ᠦᠷ ᠦᠨ ᠲᠤᠶᠠᠭ᠎ᠠ I – ᠪ᠂ ᠷᠢᠨᠴᠢᠨ - ᠲᠡᠷᠢᠬᠦᠨ ᠲᠡᠪᠲᠡᠷ < ᠮᠠᠨᠵᠤ ᠶᠢᠨ ᠳᠠᠯᠬᠢᠨ ᠳᠤ>(ᠬᠣᠶᠠᠷ) Үүрийн туяа I – Б ᠂ Ренчин Тэргүүн дэвтэр "<Манжийн талхинд" (2)
ᠬᠣᠶᠠᠷ ᠂ ᠭᠠᠯ ᠢᠶᠠᠨ ᠲᠠᠬᠢᠵᠠᠢ
( ᠮᠠᠾ ᠲᠦᠮᠺᠥᠯᠢ — ᠲᠦᠷᠺᠮᠧᠨ ᠵᠣᠬᠢᠶᠠᠯᠴᠢ)
ᠬᠣᠶᠠᠷ ᠠᠢᠯ ᠨᠡᠢᠯᠡᠵᠦ ᠵᠤᠰᠠᠭᠰᠠᠨ ᠪᠢᠴᠢᠬᠠᠨ ᠬᠣᠲᠠ ᠳ᠋ᠤ᠌ ᠶᠡᠷᠦ ᠶ᠋ᠢᠨ ᠡᠳᠦᠷ ᠡᠴᠡ ᠨᠡᠯᠢᠶᠡᠳ ᠬᠥᠯ ᠲᠡᠢ ᠪᠠᠢᠵᠠᠢ᠃ ᠵᠠᠮᠪᠠ᠂ ᠬᠦᠦ ᠡᠷᠭᠦᠵᠦ ᠠᠪᠤᠭᠰᠠᠨ ᠤ᠋ ᠤᠴᠢᠷ ᠪᠠᠰᠠ ᠭᠠᠯ ᠤ᠋ᠨ ᠢ᠋ᠶ᠋ᠠᠨ ᠡᠬᠢ ᠶ᠋ᠢ ᠲᠠᠢᠵᠤ ᠂ ᠭᠠᠯ ᠭᠣᠯᠣᠮᠲᠠ ᠪᠠᠨ ᠲᠠᠬᠢᠶ᠎ᠠ ᠭᠡᠵᠦ ᠲᠣᠭᠲᠠᠭᠰᠠᠨ ᠪᠠᠢᠵᠠᠢ᠃
ᠭᠡᠷ ᠦ᠋ᠨ ᠳᠣᠲᠣᠷ᠎ᠠ ᠰᠠᠢᠬᠠᠨ ᠴᠡᠪᠡᠷᠯᠡᠵᠦ᠂ ᠭᠣᠯᠣᠮᠲᠠ ᠳ᠋ᠠᠭᠠᠨ ᠦᠨᠡᠰᠦ ᠶ᠋ᠢ ᠭᠠᠷᠭᠠᠭᠠᠳ᠂ ᠲᠣᠷᠭᠠᠨ ᠰᠢᠷ᠎ᠠ ᠡᠯᠡᠰᠦ ᠳᠥᠷᠪᠡᠯᠵᠢᠯᠡᠨ ᠠᠰᠠᠭᠠᠵᠤ ᠲᠡᠭᠰᠢᠯᠡᠨ ᠳᠡᠪᠢᠰᠦᠭᠡᠳ᠂ ᠳᠥᠷᠪᠡᠨ ᠵᠠᠬ᠎ᠠ ᠪᠠᠷ ᠨᠢ ᠸᠴᠢᠷ ᠳᠠᠷᠤᠵᠤ᠂ ᠦᠷ᠎ᠡ ᠦᠨᠳᠦᠰᠦ ᠪᠠᠲᠤᠲᠠᠢ᠂ ᠸᠴᠢᠷᠪᠠᠲᠤ ᠭᠣᠯᠣᠮᠲᠠ ᠲᠠᠢ ᠪᠣᠯᠬᠤ ᠶ᠋ᠢ ᠬᠦᠰᠡᠨ ᠪᠡᠯᠭᠡᠳᠡᠵᠡᠢ᠃ ᠭᠣᠯᠣᠮᠲᠠ ᠶ᠋ᠢᠨ ᠲᠥᠪ ᠳᠤᠮᠳᠠ ᠳ᠋ᠤ᠌ ᠭᠤᠯᠢᠷ ᠢ᠋ᠶ᠋ᠠᠷ ᠬᠢᠵᠦ᠂ ᠪᠡᠷᠢᠮᠦᠭ ᠢ᠋ᠶ᠋ᠡᠷ ᠪᠣᠳᠣᠭᠰᠠᠨ ᠪᠢᠴᠢᠬᠠᠨ ᠤᠯᠠᠭᠠᠨ ᠤᠬᠤᠨ᠎ᠠ ᠶ᠋ᠢᠨ ᠨᠢᠷᠤᠭᠤᠨ ᠳ᠋ᠤ᠌ ᠲᠣᠰᠣᠲᠠᠢ ᠬᠥᠪᠥᠩ ᠣᠷᠢᠶᠠᠭᠰᠠᠨ ᠭᠤᠷᠪᠠᠨ ᠪᠢᠴᠢᠬᠠᠨ ᠪᠠᠮᠪᠠᠷ ᠬᠠᠳᠬᠤᠭᠠᠳ᠂ ᠭᠠᠯ ᠲᠠᠬᠢᠬᠤ ᠬᠣᠨᠢᠨ ᠤ᠋ ᠰᠡᠮᠡᠵᠡ ᠪᠡᠷ ᠲᠣᠭᠣᠷᠢᠭᠤᠯᠵᠤ᠂ ᠬᠥᠬᠡ ᠠᠷᠭᠠᠯ ᠢ᠋ᠶ᠋ᠠᠷ ᠬᠠᠰᠢᠭᠠᠳ᠂ ᠡᠷᠡᠭᠲᠡᠢ᠂ ᠡᠮᠡᠭᠲᠡᠢ᠂ ᠬᠡᠦᠬᠡᠳ ᠰᠢᠤᠬᠠᠳ ᠴᠥᠮ ᠶᠣᠰᠣᠯᠠᠯ ᠤ᠋ᠨ ᠭᠣᠶᠣ ᠬᠤᠪᠴᠠᠰᠤ ᠡᠮᠦᠰᠴᠢᠬᠡᠵᠦ᠂ ᠭᠡᠷ ᠦ᠋ᠨ ᠵᠡᠭᠦᠨ ᠪᠠᠷᠠᠭᠤᠨ ᠲᠠᠯ᠎ᠠ ᠪᠠᠷ ᠰᠠᠭᠤᠳᠠᠭ ᠰᠠᠭᠤᠳᠠᠭ ᠰᠠᠭᠤᠳᠠᠯ ᠢ᠋ᠶ᠋ᠠᠨ ᠠᠶᠠᠲᠠᠢ ᠰᠠᠢᠬᠠᠨ ᠢ᠋ᠶ᠋ᠠᠷ ᠡᠵᠡᠯᠡᠨ ᠰᠠᠭᠤᠵᠤ᠂ ᠲᠡᠷᠡ ᠬᠣᠲᠠ ᠠᠢᠯ ᠤ᠋ᠨ ᠬᠠᠮᠤᠭ ᠤ᠋ᠨ ᠨᠠᠰᠤᠨ ᠠᠬᠠᠮᠠᠳ ᠡᠪᠦᠭᠡᠨ ᠪᠠᠲᠤᠪᠠᠶᠠᠷ ᠭᠡᠳᠡᠭ ᠥᠷᠭᠡᠨ ᠮᠥᠷᠥ ᠲᠡᠢ᠂ ᠴᠢᠭᠢᠷᠠᠭ ᠰᠠᠢᠬᠠᠨ ᠪᠡᠶ᠎ᠡ ᠲᠡᠢ ᠂ ᠪᠤᠭᠤᠷᠤᠯ ᠰᠣᠶᠣᠭ᠎ᠠ ᠰᠠᠬᠠᠯ ᠲᠠᠢ᠂ ᠰᠦᠯᠵᠢᠭᠰᠡᠨ ᠪᠢᠲᠡᠭᠦᠦ ᠬᠤᠤᠵᠠᠲᠠᠢ᠂ ᠤᠷᠢᠳ ᠵᠠᠯᠠᠭᠤ ᠳ᠋ᠠᠭᠠᠨ ᠠᠪᠤᠷᠭᠤ ᠬᠦᠴᠦᠲᠡᠢ ᠪᠥᠬᠡ ᠶᠠᠪᠤᠭᠰᠠᠨ ᠬᠥᠮᠦᠨ ᠬᠡᠲᠡ ᠬᠠᠪᠢᠷᠴᠤ ᠠᠷᠢᠭᠤᠨ ᠭᠠᠯ ᠠᠰᠠᠭᠠᠭᠠᠳ᠂ ᠣᠨ ᠤᠳᠠᠵᠤ ᠰᠢᠷᠠᠯᠠᠨ ᠡᠯᠡᠭᠳᠡᠭᠰᠡᠨ ᠪᠢᠴᠢᠬᠠᠨ ᠰᠤᠳᠤᠷ ᠤ᠋ᠨ ᠬᠠᠭᠤᠳᠠᠰᠤ ᠶ᠋ᠢ ᠬᠠᠶᠠᠨ ᠡᠷᠭᠢᠭᠦᠯᠵᠦ᠂ ᠥᠨᠳᠥᠷ ᠳᠠᠭᠤᠨ ᠢ᠋ᠶ᠋ᠠᠷ ᠭᠠᠯ ᠤ᠋ᠨ ᠢ᠋ᠶ᠋ᠠᠨ ᠡᠬᠢ ᠶ᠋ᠢᠨ ᠲᠠᠬᠢᠯᠭ᠎ᠠ ᠶ᠋ᠢᠨ ᠥᠴᠢᠭ ᠳᠠᠭᠤᠳᠠᠯᠭ᠎ᠠ ᠶ᠋ᠢ ᠡᠭᠡᠰᠢᠭᠯᠡᠨ ᠤᠩᠰᠢᠭᠰᠠᠨ ᠨᠢ᠄
《 ᠠᠶ᠎ᠠ᠂ ᠷᠠᠮ ᠦᠰᠦᠭ ᠡᠴᠡ ᠡᠭᠦᠳᠦᠭᠰᠡᠨ
《 ᠠᠷᠰᠢᠰᠤ ᠶ᠋ᠢᠨ ᠤᠪᠠᠳᠢᠰ ᠢ᠋ᠶ᠋ᠠᠷ ᠪᠦᠲᠦᠭᠰᠡᠨ
《 ᠠᠷᠢᠭᠤᠨ ᠭᠡᠭᠡᠬᠡᠨ ᠴᠢᠨᠠᠷᠲᠤ
《 ᠬᠠᠲᠠᠭᠤ ᠶ᠋ᠢ ᠲᠦᠯᠡᠭᠴᠢ ᠂
《 ᠬᠠᠷᠠᠩᠭᠤᠢ ᠶ᠋ᠢ ᠭᠡᠢᠭᠦᠯᠦᠭᠴᠢ ᠂
《 ᠭᠠᠯ ᠤ᠋ᠨ ᠬᠠᠭᠠᠨ ᠮᠢᠷᠠᠨᠽᠠ ᠮᠢᠨᠦ !
