ᠴᠢᠩᠭᠢᠰ ᠬᠠᠭᠠᠨ ᠤ᠋ ᠪᠠᠢᠯᠳᠤᠬᠤ ᠪᠣᠳᠣᠯᠭ᠎ᠠ ᠪᠠ ᠠᠷᠭ᠎ᠠ-ᠣᠷᠣᠰᠢᠯЧингис хааны байлдах бодлого ба арга-Оршил
ᠮᠣᠩᠭᠣᠯᠴᠢᠯᠠᠭᠴᠢ ᠶ᠋ᠢᠨ ᠲᠣᠳᠣᠷᠬᠠᠢᠯᠠᠯᠲᠠ
ᠲᠤᠰ ᠨᠣᠮ ᠪᠣᠯ《ᠴᠢᠩᠭᠢᠰ ᠬᠠᠭᠠᠨ》 ᠭᠡᠬᠦ ᠪᠧᠷᠸᠽᠢᠨ ᠦ᠌ ᠤᠭ ᠵᠣᠬᠢᠶᠠᠯ ᠢ᠋ ᠶᠠᠫᠣᠨ ᠬᠡᠯᠡᠨ ᠡᠴᠡ ᠮᠣᠩᠭᠣᠯᠴᠢᠯᠠᠪᠠᠢ᠃ ᠲᠤᠰ ᠨᠣᠮ ᠶᠠᠫᠣᠨ ᠬᠡᠯᠡᠨ ᠳ᠋ᠦ᠍ ᠣᠷᠴᠢᠭᠤᠯᠤᠭᠳᠠᠭᠠᠳ《ᠴᠢᠩᠭᠢᠰ ᠬᠠᠭᠠᠨ ᠤ᠋ ᠪᠠᠢᠯᠳᠤᠬᠤ ᠪᠣᠳᠣᠯᠭ᠎ᠠ ᠪᠠ ᠠᠷᠭ᠎ᠠ》 ᠭᠡᠬᠦ ᠨᠡᠷ᠎ᠡ ᠪᠡᠷ ᠬᠡᠪᠯᠡᠭᠳᠡᠭᠰᠡᠨ ᠦ᠌ ᠳᠠᠷᠠᠭ᠎ᠠ᠂ ᠤᠳᠠᠭᠰᠠᠨ ᠦᠭᠡᠢ ᠪᠡᠷ《ᠠᠭᠤᠤ ᠶᠡᠬᠡ ᠶᠡᠷᠦᠩᠬᠡᠢᠯᠡᠨ ᠳᠠᠭᠠᠭᠤᠯᠤᠭᠴᠢ — ᠴᠢᠩᠭᠢᠰ ᠬᠠᠭᠠᠨ ᠤ᠋ ᠲᠤᠬᠠᠢ ᠨᠢᠭᠤᠴᠠ》 ᠭᠡᠵᠦ ᠨᠣᠮ ᠤ᠋ᠨ ᠨᠡᠷ᠎ᠡ ᠶ᠋ᠢ ᠥᠭᠡᠷᠡᠴᠢᠯᠡᠭᠡᠳ1982 ᠣᠨ ᠤ᠋3 ᠳ᠋ᠤᠭᠠᠷ ᠰᠠᠷ᠎ᠠ ᠳ᠋ᠤ᠌ ᠠᠩᠬᠠᠳᠤᠭᠠᠷ ᠤᠳᠠᠭ᠎ᠠ ᠬᠡᠪᠯᠡᠭᠦᠯᠵᠦ᠂ ᠲᠤᠰ ᠵᠢᠯ ᠦ᠋ᠨ ᠳᠣᠯᠣᠳᠤᠭᠠᠷ ᠰᠠᠷ᠎ᠠ ᠳ᠋ᠤ᠌ ᠬᠣᠶᠠᠳᠤᠭᠠᠷ ᠤᠳᠠᠭ᠎ᠠ ᠬᠡᠪᠯᠡᠭᠦᠯᠦᠭᠰᠡᠨ ᠪᠠᠢᠨ᠎ᠠ᠃
ᠪᠢ ᠮᠣᠩᠭᠣᠯᠴᠢᠯᠠᠬᠤ ᠳ᠋ᠠᠭᠠᠨ《ᠴᠢᠩᠭᠢᠰ ᠬᠠᠭᠠᠨ ᠤ᠋ ᠪᠠᠢᠯᠳᠤᠬᠤ ᠪᠣᠳᠣᠯᠭ᠎ᠠ ᠪᠠ ᠠᠷᠭ᠎ᠠ》 ᠭᠡᠰᠡᠨ ᠨᠡᠷ᠎ᠡ ᠲᠡᠢ ᠬᠡᠪᠯᠡᠯ ᠢ᠋ ᠣᠷᠴᠢᠭᠤᠯᠤᠭᠰᠠᠨ ᠪᠣᠯᠬᠣᠷ᠂ ᠤᠤᠯ ᠨᠡᠷ᠎ᠡ ᠶ᠋ᠢ ᠨᠢ ᠦᠯᠡᠳᠡᠭᠡᠭᠡᠳ1982 ᠣᠨ ᠤ᠋3 ᠳ᠋ᠤᠭᠠᠷ ᠰᠠᠷ᠎ᠠ ᠶ᠋ᠢᠨ ᠠᠩᠬᠠᠳᠤᠭᠠᠷ ᠬᠡᠪᠯᠡᠯ ᠢ᠋ ᠦᠨᠳᠦᠰᠦᠯᠡᠨ ᠣᠷᠴᠢᠭᠤᠯᠭ᠎ᠠ ᠳ᠋ᠠᠭᠠᠨ ᠵᠠᠰᠠᠯᠲᠠ ᠣᠷᠣᠭᠤᠯᠤᠭᠰᠠᠨ ᠪᠢᠯᠡ᠃
ᠶᠠᠫᠤᠨᠴᠢᠯᠠᠭᠴᠢ ᠨᠢ ᠲᠤᠰ ᠨᠣᠮ ᠢ᠋ ᠹᠷᠠᠨᠼᠢ ᠬᠡᠯᠡᠨ ᠡᠴᠡ ᠶᠠᠫᠣᠨ ᠬᠡᠯᠡᠨ ᠳ᠋ᠦ᠍ ᠣᠷᠴᠢᠭᠤᠯᠬᠤ ᠳ᠋ᠠᠭᠠᠨ᠂ ᠣᠯᠠᠨ ᠭᠠᠵᠠᠷ ᠵᠡᠭᠦᠯᠲᠡ ᠬᠢᠵᠦ᠂ ᠶᠠᠫᠤᠨᠴᠢᠯᠠᠭᠴᠢ ᠶ᠋ᠢᠨ ᠰᠠᠨᠠᠯ ᠲᠥᠷᠥᠭᠳᠡᠯ ᠢ᠋ᠶ᠋ᠡᠨ ᠨᠡᠮᠡᠵᠦ ᠣᠷᠣᠭᠤᠯᠤᠭᠰᠠᠨ ᠪᠠᠢᠪᠠ᠃ ᠪᠢ ᠮᠣᠩᠭᠣᠯᠴᠢᠯᠠᠬᠤ ᠳ᠋ᠠᠭᠠᠨ ᠤᠭ ᠵᠣᠬᠢᠶᠠᠯ ᠤ᠋ᠨ
ᠬᠡᠯᠪᠡᠷᠢ ᠶ᠋ᠢ ᠬᠠᠳᠠᠭᠠᠯᠠᠬᠤ ᠶ᠋ᠢᠨ ᠡᠭᠦᠳᠡᠨ ᠡᠴᠡ ᠶᠠᠫᠣᠨᠴᠢᠯᠠᠭᠴᠢ ᠶ᠋ᠢᠨ ᠬᠢᠭᠰᠡᠨ ᠵᠡᠭᠦᠯᠲᠡ ᠶ᠋ᠢ ᠬᠠᠰᠤᠭᠰᠠᠨ ᠢ᠋ᠶ᠋ᠠᠨ ᠡᠨᠳᠡ ᠲᠣᠳᠣᠷᠬᠠᠢᠯᠠᠶ᠎ᠠ᠃
ᠭᠠᠳᠠᠭᠠᠳᠤ ᠤᠯᠤᠰ ᠤ᠋ᠨ ᠬᠥᠮᠦᠰ ᠴᠢᠩᠭᠢᠰ ᠬᠠᠭᠠᠨ ᠢ᠋ ᠢᠩᠭᠢᠵᠦ ᠬᠦᠨᠳᠦᠳᠬᠡᠨ᠂ ᠴᠢᠩᠭᠢᠰ ᠬᠠᠭᠠᠨ ᠤ᠋ ᠲᠤᠬᠠᠢ ᠨᠣᠮ ᠤ᠋ᠳ ᠢ᠋ ᠥᠪᠡᠷ ᠥᠪᠡᠷ ᠦ᠋ᠨ ᠬᠡᠯᠡᠨ ᠳ᠋ᠦ᠍ ᠣᠷᠴᠢᠭᠤᠯᠵᠤ ᠰᠤᠳᠤᠯᠵᠤ ᠪᠠᠢᠲᠠᠯ᠎ᠠ᠂ ᠮᠠᠨ ᠤ᠋ ᠮᠣᠩᠭᠣᠯᠴᠤᠳ ᠥᠪᠡᠷ ᠦ᠋ᠨ ᠳᠡᠭᠡᠳᠦᠰ ᠦ᠋ᠨ ᠲᠡᠦᠬᠡ᠂ ᠢᠯᠠᠩᠭᠤᠶ᠎ᠠ ᠡᠬᠡ ᠣᠷᠣᠨ ᠪᠠ ᠦᠨᠳᠦᠰᠦᠲᠡᠨ ᠦ᠌ ᠲᠡᠦᠬᠡ ᠪᠡᠨ ᠮᠡᠳᠡᠵᠦ ᠠᠪᠬᠤ ᠳ᠋ᠤ᠌ ᠥᠴᠦᠬᠡᠨ ᠲᠤᠰᠠ ᠨᠡᠮᠡᠭᠦᠷᠢ ᠪᠣᠯᠬᠤ ᠪᠣᠯᠪᠠᠤ ᠭᠡᠵᠦ ᠪᠣᠳᠣᠭᠠᠳ᠂ ᠠᠵᠢᠯ ᠤ᠋ᠨ ᠴᠢᠯᠥᠭᠡ ᠪᠡᠷ ᠡᠨᠡ ᠨᠣᠮ ᠢ᠋ ᠮᠣᠩᠭᠣᠯᠴᠢᠯᠠᠭᠰᠠᠨ ᠪᠢᠯᠡ᠃ ᠭᠡᠲᠡᠯ᠎ᠡ ᠮᠢᠨᠦ ᠬᠢᠷᠢ ᠬᠡᠮᠵᠢᠶ᠎ᠡ ᠪᠠ ᠲᠡᠦᠬᠡ ᠶ᠋ᠢᠨ ᠮᠡᠳᠡᠯᠭᠡ ᠨᠢᠮᠭᠡᠨ᠂ ᠴᠢᠩᠭᠢᠰ ᠬᠠᠭᠠᠨ ᠤ᠋ ᠠᠶᠠᠨ ᠲᠡᠢᠨ ᠨᠢ ᠠᠽᠢᠶ᠎ᠠ ᠧᠦ᠋ᠷᠣᠫᠠ ᠬᠣᠶᠠᠷ ᠲᠢᠪ ᠢ᠋ ᠬᠠᠮᠤᠷᠴᠤ᠂ ᠳᠡᠯᠡᠬᠡᠢ ᠳ᠋ᠠᠬᠢᠨ ᠳᠡᠭᠡᠷᠡᠬᠢ ᠠᠯᠢᠪᠠ ᠪᠠᠭᠠᠲᠤᠷ ᠬᠠᠭᠠᠳ ᠠ᠋ᠴᠠ ᠴᠤ᠌ ᠢᠯᠡᠭᠦᠦ ᠥᠷᠭᠡᠨ ᠠᠭᠤᠳᠠᠮ ᠭᠠᠵᠠᠷ ᠪᠠᠢᠯᠳᠤᠨ ᠶᠠᠪᠤᠭᠰᠠᠨ ᠪᠣᠯᠬᠣᠷ᠂ ᠭᠠᠵᠠᠷ ᠤ᠋ᠨ (ᠬᠣᠲᠠ ᠪᠠᠯᠭᠠᠰᠤᠨ ᠤ᠋) ᠨᠡᠷ᠎ᠡ᠂ ᠦᠨᠳᠦᠰᠦᠲᠡᠨ ᠶᠠᠰᠤᠲᠠᠨ ᠤ᠋ ᠨᠡᠷ᠎ᠡ᠂ ᠬᠥᠮᠦᠨ ᠦ᠌ ᠨᠡᠷ᠎ᠡ ᠶ᠋ᠢ ᠪᠢᠴᠢᠬᠦ ᠳ᠋ᠡᠭᠡᠨ ᠶᠡᠬᠡ ᠬᠦᠴᠢᠷᠳᠡᠪᠡ᠃ ᠬᠢᠲᠠᠳ ᠪᠠ ᠶᠠᠫᠣᠨ᠂ ᠣᠷᠣᠰ ᠤ᠋ᠨ ᠲᠡᠦᠬᠡᠴᠢᠨ ᠨᠠᠷ ᠤ᠋ᠨ ᠥᠪᠡᠷ ᠥᠪᠡᠷ ᠦ᠋ᠨ ᠬᠡᠯᠡ ᠠᠶᠠᠯᠭᠤ ᠪᠠᠷ ᠲᠡᠮᠳᠡᠭᠯᠡᠭᠰᠡᠨ ᠲᠡᠦᠬᠡᠨ ᠮᠠᠲ᠋ᠧᠷᠢᠶᠠᠯ ᠳ᠋ᠤ᠌ ᠤᠭ ᠨᠡᠷ᠎ᠡ ᠶ᠋ᠢᠨ ᠳᠠᠭᠤᠳᠠᠯᠭ᠎ᠠ ᠠᠳᠠᠯᠢ ᠦᠭᠡᠢ ᠪᠣᠯᠤᠭᠰᠠᠨ ᠨᠢ ᠨᠡᠩ ᠪᠤᠳᠤᠯᠢᠶᠠᠨ ᠲᠠᠢ ᠪᠣᠯᠭᠠᠵᠠᠢ᠃ ᠲᠡᠢᠮᠦ ᠡᠴᠡ ᠮᠢᠨᠦ ᠣᠷᠴᠢᠭᠤᠯᠭ᠎ᠠ ᠳ᠋ᠤ᠌ ᠡᠨᠳᠡᠭᠦᠦ ᠪᠤᠷᠤᠭᠤ ᠪᠠᠢᠬᠤ ᠨᠢ ᠳᠠᠮᠵᠢᠭ ᠦᠭᠡᠢ ᠶᠦᠮ᠃ ᠬᠦᠨᠳᠦᠲᠦ ᠤᠩᠰᠢᠭᠴᠢᠳ ᠮᠢᠨᠢ ᠡᠨᠳᠡᠭᠦᠦ ᠪᠤᠷᠤᠭᠤ ᠭᠠᠵᠠᠷ ᠢ᠋ ᠨᠢ ᠵᠢᠭᠠᠪᠤᠷᠢᠯᠠᠨ ᠰᠤᠷᠭᠠᠬᠤ ᠶ᠋ᠢ ᠬᠦᠰᠡᠶ᠎ᠡ᠃
ᠡᠭᠦᠨ ᠦ᠌ ᠬᠠᠮᠲᠤ ᠮᠢᠨᠦ ᠣᠷᠴᠢᠭᠤᠯᠭ᠎ᠠ ᠶ᠋ᠢ ᠬᠢᠨᠠᠨ ᠵᠠᠰᠠᠭᠰᠠᠨ ᠨᠥᠬᠥᠳ ᠪᠣᠯᠤᠨ ᠨᠡᠷ᠎ᠡ ᠲᠣᠮᠢᠶ᠎ᠠ ᠶ᠋ᠢ ᠵᠥᠪ ᠪᠢᠴᠢᠬᠦ ᠳ᠋ᠦ᠍ ᠲᠤᠰᠠᠯᠠᠭᠰᠠᠨ ᠨᠥᠬᠥᠳ ᠲᠦ᠍ ᠴᠢᠩ ᠰᠡᠳᠬᠢᠯ ᠡᠴᠡ ᠪᠡᠨ ᠲᠠᠯᠠᠷᠬᠠᠵᠤ ᠪᠠᠢᠬᠤ ᠪᠠᠨ ᠡᠨᠳᠡ ᠢᠯᠡᠳᠬᠡᠶ᠎ᠡ᠃
ᠳᠤᠭᠠᠷᠵᠠᠪ ᠠ᠋ᠴᠠ
1982 ᠣᠨ ᠤ᠋12 ᠳ᠋ᠤᠭᠠᠷ ᠰᠠᠷ᠎ᠠ ᠶ᠋ᠢᠨ1 ᠦ᠌ ᠡᠳᠦᠷ᠃
ᠬᠥᠬᠡᠬᠣᠲᠠᠨ᠎ᠠ
ᠣᠷᠣᠰᠢᠯ
《ᠧᠦ᠋ᠷᠣᠫᠠ ᠶ᠋ᠢᠨ ᠬᠤᠪᠢ ᠵᠠᠶᠠᠭ᠎ᠠ ᠶ᠋ᠢ ᠳ᠋ᠠᠸᠢᠳ᠋ ᠬᠠᠭᠠᠨ ᠳ᠋ᠤ᠌ ᠳᠠᠭᠠᠳᠬᠠᠯ᠎ᠠ》 ᠭᠡᠳᠡᠭ᠃
ᠲᠡᠷᠡ ᠨᠢ1221 ᠣᠨ ᠤ᠋ ᠬᠡᠷᠡᠭ ᠪᠠᠢᠵᠤ ᠪᠢᠯᠡ᠂ ᠳᠥᠷᠪᠡᠨ ᠵᠢᠯ ᠦ᠋ᠨ ᠡᠮᠦᠨᠡᠬᠢ1217 ᠣᠨ ᠳ᠋ᠤ᠌ ᠷᠣᠮ ᠤ᠋ᠨ ᠱᠠᠰᠢᠨ ᠤ᠋ ᠬᠠᠭᠠᠨ ᠾᠣ᠌ᠨᠤᠷᠢᠤᠰ ᠭᠤᠷᠪᠠᠳᠤᠭᠠᠷ᠂ ᠵᠠᠭᠠᠯᠮᠠᠢ ᠲᠡᠮᠳᠡᠭᠲᠦ ᠲᠤᠭ ᠲᠠᠢ ᠴᠡᠷᠢᠭ ᠢ᠋ ᠰᠢᠨ᠎ᠡ ᠪᠡᠷ ᠵᠣᠬᠢᠶᠠᠨ ᠪᠠᠢᠭᠤᠯᠤᠭᠰᠠᠨ ᠠ᠋ᠴᠠ ᠨᠠᠰᠢ᠂ ᠬᠥᠮᠦᠰ ᠶᠡᠬᠡ ᠳᠠᠪᠠᠯᠭᠠᠨ ᠮᠡᠲᠦ ᠪᠡᠷ ᠧᠦ᠋ᠷᠣᠫᠠ ᠠ᠋ᠴᠠ ᠳᠣᠷᠣᠨᠠᠳᠠᠬᠢᠨ ᠤ᠋ ᠡᠯ᠎ᠡ ᠤᠯᠤᠰ ᠤ᠋ᠨ ᠵᠦᠭ ᠬᠥᠮᠥᠷᠢᠪᠡ᠃ ᠡᠨᠡ ᠤᠳᠠᠭ᠎ᠠ ᠶ᠋ᠢᠨ ᠵᠠᠭᠠᠯᠮᠠᠢ ᠲᠡᠮᠳᠡᠭᠲᠦ ᠲᠤᠭ ᠲᠠᠢ ᠴᠡᠷᠢᠭ ᠪᠣᠯ ᠭᠣᠣᠯ ᠨᠢ ᠪᠠᠷᠠᠭᠤᠨ ᠬᠡᠰᠡᠭ ᠦ᠋ᠨ ᠭᠧᠷᠮᠠᠨ᠂ ᠳ᠋ᠧᠨ᠍ᠮᠡᠷᠺᠡ᠂ ᠨᠤᠷᠸᠠᠢ ᠶ᠋ᠢᠨ ᠬᠥᠮᠦᠰ ᠢ᠋ᠶ᠋ᠡᠷ ᠪᠦᠷᠢᠯᠳᠦᠭᠰᠡᠨ ᠪᠠᠢᠯ᠎ᠠ᠃ ᠪᠤᠰᠤᠳ ᠨᠢ ᠲᠡᠳᠡᠨ ᠦ᠌ ᠤᠯᠤᠰ ᠠ᠋ᠴᠠ ᠪᠠᠨ ᠣᠩᠭᠣᠴᠠᠨ ᠳ᠋ᠤ᠌ ᠰᠠᠭᠤᠵᠤ ᠧᠦ᠋ᠷᠣᠫᠠ ᠲᠢᠪ ᠦ᠋ᠨ ᠪᠠᠷᠠᠭᠤᠨ ᠡᠷᠭᠢ ᠳ᠋ᠦ᠍ ᠭᠠᠷᠤᠭᠠᠳ᠂ ᠫᠣᠷᠲ᠋ᠦ᠋ᠭᠠᠯ ᠤᠯᠤᠰ ᠲᠤ ᠲᠦᠷ ᠴᠠᠭ ᠵᠣᠭᠰᠣᠵᠤ᠂ ᠪᠤᠰᠤᠳ ᠱᠠᠰᠢᠨ ᠰᠢᠲᠦᠭᠴᠢᠳ ᠢ᠋ ᠡᠰᠡᠷᠭᠦᠴᠡᠵᠦ ᠪᠠᠢᠭ᠎ᠠ ᠾᠷᠢᠰᠲ᠋ᠣᠰ ᠤ᠋ᠨ ᠱᠠᠰᠢᠨᠲᠠᠨ ᠤ᠋ ᠲᠡᠮᠡᠴᠡᠯ ᠢ᠋ ᠳᠡᠮᠵᠢᠭᠰᠡᠨ ᠦ᠌ ᠬᠣᠢᠨ᠎ᠠ᠂ ᠳᠠᠬᠢᠨ ᠳᠠᠯᠠᠢ ᠪᠠᠷ ᠠᠶᠠᠯᠠᠵᠤ ᠪᠠᠷᠤᠭ ᠨᠢᠭᠡ ᠵᠢᠯ ᠦ᠋ᠨ ᠳᠠᠷᠠᠭ᠎ᠠ᠂ ᠰᠢᠷᠢᠶ᠎ᠡ ᠳ᠋ᠦ᠍ ᠬᠦᠷᠦᠭᠰᠡᠨ ᠶᠦᠮ᠃ ᠰᠢᠷᠢᠶ᠎ᠡ ᠪᠣᠯ ᠡᠯ᠎ᠡ ᠭᠠᠵᠠᠷ ᠠ᠋ᠴᠠ ᠢᠷᠡᠬᠦ ᠵᠠᠭᠠᠯᠮᠠᠢ ᠲᠡᠮᠳᠡᠭᠲᠦ ᠲᠤᠭ ᠡᠷᠭᠦᠭᠰᠡᠨ ᠴᠡᠷᠢᠭ ᠦ᠋ᠨ ᠴᠤᠭᠯᠠᠷᠠᠬᠤ ᠭᠠᠵᠠᠷ ᠶᠤᠮ᠃ ᠡᠨᠳᠡ ᠨᠢᠭᠡ ᠠᠷᠮᠢ ᠶ᠋ᠢ ᠵᠣᠬᠢᠶᠠᠨ ᠪᠠᠢᠭᠤᠯᠵᠠᠢ᠂ ᠡᠨᠡ ᠠᠷᠮᠢ ᠨᠢ ᠰᠦᠰᠦᠭ ᠪᠢᠰᠢᠷᠡᠯ ᠦ᠋ᠨ ᠲᠠᠯ᠎ᠠ ᠪᠠᠷ ᠬᠥᠭᠵᠢᠯ ᠶᠡᠬᠡ ᠲᠡᠢ ᠪᠣᠯᠪᠠᠴᠤ᠂ ᠦᠨᠳᠦᠰᠦᠲᠡᠨ ᠨᠦ᠍ᠭᠦᠳ ᠦ᠋ᠨ ᠦᠭᠡ ᠬᠡᠯᠡ ᠨᠢ ᠨᠡᠪᠲᠡᠷᠡᠯᠴᠡᠬᠦ ᠦᠭᠡᠢ ᠵᠡᠷᠯᠢᠭ ᠰᠠᠨᠠᠭᠠᠲᠠᠨ ᠪᠠᠯᠠᠮᠠᠳ ᠡᠲᠡᠭᠡᠳ ᠢ᠋ᠶ᠋ᠡᠷ ᠪᠦᠷᠢᠯᠳᠦᠭᠰᠡᠨ ᠪᠦᠯᠦᠭ ᠦ᠋ᠳ ᠪᠠᠢᠵᠠᠢ᠂ ᠲᠡᠳᠡᠨᠦᠰ ᠲᠦ᠍ ᠵᠠᠭᠠᠯᠮᠠᠢ ᠲᠡᠮᠳᠡᠭ ᠵᠡᠭᠦᠵᠦ᠂ ᠲᠡᠢᠨ ᠦ᠌ ᠢᠯᠠᠯᠲᠠ ᠶ᠋ᠢ ᠣᠯᠤᠶ᠎ᠠ ᠭᠡᠰᠡᠨ ᠬᠦᠰᠡᠯ ᠡᠴᠡ ᠥᠭᠡᠷ᠎ᠡ ᠶᠠᠮᠠᠷᠴᠤ ᠨᠢᠭᠡᠳᠦᠯ ᠦᠭᠡᠢ ᠪᠠᠢᠪᠠ᠃ ᠡᠨᠡ ᠮᠡᠲᠦ ᠪᠦᠯᠬᠦᠮᠳᠡᠯ ᠦᠭᠡᠢ ᠴᠡᠷᠢᠭ ᠢ᠋ ᠯᠠᠯᠤ ᠶ᠋ᠢᠨ ᠮᠥᠷᠭᠥᠯᠲᠡᠨ ᠨᠠᠷ ᠲᠠᠢ ᠠᠳᠠᠯᠢᠳᠬᠠᠪᠠᠯ᠂ ᠲᠡᠳᠡᠨᠡᠷ ᠲᠦ᠍ ᠤᠭ ᠠ᠋ᠴᠠ ᠪᠠᠨ ᠪᠠᠢᠳᠠᠭ ᠪᠦᠯᠬᠦᠮᠳᠡᠯ ᠢ᠋ᠶ᠋ᠡᠷ ᠴᠢᠩᠭ᠎ᠠ ᠡᠨᠡᠬᠦ ᠰᠠᠢᠨ ᠨᠥᠬᠥᠴᠡᠯ ᠢ᠋ᠶ᠋ᠡᠨ ᠠᠰᠢᠭᠯᠠᠭᠠᠳ᠂ ᠬᠠᠲᠠᠭᠤ ᠲᠠᠭᠠᠷᠢᠪᠠᠴᠤ ᠡᠪᠳᠡᠷᠡᠰᠢ ᠦᠭᠡᠢ ᠪᠠᠲᠤ ᠪᠡᠬᠢ ᠬᠣᠲᠠᠨ ᠳ᠋ᠠᠭᠠᠨ ᠰᠢᠷᠭᠤᠭᠠᠳ᠂ ᠵᠠᠭᠠᠯᠮᠠᠢ ᠲᠡᠮᠳᠡᠭᠲᠦ ᠴᠡᠷᠢᠭ ᠢ᠋ ᠬᠦᠯᠢᠶᠡᠵᠦ ᠪᠠᠢᠯ᠎ᠠ᠃
ᠲᠡᠭᠡᠭᠡᠳ ᠯᠠᠯᠤ ᠶ᠋ᠢᠨ ᠮᠥᠷᠭᠥᠯᠲᠡᠨ᠂ ᠵᠠᠭᠠᠯᠮᠠᠢ ᠲᠡᠮᠳᠡᠭᠲᠦ ᠴᠡᠷᠢᠭ ᠦ᠋ᠨ ᠵᠠᠳᠠᠷᠠᠬᠤ ᠶ᠋ᠢ ᠠᠵᠢᠭᠯᠠᠨ ᠬᠦᠯᠢᠶᠡᠵᠦ᠂ ᠳᠡᠮᠡᠢ ᠤᠳᠠᠭᠠᠨ ᠴᠠᠭ ᠬᠤᠭᠤᠴᠠᠭ᠎ᠠ ᠴᠤ ᠬᠡᠷᠡᠭᠯᠡᠭᠰᠡᠨ ᠦᠭᠡᠢ᠃ ᠬᠠᠮᠤᠭ ᠤ᠋ᠨ ᠲᠦᠷᠦᠭᠦᠨ ᠳ᠋ᠦ᠍ ᠬᠠᠩᠭᠠᠷᠢ ᠤᠯᠤᠰ ᠤ᠋ᠨ ᠸᠠᠩ ᠠᠨ᠋ᠳᠦᠯᠧᠰ ᠬᠣᠶᠠᠳᠤᠭᠠᠷ ᠧᠦ᠋ᠷᠣᠫᠠ ᠲᠢᠪ ᠲᠡᠭᠡᠨ ᠪᠤᠴᠠᠪᠠ᠂ ᠠᠦ᠋ᠰᠲ᠋ᠷᠢᠶ᠎ᠠ ᠤᠯᠤᠰ ᠤ᠋ᠨ ᠯᠢᠦᠹᠧᠷᠳ᠋ᠧ ᠬᠦᠩ ᠲᠡᠭᠦᠨ ᠦ᠌ ᠬᠣᠢᠨ᠎ᠠ ᠠ᠋ᠴᠠ ᠤᠯᠠ ᠮᠥᠷ ᠢ᠋ ᠨᠢ ᠳᠠᠭᠠᠯ᠎ᠠ᠃ ᠦᠯᠡᠳᠡᠭᠡᠰᠡ ᠵᠠᠭᠠᠯᠮᠠᠢ ᠲᠡᠮᠳᠡᠭᠲᠦ ᠴᠡᠷᠢᠭ ᠨᠢ ᠲᠡᠢᠨ ᠦ᠌ ᠡᠯᠪᠡᠭ ᠪᠠᠶᠠᠯᠢᠭ ᠣᠯᠵᠠᠨ ᠳ᠋ᠤ᠌ ᠭᠣᠷᠢᠳᠠᠭᠠᠳ᠂ ᠰᠢᠷᠢᠶ᠎ᠡ ᠡᠴᠡ ᠶᠧᠵᠢᠫᠲ ᠦ᠋ᠨ ᠵᠦᠭ ᠮᠣᠷᠳᠠᠯ᠎ᠠ᠃ ᠲᠡᠳᠡᠨᠦᠰ ᠨᠢᠯ ᠮᠥᠷᠡᠨ ᠦ᠌ ᠠᠮᠠᠨ ᠳ᠋ᠠᠬᠢ ᠪᠠᠶᠠᠯᠢᠭ ᠭᠠᠷᠠᠮ ᠳ᠋ᠠᠮᠠᠢᠲ᠋ᠠ ᠳ᠋ᠤ᠌ ᠬᠦᠷᠦᠭᠡᠳ ᠨᠢᠭᠡ ᠵᠢᠯ ᠬᠠᠭᠠᠰ ᠪᠦᠰᠡᠯᠡᠨ ᠳᠠᠭᠠᠷᠢᠭᠠᠳ ᠡᠨᠡ ᠭᠠᠷᠠᠮ ᠢ᠋ ᠡᠵᠡᠯᠡᠨ ᠠᠪᠤᠭᠰᠠᠨ ᠶᠤᠮ᠃ ᠡᠨᠡ ᠭᠠᠷᠠᠮ ᠤ᠋ᠨ ᠵᠢᠷᠭᠤᠭᠠᠨ ᠲᠦᠮᠡ ᠡᠴᠡ ᠳᠣᠯᠣᠭᠠᠨ ᠲᠦᠮᠡ ᠬᠦᠷᠬᠦ ᠠᠷᠠᠳ ᠨᠢ ᠪᠦᠰᠡᠯᠡᠭᠳᠡᠨ ᠴᠣᠬᠢᠭᠳᠠᠭᠰᠠᠨ ᠬᠤᠭᠤᠴᠠᠭᠠᠨ ᠳ᠋ᠤ᠌ ᠥᠯᠪᠡᠷᠬᠦ ᠪᠤᠶᠤ ᠡᠪᠡᠳᠴᠢᠨ ᠵᠡᠷᠭᠡ ᠶ᠋ᠢᠨ ᠭᠠᠮᠰᠢᠭ ᠢ᠋ᠶ᠋ᠠᠷ ᠦᠬᠦᠵᠦ ᠳᠠᠭᠤᠰᠤᠯ᠎ᠠ᠃
ᠡᠨᠡ ᠮᠡᠲᠦ ᠶ᠋ᠢᠨ ᠢᠯᠠᠯᠲᠠ ᠪᠠᠷ ᠳᠡᠮᠵᠢᠵᠦ ᠣᠯᠤᠭᠰᠠᠨ ᠡᠯᠪᠡᠭ ᠪᠠᠶᠠᠯᠢᠭ ᠣᠯᠵᠠ ᠨᠢ ᠧᠦ᠋ᠷᠣᠫᠠ ᠶ᠋ᠢᠨ ᠬᠥᠮᠦᠰ ᠢ᠋ ᠶᠡᠬᠡ ᠯᠡ ᠪᠠᠶᠠᠰᠬᠠᠭᠰᠠᠨ ᠪᠣᠯᠪᠠᠴᠤ᠂ ᠡᠨᠡ ᠪᠠᠶᠠᠷ ᠨᠢ ᠳᠠᠷᠤᠢ ᠲᠦᠷᠭᠡᠨ ᠰᠠᠷᠨᠢᠯᠠ᠃ ᠡᠨᠡ ᠨᠢ ᠰᠠᠯᠠᠳᠢᠨ ᠤ᠋ ᠠᠴᠢᠨᠠᠷ ᠶᠧᠵᠢᠫᠲ ᠪᠣᠯᠤᠨ ᠰᠤᠯᠲᠠᠨ ᠬᠣᠯᠪᠣᠭ᠎ᠠ ᠪᠠᠢᠭᠤᠯᠵᠤ ᠴᠡᠷᠢᠭ ᠢ᠋ᠶ᠋ᠡᠨ ᠨᠡᠢᠯᠡᠭᠦᠯᠦᠨ᠂ ᠵᠠᠭᠠᠯᠮᠠᠢ ᠲᠡᠮᠳᠡᠭᠲᠦ ᠴᠡᠷᠢᠭ ᠢ᠋ ᠪᠦᠰᠡᠯᠡᠨ ᠴᠣᠬᠢᠭᠰᠠᠨ ᠶᠤᠮ᠃ ᠡᠨᠡ ᠦᠶ᠎ᠡ ᠳ᠋ᠦ᠍ ᠠᠩᠬᠠᠨ ᠤ᠋ ᠪᠦᠰᠡᠯᠡᠭᠴᠢ ᠨᠢ ᠪᠦᠰᠡᠯᠡᠭᠳᠡᠭᠴᠢ ᠪᠣᠯᠤᠨ ᠬᠤᠪᠢᠷᠠᠪᠠ᠂ ᠡᠨᠡ ᠮᠡᠲᠦ ᠭᠣᠷᠢ ᠲᠠᠰᠤᠷᠠᠭᠰᠠᠨ ᠪᠠᠢᠳᠠᠯ ᠳᠣᠣᠷ᠎ᠠ᠂ ᠲᠡᠳᠡᠨ ᠢ᠋ ᠠᠪᠤᠷᠠᠨ ᠭᠠᠷᠭᠠᠬᠤ ᠶ᠋ᠢᠨ ᠲᠥᠯᠥᠭᠡ᠂ ᠳᠠᠬᠢᠨ ᠵᠠᠭᠠᠯᠮᠠᠢ ᠲᠡᠮᠳᠡᠭᠲᠦ ᠰᠢᠨ᠎ᠡ ᠴᠡᠷᠢᠭ ᠢ᠋ ᠵᠣᠬᠢᠶᠠᠨ ᠪᠠᠢᠭᠤᠯᠬᠤ ᠠ᠋ᠴᠠ ᠥᠭᠡᠷ᠎ᠡ ᠵᠠᠮ ᠦᠭᠡᠢ ᠪᠣᠯᠤᠯ᠎ᠠ᠃ ᠪᠦᠬᠦ ᠬᠦᠰᠡᠯ ᠡᠷᠡᠮᠡᠯᠵᠡᠯ ᠢ᠋ᠶ᠋ᠡᠨ ᠭᠧᠷᠮᠠᠨ ᠤ᠋ ᠹᠦᠯᠢᠲ᠋ᠠᠷᠢᠺ ᠬᠣᠶᠠᠳᠤᠭᠠᠷ ᠲᠤ ᠲᠠᠯᠪᠢᠯ᠎ᠠ᠃ ᠲᠡᠷᠡ ᠪᠣᠯ ᠵᠠᠭᠠᠯᠮᠠᠢ ᠲᠡᠮᠳᠡᠭᠲᠦ ᠴᠡᠷᠢᠭ ᠢ᠋ ᠪᠠᠢᠭᠤᠯᠬᠤ ᠭᠡᠰᠡᠨ ᠪᠣᠯᠵᠣᠭ᠎ᠠ ᠶ᠋ᠢ ᠬᠦᠯᠢᠶᠡᠵᠦ ᠠᠪᠤᠭᠠᠳ᠂ ᠲᠤᠬᠠᠢ ᠶ᠋ᠢᠨ ᠴᠠᠭ ᠲᠤ ᠬᠠᠭᠠᠨ ᠾᠣ᠌ᠨᠤᠷᠢᠤᠰ ᠭᠤᠷᠪᠠᠳᠤᠭᠠᠷ ᠠ᠋ᠴᠠ ᠸᠠᠩ ᠤ᠋ᠨ ᠲᠢᠲᠢᠮ ᠬᠦᠷᠲᠡᠭᠰᠡᠨ ᠶᠦᠮ᠂ ᠤᠴᠢᠷ ᠡᠢᠮᠦ ᠡᠴᠡ ᠲᠡᠷᠡ᠂ ᠨᠡᠢᠭᠡᠮ ᠦ᠋ᠨ ᠦᠭᠡ ᠶᠠᠷᠢᠶᠠᠨ ᠤ᠋ ᠳᠠᠷᠤᠯᠠᠯ ᠤ᠋ᠨ ᠳᠣᠣᠷ᠎ᠠ ᠡᠳᠦᠢ ᠲᠡᠳᠦᠢ ᠣᠩᠭᠣᠴᠠ ᠭᠠᠷᠭᠠᠭᠠᠳ᠂ ᠪᠠᠪᠠᠷᠢᠶᠠ ᠬᠦᠩ ᠦ᠋ᠨ ᠵᠢᠯᠣᠭᠣᠳᠤᠯᠭ᠎ᠠ ᠳᠣᠣᠷ᠎ᠠ ᠶᠧᠵᠢᠫᠲ ᠲᠡᠰᠢ ᠲᠣᠮᠢᠯᠠᠭᠰᠠᠨ ᠪᠣᠯᠪᠠᠴᠤ᠂ ᠬᠣᠢᠨ᠎ᠠ ᠠ᠋ᠴᠠ ᠨᠢ ᠭᠣᠣᠯ ᠬᠦᠴᠦᠨ ᠢ᠋ᠶ᠋ᠡᠨ ᠨᠡᠮᠡᠬᠦ ᠭᠡᠵᠦ ᠰᠠᠨᠠᠭᠰᠠᠨ ᠦᠭᠡᠢ ᠪᠠᠢᠯ᠎ᠠ᠃ ᠲᠡᠢᠮᠦ ᠡᠴᠡ ᠧᠦ᠋ᠷᠣᠫᠠ ᠶ᠋ᠢᠨ ᠬᠥᠮᠦᠰ᠂ ᠳᠣᠷᠣᠨ᠎ᠠ ᠳᠠᠬᠢᠨ ᠠ᠋ᠴᠠ ᠮᠠᠭᠤ ᠴᠢᠮᠡᠭᠡ ᠢᠷᠡᠬᠦ ᠪᠣᠯᠪᠠᠤ ᠭᠡᠵᠦ ᠵᠣᠪᠠᠨᠢᠭᠰᠠᠭᠠᠷ1221 ᠣᠨ ᠤ᠋ ᠰᠢᠨ᠎ᠡ ᠵᠢᠯ ᠢ᠋ ᠤᠭᠲᠤᠯ᠎ᠠ᠃
ᠴᠢᠪ ᠭᠡᠮᠡᠨ ᠢᠩᠭᠢᠵᠦ ᠵᠣᠪᠠᠨᠢᠵᠤ ᠪᠠᠢᠭᠰᠠᠨ ᠦᠶ᠎ᠡ ᠳ᠋ᠦ᠍᠂ ᠭᠡᠨᠡᠳᠲᠡ ᠵᠠᠭᠠᠯᠮᠠᠢ ᠲᠡᠮᠳᠡᠭᠲᠦ ᠴᠡᠷᠢᠭ ᠢ᠋ ᠳᠠᠭᠠᠵᠤ ᠮᠣᠷᠳᠠᠭᠰᠠᠨ ᠯᠠᠮᠠ ᠵᠠᠶᠠᠭ᠂ ᠳ᠋ᠤ· ᠹᠢᠳᠦᠷᠢ ᠡᠴᠡ ᠶᠡᠬᠡ ᠪᠠᠶᠠᠷ ᠤ᠋ᠨ ᠴᠢᠮᠡᠭᠡ ᠪᠣᠯᠬᠤ ᠳᠥᠷᠪᠡᠨ ᠬᠠᠭᠤᠳᠠᠰᠤ ᠵᠠᠬᠢᠳᠠᠯ ᠢ᠋ᠶ᠋ᠠᠨ ᠷᠣᠮ ᠤ᠋ᠨ ᠱᠠᠰᠢᠨ ᠤ᠋ ᠬᠠᠭᠠᠨ᠂ ᠠᠦ᠋ᠰᠲ᠋ᠷᠢᠶ᠎ᠠ ᠶ᠋ᠢᠨ ᠯᠢᠣ᠌ᠹᠧᠷᠳᠧ ᠬᠦᠩ᠂ ᠠᠩᠭ᠌ᠯᠢ ᠶ᠋ᠢᠨ ᠸᠠᠩ ᠾᠸᠩᠷᠢ ᠭᠤᠷᠪᠠᠳᠤᠭᠠᠷ ᠬᠢᠭᠡᠳ ᠫᠠᠷᠢᠰ ᠶᠡᠬᠡ ᠰᠤᠷᠭᠠᠭᠤᠯᠢ ᠳ᠋ᠤ᠌ ᠢᠯᠡᠭᠡᠭᠰᠡᠨ ᠶᠦᠮ᠃ ᠡᠨᠡ ᠬᠡᠳᠦᠨ ᠬᠠᠭᠤᠳᠠᠰᠤ ᠵᠠᠬᠢᠳᠠᠯ ᠢ᠋ᠶ᠋ᠠᠷ ᠡᠨᠡ ᠯᠠᠮᠠ ᠪᠠᠭᠰᠢ ᠶ᠋ᠢᠨ ᠮᠡᠳᠡᠭᠦᠯᠦᠭᠰᠡᠨ ᠠᠭᠤᠯᠭ᠎ᠠ ᠨᠢ ᠢᠲᠡᠭᠡᠴᠢᠪᠡᠯ ᠶᠡᠬᠡ ᠪᠠᠶᠠᠷ ᠪᠣᠯᠤᠨ᠎ᠠ᠂ ᠭᠡᠲᠡᠯ᠎ᠡ ᠦᠨᠡᠨ ᠳ᠋ᠡᠭᠡᠨ ᠧᠦ᠋ᠷᠣᠫᠠ ᠶ᠋ᠢᠨ ᠬᠢᠨ ᠪᠦᠷᠢᠮᠦᠰᠦᠨ ᠢᠲᠡᠭᠡᠵᠦ ᠪᠠᠰᠠ ᠴᠢᠳᠠᠬᠤ ᠦᠭᠡᠢ ᠤᠴᠢᠷ ᠪᠠᠢᠯ᠎ᠠ᠃ ᠲᠡᠭᠦᠨ ᠦ᠌ ᠠᠭᠤᠯᠭ᠎ᠠ ᠨᠢ᠄
《ᠾᠷᠢᠰᠲ᠋ᠣᠰ ᠤ᠋ᠨ ᠱᠠᠰᠢᠨ ᠳ᠋ᠤ᠌ ᠨᠢᠭᠡᠨ ᠴᠢᠭᠢᠷᠠᠭ ᠶᠡᠬᠡ ᠬᠦᠴᠦ ᠲᠡᠢ ᠬᠠᠮᠠᠭᠠᠯᠠᠭᠴᠢ ᠢᠯᠡᠷᠡᠵᠦ ᠭᠠᠷᠤᠯ᠎ᠠ᠃ ᠡᠨᠡ ᠪᠣᠯ ᠳᠠᠷᠤᠢ ᠡᠨᠡᠳᠬᠡᠭ ᠦ᠋ᠨ ᠳ᠋ᠠᠸᠢᠳ᠋ ᠭᠡᠳᠡᠭ ᠴᠣᠯᠠ ᠲᠠᠢ ᠬᠠᠭᠠᠨ᠂ ᠶᠡᠬᠡ ᠬᠦᠴᠦᠷᠬᠡᠭ ᠴᠡᠷᠢᠭ ᠢ᠋ᠶ᠋ᠡᠨ ᠳᠠᠭᠠᠭᠤᠯᠤᠭᠠᠳ᠂ ᠪᠤᠷᠤᠭᠤ ᠨᠣᠮᠲᠠᠨ ᠢ᠋ ᠳᠠᠭᠠᠷᠢᠨ ᠴᠣᠬᠢᠯ᠎ᠠ》 ᠭᠡᠵᠡᠢ᠃
ᠵᠠᠶᠠᠭ᠂ ᠊ᠳᠣ᠋᠂ ᠹᠢᠳᠦᠷᠢ ᠯᠠᠮᠠ ᠶᠡᠬᠡ ᠨᠠᠷᠢᠨ ᠨᠢᠮᠪᠠᠢ ᠪᠠᠷ ᠶᠠᠭᠠᠬᠢᠵᠤ ᠪᠠᠭᠳᠠᠳ᠋ ᠲᠤ ᠬᠦᠷᠦᠭᠡᠳ ᠲᠡᠨᠳᠡᠬᠢ ᠬᠠᠯᠢᠺ (ᠯᠠᠯᠤ ᠶ᠋ᠢᠨ ᠮᠥᠷᠭᠥᠯᠲᠡᠨ ᠦ᠌ ᠲᠦᠷᠦᠭᠦᠦ) ᠨᠢ ᠨᠢᠰᠲ᠋ᠤᠷᠢ ᠱᠠᠰᠢᠨ (ᠾᠷᠢᠰᠲ᠋ᠣᠰ ᠤ᠋ᠨ ᠱᠠᠰᠢᠨ ᠤ᠋ ᠨᠢᠭᠡᠨ ᠰᠠᠯᠪᠤᠷᠢ᠂ ᠳᠤᠮᠳᠠᠳᠤ ᠠᠽᠢᠶ᠎ᠠ ᠪᠣᠯᠤᠨ ᠳᠤᠮᠳᠠᠳᠤ ᠤᠯᠤᠰ ᠲᠤ ᠳᠡᠯᠭᠡᠷᠡᠵᠦ ᠪᠠᠢᠵᠠᠢ) ᠶ᠋ᠢᠨ ᠫᠢᠫᠠ ᠯᠠᠮᠠ ᠶ᠋ᠢ ᠡᠷᠢᠨ ᠮᠡᠨᠳᠦᠯᠡᠯᠴᠡᠭᠡᠳ ᠾᠷᠢᠰᠲ᠋ᠣᠰ ᠤ᠋ᠨ ᠱᠠᠰᠢᠨ ᠢ᠋ ᠰᠢᠲᠦᠳᠡᠭ ᠳ᠋ᠠᠸᠡᠳ᠋ ᠬᠠᠭᠠᠨ ᠳ᠋ᠤ᠌ ᠵᠠᠬᠢᠳᠠᠯ ᠪᠢᠴᠢᠭᠡᠳ ᠬᠤᠷᠸᠰᠮ ᠤᠯᠤᠰ ᠢ᠋ ᠳᠠᠭᠠᠷᠢᠨ ᠴᠣᠬᠢᠵᠤ ᠥᠭᠭᠦᠨ᠎ᠡ ᠤᠤ ᠭᠡᠵᠦ ᠴᠢᠩ ᠰᠡᠳᠬᠢᠯ ᠡᠴᠡ ᠪᠡᠨ ᠭᠤᠶᠤᠯ᠎ᠠ ᠭᠡᠨ᠎ᠡ᠃ ᠬᠤᠷᠸᠰᠮ ᠤ᠋ᠨ ᠱᠠᠭ ᠪᠣᠯ ᠯᠠᠯᠤ ᠶ᠋ᠢᠨ ᠮᠥᠷᠭᠥᠯᠲᠡᠨ ᠮᠥᠨ ᠪᠣᠯᠪᠠᠴᠤ ᠬᠠᠷᠢᠨ ᠪᠠᠭᠳᠠᠳ᠋ ᠤ᠋ᠨ ᠬᠠᠯᠢᠹ ᠤ᠋ᠨ ᠵᠦᠭ ᠳᠣᠪᠲᠣᠯᠬᠤ ᠲᠡᠢᠨ ᠢ᠋ᠶ᠋ᠡᠷ ᠰᠦᠷᠳᠡᠭᠦᠯᠵᠦ ᠪᠠᠢᠬᠤ ᠤᠴᠢᠷ ᠠ᠋ᠴᠠ ᠪᠣᠯᠵᠠᠢ᠃ ᠲᠡᠭᠡᠭᠡᠳ ᠳ᠋ᠠᠸᠢᠳ᠋ ᠬᠠᠭᠠᠨ᠂ ᠨᠢᠰᠲ᠋ᠤᠷᠢ ᠱᠠᠰᠢᠨ ᠤ᠋ ᠫᠢᠫᠠ ᠯᠠᠮᠠ ᠶ᠋ᠢᠨ ᠭᠤᠶᠤᠳᠠᠯ ᠢ᠋ ᠬᠦᠯᠢᠶᠡᠨ ᠠᠪᠤᠭᠠᠳ ᠰᠢᠭᠤᠳ ᠬᠤᠷᠸᠰᠮ ᠤᠯᠤᠰ ᠢ᠋ ᠳᠠᠭᠠᠷᠢᠨ ᠴᠣᠬᠢᠭᠠᠳ᠂ ᠡᠭᠦᠨ ᠢ᠋ ᠳᠡᠢᠯᠦᠭᠡᠳ ᠬᠦᠴᠦᠷᠬᠡᠭ ᠶᠡᠬᠡ ᠫᠧᠷᠰ ᠸᠠᠩᠲᠤ ᠤᠯᠤᠰ ᠢ᠋ ᠲᠦᠪᠰᠢᠳᠬᠡᠭᠡᠳ᠂ ᠨᠢᠭᠡᠨᠲᠡ ᠪᠠᠭᠳᠠᠳ᠋ ᠪᠣᠯᠤᠨ ᠮᠣᠰᠰᠠᠷ ᠠ᠋ᠴᠠ ᠲᠠᠪᠤᠨ ᠡᠳᠦᠷ ᠦ᠋ᠨ ᠠᠶᠠᠨ ᠵᠠᠮ ᠤ᠋ᠨ ᠵᠠᠢ ᠲᠡᠳᠦᠢ ᠶ᠋ᠢᠨ ᠭᠠᠵᠠᠷ ᠲᠤ ᠬᠦᠷᠦᠭᠡᠳ ᠪᠠᠢᠨ᠎ᠠ ᠭᠡᠨ᠎ᠡ᠃ ᠳ᠋ᠠᠸᠢᠳ᠋ ᠬᠠᠭᠠᠨ᠂ ᠬᠠᠯᠢᠹ ᠤ᠋ᠨ ᠳᠡᠷᠭᠡᠳᠡ ᠡᠯᠴᠢ ᠶᠠᠪᠤᠭᠤᠯᠵᠤ ᠲᠡᠭᠦᠨ ᠦ᠌ ᠡᠵᠡᠮᠰᠢᠵᠦ ᠪᠠᠢᠬᠤ ᠭᠠᠵᠠᠷ ᠤ᠋ᠨ ᠢ᠋ᠶ᠋ᠠᠨ ᠵᠢᠷᠭᠤᠭᠠᠨ ᠬᠤᠪᠢ ᠶ᠋ᠢᠨ ᠲᠠᠪᠤ ᠶ᠋ᠢ ᠪᠠᠭᠳᠠᠳ᠋ ᠬᠣᠲᠠᠨ ᠳ᠋ᠤ᠌ ᠥᠭᠭᠦᠭᠡᠳ᠂ ᠺᠠᠲ᠋ᠣᠯᠢᠭ ᠤ᠋ᠨ ᠱᠠᠰᠢᠨ ᠤ᠋ ᠨᠣᠶᠠᠨ ᠤ᠋ ᠪᠠᠨ ᠰᠠᠭᠤᠷᠢᠨ ᠭᠠᠵᠠᠷ ᠪᠣᠯᠭᠠᠲᠤᠭᠠᠢ ᠭᠡᠵᠦ ᠱᠠᠭᠠᠷᠳᠠᠭᠰᠠᠨ ᠪᠥᠭᠡᠳ ᠤᠷᠢᠳ ᠵᠢᠯ ᠳ᠋ᠦ᠍ ᠡᠪᠳᠡᠭᠳᠡᠭᠰᠡᠨ ᠶᠸᠷᠣᠰᠯᠸᠮ ᠬᠣᠲᠠ ᠶ᠋ᠢᠨ ᠬᠡᠷᠡᠮ ᠢ᠋ ᠠᠯᠲᠠ ᠮᠥᠩᠭᠥ ᠪᠡᠷ ᠳᠠᠬᠢᠨ ᠪᠠᠢᠭᠤᠯᠬᠤ ᠬᠡᠷᠡᠭᠴᠡᠭᠡ ᠳ᠋ᠦ᠍ ᠬᠦᠷᠬᠦ ᠡᠳ᠋ ᠪᠣᠳᠠᠰ ᠢ᠋ ᠭᠠᠷᠭᠠᠵᠤ ᠥᠭ ᠭᠡᠵᠦ ᠱᠠᠭᠠᠷᠳᠠᠯ᠎ᠠ᠃
ᠳᠡᠭᠡᠷᠡᠬᠢ ᠡᠳᠡᠭᠡᠷ ᠵᠦᠢᠯ ᠪᠣᠯ ᠹᠢᠲᠣᠷᠢ ᠯᠠᠮᠠ ᠶ᠋ᠢᠨ ᠵᠠᠬᠢᠳᠠᠯ ᠤ᠋ᠨ ᠠᠭᠤᠯᠭ᠎ᠠ ᠪᠣᠯᠤᠨ᠎ᠠ᠃ ᠧᠦ᠋ᠷᠣᠫᠠ ᠶ᠋ᠢᠨ ᠬᠥᠮᠦᠰ ᠡᠭᠦᠨ ᠢ᠋ ᠰᠠᠬᠢᠭᠤᠯᠰᠤᠨ ᠲᠩᠷᠢ ᠮᠠᠨ ᠢ᠋ ᠲᠤᠰᠠᠯᠠᠵᠤ ᠪᠠᠢᠨ᠎ᠠ ᠭᠡᠵᠦ ᠲᠠᠷᠢᠬᠢ ᠪᠠᠨ ᠬᠥᠭᠡᠷᠲᠡᠯᠡ ᠪᠠᠶᠠᠷᠯᠠᠵᠠᠭᠠᠯᠠ᠃ ᠭᠡᠲᠡᠯ᠎ᠡ᠂ ᠴᠣᠬᠣᠮ ᠳ᠋ᠠᠭᠠᠨ ᠡᠨᠡᠳᠬᠡᠭ ᠤᠯᠤᠰ ᠭᠡᠳᠡᠭ ᠨᠢ ᠬᠠᠮᠢᠭ᠎ᠠ ᠪᠠᠢᠬᠤ᠂ ᠲᠡᠭᠦᠨ ᠦ᠌ ᠬᠠᠭᠠᠨ ᠾᠷᠢᠰᠲ᠋ᠣᠰ ᠤ᠋ᠨ ᠱᠠᠰᠢᠨ ᠢ᠋ ᠰᠢᠲᠦᠳᠡᠭ ᠳ᠋ᠡᠸᠢᠳ᠋ ᠭᠡᠳᠡᠭ ᠨᠢ ᠶᠠᠮᠠᠷ ᠬᠥᠮᠦᠨ ᠪᠣᠯᠬᠤ᠂ ᠲᠡᠭᠦᠨ ᠦ᠌ ᠳᠠᠭᠠᠷᠢᠨ ᠴᠣᠬᠢᠵᠤ ᠡᠪᠳᠡᠭᠰᠡᠨ ᠬᠣᠷᠸᠰᠮ ᠤᠯᠤᠰ ᠤ᠋ᠨ ᠸᠠᠩ ᠭᠡᠳᠡᠭ ᠨᠢ ᠶᠠᠮᠠᠷ ᠬᠥᠮᠦᠨ ᠪᠣᠯᠬᠤ ᠭᠡᠬᠦ ᠵᠡᠷᠭᠡ ᠶ᠋ᠢᠨ ᠤᠴᠢᠷ ᠢ᠋ ᠬᠡᠨ ᠴᠦ᠍ ᠮᠡᠳᠡᠬᠦ ᠦᠭᠡᠢ ᠪᠠᠢᠯ᠎ᠠ᠃ ᠭᠡᠪᠡᠴᠦ ᠵᠠᠶᠠᠭ᠂ ᠳᠤ᠂ ᠹᠢᠳᠤᠷᠢ ᠶ᠋ᠢᠨ ᠵᠠᠬᠢᠳᠠᠯ ᠳ᠋ᠤ᠌ ᠠᠯᠢᠪᠠ ᠪᠦᠬᠦᠨ ᠢ᠋ ᠮᠠᠰᠢ ᠲᠣᠳᠣᠷᠬᠠᠢ ᠪᠢᠴᠢᠭᠰᠡᠨ ᠤᠴᠢᠷ ᠠ᠋ᠴᠠ ᠪᠢ ᠯᠡ ᠮᠡᠳᠡᠨ᠎ᠡ ᠭᠡᠳᠡᠭ ᠬᠥᠮᠦᠰ ᠡᠨᠡ ᠴᠢᠮᠡᠭᠡ ᠶ᠋ᠢᠨ ᠦᠨᠡᠨ ᠴᠢᠨᠠᠷ ᠢ᠋ ᠶᠠᠮᠠᠷᠴᠤ ᠰᠡᠵᠢᠭᠯᠡᠬᠦ ᠰᠢᠯᠲᠠᠭᠠᠨ ᠣᠯᠬᠤ ᠦᠭᠡᠢ᠂ ᠲᠡᠳᠡᠨᠦᠰ ᠹᠢᠲᠣᠷᠢ ᠶ᠋ᠢᠨ ᠳᠤᠷᠠᠳᠤᠭᠰᠠᠨ《ᠰᠠᠷᠠᠰᠤᠨ ᠬᠠᠭᠠᠨᠲᠤ ᠤᠯᠤᠰ ᠢ᠋ ᠪᠣᠲᠠᠨᠢᠷᠭᠡᠭᠡᠳ ᠾᠷᠢᠰᠲ᠋ᠣᠰ ᠤ᠋ᠨ ᠱᠠᠰᠢᠨ ᠢ᠋ ᠬᠠᠮᠠᠭᠠᠯᠠᠳᠠᠭ ᠬᠠᠭᠠᠨ ᠪᠦᠬᠦᠨ ᠦ᠌ ᠳᠡᠭᠡᠷᠡᠬᠢ ᠬᠠᠭᠠᠨ》 ᠭᠡᠵᠦ ᠢᠷᠥᠭᠡᠭᠰᠡᠨ ᠦᠭᠡᠰ ᠪᠦᠬᠦᠨ ᠢ᠋ ᠵᠥᠪᠰᠢᠶᠡᠷᠡᠯ᠎ᠡ᠂ ᠬᠥᠮᠦᠰ ᠪᠠᠰᠠ ᠡᠷᠲᠡ ᠢᠵᠠᠭᠤᠷ ᠤ᠋ᠨ ᠳᠣᠮᠣᠭ ᠶᠠᠷᠢᠶ᠎ᠠ ᠶ᠋ᠢ ᠰᠠᠨᠠᠭᠠᠯᠵᠠᠴᠢᠬᠠᠯᠠ᠃ ᠲᠡᠷᠡ ᠶᠠᠷᠢᠶ᠎ᠠ ᠪᠠᠷ ᠪᠣᠯ᠂ ᠳᠣᠷᠣᠨᠠᠳᠠᠬᠢᠨ ᠤ᠋ ᠶᠡᠬᠡ ᠬᠣᠯᠠ ᠭᠠᠵᠠᠷ ᠲᠤ ᠡᠨᠡᠳᠬᠡᠭ ᠬᠥᠮᠦᠨ ᠦ᠌ ᠬᠦᠴᠦᠷᠬᠡᠭ ᠬᠠᠭᠠᠨᠲᠤ ᠤᠯᠤᠰ ᠪᠠᠢᠵᠤ ᠭᠡᠨ᠎ᠡ᠂ ᠲᠡᠭᠦᠨ ᠦ᠌ ᠬᠠᠭᠠᠨ ᠨᠢ ᠵᠠᠭᠠᠨ ᠭᠡᠰᠡᠨ ᠯᠠᠮᠠ ᠪᠠᠢᠯ᠎ᠠ᠃ ᠡᠨᠡ ᠬᠠᠭᠠᠨ ᠤ᠋ ᠡᠷᠬᠡ ᠬᠦᠴᠦ ᠨᠢ ᠳᠡᠯᠡᠬᠡᠢ ᠳᠡᠭᠡᠷᠡᠬᠢ ᠠᠯᠢᠪᠠ ᠬᠠᠭᠠᠳ ᠠ᠋ᠴᠠ ᠳᠠᠪᠠᠭᠤ ᠭᠡᠳᠡᠭ ᠪᠢᠯᠡ᠃ ᠲᠡᠷᠡ ᠦᠶ᠎ᠡ ᠡᠴᠡ ᠪᠠᠷᠤᠭ ᠳᠠᠯᠠᠨ ᠲᠠᠪᠤᠨ ᠣᠨ ᠤ᠋ ᠤᠷᠢᠳ ᠳᠠᠷᠤᠢ ᠬᠣᠶᠠᠳᠤᠭᠠᠷ ᠤᠳᠠᠭ᠎ᠠ ᠶ᠋ᠢᠨ ᠵᠠᠭᠠᠯᠮᠠᠢ ᠲᠡᠮᠳᠡᠭᠲᠦ ᠲᠤᠭ ᠲᠠᠢ ᠴᠡᠷᠢᠭ ᠮᠣᠷᠳᠠᠭᠰᠠᠨ ᠦᠶ᠎ᠡ ᠳ᠋ᠦ᠍ ᠵᠠᠭᠠᠨ ᠬᠠᠭᠠᠨ ᠵᠠᠭᠠᠯᠮᠠᠢ ᠲᠡᠮᠳᠡᠭᠲᠦ ᠴᠡᠷᠢᠭ ᠢ᠋ ᠲᠤᠰᠠᠯᠠᠬᠤ ᠪᠠᠷ ᠠᠯᠤᠰ ᠳᠣᠷᠣᠨᠠᠳᠠᠬᠢᠨ ᠳ᠋ᠤ᠌ ᠰᠠᠷᠠᠰᠤᠨ ᠬᠠᠭᠠᠨᠲᠤ ᠤᠯᠤᠰ ᠢ᠋ ᠳᠠᠭᠠᠷᠢᠨ ᠴᠣᠬᠢᠭᠠᠳ ᠲᠡᠳᠡᠨ ᠢ᠋ ᠰᠠᠷᠨᠢᠭᠤᠯᠤᠯᠠ ᠭᠡᠰᠡᠨ ᠴᠤᠤᠷᠬᠠᠯ ᠭᠠᠷᠤᠭᠠᠳ᠂ ᠣᠢᠷ᠎ᠠ ᠳᠣᠷᠣᠨᠠᠳᠠᠬᠢᠨ ᠤ᠋ ᠣᠯᠠᠨ ᠤᠯᠤᠰ ᠲᠤ ᠪᠠᠢᠯᠳᠤᠵᠤ ᠪᠠᠢᠭᠰᠠᠨ ᠵᠠᠭᠠᠯᠮᠠᠢ ᠲᠡᠮᠳᠡᠭᠲᠦ ᠴᠡᠷᠢᠭ ᠦ᠋ᠨ ᠰᠦᠷ ᠬᠦᠴᠦᠨ ᠢ᠋ ᠶᠡᠬᠡ ᠯᠡ ᠳᠡᠭᠳᠡᠭᠡᠭᠰᠡᠨ ᠪᠠᠢᠵᠠᠢ᠃ ᠭᠡᠲᠡᠯ᠎ᠡ ᠵᠠᠭᠠᠨ ᠬᠠᠭᠠᠨ ᠤ᠋ ᠲᠤᠬᠠᠢ ᠬᠣᠵᠢᠮ ᠨᠢ ᠳᠡᠮᠡᠢ ᠰᠣᠨᠣᠰᠳᠠᠬᠤ ᠦᠭᠡᠢ ᠪᠣᠯᠪᠠ᠃ ᠪᠦᠬᠦ ᠠᠽᠢᠶ᠎ᠠ ᠲᠢᠪ ᠦ᠋ᠨ ᠬᠡᠮᠵᠢᠶ᠎ᠡ ᠪᠡᠷ ᠡᠨᠳᠡ ᠲᠡᠨᠳᠡ ᠳᠠᠷᠬᠠᠨ ᠪᠤᠲᠠᠷᠠᠭᠠᠳ᠂ ᠪᠦᠯᠦᠭ ᠪᠦᠯᠦᠭ ᠢ᠋ᠶ᠋ᠡᠷ ᠠᠮᠢᠳᠤᠷᠠᠵᠤ ᠪᠠᠢᠭᠰᠠᠨ ᠨᠢᠰᠲ᠋ᠤᠷᠢ ᠱᠠᠰᠢᠨ ᠢ᠋ ᠰᠢᠲᠦᠭᠴᠢᠳ ᠦ᠋ᠨ ᠳᠣᠲᠣᠷ᠎ᠠ᠂ ᠳᠣᠷᠣᠨᠠᠳᠠᠬᠢᠨ ᠤ᠋ ᠬᠣᠯᠠ ᠭᠠᠵᠠᠷ ᠲᠤ᠌ ᠴᠢᠬᠢᠷᠡᠭ ᠬᠦᠴᠦ ᠲᠡᠢ ᠾᠷᠢᠰᠲ᠋ᠣᠰ ᠤ᠋ᠨ ᠱᠠᠰᠢᠨ ᠢ᠋ ᠰᠢᠲᠦᠳᠡᠭ ᠬᠠᠭᠠᠨᠲᠤ ᠤᠯᠤᠰ ᠪᠠᠢᠨ᠎ᠠ ᠭᠡᠵᠦ ᠢᠲᠡᠭᠡᠮᠵᠢᠯᠡᠵᠦ ᠪᠠᠢᠯ᠎ᠠ᠃ ᠯᠠᠯᠤ ᠶ᠋ᠢᠨ ᠮᠥᠷᠭᠥᠯᠲᠡᠨ ᠦ᠌ ᠰᠤᠯᠲᠠᠨ ᠨᠠᠷ ᠪᠣᠯ ᠥᠷᠥᠨᠡᠳᠠᠬᠢᠨ ᠤ᠋ ᠾᠷᠢᠰᠲ᠋ᠣᠰ ᠤ᠋ᠨ ᠱᠠᠰᠢᠨ ᠰᠢᠲᠦᠭᠴᠢᠳ ᠢ᠋ ᠤᠯᠤᠰ ᠲᠠᠭᠠᠨ ᠢᠷᠡᠭᠦᠯᠬᠦ ᠶ᠋ᠢ ᠴᠠᠭᠠᠵᠠᠯᠠᠭᠰᠠᠨ ᠮᠡᠲᠦ ᠪᠡᠷ᠂ ᠵᠠᠭᠠᠨ ᠬᠠᠭᠠᠨ ᠪᠠᠰᠠ ᠲᠡᠭᠦᠨ ᠦ᠌ ᠬᠠᠭᠠᠨᠲᠤ ᠤᠯᠤᠰ ᠤ᠋ᠨ ᠳᠣᠲᠣᠷ᠎ᠠ ᠪᠠᠨ ᠯᠠᠯᠤ ᠶ᠋ᠢᠨ ᠮᠥᠷᠭᠥᠯᠲᠡᠨ ᠦ᠌ ᠨᠢᠭᠡᠨ ᠬᠥᠮᠦᠨ ᠰᠠᠭᠤᠬᠤ ᠶ᠋ᠢ ᠴᠤ᠌ ᠵᠥᠪᠰᠢᠶᠡᠷᠡᠬᠦ ᠦᠭᠡᠢ ᠭᠡᠨ᠎ᠡ᠃ ᠭᠡᠲᠡᠯ᠎ᠡ ᠹᠢᠳᠤᠷᠢ ᠪᠣᠯ ᠳ᠋ᠡᠸᠢᠳ᠋ ᠬᠠᠭᠠᠨ ᠭᠡᠰᠡᠨ ᠪᠣᠯ ᠵᠠᠭᠠᠨ ᠬᠠᠭᠠᠨ ᠤ᠋ ᠠᠴᠢ ᠪᠣᠯᠬᠤ ᠢᠰᠯᠡᠢᠷ ᠭᠡᠬᠦ ᠬᠠᠭᠠᠨ ᠤ᠋ ᠬᠦᠦ ᠮᠥᠨ ᠭᠡᠰᠡᠨ ᠢ᠋ ᠰᠢᠯᠵᠢᠰᠢ ᠦᠭᠡᠢ ᠲᠣᠳᠣᠷᠬᠠᠢ ᠪᠢᠴᠢᠵᠦ ᠪᠠᠢᠯ᠎ᠠ᠃ ᠳ᠋ᠡᠸᠢᠳ᠋ ᠬᠠᠭᠠᠨ ᠤ᠋ ᠬᠣᠰᠢᠭᠤᠴᠢ ᠴᠡᠷᠢᠭ ᠨᠢ ᠨᠢᠭᠡᠨᠲᠡ ᠮᠧᠰᠦᠫᠦᠲ᠋ᠠᠮᠢᠶᠠ ᠶ᠋ᠢᠨ ᠬᠢᠯᠢ ᠳ᠋ᠦ᠍ ᠬᠦᠷᠦᠭᠰᠡᠨ ᠠᠲᠠᠯ᠎ᠠ᠂ ᠶᠧᠷᠦᠰᠠᠯᠧᠮ ᠬᠣᠲᠠ ᠵᠦᠭ ᠳᠣᠪᠲᠣᠯᠬᠤ ᠶ᠋ᠢᠨ ᠤᠷᠢᠳ ᠠᠷᠤ ᠲᠠᠯ᠎ᠠ ᠪᠠᠨ ᠪᠡᠬᠢᠵᠢᠭᠦᠯᠬᠦ ᠶ᠋ᠢᠨ ᠲᠥᠯᠥᠭᠡ ᠴᠡᠷᠢᠭ ᠢ᠋ᠶ᠋ᠡᠨ ᠬᠣᠢᠲᠤ ᠵᠦᠭ ᠬᠠᠨᠳᠤᠭᠤᠯᠪᠠ ᠭᠡᠨ᠎ᠡ᠃ ᠬᠣᠢᠲᠤ ᠲᠠᠯ᠎ᠠ ᠶ᠋ᠢᠨ ᠬᠢᠦᠷᠬᠢᠶᠡ ᠤᠯᠤᠰ ᠢ᠋ ᠡᠪᠳᠡᠯ᠎ᠡ᠂ ᠬᠢᠦᠷᠬᠢᠶᠡᠴᠤᠳ ᠪᠣᠯ ᠾᠷᠢᠰᠲ᠋ᠣᠰ ᠤ᠋ᠨ ᠱᠠᠰᠢᠨ ᠢ᠋ ᠰᠢᠲᠦᠳᠡᠭ ᠨᠢ ᠭᠠᠷᠴᠠᠭ᠎ᠠ ᠦᠭᠡᠢ ᠪᠣᠯᠪᠠᠴᠤ ᠲᠡᠳᠡᠨ ᠦ᠌ ᠰᠦᠰᠦᠭ ᠪᠢᠰᠢᠷᠡᠯ ᠨᠢ ᠠᠷᠢᠭᠤᠨ ᠪᠤᠰᠤ ᠭᠡᠨ᠎ᠡ᠃
