ᠴᠢᠩᠭᠢᠰ ᠬᠠᠭᠠᠨ ᠤ᠋ ᠪᠠᠢᠯᠳᠤᠬᠤ ᠪᠣᠳᠣᠯᠭ᠎ᠠ ᠪᠠ ᠠᠷᠭ᠎ᠠ02ᠲᠡᠮᠦᠵᠢᠨ ᠥᠨᠳᠡᠢᠨ ᠪᠣᠰᠤᠯ᠎ᠠЧингис хааны байлдах бодлого ба арга
ᠬᠣᠶᠠᠳᠤᠭᠠᠷ ᠪᠦᠯᠦᠭ ᠲᠡᠮᠦᠵᠢᠨ ᠥᠨᠳᠡᠢᠨ ᠪᠣᠰᠤᠯ᠎ᠠ
(ᠨᠢᠭᠡ) ᠡᠬᠡᠨᠡᠷ ᠢ᠋ᠶ᠋ᠡᠨ ᠪᠤᠯᠢᠶᠠᠭᠳᠠᠭᠰᠠᠨ ᠨᠢ
ᠪᠤᠷᠬᠠᠨ ᠬᠠᠯᠳᠤᠨ ᠠᠭᠤᠯᠠ ᠶ᠋ᠢᠨ ᠡᠩᠭᠡᠷ ᠲᠡᠬᠢ ᠲᠡᠮᠦᠵᠢᠨ ᠦ᠌ ᠴᠡᠷᠢᠭ ᠦ᠋ᠨ ᠬᠦᠷᠢᠶ᠎ᠡ ᠶ᠋ᠢ ᠬᠡᠮᠵᠢᠶ᠎ᠡ ᠦᠭᠡᠢ ᠶᠡᠬᠡ ᠣᠮᠣᠷᠬᠠᠭ ᠪᠠᠷᠳᠠᠮ ᠠᠭᠤᠷ ᠠᠮᠢᠰᠬᠤᠯ ᠪᠦᠷᠬᠦᠵᠦ ᠪᠠᠢᠵᠠᠢ᠃ ᠵᠠᠯᠠᠭᠤᠴᠤᠳ ᠨᠢ ᠠᠩ ᠭᠥᠷᠦᠭᠡᠨ ᠳ᠋ᠡᠭᠡᠨ ᠰᠢᠨᠤᠬᠠᠢᠷᠠᠭᠠᠳ᠂ ᠡᠳᠦᠷ ᠨᠢ ᠨᠠᠢᠷᠠᠯᠳᠤᠵᠤ ᠬᠥᠭᠡᠷᠦᠯᠳᠦᠨ᠂ ᠰᠥᠨᠢ ᠪᠣᠯᠤᠭᠰᠠᠨ ᠴᠤ ᠰᠣᠨᠣᠷ ᠰᠡᠷᠡᠮᠵᠢ ᠦᠭᠡᠢ᠂ ᠣᠢ ᠰᠢᠭᠤᠢ ᠶ᠋ᠢᠨ ᠳᠣᠲᠣᠷ᠎ᠠ ᠬᠠᠷᠠᠭᠤᠯ ᠲᠣᠮᠢᠯᠠᠬᠤ ᠦᠭᠡᠢ ᠪᠡᠷ ᠦᠯᠦ ᠪᠠᠷᠠᠨ᠂ ᠤᠨᠲᠠᠬᠤ ᠦᠶ᠎ᠡ ᠳ᠋ᠡᠭᠡᠨ ᠴᠦ᠍ ᠮᠠᠨᠠᠭ᠎ᠠ ᠮᠠᠨᠠᠬᠤ ᠪᠠᠨ ᠪᠣᠯᠢᠪᠠ᠃ ᠡᠨᠡ ᠮᠡᠲᠦ ᠰᠣᠨᠣᠷ ᠰᠡᠷᠡᠮᠵᠢ ᠦᠭᠡᠢ ᠮᠢᠨᠴᠦᠷᠡᠭᠰᠡᠨ ᠪᠠᠢᠳᠠᠯ ᠤ᠋ᠨ ᠳᠣᠣᠷ᠎ᠠ᠂ ᠰᠠᠨᠠᠮᠰᠠᠷ ᠦᠭᠡᠢ ᠨᠢᠭᠡ ᠰᠥᠨᠢ ᠰᠠᠮᠠᠭᠤᠨ ᠦᠢᠮᠡᠭᠡᠨ ᠨᠢ ᠨᠠᠮ ᠭᠦᠮ ᠤᠨᠲᠠᠵᠤ ᠪᠠᠢᠭᠰᠠᠨ ᠬᠥᠮᠦᠰ ᠢ᠋ ᠰᠣᠴᠢᠭᠠᠨ ᠰᠡᠷᠢᠭᠡᠪᠡ᠃ ᠠᠩᠬᠠᠷᠴᠤ ᠦᠵᠡᠬᠦᠶ᠎ᠡ᠂ ᠬᠠᠷᠢ ᠶ᠋ᠢᠨ ᠳᠠᠢᠰᠤᠨ᠂ ᠴᠡᠷᠢᠭ ᠦ᠋ᠨ ᠬᠦᠷᠢᠶ᠎ᠡ ᠳ᠋ᠦ᠍ᠨᠢ ᠣᠷᠣᠵᠤ ᠢᠷᠡᠭᠡᠳ ᠭᠡᠷ ᠪᠦᠷᠢ ᠳ᠋ᠦ᠍ᠨᠢ ᠭᠠᠯ ᠨᠣᠴᠣᠭᠠᠭᠰᠠᠨ ᠨᠠᠷᠠᠰᠤᠨ ᠮᠣᠳᠣᠨ ᠤ᠋ ᠳᠤᠷᠤᠰᠤ ᠶ᠋ᠢ ᠬᠠᠶᠠᠵᠤ ᠭᠠᠯ ᠲᠠᠯᠪᠢᠭᠠᠳ᠂ ᠮᠠᠯ ᠰᠦᠷᠦᠭ ᠢ᠋ ᠨᠢ ᠲᠣᠭᠣᠵᠤ ᠪᠠᠢᠯ᠎ᠠ᠃
ᠲᠡᠮᠦᠵᠢᠨ ᠤᠨᠲᠠᠭᠰᠠᠨ ᠠ᠋ᠴᠠ ᠰᠣᠴᠢᠨ ᠪᠣᠰᠤᠭᠠᠳ ᠯᠠᠪ ᠲᠠᠢᠴᠢᠭᠤᠳ ᠤ᠋ᠨ ᠲᠠᠷᠭᠤᠲᠠᠢ᠂ ᠣᠯᠠᠨ ᠲᠠᠢᠴᠢᠭᠤᠳ ᠢ᠋ᠶ᠋ᠠᠨ ᠳᠠᠭᠠᠭᠤᠯᠤᠨ ᠳᠠᠬᠢᠨ ᠨᠡᠬᠡᠵᠦ ᠢᠷᠡᠭᠰᠡᠨ ᠪᠠᠢᠬ᠎ᠠ ᠭᠡᠵᠦ ᠪᠣᠳᠣᠭᠠᠳ᠂ ᠨᠤᠮᠤ ᠰᠤᠮᠤ ᠪᠣᠯᠤᠨ ᠵᠢᠳᠠ ᠪᠠᠨ ᠠᠪᠴᠤ᠂ ᠬᠠᠷ᠎ᠠ ᠪᠤᠯᠠᠭᠠᠨ ᠳᠠᠬᠤ ᠪᠠᠨ ᠭᠠᠨᠵᠤᠭᠠᠯᠠᠨ ᠮᠣᠷᠢᠨ ᠳ᠋ᠠᠭᠠᠨ ᠠᠯᠠᠪᠬᠢᠨ ᠮᠣᠷᠳᠠᠵᠤ ᠠᠭᠤᠯᠠᠨ ᠤ᠋ ᠵᠤᠵᠠᠭᠠᠨ ᠣᠢ ᠰᠢᠭᠤᠢ ᠶ᠋ᠢᠨ ᠵᠦᠭ ᠳᠠᠪᠬᠢᠨ ᠣᠳᠯᠠ᠃ ᠴᠥᠭᠡᠨ ᠲᠣᠭᠠᠨ ᠤ᠋ ᠪᠠᠢᠯᠳᠤᠭᠴᠢ ᠨᠢ ᠲᠡᠭᠦᠨ ᠢ᠋ ᠳᠠᠭᠠᠭᠰᠠᠨ ᠠ᠋ᠴᠠ ᠪᠤᠰᠤᠳ ᠲᠡᠭᠦᠨ ᠦ᠌ ᠳᠡᠭᠦᠦ ᠨᠠᠷ ᠪᠠ ᠣᠯᠠᠨ ᠪᠠᠢᠯᠳᠤᠭᠴᠢ ᠨᠢ ᠳᠥᠷᠪᠡᠨ ᠵᠦᠭ ᠨᠠᠢ᠍ᠮᠠᠨ ᠵᠣᠪᠬᠢᠰ ᠳᠠᠰᠢ ᠰᠠᠷᠨᠢᠨ ᠪᠤᠲᠠᠷᠠᠴᠢᠬᠠᠭᠰᠠᠨ ᠪᠠᠢᠯ᠎ᠠ᠂ ᠬᠥᠮᠦᠨ ᠪᠦᠷᠢ ᠴᠥᠮ ᠲᠦᠷᠭᠡᠨ ᠳᠤᠲᠠᠭᠠᠵᠤ ᠠᠮᠢᠳᠤ ᠭᠠᠷᠬᠤ ᠪᠠᠨ ᠪᠣᠳᠣᠯ᠎ᠠ᠃
ᠡᠨᠡ ᠮᠡᠲᠦ ᠠᠶᠤᠯ ᠲᠦᠭᠰᠢᠭᠦᠷᠢ ᠲᠡᠢ ᠬᠡᠳᠦᠨ ᠡᠳᠦᠷ ᠢ᠋ ᠥᠩᠭᠡᠷᠡᠭᠡᠪᠡ᠂ ᠳᠤᠲᠠᠭᠠᠵᠤ ᠭᠠᠷᠤᠭᠰᠠᠨ ᠬᠥᠮᠦᠰ ᠰᠢᠷᠭᠤᠵᠤ ᠨᠢᠭᠤᠭᠰᠠᠨ ᠭᠠᠵᠠᠷ ᠠ᠋ᠴᠠ ᠪᠠᠨ ᠣᠯᠠᠨ ᠮᠣᠷᠢᠲᠤ ᠴᠡᠷᠢᠭ᠂ ᠲᠡᠳᠡᠨ ᠢ᠋ ᠡᠷᠢᠵᠦ ᠨᠡᠩᠵᠢᠭᠡᠳ ᠠᠭᠤᠯᠠ ᠲᠣᠭᠣᠷᠢᠨ ᠳᠠᠪᠬᠢᠯᠳᠤᠵᠤ ᠪᠠᠢᠭᠰᠠᠨ ᠢ ᠦᠵᠡᠭᠰᠡᠨ ᠪᠠᠢᠨ᠎ᠠ᠂ ᠨᠡᠯᠢᠶᠡᠳ ᠤᠳᠠᠭᠠᠳ ᠨᠠᠮ ᠭᠦᠮ ᠪᠣᠯᠪᠠ᠃ ᠲᠡᠮᠦᠵᠢᠨ ᠦ᠌ ᠪᠠᠭᠤᠷᠢ ᠳᠠᠰᠢ ᠪᠠᠨ ᠲᠣᠮᠢᠯᠠᠭᠰᠠᠨ ᠲᠤᠷᠰᠢᠭᠤᠯ ᠡᠭᠡᠵᠦ ᠢᠷᠡᠭᠡᠳ ᠮᠡᠳᠡᠭᠦᠯᠦᠭᠰᠡᠨ ᠢ᠋ᠶ᠋ᠡᠷ ᠪᠠᠭᠤᠷᠢ ᠨᠢ ᠬᠣᠪ ᠬᠣᠭᠣᠰᠣᠨ ᠪᠣᠯᠴᠢᠬᠠᠵᠤ ᠭᠡᠨ᠎ᠡ᠃ ᠠᠪᠠᠭᠠᠢ ᠬᠡᠦᠬᠡᠳ᠂ ᠭᠡᠷ ᠲᠡᠷᠭᠡ ᠬᠢᠭᠡᠳ ᠮᠠᠯ ᠰᠦᠷᠦᠭ ᠢ᠋ᠶ᠋ᠡᠨ ᠪᠠᠷᠤᠭ ᠪᠦᠷ ᠠᠯᠳᠠᠴᠢᠬᠠᠯ᠎ᠠ᠂ ᠳᠠᠢᠰᠤᠨ ᠤ᠋ ᠮᠥᠷ ᠢ᠋ ᠮᠥᠷᠳᠡᠬᠦ ᠳ᠋ᠦ᠍ ᠲᠠᠢᠴᠢᠭᠤᠳ ᠤ᠋ᠨ ᠪᠡᠯᠴᠢᠭᠡᠷ ᠨᠤᠲᠤᠭ ᠪᠣᠯᠬᠤ ᠵᠡᠭᠦᠨ ᠵᠦᠭ ᠪᠢᠰᠢ᠂ ᠬᠠᠷᠢᠨ ᠬᠣᠢᠲᠤ ᠵᠦᠭ ᠦ᠋ᠨ ᠣᠢ ᠰᠢᠭᠤᠢ ᠶ᠋ᠢ ᠴᠢᠭᠯᠡᠭᠰᠡᠨ ᠪᠠᠢᠯ᠎ᠠ᠃ ᠪᠤᠲᠠᠷᠠᠨ ᠰᠠᠷᠨᠢᠭᠰᠠᠨ ᠴᠡᠷᠢᠭ ᠨᠢ ᠴᠤᠭᠯᠠᠷᠠᠭᠠᠳ ᠢᠷᠡᠯ᠎ᠡ᠂ ᠲᠡᠳᠡᠨᠡᠷ ᠦ᠋ᠨ ᠣᠯᠠᠩᠬᠢ ᠨᠢ ᠣᠢᠷᠠᠬᠠᠨ ᠠ᠋ᠴᠠ ᠳᠠᠢᠰᠤᠨ ᠢ᠋ ᠣᠯᠵᠤ ᠦᠵᠡᠭᠰᠡᠨ ᠪᠥᠭᠡᠳ ᠵᠠᠷᠢᠮ ᠨᠢ ᠰᠠᠨᠠᠭᠠᠴᠢᠯᠠᠭ᠎ᠠ ᠲᠠᠢ ᠪᠠᠷ ᠳᠠᠢᠰᠤᠨ ᠤ᠋ ᠬᠥᠳᠡᠯᠭᠡᠭᠡᠨ ᠢ᠋ ᠠᠵᠢᠭᠯᠠᠵᠤ ᠪᠠᠢᠵᠠᠢ᠃ ᠳᠠᠷᠤᠵᠤ ᠢᠷᠡᠭᠰᠡᠨ ᠳᠠᠢᠰᠤᠨ ᠨᠢ ᠮᠡᠷᠭᠢᠳ ᠪᠠᠢᠭᠰᠠᠨ ᠶᠤᠮ᠃ ᠡᠳᠡᠭᠡᠷ ᠮᠡᠷᠭᠢᠳ ᠪᠣᠯ ᠤᠮᠠᠷᠠᠲᠤ ᠵᠦᠭ ᠦ᠋ᠨ ᠣᠢ ᠰᠢᠭᠤᠢ ᠳᠣᠲᠣᠷ᠎ᠠ ᠠᠮᠢᠳᠤᠷᠠᠵᠤ ᠪᠠᠢᠳᠠᠭ ᠪᠦᠳᠦᠭᠦᠯᠢᠭ ᠪᠥᠭᠡᠳ ᠠᠶᠤᠮᠰᠢᠭ ᠲᠠᠢ ᠠᠩᠴᠢᠳ ᠶᠤᠮ᠃ ᠶᠢᠰᠦᠭᠡᠢ ᠪᠠᠭᠠᠲᠤᠷ ᠬᠣᠷᠢᠨ ᠵᠢᠯ ᠦ᠋ᠨ ᠤᠷᠢᠳ ᠥᠭᠡᠯᠦᠨ ᠡᠬᠡ ᠶ᠋ᠢ ᠡᠨᠡ ᠠᠢᠮᠠᠭ ᠠ᠋ᠴᠠ ᠪᠤᠯᠢᠶᠠᠵᠤ ᠠᠪᠤᠭᠰᠠᠨ ᠶᠤᠮ ᠪᠠᠢᠨ᠎ᠠ᠃ ᠲᠡᠮᠦᠵᠢᠨ ᠬᠡᠷᠪᠡ ᠲᠡᠳᠡᠨᠦᠰ ᠦ᠋ᠨ ᠭᠠᠷ ᠲᠤ᠌ ᠣᠷᠣᠭᠰᠠᠨ ᠪᠣᠯ ᠣᠳᠣ ᠬᠠᠷᠢᠨ ᠲᠠᠷᠭᠤᠲᠠᠢ ᠶ᠋ᠢᠨ ᠵᠠᠬᠢᠷᠤᠯ ᠢ᠋ ᠬᠦᠯᠢᠶᠡᠯᠭᠡᠬᠦ ᠶ᠋ᠢᠨ ᠲᠥᠯᠥᠭᠡ ᠱᠣᠷᠣᠩ ᠳ᠋ᠤ᠌ ᠬᠣᠷᠢᠵᠤ ᠰᠦᠷᠳᠡᠭᠦᠯᠬᠦ ᠲᠡᠳᠦᠢ ᠪᠡᠷ ᠪᠠᠷᠠᠬᠤ ᠦᠭᠡᠢ᠂ ᠠᠳᠠᠪᠠᠰᠢ ᠪᠣᠭᠣᠯ ᠪᠣᠯᠭᠠᠬᠤ ᠪᠤᠶᠤ ᠠᠯᠠᠭᠳᠠᠬᠤ ᠳ᠋ᠤ᠌ ᠬᠦᠷᠦᠨ᠎ᠡ᠃
ᠲᠡᠮᠦᠵᠢᠨ ᠪᠤᠷᠬᠠᠨ ᠬᠠᠯᠳᠤᠨ ᠠᠭᠤᠯᠠ ᠶ᠋ᠢᠨ ᠣᠷᠣᠢ ᠳᠡᠭᠡᠷ᠎ᠡ ᠭᠠᠷᠤᠭᠠᠳ ᠳᠣᠷᠣᠮᠵᠢᠯᠠᠭᠳᠠᠭᠰᠠᠨ ᠢ᠋ᠶ᠋ᠠᠨ ᠲᠡᠮᠳᠡᠭᠯᠡᠬᠦ ᠶ᠋ᠢᠨ ᠲᠥᠯᠥᠭᠡ᠂ ᠪᠦᠰᠡ ᠪᠡᠨ ᠲᠠᠢᠯᠤᠭᠠᠳ ᠬᠦᠵᠦᠭᠦᠦ ᠳ᠋ᠡᠭᠡᠨ ᠡᠯᠭᠦᠨ᠂ ᠭᠠᠷ ᠲᠠᠭᠠᠨ ᠮᠠᠯᠠᠭ᠎ᠠ ᠪᠠᠨ ᠰᠡᠭᠡᠯᠳᠦᠷᠭᠡᠯᠡᠵᠦ᠂ ᠶᠢᠰᠦᠨ ᠤᠳᠠᠭ᠎ᠠ ᠰᠥᠭᠥᠳᠴᠦ ᠴᠡᠭᠡ ᠶ᠋ᠢ ᠭᠠᠵᠠᠷ ᠲᠤ᠌ ᠰᠦᠷᠴᠢᠵᠦ᠂ ᠡᠨᠡ ᠤᠳᠠᠭ᠎ᠠ ᠭᠠᠢᠬᠠᠮᠰᠢᠭᠲᠠᠢ ᠪᠠᠷ ᠲᠤᠰᠠᠯᠠᠭᠳᠠᠨ ᠠᠪᠤᠷᠠᠭᠳᠠᠭᠰᠠᠨ ᠢ᠋ᠶ᠋ᠠᠨ 《ᠮᠥᠩᠬᠡ ᠲᠡᠭᠷᠢ》 ᠳ᠋ᠦ᠍ ᠲᠠᠯᠠᠷᠬᠠᠨ ᠪᠠᠶᠠᠷᠯᠠᠭᠰᠠᠨ ᠪᠠᠢᠨ᠎ᠠ᠃ ᠲᠡᠭᠡᠭᠡᠳ ᠲᠡᠷᠡ ᠰᠡᠳᠬᠢᠯ ᠳᠣᠭᠳᠣᠯᠵᠤ ᠥᠨᠳᠥᠷ ᠳᠠᠭᠤᠨ ᠢ᠋ᠶ᠋ᠠᠷ ᠬᠡᠯᠡᠭᠰᠡᠨ ᠨᠢ᠄
《ᠪᠤᠷᠬᠠᠨ ᠬᠠᠯᠳᠤᠨ ᠠᠭᠤᠯᠠ᠂ ᠠᠮᠢ ᠶ᠋ᠢ ᠮᠢᠨᠢ ᠠᠪᠤᠷᠠᠵᠤ᠂ ᠪᠡᠶ᠎ᠡ ᠶ᠋ᠢ ᠮᠢᠨᠢ ᠪᠦᠲᠦᠨ ᠮᠡᠨᠳᠦ ᠦᠯᠡᠳᠡᠭᠡᠭᠰᠡᠨ ᠪᠠᠢᠨ᠎ᠠ᠃ ᠥᠮᠥᠭ ᠪᠣᠯᠤᠭᠰᠠᠨ ᠥᠨᠳᠥᠷ ᠳᠡᠭᠡᠳᠦ ᠪᠤᠷᠬᠠᠨ ᠬᠠᠯᠳᠤᠨ ᠴᠢᠮᠠᠶ᠋ᠢ ᠦᠶ᠎ᠡ ᠶ᠋ᠢᠨ ᠦᠶ᠎ᠡ ᠳ᠋ᠦ᠍ ᠰᠢᠲᠦᠵᠦ ᠡᠳᠦᠷ ᠪᠦᠷᠢ ᠳᠠᠬᠢᠵᠤ ᠶᠠᠪᠤᠶ᠎ᠠ》 ᠭᠡᠪᠡ᠃ ᠳᠠᠷᠠᠭ᠎ᠠ ᠳ᠋ᠤᠨᠢ ᠲᠡᠷᠡ ᠶᠡᠷᠦ ᠶ᠋ᠢᠨ ᠴᠢᠯᠥᠭᠡᠲᠡᠢ ᠮᠣᠩᠭᠣᠯᠴᠤᠳ ᠤ᠋ᠨ ᠠᠳᠠᠯᠢ ᠪᠠᠷ ᠮᠠᠯᠠᠭ᠎ᠠ ᠪᠠᠨ ᠵᠡᠭᠦᠭᠡᠳ ᠪᠦᠰᠡ ᠪᠡᠨ ᠪᠦᠰᠡᠯᠡᠵᠦ ᠠᠭᠤᠯᠠ ᠤᠷᠤᠭᠤ ᠪᠠᠭᠤᠭᠰᠠᠨ ᠪᠠᠢᠨ᠎ᠠ᠃ ᠰᠠᠨᠠᠮᠰᠠᠷ ᠦᠭᠡᠢ ᠪᠡᠷ ᠳᠠᠢᠰᠤᠨ ᠳ᠋ᠤ᠌ ᠳᠠᠷᠤᠭᠳᠠᠭᠠᠳ ᠪᠤᠲᠠᠷᠠᠭᠰᠠᠨ ᠬᠥᠮᠦᠰ ᠨᠢ ᠪᠦᠷ ᠠᠭᠤᠯᠠ ᠶ᠋ᠢᠨ ᠡᠩᠭᠡᠷ ᠲᠦ᠍ ᠴᠤᠭᠯᠠᠷᠠᠵᠤ ᠪᠠᠢᠯ᠎ᠠ᠂ ᠭᠡᠪᠡᠴᠦ ᠲᠡᠳᠡᠨ ᠦ᠌ ᠳᠣᠲᠣᠷ᠎ᠠ ᠪᠥᠷᠲᠡ ᠬᠠᠲᠤᠨ ᠨᠢ ᠬᠠᠷᠠᠭᠳᠠᠭᠰᠠᠨ ᠦᠭᠡᠢ᠃ ᠲᠡᠷᠡ ᠬᠡᠦᠬᠡᠨ ᠡᠴᠢᠭᠡ ᠶ᠋ᠢᠨ ᠢ᠋ᠶ᠋ᠡᠨ ᠨᠤᠲᠤᠭ ᠲᠤ᠌ ᠪᠠᠢᠬᠤ ᠳ᠋ᠠᠭᠠᠨ ᠡᠩᠬᠡ ᠲᠠᠢᠪᠤᠩ ᠥᠰᠴᠦ ᠪᠣᠢᠵᠢᠭᠰᠠᠨ ᠪᠣᠯᠬᠣᠷ᠂ ᠡᠨᠡ ᠮᠡᠲᠦ ᠭᠡᠨᠡᠳᠲᠡ ᠪᠡᠷ ᠳᠠᠷᠤᠭᠳᠠᠬᠤ ᠶ᠋ᠢ ᠦᠵᠡᠵᠦ ᠥᠩᠭᠡᠷᠡᠭᠰᠡᠨ ᠦᠭᠡᠢ᠂ ᠡᠢᠮᠦ ᠡᠴᠡ ᠳᠤᠲᠠᠭᠠᠵᠤ ᠭᠦᠶᠦᠬᠦ ᠨᠢ ᠴᠦ᠍ ᠤᠳᠠᠭᠠᠯᠢᠭ ᠪᠠᠢᠯ᠎ᠠ᠃ ᠵᠠᠷᠢᠮ ᠬᠥᠮᠦᠰ ᠦ᠋ᠨ ᠬᠡᠯᠡᠬᠦ ᠪᠡᠷ ᠮᠡᠷᠭᠢᠳ ᠲᠦ᠍ ᠬᠥᠲᠥᠯᠦᠭᠳᠡᠭᠡᠳ ᠶᠠᠪᠤᠭᠰᠠᠨ ᠭᠡᠨ᠎ᠡ᠃ ᠡᠳᠡᠭᠡᠷ ᠮᠡᠷᠭᠢᠳ ᠬᠦᠷᠢᠶ᠎ᠡ ᠶ᠋ᠢ ᠨᠢ ᠭᠡᠨᠡᠳᠡᠭᠦᠯᠦᠨ ᠳᠠᠷᠤᠵᠤ ᠴᠣᠬᠢᠭᠠᠳ᠂ ᠲᠦᠷᠭᠡᠨ ᠢ᠋ᠶ᠋ᠡᠷ ᠪᠠᠢᠳᠠᠭ ᠪᠦᠬᠦᠢ ᠡᠳ᠋ ᠮᠥᠩᠭᠥ᠂ ᠮᠠᠯ ᠰᠦᠷᠦᠭ ᠢ᠋ ᠨᠢ ᠠᠪᠤᠭᠠᠳ ᠣᠢ ᠰᠢᠭᠤᠢ ᠳ᠋ᠠᠭᠠᠨ ᠰᠢᠷᠭᠤᠨ ᠣᠷᠣᠵᠠᠢ᠃
ᠲᠡᠮᠦᠵᠢᠨ ᠡᠨᠡ ᠦᠶ᠎ᠡ ᠳ᠋ᠦ᠍ ᠰᠡᠭᠦᠷᠡᠰᠦ ᠠᠯᠳᠠᠭᠰᠠᠨ ᠴᠤ᠌ ᠦᠭᠡᠢ᠂ ᠨᠢᠯᠪᠤᠰᠤ ᠤᠨᠠᠭᠠᠭᠰᠠᠨ ᠴᠤ᠌ ᠦᠭᠡᠢ᠃ ᠡᠳᠡᠭᠡᠷ ᠤᠴᠢᠷ ᠪᠦᠷ ᠥᠪᠡᠷ ᠦ᠋ᠨ ᠠᠯᠳᠠᠭᠳᠠᠯ ᠠ᠋ᠴᠠ ᠪᠣᠯᠤᠭᠰᠠᠨ ᠪᠥᠭᠡᠳ ᠪᠥᠷᠲᠡ ᠶ᠋ᠢᠨ ᠡᠨᠡ ᠮᠡᠲᠦ ᠵᠣᠪᠠᠯᠠᠩ ᠳ᠋ᠤ᠌ ᠤᠨᠠᠭᠰᠠᠨ ᠨᠢ ᠪᠠᠰᠠ ᠥᠪᠡᠷ ᠦ᠋ᠨ ᠬᠢᠨᠢ ᠲᠠᠢᠪᠤᠰᠢᠷᠠᠵᠤ ᠮᠢᠨᠴᠦᠭᠦᠷᠡᠭᠰᠡᠨ ᠡᠴᠡ ᠪᠣᠯᠤᠯ᠎ᠠ ᠭᠡᠵᠦ ᠲᠡᠷᠡ ᠡᠷᠡᠰ ᠲᠠᠰᠤ ᠪᠣᠳᠣᠵᠤ ᠪᠠᠢᠪᠠ᠃
ᠲᠡᠮᠦᠵᠢᠨ ᠦ᠌ ᠵᠣᠪᠠᠯᠠᠩ ᠳ᠋ᠤ᠌ ᠤᠨᠠᠭᠰᠠᠨ ᠦᠶ᠎ᠡ ᠳ᠋ᠡᠭᠡᠨ ᠬᠢᠵᠦ ᠦᠵᠡᠭᠰᠡᠨ ᠦᠭᠡᠢ ᠬᠡᠷᠡᠭ ᠢ᠋ ᠬᠢᠬᠦ ᠪᠡᠷ ᠪᠣᠯᠤᠯ᠎ᠠ᠃ ᠲᠡᠷᠡ ᠣᠮᠣᠷᠬᠠᠭ ᠰᠡᠳᠬᠢᠯ ᠢ᠋ᠶ᠋ᠡᠨ ᠳᠠᠷᠤᠭᠠᠳ᠂ ᠲᠤᠰᠠᠯᠠᠮᠵᠢ ᠭᠤᠶᠤᠬᠤ ᠪᠠᠷ ᠠᠶᠠᠨ ᠳ᠋ᠤ᠌ ᠮᠣᠷᠳᠠᠪᠠ᠃ ᠪᠠᠷᠠᠭᠤᠨ ᠵᠦᠭ ᠬᠠᠨᠳᠤᠨ ᠬᠡᠳᠦᠨ ᠵᠠᠭᠤᠨ ᠭᠠᠵᠠᠷ ᠶᠠᠪᠤᠵᠤ ᠬᠡᠷᠡᠢᠳ ᠠᠢᠮᠠᠭ ᠲᠤ᠌ ᠣᠴᠢᠯ᠎ᠠ᠃ ᠬᠡᠷᠡᠢᠳ ᠠᠢᠮᠠᠭ ᠪᠣᠯ ᠮᠣᠩᠭᠣᠯ ᠣᠷᠣᠨ ᠳ᠋ᠠᠬᠢ ᠬᠠᠮᠤᠭ ᠤ᠋ᠨ ᠬᠦᠴᠦᠷᠬᠡᠭ ᠪᠥᠭᠡᠳ ᠲᠡᠭᠦᠨ ᠦ᠌ ᠨᠤᠲᠤᠭ ᠪᠡᠯᠴᠢᠭᠡᠷ ᠨᠢ ᠣᠷᠬᠣᠨ ᠭᠣᠣᠯ ᠪᠣᠯᠤᠨ ᠲᠤᠤᠯᠠ ᠭᠣᠣᠯ ᠤ᠋ᠨ ᠬᠣᠭᠣᠷᠣᠨᠳᠣ ᠣᠷᠣᠰᠢᠵᠤ ᠪᠠᠢᠭᠰᠠᠨ ᠶᠤᠮ᠃ ᠲᠡᠳᠡ ᠨᠡᠭᠦᠳᠡᠯ ᠢ᠋ᠶ᠋ᠡᠷ ᠠᠮᠢᠳᠤᠷᠠᠬᠤ ᠪᠢᠰᠢ᠂ ᠬᠠᠷᠢᠨ ᠰᠠᠭᠤᠷᠢᠰᠢᠨ ᠰᠠᠭᠤᠭᠰᠠᠨ ᠠᠷᠠᠳ ᠪᠣᠯᠤᠨ᠎ᠠ᠃ ᠠᠯᠲᠠᠨ ᠤᠯᠤᠰ ᠠ᠋ᠴᠠ ᠡᠳᠡᠨ ᠦ᠌ ᠨᠤᠲᠤᠭ ᠳᠡᠪᠢᠰᠬᠡᠷ ᠢ᠋ᠶ᠋ᠡᠷ ᠳᠡᠮᠵᠢᠵᠦ ᠨᠠᠢ᠍ᠮᠠᠨ᠂ ᠤᠢᠭᠤᠷ ᠲᠤ᠌ ᠬᠦᠷᠬᠦ ᠠᠷᠠᠯᠵᠢᠶ᠎ᠠ ᠶ᠋ᠢᠨ ᠠᠩᠭᠢ ᠶ᠋ᠢᠨ ᠵᠠᠮ ᠪᠣᠯᠭᠠᠵᠤ ᠪᠠᠢᠵᠠᠢ᠃ ᠡᠨᠡ ᠬᠣᠶᠠᠷ ᠠᠢᠮᠠᠭ ᠪᠣᠯ ᠠᠯᠲᠠᠢ ᠠᠭᠤᠯᠠ ᠪᠣᠯᠤᠨ ᠵᠦᠩᠭᠠᠷ ᠤ᠋ᠨ ᠭᠠᠵᠠᠷ ᠲᠤ ᠣᠷᠣᠰᠢᠨ ᠰᠠᠭᠤᠵᠤ ᠪᠠᠢᠭᠰᠠᠨ ᠶᠤᠮ᠃ ᠬᠡᠷᠡᠢᠳ ᠠᠢᠮᠠᠭ ᠤ᠋ᠨ ᠳᠣᠲᠣᠷ᠎ᠠ ᠾᠷᠢᠰᠲ᠋ᠣᠰ ᠤ᠋ᠨ ᠱᠠᠰᠢᠨ ᠤ᠋ ᠨᠢᠭᠡᠨ ᠰᠠᠯᠪᠤᠷᠢ ᠪᠣᠯᠬᠤ ᠨᠢᠰᠲ᠋ᠤᠷᠢ ᠱᠠᠰᠢᠨ ᠢ᠋ ᠰᠢᠲᠦᠭᠴᠢᠳ ᠪᠠᠢᠯ᠎ᠠ᠃ ᠬᠡᠷᠡᠢᠳ ᠠᠢᠮᠠᠭ ᠤ᠋ᠨ ᠲᠦᠷᠦᠭᠦᠦ ᠬᠠᠮᠤᠭ ᠠ᠋ᠴᠠ ᠬᠦᠴᠦᠷᠬᠡᠭ ᠲᠤᠭᠤᠷᠢᠯ ᠬᠠᠨ ᠪᠣᠯ ᠲᠡᠮᠦᠵᠢᠨ ᠦ᠌ ᠡᠴᠢᠭᠡ ᠶᠢᠰᠦᠭᠡᠢ ᠪᠠᠭᠠᠲᠤᠷ ᠤ᠋ᠨ ᠠᠨᠳᠠ ᠪᠠᠢᠭᠰᠠᠨ ᠶᠤᠮ᠃ ᠲᠡᠮᠦᠵᠢᠨ ᠲᠤᠭᠤᠷᠢᠯ ᠬᠠᠨ ᠢ᠋ ᠡᠷᠢᠵᠦ ᠲᠤᠰᠠᠯᠠᠮᠵᠢ ᠭᠤᠶᠤᠪᠠᠴᠤ ᠪᠣᠯᠬᠤ ᠪᠣᠯᠤᠯᠴᠠᠭ᠎ᠠ ᠠᠯᠢ ᠡᠷᠲᠡ ᠡᠴᠡ ᠪᠠᠢᠭᠰᠠᠨ ᠪᠣᠯᠪᠠᠴᠤ᠂ ᠣᠳᠣ ᠣᠴᠢᠬᠤ ᠪᠠᠷ ᠵᠣᠷᠢᠭ ᠰᠢᠭᠤᠳᠤᠭᠤᠯᠤᠭᠰᠠᠨ ᠶᠠᠪᠤᠳᠠᠯ ᠪᠣᠯ ᠪᠥᠷᠲᠡ ᠬᠠᠲᠤᠨ ᠢ᠋ᠶ᠋ᠠᠨ ᠠᠯᠳᠠᠭᠰᠠᠨ ᠠ᠋ᠴᠠ ᠪᠣᠯᠤᠭᠰᠠᠨ ᠶᠤᠮ᠃ ᠲᠡᠷᠡ ᠣᠴᠢᠬᠤ ᠳ᠋ᠠᠭᠠᠨ ᠭᠠᠷ ᠬᠣᠭᠣᠰᠣᠨ ᠪᠢᠰᠢ᠂ ᠲᠡᠭᠦᠨ ᠦ᠌ ᠪᠦᠬᠦ ᠬᠥᠷᠥᠩᠭᠡ ᠶ᠋ᠢᠨ ᠳᠣᠲᠣᠷᠠᠬᠢ ᠬᠠᠮᠤᠭ ᠤ᠋ᠨ ᠴᠤᠬᠠᠭ ᠦᠨᠡᠲᠡᠢ ᠪᠥᠭᠡᠳ ᠬᠠᠮᠤᠭ ᠤ᠋ᠨ ᠬᠠᠢᠷᠠᠲᠠᠢ ᠬᠠᠷ᠎ᠠ ᠪᠤᠯᠠᠭᠠᠨ ᠳᠠᠬᠤ ᠪᠠᠨ ᠪᠡᠯᠡᠭ ᠪᠣᠯᠭᠠᠨ ᠠᠪᠴᠤ ᠣᠴᠢᠪᠠ᠃ ᠡᠨᠡ ᠪᠣᠯ ᠨᠣᠶᠠᠳ ᠬᠠᠳ ᠤ᠋ᠨ ᠬᠣᠭᠣᠷᠣᠨᠳᠣ ᠪᠠᠨ ᠪᠡᠯᠡᠭ ᠪᠣᠯᠭᠠᠨ ᠬᠦᠷᠭᠡᠳᠡᠭ ᠡᠳ᠋ ᠶᠦᠮ᠃ ᠲᠡᠭᠦᠨ ᠦ᠌ ᠡᠴᠢᠭᠡ ᠪᠣᠯᠤᠨ ᠲᠤᠭᠤᠷᠢᠯ ᠬᠠᠨ ᠬᠣᠶᠠᠭᠤᠯᠠ ᠠᠨᠳᠠ ᠮᠥᠨ ᠪᠣᠯᠬᠣᠷ ᠲᠡᠭᠦᠨ ᠢ᠋ ᠰᠠᠨᠠᠭᠠᠯᠵᠠᠭᠤᠯᠬᠤ ᠶ᠋ᠢᠨ ᠲᠥᠯᠥᠭᠡ᠂ ᠥᠪᠡᠷ ᠦ᠋ᠨ ᠪᠡᠶ᠎ᠡ ᠪᠡᠨ ᠲᠣᠭᠣᠷᠢᠯ ᠬᠠᠨ ᠢ᠋ᠶ᠋ᠠᠷ《ᠭᠣᠣᠯ ᠮᠢᠨᠢ》 ᠭᠡᠵᠦ ᠳᠠᠭᠤᠳᠠᠬᠤ ᠶ᠋ᠢ ᠭᠤᠶᠤᠴᠢᠯᠠᠭᠰᠠᠨ ᠪᠠᠢᠨ᠎ᠠ᠃
