ᠦᠷ ᠦᠨ ᠲᠤᠶᠠᠭ᠎ᠠ I – ᠪ᠂ ᠷᠢᠨᠴᠢᠨ < ᠵᠣᠬᠢᠶᠠᠭᠴᠢ ᠶᠢᠨ ᠣᠷᠣᠰᠢᠯ> Үүрийн туяа I – Б ᠂ Ренчин "Зохиогчийн оршил" ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠷ ᠦᠨ ᠲᠤᠶᠠᠭ᠎ᠠ I – ᠪ᠂ ᠷᠢᠨᠴᠢᠨ < ᠵᠣᠬᠢᠶᠠᠭᠴᠢ ᠶᠢᠨ ᠣᠷᠣᠰᠢᠯ> Үүрийн туяа I – Б ᠂ Ренчин "Зохиогчийн оршил"

ᠦᠷ ᠦᠨ ᠲᠤᠶᠠᠭ᠎ᠠ I – ᠪ᠂ ᠷᠢᠨᠴᠢᠨ < ᠵᠣᠬᠢᠶᠠᠭᠴᠢ ᠶᠢᠨ ᠣᠷᠣᠰᠢᠯ> Үүрийн туяа I – Б ᠂ Ренчин "Зохиогчийн оршил"

ᠠᠩᠭᠢᠯᠠᠯ:ᠲᠤᠭᠤᠵᠢ ᠷᠣᠮᠠᠨ
2024-10-13

1014

ᠵᠣᠬᠢᠶᠠᠭᠴᠢ ᠶᠢᠨ ᠣᠷᠣᠰᠢᠯ


      ᠡᠬᠡ ᠣᠷᠣᠨ ᠶᠤᠭᠠᠨ ᠮᠠᠭᠲᠠᠮᠤ 

 ᠵᠣᠬᠢᠶᠠᠭᠰᠠᠨ ᠨᠣᠮ ᠳᠡᠪᠲᠡᠷ ᠶᠦ᠍ᠭᠡᠨ ᠬᠠᠭᠤᠳᠠᠰᠤ ᠶ᠋ᠢ 
 ᠵᠣᠷᠢᠭᠲᠤ ᠵᠢᠷᠦᠬᠡᠨ ᠦ᠌ ᠴᠢᠰᠤᠨ ᠢ᠋ᠶ᠋ᠠᠷ ᠪᠢᠴᠢᠯ᠎ᠡ᠃ 
 ᠡᠬᠡ ᠣᠷᠣᠨ ᠳ᠋ᠠᠭᠠᠨ ᠴᠢᠩ ᠰᠢᠳᠤᠷᠭᠤ ᠶ᠋ᠢᠨ ᠵᠢᠷᠤᠮ ᠢ᠋ 
 ᠡᠭᠦᠷᠢᠳᠡ ᠰᠡᠳᠬᠢᠯ ᠵᠢᠷᠦᠬᠡᠨ ᠳ᠋ᠡᠭᠡᠨ ᠬᠠᠳᠠᠭᠠᠯᠠᠮᠤ ᠪᠢ᠃ 
 ᠨᠠᠢᠯᠵᠠᠭᠤᠷ ᠮᠥᠴᠢᠷ ᠶᠦ᠍ᠭᠡᠨ ᠡᠪᠦᠳᠦᠭᠴᠡ ᠣᠰᠤᠨ᠎ᠠ 
 ᠨᠠᠬᠢᠯᠤᠨ ᠤᠨᠵᠢᠭᠤᠯᠵᠤ᠂ ᠤᠳᠠ ᠮᠣᠳᠣᠨ ᠣᠷᠭᠣᠮᠤ᠂ 
 ᠡᠨᠡ ᠮᠢᠨᠦ ᠪᠡᠶ᠎ᠡ ᠴᠦ᠍ ᠦᠨᠳᠦᠰᠦᠨ ᠬᠣᠯᠪᠣᠭ᠎ᠠ᠂ 
 ᠡᠬᠡ ᠣᠷᠣᠨ ᠯᠤᠭ᠎ᠠ ᠡᠭᠡᠨᠡᠭᠲᠡ ᠨᠢᠭᠡᠨ ᠪᠣᠢ᠃ 
 ᠡᠬᠡ ᠣᠷᠣᠨ ᠠ᠋ᠴᠠ ᠬᠣᠯᠠᠳᠠᠭᠠᠳ ᠠᠩᠭᠢᠵᠢᠷᠠᠪᠠᠯ ᠪᠢ᠂  
 ᠡᠷᠳᠡᠮ ᠬᠦᠴᠦᠨ ᠬᠠᠮᠢᠭ᠎ᠠ ᠠ᠋ᠴᠠ ᠨᠠᠳᠠ ᠣᠯᠳᠠᠮᠤ᠃ 
 ᠴᠢᠩᠭᠢᠭᠰᠡᠨ ᠡᠴᠡ᠂ ᠠᠯᠲᠠᠨ ᠠᠮᠢᠨ ᠠ᠋ᠴᠠ ᠬᠠᠭᠠᠴᠠᠵᠤ᠂ 
 ᠴᠢᠪᠢᠯᠲᠦ ᠭᠦᠨ ᠴᠥᠭᠥᠷᠥᠮ ᠳ᠋ᠦ᠍ ᠤᠨᠠᠬᠤ ᠨᠢ ᠳᠡᠭᠡᠷ᠎ᠡ᠃ 
 ᠴᠠᠭ ᠢᠮᠠᠭᠲᠠ ᠡᠬᠡ ᠣᠷᠣᠨ ᠶᠤᠭᠠᠨ ᠮᠠᠭᠲᠠᠬᠤ ᠶ᠋ᠢ ᠬᠦᠰᠡᠮᠦ᠃ 
 ᠴᠠᠭᠯᠠᠰᠢ ᠦᠭᠡᠢ ᠭᠡᠷᠡᠯ ᠢ᠋ᠶ᠋ᠡᠷ ᠨᠢ ᠭᠡᠢᠭᠦᠯᠦᠭᠳᠡᠭᠰᠡᠨ ᠪᠢ᠃ 
 ᠲᠠᠩᠰᠤᠭ ᠰᠠᠢᠬᠠᠨ ᠲᠡᠭᠦᠨ ᠦ᠌ ᠭᠤᠤᠭ ᠠ᠋ᠴᠠ ᠠᠩᠭᠢᠳᠠ 
 ᠲᠠᠭᠠᠯᠠᠯᠲᠠᠢ ᠶᠠᠭᠤᠮ᠎ᠠ᠂ ᠢᠷᠠᠭᠤ ᠨᠠᠢᠷᠠᠭᠴᠢ ᠳ᠋ᠤ᠌ ᠠᠯᠠᠭ᠎ᠠ᠂ 
 ᠦᠯᠡᠮᠵᠢ ᠶᠡᠬᠡ ᠦᠶ᠎ᠡ ᠶ᠋ᠢᠨ ᠭᠠᠪᠢᠶᠠᠲᠤ ᠦᠢᠯᠡᠰ ᠶᠠᠪᠤᠳᠠᠯ ᠢ᠋  
 ᠦᠯᠢᠰᠢ ᠦᠭᠡᠢ ᠰᠠᠢᠬᠠᠨ ᠢ᠋ᠶ᠋ᠠᠷ ᠡᠭᠡᠰᠢᠭᠯᠡᠨ ᠳᠠᠭᠤᠯᠠᠮᠤ᠃ 
 ᠬᠦᠷᠵᠢ ᠶ᠋ᠢᠨ ᠦᠯᠢᠭᠡᠷ ᠲᠤᠤᠯᠢ᠂ ᠰᠠᠢᠬᠠᠨ ᠳᠠᠭᠤᠤ ᠶ᠋ᠢᠨ 
 ᠭᠦᠶᠦᠳᠡᠯ ᠬᠤᠷᠳᠤᠨ ᠤᠷᠤᠰᠬᠠᠯ ᠲᠦᠷᠬᠢᠷᠡᠨ ᠱᠤᠤᠭᠢᠮᠤ᠃ 
 ᠦᠯᠡᠮᠵᠢ ᠰᠠᠢᠬᠠᠨ ᠪᠦᠲᠦᠭᠡᠯ᠂ ᠰᠢᠨ᠎ᠡ ᠢᠯᠠᠯᠲᠠ ᠶ᠋ᠢ 
 ᠦᠵᠡᠭᠡᠳ᠂ ᠲᠡᠰᠬᠡᠯ ᠦᠭᠡᠢ ᠪᠠᠬᠠᠳᠤᠭᠴᠢ ᠭᠡᠷᠡᠴᠢ ᠶ᠋ᠢᠨ ᠪᠡᠶ᠎ᠡ᠂ 
 ᠦᠭᠡᠰ ᠦ᠋ᠨ ᠰᠠᠢᠬᠠᠨ ᠤᠭᠠᠯᠵᠠ ᠰᠡᠢᠯᠦᠭᠴᠢ ᠤᠷᠠᠨ ᠪᠢ᠂ 
 ᠦᠨᠡᠨ ᠭᠣᠣᠯ ᠠ᠋ᠴᠠ ᠡᠬᠡ ᠣᠷᠣᠨ ᠳ᠋ᠠᠭᠠᠨ ᠵᠢᠳᠬᠦᠬᠦ ᠶ᠋ᠢᠨ ᠴᠠᠭ ᠢᠷᠡᠯ᠎ᠡ᠃ 
 ᠺᠠᠲ᠋ᠸᠸᠯᠢ ᠶ᠋ᠢᠨ ᠣᠳᠣᠨ ᠵᠢᠷᠦᠪ ᠵᠠᠷᠤᠪ ᠵᠢᠷᠦᠪᠪᠡᠯᠵᠡᠬᠦ ᠶ᠋ᠢ  
 ᠰᠢᠯᠦᠭᠯᠡᠯᠲᠦ ᠦᠭᠡ ᠪᠡᠷ ᠡᠭᠡᠰᠢᠭᠯᠡᠨ ᠮᠠᠭᠲᠠᠮᠤ᠃ 
 ᠡᠬᠡ ᠣᠷᠣᠨ ᠪᠣᠯᠪᠠᠯ᠂ — ᠮᠢᠨᠦ ᠠᠮᠢ ᠨᠠᠰᠤᠨ ᠪᠤᠶᠤ 
 ᠡᠬᠡ ᠣᠷᠣᠨ ᠪᠣᠯᠪᠠᠯ᠂ — ᠮᠢᠨᠦ ᠨᠣᠮ ᠤ᠋ᠳ ᠤ᠋ᠨ ᠨᠡᠷ᠎ᠡ ᠪᠤᠶᠤ᠃   
                    
                         ᠬᠢᠦᠷᠬᠢ ᠯᠢᠶᠣᠨᠢᠽᠢ           


       ᠮᠢᠨᠦ ᠨᠠᠢᠵᠠ᠂ ᠬᠦᠷᠵᠢ ᠶ᠋ᠢᠨ ᠪᠢᠴᠢᠭ ᠦ᠋ᠨ ᠬᠥᠮᠦᠨ ᠯᠢᠶᠣᠨᠢᠽᠢ ᠶ᠋ᠢᠨ ᠡᠨᠡ ᠲᠠᠩᠰᠤᠭ ᠰᠢᠯᠦᠭᠯᠡᠯ ᠢ᠋ᠶ᠋ᠡᠷ ᠣᠷᠣᠰᠢᠯ ᠤ᠋ᠨ ᠡᠬᠢᠨ ᠦ᠌ ᠰᠢᠯᠦᠭᠯᠡᠯ ᠪᠣᠯᠭᠠᠮᠠᠷ ᠰᠠᠨᠠᠭᠳᠠᠵᠤ ᠴᠢᠳᠠᠨ ᠶᠠᠳᠠᠨ ᠮᠣᠩᠭᠣᠯᠴᠢᠯᠠᠵᠤ ᠪᠢᠴᠢᠯ᠎ᠡ᠃   
       ᠳᠣᠯᠣᠭᠠᠲᠠᠢ ᠳ᠋ᠠᠭᠠᠨ ᠪᠢ ᠮᠣᠩᠭᠣᠯ ᠴᠠᠭᠠᠨ ᠲᠣᠯᠣᠭᠠᠢ ᠵᠢᠭᠠᠯᠭᠠᠵᠤ᠂ ᠨᠣᠮ ᠦᠵᠡᠳᠡᠭ ᠪᠣᠯᠤᠭᠰᠠᠨ ᠪᠢᠯᠡ᠃ ᠨᠠᠰᠤᠨ ᠠᠬᠠᠮᠠᠳ ᠡᠪᠦᠭᠡᠳ ᠡᠮᠡᠭᠡᠳ ᠡᠴᠡ ᠭᠠᠢᠬᠠᠯᠲᠠᠢ ᠰᠠᠢᠬᠠᠨ ᠦᠯᠢᠭᠡᠷ ᠲᠤᠤᠯᠢ ᠰᠣᠨᠣᠰᠴᠤ᠂ ᠪᠠᠭ᠎ᠠ ᠨᠠᠰᠤᠨ ᠠ᠋ᠴᠠ ᠠᠷᠠᠳ ᠤ᠋ᠨ ᠠᠮᠠᠨ ᠵᠣᠬᠢᠶᠠᠯ ᠤ᠋ᠨ ᠢᠷᠠᠭᠤ ᠰᠠᠢᠬᠠᠨ ᠳ᠋ᠤ᠌ ᠪᠠᠬᠠᠳᠤᠨ ᠳᠤᠷᠠᠯᠠᠳᠠᠭ ᠪᠣᠯᠤᠭᠰᠠᠨ ᠪᠢᠯᠡ᠃ ᠮᠣᠩᠭᠣᠯ ᠪᠢᠴᠢᠭ ᠵᠣᠬᠢᠶᠠᠯ ᠳ᠋ᠠᠭᠠᠨ ᠶᠡᠬᠡ ᠳᠤᠷᠠᠲᠠᠢ᠂ ᠲᠡᠭᠦᠨ ᠦ᠌ ᠥᠩᠭᠡᠷᠡᠭᠰᠡᠨ ᠦᠶ᠎ᠡ ᠶ᠋ᠢᠨ ᠳᠤᠷᠠᠰᠬᠠᠯ ᠢ᠋ ᠪᠠᠬᠠᠷᠬᠠᠨ ᠦᠵᠡᠵᠦ᠂ ᠰᠡᠳᠬᠢᠯ ᠳ᠋ᠦ᠍ᠨᠢ ᠲᠡᠷᠡ ᠨᠢ ᠠᠮᠢᠳᠤ ᠮᠡᠲᠦ ᠪᠠᠢᠭ᠎ᠠ᠂ ᠬᠥᠳᠡᠭᠡᠨ ᠦ᠌ ᠮᠣᠩᠭᠣᠯ ᠲᠠᠢ ᠭᠡᠳᠡᠭ ᠪᠢᠴᠢᠭᠲᠡᠨ ᠡᠪᠦᠭᠡᠳ᠂ ᠨᠠᠮᠠᠶ᠋ᠢ ᠪᠢᠴᠢᠭ ᠦᠰᠦᠭ ᠰᠢᠮᠳᠠᠨ ᠤᠷᠤᠯᠳᠤᠵᠤ᠂ ᠪᠢᠴᠢᠭ ᠦ᠋ᠨ ᠬᠡᠯᠡᠨ ᠳ᠋ᠦ᠍ ᠠᠮᠵᠢᠯᠲᠠ ᠲᠠᠢ ᠰᠤᠷᠴᠤ ᠪᠠᠢᠭ᠎ᠠ ᠳ᠋ᠤ᠌ ᠬᠡᠦᠬᠡᠳ ᠮᠡᠲᠦ ᠪᠡᠶᠡᠰᠴᠦ᠂ ᠠᠷᠠᠳ ᠤ᠋ᠨ ᠬᠡᠯᠡᠨ ᠦ᠌ ᠰᠢᠮ᠎ᠡ ᠲᠡᠢ᠂ ᠠᠮᠲᠠᠲᠠᠢ ᠶ᠋ᠢ ᠨᠢ ᠪᠠᠬᠠᠳᠤᠬᠤ ᠰᠡᠳᠬᠢᠯ ᠲᠥᠷᠥᠭᠦᠯᠦᠨ᠂ ᠤᠳᠬ᠎ᠠ ᠶ᠋ᠢᠨ ᠡᠪᠦᠭᠡᠨ ᠦ᠌ ᠲᠤᠯᠳᠠᠭ ᠦᠭᠡ ᠶ᠋ᠢᠨ ᠲᠠᠶᠠᠭ ᠢ᠋ ᠴᠢᠬᠤᠯᠠ ᠪᠣᠯᠭᠠᠬᠤ ᠶ᠋ᠢ ᠰᠠᠨᠠᠭᠤᠯᠵᠤ᠂ ᠤᠯᠤᠰ ᠪᠦᠭᠦᠳᠡ ᠶ᠋ᠢᠨ᠂ ᠬᠡᠯᠡᠲᠡᠨ ᠪᠦᠭᠦᠳᠡ ᠶ᠋ᠢᠨ ᠤᠳᠬ᠎ᠠ ᠵᠣᠬᠢᠶᠠᠯ ᠢ᠋ ᠡᠷᠬᠢᠮᠯᠡᠨ ᠦᠵᠡᠬᠦ ᠶ᠋ᠢ ᠵᠢᠭᠠᠨ ᠰᠤᠷᠭᠠᠳᠠᠭ ᠪᠢᠯᠡ᠃ 
       ᠨᠣᠮ ᠰᠤᠳᠤᠷ ᠢ᠋ ᠬᠦᠢᠷ ᠬᠡᠪᠢᠩ ᠦ᠋ᠨ ᠬᠣᠷᠣᠬᠠᠢ ᠬᠡᠪᠢᠵᠦ ᠢᠳᠡᠭᠦᠵᠢᠨ ᠭᠡᠵᠦ᠂ ᠠᠯᠤᠰ ᠡᠮᠦᠨ᠎ᠡ ᠵᠦᠭ ᠦ᠋ᠨ ᠣᠷᠣᠨ ᠤ᠋ ᠡᠪᠡᠰᠦ᠂ ᠦᠨᠦᠷᠲᠡᠨ ᠡᠮ ᠦᠨᠳᠦᠰᠦ ᠬᠢᠭᠰᠡᠨ ᠪᠢᠴᠢᠭ ᠦ᠋ᠨ ᠠᠪᠳᠠᠷ᠎ᠠ ᠠ᠋ᠴᠠ ᠨᠠᠳᠠᠳᠤ ᠪᠠᠬᠠᠳᠤᠮ ᠰᠠᠢᠬᠠᠨ ᠰᠢᠳᠢᠲᠦ ᠦᠯᠢᠭᠡᠷ ᠦ᠋ᠨ ᠪᠢᠴᠢᠭ ᠭᠠᠷᠭᠠᠵᠤ᠂ ᠠᠷᠭᠠᠯ ᠤ᠋ᠨ ᠤᠲᠤᠭ᠎ᠠ ᠠᠭᠢ ᠶᠢᠨ ᠦᠨᠦᠷ᠂ ᠥᠭᠡᠷ᠎ᠡ ᠵᠦᠭ ᠦ᠋ᠨ ᠠᠯᠤᠰ ᠣᠷᠣᠨ ᠤ᠋ ᠡᠮ ᠦᠨᠦᠷᠲᠡᠨ ᠬᠠᠩᠬᠤᠯᠤᠭᠰᠠᠨ ᠲᠡᠷᠡ ᠪᠢᠴᠢᠭ ᠳᠡᠪᠲᠡᠷ ᠢ᠋ ᠨᠠᠳᠠ ᠤᠩᠰᠢᠭᠤᠯᠬᠤ ᠪᠠᠷ ᠵᠢᠭᠡᠯᠡᠨ ᠥᠭᠳᠡᠭ᠂ ᠮᠢᠨᠦ ᠡᠪᠦᠭᠡ ᠶ᠋ᠢᠨ ᠦᠶᠡᠯᠢᠳ ᠡᠪᠦᠭᠡᠨ ᠠᠮᠤᠭᠤᠯᠠᠩ ᠵᠠᠩᠭᠢ ᠂   
       — ᠮᠠᠨ ᠤ᠋ ᠯᠠᠮᠠ ᠨᠠᠷ᠂ ᠬᠤᠳᠳᠤᠭ ᠤ᠋ᠨ ᠮᠡᠯᠡᠬᠡᠢ ᠰᠢᠭ᠂ ᠳᠡᠯᠡᠬᠡᠢ ᠳ᠋ᠦ᠍ ᠲᠡᠳᠡᠨ ᠦ᠌ ᠬᠤᠳᠳᠤᠭ ᠠ᠋ᠴᠠ ᠲᠣᠮᠣ ᠳᠠᠯᠠᠢ ᠪᠠᠢᠳᠠᠭ ᠦᠭᠡᠢ ᠭᠡᠵᠦ ᠦᠵᠡᠳᠡᠭ ᠤᠯᠤᠰ᠃ ᠲᠡᠷᠡ ᠪᠤᠷᠤᠭᠤ ᠶᠤᠮ ᠰᠢᠦ᠃ ᠴᠢ ᠤᠯᠤᠰ ᠪᠦᠬᠦᠨ ᠦ᠌ ᠵᠣᠬᠢᠶᠠᠯ ᠢ᠋ ᠬᠦᠨᠳᠦᠳᠬᠡᠵᠦ ᠪᠠᠢᠭᠠᠷᠠᠢ᠃ ᠠᠯᠢ ᠴᠦ᠍ ᠤᠯᠤᠰ ᠤ᠋ᠨ ᠵᠣᠬᠢᠶᠠᠯ ᠳ᠋ᠤ᠌ ᠴᠢᠨᠦ ᠦᠵᠡᠬᠦ ᠳ᠋ᠦ᠍ ᠡᠳᠦᠢ ᠲᠡᠳᠦᠢ ᠰᠠᠢᠬᠠᠨ ᠶᠠᠭᠤᠮ᠎ᠠ ᠣᠯᠳᠠᠨ᠎ᠠ ᠭᠡᠵᠦ ᠵᠠᠬᠢᠳᠠᠭ ᠰᠠᠨ᠃  
       ᠶᠢᠰᠦᠨ ᠨᠠᠰᠤᠨ ᠠ᠋ᠴᠠ ᠪᠠᠨ ᠪᠢ ᠣᠷᠣᠰ ᠬᠡᠯᠡ ᠪᠢᠴᠢᠭ ᠦᠵᠡᠵᠦ ᠡᠬᠢᠯᠡᠭᠰᠡᠨ ᠪᠢᠯᠡ᠃ ᠲᠡᠭᠡᠭᠡᠳ᠂ ᠮᠢᠨᠦ ᠭᠠᠢᠬᠠᠭᠰᠠᠨ ᠨᠢᠳᠦᠨ ᠦ᠌ ᠡᠮᠦᠨ᠎ᠡ ᠡᠲᠡᠭᠡᠳ ᠰᠣᠨᠢᠨ᠂ ᠰᠢᠨ᠎ᠡ᠂ ᠭᠠᠢᠬᠠᠮᠰᠢᠭᠲᠤ ᠶᠢᠷᠲᠢᠨᠴᠦ ᠨᠡᠭᠡᠭᠡᠭᠳᠡᠨ ᠦᠵᠡᠭᠳᠡᠵᠡᠢ᠃ ᠬᠠᠭᠤᠴᠢᠨ ᠮᠣᠩᠭᠣᠯ ᠤᠳᠬ᠎ᠠ ᠵᠣᠬᠢᠶᠠᠯ᠂ ᠪᠢᠴᠢᠭ ᠦ᠋ᠨ ᠬᠢᠭᠡᠳ ᠠᠮᠠᠨ ᠵᠣᠬᠢᠶᠠᠯ ᠳ᠋ᠤ᠌ ᠭᠠᠷᠳᠠᠭ ᠨᠠᠩᠭᠢᠶᠠᠳ ᠬᠢᠲᠠᠳ ᠵᠠᠭᠠᠷ᠂ ᠡᠨᠡᠳᠬᠡᠭ᠂ ᠪᠠᠯᠪᠤ᠂ ᠴᠠᠰᠤᠲᠤ ᠶ᠋ᠢᠨ ᠣᠷᠣᠨ ᠲᠥᠪᠡᠳ᠂ ᠲᠡᠮᠡᠭᠡᠨ ᠦ᠌ ᠰᠠᠢᠨ ᠭᠠᠷᠳᠠᠭ ᠬᠠᠷ᠎ᠠ ᠲᠣᠭᠮᠠᠭ ᠤᠯᠤᠰ᠂ ᠲᠣᠯᠣᠩᠭᠤᠳᠤᠭᠰᠠᠨ ᠬᠤᠨ ᠴᠠᠭᠠᠨ ᠬᠣᠪᠴᠠᠰᠤᠲᠠᠢ ᠰᠣᠯᠣᠩᠭᠣ ᠤᠯᠤᠰ᠂ ᠡᠷᠲᠡᠨ ᠦ᠌ ᠦᠯᠢᠭᠡᠷ ᠳᠣᠮᠣᠭ ᠤ᠋ᠨ ᠰᠢᠳᠢᠲᠦ ᠤᠨᠢᠶᠠᠷ ᠲᠠᠲᠠᠭᠰᠠᠨ ᠲᠠᠵᠢᠭ᠂ ᠰᠠᠷᠲ᠋ᠤᠤᠯ᠂ ᠪᠤᠬᠠᠷ᠂ ᠲᠣᠬᠠᠷ᠂ ᠮᠢᠰᠢᠷ ᠭᠡᠳᠡᠭ ᠶᠢᠬᠢᠫᠲ᠋᠂ ᠢᠷᠡᠩ ᠳᠦᠷᠡᠩ ᠭᠡᠳᠡᠭ ᠤᠯᠤᠰ ᠣᠷᠣᠨ ᠢ᠋ ᠮᠡᠳᠡᠳᠡᠭ ᠪᠠᠢᠭᠰᠠᠨ ᠤ᠋ ᠳᠡᠭᠡᠷ᠎ᠡ᠂ ᠣᠷᠣᠰ ᠬᠡᠯᠡ ᠪᠢᠴᠢᠭ ᠨᠠᠳᠠ ᠳᠡᠯᠡᠬᠡᠢ ᠶᠢᠷᠲᠢᠨᠴᠦ ᠶ᠋ᠢᠨ ᠨᠢᠭᠡᠨ ᠬᠠᠭᠠᠰ ᠢ᠋ ᠪᠤᠶᠤ ᠲᠡᠭᠦᠨ ᠡᠴᠡ ᠴᠦ᠍ ᠶᠡᠬᠡ ᠬᠤᠪᠢ ᠶ᠋ᠢ ᠨᠡᠭᠡᠭᠡᠵᠦ ᠦᠭᠭᠦᠭᠰᠡᠨ ᠢ᠋ᠶ᠋ᠡᠷ᠂ ᠦᠯᠢᠭᠡᠷ ᠳᠣᠮᠣᠭ ᠤ᠋ᠨ ᠡᠳᠦᠢ ᠲᠡᠳᠦᠢ ᠣᠯᠠᠨ ᠤᠯᠤᠰ ᠣᠷᠣᠨ ᠦᠨᠡᠬᠡᠷ ᠪᠣᠳᠠᠲᠠᠢ᠂ ᠤᠷᠢᠳ ᠪᠠᠢᠭᠰᠠᠨ ᠪᠤᠶᠤ ᠣᠳᠣ ᠴᠦ᠍ ᠪᠠᠢᠭᠰᠠᠭᠠᠷ ᠪᠠᠢᠭ᠎ᠠ ᠤᠯᠤᠰ᠂ ᠭᠠᠵᠠᠷ ᠣᠷᠣᠨ ᠪᠣᠯᠵᠤ᠂ ᠮᠢᠨᠦ ᠭᠠᠳᠠᠷᠯᠠᠬᠤ ᠪᠣᠯᠵᠤ ᠪᠠᠢᠭᠰᠠᠨ ᠭᠠᠵᠠᠷ ᠤ᠋ᠨ ᠵᠦᠢ ᠶ᠋ᠢᠨ ᠵᠢᠷᠤᠭ ᠲᠤ᠌ ᠪᠠᠢᠷᠢ ᠰᠠᠭᠤᠷᠢ ᠪᠠᠨ ᠪᠠᠲᠤᠳᠠ ᠡᠵᠡᠯᠡᠵᠢ᠃ ᠣᠷᠣᠰ ᠦᠯᠢᠭᠡᠷ ᠦ᠋ᠨ ᠢᠷᠠᠭᠤ ᠰᠠᠢᠬᠠᠨ ᠳ᠋ᠤᠨᠢ ᠠᠪᠲᠠᠭᠳᠠᠭᠠᠳ᠂ ᠨᠢᠭᠡ ᠮᠡᠳᠡᠬᠦᠨ᠎ᠡ ᠤᠩᠰᠢ ᠤᠩᠰᠢᠭᠰᠠᠭᠠᠷ ᠣᠷᠣᠰ ᠬᠡᠯᠡ ᠲᠡᠢ ᠪᠣᠯᠤᠭᠰᠠᠨ ᠮᠢᠨᠦ ᠪᠡᠶ᠎ᠡ᠂ ᠲᠡᠳᠡᠭᠡᠷ ᠣᠷᠣᠰ ᠦᠯᠢᠭᠡᠷ ᠦ᠋ᠨ ᠰᠢᠳᠢᠲᠦ ᠶᠢᠷᠲᠢᠨᠴᠦ ᠳ᠋ᠦ᠍᠂ ᠬᠠᠷᠢᠨ ᠴᠦ᠍ ᠮᠢᠨᠦ ᠤᠷᠢᠳ ᠦᠵᠡᠭᠰᠡᠨ ᠰᠣᠨᠣᠰᠤᠭᠰᠠᠨ ᠮᠣᠩᠭᠣᠯ᠂ ᠬᠢᠲᠠᠳ᠂ ᠡᠨᠡᠳᠬᠡᠭ ᠦᠯᠢᠭᠡᠷ ᠲᠦ᠍ ᠪᠠᠢᠳᠠᠭ᠂ ᠮᠢᠨᠦ ᠠᠯᠢ ᠬᠡᠳᠦᠢᠨᠡᠢ ᠬᠠᠭᠤᠴᠢᠨ ᠲᠠᠨᠢᠯ ᠤ᠋ᠳ ᠪᠠᠢᠵᠤ ᠪᠠᠢᠭᠰᠠᠨ ᠢ᠋ ᠦᠵᠡᠭᠡᠳ ᠶᠡᠬᠡᠯ᠎ᠡ ᠰᠣᠨᠢᠷᠬᠠᠨ ᠪᠠᠶᠠᠷᠯᠠᠭᠰᠠᠨ ᠪᠢᠯᠡ᠃ ᠲᠡᠭᠡᠭᠡᠳ ᠣᠷᠣᠰ ᠤ᠋ᠨ ᠤᠳᠬ᠎ᠠ ᠵᠣᠬᠢᠶᠠᠯ ᠢ᠋ ᠦᠵᠡᠵᠦ ᠲᠠᠨᠢᠯᠴᠠᠬᠤ ᠳᠤᠰᠤᠮ᠎ᠠ᠂ ᠬᠠᠭᠤᠴᠢᠨ ᠮᠣᠩᠭᠣᠯ ᠤᠳᠬ᠎ᠠ ᠵᠣᠬᠢᠶᠠᠯ ᠤ᠋ᠨ ᠶᠡᠬᠡ ᠲᠥᠯᠥᠪ ᠲᠤᠨᠢ ᠶᠢᠷᠲᠢᠨᠴᠦ ᠶ᠋ᠢ ᠪᠢᠰᠢᠯᠭᠠᠨ ᠦᠵᠡᠬᠦ ᠠᠮᠤᠷᠯᠢᠩᠭᠤᠢ ᠬᠦᠯᠢᠴᠡᠩᠭᠦᠢ ᠪᠠᠢᠳᠠᠯ ᠲᠠᠢ ᠪᠠᠢᠳᠠᠭ ᠠ᠋ᠴᠠ ᠮᠠᠰᠢ ᠥᠭᠡᠷ᠎ᠡ ᠦᠵᠡᠭᠳᠡᠵᠦ ᠭᠠᠢᠬᠠᠮ ᠰᠣᠨᠢᠨ ᠪᠠᠢᠭᠰᠠᠨ ᠣᠨᠴᠠᠯᠢᠭ ᠵᠦᠢᠯ ᠨᠢ ᠭᠡᠪᠡᠯ᠂ ᠵᠢᠷᠭᠠᠯ ᠤ᠋ᠨ ᠢ᠋ᠶ᠋ᠠᠨ ᠵᠠᠮ ᠢ᠋ ᠨᠡᠭᠡᠭᠡᠵᠦ ᠴᠢᠳᠠᠬᠤ ᠴᠢᠳᠠᠯ ᠬᠦᠴᠦᠨ ᠬᠥᠮᠦᠨ ᠳ᠋ᠦ᠍ ᠪᠣᠢ ᠭᠡᠵᠦ ᠢᠲᠡᠭᠡᠬᠦ ᠢᠲᠡᠭᠡᠯ ᠪᠦᠷᠢᠳᠦᠭᠰᠡᠨ ᠪᠥᠭᠡᠳ ᠬᠥᠮᠦᠨ ᠢ᠋ ᠡᠷᠬᠢᠮ ᠪᠣᠯᠭᠠᠬᠤ ᠡᠨᠡᠷᠢᠩᠭᠦᠢ ᠬᠥᠮᠦᠨᠯᠢᠭ ᠴᠢᠨᠠᠷ ᠲᠡᠭᠦᠰ ᠢ᠋ ᠭᠠᠢᠬᠠᠨ ᠪᠢᠰᠢᠷᠡᠵᠦ ᠪᠢᠯᠡ᠃ ᠤᠳᠬ᠎ᠠ ᠵᠣᠬᠢᠶᠠᠯ ᠳ᠋ᠤ᠌ ᠮᠢᠨᠦ ᠪᠡᠶ᠎ᠡ ᠲᠡᠭᠡᠵᠦ ᠠᠮᠲᠠ ᠶ᠋ᠢ ᠠᠪᠴᠤ᠂ ᠬᠦᠰᠡᠨ ᠡᠷᠡᠮᠡᠯᠵᠡᠳᠡᠭ ᠪᠣᠯᠤᠭᠰᠠᠨ ᠪᠢᠯᠡ᠃ ᠲᠡᠭᠡᠭᠡᠳ ᠠᠷᠭ᠎ᠠ ᠶ᠋ᠢᠨ 1921 ᠣᠨ᠂ ᠪᠢᠯᠢᠭ ᠦ᠋ᠨ ᠴᠠᠭᠠᠭᠴᠢᠨ ᠲᠠᠬᠢᠶ᠎ᠠ ᠵᠢᠯ ᠦ᠋ᠨ ᠬᠠᠪᠤᠷ᠂ ᠰᠦᠬᠡᠪᠠᠭᠠᠲᠤᠷ ᠴᠣᠢᠪᠠᠯᠰᠠᠩ ᠤ᠋ᠨ ᠵᠢᠷᠤᠮ ᠤ᠋ᠨ ᠴᠡᠷᠢᠭ ᠲᠦ᠍ ᠪᠤᠲᠠ ᠨᠢᠷᠭᠡᠭᠦᠯᠦᠨ ᠳᠠᠷᠤᠭᠳᠠᠭᠰᠠᠨ ᠭᠠᠮᠢᠩ ᠢ᠋ ᠬᠢᠶᠠᠭᠲᠤ ᠶ᠋ᠢᠨ ᠮᠠᠢᠮᠠᠢ ᠬᠣᠲᠠ ᠶ᠋ᠢ ᠰᠦᠢᠳᠬᠡᠨ ᠵᠢᠭᠤᠲᠠᠬᠤ ᠳ᠋ᠤ᠌᠂ ᠬᠤᠳᠠᠯᠳᠤᠭᠠᠴᠢᠨ ᠬᠢᠲᠠᠳ ᠤ᠋ᠨ ᠬᠥᠬᠡ ᠰᠢᠪᠡᠷ ᠴᠣᠭᠴᠠᠯᠠᠭᠰᠠᠨ ᠲᠡᠷᠡ ᠪᠣᠷᠣ ᠰᠢᠷᠣᠢ ᠬᠣᠲᠠ᠂ ᠬᠠᠮᠠᠭᠠᠯᠠᠵᠤ ᠪᠠᠢᠭᠰᠠᠨ ᠥᠨᠥᠬᠢ ᠭᠠᠮᠢᠩ ᠤ᠋ᠳ ᠲᠠᠭᠠᠨ ᠲᠣᠨᠣᠭᠣᠯᠠᠭᠠᠳ᠂ ᠭᠠᠯ ᠲᠠᠯᠪᠢᠭᠤᠯᠤᠭᠠᠳ ᠨᠡᠯᠢᠶᠡᠳ ᠪᠥᠭᠡᠮ ᠶᠡᠬᠡ ᠭᠠᠯ ᠳᠦᠷᠡᠯᠵᠡᠵᠦ ᠪᠠᠢᠬᠤ ᠳ᠋ᠤᠨᠢ ᠲᠡᠷᠡ ᠴᠠᠭ ᠲᠤ᠌ ᠰᠤᠷᠭᠠᠭᠤᠯᠢ ᠶ᠋ᠢᠨ ᠰᠤᠷᠤᠭᠴᠢ ᠪᠠᠢᠭᠰᠠᠨ ᠮᠢᠨᠦ ᠪᠡᠶ᠎ᠡ ᠨᠢᠳᠦᠨ ᠦ᠌ ᠡᠮᠦᠨ᠎ᠡ ᠪᠣᠯᠵᠤ ᠪᠠᠢᠭᠰᠠᠨ ᠲᠡᠷᠡ ᠶᠠᠪᠤᠳᠠᠯ ᠢ᠋ ᠬᠣᠢᠴᠢ ᠡᠳᠦᠷ ᠬᠡᠷᠡᠭ ᠪᠣᠯᠭᠤᠵᠢᠨ ᠭᠡᠵᠦ᠂ ᠡᠳᠦᠷ ᠦ᠋ᠨ ᠢ᠋ᠶ᠋ᠡᠨ ᠲᠡᠮᠳᠡᠭᠯᠡᠯ ᠳᠡᠪᠲᠡᠷ ᠲᠦ᠍ ᠲᠡᠮᠳᠡᠭᠯᠡᠨ ᠪᠢᠴᠢᠵᠦ ᠪᠠᠢᠭᠰᠠᠨ ᠪᠢᠯᠡ᠃ ᠭᠠᠯ ᠳ᠋ᠤ᠌ ᠠᠪᠲᠠᠭᠳᠠᠨ ᠰᠦᠷᠲᠡᠢ ᠳᠥᠯᠥ ᠳᠦᠷᠡᠯᠵᠡᠵᠦ ᠪᠠᠢᠭᠰᠠᠨ ᠬᠢᠶᠠᠭᠲᠤ ᠶ᠋ᠢᠨ ᠮᠠᠢᠮᠠᠢ ᠬᠣᠲᠠ ᠶ᠋ᠢᠨ ᠵᠡᠭᠦᠨ ᠵᠦᠭ ᠲᠦ᠍ ᠠᠯᠲᠠᠨᠪᠤᠯᠠᠭ ᠭᠡᠵᠦ ᠨᠡᠷᠡᠲᠡᠢ ᠪᠢᠴᠢᠬᠠᠨ ᠭᠠᠴᠠᠭᠠᠨ ᠤ᠋ ᠪᠠᠢᠳᠠᠯ᠂ ᠰᠥᠨᠢ ᠲᠡᠷᠡ ᠭᠠᠴᠠᠭᠠᠨ ᠤ᠋ ᠠᠢᠯ ᠤ᠋ᠨ ᠬᠠᠰᠢᠶ᠎ᠠ ᠭᠤᠲᠤᠮ ᠢ᠋ ᠤᠯᠠᠭᠠᠨ ᠲᠤᠶᠠᠭ᠎ᠠ ᠲᠠᠲᠠᠭᠤᠯᠵᠤ ᠪᠠᠢᠭᠰᠠᠨ ᠬᠢᠶᠠᠭᠲᠤ ᠶ᠋ᠢᠨ ᠰᠦᠷᠲᠦ ᠶᠡᠬᠡ ᠭᠠᠯ ᠤ᠋ᠨ ᠪᠠᠢᠳᠠᠯ᠂ ᠬᠠᠷᠠᠩᠭᠤᠢ ᠰᠥᠨᠢ ᠶ᠋ᠢᠨ ᠪᠠᠷᠠᠭᠠᠨ ᠣᠭᠲᠠᠷᠭᠤᠢ ᠳ᠋ᠤ᠌ ᠤᠯᠠᠯᠵᠠᠨ ᠳᠦᠷᠡᠯᠵᠡᠵᠦ ᠪᠠᠢᠭ᠎ᠠ ᠶᠡᠬᠡ ᠭᠠᠯ ᠤ᠋ᠨ ᠳᠥᠯᠥ ᠶ᠋ᠢᠨ ᠰᠦᠷᠲᠡᠢ ᠦᠵᠡᠭᠳᠡᠯ᠂ ᠭᠠᠯ ᠠᠪᠤᠯᠴᠠᠨ ᠰᠢᠲᠠᠭᠰᠠᠨ ᠰᠢᠪᠡᠷ ᠪᠠᠢᠰᠢᠩ ᠤ᠋ᠨ ᠵᠤᠵᠠᠭᠠᠨ ᠭᠡᠭᠴᠢ ᠶ᠋ᠢᠨ ᠰᠢᠪᠡᠷ ᠣᠷᠣᠢ ᠶ᠋ᠢ ᠳᠣᠲᠣᠭᠰᠢ ᠪᠠᠨ ᠨᠤᠷᠠᠨ ᠣᠢᠴᠢᠬᠤ ᠳ᠋ᠤ᠌᠂ ᠦᠯᠡᠮᠵᠢ ᠶᠡᠬᠡ ᠬᠥᠭᠡᠷᠭᠡ ᠪᠡᠷ ᠬᠥᠭᠡᠷᠭᠡᠳᠡᠭᠰᠡᠨ ᠶᠦᠮ ᠰᠢᠭ᠂ ᠣᠭᠲᠠᠷᠭᠤᠢ ᠶ᠋ᠢᠨ ᠵᠦᠭ ᠭᠠᠯ ᠬᠠᠷᠪᠤᠨ ᠣᠯᠤᠭᠤᠢᠳᠴᠤ ᠪᠠᠢᠭ᠎ᠠ ᠪᠠᠢᠳᠠᠯ᠂ ᠠᠷᠠᠳ ᠤ᠋ᠨ ᠵᠢᠷᠤᠮᠲᠤ ᠴᠡᠷᠢᠭ ᠲᠦ᠍ ᠶᠠᠪᠤᠭ᠎ᠠ ᠨᠤᠲᠤᠭ ᠤ᠋ᠨ ᠲᠠᠨᠢᠳᠠᠭ ᠡᠪᠦᠭᠡᠳ ᠦ᠋ᠨ ᠶᠠᠷᠢᠵᠤ ᠪᠠᠢᠭᠰᠠᠨ ᠰᠣᠨᠢᠨ ᠶᠠᠷᠢᠶ᠎ᠠ ᠶ᠋ᠢ ᠬᠣᠵᠢᠮ ᠬᠣᠢᠨ᠎ᠠ ᠶ᠋ᠢᠨ ᠴᠠᠭ᠂ ᠪᠢᠴᠢᠭ ᠦ᠋ᠨ ᠬᠥᠮᠦᠨ ᠪᠣᠯᠵᠤ ᠨᠣᠮ ᠬᠢᠬᠦ᠂ ᠵᠣᠬᠢᠶᠠᠯ ᠵᠣᠬᠢᠶᠠᠬᠤ ᠪᠣᠯᠬᠤ ᠪᠠᠷ ᠬᠡᠷᠡᠭ ᠪᠣᠯᠬᠤ ᠪᠤᠶᠤ ᠭᠡᠵᠦ ᠡᠳᠦᠷ ᠦ᠋ᠨ ᠲᠡᠮᠳᠡᠭᠯᠡᠯ ᠳᠡᠪᠲᠡᠷ ᠲᠦ᠍ ᠲᠡᠮᠳᠡᠭᠯᠡᠳᠡᠭ ᠪᠠᠢᠯ᠎ᠠ᠃  
       ᠲᠡᠭᠡᠭᠡᠳ᠂ ᠲᠡᠷᠡ ᠦᠶ᠎ᠡ ᠳ᠋ᠦ᠍ ᠭᠡᠨᠡᠳᠲᠡ ᠬᠥᠮᠦᠨ ᠣᠯᠠᠨ ᠲᠠᠢ᠂ ᠬᠥᠯ ᠲᠡᠢ ᠬᠥᠬᠦᠭᠡᠨ ᠪᠣᠯᠤᠭᠰᠠᠨ ᠠᠯᠲᠠᠨᠪᠤᠯᠠᠭ ᠭᠡᠳᠡᠭ ᠪᠢᠴᠢᠬᠠᠨ ᠭᠠᠴᠠᠭᠠᠨ ᠤ᠋ ᠨᠢᠭᠡᠨ ᠭᠣᠳᠣᠮᠵᠢᠨ᠎ᠠ ᠰᠦᠬᠡᠪᠠᠭᠠᠲᠤᠷ ᠵᠠᠩᠵᠤᠨ ᠨᠢᠭᠡᠨ ᠡᠳᠦᠷ ᠨᠠᠳᠠᠲᠠᠢ ᠠᠭᠤᠯᠵᠠᠭᠠᠳ᠂ ᠴᠢ ᠬᠠᠮᠢᠭ᠎ᠠ᠂ ᠶᠠᠮᠠᠷ ᠰᠤᠷᠭᠠᠭᠤᠯᠢ ᠳ᠋ᠤ᠌ ᠶᠠᠪᠤᠵᠤ ᠪᠠᠢᠨ᠎ᠠ? ᠭᠡᠵᠦ ᠠᠰᠠᠭᠤᠭᠠᠳ᠂ ᠨᠣᠮ ᠰᠠᠢᠨ ᠰᠤᠷ᠂ ᠪᠢᠳᠡᠨ ᠳ᠋ᠦ᠍ ᠡᠷᠳᠡᠮᠲᠡᠢ ᠨᠣᠮ ᠲᠠᠢ ᠬᠥᠮᠦᠨ ᠬᠡᠷᠡᠭᠲᠡᠢ ᠰᠢᠦ᠃ ᠳᠤᠮᠳᠠᠳᠤ ᠰᠤᠷᠭᠠᠭᠤᠯᠢ ᠪᠠᠨ ᠲᠡᠭᠦᠰᠬᠡᠬᠦ ᠳ᠋ᠦ᠍ ᠴᠢᠨᠢ᠂ ᠴᠢᠨᠠᠭᠰᠢ ᠪᠠᠰᠠ ᠰᠤᠷᠭᠠᠭᠤᠯᠢ ᠬᠢᠯᠭᠡᠬᠦ ᠪᠡᠷ ᠶᠠᠪᠤᠭᠤᠯᠤᠨ᠎ᠠ ᠭᠡᠵᠦ ᠬᠡᠯᠡᠵᠦ ᠪᠢᠯᠡ᠃  
       ᠲᠡᠷᠡ ᠵᠠᠬᠢᠭᠰᠠᠨ ᠦᠭᠡ ᠶ᠋ᠢ ᠨᠢ ᠪᠣᠳᠣᠭᠰᠠᠭᠠᠷ᠂ ᠪᠢᠴᠢᠭ ᠦ᠋ᠨ ᠬᠥᠮᠦᠨ᠂ ᠵᠣᠬᠢᠶᠠᠯᠴᠢ ᠬᠥᠮᠦᠨ ᠪᠣᠯᠬᠤ ᠭᠡᠪᠡᠯ᠂ ᠬᠡᠷᠬᠢᠪᠡᠴᠦ ᠬᠡᠯᠡ ᠪᠢᠴᠢᠭ ᠦ᠋ᠨ ᠰᠢᠨᠵᠢᠯᠡᠯᠲᠡ᠂ ᠬᠡᠯᠡ ᠪᠢᠴᠢᠭ ᠦ᠋ᠨ ᠮᠡᠷᠭᠡᠵᠢᠯᠲᠡᠨ ᠪᠣᠯᠬᠤ ᠬᠡᠷᠡᠭᠲᠡᠢ ᠶᠦ᠍ᠮ ᠪᠠᠢᠨ᠎ᠠ ᠰᠢᠦ ᠭᠡᠵᠦ᠂ ᠮᠣᠩᠭᠣᠯ ᠬᠡᠯᠡ ᠪᠢᠴᠢᠭ ᠦ᠋ᠨ ᠰᠢᠨᠵᠢᠯᠡᠯᠲᠡᠨ ᠪᠣᠯᠬᠤ ᠢᠷᠡᠭᠡᠳᠦᠢ ᠶ᠋ᠢᠨ ᠢ᠋ᠶ᠋ᠡᠨ ᠮᠡᠷᠭᠡᠵᠢᠯ ᠢ᠋ ᠵᠠᠩᠵᠤᠨ ᠰᠦᠬᠡᠪᠠᠭᠠᠲᠤᠷ ᠤ᠋ᠨ ᠵᠠᠬᠢᠵᠤ ᠰᠠᠨᠠᠭᠤᠯᠤᠭᠰᠠᠨ ᠦᠭᠡᠨ ᠡᠴᠡ ᠰᠠᠨᠠᠭ᠎ᠠ ᠠᠪᠴᠤ ᠭᠤᠴᠢᠨ ᠵᠢᠯ ᠦ᠋ᠨ ᠡᠮᠦᠨ᠎ᠡ ᠣᠳᠣ ᠶ᠋ᠢᠨ ᠢ᠋ᠶ᠋ᠡᠨ ᠮᠡᠷᠭᠡᠵᠢᠯ ᠢ᠋ ᠰᠣᠩᠭᠣᠨ ᠲᠣᠭᠲᠠᠭᠰᠠᠨ ᠪᠢᠯᠡ᠃ ᠡᠷᠳᠡᠮ ᠨᠣᠮ ᠤ᠋ᠨ ᠬᠣᠢᠨ᠎ᠠ ᠠ᠋ᠴᠠ ᠵᠣᠷᠢᠵᠤ ᠣᠷᠣᠯᠳᠣᠬᠤ ᠳᠤᠰᠤᠮ᠎ᠠ ᠮᠢᠨᠦ ᠨᠢᠳᠦ ᠨᠡᠭᠡᠭᠡᠭᠳᠡᠵᠦ᠂ ᠭᠡᠷ ᠦ᠋ᠨ ᠳᠣᠲᠣᠷᠠᠬᠢ ᠲᠣᠭᠲᠠᠮᠠᠯ ᠪᠠᠢᠷᠢ ᠲᠠᠢ ᠶᠤᠮ ᠰᠢᠭ᠋᠂ ᠠᠬᠤᠢ ᠪᠠᠢᠳᠠᠯ ᠠᠮᠢᠳᠤᠷᠠᠯ ᠳ᠋ᠤ᠌ ᠠᠯᠢ ᠬᠡᠳᠦᠢᠨ ᠬᠡᠪᠰᠢᠨ ᠲᠣᠭᠲᠠᠵᠤ ᠵᠠᠩᠰᠢᠭᠰᠠᠨ ᠶᠤᠮ ᠭᠡᠵᠦ ᠦᠵᠡᠳᠡᠭ ᠵᠦᠢᠯ ᠦ᠋ᠨ ᠣᠯᠠᠩᠬᠢ ᠶ᠋ᠢ ᠨᠢ ᠱᠠᠯ ᠥᠮᠨᠥᠭᠡ  ᠪᠡᠷ ᠦᠵᠡᠬᠦ ᠨᠢᠳᠦᠨ᠂ ᠰᠤᠷᠤᠯᠭ᠎ᠠ ᠠᠰᠠᠭᠤᠯᠭ᠎ᠠ ᠨᠡᠮᠡᠭᠳᠡᠬᠦ ᠳᠣᠳᠣᠮ ᠨᠡᠭᠡᠭᠡᠭᠳᠡᠵᠦ ᠢᠷᠡᠭᠰᠡᠨ ᠪᠢᠯᠡ᠃ ᠪᠣᠳᠣᠵᠤ ᠦᠵᠡᠪᠡᠯ᠂ ᠰᠤᠷᠭᠠᠯ ᠲᠣᠭᠣᠵᠢ ᠶ᠋ᠢᠨ ᠵᠡᠷᠭᠡ ᠮᠠᠰᠢ ᠶᠡᠬᠡ ᠤᠳᠬ᠎ᠠ ᠪᠢᠴᠢᠭ ᠦ᠋ᠨ ᠵᠦᠢᠯ᠂ ᠦᠨᠡᠨ ᠪᠣᠳᠠᠲᠠᠢ ᠪᠡᠶ᠎ᠡ ᠮᠠᠬᠠᠪᠣᠳ ᠲᠠᠢ ᠶᠤᠮ᠂ ᠵᠢᠭᠲᠡᠢ ᠭᠠᠢᠬᠠᠮᠰᠢᠭᠲᠠᠢ ᠷᠢᠳᠢ ᠰᠢᠳᠢᠲᠡᠢ ᠶᠠᠭᠤᠮ᠎ᠠ ᠬᠠᠷᠢᠯᠴᠠᠨ ᠣᠷᠢᠶᠠᠯᠳᠤᠭᠰᠠᠨ ᠮᠡᠲᠦ ᠰᠦᠯᠵᠢᠯᠳᠦᠨ ᠠᠪᠤᠯᠴᠠᠭᠰᠠᠨ ᠭᠠᠢᠬᠠᠮᠰᠢᠭᠲᠤ ᠶᠠᠭᠤᠮᠠᠨ ᠤ᠋ ᠶᠢᠷᠲᠢᠨᠴᠦ ᠶ᠋ᠢ ᠥᠭᠦᠯᠡᠭᠴᠢ ᠲᠣᠭᠣᠵᠢ᠂ ᠦᠯᠡᠮᠵᠢ ᠪᠡᠶᠡᠲᠡᠨ ᠠᠶᠤᠮᠰᠢᠭᠲᠤ ᠵᠢᠭᠲᠡᠢ ᠠᠮᠢᠲᠠᠨ ᠮᠠᠩᠭᠤᠰ ᠰᠢᠮᠨᠤᠰ᠂ ᠰᠢᠳᠢᠲᠡᠨ ᠳᠠᠭᠢᠨᠢᠰ᠂ ᠪᠤᠷᠬᠠᠨ ᠬᠤᠪᠢᠯᠭᠠᠨ ᠢ᠋ ᠥᠭᠦᠯᠡᠭᠰᠡᠨ᠂ ᠬᠠᠭᠠᠨ ᠲᠦᠰᠢᠮᠡᠯ ᠦ᠋ᠨ ᠶᠣᠰᠣ᠂ ᠡᠵᠡᠨ ᠪᠣᠭᠣᠯ ᠤ᠋ᠨ ᠬᠡᠯᠬᠢᠶ᠎ᠡ ᠶ᠋ᠢ ᠥᠭᠦᠯᠡᠭᠰᠡᠨ ᠲᠡᠦᠬᠡ ᠪᠢᠴᠢᠭ ᠦ᠋ᠨ ᠵᠦᠢᠯ ᠨᠢ ᠲᠡᠭᠦᠨ ᠢ᠋ ᠪᠣᠢ ᠪᠣᠯᠭᠠᠨ ᠲᠥᠷᠥᠭᠦᠯᠦᠭᠰᠡᠨ ᠹᠧᠣᠳᠠᠯ ᠤ᠋ᠨ ᠪᠠᠢᠭᠤᠯᠤᠯᠭ᠎ᠠ ᠶ᠋ᠢᠨ ᠬᠠᠮᠲᠤ ᠥᠩᠭᠡᠷᠡᠨ ᠨᠥᠭᠴᠢᠭᠡᠳ ᠲᠡᠦᠬᠡ ᠶ᠋ᠢᠨ ᠥᠪ ᠪᠣᠯᠤᠭᠰᠠᠨ ᠠᠵᠢ᠃  
       ᠲᠡᠭᠡᠪᠡᠴᠦ ᠲᠡᠷᠡ ᠦᠯᠡᠮᠵᠢ ᠬᠡᠭᠦᠷ ᠨᠢ ᠮᠠᠨ ᠤ᠋ ᠤᠩᠰᠢᠭᠴᠢ ᠶ᠋ᠢ ᠲᠠᠰᠤ ᠲᠡᠪᠡᠷᠢᠭᠰᠡᠭᠡᠷ ᠪᠠᠢᠭ᠎ᠠ ᠪᠠᠷ ᠪᠠᠷᠠᠬᠤ ᠦᠭᠡᠢ᠂ ᠵᠣᠬᠢᠶᠠᠯᠴᠢ ᠪᠣᠯᠬᠤ ᠭᠡᠵᠦ ᠤᠷᠤᠯᠳᠤᠵᠤ᠂ ᠨᠢᠳᠦᠨ ᠦ᠌ ᠡᠮᠦᠨ᠎ᠡ ᠦᠯᠢᠭᠡᠷ ᠵᠢᠱ᠌ᠢᠶ᠎ᠡ ᠪᠣᠯᠭᠠᠬᠤ ᠶᠤᠮ ᠭᠡᠪᠡᠯ ᠬᠠᠭᠤᠴᠢᠨ ᠤᠳᠬ᠎ᠠ ᠵᠣᠬᠢᠶᠠᠯ ᠲᠡᠭᠦᠨ ᠦ᠌ ᠲᠣᠭᠲᠠᠭᠰᠠᠨ ᠬᠡᠪ ᠳᠦᠷᠢᠮ ᠡᠴᠡ ᠥᠭᠡᠷ᠎ᠡ ᠮᠥᠷᠳᠡᠯᠭᠡ ᠪᠣᠯᠭᠠᠬᠤ ᠠ᠋ᠴᠠ ᠥᠭᠡᠷ᠎ᠡ ᠠᠷᠭ᠎ᠠ ᠦᠭᠡᠢ ᠪᠠᠢᠭ᠎ᠠ ᠵᠣᠬᠢᠶᠠᠯᠴᠢ ᠨᠠᠷ ᠢ᠋ ᠴᠦ᠍ ᠲᠠᠰᠤ ᠲᠡᠪᠡᠷᠢᠭᠡᠳ ᠬᠠᠮᠢᠭᠠᠰᠢ ᠴᠦ᠍ ᠬᠥᠳᠡᠯᠭᠡᠬᠦ ᠦᠭᠡᠢ ᠪᠠᠷᠢᠵᠤ ᠪᠠᠢᠭ᠎ᠠ ᠶᠤᠮ ᠪᠠᠢᠨ᠎ᠠ ᠭᠡᠵᠦ ᠮᠡᠳᠡᠯ᠎ᠡ᠃  
       ᠲᠡᠭᠡᠭᠡᠳ ᠲᠡᠷᠡ ᠦᠶᠡᠰ᠂ ᠴᠢᠪ ᠭᠡᠮᠡᠨ ᠵᠥᠪᠯᠡᠯᠲᠦ ᠶ᠋ᠢᠨ ᠳᠡᠭᠡᠳᠦ ᠰᠤᠷᠭᠠᠭᠤᠯᠢ ᠶ᠋ᠢᠨ ᠣᠶᠤᠲᠠᠨ ᠪᠠᠢᠭᠰᠠᠨ ᠦᠶᠡᠰ᠂ ᠮᠣᠩᠭᠣᠯ ᠤ᠋ᠨ ᠣᠯᠠᠨ ᠤᠩᠰᠢᠭᠴᠢ ᠨᠠᠷ ᠮᠥᠨ ᠪᠢᠴᠢᠭ ᠵᠣᠬᠢᠶᠠᠯ ᠣᠷᠣᠯᠳᠣᠬᠤ ᠠᠪᠢᠶᠠᠰ ᠳᠤᠷᠠᠲᠠᠢ ᠪᠣᠯᠪᠠᠴᠤ᠂ ᠪᠤᠰᠤᠳ ᠤᠯᠤᠰ ᠤ᠋ᠨ ᠦᠭᠡ ᠦᠰᠦᠭ ᠮᠡᠳᠡᠬᠦ ᠦᠭᠡᠢ ᠤᠴᠢᠷ ᠬᠠᠭᠤᠴᠢᠨ ᠪᠢᠴᠢᠭ ᠵᠣᠬᠢᠶᠠᠯ ᠠ᠋ᠴᠠ ᠥᠭᠡᠷ᠎ᠡ ᠶᠠᠭᠤᠮ᠎ᠠ ᠣᠯᠵᠤ ᠦᠵᠡᠬᠦ ᠠᠷᠭ᠎ᠠ ᠨᠥᠬᠥᠴᠡᠯ ᠦᠭᠡᠢ ᠨᠥᠬᠥᠳ ᠲᠡᠭᠡᠨ ᠲᠡᠳᠡᠨ ᠦ᠌ ᠤᠷᠢᠳ ᠡᠮᠦᠨ᠎ᠡ ᠣᠯᠵᠤ ᠦᠵᠡᠭᠡ ᠦᠭᠡᠢ ᠣᠷᠣᠰ ᠤ᠋ᠨ ᠬᠢᠭᠡᠳ ᠳᠡᠯᠡᠬᠡᠢ ᠳ᠋ᠠᠬᠢᠨ ᠤ᠋ ᠪᠤᠰᠤᠳ ᠤᠯᠤᠰ ᠤ᠋ᠨ( ᠮᠣᠩᠭᠣᠯ ᠬᠠᠭᠤᠴᠢᠨ ᠵᠣᠬᠢᠶᠠᠯ ᠳ᠋ᠤ᠌ ᠪᠠᠢᠳᠠᠭ ᠦᠭᠡᠢ) ᠵᠣᠬᠢᠶᠠᠯ ᠤ᠋ᠨ ᠠᠭᠤᠤ ᠶᠢᠷᠲᠢᠨᠴᠦ ᠲᠡᠢ ᠲᠠᠨᠢᠯᠴᠠᠬᠤ ᠳ᠋ᠤᠨᠢ ᠲᠤᠰᠠ ᠨᠡᠮᠡᠷᠢ ᠪᠣᠯᠬᠤ ᠶᠤᠮᠰᠠᠨ ᠭᠡᠵᠦ ᠴᠢᠩ ᠰᠠᠨᠠᠭ᠎ᠠ ᠪᠠᠷᠢᠵᠤ᠂ ᠪᠠᠬᠠᠳᠤᠨ ᠦᠵᠡᠳᠡᠭ ᠵᠣᠬᠢᠶᠠᠯᠴᠢ ᠨᠠᠷ ᠤ᠋ᠨ ᠪᠢᠴᠢᠭ ᠵᠣᠬᠢᠶᠠᠯ ᠠ᠋ᠴᠠ ᠮᠣᠩᠭᠣᠯ ᠪᠣᠯᠭᠠᠵᠤ ᠣᠷᠴᠢᠭᠤᠯᠬᠤ ᠶ᠋ᠢ ᠲᠤᠭᠤᠷᠪᠢᠨ ᠤᠷᠤᠯᠳᠤᠵᠤ ᠡᠬᠢᠯᠡᠭᠰᠡᠨ ᠪᠢᠯᠡ᠃ 
       ᠲᠡᠭᠡᠬᠦ ᠳ᠋ᠡᠭᠡᠨ᠂ ᠲᠣᠭᠲᠠᠮᠠᠯ ᠲᠥᠯᠥᠪᠯᠡᠭᠡ ᠦᠭᠡᠢ᠂ ᠭᠠᠭᠴᠠᠬᠦ ᠬᠦᠴᠦ ᠭᠦᠷᠦᠮ  ᠪᠤᠶᠤ ᠨᠡᠩ ᠲᠠᠭᠠᠯᠠᠮᠵᠢᠲᠠᠢ ᠰᠠᠢᠬᠠᠨ ᠵᠣᠬᠢᠶᠠᠯ ᠠ᠋ᠴᠠ ᠣᠷᠴᠢᠭᠤᠯᠵᠤ᠂ ᠬᠡᠳᠦ ᠳᠠᠬᠢᠨ ᠵᠠᠰᠠᠵᠤ ᠪᠣᠯᠪᠠᠰᠤᠷᠠᠭᠤᠯᠤᠭᠰᠠᠭᠠᠷ ᠫᠥᠱᠺᠢᠨ᠂ ᠮᠠᠺᠰᠢᠮ ᠭᠣᠷᠺᠢ᠂ ᠲᠦᠷᠬᠸᠨ᠋ᠸᠸ᠂ ᠴᠸᠬᠤᠸ᠂ ᠠᠯᠸᠺᠰᠠᠨᠳ᠋ᠷ᠂ ᠨᠸᠸᠸᠷᠤᠸ᠂ ᠽᠸᠺ ᠯᠣᠨᠳᠣᠨ᠂ ᠮᠤᠫᠠᠰᠰᠠᠨ᠂ ᠠᠯᠹᠤᠨᠰ᠂ ᠳ᠋ᠤᠳᠸ᠂ ᠵᠢᠶᠦᠨ ᠷᠢᠳ᠂( ᠶᠢᠷᠲᠢᠨᠴᠦ ᠶ᠋ᠢ ᠳᠣᠩᠰᠣᠯᠭᠠᠨ ᠬᠥᠳᠡᠯᠭᠡᠭᠰᠡᠨ ᠠᠷᠪᠠᠨ ᠡᠳᠦᠷ) ᠠᠷᠠᠪ ᠤ᠋ᠨ ᠮᠢᠩᠭ᠎ᠠ ᠨᠢᠭᠡᠨ ᠰᠥᠨᠢ ᠶ᠋ᠢᠨ ᠦᠯᠢᠭᠡᠷ ᠭᠡᠬᠦ ᠵᠡᠷᠭᠡ ᠶ᠋ᠢ ᠣᠷᠴᠢᠭᠤᠯᠵᠤ ᠦᠭᠡ ᠨᠠᠢᠷᠠᠭᠤᠯᠬᠤ᠂ ᠡᠪᠯᠡᠭᠦᠯᠬᠦ᠂ ᠤᠳᠬ᠎ᠠ ᠶ᠋ᠢ ᠨᠡᠪᠲᠡᠷᠡᠭᠦᠯᠬᠦ᠂ ᠪᠢᠴᠢᠭ ᠵᠣᠬᠢᠶᠠᠬᠤ ᠶ᠋ᠢᠨ ᠨᠢᠭᠡ ᠶᠣᠰᠣᠨ ᠤ᠋ ᠰᠤᠷᠭᠠᠯ ᠬᠢᠭᠰᠡᠨ ᠨᠢ ᠬᠣᠵᠢᠮ ᠨᠠᠳᠠᠳᠤ ᠶᠡᠬᠡᠯ᠎ᠡ ᠲᠤᠰᠠ ᠪᠣᠯᠵᠠᠢ᠃ ᠣᠳᠣ᠂ ᠲᠡᠷᠡ ᠬᠣᠷᠢ ᠭᠤᠴᠢᠨ ᠵᠢᠯ ᠦ᠋ᠨ ᠡᠮᠦᠨ᠎ᠡ ᠡᠴᠡ ᠣᠷᠴᠢᠭᠤᠯᠤᠭᠰᠠᠭᠠᠷ ᠢᠷᠡᠭᠰᠡᠨ ᠵᠦᠢᠯ ᠢ᠋ ᠡᠷᠭᠢᠴᠡᠭᠦᠯᠦᠨ ᠪᠣᠳᠣᠵᠤ ᠦᠵᠡᠬᠦ ᠳ᠋ᠦ᠍᠂ ᠶᠠᠳᠠᠬᠤ ᠦᠭᠡᠢ ᠶᠠᠭᠤᠮ᠎ᠠ ᠳᠡᠭᠡᠷ᠎ᠡ ᠶᠡᠬᠡᠯ᠎ᠡ ᠶᠠᠳᠠᠵᠤ ᠵᠦᠳᠡᠵᠦ᠂ ᠵᠦᠳᠡᠬᠦ ᠦᠭᠡᠢ ᠶᠠᠭᠤᠮᠠᠨ ᠳᠡᠭᠡᠷ᠎ᠡ ᠮᠢᠬ᠎ᠠ ᠪᠠᠨ ᠢᠳᠡᠵᠦ ᠪᠠᠢᠭᠰᠠᠨ ᠵᠦᠢᠯ ᠲᠤᠩ ᠣᠯᠠᠨ ᠪᠠᠢᠵᠠᠢ᠃ ᠲᠡᠭᠡᠵᠦ ᠨᠤᠬᠤᠯᠤᠨ ᠣᠷᠴᠢᠭᠤᠯᠵᠤ ᠪᠠᠢᠭᠰᠠᠨ ᠤ᠋ ᠠᠷᠪᠠᠨ ᠬᠤᠪᠢ ᠶ᠋ᠢᠨ ᠪᠠᠷᠤᠭ ᠨᠠᠢ᠍ᠮᠠᠨ ᠬᠤᠪᠢ ᠶ᠋ᠢ ᠰᠡᠳᠬᠦᠯ ᠳᠡᠪᠲᠡᠷ ᠵᠡᠷᠭᠡ ᠳ᠋ᠦ᠍ ᠬᠡᠪᠯᠡᠨ ᠨᠡᠢᠲᠡᠯᠡᠭᠰᠡᠨ ᠪᠢᠯᠡ᠃  
