ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ - ( 2026 . 08 )
ᠬᠠᠮᠪᠤ ᠪᠯᠠᠮ᠎ᠠ ᠳ᠋ᠠᠮᠪᠠ ᠠᠶᠤᠰᠢᠶᠸᠪ/
ᠢᠲᠡᠭᠡᠯᠲᠦ ᠬᠠᠮᠪᠤ ᠪᠯᠠᠮ᠎ᠠ ᠶ᠋ᠢᠨ ᠵᠠᠯᠪᠠᠷᠢᠯ
ᠰᠠᠢᠨ ᠴᠢᠮᠡᠭ ᠲᠡᠢ ᠯᠠᠭᠱᠠᠨ ᠤ᠋ ᠮᠠᠨᠳᠠᠯ ᠳᠡᠯᠭᠡᠷᠡᠭᠰᠡᠨ
ᠥᠯᠵᠡᠢ ᠲᠡᠢ ᠵᠠᠷᠯᠢᠭ ᠢ᠋ᠶ᠋ᠠᠷ ᠮᠠᠨ ᠤ᠋ ᠰᠡᠳᠬᠢᠯ ᠨᠣᠮᠣᠬᠠᠷᠠᠭᠰᠠᠨ
ᠸᠴᠢᠷ ᠮᠡᠲᠦ ᠭᠦᠨᠵᠡᠭᠡᠢ ᠲᠠᠭᠠᠯᠠᠯ ᠡᠷᠬᠡᠰᠢᠶᠡᠭᠰᠡᠨ
ᠢᠲᠡᠭᠡᠯᠲᠦ ᠬᠠᠮᠪᠤ ᠪᠯᠠᠮ᠎ᠠ ᠶ᠋ᠢᠨ ᠥᠯᠮᠡᠢ ᠳ᠋ᠦ᠍ ᠵᠠᠯᠪᠠᠷᠢᠨᠠᠮ
ᠣᠸᠮ᠎ᠠ ᠬᠦᠷᠦ ᠱᠠᠰᠠ ᠳ᠋ᠠᠷ᠎ᠠ ᠳᠢ ᠮᠠᠮ ᠰᠤᠬ᠎ᠠ
ᠣᠸᠮ᠎ᠠ ᠬᠦᠷᠦ ᠱᠠᠰᠠ ᠳ᠋ᠠᠷ᠎ᠠ ᠳᠢ ᠮᠠᠮ ᠰᠤᠬ᠎ᠠ
ᠣᠸᠮ᠎ᠠ ᠬᠦᠷᠦ ᠱᠠᠰᠠ ᠳ᠋ᠠᠷ᠎ᠠ ᠳᠢ ᠮᠠᠮ ᠰᠤᠬ᠎ᠠ
2026 . 08 . 01
ᠮᠣᠷᠢ ᠵᠢᠯ ᠂ ᠬᠣᠨᠢ ᠰᠠᠷ᠎ᠠ ᠶ᠋ᠢᠨ 18 ᠤ᠋ ᠤᠯᠠᠭᠴᠢᠨ ᠬᠣᠨᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠨᠢᠭᠡ ᠯᠠᠮᠠ ᠄ 《 ᠰᠠᠬᠢᠯ ᠰᠠᠨᠸᠠᠷ ᠰᠠᠢᠲᠤᠷ ᠰᠠᠬᠢᠬᠲᠢ 》 ᠭᠡᠨ᠎ᠡ ᠃ ᠢᠲᠡᠭᠡᠯᠲᠦ ᠪᠠᠭᠰᠢ᠄ 《 ᠣᠷᠴᠢᠯᠠᠩ ᠤ᠋ᠨ ᠰᠠᠢᠨ ᠮᠠᠭᠤ ᠳ᠋ᠤ᠌ ᠬᠣᠯᠢᠭᠳᠠᠨ ᠦᠭᠡᠢ ᠭᠡᠲᠦᠯᠬᠦ ᠶ᠋ᠢ ᠪᠣᠳᠣ 》 ᠭᠡᠮᠡᠨ ᠠᠢᠯᠠᠳᠤᠯ᠎ᠠ᠃
2026 . 08 . 02
ᠮᠣᠷᠢ ᠵᠢᠯ ᠂ ᠬᠣᠨᠢ ᠰᠠᠷ᠎ᠠ ᠶ᠋ᠢᠨ 19 ᠦ᠌ ᠰᠢᠷ᠎ᠠ ᠪᠡᠴᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠨᠢᠭᠡ ᠬᠥᠮᠦᠨ ᠡᠷᠭᠦᠯ ᠮᠥᠷᠭᠥᠯ ᠲᠡᠢ ᠶᠠᠪᠤᠵᠤ ᠪᠠᠢᠨ᠎ᠠ ᠃ ᠢᠲᠡᠭᠡᠯᠲᠦ ᠪᠠᠭᠰᠢ᠄ 《 ᠵᠢᠷᠦᠬᠡᠨ ᠦ᠌ ᠤᠭ ᠡᠴᠡ ᠦᠢᠯᠡᠳᠬᠦ ᠳ᠋ᠦ᠍ ᠰᠠᠢᠨ ᠦᠢᠯᠡ ᠶᠡᠬᠡ ᠪᠡᠷ ᠳᠡᠯᠭᠡᠷᠡᠨ᠎ᠡ 》 ᠭᠡᠮᠡᠨ ᠠᠢᠯᠠᠳᠤᠯ᠎ᠠ᠃
2026 . 08 . 03
