ᠦᠨᠡᠨ ᠰᠡᠳᠬᠢᠯ-ᠨᠢᠮᠠᠽᠠᠭᠳᠠ ᠬᠠᠨᠳᠠᠮᠠ Unen setgel -Nyamzagd Handmaa Үнэн сэтгэл-Нямзагд Хандмаа
ᠦᠨᠡᠨ ᠰᠡᠳᠬᠢᠯ
ᠦᠭᠡ᠂ ᠠᠶ᠎ᠠ᠄ ᠢᠷᠦᠭᠡᠯᠴᠢ ᠰᠦᠬᠡ
ᠳᠠᠭᠤᠴᠢᠨ᠄ ᠪ· ᠨᠢᠮᠠᠵᠠᠭᠳᠠ᠂ ᠪ· ᠬᠠᠨᠳᠤᠮ᠎ᠠ
ᠴᠢᠮᠡᠭᠡ ᠦᠭᠡᠢᠬᠡᠨ ᠭᠤᠨᠢᠭᠯᠠᠭᠠᠳ ᠰᠠᠭᠤᠬᠤ ᠳ᠋ᠤ᠌ ᠴᠢᠨᠢ
ᠴᠢᠬᠢᠨ ᠳᠡᠭᠡᠷ᠎ᠡ ᠴᠢᠨᠢ ᠰᠠᠯᠬᠢ ᠪᠣᠯᠵᠤ ᠨᠠᠭᠠᠳᠤᠶ᠎ᠠ
ᠤᠳᠠᠭᠠᠨ ᠭᠤᠨᠢᠭᠯᠠᠭᠠᠳ ᠢᠷᠡᠬᠦ ᠪᠡᠷ ᠴᠢᠨᠢ
ᠤᠷᠤᠭᠤᠯ ᠡᠴᠡ ᠴᠢᠨᠢ ᠢᠷᠦᠭᠡᠯ ᠪᠣᠯᠵᠤ ᠣᠨᠳᠣᠷᠤᠶᠠ ᠳᠠ
ᠬᠡᠨ ᠬᠡᠨ ᠢ᠋ᠶ᠋ᠡᠨ ᠤᠶᠠᠷᠠᠭᠠᠭᠠᠳ
ᠬᠡᠯᠡᠯᠴᠡᠵᠦ ᠶᠠᠷᠢᠯᠴᠠᠭᠠᠳ ᠬᠦᠨᠳᠦᠯᠡᠵᠦ ᠬᠠᠢᠷᠠᠯᠠᠶ᠎ᠠ ᠠ᠋
ᠦᠶ᠎ᠡ ᠶ᠋ᠢᠨ ᠢ᠋ᠶ᠋ᠡᠨ ᠵᠠᠯᠠᠭᠤᠰ ᠲᠠᠭᠠᠨ ᠦᠯᠢᠭᠡᠷᠯᠡᠭᠡᠳ
ᠦᠨᠡᠨᠴᠢ ᠪᠡᠷ ᠪᠡᠶᠡᠰ ᠢ᠋ᠶ᠋ᠡᠨ ᠬᠠᠢᠷᠠᠯᠠᠶ᠎ᠠ
ᠴᠢᠮ᠎ᠠ ᠶ᠋ᠢ ᠢᠨᠢᠶᠡᠵᠦ ᠪᠠᠢᠪᠠᠯ ᠪᠢ
ᠴᠢᠨᠳᠠᠭᠠᠨ ᠴᠠᠭᠠᠨ ᠰᠠᠷ᠎ᠠ ᠪᠣᠯᠵᠤ ᠨᠠᠭᠠᠳᠤᠶ᠎ᠠ
ᠴᠢᠩᠭ᠎ᠠ ᠳᠡᠭᠡᠷ᠎ᠡ ᠡᠴᠡ ᠴᠢᠨᠢ ᠪᠣᠷᠣᠭ᠎ᠠ ᠪᠣᠯᠤᠨ ᠵᠦᠰᠡᠷᠡᠵᠦ
