ᠮᠣᠩᠭᠣᠯ ᠬᠡᠯᠡ -ᠬᠦᠰᠡᠯᠡᠩ ᠨᠡᠪᠴᠢᠮ᠎ᠡ ᠮᠦᠭᠭᠦᠨᠬᠣᠸᠠᠷ Монгол хэл-Хүслэн Навчима Мөнгөнхуар
ᠮᠣᠩᠭᠣᠯ ᠬᠡᠯᠡ
ᠦᠭᠡ᠄ ᠪ᠂ ᠷᠢᠨᠴᠢᠨ
ᠠᠶ᠎ᠠ᠄ ᠥᠨᠢᠷᠵᠠᠶᠠᠭᠠ
ᠳᠠᠭᠤᠴᠢᠨ᠄ ᠬᠦᠰᠡᠯᠡᠩ ᠨᠡᠪᠴᠢᠮ᠎ᠡ᠂ ᠮᠥᠩᠭᠦᠨᠬᠤᠸᠠᠷ
ᠴᠢᠬᠢᠨ ᠦ᠌ ᠴᠢᠮᠡᠭ ᠪᠣᠯᠤᠭᠰᠠᠨ ᠠᠶᠠᠯᠭᠤ ᠰᠠᠢᠬᠠᠨ ᠮᠣᠩᠭᠣᠯ ᠬᠡᠯᠡ
ᠴᠢᠩ ᠵᠣᠷᠢᠭᠲᠤ ᠡᠪᠦᠭᠡᠳ ᠦ᠋ᠨ ᠮᠢᠨᠢ ᠥᠪ ᠶᠡᠬᠡ ᠡᠷᠳᠡᠨᠢ ᠮᠣᠩᠭᠣᠯ ᠬᠡᠯᠡ
ᠰᠣᠨᠣᠰᠬᠤ ᠪᠦᠷᠢ ᠢᠷᠠᠭᠤ ᠪᠠᠶᠠᠯᠢᠭ ᠢ᠋ ᠨᠢ ᠭᠠᠢᠬᠠᠨ ᠪᠡᠶᠡᠰᠴᠦ
ᠰᠤᠤ ᠪᠢᠯᠢᠭᠲᠦ ᠲᠦᠮᠡᠨ ᠶᠦ᠍ᠭᠡᠨ ᠪᠢᠰᠢᠷᠡᠨ ᠮᠠᠭᠲᠠᠮᠤ ᠪᠢ
ᠮᠣᠩᠭᠣᠯ ᠬᠡᠯᠡ ᠮᠢᠨᠦ ᠮᠣᠩᠭᠣᠯ ᠬᠡᠯᠡ
ᠢᠷᠭᠡᠨ ᠳ᠋ᠦ᠍ᠷ ᠬᠦᠷᠪᠡᠰᠦ ᠪᠢᠰᠢᠷᠡᠲᠦᠭᠡᠢ ᠳᠡᠭᠡᠳᠦᠯᠡᠲᠦᠭᠡᠢ ᠁
ᠬᠤᠲᠤᠭ ᠥᠯᠵᠡᠢ ᠲᠡᠢ ᠬᠤᠪᠢ ᠶᠡᠬᠡ ᠵᠠᠶᠠᠭᠠᠲᠤ ᠲᠦᠮᠡᠨ ᠦ᠌ ᠮᠢᠨᠢ
ᠬᠤᠷᠴᠠ ᠠᠪᠢᠶᠠᠰ ᠲᠠᠢ ᠬᠠᠯᠠᠭᠤᠨ ᠡᠯᠢᠭᠡᠲᠦ ᠬᠣᠲᠠᠯᠠᠭᠠᠷ ᠢ᠋ᠶ᠋ᠠᠨ
ᠡᠭᠡᠰᠢᠭ ᠰᠠᠢᠬᠠᠨ ᠮᠣᠩᠭᠣᠯ ᠬᠡᠯᠡ ᠪᠡᠨ ᠬᠠᠢᠷᠠᠯᠠᠨ ᠳᠡᠭᠡᠳᠦᠯᠡᠭᠡᠳ
ᠡᠩᠬᠦᠷᠡᠢᠯᠡ ᠪᠠᠳᠠᠷᠠᠭᠤᠯᠬᠤ ᠪᠠᠲᠤ ᠵᠣᠷᠢᠭ
ᠶᠠᠭᠤᠲᠠᠢ ᠰᠠᠢᠬᠠᠨ
ᠮᠣᠩᠭᠣᠯ ᠬᠡᠯᠡ ᠮᠢᠨᠦ ᠮᠣᠩᠭᠣᠯ ᠬᠡᠯᠡ
ᠢᠷᠭᠡᠨ ᠳ᠋ᠦ᠍ᠷ ᠬᠦᠷᠪᠡᠰᠦ ᠪᠢᠰᠢᠷᠡᠲᠦᠭᠡᠢ ᠳᠡᠭᠡᠳᠦᠯᠡᠲᠦᠭᠡᠢ ᠁
ᠥᠰᠬᠦ ᠡᠴᠡ ᠥᠲᠡᠯᠬᠦ ᠨᠠᠰᠤᠨ ᠬᠦᠷᠲᠡᠯ᠎ᠡ ᠴᠢᠮᠠᠶ᠋ᠢ ᠰᠤᠳᠤᠯᠤᠨ
ᠡᠳᠦᠷ ᠪᠦᠷᠢ ᠦᠭᠡᠰ ᠦ᠋ᠨ ᠡᠷᠳᠡᠨᠢ ᠶ᠋ᠢ ᠴᠢᠨᠢ ᠲᠡᠭᠦᠨᠡᠮ
ᠥᠭᠡᠳᠡᠯᠡᠨ ᠳᠡᠭᠵᠢᠬᠦ ᠶ᠋ᠢᠨ ᠲᠡᠭᠦᠰ ᠵᠠᠶᠠᠭ᠎ᠠ ᠶ᠋ᠢ ᠢᠲᠡᠭᠡᠭᠦᠯᠦᠭᠰᠡᠨ
ᠥᠷᠨᠢᠨ ᠮᠠᠨᠳᠤᠬᠤ ᠰᠢᠨᠵᠢ ᠪᠦᠷᠢᠳᠦᠭᠰᠡᠨ ᠡᠪᠦᠭᠡ ᠳᠡᠭᠡᠳᠦ ᠶ᠋ᠢᠨ ᠬᠡᠯᠡ ᠮᠢᠨᠢ
ᠮᠣᠩᠭᠣᠯ ᠬᠡᠯᠡ ᠮᠢᠨᠦ ᠮᠣᠩᠭᠣᠯ ᠬᠡᠯᠡ
ᠢᠷᠭᠡᠨ ᠳ᠋ᠦ᠍ᠷ ᠬᠦᠷᠪᠡᠰᠦ ᠪᠢᠰᠢᠷᠡᠲᠦᠭᠡᠢ ᠳᠡᠭᠡᠳᠦᠯᠡᠲᠦᠭᠡᠢ ᠁
ᠦᠰᠦᠭ ᠠᠮᠢᠯᠠᠭᠤᠯᠤᠭᠴᠢ᠄ ᠠᠩᠴᠢᠨ
ᠦᠰᠦᠭ ᠬᠠᠳᠠᠭᠴᠢ᠄ ᠠᠩᠴᠢᠨ
ᠦᠰᠦᠭ ᠬᠢᠨᠠᠭᠴᠢ᠄ ᠰᠠᠢᠵᠢᠷᠠᠬᠤ