ᠮᠣᠷᠢ ᠵᠢᠯ ᠂ ᠬᠣᠨᠢ ᠰᠠᠷ᠎ᠠ ᠶ᠋ᠢᠨ 20 ᠤ᠋ ᠰᠢᠷᠠᠭᠴᠢᠨ ᠲᠠᠬᠢᠶ᠎ᠠ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠥᠨᠳᠥᠷ ᠬᠠᠳᠠ ᠠᠭᠤᠯᠠ ᠲᠠᠢ ᠬᠠᠩᠭᠠᠢ ᠦᠵᠡᠭᠳᠡᠨ᠎ᠡ ᠃ ᠢᠲᠡᠭᠡᠯᠲᠦ ᠪᠠᠭᠰᠢ᠄ 《 ᠠᠯᠳᠠᠷᠲᠤ ᠰᠦᠷ ᠰᠦᠯᠳᠡ ᠳᠡᠭᠡᠭᠰᠢ ᠪᠡᠨ ᠳᠡᠯᠭᠡᠷᠡᠭ》 ᠭᠡᠮᠡᠨ ᠠᠢᠯᠠᠳᠤᠯ᠎ᠠ᠃
2026 . 08 . 04
ᠮᠣᠷᠢ ᠵᠢᠯ ᠂ ᠬᠣᠨᠢ ᠰᠠᠷ᠎ᠠ ᠶ᠋ᠢᠨ 21 ᠦ᠌ ᠴᠠᠭᠠᠨ ᠨᠣᠬᠠᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
《 ᠪᠢ — ᠬᠡᠨ ᠭᠡᠭᠴᠢ ᠪᠣᠢ 》 ᠭᠡᠵᠦ ᠨᠢᠭᠡ ᠬᠥᠮᠦᠨ ᠠᠰᠠᠭᠤᠨ᠎ᠠ ? ᠢᠲᠡᠭᠡᠯᠲᠦ ᠪᠠᠭᠰᠢ᠄ 《 ᠥᠪᠡᠷ ᠢ᠋ ᠪᠡᠨ ᠮᠡᠳᠡᠭᠡ ᠦᠭᠡᠢ ᠪᠠᠢᠭᠠᠳ ᠬᠥᠮᠦᠰ ᠮᠡᠳᠡᠬᠦ ᠠᠷᠭ᠎ᠠ ᠦᠭᠡᠢ 》 ᠭᠡᠮᠡᠨ ᠠᠢᠯᠠᠳᠤᠯ᠎ᠠ᠃
2026 . 08 . 05
ᠮᠣᠷᠢ ᠵᠢᠯ ᠂ ᠬᠣᠨᠢ ᠰᠠᠷ᠎ᠠ ᠶ᠋ᠢᠨ 22 ᠊ ᠤ᠋ᠨ ᠴᠠᠭᠠᠭᠴᠢᠨ ᠭᠠᠬᠠᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠬᠣᠭᠣᠷᠣᠨᠳᠣ ᠪᠠᠨ ᠬᠡᠳᠦ ᠭᠠᠵᠠᠷ ᠬᠣᠪᠢᠶᠠᠷᠢᠭᠰᠠᠨ ᠬᠣᠪ ᠵᠢᠪ ᠲᠡᠢ ᠪᠦᠯᠬᠦᠮ ᠪᠠᠢᠨ᠎ᠠ ᠃ ᠢᠲᠡᠭᠡᠯᠲᠦ ᠪᠠᠭᠰᠢ᠄ 《 ᠠᠩᠭᠢ ᠳᠣᠲᠣᠷ᠎ᠠ ᠶᠠᠰᠤ ᠬᠠᠶᠠᠬᠤ ᠪᠣᠯ ᠭᠠᠷᠴᠠᠭ᠎ᠠ ᠦᠭᠡᠢ ᠶᠡᠬᠡ ᠬᠢᠯᠢᠨᠴᠡ 》 ᠭᠡᠮᠡᠨ ᠠᠢᠯᠠᠳᠤᠯ᠎ᠠ᠃
2026 . 08 . 06
ᠮᠣᠷᠢ ᠵᠢᠯ ᠂ ᠬᠣᠨᠢ ᠰᠠᠷ᠎ᠠ ᠶ᠋ᠢᠨ 23 ᠤ᠋ ᠬᠠᠷ᠎ᠠ ᠬᠤᠯᠤᠭᠠᠨ᠎ᠠ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠨᠢᠭᠡ ᠬᠥᠮᠦᠨ ᠄ 《 ᠵᠣᠪᠠᠯᠠᠩ ᠡᠴᠡ ᠠᠪᠤᠷᠠᠭᠴᠢ ᠳᠡᠭᠡᠳᠦ ᠪᠤᠷᠬᠠᠳ 》 ᠭᠡᠨ᠎ᠡ ᠃ ᠢᠲᠡᠭᠡᠯᠲᠦ ᠪᠠᠭᠰᠢ᠄ 《 ᠦᠨᠡᠨ ᠭᠣᠣᠯ ᠤ᠋ᠨ ᠠᠪᠤᠷᠠᠯ ᠳ᠋ᠤ᠌ ᠢᠳᠡᠭᠡ 》 ᠭᠡᠮᠡᠨ ᠠᠢᠯᠠᠳᠤᠯ᠎ᠠ᠃
2026 . 08 . 07
ᠮᠣᠷᠢ ᠵᠢᠯ ᠂ ᠬᠣᠨᠢ ᠰᠠᠷ᠎ᠠ ᠶ᠋ᠢᠨ 24 ᠦ᠌ ᠬᠠᠷᠠᠭᠴᠢᠨ ᠦᠬᠡᠷ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠡᠪᠡᠳᠴᠢᠨ ᠳ᠋ᠦ᠍ ᠠᠪᠲᠠᠭᠰᠠᠨ ᠬᠥᠮᠦᠨ ᠳ᠋ᠦ᠍ ᠢᠲᠡᠭᠡᠯᠲᠦ ᠪᠠᠭᠰᠢ᠄ 《 ᠰᠠᠢᠨ ᠦᠢᠯᠡ ᠦᠢᠯᠡᠳᠬᠦ ᠬᠦᠴᠦ ᠦᠭᠡᠢ ᠲᠤᠯᠠ ᠰᠦᠵᠢᠭᠯᠡᠨ ᠳ᠋ᠡᠭᠡᠨ ᠪᠠᠶᠠᠰᠬᠤ ᠬᠡᠷᠡᠭᠲᠡᠢ 》 ᠭᠡᠮᠡᠨ ᠠᠢᠯᠠᠳᠤᠯ᠎ᠠ᠃
2026 . 08 . 08
ᠮᠣᠷᠢ ᠵᠢᠯ ᠂ ᠬᠣᠨᠢ ᠰᠠᠷ᠎ᠠ ᠶ᠋ᠢᠨ 25 ᠤ᠋ ᠬᠥᠬᠡ ᠪᠠᠷᠰ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠨᠢᠭᠡ ᠬᠥᠮᠦᠨ ᠣᠮᠣᠭᠣᠷᠬᠠᠵᠤ ᠬᠥᠭᠡᠷᠴᠢᠬᠡᠭᠡᠳ ᠶᠠᠪᠤᠨ᠎ᠠ ᠃ ᠢᠲᠡᠭᠡᠯᠲᠦ ᠪᠠᠭᠰᠢ᠄ 《 ᠣᠮᠣᠭ ᠳᠠᠢᠰᠤᠨ ᠳᠠᠷᠤᠭᠰᠠᠨ ᠬᠥᠮᠦᠨ ᠭᠡᠭᠡᠷᠡᠯ ᠳ᠋ᠦ᠍ ᠬᠦᠷᠦᠨ᠎ᠡ 》 ᠭᠡᠮᠡᠨ ᠠᠢᠯᠠᠳᠤᠯ᠎ᠠ᠃
2026 . 08 . 09
ᠮᠣᠷᠢ ᠵᠢᠯ ᠂ ᠬᠣᠨᠢ ᠰᠠᠷ᠎ᠠ ᠶ᠋ᠢᠨ 26 ᠤ᠋ ᠬᠥᠬᠡᠭᠴᠢᠨ ᠲᠠᠤᠯᠠᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠨᠢᠭᠡ ᠬᠥᠮᠦᠨ ᠶᠡᠬᠡ ᠭᠦᠯᠭᠡᠨ ᠦ᠌ ᠠᠰᠠᠷᠠᠭᠴᠢ ᠪᠣᠳᠢᠰᠠᠳ᠋ᠸ᠎ᠠ ᠳ᠋ᠤ᠌ ᠲᠠᠬᠢᠯ ᠡᠷᠭᠦᠭᠰᠡᠨ᠃ ᠢᠲᠡᠭᠡᠯᠲᠦ ᠪᠠᠭᠰᠢ᠄ 《 ᠠᠭᠤᠤ ᠶᠡᠬᠡ ᠦᠢᠯᠡ ᠬᠡᠷᠡᠭ ᠲᠡᠮᠳᠡᠭᠯᠡᠭᠰᠡᠨ ᠪᠤᠷᠬᠠᠨ 》 ᠭᠡᠮᠡᠨ ᠠᠢᠯᠠᠳᠤᠯ᠎ᠠ᠃
2026 . 08 . 10
ᠮᠣᠷᠢ ᠵᠢᠯ ᠂ ᠬᠣᠨᠢ ᠰᠠᠷ᠎ᠠ ᠶ᠋ᠢᠨ 27 ᠤ᠋ ᠤᠯᠠᠭᠠᠨ ᠯᠤᠤ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠪᠡᠶ᠎ᠡ ᠪᠡᠨ ᠬᠠᠮᠠᠭᠠᠯᠠᠵᠤ ᠶᠠᠪᠤᠭᠰᠠᠨ ᠬᠥᠮᠦᠨ ᠳ᠋ᠦ᠍ ᠢᠲᠡᠭᠡᠯᠲᠦ ᠪᠠᠭᠰᠢ᠄ 《 ᠮᠠᠭᠤ ᠰᠠᠢᠨ ᠠᠯᠢ ᠴᠤ᠌ ᠲᠣᠬᠢᠶᠠᠯᠳᠤᠬᠤ ᠪᠣᠯ ᠰᠡᠳᠬᠢᠯ ᠳᠣᠲᠣᠷ᠎ᠠ ᠪᠠᠨ ᠣᠷᠣᠰᠢᠬᠤ ᠬᠡᠷᠡᠭᠲᠡᠢ 》 ᠭᠡᠮᠡᠨ ᠠᠢᠯᠠᠳᠤᠯ᠎ᠠ᠃
2026 . 08 . 11
ᠮᠣᠷᠢ ᠵᠢᠯ ᠂ ᠬᠣᠨᠢ ᠰᠠᠷ᠎ᠠ ᠶ᠋ᠢᠨ 29 ᠦ᠌ ᠤᠯᠠᠭᠴᠢᠨ ᠮᠣᠭᠠᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠭᠡᠭᠡᠷᠡᠬᠦ ᠵᠣᠷᠢᠯᠭ᠎ᠠ ᠲᠠᠢ ᠬᠥᠮᠦᠨ ᠳ᠋ᠦ᠍ ᠢᠲᠡᠭᠡᠯᠲᠦ ᠪᠠᠭᠰᠢ᠄ 《 ᠪᠡᠶ᠎ᠡ ᠪᠡᠶ᠎ᠡ ᠳ᠋ᠡᠭᠡᠨ ᠰᠠᠢᠨ ᠦᠢᠯᠡ ᠶ᠋ᠢᠨ ᠪᠤᠶᠠᠨ ᠢ᠋ᠶ᠋ᠠᠷ ᠲᠥᠷᠥᠯ ᠪᠦᠭᠦᠳᠡ ᠳ᠋ᠦ᠍ ᠳᠡᠮᠵᠢᠵᠦ ᠬᠡᠬᠡᠷᠡᠭᠡᠳ ᠪᠤᠷᠬᠠᠨ ᠪᠣᠯᠬᠤ ᠭᠠᠭᠴᠠ ᠠᠷᠭ᠎ᠠ 》 ᠭᠡᠮᠡᠨ ᠠᠢᠯᠠᠳᠤᠯ᠎ᠠ᠃
2026 . 08 . 12
ᠮᠣᠷᠢ ᠵᠢᠯ ᠂ ᠬᠣᠨᠢ ᠰᠠᠷ᠎ᠠ ᠶ᠋ᠢᠨ 30 ᠤ᠋ ᠰᠢᠷ᠎ᠠ ᠮᠣᠷᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠨᠢᠭᠡ ᠬᠥᠮᠦᠨ ᠬᠣᠭᠣᠰᠣᠨ ᠴᠢᠨᠠᠷ ᠲᠤᠬᠠᠢ ᠠᠰᠠᠭᠤᠨ᠎ᠠ ᠃ ᠢᠲᠡᠭᠡᠯᠲᠦ ᠪᠠᠭᠰᠢ᠄ 《 ᠬᠣᠭᠣᠰᠣᠨ ᠴᠢᠨᠠᠷ ᠶᠢᠷᠲᠢᠨᠴᠦ ᠲᠡᠢ ᠬᠣᠯᠪᠣᠭ᠎ᠠ ᠦᠭᠡᠢ》 ᠭᠡᠮᠡᠨ ᠠᠢᠯᠠᠳᠤᠯ᠎ᠠ᠃
2026 . 08 . 13
ᠮᠣᠷᠢ ᠵᠢᠯ ᠂ ᠪᠠᠴᠢ ᠰᠠᠷ᠎ᠠ ᠶ᠋ᠢᠨ 1 ᠦ᠌ ᠰᠢᠷᠠᠭᠴᠢᠨ ᠬᠣᠨᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠭᠠᠳᠠᠭᠠᠳᠤ ᠶᠢᠷᠲᠢᠨᠴᠦ ᠨᠢᠰᠸᠠᠨᠢᠰ ᠤ᠋ᠨ ᠬᠦᠴᠦ ᠪᠡᠷ ᠠᠮᠢᠳᠤᠷᠠᠳᠠᠭ ᠭᠡᠵᠦ ᠰᠣᠨᠣᠰᠤᠭᠳᠠᠭ᠎ᠠ᠃ ᠢᠲᠡᠭᠡᠯᠲᠦ ᠪᠠᠭᠰᠢ᠄ 《 ᠠᠮᠤᠭᠤᠯᠠᠩ ᠡᠳ᠋ᠯᠡᠬᠦ ᠭᠡᠪᠡᠯ ᠳᠣᠲᠣᠷ᠎ᠠ ᠡᠴᠡ ᠭᠡᠭᠡᠷᠡᠬᠦ ᠬᠡᠷᠡᠭᠲᠡᠢ 》 ᠭᠡᠮᠡᠨ ᠠᠢᠯᠠᠳᠤᠯ᠎ᠠ᠃
2026 . 08 . 14
ᠮᠣᠷᠢ ᠵᠢᠯ ᠂ ᠪᠡᠴᠢ ᠰᠠᠷ᠎ᠠ ᠶ᠋ᠢᠨ 2 ᠊ ᠤ᠋ᠨ ᠴᠠᠭᠠᠨ ᠪᠠᠴᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠨᠢᠭᠡ ᠬᠥᠮᠦᠨ᠄ 《 ᠠᠮᠢᠨ ᠭᠣᠣᠯ ᠡᠴᠡ ᠬᠡᠰᠢᠭ ᠳᠡᠯᠭᠡᠷᠡᠨ᠎ᠡ 》 ᠭᠡᠨ᠎ᠡ ᠃ ᠢᠲᠡᠭᠡᠯᠲᠦ ᠪᠠᠭᠰᠢ᠄ 《 ᠪᠠᠳᠠᠷᠠᠭᠰᠠᠨ ᠰᠡᠳᠬᠢᠯ ᠦ᠋ᠨ ᠭᠠᠯ ᠳ᠋ᠤ᠌ ᠨᠢᠰᠸᠠᠨᠢᠰ ᠰᠢᠳᠡᠨ᠎ᠡ 》 ᠭᠡᠮᠡᠨ ᠠᠢᠯᠠᠳᠤᠯ᠎ᠠ᠃
2026 . 08 . 15
ᠮᠣᠷᠢ ᠵᠢᠯ ᠂ ᠪᠡᠴᠢ ᠰᠠᠷ᠎ᠠ ᠶ᠋ᠢᠨ 3 ᠤ᠋ ᠴᠠᠭᠠᠭᠴᠢᠨ ᠲᠠᠬᠢᠶ᠎ᠠ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠨᠢᠭᠡ ᠬᠥᠮᠦᠨ ᠄ 《 ᠬᠡᠨ ᠦᠢᠯᠡ ᠦᠢᠯᠡᠳᠬᠦ ᠪᠣᠯ ᠲᠡᠷᠡ ᠨᠢ ᠦᠷ᠎ᠡ ᠪᠡᠨ ᠠᠮᠰᠠᠬᠤ ᠶᠣᠰᠣᠲᠠᠢ ᠤᠤ 》 ᠭᠡᠵᠦ ᠠᠰᠠᠭᠤᠨ᠎ᠠ ᠃ ᠢᠲᠡᠭᠡᠯᠲᠦ ᠪᠠᠭᠰᠢ ᠄ 《 ᠬᠠᠮᠤᠭ ᠠᠮᠢᠲᠠᠨ ᠬᠣᠭᠣᠷᠣᠨᠳᠣ ᠪᠠᠨ ᠤᠶᠠᠭᠳᠠᠬᠤ ᠰᠢᠲᠦᠨ ᠪᠠᠷᠢᠯᠳᠤᠯᠭ᠎ᠠ ᠲᠠᠢ》 ᠭᠡᠮᠡᠨ ᠠᠢᠯᠠᠳᠤᠯ᠎ᠠ᠃
