ᠴᠢᠩᠭᠢᠰ ᠬᠠᠭᠠᠨ ᠤ᠋ ᠪᠠᠢᠯᠳᠤᠬᠤ ᠪᠣᠳᠣᠯᠭ᠎ᠠ ᠪᠠ ᠠᠷᠭ᠎ᠠ01ᠲᠡᠮᠦᠵᠢᠨ ᠦ᠌ ᠪᠠᠭ᠎ᠠ ᠨᠠᠰᠤᠨ ᠤ᠋ ᠦᠶ᠎ᠡЧингис хааны байлдах бодлого ба арга
ᠨᠢᠭᠡᠳᠦᠭᠡᠷ ᠪᠦᠯᠦᠭ ᠲᠡᠮᠦᠵᠢᠨ ᠦ᠌ ᠪᠠᠭ᠎ᠠ ᠨᠠᠰᠤᠨ ᠤ᠋ ᠦᠶ᠎ᠡ
(ᠨᠢᠭᠡ) ᠲᠡᠮᠦᠵᠢᠨ ᠳ᠋ᠦ᠍ ᠤᠷᠤᠭ ᠡᠷᠢᠬᠦ ᠪᠡᠷ ᠡᠴᠢᠭᠡ ᠬᠥᠪᠡᠭᠦᠨ ᠠᠶᠠᠨ ᠳ᠋ᠤ᠌ ᠮᠣᠷᠳᠠᠭᠰᠠᠨ ᠨᠢ
ᠳᠤᠮᠳᠠᠳᠤ ᠤᠯᠤᠰ ᠪᠣᠯ ᠮᠠᠰᠢ ᠡᠷᠲᠡᠨ ᠦ᠌ ᠲᠡᠦᠬᠡ ᠲᠡᠢ ᠶᠦᠮ ᠂ᠲᠡᠳᠡᠨ ᠲᠡᠢ ᠲᠠᠰᠤᠷᠠᠯᠲᠠ ᠦᠭᠡᠢ ᠲᠡᠮᠡᠴᠡᠯᠳᠦᠭᠰᠡᠨ ᠳᠠᠢᠰᠤᠨ ᠨᠢ ᠴᠦ᠍ ᠤᠷᠲᠤ ᠤᠳᠠᠭᠠᠨ ᠲᠡᠦᠬᠡ ᠲᠡᠢ ᠪᠢᠯᠡ᠃ ᠲᠡᠷᠡ ᠳᠠᠷᠤᠢ ᠡᠩ ᠦ᠋ᠨ ᠬᠡᠯᠡᠳᠡᠭ ᠠᠷᠤ ᠭᠠᠵᠠᠷ ᠲᠤ᠌ ᠭᠣᠪᠢ ᠮᠠᠩᠬ᠎ᠠ ᠶ᠋ᠢ ᠲᠣᠭᠣᠷᠢᠭᠠᠳ ᠮᠠᠯ ᠠᠳᠤᠭᠤ ᠲᠠᠢ ᠪᠠᠨ ᠬᠠᠮᠲᠤᠪᠠᠷ ᠨᠡᠭᠦᠳᠡᠯᠯᠡᠨ ᠮᠠᠯᠵᠢᠳᠠᠭ ᠦᠨᠳᠦᠰᠦᠲᠡᠨ ᠪᠠᠢᠵᠠᠢ᠃
ᠳᠤᠮᠳᠠᠳᠤ ᠤᠯᠤᠰ ᠬᠠᠷᠠᠬᠠᠨ ᠪᠦᠯᠬᠦᠮᠳᠡᠯ ᠨᠢᠭᠲᠠᠷᠠᠯ ᠦᠭᠡᠢ ᠮᠣᠵᠢ ᠶ᠋ᠢᠨ ᠡᠵᠡᠳ ᠦ᠋ᠨ ᠬᠣᠯᠪᠣᠭᠠᠲᠤ ᠤᠯᠤᠰ ᠪᠠᠢᠭᠰᠠᠨ ᠦᠶ᠎ᠡ ᠳ᠋ᠦ᠍᠂ ᠵᠧᠦ ᠤᠯᠤᠰ ᠤ᠋ᠨ《ᠲᠩᠷᠢ ᠶ᠋ᠢᠨ ᠬᠥᠪᠡᠭᠦᠨ》 ᠨᠢ ᠤᠯᠤᠰ ᠤ᠋ᠨ ᠡᠵᠡᠨ ᠭᠡᠬᠦ ᠨᠡᠷ᠎ᠡ ᠡᠭᠦᠷᠦᠭᠡᠳ ᠲᠩᠷᠢ ᠶ᠋ᠢᠨ ᠵᠠᠭᠤᠴᠢ ᠶ᠋ᠢᠨ ᠲᠡᠳᠦᠢ ᠪᠠᠢᠭᠰᠠᠨ ᠦᠶ᠎ᠡ ᠳ᠋ᠦ᠍᠂ ᠡᠳᠡᠭᠡᠷ ᠠᠷᠤ ᠭᠠᠵᠠᠷ ᠤ᠋ᠨ ᠣᠯᠠᠨ ᠦᠨᠳᠦᠰᠦᠲᠡᠨ ᠨᠢ ᠳᠤᠮᠳᠠᠳᠤ ᠣᠷᠣᠨ ᠤ᠋ ᠬᠠᠭᠠᠨᠲᠤ ᠤᠯᠤᠰ ᠢ᠋ ᠳᠣᠪᠲᠣᠯᠤᠨ ᠪᠤᠯᠢᠶᠠᠵᠤ ᠪᠠᠢᠵᠠᠢ᠂ ᠨᠡᠢᠲᠡ ᠶ᠋ᠢᠨ ᠣᠨ ᠲᠣᠭᠠᠯᠠᠯ ᠤ᠋ᠨ ᠡᠮᠦᠨᠡᠬᠢ ᠨᠠᠢ᠍ᠮᠠᠳᠤᠭᠠᠷ ᠵᠠᠭᠤᠨ ᠤ᠋ ᠦᠶ᠎ᠡ ᠳ᠋ᠦ᠍ ᠲᠩᠷᠢ ᠶ᠋ᠢᠨ ᠬᠥᠪᠡᠭᠦᠨ ᠭᠡᠵᠦ ᠪᠠᠢᠭᠠᠳ ᠠᠶᠤᠬᠤ ᠳ᠋ᠠᠭᠠᠨ ᠨᠡᠢᠰᠯᠡᠯ ᠢ᠋ᠶ᠋ᠡᠨ ᠳᠣᠲᠣᠷ᠎ᠠ ᠭᠠᠵᠠᠷ ᠤ᠋ᠨ ᠠᠯᠤᠰ ᠬᠣᠯᠠ ᠳ᠋ᠤ᠌ ᠰᠢᠯᠵᠢᠭᠦᠯᠬᠦ ᠳ᠋ᠦ᠍ ᠬᠦᠷᠦᠭᠰᠡᠨ ᠪᠢᠯᠡ᠃ ᠨᠡᠢᠲᠡ ᠶ᠋ᠢᠨ ᠣᠨ ᠲᠣᠭᠠᠯᠠᠯ ᠤ᠋ᠨ ᠡᠮᠦᠨᠡᠬᠢ ᠭᠤᠷᠪᠠᠳᠤᠭᠠᠷ ᠵᠠᠭᠤᠨ ᠤ᠋ ᠦᠶ᠎ᠡ ᠳ᠋ᠦ᠍ ᠴᠢᠨ ᠤᠯᠤᠰ ᠳᠤᠮᠳᠠᠳᠤ ᠤᠯᠤᠰ ᠤ᠋ᠨ ᠳᠣᠲᠣᠷ᠎ᠠ ᠭᠠᠵᠠᠷ ᠢ᠋ ᠨᠢᠭᠡᠳᠬᠡᠭᠡᠳ ᠨᠢᠭᠡᠨ ᠶᠡᠬᠡ ᠴᠡᠷᠢᠭᠯᠡᠭᠰᠡᠨ ᠹᠧᠣᠳᠠᠯ ᠤ᠋ᠨ ᠬᠠᠭᠠᠨᠲᠤ ᠤᠯᠤᠰ ᠪᠣᠯᠤᠨ ᠪᠦᠷᠢᠯᠳᠦᠭᠰᠡᠨ ᠪᠣᠯᠪᠠᠴᠤ ᠲᠡᠭᠦᠨ ᠦ᠌ ᠬᠠᠭᠠᠨ ᠨᠢ ᠣᠯᠠᠨ ᠮᠣᠵᠢ ᠶ᠋ᠢᠨ ᠡᠵᠡᠳ ᠦ᠋ᠨ ᠬᠠᠷᠢᠶᠠᠲᠤ ᠭᠠᠵᠠᠷ ᠢ᠋ᠶ᠋ᠠᠨ ᠬᠠᠮᠠᠭᠠᠯᠠᠬᠤ ᠶ᠋ᠢᠨ ᠲᠥᠯᠥᠭᠡ᠂ ᠬᠢᠵᠠᠭᠠᠷ ᠢ᠋ᠶ᠋ᠠᠷ ᠢ᠋ᠶ᠋ᠠᠨ ᠭᠤᠷᠪᠠᠨ ᠮᠢᠩᠭᠠᠨ ᠭᠠᠵᠠᠷ ᠢᠯᠡᠭᠦᠦ ᠶ᠋ᠢᠨ ᠤᠷᠲᠤ᠂ ᠣᠳᠣ ᠬᠦᠷᠲᠡᠯ᠎ᠡ ᠦᠯᠡᠳᠡᠭᠳᠡᠵᠦ ᠪᠠᠢᠭ᠎ᠠ ᠴᠠᠭᠠᠨ ᠬᠡᠷᠡᠮ ᠢ᠋ ᠪᠠᠢᠭᠤᠯᠵᠠᠢ᠃ ᠡᠭᠦᠨ ᠢ᠋ᠶ᠋ᠡᠷ ᠢ᠋ᠶ᠋ᠠᠨ ᠴᠠᠭᠠᠨ ᠬᠡᠷᠡᠮ ᠡᠴᠡ ᠭᠠᠳᠠᠨᠠᠬᠢ ᠭᠠᠵᠠᠷ ᠣᠷᠣᠨ ᠢ᠋ᠶ᠋ᠠᠷ ᠨᠡᠭᠦᠳᠡᠯᠯᠡᠨ ᠮᠠᠯᠵᠢᠭᠴᠢ ᠦᠨᠳᠦᠰᠦᠲᠡᠨ ᠨᠦ᠍ᠭᠦᠳ ᠡᠴᠡ ᠳᠤᠮᠳᠠᠳᠤ ᠣᠷᠣᠨ ᠳ᠋ᠤ᠌ ᠳᠣᠪᠲᠣᠯᠤᠨ ᠣᠷᠣᠬᠤ ᠠ᠋ᠴᠠ ᠲᠠᠰᠤᠯᠳᠠᠭᠤᠯᠤᠭᠠᠳ᠂ ᠥᠪᠡᠷ ᠢ᠋ ᠪᠡᠨ ᠬᠠᠮᠠᠭᠠᠯᠠᠶ᠎ᠠ ᠭᠡᠰᠡᠨ ᠶᠦᠮ (ᠡᠨᠡ ᠨᠢ ᠳᠠᠷᠤᠢ ᠴᠢᠨ ᠱᠢ ᠬᠤᠸᠠᠩ ᠤ᠋ᠨ ᠪᠠᠢᠭᠤᠯᠤᠭᠰᠠᠨ ᠲᠦᠮᠡᠨ ᠭᠠᠵᠠᠷ ᠤ᠋ᠨ ᠤᠷᠲᠤ ᠬᠡᠷᠡᠮ ᠮᠥᠨ᠂ ᠮᠣᠩᠭᠣᠯᠴᠤᠳ ᠡᠭᠦᠨ ᠢ᠋ ᠶᠡᠷᠦ ᠳ᠋ᠡᠭᠡᠨ ᠤᠷᠲᠤ ᠴᠠᠭᠠᠨ ᠬᠡᠷᠡᠮ ᠭᠡᠳᠡᠭ᠃ — ᠮᠣᠩᠭᠣᠯᠴᠢᠯᠠᠭᠴᠢ ᠠ᠋ᠴᠠ)᠃ ᠭᠡᠲᠡᠯ᠎ᠡ ᠲᠡᠭᠦᠨᠴᠡ ᠬᠣᠢᠨ᠎ᠠ ᠬᠡᠳᠦᠨ ᠠᠷᠪᠠᠨ ᠵᠢᠯ ᠪᠣᠯᠣᠮᠠᠭᠴᠠ ᠬᠢᠲᠠᠳ ᠦᠨᠳᠦᠰᠦᠲᠡᠨ ᠦ᠌ ᠲᠠᠷᠢᠶᠠᠴᠢᠳ ᠪᠣᠰᠤᠯᠭ᠎ᠠ ᠭᠠᠷᠭᠠᠭᠠᠳ᠂ ᠴᠢᠨ ᠤᠯᠤᠰ ᠢ᠋ ᠮᠥᠬᠥᠭᠡᠴᠢᠯᠡ᠃ ᠡᠨᠡᠬᠦ ᠴᠠᠭᠠᠨ ᠬᠡᠷᠡᠮ ᠨᠢ ᠴᠦ᠍ ᠴᠢᠨ ᠤᠯᠤᠰ ᠲᠤ᠌ ᠲᠤᠰᠠ ᠪᠣᠯᠵᠤ ᠴᠢᠳᠠᠭᠰᠠᠨ ᠦᠭᠡᠢ ᠶᠦᠮ᠃ ᠭᠠᠭᠴᠠᠬᠦ ᠬᠠᠨ ᠬᠠᠭᠠᠨ ᠤ᠋ ᠲᠥᠷᠥ ᠬᠦᠷᠦᠭᠡᠳ᠂ ᠳᠤᠮᠳᠠᠳᠤ ᠤᠯᠤᠰ ᠤ᠋ᠨ ᠰᠦᠷ ᠬᠦᠴᠦᠨ ᠨᠡᠮᠡᠭᠳᠡᠵᠦ᠂ ᠲᠡᠭᠦᠨ ᠡᠴᠡ ᠬᠣᠢᠰᠢ ᠬᠡᠳᠦᠨ ᠦᠶ᠎ᠡ ᠶ᠋ᠢᠨ ᠪᠠᠭᠠᠲᠤᠷ ᠮᠡᠷᠭᠡᠨ ᠬᠠᠭᠠᠳ ᠨᠢ ᠫᠠᠮᠢᠷ ᠤ᠋ᠨ ᠥᠨᠳᠥᠷᠯᠢᠭ ᠢ᠋ ᠳᠠᠪᠠᠭᠠᠳ᠂ ᠳᠤᠮᠳᠠᠳᠤ ᠠᠽᠢᠶ᠎ᠠ ᠶ᠋ᠢᠨ ᠨᠢᠭᠡᠨ ᠬᠡᠰᠡᠭ ᠢ᠋ ᠤᠯᠤᠰ ᠤ᠋ᠨ ᠢ᠋ᠶ᠋ᠠᠨ ᠬᠠᠷᠢᠶᠠᠲᠤ ᠪᠣᠯᠭᠠᠨ ᠣᠷᠣᠭᠤᠯᠤᠭᠰᠠᠨ ᠠ᠋ᠴᠠ ᠪᠠᠷᠠᠭᠤᠨ ᠠᠽᠢᠶ᠎ᠠ ᠶ᠋ᠢᠨ ᠨᠢᠭᠡᠨ ᠶᠡᠬᠡ ᠪᠠᠷᠠᠲᠤ ᠬᠡᠮᠡᠬᠦ ᠬᠠᠭᠠᠨᠲᠤ ᠤᠯᠤᠰ ᠲᠠᠢ ᠵᠠᠬ᠎ᠠ ᠨᠡᠢᠯᠡᠵᠦ᠂ ᠲᠡᠭᠡᠭᠡᠳ《ᠲᠣᠷᠭᠠᠨ ᠰᠢᠷᠬᠡᠭᠲᠦ ᠵᠠᠮ》 (ᠲᠩᠷᠢ ᠠᠭᠤᠯᠠ ᠶ᠋ᠢᠨ ᠡᠮᠦᠨ᠎ᠡ ᠬᠣᠢᠨᠠᠬᠢ ᠵᠠᠮ ᠢ᠋ ᠬᠡᠯᠡᠵᠦ ᠪᠠᠢᠨ᠎ᠠ᠃ — ᠣᠷᠴᠢᠭᠤᠯᠤᠭᠴᠢ ᠠ᠋ᠴᠠ) ᠶ᠋ᠢ ᠨᠡᠭᠡᠭᠡᠭᠡᠳ᠂ ᠡᠷᠲᠡᠨ ᠦ᠌ ᠷᠣᠮ ᠤ᠋ᠨ ᠬᠠᠭᠠᠨᠲᠤ ᠤᠯᠤᠰ ᠯᠤᠭ᠎ᠠ ᠬᠠᠷᠢᠯᠴᠠᠬᠤ ᠪᠣᠯᠤᠭᠰᠠᠨ ᠶᠤᠮ᠃ ᠡᠳᠡᠭᠡᠷ ᠬᠠᠭᠠᠳ ᠨᠢ ᠪᠠᠰᠠ ᠭᠣᠪᠢ ᠮᠠᠩᠬ᠎ᠠ ᠶ᠋ᠢ ᠲᠣᠭᠣᠷᠢᠭᠰᠠᠨ ᠣᠯᠠᠨ ᠦᠨᠳᠦᠰᠦᠲᠡᠨ ᠢ᠋ ᠴᠣᠬᠢᠨ ᠬᠥᠭᠡᠭᠡᠵᠦ᠂ ᠲᠡᠳᠡᠨᠦᠰ ᠢ᠋ ᠡᠯᠡᠰᠦ ᠮᠠᠩᠬᠠᠨ ᠳ᠋ᠤ᠌ ᠣᠷᠣᠭᠤᠯᠪᠠ᠃ ᠭᠡᠪᠡᠴᠦ ᠡᠳᠡᠭᠡᠷ ᠦᠨᠳᠦᠰᠦᠲᠡᠨ ᠢ᠋ ᠰᠥᠨᠥᠭᠡᠵᠦ ᠴᠢᠳᠠᠭᠰᠠᠨ ᠦᠭᠡᠢ ᠪᠥᠭᠡᠳ ᠲᠡᠳᠡᠨᠦᠰ ᠢ᠋ ᠵᠠᠬᠢᠷᠴᠤ ᠪᠠᠰᠠ ᠴᠢᠳᠠᠭᠰᠠᠨ ᠦᠭᠡᠢ ᠶᠦᠮ᠃ ᠶᠠᠭᠠᠬᠢᠭᠠᠳ ᠭᠡᠪᠡᠯ ᠡᠳᠡᠭᠡᠷ ᠮᠣᠷᠢᠲᠠᠨ ᠤ᠋ ᠪᠦᠯᠦᠭ ᠪᠣᠯ ᠬᠡᠳᠦᠢᠪᠡᠷ ᠬᠥᠭᠡᠭᠡᠭᠳᠡᠵᠦ ᠪᠤᠲᠠᠷᠠᠪᠠᠴᠤ ᠮᠠᠰᠢ ᠲᠦᠷᠭᠡᠨ ᠢ᠋ᠶ᠋ᠡᠷ ᠪᠠᠷᠠᠭᠤᠨ ᠵᠦᠭ ᠵᠠᠢᠯᠠᠨ ᠳᠤᠲᠠᠭᠠᠭᠠᠳ᠂ ᠲᠡᠷᠡ ᠭᠠᠵᠠᠷ ᠲᠤ᠌ ᠲᠡᠨᠦᠭᠦᠴᠢᠯᠡᠵᠦ ᠪᠠᠢᠭ᠎ᠠ ᠠᠢᠮᠠᠭ ᠦᠨᠳᠦᠰᠦᠲᠡᠨ ᠲᠡᠢ ᠨᠡᠢᠯᠡᠭᠡᠳ᠂ ᠡᠷᠭᠢᠭᠡᠳ ᠶᠡᠬᠡ ᠪᠦᠯᠦᠭ ᠪᠣᠯᠵᠤ ᠪᠠᠢᠯ᠎ᠠ᠂ ᠡᠨᠡ ᠮᠡᠲᠦ ᠨᠡᠮᠡᠭᠳᠡᠭᠡᠳ ᠪᠠᠷᠠᠰᠢ ᠦᠭᠡᠢ ᠴᠠᠰᠤᠨ ᠪᠥᠮᠪᠥᠭᠡ ᠨᠢ ᠬᠠᠨᠳᠤᠭᠰᠠᠨ ᠵᠦᠭ ᠦ᠋ᠨ ᠵᠠᠮ ᠵᠠᠭᠤᠷ᠎ᠠ ᠪᠠᠨ ᠳᠠᠭᠠᠷᠢᠯᠳᠤᠭᠰᠠᠨ ᠪᠣᠯᠪᠠᠰᠤᠨ ᠤᠯᠤᠰ ᠢ᠋ ᠳᠠᠭᠠᠷᠢᠨ ᠳᠣᠪᠲᠣᠯᠤᠭᠠᠳ᠂ ᠲᠡᠳᠡᠨ ᠢ᠋ ᠡᠵᠡᠯᠡᠵᠦ ᠣᠬᠣᠷ ᠬᠤᠭᠤᠴᠠᠭ᠎ᠠ ᠪᠣᠯᠪᠠᠴᠤ ᠤᠯᠤᠰ ᠢ᠋ᠶ᠋ᠠᠨ ᠪᠠᠢᠭᠤᠯᠵᠤ ᠨᠣᠶᠠᠷᠬᠠᠳᠠᠭ ᠪᠠᠢᠯ᠎ᠠ᠃ ᠡᠰᠡᠬᠦᠯ᠎ᠡ ᠴᠣᠬᠢᠭᠳᠠᠨ ᠵᠠᠢᠯᠠᠵᠤ ᠠᠯᠤᠰ ᠬᠣᠯᠠ ᠶ᠋ᠢᠨ ᠭᠠᠵᠠᠷ ᠳᠤᠲᠠᠭᠠᠨ ᠣᠴᠢᠭᠠᠳ᠂ ᠥᠭᠡᠷ᠎ᠡ ᠦᠨᠳᠦᠰᠦᠲᠡᠨ ᠲᠡᠢ ᠨᠡᠢᠯᠡᠵᠦ ᠬᠦᠴᠦ ᠨᠡᠮᠡᠭᠳᠡᠨ ᠬᠦᠴᠦᠷᠬᠡᠭ ᠶᠡᠬᠡ ᠪᠣᠯᠵᠤ ᠪᠠᠢᠭᠰᠠᠨ ᠶᠤᠮ᠃ ᠬᠠᠨ ᠤᠯᠤᠰ ᠤ᠋ᠨ ᠶᠠᠪᠤᠭᠤᠯᠤᠭᠰᠠᠨ ᠠᠯᠤᠰ ᠬᠣᠯᠠ ᠶ᠋ᠢᠨ ᠠᠶᠠᠨ ᠲᠡᠢᠨ ᠡᠴᠡ ᠪᠣᠯᠵᠤ ᠮᠣᠩᠭᠣᠯ ᠤ᠋ᠨ ᠥᠨᠳᠥᠷᠯᠢᠭ ᠪᠠ ᠳᠤᠮᠳᠠᠳᠤ ᠠᠽᠢᠶ᠎ᠠ ᠳ᠋ᠤ᠌ ᠬᠥᠨᠳᠡᠢ ᠬᠣᠭᠣᠰᠣᠨ ᠭᠠᠵᠠᠷ ᠪᠣᠢ ᠪᠣᠯᠪᠠ ᠂ ᠬᠣᠢᠲᠤ ᠵᠦᠭ ᠦ᠋ᠨ ᠣᠢ ᠰᠢᠭᠤᠢ ᠶ᠋ᠢᠨ ᠭᠠᠵᠠᠷ ᠠ᠋ᠴᠠ ᠪᠤᠶᠤ ᠡᠭᠦᠨ ᠢ᠋ ᠲᠣᠭᠣᠷᠢᠵᠤ ᠪᠠᠢᠭᠰᠠᠨ ᠠᠭᠤᠯᠠᠷᠬᠠᠭ ᠭᠠᠵᠠᠷ ᠠ᠋ᠴᠠ ᠬᠠᠷᠢ ᠦᠨᠳᠦᠰᠦᠲᠡᠨ ᠨᠦ᠍ᠭᠦᠳ ᠣᠷᠣᠵᠤ ᠢᠷᠡᠭᠡᠳ ᠡᠨᠡᠬᠦ ᠬᠥᠨᠳᠡᠢ ᠬᠣᠭᠣᠰᠣᠨ ᠣᠷᠣᠨ ᠢ᠋ ᠳᠦᠭᠦᠷᠭᠡᠭᠰᠡᠨ ᠶᠦᠮ᠂ ᠡᠳᠡᠭᠡᠷ ᠦᠨᠳᠦᠰᠦᠲᠡᠨ ᠪᠣᠯ ᠳᠠᠷᠤᠢ ᠮᠣᠩᠭᠣᠯ᠂ ᠲᠦᠩᠭᠦᠰ᠂ ᠲᠦᠷᠺ ᠦ᠋ᠳ ᠪᠣᠯᠤᠨ᠎ᠠ ᠃ ᠨᠤᠲᠤᠭ ᠪᠡᠯᠴᠢᠭᠡᠷ ᠢ᠋ᠶ᠋ᠡᠷ ᠭᠠᠴᠢᠭᠳᠠᠨ᠂ ᠲᠡᠢᠨ ᠦ᠌ ᠣᠯᠵᠠᠨ ᠳ᠋ᠤ᠌ ᠭᠣᠷᠢᠳᠠᠭᠰᠠᠨ ᠢ᠋ᠶ᠋ᠠᠷ ᠡᠳᠡᠭᠡᠷ ᠦᠨᠳᠦᠰᠦᠲᠡᠨ᠂ ᠬᠠᠨ ᠤᠯᠤᠰ ᠲᠤ᠌ ᠳᠠᠷᠤᠯᠠᠭᠳᠠᠨ ᠲᠠᠭᠤᠭᠳᠠᠭᠰᠠᠨ ᠶᠠᠰᠤᠲᠠᠨ ᠪᠠ ᠦᠨᠳᠦᠰᠦᠲᠡᠨ ᠦ᠌ ᠣᠷᠣᠨ ᠳ᠋ᠤᠨᠢ ᠢᠷᠡᠭᠡᠳ᠂ ᠰᠠᠭᠤᠷᠢᠰᠢᠭᠰᠠᠨ ᠦᠨᠳᠦᠰᠦᠲᠡᠨ ᠦ᠌ ᠳᠣᠷᠣᠢ ᠪᠠᠭᠤᠷᠠᠢ ᠳᠤᠲᠠᠭᠳᠠᠯ ᠢ᠋ ᠠᠰᠢᠭᠯᠠᠨ ᠰᠢᠷᠭᠤᠯᠠᠨ ᠣᠷᠣᠶ᠎ᠠ ᠭᠡᠵᠦ ᠵᠠᠪ ᠴᠢᠯᠥᠭᠡ ᠶ᠋ᠢ ᠠᠵᠢᠭᠯᠠᠨ ᠬᠣᠭᠣᠷᠣᠨᠳᠣ ᠪᠠᠨ ᠨᠤᠲᠤᠭ ᠪᠡᠯᠴᠢᠭᠡᠷ ᠪᠤᠯᠢᠶᠠᠯᠳᠤᠬᠤ ᠪᠤᠶᠤ ᠮᠠᠯ ᠢ᠋ᠶ᠋ᠠᠨ ᠪᠤᠯᠢᠶᠠᠯᠳᠤᠬᠤ ᠪᠠᠭ᠎ᠠ ᠲᠡᠢᠨ ᠢ᠋ ᠲᠠᠰᠤᠷᠠᠯᠲᠠ ᠦᠭᠡᠢ ᠬᠢᠵᠦ ᠪᠠᠢᠯ᠎ᠠ᠃ ᠡᠢᠮᠦ ᠪᠠᠢᠳᠠᠯ ᠬᠡᠳᠦᠨ ᠵᠠᠭᠤᠨ ᠵᠢᠯ ᠪᠤᠶᠤ ᠮᠢᠩᠭᠠᠨ ᠵᠢᠯ ᠬᠦᠷᠲᠡᠯ᠎ᠡ ᠦᠷᠭᠦᠯᠵᠢᠯᠡᠵᠦ ᠪᠠᠢᠵᠠᠢ᠃ ᠡᠨᠡ ᠦᠨᠳᠦᠰᠦᠲᠡᠨ ᠲᠡᠷᠡ ᠦᠨᠳᠦᠰᠦᠲᠡᠨ ᠭᠡᠵᠦ ᠨᠡᠷ᠎ᠡ ᠨᠢ ᠬᠡᠳᠦᠢ ᠬᠤᠪᠢᠷᠠᠵᠤ ᠬᠠᠯᠠᠭᠳᠠᠭᠰᠠᠨ ᠪᠣᠯᠪᠠᠴᠤ᠂ ᠡᠨᠡ ᠮᠡᠲᠦ ᠶ᠋ᠢᠨ ᠪᠠᠢᠳᠠᠯ ᠨᠢ ᠶᠡᠷᠦᠳᠡᠭᠡᠨ ᠠᠳᠠᠯᠢᠪᠲᠤᠷ ᠪᠠᠢᠭᠰᠠᠨ ᠶᠤᠮ᠂ ᠨᠡᠭᠦᠳᠡᠯᠯᠡᠨ ᠮᠠᠯᠵᠢᠬᠤ ᠠᠷᠠᠳ ᠲᠤ᠌ ᠦᠰᠦᠭ ᠪᠢᠴᠢᠭ ᠪᠠᠢᠬᠤ ᠦᠭᠡᠢ᠂ ᠵᠢᠷᠤᠭ ᠲᠤ᠌ ᠦᠭᠡᠢ ᠪᠣᠯᠪᠠᠴᠤ ᠠᠮᠠᠨ ᠶᠠᠷᠢᠶ᠎ᠠ ᠪᠠᠷ ᠤᠯᠠᠮᠵᠢᠯᠠᠭᠳᠠᠭᠰᠠᠭᠠᠷ ᠢᠷᠡᠵᠡᠢ᠃ ᠲᠡᠳᠡᠨᠡᠷ ᠢᠰᠡᠭᠡᠢ ᠭᠡᠷ ᠲᠡᠬᠢ ᠲᠤᠯᠭ᠎ᠠ ᠶ᠋ᠢᠨ ᠭᠠᠯ ᠳ᠋ᠤ᠌ ᠬᠥᠯᠴᠥᠵᠦ ᠰᠠᠭᠤᠬᠤ ᠳ᠋ᠠᠭᠠᠨ ᠦᠯᠢᠭᠡᠷ ᠶᠠᠷᠢᠶ᠎ᠠ ᠪᠠᠷ ᠢ᠋ᠶ᠋ᠠᠨ ᠲᠡᠦᠬᠡ ᠤᠳᠤᠮᠰᠢᠯ ᠢ᠋ᠶ᠋ᠠᠨ ᠪᠠᠲᠤᠯᠠᠨ ᠤᠯᠠᠮᠵᠢᠯᠠᠵᠤ᠂ ᠡᠪᠦᠭᠡ ᠳᠡᠭᠡᠳᠦᠰ ᠦ᠋ᠨ ᠢ᠋ᠶ᠋ᠡᠨ ᠲᠡᠢᠨ ᠦ᠌ ᠭᠠᠪᠢᠶ᠎ᠠ ᠵᠢᠳᠬᠦᠯ ᠦ᠋ᠨ ᠲᠤᠬᠠᠢ ᠦᠯᠢᠭᠡᠷ ᠨᠢ ᠲᠡᠳᠡᠨᠦᠰ ᠦ᠋ᠨ ᠶᠠᠰᠤᠲᠠᠨ᠂ ᠦᠨᠳᠦᠰᠦᠲᠡᠨ ᠦ᠌ ᠳᠤᠮᠳᠠ ᠢᠩᠭᠢᠵᠦ ᠤᠯᠠᠮᠵᠢᠯᠠᠭᠳᠠᠵᠤ ᠢᠷᠡᠭᠰᠡᠨ ᠪᠠᠢᠨ᠎ᠠ᠂ ᠲᠡᠳᠡᠨ ᠦ᠌ ᠣᠯᠠᠩᠬᠢ ᠢᠵᠠᠭᠤᠷᠲᠠᠨ ᠨᠢ ᠳᠣᠯᠣᠭᠠᠨ ᠦᠶ᠎ᠡ ᠶ᠋ᠢᠨ ᠡᠮᠦᠨᠡᠬᠢ ᠡᠪᠦᠭᠡ ᠳᠡᠭᠡᠳᠦᠰ ᠦ᠋ᠨ ᠲᠡᠦᠬᠡ ᠪᠡᠨ ᠳᠤᠷᠠᠳᠤᠨ ᠶᠠᠷᠢᠵᠤ ᠴᠢᠳᠠᠳᠠᠭ ᠠᠵᠢ᠃
ᠶᠢᠰᠦᠭᠡᠢ ᠪᠠᠭᠠᠲᠤᠷ ᠠᠷᠪᠠᠨ ᠨᠢᠭᠡᠨ ᠦᠶ᠎ᠡ ᠶ᠋ᠢᠨ ᠡᠮᠦᠨᠡᠬᠢ ᠳᠡᠭᠡᠳᠦᠰ ᠢ᠋ᠶ᠋ᠡᠨ ᠬᠦᠷᠲᠡᠯ᠎ᠡ ᠮᠡᠳᠡᠵᠦ ᠪᠠᠢᠵᠠᠢ᠃ ᠡᠷᠲᠡ ᠢᠵᠠᠭᠤᠷ ᠤ᠋ᠨ ᠭᠤᠴᠢᠨ ᠬᠣᠶᠠᠷ ᠦᠶ᠎ᠡ ᠶ᠋ᠢᠨ ᠡᠮᠦᠨᠡᠬᠢ ᠲᠡᠳᠡᠨ ᠦ᠌ ᠳᠡᠭᠡᠳᠦᠰ ᠨᠢ ᠪᠣᠯ ᠪᠥᠷᠲᠡ ᠴᠢᠨᠣ᠎ᠠ᠂ ᠠᠯᠤᠰ ᠬᠣᠯᠠ ᠶ᠋ᠢᠨ ᠲᠥᠪᠡᠳ ᠬᠠᠭᠠᠨ ᠤ᠋ ᠬᠦᠦ ᠪᠠᠢᠵᠤ ᠭᠡᠨ᠎ᠡ᠃ ᠲᠡᠭᠦᠨ ᠦ᠌ ᠭᠡᠷᠭᠡᠢ ᠨᠢ ᠭᠤᠸ᠎ᠠ ᠮᠠᠷᠠᠯ (ᠤᠤᠯ ᠳᠡᠪᠲᠡᠷ ᠦ᠋ᠨ ᠵᠠᠷᠢᠮ ᠭᠠᠵᠠᠷ ᠲᠤ᠌ ᠪᠠᠰᠠ ᠬᠥᠬᠡ ᠴᠢᠨᠣ᠎ᠠ᠂ ᠴᠠᠭᠠᠨ ᠰᠤᠭ ᠭᠡᠵᠦ ᠪᠢᠴᠢᠵᠦ ᠪᠠᠢᠬᠤ ᠶ᠋ᠢ ᠪᠥᠷᠲᠡ ᠴᠢᠨᠣ᠎ᠠ᠂ ᠭᠤᠸ᠎ᠠ ᠮᠠᠷᠠᠯ ᠭᠡᠵᠦ ᠨᠢᠭᠡᠳᠬᠡᠪᠡᠢ᠃ — ᠮᠣᠩᠭᠣᠯᠴᠢᠯᠠᠭᠴᠢ ᠠ᠋ᠴᠠ) ᠭᠡᠳᠡᠭ ᠪᠠᠢᠵᠠᠢ᠃ ᠶᠢᠰᠦᠭᠡᠢ ᠪᠠᠭᠠᠲᠤᠷ ᠤ᠋ᠨ ᠡᠪᠦᠭᠡ ᠬᠠᠭᠠᠨ᠂ ᠬᠠᠯᠢᠹ ᠤ᠋ᠨ ᠳᠡᠷᠭᠡᠳᠡ ᠡᠯᠴᠢ ᠶᠠᠪᠤᠭᠤᠯᠵᠤ ᠲᠡᠭᠦᠨ ᠦ᠌ ᠡᠵᠡᠮᠰᠢᠵᠦ ᠪᠠᠢᠬᠤ ᠭᠠᠵᠠᠷ ᠤ᠋ᠨ ᠢ᠋ᠶ᠋ᠠᠨ ᠵᠢᠷᠭᠤᠭᠠᠨ ᠬᠤᠪᠢ ᠶ᠋ᠢᠨ ᠲᠠᠪᠤ ᠶ᠋ᠢ ᠪᠠᠭᠳᠠᠳ᠋ ᠬᠣᠲᠠᠨ ᠳ᠋ᠤ᠌ ᠥᠭᠭᠦᠭᠡᠳ᠂ ᠺᠠᠲ᠋ᠣᠯᠢᠭ ᠤ᠋ᠨ ᠱᠠᠰᠢᠨ ᠤ᠋ ᠨᠣᠶᠠᠨ ᠤ᠋ ᠪᠠᠨ ᠰᠠᠭᠤᠷᠢᠨ ᠭᠠᠵᠠᠷ ᠪᠣᠯᠭᠠᠲᠤᠭᠠᠢ ᠭᠡᠵᠦ ᠱᠠᠭᠠᠷᠳᠠᠭᠰᠠᠨ ᠪᠥᠭᠡᠳ ᠤᠷᠢᠳ ᠵᠢᠯ ᠳ᠋ᠦ᠍ ᠡᠪᠳᠡᠭᠳᠡᠭᠰᠡᠨ ᠶᠸᠷᠣᠰᠯᠸᠮ ᠬᠣᠲᠠ ᠶ᠋ᠢᠨ ᠬᠡᠷᠡᠮ ᠢ᠋ ᠠᠯᠲᠠ ᠮᠥᠩᠭᠥ ᠪᠡᠷ ᠳᠠᠬᠢᠨ ᠪᠠᠢᠭᠤᠯᠬᠤ ᠬᠡᠷᠡᠭᠴᠡᠭᠡ ᠳ᠋ᠦ᠍ ᠬᠦᠷᠬᠦ ᠡᠳ᠋ ᠪᠣᠳᠠᠰ ᠢ᠋ ᠭᠠᠷᠭᠠᠵᠤ ᠥᠭ ᠭᠡᠵᠦ ᠱᠠᠭᠠᠷᠳᠠᠯ᠎ᠠ᠃
