ᠬᠠᠨᠢ ᠶ᠋ᠢᠨ ᠵᠢᠷᠭᠠᠯ -ᠪᠠᠲᠤᠰᠦ᠋ᠬᠡ᠂ ᠨᠠᠷᠠᠨᠲᠤᠶᠠᠭ᠎ᠠ Ханийн жаргал-Батсүх,Нарантуяа ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠨᠢ ᠶ᠋ᠢᠨ ᠵᠢᠷᠭᠠᠯ -ᠪᠠᠲᠤᠰᠦ᠋ᠬᠡ᠂ ᠨᠠᠷᠠᠨᠲᠤᠶᠠᠭ᠎ᠠ Ханийн жаргал-Батсүх,Нарантуяа

ᠬᠠᠨᠢ ᠶ᠋ᠢᠨ ᠵᠢᠷᠭᠠᠯ -ᠪᠠᠲᠤᠰᠦ᠋ᠬᠡ᠂ ᠨᠠᠷᠠᠨᠲᠤᠶᠠᠭ᠎ᠠ Ханийн жаргал-Батсүх,Нарантуяа

ᠠᠩᠭᠢᠯᠠᠯ:ᠳᠠᠭᠤᠤ ᠬᠥᠭᠵᠢᠮ
2024-10-22

997

ᠬᠠᠨᠢ ᠶ᠋ᠢᠨ ᠵᠢᠷᠭᠠᠯ

   ᠦᠭᠡ᠄ ᠨᠠᠷᠠᠨᠴᠢᠮᠡᠭ 
   ᠠᠶ᠎ᠠ᠄ ᠪᠣᠶᠠᠨᠬᠡᠰᠢᠭ 
   — ᠪᠠᠲᠤᠰᠦ᠋ᠬᠡ᠂ ᠨᠠᠷᠠᠨᠲᠤᠶᠠᠭ᠎ᠠ ᠳᠠᠭᠤᠯᠠᠨ᠎ᠠ 

ᠰᠠᠢᠬᠠᠨ ᠴᠢᠮ᠎ᠠ ᠶ᠋ᠢ ᠪᠡᠨ ᠰᠠᠨᠠᠭᠠᠳ ᠪᠠᠢᠨ᠎ᠠ 
ᠵᠦᠩ ᠢ᠋ᠶ᠋ᠡᠷ ᠢ᠋ᠶ᠋ᠡᠨ ᠴᠢᠮ᠎ᠠ ᠶ᠋ᠢ ᠪᠡᠨ ᠦᠭᠡᠢᠯᠡᠭᠡᠳ ᠪᠠᠢᠨ᠎ᠠ 
ᠰᠠᠢᠬᠠᠨ ᠴᠢᠮ᠎ᠠ ᠶ᠋ᠢ ᠪᠡᠨ ᠰᠠᠨᠠᠭᠠᠳ ᠪᠠᠢᠨ᠎ᠠ 
ᠵᠦᠩ ᠢ᠋ᠶ᠋ᠡᠷ ᠢ᠋ᠶ᠋ᠡᠨ ᠴᠢᠮ᠎ᠠ ᠶ᠋ᠢ ᠪᠡᠨ ᠦᠭᠡᠢᠯᠡᠭᠡᠳ ᠪᠠᠢᠨ᠎ᠠ 
ᠦᠭᠡᠢᠯᠡᠭᠡᠳ ᠪᠠᠢᠨ᠎ᠠ᠁

ᠬᠠᠨᠠᠭᠠᠷ ᠥᠷᠭᠡᠨ ᠮᠥᠷᠥ ᠶ᠋ᠢ ᠴᠢᠨᠢ ᠲᠦᠰᠢᠭᠡᠳ 
ᠬᠠᠩᠬᠠᠭᠠᠷ ᠠᠭᠤᠳᠠᠮ ᠴᠡᠭᠡᠵᠢ ᠶ᠋ᠢ ᠴᠢᠨᠢ ᠨᠠᠯᠠᠭᠠᠳ 
ᠢᠲᠡᠭᠡᠯ ᠪᠢᠯᠬᠠᠭᠰᠠᠨ ᠬᠠᠢᠷ᠎ᠠ ᠶ᠋ᠢ ᠴᠢᠨᠢ ᠡᠳ᠋ᠯᠡᠭᠡᠳ 
ᠢᠨᠢᠶᠡᠳᠦ ᠪᠡᠷ ᠳᠦᠭᠦᠷᠡᠩ ᠠᠮᠢᠳᠤᠷᠠᠯ ᠮᠢᠨᠢ ᠡᠬᠢᠯᠡᠵᠦ ᠪᠠᠢᠨ᠎ᠠ
ᠰᠠᠢᠬᠠᠨ ᠴᠢ ᠮᠢᠨᠢ ᠰᠠᠷᠠᠨ ᠰᠢᠦ ᠳᠡ 
ᠨᠠᠳᠠ ᠳ᠋ᠤ᠌ ᠪᠠᠨ ᠴᠢ ᠮᠢᠨᠢ ᠨᠠᠷᠠᠨ ᠰᠢᠦ ᠳᠡ
ᠰᠠᠨᠠᠭ᠎ᠠ ᠨᠡᠢᠯᠡᠵᠦ ᠬᠠᠨᠢᠰᠠᠨ ᠵᠢᠷᠭᠠᠭᠠᠳ
ᠨᠠᠭᠠᠳᠴᠤ ᠡᠷᠬᠡᠯᠡᠨ ᠬᠣᠷᠸ᠎ᠠ ᠶ᠋ᠢ ᠲᠤᠭᠤᠯᠤᠶ᠎ᠠ