2026 . 08 . 16
ᠮᠣᠷᠢ ᠵᠢᠯ ᠂ ᠪᠠᠴᠢ ᠰᠠᠷ᠎ᠠ ᠶ᠋ᠢᠨ 4 ᠦ᠌ ᠬᠠᠷ᠎ᠠ ᠨᠣᠬᠠᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠨᠢᠭᠡ ᠬᠥᠮᠦᠨ᠄ 《 ᠬᠦᠰᠡᠯ ᠦ᠋ᠨ ᠣᠷᠣᠨ ᠳ᠋ᠤ᠌ ᠠᠮᠢᠳᠤᠷᠠᠯ ᠥᠪᠡᠷ ᠦ᠋ᠨ ᠰᠠᠨᠠᠭᠠᠨ ᠤ᠋ 》 ᠭᠡᠨ᠎ᠡ ᠃ ᠢᠲᠡᠭᠡᠯᠲᠦ ᠪᠠᠭᠰᠢ᠄ 《 ᠶᠢᠷᠲᠢᠨᠴᠦ ᠳ᠋ᠦ᠍ ᠪᠤᠷᠬᠠᠨ ᠪᠠᠭᠰᠢ ᠪᠠᠢᠨ᠎ᠠ ᠭᠡᠬᠦ ᠳ᠋ᠦ᠍ ᠪᠠᠢᠬᠤ ᠂ ᠦᠭᠡᠢ ᠭᠡᠪᠡᠯ ᠦᠭᠡᠢ 》 ᠭᠡᠮᠡᠨ ᠠᠢᠯᠠᠳᠤᠯ᠎ᠠ᠃
2026 . 08 . 17
ᠮᠣᠷᠢ ᠵᠢᠯ ᠂ ᠪᠠᠴᠢ ᠰᠠᠷ᠎ᠠ ᠶ᠋ᠢᠨ 5 ᠤ᠋ ᠬᠠᠷᠠᠭᠴᠢᠨ ᠭᠠᠬᠠᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠨᠢᠭᠡ ᠬᠥᠮᠦᠨ᠄ 《 ᠤᠬᠠᠭᠠᠨ ᠲᠣᠳᠣ ᠪᠣᠯᠤᠭ᠎ᠠ 》 ᠭᠡᠨ᠎ᠡ ᠃ ᠢᠲᠡᠭᠡᠯᠲᠦ ᠪᠠᠭᠰᠢ᠄ 《 ᠣᠶᠤᠨ ᠤᠬᠠᠭᠠᠨ ᠤ᠋ ᠴᠢᠳᠠᠯ ᠲᠣᠳᠣᠷᠬᠠᠢᠯᠠᠨ ᠳᠡᠯᠭᠡᠷᠡᠬᠦ 》 ᠭᠡᠮᠡᠨ ᠠᠢᠯᠠᠳᠤᠯ᠎ᠠ᠃
2026 . 08 . 18
ᠮᠣᠷᠢ ᠵᠢᠯ ᠂ ᠪᠠᠴᠢ ᠰᠠᠷ᠎ᠠ ᠶ᠋ᠢᠨ 6 ᠤ᠋ ᠬᠥᠬᠡ ᠬᠤᠯᠤᠭᠠᠨ᠎ᠠ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠨᠢᠭᠡ ᠬᠥᠮᠦᠨ ᠡᠩᠬᠡ ᠮᠡᠨᠳᠦ ᠶ᠋ᠢᠨ ᠬᠤᠷ᠎ᠠ ᠪᠠᠭᠤᠯᠭᠠᠭ᠎ᠠ ᠃ ᠢᠲᠡᠭᠡᠯᠲᠦ ᠪᠠᠭᠰᠢ᠄ 《 ᠰᠡᠳᠬᠢᠯ ᠰᠡᠷᠭᠦᠭᠡᠬᠦ ᠢᠷᠦᠭᠡᠯ ᠲᠡᠢ 》 ᠭᠡᠮᠡᠨ ᠠᠢᠯᠠᠳᠤᠯ᠎ᠠ᠃
2026 . 08 . 19
ᠮᠣᠷᠢ ᠵᠢᠯ ᠂ ᠪᠡᠴᠢ ᠰᠠᠷ᠎ᠠ ᠶ᠋ᠢᠨ 7 ᠤ᠋ ᠬᠥᠬᠡᠭᠴᠢᠨ ᠦᠬᠡᠷ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠨᠢᠭᠡ ᠬᠥᠮᠦᠨ᠄ 《 ᠪᠢ ᠥᠨᠥᠳᠥᠷ ᠯᠠᠪ ᠦᠬᠦᠬᠦ ᠦᠭᠡᠢ 》 ᠭᠡᠵᠦ ᠪᠣᠳᠣᠨ᠎ᠠ᠃ ᠢᠲᠡᠭᠡᠯᠲᠦ ᠪᠠᠭᠰᠢ᠄ 《 ᠶᠢᠷᠲᠢᠨᠴᠦ ᠶ᠋ᠢᠨ ᠠᠷᠬᠠᠭ ᠡᠪᠡᠳᠴᠢᠨ ᠢ᠋ ᠡᠮ ᠢ᠋ᠶ᠋ᠡᠷ ᠠᠷᠭᠠᠯᠠᠨ᠎ᠠ ᠭᠡᠵᠦ ᠪᠠᠢᠳᠠᠭ ᠦᠭᠡᠢ 》 ᠭᠡᠮᠡᠨ ᠠᠢᠯᠠᠳᠤᠯ᠎ᠠ᠃