ᠳᠡᠭᠡᠷᠡᠬᠢ ᠡᠳᠡᠭᠡᠷ ᠵᠦᠢᠯ ᠪᠣᠯ ᠹᠢᠲᠣᠷᠢ ᠯᠠᠮᠠ ᠶ᠋ᠢᠨ ᠵᠠᠬᠢᠳᠠᠯ ᠤ᠋ᠨ ᠠᠭᠤᠯᠭ᠎ᠠ ᠪᠣᠯᠤᠨ᠎ᠠ᠃ ᠧᠦ᠋ᠷᠣᠫᠠ ᠶ᠋ᠢᠨ ᠬᠥᠮᠦᠰ ᠡᠭᠦᠨ ᠢ᠋ ᠰᠠᠬᠢᠭᠤᠯᠰᠤᠨ ᠲᠩᠷᠢ ᠮᠠᠨ ᠢ᠋ ᠲᠤᠰᠠᠯᠠᠵᠤ ᠪᠠᠢᠨ᠎ᠠ ᠭᠡᠵᠦ ᠲᠠᠷᠢᠬᠢ ᠪᠠᠨ ᠬᠥᠭᠡᠷᠲᠡᠯᠡ ᠪᠠᠶᠠᠷᠯᠠᠵᠠᠭᠠᠯᠠ᠃ ᠭᠡᠲᠡᠯ᠎ᠡ᠂ ᠴᠣᠬᠣᠮ ᠳ᠋ᠠᠭᠠᠨ ᠡᠨᠡᠳᠬᠡᠭ ᠤᠯᠤᠰ ᠭᠡᠳᠡᠭ ᠨᠢ ᠬᠠᠮᠢᠭ᠎ᠠ ᠪᠠᠢᠬᠤ᠂ ᠲᠡᠭᠦᠨ ᠦ᠌ ᠬᠠᠭᠠᠨ ᠾᠷᠢᠰᠲ᠋ᠣᠰ ᠤ᠋ᠨ ᠱᠠᠰᠢᠨ ᠢ᠋ ᠰᠢᠲᠦᠳᠡᠭ ᠳ᠋ᠡᠸᠢᠳ᠋ ᠭᠡᠳᠡᠭ ᠨᠢ ᠶᠠᠮᠠᠷ ᠬᠥᠮᠦᠨ ᠪᠣᠯᠬᠤ᠂ ᠲᠡᠭᠦᠨ ᠦ᠌ ᠳᠠᠭᠠᠷᠢᠨ ᠴᠣᠬᠢᠵᠤ ᠡᠪᠳᠡᠭᠰᠡᠨ ᠬᠣᠷᠸᠰᠮ ᠤᠯᠤᠰ ᠤ᠋ᠨ ᠸᠠᠩ ᠭᠡᠳᠡᠭ ᠨᠢ ᠶᠠᠮᠠᠷ ᠬᠥᠮᠦᠨ ᠪᠣᠯᠬᠤ ᠭᠡᠬᠦ ᠵᠡᠷᠭᠡ ᠶ᠋ᠢᠨ ᠤᠴᠢᠷ ᠢ᠋ ᠬᠡᠨ ᠴᠦ᠍ ᠮᠡᠳᠡᠬᠦ ᠦᠭᠡᠢ ᠪᠠᠢᠯ᠎ᠠ᠃ ᠭᠡᠪᠡᠴᠦ ᠵᠠᠶᠠᠭ᠂ ᠳᠤ᠂ ᠹᠢᠳᠤᠷᠢ ᠶ᠋ᠢᠨ ᠵᠠᠬᠢᠳᠠᠯ ᠳ᠋ᠤ᠌ ᠠᠯᠢᠪᠠ ᠪᠦᠬᠦᠨ ᠢ᠋ ᠮᠠᠰᠢ ᠲᠣᠳᠣᠷᠬᠠᠢ ᠪᠢᠴᠢᠭᠰᠡᠨ ᠤᠴᠢᠷ ᠠ᠋ᠴᠠ ᠪᠢ ᠯᠡ ᠮᠡᠳᠡᠨ᠎ᠡ ᠭᠡᠳᠡᠭ ᠬᠥᠮᠦᠰ ᠡᠨᠡ ᠴᠢᠮᠡᠭᠡ ᠶ᠋ᠢᠨ ᠦᠨᠡᠨ ᠴᠢᠨᠠᠷ ᠢ᠋ ᠶᠠᠮᠠᠷᠴᠤ ᠰᠡᠵᠢᠭᠯᠡᠬᠦ ᠰᠢᠯᠲᠠᠭᠠᠨ ᠣᠯᠬᠤ ᠦᠭᠡᠢ᠂ ᠲᠡᠳᠡᠨᠦᠰ ᠹᠢᠲᠣᠷᠢ ᠶ᠋ᠢᠨ ᠳᠤᠷᠠᠳᠤᠭᠰᠠᠨ《ᠰᠠᠷᠠᠰᠤᠨ ᠬᠠᠭᠠᠨᠲᠤ ᠤᠯᠤᠰ ᠢ᠋ ᠪᠣᠲᠠᠨᠢᠷᠭᠡᠭᠡᠳ ᠾᠷᠢᠰᠲ᠋ᠣᠰ ᠤ᠋ᠨ ᠱᠠᠰᠢᠨ ᠢ᠋ ᠬᠠᠮᠠᠭᠠᠯᠠᠳᠠᠭ ᠬᠠᠭᠠᠨ ᠪᠦᠬᠦᠨ ᠦ᠌ ᠳᠡᠭᠡᠷᠡᠬᠢ ᠬᠠᠭᠠᠨ》 ᠭᠡᠵᠦ ᠢᠷᠥᠭᠡᠭᠰᠡᠨ ᠦᠭᠡᠰ ᠪᠦᠬᠦᠨ ᠢ᠋ ᠵᠥᠪᠰᠢᠶᠡᠷᠡᠯ᠎ᠡ᠂ ᠬᠥᠮᠦᠰ ᠪᠠᠰᠠ ᠡᠷᠲᠡ ᠢᠵᠠᠭᠤᠷ ᠤ᠋ᠨ ᠳᠣᠮᠣᠭ ᠶᠠᠷᠢᠶ᠎ᠠ ᠶ᠋ᠢ ᠰᠠᠨᠠᠭᠠᠯᠵᠠᠴᠢᠬᠠᠯᠠ᠃ ᠲᠡᠷᠡ ᠶᠠᠷᠢᠶ᠎ᠠ ᠪᠠᠷ ᠪᠣᠯ᠂ ᠳᠣᠷᠣᠨᠠᠳᠠᠬᠢᠨ ᠤ᠋ ᠶᠡᠬᠡ ᠬᠣᠯᠠ ᠭᠠᠵᠠᠷ ᠲᠤ ᠡᠨᠡᠳᠬᠡᠭ ᠬᠥᠮᠦᠨ ᠦ᠌ ᠬᠦᠴᠦᠷᠬᠡᠭ ᠬᠠᠭᠠᠨᠲᠤ ᠤᠯᠤᠰ ᠪᠠᠢᠵᠤ ᠭᠡᠨ᠎ᠡ᠂ ᠲᠡᠭᠦᠨ ᠦ᠌ ᠬᠠᠭᠠᠨ ᠨᠢ ᠵᠠᠭᠠᠨ ᠭᠡᠰᠡᠨ ᠯᠠᠮᠠ ᠪᠠᠢᠯ᠎ᠠ᠃ ᠡᠨᠡ ᠬᠠᠭᠠᠨ ᠤ᠋ ᠡᠷᠬᠡ ᠬᠦᠴᠦ ᠨᠢ ᠳᠡᠯᠡᠬᠡᠢ ᠳᠡᠭᠡᠷᠡᠬᠢ ᠠᠯᠢᠪᠠ ᠬᠠᠭᠠᠳ ᠠ᠋ᠴᠠ ᠳᠠᠪᠠᠭᠤ ᠭᠡᠳᠡᠭ ᠪᠢᠯᠡ᠃ ᠲᠡᠷᠡ ᠦᠶ᠎ᠡ ᠡᠴᠡ ᠪᠠᠷᠤᠭ ᠳᠠᠯᠠᠨ ᠲᠠᠪᠤᠨ ᠣᠨ ᠤ᠋ ᠤᠷᠢᠳ ᠳᠠᠷᠤᠢ ᠬᠣᠶᠠᠳᠤᠭᠠᠷ ᠤᠳᠠᠭ᠎ᠠ ᠶ᠋ᠢᠨ ᠵᠠᠭᠠᠯᠮᠠᠢ ᠲᠡᠮᠳᠡᠭᠲᠦ ᠲᠤᠭ ᠲᠠᠢ ᠴᠡᠷᠢᠭ ᠮᠣᠷᠳᠠᠭᠰᠠᠨ ᠦᠶ᠎ᠡ ᠳ᠋ᠦ᠍ ᠵᠠᠭᠠᠨ ᠬᠠᠭᠠᠨ ᠵᠠᠭᠠᠯᠮᠠᠢ ᠲᠡᠮᠳᠡᠭᠲᠦ ᠴᠡᠷᠢᠭ ᠢ᠋ ᠲᠤᠰᠠᠯᠠᠬᠤ ᠪᠠᠷ ᠠᠯᠤᠰ ᠳᠣᠷᠣᠨᠠᠳᠠᠬᠢᠨ ᠳ᠋ᠤ᠌ ᠰᠠᠷᠠᠰᠤᠨ ᠬᠠᠭᠠᠨᠲᠤ ᠤᠯᠤᠰ ᠢ᠋ ᠳᠠᠭᠠᠷᠢᠨ ᠴᠣᠬᠢᠭᠠᠳ ᠲᠡᠳᠡᠨ ᠢ᠋ ᠰᠠᠷᠨᠢᠭᠤᠯᠤᠯᠠ ᠭᠡᠰᠡᠨ ᠴᠤᠤᠷᠬᠠᠯ ᠭᠠᠷᠤᠭᠠᠳ᠂ ᠣᠢᠷ᠎ᠠ ᠳᠣᠷᠣᠨᠠᠳᠠᠬᠢᠨ ᠤ᠋ ᠣᠯᠠᠨ ᠤᠯᠤᠰ ᠲᠤ ᠪᠠᠢᠯᠳᠤᠵᠤ ᠪᠠᠢᠭᠰᠠᠨ ᠶᠠᠭᠠᠬᠢᠭᠠᠳ ᠭᠡᠪᠡᠯ ᠲᠠᠲ᠋ᠠᠷ ᠳᠡᠩᠳᠡᠭᠦᠦ ᠴᠢᠭᠢᠷᠠᠭ ᠪᠣᠯᠤᠭᠰᠠᠨ ᠠ᠋ᠴᠠ ᠪᠣᠯᠵᠠᠢ᠃ ᠶᠢᠰᠦᠭᠡᠢ ᠪᠠᠭᠠᠲᠤᠷ ᠲᠡᠭᠦᠨ ᠦ᠌ ᠳᠤᠷᠠᠳᠤᠯᠭ᠎ᠠ ᠶ᠋ᠢ ᠬᠦᠯᠢᠶᠡᠨ ᠠᠪᠴᠤ᠂ ᠲᠠᠲ᠋ᠠᠷ ᠢ᠋ ᠴᠣᠬᠢᠨ ᠳᠡᠢᠯᠦᠭᠡᠳ ᠲᠡᠳᠡᠨ ᠦ᠌ ᠲᠦᠷᠦᠭᠦᠦ ᠲᠡᠮᠦᠵᠢᠨ ᠢ᠋ ᠣᠯᠵᠠᠯᠠᠭᠰᠠᠨ ᠪᠥᠭᠡᠳ ᠡᠯᠪᠡᠭ ᠣᠯᠠᠨ ᠡᠳ᠋ ᠪᠠᠷᠠᠭ᠎ᠠ᠂ ᠮᠠᠯ ᠠᠳᠤᠭᠤ ᠣᠯᠤᠭᠰᠠᠨ ᠤ᠋ ᠳᠠᠷᠠᠭ᠎ᠠ᠂ ᠥᠪᠡᠷ ᠦ᠋ᠨ ᠨᠤᠲᠤᠭ ᠤᠨᠤᠨ ᠮᠥᠷᠡᠨ ᠦ᠌ ᠬᠥᠪᠡᠭᠡᠨ ᠳ᠋ᠦ᠍ ᠪᠠᠢᠬᠤ ᠳᠡᠯᠢᠭᠦᠨ ᠪᠣᠯᠳᠠᠭ ᠳᠠᠬᠢ ᠣᠷᠳᠣᠨ ᠳ᠋ᠠᠭᠠᠨ ᠡᠭᠡᠵᠦ ᠢᠷᠡᠵᠡᠢ᠃ ᠡᠨᠡ ᠦᠶ᠎ᠡ ᠳ᠋ᠦ᠍ ᠲᠡᠭᠦᠨ ᠦ᠌ ᠭᠡᠷᠭᠡᠢ ᠥᠭᠡᠯᠦᠨ ᠦᠵᠢᠨ ᠡᠴᠡ ᠨᠢᠭᠡᠨ ᠬᠥᠪᠡᠭᠦᠨ ᠬᠥᠩᠭᠡᠵᠢᠭᠰᠡᠨ ᠢ᠋ ᠮᠡᠳᠡᠪᠡ᠃
ᠬᠥᠪᠡᠭᠦᠨ ᠲᠥᠷᠥᠭᠰᠡᠨ ᠢ᠋ ᠳᠤᠷᠠᠰᠬᠠᠬᠤ ᠶ᠋ᠢᠨ ᠲᠤᠰᠠ ᠳ᠋ᠤ᠌ ᠶᠠᠮᠠᠷ ᠨᠢᠭᠡ ᠤᠮᠠᠷᠲᠠᠰᠢ ᠦᠭᠡᠢ ᠬᠡᠷᠡᠭ ᠢ᠋ᠶ᠋ᠡᠷ ᠬᠥᠪᠡᠭᠦᠨ ᠢ᠋ᠶ᠋ᠡᠨ ᠨᠡᠷᠡᠯᠡᠳᠡᠭ ᠨᠢ ᠮᠣᠩᠭᠣᠯ ᠬᠥᠮᠦᠨ ᠦ᠌ ᠬᠠᠭᠤᠴᠢᠨ ᠳᠠᠳᠬᠠᠯ ᠪᠠᠢᠪᠠ᠃ ᠲᠡᠭᠡᠭᠡᠳ ᠶᠢᠰᠦᠭᠡᠢ ᠪᠠᠭᠠᠲᠤᠷ ᠠᠬᠠᠮᠠᠳ ᠬᠥᠪᠡᠭᠦᠨ ᠢ᠋ᠶ᠋ᠡᠨ ᠳᠠᠢᠰᠤᠨ ᠤ᠋ ᠵᠠᠩᠵᠤᠨ ᠤ᠋ ᠨᠡᠷ᠎ᠡ ᠪᠡᠷ ᠲᠡᠮᠦᠵᠢᠨ ᠭᠡᠵᠦ ᠨᠡᠷᠡᠯᠡᠭᠰᠡᠨ ᠪᠠᠢᠨ᠎ᠠ᠃ ᠡᠨᠡ ᠬᠥᠪᠡᠭᠦᠨ ᠨᠢ ᠲᠥᠷᠥᠬᠦ ᠦᠶ᠎ᠡ ᠳ᠋ᠡᠭᠡᠨ ᠪᠠᠷᠠᠭᠤᠨ ᠭᠠᠷ ᠲᠠᠭᠠᠨ ᠱᠠᠭᠠᠢ ᠶ᠋ᠢᠨ ᠴᠢᠨᠡᠭᠡ ᠨᠥᠵᠢ ᠠᠳᠬᠤᠵᠤ ᠲᠥᠷᠥᠭᠰᠡᠨ ᠪᠠᠢᠵᠠᠢ᠃ ᠤᠴᠢᠷ ᠡᠢᠮᠦ ᠡᠴᠡ ᠪᠥᠬᠡ ᠨᠠᠷ ᠲᠥᠯᠭᠡ ᠦᠵᠡᠭᠡᠳ ᠡᠨᠡ ᠲᠡᠮᠦᠵᠢᠨ ᠬᠣᠵᠢᠮ ᠳ᠋ᠠᠭᠠᠨ ᠠᠳᠠᠪᠠᠰᠢ ᠶᠡᠬᠡ ᠪᠠᠭᠠᠲᠤᠷ ᠪᠣᠯᠤᠨ᠎ᠠ ᠭᠡᠵᠦ ᠵᠥᠩᠨᠡᠭᠰᠡᠨ ᠪᠠᠢᠵᠠᠢ᠃ ᠡᠨᠡ ᠲᠡᠮᠦᠵᠢᠨ ᠬᠣᠵᠢᠮ ᠨᠢ ᠦᠨᠡᠬᠡᠷ ᠶᠢᠷᠲᠢᠨᠴᠦ ᠶ᠋ᠢᠨ ᠲᠡᠦᠬᠡᠨ ᠳ᠋ᠦ᠍ ᠬᠠᠮᠤᠭ ᠤ᠋ᠨ ᠶᠡᠬᠡ ᠢᠯᠠᠭᠴᠢ— ᠴᠢᠩᠭᠢᠰ ᠬᠠᠭᠠᠨ ᠪᠣᠯᠪᠠ᠃ ᠲᠡᠷᠡ ᠭᠠᠵᠠᠷ ᠤ᠋ᠨ ᠳᠤᠮᠳᠠᠳᠤ ᠲᠠᠩᠭᠢᠰ ᠠ᠋ᠴᠠ ᠨᠣᠮᠣᠬᠠᠨ ᠳᠠᠯᠠᠢ ᠬᠦᠷᠲᠡᠯ᠎ᠡ᠂ ᠰᠢᠪᠡᠷᠢ ᠶ᠋ᠢᠨ ᠣᠢ ᠰᠢᠭᠤᠢ ᠠ᠋ᠴᠠ ᠠᠭᠤᠯᠠ ᠲᠤᠯᠲᠠᠯ᠎ᠠ ᠡᠨᠡᠬᠦ ᠥᠷᠭᠡᠨ ᠠᠭᠤᠳᠠᠮ ᠨᠤᠲᠤᠭ ᠳᠡᠪᠢᠰᠬᠡᠷ ᠳᠡᠭᠡᠷ᠎ᠡ ᠬᠦᠴᠦᠷᠬᠡᠭ ᠮᠣᠩᠭᠣᠯ ᠤ᠋ᠨ ᠶᠡᠬᠡ ᠬᠠᠭᠠᠨᠲᠤ ᠤᠯᠤᠰ ᠢ᠋ ᠪᠠᠢᠭᠤᠯᠪᠠ᠃ ᠡᠨᠡ ᠨᠢ ᠶᠢᠷᠲᠢᠨᠴᠦ ᠳᠡᠭᠡᠷ᠎ᠡ ᠪᠠᠢᠭᠰᠠᠨ ᠬᠠᠭᠠᠨᠲᠤ ᠤᠯᠤᠰ ᠤ᠋ᠳ ᠤ᠋ᠨ ᠳᠣᠲᠣᠷ᠎ᠠ ᠠ᠋ᠴᠠ ᠬᠠᠮᠤᠭ ᠤ᠋ᠨ ᠬᠦᠴᠦᠷᠬᠡᠭ ᠬᠠᠭᠠᠨᠲᠤ ᠤᠯᠤᠰ ᠪᠣᠯᠤᠭᠰᠠᠨ ᠪᠠᠢᠨ᠎ᠠ᠃ ᠲᠡᠭᠦᠨ ᠦ᠌ ᠦᠷ᠎ᠡ ᠠᠴᠢᠨᠠᠷ᠂ ᠤᠯᠤᠰ ᠤ᠋ᠨ ᠠᠷᠠᠳ ᠢᠷᠭᠡᠳ ᠨᠢ ᠲᠡᠭᠦᠨ ᠢ᠋ ᠰᠣᠳᠣ ᠪᠣᠭᠳᠠ ᠭᠡᠵᠦ ᠡᠷᠭᠦᠮᠵᠢᠯᠡᠵᠦ ᠳᠠᠷᠤᠢ ᠰᠠᠬᠢᠭᠤᠯᠰᠤᠨ ᠤ᠋ ᠪᠣᠳᠠᠲᠤ ᠪᠡᠶ᠎ᠡ ᠨᠢ ᠭᠡᠵᠦ ᠪᠢᠰᠢᠷᠡᠨ ᠰᠢᠲᠦᠵᠦ ᠪᠠᠢᠭᠰᠠᠨ ᠶᠤᠮ᠃ ᠲᠡᠭᠡᠭᠡᠳ ᠮᠣᠩᠭᠣᠯ ᠦᠨᠳᠦᠰᠦᠲᠡᠨ ᠦ᠌ ᠴᠠᠭ ᠤᠯᠠᠷᠢᠯ ᠤ᠋ᠨ ᠪᠢᠴᠢᠭ ᠨᠢ《ᠲᠩᠷᠢ ᠶ᠋ᠢᠨ ᠬᠤᠭᠤᠴᠠᠭ᠎ᠠ》 ᠲᠠᠢ ᠨᠢᠭᠡᠳᠬᠦ ᠶᠣᠰᠣᠲᠠᠢ ᠪᠣᠯᠵᠤ᠂ ᠡᠨᠡ ᠬᠤᠭᠤᠴᠠᠭ᠎ᠠ ᠨᠢ ᠠᠷᠪᠠᠨ ᠬᠣᠶᠠᠷ ᠵᠢᠯ ᠳ᠋ᠡᠭᠡᠨ ᠨᠢᠭᠡᠨ ᠤᠳᠠᠭ᠎ᠠ ᠡᠷᠭᠢᠳᠡᠭ᠂ ᠲᠡᠷᠡ ᠪᠣᠯ ᠭᠠᠬᠠᠢ ᠵᠢᠯ ᠪᠣᠯᠬᠤ1227 ᠣᠨ ᠳ᠋ᠤ᠌ ᠲᠩᠷᠢ ᠳ᠋ᠦ᠍ ᠬᠠᠯᠢᠭᠰᠠᠨ ᠲᠤᠯᠠ᠂ ᠮᠣᠩᠭᠣᠯ ᠤ᠋ᠨ ᠴᠠᠭ ᠤᠯᠠᠷᠢᠯ ᠤ᠋ᠨ ᠪᠢᠴᠢᠭ ᠲᠦ᠍ ᠲᠡᠭᠦᠨ ᠦ᠌ ᠮᠡᠨᠳᠦᠯᠡᠭᠰᠡᠨ ᠣᠨ ᠢ᠋1155 ᠣᠨ ᠭᠡᠵᠦ ᠲᠡᠮᠳᠡᠭᠯᠡᠵᠦ ᠪᠠᠢᠨ᠎ᠠ᠃ ᠡᠨᠡ ᠵᠢᠯ ᠨᠢ ᠪᠠᠰᠠ ᠭᠠᠬᠠᠢ ᠵᠢᠯ ᠪᠠᠢᠵᠤ᠂ ᠲᠡᠭᠦᠨ ᠦ᠌ ᠨᠠᠰᠤᠨ ᠬᠡᠰᠢᠭ ᠢ᠋ ᠮᠣᠩᠭᠣᠯᠴᠤᠳ ᠠᠷᠪᠠᠨ ᠬᠣᠶᠠᠷ ᠵᠢᠯ ᠢ᠋ ᠵᠢᠷᠭᠤᠭᠠᠨ ᠤᠳᠠᠭ᠎ᠠ ᠡᠭᠡᠯᠵᠢᠯᠡᠭᠰᠡᠨ ᠭᠡᠳᠡᠭ᠃ ᠬᠢᠲᠠᠳ ᠤ᠋ᠨ ᠣᠨ ᠵᠢᠯ ᠦ᠋ᠨ ᠲᠡᠦᠬᠡ ᠶ᠋ᠢ ᠦᠨᠳᠦᠰᠦᠯᠡᠪᠡᠯ ᠴᠢᠩᠭᠢᠰ ᠬᠠᠭᠠᠨ ᠪᠣᠯ ᠮᠣᠷᠢᠨ ᠵᠢᠯ1162 ᠣᠨ ᠳ᠋ᠤ᠌ ᠮᠡᠨᠳᠦᠯᠡᠪᠡ ᠭᠡᠵᠦ ᠪᠠᠢᠨ᠎ᠠ (ᠣᠯᠠᠩᠬᠢ ᠲᠡᠦᠬᠡᠴᠢᠨ ᠴᠢᠩᠭᠢᠰ ᠬᠠᠭᠠᠨ ᠢ᠋ ᠲᠩᠷᠢ ᠳ᠋ᠦ᠍ ᠬᠠᠯᠢᠬᠤ ᠦᠶ᠎ᠡ ᠳ᠋ᠦ᠍66 ᠨᠠᠰᠤᠲᠠᠢ ᠪᠠᠢᠵᠠᠢ ᠭᠡᠵᠦ ᠪᠠᠢᠨ᠎ᠠ᠃ ᠲᠡᠢᠮᠦ ᠡᠴᠡ ᠭᠠᠬᠠᠢ ᠵᠢᠯ ᠳ᠋ᠦ᠍ ᠮᠡᠨᠳᠦᠯᠡᠭᠡᠳ᠂ ᠭᠠᠬᠠᠢ ᠵᠢᠯ ᠬᠠᠯᠢᠭᠰᠠᠨ ᠪᠣᠯ61 ᠪᠤᠶᠤ73 ᠨᠠᠰᠤᠲᠠᠢ ᠪᠠᠢᠬᠤ ᠨᠢ ᠵᠦᠢᠲᠡᠢ᠃ — ᠮᠣᠩᠭᠣᠯᠴᠢᠯᠠᠭᠴᠢ ᠠ᠋ᠴᠠ)᠃
ᠲᠡᠮᠦᠵᠢᠨ ᠦ᠌ ᠶᠢᠰᠦᠨ ᠨᠠᠰᠤᠲᠠᠢ ᠦᠶ᠎ᠡ ᠳ᠋ᠦ᠍ ᠲᠡᠭᠦᠨ ᠦ᠌ ᠡᠴᠢᠭᠡ ᠶᠢᠰᠦᠭᠡᠢ ᠪᠠᠭᠠᠲᠤᠷ᠂ ᠬᠦᠦ ᠳ᠋ᠡᠭᠡᠨ ᠪᠡᠷᠢ ᠭᠤᠶᠤᠬᠤ ᠪᠠᠷ ᠠᠶᠠᠨ ᠳ᠋ᠤ᠌ ᠮᠣᠷᠳᠠᠵᠠᠢ᠃ ᠮᠣᠩᠭᠣᠯ ᠤ᠋ᠨ ᠳᠠᠳᠬᠠᠯ ᠢ᠋ᠶ᠋ᠠᠷ ᠪᠣᠯ ᠤᠷᠤᠭ ᠭᠤᠶᠤᠬᠤ ᠳ᠋ᠠᠭᠠᠨ ᠵᠠᠪᠠᠯ ᠠᠯᠤᠰ ᠬᠣᠯᠠ ᠨᠣᠳᠠᠭᠲᠤ ᠠᠮᠢᠳᠤᠷᠠᠵᠤ ᠪᠠᠢᠬᠤ ᠥᠭᠡᠷ᠎ᠡ ᠶᠠᠰᠤᠲᠠᠨ ᠤ᠋ ᠳᠣᠲᠣᠷ᠎ᠠ ᠠ᠋ᠴᠠ ᠪᠡᠷᠢ ᠡᠷᠢᠬᠦ ᠬᠡᠷᠡᠭᠲᠡᠢ ᠪᠠᠢᠵᠠᠢ᠂ ᠭᠡᠲᠡᠯ᠎ᠡ ᠲᠡᠮᠦᠵᠢᠨ ᠶᠡᠷᠦ ᠡᠴᠡ ᠲᠡᠢᠮᠦ ᠬᠣᠯᠠ ᠶ᠋ᠢᠨ ᠠᠶᠠᠨ ᠳ᠋ᠤ᠌ ᠶᠠᠪᠤᠭᠰᠠᠨ ᠦᠭᠡᠢ ᠪᠠᠢᠵᠠᠢ᠃ ᠡᠪᠦᠯᠵᠢᠶ᠎ᠡ ᠡᠴᠡ ᠵᠤᠰᠠᠯᠠᠩ ᠳ᠋ᠤ᠌ ᠠᠢᠯ ᠤ᠋ᠳ ᠪᠦᠯᠦᠭ ᠪᠦᠯᠦᠭ ᠢ᠋ᠶ᠋ᠡᠷ ᠨᠡᠭᠦᠬᠦ ᠪᠣᠯᠪᠠᠴᠤ ᠶᠡᠷᠦ ᠡᠴᠡ ᠤᠨᠤᠨ ᠬᠡᠷᠦᠯᠦᠨ ᠬᠣᠶᠠᠷ ᠮᠥᠷᠡᠨ ᠦ᠌ ᠬᠣᠭᠣᠷᠣᠨᠳᠣᠬᠢ ᠡᠪᠦᠭᠡ ᠳᠡᠭᠡᠳᠦᠰ ᠡᠴᠡ ᠮᠠᠯᠵᠢᠵᠤ ᠪᠠᠢᠭᠰᠠᠨ ᠨᠤᠲᠤᠭ ᠪᠡᠯᠴᠢᠭᠡᠷ ᠡᠴᠡ ᠪᠡᠨ ᠰᠠᠯᠵᠤ ᠦᠵᠡᠭᠰᠡᠨ ᠦᠭᠡᠢ ᠲᠡᠮᠦᠵᠢᠨ ᠳ᠋ᠦ᠍᠂ ᠲᠡᠭᠦᠨ ᠦ᠌ ᠡᠳᠦᠭᠡ ᠪᠣᠯᠲᠠᠯ᠎ᠠ ᠶᠠᠪᠤᠭᠰᠠᠨ ᠭᠠᠵᠠᠷ ᠨᠢ ᠪᠣᠯ ᠬᠠᠷᠠᠩᠭᠤᠢ ᠵᠤᠵᠠᠭᠠᠨ ᠣᠢ ᠰᠢᠭᠤᠢ ᠪᠠᠷ ᠪᠦᠷᠬᠦᠭᠳᠡᠭᠰᠡᠨ ᠠᠭᠤᠯᠠ ᠬᠥᠪᠴᠢ ᠪᠢᠰᠢ ᠪᠣᠯ ᠥᠷᠭᠡᠨ ᠠᠭᠤᠳᠠᠮ ᠪᠥᠭᠡᠳ ᠤᠷᠭᠤᠮᠠᠯ ᠤ᠋ᠨ ᠵᠦᠢᠯ ᠰᠠᠬᠤᠯᠠᠭ ᠵᠤᠵᠠᠭᠠᠨ ᠤᠷᠭᠤᠭᠰᠠᠨ ᠬᠥᠨᠳᠡᠢ ᠴᠠᠢᠳᠠᠮ ᠪᠠᠢᠪᠠ᠂ ᠭᠠᠵᠠᠷ ᠪᠦᠬᠦᠨ ᠳ᠋ᠦ᠍ᠨᠢ ᠲᠤᠩᠭᠠᠯᠠᠭ ᠪᠤᠯᠠᠭ ᠲᠠᠢ ᠪᠤᠶᠤ ᠲᠦᠷᠭᠡᠨ ᠤᠷᠤᠰᠬᠠᠯ ᠲᠠᠢ ᠭᠣᠣᠯ ᠮᠥᠷᠡᠨ ᠲᠡᠢ᠂ ᠲᠡᠭᠦᠨ ᠦ᠌ ᠬᠣᠶᠠᠷ ᠬᠥᠪᠡᠭᠡ ᠪᠡᠷ ᠲᠣᠭᠣᠷᠤᠤ᠂ ᠳᠡᠭᠡᠯᠡᠢ ᠵᠤᠭᠠᠴᠠᠵᠤ᠂ ᠭᠣᠣᠯ ᠤ᠋ᠨ ᠲᠣᠬᠣᠢ ᠠᠷᠠᠯ ᠳ᠋ᠤᠨᠢ ᠭᠠᠯᠠᠭᠤ ᠨᠤᠭᠤᠰᠤ ᠡᠭᠦᠷᠯᠡᠭᠡᠳ ᠲᠣᠭ᠎ᠠ ᠲᠣᠮᠰᠢ ᠦᠭᠡᠢ ᠰᠢᠪᠠᠭᠤ ᠠᠭᠠᠷ ᠲᠤ ᠨᠢᠰᠴᠦ ᠪᠠᠢᠳᠠᠭ᠃ ᠬᠡᠦᠬᠡᠳ ᠪᠠᠭᠠᠴᠤᠳ ᠨᠤᠮᠤ ᠰᠤᠮᠤ ᠠᠳᠬᠤᠨ ᠲᠡᠭᠦᠨ ᠢ᠋ ᠬᠠᠷᠪᠤᠨ ᠤᠨᠠᠭᠠᠭᠠᠳ᠂ ᠬᠠᠷᠪᠤᠵᠤ ᠨᠠᠮᠨᠠᠬᠤ ᠶ᠋ᠢᠨ ᠪᠣᠯᠪᠠᠰᠤᠷᠠᠯ ᠢ᠋ᠶ᠋ᠠᠨ ᠪᠣᠯᠭᠠᠳᠠᠭ ᠪᠢᠯᠡ᠃ ᠡᠨᠡ ᠤᠳᠠᠭ᠎ᠠ ᠠᠶᠠᠨ ᠳ᠋ᠤ᠌ ᠭᠠᠷᠤᠭᠠᠳ ᠶᠠᠪᠤᠬᠤ ᠳᠣᠳᠣᠮ ᠨᠣᠭᠣᠭᠠᠨ ᠡᠪᠡᠰᠦ ᠨᠢ ᠤᠯᠠᠮ ᠢ᠋ᠶ᠋ᠠᠷ ᠴᠥᠭᠡᠬᠡᠷᠡᠨ ᠬᠥᠬᠡ ᠬᠠᠳᠠ ᠰᠦᠨᠳᠡᠷᠯᠡᠵᠦ᠂ ᠵᠠᠷᠢᠮ ᠭᠠᠵᠠᠷ ᠲᠤᠨᠢ ᠰᠢᠷ᠎ᠠ ᠥᠩᠭᠥᠷ ᠰᠠᠭᠤᠭᠰᠠᠨ ᠴᠢᠯᠠᠭᠤ ᠨᠢ ᠭᠠᠵᠠᠷ ᠤ᠋ᠨ ᠬᠥᠷᠥᠰᠥᠨ ᠡᠴᠡ ᠳᠣᠪᠣᠢᠵᠤ᠂ ᠠᠭᠤᠯᠠ ᠨᠢ ᠶᠠᠪᠤᠬᠤ ᠳᠣᠳᠣᠮ ᠪᠣᠭᠣᠨᠢ ᠪᠣᠯᠤᠭᠠᠳ᠂ ᠴᠢᠨᠠᠭᠰᠢᠯᠠᠪᠠᠯ ᠨᠢᠴᠦᠭᠦᠨ ᠬᠠᠳᠠ ᠤᠯᠠᠮ ᠢ᠋ᠶ᠋ᠠᠷ ᠣᠯᠠᠰᠢᠷᠠᠵᠤ ᠪᠠᠢᠯ᠎ᠠ᠂ ᠡᠳᠡᠭᠡᠷ ᠵᠡᠪᠡ ᠵᠢᠯᠠᠭ᠎ᠠ ᠶ᠋ᠢᠨ ᠠᠮᠠ ᠪᠠᠷ ᠥᠩᠭᠡᠷᠡᠬᠦ ᠳ᠋ᠦ᠍᠂ ᠰᠠᠯᠬᠢᠨ ᠱᠤᠤᠭᠢᠭᠠᠳ ᠶᠠᠭ ᠬᠦᠷᠬᠢᠷ᠎ᠡ ᠶ᠋ᠢᠨ ᠳᠠᠭᠤ ᠰᠢᠭ᠋ ᠰᠣᠨᠣᠰᠳᠠᠨ᠎ᠠ᠃ ᠲᠡᠳᠡᠨᠡᠷ ᠢᠩᠭᠢᠵᠦ ᠶᠠᠪᠤᠭᠰᠠᠭᠠᠷ ᠪᠠᠢᠭᠠᠳ ᠳᠠᠷᠬᠠᠨ ᠠᠭᠤᠯᠠ ᠶ᠋ᠢᠨ ᠨᠢᠷᠤᠭᠤ ᠶ᠋ᠢ ᠳᠠᠪᠠᠯ᠎ᠠ᠃
ᠡᠨᠡ ᠨᠢ ᠲᠣᠮᠣ ᠦᠬᠡᠷ ᠴᠢᠯᠠᠭᠤ ᠨᠤᠭᠤᠳ ᠪᠤᠲᠠᠷᠠᠭᠰᠠᠨ ᠭᠠᠵᠠᠷ ᠪᠠᠢᠯ᠎ᠠ᠃ ᠡᠭᠦᠨ ᠢ᠋ ᠣᠳᠣ ᠬᠦᠷᠲᠡᠯ᠎ᠡ《ᠴᠢᠩᠭᠢᠰ ᠬᠠᠭᠠᠨ ᠢ᠋ ᠳᠠᠪᠲᠠᠨ ᠤᠯᠠᠢᠳᠬᠠᠭᠰᠠᠨ ᠭᠠᠵᠠᠷ》 ᠭᠡᠵᠦ ᠬᠥᠮᠦᠰ ᠬᠡᠯᠡᠳᠡᠭ ᠪᠢᠯᠡ᠃ ᠲᠡᠳᠡᠨᠡᠷ ᠲᠠᠩᠳᠠ ᠥᠨᠳᠥᠷ ᠪᠣᠭᠣᠨᠢ ᠭᠠᠵᠠᠷ ᠢ᠋ᠶ᠋ᠠᠷ ᠥᠭᠡᠳᠡᠯᠡᠨ ᠤᠷᠤᠭᠤᠳᠠᠵᠤ ᠶᠠᠪᠤᠵᠤ ᠪᠠᠢᠯ᠎ᠠ᠃ ᠴᠢᠩᠭᠢᠰ ᠬᠠᠭᠠᠨ ᠲᠡᠷᠡ ᠦᠶ᠎ᠡ ᠳ᠋ᠦ᠍ ᠲᠣᠯᠣᠭᠠᠢ ᠨᠢ ᠳᠦᠢᠷᠡᠭᠡᠳ᠂ ᠥᠭᠡᠳᠡᠯᠡᠵᠦ ᠶᠠᠪᠤᠬᠤ ᠶ᠋ᠢ ᠤᠷᠤᠭᠤ ᠪᠠᠭᠤᠵᠤ ᠪᠠᠢᠨ᠎ᠠ ᠭᠡᠵᠦ ᠡᠨᠳᠡᠭᠦᠦ ᠪᠣᠳᠣᠵᠤ ᠪᠠᠢᠭᠰᠠᠨ ᠴᠤ ᠮᠠᠭᠠᠳ᠂ ᠭᠠᠵᠠᠷ ᠤ᠋ᠨ ᠪᠠᠢᠴᠠ ᠤᠯᠠᠮ ᠤᠯᠠᠮ ᠢ᠋ᠶ᠋ᠠᠷ ᠥᠭᠡᠳᠡᠯᠡᠭᠡᠳ ᠢᠷᠡᠯ᠎ᠡ᠂ ᠮᠣᠳᠣ ᠰᠢᠭᠤᠢ ᠦᠭᠡᠢ ᠪᠣᠯᠵᠤ᠂ ᠣᠷᠣᠨ ᠳ᠋ᠤᠨᠢ ᠥᠷᠭᠡᠰᠦᠲᠦ ᠰᠥᠭᠡᠭ ᠰᠢᠪᠡᠭ ᠰᠢᠷᠠᠯᠵᠢ ᠲᠡᠳᠦᠢ ᠶ᠋ᠢᠨ ᠤᠷᠭᠤᠮᠠᠯ ᠲᠠᠢ ᠪᠣᠯᠪᠠ᠂ ᠡᠪᠡᠰᠦ ᠨᠣᠭᠣᠭ᠎ᠠ ᠨᠢ ᠣᠬᠣᠷ ᠪᠣᠭᠣᠨᠢ ᠪᠣᠯᠵᠠᠢ᠃ ᠲᠡᠷᠡ ᠰᠥᠨᠢ ᠶ᠋ᠢ ᠶᠡᠷᠦᠳᠡᠭᠡᠨ ᠨᠠᠭᠤᠷ ᠤ᠋ᠨ ᠬᠥᠪᠡᠭᠡ ᠳ᠋ᠦ᠍ ᠥᠩᠭᠡᠷᠡᠭᠡᠨ᠎ᠡ᠂ ᠲᠡᠨᠳᠡ ᠪᠣᠯ ᠮᠣᠷᠢ ᠪᠠᠨ ᠢᠳᠡᠭᠦᠯᠬᠦ ᠰᠠᠢᠨ ᠡᠪᠡᠰᠦ ᠲᠡᠢ ᠪᠥᠭᠡᠳ ᠬᠥᠮᠦᠨ ᠦ᠌ ᠢᠳᠡᠰᠢ ᠪᠣᠯᠭᠠᠬᠤ ᠠᠷᠢᠶᠠᠲᠠᠨ ᠪᠤᠶᠤ ᠵᠢᠭᠦᠷᠲᠡᠨ ᠢ᠋ ᠬᠠᠷᠪᠤᠨ ᠠᠯᠠᠬᠤ ᠳ᠋ᠤ᠌ ᠪᠠᠰᠠ ᠬᠢᠯᠪᠠᠷ ᠪᠠᠢᠭᠰᠠᠨ ᠶᠤᠮ᠃
ᠲᠡᠮᠦᠵᠢᠨ ᠡᠴᠢᠭᠡ ᠲᠡᠢ ᠪᠡᠨ ᠬᠣᠶᠠᠭᠤᠯᠠ ᠬᠣᠩᠭᠢᠷᠠᠳ ᠠᠢᠮᠠᠭ ᠤ᠋ᠨ ᠲᠦᠷᠦᠭᠦᠦ᠂ ᠲᠡᠢ ᠰᠡᠴᠡᠨ ᠳ᠋ᠦ᠍ ᠲᠡᠢ ᠠᠭᠤᠯᠵᠠᠭᠰᠠᠨ ᠨᠢ ᠳᠠᠷᠤᠢ ᠡᠢᠮᠦ ᠨᠠᠭᠤᠷ ᠤ᠋ᠨ ᠬᠥᠪᠡᠭᠡᠨ ᠳ᠋ᠦ᠍ ᠪᠠᠢᠯ᠎ᠠ᠃ ᠮᠣᠩᠭᠣᠯ ᠤ᠋ᠨ ᠥᠷᠭᠡᠨ ᠠᠭᠤᠳᠠᠮ ᠲᠠᠯ᠎ᠠ ᠨᠤᠲᠤᠭ ᠲᠤ ᠣᠯᠠᠨ ᠠᠢᠮᠠᠭ᠂ ᠶᠠᠰᠤᠲᠠᠨ ᠠᠵᠤ ᠲᠥᠷᠥᠨ ᠠᠮᠢᠳᠤᠷᠠᠵᠤ ᠪᠠᠢᠭᠰᠠᠨ ᠶᠤᠮ᠃ ᠡᠨᠡ ᠥᠷᠭᠡᠨ ᠠᠭᠤᠳᠠᠮ ᠲᠠᠯ᠎ᠠ ᠨᠤᠲᠤᠭ ᠤ᠋ᠨ ᠡᠮᠦᠨ᠎ᠡ ᠵᠦᠭ ᠲᠦ᠍ ᠤᠷᠲᠤ ᠴᠠᠭᠠᠨ ᠬᠡᠷᠡᠮ ᠪᠠᠢᠬᠤ ᠠ᠋ᠴᠠ ᠭᠠᠳᠠᠨ᠎ᠠ᠂ ᠤᠯᠤᠰ ᠤ᠋ᠨ ᠬᠢᠯᠢ ᠶ᠋ᠢᠨ ᠲᠡᠮᠳᠡᠭ ᠴᠦ᠍ ᠪᠠᠢᠭᠰᠠᠨ ᠦᠭᠡᠢ᠂ ᠡᠨᠡ ᠤᠷᠲᠤ ᠴᠠᠭᠠᠨ ᠬᠡᠷᠡᠮ ᠦ᠋ᠨ ᠬᠣᠢᠲᠤ ᠲᠠᠯ᠎ᠠ ᠳ᠋ᠤ᠌ ᠣᠩᠭᠣᠳ ᠠᠢᠮᠠᠭ ᠰᠠᠭᠤᠵᠤ ᠪᠠᠢᠨ᠎ᠠ᠂ ᠡᠨᠡ ᠣᠩᠭᠣᠳ (《ᠮᠣᠩᠭᠣᠯ ᠤ᠋ᠨ ᠨᠢᠭᠤᠴᠠ ᠲᠣᠪᠴᠢᠶᠠᠨ》 ᠳ᠋ᠤ᠌ ᠣᠯᠬᠣᠨᠤᠳ ᠭᠡᠵᠦ ᠲᠡᠮᠳᠡᠭᠯᠡᠵᠦ ᠪᠠᠢᠨ᠎ᠠ)᠂ ᠠᠢᠮᠠᠭ ᠪᠣᠯᠤᠨ ᠲᠠᠲ᠋ᠠᠷ ᠠᠢᠮᠠᠭ ᠤ᠋ᠨ ᠬᠣᠭᠣᠷᠣᠨᠳᠣ ᠬᠣᠩᠭᠢᠷᠠᠳ ᠠᠢᠮᠠᠭ ᠰᠠᠭᠤᠵᠤ ᠪᠠᠢᠵᠠᠢ᠃
ᠶᠢᠰᠦᠭᠡᠢ ᠪᠠᠭᠠᠲᠤᠷ᠂ ᠲᠡᠮᠦᠵᠢᠨ ᠳ᠋ᠡᠭᠡᠨ ᠪᠡᠷᠢ ᠭᠤᠶᠤᠬᠤ ᠪᠠᠷ ᠶᠠᠪᠤᠵᠤ ᠪᠠᠢᠭ᠎ᠠ ᠤᠴᠢᠷ ᠢ᠋ᠶ᠋ᠠᠨ ᠲᠠᠢ ᠰᠡᠴᠡᠨ ᠳ᠋ᠦ᠍ ᠬᠡᠯᠡᠵᠡᠢ᠃ ᠲᠡᠢ ᠰᠡᠴᠡᠨ ᠪᠠᠰᠠ ᠤᠷᠢᠳ ᠰᠥᠨᠢ ᠨᠢᠭᠡᠨ ᠵᠡᠭᠦᠳᠦ ᠵᠡᠭᠦᠳᠦᠯᠡᠭᠰᠡᠨ ᠢ᠋ᠶ᠋ᠡᠨ ᠬᠡᠯᠡᠵᠡᠢ᠄ ᠨᠢᠭᠡᠨ ᠴᠠᠭᠠᠨ ᠱᠣᠩᠬᠣᠷ ᠬᠠᠷ᠎ᠠ ᠬᠡᠷᠢᠶ᠎ᠡ ᠶ᠋ᠢ ᠰᠢᠭᠦᠷᠴᠦ ᠪᠠᠢᠯ᠎ᠠ (《ᠮᠣᠩᠭᠣᠯ ᠤ᠋ᠨ ᠨᠢᠭᠤᠴᠠ ᠲᠣᠪᠴᠢᠶᠠᠨ》 ᠳ᠋ᠤ᠌ ᠴᠠᠭᠠᠨ ᠱᠣᠩᠬᠣᠷ ᠰᠢᠪᠠᠭᠤ ᠨᠠᠷᠠᠨ ᠰᠠᠷᠠᠨ ᠬᠣᠶᠠᠷ ᠢ᠋ ᠠᠳᠬᠤᠨ ᠨᠢᠰᠴᠦ ᠢᠷᠡᠭᠡᠳ ᠮᠢᠨᠦ (ᠲᠡᠢ ᠰᠡᠴᠡᠨ ᠦ᠌) ᠭᠠᠷ ᠳᠡᠭᠡᠷ᠎ᠡ ᠪᠠᠭᠤᠪᠠ ᠭᠡᠵᠦ ᠲᠡᠮᠳᠡᠭᠯᠡᠵᠦ ᠪᠠᠢᠳᠠᠭ᠃— ᠬᠢᠨᠠᠭᠴᠢ ᠠ᠋ᠴᠠ)᠃ ᠤᠴᠢᠷ ᠡᠢᠮᠦ ᠡᠴᠡ ᠬᠣᠶᠠᠭᠤᠯᠠ ᠪᠠᠨ ᠡᠭᠦᠨ ᠢ᠋ ᠲᠩᠷᠢ ᠢᠪᠡᠭᠡᠨ ᠮᠡᠳᠡᠭᠳᠡᠭᠰᠡᠨ ᠭᠡᠵᠦ ᠣᠢᠯᠠᠭᠠᠵᠠᠢ᠃ ᠴᠠᠭᠠᠨ ᠱᠣᠩᠬᠣᠷ ᠬᠠᠷ᠎ᠠ ᠬᠡᠷᠢᠶ᠎ᠡ ᠶ᠋ᠢ ᠰᠢᠭᠦᠷᠴᠦ ᠪᠠᠢᠬᠤ ᠵᠢᠷᠤᠭ ᠪᠣᠯ ᠬᠢᠶᠠᠳ ᠪᠣᠷᠵᠢᠭᠢᠨ ᠶᠠᠰᠤᠲᠠᠨ ᠤ᠋ ᠴᠡᠷᠢᠭ ᠦ᠋ᠨ ᠲᠤᠭ ᠳᠡᠭᠡᠷᠡᠬᠢ ᠵᠢᠷᠤᠭ ᠮᠥᠨ ᠪᠣᠯᠬᠣᠷ ᠲᠡᠭᠡᠵᠦ ᠰᠠᠨᠠᠭᠰᠠᠨ ᠠᠵᠢ᠃ ᠲᠡᠭᠡᠭᠡᠳ ᠲᠡᠢ ᠰᠡᠴᠡᠨ ᠦ᠌ ᠭᠡᠷ ᠲᠦ᠍ ᠲᠡᠮᠦᠵᠢᠨ ᠲᠡᠢ ᠨᠠᠰᠤ ᠰᠠᠴᠠᠭᠤ ᠨᠢᠭᠡᠨ ᠬᠡᠦᠬᠡᠨ ᠪᠠᠢᠨ᠎ᠠ᠂ ᠨᠡᠷ᠎ᠡ ᠨᠢ ᠪᠥᠷᠲᠡ ᠭᠡᠳᠡᠭ᠃ ᠲᠡᠳᠡ ᠬᠠᠷᠢᠯᠴᠠᠨ ᠬᠡᠯᠡᠯᠴᠡᠭᠰᠡᠭᠡᠷ᠂ ᠬᠠᠮᠲᠤᠪᠠᠷ ᠬᠣᠩᠭᠢᠷᠠᠳ ᠤ᠋ᠨ ᠨᠤᠲᠤᠭ ᠳᠠᠰᠢ ᠣᠳᠯᠠ᠃
