ᠦᠷ ᠦᠨ ᠲᠤᠶᠠᠭ᠎ᠠ I – ᠪ᠂ ᠷᠢᠨᠴᠢᠨ - ᠲᠡᠷᠢᠬᠦᠨ ᠲᠡᠪᠲᠡᠷ < ᠮᠠᠨᠵᠤ ᠶᠢᠨ ᠳᠠᠯᠬᠢᠨ ᠳᠤ>(ᠨᠢᠭᠡ) Үүрийн туяа I – Б ᠂ Ренчин Тэргүүн дэвтэр "<Манжийн талхинд" (1)
ᠨᠢᠭᠡ᠂ ᠬᠥᠪᠡᠭᠦᠨ ᠡᠷᠭᠦᠵᠦ ᠠᠪᠤᠪᠠ
ᠮᠠᠨᠠᠨ ᠶᠠᠭᠠᠬᠢᠭᠠᠳ ᠲᠠᠰᠤᠷᠠᠬᠤ ᠪᠣᠢ?
ᠮᠢᠬ᠎ᠠ ᠴᠢᠰᠤᠨ ᠳ᠋ᠤ᠌ ᠲᠥᠷᠥᠭᠰᠡᠨ ᠬᠣᠢᠨ᠎ᠠ
ᠵᠣᠪᠠᠯᠠᠩ ᠶᠠᠭᠠᠬᠢᠭᠠᠳ ᠲᠠᠰᠤᠷᠠᠬᠤ ᠪᠣᠢ?
( ᠲᠡᠷᠡ ᠦᠶ᠎ᠡ ᠶ᠋ᠢᠨ ᠠᠷᠠᠳ ᠤ᠋ᠨ ᠳᠠᠭᠤᠤ)
ᠲᠡᠭᠰᠢᠬᠡᠨ ᠵᠠᠰᠠᠭᠰᠠᠨ ᠳᠡᠯ ᠲᠡᠢ᠂ ᠬᠠᠳᠠ ᠮᠡᠲᠦ ᠬᠠᠨᠲᠠᠷᠭᠠᠰᠤᠲᠠᠢ ᠰᠠᠢᠬᠠᠨ ᠬᠠᠯᠲᠠᠷ ᠮᠣᠷᠢ᠂ ᠵᠡᠭᠦᠨ ᠭᠠᠷ ᠲᠠᠭᠠᠨ ᠴᠤᠯᠪᠤᠭᠤᠷ ᠢ᠋ᠶ᠋ᠠᠨ ᠪᠠᠷᠢᠭᠠᠳ᠂ ᠤᠷᠲᠤ ᠭᠠᠩᠰᠠ ᠪᠠᠨ ᠶᠠᠭᠠᠷᠠᠯ ᠦᠭᠡᠢ ᠲᠠᠲᠠᠵᠤ ᠰᠠᠭᠤᠭᠰᠠᠨ ᠡᠵᠡᠨ ᠢ᠋ᠶ᠋ᠡᠨ ᠪᠠᠢᠨ ᠪᠠᠢᠨ ᠬᠠᠷᠠᠵᠤ᠂ ᠰᠣᠷᠭᠣᠭ ᠬᠣᠶᠠᠷ ᠴᠢᠬᠢ ᠪᠡᠨ ᠰᠣᠯᠪᠢᠯᠴᠠᠭᠤᠯᠤᠨ ᠵᠣᠭᠰᠣᠵᠤ ᠪᠠᠢᠪᠠ᠃
ᠡᠵᠡᠨ ᠨᠢ ᠭᠠᠩᠰᠠ ᠪᠠᠨ ᠶᠡᠬᠡᠯ᠎ᠡ ᠲᠠᠭᠠᠲᠠᠢᠬᠠᠨ ᠢ᠋ᠶ᠋ᠠᠷ ᠲᠠᠲᠠᠵᠤ ᠭᠦᠢᠴᠡᠭᠡᠳ᠂ ᠦᠨᠡᠰᠦ ᠶ᠋ᠢ ᠴᠢᠯᠠᠭᠤᠨ ᠳ᠋ᠤ᠌ ᠶᠠᠭᠠᠷᠠᠯ ᠦᠭᠡᠢ ᠳᠣᠩᠰᠢᠭᠠᠳ᠂ ᠴᠣᠮᠴᠣᠢᠨ ᠰᠠᠭᠤᠭᠰᠠᠨ ᠬᠡᠪ ᠢ᠋ᠶ᠋ᠡᠷ ᠢ᠋ᠶ᠋ᠡᠨ ᠭᠠᠩᠰᠠ ᠪᠠᠨ ᠲᠦᠷᠡᠢᠯᠡᠭᠡᠳ᠂ ᠬᠤᠷᠴᠠ ᠬᠠᠷᠠᠭ᠎ᠠ ᠲᠠᠢ ᠨᠢᠳᠦ ᠪᠡᠨ ᠠᠨᠢᠰᠬᠢᠵᠦ᠂ ᠣᠢᠷ᠎ᠠ ᠶ᠋ᠢᠨ ᠲᠦᠳᠡᠯᠡᠭᠦᠷ ᠦ᠋ᠨ ᠴᠢᠨᠠᠳᠤ ᠠ᠋ᠴᠠ ᠭᠠᠷᠴᠤ ᠢᠷᠡᠭᠰᠡᠨ᠂ ᠠᠷᠤ ᠳ᠋ᠠᠭᠠᠨ ᠠᠷᠤᠭ ᠡᠭᠦᠷᠦᠭᠰᠡᠨ ᠡᠬᠡᠨᠡᠷ ᠬᠥᠮᠦᠨ ᠢ᠋ ᠰᠣᠨᠢᠷᠬᠠᠭᠰᠠᠨ ᠪᠠᠢᠳᠠᠯ ᠲᠠᠢ ᠰᠢᠷᠲᠡᠰᠬᠢᠪᠡ᠃ ᠲᠡᠷᠡ ᠡᠬᠡᠨᠡᠷ ᠦ᠋ᠨ ᠬᠣᠢᠨ᠎ᠠ ᠠ᠋ᠴᠠ ᠪᠠᠰᠠ ᠨᠢᠴᠦᠭᠦᠨ ᠰᠢᠬᠠᠭᠤ ᠬᠣᠶᠠᠷ ᠬᠡᠦᠬᠡᠳ᠂ ᠬᠡᠳᠦᠨ ᠬᠣᠨᠢ ᠢᠮᠠᠭ᠎ᠠ ᠲᠠᠭᠤᠭᠠᠳ ᠭᠠᠷᠴᠤ ᠢᠷᠡᠪᠡ᠃
— ᠳᠣᠯᠣᠭᠠᠨ ᠬᠣᠨᠢ ᠲᠠᠪᠤᠨ ᠢᠮᠠᠭ᠎ᠠ ᠭᠡᠵᠦ ᠠᠮᠠᠨ ᠳᠣᠲᠣᠷ᠎ᠠ ᠪᠠᠨ ᠲᠣᠭᠠᠯᠠᠭᠠᠳ ᠶᠠᠭᠠᠷᠠᠯ ᠦᠭᠡᠢ ᠪᠣᠰᠴᠤ᠂ ᠮᠣᠷᠢᠨ ᠳ᠋ᠠᠭᠠᠨ ᠮᠣᠷᠳᠠᠭᠠᠳ ᠲᠡᠷᠡ ᠡᠬᠡᠨᠡᠷ ᠦ᠋ᠨ ᠵᠦᠭ ᠴᠢᠭᠯᠡᠬᠦ ᠳ᠋ᠦ᠍᠂ ᠳᠠᠪᠠᠭᠠᠨ ᠳᠡᠭᠡᠷ᠎ᠡ ᠠᠮᠠᠷᠠᠭᠰᠠᠨ ᠮᠣᠷᠢ ᠨᠢ ᠶᠡᠬᠡᠯ᠎ᠡ ᠢᠯᠠᠭᠤᠮᠬᠠᠨ ᠳᠠᠪᠬᠢᠵᠤ᠂ ᠮᠣᠷᠢᠨ ᠤ᠋ ᠬᠥᠯ ᠳᠣᠣᠷ᠎ᠠ ᠠ᠋ᠴᠠ ᠬᠣᠶᠠᠷ ᠲᠠᠰᠢ ᠪᠠᠨ ᠬᠣᠷᠭᠣᠯ ᠰᠠᠴᠤᠭᠰᠠᠨ ᠶᠤᠮ ᠰᠢᠭ᠋ ᠳᠡᠪᠬᠡᠷᠡᠭ ᠴᠠᠷᠴᠠᠬᠠᠢ ᠦᠰᠦᠷᠦᠭᠦᠯᠦᠭᠰᠡᠭᠡᠷ᠂ ᠲᠡᠷᠡ ᠬᠥᠮᠦᠨ ᠥᠨᠥᠬᠢ ᠡᠬᠡᠨᠡᠷ ᠦ᠋ᠨ ᠳᠡᠷᠭᠡᠳᠡ ᠬᠦᠷᠴᠦ ᠢᠷᠡᠭᠡᠳ ᠮᠣᠷᠢᠨ ᠤ᠋ ᠵᠢᠯᠣᠭᠣ ᠲᠠᠲᠠᠵᠤ᠂
— ᠰᠠᠢᠨ ᠶᠠᠪᠤᠵᠤ ᠪᠠᠢᠨᠠᠤ? ᠭᠡᠵᠦ ᠠᠶᠠᠨ ᠵᠠᠮ ᠳ᠋ᠤ᠌ ᠠᠭᠤᠯᠵᠠᠭᠰᠠᠨ ᠬᠥᠮᠦᠨ ᠦ᠌ ᠮᠡᠨᠳᠦᠯᠡᠳᠡᠭ ᠶᠣᠰᠣᠭᠠᠷ ᠠᠮᠤᠷ ᠮᠡᠨᠳᠦ ᠶ᠋ᠢ ᠨᠢ ᠠᠰᠠᠭᠤᠪᠠᠯ᠂
— ᠰᠠᠢᠨ᠂ ᠲᠠ ᠰᠠᠢᠨ ᠶᠠᠪᠤᠵᠤ ᠪᠠᠢᠨᠠᠤ? ᠭᠡᠵᠦ ᠬᠠᠷᠢᠭᠤ ᠠᠰᠠᠭᠤᠭᠠᠳ᠂ ᠠᠷᠤ ᠳ᠋ᠠᠭᠠᠨ ᠡᠭᠦᠷᠴᠦ ᠶᠠᠪᠤᠭᠰᠠᠨ ᠠᠷᠤᠭ ᠢ᠋ᠶ᠋ᠠᠨ ᠠᠶᠠᠷᠬᠠᠨ ᠭᠠᠵᠠᠷ ᠲᠠᠯᠪᠢᠭᠠᠳ᠂ ᠠᠯᠵᠢᠶᠠᠭᠰᠠᠨ ᠪᠠᠢᠳᠠᠯᠲᠠᠢ ᠳᠣᠷᠣᠭᠰᠢ ᠰᠠᠭᠤᠵᠤ᠂ ᠣᠮᠣᠭᠣᠯᠲᠤᠭᠰᠠᠨ ᠬᠠᠭᠤᠷᠠᠢ ᠤᠷᠤᠭᠤᠯ ᠢ᠋ᠶ᠋ᠠᠨ ᠳᠣᠯᠢᠶᠠᠵᠠᠢ᠃