2026 . 08 . 20
ᠮᠣᠷᠢ ᠵᠢᠯ ᠂ ᠪᠠᠴᠢ ᠰᠠᠷ᠎ᠠ ᠶ᠋ᠢᠨ 8 ᠤ᠋ ᠤᠯᠠᠭᠠᠨ ᠪᠠᠷᠰ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠡᠷᠳᠡᠮᠲᠡᠳ 5 ᠮᠠᠬᠠᠪᠣᠳ ᠲᠤᠬᠠᠢ ᠰᠢᠨᠵᠢᠯᠡᠭᠡ ᠬᠢᠵᠦ ᠪᠠᠢᠨ᠎ᠠ᠃ ᠢᠲᠡᠭᠡᠯᠲᠦ ᠪᠠᠭᠰᠢ᠄ 《 ᠦᠨᠡᠨ ᠦᠵᠡᠭᠳᠡᠯ ᠪᠣᠯ ᠬᠤᠳ ( ᠦᠷᠭᠦᠯᠵᠢ ) ᠪᠦᠭᠦᠳᠡ ᠶᠠᠭᠤᠮᠠᠨ ᠤ᠋ ᠬᠣᠭᠣᠷᠣᠨᠳᠣ ᠪᠠᠢᠳᠠᠭ ᠶᠤᠮ 》 ᠭᠡᠮᠡᠨ ᠠᠢᠯᠠᠳᠤᠯ᠎ᠠ᠃
2026 . 08 . 21
ᠮᠣᠷᠢ ᠵᠢᠯ ᠂ ᠪᠡᠴᠢ ᠰᠠᠷ᠎ᠠ ᠶ᠋ᠢᠨ 9 ᠦ᠌ ᠤᠯᠠᠭᠴᠢᠨ ᠲᠠᠤᠯᠠᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠲᠠᠨᠢᠭᠳᠠᠭ᠎ᠠ ᠦᠭᠡᠢ ᠣᠳᠣᠨ ᠤ᠋ ᠲᠤᠶᠠᠭ᠎ᠠ ᠳᠣᠣᠷ᠎ᠠ ᠮᠣᠷᠢ ᠤᠨᠤᠭᠰᠠᠨ ᠬᠥᠮᠦᠨ ᠰᠢᠭᠤᠷᠭ᠎ᠠ ᠮᠡᠲᠦ ᠬᠠᠷᠠᠢᠯᠠᠵᠤ ᠭᠠᠷᠤᠭ᠎ᠠ᠃ ᠢᠲᠡᠭᠡᠯᠲᠦ ᠪᠠᠭᠰᠢ᠄ 《 ᠷᠢᠳᠢ ᠬᠤᠪᠢᠯᠭᠠᠨ ᠤ᠋ ᠬᠦᠴᠦ ᠴᠢᠳᠠᠯ ᠲᠠᠢ ᠮᠣᠷᠢᠨ ᠡᠷᠳᠡᠨᠢ 》 ᠭᠡᠮᠡᠨ ᠠᠢᠯᠠᠳᠤᠯ᠎ᠠ᠃
2026 . 08 . 22
ᠮᠣᠷᠢ ᠵᠢᠯ ᠂ ᠪᠡᠴᠢ ᠰᠠᠷ᠎ᠠ ᠶ᠋ᠢᠨ 10 ᠤ᠋ ᠰᠢᠷ᠎ᠠ ᠯᠤᠤ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠳᠠᠪᠠᠭᠠᠨ ᠤ᠋ ᠴᠠᠭᠠᠨ᠎ᠠ ᠳᠤᠭᠠᠩ ᠦᠵᠡᠭᠳᠡᠨ᠎ᠡ᠃ ᠢᠲᠡᠭᠡᠯᠲᠦ ᠪᠠᠭᠰᠢ᠄ 《 ᠡᠷᠲᠡ ᠶ᠋ᠢᠨ ᠰᠤᠷᠭᠠᠯ ᠳᠠᠭᠠᠤ ᠶᠠᠪᠤᠭᠠᠷᠠᠢ 》 ᠭᠡᠮᠡᠨ ᠠᠢᠯᠠᠳᠤᠯ᠎ᠠ᠃
2026 . 08 . 23
ᠮᠣᠷᠢ ᠵᠢᠯ ᠂ ᠪᠡᠴᠢ ᠰᠠᠷ᠎ᠠ ᠶ᠋ᠢᠨ 11 ᠦ᠌ ᠰᠢᠷᠠᠭᠴᠢᠨ ᠮᠣᠭᠠᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠪᠦᠭᠦᠳᠡ ᠶ᠋ᠢ ᠦᠵᠡᠭᠴᠢ ᠮᠡᠯᠮᠡᠢ ᠭᠡᠵᠦ ᠰᠣᠨᠣᠰᠤᠭᠳᠠᠭ᠎ᠠ ᠃ ᠢᠲᠡᠭᠡᠯᠲᠦ ᠪᠠᠭᠰᠢ ᠄ 《 ᠪᠤᠷᠬᠠᠨᠯᠢᠭ ᠳᠡᠭᠡᠳᠦ ᠮᠥᠨ ᠴᠢᠨᠠᠷ 》 ᠭᠡᠮᠡᠨ ᠠᠢᠯᠠᠳᠤᠯ᠎ᠠ᠃
2026 . 08 . 24