ᠠᠭᠤᠳᠠᠮ ᠲᠠᠯ᠎ᠠ ᠰᠢᠪᠲᠤᠷᠠᠵᠤ᠂ ᠴᠢᠯᠠᠭᠤᠲᠤ ᠨᠢᠴᠦᠭᠦᠨ ᠠᠭᠤᠯᠠᠰ ᠵᠠᠯᠭᠠᠯᠳᠤᠵᠤ᠂ ᠬᠠᠢᠷ ᠴᠢᠯᠠᠭᠤ ᠲᠠᠢ ᠭᠠᠵᠠᠷ ᠪᠣᠯᠪᠠ᠃ ᠦᠷᠭᠦᠯᠵᠢᠯᠡᠨ ᠶᠠᠪᠤᠲᠠᠯ᠎ᠠ ᠴᠠᠭᠠᠨ ᠮᠠᠩᠬᠠᠨ ᠭᠠᠵᠠᠷ ᠪᠣᠯᠵᠤ᠂ ᠳᠠᠬᠢᠭᠠᠳ ᠭᠠᠯ ᠳ᠋ᠤ᠌ ᠲᠦᠯᠡᠭᠳᠡᠭᠰᠡᠨ ᠮᠡᠲᠦ ᠬᠠᠷ᠎ᠠ ᠴᠢᠯᠠᠭᠤ ᠲᠠᠢ ᠭᠠᠵᠠᠷ᠂
ᠪᠣᠯᠲᠣᠷᠢᠥ ᠭᠠᠵᠠᠷ ᠪᠣᠯᠤᠨ ᠥᠭᠡᠷᠡᠴᠢᠯᠡᠭᠳᠡᠪᠡ᠃ ᠳᠠᠬᠢᠨ ᠬᠡᠶ᠋ᠢᠰᠦᠭᠳᠡᠨ ᠨᠡᠭᠦᠬᠦ ᠡᠯᠡᠰᠦ ᠮᠠᠩᠬ᠎ᠠ ᠲᠠᠢ ᠭᠠᠵᠠᠷ ᠪᠣᠯᠤᠯ᠎ᠠ᠂ ᠡᠨᠡᠬᠦ ᠡᠯᠡᠰᠦ ᠮᠠᠩᠬ᠎ᠠ ᠨᠢ ᠶᠡᠬᠡ ᠰᠠᠯᠬᠢᠨ ᠳ᠋ᠤ᠌ ᠬᠡᠶ᠋ᠢᠰᠦᠭᠳᠡᠪᠡᠯ ᠬᠥᠮᠦᠨ ᠢ᠋ ᠨᠢᠳᠦ ᠨᠡᠭᠡᠭᠡᠯᠭᠡᠬᠦ ᠦᠭᠡᠢ᠂ ᠮᠣᠷᠢ ᠪᠠᠢᠲᠠᠯ᠎ᠠ ᠳᠥᠩᠭᠡᠵᠢ ᠤᠷᠤᠭᠰᠢᠯᠠᠳᠠᠭ᠃ ᠡᠨᠡ ᠮᠡᠲᠦ ᠶ᠋ᠢᠨ ᠡᠯᠡᠰᠦᠨ ᠪᠣᠷᠣᠭ᠎ᠠ ᠬᠥᠮᠦᠨ ᠦ᠌ ᠨᠢᠭᠤᠷ ᠴᠢᠷᠠᠢ ᠶ᠋ᠢ ᠰᠢᠪᠠᠬᠠᠴᠡᠨᠠ᠃ ᠳᠠᠷᠠᠭ᠎ᠠ ᠪᠠᠷ ᠳᠠᠬᠢᠵᠤ ᠨᠢᠴᠦᠭᠦᠨ ᠠᠭᠤᠯᠠ ᠪᠣᠯᠵᠤ᠂ ᠭᠠᠯ ᠤᠯᠠᠭᠠᠨ ᠴᠢᠯᠠᠭᠤ ᠲᠠᠢ ᠠᠭᠤᠯᠠ ᠦᠷᠭᠦᠯᠵᠢᠯᠡᠵᠦ᠂ ᠬᠠᠮᠤᠭ ᠡᠴᠦᠰ ᠲᠦ᠋ᠨᠢ ᠠᠭᠤᠳᠠᠮ ᠲᠠᠯ᠎ᠠ ᠪᠣᠯᠤᠯ᠎ᠠ᠃ ᠡᠨᠡ ᠨᠢ ᠭᠣᠪᠢ ᠮᠠᠩᠬ᠎ᠠ ᠶ᠋ᠢ ᠬᠥᠨᠳᠡᠯᠡᠨ ᠭᠡᠲᠦᠯᠦᠭᠰᠡᠨ ᠨᠢ ᠡᠨᠡ ᠠᠵᠢ᠃ ᠲᠡᠳᠡᠨᠦᠰ ᠠᠭᠤᠯᠠ ᠨᠢᠷᠤᠭᠤ ᠶ᠋ᠢ ᠳᠠᠪᠠᠵᠤ ᠥᠭᠰᠥᠨ ᠤᠷᠤᠭᠤᠳᠠᠨ ᠶᠠᠪᠤᠭᠰᠠᠭᠠᠷ ᠪᠠᠢᠭᠠᠳ᠂ ᠪᠡᠯᠴᠢᠭᠡᠷ ᠡᠪᠡᠰᠦ ᠰᠠᠢᠲᠠᠢ ᠠᠭᠤᠳᠠᠮ ᠵᠢᠯᠠᠭ᠎ᠠ ᠳ᠋ᠤ᠌ ᠣᠷᠣᠯ᠎ᠠ᠃ ᠡᠨᠳᠡᠬᠢ ᠶ᠋ᠢᠨ ᠬᠠᠢᠯᠠᠰᠤᠨ ᠮᠣᠳᠣ ᠨᠡᠯᠢᠶᠡᠳ ᠥᠨᠳᠥᠷ ᠪᠣᠯᠪᠠᠴᠤ᠂ ᠲᠡᠳᠡᠨ ᠦ᠌ ᠲᠥᠷᠥᠭᠰᠡᠨ ᠨᠤᠲᠤᠭ ᠤᠨᠤᠨ ᠮᠥᠷᠡᠨ ᠦ᠌ ᠬᠥᠪᠡᠭᠦᠨ ᠳ᠋ᠡᠬᠢ ᠣᠢ ᠰᠢᠭᠤᠢ ᠮᠡᠲᠦ ᠵᠤᠵᠠᠭᠠᠨ ᠪᠢᠰᠢ ᠪᠢᠯᠡ᠃
ᠡᠨᠡ ᠪᠣᠯ ᠴᠣᠬᠣᠮ ᠬᠣᠩᠭᠢᠷᠠᠳ ᠠᠢᠮᠠᠭ ᠤ᠋ᠨ ᠣᠷᠣᠰᠢᠨ ᠰᠠᠭᠤᠵᠤ ᠪᠠᠢᠬᠤ ᠨᠤᠲᠤᠭ ᠨᠢ ᠮᠥᠨ᠃ ᠲᠠᠢ ᠰᠡᠴᠡᠨ ᠦ᠌ ᠠᠢᠮᠠᠭ ᠨᠢ ᠬᠥᠮᠦᠨ ᠦ᠌ ᠲᠣᠭ᠎ᠠ ᠪᠠᠷ ᠣᠯᠠᠨ ᠪᠥᠭᠡᠳ ᠪᠠᠶᠠᠯᠢᠭ ᠪᠠᠢᠭᠰᠠᠨ ᠶᠤᠮ᠃ ᠶᠢᠰᠦᠭᠡᠢ ᠪᠠᠭᠠᠲᠤᠷ ᠡᠨᠳᠡ ᠢᠷᠡᠭᠡᠳ ᠰᠠᠶᠢ ᠮᠡᠳᠡᠭᠰᠡᠨ ᠵᠦᠢᠯ ᠭᠡᠪᠡᠯ᠄ ᠬᠢᠲᠠᠳ ᠦᠨᠳᠦᠰᠦᠲᠡᠨ᠂ ᠬᠣᠩᠭᠢᠷᠠᠳ ᠠᠢᠮᠠᠭ ᠪᠣᠯᠤᠨ ᠣᠩᠭᠣᠳ ᠠᠢᠮᠠᠭ ᠢ᠋《ᠴᠠᠭᠠᠨ ᠲᠠᠲ᠋ᠠᠷ》 ᠭᠡᠵᠦ ᠳᠠᠭᠤᠳᠠᠨ᠂ ᠡᠳᠡᠨᠥᠰ ᠡᠴᠡ ᠢᠯᠭᠠᠨ ᠰᠠᠯᠭᠠᠬᠤ ᠶ᠋ᠢᠨ ᠲᠥᠯᠥᠭᠡ᠂ ᠡᠭᠦᠨᠴᠡ ᠪᠤᠰᠤᠳ ᠮᠣᠩᠭᠣᠯ ᠭᠠᠵᠠᠷ ᠪᠠᠢᠬᠤ ᠠᠷᠠᠳ ᠢ᠋《ᠬᠠᠷ᠎ᠠ ᠲᠠᠲ᠋ᠠᠷ》 ᠭᠡᠵᠦ ᠬᠡᠯᠡᠳᠡᠭ ᠢ᠋ ᠮᠡᠳᠡᠵᠡᠢ᠃ ᠲᠡᠷᠡ ᠪᠠᠰᠠ ᠬᠣᠩᠭᠢᠷᠠᠳ ᠠᠢᠮᠠᠭ ᠤ᠋ᠨ ᠰᠠᠭᠤᠵᠤ ᠪᠠᠢᠬᠤ ᠢᠰᠡᠭᠡᠢ ᠭᠡᠷ ᠨᠢ ᠲᠡᠳᠡᠨᠦᠰ ᠦ᠋ᠨ ᠢᠰᠡᠭᠡᠢ ᠭᠡᠷ ᠡᠴᠡ ᠰᠠᠢᠬᠠᠨ ᠴᠢᠮᠡᠭᠯᠡᠵᠦ ᠪᠠᠢᠬᠤ ᠪᠥᠭᠡᠳ ᠡᠮᠦᠰᠬᠦ ᠬᠤᠪᠴᠠᠰᠤ ᠭᠣᠶᠣ᠂ ᠬᠡᠷᠡᠭᠯᠡᠬᠦ ᠵᠠᠷ ᠵᠡᠪᠰᠡᠭ ᠨᠢ ᠬᠦᠷᠲᠡᠯ᠎ᠡ ᠰᠡᠢᠯᠪᠦᠷᠢ ᠴᠢᠮᠡᠭ ᠲᠡᠢ ᠶ᠋ᠢ ᠦᠵᠡᠭᠰᠡᠨ ᠪᠠᠢᠨ᠎ᠠ᠂ ᠪᠥᠷᠲᠡ ᠬᠡᠦᠬᠡᠨ
ᠴᠤ ᠭᠤᠸ᠎ᠠ ᠦᠵᠡᠰᠬᠦᠯᠡᠩ ᠪᠥᠭᠡᠳ ᠪᠡᠶ᠎ᠡ ᠪᠢᠯᠳᠠᠷ ᠲᠡᠭᠰᠢ ᠭᠠᠩᠭᠠᠩ ᠥᠬᠢᠨ ᠪᠠᠢᠯ᠎ᠠ᠃
ᠪᠠᠭ᠎ᠠ ᠪᠠᠯᠴᠢᠷ ᠲᠡᠮᠦᠵᠢᠨ᠂ ᠲᠡᠢ ᠰᠡᠴᠡᠨ ᠦ᠌ ᠨᠢᠳᠦᠨ ᠳ᠋ᠦ᠍ ᠬᠠᠯᠠᠭᠤᠬᠠᠨ ᠬᠠᠷᠠᠭᠳᠠᠭᠠᠳ ᠶᠡᠬᠡ ᠲᠣᠭᠣᠭᠳᠠᠵᠠᠢ᠃ ᠲᠡᠷᠡ ᠬᠠᠷᠢᠨ ᠶᠡᠬᠡ ᠬᠥᠮᠦᠨ ᠰᠢᠭ ᠮᠣᠷᠢ ᠤᠨᠤᠨ ᠠᠶᠠᠯᠠᠭᠰᠠᠨ ᠪᠣᠯᠪᠠᠴᠤ ᠥᠴᠦᠬᠡᠨ ᠴᠦ᠍ ᠶᠠᠳᠠᠷᠠᠵᠤ ᠵᠦᠳᠡᠷᠡᠭᠰᠡᠨ ᠶᠠᠩᠵᠤ ᠦᠭᠡᠢ᠃ ᠲᠡᠭᠦᠨ ᠦ᠌ ᠨᠠᠰᠤ ᠪᠠᠷ ᠠᠪᠴᠤ ᠬᠡᠯᠡᠪᠡᠯ ᠪᠡᠶ᠎ᠡ ᠨᠢ ᠪᠦᠳᠦᠭᠦᠨ ᠴᠢᠭᠢᠷᠠᠭ ᠪᠥᠭᠡᠳ ᠴᠣᠪᠣᠭᠣ ᠰᠡᠷᠭᠦᠯᠡᠩ ᠪᠠᠢᠯ᠎ᠠ᠃ ᠨᠡᠩ ᠴᠤ ᠲᠡᠮᠦᠵᠢᠨ ᠦ᠌ ᠪᠠᠷᠠᠭᠠᠨ ᠴᠢᠷᠠᠢ ᠳ᠋ᠠᠬᠢ ᠮᠢᠭᠤᠢ ᠶ᠋ᠢᠨ ᠮᠡᠲᠦ ᠰᠡᠷᠭᠡᠢ ᠨᠢᠳᠦ ᠨᠢ ᠣᠷᠴᠢᠨ ᠲᠣᠭᠣᠷᠢᠨ ᠤ᠋ ᠠᠯᠢᠪᠠ ᠪᠦᠬᠦᠨ ᠢ᠋ ᠭᠦᠨ ᠠᠩᠬᠠᠷᠤᠯ ᠲᠠᠢ ᠪᠠᠷ ᠬᠠᠷᠠᠵᠤ ᠰᠢᠨᠵᠢᠳᠡᠭ᠂ ᠲᠡᠭᠦᠨ ᠦ᠌ ᠨᠢᠳᠦᠨ ᠡᠴᠡ ᠶᠠᠮᠠᠷᠴᠤ ᠶᠠᠭᠤᠮ᠎ᠠ ᠵᠠᠢᠯᠠᠨ ᠬᠡᠯᠲᠦᠷᠡᠬᠦᠶᠡ ᠪᠡᠷᠬᠡ ᠮᠡᠲᠦ ᠰᠠᠨᠠᠭᠳᠠᠨ᠎ᠠ᠃ ᠶᠢᠰᠦᠭᠡᠢ ᠶᠡᠬᠡ ᠪᠠᠶᠠᠷ ᠤ᠋ᠨ ᠪᠡᠯᠡᠭ ᠪᠣᠯᠭᠠᠨ ᠬᠥᠲᠥᠯᠦᠭᠡ ᠮᠣᠷᠢ ᠪᠠᠨ ᠬᠦᠷᠭᠡᠪᠡ᠂ ᠬᠠᠷᠢᠭᠤ ᠳ᠋ᠤᠨᠢ ᠲᠠᠢ ᠰᠡᠴᠡᠨ ᠪᠠᠰᠠ ᠪᠡᠯᠡᠭ ᠬᠦᠷᠭᠡᠭᠰᠡᠨ ᠪᠢᠯᠡ᠃ ᠶᠢᠰᠦᠭᠡᠢ ᠪᠣᠯᠤᠨ ᠲᠠᠢ ᠰᠡᠴᠡᠨ ᠦ᠌ ᠬᠣᠶᠠᠷ ᠠᠢᠮᠠᠭ ᠬᠠᠮᠲᠤᠷᠠᠵᠤ ᠨᠢᠭᠡᠨ ᠨᠤᠲᠤᠭ ᠲᠤ ᠮᠠᠯᠵᠢᠬᠤ ᠦᠶ᠎ᠡ ᠬᠦᠷᠲᠡᠯ᠎ᠡ ᠪᠡᠨ ᠲᠡᠮᠦᠵᠢᠨ ᠢ᠋ ᠡᠨᠳᠡ ᠰᠠᠭᠤᠯᠭᠠᠬᠤ ᠪᠠᠷ ᠵᠥᠪᠳᠡᠨ ᠲᠣᠭᠲᠠᠵᠠᠢ᠃ ᠡᠨᠡ ᠨᠢ ᠬᠣᠶᠠᠷ ᠠᠢᠮᠠᠭ ᠬᠣᠭᠣᠷᠣᠨᠳᠣ ᠪᠠᠨ ᠣᠢᠷ᠎ᠠ ᠤᠷᠤᠭ ᠪᠣᠯᠬᠤ ᠳᠤᠷᠠᠲᠠᠢ ᠭᠡᠰᠡᠨ ᠬᠦᠰᠡᠯ ᠢ᠋ᠶ᠋ᠡᠨ ᠬᠠᠷᠠᠭᠤᠯᠤᠭᠰᠠᠨ ᠪᠡᠯᠡᠭ ᠲᠡᠮᠳᠡᠭ ᠠᠵᠢ᠃
(ᠬᠣᠶᠠᠷ) ᠡᠴᠢᠭᠡ ᠨᠢ ᠬᠣᠣᠷᠯᠠᠭᠳᠠᠭᠰᠠᠨ ᠨᠢ
ᠲᠡᠮᠦᠵᠢᠨ ᠲᠡᠭᠡᠭᠡᠳ ᠠᠯᠲᠠᠨ ᠬᠠᠭᠠᠨᠲᠤ ᠤᠯᠤᠰ ᠲᠠᠢ ᠣᠢᠷᠠᠯᠴᠠᠨ ᠰᠠᠭᠤᠭᠰᠠᠨ ᠬᠣᠩᠭᠢᠷᠠᠳ ᠠᠢᠮᠠᠭ ᠶᠠᠮᠠᠷ ᠤᠳᠬ᠎ᠠ ᠤᠴᠢᠷ ᠪᠠᠢᠬᠤ ᠶ᠋ᠢ ᠮᠡᠳᠡᠵᠦ ᠣᠯᠤᠯ᠎ᠠ᠃ ᠬᠢᠲᠠᠳ ᠤ᠋ᠨ ᠠᠷᠠᠯᠵᠢᠶᠠᠴᠢᠨ ᠨᠠᠷ ᠪᠠᠷᠤᠭ ᠡᠳᠦᠷ ᠪᠦᠷᠢ ᠬᠣᠩᠭᠢᠷᠠᠳ ᠠᠢᠮᠠᠭ ᠲᠤ ᠢᠷᠡᠳᠡᠭ ᠪᠠᠢᠯ᠎ᠠ᠃ ᠡᠳᠡᠭᠡᠷ ᠠᠷᠠᠯᠵᠢᠶᠠᠴᠢᠨ ᠨᠠᠷ ᠰᠠᠢᠬᠠᠨ ᠪᠥᠰ ᠲᠣᠷᠭ᠎ᠠ᠂ ᠥᠩᠭᠡ ᠪᠦᠷᠢ ᠶ᠋ᠢᠨ ᠪᠣᠳᠣᠭ ᠰᠢᠷ ᠢ᠋ᠶ᠋ᠡᠷ ᠴᠢᠮᠡᠭᠯᠡᠭᠰᠡᠨ ᠪᠠᠮᠪᠠᠢ᠂ ᠵᠠᠭᠠᠨ ᠤ᠋ ᠰᠣᠶᠣᠭ᠎ᠠ ᠪᠠᠷ ᠴᠢᠮᠡᠭᠯᠡᠭᠰᠡᠨ ᠰᠠᠭᠠᠳᠠᠭ ᠪᠠ ᠡᠯ᠎ᠡ ᠵᠦᠢᠯ ᠦ᠋ᠨ ᠴᠢᠮᠡᠭᠯᠡᠯ ᠲᠡᠢ ᠬᠡᠷᠡᠭᠰᠡᠯ ᠢ᠋ ᠠᠪᠴᠤ ᠢᠷᠡᠭᠡᠳ ᠡᠭᠦᠨ ᠢ᠋ᠶ᠋ᠡᠷ ᠢ᠋ᠶ᠋ᠡᠨ ᠠᠷᠠᠰᠤ ᠨᠣᠣᠰᠣ᠂ ᠮᠣᠷᠢ ᠦᠬᠡᠷ᠂ ᠬᠣᠨᠢ ᠲᠡᠮᠡᠭᠡ ᠵᠡᠷᠭᠡ ᠶ᠋ᠢᠨ ᠮᠠᠯ ᠪᠤᠶᠤ ᠬᠣᠩᠭᠢᠷᠠᠳ ᠤ᠋ᠨ ᠬᠥᠮᠦᠰ ᠨᠠᠭᠤᠷ ᠠ᠋ᠴᠠ ᠪᠠᠨ ᠱᠦᠭᠦᠵᠦ ᠠᠪᠤᠭᠰᠠᠨ ᠳᠠᠪᠤᠰᠤ ᠶ᠋ᠢ ᠰᠣᠯᠢᠨ ᠠᠪᠠᠴᠢᠳᠠᠭ᠃ ᠡᠳᠡᠭᠡᠷ ᠬᠢᠲᠠᠳ ᠬᠥᠮᠦᠨ ᠠᠷᠠᠯᠵᠢᠶ᠎ᠠ ᠬᠢᠵᠦ ᠠᠰᠢᠭ ᠣᠯᠳᠠᠭ ᠭᠠᠵᠠᠷ ᠲᠤ ᠢᠷᠡᠭᠡᠳ ᠶᠡᠷᠦ ᠭᠠᠷ ᠬᠣᠭᠣᠰᠣᠨ ᠪᠤᠴᠠᠳᠠᠭ ᠦᠭᠡᠢ᠃ ᠲᠡᠳᠡᠨᠦᠰ ᠢᠷᠡᠬᠦ ᠳ᠋ᠡᠭᠡᠨ ᠣᠯᠠᠩᠬᠢ ᠳ᠋ᠠᠭᠠᠨ ᠭᠡᠷ ᠦ᠋ᠨ ᠡᠵᠡᠨ ᠳ᠋ᠦ᠍ᠨᠢ ᠬᠤᠪᠴᠠᠰᠤ᠂ ᠭᠡᠷᠭᠡᠢ ᠳ᠋ᠦ᠍ᠨᠢ ᠵᠠᠰᠠᠯ ᠴᠢᠮᠡᠭᠯᠡᠯ ᠦ᠋ᠨ ᠵᠦᠢᠯ᠂ ᠬᠡᠦᠬᠡᠳ ᠲᠦ᠋ᠨᠢ ᠰᠢᠬᠢᠷ ᠵᠢᠮᠢᠰ ᠦ᠋ᠨ ᠵᠦᠢᠯ ᠢ᠋ ᠪᠡᠯᠡᠭ ᠪᠣᠯᠭᠠᠨ ᠬᠦᠷᠭᠡᠳᠡᠭ ᠪᠢᠯᠡ᠃ ᠲᠡᠮᠦᠵᠢᠨ ᠪᠠᠰᠠ ᠬᠣᠩᠭᠢᠷᠠᠳ ᠬᠥᠮᠦᠨ ᠦ᠌ ᠮᠣᠩᠭᠣᠯ ᠭᠡᠷ ᠲᠦ᠋ᠨᠢ ᠰᠣᠨᠢᠨ ᠰᠠᠢᠬᠠᠨ ᠡᠳ᠋ ᠡᠷᠳᠡᠨᠢ ᠪᠡᠷ ᠳᠦᠭᠦᠷᠦᠭᠰᠡᠨ ᠢ᠋ ᠦᠵᠡᠭᠡᠳ᠂ ᠪᠣᠳᠣᠯᠭ᠎ᠠ ᠲᠥᠷᠥᠭᠳᠡᠭᠰᠡᠨ ᠨᠢ᠄ ᠡᠢᠮᠦ ᠰᠠᠢᠬᠠᠨ ᠶᠠᠭᠤᠮ᠎ᠠ ᠶ᠋ᠢ ᠡᠳᠦᠢ ᠠᠷᠪᠢᠨ ᠥᠭᠡᠷ᠎ᠡ ᠤᠯᠤᠰ ᠲᠤ ᠦᠭᠴᠢᠬᠡᠭᠡᠳ
ᠥᠪᠡᠷ ᠦ᠋ᠨ ᠤᠯᠤᠰ ᠨᠢ ᠬᠣᠭᠣᠰᠣᠷᠠᠬᠤ ᠦᠭᠡᠢ ᠴᠢᠨᠢ ᠠᠯᠲᠠᠨ ᠤᠯᠤᠰ ᠶᠠᠭᠤᠲᠠᠢ ᠪᠠᠶᠠᠯᠢᠭ ᠤᠯᠤᠰ ᠶᠤᠮ ᠪᠣᠢ? ᠭᠡᠵᠦ ᠭᠠᠢᠬᠠᠵᠤ ᠪᠠᠢᠵᠠᠢ᠃
ᠲᠡᠭᠡᠭᠡᠳ ᠲᠡᠮᠦᠵᠢᠨ ᠳ᠋ᠦ᠍ ᠡᠨᠡ ᠮᠡᠲᠦ ᠭᠠᠢᠬᠠᠮᠠᠷ ᠠᠯᠲᠠᠨ ᠤᠯᠤᠰ ᠤ᠋ᠨ ᠲᠤᠬᠠᠢ ᠢᠯᠡᠭᠦᠬᠡᠨ ᠣᠢᠯᠠᠭᠠᠵᠤ ᠮᠡᠳᠡᠶ᠎ᠡ ᠭᠡᠰᠡᠨ ᠬᠦᠰᠡᠯ ᠡᠷᠡᠮᠡᠯᠵᠡᠯ ᠲᠥᠷᠥᠭᠳᠡᠯᠡ᠃ ᠬᠣᠯᠠ ᠠ᠋ᠴᠠ ᠢᠷᠡᠵᠦ ᠪᠠᠢᠭ᠎ᠠ ᠬᠥᠮᠦᠰ ᠲᠡᠢ ᠣᠢᠷᠠᠲᠤᠬᠤ ᠪᠠᠷ ᠲᠡᠷᠡ ᠴᠢᠷᠮᠠᠢᠵᠤ ᠦᠵᠡᠯ᠎ᠡ᠂ ᠡᠳᠡᠭᠡᠷ ᠬᠥᠮᠦᠰ ᠦ᠋ᠨ ᠦᠨᠡᠨ ᠮᠡᠳᠡᠯᠭᠡ ᠪᠠ ᠤᠷᠠᠨ ᠠᠷᠭ᠎ᠠ ᠳ᠋ᠤᠨᠢ ᠲᠡᠷᠡ ᠭᠠᠢᠬᠠᠨ ᠰᠣᠴᠢᠪᠠ᠃ ᠡᠳᠡᠭᠡᠷ ᠬᠥᠮᠦᠰ᠂ ᠬᠡᠳᠦᠢ ᠣᠯᠠᠨ ᠮᠠᠯ ᠰᠦᠷᠦᠭ ᠦ᠋ᠨ ᠳᠣᠲᠣᠷ᠎ᠠ ᠠ᠋ᠴᠠ ᠮᠠᠰᠢ ᠣᠨᠣᠪᠴᠢᠲᠠᠢ ᠪᠠᠷ ᠬᠠᠮᠤᠭ ᠣᠬᠢ ᠰᠠᠢᠨ ᠢ᠋ ᠨᠢ ᠰᠣᠩᠭᠣᠨ ᠲᠣᠭᠣᠵᠤ ᠠᠪᠠᠴᠢᠳᠠᠭ ᠪᠥᠭᠡᠳ ᠡᠯᠪᠡᠭ ᠠᠷᠪᠢᠨ ᠠᠷᠠᠰᠤ ᠰᠢᠷᠢ ᠲᠡᠢ ᠰᠠᠩ ᠬᠥᠮᠥᠷᠭᠡ ᠶ᠋ᠢᠨ ᠳᠣᠲᠣᠷ᠎ᠠ ᠠ᠋ᠴᠠ ᠠᠯᠢ ᠰᠠᠢᠨ ᠢ᠋ ᠨᠢ ᠰᠣᠩᠭᠣᠨ ᠠᠪᠤᠭᠠᠳ ᠶᠠᠪᠤᠳᠠᠭ ᠢ᠋ ᠦᠵᠡᠯ᠎ᠡ᠃ ᠠᠯᠲᠠᠨ ᠤᠯᠤᠰ ᠪᠣᠯ ᠮᠠᠯᠵᠢᠬᠤ ᠣᠷᠣᠨ ᠤ᠋ ᠬᠠᠮᠤᠭ ᠤ᠋ᠨ ᠬᠦᠴᠦᠷᠬᠡᠭ ᠶᠠᠰᠤᠲᠠᠨ ᠦᠨᠳᠦᠰᠦᠲᠡᠨ ᠡᠴᠡ ᠬᠣᠯᠠ ᠬᠦᠴᠦᠷᠬᠡᠭ ᠶᠦᠮ᠂ ᠲᠡᠭᠦᠨ ᠦ᠌ ᠰᠠᠭᠤᠭᠠᠯᠢ ᠢᠷᠭᠡᠳ ᠨᠢ ᠥᠨᠳᠥᠷ ᠬᠡᠷᠡᠮ ᠢ᠋ᠶ᠋ᠡᠷ ᠬᠠᠮᠠᠭᠠᠯᠠᠭᠤᠯᠤᠭᠰᠠᠨ ᠬᠣᠲᠠ ᠳᠣᠲᠣᠷ᠎ᠠ ᠰᠠᠭᠤᠵᠤ ᠪᠠᠢᠨ᠎ᠠ᠂ ᠡᠳᠡᠭᠡᠷ ᠬᠣᠲᠠᠨ ᠳ᠋ᠤᠨᠢ ᠲᠣᠭ᠎ᠠ ᠲᠣᠮᠰᠢ ᠦᠭᠡᠢ ᠡᠳ᠋ ᠡᠷᠳᠡᠨᠢ ᠶ᠋ᠢ ᠬᠠᠳᠠᠭᠠᠯᠠᠵᠤ ᠪᠠᠢᠨ᠎ᠠ ᠭᠡᠵᠦ ᠲᠡᠷᠡ ᠡᠳᠡᠭᠡᠷ ᠬᠥᠮᠦᠰ ᠡᠴᠡ ᠰᠣᠨᠣᠰᠴᠠᠢ᠃
ᠲᠡᠭᠡᠭᠡᠳ ᠲᠡᠮᠦᠵᠢᠨ ᠳ᠋ᠦ᠍ ᠨᠢᠭᠡ ᠬᠠᠴᠢᠨ ᠪᠣᠳᠣᠯᠭ᠎ᠠ ᠲᠥᠷᠥᠭᠳᠡᠭᠰᠡ ᠨᠢ᠄ ᠠᠯᠲᠠᠨ ᠤᠯᠤᠰ ᠶᠠᠭᠤᠨ ᠳ᠋ᠤ᠌ ᠡᠢᠮᠦ ᠦᠨ᠎ᠡ ᠬᠦᠷᠬᠦ ᠦᠭᠡᠢ ᠠᠷᠠᠰᠤ ᠨᠣᠣᠰᠣ᠂ ᠮᠠᠯ ᠠᠳᠤᠭᠤ ᠶ᠋ᠢ ᠠᠪᠬᠤ ᠶ᠋ᠢᠨ ᠲᠥᠯᠥᠭᠡ ᠲᠡᠢᠮᠦ ᠦᠨ᠎ᠡ ᠲᠡᠢ ᠰᠠᠢᠨ ᠡᠳ᠋ ᠡᠷᠳᠡᠨᠢᠰ ᠲᠡᠢ ᠠᠷᠠᠯᠵᠢᠶᠠᠴᠢᠨ ᠢ᠋ ᠶᠠᠪᠤᠭᠤᠯᠵᠤ ᠰᠣᠯᠢᠯᠴᠠᠭ᠎ᠠ ᠬᠢᠯᠭᠡᠳᠡᠭ ᠶᠦᠮ ᠪᠣᠢ? ᠢᠩᠭᠢᠵᠦ ᠬᠢᠬᠦ ᠪᠡᠷ ᠢ᠋ᠶ᠋ᠡᠨ ᠥᠭᠡᠷ᠎ᠡ ᠠᠷᠭ᠎ᠠ ᠠᠪᠤᠪᠠᠯ ᠰᠠᠢᠨ ᠪᠢᠰᠢᠦ? ᠵᠢᠱ᠌ᠢᠶᠡᠯᠡᠪᠡᠯ ᠲᠡᠭᠦᠨ ᠦ᠌ ᠤᠯᠤᠰ ᠠ᠋ᠴᠠ ᠣᠯᠠᠨ ᠴᠡᠷᠢᠭ ᠲᠣᠮᠢᠯᠠᠭᠠᠳ ᠡᠨᠳᠡᠬᠢ ᠮᠠᠯ ᠠᠳᠤᠭᠤ ᠪᠠ ᠠᠷᠠᠰᠤ ᠨᠣᠣᠰᠣ ᠶ᠋ᠢ ᠪᠤᠯᠢᠶᠠᠨ ᠠᠪᠤᠭᠠᠳ᠂ ᠬᠥᠮᠦᠰ ᠦ᠋ᠨ ᠢ᠋ᠶ᠋ᠡᠨ ᠬᠦᠰᠡᠯ ᠢ᠋ᠶ᠋ᠡᠷ ᠨᠢ ᠲᠦᠭᠡᠭᠡᠭᠡᠳ ᠥᠭᠴᠢᠪᠡᠯ ᠰᠠᠢᠨ ᠪᠢᠰᠢᠦ? ᠭᠡᠵᠦ ᠭᠠᠢᠬᠠᠰᠬᠢᠨ ᠪᠣᠳᠣᠵᠠᠢ᠃ ᠬᠠᠷᠢᠨ ᠲᠠᠢ ᠰᠡᠴᠡᠨ ᠲᠡᠮᠦᠵᠢᠨ ᠦ᠌ ᠪᠣᠳᠣᠯ ᠢ᠋ ᠮᠡᠳᠡᠭᠰᠡᠨ ᠮᠡᠲᠦ᠂ ᠬᠣᠲᠠ ᠶ᠋ᠢᠨ ᠰᠠᠭᠤᠭᠠᠯᠢ ᠠᠷᠠᠳ ᠪᠣᠯ ᠪᠠᠢᠯᠳᠤᠭᠴᠢᠳ ᠪᠢᠰᠢ᠂ ᠲᠡᠳᠡᠨᠦᠰ ᠮᠣᠷᠢ ᠤᠨᠤᠵᠤ ᠴᠢᠳᠠᠬᠤ ᠦᠭᠡᠢ᠂ ᠨᠤᠮᠤ ᠲᠠᠲᠠᠵᠤ ᠰᠤᠮᠤ ᠬᠠᠷᠪᠤᠬᠤ ᠴᠢᠳᠠᠯ ᠦᠭᠡᠢ᠂ ᠨᠡᠩ ᠴᠤ ᠵᠢᠳᠠ ᠢᠯᠳᠦ ᠶ᠋ᠢ ᠬᠡᠷᠡᠭᠯᠡᠵᠦ ᠴᠢᠳᠠᠬᠤ ᠬᠥᠮᠦᠨ ᠲᠤᠩ ᠴᠥᠭᠡᠨ ᠶᠦᠮ ᠭᠡᠵᠦ ᠲᠠᠢᠯᠪᠤᠷᠢᠯᠠᠨ ᠬᠡᠯᠡᠵᠡᠢ᠃ ᠡᠨᠡ ᠨᠢ ᠪᠠᠭ᠎ᠠ ᠪᠠᠯᠴᠢᠷ ᠲᠡᠮᠦᠵᠢᠨ ᠦ᠌ ᠲᠠᠷᠢᠬᠢᠨ ᠳ᠋ᠤ᠌ ᠬᠣᠲᠠ ᠪᠠᠯᠭᠠᠰᠤᠨ᠎ᠠ ᠰᠠᠭᠤᠬᠤ ᠬᠥᠮᠦᠰ ᠢ᠋ ᠳᠣᠷᠣᠮᠵᠢᠯᠠᠨ ᠦᠵᠡᠬᠦ ᠰᠡᠳᠬᠢᠯ ᠲᠥᠷᠥᠭᠳᠡᠵᠦ ᠡᠬᠢᠯᠡᠯ᠎ᠡ᠃ ᠴᠢᠨᠠᠭᠰᠢᠯᠠᠪᠠᠯ ᠤᠯᠠᠮ ᠭᠦᠨ ᠪᠣᠳᠣᠯᠬᠢᠯᠠᠵᠤ᠄ ᠲᠠᠢ ᠰᠡᠴᠡᠨ ᠡᠳᠡᠭᠡᠷ ᠠᠷᠠᠯᠵᠢᠶᠠᠴᠢᠨ ᠲᠠᠢ ᠦᠨᠡᠲᠡᠢ ᠬᠢᠮᠳᠠ ᠭᠡᠵᠦ ᠮᠠᠷᠭᠤᠯᠳᠤᠬᠤ ᠠ᠋ᠴᠠ ᠴᠡᠷᠢᠭ ᠢ᠋ᠶ᠋ᠡᠨ ᠳᠠᠭᠠᠭᠤᠯᠤᠨ ᠠᠯᠲᠠᠨ ᠤᠯᠤᠰ ᠲᠤ ᠳᠣᠪᠲᠣᠯᠤᠨ ᠣᠷᠣᠭᠠᠳ᠂ ᠳᠣᠷᠣᠢ ᠪᠠᠭᠤᠷᠠᠢ ᠰᠠᠭᠤᠭᠠᠯᠢ ᠠᠷᠠᠳ ᠠ᠋ᠴᠠ ᠠᠷᠪᠢᠨ ᠡᠳ᠋ ᠡᠷᠳᠡᠨᠢ ᠶ᠋ᠢ ᠨᠢ ᠪᠤᠯᠢᠶᠠᠭᠠᠳ ᠠᠪᠴᠢᠪᠠᠯ ᠪᠣᠯᠬᠤ ᠪᠢᠰᠢᠦ? ᠭᠡᠵᠦ ᠰᠠᠨᠠᠵᠤ ᠦᠵᠡᠵᠡᠢ᠃ ᠡᠨᠡ ᠬᠣᠭᠣᠷᠣᠨᠳᠣ ᠲᠡᠮᠦᠵᠢᠨ ᠪᠠᠰᠠ ᠰᠣᠨᠣᠰᠤᠭᠰᠠᠨ ᠨᠢ᠄ ᠠᠯᠲᠠᠨ ᠤᠯᠤᠰ ᠲᠤ ᠨᠢᠭᠡᠨ ᠬᠠᠭᠠᠨ ᠪᠠᠢᠨ᠎ᠠ᠂ ᠬᠣᠲᠠᠨ ᠳ᠋ᠠᠭᠠᠨ ᠪᠡᠶ᠎ᠡ ᠪᠡᠨ ᠬᠠᠮᠠᠭᠠᠯᠠᠭᠤᠯᠬᠤ ᠪᠤᠶᠤ ᠠᠷᠤ ᠭᠠᠵᠠᠷ ᠤ᠋ᠨ ᠳᠣᠪᠲᠣᠯᠤᠭᠴᠢᠳ ᠢ᠋ ᠡᠰᠡᠷᠭᠦᠴᠡᠬᠦ ᠶ᠋ᠢᠨ ᠲᠥᠯᠥᠭᠡ᠂ ᠲᠡᠷᠡ ᠬᠡᠳᠦᠨ ᠠᠷᠪᠠᠨ ᠲᠦᠮᠡᠨ ᠴᠡᠷᠢᠭ ᠢ᠋ ᠲᠡᠵᠢᠭᠡᠵᠦ ᠪᠠᠢᠨ᠎ᠠ᠃ ᠡᠢᠮᠦ ᠡᠴᠡ ᠡᠳ᠋ ᠮᠥᠩᠭᠥ ᠶ᠋ᠢ ᠣᠯᠠᠨ ᠬᠡᠷᠡᠭᠯᠡᠨ᠎ᠡ ᠭᠡᠵᠦ ᠬᠢᠲᠠᠳ ᠠᠷᠠᠯᠵᠢᠶᠠᠴᠢᠨ ᠬᠡᠯᠡᠵᠦ ᠪᠠᠢᠵᠠᠢ᠃ ᠲᠡᠷᠡ ᠪᠠᠰᠠ ᠠᠯᠲᠠᠨ ᠤᠯᠤᠰ ᠤ᠋ᠨ ᠴᠡᠷᠢᠭ ᠦ᠋ᠨ ᠠᠷᠭ᠎ᠠ ᠮᠡᠷᠭᠡᠵᠢᠯ᠂ ᠪᠠᠢᠯᠳᠤᠭᠠᠨ ᠤ᠋ ᠲᠡᠷᠭᠡ ᠬᠢᠭᠡᠳ ᠶᠠᠪᠠᠭᠠᠨ ᠴᠡᠷᠢᠭ ᠦ᠋ᠨ ᠣᠯᠠᠨ ᠵᠦᠢᠯ ᠦ᠋ᠨ ᠮᠡᠳᠡᠯᠭᠡ ᠶ᠋ᠢ ᠣᠯᠵᠤ ᠰᠣᠨᠣᠰᠤᠯ᠎ᠠ᠃ ᠲᠡᠳᠡᠨ ᠦ᠌ ᠶᠠᠪᠠᠭᠠᠨ ᠴᠡᠷᠢᠭ ᠪᠣᠯ ᠤᠷᠲᠤ ᠵᠢᠳᠠ ᠪᠠᠷᠢᠵᠤ᠂ ᠬᠥᠨᠳᠡᠯᠡᠨ ᠢ᠋ᠶ᠋ᠡᠷ ᠵᠢᠭᠰᠠᠭᠠᠨ ᠪᠠᠢᠯᠳᠤᠬᠤ ᠪᠣᠯᠬᠣᠷ᠂ ᠬᠡᠷᠪᠡ ᠳᠠᠢᠰᠤᠨ ᠢ᠋ ᠮᠣᠷᠢᠨ ᠲᠤᠭᠤᠷᠠᠢ ᠪᠠᠷ ᠭᠢᠰᠬᠢᠭᠦᠯᠳᠡᠭ ᠮᠣᠷᠢᠲᠤ ᠴᠡᠷᠢᠭ ᠤᠴᠠᠷᠠᠪᠠᠯ ᠲᠡᠳᠡ ᠤᠷᠲᠤ ᠵᠢᠳᠠ ᠪᠠᠷ ᠢ᠋ᠶ᠋ᠠᠨ ᠨᠡᠪᠲᠡ ᠨᠡᠪᠲᠡ ᠵᠢᠳᠠᠯᠠᠨ ᠤᠨᠠᠭᠠᠳᠠᠭ ᠭᠡᠵᠦ ᠰᠣᠨᠣᠰᠴᠠᠢ᠃
ᠡᠨᠡ ᠮᠡᠲᠦ ᠶ᠋ᠢᠨ ᠦᠭᠡ ᠶᠠᠷᠢᠶ᠎ᠠ ᠪᠠᠭ᠎ᠠ ᠪᠠᠯᠴᠢᠷ ᠲᠡᠮᠦᠵᠢᠨ ᠦ᠌ ᠲᠠᠷᠢᠬᠢᠨ ᠳ᠋ᠤ᠌ ᠭᠦᠨᠵᠡᠭᠡᠢ ᠰᠠᠭᠤᠭᠳᠠᠯ ᠣᠯᠭᠤᠵᠠᠢ᠃ ᠬᠠᠷᠢᠨ ᠪᠣᠳᠣᠭᠠᠳ ᠦᠵᠡᠬᠦ ᠳ᠋ᠦ᠍ ᠡᠢᠮᠦᠷᠬᠦ ᠡᠭᠦᠳᠦᠨ ᠪᠦᠲᠦᠭᠡᠯ ᠨᠢ ᠲᠡᠭᠦᠨ ᠦ᠌ ᠡᠴᠢᠭᠡ ᠪᠣᠯᠤᠨ ᠲᠠᠢ ᠰᠡᠴᠡᠨ ᠦ᠌ ᠠᠳᠠᠯᠢ᠂ ᠴᠡᠷᠢᠭ ᠲᠡᠢ ᠪᠠᠢᠯᠳᠤᠬᠤ ᠠ᠋ᠴᠠ ᠠᠶᠤᠭᠠᠳ᠂ ᠪᠠᠢᠯᠳᠤᠬᠤ ᠵᠣᠷᠢᠭ ᠦᠭᠡᠢ ᠬᠥᠮᠦᠰ ᠦ᠋ᠨ ᠨᠠᠢᠷᠠᠭᠤᠯᠤᠨ ᠵᠣᠬᠢᠶᠠᠭᠰᠠᠨ ᠠᠷᠭ᠎ᠠ ᠮᠡᠬᠡ ᠪᠢᠰᠢ ᠭᠡᠵᠢ ᠤᠤ᠃ ᠬᠡᠷᠪᠡ ᠡᠨᠳᠡᠬᠢ ᠬᠥᠮᠦᠰ ᠪᠦᠷ ᠴᠡᠷᠢᠭ ᠪᠠᠢᠯᠳᠤᠭᠴᠢ ᠪᠣᠯᠳᠠᠭ ᠪᠣᠯ ᠶᠠᠮᠠᠷ ᠪᠠᠢᠳᠠᠯ ᠲᠠᠢ ᠪᠣᠯᠬᠤ ᠪᠣᠯ? ᠪᠠᠷᠤᠭ ᠡᠨᠡ ᠦᠶ᠎ᠡ ᠳ᠋ᠦ᠍ ᠲᠡᠭᠦᠨ ᠦ᠌ ᠲᠠᠷᠢᠬᠢᠨ ᠳ᠋ᠤ᠌ ᠨᠢᠭᠡᠨᠲᠡ ᠪᠣᠳᠣᠯᠭ᠎ᠠ ᠲᠠᠢ ᠪᠣᠯᠵᠠᠢ᠃ ᠬᠡᠷᠪᠡ ᠡᠨᠡ ᠶᠢᠷᠲᠢᠨᠴᠦ ᠳ᠋ᠦ᠍ ᠪᠦᠬᠦ ᠤᠯᠤᠰ ᠤ᠋ᠨ ᠠᠷᠠᠳ ᠢᠷᠭᠡᠳ ᠨᠢ ᠪᠦᠬᠦᠨ ᠢ᠋ᠶ᠋ᠡᠷ ᠴᠡᠷᠢᠭ ᠪᠠᠢᠯᠳᠤᠭᠴᠢ ᠪᠣᠯᠤᠨ ᠪᠦᠷᠢᠯᠳᠦᠭᠰᠡᠨ ᠤᠯᠤᠰ ᠭᠠᠷᠪᠠᠯ᠂ ᠳᠠᠷᠤᠢ ᠲᠡᠷᠡ ᠮᠡᠲᠦ ᠬᠣᠲᠠ ᠳ᠋ᠤ᠌ ᠠᠮᠢᠳᠤᠷᠠᠭᠰᠠᠨ ᠳᠣᠷᠣᠢ ᠪᠠᠭᠤᠷᠠᠢ ᠬᠥᠮᠦᠰ ᠢ᠋ᠶ᠋ᠡᠷ ᠪᠦᠷᠢᠯᠳᠦᠭᠰᠡᠨ ᠤᠯᠤᠰ ᠪᠦᠬᠦᠨ ᠢ᠋ ᠡᠪᠳᠡᠭᠡᠳ ᠲᠡᠳᠡᠨᠦᠰ ᠦ᠋ᠨ ᠠᠯᠢᠪᠠ ᠡᠳ᠋ ᠡᠷᠳᠡᠨᠢᠰ ᠢ᠋ ᠪᠤᠯᠢᠶᠠᠨ ᠠᠪᠴᠤ ᠴᠢᠳᠠᠬᠤ ᠪᠢᠰᠢ ᠤᠤ ᠭᠡᠰᠡᠨ ᠪᠣᠳᠣᠯᠭ᠎ᠠ ᠲᠡᠭᠦᠨ ᠦ᠌ ᠲᠠᠷᠢᠬᠢᠨ ᠳ᠋ᠤ᠌ ᠰᠣᠶᠣᠭᠠᠯᠠᠯᠠ᠃
