ᠤ᠋ ᠥᠷᠲᠡᠭᠡᠨ ᠳ᠋ᠦ᠍ ᠬᠦᠦ ᠶ᠋ᠢ ᠮᠢᠨᠢ ᠲᠠᠰᠢᠭᠤᠷᠳᠠᠵᠠᠢ ᠭᠡᠬᠦ ᠳ᠋ᠦ᠍ ᠵᠠᠩᠭᠢ᠂
— ᠪᠢ ᠪᠠᠢᠭᠰᠠᠨ ᠲᠡᠭᠡᠬᠦ ᠳ᠋ᠦ᠍᠂ ᠬᠡᠷᠪᠡ ᠨᠠᠮᠠᠶ᠋ᠢ ᠡᠰᠡ ᠪᠠᠢᠪᠠᠯ᠂ ᠪᠦᠷ ᠴᠦ᠍ ᠶᠡᠬᠡ ᠵᠣᠳᠣᠭᠤᠯᠬᠤ ᠪᠠᠢᠭᠰᠠᠨ ᠲᠠᠭ᠃ ᠡᠨᠡ ᠮᠠᠨᠵᠤ ᠬᠢᠲᠠᠳ ᠴᠢᠨᠢ᠂ ᠭᠠᠭᠴᠠ ᠲᠠᠨ ᠤ᠋ ᠬᠦᠦ ᠶ᠋ᠢ ᠪᠢᠰᠢ᠂ ᠥᠪᠡᠷᠰᠡᠳ ᠡᠴᠡ ᠨᠢ ᠵᠡᠷᠭᠡ ᠠᠬ᠎ᠠ ᠮᠣᠩᠭᠣᠯ ᠲᠦᠰᠢᠮᠡᠯ ᠢ᠋ ᠴᠦ᠍ ᠬᠥᠮᠦᠨ ᠭᠡᠵᠦ ᠦᠵᠡᠬᠦ ᠪᠡᠨ ᠪᠠᠢᠵᠤ᠂ ᠮᠠᠨ ᠤ᠋ ᠲᠣᠯᠣᠭᠠᠢ ᠳᠡᠭᠡᠷ᠎ᠡ ᠭᠠᠷᠴᠤ ᠳᠦᠭᠦᠷᠴᠡᠢ᠃
ᠬᠠᠷᠢᠨ᠂ ᠰᠠᠶᠢ ᠨᠢᠭᠡ ᠬᠥᠮᠦᠨ᠂ ᠬᠦᠷᠢᠶᠡᠨ ᠦ᠌ ᠲᠣᠭᠰᠢᠨ ᠵᠠᠷᠭᠤᠴᠢ ᠶ᠋ᠢ ᠳᠣᠣᠷᠠᠲᠤ ᠠᠯᠪᠠᠨ ᠬᠠᠭᠠᠭᠴᠢᠳ ᠤ᠋ᠨ ᠨᠢ ᠡᠮᠦᠨ᠎ᠡ ᠰᠠᠢᠬᠠᠨ ᠵᠠᠯᠬᠠᠭᠠᠵᠤ᠂ ᠴᠡᠭᠡᠷᠯᠡᠯ ᠦᠵᠡᠭᠦᠯᠦᠭᠰᠡᠨ ᠭᠡᠨ᠎ᠡ ᠪᠢᠯᠡ᠃ ᠲᠡᠭᠦᠨ ᠢ᠋ ᠶᠠᠷᠢᠪᠠᠯ᠄ ᠲᠦᠰᠢᠶᠡᠲᠦ ᠬᠠᠨ ᠠᠢᠮᠠᠭ ᠤ᠋ᠨ ᠵᠢᠰᠢᠶ᠎ᠠ ᠶ᠋ᠢᠨ ᠲᠦᠰᠢᠮᠡᠳ᠂ ᠮᠣᠩᠭᠣᠯ ᠬᠢᠲᠠᠳ ᠤ᠋ᠨ ᠵᠠᠷᠭᠤ ᠶ᠋ᠢ ᠨᠡᠢᠯᠡᠨ ᠲᠠᠰᠤᠯᠬᠤ ᠭᠡᠵᠦ ᠮᠠᠢᠮᠠᠢ ᠬᠣᠲᠠ ᠶ᠋ᠢᠨ ᠵᠠᠷᠭᠤᠴᠢ ᠶ᠋ᠢᠨ ᠶᠠᠮᠤᠨ ᠳ᠋ᠤ᠌ ᠣᠴᠢᠳᠠᠭ ᠪᠠᠢᠵᠠᠢ᠃ ᠬᠡᠷᠡᠭ ᠢ᠋ᠶ᠋ᠡᠨ ᠬᠡᠯᠡᠯᠴᠡᠬᠦ ᠪᠦᠷᠢ ᠮᠣᠩᠭᠣᠯ ᠲᠠᠯ᠎ᠠ ᠨᠢ ᠳᠡᠢᠯᠦᠭᠳᠡᠳᠡᠭ ᠪᠠᠢᠵᠤ ᠯᠠ ᠳᠠ᠃ ᠲᠦᠰᠢᠮᠡᠳ ᠵᠠᠷᠭᠤᠴᠢ ᠶ᠋ᠢ ᠬᠠᠷᠠᠬᠤ ᠳ᠋ᠠᠭᠠᠨ᠂ ᠬᠠᠳᠠᠨ ᠤ᠋ ᠮᠠᠩᠭᠤᠰ ᠡᠴᠡ ᠠᠶᠤᠳᠠᠭ ᠬᠡᠦᠬᠡᠳ ᠰᠢᠭ ᠠᠶᠤᠳᠠᠭ ᠪᠠᠢᠵᠠᠢ᠃ ᠲᠡᠭᠡᠬᠦ ᠳ᠋ᠡᠭᠡᠨ ᠴᠢᠨᠠᠳᠤᠬᠢ ᠨᠢ ᠮᠣᠩᠭᠣᠯ ᠲᠦᠰᠢᠮᠡᠳ ᠢ᠋ ᠬᠥᠮᠦᠨ ᠴᠦ᠍ ᠭᠡᠵᠦ ᠲᠣᠭᠣᠳᠠᠭ ᠦᠭᠡᠢ᠂ ᠶᠠᠮᠤᠨ ᠳ᠋ᠠᠭᠠᠨ ᠥᠪᠡᠷᠦᠨ ᠰᠠᠭᠤᠳᠠᠯ᠂ ᠠᠮᠪᠠᠨ ᠤ᠋ ᠰᠠᠭᠤᠳᠠᠯ ᠠ᠋ᠴᠠ ᠪᠤᠰᠤ ᠰᠠᠭᠤᠳᠠᠯ ᠰᠠᠨᠳᠠᠯᠢ ᠶ᠋ᠢ ᠵᠠᠢᠯᠠᠭᠤᠯᠤᠭᠠᠳ᠂ ᠵᠠᠷᠭᠤᠴᠢ ᠠ᠋ᠴᠠ ᠵᠡᠷᠭᠡ ᠪᠡᠷ ᠠᠬᠠᠮᠠᠳ ᠮᠣᠩᠭᠣᠯ ᠲᠦᠰᠢᠮᠡᠯ ᠣᠴᠢᠭᠰᠠᠨ ᠴᠤ᠌᠂ ᠡᠮᠦᠨ᠎ᠡ ᠨᠢ ᠬᠥᠯ ᠳᠡᠭᠡᠷ᠎ᠡ ᠪᠡᠨ ᠵᠣᠭᠰᠣᠵᠤ᠂ ᠵᠠᠷᠭᠤᠴᠢ ᠶ᠋ᠢᠨ ᠥᠭᠡᠳᠡ ᠡᠴᠡ ᠦᠭᠡ ᠬᠡᠯᠡᠪᠡᠯ᠂ ᠴᠢᠨᠠᠳᠤᠬᠢ ᠨᠢ ᠬᠥᠯ ᠢ᠋ᠶ᠋ᠡᠨ ᠳᠡᠪᠰᠡᠵᠦ᠂ ᠰᠢᠷᠡᠭᠡ ᠪᠡᠨ ᠲᠠᠴᠢᠭᠢᠨᠠᠲᠠᠯ᠎ᠠ ᠳᠡᠯᠡᠳᠴᠦ ᠵᠠᠩᠨᠠᠳᠠᠭ ᠪᠠᠢᠵᠠᠢ᠃ ᠵᠠᠩᠨᠠᠭᠤᠯ ᠵᠠᠩᠨᠠᠭᠤᠯᠤᠭᠰᠠᠭᠠᠷ ᠲᠦᠰᠢᠮᠡᠳ᠂ ᠵᠠᠷᠭᠤᠴᠢ ᠶ᠋ᠢᠨ ᠳ᠋ᠦ᠍ ᠣᠴᠢᠬᠤ ᠠ᠋ᠴᠠ ᠵᠢᠷᠦᠬᠡ ᠠᠯᠳᠠᠵᠤ᠂ ᠬᠡᠨ ᠮᠠᠨᠢ ᠣᠴᠢᠬᠤ ᠪᠣᠢ ᠭᠡᠵᠦ ᠱᠣᠳᠠᠳᠠᠭ ᠪᠣᠯᠵᠠᠢ᠃
ᠲᠡᠭᠡᠵᠦ ᠪᠠᠢᠲᠠᠯ᠎ᠠ᠂ ᠵᠢᠰᠢᠶᠠᠯᠠᠬᠤ ᠡᠭᠡᠯᠵᠢ ᠲᠣᠬᠢᠶᠠᠯᠳᠤᠵᠤ᠂ ᠰᠠᠨᠳᠠᠭ ᠭᠡᠳᠡᠭ ᠲᠦᠰᠢᠮᠡᠯ ᠢᠷᠡᠵᠦ᠂ ᠤᠤᠯ ᠠ᠋ᠴᠠ ᠪᠠᠨ ᠵᠢᠷᠦᠬᠡ ᠶᠡᠬᠡᠲᠡᠢ᠂ ᠬᠠᠤᠯᠢ ᠴᠠᠭᠠᠵᠠ ᠶ᠋ᠢ ᠪᠠᠷᠤᠭ ᠴᠡᠭᠡᠵᠢ ᠪᠡᠷ ᠮᠡᠳᠡᠳᠡᠭ᠂ ᠤᠯᠠᠭᠠᠨ ᠬᠥᠯᠲᠦ ᠶ᠋ᠢ ᠤᠷᠢᠳ ᠢ᠋ᠶ᠋ᠠᠨ ᠣᠷᠣᠭᠤᠯᠳᠠᠭ ᠦᠭᠡᠢ ᠰᠦᠷᠡᠬᠡᠢ ᠬᠥᠮᠦᠨ ᠪᠠᠢᠵᠤ ᠭᠡᠨ᠎ᠡ᠃ ᠵᠢᠰᠢᠶ᠎ᠠ ᠶ᠋ᠢᠨ ᠲᠦᠰᠢᠮᠡᠳ᠂ ᠴᠢᠳᠠᠯᠲᠠᠢ ᠰᠢᠨ᠎ᠡ ᠬᠥᠮᠦᠨ ᠢᠷᠡᠯ᠎ᠡ ᠭᠡᠵᠦ ᠪᠠᠶᠠᠷᠯᠠᠭᠠᠳ᠂ ᠬᠢᠲᠠᠳ ᠮᠠᠢᠮᠠᠢ ᠨᠠᠷ ᠤ᠋ᠨ ᠡᠮᠦᠨ᠎ᠡ ᠬᠤᠰᠢᠭᠤᠨ ᠤ᠋ ᠪᠠᠨ ᠨᠡᠷ᠎ᠡ ᠰᠦᠷ ᠢ᠋ ᠨᠢᠭᠡ ᠪᠠᠳᠠᠷᠠᠭᠤᠯᠵᠤ ᠦᠵᠡᠨᠡᠦ? ᠪᠢᠳᠡ᠂ ᠲᠡᠷᠡ ᠵᠠᠷᠭᠤᠴᠢ ᠳ᠋ᠤ᠌ ᠵᠢᠷᠦᠬᠡ ᠦᠬᠦᠭᠦᠯᠴᠢᠭᠰᠡᠨ ᠤᠯᠤᠰ ᠭᠡᠵᠦ ᠦᠨᠡᠨ ᠢ᠋ᠶ᠋ᠡᠨ ᠬᠡᠯᠡᠵᠦ ᠭᠤᠶᠤᠵᠤ ᠭᠡᠨ᠎ᠡ᠃ ᠰᠠᠨᠳᠠᠭ ᠨᠢ ᠲᠡᠭᠡᠶ᠎ᠡ ᠭᠡᠵᠡᠢ᠃ ᠲᠡᠷᠡ ᠯᠤᠤᠪᠠᠩ ᠢᠳᠡᠳᠡᠭ ᠮᠠᠢᠮᠠᠢ ᠶ᠋ᠢ ᠲᠣᠯᠣᠭᠠᠢ ᠳᠡᠭᠡᠷ᠎ᠡ ᠪᠡᠨ ᠭᠠᠷᠭᠠᠭᠰᠠᠨ ᠲᠠᠨᠢ᠂ ᠲᠠ ᠨᠠᠷ ᠠ᠋ᠴᠠ ᠯᠠ ᠪᠣᠯᠤᠭᠰᠠᠨ ᠬᠡᠷᠡᠭ᠃ ᠪᠢ ᠮᠠᠷᠭᠠᠰᠢ ᠣᠴᠢᠵᠤ ᠦᠵᠡᠶ᠎ᠡ᠃ ᠬᠠᠷᠢᠨ᠂ ᠲᠠ ᠨᠠᠷ᠂ ᠲᠡᠷᠡ ᠵᠠᠷᠭᠤᠴᠢ ᠶ᠋ᠢ ᠰᠢᠬᠠᠵᠤ ᠥᠪᠡᠷᠦᠨ ᠢ᠋ᠶ᠋ᠡᠨ ᠲᠠᠯ᠎ᠠ ᠲᠠᠲᠠᠬᠤ ᠭᠡᠳᠡᠭ ᠬᠡᠷᠡᠭ ᠢ᠋ ᠨᠢ ᠨᠠᠳᠠᠳᠤ ᠣᠯᠵᠤ ᠥᠭᠭᠦᠭᠡᠷᠡᠢ᠃ ᠲᠥᠷᠥ ᠶ᠋ᠢᠨ ᠰᠦᠯᠳᠡ ᠲᠦᠮᠡᠨ ᠨᠢᠳᠦ ᠲᠡᠢ᠂ ᠲᠥᠷᠥᠭᠰᠡᠨ ᠪᠡᠶ᠎ᠡ ᠬᠣᠶᠠᠷ ᠨᠢᠳᠦ ᠲᠡᠢ᠂ ᠪᠢ ᠨᠢᠭᠡ ᠦᠵᠡᠯᠴᠡᠭᠡᠳ ᠠᠪᠤᠶ᠎ᠠ ᠭᠡᠵᠦ ᠭᠡᠨ᠎ᠡ᠃ ᠴᠢᠨᠠᠳᠤᠭᠤᠯᠠ ᠨᠢ ᠪᠠᠶᠠᠷᠯᠠᠭᠠᠳ ᠰᠠᠨᠳᠠᠭ ᠢ᠋ ᠵᠠᠷᠭᠤᠴᠢ ᠶ᠋ᠢᠨ ᠶᠠᠮᠤᠨ ᠳ᠋ᠤ᠌ ᠣᠴᠢᠬᠤ ᠳ᠋ᠤ᠌᠂ ᠬᠣᠢᠨ᠎ᠠ ᠠ᠋ᠴᠠ ᠨᠢ ᠰᠦᠷᠦᠭᠯᠡᠨ ᠳᠠᠭᠠᠵᠤ᠂ ᠶᠠᠭᠤ ᠪᠣᠯᠳᠠᠭ ᠪᠣᠯ ᠳᠠ ᠭᠡᠵᠦ᠂ ᠦᠵᠡᠬᠦ ᠭᠡᠵᠦ ᠵᠢᠷᠦᠬᠡᠯᠡᠨ ᠣᠴᠢᠵᠤ ᠭᠡᠨ᠎ᠡ᠃
ᠲᠡᠭᠡᠬᠦ ᠳ᠋ᠦ᠍᠂ ᠰᠠᠨᠳᠠᠭ ᠵᠠᠷᠭᠤᠴᠢ ᠶ᠋ᠢᠨ ᠶᠠᠮᠤᠨ ᠳ᠋ᠤ᠌ ᠬᠦᠷᠴᠦ ᠣᠴᠢᠭᠠᠳ᠂ ᠶᠣᠰᠣ ᠬᠢᠵᠦ᠂ ᠪᠢ ᠲᠡᠢᠮᠦ ᠲᠡᠢᠮᠦ ᠠᠯᠪᠠᠨ ᠤ᠋ ᠬᠥᠮᠦᠨ ᠭᠡᠵᠦ ᠴᠠᠭᠠᠨ᠎ᠠ ᠠ᠋ᠴᠠ ᠨᠢ ᠬᠠᠷᠢᠭᠤ ᠢᠷᠡᠬᠦ ᠳ᠋ᠡᠭᠡᠨ᠂ ᠣᠳᠣ ᠴᠠᠭ ᠤ᠋ᠨ ᠪᠠᠢᠳᠠᠯ ᠪᠠᠬᠠᠨ ᠲᠦᠭᠰᠢᠭᠦᠷᠢᠲᠡᠢ ᠮᠣᠩᠭᠣᠯᠴᠤᠳ ᠤ᠋ᠨ ᠰᠠᠨᠠᠯ ᠢ᠋ ᠠᠯᠳᠠᠭᠳᠠᠭᠤᠯᠬᠤ ᠬᠡᠷᠡᠭ ᠦᠭᠡᠢ ᠂ ᠵᠠᠷᠭᠤᠴᠢ ᠶ᠋ᠢᠨ ᠲᠡᠷᠡ ᠵᠠᠷᠭᠤ ᠶ᠋ᠢ ᠬᠡᠷᠡᠭᠰᠡᠬᠦ ᠦᠭᠡᠢ᠂ ᠴᠢᠮᠡᠭᠡ ᠢᠮᠡᠭᠡ ᠦᠭᠡᠢ ᠳᠠᠷᠤ ᠭᠡᠵᠦ ᠬᠠᠷᠢᠭᠤ ᠢᠷᠡᠵᠡᠢ᠂ ᠲᠡᠭᠦᠨ ᠡᠴᠡ ᠬᠣᠢᠰᠢ᠂ ᠵᠠᠷᠭᠤᠴᠢ ᠨᠣᠶᠠᠨ ᠨᠣᠮᠣᠭᠠᠷᠠᠵᠤ(ᠨᠣᠮᠣᠬᠠᠷᠠᠵᠤ) ᠂ ᠰᠠᠨᠳᠠᠭ ᠢ᠋ ᠢᠷᠡᠬᠦ ᠪᠦᠷᠢ ᠤᠭᠲᠤᠨ ᠭᠠᠷᠴᠤ᠂ ᠰᠠᠭᠤᠬᠤ ᠰᠠᠭᠤᠳᠠᠯ ᠵᠠᠰᠠᠳᠠᠭ ᠪᠣᠯᠵᠠᠢ ᠭᠡᠵᠦ ᠶᠠᠷᠢᠬᠤ ᠳ᠋ᠤᠨᠢ ᠪᠠᠲᠤᠪᠠᠶᠠᠷ᠂
— ᠪᠤᠰᠤᠳ ᠮᠣᠩᠭᠣᠯ ᠲᠦᠰᠢᠮᠡᠳ ᠲᠡᠢ ᠶᠠᠭᠠᠬᠢᠳᠠᠭ ᠪᠣᠯᠤᠭᠰᠠᠨ ᠪᠣᠢ? ᠭᠡᠵᠦ ᠠᠰᠠᠭᠤᠪᠠ᠃
— ᠪᠤᠰᠤᠳ ᠲᠠᠢ ᠬᠡᠪ ᠢ᠋ᠶ᠋ᠡᠷ ᠢ᠋ᠶ᠋ᠡᠨ᠂ ᠭᠠᠭᠴᠠᠬᠦ ᠵᠠᠩᠳᠤᠬᠤ ᠵᠠᠩᠨᠠᠬᠤ ᠨᠢ ᠪᠠᠭ᠎ᠠ ᠪᠣᠯᠵᠤ ᠭᠡᠨ᠎ᠡ ᠪᠢᠯᠡ᠃ ᠬᠠᠷᠢᠨ᠂ ᠰᠠᠨᠳᠠᠭ ᠢ᠋ ᠬᠦᠷᠴᠦ ᠢᠷᠡᠬᠦ ᠳ᠋ᠦ᠍᠂ ᠨᠢᠭᠡ ᠰᠠᠢᠬᠠᠨ ᠵᠠᠩ ᠭᠠᠷᠭᠠᠭᠠᠳ᠂ ᠪᠠᠷᠤᠭ ᠳᠣᠯᠢᠶᠠᠴᠢᠬᠤ ᠪᠠᠨ ᠠᠯᠳᠠᠵᠤ᠂ ᠲᠤᠢᠯ ᠤ᠋ᠨ ᠨᠠᠢᠷ ᠲᠠᠢ ᠡᠶᠡᠯᠳᠡᠭ ᠪᠠᠢᠳᠠᠭ ᠭᠡᠨ᠎ᠡ ᠪᠢᠯᠡ᠃ ᠥᠨᠥ ᠯᠠᠮᠠ ᠨᠠᠷ ᠤ᠋ᠨ ᠬᠡᠷᠡᠭ ᠢ᠋ ᠴᠤ᠌ ᠰᠠᠨᠳᠠᠭ ᠲᠠᠢ ᠡᠪ ᠵᠦᠢ ᠶ᠋ᠢ ᠣᠯᠵᠤ᠂ ᠨᠢᠭᠡ ᠲᠡᠰᠢ ᠨᠢ ᠪᠣᠯᠭᠠᠭᠠᠳ᠂ ᠮᠠᠢᠮᠠᠢ ᠨᠠᠷ ᠴᠤ᠌ ᠪᠠᠰᠠ ᠭᠡᠮ ᠲᠡᠢ ᠪᠣᠯᠵᠤ ᠰᠠᠯᠤᠨ᠂ ᠯᠠᠮᠠ ᠨᠠᠷ ᠤ᠋ᠨ ᠴᠤᠤᠭᠢᠶᠠᠨ ᠥᠳᠥᠭᠦᠯᠦᠭᠰᠡᠨ ᠭᠠᠭᠴᠠ ᠨᠢᠭᠡᠨ ᠬᠥᠮᠦᠨ ᠢ᠋ ᠪᠠᠩᠵᠠᠳᠠᠬᠤ ᠶᠠᠯ᠎ᠠ ᠤᠨᠠᠭᠠᠬᠤ ᠪᠠᠷ ᠬᠡᠯᠡᠯᠴᠡᠭᠡᠳ᠂ ᠮᠣᠩᠭᠣᠯ ᠠᠯᠪᠠᠨ ᠭᠠᠵᠠᠷ ᠠ᠋ᠴᠠ ᠰᠢᠳᠬᠡᠬᠦ ᠪᠣᠯᠤᠭᠰᠠᠨ ᠳ᠋ᠤ᠌ ᠶᠣᠰᠣ ᠲᠡᠳᠦᠢ ᠪᠠᠩᠵᠠᠳᠠᠭᠰᠠᠨ ᠪᠣᠯᠪᠠᠴᠤ ᠯᠠᠮᠠ ᠨᠠᠷ ᠢ᠋ ᠲᠠ ᠨᠠᠷ ᠴᠢᠩᠭᠠᠬᠠᠨ ᠪᠠᠷᠬᠢᠷᠠᠭᠠᠷᠠᠢ ᠭᠡᠵᠦ ᠵᠠᠬᠢᠭᠠᠳ᠂ ᠪᠠᠩᠵᠠᠴᠢᠨ ᠢ᠋ ᠪᠢᠲᠡᠭᠡᠢ ᠮᠢᠬᠠᠨ ᠳ᠋ᠤᠨᠢ ᠬᠦᠷᠦ᠂ ᠪᠠᠩᠵᠠ ᠶ᠋ᠢᠨ ᠦᠵᠦᠭᠦᠷ ᠢ᠋ᠶ᠋ᠡᠷ ᠭᠠᠵᠠᠷ ᠴᠠᠬᠢᠭᠠᠳ ᠪᠠᠢ ᠭᠡᠵᠦ ᠳᠠᠯᠳᠠᠭᠤᠷ ᠵᠢᠭᠠᠪᠤᠷᠢᠯᠠᠭᠠᠳ᠂ ᠰᠢᠳᠬᠡᠭᠰᠡᠨ ᠳᠦᠷᠢᠮ ᠦᠵᠡᠭᠦᠯᠵᠦ᠂ ᠵᠦᠢᠯ ᠳᠠᠭᠤᠰᠬᠠᠭᠰᠠᠨ ᠭᠡᠨ᠎ᠡ ᠪᠢᠯᠡ᠃ ᠬᠠᠷᠢᠨ ᠴᠤ᠌ ᠮᠣᠩᠭᠣᠯ ᠲᠠᠯ᠎ᠠ ᠳ᠋ᠠᠭᠠᠨ ᠡᠭᠡᠯᠢ ᠲᠡᠢ ᠥᠩᠭᠡᠷᠡᠵᠡᠢ᠃ ᠠᠶ᠎ᠠ ᠦᠭᠡᠢᠳᠡᠪᠡᠯ ᠮᠠᠢᠮᠠᠢ ᠨᠠᠷ ᠲᠠᠢᠯᠵᠤ᠂ ᠮᠣᠩᠭᠣᠯ ᠢ᠋ᠶ᠋ᠠᠨ ᠬᠣᠬᠢᠷᠠᠭᠤᠯᠵᠤ ᠪᠣᠯᠬᠤ ᠬᠡᠷᠡᠭ ᠪᠠᠢᠵᠠᠢ᠃
ᠵᠠ᠂ ᠲᠡᠷᠡ ᠴᠤ᠌ ᠶᠠᠭᠠᠬᠢᠬᠤ ᠪᠣᠢ᠃ ᠮᠢᠨᠦ ᠬᠦᠷᠴᠦ ᠢᠷᠡᠭᠰᠡᠨ ᠬᠡᠷᠡᠭ ᠢ᠋ ᠶᠠᠷᠢᠪᠠᠯ᠂ ᠮᠠᠨ ᠤ᠋ ᠬᠣᠰᠢᠭᠤ ᠲᠠᠮᠠᠭ᠎ᠠ ᠶ᠋ᠢᠨ ᠭᠠᠵᠠᠷ ᠲᠢᠶᠠᠨ ᠢ ᠳᠧ ᠶ᠋ᠢᠨ ᠫᠦᠰᠡᠨ ᠦ᠌ ᠪᠢᠴᠢᠭᠡᠴᠢ ᠢᠷᠡᠭᠡᠳ ᠵᠠᠮᠰᠥ᠋ᠷᠦᠩᠵᠠᠪ ᠲᠠᠢᠵᠢ ᠶ᠋ᠢᠨ ᠥᠷᠢ᠂ ᠪᠠᠰᠠ ᠬᠠᠭᠤᠴᠢᠨ ᠥᠷᠢ ᠶ᠋ᠢᠨ ᠬᠦᠦ ᠶ᠋ᠢ ᠨᠡᠬᠡᠵᠦ ᠪᠠᠢᠨ᠎ᠠ᠃ ᠲᠠᠮᠠᠭ᠎ᠠ ᠶ᠋ᠢᠨ ᠭᠠᠵᠠᠷ᠂ ᠲᠡᠷᠡ ᠪᠢᠴᠢᠭᠡᠴᠢ ᠳ᠋ᠦ᠍ ᠭᠡᠷ ᠪᠠᠷᠢᠵᠤ ᠥᠭᠭᠦᠭᠡᠳ᠂ ᠰᠠᠷ᠎ᠠ ᠳ᠋ᠤ᠌ ᠬᠠᠤᠯᠢ ᠶᠣᠰᠣᠭᠠᠷ ᠬᠡᠷᠡᠭᠯᠡᠬᠦ ᠬᠦᠨᠡᠰᠦᠨ ᠦ᠌ ᠠᠷᠪᠠᠨ ᠲᠠᠪᠤᠨ ᠬᠣᠨᠢ ᠶ᠋ᠢ ᠪᠥᠭᠡᠮ ᠢ᠋ᠶ᠋ᠡᠷ ᠨᠢ ᠠᠪᠤᠨ᠎ᠠ ᠭᠡᠬᠦ ᠳ᠋ᠦ᠍ᠨᠢ᠂ ᠠᠷᠭ᠎ᠠ ᠪᠤᠶᠤ ᠲᠠᠯᠪᠢᠵᠤ ᠣᠯᠭᠣᠭᠠᠳ ᠣᠳᠣ ᠲᠡᠷᠡ ᠪᠢᠴᠢᠭᠡᠴᠢ᠂ ᠥᠷᠲᠡᠭᠡ ᠪᠡᠷ ᠳᠠᠪᠬᠢᠵᠤ᠂ ᠥᠷᠢ ᠰᠢᠷᠢ ᠪᠡᠨ ᠠᠮᠢᠲᠠᠨ ᠠ᠋ᠴᠠ ᠨᠡᠬᠡᠵᠦ ᠶᠠᠪᠤᠨ᠎ᠠ᠃ ᠲᠠᠨ ᠤ᠋ ᠬᠦᠦ ᠶ᠋ᠢ ᠪᠠᠲᠤᠪᠠᠶᠠᠷ ᠭᠤᠸᠠᠢ᠂ ᠲᠡᠷᠡ ᠫᠦᠰᠡ ᠶ᠋ᠢᠨ ᠪᠢᠴᠢᠭᠡᠴᠢ᠂ ᠲᠠᠰᠢᠭᠤᠷ ᠢ᠋ᠶ᠋ᠠᠷ ᠵᠣᠳᠣᠭᠰᠠᠨ ᠶᠤᠮ ᠰᠢᠦ᠃ ᠲᠠᠨ ᠤ᠋ ᠭᠤᠷᠪᠠᠨ ᠡᠷᠦᠬᠡ ᠠᠢᠯ ᠳ᠋ᠤ᠌ ᠲᠡᠷᠡ ᠬᠢᠲᠠᠳ ᠤ᠋ᠨ ᠣᠨᠣᠭᠠᠭᠰᠠᠨ ᠶᠣᠰᠣᠭᠠᠷ ᠵᠠᠮᠪᠠ᠂ ᠪᠠᠲᠤᠪᠠᠶᠠᠷ ᠬᠣᠶᠠᠷ ᠠ᠋ᠴᠠ ᠬᠣᠷᠢᠨ ᠲᠠᠪᠤᠨ ᠯᠠᠩ᠂ ᠰᠦᠷᠦᠩ ᠭᠤᠸᠠᠢ ᠠ᠋ᠴᠠ ᠠᠷᠪᠠᠨ ᠯᠠᠩ ᠢ᠋ ᠲᠠᠲᠠᠵᠤ᠂ ᠭᠠᠷᠬᠤ ᠰᠠᠷ᠎ᠠ ᠶ᠋ᠢᠨ ᠠᠷᠪᠠᠨ ᠲᠠᠪᠤᠨ ᠬᠦᠷᠲᠡᠯ᠎ᠡ ᠬᠤᠷᠢᠶᠠᠯᠭᠠᠵᠤ ᠳᠠᠭᠤᠰᠬᠤ ᠶᠤᠮ ᠪᠠᠢᠨ᠎ᠠ ᠳᠠ ᠭᠡᠬᠦ ᠳ᠋ᠦ᠍ᠨᠢ ᠳᠠᠷᠠᠩ ᠰᠠᠨᠠᠭ᠎ᠠ ᠠᠯᠳᠠᠵᠤ᠂
— ᠵᠠᠮᠪᠠ ᠣᠳᠣ ᠲᠡᠷᠡ ᠬᠢᠲᠠᠳ ᠲᠤ᠌ ᠣᠴᠢᠵᠤ ᠭᠤᠶᠤᠵᠤ᠂ ᠮᠠᠯ ᠢ᠋ᠶ᠋ᠠᠨ ᠰᠤᠯᠠ ᠬᠢᠮᠳᠠ ᠪᠠᠷ ᠥᠭᠬᠦ ᠬᠡᠷᠡᠭ ᠭᠠᠷᠴᠤ ᠳᠠ ᠭᠡᠵᠡᠢ᠃
— ᠶᠠᠭᠤᠨ ᠤ᠋ ᠴᠢᠨᠢ ᠰᠤᠯᠠ ᠬᠢᠮᠳᠠ ᠪᠠᠷ ᠥᠭᠬᠦ ᠭᠡᠵᠦ? ᠵᠦᠭᠡᠷ ᠥᠭᠬᠦ ᠰᠢᠬᠠᠭᠤ ᠶᠤᠮ ᠪᠢᠰᠢᠦ? ᠣᠳᠣ ᠶᠠᠮᠠᠷ ᠦᠨ᠎ᠡ ᠥᠭᠬᠦ ᠨᠢ ᠲᠡᠷᠡ ᠬᠢᠲᠠᠳ ᠤ᠋ᠨ ᠳᠤᠷ᠎ᠠ ᠵᠣᠷᠢᠭ ᠪᠣᠯᠵᠤ ᠯᠠ ᠳᠠ᠃ ᠴᠢ᠂ ᠰᠦᠷᠦᠩ ᠪᠢᠲᠡᠭᠡᠢ ᠨᠢᠭᠡ ᠶᠡᠬᠡ ᠰᠠᠨᠳᠤᠷ᠃ ᠠᠷᠭ᠎ᠠ ᠲᠠᠢ ᠬᠥᠮᠦᠨ ᠠᠷᠪᠠ ᠬᠣᠨᠣᠬᠤ ᠭᠡᠵᠦ ᠪᠠᠰᠠ ᠠᠷᠭ᠎ᠠ ᠵᠠᠮ ᠪᠣᠢ ᠭᠡᠵᠦ ᠪᠠᠲᠤᠪᠠᠶᠠᠷ ᠡᠪᠦᠭᠡᠨ ᠭᠤᠨᠢᠰᠬᠢᠭᠰᠠᠨ(ᠭᠣᠨᠢᠰᠬᠢᠬᠰᠠᠨ) ᠰᠦᠷᠦᠩ ᠦ᠋ᠨ ᠰᠠᠨᠠᠭ᠎ᠠ ᠶ᠋ᠢ ᠵᠠᠰᠠᠵᠤ᠂ ᠪᠢ ᠣᠳᠣ ᠬᠠᠯᠵᠠᠨ ᠶᠡᠺᠦᠸ ᠦ᠋ᠨ ᠳ᠋ᠦ᠍ ᠣᠴᠢᠯ᠎ᠠ᠃ ᠮᠠᠨ ᠤ᠋ ᠪᠦᠬᠦ ᠬᠣᠲᠠ ᠶ᠋ᠢᠨ ᠥᠷᠢ ᠰᠢᠷᠢ ᠲᠥᠯᠥᠬᠦ ᠮᠥᠩᠭᠥ ᠠᠷᠭᠠᠴᠠᠭᠠᠵᠤ᠂ ᠶᠡᠺᠦᠸ ᠲᠦ᠍ ᠠᠬᠤᠷ ᠤ᠋ᠨ ᠢ᠋ᠶ᠋ᠠᠨ ᠨᠣᠣᠰᠣ ᠶ᠋ᠢ ᠨᠠᠮᠤᠷ ᠥᠭᠬᠦ ᠪᠡᠷ ᠬᠡᠯᠡᠯᠴᠡᠶ᠎ᠡ᠃ ᠪᠠᠰᠠ ᠲᠠᠪᠢᠭᠠᠳ ᠯᠠᠩ ᠢ᠋ ᠨᠢ ᠬᠣᠨᠢ ᠪᠠᠨ ᠬᠤᠳᠠᠯᠳᠤᠵᠤ ᠲᠥᠯᠥᠶ᠎ᠡ᠃ ᠲᠡᠷᠡ ᠬᠢᠲᠠᠳ ᠤ᠋ᠨ ᠤᠷᠬ᠎ᠠ ᠳ᠋ᠤ᠌ ᠪᠢ ᠶᠠᠭᠠᠬᠢᠭᠰᠠᠨ ᠴᠤ᠌ ᠣᠴᠢᠵᠤ ᠬᠦᠵᠦᠭᠦᠦ ᠪᠡᠨ ᠬᠢᠬᠦ ᠦᠭᠡᠢ᠃ ᠶᠡᠺᠦᠸ ᠦ᠋ᠨ ᠳ᠋ᠦ᠍ ᠣᠴᠢᠬᠤ ᠳ᠋ᠤ᠌ ᠪᠠᠰᠠ ᠢᠸᠠᠨ ᠡᠪᠦᠭᠡᠨ ᠭᠡᠵᠦ ᠮᠢᠨᠦ ᠲᠠᠯ᠎ᠠ ᠪᠠᠷᠢᠬᠤ ᠨᠢᠭᠡ ᠬᠥᠮᠦᠨ ᠪᠣᠢ ᠭᠡᠵᠦ ᠬᠡᠯᠡᠪᠡ᠃
ᠦᠰᠦᠭ ᠠᠮᠢᠯᠠᠭᠤᠯᠤᠭᠴᠢ᠄ ᠣᠭ᠌ᠶᠤ᠂ ᠪᠠᠳᠮᠠᠰᠡᠴᠡᠨ᠂ ᠤᠢᠭᠤᠷᠵᠢᠨ ᠤᠳᠬᠤᠨ᠂ ᠣᠳᠬᠣᠨᠴᠡᠴᠡᠭ᠂ ᠮᠥᠩᠭᠥᠨᠭᠣᠸ᠎ᠠ
ᠬᠢᠨᠠᠭᠴᠢ᠄ ᠣᠳᠬᠣᠨᠴᠡᠴᠡᠭ᠂ ᠬᠦᠮᠦᠵᠢᠯᠲᠦ᠂ ᠪᠠᠯ
ᠤᠩᠰᠢᠭᠴᠢ᠄ ᠨᠠᠰᠤᠨ᠌ᠦ᠌ᠯᠵᠡᠢ
