ᠦᠷ ᠦᠨ ᠲᠤᠶᠠᠭ᠎ᠠ I – ᠪ᠂ ᠷᠢᠨᠴᠢᠨ <ᠷᠢᠨᠴᠢᠨ ᠳᠦ — ᠨᠢᠺᠤᠯᠠᠢ ᠲᠢᠬᠤᠨᠣᠧ> Үүрийн туяа I – Б ᠂ Ренчин "<Ренчинд — Николай дихное" ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠷ ᠦᠨ ᠲᠤᠶᠠᠭ᠎ᠠ I – ᠪ᠂ ᠷᠢᠨᠴᠢᠨ <ᠷᠢᠨᠴᠢᠨ ᠳᠦ — ᠨᠢᠺᠤᠯᠠᠢ ᠲᠢᠬᠤᠨᠣᠧ> Үүрийн туяа I – Б ᠂ Ренчин "<Ренчинд — Николай дихное"

ᠦᠷ ᠦᠨ ᠲᠤᠶᠠᠭ᠎ᠠ I – ᠪ᠂ ᠷᠢᠨᠴᠢᠨ <ᠷᠢᠨᠴᠢᠨ ᠳᠦ — ᠨᠢᠺᠤᠯᠠᠢ ᠲᠢᠬᠤᠨᠣᠧ> Үүрийн туяа I – Б ᠂ Ренчин "<Ренчинд — Николай дихное"

ᠠᠩᠭᠢᠯᠠᠯ:ᠲᠤᠭᠤᠵᠢ ᠷᠣᠮᠠᠨ
2024-10-09

2946

ᠷᠢᠨᠴᠢᠨ ᠳᠦ


 ᠠᠭᠤᠳᠠᠮ ᠲᠠᠯ᠎ᠠ ᠳ᠋ᠤ᠌᠂ ᠠᠷᠢᠭᠤᠨ ᠰᠠᠢᠬᠠᠨ ᠰᠡᠳᠬᠢᠯᠲᠦ 
 ᠠᠬ᠎ᠠ ᠳᠡᠭᠦᠦ ᠮᠣᠩᠭᠣᠯᠴᠤᠳ ᠤ᠋ᠨ ᠳᠠᠪᠬᠢᠯᠳᠤᠬᠤ ᠶ᠋ᠢ ᠦᠵᠡᠨᠡᠮ ᠪᠢ᠃ 
 ᠤᠨᠢᠶᠠᠷ ᠲᠠᠲᠠᠭᠰᠠᠨ ᠠᠭᠤᠳᠠᠮ ᠲᠠᠯ᠎ᠠ ᠳ᠋ᠤ᠌ ᠳᠠᠭᠤᠤ ᠬᠠᠩᠭᠢᠨᠠᠨ᠂ 
 ᠡᠳᠦᠷ ᠡᠴᠡ ᠵᠠᠯᠠᠭᠤ ᠯᠠ ᠲᠡᠷᠡ ᠳᠠᠭᠤᠤ ᠨᠢ᠃ 

 ᠡᠮᠡᠭᠡᠯ ᠦ᠋ᠨ ᠣᠯᠣᠩ ᠳᠠᠬᠢᠭᠠᠳ ᠴᠢᠩᠭ᠎ᠠ ᠪᠣᠯᠤᠭᠠᠳ᠂ 
 ᠡᠭᠡᠰᠢᠭᠯᠡᠨ ᠳᠠᠭᠤᠯᠠᠭᠴᠢ ᠨᠢ᠂ ᠡᠮᠡᠭᠡᠯ ᠳ᠋ᠡᠭᠡᠨ ᠪᠠᠲᠤ ᠰᠠᠭᠤᠨᠠᠮ᠂ 
 ᠡᠷᠬᠡ ᠴᠢᠯᠥᠭᠡᠲᠦ ᠲᠠᠯ᠎ᠠ ᠨᠤᠲᠤᠭ ᠢ᠋ ᠡᠭᠡᠰᠢᠭᠯᠡᠨ ᠳᠠᠭᠤᠯᠠᠭᠴᠢ᠂ 
 ᠡᠩᠬᠦᠷᠡᠢ ᠨᠥᠬᠥᠷ ᠦ᠋ᠨ ᠳᠠᠭᠤᠤ ᠶ᠋ᠢ ᠮᠣᠰᠺᠸᠠ ᠳ᠋ᠤ᠌ ᠰᠣᠨᠣᠰᠤᠨᠠᠮ᠃  