ᠲᠡᠷᠡᠴᠢᠯᠡᠨ ᠶᠠᠭᠠᠬᠢᠭᠠᠳ ᠴᠡᠷᠢᠭ ᠪᠠᠢᠯᠳᠤᠭᠴᠢ ᠪᠠᠷ ᠪᠦᠷᠢᠯᠳᠦᠭᠰᠡᠨ ᠬᠠᠭᠠᠨᠲᠤ ᠤᠯᠤᠰ ᠪᠠᠢᠳᠠᠭ ᠦᠭᠡᠢ ᠪᠥᠭᠡᠳ ᠲᠡᠭᠦᠨ ᠢ᠋ ᠵᠠᠬᠢᠷᠴᠤ ᠴᠢᠳᠠᠬᠤ ᠬᠠᠭᠠᠨ ᠪᠠᠢᠵᠤ ᠪᠣᠯᠬᠤ ᠦᠭᠡᠢ ᠶᠦᠮ ᠪᠣᠢ? ᠲᠡᠭᠦᠨ ᠦ᠌ ᠡᠴᠢᠭᠡ ᠶᠢᠰᠦᠭᠡᠢ ᠪᠠᠭᠠᠲᠤᠷ ᠪᠣᠯ ᠪᠦᠬᠦ ᠮᠣᠩᠭᠣᠯ ᠬᠥᠮᠦᠨ ᠢ᠋ ᠲᠡᠭᠦᠨ ᠦ᠌ ᠲᠤᠭ ᠤ᠋ᠨ ᠳᠣᠣᠷ᠎ᠠ ᠪᠠᠨ ᠴᠤᠭᠯᠠᠭᠤᠯᠵᠤ ᠴᠢᠳᠠᠬᠤ ᠪᠥᠭᠡᠳ ᠲᠡᠢ ᠰᠡᠴᠡᠨ ᠴᠤ᠌ ᠪᠠᠰᠠ ᠠᠳᠠᠯᠢ ᠪᠠᠷ ᠪᠦᠬᠦ ᠬᠣᠩᠭᠢᠷᠠᠳ ᠤ᠋ᠨ ᠬᠥᠮᠦᠨ ᠢ᠋ᠶ᠋ᠡᠨ ᠴᠤᠭᠯᠠᠭᠤᠯᠵᠤ ᠴᠢᠳᠠᠬᠤ ᠲᠡᠢᠮᠦ ᠴᠠᠭ ᠬᠦᠷᠦᠭᠰᠡᠨ ᠬᠣᠢᠨ᠎ᠠ᠂ ᠲᠡᠮᠦᠵᠢᠨ ᠪᠢ ᠡᠨᠡ ᠬᠣᠶᠠᠷ ᠬᠥᠮᠦᠨ ᠦ᠌ ᠥᠮᠴᠢ ᠬᠥᠷᠥᠩᠭᠡ ᠠᠵᠢᠯ ᠦᠢᠯᠡᠰ ᠢ᠋ ᠵᠠᠯᠭᠠᠮᠵᠢᠯᠠᠳᠠᠭ ᠬᠥᠮᠦᠨ ᠪᠣᠯᠬᠤ ᠶᠣᠰᠣᠲᠠᠢ ᠭᠡᠵᠦ ᠪᠣᠳᠣᠵᠠᠢ᠃ ᠡᠨᠡ ᠮᠡᠲᠦ ᠶ᠋ᠢᠨ ᠪᠣᠳᠣᠯᠭ᠎ᠠ ᠪᠠᠨ ᠲᠡᠷᠡ ᠬᠡᠨ ᠳ᠋ᠦ᠍ ᠴᠦ᠍ ᠢᠯᠡᠷᠡᠭᠦᠯᠦᠭᠰᠡᠨ ᠦᠭᠡᠢ ᠪᠢᠯᠡ᠃ ᠬᠠᠷᠢᠨ ᠦᠭᠡ ᠳᠠᠭᠤᠨ ᠦᠭᠡᠢ ᠪᠠᠢᠬᠤ ᠨᠢ ᠳᠡᠭᠡᠳᠦ ᠪᠣᠯᠬᠤ ᠶ᠋ᠢ ᠲᠡᠷᠡ ᠰᠤᠷᠴᠢᠬᠠᠭᠠᠳ ᠪᠠᠢᠵᠠᠢ᠃ ᠣᠯᠠᠨ ᠤ᠋ ᠪᠠᠬᠠᠷᠠᠨ ᠬᠠᠷᠠᠵᠤ ᠪᠠᠢᠭᠰᠠᠨ ᠮᠡᠲᠦ ᠪᠡᠷ ᠲᠡᠷᠡ ᠶᠠᠭᠤᠮ᠎ᠠ ᠪᠣᠳᠣᠬᠤ ᠳᠤᠷᠠᠲᠠᠢ ᠪᠥᠭᠡᠳ ᠬᠡᠷᠡᠭ ᠪᠦᠬᠦᠨ ᠢ᠋ ᠮᠠᠰᠢ ᠠᠩᠬᠠᠷᠳᠠᠭ ᠪᠠᠢᠯ᠎ᠠ᠃ ᠨᠠᠮ ᠵᠢᠮ ᠦᠭᠡ ᠳᠠᠭᠤᠨ ᠦᠭᠡᠢ ᠠᠮᠢᠳᠤᠷᠠᠵᠤ ᠪᠠᠢᠭᠠᠳ᠂ ᠠᠷᠪᠠᠨ ᠳᠥᠷᠪᠡᠨ ᠨᠠᠰᠤ ᠬᠦᠷᠴᠦ ᠤᠷᠤᠭ ᠪᠠᠷᠢᠯᠳᠤᠬᠤ ᠪᠠᠨ ᠬᠦᠯᠢᠶᠡᠵᠦ ᠪᠠᠢᠯ᠎ᠠ (《ᠬᠥᠮᠦᠨ ᠪᠣᠯᠬᠤ ᠪᠠᠭ᠎ᠠ ᠠ᠋ᠴᠠ ᠬᠦᠯᠦᠭ ᠪᠣᠯᠬᠤ ᠤᠨᠠᠭᠠᠨ ᠠ᠋ᠴᠠ》 ᠭᠡᠳᠡᠭ ᠮᠣᠩᠭᠣᠯ ᠦᠨᠳᠦᠰᠦᠲᠡᠨ ᠦ᠌ ᠰᠡᠴᠡᠨ ᠦᠭᠡ ᠪᠠᠢᠳᠠᠭ᠃ ᠲᠡᠮᠦᠵᠢᠨ ᠰᠠᠶᠢ ᠶᠢᠰᠦᠨ ᠨᠠᠰᠤᠲᠠᠢ ᠪᠠᠭ᠎ᠠ ᠪᠠᠯᠴᠢᠷ ᠦᠶ᠎ᠡ ᠡᠴᠡ ᠪᠡᠨ ᠵᠣᠷᠢᠯᠲᠠ ᠶᠡᠬᠡ᠂ ᠪᠣᠳᠣᠯᠭ᠎ᠠ ᠰᠡᠷᠭᠡᠢ᠂ ᠶᠠᠭᠤᠮ᠎ᠠ ᠪᠦᠬᠦᠨ ᠢ᠋ ᠨᠠᠷᠢᠨ ᠨᠢᠮᠪᠠᠢ ᠠᠩᠬᠠᠷᠬᠤ ᠶ᠋ᠢ ᠰᠤᠷᠤᠭᠰᠠᠨ ᠪᠠᠢᠨ᠎ᠠ᠃ ᠲᠡᠭᠦᠨ ᠦ᠌ ᠪᠣᠳᠣᠵᠤ ᠰᠠᠨᠠᠭᠰᠠᠨ ᠬᠡᠷᠡᠭ ᠶᠠᠪᠤᠳᠠᠯ ᠢ᠋ ᠪᠢᠲᠡᠭᠡᠢ ᠨᠢᠯᠬᠠᠰᠠᠭ ᠢᠨᠢᠶᠡᠳᠦᠮ ᠲᠡᠢ ᠭᠡᠵᠦ ᠡᠯᠡᠭᠯᠡᠭᠡᠷᠡᠢ! ᠪᠠᠭ᠎ᠠ ᠠ᠋ᠴᠠ ᠪᠠᠨ ᠢᠩᠭᠢᠵᠦ ᠪᠣᠳᠣᠭᠰᠠᠨ ᠠ᠋ᠴᠠ ᠪᠣᠯᠵᠤ᠂ ᠵᠠᠯᠠᠭᠤ ᠴᠠᠭ ᠲᠠᠭᠠᠨ ᠡᠯᠳᠡᠪ ᠵᠦᠢᠯ ᠦ᠋ᠨ ᠭᠠᠢ ᠵᠣᠪᠠᠯᠠᠩ ᠢ᠋ ᠠᠮᠰᠠᠭᠰᠠᠨ ᠪᠣᠯᠪᠠᠴᠤ᠂ ᠡᠴᠦᠰ ᠲᠡᠭᠡᠨ ᠮᠣᠷᠢᠲᠤ ᠴᠡᠷᠢᠭ ᠢ᠋ᠶ᠋ᠡᠷ ᠪᠦᠷᠢᠯᠳᠦᠭᠰᠡᠨ ᠬᠠᠮᠤᠭ ᠤ᠋ᠨ ᠬᠦᠴᠦᠷᠬᠡᠭ ᠬᠠᠭᠠᠨᠲᠤ ᠤᠯᠤᠰ ᠢ᠋ ᠪᠠᠢᠭᠤᠯᠵᠤ ᠴᠢᠳᠠᠭᠰᠠᠨ ᠪᠢᠰᠢ ᠤᠤ?— ᠮᠣᠩᠭᠣᠯᠴᠢᠯᠠᠭᠴᠢ ᠠ᠋ᠴᠠ)᠃
ᠲᠡᠮᠦᠵᠢᠨ᠂ ᠬᠣᠩᠭᠢᠷᠠᠳ ᠠᠢᠮᠠᠭ ᠲᠤ ᠴᠣᠬᠣᠮ ᠬᠡᠳᠦᠢ ᠤᠳᠠᠭᠠᠨ ᠰᠠᠭᠤᠭᠰᠠᠨ ᠨᠢ ᠲᠣᠳᠣᠷᠬᠠᠢ ᠦᠭᠡᠢ᠂ ᠣᠯᠠᠩᠬᠢ ᠲᠡᠦᠬᠡᠴᠢᠨ ᠶᠢᠰᠦᠭᠡᠢ ᠪᠠᠭᠠᠲᠤᠷ ᠢ᠋ ᠡᠨᠡ ᠤᠳᠠᠭ᠎ᠠ ᠶ᠋ᠢᠨ ᠠᠶᠠᠨ ᠠ᠋ᠴᠠ ᠪᠤᠴᠠᠬᠤ ᠵᠠᠮ ᠳ᠋ᠠᠭᠠᠨ ᠲᠠᠲ᠋ᠠᠷ ᠲᠤ ᠬᠣᠣᠷᠯᠠᠭᠳᠠᠵᠤ ᠦᠬᠦᠯ᠎ᠡ ᠭᠡᠵᠦ ᠨᠤᠲᠠᠯᠠᠵᠤ ᠪᠠᠢᠬᠤ ᠪᠣᠯᠪᠠᠴᠤ᠂ ᠡᠭᠦᠨ ᠦ᠌ ᠡᠰᠡᠷᠭᠦ ᠪᠡᠷ ᠶᠢᠰᠦᠭᠡᠢ ᠪᠠᠭᠠᠲᠤᠷ ᠤ᠋ᠨ ᠦᠬᠦᠬᠦ ᠦᠶ᠎ᠡ ᠳ᠋ᠦ᠍ ᠲᠡᠮᠦᠵᠢᠨ ᠨᠢᠭᠡᠨᠲᠡ ᠠᠷᠪᠠᠨ ᠭᠤᠷᠪᠠᠨ ᠨᠠᠰᠤᠲᠠᠢ ᠪᠣᠯᠤᠭᠰᠠᠨ ᠨᠢ ᠦᠨᠡᠨ ᠭᠡᠵᠦ ᠬᠡᠯᠡᠳᠡᠭ ᠶᠦᠮ ᠪᠠᠢᠨ᠎ᠠ᠃ ᠪᠠᠰᠠ ᠨᠢᠭᠡ ᠤᠯᠠᠮᠵᠢᠯᠠᠯ ᠶᠠᠷᠢᠶ᠎ᠠ ᠳ᠋ᠤ᠌ ᠡᠨᠡ ᠪᠠᠭ᠎ᠠ ᠪᠠᠯᠴᠢᠷ ᠬᠥᠪᠡᠭᠦᠨ ᠬᠡᠳᠦᠨ ᠵᠢᠯ ᠠᠯᠲᠠᠨ ᠬᠠᠭᠠᠨᠲᠤ ᠤᠯᠤᠰ ᠲᠤ ᠰᠠᠭᠤᠭᠰᠠᠨ ᠪᠠᠢᠵᠤ ᠭᠡᠨ᠎ᠡ᠃ ᠭᠡᠪᠡᠴᠦ ᠮᠣᠩᠭᠣᠯᠴᠤᠳ ᠤ᠋ᠨ ᠬᠡᠯᠡᠬᠦ ᠪᠡᠷ ᠪᠣᠯ ᠬᠣᠩᠭᠢᠷᠠᠳ ᠶᠠᠰᠤᠲᠠᠨ ᠪᠣᠯ ᠠᠯᠲᠠᠨ ᠤᠯᠤᠰ ᠠ᠋ᠴᠠ ᠣᠢᠷ᠎ᠠ ᠪᠠᠢᠵᠤ᠂ ᠮᠣᠩᠭᠣᠯ ᠪᠣᠯ ᠠᠯᠲᠠᠨ ᠤᠯᠤᠰ ᠠ᠋ᠴᠠ ᠨᠡᠯᠢᠶᠡᠳ ᠬᠣᠯᠠ ᠭᠠᠵᠠᠷ ᠠᠯᠤᠰᠯᠠᠭᠳᠠᠵᠤ ᠪᠠᠢᠭᠰᠠᠨ ᠶᠤᠮ ᠭᠡᠳᠡᠭ᠃ ᠬᠡᠷᠪᠡ ᠪᠠᠭ᠎ᠠ ᠪᠠᠯᠴᠢᠷ ᠲᠡᠮᠦᠵᠢᠨ᠂ ᠲᠡᠢ ᠰᠡᠴᠡᠨ ᠦ᠌ ᠳᠡᠷᠭᠡᠳᠡ ᠣᠬᠣᠷ ᠬᠤᠭᠤᠴᠠᠭ᠎ᠠ ᠲᠡᠳᠦᠢ ᠰᠠᠭᠤᠭᠰᠠᠨ ᠶᠤᠮ ᠪᠣᠯ ᠲᠠᠢ ᠰᠡᠴᠡᠨ ᠶᠠᠭᠠᠬᠢᠭᠠᠳ ᠲᠡᠮᠦᠵᠢᠨ ᠢ᠋ ᠲᠡᠷᠡ ᠮᠡᠲᠦ ᠬᠠᠢᠷᠠᠯᠠᠨ ᠰᠠᠨᠠᠬᠤ ᠪᠣᠯᠤᠭᠰᠠᠨ ᠪᠣᠢ? ᠪᠥᠷᠲᠡ ᠬᠡᠦᠬᠡᠨ ᠤᠷᠤᠭ ᠲᠣᠭᠲᠠᠭᠠᠳ ᠪᠤᠴᠠᠭᠰᠠᠨ ᠲᠡᠮᠦᠵᠢᠨ ᠢ᠋ ᠳᠥᠷᠪᠡᠨ ᠵᠢᠯ ᠬᠦᠯᠢᠶᠡᠯ᠎ᠡ ᠭᠡᠰᠡᠨ ᠢ᠋ ᠣᠢᠯᠠᠭᠠᠬᠤ ᠳ᠋ᠤ᠌ ᠪᠡᠷᠬᠡ ᠪᠣᠯᠬᠤ ᠪᠢᠰᠢ ᠤᠤ? ᠡᠳᠡᠭᠡᠷ ᠶᠠᠷᠢᠶ᠎ᠠ ᠨᠤᠭᠤᠳ ᠢ᠋ ᠬᠤᠷᠢᠶᠠᠩᠭᠤᠢᠯᠠᠨ ᠨᠢᠭᠲᠠᠯᠠᠵᠤ ᠦᠵᠡᠪᠡᠯ᠂ ᠲᠡᠮᠦᠵᠢᠨ ᠲᠡᠢ ᠰᠡᠴᠡᠨ ᠦ᠌ ᠳᠡᠷᠭᠡᠳᠡ ᠭᠤᠷᠪᠠᠨ ᠵᠢᠯ ᠡᠴᠡ ᠳᠡᠭᠡᠭᠰᠢ ᠪᠠᠢᠵᠤ ᠴᠢᠳᠠᠭᠰᠠᠨ ᠨᠢ ᠯᠠᠪᠲᠠᠢ ᠶᠤᠮ᠃ ᠲᠡᠷᠡ ᠴᠠᠭ ᠲᠤ ᠶᠢᠰᠦᠭᠡᠢ ᠪᠠᠭᠠᠲᠤᠷ ᠤ᠋ᠨ ᠨᠠᠢᠵᠠ ᠮᠡᠩᠯᠢᠭ ᠬᠤᠷᠳᠤᠨ ᠳᠠᠪᠬᠢᠭᠤᠯᠵᠤ ᠢᠷᠡᠭᠡᠳ ᠶᠢᠰᠦᠭᠡᠢ ᠪᠠᠭᠠᠲᠤᠷ ᠬᠥᠪᠡᠭᠦᠨ ᠲᠡᠮᠦᠵᠢᠨ ᠲᠡᠢ ᠪᠡᠨ ᠠᠭᠤᠯᠵᠠᠶ᠎ᠠ ᠭᠡᠵᠦ ᠨᠢᠭᠡᠨ ᠡᠳᠦᠷ ᠨᠢ ᠮᠢᠩᠭᠠᠨ ᠨᠠᠮᠤᠷ ᠮᠡᠲᠦ ᠤᠳᠠᠭᠠᠨ ᠰᠠᠨᠠᠭᠳᠠᠵᠤ ᠪᠠᠢᠬᠤ ᠪᠣᠯᠬᠣᠷ᠂ ᠳᠠᠷᠤᠢ ᠲᠦᠷᠭᠡᠨ ᠤᠨᠤᠨ ᠮᠥᠷᠡᠨ ᠦ᠌ ᠬᠥᠪᠡᠭᠦᠨ ᠳ᠋ᠡᠬᠢ ᠨᠤᠲᠤᠭ ᠲᠠᠭᠠᠨ ᠬᠠᠮᠲᠤᠪᠠᠷ ᠪᠤᠴᠠᠬᠤ ᠦᠭᠡᠢ ᠪᠣᠯ ᠪᠣᠯᠬᠤ ᠦᠭᠡᠢ ᠭᠡᠵᠦ ᠬᠡᠯᠡᠵᠦ ᠥᠭᠭᠦᠭᠰᠡᠨ ᠪᠠᠢᠨ᠎ᠠ᠃ ᠲᠠᠢ ᠰᠡᠴᠡᠨ ᠡᠨᠡ ᠴᠢᠮᠡᠭᠡ ᠶ᠋ᠢ ᠰᠣᠨᠣᠰᠤᠭᠠᠳ ᠰᠣᠴᠢᠭᠰᠠᠨ ᠪᠥᠭᠡᠳ ᠤᠷᠮ᠎ᠠ ᠮᠠᠭᠤᠲᠠᠢᠬᠠᠨ ᠰᠠᠨᠠᠭᠳᠠᠯ᠎ᠠ᠂ ᠡᠢᠮᠦᠷᠬᠦ ᠵᠠᠷᠯᠢᠭ ᠰᠢᠭ᠋ ᠮᠡᠳᠡᠭᠡ ᠬᠦᠷᠭᠡᠬᠦ ᠨᠢ ᠶᠣᠰᠣ ᠳᠠᠳᠬᠠᠯ ᠳ᠋ᠤ᠌ ᠵᠣᠬᠢᠴᠠᠬᠤ ᠦᠭᠡᠢ ᠪᠣᠯᠪᠠᠴᠤ ᠲᠡᠷᠡ ᠲᠡᠮᠦᠵᠢᠨ ᠢ᠋ ᠬᠡᠲᠦᠷᠬᠡᠢ ᠬᠠᠢᠷᠠᠯᠠᠨ ᠰᠠᠨᠠᠭᠰᠠᠨ ᠤᠴᠢᠷ ᠠ᠋ᠴᠠ《ᠬᠤᠷᠳᠤᠨ ᠬᠠᠷᠢᠵᠤ ᠢᠷ᠎ᠡ》 ᠭᠡᠵᠦ ᠳᠠᠭᠤᠳᠠᠭᠤᠯᠤᠭᠰᠠᠨ ᠳ᠋ᠤᠨᠢ ᠲᠡᠭᠦᠨ ᠦ᠌ ᠮᠣᠷᠳᠠᠬᠤ ᠶ᠋ᠢ ᠵᠥᠪᠰᠢᠶᠡᠷᠡᠵᠡᠢ᠃
ᠥᠷᠭᠡᠨ ᠲᠠᠯ᠎ᠠ ᠳ᠋ᠤ᠌ ᠳᠠᠪᠬᠢᠬᠤ ᠮᠣᠷᠢᠨ ᠤ᠋ ᠭᠦᠶᠦᠳᠡᠯ ᠲᠦᠷᠭᠡᠨ ᠪᠣᠯᠪᠠᠴᠤ᠂ ᠴᠢᠬᠤᠯᠠ ᠶᠡᠬᠡ ᠰᠤᠷᠠᠭ ᠴᠢᠮᠡᠭᠡ ᠥᠷᠭᠡᠨ ᠲᠠᠯ᠎ᠠ ᠳ᠋ᠤ᠌ ᠤᠯᠠᠮᠵᠢᠯᠠᠭᠳᠠᠬᠤ ᠨᠢ ᠲᠡᠭᠦᠨ ᠡᠴᠡ ᠪᠠᠰᠠ ᠲᠦᠷᠭᠡᠨ ᠶᠦᠮ᠃ ᠡᠢᠮᠦ ᠡᠴᠡ ᠥᠷᠭᠡᠨ ᠠᠭᠤᠳᠠᠮ ᠲᠠᠯ᠎ᠠ ᠨᠤᠲᠤᠭ ᠤ᠋ᠨ ᠦᠨᠳᠦᠰᠦᠲᠡᠨ᠂ ᠶᠠᠰᠤᠲᠠᠨ ᠨᠤᠭᠤᠳ ᠶᠢᠰᠦᠭᠡᠢ ᠪᠠᠭᠠᠲᠤᠷ ᠢ᠋ ᠦᠬᠦᠬᠦ ᠭᠡᠵᠦ ᠪᠠᠢᠨ᠎ᠠ ᠭᠡᠰᠡᠨ ᠴᠢᠮᠡᠭᠡ ᠶ᠋ᠢ ᠴᠦ᠍ ᠣᠯᠵᠤ ᠮᠡᠳᠡᠵᠡᠭᠡᠪᠡ᠃ ᠶᠢᠰᠦᠭᠡᠢ ᠶ᠋ᠢᠨ ᠠᠶᠠᠨ ᠵᠠᠮ ᠨᠢ ᠲᠠᠲ᠋ᠠᠷ ᠠᠢᠮᠠᠭ ᠤ᠋ᠨ ᠨᠤᠲᠤᠭ ᠢ᠋ᠶ᠋ᠠᠷ ᠲᠤᠭᠤᠯᠵᠤ ᠭᠠᠷᠬᠤ ᠬᠡᠷᠡᠭᠲᠡᠢ ᠪᠠᠢᠯ᠎ᠠ᠃ ᠲᠡᠷᠡ ᠲᠡᠳᠡᠨ ᠦ᠌ ᠶᠠᠮᠠᠷ ᠨᠢᠭᠡᠨ ᠨᠠᠢᠷ ᠬᠤᠷᠢᠮ ᠳ᠋ᠤ᠌ ᠲᠣᠬᠢᠶᠠᠯᠳᠤᠭᠠᠳ ᠣᠯᠠᠨ ᠠᠢᠮᠠᠭ᠂ ᠶᠠᠰᠤᠲᠠᠨ ᠤ᠋ ᠬᠥᠮᠦᠰ ᠲᠡᠢ ᠨᠢ ᠠᠭᠤᠯᠵᠠᠵᠠᠢ᠃ ᠮᠣᠩᠭᠣᠯ ᠭᠠᠵᠠᠷ ᠤ᠋ᠨ ᠳᠠᠳᠬᠠᠯ ᠢ᠋ᠶ᠋ᠠᠷ ᠠᠶᠠᠨ ᠤ᠋ ᠬᠥᠮᠦᠨ ᠡᠨᠡ ᠦᠶ᠎ᠡ ᠳ᠋ᠦ᠍ ᠡᠵᠡᠨ ᠦ᠌ ᠳᠠᠢᠯᠠᠯᠭ᠎ᠠ ᠶ᠋ᠢ ᠡᠰᠡ ᠬᠦᠯᠢᠶᠡᠪᠡᠯ ᠳᠠᠷᠤᠢ ᠡᠵᠡᠨ ᠪᠣᠯᠤᠨ ᠡᠵᠡᠨ ᠦ᠌ ᠵᠣᠴᠢᠨ ᠪᠦᠬᠦᠨ ᠢ᠋ ᠳᠣᠷᠣᠮᠵᠢᠯᠠᠭᠰᠠᠨ ᠬᠡᠷᠡᠭ ᠪᠣᠯᠵᠤ ᠥᠰᠢᠶ᠎ᠡ ᠬᠣᠷᠣᠰᠤᠯ ᠲᠠᠢ ᠪᠣᠯᠤᠨ᠎ᠠ᠃ ᠶᠢᠰᠦᠭᠡᠢ ᠪᠣᠯᠤᠨ ᠳᠠᠭᠠᠭᠰᠠᠳ ᠨᠢ ᠭᠣᠣᠯ ᠰᠢᠷᠡᠭᠡᠨ ᠳ᠋ᠦ᠍ ᠤᠷᠢᠭᠳᠠᠨ ᠰᠠᠭᠤᠵᠤ᠂ ᠬᠠᠮᠤᠭ ᠤ᠋ᠨ ᠰᠠᠢᠨ ᠰᠢᠭᠦᠰᠦ ᠪᠡᠷ ᠳᠠᠢᠯᠠᠭᠳᠠᠪᠠ᠃ ᠶᠢᠰᠦᠭᠡᠢ ᠬᠠᠷᠢᠨ ᠡᠵᠡᠨ ᠨᠢ ᠡᠰᠡ ᠬᠦᠷᠦᠭᠰᠡᠨ ᠮᠢᠬ᠎ᠠ ᠠᠷᠢᠬᠢ ᠶ᠋ᠢ ᠢᠳᠡᠵᠦ ᠤᠤᠭᠤᠵᠤ ᠪᠣᠯᠬᠤ ᠦᠭᠡᠢ ᠭᠡᠰᠡᠨ ᠴᠡᠭᠡᠷᠯᠡᠯ ᠢ᠋ ᠤᠮᠠᠷᠲᠠᠵᠠᠢ᠃ ᠬᠠᠷᠢᠨ ᠲᠠᠲ᠋ᠠᠷᠴᠤᠳ ᠠᠷᠪᠠᠨ ᠭᠤᠷᠪᠠᠨ ᠵᠢᠯ ᠦ᠋ᠨ ᠤᠷᠢᠳ ᠶᠢᠰᠦᠭᠡᠢ ᠳ᠋ᠦ᠍ ᠳᠡᠢᠯᠦᠭᠳᠡᠭᠰᠡᠨ ᠥᠰᠢᠶ᠎ᠡ ᠪᠡᠨ ᠤᠮᠠᠷᠲᠠᠭ᠎ᠠ ᠦᠭᠡᠢ ᠠᠵᠢ᠃ ᠶᠢᠰᠦᠭᠡᠢ ᠲᠡᠨᠳᠡ ᠡᠴᠡ ᠮᠣᠷᠳᠠᠬᠤ ᠦᠶ᠎ᠡ ᠳ᠋ᠦ᠍ ᠪᠡᠶ᠎ᠡ ᠨᠢ ᠨᠢᠭᠡᠨᠲᠡᠶ᠎ᠡ ᠵᠢᠭᠲᠡᠢ ᠨᠠᠷᠢᠯᠢᠭ ᠨᠢᠭᠡᠨ ᠵᠦᠢᠯ ᠦ᠋ᠨ ᠬᠣᠣᠷ ᠲᠤ᠌ ᠠᠪᠲᠠᠭᠠᠳ ᠪᠠᠢᠵᠠᠢ᠃ ᠲᠡᠮᠦᠵᠢᠨ ᠡᠳᠦᠷ ᠰᠥᠨᠢ ᠢᠯᠭᠠᠯ ᠦᠭᠡᠢ ᠶᠠᠭᠠᠷᠠᠯᠲᠠᠢ ᠪᠠᠷ ᠳᠠᠪᠬᠢᠭᠠᠳ ᠡᠴᠢᠭᠡ ᠶ᠋ᠢᠨ ᠣᠷᠳᠣᠨ ᠳ᠋ᠤ᠌ ᠬᠦᠷᠬᠦ ᠦᠶ᠎ᠡ ᠳ᠋ᠦ᠍ ᠶᠡᠬᠡ ᠭᠡᠷ ᠲᠦ᠍ ᠲᠡᠮᠦᠵᠢᠨ ᠦ᠌ ᠡᠬᠡ ᠥᠭᠡᠯᠦᠨ ᠪᠣᠯᠤᠨ ᠡᠴᠢᠭᠡ ᠶ᠋ᠢᠨ ᠢ᠋ᠶ᠋ᠡᠨ ᠬᠣᠶᠠᠳᠤᠭᠠᠷ ᠬᠠᠲᠤᠨ ᠤ᠋ ᠤᠢᠯᠠᠬᠤ ᠳᠠᠭᠤᠨ ᠰᠣᠨᠣᠰᠳᠠᠭᠠᠳ᠂ ᠡᠴᠢᠭᠡ ᠨᠢ ᠨᠢᠭᠡᠨᠲᠡ ᠦᠬᠦᠭᠰᠡᠨ ᠪᠠᠢᠵᠠᠢ᠃
(ᠭᠤᠷᠪᠠ) ᠥᠨᠥᠴᠢᠷᠡᠭᠰᠡᠨ ᠦ᠌ ᠬᠣᠢᠨᠠᠬᠢ ᠠᠮᠰᠠᠭᠰᠠᠨ ᠭᠠᠰᠢᠭᠤᠨ ᠵᠣᠪᠠᠯᠠᠩ
ᠶᠢᠰᠦᠭᠡᠢ ᠪᠠᠭᠠᠲᠤᠷ ᠤ᠋ᠨ ᠡᠷᠬᠡ ᠰᠦᠷ ᠳᠣᠣᠷ᠎ᠠ ᠣᠯᠠᠨ ᠠᠢᠮᠠᠭ᠂ ᠶᠠᠰᠤᠲᠠᠨ ᠴᠤᠭᠯᠠᠷᠠᠵᠤ ᠪᠠᠢᠵᠠᠢ᠃ ᠭᠡᠲᠡᠯ᠎ᠡ ᠲᠡᠭᠦᠨ ᠦ᠌ ᠦᠬᠦᠭᠰᠡᠨ ᠬᠣᠢᠨ᠎ᠠ ᠡᠳᠡᠭᠡᠷ ᠠᠢᠮᠠᠭ ᠶᠠᠰᠤᠲᠠᠨ ᠨᠤᠭᠤᠳ ᠮᠥᠷ ᠤᠯᠠ ᠶ᠋ᠢ ᠨᠢ ᠳᠠᠭᠠᠨ᠎ᠠ ᠭᠡᠳ ᠨᠢᠭᠡᠨ ᠪᠠᠭ᠎ᠠ ᠪᠠᠯᠴᠢᠷ ᠬᠡᠦᠬᠡᠳ ᠲᠦ᠍ ᠵᠠᠬᠢᠷᠤᠭᠳᠠᠨ᠎ᠠ ᠤᠤ? ᠭᠡᠵᠦ ᠰᠢᠯᠲᠠᠭᠯᠠᠵᠤ ᠪᠠᠢᠪᠠ᠃ ᠲᠡᠳᠡᠨ ᠦ᠌ ᠳᠣᠲᠣᠷ᠎ᠠ ᠨᠡᠩ ᠰᠦᠷᠡᠬᠡᠢ ᠨᠢ ᠲᠠᠢᠴᠢᠭᠤᠳ ᠠᠢᠮᠠᠭ ᠪᠠᠢᠪᠠ᠃ ᠮᠠᠯ ᠠᠳᠤᠭᠤ ᠨᠢ ᠲᠤᠰᠠᠭᠠᠷ ᠮᠠᠯᠵᠢᠪᠠᠴᠤ ᠭᠦᠢᠴᠡᠬᠦ ᠬᠦᠴᠦ ᠬᠥᠷᠥᠩᠭᠡ ᠲᠡᠢ ᠪᠣᠯᠬᠣᠷ᠂ ᠲᠡᠳᠡᠨ ᠦ᠌ ᠲᠦᠷᠦᠭᠦᠦ ᠲᠠᠷᠭᠤᠲᠠᠢ ᠲᠤᠰ ᠠᠢᠮᠠᠭ ᠢ᠋ᠶ᠋ᠠᠨ ᠳᠠᠭᠠᠭᠤᠯᠤᠨ ᠬᠠᠮᠤᠭ ᠲᠡᠷᠢᠭᠦᠨ ᠳ᠋ᠦ᠍ ᠲᠡᠮᠦᠵᠢᠨ ᠡᠴᠡ ᠰᠠᠯᠤᠨ ᠨᠡᠭᠦᠵᠦ ᠣᠳᠪᠠ᠃ ᠦᠷᠭᠦᠯᠵᠢᠯᠡᠭᠡᠳ ᠪᠤᠰᠤᠳ ᠠᠢᠮᠠᠭ ᠶᠠᠰᠤᠲᠠᠨ ᠨᠤᠭᠤᠳ ᠴᠤ ᠡᠭᠦᠨ ᠢ᠋ ᠳᠠᠭᠤᠷᠢᠶᠠᠨ ᠰᠠᠯᠤᠨ ᠨᠡᠭᠦᠵᠡᠭᠡᠪᠡ᠃
ᠲᠡᠮᠦᠵᠢᠨ ᠦ᠌ ᠡᠬᠡ ᠥᠭᠡᠯᠦᠨ ᠦᠵᠢᠨ ᠥᠪᠡᠷ ᠦ᠋ᠨ ᠪᠡᠶ᠎ᠡ ᠪᠡᠷ ᠢ᠋ᠶ᠋ᠡᠨ ᠬᠠᠮᠤᠭ ᠳᠡᠭᠡᠳᠦ ᠵᠠᠬᠢᠷᠤᠯ ᠤ᠋ᠨ ᠪᠠᠢᠯᠳᠤᠭᠠᠨ ᠢ᠋ ᠤᠳᠤᠷᠢᠳᠬᠤ ᠲᠡᠮᠳᠡᠭ ᠪᠣᠯᠬᠤ ᠰᠦᠯᠳᠡ ᠲᠤᠭ (ᠳᠥᠷᠪᠡᠨ ᠪᠠᠭᠴᠠ ᠬᠠᠷ᠎ᠠ ᠮᠣᠷᠢᠨ ᠤ᠋ ᠰᠡᠭᠦᠯ ᠦ᠋ᠨ ᠤᠨᠵᠢᠯᠭ᠎ᠠ ᠲᠠᠢ ᠲᠤᠭ ᠤ᠋ᠨ ᠡᠰᠢᠨ ᠦ᠌ ᠦᠵᠦᠭᠦᠷ ᠲᠦ᠍ ᠰᠠᠷᠯᠤᠭ ᠤ᠋ᠨ ᠡᠪᠡᠷ ᠤᠭᠯᠠᠭᠰᠠᠨ ᠴᠡᠷᠢᠭ ᠦ᠋ᠨ ᠲᠤᠭ) ᠢ᠋ ᠥᠨᠳᠥᠷ ᠡᠷᠭᠦᠨ ᠮᠣᠷᠳᠠᠭᠠᠳ ᠳᠠᠭᠠᠭᠰᠠᠳ ᠢ᠋ᠶ᠋ᠠᠨ ᠳᠠᠭᠠᠭᠤᠯᠤᠨ ᠰᠠᠯᠤᠨ ᠪᠤᠲᠠᠷᠠᠵᠤ ᠶᠠᠪᠤᠬᠤ ᠬᠥᠮᠦᠰ ᠦ᠋ᠨ ᠬᠣᠢᠨ᠎ᠠ ᠠ᠋ᠴᠠ ᠨᠡᠬᠡᠵᠦ ᠬᠦᠷᠦᠭᠡᠳ ᠳᠠᠭᠤᠳᠠᠭᠰᠠᠨ ᠳ᠋ᠤ᠌ ᠲᠡᠳᠡᠨ ᠦ᠌ ᠥᠴᠢᠬᠦ ᠨᠢ᠄
《ᠴᠡᠭᠡᠯ ᠦ᠋ᠨ ᠤᠰᠤ ᠰᠢᠷᠭᠢᠪᠡ᠂ ᠴᠡᠭᠡᠨ ᠴᠢᠯᠠᠭᠤ ᠬᠠᠭᠠᠷᠠᠪᠠ᠃ ᠠᠪᠠᠭᠠᠢ ᠬᠡᠦᠬᠡᠳ ᠦ᠋ᠨ ᠮᠥᠷ ᠢ᠋ᠶ᠋ᠡᠷ ᠶᠠᠪᠤᠵᠤ ᠶᠠᠭᠤᠨ ᠦᠢᠯᠡᠳᠴᠦ ᠴᠢᠳᠠᠬᠤ ᠪᠣᠢ?》 ᠭᠡᠵᠡᠢ᠃ ᠡᠢᠮᠦ ᠦᠭᠡ ᠨᠢ ᠬᠠᠷᠢᠨ ᠨᠥᠯᠥᠭᠡ ᠪᠣᠯᠤᠭᠠᠳ᠂ ᠲᠦᠳᠡᠭᠡᠯᠵᠡᠭᠡᠳ ᠵᠣᠷᠢᠭ ᠰᠢᠭᠤᠳᠤᠭᠰᠠᠨ ᠦᠭᠡᠢ ᠬᠥᠮᠦᠰ ᠲᠦ᠍ ᠰᠡᠵᠢᠭ ᠲᠥᠷᠥᠭᠦᠯᠵᠦ᠂ ᠵᠠ! ᠲᠡᠢᠮᠦ ᠪᠣᠯᠬᠤ ᠦᠭᠡᠢ ᠶᠠᠭᠠᠬᠢᠬᠤᠪ᠃ ᠡᠮᠡᠭᠲᠡᠢ ᠬᠥᠮᠦᠨ ᠡᠢᠮᠦ ᠣᠯᠠᠨ ᠡᠷᠡᠭᠲᠡᠢᠴᠦᠳ ᠢ᠋ ᠬᠡᠷᠬᠢᠨ ᠵᠠᠬᠢᠷᠴᠤ ᠴᠢᠳᠠᠬᠤ ᠪᠣᠢ? ᠭᠡᠵᠦ ᠪᠣᠳᠣᠵᠠᠭᠠᠭᠠᠳ᠂ ᠡᠯ᠎ᠡ ᠠᠢᠮᠠᠭ ᠶᠠᠰᠤᠲᠠᠨ ᠨᠤᠭᠤᠳ ᠬᠣᠢᠨ᠎ᠠ ᠬᠣᠢᠨ᠎ᠠ ᠠ᠋ᠴᠠ ᠪᠠᠨ ᠪᠡᠯᠪᠡᠰᠦᠨ ᠥᠭᠡᠯᠦᠨ ᠦᠵᠢᠨ ᠢ᠋ ᠪᠢᠴᠢᠬᠠᠨ ᠬᠥᠪᠡᠭᠦᠳ ᠦ᠋ᠨ ᠬᠠᠮᠲᠤ ᠨᠤᠲᠤᠭ ᠲᠤ ᠭᠡᠭᠡᠵᠦ ᠨᠡᠭᠦᠵᠦ ᠣᠳᠯᠠ᠃ ᠬᠡᠯᠡᠯᠭᠡᠨ ᠦᠭᠡᠢ ᠬᠠᠮᠤᠭ ᠤ᠋ᠨ ᠳᠡᠭᠡᠳᠦ ᠲᠦᠷᠦᠭᠦᠦ ᠳ᠋ᠦ᠍ ᠬᠠᠷᠢᠶᠠᠯᠠᠭᠳᠠᠬᠤ ᠠᠳᠤᠭᠤ ᠮᠠᠯ᠂ ᠬᠣᠨᠢ ᠢᠮᠠᠭ᠎ᠠ ᠶ᠋ᠢ ᠴᠤ ᠪᠦᠷ ᠲᠠᠭᠤᠭᠠᠳ ᠶᠠᠪᠤᠵᠠᠭᠠᠯ᠎ᠠ᠃ ᠶᠢᠰᠦᠭᠡᠢ ᠪᠠᠭᠠᠲᠤᠷ ᠦᠬᠦᠬᠦ ᠳ᠋ᠡᠭᠡᠨ ᠥᠨᠥᠴᠢᠨ ᠬᠣᠴᠣᠷᠤᠭᠰᠠᠨ ᠳᠡᠭᠦᠦ ᠳ᠋ᠡᠭᠡᠨ ᠪᠡᠯᠪᠡᠰᠦᠨ ᠪᠡᠷᠭᠡᠨ ᠢ᠋ᠶ᠋ᠡᠨ ᠠᠰᠠᠷᠠᠬᠤ ᠶ᠋ᠢ ᠴᠢ ᠮᠡᠳᠡ ᠭᠡᠵᠦ ᠨᠠᠢᠳᠠᠭᠰᠠᠨ ᠮᠢᠩᠯᠢᠭ ᠴᠤ ᠬᠡᠦᠬᠡᠳ ᠨᠠᠷ ᠲᠠᠢ ᠪᠠᠨ ᠬᠠᠮᠲᠤ ᠨᠡᠭᠦᠭᠡᠳ ᠶᠠᠪᠤᠯ᠎ᠠ᠃ ᠡᠢᠮᠦ ᠴᠠᠭ ᠲᠤ ᠰᠠᠯᠵᠤ ᠪᠤᠲᠠᠷᠠᠬᠤ ᠬᠥᠮᠦᠰ ᠢ᠋ ᠬᠡᠨ ᠬᠣᠷᠢᠭᠯᠠᠵᠤ ᠴᠢᠳᠠᠬᠤ ᠪᠣᠢ᠃