ᠮᠣᠷᠢ ᠵᠢᠯ ᠂ ᠪᠠᠴᠢ ᠰᠠᠷ᠎ᠠ ᠶ᠋ᠢᠨ 12 ᠊ ᠤ᠋ᠨ ᠴᠠᠭᠠᠨ ᠮᠣᠷᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠨᠢᠭᠡ ᠬᠥᠮᠦᠨ ᠦᠢᠯᠡ ᠪᠦᠲᠦᠭᠡᠬᠦ ᠭᠡᠳ ᠬᠦᠰᠡᠯ ᠭᠠᠷᠭᠠᠨ ᠦᠭᠡᠢ ᠭᠡᠨ᠎ᠡ᠃ ᠢᠲᠡᠭᠡᠯᠲᠦ ᠪᠠᠭᠰᠢ᠄ 《 ᠪᠤᠷᠬᠠᠨ ᠤ᠋ ᠣᠷᠣᠨ ᠳ᠋ᠤ᠌ ᠲᠠᠬᠢᠯ ᠪᠠᠳᠠᠷᠠᠭᠤᠯᠤᠨ ᠡᠷᠭᠦ 》 ᠭᠡᠮᠡᠨ ᠠᠢᠯᠠᠳᠤᠯ᠎ᠠ᠃
2026 . 08 . 25
ᠮᠣᠷᠢ ᠵᠢᠯ ᠂ ᠪᠠᠴᠢ ᠰᠠᠷ᠎ᠠ ᠶ᠋ᠢᠨ 13 ᠤ᠋ ᠴᠠᠭᠠᠭᠴᠢᠨ ᠬᠣᠨᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠨᠢᠭᠡ ᠬᠥᠮᠦᠨ᠄ 《 ᠢᠲᠡᠭᠡᠯᠲᠦ ᠬᠠᠮᠪᠤ ᠳ᠋ᠠᠭᠠᠨ ᠮᠥᠷᠭᠥᠬᠦ ᠶᠤᠮ》 ᠭᠡᠨ᠎ᠡ ᠃ ᠢᠲᠡᠭᠡᠯᠲᠦ ᠪᠠᠭᠰᠢ᠄ 《 ᠪᠤᠷᠬᠠᠨ ᠤ᠋ ᠪᠤᠷᠬᠠᠨ ᠰᠡᠯᠲᠡ ᠳ᠋ᠦ᠍ᠷ ᠮᠥᠷᠭᠥᠮᠦ 》 ᠭᠡᠮᠡᠨ ᠠᠢᠯᠠᠳᠤᠯ᠎ᠠ᠃
2026 . 08 . 26
ᠮᠣᠷᠢ ᠵᠢᠯ ᠂ ᠪᠡᠴᠢ ᠰᠠᠷ᠎ᠠ ᠶ᠋ᠢᠨ 13 ᠤ᠋ ᠬᠠᠷ᠎ᠠ ᠪᠠᠴᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠨᠢᠭᠡ ᠬᠥᠮᠦᠨ ᠨᠢᠭᠤᠴᠠ ᠲᠠᠷᠨᠢ ᠶ᠋ᠢᠨ ᠲᠤᠬᠠᠢ ᠠᠰᠠᠭᠤᠨ᠎ᠠ ᠃ ᠢᠲᠡᠭᠡᠯᠲᠦ ᠪᠠᠭᠰᠢ᠄ 《 ᠠᠷᠪᠠᠨ ᠵᠦᠭ ᠦ᠋ᠨ ᠪᠤᠷᠬᠠᠳ ᠡᠴᠡ ᠠᠮᠠ ᠲᠠᠩᠭᠠᠷᠢᠭ ᠠᠪᠬᠤ ᠬᠡᠷᠡᠭᠲᠡᠢ 》 ᠭᠡᠮᠡᠨ ᠠᠢᠯᠠᠳᠤᠯ᠎ᠠ᠃
2026 . 08 . 27
ᠮᠣᠷᠢ ᠵᠢᠯ ᠂ ᠪᠠᠴᠢ ᠰᠠᠷ᠎ᠠ ᠶ᠋ᠢᠨ 14 ᠦ᠌ ᠬᠠᠷᠠᠭᠴᠢᠨ ᠲᠠᠬᠢᠶ᠎ᠠ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠨᠢᠭᠡ ᠬᠥᠮᠦᠨ ᠮᠠᠨᠢ ᠶ᠋ᠢᠨ ᠲᠠᠷᠨᠢ ᠶᠡᠬᠡ ᠪᠡᠷ ᠲᠠᠲᠠᠨ᠎ᠠ ᠃ ᠢᠲᠡᠭᠡᠯᠲᠦ ᠪᠠᠭᠰᠢ᠄ 《 ᠪᠣᠳᠢ ᠰᠡᠳᠬᠢᠯ ᠡᠭᠦᠰᠬᠡᠵᠦ ᠪᠠᠢᠭᠠᠳ ᠬᠠᠮᠤᠭ ᠠᠮᠢᠲᠠᠨ ᠠᠪᠤᠷᠠᠨ᠎ᠠ 》 ᠭᠡᠮᠡᠨ ᠠᠢᠯᠠᠳᠤᠯ᠎ᠠ᠃
2026 . 08 . 28