ᠲᠤᠭᠤᠷᠢᠯ ᠬᠠᠨ ᠮᠡᠷᠭᠢᠳ ᠦ᠋ᠨ ᠬᠣᠯᠠ ᠮᠣᠷᠳᠠᠭᠰᠠᠨ ᠢ᠋ ᠰᠣᠨᠣᠰᠴᠤ ᠪᠠᠢᠭᠰᠠᠨ ᠶᠤᠮ᠂ ᠡᠳᠡᠭᠡᠷ ᠮᠡᠷᠭᠢᠳ ᠪᠣᠯ ᠬᠡᠷᠡᠢᠳ ᠠᠢᠮᠠᠭ ᠲᠠᠢ ᠵᠠᠬ᠎ᠠ ᠬᠢᠯᠢ ᠨᠡᠢᠯᠡᠨ ᠰᠠᠭᠤᠵᠤ ᠪᠠᠢᠭᠰᠠᠨ ᠪᠥᠭᠡᠳ ᠤᠳᠠᠭ᠎ᠠ ᠳᠠᠷᠠᠭ᠎ᠠ ᠳᠠᠢᠰᠤᠩᠨᠠᠭᠰᠠᠭᠠᠷ ᠢᠷᠡᠭᠰᠡᠨ ᠶᠦᠮ᠃ ᠡᠨᠡ ᠤᠳᠠᠭ᠎ᠠ ᠲᠡᠭᠦᠨ ᠦ᠌ ᠠᠨᠳᠠ ᠶᠢᠰᠦᠭᠡᠢ ᠪᠠᠭᠠᠲᠤᠷ ᠤ᠋ᠨ ᠬᠥᠪᠡᠭᠦᠨ ᠨᠢ ᠲᠡᠭᠦᠨ ᠦ᠌ ᠳᠡᠷᠭᠡᠳᠡ ᠬᠦᠷᠴᠦ ᠢᠷᠡᠭᠰᠡᠨ ᠪᠥᠭᠡᠳ ᠲᠡᠮᠦᠵᠢᠨ ᠦ᠌ ᠦᠨᠡᠨᠴᠢ ᠰᠢᠳᠤᠷᠭᠤ ᠵᠠᠩ ᠨᠢ ᠪᠠᠰᠠ ᠲᠡᠭᠦᠨ ᠳ᠋ᠦ᠍ ᠶᠡᠬᠡ ᠲᠣᠭᠣᠭᠳᠠᠨ᠂ ᠢᠯᠠᠩᠭᠤᠶ᠎ᠠ ᠬᠦᠷᠭᠡᠵᠦ ᠢᠷᠡᠭᠰᠡᠨ ᠪᠡᠯᠡᠭ ᠨᠢ ᠬᠠᠳ ᠨᠣᠶᠠᠳ ᠤ᠋ᠨ ᠬᠡᠷᠡᠭᠰᠡᠯ ᠳ᠋ᠦ᠍ ᠵᠣᠬᠢᠷᠠᠬᠤ ᠲᠤᠯᠠ ᠶᠡᠬᠡ ᠯᠡ ᠪᠠᠶᠠᠷᠯᠠᠵᠠᠢ᠃ ᠲᠤᠭᠤᠷᠢᠯ ᠬᠠᠨ ᠤᠭ ᠲᠠᠭᠠᠨ ᠠᠪᠠᠭ᠎ᠠ ᠪᠣᠯᠤᠨ ᠠᠬ᠎ᠠ ᠨᠠᠷ ᠲᠠᠢ ᠪᠠᠨ ᠡᠷᠬᠡ ᠪᠤᠯᠢᠶᠠᠯᠳᠤᠨ ᠲᠡᠮᠡᠴᠡᠬᠦ ᠲᠡᠢᠨ ᠳ᠋ᠦ᠍ ᠶᠢᠰᠦᠭᠡᠢ ᠪᠠᠭᠠᠲᠤᠷ ᠲᠡᠭᠦᠨ ᠢ᠋ ᠲᠤᠰᠠᠯᠠᠭᠰᠠᠨ ᠠᠴᠢ ᠶ᠋ᠢ ᠰᠠᠨᠠᠭᠠᠯᠵᠠᠵᠤ᠂ ᠣᠯᠠᠨ ᠴᠡᠷᠢᠭ ᠭᠠᠷᠭᠠᠨ ᠥᠭᠴᠦ ᠲᠡᠮᠦᠵᠢᠨ ᠢ᠋ᠶ᠋ᠡᠷ ᠵᠠᠬᠢᠷᠤᠭᠤᠯᠪᠠ᠃
(ᠬᠣᠶᠠᠷ) ᠡᠷᠢᠭᠰᠡᠨ ᠬᠥᠮᠦᠨ ᠢ᠋ᠶ᠋ᠡᠨ ᠣᠯᠤᠭᠠᠳ ᠡᠨᠡ ᠪᠠᠢᠯᠳᠤᠭᠠᠨ ᠢ᠋ ᠵᠣᠭᠰᠣᠭᠠᠭᠰᠠᠨ ᠨᠢ
ᠥᠷᠭᠡᠨ ᠠᠭᠤᠳᠠᠮ ᠲᠠᠯ᠎ᠠ ᠨᠤᠲᠤᠭ ᠤ᠋ᠨ ᠮᠣᠷᠢᠨ ᠤ᠋ ᠭᠦᠶᠦᠳᠡᠯ ᠬᠤᠷᠳᠤᠨ ᠪᠣᠯᠬᠣᠷ᠂ ᠴᠤᠤ ᠴᠢᠮᠡᠭᠡ ᠨᠡᠪᠲᠡᠷᠡᠬᠦ ᠨᠢ ᠴᠦ᠍ ᠬᠤᠷᠳᠤᠨ ᠪᠠᠢᠯ᠎ᠠ᠃ ᠲᠡᠮᠦᠵᠢᠨ ᠬᠡᠷᠡᠢᠳ ᠠᠢᠮᠠᠭ ᠤ᠋ᠨ ᠴᠡᠷᠢᠭ ᠢ᠋ ᠳᠠᠭᠠᠭᠤᠯᠤᠨ ᠮᠣᠷᠳᠠᠪᠠ᠂ ᠲᠡᠮᠦᠵᠢᠨ᠂ ᠲᠤᠭᠤᠷᠢᠯ ᠬᠠᠨ ᠤ᠋ ᠬᠠᠢᠷᠠᠲᠤ ᠬᠥᠪᠡᠭᠦᠨ ᠪᠣᠯᠤᠯ᠎ᠠ ᠭᠡᠰᠡᠨ ᠴᠢᠮᠡᠭᠡ ᠮᠠᠰᠢ ᠲᠦᠷᠭᠡᠨ ᠢ᠋ᠶ᠋ᠡᠷ ᠤᠯᠠᠮᠵᠢᠯᠠᠭᠳᠠᠨ ᠨᠡᠪᠲᠡᠷᠡᠵᠦ ᠪᠠᠢᠯ᠎ᠠ᠃
ᠲᠡᠮᠦᠵᠢᠨ ᠦ᠌ ᠨᠡᠷ᠎ᠡ ᠰᠦᠷ ᠨᠢ ᠮᠠᠰᠢ ᠲᠦᠷᠭᠡᠨ ᠬᠤᠪᠢᠷᠠᠯ᠎ᠠ᠃ ᠵᠦᠭ ᠪᠦᠷᠢ ᠡᠴᠡ ᠮᠣᠩᠭᠣᠯ ᠤ᠋ᠨ ᠣᠯᠠᠨ ᠶᠠᠰᠤᠲᠠᠨ ᠲᠡᠭᠦᠨ ᠦ᠌ ᠳᠡᠷᠭᠡᠳᠡ ᠬᠤᠷᠠᠨ ᠴᠤᠭᠯᠠᠷᠠᠵᠤ ᠢᠷᠡᠵᠡᠭᠡᠯ᠎ᠡ᠃ ᠵᠠᠷᠢᠮ ᠬᠥᠮᠦᠰ ᠲᠠᠪᠤᠨ ᠵᠢᠯ ᠦ᠋ᠨ ᠤᠷᠢᠳ ᠰᠢᠪᠰᠢᠭᠲᠡᠢ ᠪᠡᠷ ᠲᠡᠭᠦᠨ ᠢ᠋ ᠬᠠᠷ᠎ᠠ ᠪᠠᠭᠤᠴᠠ ᠳ᠋ᠤᠨᠢ ᠣᠷᠬᠢᠭᠠᠳ ᠶᠠᠪᠤᠭᠰᠠᠨ ᠢ᠋ᠶ᠋ᠠᠨ ᠤᠮᠠᠷᠲᠠᠭᠤᠯᠬᠤ ᠶ᠋ᠢᠨ ᠲᠥᠯᠥᠭᠡ᠂ ᠡᠷᠭᠢᠭᠡᠳ ᠲᠡᠭᠦᠨ ᠲᠡᠢ ᠨᠡᠢᠯᠡᠯᠴᠡᠯᠡ᠃ ᠵᠠᠷᠢᠮ ᠬᠥᠮᠦᠰ ᠨᠢ᠂ ᠲᠠᠢᠴᠢᠭᠤᠳ ᠤ᠋ᠨ ᠲᠠᠷᠭᠤᠲᠠᠢ ᠪᠦᠳᠦᠭᠦᠷᠡᠬᠦ ᠳᠣᠳᠣᠮ ᠤᠯᠠᠮ ᠬᠣᠪᠳᠣᠭ ᠪᠣᠯᠤᠭᠰᠠᠨ ᠲᠤᠯᠠ ᠲᠡᠳᠡᠨ ᠢ᠋ ᠬᠠᠮᠠᠭᠠᠯᠠᠬᠤ ᠬᠦᠴᠦᠨ ᠭᠠᠭᠴᠠ ᠶᠢᠰᠦᠭᠡᠢ ᠶ᠋ᠢᠨ ᠬᠥᠪᠡᠭᠦᠨ ᠲᠡᠮᠦᠵᠢᠨ ᠮᠥᠨ᠂ ᠲᠡᠮᠦᠵᠢᠨ ᠢ᠋ ᠲᠦᠰᠢᠬᠦ ᠪᠣᠯ ᠪᠡᠶ᠎ᠡ ᠪᠡᠨ ᠬᠠᠮᠠᠭᠠᠯᠠᠬᠤ ᠳ᠋ᠤ᠌ ᠪᠠᠲᠤᠯᠠᠭ᠎ᠠ ᠲᠠᠢ ᠪᠣᠯᠤᠨ᠎ᠠ ᠭᠡᠵᠦ ᠢᠷᠡᠵᠡᠭᠡᠵᠡᠢ᠃ ᠪᠠᠰᠠ ᠨᠢᠭᠡ ᠪᠦᠯᠦᠭ ᠬᠥᠮᠦᠰ ᠨᠢ ᠮᠡᠷᠭᠢᠳ ᠢ᠋ ᠳᠡᠢᠯᠬᠦ ᠦᠶ᠎ᠡ ᠳ᠋ᠦ᠍ ᠬᠢᠯᠪᠠᠷ ᠢ᠋ᠶ᠋ᠠᠷ ᠡᠯᠪᠡᠭ ᠳᠡᠯᠪᠡᠭ ᠣᠯᠵᠠ ᠠᠰᠢᠭ ᠣᠯᠬᠤ ᠪᠣᠯᠤᠨ᠎ᠠ ᠭᠡᠵᠦ ᠢᠷᠡᠭᠰᠡᠨ ᠴᠤ ᠪᠠᠢᠯ᠎ᠠ᠃ ᠵᠦᠷᠴᠢᠳ ᠠᠢᠮᠠᠭ ᠤ᠋ᠨ ᠵᠠᠮᠤᠬ᠎ᠠ ᠴᠤ ᠬᠡᠦᠬᠡᠳ ᠦ᠋ᠨ ᠦᠶ᠎ᠡ ᠳ᠋ᠡᠭᠡᠨ ᠲᠡᠮᠦᠵᠢᠨ ᠲᠡᠢ ᠬᠣᠶᠠᠭᠤᠯᠠ ᠤᠨᠤᠨ ᠮᠥᠷᠡᠨ ᠦ᠌ ᠮᠥᠰᠥᠨ ᠳᠡᠭᠡᠷ᠎ᠡ ᠬᠠᠮᠲᠤ ᠨᠠᠭᠠᠳᠴᠤ ᠪᠠᠢᠭᠰᠠᠨ ᠠᠬ᠎ᠠ ᠳᠡᠭᠦᠦ ᠪᠣᠯᠬᠤ ᠪᠠᠨ ᠰᠠᠨᠠᠭᠠᠯᠵᠠᠨ ᠪᠦᠬᠦ ᠠᠢᠮᠠᠭ ᠢ᠋ᠶ᠋ᠠᠨ ᠳᠠᠭᠠᠭᠤᠯᠤᠨ ᠶᠠᠭᠠᠷᠠᠤ ᠰᠠᠨᠳᠤᠷᠤᠤ ᠢᠷᠡᠭᠰᠡᠨ ᠪᠠᠢᠨ᠎ᠠ᠃
ᠮᠣᠩᠭᠣᠯ ᠤ᠋ᠨ ᠲᠡᠦᠬᠡᠨ ᠳ᠋ᠦ᠍ ᠡᠨᠡ ᠤᠳᠠᠭ᠎ᠠ ᠶ᠋ᠢᠨ ᠥᠰᠢᠶ᠎ᠡ ᠪᠡᠨ ᠠᠪᠬᠤ᠂ ᠶᠠᠯ᠎ᠠ ᠠᠰᠠᠭᠤᠬᠤ ᠪᠠᠢᠯᠳᠤᠭᠠᠨ ᠢ᠋ ᠳᠣᠣᠷᠠᠬᠢ ᠮᠡᠲᠦ ᠲᠡᠮᠳᠡᠭᠯᠡᠵᠦ ᠪᠠᠢᠯ᠎ᠠ᠄《ᠪᠤᠷᠬᠠᠨ ᠬᠠᠯᠳᠤᠨ ᠳ᠋ᠤ᠌ ᠲᠡᠮᠦᠵᠢᠨ ᠨᠠᠷ ᠢ᠋ ᠳᠣᠪᠲᠣᠯᠤᠭᠰᠠᠨ ᠭᠤᠷᠪᠠᠨ ᠵᠠᠭᠤᠨ ᠮᠡᠷᠭᠢᠳ ᠢ᠋ ᠦᠷ᠎ᠡ ᠶ᠋ᠢᠨ ᠦᠷ᠎ᠡ ᠬᠦᠷᠲᠡᠯ᠎ᠡ᠂ ᠦᠨᠡᠰᠦ ᠶ᠋ᠢ ᠨᠢ ᠬᠡᠢᠰᠲᠡᠯ᠎ᠡ ᠬᠢᠳᠤᠵᠤ᠂ ᠦᠯᠡᠳᠡᠭᠰᠡᠨ ᠡᠮ᠎ᠡ ᠬᠡᠦᠬᠡᠳ ᠢ᠋ ᠡᠭᠦᠳᠡᠨ ᠦ᠌ ᠵᠠᠷᠤᠴᠠ ᠪᠣᠯᠭᠠᠵᠤ᠂ ᠦᠵᠡᠰᠬᠦᠯᠡᠩ ᠰᠠᠢᠬᠠᠨ ᠵᠠᠷᠢᠮ ᠢ᠋ ᠡᠭᠦᠷᠢᠳᠡ ᠳᠣᠲᠣᠨᠣᠴᠢᠯᠠᠵᠤ ᠠᠪᠤᠪᠠ》 ᠭᠡᠵᠡᠢ᠃
ᠮᠡᠷᠭᠢᠳ ᠦ᠋ᠨ ᠲᠦᠷᠦᠭᠦᠦ ᠶ᠋ᠢᠨ ᠭᠡᠷ ᠡᠴᠡ ᠲᠡᠮᠦᠵᠢᠨ᠂ ᠲᠡᠭᠦᠨ ᠦ᠌ ᠪᠥᠷᠲᠡ ᠬᠠᠲᠤᠨ ᠢ᠋ᠶ᠋ᠠᠨ ᠣᠯᠵᠤ ᠠᠪᠤᠯ᠎ᠠ᠃ ᠡᠪᠦᠷ ᠲᠡᠭᠡᠨ ᠰᠠᠶᠢ ᠲᠥᠷᠥᠭᠰᠡᠨ ᠬᠥᠪᠡᠭᠦᠨ ᠢ᠋ᠶ᠋ᠡᠨ ᠲᠡᠪᠡᠷᠢᠵᠦ ᠪᠠᠢᠭᠰᠠᠨ ᠪᠢᠯᠡ᠃ ᠲᠡᠮᠦᠵᠢᠨ ᠡᠨᠡ ᠬᠥᠪᠡᠭᠦᠨ ᠳ᠋ᠡᠭᠡᠨ ᠵᠥᠴᠢ ᠭᠡᠵᠦ ᠨᠡᠷ᠎ᠡ ᠥᠭᠭᠦᠭᠰᠡᠨ ᠪᠠᠢᠨ᠎ᠠ᠂ ᠶᠠᠭᠠᠬᠢᠭᠠᠳ ᠭᠡᠪᠡᠯ ᠡᠨᠡᠬᠦ ᠠᠬᠠᠮᠠᠳ ᠬᠥᠪᠡᠭᠦᠨ ᠨᠢ ᠴᠣᠬᠣᠮ ᠲᠡᠭᠦᠨ ᠦ᠌ ᠬᠥᠪᠡᠭᠦᠨ ᠤᠤ᠂ ᠪᠢᠰᠢ ᠤᠤ ᠮᠡᠳᠡᠬᠦ ᠦᠭᠡᠢ ᠤᠴᠢᠷ ᠠ᠋ᠴᠠ ᠡᠢᠮᠦ ᠨᠡᠷ᠎ᠡ ᠣᠯᠭᠣᠵᠤ ᠭᠡᠨ᠎ᠡ (ᠲᠡᠦᠬᠡ ᠶ᠋ᠢᠨ ᠵᠠᠷᠢᠮ ᠪᠢᠴᠢᠭ ᠲᠦ᠍ ᠭᠣᠣᠯ ᠤ᠋ᠨ ᠬᠥᠪᠡᠭᠡᠨ ᠳᠡᠭᠡᠷ᠎ᠡ ᠪᠥᠷᠲᠡ ᠲᠡᠢ ᠪᠡᠨ ᠣᠯᠵᠤ ᠤᠴᠠᠷᠠᠯ᠎ᠠ ᠭᠡᠵᠦ ᠪᠢᠴᠢᠵᠦ ᠪᠠᠢᠨ᠎ᠠ᠃ ᠶᠠᠭᠤ ᠴᠤ ᠭᠡᠰᠡᠨ ᠪᠥᠷᠲᠡ ᠪᠣᠯ ᠳᠠᠢᠰᠤᠨ ᠤ᠋
ᠭᠠᠷ ᠲᠤ ᠣᠷᠣᠭᠰᠠᠨ ᠨᠢ ᠦᠨᠡᠨ᠃— ᠮᠣᠩᠭᠣᠯᠴᠢᠯᠠᠭᠴᠢ ᠠ᠋ᠴᠠ)᠃ ᠲᠡᠮᠦᠵᠢᠨ ᠲᠡᠷᠡ ᠳᠣᠣᠷ᠎ᠠ ᠪᠠᠨ ᠪᠠᠢᠯᠳᠤᠭᠠᠨ ᠵᠣᠭᠰᠣᠬᠤ ᠵᠠᠷᠯᠠᠯ ᠪᠠᠭᠤᠯᠭᠠᠪᠠ᠃ ᠤᠴᠢᠷ ᠨᠢ ᠭᠡᠪᠡᠯ ᠡᠷᠢᠵᠦ ᠪᠠᠢᠭᠰᠠᠨ ᠬᠥᠮᠦᠨ ᠢ᠋ᠶ᠋ᠡᠨ ᠣᠯᠵᠤ᠂ ᠵᠣᠷᠢᠭᠰᠠᠨ ᠵᠣᠷᠢᠯᠲᠠ ᠪᠠᠨ ᠭᠦᠢᠴᠡᠳᠬᠡᠭᠰᠡᠨ ᠭᠡᠨ᠎ᠡ᠃ ᠲᠡᠮᠦᠵᠢᠨ᠂ ᠲᠤᠭᠤᠷᠢᠯ ᠬᠠᠨ ᠤ᠋ ᠴᠡᠷᠢᠭ ᠲᠦ᠍ ᠣᠯᠵᠠᠯᠠᠭᠰᠠᠨ ᠶᠠᠭᠤᠮ᠎ᠠ ᠪᠦᠬᠦᠨ ᠢ᠋ᠶ᠋ᠡᠨ ᠬᠦᠷᠭᠡᠭᠡᠳ ᠡᠨᠡ ᠴᠡᠷᠢᠭ ᠢ᠋ ᠨᠢ ᠪᠤᠴᠠᠭᠠᠵᠤ ᠶᠠᠪᠤᠭᠤᠯᠪᠠ᠃
ᠲᠡᠮᠦᠵᠢᠨ ᠢᠩᠭᠢᠵᠦ ᠰᠢᠢᠳᠪᠦᠷᠢᠯᠡᠭᠰᠡᠨ ᠳ᠋ᠦ᠍ᠨᠢ ᠮᠣᠩᠭᠣᠯᠴᠤᠳ ᠲᠠᠪᠠ ᠦᠭᠡᠢ ᠪᠠᠢᠭᠰᠠᠨ ᠶᠤᠮ᠃ ᠣᠷᠴᠢᠨ ᠲᠣᠭᠣᠷᠢᠨ ᠳ᠋ᠤ᠌ ᠮᠡᠷᠭᠢᠳ ᠬᠥᠮᠦᠨ ᠣᠯᠠᠨ ᠰᠠᠭᠤᠵᠤ ᠪᠠᠢᠯ᠎ᠠ᠂ ᠡᠢᠮᠦ ᠬᠦᠴᠦᠷᠬᠡᠭ ᠬᠣᠯᠪᠣᠭᠠᠲᠤ ᠴᠡᠷᠢᠭ ᠲᠡᠢ ᠬᠠᠮᠲᠤᠷᠠᠭᠠᠳ ᠡᠭᠦᠨ ᠢ᠋ ᠴᠣᠬᠢᠪᠠᠯ ᠤᠯᠠᠮ ᠠᠷᠪᠢᠨ ᠣᠯᠵᠠ ᠣᠯᠬᠤ ᠪᠠᠢᠭᠰᠠᠨ ᠶᠤᠮ᠃ ᠬᠣᠯᠪᠣᠭᠠᠲᠤ ᠴᠡᠷᠢᠭ ᠦ᠋ᠨ ᠬᠥᠮᠦᠰ ᠪᠠᠰᠠ ᠭᠣᠮᠣᠳᠠᠯ ᠲᠠᠢ ᠶᠠᠪᠤᠪᠠ᠃ ᠶᠠᠭᠤᠨ ᠳ᠋ᠤ᠌ ᠡᠢᠮᠦ ᠪᠣᠯᠤᠭᠰᠠᠨ ᠢ᠋ ᠪᠦᠦ ᠮᠡᠳᠡ᠂ ᠴᠣᠬᠣᠮ ᠳ᠋ᠠᠭᠠᠨ ᠮᠡᠷᠭᠢᠳ ᠦ᠋ᠨ ᠳᠣᠲᠣᠷ᠎ᠠ ᠭᠦᠨᠵᠡᠭᠡᠢᠷᠡᠨ ᠳᠠᠷᠤᠵᠤ ᠴᠣᠬᠢᠪᠠᠯ ᠲᠣᠭᠣᠷᠢᠯ ᠬᠠᠨ ᠤ᠋ ᠬᠠᠭᠤᠴᠢᠨ ᠳᠠᠢᠰᠤᠨ ᠪᠣᠯᠬᠤ ᠮᠡᠷᠭᠢᠳ ᠦ᠋ᠨ ᠲᠦᠷᠦᠭᠦᠦ ᠳᠣᠭᠲᠣᠭ᠎ᠠ ᠪᠡᠬᠢ ᠶ᠋ᠢ ᠰᠥᠨᠥᠭᠡᠵᠦ ᠴᠢᠳᠠᠬᠤ ᠪᠠᠢᠭᠰᠠᠨ ᠶᠤᠮ᠃
ᠲᠤᠬᠠᠢ ᠶ᠋ᠢᠨ ᠦᠶ᠎ᠡ ᠳ᠋ᠦ᠍ ᠡᠨᠡᠬᠦ ᠦᠭᠡ ᠳᠠᠭᠤᠨ ᠴᠥᠭᠡᠨ ᠲᠡᠢ᠂ ᠭᠦᠨ ᠪᠣᠳᠣᠯᠭ᠎ᠠ ᠲᠠᠢ ᠪᠥᠭᠡᠳ ᠬᠤᠷᠴᠠ ᠬᠠᠷᠠᠴᠠ ᠲᠠᠢ ᠵᠠᠯᠠᠭᠤ ᠵᠢᠯᠣᠭᠣᠳᠤᠭᠴᠢ ᠶ᠋ᠢᠨ ᠲᠠᠷᠢᠬᠢᠨ ᠳ᠋ᠤ᠌ ᠶᠠᠭᠤ ᠪᠣᠳᠣᠵᠤ ᠪᠠᠢᠬᠤ ᠶ᠋ᠢ ᠬᠡᠨ ᠴᠦ᠍ ᠮᠡᠳᠡᠬᠦ ᠦᠭᠡᠢ ᠪᠠᠢᠯ᠎ᠠ᠃ ᠲᠡᠷᠡ ᠦᠶ᠎ᠡ ᠳ᠋ᠦ᠍ ᠲᠡᠮᠦᠵᠢᠨ ᠪᠠᠷᠤᠭ ᠥᠪᠡᠷ ᠦ᠋ᠨ ᠬᠦᠴᠦᠨ ᠮᠡᠬᠦᠰ ᠪᠣᠯᠬᠣᠷ᠂ ᠮᠣᠩᠭᠣᠯ ᠨᠤᠲᠤᠭ ᠤ᠋ᠨ ᠡᠯ᠎ᠡ ᠲᠠᠯ᠎ᠠ ᠶ᠋ᠢᠨ ᠬᠦᠴᠦᠨ ᠢ᠋ ᠲᠡᠩᠴᠡᠭᠦᠨ ᠪᠠᠢᠯᠭᠠᠬᠤ ᠳᠤᠷᠠᠲᠠᠢ ᠪᠠᠢᠭᠰᠠᠨ ᠪᠣᠯᠤᠯᠲᠠᠢ᠃ ᠡᠰᠡᠬᠦᠯ᠎ᠡ᠂ ᠬᠡᠷᠡᠢᠳ ᠠᠢᠮᠠᠭ ᠢ᠋ ᠠᠯᠢ ᠪᠣᠯᠬᠤᠢᠴᠠ ᠲᠦᠷᠭᠡᠨ ᠢ᠋ᠶ᠋ᠡᠷ ᠪᠡᠶ᠎ᠡ ᠡᠴᠡ ᠪᠡᠨ ᠰᠠᠯᠭᠠᠵᠤ᠂ ᠲᠠᠢᠯᠤᠭᠳᠠᠰᠢ ᠦᠭᠡᠢ ᠲᠣᠭᠲᠤᠭ᠎ᠠ ᠪᠡᠬᠢ ᠶ᠋ᠢ ᠲᠤᠭᠤᠷᠢᠯ ᠬᠠᠨ ᠤ᠋ ᠣᠷᠣᠨ ᠳ᠋ᠤ᠌ ᠦᠯᠡᠳᠡᠭᠡᠵᠦ ᠲᠠᠯᠪᠢᠪᠠᠯ ᠵᠦᠭᠡᠷ ᠭᠡᠵᠦ ᠪᠣᠳᠣᠭᠰᠠᠨ ᠪᠠᠢᠬ᠎ᠠ᠂ ᠲᠡᠷᠡᠴᠢᠯᠡᠨ ᠲᠠᠷᠭᠤᠲᠠᠢ ᠲᠠᠢᠴᠢᠭᠤᠳ ᠠᠢᠮᠠᠭ ᠢ᠋ᠶ᠋ᠠᠨ ᠳᠠᠭᠠᠭᠤᠯᠤᠨ ᠲᠡᠮᠦᠵᠢᠨ ᠦ᠌ ᠨᠤᠲᠤᠭ ᠢ᠋ ᠳᠣᠪᠲᠣᠯᠬᠤ ᠴᠤ ᠮᠠᠭᠠᠳ ᠭᠡᠵᠦ ᠪᠣᠳᠣᠭᠠᠳ᠂ ᠥᠪᠡᠷ ᠦ᠋ᠨ ᠨᠤᠲᠤᠭ ᠤ᠋ᠨ ᠬᠢᠯᠢ ᠬᠢᠵᠠᠭᠠᠷ ᠢ᠋ᠶ᠋ᠠᠨ ᠰᠠᠬᠢᠶ᠎ᠠ ᠭᠡᠰᠡᠨ ᠴᠦ᠍ ᠪᠠᠢᠵᠤ ᠮᠡᠳᠡᠨ᠎ᠡ᠃ ᠲᠡᠷᠡ ᠦᠶ᠎ᠡ ᠳ᠋ᠦ᠍ ᠡᠨᠡ ᠭᠠᠵᠠᠷ ᠪᠣᠯ ᠣᠯᠠᠨ ᠬᠥᠮᠦᠨ ᠬᠠᠷᠢᠯᠴᠠᠨ ᠪᠠᠢᠯᠳᠤᠵᠠᠭᠠᠵᠤ᠂ ᠡᠨᠡ ᠡᠳᠦᠷ ᠦ᠋ᠨ ᠨᠥᠬᠥᠷ ᠨᠢ ᠮᠠᠷᠭᠠᠰᠢ ᠶ᠋ᠢᠨ ᠳᠠᠢᠰᠤᠨ ᠪᠣᠯᠤᠭᠠᠳ᠂ ᠥᠴᠥᠭᠡᠳᠦᠷ ᠦ᠋ᠨ ᠳᠠᠢᠰᠤᠨ ᠨᠢ ᠡᠨᠡ ᠡᠳᠦᠷ ᠦ᠋ᠨ ᠨᠥᠬᠥᠷ ᠪᠣᠯᠵᠤ᠂ ᠬᠣᠯᠪᠣᠭᠠᠲᠤ ᠴᠡᠷᠢᠭ ᠦ᠋ᠨ ᠬᠣᠭᠣᠷᠣᠨᠳᠣ ᠪᠠᠨ ᠣᠯᠵᠠ ᠠᠰᠢᠭ ᠢ᠋ᠶ᠋ᠠᠨ ᠪᠤᠯᠢᠶᠠᠯᠳᠤᠭᠠᠳ ᠭᠡᠨᠡᠳᠲᠡ ᠪᠡᠷ ᠴᠣᠬᠢᠯᠳᠤᠬᠤ ᠬᠡᠷᠡᠭ ᠨᠡᠯᠢᠶᠡᠳ ᠭᠠᠷᠴᠤ ᠪᠠᠢᠭᠰᠠᠨ ᠶᠤᠮ᠃