ᠴᠢᠰ ᠤᠯᠠᠭᠠᠨ ᠰᠠᠷᠠᠨᠠᠢ ᠪᠣᠯᠵᠤ ᠲᠡᠪᠡᠷᠢᠭᠦᠯᠦᠶᠡ
ᠬᠡᠨ ᠬᠡᠨ ᠢ᠋ᠶ᠋ᠡᠨ ᠤᠶᠠᠷᠠᠭᠠᠭᠠᠳ
ᠬᠡᠯᠡᠯᠴᠡᠵᠦ ᠶᠠᠷᠢᠯᠴᠠᠭᠠᠳ ᠬᠦᠨᠳᠦᠯᠡᠵᠦ ᠬᠠᠢᠷᠠᠯᠠᠶ᠎ᠠ ᠠ᠋
ᠦᠶ᠎ᠡ ᠶ᠋ᠢᠨ ᠢ᠋ᠶ᠋ᠡᠨ ᠵᠠᠯᠠᠭᠤᠰ ᠲᠠᠭᠠᠨ ᠦᠯᠢᠭᠡᠷᠯᠡᠭᠡᠳ
ᠦᠨᠡᠨᠴᠢ ᠪᠡᠷ ᠪᠡᠶᠡᠰ ᠢ᠋ᠶ᠋ᠡᠨ ᠬᠠᠢᠷᠠᠯᠠᠶ᠎ᠠ
ᠳᠤᠷᠠᠯᠠᠭᠰᠠᠨ ᠴᠢ ᠮᠢᠨᠢ ᠵᠢᠩᠳᠡᠭᠡᠳ ᠢᠷᠡᠪᠡᠯ
ᠳᠤᠯᠠᠭᠠᠨ ᠵᠤᠨ ᠨᠢ ᠪᠣᠯᠵᠤ ᠴᠡᠩᠭᠡᠭᠦᠯᠦᠶᠡ
ᠤᠢᠳᠬᠠᠷ ᠲᠤ᠌ ᠠᠪᠲᠠᠭᠠᠳ ᠰᠠᠨᠠᠭᠠᠰᠢᠷᠠᠵᠤ ᠰᠠᠭᠤᠪᠠᠯ
ᠤᠷᠢᠨ ᠬᠠᠪᠤᠷ ᠨᠢ ᠪᠢ ᠪᠣᠯᠵᠤ ᠦᠷᠭᠦᠭᠡᠶᠡ ᠳᠡ
ᠬᠡᠨ ᠬᠡᠨ ᠢ᠋ᠶ᠋ᠡᠨ ᠤᠶᠠᠷᠠᠭᠠᠭᠠᠳ
ᠬᠡᠯᠡᠯᠴᠡᠵᠦ ᠶᠠᠷᠢᠯᠴᠠᠭᠠᠳ ᠬᠦᠨᠳᠦᠯᠡᠵᠦ ᠬᠠᠢᠷᠠᠯᠠᠶ᠎ᠠ ᠠ᠋
ᠦᠶ᠎ᠡ ᠶ᠋ᠢᠨ ᠢ᠋ᠶ᠋ᠡᠨ ᠵᠠᠯᠠᠭᠤᠰ ᠲᠠᠭᠠᠨ ᠦᠯᠢᠭᠡᠷᠯᠡᠭᠡᠳ
ᠦᠨᠡᠨᠴᠢ ᠪᠡᠷ ᠪᠡᠶᠡᠰ ᠢ᠋ᠶ᠋ᠡᠨ ᠬᠠᠢᠷᠠᠯᠠᠶ᠎ᠠ
ᠬᠠᠢᠷᠠᠯᠠᠶ᠎ᠠ
ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
ᠦᠰᠦᠭ ᠬᠠᠳᠠᠭᠴᠢ᠄ ᠪᠠᠢ᠂ ᠰᠠᠷᠠᠨ᠎ᠠ
ᠬᠢᠨᠠᠭᠴᠢ᠄ ᠰᠣᠨᠢᠨᠪᠠᠶᠠᠷ