ᠠᠯᠵᠢᠶᠠᠨ ᠡᠴᠡᠵᠦ ᠵᠦᠳᠡᠷᠡᠭᠰᠡᠨ ᠪᠠᠢᠳᠠᠯᠲᠠᠢ᠂ ᠥᠲᠡᠯᠬᠦ ᠴᠠᠭ ᠠ᠋ᠴᠠ ᠡᠮᠦᠨ᠎ᠡ ᠥᠲᠡᠯᠵᠦ᠂ ᠠᠲᠤᠷᠢᠶ᠎ᠠ ᠪᠣᠯᠤᠭᠰᠠᠨ᠂ ᠬᠠᠯᠠᠭᠤᠨ ᠨᠠᠷᠠᠨ ᠳ᠋ᠤ᠌ ᠭᠠᠩᠳᠠᠭᠰᠠᠨ ᠡᠴᠡᠩᠬᠡᠷ ᠬᠦᠷᠡᠩ ᠨᠢᠭᠤᠷ ᠢ᠋ᠶ᠋ᠠᠷ ᠨᠢ ᠬᠥᠯᠥᠰᠥ ᠴᠤᠪᠤᠷᠢᠵᠤ᠂ ᠭᠠᠩᠳᠠᠵᠤ ᠣᠩᠭᠣᠭᠰᠠᠨ ᠬᠠᠭᠤᠴᠢᠨ ᠳᠡᠪᠡᠯ ᠡᠴᠡ ᠨᠢ ᠪᠠᠶᠠᠨ ᠠᠢᠯ ᠤ᠋ᠨ ᠮᠠᠯ ᠢ᠋ᠶ᠋ᠠᠷ ᠬᠣᠯᠭᠣᠲᠠᠯᠠ ᠪᠠᠨ ᠨᠣᠴᠣᠯᠳᠤᠭᠰᠠᠨ᠂ ᠬᠥᠭᠡᠷᠦᠬᠦᠨ ᠬᠡᠯᠪᠡᠷᠢᠲᠦ ᠪᠢᠴᠢᠬᠠᠨ ᠭᠠᠷ ᠠ᠋ᠴᠠ ᠨᠢ ᠬᠣᠨᠢᠨ ᠤ᠋ ᠵᠤᠩᠭᠠᠭ ᠰᠢᠪᠲᠦᠷ᠂ ᠦᠬᠡᠷ ᠦ᠋ᠨ ᠪᠠᠭᠠᠰᠤᠨ ᠤ᠋ ᠦᠨᠦᠷ ᠬᠠᠩᠬᠤᠯᠵᠠᠢ᠃
ᠬᠠᠯᠲᠠᠷ ᠮᠣᠷᠢᠲᠠᠢ ᠬᠥᠮᠦᠨ᠂ ᠲᠡᠷᠡ ᠡᠬᠡᠨᠡᠷ ᠦ᠋ᠨ ᠨᠡᠷ᠎ᠡ ᠤᠰᠤ ᠶ᠋ᠢ ᠠᠰᠠᠭᠤᠭᠠᠳ᠂ ᠬᠤᠷᠴᠠ ᠨᠠᠷᠠᠨ ᠳ᠋ᠤ᠌ ᠠᠨᠢᠰᠬᠢᠬᠰᠠᠨ ᠨᠢᠳᠦ ᠪᠡᠷ ᠡᠴᠡᠩᠬᠡᠷ ᠡᠬᠡᠨᠡᠷ ᠢ᠋ ᠰᠢᠷᠪᠢᠵᠦ ᠬᠠᠷᠠᠩᠭᠤᠲᠠ᠂ ᠠᠷᠤᠭ ᠲᠤᠨᠢ ᠨᠣᠪᠰᠢ ᠨᠣᠣᠷᠬᠠᠢ ᠳᠡᠭᠡᠷ᠎ᠡ ᠰᠠᠨᠠᠭ᠎ᠠ ᠠᠮᠤᠷ ᠤᠮᠲᠠᠵᠤ ᠪᠠᠢᠭᠰᠠᠨ᠂ ᠬᠣᠶᠠᠷ ᠨᠠᠰᠤᠲᠠᠢ ᠪᠣᠯᠤᠯᠲᠠᠢ ᠵᠠᠬᠠᠨ ᠬᠦᠦ ᠶ᠋ᠢ ᠠᠵᠢᠰᠬᠢᠨ ᠬᠠᠷᠠᠪᠠᠯ᠂ ᠲᠡᠷᠡ ᠡᠬᠡᠨᠡᠷ ᠵᠠᠭᠠᠯ ᠬᠦᠦ ᠶ᠋ᠢ ᠰᠣᠨᠢᠷᠬᠠᠨ ᠬᠠᠷᠠᠭᠰᠠᠨ ᠢ᠋ ᠮᠡᠳᠡᠭᠡᠳ