(ᠭᠤᠷᠪᠠ ) ᠬᠠᠴᠢᠨ ᠠᠷᠭ᠎ᠠ ᠪᠠᠷ ᠴᠡᠷᠢᠭ ᠢ᠋ᠶ᠋ᠡᠨ ᠪᠣᠯᠪᠠᠰᠤᠷᠠᠭᠤᠯᠤᠭᠰᠠᠨ ᠨᠢ
ᠮᠡᠷᠭᠢᠳ ᠠᠢᠮᠠᠭ ᠢ᠋ ᠳᠡᠢᠯᠦᠭᠰᠡᠨ ᠦ ᠬᠣᠢᠨᠠᠬᠢ ᠲᠡᠮᠦᠵᠢᠨ ᠭᠠᠭᠴᠠᠭᠠᠷᠳᠠᠮᠠᠯ ᠪᠢᠰᠢ ᠪᠣᠯᠤᠭᠰᠠᠨ ᠪᠠᠢᠨ᠎ᠠ᠃ ᠲᠡᠷᠡ ᠪᠠᠢᠯᠳᠤᠭᠠᠨ ᠤ᠋ ᠶᠠᠪᠤᠴᠠ ᠳ᠋ᠤ᠌ ᠵᠦᠷᠴᠢᠳ ᠠᠢᠮᠠᠭ ᠤ᠋ᠨ ᠵᠠᠮᠤᠬ᠎ᠠ ᠯᠤᠭ᠎ᠠ᠂ ᠬᠠᠷᠠᠬᠠᠨ ᠪᠠᠭ᠎ᠠ ᠦᠶ᠎ᠡ ᠶ᠋ᠢᠨ ᠨᠠᠢᠷ ᠢ᠋ᠶ᠋ᠠᠨ ᠰᠡᠷᠭᠦᠭᠡᠨ ᠬᠠᠮᠲᠤᠪᠠᠷ ᠮᠣᠩᠭᠣᠯ ᠤ᠋ᠨ ᠨᠤᠲᠤᠭ ᠪᠡᠯᠴᠢᠭᠡᠷ ᠲᠡᠭᠡᠨ ᠪᠤᠴᠠᠭᠰᠠᠨ ᠪᠢᠯᠡ᠃ ᠡᠨᠡ ᠦᠶ᠎ᠡ ᠳ᠋ᠦ᠍ ᠲᠠᠷᠭᠤᠲᠠᠢ ᠬᠣᠯᠠ ᠠ᠋ᠴᠠ ᠲᠡᠭᠦᠨ ᠦ᠌ ᠠᠵᠢᠯᠯᠠᠭ᠎ᠠ ᠪᠦᠬᠦᠨ ᠢ᠋ ᠠᠩᠬᠠᠷᠤᠨ᠂ ᠣᠳᠣ ᠲᠡᠮᠦᠵᠢᠨ ᠦ᠌ ᠬᠦᠷᠢᠶ᠎ᠡ ᠶ᠋ᠢ ᠭᠡᠨᠡᠳᠡᠭᠦᠯᠦᠨ ᠳᠠᠷᠤᠶ᠎ᠠ ᠭᠡᠰᠡᠨ ᠴᠢᠨᠢ ᠲᠡᠢᠮᠦ ᠬᠢᠯᠪᠠᠷ ᠬᠡᠷᠡᠭ ᠪᠢᠰᠢ᠂ ᠲᠦᠭᠰᠢᠭᠦᠷᠢ ᠲᠡᠢ ᠪᠣᠯᠬᠤ ᠮᠠᠭᠠᠳ ᠭᠡᠵᠦ ᠤᠬᠠᠭᠠᠷᠠᠵᠤ ᠪᠠᠢᠯ᠎ᠠ᠃ ᠲᠡᠮᠦᠵᠢᠨ ᠲᠤᠷᠰᠢᠯᠭ᠎ᠠ ᠰᠤᠷᠭᠠᠮᠵᠢ ᠣᠯᠵᠤ᠂ ᠬᠦᠷᠢᠶ᠎ᠡ ᠪᠡᠨ ᠨᠠᠷᠢᠨ ᠨᠢᠮᠪᠠᠢ ᠠᠩᠬᠠᠷᠤᠨ ᠬᠠᠮᠠᠭᠠᠯᠠᠵᠤ ᠰᠠᠬᠢᠭᠠᠳ ᠬᠠᠷᠠᠭᠤᠯ ᠤ᠋ᠨ ᠴᠡᠷᠢᠭ ᠢ᠋ᠶ᠋ᠡᠨ ᠳᠥᠷᠪᠡᠨ ᠵᠦᠭ ᠲᠦ᠍ ᠬᠣᠯᠠ ᠲᠣᠮᠢᠯᠠᠵᠤ ᠪᠠᠢᠬᠤ ᠠ᠋ᠴᠠ ᠪᠣᠯᠤᠭᠰᠠᠨ ᠶᠤᠮ᠃
ᠲᠡᠮᠦᠵᠢᠨ ᠬᠠᠷᠢᠨ ᠬᠠᠭᠤᠴᠢᠨ ᠳᠠᠢᠰᠤᠨ ᠢ᠋ᠶ᠋ᠠᠨ ᠶᠠᠭ ᠤᠮᠠᠷᠲᠠᠭᠰᠠᠨ ᠮᠡᠲᠦ ᠦᠯᠦ ᠮᠡᠳᠡᠭᠴᠢ
ᠰᠢᠭ᠋ ᠪᠠᠢᠯ᠎ᠠ᠃ ᠲᠠᠢᠴᠢᠭᠤᠳ ᠠᠢᠮᠠᠭ ᠮᠠᠯ ᠢ᠋ᠶ᠋ᠠᠨ ᠲᠡᠭᠦᠨ ᠦ᠌ ᠣᠷᠴᠢᠨ ᠲᠣᠭᠣᠷᠢᠨ ᠢ᠋ᠶ᠋ᠠᠷ ᠮᠡᠯᠵᠢᠪᠡᠴᠦ ᠤᠨᠤᠨ ᠭᠣᠣᠯ ᠤ᠋ᠨ ᠳᠣᠣᠷᠠᠲᠤ ᠤᠷᠤᠰᠬᠠᠯ ᠳ᠋ᠠᠬᠢ ᠰᠠᠢᠨ ᠪᠡᠯᠴᠢᠭᠡᠷ ᠢ᠋ ᠠᠰᠢᠭᠯᠠᠬᠤ ᠳ᠋ᠠᠭᠠᠨ ᠶᠡᠬᠡ ᠯᠡ ᠬᠡᠷᠰᠡᠦ ᠪᠣᠯᠭᠣᠮᠵᠢᠲᠠᠢ ᠪᠠᠢᠭᠠᠳ᠂ ᠳᠡᠮᠡᠢ ᠣᠢᠷᠠᠲᠤᠬᠤ ᠴᠤ ᠦᠭᠡᠢ ᠪᠠᠢᠯ᠎ᠠ᠂ ᠭᠡᠲᠡᠯ᠎ᠡ ᠲᠡᠮᠦᠵᠢᠨ ᠦ᠌ ᠬᠢᠨ ᠲᠠᠢᠴᠢᠭᠤᠳ ᠠᠢᠮᠠᠭ ᠤ᠋ᠨ ᠬᠢᠨ
ᠲᠠᠢ ᠬᠠᠪᠢᠳᠠᠬᠤ ᠦᠶ᠎ᠡ ᠳ᠋ᠦ᠍ ᠶᠡᠬᠡᠯ᠎ᠡ ᠥᠷᠥᠰᠢᠶᠡᠯᠲᠡᠢ ᠪᠣᠯᠵᠤ᠂ ᠪᠡᠯᠡᠭ ᠰᠡᠯᠡᠭ ᠬᠦᠷᠭᠡᠬᠦ ᠪᠤᠶᠤ ᠢᠳᠡᠭᠦᠯᠵᠦ ᠤᠤᠭᠤᠯᠭᠠᠬᠤ ᠳ᠋ᠠᠭᠠᠨ ᠬᠠᠷᠠᠮᠯᠠᠬᠤ ᠦᠭᠡᠢ᠂ ᠠᠪᠠ ᠲᠠᠯᠪᠢᠬᠤ ᠦᠶ᠎ᠡ ᠳ᠋ᠦ᠍ ᠲᠠᠢᠴᠢᠭᠤᠳ ᠢ᠋ ᠤᠷᠢᠵᠤ᠂ ᠠᠪᠠ ᠶ᠋ᠢᠨ ᠭᠠᠨᠵᠤᠭ᠎ᠠ ᠠ᠋ᠴᠠ ᠪᠠᠨ ᠲᠡᠳᠡᠨ ᠳ᠋ᠦ᠍ ᠢᠯᠡᠭᠦᠦ ᠬᠤᠪᠢᠶᠠᠵᠤ ᠥᠭᠳᠡᠭ ᠪᠠᠢᠪᠠ᠃
ᠢᠩᠭᠢᠵᠦ ᠬᠢᠭᠰᠡᠨ ᠦ᠌ ᠦᠷ᠎ᠡ ᠳ᠋ᠦᠩ ᠳ᠋ᠦ᠍᠂ ᠤᠳᠠᠯ ᠦᠭᠡᠢ ᠪᠡᠷ ᠥᠷᠭᠡᠨ ᠠᠭᠤᠳᠠᠮ ᠲᠠᠯ᠎ᠠ ᠨᠤᠲᠤᠭ ᠤ᠋ᠨ ᠬᠥᠮᠦᠰ ᠭᠠᠢᠬᠠᠯᠴᠠᠨ ᠰᠢᠪᠡᠨᠡᠯᠳᠦᠯᠡ᠄《ᠲᠠᠢᠴᠢᠭᠤᠳ ᠤ᠋ᠨ ᠲᠦᠷᠦᠭᠦᠦ ᠤᠴᠢᠷ ᠦᠭᠡᠢ ᠪᠡᠷ ᠮᠠᠨ ᠳ᠋ᠤ᠌ ᠵᠣᠪᠠᠯᠠᠩ ᠳᠠᠷᠤᠭᠠᠰᠤ ᠨᠡᠮᠡᠵᠦ ᠵᠣᠪᠠᠭᠠᠳᠠᠭ᠃ ᠲᠡᠳᠡᠨᠦᠰ ᠮᠠᠨ ᠤ᠋ ᠬᠠᠮᠤᠭ ᠤ᠋ᠨ ᠰᠠᠢᠨ ᠮᠣᠷᠢᠳ᠂ ᠬᠠᠮᠤᠭ ᠤ᠋ᠨ ᠰᠠᠢᠨ ᠰᠠᠢᠬᠠᠨ ᠠᠷᠠᠰᠤ ᠰᠢᠷᠢ ᠶ᠋ᠢ ᠰᠢᠪᠬᠠᠨ ᠠᠪᠳᠠᠭ ᠪᠠᠢᠨ᠎ᠠ᠃ ᠬᠠᠷᠢᠨ ᠲᠡᠮᠦᠵᠢᠨ ᠡᠮᠦᠰᠴᠦ ᠪᠠᠢᠬᠤ ᠬᠤᠪᠴᠠᠰᠤ ᠪᠠᠨ ᠲᠠᠢᠯᠤᠭᠠᠳ ᠮᠠᠨ ᠳ᠋ᠤ᠌ ᠥᠭᠳᠡᠭ᠂ ᠤᠨᠤᠵᠤ ᠶᠠᠪᠤᠭᠰᠠᠨ ᠮᠣᠷᠢᠳ ᠠ᠋ᠴᠠ ᠪᠠᠨ ᠪᠠᠭᠤᠭᠠᠳ᠂ ᠮᠣᠷᠢ ᠪᠠᠨ ᠪᠢᠳᠡᠨ ᠳ᠋ᠦ᠍ ᠥᠭᠳᠡᠭ》 ᠭᠡᠵᠦ ᠬᠡᠯᠡᠯᠴᠡᠭᠡᠳ ᠡᠳᠡᠭᠡᠷ ᠠᠢᠮᠠᠭ ᠪᠦᠯᠦᠭ ᠪᠦᠬᠦᠨ ᠢ᠋ᠶ᠋ᠡᠷ ᠢ᠋ᠶ᠋ᠡᠨ ᠲᠡᠮᠦᠵᠢᠨ ᠲᠡᠢ ᠨᠡᠢᠯᠡᠬᠦ ᠪᠡᠷ ᠢᠷᠡᠪᠡ᠃ ᠢᠩᠭᠢᠭᠡᠳ ᠲᠡᠮᠦᠵᠢᠨ ᠦ᠌ ᠣᠷᠳᠣᠨ ᠬᠦᠷᠢᠶ᠎ᠡ ᠤᠯᠠᠮ ᠠ᠋ᠴᠠ ᠤᠯᠠᠮ ᠶᠡᠬᠡᠳᠦᠯᠡ᠃ ᠲᠡᠭᠦᠨ ᠦ᠌ ᠣᠷᠴᠢᠨ ᠲᠣᠭᠣᠷᠢᠨ ᠳ᠋ᠤ᠌ ᠠᠭᠠᠵᠢᠮ ᠢ᠋ᠶ᠋ᠠᠷ ᠵᠦᠢᠯ ᠪᠦᠷᠢ ᠶ᠋ᠢᠨ ᠵᠡᠷᠯᠢᠭ ᠰᠠᠨᠠᠭ᠎ᠠ ᠲᠠᠢ ᠲᠥᠯᠥᠪᠯᠡᠭᠡ ᠡᠭᠦᠰᠴᠦ ᠡᠬᠢᠯᠡᠪᠡ᠃ ᠪᠠᠢᠯᠳᠤᠭᠴᠢᠳ ᠨᠢ ᠬᠠᠲᠠᠭᠰᠠᠨ ᠠᠷᠭᠠᠯ ᠤ᠋ᠨ ᠭᠠᠯ ᠤ᠋ᠨ ᠳᠡᠷᠭᠡᠳᠡ ᠴᠤᠭᠯᠠᠷᠠᠵᠤ ᠰᠠᠭᠤᠭᠠᠳ ᠳᠤᠯᠠᠭᠠᠴᠠᠬᠤ ᠳ᠋ᠠᠭᠠᠨ᠂ ᠡᠷᠲᠡᠨ ᠦ᠌ ᠬᠠᠭᠠᠳ ᠤ᠋ᠨ ᠪᠠᠭᠠᠲᠤᠷ ᠭᠠᠪᠢᠶ᠎ᠠ ᠵᠢᠳᠬᠦᠯ ᠡᠴᠡ ᠰᠡᠳᠦᠪᠯᠡᠭᠰᠡᠨ ᠳᠠᠭᠤᠤ ᠶ᠋ᠢ ᠳᠠᠭᠤᠯᠠᠬᠤ ᠨᠢ ᠭᠡᠷ ᠳᠦᠭᠦᠷᠴᠦ ᠪᠠᠢᠯ᠎ᠠ᠃《ᠮᠥᠩᠬᠡ ᠲᠩᠷᠢ》 ᠶ᠋ᠢᠨ ᠵᠠᠷᠯᠢᠭ ᠢ᠋ᠶ᠋ᠠᠷ ᠪᠣᠯᠵᠤ᠂ ᠣᠢᠷ᠎ᠠ ᠳ᠋ᠤ᠌ ᠨᠢᠭᠡᠨ ᠪᠠᠭᠠᠲᠤᠷ ᠢᠯᠡᠷᠡᠭᠡᠳ᠂ ᠮᠣᠩᠭᠣᠯ ᠪᠦᠬᠦᠨ ᠢ᠋ ᠳᠠᠭᠤᠳᠠᠨ ᠪᠤᠰᠬᠠᠭᠠᠳ᠂ ᠮᠠᠭᠤᠬᠠᠢ ᠳᠠᠢᠰᠤᠨ ᠠ᠋ᠴᠠ ᠥᠰᠢᠶ᠎ᠡ ᠪᠡᠨ ᠠᠪᠤᠯ᠎ᠠ ᠭᠡᠬᠦ ᠮᠡᠲᠦ ᠮᠠᠭᠲᠠᠨ ᠳᠠᠭᠤᠯᠠᠬᠤ ᠨᠢ ᠳᠡᠯᠭᠡᠷᠡᠵᠦ ᠪᠠᠢᠪᠠ᠃ ᠲᠡᠮᠦᠵᠢᠨ ᠢ᠋ ᠬᠠᠯᠠᠭᠤᠨ ᠢ᠋ᠶ᠋ᠠᠷ ᠬᠦᠷᠢᠶᠡᠯᠡᠳᠡᠭ ᠮᠤᠬᠤᠯᠠᠢ《ᠡᠨᠡ ᠪᠠᠭᠠᠲᠤᠷ ᠪᠣᠯ ᠮᠠᠨ ᠤ᠋ ᠳᠠᠷᠤᠭ᠎ᠠ ᠠ᠋ᠴᠠ ᠥᠭᠡᠷ᠎ᠡ ᠬᠡᠨ ᠪᠠᠢᠬᠤ ᠪᠢᠯᠡ》 ᠭᠡᠵᠦ ᠰᠢᠭᠤᠳ ᠲᠤᠩᠬᠠᠭᠯᠠᠪᠠ᠃
ᠵᠠᠮᠤᠬ᠎ᠠ ᠴᠤ ᠵᠡᠷᠯᠢᠭ ᠰᠠᠨᠠᠭ᠎ᠠ ᠡᠭᠦᠰᠬᠡᠵᠦ ᠪᠠᠢᠪᠠ᠂ ᠲᠡᠭᠦᠨ ᠢ᠋ ᠬᠦᠷᠢᠶᠡᠯᠡᠭᠴᠢᠳ ᠪᠠᠰᠠ ᠨᠡᠮᠡᠭᠳᠡᠵᠦ ᠢᠷᠡᠪᠡ᠃ ᠭᠡᠪᠡᠴᠦ ᠵᠠᠮᠤᠬ᠎ᠠ ᠶ᠋ᠢ ᠰᠢᠨ᠎ᠡ ᠪᠡᠷ ᠢᠷᠡᠵᠦ ᠢᠷᠡᠭᠰᠡᠳ ᠪᠣᠯ ᠵᠥᠪᠬᠡᠨ ᠡᠬᠡᠨᠡᠷ ᠬᠡᠦᠬᠡᠳ ᠢ᠋ᠶ᠋ᠡᠨ ᠳᠠᠭᠠᠭᠤᠯᠵᠤ ᠢᠷᠡᠬᠦ ᠪᠤᠶᠤ ᠴᠥᠭᠡᠨ ᠬᠡᠳᠦᠨ ᠠᠢᠯ ᠡᠷᠦᠬᠡ ᠶ᠋ᠢ ᠵᠠᠬᠢᠷᠬᠤ ᠬᠥᠮᠦᠰ ᠦ᠋ᠨ ᠲᠡᠳᠦᠢ ᠪᠠᠢᠬᠤ ᠶ᠋ᠢ ᠵᠠᠮᠤᠬ᠎ᠠ ᠠᠩᠬᠠᠷᠤᠭᠰᠠᠨ ᠦᠭᠡᠢ᠃ ᠲᠡᠭᠦᠨ ᠦ᠌ ᠴᠤᠭᠯᠠᠭᠤᠯᠤᠭᠰᠠᠨ ᠤ᠋ ᠣᠯᠠᠩᠬᠢ ᠨᠢ ᠬᠠᠷᠠᠴᠤ ᠠᠷᠠᠳ ᠪᠠᠢᠵᠤ᠂ ᠠᠢᠮᠠᠭ ᠤᠭᠰᠠᠭᠠᠲᠠᠨ ᠤ᠋ ᠨᠣᠶᠠᠳ ᠢ᠋ ᠠᠩᠬᠠᠷᠤᠭᠰᠠᠨ ᠦᠭᠡᠢ ᠪᠠᠢᠯ᠎ᠠ᠃ ᠲᠡᠮᠦᠵᠢᠨ ᠬᠠᠷᠢᠨ ᠡᠳᠡᠭᠡᠷ ᠨᠣᠶᠠᠳ ᠢ᠋ ᠴᠤᠭᠯᠠᠭᠤᠯᠬᠤ ᠶ᠋ᠢ ᠠᠩᠬᠠᠷᠪᠠ᠃ ᠲᠡᠭᠦᠨ ᠦ᠌ ᠥᠪᠡᠷ ᠦ᠌ ᠪᠡᠶ᠎ᠡ ᠶ᠋ᠢᠨ ᠭᠠᠷᠤᠯ ᠨᠢ ᠢᠵᠠᠭᠤᠷᠲᠠᠨ ᠮᠥᠨ ᠪᠣᠯᠬᠣᠷ ᠡᠭᠦᠨ ᠢ᠋ ᠪᠡᠨ ᠤᠮᠠᠷᠲᠠᠬᠤ ᠦᠭᠡᠢ᠂ ᠥᠪᠡᠷ ᠦ᠋ᠨ ᠣᠷᠴᠢᠨ ᠲᠣᠭᠣᠷᠢᠨ ᠳ᠋ᠠᠭᠠᠨ ᠥᠷᠭᠡᠨ ᠠᠭᠤᠳᠠᠮ ᠲᠠᠯ᠎ᠠ ᠨᠤᠲᠤᠭ ᠤ᠋ᠨ ᠢᠵᠠᠭᠤᠷᠲᠠᠨ ᠢ᠋ ᠠᠯᠢ ᠪᠣᠯᠬᠤ ᠪᠠᠷ ᠴᠤᠭᠯᠠᠭᠤᠯᠪᠠ᠃ ᠲᠡᠭᠦᠨ ᠦ᠌ ᠨᠡᠷ᠎ᠡ ᠬᠦᠨᠳᠦ ᠪᠣᠯᠤᠨ ᠡᠷᠬᠡ ᠰᠦᠷ ᠢ᠋ ᠳᠠᠬᠢᠨ ᠮᠠᠨᠳᠤᠭᠤᠯᠬᠤ ᠳ᠋ᠤ᠌ ᠲᠤᠰᠠᠯᠠᠵᠤ ᠴᠢᠳᠠᠬᠤ ᠨᠢ ᠭᠠᠭᠴᠠᠬᠦ ᠡᠳᠡᠭᠡᠷ ᠬᠥᠮᠦᠰ ᠪᠣᠯᠤᠨ᠎ᠠ ᠭᠡᠵᠦ ᠮᠡᠳᠡᠵᠦ ᠪᠠᠢᠵᠠᠢ᠃ ᠲᠡᠮᠦᠵᠢᠨ ᠵᠥᠪᠬᠡᠨ ᠡᠨᠡ ᠨᠢᠭᠡ ᠯᠡ ᠲᠠᠯ᠎ᠠ ᠳ᠋ᠤ᠌ ᠬᠦᠴᠦ ᠲᠠᠯᠪᠢᠭᠰᠠᠨ ᠪᠢᠰᠢ᠂ ᠵᠢᠱ᠌ᠢᠶᠡᠯᠡᠪᠡᠯ ᠪᠤᠭᠤᠷᠴᠢ᠂ ᠵᠡᠯᠮ᠎ᠡ᠂ ᠮᠤᠬᠤᠯᠠᠢ ᠵᠡᠷᠭᠡ ᠬᠥᠮᠦᠰ ᠪᠣᠯ ᠲᠡᠢᠮᠦ ᠣᠨᠴᠠ ᠭᠡᠷ ᠦ᠋ᠨ ᠭᠠᠷᠤᠯ ᠲᠠᠢ ᠪᠢᠰᠢ ᠪᠣᠯᠪᠠᠴᠤ ᠲᠡᠳᠡᠨᠡᠷ ᠦ᠋ᠨ ᠪᠠᠭᠠᠲᠤᠷ ᠵᠣᠷᠢᠭ᠂ ᠮᠡᠷᠭᠡᠨ ᠴᠢᠳᠠᠪᠤᠷᠢ ᠲᠠᠢ᠂ ᠦᠨᠡᠨᠴᠢ ᠰᠢᠳᠤᠷᠭᠤ ᠠ᠋ᠴᠠ ᠪᠣᠯᠵᠤ᠂ ᠡᠭᠦᠳᠦᠨ ᠪᠠᠢᠭᠤᠯᠤᠭᠰᠠᠨ ᠢᠵᠠᠭᠤᠷᠲᠠᠨ ᠤ᠋ ᠬᠤᠷᠠᠯ ᠳ᠋ᠤ᠌ ᠣᠷᠣᠯᠴᠠᠬᠤ ᠢᠷᠠᠭᠤ ᠠᠯᠳᠠᠷ ᠢ᠋ ᠣᠯᠭᠣᠭᠰᠠᠨ ᠪᠥᠭᠡᠳ ᠲᠡᠭᠦᠨ ᠦ᠌ ᠵᠠᠬᠢᠷᠴᠤ ᠪᠠᠢᠬᠤ ᠣᠷᠣᠨ ᠳ᠋ᠤᠨᠢ ᠠᠩᠭᠢ ᠶ᠋ᠢᠨ ᠢᠯᠭᠠᠯ ᠵᠡᠷᠭᠡ ᠳᠡᠰ ᠨᠢ ᠮᠠᠰᠢ ᠲᠣᠳᠣᠷᠬᠠᠢ ᠡᠷᠲᠡᠨ ᠦ᠌ ᠵᠠᠩᠰᠢᠯ ᠳᠠᠳᠬᠠᠯ ᠣᠷᠣᠰᠢᠵᠤ ᠪᠠᠢᠪᠠ᠃ ᠬᠦᠷᠢᠶᠡᠨ ᠳ᠋ᠦ᠍ᠨᠢ ᠬᠣᠶᠠᠷ ᠵᠦᠢᠯ ᠦ᠋ᠨ ᠦᠵᠡᠭᠳᠡᠯ ᠬᠠᠷᠠᠭᠳᠠᠨ᠎ᠠ᠃ ᠳᠠᠷᠤᠢ ᠲᠡᠮᠦᠵᠢᠨ ᠦ᠌ ᠬᠠᠷᠢᠶ᠎ᠠ ᠡᠲᠡᠭᠡᠳ ᠦ᠋ᠨ ᠣᠯᠠᠩᠬᠢ ᠨᠢ ᠠᠷᠪᠢᠨ ᠠᠳᠤᠭᠤ ᠮᠠᠯ ᠲᠠᠢ ᠪᠠᠢᠪᠠ᠃ ᠵᠠᠮᠤᠬ᠎ᠠ ᠶ᠋ᠢᠨ ᠲᠠᠯ᠎ᠠ ᠳ᠋ᠤ᠌ ᠬᠠᠷᠢᠶᠠᠯᠠᠭᠳᠠᠬᠤ ᠡᠲᠡᠭᠡᠳ ᠨᠢ ᠭᠣᠣᠯᠳᠠᠭᠤ ᠪᠤᠭ ᠮᠠᠯ ᠢ᠋ ᠲᠡᠵᠢᠭᠡᠭᠴᠢ ᠨᠢ ᠣᠯᠠᠨ ᠪᠠᠢᠯ᠎ᠠ᠃ ᠲᠡᠭᠡᠭᠡᠳ ᠡᠨᠡ ᠬᠣᠶᠠᠷ ᠪᠦᠯᠦᠭ ᠦ᠋ᠨ ᠬᠣᠭᠣᠷᠣᠨᠳᠣ ᠡᠳᠦᠷ ᠡᠴᠡ ᠡᠳᠦᠷ ᠬᠢᠮᠤᠷᠠᠯ ᠵᠥᠷᠢᠴᠡᠯ ᠲᠠᠰᠤᠷᠠᠬᠤ ᠦᠭᠡᠢ ᠪᠣᠯᠵᠠᠢ᠃ ᠡᠢᠮᠦ ᠤᠴᠢᠷ ᠠ᠋ᠴᠠ ᠲᠡᠮᠦᠵᠢᠨ ᠦ᠌ ᠡᠬᠡ ᠥᠭᠡᠯᠦᠨ ᠥᠵᠢᠨ ᠪᠣᠯᠤᠨ ᠬᠠᠲᠤᠨ ᠪᠥᠷᠲᠡ ᠬᠣᠶᠠᠭᠤᠯᠠ᠂ ᠵᠠᠩᠰᠢᠯ ᠳᠠᠳᠬᠠᠯ ᠢ᠋ ᠴᠦ᠍ ᠮᠡᠳᠡᠬᠦ ᠦᠭᠡᠢ ᠠᠨᠳᠠ ᠵᠠᠮᠤᠬ᠎ᠠ ᠠ᠋ᠴᠠ ᠰᠠᠯᠴᠢᠬᠠᠪᠠᠯ ᠰᠠᠢᠨ ᠭᠡᠵᠦ ᠢᠳᠬᠠᠭᠰᠠᠨ ᠪᠠᠢᠯ᠎ᠠ᠃ ᠲᠡᠮᠦᠵᠢᠨ ᠪᠠᠰᠠ ᠤᠳᠠᠭᠠᠨ ᠡᠳᠦᠷ ᠲᠦᠳᠡᠭᠡᠯᠵᠡᠭᠰᠡᠨ ᠶᠦᠮ᠃ ᠵᠢᠯ ᠬᠠᠭᠠᠰ ᠢᠯᠡᠭᠦᠦ ᠶ᠋ᠢᠨ ᠬᠤᠭᠤᠴᠠᠭ᠎ᠠ ᠳᠣᠲᠣᠷ᠎ᠠ ᠡᠨᠡᠬᠦ ᠠᠨᠳᠠ ᠲᠠᠢ ᠪᠠᠨ ᠬᠣᠶᠠᠭᠤᠯᠠ ᠡᠨᠳᠡ ᠲᠡᠨᠳᠡ ᠬᠠᠮᠲᠤ ᠪᠠᠷ ᠵᠤᠭᠠᠴᠠᠵᠤ ᠪᠠᠢᠭᠰᠠᠨ ᠪᠥᠭᠡᠳ ᠬᠣᠶᠠᠭᠤᠯᠠ ᠰᠠᠯᠬᠤ ᠳ᠋ᠤ᠌ ᠬᠦᠷᠪᠡᠯ ᠲᠡᠮᠦᠵᠢᠨ ᠦ᠌ ᠬᠦᠴᠦ ᠪᠠᠭᠤᠷᠠᠢ ᠪᠣᠯᠬᠤ ᠤᠴᠢᠷ ᠠ᠋ᠴᠠ ᠲᠡᠮᠦᠵᠢᠨ ᠵᠠᠮᠤᠬ᠎ᠠ ᠳ᠋ᠤ᠌ ᠨᠠᠢᠷ ᠲᠠᠯᠪᠢᠵᠤ ᠪᠠᠢᠯ᠎ᠠ᠃ ᠵᠠ ᠡᠮᠡᠭᠲᠡᠢᠴᠦᠳ ᠦ᠋ᠨ ᠦᠭᠡ ᠶ᠋ᠢ ᠶᠠᠭᠠᠬᠢᠬᠤ ᠪᠣᠢ ᠭᠡᠵᠦ ᠲᠡᠷᠡ ᠪᠣᠳᠣᠭᠰᠠᠨ ᠶᠤᠮ᠃
