ᠴᠢ ᠪᠢᠳᠡᠨ ᠬᠣᠶᠠᠷ-ᠲ ∙ ᠠᠮᠢᠨ᠎ᠠТ.Амина Чи бидэн хоёр
ᠴᠢ ᠪᠢᠳᠡᠨ ᠬᠣᠶᠠᠷ
ᠦᠭᠡ᠄ ᡀᠠᠬᠪᠠᠰᠦ᠋ᠷᠦᠩ
ᠠᠶ᠎ᠠ᠄ ᠴ• ᠨᠢᠮᠠᠳᠣᠷᠵᠢ
ᠳᠠᠭᠤᠴᠢᠨ᠄ ᠲ• ᠠᠮᠢᠨ᠎ᠠ
ᠠᠯᠲᠠᠨ ᠨᠠᠷᠠ ᠶ᠋ᠢ ᠲᠣᠭᠣᠨᠣ ᠪᠠᠨ ᠭᠡᠳ
ᠠᠯᠠᠭ ᠳᠡᠯᠡᠬᠡᠢ ᠶ᠋ᠢ ᠭᠡᠷ ᠢ᠋ᠶ᠋ᠡᠨ ᠭᠡᠪᠡᠯ
ᠬᠥᠬᠡ ᠲᠡᠭᠷᠢ ᠶ᠋ᠢ ᠮᠥᠷᠯᠡᠨ ᠥᠨᠳᠡᠢᠭᠰᠡᠨ
ᠬᠣᠣᠰ ᠪᠠᠭᠠᠨ᠎ᠠ ᠨᠢ ᠴᠢ ᠪᠢᠳᠡ ᠬᠣᠶᠠᠷ
ᠬᠥᠬᠡ ᠲᠡᠭᠷᠢ ᠶ᠋ᠢ ᠮᠥᠷᠯᠡᠨ ᠥᠨᠳᠡᠢᠭᠰᠡᠨ
ᠬᠣᠣᠰ ᠪᠠᠭᠠᠨ᠎ᠠ ᠨᠢ ᠴᠢ ᠪᠢᠳᠡ ᠬᠣᠶᠠᠷ᠃
ᠠᠭᠤᠯᠠ ᠶ᠋ᠢᠨ ᠥᠨᠳᠥᠷ ᠢ᠋ ᠳᠡᠭᠡᠪᠦᠷ ᠢ᠋ᠶ᠋ᠡᠨ ᠭᠡᠳ
ᠬᠤᠸᠠ ᠲᠤᠯᠤᠭᠠᠳ ᠢ᠋ ᠲᠤᠭᠤᠷᠭ᠎ᠠ ᠪᠠᠨ ᠭᠡᠪᠡᠯ
ᠡᠪᠯᠡᠵᠦ ᠠᠭᠤᠯᠵᠠᠭᠰᠠᠨ ᠲᠠᠪᠤᠨ ᠬᠠᠭᠠᠨ ᠤ᠋
ᠡᠬᠢᠯᠡᠯ ᠲᠡᠭᠦᠰᠬᠡᠯ ᠨᠢ ᠴᠢ ᠪᠢᠳᠡ ᠬᠣᠶᠠᠷ
ᠡᠪᠯᠡᠵᠦ ᠠᠭᠤᠯᠵᠠᠭᠰᠠᠨ ᠲᠠᠪᠤᠨ ᠬᠠᠭᠠᠨ ᠤ᠋
ᠡᠬᠢᠯᠡᠯ ᠲᠡᠭᠦᠰᠬᠡᠯ ᠨᠢ ᠴᠢ ᠪᠢᠳᠡ ᠬᠣᠶᠠᠷ᠃
ᠲᠩᠷᠢ ᠶ᠋ᠢᠨ ᠵᠠᠭᠠᠳᠠᠰᠤ ᠶ᠋ᠢ ᠲᠣᠲᠣᠭᠣ ᠪᠠᠨ ᠭᠡᠳ
ᠲᠡᠨᠢᠭᠦᠨ ᠲᠠᠯ᠎ᠠ ᠪᠠᠨ ᠪᠣᠱᠣᠭᠣ ᠪᠠᠨ ᠭᠡᠪᠡᠯ
ᠦᠷ᠎ᠡ ᠶ᠋ᠢᠨ ᠵᠠᠶᠠᠭ᠎ᠠ ᠶ᠋ᠢ ᠮᠢᠯᠢᠶᠠᠬᠤ ᠬᠠᠭᠠᠯᠭᠠᠨ ᠤ᠋
ᠥᠯᠵᠡᠢ ᠤᠲᠠᠰᠤ ᠨᠢ ᠴᠢ ᠪᠢᠳᠡ ᠬᠣᠶᠠᠷ
ᠦᠷ᠎ᠡ ᠶ᠋ᠢᠨ ᠵᠠᠶᠠᠭ᠎ᠠ ᠶ᠋ᠢ ᠮᠢᠯᠢᠶᠠᠬᠤ ᠬᠠᠭᠠᠯᠭᠠᠨ ᠤ᠋
ᠥᠯᠵᠡᠢ ᠤᠲᠠᠰᠤ ᠨᠢ ᠴᠢ ᠪᠢᠳᠡ ᠬᠣᠶᠠᠷ᠃
ᠬᠥᠬᠡ ᠲᠡᠭᠷᠢ ᠶ᠋ᠢ ᠮᠥᠷᠯᠡᠨ ᠥᠨᠳᠡᠢᠭᠰᠡᠨ
ᠬᠣᠣᠰ ᠪᠠᠭᠠᠨ᠎ᠠ ᠨᠢ ᠴᠢ ᠪᠢᠳᠡ ᠬᠣᠶᠠᠷ᠃
ᠴᠢ ᠪᠢᠳᠡ ᠬᠣᠶᠠᠷ᠃
ᠦᠰᠦᠭ ᠬᠠᠳᠠᠭᠴᠢ᠄ ᠵᠢᠷᠠᠨᠲᠠᠢ
ᠦᠰᠦᠭ ᠠᠮᠢᠯᠠᠭᠤᠯᠤᠭᠴᠢ᠄ ᠤᠤᠭᠠᠨᠵᠢᠳ
ᠬᠢᠨᠠᠭᠴᠢ᠄ ᠮᠡᠷᠭᠡᠨᠪᠢᠯᠢᠭ