— ᠪᠤᠶᠠᠨ ᠲᠠᠢ ᠠᠬ᠎ᠠ ᠮᠢᠨᠢ᠂ ᠲᠠ ᠮᠢᠨᠦ ᠵᠠᠭᠠᠯ ᠬᠦᠦ ᠶ᠋ᠢ ᠡᠷᠭᠦᠵᠦ ᠠᠪᠬᠤ ᠦᠭᠡᠢ ᠤᠤ? ᠪᠢ ᠤᠯᠠᠭᠠᠨ ᠴᠤᠷᠪᠠ ᠳᠥᠷᠪᠡᠨ ᠬᠡᠦᠬᠡᠳ ᠲᠡᠢ᠂ ᠪᠠᠰᠠ ᠨᠢᠭᠡ ᠶᠠᠭᠤᠮ᠎ᠠ ᠲᠠᠢ ᠪᠣᠯᠬᠤ ᠭᠡᠵᠦ ᠶᠠᠪᠤᠭ᠎ᠠ᠂ ᠶᠠᠳᠠᠭᠰᠠᠨ ᠨᠢᠭᠡᠨ ᠠᠮᠢᠲᠠᠨ ᠪᠠᠢᠨ᠎ᠠ᠃ ᠮᠠᠨ ᠤ᠋ ᠨᠥᠬᠥᠷ ᠨᠠᠮᠠᠶ᠋ᠢ ᠬᠡᠦᠬᠡᠳ ᠲᠡᠢ ᠮᠢᠨᠢ ᠣᠷᠬᠢᠭᠠᠳ ᠪᠡᠯᠪᠡᠰᠦᠷᠡᠭᠰᠡᠨ ᠥᠬᠢᠨ ᠲᠡᠢ ᠨᠢᠭᠡᠨ ᠪᠠᠶᠠᠨ ᠴᠢᠪᠠᠭᠠᠨᠴᠠ ᠶ᠋ᠢᠨ ᠳ᠋ᠦ᠍ ᠬᠦᠷᠭᠡᠨ ᠣᠷᠣᠭᠠᠳ᠂ ᠪᠢᠳᠡ ᠲᠠᠪᠤ ᠭᠡᠵᠦ ᠡᠢᠮᠦ ᠨᠢᠭᠡᠨ ᠵᠦᠳᠡᠷᠡᠴᠢᠭᠰᠡᠨ ᠠᠮᠢᠲᠠᠨ ᠪᠣᠯᠵᠠᠢ᠃ ᠲᠠ ᠪᠤᠶᠠᠨ ᠰᠠᠨᠠᠵᠤ᠂ ᠨᠠᠳᠠ ᠳ᠋ᠤ᠌ ᠲᠤᠰᠠ ᠪᠣᠯᠵᠤ ᠦᠵᠡᠭᠡᠴᠢ᠃ ᠳᠥᠷᠪᠡᠨ ᠥᠯᠥᠨ ᠠᠮᠠ ᠳᠠᠭᠠᠭᠤᠯᠤᠭᠰᠠᠨ᠂ ᠪᠠᠰᠠ ᠬᠥᠯ ᠬᠦᠨᠳᠦ ᠠᠮᠢᠲᠠᠨ ᠢ᠋ ᠭᠡᠷ ᠲᠡᠭᠡᠨ ᠪᠠᠢᠯᠭᠠᠵᠤ ᠵᠠᠷᠤᠬᠤ ᠬᠥᠮᠦᠨ ᠣᠯᠳᠠᠵᠤ ᠥᠭᠬᠦ ᠦᠭᠡᠢ ᠬᠡᠴᠡᠭᠦᠳᠡᠵᠦ ᠶᠠᠪᠤᠨ᠎ᠠ᠃ ᠮᠢᠨᠦ ᠬᠠᠮᠤᠭ ᠤ᠋ᠨ ᠰᠡᠭᠦᠯ ᠳ᠋ᠦ᠍ ᠪᠠᠢᠭᠰᠠᠨ ᠠᠢᠯ ᠤ᠋ᠨ ᠬᠢᠨ ᠥᠴᠥᠭᠡᠳᠦᠷ ᠥᠷᠯᠥᠭᠡ ᠨᠡᠭᠦᠭᠡᠳ᠂ ᠨᠤᠲᠤᠭ ᠳᠡᠭᠡᠷ᠎ᠡ ᠨᠢ ᠬᠣᠴᠣᠷᠤᠭᠰᠠᠨ ᠪᠢ ᠬᠠᠮᠬᠤᠤᠯ ᠰᠢᠭ᠋ ᠰᠠᠯᠬᠢᠨ ᠦᠯᠢᠶᠡᠭᠰᠡᠨ ᠲᠡᠰᠢ ᠶᠠᠪᠤᠵᠤ ᠶᠠᠪᠤᠨ᠎ᠠ᠃ ᠥᠨᠥ ᠥᠷᠯᠥᠭᠡ ᠦᠯᠡᠳᠡᠭᠰᠡᠨ ᠬᠡᠳᠦᠨ ᠰᠠᠮᠪᠠᠢ ᠬᠠᠳᠠᠭ ᠤ᠋ᠨ ᠭᠤᠯᠢᠷ ᠢ᠋ ᠤᠰᠤᠨ ᠳ᠋ᠤ᠌ ᠪᠠᠵᠢᠵᠤ᠂ ᠬᠡᠦᠬᠡᠳ ᠲᠡᠭᠡᠨ ᠶᠠᠭᠤᠮ᠎ᠠ ᠢᠳᠡᠭᠦᠯᠬᠦᠢᠴᠡ ᠪᠣᠯᠤᠭᠠᠳ ᠶᠠᠪᠤᠵᠤ ᠶᠠᠪᠤᠨ᠎ᠠ ᠭᠡᠵᠦ ᠡᠪᠦᠷ ᠡᠴᠡ ᠪᠡᠨ ᠪᠠᠵᠢᠵᠤ ᠨᠢᠭᠡ ᠪᠥᠭᠡᠮ ᠶᠠᠭᠤᠮ᠎ᠠ ᠪᠣᠯᠭᠠᠭᠰᠠᠨ ᠬᠡᠳᠦᠨ ᠰᠠᠮᠪᠠᠢ ᠬᠠᠳᠠᠭ ᠭᠠᠷᠭᠠᠵᠤ ᠦᠵᠡᠭᠦᠯᠪᠡ᠃