ᠭᠡᠲᠡᠯ᠎ᠡ ᠰᠠᠯᠵᠤ ᠪᠣᠯᠬᠤ ᠲᠣᠬᠢᠶᠠᠯ ᠢᠷᠡᠯ᠎ᠡ᠂ ᠡᠳᠦᠭᠡ ᠪᠣᠯᠲᠠᠯ᠎ᠠ ᠲᠤᠰ ᠲᠤᠰ ᠲᠠᠭᠠᠨ ᠠᠮᠢᠳᠤᠷᠠᠵᠤ ᠪᠠᠢᠭᠰᠠᠨ ᠲᠡᠳᠡᠭᠡᠷ ᠢᠵᠠᠭᠤᠷᠲᠠᠨ ᠪᠦᠬᠦ ᠡᠳ᠋ ᠬᠥᠷᠥᠩᠭᠡ ᠠᠳᠤᠭᠤ ᠮᠠᠯ ᠢ᠋ᠶ᠋ᠠᠨ ᠠᠪᠤᠭᠠᠳ᠂ ᠶᠢᠰᠦᠭᠡᠢ ᠶ᠋ᠢᠨ ᠬᠥᠪᠡᠭᠦᠨ ᠲᠡᠮᠦᠵᠢᠨ ᠦ᠌ ᠲᠣᠭᠣᠷᠢᠨ ᠳ᠋ᠤ᠌ ᠴᠤᠭᠯᠠᠷᠠᠵᠤ ᠢᠷᠡᠭᠰᠡᠨ ᠪᠠᠢᠨ᠎ᠠ᠂ ᠡᠳᠡᠭᠡᠷ ᠦ᠋ᠨ ᠳᠣᠲᠣᠷ᠎ᠠ ᠡᠷᠲᠡᠨ ᠦ᠌ ᠮᠣᠩᠭᠣᠯ ᠤᠭᠰᠠᠭᠠᠲᠠᠨ ᠤ᠋ ᠬᠠᠮᠤᠭ ᠤ᠋ᠨ ᠨᠡᠷ᠎ᠡ ᠠᠯᠳᠠᠷᠰᠢᠭᠰᠠᠨ ᠬᠥᠮᠦᠰ ᠦ᠋ᠨ ᠲᠥᠯᠥᠭᠡᠯᠡᠭᠴᠢᠳ ᠪᠠᠢᠯ᠎ᠠ᠂ ᠵᠢᠱ᠌ᠢᠶᠡᠯᠡᠪᠡᠯ ᠬᠠᠪᠤᠯ ᠬᠠᠨ ᠤ᠋ ᠠᠴᠢ ᠲᠠᠷᠢᠳᠠᠢ᠂ ᠲᠡᠭᠦᠨ ᠦ᠌ ᠳᠡᠭᠦᠦ ᠠᠯᠲᠠᠨ᠂ ᠬᠠᠪᠤᠯ ᠬᠠᠨ ᠤ᠋ ᠬᠥᠪᠡᠭᠦᠨ ᠪᠥᠭᠡᠳ ᠲᠡᠮᠦᠵᠢᠨ ᠦ᠌ ᠰᠠᠳᠤᠨ ᠪᠣᠯᠬᠤ ᠪᠣᠷᠵᠢᠬᠢᠳ ᠤ᠋ᠨ ᠡᠷᠲᠡᠨ ᠦ᠌ ᠨᠢᠭᠡᠨ ᠰᠠᠯᠪᠤᠷᠢ ᠠᠢᠮᠠᠭ ᠤ᠋ᠨ ᠬᠤᠴᠠᠷ ᠵᠡᠷᠭᠡ ᠶ᠋ᠢᠨ ᠬᠥᠮᠦᠰ ᠪᠣᠯᠤᠨ᠎ᠠ᠃ ᠡᠨᠡ ᠮᠡᠲᠦ ᠶ᠋ᠢᠨ ᠬᠥᠮᠦᠰ ᠰᠢᠨ᠎ᠡ ᠨᠡᠢᠯᠡᠵᠦ ᠢᠷᠡᠬᠦ ᠪᠦᠷᠢ ᠪᠤᠰᠤᠳ ᠠᠢᠮᠠᠭ ᠤ᠋ᠳ ᠴᠤ ᠵᠠᠯᠭᠠᠵᠤ ᠴᠤᠭᠯᠠᠷᠠᠨ ᠳᠠᠭᠠᠭᠠᠳ ᠢᠷᠡᠳᠡᠭ᠃ ᠡᠳᠡᠭᠡᠷ ᠢᠵᠠᠭᠤᠷᠲᠠᠨ ᠨᠠᠷ ᠮᠣᠩᠭᠣᠯ ᠤ᠋ᠨ ᠬᠠᠮᠤᠭ ᠤ᠋ᠨ ᠳᠡᠭᠡᠳᠦ ᠬᠤᠷᠠᠯ ᠳ᠋ᠤ᠌ ᠰᠠᠭᠤᠯᠴᠠᠬᠤ ᠶ᠋ᠢ ᠬᠦᠨᠳᠦᠳᠬᠡᠭᠳᠡᠭᠰᠡᠨ ᠮᠡᠲᠦ ᠰᠡᠳᠬᠢᠯ ᠨᠢ ᠬᠠᠨᠵᠤ᠂ ᠴᠢᠨᠠᠭᠰᠢᠯᠠᠪᠠᠯ ᠡᠭᠦᠨ ᠢ᠋ᠶ᠋ᠡᠷ ᠢ᠋ᠶ᠋ᠡᠨ ᠪᠡᠶ᠎ᠡ ᠪᠡᠨ ᠡᠷᠭᠦᠳᠡᠭ ᠪᠠᠢᠵᠠᠢ᠃ ᠢᠩᠭᠢᠭᠰᠡᠭᠡᠷ ᠲᠡᠮᠦᠵᠢᠨ ᠦ᠌ ᠣᠷᠴᠢᠨ ᠲᠣᠭᠣᠷᠢᠨ ᠳ᠋ᠤ᠌ ᠲᠦᠮᠡ ᠭᠤᠷᠪᠠᠨ ᠮᠢᠩᠭᠠᠨ ᠠᠢᠯ ᠴᠤᠭᠯᠠᠷᠠᠭᠰᠠᠨ ᠪᠠᠢᠨ᠎ᠠ᠃ ᠲᠡᠮᠦᠵᠢᠨ ᠬᠥᠮᠦᠨ ᠪᠦᠷᠢ ᠶ᠋ᠢᠨ ᠵᠡᠷᠭᠡ ᠳᠡᠰ ᠪᠠ ᠲᠤᠰ ᠬᠥᠮᠦᠨ ᠦ᠌ ᠦᠢᠯᠡᠴᠢᠯᠡᠬᠦ ᠣᠪᠣᠷ ᠢ᠋ᠶ᠋ᠠᠷ ᠨᠢ ᠬᠤᠪᠢᠶᠠᠵᠤ᠂ ᠲᠡᠳᠡᠨᠡᠷ ᠢ᠋ ᠰᠠᠢᠲᠤᠷ ᠠᠰᠢᠭᠯᠠᠵᠤ ᠠᠷᠭᠠᠴᠠᠬᠤ ᠠᠷᠭ᠎ᠠ ᠶ᠋ᠢ ᠰᠠᠢᠨ ᠮᠡᠳᠡᠵᠦ ᠪᠠᠢᠭᠰᠠᠨ ᠶᠤᠮ᠃ ᠲᠡᠭᠦᠨ ᠦ᠌ ᠬᠠᠮᠢᠶᠠᠷᠬᠤ ᠣᠷᠣᠨ ᠨᠤᠲᠤᠭ ᠲᠤᠨᠢ ᠤᠷᠢᠳ ᠡᠮᠦᠨ᠎ᠡ ᠪᠠᠢᠭ᠎ᠠ ᠦᠭᠡᠢ ᠣᠬᠢ ᠰᠠᠢᠨ ᠡᠮᠬᠢ ᠵᠢᠷᠤᠮ ᠲᠠᠢ ᠪᠣᠯᠵᠤ᠂ ᠬᠥᠮᠦᠨ ᠪᠦᠷᠢ ᠥᠪᠡᠷ ᠦ᠋ᠨ ᠪᠠᠢᠷᠢ ᠪᠠᠨ ᠰᠠᠬᠢᠨ ᠥᠪᠡᠷ ᠦ᠋ᠨ ᠭᠦᠢᠴᠡᠳᠬᠡᠪᠡᠰᠦ ᠵᠣᠬᠢᠬᠤ ᠡᠭᠦᠷᠭᠡ ᠪᠡᠨ ᠪᠡᠶᠡᠯᠡᠭᠦᠯᠬᠦ ᠶ᠋ᠢ ᠮᠡᠳᠡᠵᠦ ᠠᠵᠢᠯᠯᠠᠨ᠎ᠠ᠃ ᠤᠴᠢᠷ ᠨᠢ ᠭᠡᠪᠡᠯ ᠲᠡᠳᠡ ᠨᠠᠷ ᠤ᠋ᠨ ᠵᠠᠯᠠᠭᠤ ᠳᠠᠷᠤᠭ᠎ᠠ ᠨᠢ ᠠᠯᠢᠪᠠ ᠡᠷᠬᠡ ᠡᠴᠡ ᠪᠡᠨ ᠬᠡᠲᠦᠷᠡᠵᠦ ᠠᠭᠠᠰᠢᠯᠠᠬᠤ ᠶ᠋ᠢ ᠵᠥᠪᠰᠢᠶᠡᠷᠡᠬᠦ ᠦᠭᠡᠢ ᠪᠠᠢᠭᠰᠠᠨ ᠶᠤᠮ᠃ ᠡᠷᠬᠡ ᠠᠰᠢᠭ ᠤ᠋ᠨ ᠲᠠᠯ᠎ᠠ ᠪᠠᠷ ᠲᠡᠮᠦᠵᠢᠨ ᠠᠷᠪᠠ ᠠ᠋ᠴᠠ ᠨᠢᠭᠡᠨ ᠲᠣᠯᠣᠭᠠᠢ ᠮᠠᠯ ᠢ᠋ ᠬᠠᠨ ᠤ᠋ ᠥᠮᠴᠢ ᠪᠣᠯᠭᠠᠨ᠎ᠠ ᠭᠡᠵᠦ ᠲᠣᠭᠲᠠᠭᠠᠵᠤ᠂ ᠮᠠᠯ ᠤ᠋ᠨ ᠲᠣᠭ᠎ᠠ ᠲᠣᠯᠣᠭᠠᠢ ᠶ᠋ᠢ ᠥᠴᠦᠬᠡᠨ ᠲᠡᠳᠦᠢ ᠳᠠᠷᠤᠵᠤ ᠮᠡᠬᠡᠯᠡᠬᠦ ᠪᠤᠶᠤ ᠨᠢᠭᠡᠨ ᠲᠤᠭᠤᠯ᠂ ᠨᠢᠭᠡᠨ ᠬᠤᠷᠠᠭ᠎ᠠ ᠶ᠋ᠢ ᠴᠦ᠍ ᠨᠢᠭᠤᠬᠤ ᠪᠠᠨ ᠢᠴᠢᠭᠦᠷᠢ ᠲᠡᠢ ᠭᠡᠵᠦ ᠦᠵᠡᠬᠦ ᠪᠣᠯᠵᠤ᠂ ᠲᠡᠮᠦᠵᠢᠨ ᠬᠥᠮᠦᠰ ᠲᠦ᠍ ᠬᠠᠯᠠᠭᠤᠨ ᠢ᠋ᠶ᠋ᠠᠷ ᠬᠦᠷᠢᠶᠡᠯᠡᠭᠳᠡᠵᠦ ᠪᠠᠢᠯ᠎ᠠ᠃ ᠲᠡᠮᠦᠵᠢᠨ ᠦ᠌ ᠥᠪᠡᠷ ᠦ᠋ᠨ ᠪᠡᠶ᠎ᠡ ᠨᠢ ᠪᠠᠰᠠ ᠲᠡᠢᠮᠦ ᠬᠠᠷᠠᠮᠴᠢ ᠬᠣᠪᠳᠣᠭ ᠪᠢᠰᠢ᠂ ᠬᠡᠷᠪᠡ ᠬᠡᠨ ᠲᠡᠭᠦᠨ ᠳ᠋ᠦ᠍ ᠶᠠᠭᠤᠮ᠎ᠠ ᠬᠦᠷᠭᠡᠵᠦ ᠢᠷᠡᠪᠡᠯ᠂ ᠲᠡᠭᠦᠨ ᠦ᠌ ᠬᠠᠷᠢᠭᠤ ᠳ᠋ᠤᠨᠢ ᠬᠦᠷᠭᠡᠬᠦ ᠪᠡᠯᠡᠭ ᠨᠢ ᠠᠪᠴᠤ ᠢᠷᠡᠭᠰᠡᠨ ᠡᠴᠡ ᠨᠢ ᠬᠣᠯᠠ ᠢᠯᠡᠭᠦᠦ ᠥᠨᠳᠥᠷ ᠦᠨ᠎ᠡ ᠪᠡᠨ᠎ᠡ ᠲᠡᠢ ᠶᠠᠭᠤᠮ᠎ᠠ ᠶ᠋ᠢ ᠥᠭᠳᠡᠭ ᠪᠠᠢᠵᠠᠢ᠃ ᠲᠡᠷᠡ ᠪᠣᠯ ᠠᠯᠢᠪᠠ ᠪᠦᠬᠦᠨ ᠢ᠋ ᠴᠥᠮ ᠮᠡᠳᠡᠵᠦ ᠪᠠᠢᠭᠰᠠᠨ ᠪᠥᠭᠡᠳ ᠪᠠᠢᠯᠳᠤᠭᠴᠢ ᠪᠦᠬᠦᠨ ᠢ᠋ᠶ᠋ᠡᠨ ᠨᠠᠷᠢᠨ ᠨᠢᠮᠪᠠᠢ ᠬᠠᠷᠠᠭᠠᠯᠵᠠᠳᠠᠭ ᠳᠠᠷᠤᠭ᠎ᠠ ᠪᠣᠯᠵᠤ ᠪᠠᠢᠭᠰᠠᠨ ᠶᠤᠮ᠃ ᠲᠡᠮᠦᠵᠢᠨ᠂ ᠤᠷᠢᠳ ᠡᠮᠦᠨ᠎ᠡ ᠬᠡᠨ ᠴᠦ᠍ ᠬᠢᠵᠦ ᠥᠩᠭᠡᠷᠡᠭᠰᠡᠨ ᠦᠭᠡᠢ ᠬᠡᠷᠡᠭ ᠢ᠋ ᠦᠢᠯᠡᠳᠪᠡ᠃ ᠲᠡᠷᠡ ᠪᠠᠢᠯᠳᠤᠭᠴᠢ ᠨᠠᠷ ᠲᠠᠭᠠᠨ ᠨᠢᠭᠡ ᠵᠦᠢᠯ ᠦ᠋ᠨ ᠰᠣᠨᠢᠷᠬᠠᠯᠲᠠᠢ ᠨᠠᠭᠠᠳᠤᠮ— ᠠᠪᠠ ᠲᠠᠯᠪᠢᠬᠤ ᠪᠠᠢᠯᠳᠤᠭᠠᠨ ᠬᠢᠬᠦ ᠲᠡᠢ ᠠᠳᠠᠯᠢ ᠪᠠᠬᠠᠲᠠᠢ ᠤᠢᠳᠬᠠᠷ ᠢ᠋ ᠰᠡᠷᠭᠦᠭᠡᠬᠦ ᠠᠷᠭ᠎ᠠ ᠶ᠋ᠢ ᠡᠭᠦᠳᠦᠨ ᠭᠠᠷᠭᠠᠪᠠ᠃ ᠡᠨᠡ ᠪᠣᠯ ᠦᠨᠡᠬᠡᠷ ᠪᠠᠢᠯᠳᠤᠭᠠᠨ ᠤ᠋ ᠨᠠᠭᠠᠳᠤᠮ ᠪᠣᠯᠤᠨ᠎ᠠ᠃ ᠲᠡᠭᠦᠨ ᠳ᠋ᠦ᠍ ᠠᠷᠪᠠᠨ ᠭᠤᠷᠪᠠᠨ ᠬᠦᠷᠢᠶ᠎ᠡ ᠳ᠋ᠦ᠍ ᠬᠤᠪᠢᠶᠠᠭᠳᠠᠭᠰᠠᠨ ᠨᠢᠭᠡ
ᠲᠦᠮᠡ ᠭᠤᠷᠪᠠᠨ ᠮᠢᠩᠭᠠᠨ ᠴᠡᠷᠢᠭ ᠲᠡᠢ ᠪᠠᠢᠭᠰᠠᠨ ᠶᠤᠮ᠃ ᠲᠡᠷᠡ ᠡᠯ᠎ᠡ ᠬᠦᠷᠢᠶ᠎ᠡ (ᠮᠢᠩᠭᠠᠨ ᠬᠥᠮᠦᠨ) ᠨᠢᠭᠡᠴᠡ ᠪᠡᠷ ᠳᠠᠭᠠᠷᠢᠨ ᠴᠣᠬᠢᠬᠤ᠂ ᠰᠢᠯᠵᠢᠨ ᠬᠥᠳᠡᠯᠬᠦ᠂ ᠨᠢᠭᠡᠴᠡ ᠪᠡᠷ ᠢ᠋ᠶ᠋ᠡᠨ ᠴᠡᠷᠢᠭ ᠦ᠋ᠨ ᠵᠢᠭᠰᠠᠭᠠᠯ ᠢ᠋ᠶ᠋ᠠᠨ ᠬᠤᠪᠢᠷᠠᠭᠤᠯᠬᠤ ᠪᠠ ᠬᠦᠷᠢᠶ᠎ᠡ ᠨᠢᠭᠡᠴᠡ ᠪᠡᠷ ᠲᠣᠭᠣᠷᠢᠨ ᠭᠠᠷᠴᠤ᠂ ᠨᠥᠭᠦᠭᠡ ᠬᠦᠷᠢᠶ᠎ᠡ ᠶ᠋ᠢᠨ ᠠᠷᠤ ᠪᠤᠶᠤ ᠬᠠᠵᠠᠭᠤ ᠠ᠋ᠴᠠ ᠴᠣᠬᠢᠬᠤ᠂ ᠡᠰᠡᠷᠭᠦᠦ ᠡᠲᠡᠭᠡᠳ ᠦ᠋ᠨ ᠲᠥᠪ ᠢ᠋ ᠨᠢ ᠰᠢᠪᠲᠤᠯᠤᠨ ᠳᠠᠭᠠᠷᠢᠬᠤ ᠵᠡᠷᠭᠡ ᠵᠦᠢᠯ ᠪᠦᠷᠢ ᠶ᠋ᠢᠨ ᠪᠠᠢᠯᠳᠤᠬᠤ ᠠᠷᠭ᠎ᠠ ᠶ᠋ᠢ ᠬᠡᠷᠡᠭᠯᠡᠵᠦ᠂ ᠲᠡᠭᠦᠨ ᠦ᠌ ᠮᠣᠷᠢᠲᠤ ᠴᠡᠷᠢᠭ ᠢ᠋ᠶ᠋ᠡᠨ ᠰᠥᠰᠥ ᠵᠣᠷᠢᠭ ᠲᠠᠢ᠂ ᠤᠷᠠᠨ ᠮᠡᠷᠭᠡᠨ ᠠᠷᠭ᠎ᠠ ᠲᠠᠢ ᠬᠠᠮᠤᠭ ᠤ᠋ᠨ ᠬᠦᠴᠦᠷᠬᠡᠭ ᠪᠣᠯᠬᠤ ᠶ᠋ᠢ ᠰᠢᠯᠭᠠᠷᠠᠭᠤᠯᠬᠤ ᠨᠠᠭᠠᠳᠤᠮ ᠬᠢᠯᠭᠡᠨ ᠪᠣᠯᠪᠠᠰᠤᠷᠠᠭᠤᠯᠳᠠᠭ ᠪᠠᠢᠪᠠ᠃ ᠲᠡᠮᠦᠵᠢᠨ ᠡᠨᠡᠬᠦ ᠪᠠᠢᠯᠳᠤᠬᠤ ᠨᠠᠭᠠᠳᠤᠮ ᠢ᠋ ᠦᠨᠡᠬᠡᠷ ᠴᠢᠰᠤ ᠤᠷᠤᠰᠲᠠᠯ᠎ᠠ ᠬᠢᠯᠭᠡᠬᠦ ᠪᠠ ᠴᠢᠷᠠᠢ ᠬᠤᠪᠢᠯᠬᠤ ᠶ᠋ᠢ ᠰᠡᠷᠭᠡᠢᠯᠡᠨ ᠤᠳᠠᠭ᠎ᠠ ᠳᠠᠷᠠᠭ᠎ᠠ ᠥᠪᠡᠷ ᠢ᠋ᠶ᠋ᠡᠨ ᠬᠦᠷᠴᠦ ᠰᠢᠯᠭᠠᠳᠠᠭ ᠪᠠᠢᠭᠰᠠᠨ ᠶᠤᠮ᠃ ᠶᠠᠭᠠᠬᠢᠭᠠᠳ ᠭᠡᠪᠡᠯ ᠡᠨᠡ ᠮᠢᠩᠭᠠᠨ ᠬᠥᠮᠦᠨ ᠦ᠌ ᠨᠢᠭᠡᠴᠡ ᠨᠢ ᠲᠤᠰ ᠪᠦᠷᠢ ᠣᠢᠷ᠎ᠠ ᠵᠠᠭᠤᠷ᠎ᠠ ᠪᠠᠨ ᠭᠡᠷ ᠪᠦᠯᠢ ᠪᠤᠶᠤ ᠠᠢᠮᠠᠭ ᠣᠪᠣᠭᠲᠠᠨ ᠢ᠋ᠶ᠋ᠠᠷ ᠢ᠋ᠶ᠋ᠠᠨ ᠪᠦᠷᠢᠯᠳᠦᠭᠰᠡᠨ ᠪᠣᠯᠬᠣᠷ᠂ ᠨᠠᠭᠠᠳᠤᠮ ᠳ᠋ᠤ᠌ ᠳᠡᠢᠯᠦᠭᠳᠡᠪᠡᠯ ᠲᠡᠷᠡ ᠠᠢᠮᠠᠭ᠂ ᠭᠡᠷ ᠪᠦᠯᠢ ᠶ᠋ᠢᠨ ᠠᠯᠳᠠᠷ ᠨᠡᠷ᠎ᠡ ᠳ᠋ᠦ᠍ᠨᠢ ᠭᠬᠢᠷ ᠰᠠᠭᠤᠬᠤ ᠭᠡᠵᠦ ᠦᠵᠡᠳᠡᠭ ᠪᠠᠢᠵᠠᠢ᠃ ᠭᠡᠲᠡᠯ᠎ᠡ᠂ ᠲᠡᠮᠦᠵᠢᠨ ᠡᠨᠡ ᠠᠷᠭ᠎ᠠ ᠶ᠋ᠢ ᠬᠡᠷᠡᠭᠯᠡᠨ ᠲᠡᠷᠡ ᠮᠡᠲᠦ ᠪᠣᠯᠬᠢ ᠪᠦᠳᠦᠭᠦᠯᠢᠭ ᠨᠡᠭᠦᠳᠡᠯᠴᠢᠨ ᠠᠷᠠᠳ ᠲᠤ ᠳᠦᠷᠢᠮ ᠶᠣᠰᠣ ᠪᠠ ᠴᠡᠷᠢᠭ ᠠᠩᠭᠢ ᠳ᠋ᠤ᠌ ᠣᠷᠣᠭᠠᠳ ᠬᠠᠷᠢᠯᠴᠠᠨ ᠬᠠᠪᠰᠤᠷᠤᠯᠴᠠᠬᠤ ᠵᠠᠩᠰᠢᠯ ᠢ᠋ ᠰᠤᠷᠭᠠᠪᠠ᠃
ᠲᠡᠮᠦᠵᠢᠨ ᠬᠠᠮᠢᠭ᠎ᠠ ᠠ᠋ᠴᠠ ᠡᠨᠡ ᠮᠡᠲᠦ ᠠᠷᠪᠢᠨ ᠴᠡᠷᠢᠭ ᠦ᠋ᠨ ᠵᠢᠭᠰᠠᠭᠠᠯ ᠢ᠋ᠶ᠋ᠠᠷ ᠤᠶᠠᠨ ᠬᠠᠳᠠᠨ ᠪᠠᠢᠯᠳᠤᠬᠤ ᠠᠷᠭ᠎ᠠ ᠶ᠋ᠢ ᠪᠣᠳᠣᠵᠤ ᠣᠯᠤᠭᠰᠠᠨ ᠶᠤᠮ ᠪᠣᠯ ᠭᠡᠪᠡᠯ᠂ ᠡᠭᠦᠨ ᠢ᠋ ᠪᠠᠷᠤᠭ ᠮᠡᠳᠡᠵᠦ ᠴᠢᠳᠠᠬᠤ ᠶ᠋ᠢᠨ ᠠᠷᠭ᠎ᠠ ᠦᠭᠡᠢ ᠶᠦᠮ᠃ ᠭᠡᠪᠡᠴᠦ ᠲᠡᠷᠡ ᠬᠠᠷᠠᠬᠠᠨ ᠪᠠᠭ᠎ᠠ ᠬᠡᠦᠬᠡᠳ ᠦ᠋ᠨ ᠦᠶ᠎ᠡ ᠳ᠋ᠦ᠍ ᠬᠣᠩᠭᠢᠷᠠᠳ ᠠᠢᠮᠠᠭ ᠤ᠋ᠨ ᠳᠤᠮᠳᠠ ᠠᠮᠢᠳᠤᠷᠠᠵᠤ ᠪᠠᠢᠭᠰᠠᠨ ᠦᠶ᠎ᠡ ᠳ᠋ᠡᠭᠡᠨ ᠬᠢᠲᠠᠳ ᠤ᠋ᠨ ᠴᠡᠷᠢᠭ ᠦ᠋ᠨ ᠮᠡᠷᠭᠡᠵᠢᠯ ᠢ᠋ ᠰᠣᠨᠢᠷᠬᠠᠨ ᠰᠣᠨᠣᠰᠴᠤ ᠨᠥᠯᠥᠭᠡ ᠣᠯᠤᠭᠰᠠᠨ ᠴᠤ ᠮᠠᠭᠠᠳ ᠦᠭᠡᠢ᠃
ᠶᠠᠭᠤ ᠴᠤ ᠪᠣᠯᠤᠭᠰᠠᠨ ᠲᠡᠷᠡ ᠪᠣᠯ ᠨᠢᠭᠡ ᠲᠦᠮᠡ ᠭᠤᠷᠪᠠᠨ ᠮᠢᠩᠭᠠᠨ ᠮᠣᠷᠢᠲᠤ ᠴᠡᠷᠢᠭ ᠢ᠋ᠶ᠋ᠡᠨ ᠨᠠᠭᠠᠳᠤᠮ ᠤ᠋ᠨ ᠠᠷᠭ᠎ᠠ ᠪᠠᠷ ᠪᠣᠯᠪᠠᠰᠤᠷᠠᠭᠤᠯᠵᠤ ᠡᠬᠢᠯᠡᠭᠰᠡᠨ ᠪᠠᠢᠨ᠎ᠠ᠃ ᠬᠣᠵᠢᠮ ᠲᠡᠭᠦᠨ ᠦ᠌ ᠬᠠᠮᠢᠶᠠᠷᠬᠤ ᠭᠠᠵᠠᠷ ᠨᠢ ᠥᠷᠭᠡᠳᠴᠦ᠂ ᠴᠡᠷᠢᠭ ᠨᠢ ᠣᠯᠠᠰᠢᠷᠠᠬᠤ ᠶ᠋ᠢ ᠳᠠᠭᠠᠯᠳᠤᠭᠠᠳ ᠪᠣᠯᠪᠠᠰᠤᠷᠠᠯ ᠢ᠋ᠶ᠋ᠠᠨ ᠦᠷᠭᠦᠯᠵᠢᠯᠡᠭᠦᠯᠦᠨ᠂ ᠶᠣᠰᠣ ᠳᠦᠷᠢᠮ ᠢ᠋ ᠰᠠᠬᠢᠬᠤ ᠨᠢ ᠰᠠᠢᠵᠢᠷᠠᠵᠤ᠂ ᠮᠣᠷᠢᠲᠤ ᠴᠡᠷᠢᠭ ᠦ᠋ᠨ ᠲᠣᠭ᠎ᠠ ᠨᠢ ᠪᠠᠰᠠ ᠶᠡᠬᠡ ᠨᠡᠮᠡᠭᠳᠡᠵᠦ ᠢᠷᠡᠭᠰᠡᠨ ᠪᠠᠢᠨ᠎ᠠ᠃ ᠲᠡᠭᠡᠭᠡᠳ ᠮᠣᠩᠭᠣᠯ ᠬᠥᠮᠦᠨ ᠵᠣᠭᠰᠣᠵᠤ ᠴᠢᠳᠠᠬᠤ ᠬᠡᠦᠬᠡᠳ ᠦ᠋ᠨ ᠦᠶ᠎ᠡ ᠡᠴᠡ ᠪᠡᠨ ᠮᠣᠷᠢ ᠤᠨᠤᠬᠤ ᠳ᠋ᠠᠭᠠᠨ ᠰᠠᠢᠨ ᠪᠥᠭᠡᠳ ᠮᠡᠷᠭᠡᠨ ᠬᠠᠷᠪᠤᠭᠠᠴᠢ ᠪᠠᠢᠭᠰᠠᠨ ᠪᠣᠯᠬᠣᠷ ᠲᠡᠮᠦᠵᠢᠨ ᠶᠢᠷᠲᠢᠨᠴᠦ ᠳ᠋ᠦ᠍ ᠬᠣᠣᠰ ᠦᠭᠡᠢ ᠪᠠᠢᠯᠳᠤᠭᠴᠢ ᠪᠠᠷ ᠪᠦᠷᠢᠯᠳᠦᠭᠰᠡᠨ ᠤᠯᠤᠰ ᠢ᠋ ᠪᠠᠢᠭᠤᠯᠵᠤ᠂ ᠵᠡᠪᠰᠡᠭᠲᠦ ᠮᠣᠷᠢᠲᠤ ᠴᠡᠷᠢᠭ ᠢ᠋ᠶ᠋ᠡᠷ ᠪᠦᠷᠢᠯᠳᠦᠭᠰᠡᠨ ᠣᠨᠴᠣᠭᠣᠢ ᠪᠦᠲᠦᠴᠡ ᠲᠡᠢ ᠤᠯᠤᠰ ᠢ᠋ᠶ᠋ᠠᠨ ᠪᠠᠢᠭᠤᠯᠵᠤ ᠴᠢᠳᠠᠭᠰᠠᠨ ᠪᠠᠢᠨ᠎ᠠ᠃
(ᠳᠥᠷᠪᠡ ) ᠮᠣᠷᠢᠲᠤ ᠴᠡᠷᠢᠭ ᠦ᠋ᠨ ᠵᠢᠭᠰᠠᠭᠠᠯ ᠢ᠋ᠶ᠋ᠠᠷ ᠲᠠᠢᠴᠢᠭᠤᠳ ᠢ᠋ ᠡᠪᠳᠡᠭᠰᠡᠨ ᠨᠢ
ᠬᠠᠪᠤᠷ ᠨᠠᠮᠤᠷ ᠤ᠋ᠨ ᠤᠯᠠᠷᠢᠯ ᠪᠣᠯᠬᠤ ᠪᠦᠷᠢ ᠳ᠋ᠦ᠍᠂ ᠡᠯ᠎ᠡ ᠠᠢᠮᠠᠭ᠂ ᠶᠠᠰᠤᠲᠠᠨ ᠪᠦᠷᠢ ᠭᠡᠷ ᠢ᠋ᠶ᠋ᠡᠨ ᠲᠡᠭᠡᠭᠡᠪᠦᠷᠢᠯᠡᠭᠡᠳ᠂ ᠰᠢᠨ᠎ᠡ ᠰᠣᠷᠭᠣᠭ ᠨᠤᠲᠤᠭ ᠪᠡᠯᠴᠢᠭᠡᠷ ᠢ᠋ ᠴᠢᠭᠯᠡᠨ ᠮᠠᠯ ᠢ᠋ᠶ᠋ᠠᠨ ᠲᠠᠭᠤᠵᠤ ᠨᠡᠭᠦᠳᠡᠯᠯᠡᠬᠦ ᠪᠣᠯᠤᠨ᠎ᠠ᠃ ᠡᠨᠡ ᠨᠢ ᠡᠯ᠎ᠡ ᠠᠢᠮᠠᠭ᠂ ᠶᠠᠰᠤᠲᠠᠨ ᠳ᠋ᠤ᠌ ᠠᠪᠴᠤ ᠬᠡᠯᠡᠪᠡᠯ ᠪᠠᠰᠠ ᠬᠠᠮᠤᠭ ᠤ᠋ᠨ ᠲᠦᠭᠰᠢᠭᠦᠷᠢᠲᠡᠢ ᠴᠠᠭ ᠤᠯᠠᠷᠢᠯ ᠪᠣᠯᠳᠠᠭ ᠪᠠᠢᠵᠠᠢ᠃ ᠨᠡᠭᠦᠳᠡᠯᠯᠡᠬᠦ ᠦᠶ᠎ᠡ ᠳ᠋ᠦ᠍ ᠮᠠᠯᠴᠢᠳ ᠲᠠᠰᠤᠷᠠᠯᠲᠠ ᠦᠭᠡᠢ ᠪᠡᠷ ᠳᠠᠢᠰᠤᠨ ᠤ᠋ ᠳᠠᠭᠠᠷᠢᠯᠲᠠ ᠳ᠋ᠤ᠌ ᠤᠴᠠᠷᠠᠵᠤ ᠬᠢᠳᠤᠭᠳᠠᠨ ᠠᠯᠠᠭᠳᠠᠵᠤ ᠪᠠᠢᠵᠠᠢ᠃ ᠡᠢᠮᠦ ᠦᠶ᠎ᠡ ᠳ᠋ᠦ᠍ ᠶᠡᠬᠡ ᠣᠯᠠᠨ ᠮᠠᠯ ᠰᠦᠷᠦᠭ ᠲᠡᠭᠡᠨ ᠬᠥᠮᠦᠨ ᠦ᠌ ᠬᠦᠴᠦ ᠲᠠᠲᠠᠭᠳᠠᠭᠠᠳ᠂ ᠠᠪᠠᠭᠠᠢ ᠬᠡᠦᠬᠡᠳ ᠦ᠋ᠨ ᠳᠠᠷᠤᠭᠠᠰᠤ ᠤᠯᠠᠮ ᠬᠦᠨᠳᠦᠷᠡᠳᠡᠭ ᠪᠠᠢᠨ᠎ᠠ᠂ ᠪᠦᠬᠦ ᠡᠳ᠋ ᠬᠥᠷᠥᠩᠭᠡ᠂ ᠲᠣᠭᠣᠭ᠎ᠠ ᠲᠤᠯᠭ᠎ᠠ ᠶ᠋ᠢ ᠵᠥᠭᠡᠭᠡᠪᠦᠷᠢᠯᠡᠬᠦ ᠶ᠋ᠢᠨ ᠲᠥᠯᠥᠭᠡ ᠬᠥᠳᠡᠯᠵᠦ ᠪᠠᠷᠢᠬᠤ ᠨᠢ ᠤᠳᠠᠭᠠᠰᠢᠷᠠᠵᠤ ᠢᠷᠡᠨ᠎ᠡ᠃ ᠡᠨᠡ ᠦᠶ᠎ᠡ ᠳ᠋ᠦ᠍ ᠡᠯ᠎ᠡ ᠠᠢᠮᠠᠭ᠂ ᠶᠠᠰᠤᠲᠠᠨ ᠤ᠋ ᠪᠠᠢᠯᠳᠤᠬᠤ ᠬᠦᠴᠦ ᠨᠢ ᠶᠡᠬᠡ ᠬᠠᠰᠤᠭᠳᠠᠨ ᠪᠠᠭᠤᠷᠠᠳᠠᠭ ᠠᠵᠢ᠃ ᠤᠳᠠᠭᠠᠨ ᠡᠳᠦᠷ ᠵᠤᠵᠠᠭᠠᠨ ᠬᠣᠨᠣᠭ ᠬᠡᠦᠬᠡᠳ ᠦ᠋ᠨ ᠦᠶ᠎ᠡ ᠡᠴᠡ ᠪᠡᠨ ᠨᠡᠢᠭᠡᠮ ᠦ᠋ᠨ ᠬᠥᠮᠦᠰ ᠲᠦ᠍ ᠣᠷᠬᠢᠭᠳᠠᠵᠤ ᠶᠠᠪᠤᠭᠰᠠᠨ ᠲᠡᠮᠦᠵᠢᠨ ᠬᠡᠨ ᠡᠴᠡ ᠴᠦ᠍ ᠢᠯᠡᠭᠦᠦ ᠢᠩᠭᠢᠵᠦ ᠨᠡᠭᠦᠳᠡᠯᠯᠡᠬᠦ ᠶ᠋ᠢ ᠠᠩᠬᠠᠷᠴᠤ ᠪᠠᠢᠭᠰᠠᠨ ᠶᠤᠮ᠃ ᠲᠡᠮᠦᠵᠢᠨ ᠢᠩᠭᠢᠵᠦ ᠨᠡᠭᠦᠳᠡᠯᠯᠡᠬᠦ ᠶ᠋ᠢᠨ ᠲᠥᠯᠥᠭᠡ᠂ ᠠᠯᠢᠪᠠ ᠪᠦᠬᠦᠨ ᠳ᠋ᠦ᠍ ᠨᠠᠷᠢᠨ ᠨᠢᠮᠪᠠᠢ ᠠᠩᠬᠠᠷᠴᠤ᠂ ᠠᠶᠤᠯ ᠲᠦᠭᠰᠢᠭᠦᠷᠢ ᠶ᠋ᠢ ᠤᠷᠢᠳᠴᠢᠯᠠᠨ ᠦᠵᠡᠵᠦ ᠭᠠᠷᠤᠭᠠᠳ᠂ ᠶᠡᠷᠦ ᠬᠥᠮᠦᠨ ᠦ᠌ ᠰᠠᠨᠠᠭᠠᠨ ᠳ᠋ᠤ᠌ ᠣᠷᠣᠬᠤ ᠦᠭᠡᠢ ᠠᠷᠭ᠎ᠠ ᠶ᠋ᠢ ᠪᠣᠳᠣᠵᠤ ᠭᠠᠷᠭᠠᠯ᠎ᠠ᠃ ᠬᠣᠵᠢᠮ ᠤ᠋ᠨ ᠡᠳᠦᠷ ᠲᠦ᠍ ᠡᠨᠡᠬᠦ ᠠᠷᠭ᠎ᠠ ᠪᠠᠨ ᠬᠡᠭᠡᠷ᠎ᠡ ᠪᠠᠢᠯᠳᠤᠭᠠᠨ ᠳ᠋ᠤ᠌ ᠬᠡᠷᠡᠭᠯᠡᠭᠡᠳ ᠶᠡᠬᠡ ᠲᠤᠰᠠ ᠣᠯᠤᠭᠰᠠᠨ ᠶᠤᠮ᠃
ᠡᠮᠦᠨ᠎ᠡ ᠲᠠᠯ᠎ᠠ ᠶ᠋ᠢᠨ ᠬᠠᠢᠭᠤᠯ ᠤ᠋ᠨ ᠴᠡᠷᠢᠭ ᠨᠢ ᠳᠡᠪᠢᠭᠦᠷ ᠦ᠋ᠨ ᠬᠡᠯᠪᠡᠷᠢ ᠪᠡᠷ ᠳᠡᠯᠭᠡᠨ ᠤᠷᠤᠭᠰᠢᠯᠠᠨ᠎ᠠ᠂ ᠲᠡᠳᠡ ᠨᠠᠷ ᠪᠠᠭᠤᠴᠠ᠂ ᠪᠡᠯᠴᠢᠭᠡᠷ ᠵᠡᠷᠭᠡ ᠳ᠋ᠦ᠍ ᠵᠣᠬᠢᠷᠠᠬᠤ ᠭᠠᠵᠠᠷ ᠣᠷᠣᠨ ᠢ᠋ ᠡᠷᠢᠨ ᠰᠣᠩᠭᠣᠵᠤ᠂ ᠮᠡᠳᠡᠵᠦ ᠣᠯᠤᠭᠰᠠᠨ ᠭᠠᠵᠠᠷ ᠤ᠋ᠨ ᠢ᠋ᠶ᠋ᠠᠨ ᠪᠤᠯᠠᠭ ᠤᠰᠤ᠂ ᠮᠠᠯ ᠬᠠᠷᠢᠭᠤᠯᠬᠤ ᠨᠤᠲᠤᠭ ᠪᠡᠯᠴᠢᠭᠡᠷ ᠢ᠋ ᠯᠠᠪᠯᠠᠨ ᠦᠵᠡᠭᠡᠳ᠂ ᠪᠠᠢᠴᠠᠭᠠᠭᠰᠠᠨ ᠳ᠋ᠦᠩ ᠢ᠋ᠶ᠋ᠡᠨ ᠠᠷᠤ ᠲᠠᠯ᠎ᠠ ᠳ᠋ᠠᠭᠠᠨ ᠮᠡᠳᠡᠭᠦᠯᠳᠡᠭ ᠶᠦᠮ᠃ ᠪᠠᠢᠯᠳᠤᠭᠠᠨ ᠤ᠋ ᠦᠶ᠎ᠡ ᠳ᠋ᠦ᠍ ᠶᠠᠮᠠᠷᠪᠠ ᠳᠠᠢᠰᠤᠨ ᠤ᠋ ᠪᠥᠬᠥᠭᠰᠡᠨ ᠴᠡᠷᠢᠭ ᠪᠤᠶᠤ ᠲᠠᠩᠨᠠᠭᠤᠯ ᠭᠡᠳ ᠲᠡᠳᠡᠨ ᠦ᠌ ᠨᠢᠳᠦᠨ ᠡᠴᠡ ᠵᠠᠢᠯᠠᠵᠤ ᠴᠢᠳᠠᠬᠤ ᠦᠭᠡᠢ ᠪᠠᠢᠯ᠎ᠠ᠃ ᠡᠭᠦᠨ ᠦ᠌ ᠳᠠᠷᠠᠭ᠎ᠠ ᠳ᠋ᠤᠨᠢ ᠲᠤᠰᠠᠭᠠᠷ ᠪᠠᠢᠯᠳᠤᠵᠤ ᠴᠢᠳᠠᠬᠤ ᠬᠣᠰᠢᠭᠤᠴᠢ ᠴᠡᠷᠢᠭ ᠨᠢ ᠶᠠᠪᠤᠳᠠᠭ᠂ ᠶᠡᠷᠦ ᠶ᠋ᠢᠨ ᠴᠠᠭ ᠲᠤ ᠡᠨᠡᠬᠦ ᠬᠣᠰᠢᠭᠤᠴᠢ ᠴᠡᠷᠢᠭ ᠨᠢ ᠪᠠᠭᠤᠳᠠᠯ ᠤ᠋ᠨ ᠭᠠᠵᠠᠷ ᠢ᠋ ᠪᠡᠯᠡᠳᠬᠡᠬᠦ ᠡᠭᠦᠷᠭᠡ ᠶ᠋ᠢ ᠬᠠᠷᠢᠭᠤᠴᠠᠨ᠎ᠠ᠂ ᠬᠥᠮᠦᠨ ᠮᠠᠯ ᠤ᠋ᠨ ᠢᠳᠡᠵᠦ ᠤᠤᠭᠤᠬᠤ ᠳ᠋ᠤ᠌ ᠬᠦᠷᠦᠯᠴᠡᠬᠦᠢᠴᠡ ᠤᠰᠤ ᠤᠮᠳᠠᠭᠠᠨ ᠢ᠋ ᠪᠠᠲᠤᠯᠠᠵᠤ ᠴᠢᠳᠠᠬᠤ ᠭᠠᠵᠠᠷ ᠢ᠋ ᠡᠷᠢᠵᠦ ᠲᠣᠭᠲᠠᠭᠠᠳᠠᠭ᠃ ᠡᠨᠡ ᠮᠡᠲᠦ ᠶ᠋ᠢᠨ ᠬᠣᠶᠠᠷ ᠳᠠᠪᠬᠤᠷ ᠬᠠᠯᠬᠠᠪᠴᠢ ᠬᠠᠮᠠᠭᠠᠯᠠᠯᠲᠠ ᠪᠠ ᠬᠠᠷᠠᠭᠠᠯᠵᠠᠯᠠᠯ ᠤ᠋ᠨ ᠳᠣᠣᠷ᠎ᠠ ᠭᠣᠣᠯ ᠴᠡᠷᠢᠭ ᠨᠢ ᠥᠷᠭᠡᠨ ᠡᠩᠨᠡᠭᠡ ᠲᠡᠢ ᠴᠤᠪᠤᠭ᠎ᠠ ᠠᠩᠭᠢ ᠪᠠᠷ ᠮᠣᠩᠭᠣᠯ ᠭᠡᠷ᠂ ᠠᠪᠠᠭᠠᠢ ᠬᠡᠦᠬᠡᠳ᠂ ᠪᠦᠬᠦ ᠮᠠᠯ ᠰᠦᠷᠦᠭ᠂ ᠪᠦᠬᠦ ᠲᠡᠷᠭᠡ ᠬᠥᠰᠬᠡ ᠨᠢ ᠬᠠᠮᠲᠤ ᠪᠠᠷ ᠬᠠᠢᠭᠤᠯ ᠴᠡᠷᠢᠭ ᠦ᠋ᠨ ᠬᠣᠢᠨ᠎ᠠ ᠠ᠋ᠴᠠ ᠳᠠᠭᠠᠵᠤ ᠤᠷᠤᠭᠰᠢᠯᠠᠨ᠎ᠠ᠃ ᠡᠨᠡᠬᠦ ᠲᠡᠷᠭᠡ ᠬᠥᠰᠬᠡ ᠨᠢ ᠡᠨᠡ ᠪᠦᠯᠦᠭ ᠨᠡᠭᠦᠳᠡᠯᠯᠡᠬᠦ ᠠᠷᠠᠳ ᠤ᠋ᠨ ᠡᠵᠡᠮᠰᠢᠵᠦ ᠪᠠᠢᠬᠤ ᠪᠦᠬᠦ ᠡᠳ᠋ ᠬᠥᠷᠥᠩᠭᠡ ᠶ᠋ᠢ ᠵᠥᠭᠡᠭᠡᠪᠦᠷᠢᠯᠡᠵᠦ ᠶᠠᠪᠤᠳᠠᠭ ᠶᠤᠮ᠃ ᠠᠷᠤ ᠲᠠᠯ᠎ᠠ ᠶ᠋ᠢ ᠬᠠᠮᠠᠭᠠᠯᠠᠬᠤ ᠴᠡᠷᠢᠭ ᠨᠢ ᠶᠡᠬᠡ ᠴᠡᠷᠢᠭ ᠦ᠋ᠨ ᠬᠣᠢᠨ᠎ᠠ ᠠ᠋ᠴᠠ ᠲᠣᠭᠣᠰᠣ ᠳᠠᠷᠤᠨ ᠮᠥᠷᠳᠡᠵᠦ ᠰᠠᠯᠵᠤ ᠬᠣᠴᠣᠷᠤᠭᠰᠠᠨ ᠬᠥᠮᠦᠨ ᠠᠮᠢᠲᠠᠨ ᠢ᠋ ᠬᠣᠷᠢᠶᠠᠨ᠂ ᠠᠷᠤ ᠲᠠᠯ᠎ᠠ ᠠ᠋ᠴᠠ ᠢᠷᠡᠬᠦ ᠬᠤᠯᠠᠭᠠᠢ ᠳᠡᠭᠡᠷᠡᠮ ᠢ᠋ ᠴᠣᠬᠢᠵᠤ᠂ ᠬᠣᠴᠣᠷᠤᠭᠰᠠᠨ ᠬᠥᠮᠦᠨ ᠮᠠᠯ ᠢ᠋ᠶ᠋ᠠᠨ ᠬᠠᠮᠠᠭᠠᠯᠠᠵᠤ ᠠᠪᠳᠠᠭ᠃
ᠭᠡᠨᠡᠳᠲᠡ ᠪᠠᠢᠭᠰᠠᠭᠠᠷ ᠵᠦᠭ ᠪᠦᠷᠢ ᠡᠴᠡ ᠬᠠᠢᠭᠤᠯ ᠤ᠋ᠨ ᠴᠡᠷᠢᠭ ᠲᠦᠷᠭᠡᠨ ᠭᠦᠶᠦᠳᠡᠯ ᠢ᠋ᠶ᠋ᠡᠷ ᠳᠠᠪᠬᠢᠭᠤᠯᠤᠨ ᠢᠷᠡᠯ᠎ᠡ᠃ ᠲᠡᠳᠡᠨᠡᠷ ᠪᠠᠢᠯᠳᠤᠬᠤ ᠪᠠᠷ ᠪᠦᠷᠢᠨ ᠵᠡᠪᠰᠡᠭᠯᠡᠭᠰᠡᠨ ᠲᠠᠢᠴᠢᠭᠤᠳ ᠢ᠋ ᠣᠯᠠᠨ ᠭᠠᠵᠠᠷ ᠲᠤ ᠣᠯᠵᠤ ᠦᠵᠡᠯ᠎ᠡ ᠭᠡᠵᠦ ᠮᠡᠳᠡᠭᠦᠯᠪᠡ᠃ ᠤᠳᠠᠯ ᠦᠭᠡᠢ ᠬᠣᠰᠢᠭᠤᠴᠢ ᠴᠡᠷᠢᠭ ᠨᠢ ᠳᠠᠢᠰᠤᠨ ᠲᠠᠢ ᠪᠠᠭ᠎ᠠ ᠵᠡᠷᠭᠡ ᠲᠤᠯᠤᠯᠳᠤᠭᠰᠠᠨ ᠤ᠋ ᠬᠣᠢᠨ᠎ᠠ᠂ ᠪᠠᠷᠢᠭᠰᠠᠨ ᠳᠠᠢᠰᠤᠨ ᠢ᠋ᠶ᠋ᠠᠨ ᠬᠥᠲᠥᠯᠵᠦ ᠢᠷᠡᠪᠡ᠃ ᠲᠠᠷᠭᠤᠲᠠᠢ᠂ ᠲᠡᠮᠦᠵᠢᠨ ᠳ᠋ᠦ᠍ ᠬᠦᠨᠳᠦ ᠬᠥᠨᠥᠭᠡᠯ ᠲᠡᠢ ᠴᠣᠬᠢᠯᠲᠠ ᠥᠭᠬᠦ ᠪᠡᠷ ᠢᠷᠡᠭᠰᠡᠨ ᠭᠡᠨ᠎ᠡ᠃ ᠲᠡᠷᠡ ᠪᠦᠬᠦ ᠲᠠᠢᠴᠢᠭᠤᠳ ᠢ᠋ᠶ᠋ᠠᠨ ᠴᠤᠭᠯᠠᠭᠤᠯᠵᠠᠢ᠂ ᠲᠡᠮᠦᠵᠢᠨ ᠢ᠋ ᠢᠯᠠᠵᠤ ᠴᠢᠳᠠᠪᠠᠯ ᠣᠯᠠᠨ ᠣᠯᠵᠠ ᠠᠰᠢᠭ ᠣᠯᠬᠤ ᠪᠣᠯᠬᠣᠷ ᠬᠥᠮᠦᠰ ᠪᠦᠷ ᠢᠳᠡᠪᠬᠢᠲᠡᠢ ᠴᠤᠭᠯᠠᠷᠠᠨ ᠢᠷᠡᠵᠡᠢ᠃ ᠡᠭᠦᠨ ᠡᠴᠡ ᠭᠠᠳᠠᠨ᠎ᠠ ᠣᠢᠷ᠎ᠠ ᠣᠷᠴᠢᠨ ᠤ᠋ ᠪᠤᠰᠤᠳ ᠠᠢᠮᠠᠭ ᠶᠠᠰᠤᠲᠠᠨ ᠢ᠋ ᠴᠤ᠂ ᠡᠳᠦᠢ ᠲᠡᠳᠦᠢ ᠳᠠᠭᠠᠭᠤᠯᠵᠤ ᠢᠷᠡᠵᠡᠢ᠃ ᠡᠨᠡ ᠮᠡᠲᠦ ᠪᠡᠷ ᠲᠡᠷᠡ ᠭᠤᠷᠪᠠᠨ ᠲᠦᠮᠡᠨ ᠭᠠᠪᠰᠢᠭᠠᠢ ᠮᠣᠷᠢᠲᠤ ᠴᠡᠷᠢᠭ ᠢ᠋ ᠵᠢᠯᠣᠭᠣᠳᠤᠨ ᠳᠠᠷᠤᠨ ᠢᠷᠡᠭᠰᠡᠨ ᠶᠦᠮ ᠪᠠᠢᠨ᠎ᠠ᠃
ᠨᠢᠭᠡ ᠲᠦᠮᠡ ᠭᠤᠷᠪᠠᠨ ᠮᠢᠩᠭᠠᠨ ᠮᠣᠷᠢᠲᠤ ᠴᠡᠷᠢᠭ ᠦ᠋ᠨ ᠵᠦᠭ᠂ ᠭᠤᠷᠪᠠᠨ ᠲᠦᠮᠡᠨ ᠴᠡᠷᠢᠭ ᠬᠡᠷᠡᠭᠯᠡᠭᠰᠡᠨ ᠪᠠᠢᠨ᠎ᠠ᠃ ᠲᠡᠭᠦᠨ ᠡᠴᠡ ᠬᠣᠢᠨ᠎ᠠ ᠲᠡᠮᠦᠵᠢᠨ ᠨᠢᠭᠡᠨ ᠨᠠᠰᠤᠨ ᠳ᠋ᠠᠭᠠᠨ ᠡᠭᠦᠷᠢᠳᠡ ᠥᠪᠡᠷ ᠦ᠋ᠨ ᠴᠡᠷᠢᠭ ᠡᠴᠡ ᠬᠦᠴᠦ ᠪᠡᠷ ᠢᠯᠡᠭᠦᠦ ᠳᠠᠢᠰᠤᠨ ᠲᠠᠢ ᠪᠠᠢᠯᠳᠤᠭᠰᠠᠭᠠᠷ ᠢᠷᠡᠭᠰᠡᠨ ᠶᠦᠮ᠃ ᠲᠤᠩ ᠴᠥᠭᠡᠨ ᠬᠡᠳᠦᠨ ᠤᠳᠠᠭ᠎ᠠ ᠶ᠋ᠢᠨ ᠪᠠᠢᠯᠳᠤᠭᠠᠨ ᠠ᠋ᠴᠠ ᠭᠠᠳᠠᠨ᠎ᠠ᠂ ᠣᠯᠠᠩᠬᠢ ᠳ᠋ᠠᠭᠠᠨ ᠲᠡᠮᠦᠵᠢᠨ᠂ ᠲᠣᠭ᠎ᠠ ᠶ᠋ᠢᠨ ᠲᠠᠯ᠎ᠠ ᠪᠠᠷ ᠬᠣᠶᠠᠷ ᠳᠠᠬᠢᠨ ᠪᠤᠶᠤ ᠠᠷᠪᠠ ᠳᠠᠬᠢᠨ ᠢᠯᠡᠭᠦᠦ ᠳᠠᠢᠰᠤᠨ ᠲᠠᠢ ᠪᠠᠢᠯᠳᠤᠵᠤ ᠪᠠᠢᠭᠰᠠᠨ ᠶᠤᠮ᠃ ᠭᠡᠪᠡᠴᠦ ᠡᠨᠡ ᠤᠳᠠᠭ᠎ᠠ ᠪᠣᠯ ᠬᠠᠮᠤᠭ ᠤ᠋ᠨ ᠲᠡᠷᠢᠭᠦᠨ ᠤᠳᠠᠭ᠎ᠠ ᠶ᠋ᠢᠨ ᠶᠡᠬᠡ ᠤᠴᠢᠷ ᠪᠣᠯᠵᠠᠢ᠃ ᠲᠠᠷᠭᠤᠲᠠᠢ ᠲᠡᠭᠦᠨ ᠡᠴᠡ ᠬᠣᠶᠠᠷ ᠳᠠᠬᠢᠨ ᠢᠯᠡᠭᠦᠦ ᠴᠡᠷᠢᠭ ᠦ᠋ᠨ ᠬᠦᠴᠦ ᠲᠡᠢ ᠪᠠᠢᠭᠰᠠᠨ ᠢ᠋ᠶ᠋ᠠᠷ ᠪᠠᠷᠠᠬᠤ ᠦᠭᠡᠢ᠂ ᠳᠠᠢᠰᠤᠨ ᠤ᠋ ᠲᠠᠯ᠎ᠠ ᠳ᠋ᠤ᠌ ᠠᠰᠢᠭ ᠲᠠᠢ ᠨᠥᠬᠥᠴᠡᠯ ᠪᠦᠷ ᠪᠦᠷᠢᠳᠴᠦ ᠪᠠᠢᠭᠰᠠᠨ ᠪᠠᠢᠨ᠎ᠠ᠃ ᠲᠠᠢᠴᠢᠭᠤᠳ᠂ ᠲᠡᠮᠦᠵᠢᠨ ᠦ᠌ ᠠᠳᠠᠯᠢ ᠳᠠᠷᠤᠭᠠᠰᠤ ᠦᠭᠡᠢ᠂ ᠠᠵᠢᠯᠯᠠᠭ᠎ᠠ ᠳ᠋ᠤᠨᠢ ᠬᠠᠷᠰᠢᠯᠠᠬᠤ ᠶᠠᠭᠤᠮ᠎ᠠ ᠴᠤ ᠦᠭᠡᠢ ᠤᠴᠢᠷ ᠠ᠋ᠴᠠ ᠲᠦᠷᠭᠡᠨ ᠮᠣᠷᠢᠲᠠᠨ ᠢ᠋ᠶ᠋ᠠᠷ ᠭᠠᠪᠰᠢᠭᠠᠢᠯᠠᠨ ᠳᠠᠭᠠᠷᠢᠵᠤ ᠢᠷᠡᠯ᠎ᠡ᠃ ᠡᠭᠦᠨ ᠦ᠌ ᠡᠰᠡᠷᠭᠦᠦ ᠡᠴᠡ ᠲᠡᠮᠦᠵᠢᠨ ᠬᠠᠷᠢᠨ ᠠᠪᠠᠭᠠᠢ ᠬᠡᠦᠬᠡᠳ᠂ ᠮᠠᠯ ᠰᠦᠷᠦᠭ ᠢ᠋ᠶ᠋ᠡᠨ ᠲᠠᠭᠤᠴᠢᠬᠠᠭᠰᠠᠨ᠂ ᠲᠡᠷᠭᠡ ᠬᠥᠰᠬᠡ᠂ ᠲᠣᠭᠣᠭ᠎ᠠ ᠲᠤᠯᠭ᠎ᠠ ᠲᠠᠢ ᠪᠠᠷ ᠢ᠋ᠶ᠋ᠠᠨ ᠳᠠᠢᠰᠤᠨ ᠲᠠᠢ ᠪᠠᠢᠯᠳᠤᠬᠤ ᠦᠭᠡᠢ ᠪᠡᠷ ᠪᠣᠯᠬᠤ ᠦᠭᠡᠢ ᠳ᠋ᠦ᠍ ᠬᠦᠷᠦᠯ᠎ᠡ᠃ ᠵᠢᠭᠤᠲᠠᠵᠤ ᠳᠤᠲᠠᠭᠠᠬᠤ ᠪᠣᠯ ᠡᠳᠡᠭᠡᠷ ᠶᠠᠭᠤᠮ᠎ᠠ ᠨᠢ ᠨᠡᠭᠦᠳᠡᠯᠴᠢᠨ ᠠᠷᠠᠳ ᠤ᠋ᠨ ᠠᠵᠤ ᠠᠮᠢᠳᠤᠷᠠᠬᠤ ᠪᠦᠬᠦ ᠬᠥᠷᠥᠩᠭᠡ ᠪᠣᠯᠬᠤ ᠲᠤᠯᠠ ᠠᠮᠢ ᠵᠢᠭᠤᠬᠤ ᠳ᠋ᠤ᠌ ᠬᠡᠷᠡᠭᠴᠡᠭᠡᠲᠡᠢ ᠶᠠᠭᠤ ᠪᠦᠬᠦᠨ ᠢ᠋ᠶ᠋ᠡᠨ ᠠᠯᠳᠠᠬᠤ ᠳ᠋ᠤ᠌ ᠬᠦᠷᠦᠨ᠎ᠡ᠃
ᠡᠨᠡ ᠮᠡᠲᠦ ᠲᠤᠢᠯ ᠤ᠋ᠨ ᠲᠦᠭᠰᠢᠭᠦᠷᠢ ᠤᠴᠠᠷᠠᠭᠰᠠᠨ ᠭᠱᠠᠨ ᠵᠠᠭᠤᠷ᠎ᠠ ᠲᠡᠮᠦᠵᠢᠨ ᠥᠩᠭᠡᠷᠡᠭᠰᠡᠨ ᠦ᠌ ᠠᠯᠢᠪᠠ ᠵᠠᠩᠰᠢᠯ ᠳᠠᠳᠬᠠᠯ ᠢ᠋ᠶ᠋ᠠᠨ ᠡᠷᠡᠰ ᠲᠠᠰᠤᠷᠬᠠᠢ ᠣᠷᠬᠢᠵᠤ ᠬᠠᠶᠠᠭᠠᠳ᠂ ᠳᠠᠢᠰᠤᠨ ᠤ᠋ ᠰᠠᠨᠠᠭᠠᠨ ᠳ᠋ᠤ᠌ ᠦᠭᠡᠢ᠂ ᠰᠡᠳᠬᠢᠬᠦ ᠠᠷᠭ᠎ᠠ ᠪᠣᠯᠤᠨ ᠬᠢᠬᠦ ᠠᠷᠭ᠎ᠠ ᠶ᠋ᠢ ᠠᠪᠴᠠᠢ᠃ ᠡᠨᠡ ᠨᠢ ᠲᠤᠢᠯ ᠤ᠋ᠨ ᠬᠦᠨᠳᠦ ᠰᠦᠷᠡᠬᠡᠢ ᠴᠠᠭ ᠲᠤ᠂ ᠳᠠᠢᠰᠤᠨ ᠤ᠋ ᠬᠥᠮᠦᠨ ᠣᠯᠠᠨ ᠳ᠋ᠠᠭᠠᠨ ᠪᠠᠷᠳᠠᠮᠨᠠᠵᠤ ᠪᠠᠢᠬᠤ ᠦᠶ᠎ᠡ ᠳ᠋ᠦ᠍᠂ ᠮᠣᠩᠭᠣᠯ ᠤ᠋ᠨ ᠵᠠᠯᠠᠭᠤ ᠵᠢᠯᠣᠭᠣᠳᠤᠭᠴᠢ ᠶ᠋ᠢᠨ ᠠᠪᠤᠭᠰᠠᠨ ᠠᠷᠭ᠎ᠠ ᠨᠢ ᠪᠠᠢᠯᠳᠤᠭᠠᠨ ᠡᠮᠬᠢ ᠳᠢᠭᠯᠢᠮ ᠢ᠋ᠶ᠋ᠡᠨ ᠪᠦᠷᠢᠮᠦᠰᠦᠨ ᠬᠤᠪᠢᠷᠠᠭᠤᠯᠤᠯᠠ᠃ ᠶᠡᠷᠦ ᠶ᠋ᠢᠨ ᠦᠶ᠎ᠡ ᠳ᠋ᠦ᠍ ᠵᠢᠭᠰᠠᠭᠠᠯ ᠳᠤᠮᠳᠠ ᠪᠠᠨ ᠲᠡᠷᠭᠡ ᠨᠦ᠍ᠭᠦᠳ ᠢ᠋ᠶ᠋ᠡᠷ ᠢ᠋ᠶ᠋ᠡᠨ ᠪᠡᠬᠢᠯᠡᠯᠲᠡ ᠵᠢᠭᠰᠠᠭᠠᠨ ᠳᠣᠲᠣᠷ᠎ᠠ ᠨᠢ ᠮᠠᠯ ᠠᠳᠤᠭᠤ ᠠᠪᠠᠭᠠᠢ ᠬᠡᠦᠬᠡᠳ ᠢ᠋ᠶ᠋ᠡᠨ ᠣᠷᠣᠭᠤᠯᠤᠭᠠᠳ᠂ ᠴᠡᠷᠢᠭ ᠦ᠋ᠳ ᠨᠢ ᠲᠡᠷᠭᠡᠨ ᠵᠢᠭᠰᠠᠭᠠᠯ ᠳᠣᠲᠣᠷ᠎ᠠ ᠠ᠋ᠴᠠ ᠪᠠᠨ ᠭᠠᠷᠴᠤ ᠪᠠᠢᠯᠳᠤᠭᠠᠳ ᠳᠡᠢᠯᠦᠭᠳᠡᠪᠡᠯ ᠡᠭᠡᠵᠦ ᠣᠷᠣᠭᠠᠳ ᠳᠠᠯᠳᠠᠯᠠᠴᠢᠬᠠᠳᠠᠭ ᠶᠤᠮ᠃ ᠲᠡᠮᠦᠵᠢᠨ ᠴᠡᠷᠢᠭ ᠠᠩᠭᠢ ᠶ᠋ᠢᠨ ᠢ᠋ᠶ᠋ᠡᠨ ᠨᠢᠭᠡᠨ ᠵᠢᠭᠦᠷ ᠲᠦ᠍ ᠲᠡᠷᠭᠡᠨ ᠵᠢᠭᠰᠠᠭᠠᠯ ᠵᠠᠰᠠᠬᠤ ᠪᠠᠷ ᠵᠠᠷᠯᠢᠭᠳᠠᠨ᠂ ᠡᠨᠡᠬᠦ ᠵᠢᠭᠰᠠᠭᠠᠯ ᠢ᠋ᠶ᠋ᠠᠨ ᠬᠠᠮᠠᠭᠠᠯᠠᠬᠤ ᠡᠭᠦᠷᠭᠡ ᠶ᠋ᠢ ᠪᠦᠷ ᠨᠤᠮᠤ ᠰᠤᠮᠤ ᠪᠠᠷ ᠵᠡᠪᠰᠡᠭᠯᠡᠭᠰᠡᠨ ᠡᠮᠡᠭᠲᠡᠢᠴᠦᠳ ᠬᠡᠦᠬᠡᠳ ᠨᠠᠷ ᠲᠤ᠌ ᠲᠤᠰᠢᠶᠠᠪᠠ᠃ ᠲᠡᠭᠡᠭᠡᠳ ᠲᠡᠷᠡ ᠠᠷᠪᠠᠨ ᠭᠤᠷᠪᠠᠨ ᠬᠦᠷᠢᠶᠡᠨ ᠦ᠌ ᠨᠢᠭᠡ ᠲᠦᠮᠡ ᠭᠤᠷᠪᠠᠨ ᠮᠢᠩᠭᠠᠨ ᠮᠣᠷᠢᠲᠤ ᠴᠡᠷᠢᠭ ᠢ᠋ᠶ᠋ᠡᠨ ᠬᠥᠨᠳᠡᠯᠡᠨ ᠪᠠᠢᠷᠢ ᠪᠠᠷ ᠵᠡᠷᠭᠡᠯᠡᠨ ᠵᠢᠭᠰᠠᠭᠠᠪᠠ᠂ ᠴᠡᠷᠢᠭ ᠦ᠋ᠨ ᠨᠥᠭᠦᠭᠡ ᠵᠢᠭᠦᠷ ᠢ᠋ᠶ᠋ᠡᠨ ᠳᠠᠢᠰᠤᠨ ᠤ᠋ ᠮᠣᠷᠢᠲᠤ ᠴᠡᠷᠢᠭ ᠰᠢᠬᠠᠵᠤ ᠣᠷᠣᠵᠤ ᠴᠢᠳᠠᠬᠤ ᠦᠭᠡᠢ ᠮᠣᠳᠣ ᠰᠢᠭᠤᠢ ᠳ᠋ᠤ᠌ ᠪᠦᠭᠭᠦᠪᠡ᠂ ᠡᠯ᠎ᠡ ᠬᠦᠷᠢᠶ᠎ᠡ ᠶ᠋ᠢ ᠶᠡᠷᠦ ᠶ᠋ᠢᠨ《ᠪᠠᠢᠯᠳᠤᠭᠠᠨ ᠤ᠋ ᠨᠠᠭᠠᠳᠤᠮ》 ᠤ᠋ᠨ ᠬᠢ ᠮᠡᠲᠦ ᠪᠠᠢᠷᠢᠯᠠᠭᠤᠯᠪᠠ᠃ ᠬᠦᠷᠢᠶ᠎ᠡ ᠪᠦᠷᠢ ᠬᠥᠨᠳᠡᠯᠡᠨ ᠢ᠋ᠶ᠋ᠡᠷ ᠵᠠᠭᠤᠨ ᠮᠥᠷ᠂ ᠴᠤᠪᠤᠭ᠎ᠠ ᠪᠠᠷ ᠠᠷᠪᠠᠨ ᠮᠥᠷ ᠢ᠋ᠶ᠋ᠡᠷ ᠮᠥᠷᠯᠡᠭᠡᠳ᠂ ᠡᠮᠦᠨ᠎ᠡ ᠲᠠᠯ᠎ᠠ ᠪᠠ ᠬᠠᠵᠠᠭᠤ ᠲᠠᠯ᠎ᠠ ᠳ᠋ᠠᠭᠠᠨ ᠪᠦᠷ ᠬᠦᠨᠳᠦ ᠬᠤᠶᠠᠭ ᠢ᠋ᠶ᠋ᠠᠷ ᠵᠡᠪᠰᠡᠭᠯᠡᠭᠰᠡᠨ ᠮᠣᠷᠢᠲᠤ ᠴᠡᠷᠢᠭ ᠢ᠋ ᠲᠣᠬᠢᠷᠠᠭᠤᠯᠵᠤ ᠡᠨᠡᠬᠦ ᠬᠦᠨᠳᠦ ᠮᠣᠷᠢᠲᠤ ᠴᠡᠷᠢᠭ ᠨᠢ ᠲᠦᠭᠦᠬᠡᠢ ᠰᠢᠷᠢ ᠪᠡᠷ ᠬᠣᠯᠪᠣᠭᠰᠠᠨ ᠲᠡᠮᠦᠷ ᠬᠤᠶᠠᠭ ᠳᠤᠭᠤᠯᠠᠭ᠎ᠠ ᠲᠠᠢ᠂ ᠲᠡᠳᠡᠨ ᠦ᠌ ᠮᠣᠷᠢ ᠨᠢ ᠴᠦ᠍ ᠲᠦᠭᠦᠬᠡᠢ ᠰᠢᠷᠢ ᠪᠡᠷ ᠬᠢᠭᠰᠡᠨ ᠨᠡᠮᠨᠡᠭᠡ ᠲᠡᠢ ᠪᠠᠢᠳᠠᠭ᠃
ᠲᠠᠢᠴᠢᠭᠤᠳ ᠤ᠋ᠨ ᠴᠡᠷᠢᠭ ᠭᠤᠯᠳᠤ ᠪᠠᠷ ᠲᠠᠪᠤᠨ ᠮᠥᠷ ᠪᠣᠯᠵᠤ ᠥᠷᠭᠡᠨ ᠡᠩᠨᠡᠭᠡ ᠪᠡᠷ ᠣᠢᠷᠠᠲᠤᠭᠠᠳ ᠢᠷᠡᠯ᠎ᠡ᠃ ᠨᠢᠭᠡᠳᠦᠭᠡᠷ ᠬᠣᠶᠠᠳᠤᠭᠠᠷ ᠮᠥᠷ ᠨᠢ ᠬᠤᠶᠠᠭᠲᠤ ᠮᠣᠷᠢᠲᠤ ᠴᠡᠷᠢᠭ ᠢ᠋ᠶ᠋ᠡᠷ ᠪᠦᠷᠢᠯᠳᠦᠭᠰᠡᠨ ᠶᠦᠮ᠃ ᠡᠨᠡ ᠬᠤᠶᠠᠭᠲᠤ ᠮᠣᠷᠢᠲᠤ ᠴᠡᠷᠢᠭ ᠨᠢ ᠬᠥᠩᠭᠡᠨ ᠮᠣᠷᠢᠲᠤ ᠴᠡᠷᠢᠭ ᠢ᠋ᠶ᠋ᠡᠨ ᠬᠣᠭᠣᠷᠣᠨᠳᠣ ᠠ᠋ᠴᠠ ᠪᠠᠨ ᠭᠠᠷᠭᠠᠬᠤ ᠶ᠋ᠢᠨ ᠲᠥᠯᠥᠭᠡ ᠦᠳᠲᠡᠷ ᠲᠦᠷᠭᠡᠨ ᠵᠣᠭᠰᠣᠯ᠎ᠠ᠂ ᠡᠨᠡᠬᠦ ᠬᠥᠩᠭᠡᠨ ᠮᠣᠷᠢᠲᠤ ᠴᠡᠷᠢᠭ ᠨᠢ ᠵᠥᠪᠬᠡᠨ ᠠᠷᠠᠰᠤᠨ ᠳᠡᠪᠡᠯ ᠢ᠋ ᠡᠮᠦᠰᠦᠭᠰᠡᠨ ᠲᠡᠳᠦᠢ ᠪᠠᠢᠯ᠎ᠠ᠃ ᠡᠳᠡᠭᠡᠷ ᠬᠥᠩᠭᠡᠨ ᠮᠣᠷᠢᠲᠤ ᠴᠡᠷᠢᠭ᠂ ᠵᠥᠭᠡᠢ ᠶ᠋ᠢᠨ ᠰᠦᠷᠦᠭ ᠰᠢᠭ ᠪᠠᠭᠯᠠᠷᠠᠨ ᠢᠷᠡᠭᠡᠳ᠂ ᠮᠣᠩᠭᠣᠯ ᠴᠡᠷᠢᠭ ᠦ᠋ᠨ ᠵᠦᠭ ᠵᠢᠳᠠ ᠪᠠᠷ ᠵᠢᠳᠠᠯᠠᠬᠤ ᠪᠤᠶᠤ ᠰᠤᠮᠤᠨ ᠪᠣᠷᠣᠭ᠎ᠠ ᠣᠷᠣᠭᠤᠯᠪᠠ᠃ ᠲᠡᠮᠦᠵᠢᠨ ᠦ᠌ ᠴᠡᠷᠢᠭ ᠦ᠋ᠨ ᠬᠦᠷᠢᠶ᠎ᠡ ᠨᠢ ᠵᠢᠭᠰᠠᠭᠠᠯ ᠤ᠋ᠨ ᠪᠠᠢᠷᠢ ᠠ᠋ᠴᠠ ᠪᠠᠨ ᠬᠥᠳᠡᠯᠦᠭᠰᠡᠨ ᠴᠤ ᠦᠭᠡᠢ ᠪᠡᠷ ᠮᠥᠨ ᠵᠢᠳᠠ ᠪᠠ ᠰᠤᠮᠤ ᠪᠠᠷ ᠬᠠᠷᠢᠭᠤᠴᠠᠯᠠ᠃ ᠬᠡᠳᠦᠢᠪᠡᠷ ᠵᠡᠪᠰᠡᠭ ᠨᠢ ᠠᠳᠠᠯᠢ ᠪᠣᠯᠪᠠᠴᠤ ᠣᠷᠣᠨ ᠠ᠋ᠴᠠ ᠪᠠᠨ ᠬᠥᠳᠡᠯᠬᠦ ᠦᠭᠡᠢ ᠪᠡᠷ ᠬᠠᠷᠪᠤᠨ᠂ ᠵᠢᠳᠠᠯᠠᠬᠤ ᠨᠢ ᠣᠨᠣᠪᠴᠢᠲᠠᠢ ᠪᠣᠯᠬᠣᠷ᠂ ᠠᠯᠠᠵᠤ ᠰᠢᠷᠬᠠᠲᠤᠭᠤᠯᠬᠤ ᠨᠢ ᠬᠡᠴᠡᠭᠦᠦ ᠪᠠᠢᠯ᠎ᠠ᠂ ᠲᠠᠢᠴᠢᠭᠤᠳ ᠤᠭ ᠤ᠋ᠨ ᠲᠥᠯᠥᠪᠯᠡᠭᠡ ᠪᠡᠷ ᠢ᠋ᠶ᠋ᠡᠨ ᠤᠷᠤᠭᠰᠢᠯᠠᠬᠤ ᠪᠠᠢᠲᠤᠭᠠᠢ᠂ ᠲᠣᠭᠲᠠᠵᠤ ᠴᠤ ᠴᠢᠳᠠᠬᠤ ᠪᠠᠨ ᠪᠣᠯᠢᠭᠠᠳ ᠪᠤᠷᠤᠭᠤᠯᠠᠨ ᠤᠬᠤᠷᠢᠯ᠎ᠠ᠃