《 ᠡᠨᠡ ᠡᠳᠦᠷ ᠦᠨᠳᠦᠰᠦᠨ ᠢ᠋ ᠴᠢᠨᠦ ᠳᠠᠭᠤᠳᠠᠵᠤ᠂
《 ᠦᠯᠢᠭᠡᠷ ᠢ᠋ ᠴᠢᠨᠦ ᠳᠤᠷᠠᠣ᠌ᠠᠬᠤ ᠶ᠋ᠢᠨ
《 ᠰᠢᠯᠲᠠᠭᠠᠨ ᠶᠠᠭᠤ ᠪᠣᠢ ᠭᠡᠬᠦᠯ᠎ᠡ
《 ᠰᠣᠳᠣ ᠪᠣᠭᠳᠠ ᠶ᠋ᠢᠨ ᠰᠤᠷᠭᠠᠯ ᠢ᠋
《 ᠰᠤᠳᠠᠢ ᠬᠠᠲᠤᠨ ᠤ᠋ ᠦᠯᠢᠭᠡᠷ ᠪᠥᠯᠥᠭᠡ
《 ᠴᠦᠯ ᠪᠣᠯᠤᠭᠰᠠᠨ ᠣᠷᠴᠢᠯᠠᠩ ᠤ᠋ᠨ ᠳᠣᠲᠣᠷ᠎ᠠ
《 ᠵᠥᠪ ᠪᠤᠶᠠᠨ ᠢ᠋ᠶ᠋ᠠᠷ ᠪᠦᠲᠦᠭᠰᠡᠨ
《 ᠬᠦᠨᠳᠦ ᠴᠣᠯᠠᠲᠠᠨ᠂ ᠭᠤᠸ᠎ᠠ ᠨᠠᠷᠠᠳᠠᠨ ᠬᠥᠪᠡᠭᠦᠳ ᠴᠢᠨᠢ
《 ᠥᠮᠴᠢᠲᠦ ᠤᠯᠤᠰ ᠢ᠋ᠶ᠋ᠠᠨ ᠬᠤᠷᠢᠶᠠᠵᠤ᠂
《 ᠥᠩᠭᠡᠲᠦ ᠮᠠᠩᠨᠤᠭ ᠢ᠋ᠶ᠋ᠠᠨ ᠡᠮᠦᠰᠬᠡᠵᠦ᠂
《 ᠠᠯᠪᠠᠲᠤ ᠤᠯᠤᠰ ᠢ᠋ᠶ᠋ᠠᠨ ᠬᠤᠷᠢᠶᠠᠵᠤ᠂
《 ᠠᠯᠲᠠᠲᠤ ᠮᠠᠩᠨᠤᠭ ᠢ᠋ᠶ᠋ᠠᠨ ᠡᠮᠦᠰᠬᠡᠵᠦ᠂
《 ᠥᠭᠡᠬᠦᠨ ᠲᠣᠰᠣᠨ ᠢ᠋ᠶ᠋ᠠᠷ ᠳᠠᠬᠢᠨ ᠮᠠᠭᠲᠠᠨ᠂
《 ᠮᠥᠷᠭᠥᠨ ᠰᠠᠭᠤᠨᠠᠮ! ᠭᠡᠵᠦ ᠭᠠᠯ ᠤ᠋ᠨ ᠲᠠᠬᠢᠯᠭ᠎ᠠ ᠶ᠋ᠢᠨ ᠥᠴᠢᠭ ᠢ᠋ ᠤᠩᠰᠢᠵᠤ᠂ ᠲᠣᠷᠭᠠᠨ ᠳᠡᠪᠡᠯ ᠢ᠋ᠶ᠋ᠡᠨ ᠡᠮᠦᠰᠦᠭᠰᠡᠨ ᠵᠠᠮᠪᠠ᠂ ᠡᠭᠦᠳᠡᠨ ᠦ᠌ ᠲᠡᠨᠳᠡ ᠡᠴᠡ ᠬᠣᠢᠰᠢ ᠪᠠᠨ ᠭᠣᠯᠣᠮᠲᠠ ᠶ᠋ᠢᠨ ᠵᠦᠭ ᠭᠤᠷᠪᠠ ᠮᠥᠷᠭᠥᠭᠡᠳ᠂ ᠤᠷᠤᠭᠰᠢ ᠪᠠᠨ ᠡᠭᠦᠳᠡᠨ ᠦ᠌ ᠵᠦᠭ ᠡᠷᠭᠢᠵᠦ᠂ ᠲᠣᠳᠣᠭ ᠤ᠋ᠨ ᠡᠵᠡᠨ ᠳ᠋ᠦ᠍ ᠭᠤᠷᠪᠠ ᠮᠥᠷᠭᠥᠪᠡ᠃