ᠬᠠᠯᠲᠠᠷ ᠮᠣᠷᠢᠲᠠᠢ ᠬᠥᠮᠦᠨ᠂ ᠮᠣᠷᠢᠨ ᠠ᠋ᠴᠠ ᠪᠠᠨ ᠶᠠᠭᠠᠷᠠᠯ ᠦᠭᠡᠢ ᠪᠠᠭᠤᠭᠠᠳ ᠲᠡᠷᠡ ᠡᠬᠡᠨᠡᠷ ᠦ᠋ᠨ ᠳᠡᠷᠭᠡᠳᠡ ᠰᠠᠭᠤᠵᠤ ᠥᠨᠥᠬᠢ ᠠᠷᠤᠭ ᠳᠣᠲᠣᠷ᠎ᠠ ᠨᠣᠢᠷᠰᠤᠵᠤ ᠪᠠᠢᠭᠰᠠᠨ ᠵᠠᠭᠠᠯ ᠢ᠋ ᠠᠵᠢᠭᠯᠠᠨ ᠦᠵᠡᠬᠦ ᠪᠡᠷ᠂ ᠨᠠᠷᠠᠨ ᠳ᠋ᠤ᠌ ᠭᠠᠩᠳᠠᠭᠰᠠᠨ ᠬᠥᠬᠡ ᠳᠡᠯᠢᠨ ᠴᠠᠮᠴᠠ ᠲᠠᠢ ᠲᠤᠷᠠᠩᠬᠠᠢ ᠪᠢᠴᠢᠬᠠᠨ ᠬᠡᠦᠬᠡᠨ᠂ ᠬᠦᠦ ᠳᠡᠭᠦᠦ ᠪᠡᠨ ᠠᠷᠤ ᠳ᠋ᠠᠭᠠᠨ ᠡᠭᠦᠷᠴᠦ᠂ ᠡᠬᠡ ᠶ᠋ᠢᠨ ᠢ᠋ᠶ᠋ᠡᠨ ᠳᠡᠷᠭᠡᠳᠡ ᠬᠦᠷᠴᠦ ᠢᠷᠡᠭᠡᠳ᠂ ᠠᠷᠤ ᠳ᠋ᠠᠭᠠᠨ ᠪᠦᠳᠦᠭᠦᠨ ᠬᠠᠷ᠎ᠠ ᠭᠡᠵᠢᠭᠡᠨ ᠳ᠋ᠦ᠍ ᠲᠣᠰᠣ ᠪᠣᠯᠤᠭᠰᠠᠨ᠂ ᠪᠠᠬᠠᠨ ᠣᠩᠭᠣᠭᠰᠤᠨ ᠴᠢᠰᠴᠡᠦ ᠳᠡᠪᠡᠯ ᠲᠡᠢ᠂ ᠲᠠᠨᠢᠬᠤ ᠦᠭᠡᠢ ᠲᠡᠷᠡ ᠬᠥᠮᠦᠨ ᠦ᠌ ᠥᠭᠡᠳᠡ ᠡᠴᠡ ᠪᠢᠰᠢᠭᠦᠷᠡᠬᠡᠰᠬᠢᠨ ᠰᠢᠷᠳᠡᠪᠡ᠃
— ᠬᠡᠨ ᠭᠡᠵᠦ ᠨᠡᠷᠡᠲᠡᠢ ᠶᠦᠮ ᠪᠣᠢ ᠬᠦᠦ ᠴᠢᠨᠢ? ᠨᠢᠳᠦᠨ ᠳ᠋ᠦ᠍ ᠳᠤᠯᠠᠭᠠᠨ ᠦᠵᠡᠭᠳᠡᠬᠦ ᠵᠠᠭᠠᠯ ᠬᠦᠦ ᠪᠠᠢᠨ᠎ᠠ ᠳᠠ······ ᠬᠡᠷᠪᠡ᠂ ᠶᠠᠷᠢᠶ᠎ᠠ ᠲᠠᠭᠠᠷᠠᠪᠠᠯ᠂ ᠡᠷᠭᠦᠵᠦ ᠠᠪᠬᠤ ᠳ᠋ᠤ᠌ ᠪᠣᠯᠬᠤ ᠯᠠ ᠬᠡᠦᠬᠡᠳ ᠪᠣᠯᠤᠯᠲᠠᠢ ᠭᠡᠬᠦ ᠳ᠋ᠦ᠍ᠨᠢ᠂
— ᠰᠢᠷᠴᠢᠨ ᠭᠡᠳᠡᠭ ᠶᠤᠮ᠎ᠠ᠃ ᠪᠤᠶᠠᠨ ᠲᠠᠢ ᠠᠬ᠎ᠠ ᠮᠢᠨᠢ᠂ ᠣᠷᠣᠬᠤ ᠣᠷᠣᠨ ᠦᠭᠡᠢ ᠶᠠᠳᠠᠭᠤ ᠨᠠᠮᠠᠶ᠋ᠢ ᠭᠣᠮᠣᠳᠠᠭᠤᠯᠬᠤ ᠦᠭᠡᠢ ᠪᠢᠵᠡ ᠳᠡ᠃ ᠡᠭᠡᠴᠢ ᠠᠬ᠎ᠠ ᠨᠠᠷ ᠲᠤᠨᠢ ᠲᠠ ᠶᠠᠭᠤ ᠯᠠ ᠬᠠᠢᠷᠠᠯᠠᠳᠠᠭ ᠪᠣᠯ᠂ ᠬᠡᠰᠢᠭ ᠢ᠋ ᠴᠢᠨᠢ ᠳᠤᠷᠠᠲᠠᠶ᠎ᠠ ᠭᠥᠷᠳᠡᠶ᠎ᠡ ᠭᠡᠵᠡᠢ᠃