ᠶᠡᠷᠦ ᠶ᠋ᠢᠨ ᠪᠠᠢᠯᠳᠤᠭᠠᠨ ᠤ᠋ ᠥᠩᠭᠡᠷᠡᠯᠲᠡ ᠪᠡᠷ ᠬᠡᠯᠡᠪᠡᠯ᠂ ᠳᠠᠢᠰᠤᠨ ᠤ᠋ ᠬᠥᠩᠭᠡᠨ ᠮᠣᠷᠢᠲᠤ ᠴᠡᠷᠢᠭ ᠨᠢ ᠬᠦᠨᠳᠦ ᠬᠤᠶᠠᠭᠲᠤ ᠴᠡᠷᠢᠭ ᠦ᠋ᠨ ᠵᠢᠭᠰᠠᠭᠠᠯ ᠳ᠋ᠤ᠌ ᠣᠷᠣᠵᠤ᠂ ᠵᠢᠭᠰᠠᠭᠠᠯ ᠨᠢ ᠰᠠᠮᠠᠭᠤᠷᠠᠭᠰᠠᠨ ᠵᠠᠪᠰᠢᠶᠠᠨ ᠳ᠋ᠤᠨᠢ ᠰᠠᠶᠢ ᠳᠠᠷᠤᠨ ᠴᠣᠬᠢᠳᠠᠭ ᠶᠣᠰᠣᠲᠠᠢ ᠶᠤᠮ᠃ ᠭᠡᠲᠡᠯ᠎ᠡ ᠲᠡᠮᠦᠵᠢᠨ᠂ ᠳᠠᠢᠰᠤᠨ ᠤ᠋ ᠴᠡᠷᠢᠭ ᠦ᠋ᠨ ᠮᠣᠷᠢᠨ ᠲᠣᠯᠣᠭᠠᠢ ᠪᠠᠨ ᠡᠷᠭᠢᠭᠦᠯᠦᠮᠡᠭᠴᠡ᠂ ᠭᠱᠠᠨ ᠵᠠᠭᠤᠷ᠎ᠠ ᠡᠯ᠎ᠡ ᠬᠦᠷᠢᠶ᠎ᠡ ᠶ᠋ᠢᠨ ᠴᠡᠷᠢᠭ ᠤᠷᠤᠭᠰᠢᠯᠠᠨ ᠭᠡᠳᠡᠷᠭᠦ ᠴᠣᠬᠢᠯ᠎ᠠ᠃ ᠲᠡᠢᠮᠦ ᠡᠴᠡ ᠳᠠᠢᠰᠤᠨ ᠤ᠋ ᠬᠦᠨᠳᠦ ᠮᠣᠷᠢᠲᠤ ᠴᠡᠷᠢᠭ ᠦ᠋ᠨ ᠵᠢᠭᠰᠠᠭᠠᠯ ᠨᠢ ᠬᠥᠩᠭᠡᠨ ᠮᠣᠷᠢᠲᠤ ᠴᠡᠷᠢᠭ ᠢ᠋ᠶ᠋ᠡᠨ ᠣᠷᠣᠭᠤᠯᠵᠤ ᠠᠪᠬᠤ ᠭᠡᠳ ᠵᠢᠭᠰᠠᠭᠠᠯ ᠤ᠋ᠨ ᠡᠮᠬᠢ ᠵᠢᠷᠤᠮ ᠰᠠᠮᠠᠭᠤᠷᠠᠭᠠᠳ᠂ ᠲᠡᠭᠰᠢᠳᠬᠡᠵᠦ ᠠᠮᠵᠢᠭᠠᠳᠤᠢ ᠴᠠᠭ ᠲᠤ᠂ ᠴᠤᠪᠤᠭ᠎ᠠ ᠪᠠᠷ ᠢ᠋ᠶ᠋ᠠᠨ ᠠᠷᠪᠠᠨ ᠮᠥᠷ ᠢ᠋ᠶ᠋ᠡᠷ ᠪᠦᠷᠢᠯᠳᠦᠭᠰᠡᠨ ᠮᠣᠩᠭᠣᠯ ᠤ᠋ᠨ ᠮᠣᠷᠢᠲᠤ ᠴᠡᠷᠢᠭ ᠰᠢᠷᠦᠭᠦᠨ ᠢ᠋ᠶ᠋ᠡᠷ ᠳᠠᠷᠤᠨ ᠴᠣᠬᠢᠵᠤ᠂ ᠳᠠᠢᠰᠤᠨ ᠤ᠋ ᠨᠢᠮᠭᠡᠨ ᠵᠢᠭᠰᠠᠭᠠᠯ ᠢ᠋ ᠠᠷᠪᠠᠨ ᠭᠤᠷᠪᠠᠨ ᠭᠠᠵᠠᠷ ᠰᠢᠪᠲᠤᠯᠤᠭᠰᠠᠨ ᠪᠠᠢᠨ᠎ᠠ᠃ ᠡᠢᠮᠦ ᠪᠣᠯᠤᠭᠠᠳ ᠢᠷᠡᠭᠰᠡᠨ ᠦᠶ᠎ᠡ ᠳ᠋ᠦ᠍ ᠶᠡᠷᠦ ᠶ᠋ᠢᠨ ᠪᠠᠢᠳᠠᠯ ᠳᠣᠣᠷ᠎ᠠ᠂ ᠴᠡᠷᠢᠭ ᠦ᠋ᠨ ᠡᠮᠬᠢ ᠳᠢᠭᠯᠢᠮ ᠵᠠᠳᠠᠷᠠᠭᠠᠳ ᠬᠣᠶᠠᠷ ᠲᠠᠯ᠎ᠠ ᠶ᠋ᠢᠨ ᠪᠠᠢᠯᠳᠤᠭᠴᠢᠳ ᠬᠠᠷᠢᠯᠴᠠᠨ ᠨᠣᠴᠣᠯᠳᠤᠳᠠᠭ ᠶᠤᠮ᠃ ᠲᠡᠮᠦᠵᠢᠨ ᠦ᠌ ᠡᠯ᠎ᠡ ᠬᠦᠷᠢᠶ᠎ᠡ ᠶ᠋ᠢᠨ ᠴᠡᠷᠢᠭ ᠨᠢ ᠡᠢᠮᠦ ᠵᠤᠷᠰᠢᠯ ᠤ᠋ᠨ ᠡᠰᠡᠷᠭᠦᠦ ᠪᠡᠷ᠂ ᠡᠮᠬᠢ ᠳᠢᠭᠯᠢᠮ ᠰᠠᠢᠲᠠᠢ ᠪᠠᠷ ᠪᠦᠬᠦ ᠪᠠᠢᠷᠢ ᠪᠠᠷ ᠢ᠋ᠶ᠋ᠠᠨ ᠡᠨᠡ ᠵᠦᠭ ᠲᠡᠷᠡ ᠵᠦᠭ ᠭᠡᠵᠦ ᠬᠠᠨᠳᠤᠰᠢ ᠪᠠᠨ ᠬᠠᠯᠠᠵᠤ᠂ ᠳᠠᠢᠰᠤᠨ ᠤ᠋ ᠰᠠᠮᠠᠭᠤᠷᠠᠭᠠᠳᠤᠢ ᠴᠡᠷᠢᠭ ᠠᠩᠭᠢ ᠶ᠋ᠢᠨ ᠴᠤᠭᠯᠠᠷᠠᠵᠤ ᠠᠮᠵᠢᠬᠤ ᠠ᠋ᠴᠠ ᠡᠮᠦᠨ᠎ᠡ᠂ ᠳᠠᠷᠤᠨ ᠴᠣᠬᠢᠭᠠᠳ ᠲᠡᠳᠡᠨ ᠢ᠋ ᠪᠤᠲᠠ ᠨᠢᠷᠭᠡᠵᠦ ᠪᠢᠯᠡ᠃
ᠣᠳᠣ ᠰᠠᠶᠢ ᠬᠥᠮᠦᠰ ᠲᠡᠮᠦᠵᠢᠨ ᠦ᠌ ᠰᠢᠨ᠎ᠡ ᠮᠠᠶᠢᠭ ᠢ᠋ᠶ᠋ᠠᠷ ᠵᠣᠬᠢᠶᠠᠨ ᠪᠠᠢᠭᠤᠯᠤᠭᠰᠠᠨ ᠪᠠ ᠪᠣᠯᠪᠠᠰᠤᠷᠠᠭᠤᠯᠤᠭᠰᠠᠨ ᠬᠦᠨᠳᠦ ᠴᠢᠬᠤᠯᠠ ᠦᠨ᠎ᠡ ᠪᠡᠨ᠎ᠡ ᠶ᠋ᠢ ᠨᠢ ᠥᠨᠳᠥᠷ ᠢ᠋ᠶ᠋ᠡᠷ ᠦᠨᠡᠯᠡᠨ ᠪᠢᠰᠢᠷᠡᠵᠡᠭᠡᠯᠡ᠃ ᠲᠡᠷᠡ᠂ ᠬᠦᠴᠦ ᠪᠡᠷ ᠳᠠᠪᠠᠭᠤ ᠳᠠᠢᠰᠤᠨ ᠤ᠋ ᠬᠦᠴᠦ ᠶ᠋ᠢ ᠨᠢ ᠴᠢᠳᠠᠮᠠᠭᠠᠢ ᠪᠠᠷ ᠰᠠᠯᠭᠠᠵᠤ ᠬᠠᠶᠠᠴᠢᠬᠠᠭᠠᠳ᠂ ᠳᠠᠢᠰᠤᠨ ᠤ᠋ ᠬᠦᠴᠦᠨ ᠳᠣᠷᠣᠢ᠂ ᠥᠪᠡᠷ ᠦ᠋ᠨ ᠬᠦᠴᠦᠨ ᠬᠦᠴᠦᠷᠬᠡᠭ ᠭᠠᠵᠠᠷ ᠲᠠᠭᠠᠨ ᠢᠯᠠᠯᠲᠠ ᠣᠯᠳᠠᠭ ᠪᠠᠢᠨ᠎ᠠ᠃ ᠠᠩᠬ᠎ᠠ ᠴᠣᠬᠢᠯᠲᠠ ᠶ᠋ᠢᠨ ᠡᠭᠦᠷᠭᠡ ᠪᠡᠨ ᠪᠡᠶᠡᠯᠡᠭᠦᠯᠦᠭᠰᠡᠨ ᠲᠠᠢᠴᠢᠭᠤᠳ ᠤ᠋ᠨ ᠬᠥᠩᠭᠡᠨ ᠮᠣᠷᠢᠲᠤ ᠴᠡᠷᠢᠭ ᠨᠢ ᠪᠠᠢᠯᠳᠤᠭᠠᠨ ᠤ᠋ ᠲᠠᠯᠠᠪᠠᠢ ᠪᠠᠨ ᠣᠷᠬᠢᠴᠢᠬᠠᠭᠠᠳ ᠲᠡᠷᠭᠡᠨ ᠵᠢᠭᠰᠠᠭᠠᠯ ᠤ᠋ᠨ ᠵᠦᠭ ᠳᠠᠷᠤᠨ ᠴᠣᠬᠢᠬᠤ ᠪᠠᠷ ᠣᠳᠤᠯ᠎ᠠ᠂ ᠶᠠᠭᠤ ᠭᠡᠪᠡᠯ ᠲᠡᠷᠭᠡᠨ ᠦ᠌ ᠳᠡᠷᠭᠡᠳᠡ ᠠᠯᠢᠪᠠ ᠦᠨ᠎ᠡ ᠪᠡᠨ᠎ᠡ ᠲᠡᠢ ᠡᠳ᠋ ᠡᠷᠳᠡᠨᠢ ᠪᠠᠢᠳᠠᠭ᠃ ᠶᠡᠷᠦ ᠳ᠋ᠡᠭᠡᠨ ᠡᠨᠡ ᠣᠯᠵᠠ ᠶ᠋ᠢ ᠬᠠᠮᠤᠭ ᠤ᠋ᠨ ᠤᠷᠢᠳ ᠪᠤᠯᠢᠶᠠᠭᠰᠠᠨ ᠬᠥᠮᠦᠨ ᠡᠵᠡᠮᠰᠢᠬᠦ ᠡᠷᠬᠡ ᠲᠡᠢ ᠶᠦᠮ᠃ ᠭᠡᠲᠡᠯ᠎ᠡ ᠡᠳᠡᠭᠡᠷ ᠳᠠᠢᠰᠤᠨ ᠬᠠᠲᠠᠭᠤ ᠡᠰᠡᠷᠭᠦᠴᠡᠯ ᠢ᠋ ᠢᠯᠠᠵᠤ ᠵᠢᠭᠰᠠᠭᠠᠯ ᠳ᠋ᠤ᠌ ᠣᠷᠣᠬᠤ ᠠ᠋ᠴᠠ ᠤᠷᠢᠳ᠂ ᠬᠠᠮᠤᠭ ᠤ᠋ᠨ ᠣᠢᠷ᠎ᠠ ᠪᠠᠢᠭᠰᠠᠨ ᠲᠡᠮᠦᠵᠢᠨ ᠦ᠌ ᠴᠡᠷᠢᠭ ᠦ᠋ᠨ ᠬᠦᠷᠢᠶ᠎ᠡ ᠨᠢ ᠳᠠᠢᠰᠤᠨ ᠤ᠋ ᠠᠷᠤ ᠠ᠋ᠴᠠ ᠳᠠᠷᠤᠨ ᠴᠣᠬᠢᠭᠠᠳ᠂ ᠰᠡᠯᠡᠮ᠎ᠡ ᠪᠡᠨ ᠭᠢᠯᠠᠯᠵᠠᠭᠤᠯᠤᠨ ᠴᠠᠪᠴᠢᠯᠠᠭᠠᠳ ᠡᠳᠡᠨᠥᠰ ᠢ᠋ ᠦᠯᠡᠳᠡᠭᠳᠡᠯ ᠦᠭᠡᠢ ᠬᠢᠳᠤᠵᠤ ᠠᠯᠠᠭᠰᠠᠨ ᠪᠠᠢᠨ᠎ᠠ᠃ ᠬᠢᠯᠪᠠᠷᠬᠠᠨ ᠢ᠋ᠶ᠋ᠠᠷ ᠣᠯᠵᠠ ᠣᠯᠬᠤ ᠭᠡᠵᠦ ᠲᠠᠢᠴᠢᠭᠤᠳ ᠲᠠᠢ ᠬᠠᠮᠲᠤ ᠶ᠋ᠢᠨ ᠠᠵᠢᠯᠯᠠᠭ᠎ᠠ ᠬᠢᠭᠰᠡᠨ ᠡᠯ᠎ᠡ ᠠᠢᠮᠠᠭ᠂ ᠶᠠᠰᠤᠲᠠᠨ ᠨᠢ ᠡᠭᠦᠨ ᠢ᠋ ᠦᠵᠡᠭᠡᠳ ᠡᠩ ᠲᠡᠷᠢᠭᠦᠨ ᠳ᠋ᠦ᠍ ᠪᠤᠷᠤᠭᠤᠯᠠᠨ ᠳᠤᠲᠠᠭᠠᠪᠠ ᠁ ᠁ ᠨᠠᠷᠠ ᠰᠢᠩᠭᠡᠬᠦ ᠦᠶ᠎ᠡ ᠪᠡᠷ ᠲᠡᠢᠨ ᠦ᠌ ᠲᠠᠯᠠᠪᠠᠢ ᠳ᠋ᠤ᠌ ᠮᠣᠩᠭᠣᠯ ᠴᠡᠷᠢᠭ ᠪᠦᠷᠢᠮᠦᠰᠦᠨ ᠢᠯᠠᠯᠲᠠ ᠣᠯᠪᠠ᠃ ᠲᠠᠢᠴᠢᠭᠤᠳ ᠤ᠋ᠨ ᠦᠬᠦᠭᠰᠡᠨ ᠲᠣᠭ᠎ᠠ ᠨᠢ ᠵᠢᠷᠭᠤᠭᠠᠨ ᠮᠢᠩᠭ᠎ᠠ ᠬᠦᠷᠴᠦ᠂ ᠪᠠᠷᠢᠭᠳᠠᠭᠰᠠᠨ ᠲᠦᠷᠦᠭᠦᠴᠦᠳ ᠨᠢ ᠳᠠᠯᠠᠨ ᠬᠥᠮᠦᠨ ᠪᠠᠢᠯ᠎ᠠ᠃
ᠮᠣᠩᠭᠣᠯ ᠴᠡᠷᠢᠭ ᠦ᠋ᠨ ᠬᠣᠬᠢᠷᠠᠯ ᠬᠥᠨᠥᠭᠡᠯ ᠴᠤ ᠪᠠᠰᠠ ᠪᠠᠭ᠎ᠠ ᠪᠤᠰᠤ ᠪᠠᠢᠯ᠎ᠠ᠃ ᠲᠡᠮᠦᠵᠢᠨ ᠴᠤ ᠳᠠᠢᠰᠤᠨ ᠤ᠋ ᠰᠤᠮᠤᠨ ᠳ᠋ᠤ᠌ ᠣᠨᠣᠭᠳᠠᠨ ᠬᠦᠵᠦᠭᠦᠦ ᠨᠢ ᠰᠢᠷᠬᠠᠳᠤᠭᠰᠠᠨ ᠪᠢᠯᠡ᠂ ᠦᠨᠡᠨᠴᠢ ᠰᠢᠳᠤᠷᠭᠤ ᠵᠡᠯᠮ᠎ᠡ ᠠᠮᠢ ᠪᠡᠶ᠎ᠡ ᠪᠡᠨ ᠴᠦᠯᠡᠵᠦ ᠲᠡᠭᠦᠨ ᠢ᠋ ᠡᠭᠦᠷᠦᠭᠡᠳ ᠪᠠᠢᠯᠳᠤᠭᠠᠨ ᠤ᠋ ᠲᠠᠯᠠᠪᠠᠢ ᠠ᠋ᠴᠠ ᠠᠪᠤᠷᠠᠨ ᠭᠠᠷᠭᠠᠭᠰᠠᠨ ᠪᠠᠢᠨ᠎ᠠ᠃ ᠲᠡᠮᠦᠵᠢᠨ ᠤᠬᠠᠭ᠎ᠠ ᠠᠯᠳᠠᠭᠠᠳ ᠰᠡᠷᠭᠦᠮᠡᠭᠴᠡ ᠪᠠᠭᠤᠯᠭᠠᠭᠰᠠᠨ ᠨᠢᠭᠡᠳᠦᠭᠡᠷ ᠵᠠᠷᠯᠢᠭ ᠨᠢ ᠳᠠᠷᠤᠢ ᠬᠠᠮᠤᠭ ᠤ᠋ᠨ ᠲᠡᠷᠢᠭᠦᠨ ᠳ᠋ᠦ᠍ ᠲᠠᠷᠭᠤᠲᠠᠢ ᠶ᠋ᠢ ᠠᠯᠠᠵᠤ᠂ ᠳᠠᠷᠠᠭ᠎ᠠ ᠨᠢ ᠪᠠᠷᠢᠭᠳᠠᠭᠰᠠᠨ ᠲᠠᠢᠴᠢᠭᠤᠳ ᠤ᠋ᠨ ᠳᠠᠯᠠᠨ ᠲᠦᠷᠦᠭᠦᠴᠦᠳ ᠢ᠋ ᠪᠦᠭᠦᠳᠡ ᠶ᠋ᠢ ᠠᠯᠠ ᠭᠡᠪᠡ᠃
ᠡᠨᠡ ᠵᠠᠷᠯᠢᠭ ᠨᠢ ᠨᠡᠭᠦᠳᠡᠯᠴᠢᠨ ᠠᠷᠠᠳ ᠤ᠋ᠨ ᠵᠠᠷᠢᠮ ᠳᠠᠳᠬᠠᠯ ᠠ᠋ᠴᠠ ᠵᠥᠷᠢᠴᠡᠭᠰᠡᠨ ᠶᠦᠮ᠂ ᠲᠡᠳᠡᠨᠡᠷ ᠶᠡᠷᠦ ᠳ᠋ᠡᠭᠡᠨ ᠣᠯᠵᠠᠯᠠᠭᠰᠠᠳ ᠢ᠋ᠶ᠋ᠠᠨ ᠪᠣᠭᠣᠯ ᠪᠣᠯᠭᠠᠨ ᠵᠠᠷᠤᠬᠤ ᠪᠤᠶᠤ ᠡᠰᠡᠬᠦᠯ᠎ᠡ ᠦᠨ᠎ᠡ ᠪᠡᠨ᠎ᠡ ᠲᠡᠢ ᠡᠳ᠋ ᠡᠷᠳᠡᠨᠢ ᠶ᠋ᠢ ᠠᠪᠤᠭᠠᠳ ᠲᠠᠯᠪᠢᠨ ᠪᠤᠴᠠᠭᠠᠳᠠᠭ ᠰᠠᠨ᠃ ᠬᠤᠪᠢ ᠬᠥᠮᠦᠨ ᠦ᠌ ᠥᠰᠢᠶᠡᠲᠡᠨ ᠪᠤᠶᠤ ᠡᠷᠬᠡ ᠰᠦᠷ ᠪᠤᠯᠢᠶᠠᠯᠳᠤᠳᠠᠭ ᠠᠲᠠᠭᠠᠲᠠᠨ ᠲᠡᠷᠡᠴᠢᠯᠡᠨ ᠤᠷᠪᠠᠭᠴᠢᠳ ᠢ᠋ ᠯᠡ ᠠᠯᠠᠳᠠᠭ ᠠ᠋ᠴᠠ ᠪᠢᠰᠢ᠂ ᠪᠤᠰᠤᠳ ᠢ᠋ ᠠᠯᠠᠬᠤ ᠦᠭᠡᠢ ᠳᠠᠳᠬᠠᠯ ᠲᠠᠢ ᠪᠠᠢᠭᠰᠠᠨ ᠶᠤᠮ᠃ ᠡᠨᠡ ᠮᠡᠲᠦ ᠶ᠋ᠢᠨ ᠶᠡᠷᠦ ᠡᠴᠡ ᠪᠠᠢᠭ᠎ᠠ ᠦᠭᠡᠢ ᠵᠠᠷᠯᠢᠭ ᠪᠠᠭᠤᠯᠭᠠᠭᠰᠠᠨ ᠨᠢ᠂ ᠶᠢᠰᠦᠭᠡᠢ ᠶ᠋ᠢᠨ ᠬᠥᠪᠡᠭᠦᠨ ᠬᠠᠮᠤᠭ ᠤ᠋ᠨ ᠳᠡᠭᠡᠳᠦ ᠡᠷᠬᠡᠲᠡᠨ ᠲᠡᠮᠦᠵᠢᠨ ᠡᠴᠡ ᠡᠳᠡᠭᠡᠷ ᠲᠦᠷᠦᠭᠦᠴᠦᠳ ᠤᠷᠪᠠᠭᠰᠠᠨ ᠭᠡᠳᠡᠭ ᠢ᠋ ᠬᠠᠷᠠᠭᠤᠯᠬᠤ ᠶ᠋ᠢᠨ ᠲᠥᠯᠥᠭᠡ ᠢᠩᠭᠢᠵᠦ ᠰᠢᠳᠬᠡᠭᠰᠡᠨ ᠪᠠᠢᠨ᠎ᠠ᠃ ᠲᠡᠭᠡᠭᠡᠳ ᠲᠡᠮᠦᠵᠢᠨ ᠪᠦᠬᠦ ᠬᠠᠷᠢᠶᠠᠲᠤ ᠪᠠᠨ ᠳᠠᠭᠠᠭᠤᠯᠤᠨ ᠤᠨᠤᠨ ᠮᠥᠷᠡᠨ ᠦ᠌ ᠳᠣᠣᠷᠠᠲᠤ ᠤᠷᠤᠰᠬᠠᠯ ᠤ᠋ᠨ ᠨᠤᠲᠤᠭ ᠪᠡᠯᠴᠢᠭᠡᠷ ᠵᠦᠭ ᠮᠣᠷᠳᠠᠭᠠᠳ᠂ ᠵᠣᠷᠢᠯᠲᠠ ᠪᠠᠨ ᠲᠣᠳᠣ ᠬᠠᠷᠠᠭᠤᠯᠤᠭᠰᠠᠨ ᠪᠠᠢᠨ᠎ᠠ᠃
ᠪᠧᠷᠰ ᠦ᠋ᠨ ᠲᠡᠮᠳᠡᠭᠯᠡᠯ ᠡᠴᠡ ᠦᠵᠡᠬᠦᠯ᠎ᠡ᠄ ᠲᠡᠮᠦᠵᠢᠨ ᠣᠯᠵᠠᠯᠠᠭᠰᠠᠨ ᠲᠠᠢᠴᠢᠭᠤᠳ ᠤ᠋ᠨ ᠲᠦᠷᠦᠭᠦᠴᠦᠳ ᠢ᠋ ᠪᠤᠴᠠᠯᠤᠭᠰᠠᠨ ᠲᠣᠭᠣᠭᠠᠨ ᠳᠣᠲᠣᠷ᠎ᠠ ᠠᠮᠢᠳᠤ ᠪᠠᠷ ᠨᠢ ᠬᠠᠶᠠᠵᠤ ᠣᠷᠣᠭᠤᠯᠤᠭᠠᠳ ᠴᠢᠨᠠᠯᠠ ᠭᠡᠨ᠎ᠡ᠃ ᠣᠷᠣᠰ ᠬᠥᠮᠦᠨ ᠦ᠌ ᠪᠢᠴᠢᠭᠰᠡᠨ ᠲᠡᠦᠬᠡ ᠶ᠋ᠢᠨ ᠮᠠᠲ᠋ᠧᠷᠢᠶᠠᠯ ᠳ᠋ᠤ᠌ ᠲᠠᠢᠴᠢᠭᠤᠳ ᠤ᠋ᠨ ᠭᠠᠪᠠᠯᠠ ᠶ᠋ᠢᠨ ᠶᠠᠰᠤ ᠶ᠋ᠢ ᠠᠪᠴᠤ ᠮᠥᠩᠭᠥ ᠪᠡᠷ ᠪᠦᠷᠢᠴᠢᠬᠡᠭᠡᠳ ᠠᠷᠢᠬᠢᠨ ᠤ᠋ ᠬᠤᠨᠳᠠᠭ᠎ᠠ ᠪᠤᠶᠤ ᠠᠶᠠᠭ᠎ᠠ ᠬᠢᠯ᠎ᠡ ᠭᠡᠨ᠎ᠡ᠃ ᠲᠡᠭᠡᠭᠡᠳ ᠡᠨᠡ ᠠᠶᠠᠭᠠᠨ ᠤ᠋ ᠨᠡᠷ᠎ᠡ ᠶ᠋ᠢ《ᠴᠢᠩᠭᠢᠰ ᠦ᠋ᠨ ᠬᠢᠯᠢᠩ》 ᠭᠡᠵᠦ ᠨᠡᠷᠡᠢᠳᠪᠡ ᠭᠡᠨ᠎ᠡ᠃ ᠬᠢᠲᠠᠳ ᠪᠠ ᠮᠣᠩᠭᠣᠯ ᠤ᠋ᠨ ᠲᠡᠦᠬᠡᠨ ᠮᠠᠲ᠋ᠧᠷᠢᠶᠠᠯ ᠳ᠋ᠤ᠌ ᠡᠢᠮᠦ ᠲᠡᠮᠳᠡᠭᠯᠡᠯ ᠬᠠᠷᠠᠭᠳᠠᠭᠰᠠᠨ ᠦᠭᠡᠢ ᠪᠢᠯᠡ᠃ ᠡᠢᠮᠦᠷᠬᠦ ᠤᠴᠢᠷ ᠠᠭᠤᠯᠭ᠎ᠠ ᠦᠭᠡᠢ ᠵᠡᠷᠯᠢᠭ ᠪᠦᠳᠦᠭᠦᠯᠢᠭ ᠶᠠᠪᠤᠳᠠᠯ ᠬᠢᠨ᠎ᠡ ᠭᠡᠰᠡᠨ ᠴᠢᠨᠢ ᠪᠢᠳᠡᠨ ᠦ᠌ ᠮᠡᠳᠡᠵᠦ ᠪᠠᠢᠬᠤ ᠲᠡᠮᠦᠵᠢᠨ ᠦ᠌ ᠠᠭᠠᠰᠢ ᠵᠠᠩ ᠲᠠᠢ ᠨᠡᠢᠴᠡᠬᠦ ᠦᠭᠡᠢ ᠪᠢᠯᠡ᠃ ᠲᠡᠭᠦᠨ ᠢ᠋ ᠡᠰᠡᠷᠭᠦᠴᠡᠭᠰᠡᠨ ᠬᠣᠲᠠ ᠪᠠᠯᠭᠠᠰᠤ ᠶ᠋ᠢ ᠦᠭᠡ ᠳᠠᠭᠤᠨ ᠦᠭᠡᠢ ᠪᠡᠷ ᠡᠪᠳᠡᠯᠡᠵᠦ ᠬᠠᠶᠠᠳᠠᠭ ᠪᠠᠢᠨ᠎ᠠ᠃ ᠪᠣᠰᠤᠯᠭ᠎ᠠ ᠭᠠᠷᠭᠠᠬᠤ ᠲᠦᠭᠰᠢᠭᠦᠷᠢᠲᠡᠢ ᠭᠠᠵᠠᠷ ᠭᠡᠵᠦ ᠪᠣᠳᠣᠭᠳᠠᠭᠰᠠᠨ ᠥᠩ ᠰᠢᠮᠡᠯᠢᠭ ᠨᠤᠲᠤᠭ ᠢ᠋ ᠡᠯᠡᠰᠦ ᠮᠠᠩᠬ᠎ᠠ ᠪᠣᠯᠭᠠᠭᠰᠠᠨ ᠬᠡᠷᠡᠭ ᠴᠤ ᠪᠠᠢᠨ᠎ᠠ᠂ ᠭᠡᠪᠡᠴᠦ ᠲᠡᠭᠦᠨ ᠦ᠌ ᠦᠢᠯᠡᠳᠦᠭᠰᠡᠨ ᠠᠯᠢᠪᠠ ᠬᠡᠷᠴᠡᠭᠡᠢ ᠠᠵᠢᠯᠯᠠᠭ᠎ᠠ ᠨᠢᠭᠡᠨ ᠵᠣᠷᠢᠯᠲᠠ ᠲᠠᠢ ᠪᠠᠢᠭᠰᠠᠨ ᠶᠤᠮ᠃ ᠳᠠᠷᠤᠢ ᠴᠡᠷᠢᠭ ᠦ᠋ᠨ ᠶᠠᠪᠤᠳᠠᠯ ᠤ᠋ᠨ ᠬᠡᠷᠡᠭᠴᠡᠭᠡ ᠪᠤᠶᠤ ᠥᠰᠢᠶ᠎ᠡ ᠠᠪᠬᠤ ᠲᠡᠷᠡᠴᠢᠯᠡᠨ ᠰᠦᠷᠳᠡᠭᠦᠯᠬᠦ ᠲᠥᠷᠥ ᠶ᠋ᠢᠨ ᠪᠣᠳᠣᠯᠭ᠎ᠠ ᠠ᠋ᠴᠠ ᠪᠣᠯᠳᠠᠭ ᠪᠠᠢᠨ᠎ᠠ᠃ ᠲᠡᠭᠦᠨ ᠦ᠌ ᠨᠢᠳᠦᠨ ᠳ᠋ᠦ᠍ ᠬᠥᠮᠦᠨ ᠦ᠌ ᠠᠮᠢ ᠨᠠᠰᠤ ᠭᠡᠳᠡᠭ ᠴᠢᠨᠢ ᠶᠠᠮᠠᠷᠴᠤ ᠦᠨ᠎ᠡ ᠥᠷᠲᠡᠭ ᠦᠭᠡᠢ ᠶᠦᠮ᠃ ᠪᠢᠳᠡ ᠬᠤᠯᠤᠭᠠᠨ᠎ᠠ ᠶ᠋ᠢ ᠮᠠᠨ ᠤ᠋ ᠠᠮᠢᠳᠤᠷᠠᠯ ᠳ᠋ᠤ᠌ ᠬᠣᠣᠷ ᠲᠠᠢ ᠭᠡᠵᠦ ᠦᠵᠡᠭᠡᠳ ᠲᠡᠭᠦᠨ ᠢ᠋ ᠠᠯᠠᠬᠤ ᠲᠠᠢ ᠠᠳᠠᠯᠢ ᠪᠠᠷ ᠬᠥᠮᠦᠨ ᠦ᠌ ᠠᠮᠢ ᠨᠠᠰᠤ ᠶ᠋ᠢ ᠬᠢᠳᠤᠵᠤ ᠠᠯᠠᠳᠠᠭ ᠪᠠᠢᠨ᠎ᠠ᠃