 ᠡᠨᠡ ᠥᠭᠦᠯᠡᠯ ᠨᠢ᠂ ᠮᠢᠨᠦ ᠰᠡᠳᠬᠢᠯ ᠳ᠋ᠦ᠍ ᠳᠠᠭᠤᠤ ᠶ᠋ᠢᠨ ᠰᠦᠷᠦᠭ ᠦ᠋ᠨ ᠮᠠᠩᠯᠠᠢ᠂ 
 ᠡᠷᠬᠢᠮ ᠬᠤᠷᠳᠤᠨ ᠢ᠋ᠶ᠋ᠠᠨ ᠨᠠᠳᠠ ᠪᠡᠯᠡᠭᠯᠡᠭᠰᠡᠨ ᠠᠳᠠᠯᠢ ᠪᠠᠬᠠᠲᠠᠢ᠃ 
 ᠡᠷᠴᠢᠯᠡᠩᠭᠡᠨ ᠳᠠᠪᠬᠢᠵᠤ ᠶᠠᠪᠤᠭ᠎ᠠ ᠮᠣᠷᠢᠨ ᠤ᠋ ᠬᠤᠷᠳᠤᠨ ᠳ᠋ᠤᠨᠢ ᠂ 
 ᠡᠷᠡᠨ ᠴᠠᠭ ᠤ᠋ᠨ ᠬᠠᠯᠠᠭᠤᠨ ᠬᠠᠴᠠᠷ ᠲᠤ᠌ ᠦᠯᠦ ᠮᠡᠳᠡᠭᠳᠡᠨᠡᠮ᠃ 

 ᠲᠠᠯ᠎ᠠ ᠳ᠋ᠤᠨᠢ ᠪᠥᠬᠥᠢᠨ ᠳᠠᠪᠬᠢᠵᠤ ᠶᠠᠪᠤᠭ᠎ᠠ ᠨᠠᠳᠠ᠃ 
 ᠦᠷ ᠦ᠋ᠨ ᠲᠤᠶᠠᠭ᠎ᠠ ᠶ᠋ᠢᠨ ᠤᠯᠠᠭᠠᠨ ᠮᠣᠷᠢᠳ ᠤ᠋ᠨ ᠥᠭᠡᠳᠡ ᠡᠴᠡ 
 ᠠᠭᠤᠳᠠᠮ ᠲᠠᠯ᠎ᠠ᠂ ᠠᠨᠳᠠ ᠨᠥᠬᠥᠳ ᠦ᠋ᠨ ᠦᠨᠡᠨ ᠪᠠᠢᠳᠠᠯ᠂ 
 ᠤᠯᠠᠮ ᠴᠤ᠌ ᠡᠷᠴᠢᠮᠲᠡᠢ᠂ ᠤᠯᠠᠮ ᠴᠤ᠌ ᠠᠭᠤᠤ ᠠᠵᠢ!               

                 ᠨᠢᠷᠺᠦᠯᠡᠢ᠂ ᠲᠢᠬᠤᠨᠤᠸ᠃ 

        1947 ᠣᠨ ᠤ᠋ ᠨᠠᠢ᠍ᠮᠠᠳᠤᠭᠠᠷ ᠰᠠᠷ᠎ᠠ ᠶ᠋ᠢᠨ ᠭᠤᠴᠢᠨ᠎ᠠ᠃        
                                  ᠮᠣᠰᠺᠸᠠ  

      ᠦᠰᠦᠭ ᠠᠮᠢᠯᠠᠭᠤᠯᠤᠭᠴᠢ᠄ ᠣᠶᠤᠨᠪᠠᠲᠤ  
        ᠬᠢᠨᠠᠭᠴᠢ᠄ ᠠᠯᠲᠠᠨᠱᠠ᠂ ᠪᠠᠯ  
        ᠤᠩᠰᠢᠭᠴᠢ ᠄  ᠨᠠᠰᠤᠨ᠌ᠦ᠌ᠯᠵᠡᠢ