— ᠵᠠ ᠲᠡᠭᠡᠪᠡᠯ ᠪᠢ ᠪᠤᠶᠠᠨ ᠰᠠᠨᠠᠵᠤ᠂ ᠬᠦᠦ ᠶ᠋ᠢ ᠴᠢᠨᠢ ᠡᠷᠭᠦᠵᠦ ᠠᠪᠤᠶ᠎ᠠ᠃ ᠡᠬᠡᠨᠡᠷ ᠪᠢᠳᠡ ᠬᠣᠶᠠᠷ ᠶᠡᠷᠦᠨᠢ ᠴᠦ᠍ ᠬᠡᠦᠬᠡᠳ ᠦᠭᠡᠢ ᠶᠤᠮᠰᠠᠨ᠃ ᠡᠨᠡ ᠵᠠᠭᠠᠯ ᠬᠦᠦ᠂ ᠮᠠᠨ ᠤ᠋ ᠭᠠᠯ ᠭᠣᠯᠣᠮᠲᠠ ᠶ᠋ᠢ ᠵᠠᠯᠭᠠᠬᠤ ᠬᠤᠪᠢ ᠲᠠᠢ ᠬᠥᠮᠦᠨ ᠴᠦ᠍ ᠪᠠᠢᠵᠤ ᠶᠠᠭᠤᠨ ᠤ᠋ ᠮᠠᠭᠠᠳ᠃ ᠪᠢ ᠴᠢᠮᠠᠲᠤ ᠨᠢᠭᠡᠨ ᠮᠠᠢᠬᠠᠨ ᠥᠭᠭᠦᠶ᠎ᠡ᠃ ᠪᠠᠬᠠᠨ ᠬᠠᠭᠤᠴᠢᠨ ᠶᠤᠮ ᠳᠠ᠃ ᠭᠡᠪᠡᠴᠦ ᠭᠠᠢ ᠦᠭᠡᠢ᠃ ᠳᠡᠭᠡᠷ᠎ᠡ ᠡᠴᠡ ᠨᠢ ᠪᠠᠰᠠ ᠨᠢᠭᠡ ᠲᠤᠭᠤᠯ ᠲᠠᠢ ᠦᠨᠢᠶ᠎ᠡ᠂ ᠨᠢᠭᠡᠨ ᠬᠥᠭᠰᠢᠨ ᠱᠠᠷ ᠥᠭᠭᠦᠶ᠎ᠡ᠃ ᠬᠡᠦᠬᠡᠳ ᠰᠢᠤᠬᠠᠳ᠂ ᠨᠣᠪᠰᠢ ᠨᠣᠣᠷᠬᠠᠢ ᠪᠠᠨ ᠠᠴᠢᠬᠤ ᠳ᠋ᠤ᠌ ᠴᠢᠨᠢ ᠨᠡᠮᠡᠷᠢ ᠪᠣᠯᠤᠭ᠃ ᠮᠠᠨ ᠤ᠋ ᠡᠬᠡᠨᠡᠷ ᠪᠠᠰᠠ ᠢᠳᠡᠵᠦ ᠡᠮᠦᠰᠬᠦ ᠶᠠᠭᠤᠮ᠎ᠠ ᠠ᠋ᠴᠠ ᠨᠡᠮᠡᠵᠦ ᠥᠭᠬᠦ ᠶᠦᠮ ᠪᠣᠯ ᠥᠭᠭᠦᠨ᠎ᠡ ᠪᠢᠵᠡ ᠲᠡᠭᠦᠪᠡᠷ ᠢ᠋ᠶ᠋ᠡᠨ ᠭᠡᠬᠦ ᠳ᠋ᠦ᠍ᠨᠢ᠂
— ᠵᠠ ᠲᠠᠨ ᠤ᠋ ᠬᠡᠯᠡᠭᠰᠡᠨ ᠢ᠋ᠶ᠋ᠡᠷ ᠪᠣᠯᠤᠶ᠎ᠠ᠂ ᠵᠠᠮᠪᠠ ᠠᠪᠤᠭᠠᠢ ᠮᠢᠨᠢ ᠭᠡᠵᠦ ᠲᠡᠷᠡ ᠡᠬᠡᠨᠡᠷ ᠬᠦᠯᠢᠴᠡᠩᠭᠦᠢ ᠨᠣᠮᠣᠬᠠᠨ ᠢ᠋ᠶ᠋ᠠᠷ ᠥᠴᠢᠪᠡ᠃ ᠵᠠᠮᠪᠠ ᠬᠣᠭᠣᠯᠠᠢ ᠪᠠᠨ ᠵᠠᠰᠠᠭᠠᠳ ᠪᠡᠶ᠎ᠡ ᠪᠡᠨ ᠨᠤᠲᠤᠭ ᠤ᠋ᠨ ᠣᠯᠠᠨ ᠳ᠋ᠤ᠌ ᠵᠢᠩ ᠲᠡᠢ ᠬᠦᠨᠳᠦ ᠲᠡᠢ ᠤᠴᠢᠷ᠂ ᠡᠵᠡᠭᠦᠢ ᠬᠡᠭᠡᠷ᠎ᠡ ᠲᠣᠬᠢᠶᠠᠯᠳᠤᠭᠰᠠᠨ ᠦᠭᠡᠭᠦᠦ ᠬᠣᠭᠣᠰᠣᠨ᠂ ᠨᠡᠷ᠎ᠡ ᠲᠥᠷᠥ ᠦᠭᠡᠢ ᠠᠮᠢᠲᠠᠨ ᠲᠠᠢ ᠵᠢᠱ᠌ᠢᠶ᠎ᠡ ᠦᠭᠡᠢ ᠭᠡᠳᠡᠭ ᠢ᠋ᠶ᠋ᠡᠨ ᠦᠵᠡᠭᠦᠯᠬᠦ ᠭᠡᠵᠦ ᠥᠭᠦᠯᠡᠷᠦᠨ᠂