ᠲᠡᠮᠦᠵᠢᠨ ᠬᠠᠷᠭᠢᠰ ᠬᠡᠷᠴᠡᠭᠡᠢ ᠠᠭᠠᠰᠢᠯᠠᠬᠤ ᠪᠠᠷ ᠢ᠋ᠶ᠋ᠠᠨ ᠨᠠᠢᠷ ᠬᠥᠷ ᠦ᠋ᠨ ᠵᠣᠭᠣᠭ ᠪᠣᠯᠭᠠᠳᠠᠭ ᠦᠭᠡᠢ᠂ ᠪᠠᠰᠠ ᠳᠤᠷ᠎ᠠ ᠲᠠᠪᠠ ᠪᠠᠷ ᠢ᠋ᠶ᠋ᠠᠨ ᠬᠡᠷᠴᠡᠭᠡᠢᠯᠡᠬᠦ ᠶ᠋ᠢᠨ ᠲᠥᠯᠥᠭᠡ ᠬᠡᠷᠴᠡᠭᠡᠢᠯᠡᠭᠰᠡᠨ ᠬᠡᠷᠡᠭ ᠴᠤ ᠠᠯᠠᠭ᠎ᠠ᠃ ᠬᠤᠪᠢ ᠬᠥᠮᠦᠨ ᠲᠡᠢ ᠨᠢ ᠥᠰᠢᠶ᠎ᠡ ᠲᠡᠢ ᠬᠥᠮᠦᠨ ᠢ᠋ ᠠᠭᠤᠴᠢᠯᠠᠬᠤ ᠪᠠᠨ ᠲᠡᠷᠡ ᠪᠠᠰᠠ ᠮᠡᠳᠡᠵᠦ ᠪᠠᠢᠭᠰᠠᠨ ᠶᠤᠮ᠃ ᠲᠡᠮᠦᠵᠢᠨ ᠣᠯᠠᠨ ᠢ᠋ᠶ᠋ᠠᠨ ᠳᠠᠭᠠᠭᠤᠯᠤᠨ ᠤᠨᠤᠨ ᠮᠥᠷᠡᠨ ᠦ᠌ ᠳᠣᠣᠷᠠᠲᠤ ᠤᠷᠤᠰᠬᠠᠯ ᠤ᠋ᠨ ᠵᠦᠭ ᠣᠳᠬᠤ ᠵᠠᠮ ᠤ᠋ᠨ ᠵᠠᠭᠤᠷ᠎ᠠ᠂ ᠭᠡᠨᠡᠳᠲᠡ ᠨᠢᠭᠡᠨ ᠮᠣᠷᠢᠲᠤ ᠴᠡᠷᠢᠭ ᠲᠡᠮᠦᠵᠢᠨ ᠦ᠌ ᠵᠦᠭ ᠴᠢᠭᠯᠡᠨ ᠢᠷᠡᠭᠡᠳ ᠬᠡᠯᠡᠬᠦ ᠨᠢ᠄《ᠪᠢ ᠪᠣᠯ ᠶᠢᠰᠦᠳ ᠠᠢᠮᠠᠭ ᠤ᠋ᠨ ᠵᠢᠷᠭᠤᠭᠠᠲᠠᠢ ᠮᠥᠨ᠂ ᠪᠠᠢᠯᠳᠤᠭᠠᠨ ᠤ᠋ ᠳᠤᠮᠳᠠ ᠴᠢᠮᠠᠶ᠋ᠢ ᠬᠠᠷᠪᠤᠨ ᠰᠢᠷᠬᠠᠲᠤᠭᠤᠯᠤᠭᠰᠠᠨ ᠬᠥᠮᠦᠨ ᠪᠢ ᠮᠥᠨ᠃ ᠣᠳᠣ ᠬᠠᠭᠠᠨ ᠨᠠᠮᠠᠶ᠋ᠢ ᠠᠯᠠᠶ᠎ᠠ ᠭᠡᠪᠡᠯ ᠠᠯᠠ᠃ ᠠᠯᠠᠭᠠᠨ ᠲᠡᠳᠦᠢ ᠭᠠᠵᠠᠷ ᠢ᠋ ᠠᠯᠠᠭ ᠪᠣᠯᠭᠠᠵᠤ ᠦᠮᠡᠬᠡᠢᠷᠡᠬᠦ᠂ ᠠᠯᠲᠠ ᠪᠡᠶ᠎ᠡ ᠪᠠᠢᠮᠤᠢ᠃ ᠬᠡᠷᠪᠡ ᠨᠠᠮᠠᠶ᠋ᠢ ᠠᠪᠤᠷᠠᠶ᠎ᠠ ᠭᠡᠵᠦ ᠪᠣᠳᠣᠭᠠᠳ ᠠᠮᠢ ᠶ᠋ᠢ ᠮᠢᠨᠢ ᠰᠣᠶᠣᠷᠬᠠᠪᠠᠰᠤ ᠬᠠᠯᠳᠠ ᠭᠡᠰᠡᠨ ᠭᠠᠵᠠᠷ ᠲᠤ ᠴᠢᠨᠢ ᠬᠠᠷᠠᠢᠵᠤ ᠣᠴᠢᠭᠠᠳ ᠪᠢ᠂ ᠬᠠᠷ᠎ᠠ ᠤᠰᠤ ᠶ᠋ᠢ ᠴᠠᠯᠭᠢᠲᠠᠯ᠎ᠠ᠂ ᠬᠠᠳᠠ ᠴᠢᠯᠠᠭᠤ ᠶ᠋ᠢ ᠬᠡᠮᠬᠡᠷᠡᠲᠡᠯ᠎ᠡ᠂ ᠬᠠᠷᠢ ᠶ᠋ᠢᠨ ᠳᠠᠢᠰᠤᠨ ᠢ᠋ ᠳᠣᠪᠲᠣᠯᠵᠤ᠂ ᠬᠠᠭᠠᠨ ᠴᠢᠮᠠᠲᠤ ᠲᠤᠰᠠᠯᠠᠶ᠎ᠠ᠁᠁》 ᠭᠡᠪᠡ᠃ ᠲᠡᠮᠦᠵᠢᠨ ᠢ᠋ ᠲᠣᠭᠣᠷᠢᠵᠤ ᠵᠣᠭᠰᠣᠭᠰᠠᠨ ᠪᠠᠭᠠᠲᠤᠷ ᠤ᠋ᠳ ᠨᠢ ᠲᠡᠳᠡᠨ ᠦ᠌ ᠡᠵᠡᠨ ᠦ᠌ ᠪᠡᠶ᠎ᠡ ᠶ᠋ᠢ ᠨᠢ ᠰᠢᠷᠬᠠᠲᠤᠭᠤᠯᠵᠤ ᠴᠢᠰᠤ ᠶ᠋ᠢ ᠨᠢ ᠤᠷᠤᠰᠬᠠᠭᠰᠠᠨ ᠡᠨᠡᠬᠦ ᠣᠮᠣᠷᠬᠠᠭ ᠪᠠᠷᠳᠠᠮ ᠥᠰᠢᠶᠡᠲᠡᠨ ᠢ᠋ ᠴᠠᠪᠴᠢᠵᠤ ᠠᠯᠠᠭᠲᠤᠨ ᠭᠡᠬᠦ ᠲᠡᠮᠦᠵᠢᠨ ᠦ᠌ ᠵᠠᠷᠯᠢᠭ ᠢ᠋ ᠬᠦᠯᠢᠭᠡᠯᠵᠡᠵᠦ ᠪᠠᠢᠯ᠎ᠠ᠃ ᠲᠡᠮᠦᠵᠢᠨ ᠬᠠᠷᠢᠨ ᠲᠡᠳᠡᠨ ᠲᠡᠢ ᠠᠳᠠᠯᠢ ᠪᠣᠳᠣᠭᠰᠠᠨ ᠦᠭᠡᠢ᠂ ᠲᠡᠷᠡ ᠪᠣᠳᠣᠯᠭ᠎ᠠ ᠪᠣᠯᠤᠭᠰᠠᠭᠠᠷ᠂ ᠡᠯᠡᠰᠦᠨ ᠳᠣᠲᠣᠷ᠎ᠠ ᠡᠯᠢᠭᠡᠳᠡᠨ ᠬᠡᠪᠲᠡᠭᠰᠡᠨ ᠲᠡᠷᠡ ᠵᠠᠯᠠᠭᠤ ᠪᠠᠭᠠᠲᠤᠷ ᠤ᠋ᠨ ᠳᠡᠷᠭᠡᠳᠡ ᠬᠦᠷᠴᠦ ᠰᠢᠷᠳᠡᠵᠦ ᠦᠵᠡᠭᠡᠳ ᠬᠡᠯᠡᠭᠰᠡᠨ ᠨᠢ᠄
《ᠳᠠᠢᠰᠤᠨ ᠤ᠋ ᠬᠥᠮᠦᠨ ᠳᠠᠢᠰᠤᠩᠨᠠᠵᠤ ᠬᠣᠣᠷᠯᠠᠵᠤ ᠶᠠᠪᠤᠭᠰᠠᠨ ᠢ᠋ᠶ᠋ᠠᠨ ᠨᠢᠭᠤᠵᠤ ᠬᠤᠳᠠᠯ ᠬᠡᠯᠡᠬᠦ ᠪᠥᠯᠥᠭᠡ᠃ ᠭᠡᠲᠡᠯ᠎ᠡ ᠴᠢ ᠳᠠᠢᠰᠤᠩᠨᠠᠵᠤ ᠬᠣᠣᠷᠯᠠᠭᠰᠠᠨ ᠢ᠋ᠶ᠋ᠠᠨ ᠨᠢᠭᠤᠬᠤ ᠦᠭᠡᠢ ᠰᠢᠳᠤᠷᠭᠤ ᠪᠠᠷ ᠬᠡᠯᠡᠵᠦ ᠪᠠᠢᠨ᠎ᠠ᠃ ᠵᠠ ᠰᠠᠢᠨ ᠪᠣᠯᠤᠯ᠎ᠠ᠂ ᠡᠢᠮᠦ ᠬᠥᠮᠦᠨ ᠲᠡᠢ ᠨᠥᠬᠥᠷᠯᠡᠵᠦ ᠪᠣᠯᠤᠮᠤᠢ᠃ ᠴᠢᠨᠦ ᠭᠠᠪᠢᠶ᠎ᠠ ᠶ᠋ᠢ ᠳᠤᠷᠠᠰᠬᠠᠬᠤ ᠶ᠋ᠢᠨ ᠲᠥᠯᠥᠭᠡ ᠵᠢᠷᠭᠤᠭᠠᠲᠠᠢ ᠭᠡᠬᠦ ᠨᠡᠷ᠎ᠡ ᠶ᠋ᠢ ᠴᠢᠨᠢ ᠵᠡᠪᠡ ᠭᠡᠵᠦ ᠬᠠᠯᠠᠶᠠ》 ᠭᠡᠳ ᠲᠡᠷᠡ ᠵᠠᠯᠠᠭᠤ ᠶ᠋ᠢ ᠪᠣᠰᠬᠠᠵᠤ ᠵᠣᠭᠰᠣᠭᠠᠭᠠᠳ ᠠᠷᠪᠠᠲᠤ ᠶ᠋ᠢᠨ ᠳᠠᠷᠤᠭ᠎ᠠ ᠪᠣᠯᠭᠠᠨ ᠵᠠᠬᠢᠷᠬᠤ ᠶᠢᠰᠦᠨ ᠬᠥᠮᠦᠨ ᠢ᠋ᠶ᠋ᠡᠨ ᠥᠪᠡᠷ ᠲᠡᠭᠡᠨ ᠰᠣᠩᠭᠣᠵᠤ ᠠᠪ ᠭᠡᠯᠡ᠃
ᠡᠨᠡ ᠪᠣᠯ ᠴᠣᠬᠣᠮ ᠲᠡᠮᠦᠵᠢᠨ ᠦ᠌ ᠨᠠᠰᠤᠨ ᠲᠤᠷᠰᠢ ᠪᠠᠷᠢᠮᠲᠠᠯᠠᠭᠰᠠᠨ ᠵᠠᠩ ᠴᠢᠨᠠᠷ ᠤ᠋ᠨ ᠨᠢᠭᠡ ᠵᠦᠢᠯ ᠨᠢ ᠪᠣᠯᠤᠨ᠎ᠠ᠃ ᠨᠠᠷᠢᠨ ᠬᠢᠨᠠᠮᠠᠭᠠᠢ᠂ ᠪᠠᠭᠠᠲᠤᠷ ᠵᠣᠷᠢᠭᠲᠠᠢ᠂ ᠦᠨᠡᠨᠴᠢ ᠰᠢᠳᠤᠷᠭᠤ ᠭᠡᠬᠦ ᠡᠨᠡ ᠭᠤᠷᠪᠠ ᠪᠦᠷᠢᠳᠦᠭᠰᠡᠨ ᠯᠡ ᠪᠣᠯ ᠬᠡᠳᠦᠢᠪᠡᠷ ᠲᠡᠭᠦᠨ ᠦ᠌ ᠳᠠᠢᠰᠤᠨ ᠪᠠᠢᠭᠰᠠᠨ ᠪᠣᠯᠪᠠᠴᠤ ᠲᠡᠷᠡ ᠮᠠᠭᠲᠠᠨ ᠰᠠᠢᠰᠢᠶᠠᠳᠠᠭ ᠪᠠᠢᠭᠰᠠᠨ ᠶᠤᠮ᠃ ᠲᠡᠮᠦᠵᠢᠨ ᠡᠢᠮᠦ ᠪᠠᠭᠠᠲᠤᠷ ᠢ᠋ ᠳᠠᠢᠰᠤᠨ ᠪᠠᠢᠭᠰᠠᠨ ᠠ᠋ᠴᠠ ᠨᠢ ᠨᠥᠬᠥᠷ ᠢ᠋ᠶ᠋ᠡᠨ ᠪᠣᠯᠭᠠᠪᠠ᠂ ᠲᠡᠷᠡ ᠳᠠᠢᠰᠤᠨ ᠤ᠋ ᠲᠡᠨᠳᠡ ᠪᠠᠢᠬᠤ ᠳ᠋ᠠᠭᠠᠨ ᠲᠡᠭᠦᠨ ᠢ᠋ ᠬᠠᠷᠪᠤᠵᠤ ᠰᠢᠷᠬᠠᠲᠤᠭᠤᠯᠤᠭᠰᠠᠨ ᠠ᠋ᠴᠠ ᠢᠯᠡᠭᠦᠦ ᠲᠡᠭᠦᠨ ᠳ᠋ᠦ᠍ ᠦᠨᠡᠬᠡᠷ ᠦᠨᠡᠨᠴᠢ ᠰᠢᠳᠤᠷᠭᠤ ᠪᠠᠷ ᠵᠢᠳᠬᠦᠵᠦ ᠬᠠᠷᠢᠭᠤᠯᠤᠭᠰᠠᠨ ᠨᠢ ᠬᠣᠯᠠ ᠶᠡᠬᠡ ᠶᠦᠮ᠃ ᠲᠡᠮᠦᠵᠢᠨ ᠦᠨᠡᠨᠴᠢ ᠰᠢᠳᠤᠷᠭᠤ ᠨᠥᠬᠥᠷ ᠭᠡᠵᠦ ᠲᠡᠭᠦᠨ ᠢ᠋ ᠰᠣᠩᠭᠣᠭᠰᠠᠨ ᠨᠢ ᠣᠭᠲᠣ ᠬᠣᠭᠣᠰᠣᠨ ᠦᠭᠡᠢ ᠠᠵᠢ᠃ ᠬᠣᠵᠢᠮ ᠨᠢ ᠲᠡᠷᠡ ᠠᠷᠪᠠᠲᠤ ᠶ᠋ᠢᠨ ᠳᠠᠷᠤᠭ᠎ᠠ ᠠ᠋ᠴᠠ ᠪᠠᠨ ᠵᠡᠪᠡ ᠨᠣᠶᠠᠨ ᠪᠣᠯᠵᠤ᠂ ᠠᠯᠲᠠᠨ ᠤᠯᠤᠰ ᠢ᠋ ᠴᠣᠬᠢᠬᠤ ᠦᠶ᠎ᠡ ᠳ᠋ᠦ᠍ ᠬᠠᠮᠤᠭ ᠤ᠋ᠨ ᠲᠡᠷᠢᠭᠦᠨ ᠳ᠋ᠦ᠍ ᠣᠷᠣᠭᠰᠠᠨ ᠪᠥᠭᠡᠳ ᠬᠠᠷ᠎ᠠ ᠬᠢᠳᠠᠨ (ᠪᠠᠷᠠᠭᠤᠨ ᠯᠢᠶᠣᠣ) ᠶ᠋ᠢ ᠠᠷᠭ᠎ᠠ ᠪᠠᠷ ᠡᠵᠡᠯᠡᠭᠡᠳ ᠂ ᠫᠠᠮᠢᠷ ᠠᠭᠤᠯᠠ ᠶ᠋ᠢ ᠳᠠᠪᠠᠭᠠᠳ ᠰᠦᠪᠡᠭᠡᠳᠡᠢ ᠪᠠᠭᠠᠲᠤᠷ ᠲᠠᠢ ᠬᠠᠮᠲᠤ ᠪᠠᠷ ᠮᠣᠷᠢᠨ ᠲᠤᠭᠤᠷᠠᠢ ᠪᠠᠷ ᠢ᠋ᠶ᠋ᠠᠨ ᠪᠧᠷᠰ ᠢ᠋ ᠭᠢᠰᠬᠢᠯᠡᠨ ᠺᠡᠥ᠋ᠺᠡᠰ ᠠᠭᠤᠯᠠ ᠶ᠋ᠢ ᠳᠠᠪᠠᠵᠤ ᠣᠷᠣᠰ ᠤ᠋ᠨ ᠣᠯᠠᠨ ᠬᠦᠩ ᠢ᠋ ᠳᠡᠢᠯᠦᠭᠰᠡᠨ ᠶᠦᠮ᠃
(ᠲᠠᠪᠤ) ᠲᠡᠮᠦᠵᠢᠨ ᠬᠠᠭᠠᠨ ᠪᠣᠯᠤᠭᠰᠠᠨ ᠨᠢ
ᠲᠡᠮᠦᠵᠢᠨ ᠪᠣᠯ ᠪᠣᠷᠵᠢᠭᠢᠨ ᠠᠢᠮᠠᠭ ᠤ᠋ᠨ ᠨᠡᠷ᠎ᠡ ᠨᠢᠳᠡᠷ ᠲᠡᠭᠡᠨ ᠨᠡᠢᠴᠡᠭᠰᠡᠨ ᠡᠵᠡᠨ ᠮᠥᠨ᠃ ᠪᠤᠰᠤᠳ ᠨᠢ ᠣᠷᠪᠠᠭᠰᠠᠳ ᠤ᠋ᠨ ᠲᠡᠳᠦᠢ ᠪᠣᠯᠬᠣᠷ ᠠᠯᠠᠬᠤ ᠶᠠᠯ᠎ᠠ ᠪᠠᠷ ᠰᠢᠳᠬᠡᠭᠳᠡᠭᠰᠡᠨ ᠪᠠᠢᠨ᠎ᠠ᠃ ᠲᠡᠭᠡᠭᠡᠳ ᠲᠡᠮᠦᠵᠢᠨ ᠥᠪᠡᠷ ᠦ᠋ᠨ ᠠᠢᠮᠠᠭ ᠤ᠋ᠨ ᠡᠷᠬᠡ ᠠᠰᠢᠭ ᠲᠤ ᠬᠠᠮᠢᠶᠠᠷᠤᠭᠳᠠᠬᠤ ᠨᠤᠲᠤᠭ ᠪᠡᠯᠴᠢᠭᠡᠷ ᠢ᠋ᠶ᠋ᠡᠨ ᠡᠵᠡᠯᠡᠨ ᠠᠪᠴᠠᠢ᠃ ᠤᠷᠪᠠᠭᠰᠠᠳ ᠭᠡᠭᠳᠡᠬᠦ ᠳᠤᠷ᠎ᠠ ᠦᠭᠡᠢ ᠬᠥᠮᠦᠰ᠂ ᠳᠠᠷᠤᠢ ᠲᠦᠷᠭᠡᠨ ᠢᠷᠡᠵᠦ ᠲᠡᠭᠦᠨ ᠳ᠋ᠦ᠍ ᠰᠢᠳᠤᠷᠭᠤ ᠪᠠᠨ ᠭᠦᠢᠴᠡᠳᠬᠡᠬᠦ ᠪᠡᠷ ᠲᠠᠩᠭᠠᠷᠢᠭᠯᠠᠯᠠ᠃ ᠲᠠᠷᠬᠠᠵᠤ ᠪᠤᠲᠠᠷᠠᠭᠰᠠᠨ ᠲᠠᠢᠴᠢᠭᠤᠳ ᠠᠢᠮᠠᠭ ᠤ᠋ᠨ ᠲᠥᠷᠥᠯ ᠰᠠᠳᠤᠨ ᠪᠠ ᠶᠢᠰᠦᠭᠡᠢ ᠶ᠋ᠢ ᠦᠬᠦᠮᠡᠭᠴᠡ ᠰᠠᠯᠤᠭᠠᠳ ᠶᠠᠪᠤᠭᠰᠠᠨ ᠡᠯ᠎ᠡ ᠠᠢᠮᠠᠭ ᠶᠠᠰᠤᠲᠠᠨ ᠨᠤᠭᠤᠳ ᠪᠦᠷ ᠤᠨᠤᠨ ᠮᠥᠷᠡᠨ ᠦ᠌ ᠵᠦᠭ ᠨᠡᠭᠦᠳᠡᠯᠯᠡᠪᠡ᠃
ᠲᠡᠮᠦᠵᠢᠨ᠂ ᠨᠥᠬᠥᠷᠰᠡᠭ ᠣᠪᠣᠷ ᠢ᠋ᠶ᠋ᠠᠷ ᠲᠡᠭᠦᠨ ᠦ᠌ ᠳᠡᠷᠭᠡᠳᠡ ᠢᠷᠡᠭᠰᠡᠳ ᠪᠦᠬᠦᠨ ᠢ᠋ ᠤᠭᠲᠤᠵᠤ ᠠᠪᠤᠯ᠎ᠠ᠃ ᠮᠡᠩᠯᠢᠭ ᠢ᠋ ᠴᠤ ᠪᠠᠶᠠᠷ ᠬᠥᠷ ᠲᠡᠢ ᠪᠡᠷ ᠤᠭᠲᠤᠵᠤ ᠠᠪᠤᠭᠰᠠᠨ ᠶᠤᠮ᠃ ᠮᠡᠩᠯᠢᠭ ᠪᠣᠯ ᠶᠢᠰᠦᠭᠡᠢ ᠪᠠᠭᠠᠲᠤᠷ ᠤ᠋ᠨ ᠭᠡᠷ ᠪᠦᠯᠢ ᠶ᠋ᠢ ᠮᠢᠨᠢ ᠬᠠᠷᠠᠭᠠᠯᠵᠠᠵᠤ ᠬᠠᠮᠠᠭᠠᠯᠠᠭᠠᠷᠠᠢ ᠭᠡᠵᠦ ᠨᠠᠢᠳᠠᠭᠰᠠᠨ ᠬᠥᠮᠦᠨ ᠪᠢᠯᠡ᠃ ᠦᠨᠡᠨᠴᠢ ᠰᠢᠳᠤᠷᠭᠤ ᠪᠤᠰᠤ ᠮᠡᠩᠯᠢᠭ ᠡᠨᠡ ᠮᠡᠲᠦ ᠨᠠᠢᠳᠠᠯᠭ᠎ᠠ ᠶ᠋ᠢ ᠨᠢ ᠬᠥᠰᠡᠷᠳᠡᠭᠦᠯᠦᠨ ᠭᠡᠷ ᠪᠦᠯᠢ ᠶ᠋ᠢ ᠬᠠᠷ᠎ᠠ ᠪᠠᠭᠤᠴᠠᠨ ᠳ᠋ᠤᠨᠢ ᠣᠷᠬᠢᠭᠠᠳ᠂ ᠬᠠᠷ᠎ᠠ ᠠᠮᠢ ᠪᠠᠨ ᠪᠣᠳᠣᠨ ᠨᠡᠭᠦᠭᠰᠡᠨ ᠶᠦᠮ᠃ ᠣᠳᠣ ᠬᠠᠷᠢᠨ ᠠᠶᠤᠨ ᠡᠮᠢᠶᠡᠭᠰᠡᠭᠡᠷ ᠲᠡᠮᠦᠵᠢᠨ ᠦ᠌ ᠬᠦᠷᠢᠶ᠎ᠡ ᠳ᠋ᠦ᠍ ᠢᠷᠡᠯ᠎ᠡ᠃ ᠭᠡᠲᠡᠯ᠎ᠡ ᠲᠡᠷᠡ ᠥᠴᠦᠬᠡᠨ ᠴᠦ᠍ ᠮᠠᠭᠤ ᠦᠭᠡ ᠰᠣᠨᠣᠰᠬᠠᠭᠰᠠᠨ ᠦᠭᠡᠢ ᠪᠡᠷ ᠨᠡᠷ᠎ᠡ ᠬᠦᠨᠳᠦᠲᠦ ᠢᠵᠠᠭᠤᠷᠲᠠᠨ ᠤ᠋ ᠬᠤᠷᠠᠯ ᠤ᠋ᠨ ᠰᠠᠭᠤᠳᠠᠯ ᠢ᠋ ᠬᠦᠷᠲᠡᠭᠡᠭᠰᠡᠨ ᠪᠠᠢᠨ᠎ᠠ᠃ ᠭᠡᠪᠡᠴᠦ ᠲᠡᠮᠦᠵᠢᠨ ᠪᠣᠯ ᠶᠠᠮᠠᠷᠪᠠ ᠤᠴᠢᠷ ᠢ᠋ ᠤᠮᠠᠷᠲᠠᠳᠠᠭ ᠦᠭᠡᠢ ᠶ᠋ᠢ ᠮᠡᠩᠯᠢᠭ ᠮᠡᠳᠡᠵᠦ ᠪᠠᠢᠵᠠᠢ᠃ ᠲᠡᠢᠮᠦ ᠡᠴᠡ ᠤᠷᠢᠳ ᠤ᠋ᠨ ᠦᠨᠡᠨᠴᠢ ᠰᠢᠳᠤᠷᠭᠤ ᠦᠭᠡᠢ ᠶᠠᠪᠤᠭᠰᠠᠨ ᠢ᠋ᠶ᠋ᠠᠨ ᠨᠥᠬᠥᠵᠦ ᠬᠠᠷᠢᠭᠤᠯᠤᠶ᠎ᠠ ᠭᠡᠳ ᠣᠨᠴᠠ ᠢᠳᠡᠪᠬᠢᠲᠡᠢ ᠠᠭᠠᠰᠢᠯᠠᠵᠤ ᠪᠠᠢᠭᠰᠠᠨ ᠶᠤᠮ᠃ ᠲᠡᠷᠡ ᠠᠢᠯ ᠡᠷᠦᠬᠡ ᠪᠡᠷ᠂ ᠠᠢᠮᠠᠭ ᠶᠠᠰᠤᠲᠠᠨ ᠢ᠋ᠶ᠋ᠠᠷ ᠲᠣᠭᠣᠷᠢᠨ ᠶᠠᠪᠤᠵᠤ᠂ ᠣᠳᠣ ᠮᠣᠩᠭᠣᠯ ᠤ᠋ᠨ ᠬᠠᠭᠠᠨ ᠢ᠋ᠶ᠋ᠠᠨ ᠰᠣᠩᠭᠣᠬᠤ ᠴᠠᠭ ᠢᠷᠡᠭᠰᠡᠨ ᠰᠢᠦ ᠭᠡᠵᠦ ᠤᠬᠠᠭᠤᠯᠤᠨ ᠶᠠᠷᠢᠵᠤ ᠪᠠᠢᠯ᠎ᠠ᠃ ᠡᠨᠡ ᠮᠡᠲᠦ ᠶ᠋ᠢᠨ ᠦᠭᠡ ᠶᠠᠷᠢᠶ᠎ᠠ ᠨᠢ ᠲᠡᠮᠦᠵᠢᠨ ᠦ᠌ ᠳᠠᠢᠴᠢᠨ ᠨᠥᠬᠥᠳ ᠲᠦ᠍ ᠬᠠᠯᠠᠭᠤᠨ ᠢ᠋ᠶ᠋ᠠᠷ ᠬᠦᠷᠢᠶᠡᠯᠡᠭᠳᠡᠪᠡ᠃ ᠲᠡᠷᠡ ᠦᠶ᠎ᠡ ᠳ᠋ᠦ᠍᠂ ᠮᠡᠩᠯᠢᠭ ᠦ᠋ᠨ ᠬᠥᠪᠡᠭᠦᠨ ᠬᠥᠭᠡᠴᠦ ᠬᠠᠷᠠᠬᠠᠨ ᠨᠠᠰᠤ ᠵᠠᠯᠠᠭᠤ ᠪᠣᠯᠪᠠᠴᠤ ᠶᠡᠬᠡ ᠯᠡ ᠨᠡᠷ᠎ᠡ ᠲᠡᠢ ᠪᠥᠬᠡ ᠪᠠᠢᠭᠰᠠᠨ ᠪᠢᠯᠡ᠃ ᠲᠡᠷᠡ᠂ ᠪᠥᠭᠡᠯᠡᠵᠦ ᠣᠩᠭᠣᠨ ᠰᠠᠬᠢᠭᠤᠯᠰᠤᠨ ᠢ᠋ᠶ᠋ᠠᠨ ᠪᠠᠭᠤᠯᠭᠠᠭᠠᠳ᠄ ᠲᠡᠮᠦᠵᠢᠨ ᠡᠴᠡ ᠪᠤᠰᠤᠳ ᠬᠡᠨ ᠴᠦ᠍ ᠬᠠᠭᠠᠨ ᠰᠠᠭᠤᠬᠤ ᠬᠤᠪᠢ ᠵᠠᠶᠠᠭ᠎ᠠ ᠦᠭᠡᠢ ᠭᠡᠵᠦ《ᠮᠥᠩᠬᠡ ᠲᠩᠷᠢ》 ᠲᠣᠭᠲᠠᠭᠠᠵᠠᠢ ᠭᠡᠵᠦ ᠬᠡᠯᠡᠭᠰᠡᠨ ᠡᠴᠡ ᠣᠳᠣ ᠶᠠᠮᠠᠷᠴᠤ ᠬᠠᠷᠰᠢ ᠰᠠᠭᠠᠳ ᠦᠭᠡᠢ ᠪᠣᠯᠪᠠ᠃
ᠠᠢᠮᠠᠭ ᠶᠠᠰᠤᠲᠠᠨ ᠨᠤᠭᠤᠳ ᠤ᠋ᠨ ᠳᠣᠲᠣᠷ᠎ᠠ ᠥᠪᠡᠷ ᠦ᠋ᠨ ᠭᠡᠷ ᠦ᠋ᠨ ᠭᠠᠷᠤᠯ ᠨᠢ ᠨᠡᠩ ᠥᠨᠳᠥᠷ ᠪᠥᠭᠡᠳ ᠬᠠᠭᠠᠨ ᠰᠠᠭᠤᠪᠠᠯ ᠵᠣᠬᠢᠨ᠎ᠠ ᠭᠡᠵᠦ ᠪᠣᠳᠣᠵᠤ ᠪᠠᠢᠭᠰᠠᠨ ᠬᠥᠮᠦᠰ ᠨᠡᠯᠢᠶᠡᠳ ᠪᠣᠢ᠃ ᠭᠡᠪᠡᠴᠦ ᠲᠡᠳᠡ ᠪᠡᠶ᠎ᠡ ᠪᠡᠶ᠎ᠡ ᠲᠡᠢ ᠪᠡᠨ ᠬᠠᠷᠢᠯᠴᠠᠨ ᠠᠲᠠᠭᠠᠷᠬᠠᠯᠴᠠᠭᠠᠳ᠂ ᠬᠠᠷᠢᠯᠴᠠᠨ ᠰᠡᠵᠢᠭᠯᠡᠭᠡᠳ ᠪᠣᠯᠬᠤ ᠦᠭᠡᠢ᠃ ᠬᠠᠪᠤᠯ ᠬᠠᠭᠠᠨ ᠤ᠋ ᠠᠴᠢ ᠬᠥᠪᠡᠭᠦᠨ ᠲᠠᠷᠢᠳᠠᠢ ᠲᠡᠭᠦᠨ ᠦ᠌ ᠲᠥᠷᠥᠯ ᠦ᠋ᠨ ᠠᠬ᠎ᠠ ᠳᠡᠭᠦᠦ ᠰᠡᠴᠡ ᠪᠡᠬᠢ ᠳ᠋ᠦ᠍ ᠶᠠᠭᠤᠨ ᠳᠤ ᠵᠠᠬᠢᠷᠤᠭᠳᠠᠵᠤ ᠪᠣᠯᠬᠤ ᠦᠭᠡᠢ ᠪᠣᠢ? ᠡᠰᠡᠬᠦᠯ᠎ᠡ ᠡᠨᠡ ᠬᠣᠶᠠᠭᠤᠯᠠ ᠬᠠᠪᠤᠯ ᠬᠠᠭᠠᠨ ᠤ᠋ ᠬᠥᠪᠡᠭᠦᠨ ᠠᠯᠲᠠᠨ ᠳ᠋ᠤ᠌ ᠵᠠᠪᠠᠯ ᠵᠠᠬᠢᠷᠤᠭᠳᠠᠬᠤ ᠦᠭᠡᠢ ᠪᠣᠯ ᠪᠣᠯᠬᠤ ᠦᠭᠡᠢ ᠭᠡᠯᠴᠡᠨ᠎ᠡ᠃ ᠨᠡᠩ ᠴᠦ᠍ ᠡᠳᠡᠭᠡᠷ ᠭᠤᠷᠪᠠᠨ ᠬᠥᠮᠦᠨ ᠲᠥᠷᠥᠯ ᠦ᠋ᠨ ᠳᠡᠭᠦᠦ ᠬᠣᠴᠡᠷ ᠲᠦ᠍ ᠵᠠᠬᠢᠷᠤᠭᠳᠠᠬᠤ ᠦᠭᠡᠢ ᠪᠡᠷ ᠪᠣᠯᠬᠤ ᠥᠬᠡᠢ ᠭᠡᠨ᠎ᠡ᠃ ᠡᠢᠮᠦᠷᠬᠦ ᠦᠭᠡ ᠶᠠᠷᠢᠶ᠎ᠠ ᠶᠡᠬᠡ ᠯᠡ ᠶᠠᠪᠤᠭᠳᠠᠵᠤ ᠪᠠᠢᠯ᠎ᠠ᠃ ᠲᠡᠮᠦᠵᠢᠨ ᠦ᠌ ᠪᠡᠶ᠎ᠡ ᠶ᠋ᠢᠨ ᠭᠠᠷᠤᠯ ᠢ᠋ᠶ᠋ᠠᠷ ᠬᠥᠭᠡᠭᠡᠪᠡᠯ ᠲᠡᠳᠡᠨ ᠡᠴᠡ ᠳᠣᠣᠷᠠᠲᠤ ᠦᠶ᠎ᠡ ᠲᠡᠢ ᠪᠣᠯᠤᠨ᠎ᠠ᠃ ᠲᠡᠳᠡ ᠪᠦᠭᠦᠳᠡᠭᠡᠷ ᠬᠠᠷᠢᠨ ᠲᠡᠮᠦᠵᠢᠨ ᠢ᠋ ᠬᠠᠭᠠᠨ ᠰᠣᠩᠭᠣᠪᠠᠯ ᠬᠡᠨ ᠨᠢ ᠴᠦ᠍ ᠠᠯᠳᠠᠬᠤ ᠵᠦᠢᠯ ᠦᠭᠡᠢ᠂ ᠲᠡᠳᠡᠨᠡᠷ ᠦ᠋ᠨ ᠪᠠᠢᠷᠢ ᠰᠠᠭᠤᠷᠢ ᠶ᠋ᠢ ᠲᠡᠮᠦᠵᠢᠨ ᠶᠠᠭᠠᠬᠢᠪᠠᠴᠤ ᠤᠮᠠᠷᠲᠠᠬᠤ ᠶᠣᠰᠣ ᠦᠭᠡᠢ᠂ ᠲᠡᠮᠦᠵᠢᠨ ᠬᠡᠵᠢᠶ᠎ᠡ ᠴᠦ᠍ ᠭᠡᠰᠡᠨ ᠲᠡᠳᠡᠨ ᠢ᠋ ᠶᠡᠬᠡ ᠯᠡ ᠬᠦᠨᠳᠦᠯᠡᠵᠦ ᠪᠠᠢᠭᠰᠠᠨ ᠠ᠋ᠴᠠ ᠲᠡᠳᠡᠨ ᠳ᠋ᠦ᠍ ᠢᠩᠭᠢᠵᠦ ᠢᠲᠡᠭᠡᠭᠳᠡᠵᠡᠢ᠃