       ᠦᠭᠡ ᠨᠠᠢᠷᠠᠭᠤᠯᠭ᠎ᠠ ᠶ᠋ᠢ ᠡᠷᠬᠢᠮᠯᠡᠵᠦ᠂ ᠤᠳᠬ᠎ᠠ ᠶ᠋ᠢ ᠢᠷᠠᠭᠤ ᠲᠣᠳᠣᠷᠬᠠᠢ ᠪᠠᠷ ᠨᠡᠪᠲᠡᠷᠡᠭᠦᠯᠬᠦ ᠶ᠋ᠢᠨ ᠰᠤᠷᠭᠠᠯ ᠢ᠋ ᠡᠢᠨᠬᠦ ᠬᠢᠭᠰᠡᠨ ᠨᠢ ᠵᠣᠬᠢᠶᠠᠯᠴᠢ ᠪᠣᠯᠬᠤ ᠶ᠋ᠢᠨ ᠨᠢᠭᠡ ᠶᠣᠰᠣᠨ ᠤ᠋ ᠰᠤᠷᠭᠠᠭᠤᠯᠢ ᠮᠡᠲᠦ ᠰᠠᠨᠠᠭᠳᠠᠬᠤ ᠠᠵᠢ᠃  
       ᠵᠥᠪᠯᠡᠯᠲᠦ ᠶ᠋ᠢᠨ ᠡᠬᠡ ᠣᠷᠣᠨ ᠤ᠋ ᠶᠡᠬᠡ ᠲᠡᠢᠨ ᠦ᠌ ᠦᠶᠡᠰ᠂ ᠦᠨᠡᠨ ᠰᠣᠨᠢᠨ ᠤ᠋ ᠭᠠᠵᠠᠷ ᠤᠳᠬ᠎ᠠ ᠵᠣᠬᠢᠶᠠᠯ ᠤ᠋ᠨ ᠠᠵᠢᠯ ᠢ᠋ ᠬᠢᠬᠦ ᠦᠶᠡᠰ᠂ ᠵᠥᠪᠯᠡᠯᠲᠦ ᠶ᠋ᠢᠨ ᠪᠢᠴᠢᠭ ᠦ᠋ᠨ ᠬᠥᠮᠦᠨ᠂ ᠵᠣᠬᠢᠶᠠᠯᠴᠢ ᠨᠠᠷ ᠤ᠋ᠨ ᠲᠡᠷᠡ ᠴᠠᠭ ᠲᠤ᠌ ᠹᠷᠣᠨᠲ ᠲᠤ᠌ ᠬᠢᠭᠡᠳ ᠠᠷᠤ ᠲᠠᠯ᠎ᠠ ᠳ᠋ᠤ᠌ ᠵᠥᠪᠯᠡᠯᠲᠦ ᠶ᠋ᠢᠨ ᠬᠥᠮᠦᠨ ᠠᠷᠠᠳ ᠤ᠋ᠨ ᠪᠠᠢᠭᠤᠯᠤᠭᠰᠠᠨ ᠦᠯᠡᠮᠵᠢ ᠶ᠋ᠢᠨ ᠵᠢᠳᠬᠦᠯ ᠭᠠᠪᠢᠶ᠎ᠠ ᠶ᠋ᠢ ᠰᠡᠳᠬᠢᠯ ᠵᠢᠷᠦᠬᠡ ᠬᠥᠳᠡᠯᠭᠡᠨ ᠪᠠᠬᠠᠲᠠᠢ ᠰᠠᠢᠬᠠᠨ ᠢ᠋ᠶ᠋ᠠᠷ ᠦᠵᠡᠭᠦᠯᠦᠭᠰᠡᠨ ᠵᠣᠬᠢᠶᠠᠯ ᠥᠭᠦᠯᠡᠯ ᠨᠠᠢᠷᠠᠭᠤᠯᠤᠯ ᠢ᠋ ᠣᠷᠴᠢᠭᠤᠯᠤᠨ ᠨᠡᠢᠲᠡᠯᠡᠬᠦ᠂ ᠮᠥᠨ ᠮᠠᠨ ᠤ᠋ ᠠᠷᠠᠳ ᠲᠦᠮᠡᠨ ᠦ᠌ ᠴᠢᠩ ᠰᠡᠳᠬᠢᠯ ᠢ᠋ᠶ᠋ᠡᠷ ᠹᠷᠣᠨᠲ ᠲᠤ᠌ ᠲᠤᠰᠠᠯᠠᠨ ᠪᠦᠬᠦᠢ ᠪᠠᠢᠳᠠᠯ ᠢ᠋ ᠪᠢᠴᠢᠬᠦ ᠵᠡᠷᠭᠡᠪᠡᠷ ᠰᠣᠨᠢᠨ ᠳ᠋ᠤ᠌ ᠥᠭᠦᠯᠡᠯ ᠪᠢᠴᠢᠵᠦ ᠰᠤᠷᠬᠤ ᠰᠤᠷᠭᠠᠯ ᠬᠢᠵᠦ᠂ ᠵᠥᠪᠯᠡᠯᠲᠦ ᠶ᠋ᠢᠨ ᠰᠡᠳᠬᠦᠯᠴᠢ ᠨᠠᠷ ᠤ᠋ᠨ ᠲᠤᠷᠰᠢᠯᠭ᠎ᠠ ᠳᠡᠮᠵᠢᠯᠭᠡ ᠪᠡᠷ ᠤᠯᠠᠮᠯᠠᠨ ᠥᠭᠦᠯᠡᠯ ᠨᠠᠢᠷᠠᠭᠤᠯᠤᠯ ᠪᠢᠴᠢᠬᠦ ᠪᠣᠯᠵᠤ᠂ ᠨᠢᠭᠡ ᠶᠣᠰᠣᠨ ᠤ᠋ ᠰᠡᠳᠬᠦᠯᠴᠢ ᠶ᠋ᠢᠨ ᠰᠤᠷᠭᠠᠭᠤᠯᠢ ᠬᠢᠭᠰᠡᠨ ᠨᠢ ᠵᠣᠬᠢᠶᠠᠯᠴᠢ ᠪᠣᠯᠬᠤ ᠳ᠋ᠤ᠌ ᠪᠠᠰᠠ ᠨᠢᠭᠡ ᠠᠯᠬᠤᠮ ᠳᠠᠪᠰᠢᠭᠰᠠᠨ ᠪᠢᠯᠡ᠃ ᠰᠣᠨᠢᠨ ᠤ᠋ ᠭᠠᠵᠠᠷ ᠠᠵᠢᠯᠯᠠᠬᠤ ᠦᠶᠡᠰ᠂ ᠵᠣᠬᠢᠶᠠᠯᠴᠢ ᠬᠥᠮᠦᠨ ᠳ᠋ᠦ᠍ ᠡᠷᠢᠭᠡᠳ ᠣᠯᠳᠠᠭ ᠦᠭᠡᠢ ᠡᠷᠳᠡᠨᠢ ᠮᠡᠲᠦ᠂ ᠰᠤᠷᠤᠭᠠᠳ ᠣᠯᠳᠠᠳᠠᠭ ᠦᠭᠡᠢ ᠰᠤᠪᠤᠳ ᠮᠡᠲᠦ ᠰᠠᠢᠬᠠᠨ ᠪᠠᠷᠢᠮᠲᠠ᠂ ᠦᠨᠡᠨ ᠪᠣᠳᠠᠲᠠᠢ ᠵᠦᠢᠯ᠂ ᠴᠢᠩ ᠰᠡᠳᠬᠢᠯᠲᠦ ᠮᠠᠨ ᠤ᠋ ᠠᠷᠠᠳ ᠤ᠋ᠨ ᠵᠢᠳᠬᠦᠯ ᠬᠥᠳᠡᠯᠮᠦᠷᠢ ᠶ᠋ᠢᠨ ᠦᠯᠢᠭᠡᠷ ᠵᠢᠱ᠌ᠢᠶ᠎ᠡ ᠡᠳᠦᠢ ᠲᠡᠳᠦᠢ ᠪᠣᠯᠵᠤ ᠢᠷᠡᠭᠰᠡᠨ ᠳ᠋ᠦ᠍᠂ ᠥᠭᠦᠯᠡᠯ ᠨᠠᠢᠷᠠᠭᠤᠯᠤᠨ ᠪᠢᠴᠢᠬᠦᠢᠴᠡ ᠪᠡᠨ ᠪᠣᠯᠤᠭᠰᠠᠨ ᠠ᠋ᠴᠠ ᠪᠠᠰᠠ ᠨᠢᠭᠡ ᠠᠯᠬᠤᠮ ᠳᠠᠪᠰᠢᠵᠤ ᠲᠣᠭᠣᠵᠢ ᠷᠣᠮᠠᠨ ᠵᠡᠷᠭᠡ ᠶ᠋ᠢᠨ ᠲᠣᠮᠣᠬᠠᠨ ᠵᠣᠬᠢᠶᠠᠯ ᠪᠢᠴᠢᠬᠦ ᠵᠣᠷᠢᠭ ᠤᠷᠮᠠᠰ ᠲᠥᠷᠥᠵᠦ᠂1945—1947 ᠣᠨ ᠳ᠋ᠤ᠌ ᠵᠥᠪᠯᠡᠯᠲᠦ ᠤᠯᠤᠰ ᠤ᠋ᠨ ᠮᠣᠰᠺᠸᠠ ᠬᠣᠲᠠᠨ᠎ᠠ ᠵᠥᠪᠯᠡᠯᠲᠦ ᠶ᠋ᠢᠨ ᠣᠯᠠᠨ ᠵᠣᠬᠢᠶᠠᠯᠴᠢ ᠨᠥᠬᠥᠳ ᠲᠡᠢ ᠠᠭᠤᠯᠵᠠᠨ ᠰᠡᠳᠬᠢᠯ ᠦ᠋ᠨ ᠦᠭᠡᠰ ᠢ᠋ ᠬᠠᠷᠢᠯᠴᠠᠨ ᠶᠠᠷᠢᠯᠴᠠᠵᠤ᠂ ᠲᠣᠮᠣ ᠬᠡᠯᠪᠡᠷᠢ ᠶ᠋ᠢᠨ ᠵᠣᠬᠢᠶᠠᠯ ᠪᠢᠴᠢᠬᠦ ᠠᠷᠭ᠎ᠠ ᠣᠨᠣᠯ ᠢ᠋ ᠬᠡᠯᠡᠯᠴᠡᠨ ᠵᠥᠪᠯᠡᠯᠳᠦᠯᠴᠡᠵᠦ᠂ ᠲᠡᠢᠨ ᠦ᠌ ᠦᠶ᠎ᠡ ᠤᠯᠤᠰ ᠤ᠋ᠨ ᠨᠢᠭᠡᠨ ᠰᠠᠢᠨ ᠮᠠᠯᠴᠢᠨ ᠰᠢᠷᠴᠢᠨ ᠭᠡᠭᠴᠢ ᠶ᠋ᠢᠨ ᠪᠡᠶ᠎ᠡ ᠶ᠋ᠢᠨ ᠨᠠᠮᠲᠠᠷ ᠲᠡᠦᠬᠡ ᠣᠯᠵᠤ ᠠᠪᠤᠭᠰᠠᠨ ᠢ᠋ ᠠᠩᠬᠠᠨ ᠤ᠋ ᠡᠭᠦᠰᠬᠡᠯ ᠪᠣᠯᠭᠠᠨ᠂ ᠨᠢᠭᠡᠨ ᠲᠡᠦᠬᠡᠨ ᠷᠣᠮᠠᠨ ᠬᠢᠬᠦ ᠪᠡᠷ ᠵᠣᠷᠢᠨ ᠲᠤᠭᠤᠷᠪᠢᠵᠤ᠂1947 ᠣᠨ ᠠ᠋ᠴᠠ ᠪᠣᠳᠣᠭᠰᠠᠭᠠᠷ ᠢᠷᠡᠭᠰᠡᠨ ᠪᠢᠯᠡ᠃ ᠨᠡᠷ᠎ᠡ ᠶ᠋ᠢ ᠨᠢ ᠦᠷ ᠦ᠋ᠨ ᠲᠤᠶᠠᠭ᠎ᠠ ᠭᠡᠵᠦ ᠨᠡᠷᠡᠯᠡᠬᠦ ᠪᠡᠷ ᠪᠣᠳᠣᠭᠰᠠᠨ ᠨᠢ ᠮᠢᠨᠦ ᠨᠠᠢᠵᠠ᠂ ᠵᠥᠪᠯᠡᠯᠲᠦ ᠶ᠋ᠢᠨ ᠡᠷᠬᠢᠮ ᠵᠣᠬᠢᠶᠠᠯᠴᠢ ᠨᠢᠺᠤᠯᠠᠢ ᠲᠢᠬᠤᠨᠤᠸ ᠶᠠᠷᠢᠯᠴᠠᠭᠰᠠᠭᠠᠷ᠂ ᠲᠡᠭᠡᠵᠦ ᠨᠡᠷᠡᠯᠡᠬᠦ ᠪᠡᠷ ᠲᠣᠭᠲᠠᠵᠤ᠂ ᠨᠠᠮᠠᠶ᠋ᠢ ᠤᠷᠮᠠᠰᠢᠭᠤᠯᠤᠨ᠂ ᠨᠠᠳᠠᠳᠤ ᠵᠣᠷᠢᠭᠤᠯᠤᠨ ᠪᠢᠴᠢᠵᠦ ᠥᠭᠭᠦᠭᠰᠡᠨ ᠰᠢᠯᠦᠭᠯᠡᠯ ᠢ᠋ ᠡᠨᠡᠬᠦ ᠷᠣᠮᠠᠨ ᠤ᠋ ᠡᠬᠢᠨ ᠳ᠋ᠦ᠍ ᠪᠠᠬᠠᠳᠤᠨ ᠭᠠᠷᠭᠠᠯ᠎ᠠ᠃                                                    
       ᠦᠷ ᠦ᠋ᠨ ᠲᠤᠶᠠᠭ᠎ᠠ ᠭᠡᠳᠡᠭ ᠡᠨᠡ ᠷᠣᠮᠠᠨ ᠢ᠋ ᠪᠢᠴᠢᠬᠦ ᠳ᠋ᠡᠭᠡᠨ ᠮᠢᠨᠦ ᠪᠡᠶ᠎ᠡ᠂ ᠵᠢᠩᠬᠢᠨᠢ ᠪᠣᠳᠠᠲᠠᠢ ᠲᠡᠦᠬᠡ ᠵᠢᠨ ᠮᠡᠲ᠋ᠸᠷᠢᠶᠡᠯ ᠢ᠋ ᠤᠷᠠᠨ ᠰᠠᠢᠬᠠᠨ ᠤ᠋ ᠠᠷᠭ᠎ᠠ ᠪᠠᠷ ᠪᠣᠯᠪᠠᠰᠤᠷᠠᠭᠤᠯᠬᠤ ᠶ᠋ᠢ ᠣᠷᠣᠯᠳᠣᠭᠰᠠᠨ ᠤᠴᠢᠷ ᠤᠭ ᠦᠨᠡᠨ ᠪᠠᠢᠳᠠᠯ ᠠ᠋ᠴᠠ ᠬᠠᠵᠠᠢᠯᠭᠠᠨ᠂ ᠡᠯᠳᠡᠪ ᠤᠷᠠᠨ ᠵᠣᠬᠢᠶᠠᠯ ᠢ᠋ᠶ᠋ᠠᠷ ᠵᠣᠷᠢᠭ ᠮᠡᠳᠡᠨ ᠴᠢᠮᠡᠭᠯᠡᠬᠦ ᠵᠢᠷᠦᠬᠡ ᠬᠦᠷᠦᠭᠰᠡᠨ ᠦᠭᠡᠢ᠃ ᠲᠡᠷᠡ ᠤᠴᠢᠷ ᠠ᠋ᠴᠠ ᠤᠭ ᠵᠣᠬᠢᠶᠠᠯ ᠳ᠋ᠤ᠌ ᠭᠠᠷᠤᠭᠰᠠᠨ ᠬᠥᠮᠦᠰ ᠦ᠋ᠨ ᠠᠷᠪᠠᠨ ᠤ᠋ ᠶᠢᠰᠦᠨ ᠬᠤᠪᠢ ᠳ᠋ᠤᠨᠢ ᠴᠣᠬᠣᠮ ᠬᠦ᠌ ᠪᠣᠳᠠᠲᠠᠢ ᠨᠡᠷ᠎ᠡ ᠪᠡᠷ ᠨᠡᠷᠡᠯᠡᠭᠰᠡᠨ᠂ ᠮᠠᠮ᠎ᠠ ᠶ᠋ᠢᠨ ᠳᠠᠯᠠᠩ ᠭᠡᠬᠦ ᠵᠡᠷᠭᠡ ᠶ᠋ᠢᠨ ᠬᠣᠴᠢ ᠪᠦᠬᠦᠢ ᠬᠥᠮᠦᠨ ᠢ᠋ ᠬᠦᠷᠲᠡᠯ᠎ᠡ᠂ ᠲᠡᠷᠡ ᠬᠡᠪ ᠢ᠋ᠶ᠋ᠡᠷ ᠨᠢ ᠪᠢᠴᠢᠵᠦ᠂ ᠵᠠᠷᠢᠮ ᠨᠢᠭᠡᠨ ᠭᠠᠵᠠᠷ ᠦᠨᠡᠨ ᠬᠡᠷᠡᠭ ᠭᠡᠵᠦ ᠵᠡᠭᠦᠯᠲᠡ ᠵᠡᠭᠦᠪᠡᠴᠦ᠂ ᠲᠡᠷᠡ ᠪᠦᠷᠢ ᠳ᠋ᠦ᠍ ᠦᠨᠡᠨ ᠬᠡᠷᠡᠭ᠂ ᠦᠨᠡᠨ ᠬᠡᠷᠡᠭ ᠭᠡᠵᠦ ᠲᠣᠭᠠᠴᠢᠬᠤ ᠪᠣᠯᠪᠠᠯ ᠨᠢᠭᠡᠨ ᠬᠠᠭᠤᠳᠠᠰᠤᠨ ᠳ᠋ᠤ᠌ ᠡᠳᠦᠢ ᠲᠡᠳᠦᠢ ᠵᠡᠭᠦᠯᠲᠡ ᠬᠢᠬᠦ ᠳ᠋ᠦ᠍ ᠬᠦᠷᠬᠦ ᠲᠤᠯᠠ ᠠᠷᠭ᠎ᠠ ᠪᠤᠶᠤ ᠬᠡᠮᠨᠡᠵᠦ᠂ ᠬᠠᠶᠠ ᠭᠠᠭᠴᠠ ᠨᠢᠭᠡ ᠭᠠᠵᠠᠷ ᠲᠡᠮᠳᠡᠭᠯᠡᠪᠡ᠃ ᠪᠢᠴᠢᠭ ᠪᠠᠷᠢᠮᠲᠠ ᠠ᠋ᠴᠠ ᠡᠰᠢ ᠲᠠᠲᠠᠬᠤ ᠳ᠋ᠠᠭᠠᠨ ᠤᠭ ᠡᠬᠡ ᠪᠢᠴᠢᠭ ᠢ᠋ ᠨᠢ ᠨᠢᠭᠡ ᠴᠦ᠍ ᠦᠭᠡ ᠬᠠᠵᠠᠢᠯᠭᠠᠯ ᠦᠭᠡᠢ ᠰᠡᠢᠷᠡᠭᠦᠯᠵᠦ᠂ ᠭᠠᠭᠴᠠᠬᠦ ᠵᠠᠷᠢᠮ ᠨᠢᠭᠡᠨ ᠭᠠᠵᠠᠷ ᠲᠣᠪᠴᠢᠯᠠᠬᠤ ᠠ᠋ᠴᠠ ᠥᠭᠡᠷ᠎ᠡ ᠬᠤᠪᠢᠰᠤᠨ ᠥᠭᠡᠷᠡᠴᠢᠯᠡᠭᠰᠡᠨ ᠵᠦᠢᠯ ᠦᠭᠡᠢ ᠪᠢᠯᠡ᠃ ᠤᠭ ᠷᠣᠮᠠᠨ ᠢ᠋ ᠵᠣᠬᠢᠶᠠᠬᠤ ᠪᠠᠨ ᠮᠣᠩᠭᠣᠯ ᠦᠰᠦᠭ ᠦ᠋ᠨ ᠪᠢᠴᠢᠭ ᠪᠠᠷᠢᠮᠲᠠ ᠠ᠋ᠴᠠ ᠭᠠᠳᠠᠨ᠎ᠠ᠂ ᠣᠷᠣᠰ᠂ ᠭᠧᠷᠮᠠᠨ ᠵᠡᠷᠭᠡ ᠬᠡᠯᠡ ᠪᠡᠷ ᠵᠣᠬᠢᠶᠠᠨ ᠨᠡᠢᠲᠡᠯᠡᠭᠰᠡᠨ ᠨᠣᠮ ᠳᠡᠪᠲᠡᠷ᠂ ᠵᠢᠴᠢ ᠠᠷᠠᠳ ᠤ᠋ᠨ ᠠᠮᠠᠨ ᠵᠣᠬᠢᠶᠠᠯ ᠵᠡᠷᠭᠡ ᠶ᠋ᠢ ᠲᠤᠯᠭᠤᠷ ᠪᠣᠯᠭᠠᠨ ᠬᠡᠷᠡᠭᠯᠡᠪᠡ᠃  
       ᠤᠯᠤᠰ ᠤ᠋ᠨ ᠭᠤᠴᠢᠨ ᠵᠢᠯ ᠦ᠋ᠨ ᠰᠠᠢᠬᠠᠨ ᠣᠢ ᠶ᠋ᠢ ᠥᠴᠦᠬᠡᠨ ᠪᠣᠯᠪᠠᠴᠤ ᠪᠦᠲᠦᠭᠡᠯ ᠢ᠋ᠶ᠋ᠡᠷ ᠤᠭᠲᠤᠨ ᠲᠡᠮᠳᠡᠭᠯᠡᠬᠦ ᠶ᠋ᠢ ᠵᠣᠬᠢᠶᠠᠯᠴᠢ ᠶ᠋ᠢᠨ ᠬᠤᠪᠢ ᠪᠠᠷ ᠮᠠᠰᠢ ᠡᠷᠬᠢᠮ ᠪᠣᠯᠭᠠᠭᠰᠠᠨ ᠤᠴᠢᠷ᠂ ᠦᠷ ᠦ᠋ᠨ ᠲᠤᠶᠠᠭ᠎ᠠ ᠭᠡᠳᠡᠭ ᠷᠣᠮᠠᠨ ᠤ᠋ ᠭᠤᠷᠪᠠᠨ ᠳᠡᠪᠲᠡᠷ ᠢ᠋ ᠠᠷᠭ᠎ᠠ ᠪᠤᠶᠤ ᠮᠠᠰᠢ ᠪᠣᠭᠣᠨᠢ ᠱᠠᠭᠠᠷ ᠬᠤᠭᠤᠴᠠᠭᠠᠨ᠎ᠠ ᠪᠢᠴᠢᠵᠦ ᠳᠠᠭᠤᠰᠬᠠᠬᠤ ᠪᠣᠯᠤᠭᠰᠠᠨ ᠤ᠋ ᠳᠡᠭᠡᠷ᠎ᠡ᠂ ᠤᠷᠢᠳ ᠡᠮᠦᠨ᠎ᠡ ᠡᠢᠮᠦ ᠬᠡᠮᠵᠢᠶᠡᠨ ᠦ᠌ ᠲᠣᠮᠣ ᠵᠣᠬᠢᠶᠠᠯ ᠢ᠋ ᠤᠩᠰᠢᠬᠤ ᠠ᠋ᠴᠠ ᠪᠢᠰᠢ ᠶᠡᠷᠦ ᠪᠢᠴᠢᠵᠦ ᠦᠵᠡᠭᠡ ᠦᠭᠡᠢ ᠵᠡᠷᠭᠡ ᠪᠡᠷᠬᠡᠲᠡᠢ ᠵᠦᠢᠯ ᠨᠡᠯᠢᠶᠡᠳ ᠪᠠᠢᠭᠰᠠᠨ᠂ ᠡᠭᠦᠨ ᠳ᠋ᠦ᠍ ᠮᠢᠨᠦ ᠪᠡᠶ᠎ᠡ᠂ ᠵᠥᠪᠯᠡᠯᠲᠦ ᠶ᠋ᠢᠨ ᠵᠣᠬᠢᠶᠠᠯᠴᠢ ᠠᠯᠸᠺᠰᠸᠢ ᠲᠤᠯᠰᠲ᠋ᠤᠢ ᠶ᠋ᠢᠨ ᠲᠡᠦᠬᠡ ᠶ᠋ᠢᠨ ᠵᠣᠬᠢᠶᠠᠯ ᠢ᠋ ᠪᠠᠬᠠᠳᠤᠳᠠᠭ ᠤᠴᠢᠷ᠂ ᠲᠡᠭᠦᠨ ᠦ᠌ ᠪᠢᠴᠢᠬᠦ ᠠᠷᠭ᠎ᠠ ᠵᠦᠢ ᠶ᠋ᠢ ᠨᠡᠯᠢᠶᠡᠳ ᠰᠣᠨᠢᠷᠬᠠᠭᠰᠠᠨ᠂ ᠡᠭᠦᠨ ᠳ᠋ᠦ᠍ ᠲᠡᠷᠡ ᠵᠣᠬᠢᠶᠠᠯᠴᠢ ᠶ᠋ᠢᠨ《 ᠲᠠᠷᠢᠶ᠎ᠠ ᠪᠤᠳᠠᠭ᠎ᠠ》 ᠭᠡᠳᠡᠭ ᠲᠣᠭᠣᠵᠢ ᠪᠢᠴᠢᠭᠰᠡᠨ ᠲᠤᠬᠠᠢ ᠥᠭᠦᠯᠡᠭᠰᠡᠨ ᠦᠭᠡ ᠶ᠋ᠢ ᠨᠢ ᠪᠢ ᠡᠨᠡᠬᠦ ᠴᠢᠳᠠᠨ ᠶᠠᠳᠠᠨ ᠪᠢᠴᠢᠭᠰᠡᠨ ᠦᠷ ᠦ᠋ᠨ ᠲᠤᠶᠠᠭ᠎ᠠ ᠭᠡᠳᠡᠭ ᠷᠣᠮᠠᠨ ᠳ᠋ᠠᠭᠠᠨ ᠡᠰᠢ ᠲᠠᠲᠠᠵᠤ ᠬᠡᠯᠡᠬᠦ ᠶ᠋ᠢ ᠬᠦᠰᠡᠬᠦ ᠨᠢ᠂ ᠲᠣᠯᠰᠲ᠋ᠣᠢ ᠶ᠋ᠢᠨ ᠪᠢᠴᠢᠭᠰᠡᠨ ᠨᠢ᠄  