— ᠭᠡᠪᠡᠴᠦ ᠬᠦᠦ ᠶ᠋ᠢ ᠮᠢᠨᠢ ᠡᠷᠭᠦᠭᠰᠡᠨ ᠬᠥᠮᠦᠨ ᠭᠡᠳ ᠮᠠᠨᠠᠢ ᠳ᠋ᠤ᠌ ᠨᠣᠢᠲᠠᠨ ᠬᠠᠮᠠᠭᠤ ᠰᠢᠭ᠋ ᠨᠠᠭᠠᠯᠳᠤᠭᠰᠠᠨ ᠤ᠋ ᠬᠡᠷᠡᠭ ᠠᠯᠠᠭ᠎ᠠ ᠰᠢᠦ᠂ ᠴᠢᠮᠠᠲᠤ᠂ ᠵᠠᠭᠠᠯ ᠢ᠋ᠶ᠋ᠠᠨ ᠮᠠᠨᠠᠢ ᠳ᠋ᠤ᠌ ᠢᠳᠡᠭᠡᠰᠢᠨ ᠲᠠᠰᠤᠳᠠᠯᠠ ᠨᠢᠭᠡ ᠬᠡᠳᠦ ᠬᠣᠨᠣᠪᠠᠯ ᠬᠣᠨᠣᠭᠠᠷᠠᠢ᠂ ᠲᠡᠭᠡᠭᠡᠳ᠂ ᠮᠥᠷ ᠮᠥᠷ ᠢ᠋ᠶ᠋ᠡᠨ ᠬᠥᠭᠡᠭᠡᠪᠡᠯ ᠳᠡᠭᠡᠷ᠎ᠡ ᠪᠢᠵᠡ ᠳᠡ᠃ ᠴᠢ ᠡᠨᠳᠡ ᠲᠦᠷ ᠬᠦᠯᠢᠶᠡᠵᠦ ᠪᠠᠢ᠃ ᠪᠢ ᠡᠨᠡ ᠬᠠᠪᠢ ᠳ᠋ᠤ᠌ ᠨᠢᠭᠡ ᠠᠢᠯ ᠠ᠋ᠴᠠ ᠲᠡᠷᠭᠡ ᠭᠤᠶᠤᠵᠤ ᠣᠯᠤᠭᠠᠳ ᠲᠠ ᠨᠠᠷ ᠢ᠋ ᠠᠪᠠᠴᠢᠶ᠎ᠠ ᠭᠡᠵᠦ᠃
ᠬᠡᠭᠡᠷ᠎ᠡ ᠶ᠋ᠢᠨ ᠡᠪᠡᠰᠦ ᠨᠣᠭᠣᠭ᠎ᠠ ᠶ᠋ᠢᠨ ᠰᠠᠢᠬᠠᠨ ᠦᠨᠦᠷ ᠬᠠᠩᠬᠤᠯᠵᠤ᠂ ᠲᠣᠭ᠎ᠠ ᠲᠣᠮᠰᠢ ᠦᠭᠡᠢ ᠣᠯᠠᠨ ᠳᠡᠪᠬᠡᠷᠡᠭ ᠴᠠᠷᠴᠠᠬᠠᠢ ᠶ᠋ᠢᠨ ᠬᠠᠩᠭᠢᠨᠠᠵᠤ ᠪᠠᠢᠳᠠᠭ ᠵᠢᠩ ᠦᠳᠡ ᠶ᠋ᠢᠨ ᠪᠥᠭᠡᠨᠡᠮ ᠬᠠᠯᠠᠭᠤᠨ ᠢ᠋ᠶ᠋ᠠᠷ ᠵᠠᠮᠪᠠ ᠦᠬᠡᠷ ᠲᠡᠷᠭᠡ ᠬᠥᠲᠥᠯᠦᠭᠡᠳ ᠢᠷᠡᠵᠡᠢ᠂ ᠲᠡᠷᠭᠡᠨ ᠳ᠋ᠦ᠍ᠨᠢ ᠳᠡᠪᠢᠰᠦᠭᠰᠡᠨ ᠢᠰᠡᠭᠡᠢ ᠳᠡᠭᠡᠷ᠎ᠡ ᠠᠢᠯ ᠤ᠋ᠨ ᠬᠣᠨᠢᠴᠢᠨ ᠬᠡᠦᠬᠡᠳ᠂ ᠵᠡᠰ ᠳᠣᠩᠪᠣ ᠲᠠᠢ ᠴᠠᠢ᠂ ᠲᠠᠪᠠᠭ ᠲᠠᠢ ᠪᠢᠰᠢᠯᠠᠭ ᠥᠷᠥᠮ᠎ᠡ ᠪᠠᠷᠢᠭᠠᠳ᠂ ᠵᠠᠮᠪᠠ ᠶ᠋ᠢ ᠲᠠᠭᠠᠯᠴᠠᠨ ᠢᠷᠡᠵᠡᠢ᠃