ᠮᠡᠩᠯᠢᠭ ᠪᠦᠬᠦ ᠢᠵᠠᠭᠤᠷᠲᠠᠨ ᠤ᠋ ᠡᠮᠦᠨ᠎ᠡ ᠡᠴᠡ ᠲᠡᠮᠦᠵᠢᠨ ᠢ᠋ ᠬᠠᠭᠠᠨ ᠪᠣᠯᠭᠠᠨ ᠡᠷᠭᠦᠮᠵᠢᠯᠡᠬᠦ ᠪᠡᠷ ᠳᠤᠷᠠᠳᠤᠭᠰᠠᠨ ᠦᠶ᠎ᠡ ᠳ᠋ᠦ᠍᠂ ᠲᠡᠮᠦᠵᠢᠨ ᠨᠠᠰᠤᠨ ᠤ᠋ ᠳᠡᠰ ᠳᠠᠷᠠᠭ᠎ᠠ ᠪᠠᠷ ᠡᠨᠡ ᠳᠥᠷᠪᠡᠨ ᠠᠬᠠᠮᠠᠳ ᠶᠡᠬᠡ ᠬᠥᠮᠦᠰ ᠢ᠋ ᠬᠠᠭᠠᠨ ᠰᠠᠭᠤᠯᠭᠠᠬᠤ ᠪᠠᠷ ᠭᠤᠶᠤᠴᠢᠯᠠᠭᠰᠠᠨ ᠪᠣᠯᠪᠠᠴᠤ᠂ ᠲᠡᠳᠡ ᠨᠠᠷ ᠨᠢᠭᠡᠳ ᠨᠢᠭᠡ ᠪᠡᠷ ᠡᠨᠡ ᠱᠠᠭᠠᠷᠳᠠᠯᠭ᠎ᠠ ᠶ᠋ᠢ ᠬᠦᠯᠢᠶᠡᠨ ᠠᠪᠤᠭᠰᠠᠨ ᠦᠭᠡᠢ ᠪᠥᠭᠡᠳ ᠪᠦᠭᠦᠳᠡᠭᠡᠷ ᠢ᠋ᠶ᠋ᠡᠨ ᠲᠠᠩᠭᠠᠷᠢᠭᠯᠠᠭᠰᠠᠨ ᠨᠢ᠄《ᠪᠢᠳᠡᠨ ᠦ᠌ ᠬᠦᠰᠡᠬᠦ ᠨᠢ ᠲᠡᠮᠦᠵᠢᠨ ᠲᠠᠨ ᠢ᠋ ᠬᠠᠭᠠᠨ ᠪᠣᠯᠭᠠᠶ᠎ᠠ᠃ ᠲᠡᠮᠦᠵᠢᠨ ᠲᠠ ᠬᠠᠭᠠᠨ ᠰᠠᠭᠤᠭᠰᠠᠨ ᠬᠣᠢᠨ᠎ᠠ ᠪᠢᠳᠡ ᠣᠯᠠᠨ ᠲᠡᠢᠨ ᠳ᠋ᠦ᠍ ᠣᠷᠣᠢᠯᠠᠨ ᠶᠠᠪᠤᠵᠤ᠂ ᠣᠨᠴᠠ ᠭᠤᠸ᠎ᠠ ᠥᠬᠢᠳ ᠢ᠋ ᠣᠯᠵᠠᠯᠠᠵᠤ᠂ ᠤᠷᠲᠤ ᠰᠠᠢᠬᠠᠨ ᠭᠡᠷ ᠢ᠋ ᠠᠪᠴᠤ ᠣᠯᠠᠨ ᠤ᠋ ᠬᠠᠭᠠᠨ ᠲᠡᠮᠦᠵᠢᠨ ᠴᠢᠮᠠᠲᠤ ᠡᠷᠭᠦᠶ᠎ᠡ᠃ ᠣᠷᠣᠭ᠎ᠠ ᠭᠥᠷᠥᠭᠡᠰᠦ ᠶ᠋ᠢ ᠠᠪᠠᠯᠠᠬᠤ ᠴᠠᠭ ᠲᠤ ᠣᠳᠴᠤ ᠣᠢᠷᠠᠲᠤᠭᠤᠯᠵᠤ ᠥᠭᠭᠦᠶ᠎ᠡ ᠪᠢᠳᠡ᠃ ᠬᠠᠷᠢ ᠶ᠋ᠢᠨ ᠢᠷᠭᠡᠨ ᠢ᠋ ᠬᠠᠯᠳᠠᠨ ᠳᠣᠪᠲᠣᠯᠵᠤ ᠬᠠᠴᠠᠷ ᠭᠤᠸ᠎ᠠ ᠬᠠᠲᠤᠳ ᠢ᠋ ᠣᠯᠵᠠᠯᠠᠵᠤ ᠬᠠᠲᠠᠷᠢ ᠰᠠᠢᠲᠠᠢ ᠠᠭᠲᠠ ᠶ᠋ᠢ ᠬᠥᠭᠡᠭᠡᠨ ᠠᠪᠴᠢᠷᠠᠵᠤ ᠥᠭᠭᠦᠶ᠎ᠡ᠃ ᠬᠠᠳᠬᠤᠯᠳᠤᠬᠤ ᠲᠡᠢᠨ ᠪᠣᠯᠬᠤ ᠴᠠᠭ ᠲᠤ ᠬᠠᠭᠠᠨ ᠲᠡᠮᠦᠵᠢᠨ ᠴᠢᠨᠦ ᠬᠠᠲᠠᠭᠤ ᠵᠠᠷᠯᠢᠭ ᠢ᠋ ᠬᠠᠢᠬᠤᠷᠬᠤ ᠦᠭᠡᠢ ᠶᠠᠪᠤᠪᠠᠴᠤ ᠬᠠᠲᠤᠨ ᠡᠮ᠎ᠡ ᠡᠴᠡ ᠬᠠᠭᠠᠴᠠᠭᠤᠯᠤᠨ ᠬᠠᠮᠤᠭ ᠶᠠᠭᠤᠮ᠎ᠠ ᠶ᠋ᠢ ᠬᠠᠮᠤᠷᠤᠨ ᠠᠪᠴᠤ ᠬᠠᠷ᠎ᠠ ᠲᠣᠯᠣᠭᠠᠢ ᠶ᠋ᠢ ᠮᠢᠨᠢ ᠬᠠᠶᠠᠵᠤ ᠣᠳᠤᠭᠲᠤᠨ᠃ ᠡᠩᠬᠡ ᠴᠠᠭ ᠲᠤ ᠡᠵᠡᠨ ᠲᠡᠮᠦᠵᠢᠨ ᠴᠢᠨᠦ ᠡᠶ᠎ᠡ ᠵᠠᠷᠯᠢᠭ ᠢ᠋ ᠡᠰᠡ ᠳᠠᠭᠠᠪᠠᠰᠤ ᠡᠵᠡᠯᠡᠭᠰᠡᠨ ᠠᠷᠠᠳ ᠢ᠋ ᠠᠪᠴᠤ ᠡᠮ᠎ᠡ ᠬᠥᠪᠡᠭᠦᠳ ᠢ᠋ ᠪᠤᠯᠢᠶᠠᠵᠤ ᠡᠨᠡ ᠪᠡᠶ᠎ᠡ ᠶ᠋ᠢ ᠮᠢᠨᠢ ᠡᠵᠡᠭᠦᠢ ᠭᠠᠵᠢᠷᠠ ᠣᠷᠭᠢ》 ᠭᠡᠵᠡᠢ᠃
ᠡᠨᠡ ᠳᠥᠷᠪᠡᠨ ᠠᠬᠠᠮᠠᠳ ᠶᠡᠬᠡ ᠬᠥᠮᠦᠰ ᠦ᠋ᠨ ᠢᠩᠭᠢᠵᠦ ᠲᠠᠩᠭᠠᠷᠢᠭᠯᠠᠭᠰᠠᠨ ᠦᠭᠡᠰ ᠨᠢ ᠪᠤᠰᠤᠳ ᠨᠣᠶᠠᠳ ᠳᠠᠷᠤᠭ᠎ᠠ ᠨᠠᠷ ᠴᠥᠮ ᠰᠠᠢᠰᠢᠶᠠᠨ ᠵᠥᠪᠰᠢᠶᠡᠷᠡᠭᠡᠳ ᠮᠣᠩᠭᠣᠯᠴᠤᠳ ᠤ᠋ᠨ ᠬᠠᠭᠠᠨ ᠤ᠋ ᠪᠠᠢᠷᠢ ᠰᠠᠭᠤᠷᠢ ᠶ᠋ᠢ ᠲᠣᠳᠣᠷᠬᠠᠢ ᠲᠣᠭᠲᠠᠭᠠᠪᠠ᠃ ᠨᠡᠭᠦᠳᠡᠯᠴᠢᠨ ᠮᠠᠯᠴᠢᠨ ᠠᠷᠠᠳ ᠤ᠋ᠨ ᠬᠦᠰᠡᠳᠡᠭ ᠭᠤᠸ᠎ᠠ ᠦᠵᠡᠰᠬᠦᠯᠡᠩ ᠥᠬᠢᠳ᠂ ᠰᠠᠢᠨ ᠠᠭᠲᠠ ᠮᠣᠷᠢᠳ᠂ ᠰᠠᠢᠨ ᠵᠠᠷ ᠵᠡᠪᠰᠡᠭ᠂ ᠭᠣᠶᠣ ᠰᠠᠢᠬᠠᠨ ᠬᠤᠪᠴᠠᠰᠤ ᠵᠡᠷᠭᠡ ᠠᠯᠢ ᠪᠦᠬᠦᠨ ᠢ᠋ ᠣᠯᠵᠤ ᠴᠢᠳᠠᠬᠤ ᠪᠣᠯᠬᠣᠷ᠂ ᠮᠣᠩᠭᠣᠯᠴᠤᠳ ᠤ᠋ᠨ ᠬᠠᠭᠠᠨ ᠨᠢ ᠡᠳᠡᠭᠡᠷ ᠲᠦᠷᠦᠭᠦᠴᠦᠳ ᠢ᠋ᠶ᠋ᠡᠨ ᠳᠠᠭᠠᠭᠤᠯᠵᠤ᠂ ᠪᠠᠢᠯᠳᠤᠭᠠᠨ ᠳ᠋ᠤ᠌ ᠢᠯᠠᠯᠲᠠ ᠶ᠋ᠢ ᠣᠯᠬᠤ ᠪᠠᠷ ᠵᠢᠯᠣᠭᠣᠳᠬᠤ ᠶᠣᠰᠣᠲᠠᠢ᠃ ᠡᠨᠡᠬᠦ ᠬᠠᠭᠠᠨ ᠨᠢ ᠪᠠᠰᠠ ᠠᠩ ᠠᠪᠠ ᠲᠠᠯᠪᠢᠬᠤ ᠵᠣᠬᠢᠰᠲᠠᠢ ᠰᠠᠢᠨ ᠴᠠᠭ ᠢ᠋ ᠰᠣᠩᠭᠣᠵᠤ ᠴᠢᠳᠠᠬᠤ ᠪᠥᠭᠡᠳ ᠮᠠᠯ ᠰᠦᠷᠦᠭ ᠲᠡᠭᠡᠨ ᠥᠩ ᠰᠢᠮᠡᠯᠢᠭ ᠨᠤᠲᠤᠭ ᠪᠡᠯᠴᠢᠭᠡᠷ ᠢ᠋ ᠡᠷᠢᠵᠦ ᠥᠭᠬᠦ ᠡᠭᠦᠷᠭᠡ ᠲᠡᠢ ᠶᠦᠮ᠃ ᠡᠢᠮᠦ ᠶ᠋ᠢᠨ ᠲᠤᠯᠠ᠂ ᠣᠯᠠᠨ ᠲᠦᠷᠦᠭᠦᠴᠦᠳ ᠨᠢ ᠬᠠᠭᠠᠨ ᠳ᠋ᠠᠭᠠᠨ ᠪᠠᠢᠯᠳᠤᠭᠠᠨ ᠤ᠋ ᠣᠯᠵᠠ ᠠᠰᠢᠭ ᠤ᠋ᠨ ᠳᠡᠭᠡᠵᠢ ᠶ᠋ᠢ ᠡᠷᠭᠦᠬᠦ ᠪᠠ ᠪᠠᠢᠯᠳᠤᠬᠤ ᠦᠶ᠎ᠡ ᠳ᠋ᠦ᠍ ᠵᠠᠷᠯᠢᠭ ᠢ᠋ ᠨᠢ ᠳᠠᠭᠠᠬᠤ ᠶᠣᠰᠣᠲᠠᠢ᠃ ᠪᠠᠢᠯᠳᠤᠭᠠᠨ ᠲᠡᠭᠦᠰᠦᠮᠡᠭᠴᠡ ᠡᠳᠡᠭᠡᠷ ᠲᠦᠷᠦᠭᠦᠴᠦᠳ ᠦ᠋ᠨ ᠨᠢᠭᠡ ᠯᠡ ᠡᠭᠦᠷᠭᠡ ᠨᠢ ᠬᠠᠭᠠᠨ ᠤ᠋ ᠡᠷᠬᠡ ᠳ᠋ᠦ᠍ ᠬᠠᠯᠳᠠᠬᠤ ᠦᠭᠡᠢ᠂ ᠬᠠᠭᠠᠨ ᠳ᠋ᠠᠭᠠᠨ ᠵᠠᠮ ᠲᠠᠯᠪᠢᠨ ᠥᠭᠴᠦ ᠯᠡ ᠪᠠᠢᠪᠠᠯ ᠪᠣᠯᠴᠢᠬᠠᠨ᠎ᠠ᠃
ᠲᠡᠮᠦᠵᠢᠨ ᠲᠡᠭᠦᠨ ᠦ᠌ ᠡᠷᠬᠡ ᠪᠣᠯᠤᠨ ᠡᠭᠦᠷᠭᠡ ᠪᠡᠨ ᠨᠤᠲᠠᠯᠠᠵᠤ ᠬᠡᠯᠡᠭᠰᠡᠨ ᠨᠢ᠄《ᠡᠨᠳᠡ ᠴᠤᠭᠯᠠᠷᠠᠭᠰᠠᠨ ᠬᠥᠮᠦᠰ ᠪᠦᠭᠦᠳᠡᠭᠡᠷ ᠢ᠋ᠶ᠋ᠡᠨ ᠡᠶ᠎ᠡ ᠨᠢᠭᠡᠳᠴᠦ ᠨᠠᠮᠠᠶ᠋ᠢ ᠬᠠᠭᠠᠨ ᠢ᠋ᠶ᠋ᠠᠷ ᠰᠣᠩᠭᠣᠬᠤ ᠰᠢᠢᠳᠪᠦᠷᠢ ᠶ᠋ᠢ ᠪᠠᠲᠤᠯᠠᠪᠠ᠃<ᠲᠩᠷᠢ> ᠳ᠋ᠦ᠍ ᠥᠷᠦᠰᠢᠶᠡᠭᠳᠡᠵᠦ᠂ ᠨᠠᠮᠠᠶ᠋ᠢ ᠰᠡᠳᠬᠢᠵᠦ ᠨᠥᠬᠥᠷᠯᠡᠶ᠎ᠡ ᠭᠡᠵᠦ ᠢᠷᠡᠭᠰᠡᠨ ᠠᠩᠬᠠᠨ ᠤ᠋ ᠥᠯᠵᠡᠢᠲᠦ ᠨᠥᠬᠥᠳ ᠮᠢᠨᠢ ᠲᠠᠨᠠᠷ ᠠᠯᠢ ᠨᠢ ᠴᠦ᠍ ᠢᠯᠡᠭᠦᠦ ᠬᠦᠨᠳᠦᠲᠡᠢ ᠪᠠᠢᠬᠤ ᠤᠴᠢᠷᠲᠠᠢ》 ᠭᠡᠪᠡ᠃
ᠰᠣᠩᠭᠣᠯᠲᠠ ᠪᠠᠨ ᠶᠡᠬᠡ ᠬᠥᠭᠵᠢᠯ ᠲᠡᠢ ᠪᠡᠷ ᠪᠡᠯᠭᠡᠯᠡᠪᠡ᠃ ᠬᠣᠷᠢᠨ ᠨᠠᠢ᠍ᠮᠠᠨ ᠨᠠᠰᠤᠲᠠᠢ ᠵᠠᠯᠠᠭᠤ ᠬᠠᠭᠠᠨ ᠢᠳᠡᠭᠡᠨ ᠤᠮᠳᠠᠭᠠᠨ ᠵᠡᠷᠭᠡ ᠶᠠᠭᠤᠨ ᠢ᠋ᠶ᠋ᠠᠨ ᠴᠤ᠌ ᠬᠠᠷᠠᠮᠨᠠᠬᠤ ᠦᠭᠡᠢ ᠪᠠᠢᠯ᠎ᠠ᠃ ᠲᠡᠭᠦᠨ ᠦ᠌ ᠭᠠᠷᠭᠠᠭᠰᠠᠨ ᠤᠮᠳᠠᠭᠠᠨ ᠨᠢ ᠭᠠᠭᠴᠠᠬᠦ ᠶᠡᠷᠦ ᠶ᠋ᠢᠨ ᠬᠤᠮᠢᠰᠤ (ᠴᠡᠬᠡ) ᠲᠡᠳᠦᠢ ᠪᠤᠰᠤ ᠪᠠᠰᠠ ᠰᠠᠭᠠᠯᠢ ᠶ᠋ᠢᠨ ᠠᠷᠢᠬᠢ ᠭᠠᠷᠭᠠᠪᠠ᠂ ᠡᠢᠮᠦᠷᠬᠦ ᠰᠠᠭᠠᠯᠢ ᠶ᠋ᠢᠨ ᠠᠷᠢᠬᠢ ᠨᠢ ᠠᠢᠷᠠᠭ ᠪᠤᠶᠤ ᠴᠡᠭᠡ ᠶ᠋ᠢ ᠨᠡᠷᠡᠪᠡᠯ ᠠᠷᠢᠬᠢ ᠨᠢ ᠲᠤᠩᠭᠠᠯᠠᠭ ᠪᠥᠭᠡᠳ ᠬᠥᠮᠦᠨ ᠢ᠋ ᠶᠡᠬᠡ ᠰᠣᠭᠲᠣᠭᠠᠳᠠᠭ ᠠᠵᠢ᠃
ᠡᠨᠡᠬᠦ ᠪᠡᠯᠭᠡᠯᠡᠬᠦ ᠶᠣᠰᠣᠯᠠᠯ ᠨᠢ ᠪᠠᠰᠠ ᠨᠢᠭᠡ ᠣᠨᠴᠠ ᠠᠭᠤᠯᠭ᠎ᠠ ᠪᠠᠢᠭᠰᠠᠨ ᠶᠤᠮ᠂ ᠡᠨᠡ ᠨᠢ ᠳᠠᠷᠤᠢ ᠮᠡᠩᠯᠢᠭ᠂ ᠲᠡᠮᠦᠵᠢᠨ ᠦ᠌ ᠡᠬᠡ ᠥᠭᠡᠯᠦᠨ ᠲᠡᠢ ᠤᠷᠤᠭ ᠬᠣᠯᠪᠣᠭᠰᠠᠨ ᠢ᠋ ᠬᠠᠮᠲᠤ ᠪᠡᠯᠭᠡᠯᠡᠭᠰᠡᠨ ᠪᠠᠢᠯ᠎ᠠ᠃ ᠡᠨᠡ ᠪᠠᠰᠠ ᠣᠨᠴᠠ ᠨᠢᠭᠡᠨ ᠬᠡᠷᠡᠭ ᠶᠠᠪᠤᠳᠠᠯ ᠪᠣᠯᠤᠨ᠎ᠠ᠂ ᠶᠠᠭᠤᠨ ᠳ᠋ᠤ᠌ ᠭᠡᠪᠡᠯ᠂ ᠮᠣᠩᠭᠣᠯ ᠤ᠋ᠨ ᠡᠷᠲᠡ ᠦᠶ᠎ᠡ ᠶ᠋ᠢᠨ ᠨᠡᠢᠭᠡᠮ ᠳ᠋ᠦ᠍ ᠪᠣᠯ ᠪᠣᠯᠪᠠᠰᠤᠨ ᠡᠬᠡᠨᠡᠷ ᠦᠬᠦᠭᠰᠡᠨ ᠬᠣᠢᠨ᠎ᠠ ᠪᠠᠨ ᠠᠩᠬᠠᠨ ᠤ᠋ ᠡᠷ᠎ᠡ ᠲᠡᠢ ᠪᠡᠨ ᠳᠠᠬᠢᠨ ᠠᠭᠤᠯᠵᠠᠬᠤ ᠪᠣᠯᠬᠣᠷ᠂ ᠳᠠᠬᠢᠨ ᠤᠷᠤᠭᠯᠠᠵᠤ ᠪᠣᠯᠬᠤ ᠦᠭᠡᠢ ᠶᠦᠮ ᠭᠡᠨ᠎ᠡ᠃ ᠡᠴᠢᠭᠡ ᠪᠡᠨ ᠦᠬᠦᠭᠰᠡᠨ ᠬᠣᠢᠨ᠎ᠠ᠂ ᠬᠡᠦᠬᠡᠳ ᠨᠢ ᠥᠪᠡᠷ ᠦ᠋ᠨ ᠲᠥᠷᠥᠭᠰᠡᠨ ᠡᠬᠡ ᠡᠴᠡ ᠠᠰᠲᠠᠭᠠᠨ ᠡᠬᠡ ᠲᠡᠢ ᠪᠡᠨ ᠬᠠᠮᠲᠤ ᠰᠠᠭᠤᠵᠤ ᠪᠣᠯᠬᠤ ᠨᠢ ᠡᠢᠮᠦ ᠤᠴᠢᠷ ᠠ᠋ᠴᠠ ᠪᠣᠯᠵᠠᠢ᠃ ᠮᠡᠩᠯᠢᠭ ᠣᠳᠣ ᠥᠭᠡᠯᠦᠨ ᠡᠬᠡ ᠲᠡᠢ ᠨᠡᠢᠯᠡᠵᠦ ᠰᠠᠭᠤᠭᠰᠠᠨ ᠨᠢ ᠦᠬᠦᠭᠰᠡᠨ ᠶᠢᠰᠦᠭᠡᠢ ᠪᠠᠭᠠᠲᠤᠷ ᠴᠤ ᠰᠢᠳᠤᠷᠭᠤ ᠪᠠᠨ ᠢᠯᠡᠷᠬᠡᠢᠯᠡᠬᠦ ᠶ᠋ᠢᠨ ᠲᠥᠯᠥᠭᠡ ᠭᠡᠨ᠎ᠡ᠃ ᠢᠩᠭᠢᠭᠡᠳ ᠶᠢᠰᠦᠭᠡᠢ ᠶ᠋ᠢᠨ ᠲᠥᠯᠥᠭᠡ ᠡᠬᠡᠨᠡᠷ ᠢ᠋ ᠨᠢ ᠬᠠᠮᠠᠭᠠᠯᠠᠵᠤ ᠪᠠᠢᠭ᠎ᠠ ᠤᠴᠢᠷ ᠭᠡᠨ᠎ᠡ᠃ ᠡᠨᠡ ᠮᠡᠲᠦ ᠶ᠋ᠢᠨ ᠤᠴᠢᠷ ᠪᠣᠯᠤᠭᠰᠠᠨ ᠠ᠋ᠴᠠ ᠣᠨᠴᠠ ᠪᠡᠯᠭᠡᠯᠡᠬᠦ ᠬᠡᠷᠡᠭᠲᠡᠢ ᠪᠣᠯᠵᠠᠢ᠃ ᠢᠩᠭᠢᠪᠡᠯ ᠥᠭᠡᠯᠦᠨ ᠡᠬᠡ ᠪᠣᠯᠤᠨ ᠮᠡᠩᠯᠢᠭ ᠬᠤᠷᠢᠮ ᠤ᠋ᠨ ᠡᠵᠡᠨ ᠮᠥᠨ ᠪᠣᠯᠬᠣᠷ ᠰᠢᠨ᠎ᠡ ᠬᠠᠭᠠᠨ ᠤ᠋ ᠳᠣᠣᠷ᠎ᠠ ᠭᠠᠷ ᠲᠠᠯᠪᠢᠨ ᠵᠣᠭᠰᠣᠬᠤ ᠠ᠋ᠴᠠ ᠵᠠᠢᠯᠠᠵᠤ ᠴᠢᠳᠠᠨ᠎ᠠ᠃
ᠬᠤᠷᠢᠮ ᠲᠠᠷᠬᠠᠬᠤ ᠦᠶ᠎ᠡ ᠳ᠋ᠦ᠍ ᠪᠠᠷᠤᠭ ᠰᠠᠭᠠᠯᠢ ᠶ᠋ᠢᠨ ᠠᠷᠢᠬᠢ ᠶ᠋ᠢ ᠥᠩᠭᠡᠷᠡᠦ ᠠᠷᠪᠢᠨ ᠤᠤᠭᠤᠯᠴᠠᠭᠰᠠᠨ ᠪᠢᠵᠡ᠂ ᠨᠢᠭᠡᠨ ᠲᠦᠷᠦᠭᠦᠦ ᠶ᠋ᠢᠨ ᠠᠪᠠᠭᠠᠢ ᠨᠢ ᠣᠨᠳᠣᠣ ᠨᠢᠭᠡ ᠲᠦᠷᠦᠭᠦᠦ ᠶ᠋ᠢᠨ ᠡᠬᠡᠨᠡᠷ ᠡᠴᠡ ᠢᠯᠡᠭᠦᠦ ᠬᠦᠨᠳᠦᠳᠬᠡᠭᠳᠡᠭᠰᠡᠨ ᠦᠭᠡᠢ ᠭᠡᠳ ᠭᠡᠨᠡᠳᠲᠡ ᠡᠷᠡᠭᠲᠡᠢᠴᠦᠳ ᠬᠣᠭᠣᠷᠣᠨᠳᠣ ᠪᠠᠨ ᠬᠡᠷᠡᠭᠦᠯ ᠪᠣᠯᠵᠤ ᠡᠬᠢᠯᠡᠪᠡ᠃ ᠲᠡᠭᠡᠭᠰᠡᠨ ᠳ᠋ᠦ᠍ ᠠᠷᠢᠬᠢ ᠪᠠᠷᠢᠵᠤ ᠪᠠᠢᠭᠰᠠᠨ ᠪᠥᠭᠡᠳ ᠬᠤᠷᠢᠮ ᠤ᠋ᠨ ᠳᠢᠭᠯᠢᠮ ᠢ᠋ ᠬᠠᠮᠠᠭᠠᠯᠠᠭᠴᠢ ᠲᠡᠮᠦᠵᠢᠨ ᠦ᠌ ᠳᠡᠭᠦᠦ (ᠪᠠᠭ᠎ᠠ ᠡᠬᠡ ᠡᠴᠡ ᠲᠥᠷᠥᠭᠰᠡᠨ) ᠪᠡᠯᠭᠦᠳᠡᠢ ᠬᠤᠷᠢᠮ ᠤ᠋ᠨ ᠳᠢᠭᠯᠢᠮ ᠢ᠋ ᠬᠠᠮᠠᠭᠠᠯᠠᠶ᠎ᠠ ᠭᠡᠵᠦ ᠢᠳᠬᠠᠭᠰᠠᠨ ᠳ᠋ᠤ᠌᠂ ᠬᠠᠷᠢᠨ ᠬᠡᠷᠡᠭᠦᠯ ᠪᠣᠯᠵᠤ᠂ ᠲᠡᠷᠡ ᠬᠣᠶᠠᠭᠤᠯᠠ ᠨᠡᠢᠯᠡᠭᠡᠳ ᠪᠡᠯᠭᠦᠳᠡᠢ ᠶ᠋ᠢ ᠴᠣᠬᠢᠭᠰᠠᠨ ᠪᠠᠢᠨ᠎ᠠ᠃ ᠥᠭᠡᠷ᠎ᠡ ᠲᠦᠷᠦᠭᠦᠴᠦᠳ ᠨᠢ ᠪᠠᠰᠠ ᠲᠡᠭᠦᠨ ᠢ᠋ ᠥᠮᠥᠭᠯᠡᠷ᠎ᠡ ᠢᠷᠡᠭᠡᠳ ᠰᠠᠪᠠ ᠰᠠᠭᠠᠯᠢ ᠪᠠᠷ ᠢ᠋ᠶ᠋ᠠᠨ ᠴᠣᠬᠢᠯᠴᠠᠵᠤ ᠶᠡᠬᠡᠯ᠎ᠡ ᠦᠢᠮᠡᠭᠡᠨ ᠪᠣᠯᠪᠠ᠃ ᠡᠴᠦᠰ ᠲᠡᠭᠡᠨ ᠲᠡᠮᠦᠵᠢᠨ ᠦ᠌ ᠳᠡᠭᠦᠦ ᠶ᠋ᠢᠨ ᠲᠠᠯ᠎ᠠ ᠳᠡᠢᠯᠦᠭᠡᠳ᠂ ᠨᠥᠭᠦᠭᠡ ᠲᠠᠯ᠎ᠠ ᠶ᠋ᠢᠨ ᠬᠥᠮᠦᠰ ᠢ᠋ ᠭᠡᠷ ᠦ᠋ᠨ ᠭᠠᠳᠠᠨ᠎ᠠ ᠲᠦᠯᠬᠢᠨ ᠭᠠᠷᠭᠠᠭᠰᠠᠨ ᠪᠠᠢᠨ᠎ᠠ᠃ ᠡᠨᠡ ᠦᠶ᠎ᠡ ᠳ᠋ᠦ᠍᠂ ᠲᠡᠮᠦᠵᠢᠨ ᠬᠡᠷᠡᠭᠦᠯ ᠱᠤᠤᠭᠢᠶᠠᠨ ᠢ᠋ ᠬᠠᠢᠬᠤᠷᠤᠭᠰᠠᠨ ᠴᠤ ᠦᠭᠡᠢ᠂ ᠲᠣᠪ ᠳᠤᠭᠤᠢ ᠰᠠᠭᠤᠵᠤ ᠬᠠᠭᠠᠨ ᠤ᠋ ᠰᠠᠭᠤᠷᠢᠨ ᠠ᠋ᠴᠠ ᠬᠥᠳᠡᠯᠦᠭᠰᠡᠨ ᠴᠤ ᠦᠭᠡᠢ᠃ ᠵᠠᠯᠠᠭᠤ ᠬᠠᠭᠠᠨ ᠰᠠᠭᠠᠷᠠᠯ ᠮᠣᠷᠢᠨ ᠤ᠋ ᠠᠷᠠᠰᠤ ᠪᠠᠷ ᠪᠦᠷᠢᠭᠰᠡᠨ ᠰᠠᠨᠳᠠᠯᠢ ᠳᠡᠭᠡᠷ᠎ᠡ ᠯᠠᠪᠳᠠᠭᠤᠨ ᠰᠠᠭᠤᠵᠤ ᠬᠥᠳᠡᠯᠦᠭᠰᠡᠨ ᠴᠦ᠍ ᠦᠭᠡᠢ ᠪᠢᠯᠡ᠃ ᠬᠦᠴᠦᠨ ᠮᠡᠬᠦᠰᠳᠡᠭᠡᠳ ᠭᠠᠳᠠᠭᠰᠢ ᠲᠦᠯᠬᠢᠭᠳᠡᠨ ᠭᠠᠷᠤᠭᠰᠠᠨ ᠰᠡᠴᠡ ᠪᠡᠬᠢ ᠲᠡᠭᠦᠨ ᠦ᠌ ᠨᠥᠬᠥᠷ ᠪᠣᠯᠳᠠᠭ ᠲᠠᠢᠴᠤ ᠲᠠᠢ ᠬᠣᠶᠠᠭᠤᠯᠠ ᠰᠡᠬᠡᠷᠡᠬᠦ ᠦᠭᠡᠢ ᠪᠠᠷᠬᠢᠷᠠᠭᠰᠠᠭᠠᠷ ᠶᠠᠪᠤᠲᠠᠯ᠎ᠠ᠂ ᠲᠡᠮᠦᠵᠢᠨ ᠨᠢᠭᠡ ᠦᠭᠡ ᠴᠤ ᠬᠡᠯᠡᠭᠰᠡᠨ ᠦᠭᠡᠢ᠃ ᠭᠡᠪᠡᠴᠦ ᠲᠡᠷᠡ ᠳᠠᠬᠢᠨ ᠳᠠᠬᠢᠨ ᠬᠥᠮᠦᠨ ᠵᠠᠷᠤᠵᠤ ᠵᠣᠭᠰᠣᠭᠠᠬᠤ ᠪᠠᠷ ᠣᠷᠣᠯᠳᠣᠭᠰᠠᠨ ᠲᠤᠯᠠ᠂ ᠥᠩᠭᠡ ᠶ᠋ᠢᠨ ᠲᠡᠳᠦᠢ ᠡᠶ᠎ᠡ ᠡᠪ ᠢ᠋ ᠰᠡᠷᠭᠦᠭᠡᠵᠦ᠂ ᠶᠣᠰᠣᠯᠠᠯ ᠤ᠋ᠨ ᠬᠤᠷᠢᠮ ᠨᠢ ᠶᠠᠮᠠᠷ ᠴᠤ ᠬᠡᠷᠡᠭ ᠭᠠᠷᠤᠭᠰᠠᠨ ᠦᠭᠡᠢ ᠮᠡᠲᠦ ᠤᠭ ᠬᠡᠪ ᠢ᠋ᠶ᠋ᠡᠷ ᠵᠠᠯᠭᠠᠭᠠᠳ ᠶᠠᠪᠤᠭᠳᠠᠯ᠎ᠠ᠃ ᠲᠡᠮᠦᠵᠢᠨ ᠡᠳᠡᠭᠡᠷ ᠪᠦᠬᠦᠨ ᠢ᠋ ᠠᠩᠬᠠᠷᠤᠯ ᠲᠠᠯᠪᠢᠨ ᠠᠵᠢᠭᠯᠠᠭᠰᠠᠨ ᠪᠥᠭᠡᠳ ᠶᠠᠭᠤᠨ ᠢ᠋ ᠴᠤ ᠤᠮᠠᠷᠲᠠᠬᠤ ᠦᠭᠡᠢ ᠴᠡᠭᠡᠵᠢᠯᠡᠵᠦ ᠠᠪᠤᠭᠰᠠᠨ ᠶᠤᠮ᠃
ᠦᠰᠦᠭ ᠠᠮᠢᠯᠠᠭᠤᠯᠤᠭᠴᠢ᠄ ᠥᠯᠵᠡᠢᠪᠠᠭᠠᠲᠤᠷ᠂ ᠵᠣᠷᠢᠭᠲᠤ᠂ ᠪᠠᠶᠠᠨᠴᠡᠴᠡᠭ᠂ ᠡᠷᠳᠡᠨᠢᠭᠤᠸ᠎ᠠ᠂ ᠪᠠᠶᠠᠨᠰᠡᠷᠡᠩ᠂ ᠲᠣᠭᠲᠠᠭᠤᠨᠪᠠᠶᠠᠷ
ᠬᠢᠨᠠᠭᠴᠢ᠄ ᠲ᠂ ᠬᠦᠮᠦᠵᠢᠯᠲᠦ᠂ ᠣᠳᠬᠠᠨᠰᠣ᠎ᠠ