ᠬᠤᠴᠠᠨ ᠳ᠋ᠤ᠌ ᠵᠡᠭᠦᠳᠡᠭ ᠬᠥᠭᠡᠨ᠎ᠡ ᠶ᠋ᠢ ᠳᠠᠭᠤᠷᠢᠶᠠᠯᠭᠠᠨ ᠬᠢᠭᠰᠡᠨ ᠪᠢᠴᠢᠬᠠᠨ ᠬᠥᠭᠡᠨ᠎ᠡ ᠶ᠋ᠢ ᠭᠡᠷ ᠦ᠋ᠨ ᠳᠣᠲᠣᠷ᠎ᠠ ᠬᠤᠷᠠᠭᠰᠠᠳ ᠪᠡᠶ᠎ᠡ ᠪᠡᠶ᠎ᠡ ᠳ᠋ᠡᠭᠡᠨ ᠳᠠᠮᠵᠢᠭᠤᠯᠤᠨ᠂ ᠬᠦᠦᠷᠭᠢ᠂ ᠬᠦᠦᠷᠭᠢ᠂ ᠬᠦᠦᠷᠭᠢ ᠭᠡᠵᠦ ᠬᠦᠦᠷᠭᠢᠯᠡᠵᠦ᠂ ᠬᠣᠨᠢᠨ ᠰᠦᠷᠦᠭ ᠲᠡᠭᠡᠨ ᠦᠷᠡᠵᠢᠯ ᠭᠤᠶᠤᠨ ᠪᠡᠯᠭᠡᠳᠡᠭᠡᠳ ᠭᠠᠯ ᠳ᠋ᠤ᠌ ᠲᠠᠬᠢᠯᠭ᠎ᠠ ᠶ᠋ᠢᠨ ᠬᠣᠨᠢᠨ ᠤ᠋ ᠡᠪᠴᠢᠭᠦᠦ ᠶ᠋ᠢ ᠬᠠᠳᠠᠭ ᠢ᠋ᠶ᠋ᠠᠷ ᠣᠷᠢᠶᠠᠵᠤ ᠲᠣᠰᠣ ᠬᠢᠭᠰᠡᠨ ᠨᠢ ᠭᠠᠯ ᠤ᠋ᠨ ᠳᠥᠯᠥ ᠳᠦᠷᠡᠯᠵᠡᠨ ᠠᠰᠠᠵᠤ᠂ ᠵᠢᠷ ᠦ᠋ᠨ ᠨᠢᠭᠡᠨ ᠮᠠᠯᠴᠢᠨ ᠠᠷᠠᠳ ᠤ᠋ᠨ ᠢᠰᠦ ᠪᠣᠯᠤᠭᠰᠠᠨ ᠲᠠᠢᠪᠤᠩ ᠪᠣᠷᠣ ᠭᠡᠷ ᠲᠦ᠍ ᠡᠷᠲᠡᠨ ᠦ᠌ ᠲᠦᠷᠢᠮᠡᠬᠡᠢ ᠲᠠᠢᠵᠢ ᠹᠧᠣᠳᠠᠯ ᠤ᠋ᠳ ᠤ᠋ᠨ ᠭᠠᠯ ᠢ᠋ᠶ᠋ᠠᠨ ᠲᠠᠬᠢᠵᠤ᠂ ᠤᠤᠯᠭᠠᠯᠠᠨ ᠳᠣᠪᠲᠣᠯᠬᠤ ᠣᠯᠵᠠ ᠬᠦᠰᠡᠨ ᠭᠣᠶᠣᠳᠠᠭ ᠪᠠᠢᠭᠰᠠᠨ ᠳᠠᠭᠤᠳᠠᠯᠭ᠎ᠠ ᠶ᠋ᠢᠨ ᠦᠭᠡ ᠶ᠋ᠢ ᠮᠠᠯᠴᠢᠨ ᠡᠷᠡᠭᠲᠡᠢ᠂ ᠡᠮᠡᠭᠲᠡᠢ᠂ ᠬᠡᠦᠬᠡᠳ ᠰᠢᠤᠬᠠᠳ ᠤ᠋ᠨ ᠳᠤᠮᠳᠠ ᠳᠠᠭᠤᠳᠠᠨ ᠤᠩᠰᠢᠵᠤ ᠪᠠᠢᠭ᠎ᠠ ᠨᠢ ᠴᠠᠭ ᠪᠠᠢᠳᠠᠯ ᠳ᠋ᠠᠭᠠᠨ ᠨᠡᠢᠯᠡᠬᠦ ᠦᠭᠡᠢ ᠬᠠᠴᠢᠨ ᠶᠠᠭᠤᠮ᠎ᠠ ᠰᠢᠭ᠋ ᠰᠣᠨᠣᠰᠳᠠᠨ ᠳᠠᠭᠤᠷᠢᠰᠴᠤ ᠪᠠᠢᠭᠰᠠᠨ ᠨᠢ᠄
《 ᠭᠡᠷ ᠦ᠋ᠨ ᠲᠡᠳᠦᠢ ᠪᠣᠰᠤᠭᠠᠨ ᠳ᠋ᠠᠬᠢ ᠪᠣᠭᠣᠯ ᠨᠣᠬᠠᠢ᠂
《 ᠡᠭᠦᠳᠡᠨ ᠳ᠋ᠡᠬᠢ ᠡᠷ᠎ᠡ ᠪᠣᠭᠣᠯ᠂ ᠬᠢᠲᠠᠳ ᠬᠡᠦᠬᠡᠳ ᠦ᠋ᠨ
《 ᠪᠤᠶᠠᠨ ᠬᠡᠰᠢᠭ ᠢ᠋ ᠭᠤᠶᠤᠨᠠᠮ᠃ ᠥᠭᠭᠦᠨ ᠰᠣᠶᠣᠷᠬ᠎ᠠ᠃
《 ᠵᠡᠭᠦᠨ ᠡᠲᠡᠭᠡᠳ ᠦ᠋ᠨ ᠵᠦᠷᠴᠢᠳ ᠦ᠋ᠨ ᠭᠠᠵᠠᠷ ᠠ᠋ᠴᠠ
《 ᠠᠳᠤᠭᠤᠰᠤᠨ ᠤ᠋ ᠬᠤᠲᠤᠭ ᠢ᠋ ᠭᠤᠶᠤᠨᠠᠮ᠃ ᠥᠭᠭᠦᠨ ᠰᠣᠶᠣᠷᠬ᠎ᠠ᠃
《 ᠤᠮᠠᠷ᠎ᠠ ᠡᠲᠡᠭᠡᠳ ᠦ᠋ᠨ ᠬᠠᠷ᠎ᠠ ᠲᠣᠭᠮᠠᠭ ᠤ᠋ᠨ ᠭᠠᠵᠠᠷ ᠠ᠋ᠴᠠ
《 ᠲᠡᠮᠡᠭᠡᠨ ᠦ᠌ ᠪᠤᠶᠠᠨ ᠬᠡᠰᠢᠭ ᠢ᠋ ᠭᠤᠶᠤᠨᠠᠮ᠃ ᠥᠭᠭᠦᠨ ᠰᠣᠶᠣᠷᠬ᠎ᠠ᠃
《 ᠡᠮᠦᠨ᠎ᠡ ᠡᠲᠡᠭᠡᠳ ᠦ᠋ᠨ ᠳᠠᠯᠠᠢ ᠲᠠᠢᠸᠠᠩ ᠬᠠᠭᠠᠨ ᠤ᠋ ᠭᠠᠵᠠᠷ ᠠ᠋ᠴᠠ
《 ᠠᠯᠲᠠ᠂ ᠮᠥᠩᠭᠥᠨ᠂ ᠡᠳ᠋ ᠲᠠᠸᠠᠷ ᠤ᠋ᠨ ᠬᠤᠲᠤᠭ ᠢ᠋ ᠭᠤᠶᠤᠨᠠᠮ᠃ ᠥᠭᠭᠦᠨ ᠰᠣᠶᠣᠷᠬ᠎ᠠ᠃
《 ᠲᠥᠪᠡᠳ ᠦ᠋ᠨ ᠭᠠᠵᠠᠷ ᠠ᠋ᠴᠠ ᠦᠬᠡᠷ ᠦ᠋ᠨ ᠪᠤᠶᠠᠨ ᠬᠡᠰᠢᠭ ᠢ᠋ ᠭᠤᠶᠤᠨᠠᠮ᠃ ᠥᠭᠭᠦᠨ ᠰᠣᠶᠣᠷᠬ᠎ᠠ᠃
《 ᠲᠡᠮᠦᠷ ᠠᠭᠤᠯᠠ ᠶ᠋ᠢᠨ ᠭᠠᠵᠠᠷ ᠠ᠋ᠴᠠ ᠬᠤᠶᠠᠭ ᠤ᠋ᠨ ᠬᠤᠲᠤᠭ ᠢ᠋ ᠭᠤᠶᠤᠨᠠᠮ᠃ ᠥᠭᠭᠦᠨ ᠰᠣᠶᠣᠷᠬ᠎ᠠ᠃
《 ᠬᠤᠷᠤᠢ᠂ ᠬᠤᠷᠤᠢ᠂ ᠬᠤᠷᠤᠢ!》 ᠭᠡᠵᠦ ᠤᠩᠰᠢᠬᠤ ᠳ᠋ᠤ᠌᠂ ᠬᠤᠷᠠᠭᠰᠠᠳ ᠤ᠋ᠨ ᠴᠢᠷᠠᠢ ᠮᠠᠰᠢ ᠲᠥᠪ᠂ ᠭᠠᠯ ᠤ᠋ᠨ ᠡᠷᠲᠡᠨ ᠦ᠌ ᠲᠠᠬᠢᠯᠭ᠎ᠠ ᠶ᠋ᠢᠨ ᠦᠭᠡ ᠶ᠋ᠢ ᠤᠩᠰᠢᠵᠤ ᠪᠠᠢᠭᠰᠠᠨ ᠡᠪᠦᠭᠡᠨ ᠢ᠋ ᠳᠠᠭᠠᠵᠤ᠂ ᠴᠥᠮ ᠴᠠᠭᠠᠨ ᠢᠳᠡᠭᠡ᠂ ᠠᠭᠠᠷᠤᠤᠯ ᠬᠤᠷᠤᠳ᠂ ᠥᠷᠥᠮ᠎ᠡ ᠪᠢᠰᠢᠯᠠᠭ᠂ ᠮᠥᠰᠥᠨ ᠰᠢᠬᠢᠷ᠂ ᠤᠯᠠᠭᠠᠨ ᠴᠢᠪᠠᠭ᠎ᠠ ᠲᠠᠢ ᠵᠡᠰ ᠲᠠᠪᠠᠭ ᠢ᠋ ᠨᠠᠷᠠᠨ ᠵᠥᠪ ᠡᠷᠭᠢᠭᠦᠯᠡᠩᠬᠡᠨ ᠬᠤᠷᠤᠢ ᠬᠤᠷᠤᠢ ᠭᠡᠵᠦ ᠪᠤᠶᠠᠨ ᠬᠡᠰᠢᠭ ᠬᠤᠷᠤᠢᠯᠠᠨ ᠰᠢᠷᠴᠢᠨ ᠦ᠌ ᠡᠬᠡ ᠨᠢ ᠵᠠᠮᠪᠠ ᠶ᠋ᠢᠨ ᠭᠡᠷᠭᠡᠢ ᠳᠠᠷᠠᠩ ᠤ᠋ᠨ ᠥᠭᠭᠦᠭᠰᠡᠨ ᠰᠢᠨᠡᠬᠡᠨ ᠴᠢᠰᠴᠡᠦ ᠳᠡᠪᠡᠯ ᠲᠡᠢ᠂ ᠰᠢᠷᠴᠢᠨ ᠦ᠌ ᠡᠭᠡᠴᠢ ᠬᠣᠶᠠᠷ ᠥᠬᠢᠨ᠂ ᠨᠢᠭᠡ ᠠᠬ᠎ᠠ ᠨᠢ ᠬᠠᠯᠠᠭᠤᠨ ᠳ᠋ᠤ᠌ ᠪᠠᠬᠠᠨ ᠤᠯᠠᠢᠰᠬᠢᠵᠤ᠂ ᠶᠡᠬᠡ ᠪᠠᠶᠠᠷᠯᠠᠨ ᠵᠢᠷᠭᠠᠴᠢᠬᠰᠠᠨ ᠪᠠᠢᠳᠠᠯᠲᠠᠢ᠂ ᠬᠤᠷᠤᠢ ᠬᠤᠷᠤᠢ ᠭᠡᠵᠦ ᠬᠤᠷᠤᠢᠯᠠᠯᠴᠠᠨ᠂ ᠵᠠᠮᠪᠠ ᠶ᠋ᠢᠨ ᠭᠠᠯ ᠭᠣᠯᠣᠮᠲᠠ ᠶ᠋ᠢ ᠲᠠᠬᠢᠭᠤᠯᠤᠨ ᠵᠠᠯᠭᠠᠮᠵᠢᠯᠠᠭᠴᠢ ᠨᠢ ᠪᠣᠯᠵᠤ ᠪᠠᠢᠭ᠎ᠠ ᠪᠢᠴᠢᠬᠠᠨ ᠰᠢᠷᠴᠢᠨ᠂ ᠡᠷᠭᠦᠭᠰᠡᠨ ᠡᠬᠡ ᠶ᠋ᠢᠨ ᠢ᠋ᠶ᠋ᠡᠨ ᠡᠪᠦᠷ ᠳᠡᠭᠡᠷ᠎ᠡ᠂ ᠳᠡᠪᠡᠯ ᠡᠴᠡ ᠨᠢ ᠪᠠᠷᠢᠯᠴᠠᠭᠠᠳ᠂ ᠠᠮᠠᠨ ᠳ᠋ᠠᠭᠠᠨ ᠰᠢᠬᠢᠷ ᠬᠦᠯᠬᠦᠵᠦ᠂ ᠲᠥᠪ ᠴᠢᠷᠠᠢ ᠪᠠᠷ ᠭᠠᠯ ᠤ᠋ᠨ ᠳᠥᠯᠥ ᠶ᠋ᠢ ᠬᠠᠷᠠᠵᠤ ᠰᠠᠭᠤᠪᠠ᠃
ᠬᠣᠢᠲᠤ ᠥᠷᠯᠥᠭᠡ ᠨᠢ᠂ ᠰᠢᠷᠴᠢᠨ ᠦ᠌ ᠡᠬᠡ᠂ ᠭᠤᠷᠪᠠᠨ ᠪᠠᠭᠠᠴᠤᠳ ᠲᠠᠢ ᠪᠠᠨ᠂ ᠬᠡᠳᠦᠨ ᠸᠠᠳᠠᠩ ᠢᠳᠡᠬᠦ ᠶᠠᠭᠤᠮ᠎ᠠ ᠲᠠᠢ᠂ ᠠᠢᠯ ᠤ᠋ᠨ ᠲᠡᠷᠭᠡ ᠶ᠋ᠢ ᠪᠤᠴᠠᠭᠠᠵᠤ ᠥᠭᠬᠦ ᠭᠡᠵᠦ ᠲᠡᠷᠡ ᠠᠢᠯ ᠤ᠋ᠨ ᠵᠦᠭ ᠴᠢᠭᠯᠡᠵᠦ᠂ ᠲᠡᠷᠭᠡᠨ ᠳ᠋ᠡᠭᠡᠨ ᠰᠢᠷᠴᠢᠨ ᠦ᠌ ᠦᠨ᠎ᠡ ᠪᠣᠯᠤᠭᠰᠠᠨ ᠤᠷᠲᠤ ᠡᠪᠡᠷ ᠲᠡᠢ ᠰᠠᠷᠯᠤᠭ ᠤ᠋ᠨ ᠬᠥᠭᠰᠢᠨ ᠱᠠᠷ ᠬᠥᠯᠯᠡᠵᠦ᠂ ᠲᠡᠷᠡ ᠱᠠᠷ ᠠᠶᠠᠨ ᠵᠢᠩ ᠢ᠋ᠶ᠋ᠡᠷ ᠬᠡᠳᠦ ᠬᠡᠳᠦᠨ ᠰᠠᠷ᠎ᠠ ᠶᠠᠪᠤᠵᠤ ᠰᠤᠷᠤᠭᠰᠠᠨ ᠪᠠᠢᠳᠠᠯᠲᠠᠢ᠂ ᠶᠠᠭᠠᠷᠠᠯ ᠦᠭᠡᠢ᠂ ᠭᠠᠵᠠᠷ ᠬᠣᠷᠭᠣᠴᠠ ᠲᠠᠢ ᠵᠢᠭᠳᠡᠬᠡᠨ ᠢ᠋ᠶ᠋ᠡᠷ ᠠᠯᠬᠤᠯᠠᠵᠤ᠂ ᠬᠠᠵᠠᠭᠤ ᠳ᠋ᠤᠨᠢ ᠲᠡᠷᠭᠡᠨ ᠦ᠌ ᠠᠷᠠᠯ ᠠ᠋ᠴᠠ ᠥᠨᠥᠬᠢ ᠠᠢᠯ ᠤ᠋ᠨ ᠱᠠᠷ ᠢ᠋ ᠤᠶᠠᠵᠤ᠂ ᠲᠡᠷᠭᠡᠨ ᠦ᠌ ᠬᠣᠢᠨ᠎ᠠ ᠠ᠋ᠴᠠ ᠦᠨᠢᠶ᠎ᠡ ᠶ᠋ᠢ ᠤᠶᠠᠵᠤ᠂ ᠦᠨᠢᠶ᠎ᠡ ᠶ᠋ᠢᠨ ᠰᠡᠭᠦᠯ ᠡᠴᠡ ᠲᠤᠭᠤᠯ ᠨᠢ ᠤᠶᠠᠭᠠᠰᠤᠲᠠᠢ ᠶᠠᠪᠤᠵᠠᠢ᠃
ᠡᠭᠡᠴᠢᠮᠡᠳ ᠬᠡᠦᠬᠡᠳ᠂ ᠪᠣᠳᠣᠯᠭ᠎ᠠ ᠪᠣᠯᠤᠭᠰᠠᠨ ᠡᠬᠡ ᠶ᠋ᠢᠨ ᠵᠦᠭ ᠬᠠᠷᠠᠵᠤ ᠠᠰᠠᠭᠤᠷᠤᠨ᠄
— ᠡᠵᠢ᠂ ᠰᠢᠷᠴᠢᠨ ᠣᠳᠣ ᠡᠷᠭᠢᠵᠦ ᠢᠷᠡᠬᠦ ᠤᠤ? ᠭᠡᠬᠦ ᠳ᠋ᠦ᠍ᠨᠢ᠄
— ᠦᠭᠡᠢ᠂ ᠢᠷᠡᠬᠦ ᠦᠭᠡᠢ᠂ ᠣᠳᠣ ᠵᠠᠮᠪᠠ ᠭᠤᠸᠠᠢ ᠶ᠋ᠢᠨ ᠬᠦᠦ ᠪᠣᠯᠤᠭᠰᠠᠨ᠃ ᠲᠡᠳᠡᠨ ᠦ᠌ ᠳ᠋ᠦ᠍ ᠭᠡᠳᠡᠰᠦ ᠴᠠᠳᠬᠤᠯᠠᠩ᠂ ᠮᠥᠷᠥ ᠪᠦᠲᠦᠨ᠂ ᠰᠠᠨᠠᠭ᠎ᠠ ᠠᠮᠤᠷ ᠰᠠᠭᠤᠬᠤ ᠪᠣᠯᠤᠨ᠎ᠠ᠃ ᠲᠡᠭᠡᠭᠡᠳ᠂ ᠪᠢᠳᠡᠨ ᠳ᠋ᠦ᠍ ᠴᠦ᠍ ᠪᠠᠰᠠ ᠠᠮᠢ ᠵᠢᠭᠤᠬᠤ ᠳ᠋ᠤ᠌ ᠪᠠᠬᠠᠨ ᠬᠥᠩᠭᠡᠨ ᠪᠣᠯᠵᠤ ᠥᠭᠭᠦᠨ᠎ᠡ᠃ ᠣᠳᠣ ᠪᠢᠳᠡ ᠱᠠᠷ ᠲᠠᠢ᠂ ᠦᠨᠢᠶ᠎ᠡ ᠲᠡᠢ ᠪᠣᠯᠤᠯ᠎ᠠ᠃ ᠪᠠᠰᠠ ᠬᠠᠭᠤᠴᠢᠨ ᠪᠣᠯᠪᠠᠴᠤ ᠪᠠᠷᠢᠵᠤ ᠪᠣᠯᠬᠤ ᠲᠠᠢ ᠥᠪᠡᠷ ᠦ᠋ᠨ ᠮᠠᠢᠬᠠᠨ ᠲᠠᠢ ᠪᠣᠯᠵᠤ ᠠᠪᠤᠯ᠎ᠠ᠃ ᠵᠠᠮᠪᠠ ᠭᠤᠸᠠᠢ ᠶᠠᠭᠤᠮᠠᠨ ᠳ᠋ᠠᠭᠠᠨ ᠪᠠᠬᠠᠨ ᠬᠠᠷᠠᠮ ᠨᠠᠷᠢᠨ ᠪᠣᠯᠪᠠᠴᠤ᠂ ᠡᠬᠡᠨᠡᠷ ᠨᠢ ᠰᠠᠢᠨ ᠬᠥᠮᠦᠨ ᠶᠦᠮ ᠪᠠᠢᠨ᠎ᠠ ᠳᠠ᠃ ᠬᠠᠷᠠᠬᠤ ᠦᠭᠡᠢ ᠤᠤ᠂ ᠪᠢᠳᠡᠨ ᠳ᠋ᠦ᠍ ᠡᠢᠮᠦ ᠶᠡᠬᠡ ᠠᠭᠠᠷᠤᠤᠯ ᠬᠤᠷᠤᠳ᠂ ᠴᠠᠭᠠᠨ ᠢᠳᠡᠭᠡ ᠥᠭᠴᠦ ᠣᠷᠬᠢᠯ᠎ᠠ᠃ ᠪᠠᠰᠠ ᠲᠠ ᠨᠠᠷ ᠲᠤ᠌ ᠳᠡᠪᠡᠯ ᠬᠤᠪᠴᠠᠰᠤ ᠬᠢᠬᠦ ᠳᠠᠪᠤᠤ ᠴᠣ ᠥᠭᠭᠦᠭᠰᠡᠨ ᠭᠡᠬᠦ ᠳ᠋ᠦ᠍
— ᠰᠢᠷᠴᠢᠨ ᠲᠣᠮᠣ ᠪᠣᠯᠤᠭᠠᠳ ᠪᠠᠰᠠ ᠵᠠᠮᠪᠠ ᠭᠤᠸᠠᠢ ᠰᠢᠭ᠋ ᠶᠠᠭᠤᠮᠠᠨ ᠳ᠋ᠠᠭᠠᠨ ᠬᠠᠷᠠᠮᠴᠢ ᠨᠠᠷᠢᠨ ᠪᠣᠯᠬᠤ ᠤᠤ ? ᠭᠡᠵᠦ ᠠᠰᠠᠭᠤᠵᠠᠢ᠃
— ᠮᠡᠳᠡᠬᠦ ᠦᠭᠡᠢ᠂ ᠬᠡᠦᠬᠡ᠃ ᠬᠡᠳᠦ ᠶ᠋ᠢᠨ ᠠᠵᠤ ᠠᠮᠢᠳᠤᠷᠠᠬᠤ ᠪᠠᠢᠳᠠᠯ ᠨᠢ ᠯᠡ ᠮᠡᠳᠡᠨ᠎ᠡ ᠳᠠ ᠭᠡᠬᠦ ᠳ᠋ᠦ᠍
— ᠡᠵᠢ ᠴᠢ ᠶᠠᠭᠤᠮᠠᠨ ᠳ᠋ᠠᠭᠠᠨ ᠬᠠᠷᠠᠮᠴᠢ ᠨᠠᠷᠢᠨ ᠤᠤ ? ᠭᠡᠵᠡᠢ᠃
— ᠶᠠᠳᠠᠭᠤ ᠬᠣᠭᠣᠰᠣᠨ ᠬᠥᠮᠦᠨ᠂ ᠶᠠᠭᠤ ᠪᠠᠨ ᠬᠠᠷᠠᠮᠨᠠᠵᠤ ᠨᠠᠷᠢᠯᠠᠬᠤ ᠪᠣᠢ ᠳᠠ᠂ ᠬᠡᠦᠬᠡ᠂
— ᠲᠡᠭᠡᠪᠡᠯ ᠪᠢᠳᠡ ᠪᠠᠶᠠᠨ ᠪᠣᠯᠬᠤ ᠭᠡᠵᠦ ᠬᠡᠵᠢᠶ᠎ᠡ ᠭᠠᠯ ᠭᠣᠯᠣᠮᠲᠠ ᠪᠠᠨ ᠲᠠᠬᠢᠬᠤ ᠪᠣᠢ? ᠭᠡᠬᠦ ᠳ᠋ᠦ᠍ᠨᠢ᠂
— ᠪᠢᠳᠡᠨ ᠳ᠋ᠦ᠍ ᠭᠠᠯ ᠭᠣᠯᠣᠮᠳᠠᠰᠬᠤ ᠶᠠᠭᠤ ᠪᠠᠢᠬᠤ ᠪᠣᠢ ᠳᠠ ᠬᠡᠦᠬᠡ ᠭᠡᠵᠡᠢ᠃
ᠦᠰᠦᠭ ᠠᠮᠢᠯᠠᠭᠤᠯᠤᠭᠴᠢ᠄ ᠣᠶᠤᠨᠪᠠᠲᠤ᠂ ᠮᠥᠩᠭᠥᠨᠭᠣᠸ᠎ᠠ᠂ ᠪᠠᠳᠮᠠᠰᠡᠴᠡᠨ᠂ ᠣᠭ᠌ᠶᠤ
ᠬᠢᠨᠠᠭᠴᠢ᠄ ᠴᠡᠩᠬᠡᠯᠴᠡᠴᠡᠭ᠂ ᠠᠯᠲᠠᠨᠱᠠ᠂ ᠣᠳᠬᠣᠨᠴᠡᠴᠡᠭ ᠂ ᠬᠦᠮᠦᠵᠢᠯᠲᠦ᠂ ᠪᠠᠯ
ᠤᠩᠰᠢᠭᠴᠢ᠄ ᠨᠠᠰᠤᠨ᠌ᠦ᠌ᠯᠵᠡᠢ