— ᠵᠠ᠂ ᠡᠨᠡ ᠴᠠᠢ ᠪᠠᠷ ᠠᠮᠠ ᠨᠠᠢᠬᠠᠨ ᠴᠠᠩᠭ᠎ᠠ ᠪᠠᠨ ᠭᠠᠷᠭ᠎ᠠ᠃ ᠲᠡᠭᠡᠭᠡᠳ ᠶᠠᠪᠤᠶ᠎ᠠ᠃ ᠱᠠᠯᠠᠪᠬᠠᠨ ᠬᠥᠳᠡᠯᠪᠡᠯ᠂ ᠨᠠᠷᠠᠨ ᠰᠢᠩᠭᠡᠬᠦ ᠳ᠋ᠦ᠍ ᠮᠠᠨᠠᠢ ᠳ᠋ᠤ᠌ ᠬᠦᠷᠬᠦ ᠪᠠᠢᠬᠤ ᠪᠢᠳᠡ᠃ ᠡᠨᠡ ᠵᠢᠭᠠᠯ ᠬᠦᠦ᠂ ᠴᠢᠨᠦ ᠬᠡᠳᠦᠨ ᠬᠣᠨᠢ ᠢᠮᠠᠭ᠎ᠠ ᠶ᠋ᠢ ᠬᠣᠨᠢᠨ ᠳ᠋ᠠᠭᠠᠨ ᠠᠪᠠᠴᠢᠵᠤ ᠨᠡᠢᠯᠡᠭᠦᠯᠦᠭ᠃ ᠪᠢ ᠡᠳᠡᠨ ᠨᠡᠢᠬᠢ ᠲᠡᠢ ᠬᠡᠯᠡᠯᠴᠡᠵᠦ ᠲᠣᠬᠢᠷᠠᠯ᠎ᠠ᠃ ᠴᠢ ᠪᠤᠴᠠᠬᠤ ᠳ᠋ᠠᠭᠠᠨ ᠡᠳᠡᠨ ᠦ᠌ ᠦᠬᠡᠷ ᠲᠡᠷᠭᠡ ᠶ᠋ᠢ ᠬᠦᠷᠭᠡᠵᠦ ᠥᠭᠭᠦᠭᠡᠷᠡᠢ᠃ ᠨᠠᠳᠠᠳᠤ ᠵᠠᠭᠠᠯᠬᠠᠨ ᠥᠷᠢ ᠲᠡᠢ ᠪᠠᠢᠭᠰᠠᠨ ᠠᠢᠯ ᠶᠤᠮ ᠳᠠ᠃ ᠪᠢ ᠲᠡᠷᠡ ᠥᠷᠢ ᠶ᠋ᠢ ᠨᠢ ᠭᠡᠯᠳᠦᠷᠢᠭᠦᠯᠦᠭᠡᠳ᠂ ᠬᠠᠷᠢᠭᠤ ᠳ᠋ᠤᠨᠢ ᠲᠡᠷᠡ ᠴᠢᠮᠠᠢ᠍ᠢ ᠡᠨᠡ ᠵᠤᠨᠵᠢᠨ ᠢ᠋ᠶ᠋ᠠᠨ ᠪᠠᠢᠯᠭᠠᠬᠤ ᠪᠠᠷ ᠪᠣᠯᠤᠭᠰᠠᠨ᠃ ᠵᠣᠬᠢᠯᠳᠤᠪᠠᠯ᠂ ᠡᠪᠦᠯ ᠳ᠋ᠡᠭᠡᠨ ᠴᠦ᠍ ᠪᠠᠢᠯᠭᠠᠵᠤ ᠮᠠᠭᠠᠳ ᠦᠭᠡᠢ᠃ ᠲᠡᠭᠡᠬᠦ ᠳ᠋ᠦ᠍ ᠴᠢ ᠪᠠᠰᠠ ᠬᠠᠷᠢᠭᠤ ᠳ᠋ᠤᠨᠢ ᠠᠵᠢᠯ ᠠ᠋ᠴᠠ ᠨᠢ ᠬᠢᠯᠴᠢᠵᠦ ᠥᠭᠭᠦᠭᠡᠷᠡᠢ᠃ ᠶᠡᠬᠡ ᠥᠬᠢᠨ ᠴᠢᠨᠢ ᠲᠡᠳᠡᠨ ᠦ᠌ ᠬᠣᠨᠢ ᠮᠠᠯ ᠬᠠᠷᠢᠭᠤᠯᠬᠤ ᠳ᠋ᠤ᠌ ᠪᠠᠰᠠ ᠨᠡᠮᠡᠷᠢ ᠪᠣᠯᠬᠤ ᠶᠤᠮ ᠪᠠᠢᠯ ᠦᠭᠡᠢ ᠶᠠᠭᠠᠬᠢᠬᠤ ᠪᠣᠢ ᠭᠡᠵᠦ ᠵᠠᠮᠪᠠ ᠲᠡᠷᠡ ᠡᠬᠡᠨᠡᠷ ᠲᠦ᠍ ᠬᠡᠯᠡᠵᠡᠢ᠃
ᠦᠰᠦᠭ ᠠᠮᠢᠯᠠᠭᠤᠯᠤᠭᠴᠢ᠄ ᠣᠶᠤᠨᠪᠠᠲᠤ᠂ ᠮᠥᠩᠭᠥᠨᠭᠣᠸ᠎ᠠ᠂ ᠰᠠᠷᠠᠨᠲᠤᠶᠠᠭ᠎ᠠ᠂ ᠪᠠᠳᠮᠠᠰᠡᠴᠡᠨ᠂ ᠡᠷᠳᠡᠨᠢᠭᠣᠸ᠎ᠠ
ᠬᠢᠨᠠᠭᠴᠢ᠄ ᠣᠳᠬᠣᠨᠴᠡᠴᠡᠭ᠂ ᠬᠦᠮᠦᠵᠢᠯᠲᠦ᠂ ᠠᠯᠲᠠᠨᠱᠠ᠂ ᠪᠠᠯ
ᠤᠩᠰᠢᠭᠴᠢ᠄ ᠨᠠᠰᠤᠨ᠌ᠦ᠌ᠯᠵᠡᠢ