ᠰᠡᠮᠬᠡᠨ ᠳᠤᠷᠠᠯᠠᠭᠰᠠᠨ ᠬᠠᠢᠷ᠎ᠠ ᠶ᠋ᠢ ᠴᠢᠨᠢ ᠮᠡᠳᠡᠷᠡᠭᠡᠳ
ᠰᠠᠨᠠᠵᠤ ᠦᠭᠡᠢᠯᠡᠭᠰᠡᠨ ᠰᠡᠳᠬᠢᠯ ᠢ᠋ ᠴᠢᠨᠢ ᠲᠠᠨᠢᠭᠠᠳ
ᠰᠠᠷᠠᠭᠤᠯ ᠥᠷᠭᠥᠭᠡ ᠪᠡᠨ ᠬᠣᠶᠠᠭᠤᠯᠠ ᠪᠠᠨ ᠴᠣᠭᠴᠠᠯᠠᠭᠠᠳ
ᠰᠠᠢᠬᠠᠨ ᠵᠥᠩᠨᠡᠯ ᠲᠡᠢ ᠠᠮᠢᠳᠤᠷᠠᠯ ᠢ᠋ᠶ᠋ᠠᠨ ᠪᠣᠰᠬᠠᠵᠤ ᠪᠠᠢᠨ᠎ᠠ
ᠰᠠᠢᠬᠠᠨ ᠴᠢ ᠮᠢᠨᠢ ᠰᠠᠷᠠᠨ ᠰᠢᠦ ᠳᠡ
ᠨᠠᠳᠠ ᠳ᠋ᠤ᠌ ᠪᠠᠨ ᠴᠢ ᠮᠢᠨᠢ ᠨᠠᠷᠠᠨ ᠰᠢᠦ ᠳᠡ
ᠰᠠᠨᠠᠭ᠎ᠠ ᠨᠡᠢᠯᠡᠵᠦ ᠬᠠᠨᠢᠰᠠᠨ ᠵᠢᠷᠭᠠᠭᠠᠳ
ᠨᠠᠭᠠᠳᠴᠤ ᠡᠷᠬᠡᠯᠡᠨ ᠬᠣᠷᠸ᠎ᠠ ᠶ᠋ᠢ ᠳᠤᠭᠤᠯᠤᠶ᠎ᠠ

ᠳᠡᠭᠡᠪᠦᠷ ᠴᠠᠭᠠᠨ ᠭᠡᠷ ᠮᠢᠨᠢ ᠳᠦᠭᠦᠷᠦᠭᠡᠳ
ᠳᠡᠪᠵᠢᠨ ᠪᠠᠳᠠᠷᠠᠬᠤ ᠲᠤᠯᠭ᠎ᠠ ᠮᠢᠨᠢ ᠠᠰᠠᠭᠠᠳ
ᠬᠣᠷᠸ᠎ᠠ ᠳ᠋ᠤ᠌ ᠬᠣᠣᠰᠯᠠᠬᠤ ᠶ᠋ᠢᠨ ᠵᠠᠶᠠᠭ᠎ᠠ ᠲᠠᠢ ᠢᠵᠢᠯᠢᠰᠡᠭᠡᠳ
ᠬᠣᠩᠭᠣᠷ ᠬᠣᠶᠠᠭᠤᠯᠠ ᠪᠠᠨ ᠳᠠᠭᠤᠯᠠᠨ ᠵᠢᠷᠭᠠᠵᠤ ᠪᠠᠢᠨ᠎ᠠ
ᠰᠠᠢᠬᠠᠨ ᠴᠢ ᠮᠢᠨᠢ ᠰᠠᠷᠠᠨ ᠰᠢᠦ ᠳᠡ
ᠨᠠᠳᠠ ᠳ᠋ᠤ᠌ ᠴᠢ ᠮᠢᠨᠢ ᠨᠠᠷᠠᠨ ᠰᠢᠦ ᠳᠡ
ᠰᠠᠨᠠᠭ᠎ᠠ ᠨᠡᠢᠯᠡᠵᠦ ᠬᠠᠨᠢᠰᠠᠨ ᠵᠢᠷᠭᠠᠭᠠᠳ
ᠨᠠᠭᠠᠳᠴᠤ ᠡᠷᠬᠡᠯᠡᠨ ᠬᠣᠷᠸ᠎ᠠ ᠶ᠋ᠢ ᠳᠣᠭᠣᠯᠤᠶ᠎ᠠ
ᠨᠠᠭᠠᠳᠴᠤ ᠡᠷᠬᠡᠯᠡᠨ ᠬᠣᠷᠸ᠎ᠠ ᠶ᠋ᠢ ᠲᠤᠭᠤᠯᠤᠶ᠎ᠠ
   ᠦᠰᠦᠭ ᠠᠮᠢᠯᠠᠭᠤᠯᠤᠭᠴᠢ᠄ ᠰᠣᠳᠣ
   ᠦᠰᠦᠭ ᠬᠠᠳᠠᠭᠴᠢ᠄ ᠰᠣᠳᠣ
   ᠬᠢᠨᠠᠭᠴᠢ᠄ ᠢᠷᠡᠭᠡᠳᠦᠢ