ᠮᠣᠷᠢ ᠵᠢᠯ ᠂ ᠪᠠᠴᠢ ᠰᠠᠷ᠎ᠠ ᠶ᠋ᠢᠨ 15 ᠤ᠋ ᠬᠥᠬᠡ ᠨᠣᠬᠠᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠬᠤᠷᠠᠯ ᠳ᠋ᠤ᠌ ᠠᠮᠤᠭᠤᠯᠠᠩ ᠪᠠᠢᠬᠤ ᠶ᠋ᠢᠨ ᠲᠥᠯᠥᠭᠡ ᠳᠠᠭᠠᠳᠬᠠᠯ ᠣᠷᠣᠵᠤ ᠪᠠᠢᠨ᠎ᠠ ᠃ ᠢᠲᠡᠭᠡᠯᠲᠦ ᠪᠠᠭᠰᠢ᠄ 《 ᠬᠡᠳᠦᠢ ᠴᠢᠨᠡᠭᠡᠨ ᠠᠮᠢᠲᠠᠳ ᠲᠤᠰᠠᠯᠠᠬᠤ ᠪᠣᠯ ᠲᠡᠳᠦᠢ ᠴᠢᠨᠡᠭᠡᠨ ᠠᠮᠤᠭᠤᠯᠠᠩ ᠡᠳ᠋ᠯᠡᠬᠦ 》 ᠭᠡᠮᠡᠨ ᠠᠢᠯᠠᠳᠤᠯ᠎ᠠ᠃
2026 . 08 . 29
ᠮᠣᠷᠢ ᠵᠢᠯ ᠂ ᠪᠠᠴᠢ ᠰᠠᠷ᠎ᠠ ᠶ᠋ᠢᠨ 16 ᠤ᠋ ᠬᠥᠬᠡᠭᠴᠢᠨ ᠭᠠᠬᠠᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠨᠢᠭᠡ ᠬᠥᠮᠦᠨ᠄ 《 ᠪᠢ — ᠭᠡᠳᠡᠭ ᠬᠠᠮᠢᠭ᠎ᠠ ᠪᠠᠢᠨ᠎ᠠ ᠶᠤᠮ ? ᠣᠯᠳᠠᠭᠳᠠᠬᠤ ᠦᠭᠡᠢ 》 ᠭᠡᠨ᠎ᠡ ᠃ ᠢᠲᠡᠭᠡᠯᠲᠦ ᠪᠠᠭᠰᠢ᠄ 《 ᠦᠨᠡᠨ ᠰᠡᠳᠬᠢᠯ ᠭᠠᠳᠠᠭᠠᠳᠤ ᠶᠢᠷᠲᠢᠨᠴᠦ ᠳ᠋ᠦ᠍ ᠰᠠᠭᠠᠲᠠᠬᠤ ᠦᠭᠡᠢ 》 ᠭᠡᠮᠡᠨ ᠠᠢᠯᠠᠳᠤᠯ᠎ᠠ᠃
2026 . 08 . 30
ᠮᠣᠷᠢ ᠵᠢᠯ ᠂ ᠪᠡᠴᠢ ᠰᠠᠷ᠎ᠠ ᠶ᠋ᠢᠨ 17 ᠤ᠋ ᠤᠯᠠᠭᠠᠨ ᠬᠤᠯᠤᠭᠠᠨ᠎ᠠ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠨᠢᠭᠡ ᠬᠥᠮᠦᠨ ᠵᠢᠭᠠᠬᠠᠨ ᠬᠤᠪᠢ ᠪᠠᠨ ᠭᠡᠭᠡᠷᠡᠭᠦᠯ ᠳ᠋ᠦ᠍ ᠵᠣᠷᠢᠭᠤᠯᠤᠭᠰᠠᠨ ᠭᠡᠨ᠎ᠡ ᠃ ᠢᠲᠡᠭᠡᠯᠲᠦ ᠪᠠᠭᠰᠢ᠄ 《 ᠳᠣᠲᠣᠭᠠᠳᠤ ᠣᠷᠣᠨ ᠢ᠋ᠶ᠋ᠠᠨ ᠠᠮᠤᠷᠯᠢᠭᠤᠯᠤᠨ ᠪᠢᠰᠢᠯᠭ᠎ᠠ 》 ᠭᠡᠮᠡᠨ ᠠᠢᠯᠠᠳᠤᠯ᠎ᠠ᠃
2026 . 08 . 31
ᠮᠣᠷᠢ ᠵᠢᠯ ᠂ ᠪᠡᠴᠢ ᠰᠠᠷ᠎ᠠ ᠶ᠋ᠢᠨ 18 ᠤ᠋ ᠤᠯᠠᠭᠴᠢᠨ ᠦᠬᠡᠷ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠨᠢᠭᠡ ᠬᠥᠮᠦᠨ ᠬᠣᠲᠠ ᠮᠠᠨᠳᠠᠯ ᠡᠷᠭᠦᠵᠦ ᠪᠠᠢᠨ᠎ᠠ ᠃ ᠢᠲᠡᠭᠡᠯᠲᠦ ᠪᠠᠭᠰᠢ᠄ 《 ᠥᠪᠡᠷ ᠪᠤᠰᠤᠳ ᠤ᠋ᠨ ᠪᠡᠶ᠎ᠡ ᠬᠡᠯᠡ ᠰᠡᠳᠬᠢᠯ ᠦ᠋ᠨ ᠲᠡᠭᠦᠰ ᠡᠳ᠋ᠯᠡᠯ ᠭᠤᠷᠪᠠᠨ ᠴᠠᠭ ᠲᠤ᠌ ᠪᠤᠶᠠᠨ ᠤ᠋ ᠴᠢᠭᠤᠯᠭᠠᠨ ᠳᠡᠯᠭᠡᠷᠡᠭ 》 ᠭᠡᠮᠡᠨ ᠠᠢᠯᠠᠳᠤᠯ᠎ᠠ᠃
ᠢᠷᠡᠯᠲᠡ᠄ ᠢᠪᠠᠯᠭ᠎ᠠ ᠶ᠋ᠢᠨ ᠳᠠᠼᠠᠩ 《 ᠬᠠᠮᠪᠤ ᠶ᠋ᠢᠨ ᠬᠦᠷᠢᠶ᠎ᠡ》
ᠦᠰᠦᠭ ᠠᠮᠢᠯᠠᠭᠤᠯᠤᠭᠴᠢ᠄ ᠠᠯᠲᠠᠨᠨᠠᠪᠴᠢ
ᠬᠢᠨᠠᠭᠴᠢ᠄ ᠣᠳᠬᠠᠨᠰᠣ᠎ᠠ