ᠳᠤᠭᠤᠢ ᠪᠥᠭᠡᠳ ᠬᠦᠴᠦ ᠴᠢᠳᠠᠯ ᠮᠡᠬᠦᠰᠳᠡᠭᠰᠡᠨ ᠥᠭᠡᠯᠦᠨ ᠡᠬᠡ ᠡᠳ᠋ ᠬᠥᠷᠥᠩᠭᠡ ᠶ᠋ᠢᠨ ᠢ᠋ᠶ᠋ᠡᠨ ᠰᠠᠷᠨᠢᠨ ᠰᠦᠢᠳᠬᠦ ᠶ᠋ᠢ ᠬᠠᠷᠠᠵᠤ ᠪᠠᠢᠭᠰᠠᠭᠠᠷ ᠥᠩᠭᠡᠷᠡᠭᠡᠯ᠎ᠡ᠃ ᠲᠡᠢᠮᠦ ᠶᠡᠬᠡ ᠬᠦᠴᠦᠷᠬᠡᠭ ᠶᠢᠰᠦᠭᠡᠢ ᠪᠠᠭᠠᠲᠤᠷ ᠤ᠋ᠨ ᠨᠤᠲᠤᠭ ᠳᠡᠪᠢᠰᠬᠡᠷ ᠲᠦ᠍ ᠡᠴᠦᠰ ᠲᠡᠭᠡᠨ ᠥᠭᠡᠯᠦᠨ ᠦᠵᠢᠨ ᠪᠣᠯᠤᠨ ᠶᠢᠰᠦᠭᠡᠢ ᠪᠠᠭᠠᠲᠤᠷ ᠤ᠋ᠨ ᠬᠣᠶᠠᠳᠤᠭᠠᠷ ᠬᠠᠲᠤᠨ ᠤ᠋ ᠭᠡᠷ ᠲᠡᠳᠦᠢ ᠯᠡ ᠦᠯᠡᠳᠡᠵᠡᠢ᠃ ᠡᠢᠮᠦ ᠡᠴᠡ ᠥᠭᠡᠯᠦᠨ ᠡᠬᠡ ᠪᠣᠯᠤᠨ ᠲᠡᠮᠦᠵᠢᠨ᠂ ᠲᠡᠮᠦᠵᠢᠨ ᠦ᠌ ᠳᠡᠭᠦᠦ ᠬᠠᠰᠠᠷ᠂ ᠪᠠᠭ᠎ᠠ ᠡᠬᠡ ᠡᠴᠡ ᠨᠢ ᠲᠥᠷᠥᠭᠰᠡᠨ ᠠᠬ᠎ᠠ ᠳᠡᠭᠦᠦ ᠪᠡᠭᠲᠡᠷ ᠪᠡᠯᠭᠦᠳᠡᠢ ᠲᠡᠢ ᠬᠠᠮᠲᠤ ᠡᠳᠦᠷ ᠰᠥᠨᠢ ᠶ᠋ᠢ ᠬᠠᠲᠠᠮᠵᠢᠨ ᠥᠩᠭᠡᠷᠡᠭᠡᠵᠦ ᠠᠮᠢᠳᠤᠷᠠᠬᠤ ᠶ᠋ᠢᠨ ᠲᠥᠯᠥᠭᠡ ᠵᠢᠳᠬᠦᠵᠦ ᠪᠠᠢᠯ᠎ᠠ᠃ ᠠᠯᠳᠠᠭᠰᠠᠨ ᠮᠠᠯ ᠢ᠋ᠶ᠋ᠠᠨ ᠴᠤᠭᠯᠠᠭᠤᠯᠤᠨ ᠮᠠᠯᠵᠢᠵᠤ᠂ ᠦᠷᠡᠯ ᠮᠣᠢᠯ ᠲᠡᠭᠦᠵᠦ᠂ ᠡᠳᠦᠷ ᠰᠥᠨᠢ ᠶ᠋ᠢ ᠠᠷᠭᠠᠴᠠᠨ ᠵᠠᠮᠠᠭ ᠲᠠᠢ ᠤᠰᠤᠨ ᠠ᠋ᠴᠠ ᠵᠢᠭᠠᠰᠤ ᠵᠢᠷᠠᠭᠠᠬᠠᠢ ᠱᠦᠭᠦᠵᠦ᠂ ᠥᠯ ᠬᠣᠭᠣᠯᠠ ᠬᠢᠵᠦ ᠪᠠᠢᠵᠠᠢ᠃ ᠲᠡᠮᠦᠵᠢᠨ ᠦ᠌ ᠪᠠᠭ᠎ᠠ ᠳᠡᠭᠦᠦ ᠪᠣᠯᠤᠨ ᠥᠬᠢᠨ ᠳᠡᠭᠦᠦ ᠨᠢ ᠨᠢᠯᠬ᠎ᠠ ᠨᠢᠷᠠᠢ ᠪᠠᠢᠵᠤ ᠲᠤᠰᠠ ᠪᠣᠯᠵᠤ ᠴᠢᠳᠠᠬᠤ ᠦᠭᠡᠢ ᠪᠠᠢᠭᠰᠠᠨ ᠶᠤᠮ᠃ ᠡᠪᠦᠯ ᠦ᠋ᠨ ᠴᠠᠭ ᠪᠣᠯᠪᠠᠯ ᠡᠪᠡᠰᠦ ᠲᠡᠵᠢᠭᠡᠯ ᠳᠤᠲᠠᠭᠳᠠᠭᠠᠳ ᠮᠠᠯ ᠤ᠋ᠨ ᠲᠠᠷᠭᠤ ᠨᠢ ᠮᠠᠭᠤᠳᠠᠵᠤ ᠮᠠᠰᠢ ᠪᠡᠷᠬᠡ ᠬᠡᠴᠡᠭᠦᠦ ᠪᠣᠯᠳᠠᠭ ᠪᠠᠢᠵᠠᠢ᠃ ᠮᠠᠯ ᠢ᠋ᠶ᠋ᠠᠨ ᠥᠰᠬᠡᠨ ᠬᠠᠮᠠᠭᠠᠯᠠᠬᠤ ᠶ᠋ᠢᠨ ᠲᠥᠯᠥᠭᠡ ᠨᠢᠭᠡ ᠶ᠋ᠢ ᠴᠦ᠍ ᠠᠯᠠᠵᠤ ᠢᠳᠡᠬᠦ ᠦᠭᠡᠢ᠂ ᠭᠣᠭᠣᠳ ᠮᠠᠩᠭᠢᠷ᠂ ᠤᠷᠭᠤᠮᠠᠯ ᠤ᠋ᠨ ᠦᠨᠳᠦᠰᠦ ᠪᠡᠷ ᠥᠯ ᠬᠣᠭᠣᠯᠠ ᠪᠣᠯᠭᠠᠵᠤ ᠪᠠᠢᠪᠠ᠃ ᠡᠢᠮᠦ ᠢᠳᠡᠰᠢ ᠶ᠋ᠢ ᠮᠣᠩᠭᠣᠯ ᠬᠥᠮᠦᠨ ᠶᠡᠷᠦᠳᠡᠭᠡᠨ ᠵᠢᠭᠰᠢᠳᠡᠭ ᠪᠠᠢᠭᠰᠠᠨ ᠶᠤᠮ᠃ ᠡᠨᠡ ᠦᠶ᠎ᠡ ᠳ᠋ᠦ᠍ ᠲᠠᠷᠪᠠᠭ᠎ᠠ ᠳᠣᠷᠣᠭᠣ ᠶ᠋ᠢᠨ ᠮᠢᠬ᠎ᠠ ᠭᠡᠳ ᠰᠠᠢᠨ ᠢᠳᠡᠭᠡᠨ ᠪᠣᠯᠵᠤ ᠪᠠᠢᠵᠠᠢ᠃ ᠲᠡᠮᠦᠵᠢᠨ ᠡᠳᠡᠭᠡᠷ ᠠᠮᠢᠲᠠᠨ ᠳ᠋ᠤ᠌ ᠰᠡᠮᠡᠬᠡᠷ ᠣᠢᠷᠠᠲᠤᠨ ᠬᠦᠷᠴᠦ ᠭᠡᠨᠡᠳᠲᠡ ᠪᠠᠷᠢᠬᠤ ᠮᠡᠷᠭᠡᠵᠢᠯ ᠲᠡᠢ᠂ ᠲᠡᠭᠦᠨ ᠦ᠌ ᠳᠡᠭᠦᠦ ᠬᠠᠰᠠᠷ ᠮᠡᠷᠭᠡᠨ ᠬᠠᠷᠪᠤᠭᠠᠴᠢ ᠭᠡᠵᠦ ᠠᠯᠳᠠᠷᠰᠢᠵᠤ᠂ ᠵᠠᠭᠤᠨ ᠤᠳᠠᠭ᠎ᠠ ᠬᠠᠷᠪᠤᠪᠠᠯ ᠵᠠᠭᠤᠨᠲᠠ ᠣᠨᠣᠭᠠᠳᠠᠭ ᠴᠢᠳᠠᠯ ᠲᠠᠢ᠃ ᠪᠠᠭ᠎ᠠ ᠡᠬᠡ ᠶ᠋ᠢᠨ ᠬᠣᠶᠠᠷ ᠬᠥᠪᠡᠭᠦᠨ ᠪᠡᠭᠲᠡᠷ᠂ ᠪᠡᠯᠭᠦᠳᠡᠢ ᠬᠣᠶᠠᠭᠤᠯᠠ ᠬᠦᠴᠦᠨ ᠴᠢᠭᠢᠷᠠᠭ ᠪᠣᠯᠬᠣᠷ ᠤᠳᠠᠭ᠎ᠠ ᠳᠠᠷᠠᠭ᠎ᠠ ᠲᠡᠮᠦᠵᠢᠨ ᠪᠣᠯᠤᠨ ᠬᠠᠰᠠᠷ ᠬᠣᠶᠠᠭᠤᠯᠠ ᠶ᠋ᠢᠨ ᠭᠥᠷᠥᠭᠡᠯᠡᠵᠦ ᠣᠯᠤᠭᠰᠠᠨ ᠶᠠᠭᠤᠮ᠎ᠠ ᠶ᠋ᠢ ᠪᠤᠯᠢᠶᠠᠵᠤ ᠠᠪᠳᠠᠭ ᠪᠠᠢᠯ᠎ᠠ᠃
ᠲᠡᠮᠦᠵᠢᠨ ᠪᠣᠯ ᠠᠬᠠᠮᠠᠳ ᠬᠥᠪᠡᠭᠦᠨ ᠪᠣᠯᠬᠤ ᠤᠴᠢᠷ ᠠ᠋ᠴᠠ ᠶᠢᠰᠦᠭᠡᠢ ᠪᠠᠭᠠᠲᠤᠷ ᠢ᠋ ᠵᠢᠩᠬᠢᠨᠢ ᠵᠠᠯᠭᠠᠮᠵᠢᠯᠠᠬᠤ ᠡᠷᠬᠡ ᠲᠡᠢ᠃ ᠬᠠᠷᠢᠨ ᠡᠨᠡ ᠮᠡᠲᠦ ᠲᠡᠮᠡᠴᠡᠯ ᠳᠤᠮᠳᠠ ᠡᠷᠬᠡ ᠰᠦᠷ ᠢ᠋ ᠶᠠᠭᠠᠬᠢᠵᠤ ᠬᠡᠷᠡᠭᠵᠢᠭᠦᠯᠬᠦ ᠪᠣᠢ? ᠣᠳᠣ ᠪᠠᠰᠠ ᠨᠢᠯᠬ᠎ᠠ ᠪᠠᠢᠬᠤ ᠬᠣᠶᠠᠷ ᠳᠡᠭᠦᠦ ᠪᠡᠨ ᠥᠰᠬᠡᠵᠦ ᠬᠥᠮᠦᠨ ᠪᠣᠯᠭᠠᠭᠠᠳ ᠲᠡᠭᠦᠨ ᠢ᠋ ᠲᠤᠰᠠᠯᠠᠵᠤ ᠴᠢᠳᠠᠬᠤ ᠪᠣᠯᠲᠠᠯ᠎ᠠ ᠳᠠᠬᠢᠨ ᠬᠡᠳᠦᠨ ᠵᠢᠯ ᠬᠦᠯᠢᠶᠡᠬᠦ ᠬᠡᠷᠡᠭᠲᠡᠢ᠂ ᠲᠡᠭᠡᠪᠡᠯ ᠥᠩᠭᠡᠷᠡᠦ ᠤᠳᠠᠭᠠᠨ ᠪᠣᠯᠴᠢᠬᠠᠨ᠎ᠠ᠃ ᠬᠠᠰᠠᠷ ᠲᠠᠢ ᠬᠣᠶᠠᠭᠤᠯᠠ᠂ ᠨᠥᠭᠦᠭᠡ ᠠᠬ᠎ᠠ ᠳᠡᠭᠦᠦ ᠬᠣᠶᠠᠷ ᠲᠠᠢ ᠲᠡᠮᠡᠴᠡᠬᠦ ᠦᠭᠡᠢ ᠪᠡᠷ ᠪᠣᠯᠬᠤ ᠦᠭᠡᠢ᠃ ᠬᠦᠴᠦ ᠴᠢᠳᠠᠯ ᠢ᠋ᠶ᠋ᠠᠷ ᠠᠪᠴᠤ ᠬᠡᠯᠡᠪᠡᠯ ᠲᠡᠳᠡ ᠬᠣᠶᠠᠭᠤᠯᠠ᠂ ᠡᠨᠡ ᠬᠣᠶᠠᠷ ᠠ᠋ᠴᠠ ᠪᠢᠷ᠎ᠠ ᠴᠢᠳᠠᠯ ᠲᠠᠢ ᠪᠠᠢᠪᠠ᠃ ᠨᠢᠭᠡ ᠡᠳᠦᠷ ᠪᠡᠯᠭᠦᠳᠡᠢ ᠵᠢᠭᠠᠰᠤ ᠭᠥᠬᠢᠳᠡᠬᠦ ᠪᠡᠷ ᠶᠠᠪᠤᠭᠰᠠᠨ ᠪᠠᠢᠨ᠎ᠠ᠃ ᠲᠡᠮᠦᠵᠢᠨ ᠬᠠᠰᠠᠷ ᠢ᠋ ᠳᠠᠭᠤᠳᠠᠵᠤ ᠬᠣᠶᠠᠭᠤᠯᠠ ᠪᠡᠭᠲᠡᠷ ᠢ᠋ ᠡᠷᠢᠵᠦ ᠣᠯᠤᠭᠠᠳ᠂ ᠡᠮᠦᠨ᠎ᠡ ᠬᠣᠢᠨ᠎ᠠ ᠠ᠋ᠴᠠ ᠬᠠᠷᠪᠤᠵᠤ ᠠᠯᠠᠪᠠ᠃ ᠡᠭᠦᠨ ᠢ᠋ ᠰᠣᠨᠣᠰᠤᠭᠰᠠᠨ ᠥᠭᠡᠯᠦᠨ ᠡᠬᠡ ᠲᠤᠢᠯ ᠤ᠋ᠨ ᠶᠡᠬᠡ ᠪᠡᠷ ᠬᠢᠯᠢᠩᠨᠡᠪᠡ᠃ ᠬᠡᠦᠬᠡᠳ ᠨᠢ ᠲᠡᠭᠦᠨ ᠦ᠌ ᠢᠩᠭᠢᠵᠦ ᠬᠢᠯᠢᠩᠨᠡᠬᠦ ᠶ᠋ᠢ ᠶᠡᠷᠦ ᠡᠴᠡ ᠦᠵᠡᠭᠰᠡᠨ ᠦᠭᠡᠢ ᠪᠢᠯᠡ᠃ ᠲᠡᠭᠡᠭᠡᠳ ᠬᠣᠶᠠᠷ ᠬᠥᠪᠡᠭᠦᠨ ᠢ᠋ᠶ᠋ᠡᠨ ᠰᠦᠷᠡᠬᠡᠢ ᠵᠠᠩᠨᠠᠵᠤ ᠬᠠᠷᠢᠶᠠᠯᠠ᠄
《ᠲᠠ ᠬᠣᠶᠠᠷ ᠪᠣᠯ ᠪᠣᠷᠣᠭᠠᠨᠲᠤ ᠡᠳᠦᠷ ᠳᠣᠪᠲᠣᠯᠤᠨ ᠬᠠᠯᠳᠠᠬᠤ ᠥᠯᠥᠨ ᠴᠢᠨᠣ᠎ᠠ ᠮᠡᠲᠦ᠂ ᠬᠠᠪᠢᠷᠭ᠎ᠠ ᠪᠠᠨ ᠬᠠᠵᠠᠬᠤ ᠬᠠᠷ᠎ᠠ ᠨᠣᠬᠠᠢ ᠮᠡᠲᠦ᠂ ᠪᠣᠲᠣᠭᠣ ᠲᠣᠷᠣᠮ ᠤ᠋ᠨ ᠪᠣᠷᠪᠢ ᠶ᠋ᠢ ᠬᠠᠵᠠᠬᠤ ᠥᠯ ᠪᠤᠤᠷ᠎ᠠ ᠮᠡᠲᠦ᠂ ᠬᠠᠳᠠᠨ ᠳ᠋ᠤ᠌ ᠳᠣᠪᠲᠣᠯᠬᠤ ᠬᠠᠷᠴᠠᠭᠠᠢ ᠱᠣᠩᠬᠣᠷ ᠮᠡᠲᠦ᠂ ᠲᠠ ᠬᠣᠶᠠᠭᠤᠯᠠ ᠴᠣᠬᠣᠮ ᠶᠠᠮᠠᠷ ᠬᠡᠷᠡᠭ ᠦᠢᠯᠡᠳᠦᠭᠰᠡᠨ ᠶᠦᠮ ᠪᠣᠢ? ᠪᠢᠳᠡ ᠣᠳᠣ ᠰᠡᠭᠦᠳᠡᠷ ᠡᠴᠡ ᠥᠭᠡᠷ᠎ᠡ ᠨᠥᠬᠥᠷ ᠦᠭᠡᠢ᠂ ᠰᠡᠭᠦᠯ ᠡᠴᠡ ᠥᠭᠡᠷ᠎ᠡ ᠲᠠᠰᠢᠭᠤᠷ ᠦᠭᠡᠢ ᠪᠢᠰᠢ ᠤᠤ? ᠲᠠ ᠬᠣᠶᠠᠭᠤᠯᠠ ᠣᠳᠣ ᠥᠪᠡᠷ ᠦ᠋ᠨ ᠮᠥᠷᠥ ᠪᠡᠨ ᠮᠥᠴᠢᠯᠡᠵᠦ ᠦᠶᠡᠷᠬᠡᠬᠦ ᠳᠡᠭᠦᠦ ᠪᠡᠨ ᠠᠯᠠᠴᠢᠬᠠᠯ᠎ᠠ᠂ ᠶᠢᠰᠦᠭᠡᠢ ᠶ᠋ᠢᠨ ᠬᠥᠪᠡᠭᠦᠳ ᠬᠠᠷᠢᠯᠴᠠᠨ ᠠᠯᠠᠯᠳᠤᠵᠤ ᠪᠠᠢᠬᠤ ᠪᠣᠯ ᠶᠢᠰᠦᠭᠡᠢ ᠶ᠋ᠢᠨ ᠭᠠᠯ ᠭᠣᠯᠣᠮᠲᠠ ᠶᠠᠮᠠᠷ ᠪᠣᠯᠤᠨ᠎ᠠ ᠪᠣᠢ? ᠲᠡᠷᠡᠬᠦ ᠵᠢᠷᠤᠮ ᠦᠭᠡᠢ ᠲᠠᠲ᠋ᠠᠷ᠂ ᠰᠢᠳᠤᠷᠭᠤ ᠪᠤᠰᠤ ᠲᠠᠢᠴᠢᠭᠤᠳ ᠠ᠋ᠴᠠ ᠶᠠᠭᠠᠬᠢᠵᠤ ᠥᠰᠢᠶ᠎ᠡ ᠬᠣᠷᠣᠰᠤᠯ ᠢ᠋ᠶ᠋ᠠᠨ ᠠᠪᠴᠤ ᠴᠢᠳᠠᠬᠤ ᠶᠤᠮ ᠪᠣᠢ?》 ᠭᠡᠵᠦ ᠬᠡᠦᠬᠡᠳ ᠢ᠋ᠶ᠋ᠡᠨ ᠴᠢᠩᠭ᠎ᠠ ᠳᠣᠩᠭᠣᠳᠤᠯᠠ᠃
ᠲᠡᠷᠡ ᠦᠶ᠎ᠡ ᠳ᠋ᠦ᠍ ᠲᠡᠮᠦᠵᠢᠨ ᠦᠭᠡ ᠳᠠᠭᠤᠨ ᠦᠭᠡᠢ ᠪᠡᠷ ᠡᠵᠢ ᠶ᠋ᠢᠨ ᠬᠢᠯᠢᠩᠲᠦ ᠰᠤᠷᠭᠠᠯ ᠢ᠋ ᠰᠣᠨᠣᠰᠤᠯ᠎ᠠ᠃ ᠡᠵᠢ ᠶ᠋ᠢᠨ ᠬᠡᠯᠡᠭᠰᠡᠨ ᠦᠭᠡ ᠪᠦᠷᠢ ᠨᠢ ᠵᠥᠪ ᠪᠠᠢᠨ᠎ᠠ᠂ ᠡᠨᠡ ᠦᠶ᠎ᠡ ᠡᠴᠡ ᠬᠣᠢᠰᠢ ᠲᠡᠮᠦᠵᠢᠨ ᠠᠬ᠎ᠠ ᠳᠡᠭᠦᠦ ᠶ᠋ᠢᠨ ᠬᠣᠭᠣᠷᠣᠨᠳᠣ ᠪᠠᠨ ᠡᠶ᠎ᠡ ᠡᠪ ᠲᠡᠢ ᠪᠦᠯᠬᠦᠮᠳᠡᠵᠦ᠂ ᠬᠠᠷᠢᠯᠴᠠᠨ ᠲᠤᠰᠠᠯᠠᠯᠴᠠᠬᠤ ᠪᠣᠯᠪᠠ᠃ ᠪᠡᠭᠲᠡᠷ ᠦᠬᠦᠭᠰᠡᠨ ᠡᠴᠡ ᠬᠣᠢᠰᠢ ᠪᠡᠯᠭᠦᠳᠡᠢ ᠭᠠᠭᠴᠠᠭᠠᠷ ᠢ᠋ᠶ᠋ᠠᠨ ᠬᠣᠶᠠᠷ ᠬᠥᠮᠦᠨ ᠲᠡᠢ ᠲᠡᠮᠡᠴᠡᠬᠦ ᠪᠠᠢᠳᠠᠯ ᠳ᠋ᠤ᠌ ᠲᠤᠯᠭᠠᠷᠠᠭᠠᠳ ᠨᠣᠮᠣᠬᠠᠷᠠᠭᠰᠠᠨ ᠶᠤᠮ᠂ ᠲᠡᠢᠮᠦ ᠭᠡᠪᠡᠴᠦ ᠪᠡᠯᠭᠦᠳᠡᠢ ᠠᠶᠤᠨ ᠰᠦᠷᠳᠡᠭᠡᠳ ᠲᠡᠮᠦᠵᠢᠨ ᠢ᠋ ᠳᠠᠭᠠᠭᠰᠠᠨ ᠪᠢᠰᠢ᠂ ᠪᠡᠯᠭᠦᠳᠡᠢ ᠭᠠᠭᠴᠠᠭᠠᠷᠳᠠᠨ ᠥᠨᠥᠴᠢᠷᠡᠭᠰᠡᠨ ᠦᠶ᠎ᠡ ᠳ᠋ᠦ᠍ ᠲᠡᠮᠦᠵᠢᠨ ᠳᠣᠲᠣᠨᠣ ᠨᠥᠬᠥᠷ ᠨᠢ ᠪᠣᠯᠵᠤ᠂ ᠠᠯᠢᠪᠠ ᠪᠦᠬᠦᠨ ᠳ᠋ᠦ᠍ ᠬᠠᠷᠠᠭᠠᠯᠵᠠᠯᠠᠯ ᠦᠵᠡᠭᠦᠯᠦᠨ ᠪᠡᠯᠡᠭ ᠬᠦᠷᠭᠡᠬᠦ ᠪᠤᠶᠤ ᠬᠠᠮᠲᠤᠪᠠᠷ ᠠᠩᠨᠠᠬᠤ ᠴᠠᠭ ᠲᠠᠭᠠᠨ ᠲᠡᠭᠦᠨ ᠳ᠋ᠦ᠍ ᠢᠯᠡᠭᠦᠦ ᠬᠤᠪᠢᠶᠠᠵᠤ ᠥᠭᠳᠡᠭ ᠪᠠᠢᠯ᠎ᠠ᠃ ᠡᠢᠮᠦ ᠡᠴᠡ ᠪᠡᠯᠭᠦᠳᠡᠢ᠂ ᠲᠡᠮᠦᠵᠢᠨ ᠦ᠌ ᠦᠨᠡᠨᠴᠢ ᠰᠢᠳᠤᠷᠭᠤ ᠬᠠᠪᠰᠤᠷᠤᠭᠴᠢ ᠨᠢ ᠪᠣᠯᠤᠯ᠎ᠠ᠃ ᠲᠡᠭᠦᠨ ᠡᠴᠡ ᠬᠣᠢᠰᠢ ᠪᠡᠯᠭᠦᠳᠡᠢ ᠶᠠᠮᠠᠷ ᠦᠶ᠎ᠡ ᠳ᠋ᠦ᠍ ᠬᠡᠳᠦᠢ ᠲᠦᠭᠰᠢᠭᠦᠷᠢ ᠲᠡᠢ ᠴᠠᠭ ᠲᠤ ᠴᠤ ᠭᠡᠰᠡᠨ ᠲᠡᠮᠦᠵᠢᠨ ᠢ᠋ ᠣᠷᠬᠢᠵᠤ
ᠰᠠᠯᠬᠤ ᠦᠭᠡᠢ ᠰᠡᠭᠦᠳᠡᠷ ᠮᠡᠲᠦ ᠳᠠᠭᠠᠬᠤ ᠪᠣᠯᠪᠠ᠃
ᠴᠢᠩᠭᠢᠵᠦ ᠪᠠᠢᠲᠠᠯ᠎ᠠ ᠲᠦᠭᠰᠢᠭᠦᠷᠢᠲᠡᠢ ᠴᠠᠭ ᠬᠦᠷᠦᠭᠡᠳ ᠢᠷᠡᠯ᠎ᠡ᠃ ᠲᠠᠢᠴᠢᠭᠤᠳ ᠠᠢᠮᠠᠭ ᠤ᠋ᠨ ᠲᠠᠷᠭᠤᠲᠠᠢ ᠥᠪᠡᠷ ᠦ᠋ᠨ ᠪᠡᠶ᠎ᠡ ᠪᠡᠨ ᠪᠦᠬᠦ ᠪᠣᠷᠵᠢᠭᠢᠨ ᠠᠢᠮᠠᠭ ᠤ᠋ᠨ ᠬᠠᠮᠤᠭ ᠳᠡᠭᠡᠳᠦ ᠠᠬᠠᠮᠠᠳ ᠡᠷᠭᠦᠮᠵᠢᠯᠡᠯ᠎ᠡ ᠭᠡᠰᠡᠨ ᠴᠢᠮᠡᠭᠡ ᠥᠷᠭᠡᠨ ᠠᠭᠤᠳᠠᠮ ᠲᠠᠯ᠎ᠠ ᠨᠤᠲᠤᠭ ᠤ᠋ᠨ ᠪᠦᠬᠦ ᠠᠢᠮᠠᠭ ᠳᠠᠶᠠᠭᠠᠷ ᠲᠤ ᠤᠯᠠᠮᠵᠢᠯᠠᠭᠳᠠᠪᠠ᠃
ᠮᠣᠩᠭᠣᠯ ᠤ᠋ᠨ ᠡᠷᠲᠡᠨ ᠦ᠌ ᠲᠡᠦᠬᠡᠨ ᠳ᠋ᠦ᠍ ᠪᠤᠲᠠᠨᠴᠢᠷ ᠤ᠋ᠨ ᠡᠬᠡ (ᠠᠯᠤᠨ ᠭᠤᠸ᠎ᠠ ᠬᠠᠲᠤᠨ) ᠨᠢ ᠲᠠᠪᠤᠨ ᠬᠡᠦᠬᠡᠳ ᠲᠡᠭᠡᠨ ᠨᠢᠭᠡ ᠨᠢᠭᠡ ᠰᠤᠮᠤ ᠥᠭᠴᠦ ᠬᠤᠭᠤᠯᠤᠭᠤᠯᠪᠠᠰᠤ ᠴᠥᠮ ᠬᠤᠭᠤᠯᠵᠤ ᠣᠷᠬᠢᠵᠠᠢ᠃ ᠳᠠᠬᠢᠨ ᠲᠠᠪᠤᠨ ᠰᠤᠮᠤ ᠶ᠋ᠢ ᠬᠠᠮᠲᠤᠳᠬᠠᠨ ᠪᠠᠭᠯᠠᠵᠤ ᠬᠤᠭᠤᠯᠤᠭᠤᠯᠪᠠᠰᠤ ᠬᠡᠦᠬᠡᠳ ᠨᠢ ᠬᠤᠭᠤᠯᠵᠤ ᠡᠰᠡ ᠴᠢᠳᠠᠪᠠ᠃ ᠡᠭᠦᠨ ᠡᠴᠡ ᠬᠠᠮᠲᠤᠳᠬᠠᠨ ᠪᠠᠭᠯᠠᠭᠰᠠᠨ ᠰᠤᠮᠤ ᠮᠡᠲᠦ ᠪᠠᠲᠤ ᠪᠦᠯᠬᠦᠮᠳᠡᠭᠲᠦᠨ ᠭᠡᠵᠦ ᠬᠡᠦᠬᠡᠳ ᠢ᠋ᠶ᠋ᠡᠨ ᠰᠤᠷᠭᠠᠭᠰᠠᠨ ᠪᠠᠢᠳᠠᠭ᠃ ᠡᠨᠡ ᠪᠦᠯᠦᠭ ᠲᠦ᠍ ᠥᠭᠡᠯᠦᠨ ᠡᠬᠡ ᠪᠠᠰᠠ ᠬᠡᠦᠬᠡᠳ ᠢ᠋ᠶ᠋ᠡᠨ ᠴᠢᠩᠭ᠎ᠠ ᠰᠢᠭᠦᠮᠵᠢᠯᠡᠨ ᠰᠤᠷᠭᠠᠭᠰᠠᠨ ᠠ᠋ᠴᠠ ᠲᠡᠮᠦᠵᠢᠨ ᠠᠬ᠎ᠠ ᠳᠡᠭᠦᠦ ᠶ᠋ᠢᠨ ᠬᠣᠭᠣᠷᠣᠨᠳᠣᠬᠢ ᠪᠦᠯᠬᠦᠮᠳᠡᠯ ᠪᠠ ᠴᠢᠨᠠᠭᠰᠢᠯᠠᠭᠠᠳ ᠦᠨᠳᠦᠰᠦᠲᠡᠨ ᠦ᠌ ᠪᠦᠯᠬᠦᠮᠳᠡᠯ ᠢ᠋ ᠪᠡᠬᠢᠵᠢᠭᠦᠯᠬᠦ ᠪᠡᠷ ᠴᠢᠷᠮᠠᠢᠭᠰᠠᠭᠠᠷ ᠲᠡᠷᠡ ᠮᠡᠲᠦ ᠶᠡᠬᠡ ᠦᠢᠯᠡᠰ ᠢ᠋ ᠪᠦᠲᠦᠭᠡᠵᠦ ᠴᠢᠳᠠᠵᠠᠢ᠃ ᠡᠭᠦᠨ ᠦ᠌ ᠲᠤᠬᠠᠢ ᠬᠣᠢᠨᠠᠬᠢ ᠪᠦᠯᠦᠭ ᠦ᠋ᠳ ᠲᠦ᠍ ᠳᠠᠬᠢᠨ ᠳᠠᠬᠢᠨ ᠭᠠᠷᠬᠤ ᠪᠣᠯᠤᠨ᠎ᠠ᠃ ᠴᠢᠩᠭᠢᠰ ᠬᠠᠭᠠᠨ ᠬᠠᠯᠢᠬᠤ ᠦᠶ᠎ᠡ ᠳ᠋ᠡᠭᠡᠨ ᠪᠠᠰᠠ ᠪᠤᠲᠠᠨᠴᠢᠷ ᠤ᠋ᠨ ᠦᠯᠢᠭᠡᠷ ᠢ᠋ᠶ᠋ᠡᠷ ᠦᠷ᠎ᠡ ᠬᠡᠦᠬᠡᠳ ᠲᠡᠭᠡᠨ ᠪᠦᠯᠬᠦᠮᠳᠡᠯ ᠦ᠋ᠨ ᠴᠢᠬᠤᠯᠠ ᠴᠢᠨᠠᠷ ᠢ᠋ ᠭᠡᠷᠢᠶᠡᠰᠦᠯᠡᠨ ᠳᠤᠷᠠᠳᠤᠭᠰᠠᠨ ᠶᠤᠮ᠃ ᠠᠬ᠎ᠠ ᠳᠡᠭᠦᠦ ᠬᠣᠭᠣᠷᠣᠨᠳᠣ ᠪᠠᠨ ᠪᠦᠯᠬᠦᠮᠳᠡᠬᠦ᠂ ᠦᠨᠳᠦᠰᠦᠲᠡᠨ ᠳᠣᠲᠣᠷ᠎ᠠ ᠵᠠᠭᠤᠷ᠎ᠠ ᠪᠠᠨ ᠪᠦᠯᠬᠦᠮᠳᠡᠬᠦ ᠤᠴᠢᠷ ᠪᠣᠯ ᠬᠡᠵᠢᠶ᠎ᠡ ᠴᠦ᠍ ᠭᠡᠰᠡᠨ ᠴᠢᠬᠤᠯᠠ ᠶᠤᠮ ᠪᠠᠢᠨ᠎ᠠ᠃ ᠪᠢ ᠨᠢᠭᠡ ᠦᠯᠢᠭᠡᠷ ᠬᠡᠯᠡᠵᠦ ᠯᠠᠪᠯᠠᠯᠲᠠ ᠪᠣᠯᠭᠠᠶ᠎ᠠ᠄ ᠮᠢᠩ ᠤᠯᠤᠰ ᠮᠥᠬᠥᠬᠦ ᠦᠶ᠎ᠡ ᠵᠢᠨᠵᠸᠦ ᠶ᠋ᠢᠨ ᠪᠠᠢᠯᠳᠤᠭᠠᠨ ᠳ᠋ᠤ᠌ ᠯᠢᠶᠤᠤᠳ᠋ᠥ᠋ᠩ ᠤ᠋ᠨ ᠵᠠᠬᠢᠷᠤᠭᠴᠢ ᠬᠣᠩ ᠴᠧᠩ ᠴᠧᠦ᠂ ᠴᠢᠩ ᠤᠯᠤᠰ ᠲᠤ ᠪᠠᠷᠢᠭᠳᠠᠨ ᠪᠠᠭᠤᠵᠤ ᠥᠭᠭᠦᠭᠡᠳ᠂ ᠴᠢᠩ ᠤᠯᠤᠰ ᠤ᠋ᠨ ᠬᠠᠭᠠᠨ ᠳ᠋ᠤ᠌ ᠮᠣᠩᠭᠣᠯ ᠦᠨᠳᠦᠰᠦᠲᠡᠨ ᠢ᠋ ᠳᠠᠷᠤᠩᠭᠤᠢᠯᠠᠬᠤ ᠲᠤᠬᠠᠢ ᠠᠷᠪᠠᠨ ᠬᠣᠶᠠᠷ ᠦᠰᠦᠭ (ᠬᠢᠲᠠᠳ ᠦᠰᠦᠭ ᠢ᠋ᠶ᠋ᠡᠷ) ᠦ᠋ᠨ ᠲᠥᠷᠥ ᠶ᠋ᠢᠨ ᠪᠣᠳᠣᠯᠭ᠎ᠠ ᠶ᠋ᠢᠨ ᠡᠷᠭᠦᠳᠡᠯ ᠥᠭᠭᠦᠭᠰᠡᠨ ᠭᠡᠨ᠎ᠡ᠃ ᠲᠡᠷᠡ ᠠᠷᠪᠠᠨ ᠬᠣᠶᠠᠷ ᠦᠰᠦᠭ ᠢ᠋ ᠨᠢ ᠣᠷᠴᠢᠭᠤᠯᠪᠠᠯ᠄《ᠬᠤᠪᠢᠶᠠᠨ ᠡᠷᠭᠦᠮᠵᠢᠯᠡᠬᠦ ᠳᠦᠷᠢᠮ ᠢ᠋ᠶ᠋ᠡᠷ ᠬᠦᠴᠦ ᠶ᠋ᠢ ᠨᠢ ᠵᠠᠳᠠᠷᠠᠭᠤᠯᠵᠤ᠂ ᠱᠠᠰᠢᠨ ᠰᠢᠲᠦᠭᠦᠯᠬᠦ ᠠᠷᠭ᠎ᠠ ᠪᠠᠷ ᠦᠷᠡᠵᠢᠬᠦ ᠶ᠋ᠢ ᠨᠢ ᠬᠣᠷᠢᠭᠯᠠ》 ᠭᠡᠵᠡᠢ᠃ ᠡᠨᠡᠬᠦ ᠲᠥᠷᠥ ᠶ᠋ᠢᠨ ᠪᠣᠳᠣᠯᠭ᠎ᠠ ᠶ᠋ᠢᠨ ᠬᠣᠣᠷ ᠬᠥᠨᠥᠭᠡᠯ ᠦ᠋ᠨ ᠦᠯᠡᠳᠡᠭᠳᠡᠯ ᠨᠢ ᠣᠳᠣ ᠪᠠᠰᠠ ᠨᠥᠯᠥᠭᠡᠯᠡᠵᠦ ᠦᠭᠡᠢ ᠭᠡᠵᠢ ᠤᠤ᠃ ᠴᠢᠩᠭᠢᠰ ᠬᠠᠭᠠᠨ ᠬᠠᠯᠢᠬᠤ ᠳ᠋ᠠᠭᠠᠨ ᠰᠡᠳᠬᠢᠯ ᠵᠣᠪᠠᠭᠰᠠᠨ ᠬᠡᠷᠡᠭ ᠬᠣᠶᠠᠷ ᠵᠦᠢᠯ ᠪᠠᠢᠵᠠᠢ᠃ ᠨᠢᠭᠡ ᠨᠢ ᠪᠦᠯᠬᠦᠮᠳᠡᠯ ᠦ᠋ᠨ ᠲᠤᠬᠠᠢ᠂ ᠨᠢᠭᠡ ᠨᠢ ᠬᠣᠲᠠᠨ ᠳ᠋ᠤ᠌ ᠣᠷᠣᠪᠠᠯ ᠮᠣᠩᠭᠣᠯ ᠦᠨᠳᠦᠰᠦᠲᠡᠨ ᠳᠣᠷᠣᠢᠲᠠᠬᠤ ᠤᠴᠢᠷ ᠭᠡᠨ᠎ᠡ᠃ ᠲᠡᠦᠬᠡ ᠶ᠋ᠢᠨ ᠬᠢᠵᠠᠭᠠᠷᠯᠠᠯ ᠠ᠋ᠴᠠ ᠪᠣᠯᠤᠭᠰᠠᠨ ᠲᠡᠭᠦᠨ ᠦ᠌ ᠪᠤᠷᠤᠭᠤ ᠶ᠋ᠢ ᠰᠢᠭᠦᠮᠵᠢᠯᠡᠬᠦ ᠡᠴᠡ ᠢᠯᠡᠭᠦᠦ ᠲᠡᠭᠦᠨ ᠦ᠌ ᠰᠣᠳᠣ ᠮᠡᠷᠭᠡᠨ ᠢ᠋ ᠨᠢ ᠪᠢᠰᠢᠷᠡᠮᠡᠷ ᠪᠠᠢᠨ᠎ᠠ᠃ ᠮᠣᠩᠭᠣᠯᠴᠢᠯᠠᠭᠴᠢ ᠠ᠋ᠴᠠ)
(ᠳᠥᠷᠪᠡ) ᠲᠡᠮᠦᠵᠢᠨ ᠦ᠌ ᠪᠠᠢᠯᠳᠤᠬᠤ ᠠᠷᠭ᠎ᠠ ᠶ᠋ᠢᠨ ᠲᠦᠷᠦᠭᠦᠦ ᠠᠯᠬᠤᠮ
ᠤᠨᠤᠨ ᠬᠡᠷᠦᠯᠦᠨ ᠬᠣᠶᠠᠷ ᠮᠥᠷᠡᠨ ᠦ᠌ ᠬᠣᠭᠣᠷᠣᠨᠳᠣᠬᠢ ᠤᠷᠭᠤᠴᠠ ᠰᠠᠢᠲᠠᠢ ᠬᠥᠨᠳᠡᠢ ᠵᠢᠯᠠᠭ᠎ᠠ ᠪᠣᠯ ᠬᠠᠮᠤᠭ ᠤ᠋ᠨ ᠰᠠᠢᠨ ᠨᠤᠲᠤᠭ ᠪᠡᠯᠴᠢᠭᠡᠷ ᠮᠥᠨ᠃ ᠶᠡᠷᠦ ᠡᠴᠡ ᠪᠣᠷᠵᠢᠭᠢᠨ ᠠᠢᠮᠠᠭ ᠤ᠋ᠨ ᠬᠠᠮᠤᠭ ᠤ᠋ᠨ ᠳᠡᠭᠡᠳᠦ ᠲᠦᠷᠦᠭᠦᠦ ᠶ᠋ᠢᠨ ᠡᠷᠬᠡ ᠳ᠋ᠦ᠍ ᠬᠠᠮᠢᠶᠠᠷᠤᠭᠳᠠᠵᠤ ᠪᠠᠢᠭᠰᠠᠨ ᠪᠣᠯᠬᠣᠷ᠂ ᠵᠠᠯᠠᠭᠤ ᠪᠠᠭ᠎ᠠ ᠲᠡᠮᠦᠵᠢᠨ ᠡᠨᠡ ᠥᠩ ᠰᠢᠮᠡᠯᠢᠭ ᠨᠤᠲᠤᠭ ᠪᠡᠯᠴᠢᠭᠡᠷ ᠢ᠋ ᠳᠡᠭᠡᠳᠦᠰ ᠡᠴᠡ ᠵᠠᠯᠭᠠᠮᠵᠢᠯᠠᠭᠰᠠᠨ ᠬᠥᠷᠥᠩᠭᠡ ᠭᠡᠵᠦ ᠪᠣᠳᠣᠵᠤ ᠶᠠᠨᠳᠠᠩ ᠳᠣᠷᠣᠢ ᠴᠥᠭᠡᠨ ᠬᠡᠳᠦᠨ ᠮᠠᠯ ᠢ᠋ᠶ᠋ᠠᠨ ᠡᠨᠳᠡ ᠪᠡᠯᠴᠢᠭᠡᠵᠦ ᠪᠠᠢᠭᠰᠠᠨ ᠶᠤᠮ᠃ ᠲᠠᠷᠭᠤᠲᠠᠢ ᠪᠤᠰᠤᠳ ᠬᠥᠮᠦᠨ ᠡᠨᠡ ᠪᠡᠯᠴᠢᠭᠡᠷ ᠢ᠋ ᠡᠵᠡᠮᠰᠢᠭᠦᠵᠡᠢ ᠭᠡᠵᠦ ᠪᠡᠶ᠎ᠡ ᠶ᠋ᠢᠨ ᠰᠢᠳᠠᠷ ᠪᠣᠯᠤᠭᠴᠢ ᠴᠥᠭᠡᠨ ᠴᠡᠷᠢᠭ ᠢ᠋ᠶ᠋ᠡᠨ ᠠᠪᠴᠤ ᠶᠢᠰᠦᠭᠡᠢ ᠶ᠋ᠢᠨ ᠬᠡᠦᠬᠡᠳ ᠢ᠋ ᠴᠣᠬᠢᠬᠤ ᠪᠠᠷ ᠢᠷᠡᠵᠡᠢ᠃ ᠲᠡᠭᠦᠨ ᠦ᠌ ᠭᠣᠣᠯ ᠵᠣᠷᠢᠯᠲᠠ ᠨᠢ ᠪᠣᠷᠵᠢᠭᠢᠨ ᠠᠢᠮᠠᠭ ᠤ᠋ᠨ ᠭᠡᠷ ᠪᠠᠷᠠᠭ᠎ᠠ ᠪᠤᠶᠤ ᠮᠠᠯ ᠠᠳᠤᠭᠤ ᠶ᠋ᠢ ᠣᠯᠵᠠᠯᠠᠶᠠ ᠭᠡᠰᠡᠨ ᠪᠢᠰᠢ᠂ ᠲᠡᠷᠡ ᠥᠭᠡᠯᠦᠨ ᠦᠵᠢᠨ ᠪᠠ ᠬᠠᠰᠠᠷ᠂ ᠪᠡᠯᠭᠦᠳᠡᠢ ᠳ᠋ᠦ᠍ ᠬᠠᠯᠳᠠᠭᠰᠠᠨ ᠦᠭᠡᠢ᠂ ᠲᠡᠳᠡ ᠮᠠᠯ ᠢ᠋ᠶ᠋ᠠᠨ ᠲᠠᠭᠤᠭᠠᠳ ᠠᠭᠤᠳᠠᠮ ᠲᠠᠯ᠎ᠠ ᠪᠠᠷ ᠶᠠᠪᠤᠬᠤ ᠶ᠋ᠢ ᠬᠠᠮᠢᠶᠠᠷᠬᠤ ᠦᠭᠡᠢ ᠳᠤᠷ᠎ᠠ ᠲᠠᠪᠠ ᠪᠠᠷ ᠨᠢ ᠲᠠᠯᠪᠢᠨ ᠶᠠᠪᠤᠭᠤᠯᠤᠭᠰᠠᠨ ᠪᠢᠯᠡ᠂ ᠭᠡᠪᠡᠴᠦ ᠬᠠᠷ᠎ᠠ ᠰᠢᠭᠤᠢ ᠳᠣᠲᠣᠷ᠎ᠠ ᠳᠤᠲᠠᠭᠠᠨ ᠣᠷᠣᠭᠰᠠᠨ ᠲᠡᠮᠦᠵᠢᠨ ᠢ᠋ ᠯᠡ ᠨᠡᠬᠡᠯ᠎ᠡ᠃
ᠲᠡᠮᠦᠵᠢᠨ᠂ ᠨᠡᠬᠡᠮᠵᠢᠯᠡᠬᠦᠶᠡ ᠪᠡᠷᠬᠡ ᠰᠠᠬᠤᠯᠠᠭ ᠮᠣᠳᠣ ᠵᠤᠵᠠᠭᠠᠨ ᠰᠢᠭᠤᠢ ᠳ᠋ᠤ᠌ ᠳᠤᠲᠠᠭᠠᠵᠤ ᠣᠷᠣᠲᠠᠯ᠎ᠠ᠂ ᠲᠠᠢᠴᠢᠭᠤᠳ ᠪᠠᠶᠠᠷ ᠬᠥᠭᠵᠢᠯᠲᠡᠢ ᠪᠡᠷ ᠮᠣᠷᠢᠨ ᠴᠢᠨᠡᠭᠡ ᠪᠡᠷ ᠠᠪᠠ ᠲᠠᠯᠪᠢᠭᠰᠠᠨ ᠮᠡᠲᠦ ᠲᠠᠭᠤᠵᠤ ᠪᠠᠢᠪᠠ᠃ ᠲᠡᠮᠦᠵᠢᠨ ᠨᠢᠭᠡᠨᠲᠡ ᠰᠢᠭᠤᠢ ᠳᠣᠲᠣᠷ᠎ᠠ ᠳᠤᠲᠠᠭᠠᠨ ᠣᠷᠣᠭᠰᠠᠨ ᠪᠣᠯᠬᠣᠷ᠂ ᠲᠠᠷᠭᠤᠲᠠᠢ ᠨᠠᠷ ᠳᠤᠲᠠᠭᠠᠨ ᠣᠷᠣᠭᠰᠠᠨ ᠰᠢᠭᠤᠢ ᠶ᠋ᠢ ᠪᠢᠲᠡᠭᠦᠮᠵᠢᠯᠡᠨ ᠪᠦᠰᠡᠯᠡᠪᠡ᠃
ᠲᠡᠭᠡᠭᠡᠳ ᠲᠡᠳᠡᠨᠦᠰ ᠶᠠᠭᠠᠷᠠᠨ ᠡᠷᠢᠭᠰᠡᠨ ᠦᠭᠡᠢ᠂ ᠲᠠᠯ᠎ᠠ ᠶ᠋ᠢᠨ ᠪᠡᠯᠴᠢᠭᠡᠷ ᠲᠦ᠍ ᠦᠯᠡᠳᠡᠵᠦ ᠣᠷᠬᠢᠭᠳᠠᠭᠰᠠᠨ ᠲᠠᠷᠭᠤᠨ ᠬᠣᠨᠢ ᠨᠡᠯᠢᠶᠡᠳ ᠪᠠᠢᠭᠰᠠᠨ ᠪᠣᠯᠬᠣᠷ᠂ ᠡᠳᠡᠭᠡᠷ ᠴᠡᠷᠢᠭ ᠦ᠋ᠨ ᠬᠡᠳᠦᠨ ᠡᠳᠦᠷ ᠢᠳᠡᠬᠦ ᠳ᠋ᠦ᠍ ᠭᠦᠢᠴᠡᠬᠦ ᠪᠠᠢᠵᠠᠢ᠃ ᠪᠠᠢᠯᠳᠤᠭᠴᠢ ᠨᠠᠷ ᠲᠡᠳᠡᠨᠦᠰ ᠦ᠋ᠨ ᠭᠡᠷ ᠪᠠᠷᠠᠭ᠎ᠠ ᠡᠬᠡᠨᠡᠷ ᠬᠡᠦᠬᠡᠳ ᠪᠣᠯᠤᠨ ᠮᠠᠯ ᠰᠦᠷᠦᠭ ᠦ᠋ᠨ ᠢ᠋ᠶ᠋ᠡᠨ ᠡᠨᠡᠬᠦ ᠰᠢᠨ᠎ᠡ ᠪᠡᠯᠴᠢᠭᠡᠷ ᠲᠦ᠍ ᠨᠡᠭᠦᠳᠡᠯᠯᠡᠨ ᠢᠷᠡᠬᠦ ᠶ᠋ᠢ ᠬᠦᠯᠢᠶᠡᠨ ᠰᠠᠭᠤᠪᠠ᠃
ᠲᠡᠮᠦᠵᠢᠨ᠂ ᠪᠦᠭᠦᠳᠡ ᠶᠢᠰᠦᠨ ᠬᠣᠨᠣᠭ ᠬᠣᠭᠣᠯᠠ ᠦᠭᠡᠢ ᠪᠠᠢᠵᠤ᠂ ᠥᠯᠥᠰᠴᠦ ᠥᠯᠪᠡᠷᠦᠭᠡᠳ ᠶᠡᠬᠡ ᠵᠦᠳᠡᠷᠡᠵᠦ ᠵᠣᠪᠠᠯ᠎ᠠ᠂ ᠡᠳᠦᠷ ᠪᠦᠷᠢ ᠭᠠᠳᠠᠭᠰᠢ ᠳᠤᠲᠠᠭᠠᠵᠤ ᠭᠠᠷᠤᠶ᠎ᠠ ᠭᠡᠵᠦ ᠰᠢᠭᠤᠳᠤᠭᠰᠠᠨ ᠪᠣᠯᠪᠠᠴᠤ᠂ ᠲᠠᠢᠴᠢᠭᠤᠳ ᠤ᠋ᠨ ᠰᠡᠷᠭᠡᠢᠯᠡᠯᠲᠡ ᠴᠢᠩᠭ᠎ᠠ ᠲᠤᠯᠠ ᠶᠡᠷᠦ ᠭᠠᠷᠴᠤ ᠴᠢᠳᠠᠭᠰᠠᠨ ᠦᠭᠡᠢ᠃ ᠲᠡᠮᠦᠵᠢᠨ《ᠡᠨᠡ ᠮᠡᠲᠦ ᠨᠡᠷ᠎ᠡ ᠦᠭᠡᠢ ᠦᠬᠦᠬᠦ ᠪᠡᠷ᠂ ᠭᠠᠷᠤᠶ᠎ᠠ》 ᠬᠡᠮᠡᠭᠡᠳ ᠵᠠᠮ ᠪᠥᠭᠯᠡᠨ ᠤᠨᠠᠭᠰᠠᠨ ᠭᠡᠷ ᠦ᠋ᠨ ᠴᠢᠨᠡᠭᠡ ᠴᠠᠭᠠᠨ ᠴᠢᠯᠠᠭᠤ ᠶ᠋ᠢ ᠲᠣᠭᠣᠷᠢᠨ ᠭᠠᠷᠬᠤ ᠳ᠋ᠤ᠌ ᠰᠠᠭᠠᠳ ᠪᠣᠯᠬᠤ ᠮᠣᠳᠣ ᠶ᠋ᠢ ᠰᠤᠮᠤᠴᠢ (ᠰᠤᠮᠤ ᠭᠡᠳᠡᠭ) ᠬᠢᠲᠤᠭ᠎ᠠ ᠪᠠᠷ ᠢ᠋ᠶ᠋ᠠᠨ ᠣᠭᠲᠣᠯᠤᠭᠠᠳ ᠮᠣᠷᠢ ᠪᠠᠨ ᠬᠥᠲᠥᠯᠵᠦ ᠭᠠᠷᠤᠮᠠᠭᠴᠠ ᠲᠠᠢᠴᠢᠭᠤᠳ ᠲᠤ ᠪᠠᠷᠢᠭᠳᠠᠪᠠ᠃ ᠲᠡᠭᠦᠨ ᠢ᠋ ᠪᠠᠷᠢᠭᠠᠳ ᠲᠦᠷᠦᠭᠦᠦ ᠶ᠋ᠢᠨ ᠳᠡᠷᠭᠡᠳᠡ ᠬᠥᠲᠥᠯᠦᠨ ᠠᠪᠴᠢᠷᠠᠵᠠᠢ᠃ ᠲᠠᠷᠭᠤᠲᠠᠢ ᠡᠨᠡ ᠣᠯᠵᠠᠯᠠᠭᠴᠢ ᠪᠠᠨ ᠰᠢᠷᠲᠡᠨ ᠦᠵᠡᠭᠡᠳ ᠭᠠᠢᠬᠠᠴᠢᠬᠠᠯᠠ᠃ ᠬᠥᠬᠡ ᠨᠢᠳᠦ ᠲᠡᠢ᠂ ᠤᠯᠠᠭᠠᠪᠢᠷ ᠦᠰᠦᠲᠡᠢ᠂ ᠬᠠᠷ᠎ᠠ ᠪᠣᠷᠣ ᠴᠢᠷᠠᠢ ᠲᠠᠢ ᠣᠮᠣᠷᠬᠠᠭ ᠪᠠᠢᠳᠠᠯ ᠲᠠᠢ ᠪᠥᠭᠡᠳ ᠰᠡᠷᠭᠦᠯᠡᠩ ᠬᠠᠷᠠᠴᠠ ᠲᠠᠢ᠂ ᠴᠣᠬᠣᠮ ᠪᠣᠷᠵᠢᠭᠢᠨ ᠠᠢᠮᠠᠭ ᠤ᠋ᠨ ᠰᠠᠢᠨ ᠪᠠᠢᠯᠳᠤᠭᠴᠢ ᠪᠣᠯᠵᠤ ᠴᠢᠳᠠᠬᠤ ᠳᠦᠷᠰᠦ ᠪᠠᠢᠳᠠᠯ ᠲᠠᠢ᠃ ᠡᠭᠦᠨ ᠢ᠋ ᠠᠯᠠᠭᠠᠳ ᠶᠠᠭᠤ ᠪᠠᠨ ᠬᠢᠬᠦ ᠪᠣᠢ᠂ ᠡᠨᠡ ᠰᠠᠢᠨ ᠵᠠᠯᠠᠭᠤ ᠶ᠋ᠢ ᠥᠪᠡᠷ ᠦ᠋ᠨ ᠪᠡᠶ᠎ᠡ ᠳ᠋ᠡᠭᠡᠨ ᠲᠤᠰᠠᠲᠠᠢ ᠨᠥᠬᠥᠷ ᠪᠣᠯᠭᠠᠭᠠᠳ ᠴᠢᠳᠠᠪᠠᠯ ᠰᠠᠢᠨ ᠪᠢᠰᠢᠦ᠃ ᠲᠡᠷᠡᠴᠢᠯᠡᠨ ᠡᠭᠦᠨ ᠢ᠋ ᠠᠯᠠᠪᠠᠴᠤ ᠠᠬ᠎ᠠ ᠳᠡᠭᠦᠦ ᠨᠢ ᠭᠠᠷᠴᠤ ᠢᠷᠡᠭᠡᠳ ᠲᠡᠷᠡ ᠬᠡᠰᠡᠭ ᠪᠡᠯᠴᠢᠭᠡᠷ ᠢ᠋ ᠠᠪᠤᠨ᠎ᠠ ᠭᠡᠵᠦ ᠠᠭᠠᠰᠢᠯᠠᠬᠤ ᠴᠤ᠌ ᠮᠠᠭᠠᠳ᠂ ᠶᠢᠰᠦᠭᠡᠢ ᠶ᠋ᠢᠨ ᠭᠡᠷ ᠪᠦᠯᠢ ᠶ᠋ᠢᠨ ᠬᠢᠨ ᠢ᠋ ᠪᠦᠷ ᠠᠯᠠᠴᠢᠬᠠᠪᠠᠯ ᠲᠠᠷᠭᠤᠲᠠᠢ ᠪᠢ ᠪᠣᠷᠵᠢᠭᠢᠨ ᠠᠢᠮᠠᠭ ᠪᠦᠬᠦᠨ ᠦ᠌ ᠥᠰᠢᠶ᠎ᠡ ᠬᠣᠷᠣᠰᠤᠯ ᠢ᠋ ᠪᠡᠶ᠎ᠡ ᠳ᠋ᠡᠭᠡᠨ ᠲᠠᠲᠠᠵᠤ᠂ ᠢᠲᠡᠭᠡᠯ ᠬᠦᠨᠳᠦ ᠪᠡᠨ ᠠᠯᠳᠠᠭᠠᠳ ᠣᠯᠠᠨ ᠨᠡᠢᠲᠡ ᠳ᠋ᠡᠭᠡᠨ ᠵᠢᠭᠰᠢᠭᠳᠡᠬᠦ ᠳ᠋ᠦ᠍ ᠬᠦᠷᠦᠨ᠎ᠡ᠃ ᠲᠡᠭᠡᠵᠦ ᠬᠢᠬᠦ ᠡᠴᠡ ᠡᠨᠡ ᠵᠠᠯᠠᠭᠤ ᠡᠷ᠎ᠡ ᠶ᠋ᠢ ᠬᠥᠮᠦᠨ ᠦ᠌ ᠪᠠᠷᠢᠶ᠎ᠠ ᠪᠣᠯᠭᠠᠨ ᠦᠯᠡᠳᠡᠭᠡᠬᠦ ᠨᠢ ᠰᠠᠢᠨ ᠠᠷᠭ᠎ᠠ ᠶᠤᠮ᠃ ᠡᠨᠡ ᠬᠥᠪᠡᠭᠦᠨ ᠦ᠌ ᠣᠮᠣᠭ ᠢ᠋ ᠨᠢ ᠮᠣᠬᠣᠷᠠᠭᠤᠯᠤᠨ ᠨᠣᠮᠣᠬᠠᠳᠬᠠᠵᠤ᠂ ᠪᠠᠬᠠᠨ ᠠᠮᠲᠠ ᠦᠵᠡᠭᠦᠯᠦᠶ᠎ᠡ ᠭᠡᠵᠦ ᠪᠣᠳᠣᠭᠠᠳ᠂ ᠲᠡᠮᠦᠵᠢᠨ ᠦ᠌ ᠬᠦᠵᠦᠭᠦᠦ ᠪᠣᠯᠤᠨ ᠬᠣᠶᠠᠷ ᠭᠠᠷ ᠢ᠋ ᠬᠣᠯᠪᠣᠭᠰᠠᠨ ᠬᠦᠨᠳᠦ ᠮᠣᠳᠣᠨ ᠭᠠᠪ ᠵᠡᠭᠦᠯᠭᠡᠭᠡᠳ᠂ ᠲᠡᠮᠦᠵᠢᠨ ᠦ᠌ ᠣᠮᠣᠷᠬᠠᠭ ᠪᠠᠷᠳᠠᠮ ᠵᠠᠩ ᠢ᠋ ᠳᠠᠷᠤᠬᠤ ᠶ᠋ᠢᠨ ᠲᠥᠯᠥᠭᠡ ᠰᠠᠬᠢᠬᠤ ᠬᠠᠷᠠᠭᠤᠯ ᠳ᠋ᠤ᠌ ᠵᠢᠩᠬᠢᠨᠢ ᠪᠠᠢᠯᠳᠤᠭᠴᠢ ᠲᠣᠮᠢᠯᠠᠭᠰᠠᠨ ᠦᠭᠡᠢ᠂ ᠨᠢᠭᠡᠨ ᠳᠣᠷᠣᠶᠢᠬᠠᠨ ᠬᠥᠪᠡᠭᠦᠨ ᠢ᠋ᠶ᠋ᠡᠷ ᠰᠠᠬᠢᠭᠤᠯᠪᠠ᠃ ᠴᠡᠷᠢᠭ ᠦ᠋ᠳ ᠨᠢ ᠲᠠᠷᠭᠤᠲᠠᠢ ᠶᠢᠨ ᠮᠠᠢᠬᠠᠨ ᠳ᠋ᠤ᠌ ᠴᠤᠭᠯᠠᠷᠠᠭᠠᠳ᠂ ᠢᠯᠠᠯᠲᠠ ᠪᠠᠨ ᠪᠡᠯᠭᠡᠯᠡᠬᠦ ᠪᠡᠷ ᠬᠤᠷᠢᠮᠯᠠᠵᠤ ᠪᠠᠢᠯ᠎ᠠ᠃
ᠰᠥᠨᠢ ᠪᠣᠯᠤᠭᠠᠳ ᠰᠠᠷ᠎ᠠ ᠭᠠᠷᠤᠯ᠎ᠠ᠃ ᠲᠡᠮᠦᠵᠢᠨ ᠢ᠋ ᠰᠠᠬᠢᠵᠤ ᠪᠠᠢᠭᠰᠠᠨ
ᠲᠡᠷᠡ ᠵᠠᠯᠠᠭᠤ ᠬᠣᠷᠣᠬᠠᠢ ᠨᠢ ᠬᠥᠳᠡᠯᠦᠭᠡᠳ ᠰᠢᠯᠦᠰᠦ ᠪᠡᠨ ᠴᠤᠪᠤᠷᠠᠭᠤᠯᠤᠨ ᠲᠡᠭᠦᠨ ᠦ᠌ ᠨᠢᠳᠦᠨ ᠬᠠᠷᠠᠴᠠ ᠨᠢ ᠲᠠᠷᠭᠤᠲᠠᠢ ᠶ᠋ᠢᠨ ᠮᠠᠢᠬᠠᠨ ᠠ᠋ᠴᠠ ᠰᠠᠯᠬᠤ ᠦᠭᠡᠢ ᠪᠣᠯᠪᠠ᠃ ᠲᠡᠳᠡᠨᠦᠰ ᠢᠳᠡᠵᠦ ᠪᠠᠢᠭ᠎ᠠ ᠲᠠᠷᠭᠤᠨ ᠬᠣᠨᠢᠨ ᠮᠢᠬ᠎ᠠ ᠠ᠋ᠴᠠ ᠨᠠᠳᠠᠳᠤ ᠨᠢᠭᠡ ᠬᠡᠰᠡᠭ ᠣᠭᠲᠣᠯᠤᠨ ᠥᠭᠴᠦ ᠪᠣᠯᠬᠤ ᠦᠭᠡᠢ ᠤᠤ ᠳᠠ ᠭᠡᠵᠦ ᠪᠣᠳᠣᠵᠤ ᠪᠠᠢᠭ᠎ᠠ ᠪᠣᠯᠤᠯᠲᠠᠢ ᠰᠢᠷᠲᠡᠵᠦ ᠪᠠᠢᠵᠠᠢ᠃ ᠡᠨᠡ ᠦᠶ᠎ᠡ ᠳ᠋ᠦ᠍ ᠲᠡᠮᠦᠵᠢᠨ ᠴᠢᠮᠡᠭᠡ ᠠᠨᠢᠷ ᠦᠭᠡᠢ ᠪᠡᠷ ᠰᠡᠮᠡᠭᠡᠷᠬᠡᠨ ᠠᠯᠬᠤᠵᠤ᠂ ᠵᠠᠯᠠᠭᠤ ᠶ᠋ᠢᠨ ᠠᠷᠤ ᠠ᠋ᠴᠠ ᠣᠶᠢᠷᠠᠲᠤᠵᠤ ᠬᠦᠷᠦᠭᠡᠳ ᠮᠣᠳᠣᠨ ᠭᠠᠪ ᠢ᠋ᠶ᠋ᠠᠷ ᠢ᠋ᠶ᠋ᠠᠨ ᠭᠡᠨᠡᠳᠲᠡ ᠵᠣᠳᠣᠭᠰᠠᠨ ᠪᠠᠢᠨ᠎ᠠ᠃ ᠭᠠᠪ ᠤ᠋ᠨ ᠨᠢᠭᠡᠨ ᠥᠨᠴᠥᠭ ᠨᠢ ᠲᠣᠯᠣᠭᠠᠢ ᠶ᠋ᠢ ᠬᠦᠴᠦᠲᠡᠢ ᠤᠨᠤᠭᠰᠠᠨ ᠪᠣᠯᠬᠣᠷ ᠮᠠᠨᠠᠷᠠᠨ ᠤᠨᠠᠵᠠᠢ᠂ ᠲᠡᠮᠦᠵᠢᠨ ᠪᠣᠰᠢᠭᠣ ᠲᠦᠷᠭᠡᠨ ᠭᠦᠶᠦᠯ᠎ᠡ᠃ ᠮᠠᠨᠠᠷᠠᠭᠰᠠᠨ ᠡᠨᠡ ᠵᠠᠯᠠᠭᠤ ᠶ᠋ᠢᠨ ᠬᠡᠪᠲᠡᠵᠦ ᠪᠠᠢᠬᠤ ᠶ᠋ᠢ ᠦᠵᠡᠭᠰᠡᠨ ᠲᠠᠷᠭᠤᠲᠠᠢ ᠥᠪᠡᠷ ᠦ᠋ᠨ ᠢ᠋ᠶ᠋ᠡᠨ ᠬᠠᠰᠢ ᠶᠠᠰᠢ ᠰᠡᠷᠡᠮᠵᠢ ᠦᠭᠡᠢ ᠳ᠋ᠡᠭᠡᠨ ᠭᠡᠮᠰᠢᠭᠡᠳ᠂ ᠳᠠᠷᠤᠢ ᠬᠤᠷᠢᠮ ᠢ᠋ᠶ᠋ᠠᠨ ᠲᠠᠷᠬᠠᠭᠠᠭᠠᠳ ᠲᠡᠮᠦᠵᠢᠨ ᠢ᠋ ᠨᠡᠬᠡᠵᠦ ᠪᠠᠷᠢᠬᠤ ᠶ᠋ᠢ ᠵᠠᠷᠯᠠᠪᠠ᠃ ᠰᠠᠷᠠᠭᠤᠯ ᠭᠡᠭᠡᠨ ᠰᠥᠨᠢ ᠪᠣᠯᠬᠣᠷ᠂ ᠲᠡᠮᠦᠵᠢᠨ ᠦ᠌ ᠵᠢᠭᠤᠲᠠᠭᠰᠠᠨ ᠮᠥᠷ ᠢ᠋ ᠮᠥᠷᠳᠡᠵᠦ ᠡᠷᠢᠬᠦ ᠳ᠋ᠦ᠍ ᠶᠡᠬᠡᠯ᠎ᠡ ᠬᠢᠯᠪᠠᠷ ᠪᠠᠢᠯ᠎ᠠ᠃ ᠲᠡᠭᠦᠨ ᠦ᠌ ᠭᠦᠶᠦᠭᠰᠡᠨ ᠮᠥᠷ ᠨᠢ ᠭᠣᠣᠯ ᠤ᠋ᠨ ᠬᠥᠪᠡᠭᠡ ᠬᠦᠷᠲᠡᠯ᠎ᠡ ᠢᠷᠠᠢᠲᠠᠯ᠎ᠠ ᠬᠠᠷᠠᠭᠳᠠᠵᠤ ᠪᠠᠢᠪᠠ᠃
ᠬᠦᠵᠦᠭᠦᠦ ᠪᠣᠯᠤᠨ ᠬᠣᠶᠠᠷ ᠭᠠᠷ ᠲᠠᠭᠠᠨ ᠬᠦᠨᠳᠦ ᠭᠠᠪ ᠵᠡᠭᠦᠭᠰᠡᠨ ᠬᠥᠮᠦᠨ ᠤᠨᠤᠨ ᠮᠥᠷᠡᠨ ᠢ᠋ ᠤᠮᠪᠠᠵᠤ ᠭᠡᠲᠦᠯᠬᠦ ᠴᠢᠨᠢ ᠴᠢᠳᠠᠰᠢ ᠦᠭᠡᠢ ᠬᠡᠷᠡᠭ ᠪᠣᠯᠬᠣᠷ᠂ ᠲᠡᠳᠡᠭᠡᠷ ᠡᠷᠢᠭᠴᠢ ᠭᠣᠣᠯ ᠳᠠᠭᠠᠤ ᠥᠭᠡᠳᠡ ᠤᠷᠤᠭᠤ ᠬᠤᠪᠢᠶᠠᠵᠤ ᠨᠡᠩᠵᠢᠬᠦ ᠪᠡᠷ ᠮᠣᠷᠢ ᠪᠠᠨ ᠳᠠᠪᠬᠢᠭᠤᠯᠤᠯ᠎ᠠ᠃ ᠨᠢᠭᠡᠨ ᠮᠣᠷᠢᠲᠠᠨ ᠬᠠᠮᠤᠭ ᠤ᠋ᠨ ᠰᠡᠭᠦᠯ ᠳ᠋ᠦ᠍ ᠬᠣᠴᠣᠷᠤᠭᠠᠳ ᠭᠣᠣᠯ ᠤ᠋ᠨ ᠬᠥᠪᠡᠭᠡᠨ ᠳ᠋ᠦ᠍ ᠮᠣᠷᠢ ᠪᠠᠨ ᠲᠡᠳᠡᠨ ᠤᠳᠠᠭᠠᠨ ᠵᠣᠭᠰᠣᠵᠤ ᠭᠣᠣᠯ ᠤ᠋ᠨ ᠤᠰᠤ ᠶ᠋ᠢ ᠰᠦᠷᠡᠬᠡᠢ ᠠᠩᠬᠠᠷᠤᠨ ᠬᠠᠷᠠᠵᠤ ᠪᠠᠢᠯ᠎ᠠ᠃ ᠡᠨᠡᠬᠦ ᠮᠣᠷᠢᠲᠤ ᠴᠡᠷᠢᠭ ᠦ᠋ᠨ ᠬᠤᠷᠴᠠᠨ ᠨᠢᠳᠦᠨ ᠳ᠋ᠦ᠍ ᠵᠢᠳᠠ ᠰᠢᠳᠡᠵᠦ ᠬᠦᠷᠦᠮᠡᠷ ᠵᠠᠢᠲᠠᠢ ᠬᠤᠯᠤᠰᠤᠨ ᠳᠣᠲᠣᠷ᠎ᠠ᠂ ᠨᠢᠭᠡᠨ ᠲᠥᠭᠥᠷᠢᠭᠬᠡᠨ ᠶᠠᠭᠤᠮ᠎ᠠ ᠬᠠᠷᠠᠭᠳᠠᠪᠠ᠃ ᠪᠤᠰᠤᠳ ᠴᠡᠷᠢᠭ ᠦ᠋ᠨ ᠳᠠᠭᠤ ᠴᠢᠮᠡᠭᠡ ᠬᠣᠯᠠᠳᠠᠭᠠᠳ᠂ ᠢᠯᠦᠮ ᠵᠢᠯᠤᠮ ᠴᠢᠮᠡᠭᠡ ᠦᠭᠡᠢ ᠪᠣᠯᠤᠭᠰᠠᠨ ᠬᠣᠶᠢᠨᠠ᠂ ᠲᠡᠷᠡ ᠬᠥᠮᠦᠨ ᠬᠡᠯᠡᠭᠰᠡᠨ ᠨᠢ᠄《ᠤᠰᠤᠨ ᠳ᠋ᠤ᠌ ᠴᠢᠯᠡᠮᠢ (ᠣᠷᠣᠮ) ᠦᠭᠡᠢ᠂ ᠣᠭᠲᠠᠷᠭᠤᠢ ᠳ᠋ᠤ᠌ ᠮᠥᠷ ᠦᠭᠡᠢ ᠲᠤᠯᠠ ᠴᠢᠨᠦ ᠢᠩᠭᠢᠵᠦ ᠬᠡᠪᠲᠡᠬᠦ ᠵᠥᠪ ᠪᠠᠢᠮᠤᠢ᠃ ᠴᠢ ᠡᠢᠮᠦ ᠠᠷᠭ᠎ᠠ ᠲᠠᠢ ᠪᠥᠭᠡᠳ ᠨᠢᠳᠦᠨ ᠳ᠋ᠡᠭᠡᠨ ᠭᠠᠯ ᠲᠠᠢ᠂ ᠨᠢᠭᠤᠷ ᠲᠠᠭᠠᠨ ᠭᠡᠷᠡᠯ ᠲᠡᠢ ᠬᠥᠮᠦᠨ ᠲᠤᠯᠠ ᠲᠠᠢᠴᠢᠭᠤᠳ ᠡᠢᠨ ᠬᠦ᠌ ᠠᠲᠠᠭᠠᠷᠬᠠᠬᠤ ᠠᠵᠤᠭᠤ᠃ ᠴᠢ ᠢᠩᠭᠢᠭᠡᠳ ᠬᠡᠪᠲᠡᠵᠦ ᠪᠠᠢ᠂ ᠪᠢ ᠴᠢᠮᠠᠶ᠋ᠢ ᠵᠢᠭᠠᠵᠤ ᠥᠭᠬᠦ ᠦᠭᠡᠢ》 ᠭᠡᠵᠦ ᠬᠡᠯᠡᠭᠡᠳ ᠪᠤᠰᠤᠳ ᠴᠡᠷᠢᠭ ᠦ᠋ᠨ ᠬᠣᠢᠨ᠎ᠠ ᠠ᠋ᠴᠠ ᠠᠭᠠᠵᠢᠮᠬᠠᠨ ᠶᠠᠪᠤᠵᠤ ᠣᠳᠪᠠ᠃ ᠴᠢᠨᠠᠭᠰᠢ ᠬᠡᠷᠬᠢᠨ ᠡᠷᠢᠬᠦ ᠶ᠋ᠢ ᠲᠠᠢᠴᠢᠭᠤᠳ ᠨᠠᠷ ᠵᠥᠪᠯᠡᠬᠦ ᠳ᠋ᠦ᠍ ᠰᠤᠷᠬᠠᠨ ᠰᠢᠷ᠎ᠠ ᠬᠡᠯᠡᠭᠰᠡᠨ ᠨᠢ᠄《ᠬᠥᠮᠦᠨ ᠪᠦᠷᠢ ᠶᠠᠪᠤᠭᠰᠠᠨ ᠮᠥᠷ ᠢ᠋ᠶ᠋ᠡᠷ ᠭᠡᠳᠡᠷᠭᠦ ᠶᠠᠪᠤᠵᠤ ᠣᠷᠴᠢᠮ ᠤ᠋ᠨ ᠭᠠᠵᠠᠷ ᠢ᠋ ᠳᠠᠬᠢᠨ ᠰᠢᠯᠭᠠᠵᠤ ᠦᠵᠡᠶ᠎ᠡ》 ᠬᠡᠮᠡᠪᠡᠰᠦ᠂ ᠴᠥᠮ《ᠵᠠ》 ᠭᠡᠮᠡᠨ ᠵᠥᠪᠰᠢᠶᠡᠷᠡᠵᠦ᠂ ᠬᠥᠮᠦᠨ ᠪᠦᠷᠢ ᠶᠠᠪᠤᠭᠰᠠᠨ ᠮᠥᠷ ᠢ᠋ᠶ᠋ᠡᠷ ᠢ᠋ᠶ᠋ᠡᠨ ᠶᠠᠪᠤᠵᠤ ᠡᠷᠢᠪᠡ᠃ ᠰᠤᠷᠬᠠᠨ ᠰᠢᠷ᠎ᠠ ᠪᠠᠰᠠ ᠲᠡᠮᠦᠵᠢᠨ ᠢ᠋ ᠳᠠᠭᠠᠷᠢᠵᠤ《ᠠᠬ᠎ᠠ ᠳᠡᠭᠦᠦ ᠲᠠᠢᠴᠢᠭᠤᠳ ᠨᠠᠷ ᠠᠮᠠ ᠰᠢᠳᠦ ᠪᠡᠨ ᠪᠢᠯᠡᠭᠦᠳᠡᠵᠦ ᠠᠢᠰᠤᠢ ᠶᠠᠪᠤᠮᠤᠢ᠃ ᠴᠢ ᠬᠠᠲᠠᠭᠤᠵᠢᠨ ᠬᠡᠪᠲᠡᠵᠦ ᠪᠠᠢ》 ᠭᠡᠳ ᠥᠩᠭᠡᠷᠡᠨ ᠣᠳᠪᠠ᠃
ᠲᠠᠢᠴᠢᠭᠤᠳ ᠨᠠᠷ ᠡᠷᠢᠵᠦ ᠣᠯᠤᠭᠰᠠᠨ ᠦᠭᠡᠢ ᠲᠤᠯᠠ᠂ ᠳᠠᠬᠢᠨ ᠶᠠᠭᠠᠬᠢᠨ ᠡᠷᠢᠬᠦ ᠶ᠋ᠢ ᠵᠥᠪᠯᠡᠯᠳᠦᠬᠦ ᠳ᠋ᠦ᠍ ᠰᠣᠷᠬᠠᠨ ᠰᠢᠷ᠎ᠠ ᠥᠭᠦᠯᠡᠷᠦᠨ᠄《ᠲᠠᠢᠴᠢᠭᠤᠳ ᠤ᠋ᠨ ᠬᠥᠪᠡᠭᠦᠳ ᠪᠢᠳᠡ᠂ ᠭᠡᠭᠡᠨ ᠴᠠᠭᠠᠨ ᠡᠳᠦᠷ ᠪᠦᠬᠦᠯᠢ ᠬᠥᠮᠦᠨ ᠢ᠋ ᠠᠯᠳᠠᠭᠠᠳ ᠡᠳᠦᠭᠡ ᠬᠠᠷᠠᠩᠭᠤᠢ ᠰᠥᠨᠢ ᠬᠡᠷᠬᠢᠨ ᠣᠯᠬᠤ ᠪᠢᠯᠡ? ᠬᠥᠮᠦᠨ ᠪᠦᠷᠢ ᠶᠠᠪᠤᠭᠰᠠᠨ ᠮᠥᠷ ᠢ᠋ᠶ᠋ᠡᠷ ᠢ᠋ᠶ᠋ᠡᠨ ᠳᠠᠬᠢᠨ ᠨᠢᠭᠡ ᠤᠳᠠᠭ᠎ᠠ ᠡᠷᠢᠵᠦ ᠲᠠᠷᠬᠠᠭᠠᠳ ᠮᠠᠷᠭᠠᠰᠢ ᠴᠤᠭᠯᠠᠵᠤ ᠡᠷᠢᠶ᠎ᠡ᠃ ᠲᠡᠷᠡ ᠭᠠᠪ ᠲᠠᠢ ᠬᠥᠮᠦᠨ ᠬᠠᠮᠢᠭ᠎ᠠ ᠬᠣᠯᠠᠳᠬᠤ ᠪᠣᠢ?》 ᠭᠡᠪᠡᠯ᠂ ᠪᠦᠭᠦᠳᠡᠭᠡᠷ《ᠵᠠ》 ᠬᠡᠮᠡᠯᠳᠦᠵᠦ ᠪᠤᠴᠠᠨ ᠡᠷᠢᠷ᠎ᠡ ᠶᠠᠪᠤᠪᠠ᠃
ᠰᠤᠷᠬᠠᠨ ᠰᠢᠷ᠎ᠠ ᠪᠠᠰᠠ ᠲᠡᠮᠦᠵᠢᠨ ᠳ᠋ᠦ᠍ ᠢᠷᠡᠭᠡᠳ ᠬᠡᠯᠡᠭᠰᠡᠨ ᠨᠢ᠄《ᠡᠳᠦᠭᠡ ᠨᠢᠭᠡᠨ ᠤᠳᠠᠭ᠎ᠠ ᠡᠷᠢᠵᠦ ᠲᠠᠷᠬᠠᠭᠠᠳ᠂ ᠮᠠᠷᠭᠠᠰᠢ ᠡᠷᠢᠬᠦ ᠪᠡᠷ ᠪᠣᠯᠪᠠ᠃ ᠪᠢᠳᠡᠨ ᠢ᠋ ᠲᠠᠷᠬᠠᠮᠠᠭᠴᠠ᠂ ᠡᠬᠡ ᠪᠠ ᠳᠡᠭᠦᠦ ᠨᠠᠷ ᠤ᠋ᠨ ᠵᠦᠭ ᠶᠠᠪᠤ᠃ ᠬᠡᠷᠪᠡ ᠬᠥᠮᠦᠨ ᠲᠣᠬᠢᠶᠠᠯᠳᠤᠪᠠᠰᠤ ᠨᠠᠮᠠᠶ᠋ᠢ ᠦᠵᠡᠪᠡ ᠭᠡᠵᠦ ᠪᠦᠦ ᠬᠡᠯᠡ》 ᠭᠡᠳ ᠶᠠᠪᠤᠴᠢᠬᠠᠪᠠ᠃ ᠤᠰᠤᠨ ᠬᠠᠷᠭᠢ ᠳ᠋ᠤ᠌ ᠪᠡᠶ᠎ᠡ ᠪᠡᠨ ᠨᠢᠭᠤᠵᠤ᠂ ᠨᠢᠭᠤᠷ ᠲᠡᠳᠦᠢ ᠪᠡᠨ ᠭᠠᠷᠭᠠᠨ ᠬᠡᠪᠲᠡᠭᠰᠡᠨ ᠲᠡᠮᠦᠵᠢᠨ᠂ ᠡᠨᠡ ᠮᠣᠷᠢᠲᠠᠨ ᠪᠣᠯ ᠰᠣᠷᠬᠠᠨ ᠰᠢᠷ᠎ᠠ ᠡᠪᠦᠭᠡᠨ ᠭᠡᠵᠦ ᠲᠠᠨᠢᠯ᠎ᠠ᠃ ᠡᠨᠡ ᠡᠪᠦᠭᠡᠨ᠂ ᠬᠥᠪᠡᠭᠦᠨ ᠲᠡᠢ ᠪᠡᠨ ᠬᠠᠮᠲᠤ᠂ ᠲᠡᠭᠦᠨ ᠦ᠌ ᠡᠴᠢᠭᠡ ᠶᠢᠰᠦᠭᠡᠢ ᠪᠠᠭᠠᠲᠤᠷ ᠤ᠋ᠨ ᠣᠷᠳᠣᠨ ᠳ᠋ᠤ᠌ ᠬᠡᠳᠦᠨ ᠤᠳᠠᠭ᠎ᠠ ᠠᠢᠯᠴᠢᠯᠠᠷᠠ ᠣᠴᠢᠭᠰᠠᠨ ᠳ᠋ᠤ᠌ ᠲᠠᠨᠢᠯᠴᠠᠭᠰᠠᠨ ᠶᠤᠮ᠃ ᠲᠡᠮᠦᠵᠢᠨ ᠣᠷᠴᠢᠨ ᠲᠣᠭᠣᠷᠢᠨ ᠳ᠋ᠤ᠌ ᠴᠢᠮᠡᠭᠡ ᠦᠭᠡᠢ ᠪᠣᠯᠬᠤ ᠬᠦᠯᠢᠶᠡᠭᠡᠳ᠂ ᠳᠠᠷᠠᠭ᠎ᠠ ᠨᠢ ᠬᠢᠴᠢᠶᠡᠨ ᠰᠡᠷᠡᠮᠵᠢᠯᠡᠭᠰᠡᠭᠡᠷ ᠬᠤᠯᠤᠰᠤᠨ ᠠ᠋ᠴᠠ ᠭᠠᠷᠴᠤ᠂ ᠮᠥᠷᠥ ᠰᠠᠴᠠᠭᠤ ᠤᠶᠠᠭᠳᠠᠭᠰᠠᠨ ᠬᠣᠶᠠᠷ ᠭᠠᠷ ᠨᠢ ᠬᠦᠢᠲᠡᠨ ᠤᠰᠤᠨ ᠳ᠋ᠤ᠌ ᠤᠳᠠᠭᠠᠨ ᠴᠠᠭ ᠪᠠᠢᠭᠰᠠᠨ ᠠ᠋ᠴᠠ ᠨᠢᠭᠡᠨᠲᠡ ᠮᠢᠨᠴᠦᠭᠦᠷᠡᠨ ᠬᠥᠰᠢᠴᠢᠬᠡᠵᠡᠢ᠂ ᠲᠣᠯᠣᠭᠠᠢ ᠪᠣᠯᠤᠨ ᠬᠦᠵᠦᠭᠦᠦ ᠨᠢ᠂ ᠤᠰᠤᠨ ᠳ᠋ᠤ᠌ ᠳᠡᠪᠲᠦᠭᠡᠳ ᠬᠦᠨᠳᠦ ᠪᠣᠯᠤᠭᠰᠠᠨ ᠮᠣᠳᠣᠨ ᠭᠠᠪᠠ ᠳ᠋ᠤ᠌ ᠳᠠᠷᠤᠭᠳᠠᠭᠠᠳ ᠶᠡᠬᠡ ᠡᠪᠡᠳᠬᠦ ᠶ᠋ᠢ ᠬᠡᠯᠡᠬᠦ ᠶ᠋ᠢᠨ ᠠᠷᠭ᠎ᠠ ᠦᠭᠡᠢ᠃ ᠡᠢᠮᠦ ᠪᠠᠢᠳᠠᠯ ᠢ᠋ᠶ᠋ᠠᠷ ᠳᠤᠲᠠᠭᠠᠵᠤ ᠶᠠᠪᠤᠨ᠎ᠠ ᠭᠡᠳᠡᠭ ᠴᠢᠨᠢ ᠪᠣᠯᠣᠰᠢ ᠦᠭᠡᠢ ᠬᠡᠷᠡᠭ ᠠ᠋᠃ ᠲᠡᠷᠡ ᠡᠪᠡᠰᠦᠨ ᠳᠡᠭᠡᠷ᠎ᠡ ᠬᠡᠪᠲᠡᠵᠦ ᠬᠡᠳᠦᠨᠲᠡ ᠬᠥᠷᠪᠡᠭᠡᠳ ᠬᠤᠪᠴᠠᠰᠤᠨ ᠤ᠋ ᠤᠰᠤ ᠪᠠᠨ ᠰᠢᠪᠬᠠᠯ᠎ᠠ᠃ ᠲᠡᠭᠡᠭᠡᠳ ᠲᠣᠭᠣᠷᠢᠤ ᠵᠠᠮ ᠢ᠋ ᠡᠷᠢᠵᠦ ᠬᠥᠮᠦᠨ ᠦ᠌ ᠨᠢᠳᠦᠨ ᠡᠴᠡ ᠵᠠᠢᠯᠠᠭᠰᠠᠭᠠᠷ ᠲᠠᠷᠭᠤᠲᠠᠢ ᠶ᠋ᠢᠨ ᠪᠠᠭᠤᠴᠠᠨ ᠳ᠋ᠤ᠌ ᠰᠢᠷᠭᠤᠨ ᠣᠷᠣᠭᠠᠳ᠂ ᠰᠤᠷᠬᠠᠨ ᠰᠢᠷ᠎ᠠ ᠶ᠋ᠢᠨ ᠭᠡᠷ ᠦ᠋ᠨ ᠭᠠᠳᠠᠨᠠᠬᠢ ᠬᠣᠨᠢᠨ ᠨᠣᠣᠰᠣ ᠶ᠋ᠢᠨ ᠣᠪᠣᠭ᠎ᠠ ᠳ᠋ᠤ᠌ ᠨᠢᠭᠤᠭᠳᠠᠪᠠ᠃