      《 ᠲᠠᠷᠢᠶ᠎ᠠ ᠪᠤᠳᠠᠭ᠎ᠠ》— ᠪᠣᠯ ᠲᠡᠦᠬᠡ ᠶ᠋ᠢᠨ ᠪᠠᠲᠤᠲᠠᠢ ᠨᠠᠷᠢᠨ ᠮᠠᠲ᠋ᠧᠷᠢᠶᠠᠯ ᠢ᠋ ᠤᠷᠠᠨ ᠰᠠᠢᠬᠠᠨ ᠤ᠋ ᠠᠷᠭ᠎ᠠ ᠪᠠᠷ ᠪᠣᠯᠪᠠᠰᠤᠷᠠᠭᠤᠯᠬᠤ ᠶ᠋ᠢᠨ ᠲᠤᠷᠰᠢᠴᠠ ᠪᠠᠢᠭᠰᠠᠨ ᠤᠴᠢᠷ᠂ ᠪᠠᠨᠲ᠋ᠨᠽᠢ ᠲᠤᠰᠢᠶᠠᠰᠤᠲᠠᠢ  ᠪᠠᠢᠬᠤ ᠨᠢ ᠠᠷᠭ᠎ᠠ ᠦᠭᠡᠢ᠃ ᠭᠡᠪᠡᠴᠦ ᠡᠢᠮᠦ ᠲᠤᠷᠰᠢᠴᠠ ᠮᠢᠨᠢ ᠬᠣᠵᠢᠮ ᠬᠣᠢᠨ᠎ᠠ ᠬᠦᠨᠳᠦ ᠬᠡᠷᠡᠭ ᠪᠣᠯᠬᠤ ᠴᠦ᠍ ᠮᠠᠭᠠᠳ ᠦᠭᠡᠢ᠃ ᠵᠣᠬᠢᠶᠠᠯᠴᠢ ᠬᠥᠮᠦᠨ ᠲᠤᠷᠰᠢᠯᠭ᠎ᠠ ᠬᠢᠬᠦ᠂ ᠮᠥᠨ ᠲᠡᠭᠦᠨ ᠡᠴᠡ ᠪᠣᠯᠵᠤ ᠠᠯᠳᠠᠭ᠎ᠠ ᠴᠦ᠍ ᠬᠢᠬᠦ ᠡᠷᠬᠡᠲᠡᠢ ᠭᠡᠳᠡᠭ ᠢ᠋ ᠪᠢ ᠬᠠᠮᠠᠭᠠᠯᠠᠨ ᠵᠢᠳᠬᠦᠬᠦ ᠬᠥᠮᠦᠨ ᠰᠢᠦ᠃ ᠵᠢᠷᠦᠬᠡᠯᠡᠨ ᠣᠷᠣᠯᠳᠣᠬᠤ ᠦᠭᠡᠢ ᠶᠦᠮ ᠪᠣᠯ ᠤᠷᠠᠯᠢᠭ ᠴᠢᠳᠠᠯ ᠴᠦ᠍ ᠬᠠᠮᠢᠭ᠎ᠠ ᠠ᠋ᠴᠠ ᠪᠣᠢ ᠪᠣᠯᠬᠤ ᠪᠢᠯᠡ ᠭᠡᠵᠦ ᠪᠢᠴᠢᠵᠡᠢ᠃ ᠡᠭᠦᠨ ᠳ᠋ᠦ᠍ ᠪᠢ᠂ ᠮᠥᠨ ᠲᠡᠦᠬᠡ ᠶ᠋ᠢᠨ ᠨᠠᠷᠢᠨ ᠮᠠᠲ᠋ᠧᠷᠢᠶᠠᠯ ᠢ᠋ ᠤᠷᠠᠨ ᠵᠣᠬᠢᠶᠠᠯ ᠪᠣᠯᠭᠠᠬᠤ ᠭᠡᠵᠦ ᠠᠩᠬ᠎ᠠ ᠲᠤᠷᠰᠢᠨ ᠣᠷᠣᠯᠳᠣᠬᠤ ᠳ᠋ᠠᠭᠠᠨ《ᠬᠣᠵᠢᠮ ᠬᠣᠢᠨ᠎ᠠ᠂ ᠬᠦᠨᠳᠦ ᠬᠡᠷᠡᠭ ᠪᠣᠯᠬᠤ ᠴᠦ᠍ ᠮᠠᠭᠠᠳ ᠦᠭᠡᠢ》 ᠭᠡᠵᠦ ᠲᠣᠯᠰᠲ᠋ᠤᠢ ᠶ᠋ᠢᠨ ᠲᠡᠢᠨᠬᠦ ᠦᠵᠡᠭᠰᠡᠨ ᠢ᠋ ᠶᠡᠬᠡᠯ᠎ᠡ ᠪᠠᠬᠠᠳᠤᠨ ᠪᠢᠰᠢᠷᠡᠵᠦ᠂ ᠲᠡᠷᠡ ᠲᠤᠷᠰᠢᠬᠰᠠᠨᠴᠢᠯᠠᠨ᠂ ᠪᠠᠰᠠ ᠴᠢᠳᠠᠯ ᠤ᠋ᠨ ᠢ᠋ᠶ᠋ᠠᠨ ᠬᠢᠷᠢ ᠪᠡᠷ ᠲᠤᠷᠰᠢᠵᠤ ᠣᠷᠣᠯᠳᠣᠭᠰᠠᠨ ᠮᠢᠨᠢ ᠡᠨᠡ《 ᠦᠷ ᠦ᠋ᠨ ᠲᠤᠶᠠᠭ᠎ᠠ》 ᠭᠡᠭᠴᠢ ᠷᠣᠮᠠᠨ ᠪᠢᠯᠡ᠃ ᠰᠡᠳᠬᠢᠯᠭᠡ ᠠᠳᠠᠯᠢ ᠵᠣᠷᠢᠯᠭ᠎ᠠ ᠨᠢᠭᠡᠨ ᠵᠣᠬᠢᠶᠠᠯᠴᠢ ᠨᠥᠬᠥᠳ᠂ ᠮᠥᠨ ᠵᠠᠷᠢᠮ ᠰᠤᠷᠭᠠᠭᠤᠯᠢ ᠶ᠋ᠢᠨ ᠣᠶᠤᠲᠠᠨ ᠵᠡᠷᠭᠡ ᠨᠥᠬᠥᠳ᠂ ᠮᠢᠨᠦ ᠡᠢᠨᠬᠦ ᠪᠢᠴᠢᠬᠦ ᠦᠶᠡᠰ ᠪᠦᠯᠦᠭ ᠪᠦᠷᠢ ᠶ᠋ᠢ ᠨᠢᠭᠲᠠᠯᠠᠨ ᠦᠵᠡᠵᠦ᠂ ᠰᠠᠨᠠᠯ ᠪᠣᠳᠣᠯ ᠢ᠋ᠶ᠋ᠠᠨ ᠬᠠᠷᠠᠮ ᠦᠭᠡᠢ ᠬᠡᠯᠡᠭᠰᠡᠨ ᠨᠢ ᠨᠠᠳᠠᠳᠤ ᠶᠡᠬᠡᠯ᠎ᠡ ᠲᠤᠰᠠ ᠪᠣᠯᠤᠭᠰᠠᠨ ᠲᠤᠯᠠ᠂ ᠲᠡᠳᠡ ᠪᠦᠬᠦ ᠨᠥᠬᠥᠳ ᠲᠦ᠍ ᠴᠢᠩ ᠰᠡᠳᠬᠢᠯ ᠡᠴᠡ ᠲᠠᠯ᠎ᠠ ᠥᠭᠭᠦᠨ᠎ᠡ᠃ ᠪᠦᠯᠦᠭ ᠪᠦᠷᠢ ᠶ᠋ᠢᠨ ᠡᠬᠢᠨ ᠳ᠋ᠦ᠍ ᠰᠠᠨᠠᠭ᠎ᠠ ᠶ᠋ᠢ ᠦᠵᠡᠭᠦᠯᠦᠭᠰᠡᠨ ᠪᠦᠯᠦᠭ ᠦ᠋ᠨ ᠡᠰᠢᠯᠡᠯ ᠳ᠋ᠦ᠍ ᠣᠯᠠᠨ ᠵᠣᠬᠢᠶᠠᠯᠴᠢ ᠨᠠᠷ ᠤ᠋ᠨ ᠰᠢᠯᠦᠭ ᠵᠡᠷᠭᠡ ᠡᠴᠡ ᠡᠰᠢ ᠲᠠᠲᠠᠭᠰᠠᠨ᠂ ᠡᠭᠦᠨ ᠢ᠋ᠶ᠋ᠡᠨ ᠲᠡᠷᠢᠭᠦᠨ ᠳᠡᠪᠲᠡᠷ ᠦ᠋ᠨ ᠵᠠᠷᠢᠮ ᠪᠦᠯᠦᠭ ᠲᠦ᠍ ᠡᠰᠢᠯᠡᠯ ᠦ᠋ᠨ ᠦᠭᠡ ᠳᠤᠲᠠᠭᠤ ᠪᠠᠢᠭᠰᠠᠨ ᠢ᠋ ᠷᠸᠳᠠᠺᠲ᠋ᠣᠷ ᠨᠥᠬᠥᠷ ᠴᠠᠳᠠᠨᠵᠠᠪ ᠰᠤᠷᠪᠤᠯᠵᠢᠯᠠᠨ ᠡᠷᠢᠵᠦ᠂ ᠨᠥᠬᠥᠨ ᠭᠦᠢᠴᠡᠭᠡᠵᠦ ᠥᠭᠭᠦᠭᠰᠡᠨ ᠳ᠋ᠦ᠍ ᠪᠠᠶᠠᠷᠯᠠᠪᠠ᠃  
       ᠠᠩᠬᠠᠨ ᠤᠳᠠᠭ᠎ᠠ ᠶ᠋ᠢᠨ ᠮᠢᠨᠦ ᠲᠤᠭᠤᠷᠪᠢᠨ ᠪᠢᠴᠢᠭᠰᠡᠨ ᠡᠨᠡᠬᠦ ᠷᠣᠮᠠᠨ ᠳ᠋ᠤ᠌ ᠭᠠᠭᠴᠠ ᠨᠢᠭᠡ ᠤᠨᠤᠵᠤ ᠪᠢᠴᠢᠭᠰᠡᠨ ᠵᠦᠢᠯ ᠪᠣᠢ ᠪᠣᠯ ᠲᠡᠳᠦᠢᠯᠡ ᠪᠢᠵᠡ᠃ ᠣᠰᠣᠯᠳᠠᠨ ᠠᠯᠳᠠᠭᠰᠠᠨ ᠵᠦᠢᠯ ᠪᠣᠢ ᠠᠬᠤᠯ᠎ᠠ᠂ ᠤᠩᠰᠢᠨ ᠦᠵᠡᠬᠦ ᠣᠯᠠᠨ ᠨᠥᠬᠥᠳ ᠵᠠᠰᠠᠨ ᠵᠢᠭᠠᠪᠤᠷᠢᠯᠠᠬᠤ ᠰᠠᠨᠠᠯ ᠢ᠋ᠶ᠋ᠠᠨ ᠵᠣᠬᠢᠶᠠᠯᠴᠢ ᠨᠠᠳᠠᠳᠤ ᠬᠠᠷᠠᠮ ᠦᠭᠡᠢ ᠭᠠᠷᠭᠠᠵᠤ ᠲᠤᠰᠠᠯᠠᠬᠤ ᠶ᠋ᠢ ᠥᠴᠢᠮᠦ᠃ 

       ᠦᠰᠦᠭ ᠠᠮᠢᠯᠠᠭᠤᠯᠤᠭᠴᠢ᠄ ᠠᠯᠲᠠᠨᠱᠠ᠂ ᠣᠶᠤᠨᠪᠠᠲᠤ᠂ ᠪᠠᠯ᠂ ᠤᠢᠭᠤᠷᠵᠢᠨ ᠣᠳᠬᠣᠨᠪᠠᠪᠠ᠂ ᠪᠠᠳᠮᠠᠰᠡᠴᠡᠨ 
           ᠬᠢᠨᠠᠭᠴᠢ᠄ ᠣᠳᠬᠣᠨᠴᠡᠴᠡᠭ᠂ ᠠᠯᠲᠠᠨᠱᠠ᠂ ᠪᠠᠯ 
           ᠤᠩᠰᠢᠭᠴᠢ ᠄  ᠨᠠᠰᠤᠨ᠌ᠦ᠌ᠯᠵᠡᠢ