ᠲᠡᠮᠦᠵᠢᠨ ᠲᠡᠨᠳᠡ ᠨᠢᠭᠤᠭᠳᠠᠵᠤ ᠪᠠᠢᠬᠤ ᠳ᠋ᠤ᠌᠂ ᠮᠣᠷᠢᠲᠤ ᠴᠡᠷᠢᠭ ᠦ᠋ᠳ ᠪᠤᠴᠠᠵᠤ ᠢᠷᠡᠭᠡᠳ ᠭᠡᠷ ᠳᠠᠷᠠᠭᠠᠯᠠᠨ ᠨᠡᠩᠵᠢᠵᠦ ᠪᠠᠢᠬᠤ ᠨᠢ ᠰᠣᠨᠣᠰᠤᠭᠳᠠᠵᠤ ᠪᠠᠢᠪᠠ᠃ ᠲᠡᠭᠡᠲᠡᠯ᠎ᠡ ᠲᠡᠳᠡᠨᠦᠰ ᠦ᠋ᠨ ᠨᠢᠭᠡ ᠨᠢ ᠵᠢᠳᠠ ᠪᠠᠷ ᠢ᠋ᠶ᠋ᠠᠨ ᠨᠣᠣᠰᠣᠨ ᠣᠪᠣᠭ᠎ᠠ ᠶ᠋ᠢ ᠵᠢᠳᠠᠯᠠᠵᠤ ᠦᠵᠡᠯ᠎ᠡ᠂ ᠳᠡᠷᠭᠡᠳᠡᠬᠢ ᠨᠢᠭᠡ ᠨᠢ《ᠡᠢᠮᠦ ᠬᠠᠯᠠᠭᠤᠨ ᠳ᠋ᠤ᠌ ᠶᠠᠮᠠᠷ ᠬᠥᠮᠦᠨ ᠬᠣᠨᠢᠨ ᠨᠣᠣᠰᠣᠨ ᠳᠣᠲᠣᠷ᠎ᠠ ᠪᠠᠢᠵᠤ ᠴᠢᠳᠠᠬᠤ ᠠᠵᠢ᠂ ᠶᠠᠪᠤᠶ᠎ᠠ》 ᠭᠡᠪᠡ᠃ ᠢᠩᠭᠢᠵᠦ ᠲᠡᠳᠡ ᠮᠠᠷᠭᠤᠯᠳᠤᠭᠰᠠᠭᠠᠷ ᠮᠠᠷᠭᠠᠰᠢ ᠳᠠᠬᠢᠨ ᠨᠡᠩᠵᠢᠬᠦ ᠪᠡᠷ ᠲᠣᠭᠲᠠᠪᠠ᠃ ᠨᠡᠩᠵᠢᠭᠡᠳ ᠣᠯᠬᠤ ᠦᠭᠡᠢ ᠪᠣᠯ ᠴᠢᠨᠠᠭᠰᠢᠳᠠ ᠨᠡᠬᠡᠮᠵᠢᠯᠡᠶᠡ ᠭᠡᠵᠦ ᠬᠡᠯᠡᠯᠴᠡᠭᠡᠳ ᠶᠠᠪᠤᠵᠠᠭᠠᠯ᠎ᠠ᠃ ᠳᠠᠬᠢᠨ ᠨᠠᠮ ᠵᠢᠮ ᠴᠢᠮᠡᠭᠡ ᠠᠨᠢᠷ ᠦᠭᠡᠢ ᠪᠣᠯᠤᠯ᠎ᠠ᠂ ᠰᠤᠷᠬᠠᠨ ᠰᠢᠷ᠎ᠠ ᠬᠠᠷᠢᠵᠤ ᠢᠷᠡᠭᠰᠡᠨ ᠬᠣᠢᠨ᠎ᠠ᠂ ᠲᠡᠮᠦᠵᠢᠨ ᠨᠣᠣᠰᠣᠨ ᠳᠣᠲᠣᠷ᠎ᠠ ᠠ᠋ᠴᠠ ᠭᠠᠷᠴᠤ᠂
ᠰᠤᠷᠬᠠᠨ ᠰᠢᠷ᠎ᠠ ᠶ᠋ᠢᠨ ᠳᠡᠷᠭᠡᠳᠡ ᠢᠷᠡᠭᠰᠡᠨ ᠳ᠋ᠦ᠍᠂ ᠰᠤᠷᠬᠠᠨ ᠰᠢᠷ᠎ᠠ ᠮᠠᠰᠢ ᠰᠣᠴᠢᠭᠠᠳ᠄《ᠠ! ᠶᠠᠭᠤᠨ ᠳᠤ ᠡᠨᠳᠡ ᠢᠷᠡᠭᠰᠡᠨ ᠶᠦᠮ ᠪᠣᠢ? ᠮᠠᠷᠭᠠᠰᠢ ᠡᠳᠦᠷ ᠡᠷᠦᠬᠡ ᠳᠠᠷᠠᠭᠠᠯᠠᠨ ᠨᠡᠩᠵᠢᠨᠡ ᠭᠡᠰᠡᠨ ᠢ᠋ ᠰᠣᠨᠣᠰᠤᠭᠰᠠᠨ ᠦᠭᠡᠢ ᠤᠤ? ᠮᠢᠨᠦ ᠭᠡᠷ ᠡᠴᠡ ᠴᠢᠮᠠᠶ᠋ᠢ ᠡᠷᠢᠵᠦ ᠭᠠᠷᠭᠠᠪᠠᠯ᠂ ᠮᠢᠨᠦ ᠭᠡᠷ ᠦ᠋ᠨ ᠭᠠᠯ ᠭᠣᠯᠣᠮᠲᠠ ᠥᠨᠢᠳᠡ ᠤᠨᠲᠠᠷᠠᠵᠤ ᠰᠦᠢᠳᠬᠦ ᠪᠢᠰᠢ ᠤᠤ?》 ᠭᠡᠵᠦ ᠭᠠᠰᠢᠭᠤᠳᠠᠨ ᠬᠡᠯᠡᠵᠡᠢ᠃ ᠲᠡᠮᠦᠵᠢᠨ ᠬᠠᠷᠢᠭᠤ ᠳ᠋ᠤᠨᠢ᠄《ᠲᠠᠢᠴᠢᠭᠤᠳ ᠴᠢᠮᠠᠶ᠋ᠢ ᠮᠢᠨᠦ ᠪᠡᠶ᠎ᠡ ᠶ᠋ᠢ ᠣᠯᠵᠤ ᠦᠵᠡᠭᠰᠡᠨ ᠪᠠᠢᠲᠠᠯ᠎ᠠ ᠮᠡᠳᠡᠭᠦᠯᠦᠭᠰᠡᠨ ᠦᠭᠡᠢ ᠶ᠋ᠢ ᠴᠢᠨᠢ ᠮᠡᠳᠡᠪᠡᠯ ᠠᠳᠠᠯᠢ ᠶᠠᠯ᠎ᠠ ᠪᠣᠯᠬᠤ ᠪᠢᠰᠢ ᠤᠤ?》 ᠭᠡᠵᠦ ᠬᠡᠯᠡᠭᠡᠳ《ᠬᠤᠷᠳᠤᠨ ᠡᠨᠡ ᠭᠠᠪ ᠢ᠋ ᠡᠪᠳᠡ᠂ᠶᠠᠭᠤ ᠴᠤ ᠪᠣᠯᠤᠨ᠎ᠠ᠂ ᠨᠠᠳᠠᠳᠤ ᠶᠠᠭᠤᠮ᠎ᠠ ᠢᠳᠡᠭᠦᠯ》 ᠭᠡᠵᠦ ᠬᠡᠯᠡᠭᠰᠡᠨ ᠳ᠋ᠦ᠍᠂ ᠰᠤᠷᠬᠠᠨ ᠰᠢᠷ᠎ᠠ ᠪᠠᠰᠠ ᠲᠡᠮᠦᠵᠢᠨ ᠢ᠋ ᠲᠠᠯᠪᠢᠵᠤ ᠶᠠᠪᠤᠭᠤᠯᠪᠠᠯ ᠠᠰᠢᠭ ᠲᠠᠢ ᠭᠡᠵᠦ ᠪᠣᠳᠣᠵᠠᠢ᠃ ᠲᠡᠷᠡ ᠳᠠᠷᠤᠢ ᠳ᠋ᠤᠨᠢ ᠭᠠᠪ ᠢ ᠡᠪᠳᠡᠨ ᠰᠠᠯᠭᠠᠵᠤ ᠭᠠᠯ ᠳ᠋ᠤ᠌ ᠰᠢᠲᠠᠭᠠᠭᠠᠳ᠂ ᠨᠢᠭᠡᠨ ᠬᠠᠭᠤᠴᠢᠨ ᠨᠤᠮᠤ ᠶ᠋ᠢ ᠬᠡᠳᠦᠨ ᠰᠤᠮᠤ ᠲᠠᠢ ᠥᠭᠭᠦᠭᠡᠳ᠂ ᠢᠳᠡᠬᠦ ᠤᠤᠭᠤᠬᠤ ᠶᠠᠭᠤᠮ᠎ᠠ ᠶ᠋ᠢ ᠪᠦᠷᠢᠳᠬᠡᠨ ᠥᠭᠴᠦ᠂ ᠠᠯᠢ ᠭᠠᠵᠠᠷ ᠬᠠᠷᠠᠭᠤᠯ ᠪᠠᠢᠨ᠎ᠠ᠂ ᠠᠯᠢ ᠭᠠᠵᠠᠷ ᠨᠢ ᠬᠠᠷᠠᠭᠤᠯ ᠦᠭᠡᠢ ᠶ᠋ᠢ ᠵᠢᠭᠠᠵᠤ ᠥᠭᠭᠦᠭᠡᠳ ᠰᠠᠷ᠎ᠠ ᠰᠢᠩᠭᠡᠬᠦ ᠶ᠋ᠢ ᠬᠦᠯᠢᠶᠡᠯ᠎ᠡ᠃ ᠰᠠᠷ᠎ᠠ ᠰᠢᠩᠭᠡᠵᠦ ᠬᠠᠷᠠᠩᠭᠤᠢ ᠪᠣᠯᠣᠮᠠᠭᠴᠠ ᠲᠡᠮᠦᠵᠢᠨ ᠲᠡᠨᠳᠡ ᠡᠴᠡ ᠭᠠᠷᠴᠤ ᠨᠢᠭᠡᠨ ᠮᠣᠷᠢ ᠪᠠᠷᠢᠵᠤ ᠤᠨᠤᠭᠠᠳ ᠮᠣᠷᠳᠠᠪᠠ᠃ ᠲᠡᠮᠦᠵᠢᠨ ᠬᠡᠳᠦᠢ ᠰᠦᠷᠳᠡᠭᠦᠯᠵᠦ ᠪᠠᠢᠭᠠᠳ ᠰᠣᠷᠬᠠᠨ ᠰᠢᠷ᠎ᠠ ᠶ᠋ᠢᠨ ᠲᠤᠰᠠᠯᠠᠮᠵᠢ ᠶ᠋ᠢ ᠣᠯᠵᠤ ᠠᠮᠢ ᠭᠠᠷᠤᠭᠰᠠᠨ ᠪᠣᠯᠪᠠᠴᠤ᠂ ᠡᠨᠡ ᠠᠴᠢ ᠶ᠋ᠢ ᠥᠨᠢ ᠡᠭᠦᠷᠢᠳᠡ ᠤᠮᠠᠷᠲᠠᠭᠰᠠᠨ ᠦᠭᠡᠢ ᠶᠦᠮ᠃ ᠬᠣᠵᠢᠮ ᠨᠢ ᠠᠪᠠᠯᠠᠵᠤ ᠣᠯᠤᠭᠰᠠᠨ ᠠᠩ ᠭᠥᠷᠥᠭᠡᠰᠦ ᠡᠴᠡ ᠪᠡᠨ ᠬᠤᠪᠢᠶᠠᠨ ᠥᠭᠳᠡᠭ ᠪᠥᠭᠡᠳ ᠬᠠᠭᠠᠨ ᠰᠠᠭᠤᠭᠰᠠᠨ ᠤ᠋ ᠬᠣᠶᠢᠨᠠ ᠰᠣᠷᠬᠠᠨ ᠰᠢᠷ᠎ᠠ ᠶ᠋ᠢ ᠶᠢᠰᠦᠨ ᠥᠷᠯᠥᠭ ᠦ᠋ᠨ ᠨᠢᠭᠡ ᠪᠡᠷ ᠡᠷᠭᠦᠮᠵᠢᠯᠡᠭᠰᠡᠨ ᠶᠦᠮ᠃ ᠦᠷ᠎ᠡ ᠬᠡᠦᠬᠡᠳ ᠲᠦ᠋ᠨᠢ ᠴᠦ᠍ ᠥᠨᠳᠥᠷ ᠵᠡᠷᠭᠡ ᠲᠤᠰᠢᠶᠠᠯ ᠣᠯᠭᠣᠭᠰᠠᠨ ᠪᠢᠯᠡ︵ᠲᠡᠦᠬᠡ ᠶ᠋ᠢᠨ ᠵᠠᠷᠢᠮ ᠨᠣᠮ ᠪᠢᠴᠢᠭ ᠲᠦ᠍ ᠰᠣᠷᠬᠠᠨ ᠰᠢᠷ᠎ᠠ ᠪᠠᠬᠠᠨ ᠲᠦᠳᠡᠭᠡᠯᠵᠡᠭᠰᠡᠨ ᠦᠶ᠎ᠡ ᠳ᠋ᠦ᠍ ᠬᠣᠶᠠᠷ ᠬᠥᠪᠡᠭᠦᠨ ᠨᠢ ᠡᠴᠢᠭᠡ ᠪᠡᠨ ᠪᠤᠷᠤᠭᠤᠰᠢᠶᠠᠵᠤ ᠬᠡᠯᠡᠭᠡᠳ ᠲᠤᠰᠠᠯᠠᠯ᠎ᠠ ᠭᠡᠳᠡᠭ᠃ ᠲᠡᠦᠬᠡ ᠨᠣᠮ ᠪᠢᠴᠢᠭ ᠲᠦ᠍ ᠰᠣᠷᠬᠠᠨ ᠰᠢᠷ᠎ᠠ ᠶ᠋ᠢᠨ ᠬᠡᠦᠬᠡᠨ ᠲᠡᠭᠦᠨ ᠢ᠋ ᠲᠤᠰᠠᠯᠠᠭᠰᠠᠨ ᠲᠠᠢ ᠲᠠᠶᠢᠴᠢᠭᠤᠳ ᠢ᠋ ᠳᠡᠢᠯᠦᠭᠰᠡᠨ ᠦ᠌ ᠬᠣᠶᠢᠨᠠ᠂ ᠡᠨᠡ ᠬᠡᠦᠬᠡᠨ ᠢ᠋ ᠲᠡᠮᠦᠵᠢᠨ ᠬᠣᠶᠠᠳᠤᠭᠠᠷ ᠬᠠᠲᠤᠨ ᠢ᠋ᠶ᠋ᠠᠨ ᠪᠣᠯᠭᠠᠵᠤ ᠠᠪᠤᠯ᠎ᠠ ᠭᠡᠬᠦ ᠵᠡᠷᠭᠡ ᠶ᠋ᠢᠨ ᠶᠠᠷᠢᠶ᠎ᠠ ᠪᠠᠢᠨ᠎ᠠ᠃ ᠶᠠᠭᠤ ᠴᠤ᠌ ᠪᠣᠯᠤᠭᠰᠠᠨ᠂ ᠲᠡᠮᠦᠵᠢᠨ ᠰᠣᠷᠬᠠᠨ ᠰᠢᠷ᠎ᠠ ᠶ᠋ᠢᠨ ᠭᠡᠷ ᠡᠴᠡ ᠲᠤᠰᠠᠯᠠᠮᠵᠢ ᠣᠯᠵᠤ ᠠᠮᠢ ᠭᠠᠷᠤᠭᠰᠠᠨ ᠨᠢ ᠦᠨᠡᠨ᠃ — ᠮᠣᠩᠭᠣᠯᠴᠢᠯᠠᠭᠴᠢ ᠠ᠋ᠴᠠ︶᠃ ᠡᠳᠡᠭᠡᠷ ᠪᠣᠯ ᠬᠣᠵᠢᠮ ᠤ᠋ᠨ ᠤᠴᠢᠷ ᠪᠣᠯᠤᠨ᠎ᠠ᠂ ᠬᠠᠮᠤᠭ ᠤ᠋ᠨ ᠲᠤᠯᠭᠠᠮ᠎ᠠ ᠤᠴᠢᠷ ᠪᠣᠯ ᠶᠠᠭᠠᠬᠢᠵᠤ ᠬᠤᠷᠳᠤᠨ ᠳᠤᠲᠠᠭᠠᠵᠤ ᠲᠦᠭᠰᠢᠭᠦᠷᠢ ᠡᠴᠡ ᠬᠡᠯᠲᠦᠷᠢᠬᠦ ᠶᠠᠪᠤᠳᠠᠯ ᠣᠯᠤᠨ᠎ᠠ᠃ ᠲᠡᠮᠦᠵᠢᠨ ᠣᠢ ᠰᠢᠭᠤᠢ ᠶ᠋ᠢᠨ ᠬᠠᠮᠤᠭ ᠰᠠᠬᠤᠯᠠᠭ ᠪᠥᠭᠡᠳ ᠬᠡᠷᠪᠡ ᠭᠠᠵᠠᠷᠴᠢ ᠦᠭᠡᠢ ᠪᠣᠯ ᠲᠥᠭᠡᠷᠢᠳᠡᠭ ᠪᠤᠷᠬᠠᠨ ᠬᠠᠯᠳᠤᠨ ᠠᠭᠤᠯᠠᠨ ᠤ᠋ ᠭᠦᠨ ᠳ᠋ᠦ᠍ ᠣᠷᠣᠪᠠ᠃ ᠡᠨᠡ ᠭᠠᠵᠠᠷ ᠪᠣᠯ ᠬᠢᠶᠠᠳ ᠪᠣᠷᠵᠢᠭᠢᠨ ᠠᠢᠮᠠᠭ ᠤ᠋ᠨ ᠮᠡᠨᠳᠦᠯᠡᠵᠦ ᠡᠭᠦᠰᠦᠭᠰᠡᠨ ᠭᠠᠵᠠᠷ ᠪᠥᠭᠡᠳ ᠲᠦᠭᠰᠢᠭᠦᠷᠢᠲᠡᠢ ᠦᠶ᠎ᠡ ᠳ᠋ᠦ᠍ ᠳᠤᠲᠠᠭᠠᠨ ᠨᠢᠭᠤᠳᠠᠭ ᠭᠠᠵᠠᠷ ᠨᠢ ᠪᠣᠯᠤᠨ᠎ᠠ᠃ ᠤᠯᠠᠮᠵᠢᠯᠠᠭᠳᠠᠭᠰᠠᠭᠠᠷ ᠢᠷᠡᠭᠰᠡᠨ ᠳᠣᠮᠣᠭ ᠠ᠋ᠴᠠ ᠦᠵᠡᠬᠦᠯ᠎ᠡ ᠬᠢᠶᠠᠳ ᠶᠠᠰᠤᠲᠠᠨ ᠤ᠋ ᠳᠡᠭᠡᠳᠦᠰ ᠦ᠋ᠨ ᠨᠢᠭᠡ ᠬᠥᠮᠦᠨ᠂ ᠳᠠᠢᠰᠤᠨ ᠳ᠋ᠤ᠌ ᠨᠡᠬᠡᠮᠵᠢᠯᠡᠭᠳᠡᠭᠡᠳ ᠡᠨᠡ ᠭᠠᠵᠠᠷ ᠲᠤ᠌ ᠳᠤᠲᠠᠭᠠᠵᠤ ᠢᠷᠡᠭᠰᠡᠨ ᠬᠣᠶᠢᠨᠠ᠂ ᠲᠡᠭᠷᠢ ᠡᠴᠡ ᠨᠢᠭᠡᠨ ᠱᠣᠩᠬᠣᠷ ᠢ᠋ ᠲᠣᠮᠢᠯᠠᠨ ᠢᠳᠡᠭᠡᠨ ᠬᠦᠷᠭᠡᠵᠦ ᠥᠭᠭᠦᠭᠰᠡᠨ ᠭᠡᠵᠦ ᠶᠠᠷᠢᠳᠠᠭ ᠪᠠᠢᠨ᠎ᠠ᠂ ᠤᠴᠢᠷ ᠡᠢᠮᠦ ᠡᠴᠡ ᠡᠨᠡ ᠱᠣᠩᠬᠣᠷ ᠢ᠋ ᠰᠠᠬᠢᠭᠤᠯᠰᠤᠨ ᠪᠣᠯᠭᠠᠵᠤ᠂ ᠪᠣᠷᠵᠢᠭᠢᠨ ᠠᠢᠮᠠᠭ ᠤ᠋ᠨ ᠲᠤᠭ ᠳᠡᠭᠡᠷ᠎ᠡ ᠪᠡᠨ ᠵᠢᠷᠤᠵᠤ ᠮᠠᠨᠳᠤᠭᠤᠯᠬᠤ ᠪᠣᠯᠤᠭᠰᠠᠨ ᠭᠡᠨ᠎ᠡ᠃ ᠲᠡᠭᠦᠨᠴᠡ ᠬᠣᠵᠢᠮ ᠡᠨᠡ ᠠᠭᠤᠯᠠ ᠤ᠋ ᠡᠩᠭᠡᠷ ᠲᠦ᠍ ᠬᠢᠶᠠᠳ ᠶᠠᠰᠤᠲᠠᠨ ᠤ᠋ ᠪᠣᠷᠵᠢᠭᠢᠨ ᠠᠶ᠋ᠢᠮᠠᠭ ᠤ᠋ᠨ ᠬᠥᠮᠦᠨ᠂ ᠳᠠᠶ᠋ᠢᠰᠤᠨ ᠳ᠋ᠤ᠌ ᠨᠡᠬᠡᠭᠳᠡᠭᠡᠳ ᠣᠷᠣᠬᠤ ᠭᠠᠵᠠᠷ ᠦᠭᠡᠢ ᠪᠣᠯᠬᠤ ᠦᠶ᠎ᠡ ᠳ᠋ᠦ᠍ ᠳᠠᠷᠤᠢ ᠡᠨᠳᠡ ᠵᠠᠶ᠋ᠢᠯᠠᠨ ᠢᠷᠡᠳᠡᠭ ᠪᠣᠯᠵᠠᠢ᠃
ᠲᠡᠮᠦᠵᠢᠨ ᠡᠨᠡ ᠭᠠᠵᠠᠷ ᠲᠤ᠌ ᠥᠭᠡᠯᠦᠨ᠂ ᠬᠠᠰᠠᠷ᠂ ᠪᠢᠴᠢᠬᠠᠨ ᠳᠡᠭᠦᠦ ᠪᠠ ᠬᠡᠦᠬᠡᠨ ᠳᠡᠭᠦᠦ ᠬᠢᠭᠡᠳ ᠪᠡᠯᠭᠦᠳᠡᠢ ᠲᠡᠢ ᠠᠭᠤᠯᠵᠠᠪᠠ᠃ ᠮᠥᠨᠴᠥ ᠳᠠᠶ᠋ᠢᠰᠤᠨ ᠤ᠋ ᠭᠠᠷ ᠠ᠋ᠴᠠ ᠵᠠᠶ᠋ᠢᠯᠠᠭᠤᠯᠤᠨ ᠠᠪᠤᠭᠰᠠᠨ ᠲᠡᠳᠡᠨᠡᠷ ᠦ᠋ᠨ ᠪᠦᠬᠦ ᠬᠥᠷᠥᠩᠭᠡ ᠪᠡᠨ ᠦᠵᠡᠯ᠎ᠡ᠃ ᠡᠭᠦᠨ ᠦ᠌ ᠲᠤᠬᠠᠢ ᠭᠡᠪᠡᠯ ᠨᠢᠳᠦᠨ ᠳ᠋ᠦ᠍ ᠣᠷᠣᠮᠠᠷ ᠳᠡᠮᠡᠢ ᠶᠠᠭᠤᠮ᠎ᠠ ᠪᠢᠰᠢ᠂ ᠵᠥᠪᠬᠡᠨ ᠶᠢᠰᠦᠨ ᠮᠣᠷᠢ ᠪᠣᠯᠤᠨ ᠨᠢᠭᠡᠨ ᠮᠤᠬᠤᠯᠠᠭ ᠲᠡᠷᠭᠡᠨ ᠳ᠋ᠦ᠍ ᠪᠠᠭᠲᠠᠮᠠᠷ ᠲᠡᠳᠦᠢ ᠶᠠᠭᠤᠮ᠎ᠠ ᠪᠠᠶ᠋ᠢᠵᠠᠢ᠂ ᠡᠳᠦᠢ ᠪᠠᠭ᠎ᠠ ᠪᠣᠯᠬᠣᠷ ᠵᠠᠶ᠋ᠢᠯᠠᠨ ᠳᠤᠲᠠᠭᠠᠬᠤ ᠳ᠋ᠤ᠌ ᠳᠠᠶ᠋ᠢᠰᠤᠨ ᠤ᠋ ᠨᠢᠳᠦᠨ ᠳ᠋ᠦ᠍ ᠣᠷᠣᠬᠤ ᠦᠭᠡᠢ ᠡᠴᠡ ᠪᠣᠯᠤᠭᠰᠠᠨ ᠴᠤ ᠶᠤᠮ ᠤᠤ᠂ ᠳᠠᠢᠰᠤᠨ ᠨᠢ ᠴᠤ ᠨᠢᠭᠡᠨ ᠠᠢᠮᠠᠭ ᠤ᠋ᠨ ᠬᠢᠨ ᠪᠣᠯᠬᠣᠷ ᠨᠠᠢᠷ ᠬᠠᠶᠠᠭᠰᠠᠨ ᠢ᠋ ᠴᠤ ᠪᠦᠦ ᠮᠡᠳᠡ᠃ ᠨᠢᠭᠡᠨ ᠡᠳᠦᠷ ᠪᠡᠯᠭᠦᠳᠡᠢ ᠮᠣᠷᠢ ᠤᠨᠤᠭᠠᠳ ᠲᠠᠷᠪᠠᠭ᠎ᠠ ᠠᠩᠨᠠᠬᠤ ᠪᠠᠷ ᠶᠠᠪᠤᠵᠤ᠂ ᠲᠡᠮᠦᠵᠢᠨ ᠬᠠᠰᠠᠷ ᠬᠣᠶᠠᠭᠤᠯᠠ ᠠᠩ ᠭᠥᠷᠥᠭᠡᠰᠦ ᠪᠠᠷᠢᠬᠤ ᠭᠡᠵᠦ ᠲᠠᠯᠪᠢᠭᠰᠠᠨ ᠥᠭᠡᠰᠢ ᠪᠡᠨ ᠦᠵᠡᠬᠦ ᠪᠡᠷ ᠶᠠᠪᠤᠭᠰᠠᠨ ᠬᠣᠭᠣᠷᠣᠨᠳᠣ᠂ ᠲᠠᠢᠴᠢᠭᠤᠳ ᠤ᠋ᠨ ᠨᠢᠭᠡᠨ ᠪᠦᠯᠦᠭ ᠬᠤᠯᠠᠭᠠᠶᠢᠴᠢ᠂ ᠰᠢᠭᠤᠢ ᠶ᠋ᠢᠨ ᠴᠤᠭᠤᠷᠬᠠᠢ ᠳ᠋ᠤ᠌ ᠪᠡᠯᠴᠢᠵᠦ ᠪᠠᠢᠭᠰᠠᠨ ᠨᠠᠢ᠍ᠮᠠᠨ ᠰᠢᠷᠭ᠎ᠠ ᠶ᠋ᠢ ᠨᠢ ᠬᠥᠭᠡᠭᠡᠳ ᠶᠠᠪᠤᠵᠠᠢ᠃ ᠶᠠᠪᠠᠭᠠᠨ ᠢ᠋ᠶ᠋ᠠᠷ ᠲᠡᠳᠡᠨ ᠢ᠋ ᠨᠡᠬᠡᠵᠦ ᠭᠦᠢᠴᠡᠬᠦ ᠳ᠋ᠦ᠍ ᠪᠡᠷᠬᠡ ᠲᠤᠯᠠ᠂ ᠵᠠᠪᠠᠯ ᠪᠡᠯᠭᠦᠳᠡᠢ ᠶ᠋ᠢᠨ ᠡᠭᠡᠵᠦ ᠢᠷᠡᠬᠦ ᠶ᠋ᠢ ᠬᠦᠯᠢᠶᠡᠬᠦ ᠬᠡᠷᠡᠭᠲᠡᠢ ᠪᠠᠢᠪᠠ᠃
ᠪᠡᠯᠭᠦᠳᠡᠢ ᠬᠠᠷᠢᠵᠤ ᠢᠷᠡᠮᠡᠭᠴᠡ ᠲᠡᠮᠦᠵᠢᠨ ᠮᠣᠷᠳᠠᠭᠠᠳ ᠬᠤᠯᠠᠭᠠᠢ ᠶ᠋ᠢᠨ ᠬᠣᠢᠨ᠎ᠠ ᠠ᠋ᠴᠠ ᠮᠥᠷᠳᠡᠨ ᠨᠡᠬᠡᠯ᠎ᠡ᠃ ᠲᠡᠮᠦᠵᠢᠨ ᠰᠣᠨᠣᠮ ᠭᠤᠷᠪᠠᠨ ᠡᠳᠦᠷ ᠬᠤᠯᠠᠭᠠᠢ ᠶ᠋ᠢᠨ ᠮᠥᠷ ᠢ᠋ ᠮᠥᠷᠳᠡᠪᠡ᠃ ᠭᠠᠨᠵᠤᠭᠠᠯᠠᠭᠰᠠᠨ ᠪᠣᠷᠴᠠ ᠪᠠᠨ ᠢᠳᠡᠵᠦ ᠳᠠᠭᠤᠰᠬᠠᠵᠤ᠂ ᠤᠨᠤᠭᠰᠠᠨ ᠮᠣᠷᠢ ᠴᠤ᠌ ᠡᠴᠡᠵᠦ ᠶᠠᠪᠤᠵᠤ ᠴᠢᠳᠠᠬᠤ ᠦᠭᠡᠢ ᠪᠣᠯᠪᠠ᠃ ᠳᠥᠷᠪᠡᠳᠦᠭᠡᠷ ᠡᠳᠦᠷ ᠲᠦ᠋ᠨᠢ ᠲᠡᠮᠦᠵᠢᠨ ᠲᠡᠭᠦᠨ ᠯᠦ᠍ᠭᠡ ᠨᠠᠰᠤ ᠪᠠᠷ ᠣᠢᠷᠠᠯᠴᠠᠭ᠎ᠠ ᠨᠢᠭᠡᠨ ᠱᠠᠯᠠᠮᠠᠭᠠᠢ ᠵᠠᠯᠠᠭᠤ ᠲᠠᠢ ᠠᠭᠤᠯᠵᠠᠨ᠂ ᠲᠡᠭᠦᠨ ᠡᠴᠡ ᠨᠠᠢ᠍ᠮᠠᠨ ᠰᠢᠷᠭ᠎ᠠ ᠲᠠᠭᠤᠭᠰᠠᠨ ᠬᠥᠮᠦᠨ ᠢ᠋ ᠦᠵᠡᠭᠰᠡᠨ ᠤᠤ? ᠲᠡᠷᠡ ᠪᠣᠯ ᠬᠤᠯᠠᠭᠠᠶᠢᠴᠢ ᠶᠤᠮ᠂ ᠪᠢ ᠲᠡᠳᠡᠨᠦᠰ ᠢ᠋ ᠨᠡᠬᠡᠵᠦ ᠶᠠᠪᠤᠭ᠎ᠠ ᠶᠢᠰᠦᠭᠡᠢ ᠶ᠋ᠢᠨ ᠬᠥᠪᠡᠭᠦᠨ ᠲᠡᠮᠦᠵᠢᠨ ᠮᠥᠨ ᠭᠡᠵᠦ ᠪᠡᠶ᠎ᠡ ᠪᠡᠨ ᠲᠠᠨᠢᠯᠴᠠᠭᠤᠯᠤᠭᠰᠠᠨ ᠳ᠋ᠤ᠌᠂ ᠲᠡᠷᠡ ᠵᠠᠯᠠᠭᠤ ᠬᠠᠷᠢᠨ ᠨᠡᠯᠢᠶᠡᠳ ᠰᠣᠴᠢᠭᠰᠠᠨ ᠮᠡᠲᠦ ᠳᠠᠷᠤᠢ ᠲᠦᠷᠭᠡᠨ ᠢᠳᠡᠭᠡᠨ ᠤᠮᠳᠠᠭᠠᠨ ᠢ᠋ ᠪᠡᠯᠡᠳᠬᠡᠵᠦ ᠢᠳᠡᠭᠦᠯᠦᠭᠡᠳ᠂ ᠪᠠᠰᠠ ᠲᠡᠮᠦᠵᠢᠨ ᠦ᠌ ᠮᠣᠷᠢ ᠶ᠋ᠢ ᠠᠳᠤᠭᠤᠨ ᠰᠦᠷᠦᠭ ᠲᠡᠭᠡᠨ ᠲᠠᠯᠪᠢᠭᠠᠳ᠂ ᠠᠳᠤᠭᠤᠨ ᠠ᠋ᠴᠠ ᠪᠠᠨ ᠬᠤᠷᠳᠤᠨ ᠭᠦᠶᠦᠳᠡᠯ ᠲᠡᠢ ᠬᠣᠶᠠᠷ ᠰᠠᠶᠢᠨ ᠮᠣᠷᠢ ᠶ᠋ᠢ ᠪᠠᠷᠢᠵᠤ᠂ ᠮᠢᠨᠦ ᠨᠡᠷ᠎ᠡ ᠪᠤᠭᠤᠷᠴᠢ ᠭᠡᠳᠡᠭ᠂ ᠪᠢ ᠴᠢᠮ᠎ᠠ ᠲᠠᠢ ᠬᠠᠮᠲᠤ ᠣᠳᠴᠤ ᠲᠤᠰᠠᠯᠠᠯᠴᠠᠶᠠ ᠭᠡᠵᠦ ᠬᠡᠯᠡᠵᠡᠢ᠃
ᠲᠡᠭᠡᠭᠡᠳ ᠴᠢᠨᠠᠭᠰᠢᠳᠠ ᠭᠤᠷᠪᠠᠨ ᠡᠳᠦᠷ ᠮᠣᠷᠢᠨ ᠴᠢᠨᠡᠭᠡᠪᠡᠷ ᠶᠠᠪᠤᠵᠠᠢ᠃ ᠡᠨᠡ ᠬᠣᠭᠣᠷᠣᠨᠳᠣ ᠲᠡᠳᠡ ᠬᠣᠶᠠᠷ ᠤ᠋ᠨ ᠨᠥᠬᠥᠷᠯᠡᠯ ᠤᠯᠠᠮ ᠵᠤᠵᠠᠭᠠᠷᠠᠯᠠ᠂ ᠥᠷᠭᠡᠨ ᠠᠭᠤᠳᠠᠮ ᠮᠣᠩᠭᠣᠯ ᠤ᠋ᠨ ᠲᠠᠯ᠎ᠠ ᠨᠤᠲᠤᠭ ᠤ᠋ᠨ ᠭᠠᠵᠠᠷ ᠪᠣᠯᠭᠠᠨ ᠳ᠋ᠤ᠌᠂ ᠲᠠᠷᠭᠤᠲᠠᠢ ᠶ᠋ᠢᠨ ᠴᠡᠷᠢᠭ ᠦ᠋ᠨ ᠬᠦᠷᠢᠶ᠎ᠡ ᠡᠴᠡ ᠲᠡᠮᠦᠵᠢᠨ ᠶᠠᠮᠠᠷ ᠶᠸᠯᠢ ᠤᠪᠠᠳᠢᠰ ᠢ᠋ᠶ᠋ᠠᠷ ᠳᠤᠲᠠᠭᠠᠭᠰᠠᠨ ᠦᠯᠢᠭᠡᠷ ᠢ᠋ ᠵᠠᠯᠠᠭᠤᠴᠤᠳ ᠳᠡᠯᠭᠡᠷᠡᠭᠦᠯᠦᠨ ᠶᠠᠷᠢᠵᠤ᠂ ᠶᠠᠭᠠᠬᠢᠭᠠᠳ ᠳᠤᠲᠠᠭᠠᠵᠤ ᠭᠠᠷᠤᠭᠰᠠᠨ ᠨᠢᠭᠤᠴᠠ ᠳ᠋ᠤᠨᠢ ᠭᠠᠢᠬᠠᠰᠢ ᠠᠯᠳᠠᠵᠤ ᠪᠠᠢᠨ᠎ᠠ᠃ ᠲᠡᠮᠦᠵᠢᠨ ᠦ᠌ ᠪᠠᠭᠠᠲᠤᠷ ᠵᠣᠷᠢᠭ᠂ ᠤᠷᠠᠨ ᠰᠠᠮᠪᠠᠭ᠎ᠠ ᠲᠠᠢ ᠠᠷᠭ᠎ᠠ ᠶ᠋ᠢ ᠪᠠᠬᠠᠷᠬᠠᠨ ᠮᠠᠭᠲᠠᠯᠴᠠᠵᠤ᠂ ᠪᠦᠭᠦᠳᠡᠭᠡᠷ ᠢ᠋ᠶ᠋ᠡᠨ ᠲᠡᠮᠦᠵᠢᠨ ᠢ᠋ᠶ᠋ᠡᠷ ᠵᠢᠱ᠌ᠢᠶ᠎ᠡ ᠪᠣᠯᠭᠠᠨ ᠴᠢᠷᠮᠠᠢᠵᠤ᠂ ᠲᠡᠭᠦᠨ ᠰᠢᠭ ᠪᠠᠭᠠᠲᠤᠷ ᠡᠷᠳᠡᠮᠲᠡᠨ ᠪᠤᠯᠵᠠᠭᠠᠶ᠎ᠠ ᠭᠡᠵᠦ ᠪᠠᠢᠬᠤ ᠶ᠋ᠢ ᠲᠡᠮᠦᠵᠢᠨ ᠰᠢᠨ᠎ᠡ ᠠᠨᠳᠠ ᠠ᠋ᠴᠠ ᠪᠠᠨ ᠣᠯᠵᠤ ᠰᠣᠨᠣᠰᠪᠠ᠃ ᠲᠡᠭᠡᠭᠡᠳ ᠬᠣᠶᠠᠭᠤᠯᠠ ᠬᠣᠯᠠ ᠠ᠋ᠴᠠ ᠲᠠᠢᠴᠢᠭᠤᠳ ᠤ᠋ᠨ ᠨᠤᠲᠤᠭ ᠢ᠋ ᠬᠠᠷᠠᠭᠠᠳ᠂ ᠠᠯᠳᠠᠭᠰᠠᠨ ᠮᠣᠷᠢ ᠪᠠᠨ ᠴᠤ ᠦᠵᠡᠵᠦ ᠲᠠᠨᠢᠯ᠎ᠠ᠃ ᠲᠡᠳᠡ ᠬᠣᠶᠠᠷ ᠰᠥᠨᠢ ᠶ᠋ᠢᠨ ᠬᠠᠷᠠᠩᠭᠤᠢ ᠶ᠋ᠢ ᠠᠰᠢᠭᠯᠠᠨ ᠮᠥᠯᠬᠥᠭᠰᠡᠭᠡᠷ ᠣᠢᠷᠠᠲᠤᠨ ᠬᠦᠷᠴᠦ᠂ ᠮᠣᠷᠢᠳ ᠤ᠋ᠨ ᠴᠢᠳᠥᠷ ᠢ᠋ ᠠᠪᠴᠤ ᠬᠥᠲᠥᠯᠦᠨ ᠶᠠᠪᠤᠪᠠ᠃ ᠥᠷᠯᠥᠭᠡ ᠪᠣᠯᠣᠮᠠᠭᠴᠠ ᠲᠠᠢᠴᠢᠭᠤᠳ ᠨᠡᠬᠡᠮᠵᠢᠯᠡᠨ ᠢᠷᠡᠯ᠎ᠡ᠃ ᠪᠤᠭᠤᠷᠴᠢ ᠬᠣᠴᠣᠷᠤᠭᠠᠳ ᠳᠠᠢᠰᠤᠨ ᠲᠠᠢ ᠲᠤᠯᠤᠯᠳᠤᠶ᠎ᠠ᠂ ᠡᠨᠡ ᠬᠣᠭᠣᠷᠣᠨᠳᠣ ᠠᠨᠳᠠ ᠮᠢᠨᠢ ᠮᠣᠷᠢ ᠪᠠᠨ ᠬᠥᠲᠥᠯᠦᠭᠡᠳ ᠬᠤᠷᠳᠤᠨ ᠳᠤᠲᠠᠭᠠᠰᠠᠢ ᠭᠡᠵᠦ ᠬᠦᠰᠡᠭᠰᠡᠨ ᠪᠣᠯᠪᠠᠴᠤ ᠲᠡᠮᠦᠵᠢᠨ ᠳᠠᠬᠢᠨ ᠳᠠᠬᠢᠨ ᠲᠡᠭᠦᠨ ᠢ᠋ ᠳᠠᠯᠠᠯᠤᠨ ᠳᠠᠭᠤᠳᠠᠭᠠᠳ ᠬᠠᠮᠲᠤᠪᠠᠷ ᠪᠤᠷᠤᠭᠤᠯᠠᠪᠠ᠃ ᠳᠠᠢᠰᠤᠨ ᠥᠷᠭᠡᠨ ᠲᠠᠯ᠎ᠠ ᠶ᠋ᠢᠨ ᠴᠢᠨᠠᠳᠤ ᠠ᠋ᠴᠠ ᠬᠥᠨᠳᠡᠯᠡᠨ ᠢ᠋ᠶ᠋ᠡᠷ ᠵᠢᠭᠰᠠᠨ ᠨᠡᠬᠡᠵᠦ ᠪᠠᠢᠯ᠎ᠠ᠃ ᠬᠣᠶᠠᠳᠠᠬᠢ ᠤᠳᠠᠭ᠎ᠠ ᠬᠣᠴᠣᠷᠤᠭᠰᠠᠨ ᠪᠤᠭᠤᠷᠴᠢ ᠶ᠋ᠢ ᠭᠦᠢᠴᠡᠵᠦ ᠢᠷᠡᠬᠦ ᠳ᠋ᠦ᠍᠂ ᠲᠡᠮᠦᠵᠢᠨ ᠬᠠᠷᠢᠨ ᠮᠠᠰᠢ ᠪᠠᠶᠠᠷ ᠲᠠᠭᠠᠯᠠᠮᠵᠢᠲᠠᠢ ᠴᠢᠷᠠᠢ ᠦᠵᠡᠭᠦᠯᠦᠨ ᠬᠡᠯᠡᠭᠰᠡᠨ ᠨᠢ᠄
《ᠪᠢᠳᠡ— ᠠᠭᠲᠠ ᠰᠠᠢᠲᠠᠢ ᠪᠠᠢᠨ᠎ᠠ᠂ ᠮᠣᠷᠢ ᠮᠠᠨᠢ ᠶᠠᠳᠠᠷᠠᠪᠠᠯ ᠰᠣᠯᠢᠵᠤ ᠤᠨᠤᠭᠠᠳ ᠭᠦᠶᠦᠯᠭᠡᠪᠡᠯ ᠶᠡᠷᠦ ᠭᠦᠢᠴᠡᠭᠳᠡᠬᠦ ᠦᠭᠡᠢ ᠶᠦᠮ》 ᠭᠡᠪᠡ᠃ ᠪᠤᠭᠤᠷᠴᠢ ᠪᠠᠢᠨ ᠪᠠᠢᠨ ᠡᠭᠡᠵᠦ ᠬᠠᠷᠠᠨ ᠲᠠᠢᠴᠢᠭᠤᠳ ᠤ᠋ᠨ ᠪᠠᠢᠳᠠᠯ ᠢ᠋ ᠠᠵᠢᠭᠯᠠᠵᠤ ᠪᠠᠢᠪᠠ᠃ ᠲᠡᠭᠦᠨ ᠦ᠌ ᠴᠢᠷᠠᠢ ᠶ᠋ᠢᠨ ᠥᠩᠭᠡ ᠦᠵᠡᠵᠦ ᠪᠠᠢᠲᠠᠯ᠎ᠠ ᠬᠤᠯᠴᠢᠢᠵᠤ ᠢᠷᠡᠪᠡ᠃ ᠳᠠᠢᠰᠤᠨ ᠤ᠋ ᠴᠤᠪᠤᠭ᠎ᠠ ᠨᠢ ᠤᠯᠠᠮ ᠰᠤᠨᠠᠭᠠᠳ᠂ ᠨᠡᠬᠡᠭᠴᠢ ᠪᠣᠯᠤᠨ ᠨᠡᠬᠡᠭᠳᠡᠭᠴᠢ ᠶ᠋ᠢᠨ ᠬᠣᠭᠣᠷᠣᠨᠳᠣ ᠶ᠋ᠢᠨ ᠵᠠᠢ ᠨᠢ ᠤᠯᠠᠮ ᠤᠯᠠᠮ ᠣᠢᠷᠠᠲᠤᠵᠤ ᠪᠠᠢᠯ᠎ᠠ᠃ ᠰᠠᠭᠠᠷᠠᠯ ᠮᠣᠷᠢ ᠤᠨᠤᠭᠰᠠᠨ ᠨᠢᠭᠡᠨ ᠬᠥᠮᠦᠨ ᠠᠩᠭᠢ ᠠ᠋ᠴᠠ ᠪᠠᠨ ᠰᠤᠭᠤᠷᠠᠨ ᠭᠠᠷᠴᠤ ᠬᠠᠷᠪᠤᠭᠰᠠᠨ ᠰᠤᠮᠤ ᠮᠡᠲᠦ ᠬᠤᠷᠳᠤᠨ ᠳᠠᠪᠬᠢᠭᠤᠯᠵᠤ ᠪᠠᠢᠯ᠎ᠠ᠃ ᠡᠨᠡ ᠮᠣᠷᠢᠲᠠᠨ ᠴᠠᠭ ᠢᠮᠠᠭᠲᠠ ᠪᠤᠭᠤᠢᠯᠢ ᠪᠠᠨ ᠲᠡᠳᠡ ᠬᠣᠶᠠᠷ ᠤ᠋ᠨ ᠲᠣᠯᠣᠭᠠᠢ ᠤᠷᠤᠭᠤ ᠬᠠᠶᠠᠪᠠᠴᠤ ᠪᠣᠯᠤᠮᠠᠷ ᠵᠠᠢᠲᠠᠢ ᠪᠣᠯᠵᠤ ᠢᠷᠡᠯ᠎ᠡ᠃ ᠡᠢᠮᠦ ᠲᠦᠭᠰᠢᠭᠦᠷᠢ ᠲᠡᠢ ᠴᠠᠭ ᠲᠤ᠌ ᠪᠤᠭᠤᠷᠴᠢ᠄《ᠪᠢ ᠬᠣᠴᠣᠷᠤᠭᠠᠳ᠂ ᠲᠡᠭᠦᠨ ᠢ᠋ ᠬᠠᠷᠪᠤᠵᠤ ᠤᠨᠠᠭᠠᠶ᠎ᠠ》 ᠭᠡᠰᠡᠨ ᠳ᠋ᠦ᠍᠂ ᠲᠡᠮᠦᠵᠢᠨ《ᠪᠠᠬᠠᠨ ᠬᠦᠯᠢᠶᠡᠵᠦ ᠪᠠᠢᠭᠠᠷᠠᠢ》 ᠭᠡᠪᠡ᠃ ᠲᠡᠭᠡᠭᠡᠳ ᠲᠡᠮᠦᠵᠢᠨ᠄《ᠪᠢᠳᠡᠨ ᠲᠡᠢ ᠤᠯᠠᠮ ᠣᠶᠢᠷᠠᠲᠤᠭᠤᠯᠤᠭᠠᠳ᠂ ᠲᠡᠳᠡᠨᠦᠰ ᠦ᠋ᠨ ᠪᠦᠯᠦᠭ ᠡᠴᠡ ᠨᠢ ᠤᠯᠠᠮ ᠰᠠᠯᠭᠠᠶ᠎ᠠ᠃ ᠲᠡᠭᠡᠭᠰᠡᠨ ᠬᠣᠶᠢᠨᠠ ᠪᠢᠳᠡ ᠵᠣᠭᠰᠣᠶ᠎ᠠ᠂ ᠮᠠᠲᠠᠪᠠᠤ? ᠪᠤᠭᠤᠷᠴᠢ᠃ ᠪᠢᠳᠡ ᠪᠣᠯ ᠬᠣᠶᠠᠷ ᠬᠥᠮᠦᠨ᠂ ᠬᠣᠶᠠᠷ ᠬᠥᠮᠦᠨ ᠲᠡᠢ ᠪᠠᠢᠯᠳᠤᠪᠠᠯ ᠲᠡᠷᠡ ᠭᠠᠭᠴᠠᠭᠠᠷ ᠢ᠋ᠶ᠋ᠠᠨ ᠬᠦᠴᠦ ᠲᠡᠩᠴᠡᠵᠦ ᠴᠢᠳᠠᠬᠤ ᠦᠭᠡᠢ᠂ ᠥᠭᠡᠷ᠎ᠡ ᠠᠮᠢᠲᠠᠳ ᠨᠢ ᠬᠦᠷᠴᠦ ᠢᠷᠡᠬᠦ ᠡᠴᠡ ᠡᠮᠦᠨ᠎ᠡ ᠲᠡᠭᠦᠨ ᠢ᠋ ᠪᠦᠷᠢᠯᠭᠡᠴᠢᠬᠡᠶᠡ》 ᠭᠡᠵᠦ ᠬᠡᠯᠡᠵᠡᠢ᠃ ᠰᠠᠭᠠᠷᠠᠯ ᠮᠣᠷᠢᠲᠠᠢ ᠳᠠᠢᠰᠤᠨ ᠶᠠᠭ ᠣᠢᠷ᠎ᠠ ᠬᠦᠷᠦᠭᠡᠳ ᠪᠤᠭᠤᠢᠯᠢ ᠪᠠᠨ ᠳᠠᠯᠠᠢᠲᠠᠯᠠ ᠲᠡᠮᠦᠵᠢᠨ ᠪᠤᠭᠤᠷᠴᠢ ᠳ᠋ᠤ᠌᠄《ᠬᠠᠷᠪᠤ》 ᠭᠡᠵᠦ ᠬᠠᠰᠬᠢᠷᠪᠠ᠃ ᠪᠤᠭᠤᠷᠴᠢ ᠬᠠᠷᠪᠤᠯ᠎ᠠ᠂ ᠨᠤᠮᠤ ᠶ᠋ᠢᠨ ᠬᠥᠪᠴᠢ ᠳᠤᠤᠭᠠᠷᠬᠤ ᠶ᠋ᠢᠨ ᠳᠠᠭᠠᠤ ᠲᠡᠮᠦᠵᠢᠨ ᠮᠣᠷᠢ ᠪᠠᠨ ᠲᠠᠰᠢᠭᠤᠷᠳᠠᠨ ᠬᠤᠷᠳᠤᠨ ᠳᠠᠪᠬᠢᠭᠤᠯᠤᠯ᠎ᠠ᠃ ᠪᠤᠭᠤᠷᠴᠢ ᠶ᠋ᠢᠨ ᠰᠤᠮᠤ ᠳᠠᠢᠰᠤᠨ ᠢ᠋ ᠤᠨᠤᠭᠠᠳ ᠲᠡᠷᠡ ᠬᠥᠮᠦᠨ ᠮᠣᠷᠢᠨ ᠠ᠋ᠴᠠ ᠲᠣᠩᠭᠣᠷᠴᠣᠭᠯᠠᠨ ᠤᠨᠠᠪᠠ᠃
ᠪᠠᠬᠠᠨ ᠳᠠᠪᠬᠢᠭᠤᠯᠤᠭᠠᠳ ᠬᠣᠶᠠᠷ ᠵᠠᠯᠠᠭᠤ ᠡᠷᠭᠢᠨ ᠬᠠᠨᠳᠤᠭᠠᠳ ᠦᠵᠡᠬᠦ ᠳ᠋ᠦ᠍᠂ ᠲᠡᠳᠡᠭᠡᠷ ᠲᠠᠶᠢᠴᠢᠭᠤᠳ ᠰᠢᠷᠬᠠᠲᠤᠭᠰᠠᠨ ᠬᠥᠮᠦᠨ ᠦ᠌ ᠪᠡᠨ ᠳᠡᠷᠭᠡᠳᠡ ᠪᠥᠭᠡᠮᠨᠡᠷᠡᠨ ᠵᠣᠭᠰᠣᠵᠠᠭᠠᠵᠤ᠂ ᠨᠡᠯᠢᠶᠡᠳ ᠤᠳᠠᠭᠠᠳ ᠳᠠᠢᠰᠤᠨ ᠪᠤᠴᠠᠵᠠᠭᠠᠪᠠ᠃ ᠰᠢᠷᠬᠠᠳᠤᠭᠰᠠᠨ ᠬᠥᠮᠦᠨ ᠢ᠋ ᠲᠣᠭᠣᠷᠢᠨ ᠵᠣᠭᠰᠣᠭᠰᠠᠨ ᠶᠠᠮᠠᠷ ᠨᠢᠭᠡ ᠬᠥᠮᠦᠨ ᠨᠢ ᠭᠡᠳ ᠲᠡᠳᠡᠨ ᠢ᠋ ᠨᠡᠬᠡᠶ᠎ᠡ ᠭᠡᠵᠦ ᠮᠣᠷᠳᠠᠭᠰᠠᠨ ᠦᠭᠡᠢ᠃ ᠬᠣᠶᠠᠷ ᠡᠲᠡᠭᠡᠳ ᠦ᠋ᠨ ᠵᠠᠢ ᠨᠢ ᠨᠡᠯᠢᠶᠡᠳ ᠬᠣᠯᠠ ᠪᠣᠯᠤᠭᠰᠠᠨ ᠬᠣᠢᠨ᠎ᠠ ᠪᠤᠭᠤᠷᠴᠢ ᠶ᠋ᠢᠨ ᠴᠢᠷᠠᠢ ᠳ᠋ᠤᠨᠢ ᠰᠠᠢ ᠢᠨᠢᠶᠡᠬᠦ ᠪᠠᠢᠳᠠᠯ ᠢᠯᠡᠷᠡᠵᠡᠢ᠃ ᠲᠡᠭᠡᠭᠡᠳ ᠬᠡᠯᠡᠭᠰᠡᠨ ᠨᠢ᠄《ᠳᠠᠢᠰᠤᠨ ᠢ᠋ ᠭᠣᠣᠯ ᠬᠦᠴᠦᠨ ᠡᠴᠡ ᠨᠢ ᠰᠠᠯᠭᠠᠬᠤ ᠠᠷᠭ᠎ᠠ ᠶ᠋ᠢ ᠴᠢᠨᠢ ᠰᠤᠷᠤᠯ᠎ᠠ᠂ ᠡᠨᠡ ᠤᠴᠢᠷ ᠠ᠋ᠴᠠ ᠪᠣᠯᠵᠤ᠂ ᠵᠠᠯᠠᠭᠤᠴᠤᠳ ᠤ᠋ᠨ ᠰᠡᠳᠬᠢᠯ ᠢ᠋ ᠲᠠ ᠤᠯᠠᠮ ᠢᠯᠡᠭᠦᠦ ᠲᠣᠭᠳᠣᠯᠵᠠᠭᠤᠯᠬᠤ ᠪᠣᠯᠤᠭᠰᠠᠨ》 ᠭᠡᠪᠡ᠃ ᠪᠤᠭᠤᠷᠴᠢ ᠶ᠋ᠢᠨ ᠲᠤᠰᠠᠯᠠᠭᠰᠠᠨ ᠢ᠋ᠶ᠋ᠠᠷ ᠲᠡᠮᠦᠵᠢᠨ ᠮᠣᠷᠢᠳ ᠢ᠋ᠶ᠋ᠠᠨ ᠪᠤᠴᠠᠭᠠᠨ ᠠᠪᠴᠤ ᠴᠢᠳᠠᠭᠰᠠᠨ ᠪᠣᠯᠬᠣᠷ᠂ ᠬᠠᠭᠠᠰ ᠢ᠋ ᠨᠢ ᠲᠡᠭᠦᠨ ᠳ᠋ᠦ᠍ ᠬᠦᠷᠭᠡᠶ᠎ᠡ ᠭᠡᠰᠡᠨ ᠳ᠋ᠦ᠍᠂ ᠪᠤᠭᠤᠷᠴᠢ ᠄《ᠥᠴᠦᠬᠡᠨ ᠲᠤᠰᠠ ᠪᠣᠯᠤᠭᠰᠠᠨ ᠳ᠋ᠠᠭᠠᠨ ᠦᠨ᠎ᠡ ᠥᠷᠲᠡᠭ ᠠᠪᠬᠤ ᠪᠣᠯ ᠪᠢ ᠶᠠᠭᠠᠬᠢᠵᠤ ᠴᠢᠨᠦ ᠨᠥᠬᠥᠷ ᠪᠣᠯᠵᠤ ᠴᠢᠳᠠᠬᠤ ᠪᠣᠢ》 ᠭᠡᠵᠦ ᠬᠡᠨᠲᠡᠭᠯᠡᠨ ᠠᠭᠤᠷᠯᠠᠵᠤ ᠬᠠᠰᠬᠢᠷᠤᠯ᠎ᠠ᠃
ᠬᠣᠶᠠᠭᠤᠯᠠ ᠪᠣᠭᠣᠷᠴᠤ ᠶ᠋ᠢᠨ ᠡᠴᠢᠭᠡ ᠶ᠋ᠢᠨ ᠭᠡᠷ ᠲᠦ᠍ ᠬᠦᠷᠦᠭᠡᠳ᠂ ᠪᠤᠭᠤᠷᠴᠢ ᠵᠥᠪᠰᠢᠶᠡᠷᠡᠯ ᠣᠯᠬᠤ ᠦᠭᠡᠢ ᠪᠡᠷ ᠮᠠᠯ ᠰᠦᠷᠦᠭ ᠢ᠋ᠶ᠋ᠡᠨ ᠬᠠᠶᠠᠭᠠᠳ ᠶᠠᠪᠤᠭᠰᠠᠨ ᠪᠤᠷᠤᠭᠤ ᠪᠠᠨ ᠬᠦᠯᠢᠶᠡᠭᠰᠡᠨ ᠳ᠋ᠦ᠍᠂ ᠲᠡᠭᠦᠨ ᠦ᠌ ᠡᠴᠢᠭᠡ ᠨᠢ ᠥᠪᠡᠷ ᠦ᠋ᠨ ᠬᠥᠪᠡᠭᠦᠨ ᠴᠢᠳᠠᠯ ᠣᠷᠣᠭᠰᠠᠨ ᠪᠥᠭᠡᠳ ᠰᠠᠢᠨ ᠨᠥᠬᠥᠷ ᠲᠠᠨᠢᠵᠤ ᠣᠯᠤᠯ᠎ᠠ ᠭᠡᠵᠦ ᠶᠡᠬᠡᠳᠡ ᠪᠠᠶᠠᠷᠯᠠᠪᠠ᠃ ᠲᠡᠮᠦᠵᠢᠨ ᠳ᠋ᠦ᠍ ᠨᠢᠭᠡᠨ ᠭᠡᠷ ᠪᠣᠯᠤᠨ ᠮᠣᠷᠢ ᠥᠭᠭᠦᠭᠡᠳ ᠰᠢᠨ᠎ᠡ ᠬᠤᠪᠴᠠᠰᠤ ᠰᠣᠯᠢᠨ ᠡᠮᠦᠰᠬᠡᠵᠦ᠂ ᠬᠣᠶᠠᠷ ᠵᠠᠯᠠᠭᠤ ᠥᠨᠢ ᠡᠭᠦᠷᠢᠳᠡ ᠨᠥᠬᠥᠷ ᠪᠣᠯᠤᠯᠴᠠᠨ ᠪᠢᠲᠡᠭᠡᠢ ᠰᠠᠯᠤᠯᠴᠠᠭᠲᠤᠨ ᠭᠡᠵᠦ ᠵᠠᠬᠢᠪᠠ᠃ ᠢᠩᠭᠢᠭᠡᠳ ᠲᠡᠮᠦᠵᠢᠨ ᠠᠩᠬ᠎ᠠ ᠲᠦᠷᠦᠭᠦᠦ ᠲᠠᠨᠢᠯᠴᠠᠭᠰᠠᠨ ᠨᠥᠬᠥᠷ ᠪᠤᠭᠤᠷᠴᠢ ᠲᠠᠢ ᠪᠠᠨ ᠬᠠᠮᠲᠤ ᠪᠠᠷ ᠨᠤᠲᠤᠭ ᠲᠠᠭᠠᠨ ᠡᠭᠡᠯ᠎ᠡ᠃
ᠡᠨᠡ ᠦᠶ᠎ᠡ ᠳ᠋ᠦ᠍ ᠶᠢᠰᠦᠭᠡᠢ ᠪᠠᠭᠠᠲᠤᠷ ᠤ᠋ᠨ ᠬᠠᠭᠤᠴᠢᠨ ᠪᠠᠢᠯᠳᠤᠭᠴᠢ ᠲᠡᠮᠦᠷ ᠦ᠋ᠨ ᠳᠠᠷᠬᠠᠨ ᠤᠷᠢᠶᠠᠩᠬᠠᠢ ᠶ᠋ᠢᠨ ᠵᠠᠷᠴᠢᠭᠤᠳᠠᠢ ᠡᠪᠦᠭᠡᠨ ᠬᠥᠭᠡᠷᠭᠡ ᠪᠡᠨ ᠡᠭᠦᠷᠴᠦ ᠵᠡᠯᠮ᠎ᠡ ᠨᠡᠷᠡᠲᠦ ᠬᠥᠪᠡᠭᠦᠨ ᠢ᠋ᠶ᠋ᠡᠨ ᠳᠠᠭᠠᠭᠤᠯᠵᠤ ᠲᠡᠮᠦᠵᠢᠨ ᠦ᠌ ᠣᠷᠳᠣᠨ ᠳ᠋ᠤ᠌ ᠢᠷᠡᠭᠡᠳ᠂ ᠬᠥᠪᠡᠭᠦᠨ ᠵᠡᠯᠮ᠎ᠡ ᠪᠡᠨ ᠬᠦᠷᠭᠡᠵᠦ ᠢᠷᠡᠭᠰᠡᠨ ᠳ᠋ᠦ᠍ᠨᠢ᠂ ᠲᠡᠭᠦᠨ ᠦ᠌ ᠬᠣᠶᠠᠳᠤᠭᠠᠷ ᠨᠥᠬᠥᠷ ᠢ᠋ᠶ᠋ᠡᠨ ᠪᠣᠯᠭᠠᠯ᠎ᠠ᠃ ᠳᠡᠮᠡᠢ ᠤᠳᠠᠭᠰᠠᠨ ᠦᠭᠡᠢ ᠲᠡᠮᠦᠵᠢᠨ᠂ ᠳᠠᠢᠴᠢᠨ ᠨᠥᠬᠥᠳ ᠢ᠋ᠶ᠋ᠡᠨ ᠡᠯᠰᠡᠵᠦ᠂ ᠮᠠᠰᠢ ᠬᠦᠨᠳᠦᠳᠬᠡᠨ ᠬᠡᠷᠡᠭᠯᠡᠳᠡᠭ ᠭᠡᠰᠡᠨ ᠴᠢᠮᠡᠭᠡ ᠥᠷᠭᠡᠨ ᠠᠭᠤᠳᠠᠮ ᠲᠠᠯ᠎ᠠ ᠨᠤᠲᠤᠭ ᠳᠠᠶᠠᠭᠠᠷ ᠲᠤ ᠮᠠᠰᠢ ᠲᠦᠷᠭᠡᠨ ᠢ᠋ᠶ᠋ᠡᠷ ᠳᠡᠯᠭᠡᠷᠡᠭᠡᠳ᠂ ᠮᠣᠩᠭᠣᠯ ᠵᠠᠯᠠᠭᠤᠴᠤᠳ ᠵᠦᠭ ᠪᠦᠷᠢ ᠡᠴᠡ ᠲᠡᠭᠦᠨ ᠦ᠌ ᠳᠡᠷᠭᠡᠳᠡ ᠴᠤᠭᠯᠠᠷᠠᠨ ᠢᠷᠡᠵᠡᠭᠡᠯ᠎ᠡ᠃ ᠣᠳᠣ ᠲᠡᠮᠦᠵᠢᠨ ᠠᠷᠪᠠᠨ ᠳᠣᠯᠣᠭᠠᠨ ᠨᠠᠰᠤᠲᠠᠢ ᠪᠣᠯᠪᠠ᠃ ᠡᠳᠦᠭᠡ ᠪᠣᠯᠲᠠᠯ᠎ᠠ ᠶᠢᠷᠲᠢᠨᠴᠦ ᠳ᠋ᠦ᠍ ᠪᠠᠭᠲᠠᠭᠠᠭᠳᠠᠵᠤ ᠴᠢᠳᠠᠬᠤ ᠦᠭᠡᠢ ᠣᠷᠬᠢᠨ ᠭᠡᠭᠡᠭᠳᠡᠵᠦ ᠶᠠᠪᠤᠭᠰᠠᠨ ᠪᠠ ᠳᠡᠭᠦᠦ ᠨᠠᠷ ᠢ᠋ᠶ᠋ᠠᠨ ᠲᠡᠵᠢᠭᠡᠬᠦ ᠳ᠋ᠡᠭᠡᠨ ᠵᠢᠭᠠᠰᠤ ᠵᠢᠷᠠᠭᠠᠬᠠᠢ ᠭᠥᠬᠢᠳᠡᠵᠦ᠂ ᠬᠡᠭᠡᠷ᠎ᠡ ᠶ᠋ᠢᠨ ᠭᠣᠭᠣᠳ ᠮᠠᠩᠭᠢᠷ ᠲᠡᠭᠦᠳᠡᠭ ᠶᠠᠳᠠᠭᠤ ᠵᠠᠯᠠᠭᠤ ᠪᠢᠰᠢ ᠪᠣᠯᠪᠠ᠃ ᠬᠡᠳᠦᠢ ᠨᠠᠰᠤ ᠪᠠᠭ᠎ᠠ ᠪᠣᠯᠪᠠᠴᠤ ᠭᠡᠷ ᠡᠷᠦᠬᠡ ᠲᠡᠢ᠂ ᠨᠢᠭᠡ ᠠᠢᠮᠠᠭ ᠤ᠋ᠨ ᠡᠵᠡᠨ ᠨᠢ ᠪᠣᠯᠤᠯ᠎ᠠ᠃ ᠥᠷᠭᠡᠨ ᠠᠭᠤᠳᠠᠮ ᠲᠠᠯ᠎ᠠ ᠨᠤᠲᠤᠭ ᠲᠤ ᠲᠡᠭᠦᠨ ᠦ᠌ ᠨᠡᠷ᠎ᠡ ᠨᠢ ᠠᠯᠳᠠᠷᠰᠢᠵᠤ᠂ ᠬᠥᠮᠦᠨ ᠪᠦᠷᠢ ᠭᠠᠯ ᠲᠤᠯᠭ᠎ᠠ ᠶ᠋ᠢᠨ ᠳᠡᠷᠭᠡᠳᠡ ᠪᠡᠨ ᠶᠠᠷᠢᠯᠴᠠᠵᠤ ᠰᠠᠭᠤᠬᠤ ᠳ᠋ᠠᠭᠠᠨ ᠲᠡᠭᠦᠨ ᠦ᠌ ᠵᠣᠷᠢᠭ ᠶᠡᠬᠡ᠂ ᠠᠷᠭ᠎ᠠ ᠮᠡᠷᠭᠡᠨ ᠳ᠋ᠦ᠍ᠨᠢ ᠪᠠᠬᠠᠷᠴᠤ ᠪᠢᠰᠢᠷᠡᠬᠦ ᠪᠣᠯᠤᠯ᠎ᠠ᠃
(ᠲᠠᠪᠤ) ᠲᠡᠮᠦᠵᠢᠨ ᠦ᠌ ᠤᠷᠤᠭ ᠪᠠᠷᠢᠯᠳᠤᠭᠰᠠᠨ ᠨᠢ
ᠲᠡᠮᠦᠵᠢᠨ ᠳᠡᠭᠦᠦ ᠪᠡᠯᠭᠦᠳᠡᠢ ᠲᠡᠢ ᠪᠡᠨ ᠬᠠᠮᠲᠤᠪᠠᠷ᠂ ᠬᠡᠳᠦᠨ ᠵᠢᠯ ᠦ᠋ᠨ ᠡᠮᠦᠨ᠎ᠡ ᠤᠷᠤᠭ ᠲᠣᠭᠲᠠᠭᠰᠠᠨ ᠡᠬᠡᠨᠡᠷ ᠪᠥᠷᠲᠡ ᠶ᠋ᠢ ᠠᠪᠴᠢᠷᠠᠬᠤ ᠪᠠᠷ ᠲᠠᠢ ᠰᠡᠴᠡᠨ ᠦ᠌ ᠭᠡᠷ ᠲᠦ᠍ ᠣᠴᠢᠭᠰᠠᠨ ᠨᠢ ᠰᠠᠯᠤᠭᠠᠳ ᠳᠥᠷᠪᠡᠨ ᠵᠢᠯ ᠪᠣᠯᠤᠭᠰᠠᠨ ᠤ᠋ ᠬᠣᠢᠨᠠᠬᠢ ᠬᠡᠷᠡᠭ ᠪᠠᠢᠵᠠᠢ᠃ ᠲᠡᠮᠦᠵᠢᠨ ᠨᠢᠭᠡ ᠴᠠᠭ ᠮᠥᠴᠡ ᠴᠤ᠌ ᠲᠡᠷᠡ ᠬᠡᠦᠬᠡᠨ ᠲᠡᠭᠦᠨ ᠢ᠋ ᠬᠦᠯᠢᠶᠡᠬᠦ ᠦᠭᠡᠢ ᠭᠡᠵᠦ ᠪᠣᠳᠣᠭᠰᠠᠨ ᠦᠭᠡᠢ ᠪᠥᠭᠡᠳ ᠡᠭᠦᠨ ᠲᠡᠢ ᠠᠳᠠᠯᠢ ᠪᠠᠷ ᠳᠥᠷᠪᠡᠨ ᠲᠦᠮᠡᠨ ᠡᠷᠦᠬᠡ ᠠᠢᠯ ᠢ᠋ᠶ᠋ᠠᠨ ᠠᠯᠳᠠᠴᠢᠭᠰᠠᠨ ᠭᠡᠳ ᠪᠣᠯᠵᠣᠭᠠᠠ᠋ᠴᠠ ᠪᠠᠨ ᠪᠤᠴᠠᠨ᠎ᠠ ᠭᠡᠵᠦ ᠲᠡᠢ ᠰᠡᠴᠡᠨ ᠴᠤ᠌ ᠰᠠᠨᠠᠭᠰᠠᠨ ᠦᠭᠡᠢ ᠪᠠᠢᠯ᠎ᠠ᠃ ᠬᠡᠳᠦᠢ ᠲᠡᠢᠮᠦ ᠪᠣᠯᠪᠠᠴᠤ ᠡᠨᠡ ᠳᠥᠷᠪᠡᠨ ᠵᠢᠯ ᠦ᠋ᠨ ᠬᠣᠭᠣᠷᠣᠨᠳᠣ ᠥᠴᠦᠬᠡᠨ ᠴᠦ᠍ ᠬᠠᠷᠢᠯᠴᠠᠭᠰᠠᠨ ᠦᠭᠡᠢ᠂ ᠲᠡᠷᠡ ᠶᠠᠩᠵᠤ ᠪᠠᠷ ᠥᠩᠭᠡᠷᠡᠯ᠎ᠡ᠃ ᠬᠡᠷᠪᠡ ᠡᠨᠡ ᠳᠥᠷᠪᠡᠨ ᠵᠢᠯ ᠦ᠋ᠨ ᠳᠣᠲᠣᠷ᠎ᠠ ᠬᠣᠩᠭᠢᠷᠠᠳ ᠠᠢᠮᠠᠭ ᠤ᠋ᠨ ᠤᠷᠤᠭ ᠰᠠᠳᠤᠨ ᠤ᠋ ᠬᠠᠷᠢᠯᠴᠠᠭ᠎ᠠ ᠪᠠᠨ ᠠᠰᠢᠭᠯᠠᠭᠰᠠᠨ ᠪᠣᠯ ᠲᠡᠮᠦᠵᠢᠨ ᠦ᠌ ᠶᠠᠳᠠᠭᠤ ᠵᠦᠳᠡᠭᠦᠦ ᠠᠮᠢᠳᠤᠷᠠᠯ ᠪᠠ ᠡᠯ᠎ᠡ ᠵᠦᠢᠯ ᠦ᠋ᠨ ᠳᠠᠷᠤᠯᠠᠯ ᠢ᠋ᠶ᠋ᠠᠨ ᠪᠠᠬᠠᠨ ᠬᠥᠩᠭᠡᠷᠡᠭᠦᠯᠵᠦ ᠪᠣᠯᠤᠮᠠᠷ ᠶᠤᠮᠰᠠᠨ᠃ ᠭᠡᠪᠡᠴᠦ ᠬᠥᠮᠦᠨ ᠳ᠋ᠦ᠍ ᠰᠢᠪᠰᠢᠭ ᠢ᠋ᠶ᠋ᠡᠨ ᠦᠵᠡᠭᠦᠯᠬᠦ ᠦᠭᠡᠢ ᠭᠡᠰᠡᠨ ᠪᠡᠶ᠎ᠡ ᠪᠡᠨ ᠬᠦᠨᠳᠦᠳᠬᠡᠬᠦ ᠰᠡᠳᠬᠢᠯ ᠨᠢ ᠲᠡᠢᠮᠦ ᠪᠠᠢᠳᠠᠯ ᠳᠣᠣᠷ᠎ᠠ᠂ ᠲᠡᠨᠳᠡ ᠣᠴᠢᠵᠤ ᠲᠤᠰᠠᠯᠠᠮᠵᠢ ᠡᠷᠢᠬᠦ ᠰᠠᠨᠠᠭ᠎ᠠ ᠶ᠋ᠢ ᠨᠢ ᠠᠯᠠᠭ᠎ᠠ ᠪᠣᠯᠭᠠᠵᠤ ᠪᠠᠢᠵᠠᠢ᠃《ᠬᠡᠷᠪᠡ ᠥᠪᠡᠷ ᠢ᠋ᠶ᠋ᠡᠨ ᠭᠤᠢᠷᠠᠨᠴᠢ ᠮᠡᠲᠦ ᠪᠠᠢᠭᠠᠳ ᠣᠴᠢᠪᠠᠯ᠂ ᠶᠢᠷᠲᠢᠨᠴᠦ ᠶ᠋ᠢᠨ ᠬᠥᠮᠦᠰ ᠡᠯᠡᠭᠯᠡᠨ᠎ᠡ》 ᠭᠡᠵᠦ ᠲᠡᠷᠡ ᠦᠷᠭᠦᠯᠵᠢ ᠬᠡᠯᠡᠳᠡᠭ ᠪᠠᠢᠵᠠᠢ᠃
ᠣᠳᠣ ᠲᠡᠭᠦᠨ ᠦ᠌ ᠨᠡᠷ᠎ᠡ ᠲᠥᠷᠥ ᠨᠢ ᠮᠠᠨᠳᠤᠵᠤ᠂ ᠲᠡᠳᠦᠢ ᠣᠯᠠᠨ ᠳᠠᠭᠠᠭᠰᠠᠳ ᠢ᠋ ᠳᠠᠭᠠᠭᠤᠯᠬᠤ ᠴᠤ᠌ ᠦᠭᠡᠢ ᠪᠡᠷ᠂ ᠡᠯᠪᠡᠭ ᠳᠡᠯᠪᠡᠭ ᠪᠡᠯᠡᠭ ᠰᠡᠯᠡᠭ ᠠᠪᠠᠴᠢᠬᠤ ᠴᠤ᠌ ᠦᠭᠡᠢ ᠪᠡᠷ᠂ ᠪᠠᠶᠠᠨ ᠪᠡᠷᠢ ᠲᠡᠢ ᠬᠤᠷᠢᠮᠯᠠᠭᠠᠳ ᠠᠪᠴᠤ ᠢᠷᠡᠪᠡᠴᠦ ᠳᠡᠮᠡᠢ ᠢᠴᠢᠩᠭᠦᠷᠡᠨ ᠭᠤᠲᠤᠷᠠᠬᠤ ᠤᠴᠢᠷ ᠦᠭᠡᠢ ᠦᠶ᠎ᠡ ᠪᠣᠯᠵᠠᠢ᠃ ᠪᠠᠶᠠᠷ ᠬᠥᠭᠵᠢᠯ ᠲᠡᠢ ᠳᠠᠭᠤᠨ ᠤ᠋ ᠳᠤᠮᠳᠠ ᠲᠡᠷᠡ ᠤᠭᠲᠤᠭᠳᠠᠪᠠ᠃
《ᠤᠤᠬᠠᠢ! ᠴᠢ ᠮᠢᠨᠢ ᠪᠠᠰᠠ ᠠᠮᠢᠳᠤ ᠪᠠᠢᠭᠰᠠᠭᠠᠷ ᠤᠤ᠂ ᠴᠢ ᠮᠢᠨᠢ ᠴᠣᠬᠣᠮ ᠮᠡᠷᠭᠡᠨ ᠪᠥᠭᠡᠳ ᠪᠠᠭᠠᠲᠤᠷ ᠬᠥᠮᠦᠨ ᠪᠠᠢᠨ᠎ᠠ᠃ ᠪᠢᠳᠡ ᠨᠢᠭᠡ ᠦᠶ᠎ᠡ ᠴᠢᠮᠠᠶ᠋ᠢ ᠢᠩᠭᠢᠵᠦ ᠪᠠᠢᠨ᠎ᠠ ᠭᠡᠵᠦ ᠪᠠᠷᠤᠭ ᠢᠲᠡᠭᠡᠵᠦ ᠴᠢᠳᠠᠬᠤ ᠪᠠᠨ ᠪᠤᠯᠢᠴᠢᠬᠠᠭᠰᠠᠨ ᠶᠤᠮ᠃ ᠬᠠᠯᠠᠭ᠂ ᠳᠠᠢᠰᠤᠨ ᠴᠢᠨᠢ ᠳᠠᠩᠴᠤ ᠠᠷᠪᠢᠨ ᠪᠠᠢᠭᠰᠠᠨ ᠶᠤᠮ ᠳᠠ》 ᠭᠡᠵᠦ ᠲᠡᠢ ᠰᠡᠴᠡᠨ ᠪᠠᠶᠠᠷᠯᠠᠨ ᠥᠨᠳᠥᠷ ᠳᠠᠭᠤᠨ ᠢ᠋ᠶ᠋ᠠᠷ ᠬᠡᠯᠡᠵᠦ ᠪᠠᠢᠯ᠎ᠠ᠃
ᠲᠡᠮᠦᠵᠢᠨ ᠥᠪᠡᠷ ᠲᠤᠨᠢ ᠠᠶᠤᠯ ᠲᠤᠯᠭᠠᠷᠠᠵᠤ ᠪᠠᠢᠭᠰᠠᠨ ᠲᠤᠬᠠᠢ ᠴᠢᠮᠡᠭᠡ ᠨᠢ ᠡᠨᠳᠡ ᠬᠦᠷᠲᠡᠯ᠎ᠡ ᠤᠯᠠᠮᠵᠢᠯᠠᠭᠳᠠᠵᠤ ᠪᠠᠢᠭᠰᠠᠨ ᠢ᠋ ᠮᠠᠰᠢ ᠬᠠᠨᠤᠮᠵᠢᠲᠠᠢ ᠪᠠᠷ ᠰᠣᠨᠣᠰᠴᠤ᠂ ᠰᠣᠴᠢᠬᠤ ᠪᠥᠭᠡᠳ ᠰᠡᠳᠬᠢᠯ ᠬᠥᠳᠡᠯᠦᠯ᠎ᠡ᠃ ᠡᠨᠡ ᠳᠥᠷᠪᠡᠨ ᠵᠢᠯ ᠦ᠋ᠨ ᠬᠣᠭᠣᠷᠣᠨᠳᠣ᠂ ᠲᠡᠭᠦᠨ ᠦ᠌ ᠮᠥᠷᠥ ᠥᠷᠭᠡᠵᠢᠵᠦ ᠡᠷ᠎ᠡ ᠰᠢᠭ ᠪᠣᠯᠤᠭᠠᠳ ᠮᠢᠭᠤᠢ ᠶ᠋ᠢᠨ ᠠᠳᠠᠯᠢ ᠭᠢᠯᠠᠯᠵᠠᠭᠰᠠᠨ ᠨᠢᠳᠦ ᠨᠢ ᠡᠷᠲᠡ ᠦᠶ᠎ᠡ ᠶ᠋ᠢᠨ ᠲᠡᠷᠡ ᠴᠢᠭ ᠢ᠋ᠶ᠋ᠡᠷ ᠢ᠋ᠶ᠋ᠡᠨ ᠠᠯᠢᠪᠠ ᠪᠦᠬᠦᠨ ᠢ᠋ ᠨᠡᠪᠲᠡ ᠬᠠᠷᠠᠮᠠᠷ ᠠᠩᠬᠠᠷᠤᠯ ᠲᠠᠢ ᠬᠠᠷᠠᠴᠠ ᠨᠢ ᠤᠷᠢᠳ ᠡᠮᠦᠨ᠎ᠡ ᠡᠴᠡ ᠪᠡᠨ ᠤᠯᠠᠮ ᠰᠢᠷᠦᠭᠦᠨ ᠪᠣᠯᠵᠠᠢ᠃ ᠡᠭᠦᠨ ᠡᠴᠡ ᠤᠷᠢᠳ ᠲᠡᠷᠡ ᠦᠭᠡ ᠳᠠᠭᠤᠨ ᠴᠥᠭᠡᠨ ᠪᠠᠢᠭᠰᠠᠨ ᠪᠣᠯ ᠣᠳᠣ ᠨᠡᠩ ᠳᠤᠭᠤᠢ ᠪᠣᠯᠪᠠ᠃ ᠦᠭᠡ ᠬᠡᠯᠡᠪᠡᠯ ᠪᠦᠷ ᠭᠦᠨ ᠪᠣᠳᠣᠵᠤ ᠪᠣᠯᠪᠠᠰᠤᠷᠠᠭᠤᠯᠤᠭᠰᠠᠨ ᠬᠣᠢᠨ᠎ᠠ ᠰᠠᠶᠢ ᠬᠡᠯᠡᠳᠡᠭ ᠶᠦᠮ᠃
ᠪᠠᠶᠠᠷ ᠤ᠋ᠨ ᠬᠤᠷᠢᠮ ᠨᠢ ᠤᠳᠠᠭᠠᠨ ᠬᠣᠨᠣᠭ ᠦᠷᠭᠦᠯᠵᠢᠯᠡᠭᠰᠡᠨ ᠪᠥᠭᠡᠳ ᠬᠡᠪᠴᠢᠶ᠎ᠡ ᠨᠢ ᠪᠠᠰᠠ ᠶᠡᠬᠡ ᠪᠠᠢᠯ᠎ᠠ᠃ ᠲᠡᠷᠡ ᠬᠡᠳᠦᠢ ᠪᠡᠷ ᠳᠡᠭᠦᠦ ᠲᠡᠢ ᠪᠡᠨ ᠬᠣᠶᠠᠭᠤᠯᠠ ᠢᠷᠡᠭᠰᠡᠨ ᠪᠣᠯᠪᠠᠴᠤ᠂ ᠣᠯᠠᠨ ᠭᠣᠴᠢᠭ ᠳᠠᠭᠠᠭᠰᠠᠳ ᠲᠠᠢ ᠢᠷᠡᠭᠰᠡᠨ ᠮᠡᠲᠦ ᠬᠦᠨᠳᠦᠳᠬᠡᠭᠳᠡᠵᠦ ᠪᠠᠢᠯ᠎ᠠ᠃ ᠲᠡᠷᠡ ᠤᠷᠤᠭ ᠪᠠᠷᠢᠯᠳᠤᠭᠰᠠᠨ ᠪᠡᠯᠡᠭ ᠲᠦ᠍ ᠬᠠᠷ᠎ᠠ ᠪᠤᠯᠠᠭᠠᠨ ᠳᠠᠬᠤ ᠶ᠋ᠢ ᠬᠦᠯᠢᠶᠡᠨ ᠠᠪᠤᠭᠰᠠᠨ ᠶᠤᠮ᠂ ᠭᠠᠭᠴᠠ ᠡᠨᠡ ᠪᠡᠯᠡᠭ ᠢ᠋ᠶ᠋ᠡᠷ ᠦᠵᠡᠪᠡᠴᠦ᠂ ᠲᠡᠭᠦᠨ ᠦ᠌ ᠣᠳᠣ ᠪᠠᠢᠭ᠎ᠠ ᠪᠦᠬᠦ ᠬᠥᠷᠥᠩᠭᠡ ᠶ᠋ᠢᠨ ᠦᠨ᠎ᠡ ᠬᠠᠩᠰᠢ ᠠ᠋ᠴᠠ ᠥᠨᠳᠥᠷ ᠶᠦᠮ᠃ ᠪᠤᠴᠠᠬᠤ ᠪᠠᠷ ᠮᠣᠷᠳᠠᠬᠤ ᠦᠶ᠎ᠡ ᠳ᠋ᠦ᠍ ᠲᠡᠭᠦᠨ ᠦ᠌ ᠡᠬᠡᠨᠡᠷ ᠪᠥᠷᠲᠡ ᠶ᠋ᠢᠨ ᠲᠡᠳᠦᠢ ᠪᠤᠰᠤ᠂ ᠲᠡᠷᠡ ᠬᠡᠦᠬᠡᠨ ᠦ᠌ ᠡᠷᠡᠭᠲᠡᠢ ᠡᠮᠡᠭᠲᠡᠢ ᠣᠯᠠᠨ ᠳᠠᠭᠠᠭᠰᠠᠳ ᠪᠦᠬᠦᠨ ᠨᠢ ᠬᠠᠮᠲᠤᠪᠠᠷ ᠤᠨᠤᠨ ᠮᠥᠷᠡᠨ ᠦ᠌ ᠵᠦᠭ ᠮᠣᠷᠳᠠᠭᠰᠠᠨ ᠪᠠᠢᠨ᠎ᠠ᠃ ᠨᠢᠭᠡ ᠠᠢᠮᠠᠭ ᠤ᠋ᠨ ᠨᠣᠶᠠᠨ ᠤ᠋ ᠡᠬᠡᠨᠡᠷ ᠪᠣᠯ ᠶᠡᠷᠦ ᠡᠴᠡ ᠥᠪᠡᠷ ᠦ᠋ᠨ ᠭᠡᠷ ᠦ᠋ᠨ ᠳᠠᠭᠠᠭᠰᠠᠳ ᠢ᠋ᠶ᠋ᠠᠨ ᠴᠥᠮ ᠳᠠᠭᠠᠭᠤᠯᠵᠤ ᠠᠪᠠᠴᠢᠬᠤ ᠡᠷᠬᠡ ᠲᠡᠢ ᠪᠠᠢᠵᠠᠢ᠃ ᠪᠥᠷᠲᠡ ᠳᠠᠭᠠᠭᠰᠠᠳ ᠪᠣᠯᠤᠨ ᠥᠪᠡᠷ ᠦ᠋ᠨ ᠥᠮᠴᠢ ᠬᠣᠭᠰᠢᠯ ᠢ᠋ᠶ᠋ᠠᠨ ᠴᠥᠮ ᠢ᠋ ᠠᠪᠤᠭᠠᠳ ᠢᠷᠡᠭᠰᠡᠨ ᠡᠴᠡ ᠲᠡᠮᠦᠵᠢᠨ ᠦ᠌ ᠪᠠᠭᠤᠴᠠ ᠠᠢᠯ ᠨᠢ ᠨᠢᠭᠡ ᠯᠡ ᠳᠣᠣᠷ᠎ᠠ ᠪᠠᠶᠠᠯᠢᠭ ᠪᠥᠭᠡᠳ ᠬᠡᠪᠴᠢᠶ᠎ᠡ ᠪᠡᠷ ᠶᠡᠬᠡ ᠣᠷᠳᠣᠨ ᠪᠣᠯᠪᠠ᠃ ᠲᠡᠮᠦᠵᠢᠨ ᠦ᠌ ᠡᠷᠭᠢᠨ ᠲᠣᠭᠣᠷᠢᠨ ᠤ᠋ ᠵᠠᠯᠠᠭᠤᠰ ᠨᠢ ᠲᠡᠭᠦᠨ ᠢ᠋ ᠠᠢᠮᠠᠭ ᠤ᠋ᠨ ᠢ᠋ᠶ᠋ᠠᠨ ᠲᠡᠷᠢᠭᠦᠨ ᠮᠡᠲᠦ ᠬᠦᠨᠳᠦᠳᠬᠡᠨ ᠵᠢᠭᠰᠠᠨ ᠵᠣᠭᠰᠣᠬᠤ ᠪᠤᠶᠤ ᠳᠠᠭᠠᠵᠤ ᠶᠠᠪᠤᠳᠠᠭ ᠪᠠᠢᠵᠠᠢ᠃
ᠦᠰᠦᠭ ᠠᠮᠢᠯᠠᠭᠤᠯᠤᠭᠴᠢ᠄ ᠲᠣᠭᠲᠠᠭᠤᠨᠪᠠᠶᠠᠷ᠂ ᠪᠠᠶᠠᠨᠰᠡᠷᠡᠩ᠂ ᠣᠶᠤᠨᠪᠢᠯᠢᠭ᠌᠂ ᠪᠠᠶᠠᠨᠴᠡᠴᠡᠭ᠂ ᠲᠣᠭᠲᠠᠭᠤᠨ᠂ ᠡᠷᠳᠡᠨᠢᠭᠤᠸ᠎ᠠ᠂ ᠥᠯᠵᠡᠢᠪᠠᠭᠠᠲᠤᠷ᠂ ᠲᠣᠭᠲᠠᠭᠤᠨ᠂ ᠵᠣᠷᠢᠭᠲᠤ
ᠦᠰᠦᠭ ᠬᠢᠨᠠᠭᠴᠢ᠄ ᠪᠠᠶᠠᠨᠰᠡᠷᠡᠩ᠂ ᠪᠠᠶᠠᠨᠴᠡᠴᠡᠭ· ᠲ· ᠬᠦᠮᠦᠵᠢᠯᠲᠦ· ᠬᠡᠷᠡᠢᠳ ᠮᠥᠩᠬᠡᠨᠠᠰᠤᠨ᠂ ᠣᠳᠬᠠᠨᠰᠣ᠎ᠠ