ᠹᠢᠳᠤᠷᠢ ᠶ᠋ᠢᠨ ᠵᠠᠬᠢᠳᠠᠯ ᠨᠢ ᠭᠠᠭᠴᠠ ᠾᠷᠢᠰᠲ᠋ᠣᠰ ᠢ᠋ ᠰᠢᠲᠦᠭᠴᠢᠳ ᠢ᠋ᠶ᠋ᠡᠷ ᠪᠠᠷᠠᠬᠤ ᠦᠭᠡᠢ᠂ ᠪᠦᠬᠦ ᠧᠦ᠋ᠷᠣᠫᠠ ᠲᠢᠪ ᠦ᠋ᠨ ᠢᠹᠷᠸᠢᠢᠴᠤᠳ ᠢ᠋ ᠪᠠᠶᠠᠰᠬᠠᠪᠠ᠃ ᠢᠹᠷᠧᠢᠢᠴᠤᠳ ᠳᠠᠭᠠᠳᠬᠠᠯ ᠵᠠᠯᠪᠠᠷᠢᠯ ᠢ᠋ᠶ᠋ᠠᠨ ᠳ᠋ᠡᠸᠢᠳ᠋ ᠬᠠᠭᠠᠨ ᠢ᠋ ᠤᠭᠲᠤᠬᠤ ᠶ᠋ᠢᠨ ᠲᠥᠯᠥᠭᠡ ᠮᠥᠩᠭᠥ ᠵᠣᠭᠣᠰ ᠢ᠋ ᠴᠤᠭᠯᠠᠭᠤᠯᠤᠨ ᠬᠤᠷᠠᠮᠳᠤᠯᠠᠭᠤᠯᠤᠯᠠ᠃ ᠶᠠᠭᠠᠬᠢᠭᠠᠳ ᠶᠤᠮ ᠭᠡᠪᠡᠯ ᠪᠢᠳᠦᠷᠢ ᠶ᠋ᠢᠨ ᠵᠠᠬᠢᠳᠠᠯ ᠳᠣᠲᠣᠷᠠᠬᠢ ᠬᠣᠶᠠᠷ ᠭᠠᠵᠠᠷ ᠲᠤ᠌ ᠳ᠋ᠡᠸᠢᠳ᠋ ᠬᠠᠭᠠᠨ ᠪᠣᠯ ᠢᠹᠷᠧᠢ ᠬᠥᠮᠦᠨ ᠭᠡᠵᠦ ᠪᠢᠴᠢᠭᠰᠡᠨ ᠡᠴᠡ ᠪᠣᠯᠵᠠᠢ᠃ ᠲᠡᠢᠮᠦ ᠡᠴᠡ ᠡᠨᠡᠬᠦ ᠳᠡᠢᠯᠦᠭᠳᠡᠰᠢ ᠦᠭᠡᠢ ᠬᠠᠭᠠᠨ ᠪᠣᠯ ᠦᠨᠳᠦᠰᠦᠲᠡᠨ ᠢ᠋ᠶ᠋ᠡᠨ ᠴᠢᠯᠥᠭᠡᠯᠡᠬᠦ ᠶ᠋ᠢᠨ ᠲᠥᠯᠥᠭᠡ᠂ ᠪᠠᠷᠠᠭᠤᠨ ᠲᠡᠰᠢ ᠮᠣᠷᠳᠠᠵᠤ ᠢᠷᠡᠭᠰᠡᠨ ᠭᠡᠨ᠎ᠡ᠃
ᠵᠠᠬᠢᠳᠠᠯ ᠢ᠋ ᠠᠳᠠᠯᠢᠳᠬᠠᠨ ᠰᠤᠳᠤᠯᠤᠭᠰᠠᠭᠠᠷ᠂ ᠳ᠋ᠠᠮᠠᠢᠲ᠋ᠠ ᠭᠠᠷᠠᠮ ᠳ᠋ᠤ᠌᠂ ᠡᠳᠡᠭᠡᠷ ᠴᠢᠨᠢ ᠭᠣᠪᠢ ᠲᠠᠯ᠎ᠠ ᠶ᠋ᠢ ᠡᠵᠡᠯᠡᠵᠦ ᠪᠠᠢᠭᠰᠠᠨ ᠬᠥᠮᠦᠰ ᠢ᠋ ᠡᠨᠳᠡᠭᠦᠦ ᠶ᠋ᠢ ᠰᠣᠨᠣᠰᠤᠭᠰᠠᠨ ᠠ᠋ᠴᠠ ᠪᠣᠯᠵᠠᠢ ᠭᠡᠵᠦ ᠲᠣᠳᠣᠷᠬᠠᠢᠯᠠᠬᠤ ᠴᠠᠭ ᠬᠦᠷᠲᠡᠯ᠎ᠡ᠂ ᠬᠥᠮᠦᠨ ᠪᠦᠷᠢ ᠤᠷᠢᠳ ᠤ᠋ᠨ ᠶᠠᠷᠢᠶ᠎ᠠ ᠶ᠋ᠢ ᠭᠦᠨ ᠢᠲᠡᠭᠡᠵᠦ ᠪᠠᠢᠯ᠎ᠠ᠂ ᠭᠣᠪᠢ ᠶ᠋ᠢᠨ ᠬᠥᠮᠦᠨ ᠨᠢ ᠡᠨᠡᠳᠬᠡᠭ ᠬᠠᠭᠠᠨ ᠭᠡᠬᠦ ᠶᠣᠰᠣᠲᠠᠢ ᠵᠦᠢᠯ ᠢ᠋ ᠢᠹᠷᠸᠢ ᠶ᠋ᠢᠨ ᠬᠠᠭᠠᠨ ᠪᠣᠯᠭᠠᠵᠤ ᠪᠢᠴᠢᠭᠡᠳ ᠤᠯᠠᠮᠵᠢᠯᠠᠭᠳᠠᠨ ᠶᠠᠪᠤᠭᠰᠠᠭᠠᠷ᠂ ᠳ᠋ᠡᠸᠢᠳ᠋ ᠬᠠᠭᠠᠨ ᠨᠢ ᠳ᠋ᠡᠸᠢᠳ᠋ ᠬᠠᠭᠠᠨ ᠤ᠋ ᠬᠥᠪᠡᠭᠦᠨ ᠪᠣᠯᠤᠭᠠᠳ᠂ ᠢᠰᠯᠡᠢᠷ ᠬᠠᠭᠠᠨ ᠤ᠋ ᠬᠥᠪᠡᠭᠦᠨ ᠨᠢ ᠢᠰᠯᠡᠢᠷ ᠬᠠᠭᠠᠨ ᠪᠣᠯᠴᠢᠬᠰᠠᠨ ᠶᠤᠮ ᠰᠢᠦ ᠳᠡ᠃ ᠡᠨᠡᠬᠦ ᠴᠢᠭᠢᠷᠠᠭ ᠬᠦᠴᠦᠲᠦ ᠴᠡᠷᠢᠭ ᠲᠡᠢ ᠦᠨᠳᠦᠰᠦᠲᠡᠨ ᠤᠷᠤᠭᠰᠢᠯᠠᠭᠠᠳ ᠰᠢᠨᠡᠢ ᠠᠭᠤᠯᠠᠨ ᠳ᠋ᠤ᠌ ᠬᠦᠷᠦᠭᠡᠳ ᠴᠢᠮᠡᠭᠡ ᠦᠭᠡᠢ ᠪᠣᠯᠤᠭᠰᠠᠨ ᠢ᠋ ᠢᠹᠷᠸᠢ ᠦᠨᠳᠦᠰᠦᠲᠡᠨ ᠦ᠌ ᠨᠢᠭᠡᠨ ᠰᠠᠯᠪᠤᠷᠢ ᠭᠡᠵᠦ ᠪᠣᠳᠣᠯᠬᠢᠯᠠᠭᠳᠠᠬᠤ ᠪᠣᠯᠤᠯ᠎ᠠ᠃
ᠪᠦᠬᠦ ᠧᠦ᠋ᠷᠣᠫᠠ ᠲᠢᠪ ᠦ᠋ᠨ ᠬᠥᠮᠦᠰ ᠳ᠋ᠡᠸᠢᠳ᠋ ᠬᠠᠭᠠᠨ ᠤ᠋ ᠢᠷᠡᠬᠦ ᠶ᠋ᠢ ᠬᠦᠯᠢᠶᠡᠨ ᠡᠷᠡᠮᠡᠯᠵᠡᠵᠦ ᠪᠠᠢᠭᠰᠠᠨ ᠪᠣᠯᠪᠠᠴᠤ ᠳᠣᠷᠣᠨᠠᠳᠠᠬᠢᠨ ᠠ᠋ᠴᠠ ᠶᠠᠮᠠᠷᠴᠤ ᠴᠢᠮᠡᠭᠡ ᠦᠭᠡᠢ ᠪᠣᠯᠴᠢᠬᠠᠯ᠎ᠠ᠃ ᠲᠡᠭᠡᠭᠡᠳ1221 ᠣᠨ ᠤ᠋ ᠨᠠᠮᠤᠷ ᠳ᠋ᠠᠮᠠᠢᠲ᠋ᠠ ᠭᠠᠷᠠᠮ ᠢ᠋ ᠰᠠᠷᠠᠰᠤᠨ ᠬᠥᠮᠦᠨ ᠳ᠋ᠦ᠍ ᠪᠤᠴᠠᠭᠠᠵᠤ ᠥᠭᠬᠦ ᠳ᠋ᠦ᠍ ᠬᠦᠷᠦᠯ᠎ᠡ᠂ ᠶᠠᠮᠠᠷ ᠵᠠᠪᠰᠢᠶᠠᠨ ᠠ᠋ᠴᠠ ᠪᠣᠯᠤᠭᠰᠠᠨ ᠢ᠋ ᠪᠦᠦ ᠮᠡᠳᠡ᠂ ᠵᠠᠭᠠᠯᠮᠠᠢ ᠲᠡᠮᠳᠡᠭᠲᠦ ᠴᠡᠷᠢᠭ ᠪᠤᠷᠤᠭᠤᠯᠠᠨ ᠳᠤᠲᠠᠭᠠᠵᠤ ᠪᠦᠷᠢᠮᠦᠰᠦᠨ ᠰᠥᠨᠥᠬᠦ ᠡᠴᠡ ᠬᠡᠯᠲᠦᠷᠢᠵᠦ ᠴᠢᠳᠠᠯ᠎ᠠ᠃ ᠡᠨᠡ ᠮᠡᠲᠦ ᠶ᠋ᠢᠨ ᠶᠡᠬᠡ ᠠᠪᠤᠷᠠᠯ ᠢ᠋ ᠪᠠᠰᠠᠴᠤ ᠳ᠋ᠠᠸᠢᠳ᠋ ᠬᠠᠭᠠᠨ ᠠᠭᠰᠠᠨ ᠠ᠋ᠴᠠ ᠪᠣᠯᠵᠠᠢ ᠭᠡᠵᠦ ᠰᠠᠨᠠᠭᠳᠠᠵᠤ ᠪᠠᠢᠵᠠᠢ᠃ ᠰᠠᠷᠠᠰᠤᠨ ᠬᠥᠮᠦᠰ ᠦ᠋ᠨ ᠤᠷᠢᠳ ᠡᠮᠦᠨ᠎ᠡ ᠭᠠᠷᠤᠭᠰᠠᠨ ᠦᠭᠡᠢ ᠠᠭᠤᠴᠢᠯᠠᠯ ᠬᠦᠷᠲᠡᠭᠡᠭᠰᠡᠨ ᠨᠢ ᠪᠣᠯ ᠲᠡᠳᠡᠨᠦᠰ ᠦ᠋ᠨ ᠰᠦᠯᠲᠠᠨ ᠨᠢ ᠫᠧᠷᠰ ᠦ᠋ᠨ ᠬᠠᠭᠠᠨ ᠢ᠋ ᠳᠠᠭᠤᠷᠢᠶᠠᠵᠤ ᠬᠡᠲᠦᠷᠬᠡᠢ ᠣᠮᠣᠷᠬᠠᠭᠯᠠᠵᠤ ᠠᠭᠠᠰᠢᠯᠠᠭᠰᠠᠨ ᠦᠯᠢᠭᠡᠷ ᠢ᠋ ᠲᠣᠯᠢ ᠪᠣᠯᠭᠠᠨ ᠬᠢᠷᠢ ᠪᠡᠨ ᠲᠠᠲᠠᠭᠰᠠᠨ ᠶᠤᠮ᠃ ᠫᠧᠷᠰ ᠦ᠋ᠨ ᠱᠠᠭ ᠪᠣᠯ ᠣᠳᠣ ᠪᠣᠯᠲᠠᠯ᠎ᠠ ᠢᠯᠠᠯᠲᠠ ᠠ᠋ᠴᠠ ᠢᠯᠠᠯᠲᠠ ᠣᠯᠤᠭᠰᠠᠨ ᠪᠣᠯᠪᠠᠴᠤ ᠭᠠᠳᠠᠭᠠᠳᠤ ᠤᠯᠤᠰ ᠤ᠋ᠨ ᠬᠠᠭᠠᠨ ᠳ᠋ᠤ᠌ ᠪᠣᠲᠠᠨᠢᠷᠭᠡᠭᠳᠡᠵᠦ ᠲᠤᠢᠯ ᠤ᠋ᠨ ᠵᠣᠯ ᠪᠤᠰᠤ ᠤᠴᠠᠷᠠᠯ ᠳ᠋ᠤ᠌ ᠲᠣᠬᠢᠶᠠᠯᠳᠤᠭᠰᠠᠨ ᠶᠤᠮ ᠳᠠ᠃ ᠦᠨᠡᠨ ᠢ᠋ ᠬᠡᠯᠡᠪᠡᠯ ᠮᠸᠰᠤᠫᠤᠲ᠋ᠠᠮᠢᠶᠠ ᠪᠣᠯᠤᠨ ᠺᠠᠰᠫᠢ ᠶ᠋ᠢᠨ ᠲᠠᠩᠭᠢᠰ ᠬᠣᠶᠠᠷ ᠤ᠋ᠨ ᠬᠣᠭᠣᠷᠣᠨᠳᠣ ᠠᠯᠢ ᠨᠢᠭᠡᠨ ᠭᠠᠵᠠᠷ ᠲᠤ᠌ ᠴᠢᠭᠢᠷᠠᠭ ᠬᠦᠴᠦᠲᠡᠢ ᠭᠠᠳᠠᠭᠠᠳᠤ ᠤᠯᠤᠰ ᠤ᠋ᠨ ᠴᠡᠷᠢᠭ ᠪᠠᠢᠭᠰᠠᠨ ᠶᠤᠮ᠂ ᠡᠨᠡᠬᠦ ᠴᠡᠷᠢᠭ ᠨᠢ ᠵᠠᠭᠠᠯᠮᠠᠢ ᠲᠡᠮᠳᠡᠭᠲᠦ ᠴᠡᠷᠢᠭ ᠲᠡᠢ ᠨᠡᠯᠢᠶᠡᠳ ᠣᠢᠷᠠᠲᠤᠵᠤ ᠢᠷᠡᠭᠰᠡᠨ ᠪᠣᠯᠪᠠᠴᠤ ᠬᠠᠷᠢᠨ ᠲᠡᠳᠡᠨ ᠢ᠋ ᠲᠤᠰᠠᠯᠠᠬᠤ ᠪᠠᠷ ᠢᠷᠡᠭᠰᠡᠨ ᠦᠭᠡᠢ (ᠧᠦ᠋ᠷᠣᠫᠠ ᠶ᠋ᠢᠨ ᠬᠢᠨ ᠲᠡᠷᠡ ᠦᠶ᠎ᠡ ᠳ᠋ᠦ᠍ ᠤᠬᠠᠮᠰᠠᠷᠠᠵᠤ ᠪᠣᠯᠬᠤ ᠶᠤᠮᠰᠠᠨ᠂ ᠭᠡᠲᠡᠯ᠎ᠡ ᠲᠡᠭᠡᠵᠦ ᠤᠬᠠᠮᠰᠠᠷᠠᠭᠰᠠᠨ ᠦᠭᠡᠢ ᠶ᠋ᠢ ᠶᠠᠭᠠᠬᠢᠨ᠎ᠠ ᠭᠡᠬᠦ ᠪᠣᠢ— ᠮᠣᠩᠭᠣᠯᠴᠢᠯᠠᠭᠴᠢ ᠠ᠋ᠴᠠ)᠂ ᠬᠠᠷᠢᠨ ᠠᠷᠮᠸᠨᠢᠶᠡ᠂ ᠬᠢᠤᠷᠬᠢᠶᠠ᠂ ᠺᠡᠥ᠋ᠺᠡᠰ ᠦ᠋ᠨ ᠡᠯ᠎ᠡ ᠭᠦᠩᠲᠦ ᠤᠯᠤᠰ ᠤ᠋ᠨ ᠴᠡᠷᠢᠭ ᠨᠢ ᠰᠦᠨᠦᠭᠡᠭᠳᠡᠨ᠂ ᠬᠣᠲᠠ ᠪᠠᠯᠭᠠᠳ ᠨᠢ ᠡᠪᠳᠡᠭᠳᠡᠵᠦ ᠪᠤᠯᠢᠶᠠᠭᠳᠠᠭᠰᠠᠨ ᠴᠢᠮᠡᠭᠡ ᠭᠡᠨᠡᠳᠲᠡ ᠰᠣᠨᠣᠰᠳᠠᠪᠠ᠃ ᠳᠠᠷᠠᠭ᠎ᠠ ᠨᠢ ᠭᠠᠳᠠᠭᠠᠳᠤ ᠤᠯᠤᠰ ᠤ᠋ᠨ ᠴᠡᠷᠢᠭ ᠺᠡᠥ᠋ᠺᠡᠰ ᠠᠭᠤᠯᠠ ᠶ᠋ᠢ ᠳᠠᠪᠠᠭᠠᠳ ᠬᠠᠷ᠎ᠠ ᠲᠠᠩᠭᠢᠰ ᠤ᠋ᠨ ᠠᠷᠤ ᠳ᠋ᠠᠬᠢ ᠥᠷᠭᠡᠨ ᠠᠭᠤᠳᠠᠮ ᠲᠠᠯ᠎ᠠ ᠲᠡᠰᠢ ᠣᠷᠣᠵᠤ ᠢᠷᠡᠯ᠎ᠡ ᠭᠡᠰᠡᠨ ᠴᠢᠮᠡᠭᠡ ᠢᠷᠡᠵᠡᠢ᠃ ᠡᠨᠡᠬᠦ ᠬᠠᠷ᠎ᠠ ᠲᠠᠩᠭᠢᠰ ᠤ᠋ᠨ ᠠᠷᠤ ᠲᠠᠯ᠎ᠠ ᠪᠣᠯ ᠪᠠᠷᠤᠭ ᠺᠡᠦᠮᠡᠨ (ᠬᠢᠦ ᠴᠠᠭ ᠬᠥᠮᠦᠨ ᠢ᠋ ᠬᠡᠯᠡᠵᠦ ᠪᠠᠢᠬᠤ ᠶᠤᠮ— ᠮᠣᠩᠭᠣᠯᠴᠢᠯᠠᠭᠴᠢ ᠠ᠋ᠴᠠ) ᠠᠢᠮᠠᠭᠲᠠᠨ ᠤ᠋ ᠰᠠᠭᠤᠵᠤ ᠪᠠᠢᠭᠰᠠᠨ ᠭᠠᠵᠠᠷ ᠶᠤᠮ᠂ ᠺᠡᠦᠮᠡᠨ ᠦᠨᠳᠦᠰᠦᠲᠡᠨ ᠪᠣᠯ ᠳᠣᠪᠲᠣᠯᠤᠨ ᠳᠡᠭᠡᠷᠡᠮᠳᠡᠬᠦ ᠪᠡᠷ ᠭᠣᠣᠯ ᠠᠵᠢᠯ ᠢ᠋ᠶ᠋ᠠᠨ ᠪᠣᠯᠭᠠᠵᠤ᠂ ᠬᠣᠢᠲᠤ ᠲᠠᠯ᠎ᠠ ᠶ᠋ᠢᠨ ᠣᠷᠣᠰ ᠤ᠋ᠨ ᠡᠯ᠎ᠡ ᠭᠦᠩᠲᠦ ᠤᠯᠤᠰ ᠢ᠋᠂ ᠪᠠᠷᠠᠭᠤᠨ ᠲᠠᠯ᠎ᠠ ᠶ᠋ᠢᠨ ᠬᠠᠩᠭᠠᠷᠢ ᠸᠠᠩᠲᠤ ᠤᠯᠤᠰ ᠢ᠋ ᠪᠤᠯᠢᠶᠠᠨ ᠲᠦᠢᠪᠡᠭᠡᠳᠡᠭ ᠶᠡᠬᠡ ᠯᠡ ᠵᠡᠷᠯᠢᠭ ᠦᠨᠳᠦᠰᠦᠲᠡᠨ ᠪᠠᠢᠯ᠎ᠠ᠃ ᠣᠳᠣ ᠡᠳᠡᠨᠥᠰ ᠬᠠᠷᠢᠨ ᠲᠤᠢᠯ ᠢ᠋ᠶ᠋ᠠᠷ ᠠᠶᠤᠨ ᠡᠮᠢᠶᠡᠵᠦ ᠳ᠋ᠨ᠋ᠸᠫᠷ ᠮᠥᠷᠡᠨ ᠢ᠋ ᠭᠡᠲᠦᠯᠦᠭᠡᠳ ᠲᠤᠰᠠᠯᠠᠮᠵᠢ ᠭᠤᠶᠤᠬᠤ ᠪᠠᠷ ᠢᠷᠡᠭᠰᠡᠨ ᠪᠠᠢᠨ᠎ᠠ᠃ ᠵᠡᠭᠦᠨ ᠷᠣᠮ ᠤ᠋ᠨ ᠬᠠᠭᠠᠨ ᠠ᠋ᠴᠠ ᠮᠡᠰᠸᠳᠥ᠋ᠨᠢᠶᠡ ᠬᠢᠭᠡᠳ ᠰᠷᠡᠰ ᠭᠡᠳᠡᠭ ᠭᠠᠵᠠᠷ ᠲᠤ ᠣᠷᠣᠰᠢᠨ ᠰᠠᠭᠤᠬᠤ ᠵᠥᠪᠰᠢᠶᠡᠷᠡᠯ ᠢ᠋ ᠬᠦᠷᠲᠡᠪᠡ᠃
ᠺᠸᠷᠢᠮᠢᠶᠡ ᠳ᠋ᠡᠬᠢ ᠱᠠᠢᠨᠠᠢᠸᠠ ᠬᠥᠮᠦᠨ ᠦ᠌ ᠬᠣᠲᠠ ᠰᠳᠡᠺ ᠡᠴᠡ ᠳᠤᠲᠠᠭᠠᠨ ᠭᠠᠷᠴᠤ ᠢᠷᠡᠭᠰᠡᠨ ᠴᠡᠷᠢᠭ ᠦ᠋ᠨ ᠣᠩᠭᠣᠴᠠᠨ ᠤ᠋ ᠬᠥᠮᠦᠰ ᠡᠴᠡ ᠲᠤᠰ ᠬᠣᠲᠠ ᠶ᠋ᠢᠨ ᠪᠤᠯᠢᠶᠠᠭᠳᠠᠭᠰᠠᠨ ᠪᠠ ᠭᠠᠯᠳᠠᠭᠳᠠᠭᠰᠠᠨ ᠬᠡᠷᠡᠭ ᠢ᠋ ᠤᠯᠠᠮᠵᠢᠯᠠᠨ ᠲᠠᠷᠬᠠᠭᠠᠭᠰᠠᠨ ᠪᠠᠢᠨ᠎ᠠ᠃ ᠵᠠᠶᠠᠭ· ᠳᠤ· ᠹᠢᠳᠤᠷᠢ ᠶ᠋ᠢᠨ ᠬᠡᠢ ᠮᠣᠷᠢ ᠶ᠋ᠢ ᠳᠡᠭᠳᠡᠭᠡᠭᠰᠡᠨ ᠵᠠᠬᠢᠳᠠᠯ ᠢ᠋ ᠬᠦᠯᠢᠶᠡᠵᠦ ᠠᠪᠤᠭᠠᠳ ᠪᠠᠶᠠᠷᠯᠠᠵᠤ ᠪᠠᠢᠭᠰᠠᠨ ᠧᠦ᠋ᠷᠣᠫᠠ ᠶ᠋ᠢᠨ ᠬᠥᠮᠦᠰ ᠬᠣᠶᠠᠷ ᠵᠢᠯ ᠥᠩᠭᠡᠷᠡᠮᠡᠭᠴᠡ᠂ ᠣᠷᠣᠰ ᠤ᠋ᠨ ᠥᠷᠭᠡᠨ ᠠᠭᠤᠳᠠᠮ ᠲᠠᠯ᠎ᠠ ᠨᠤᠲᠤᠭ ᠠ᠋ᠴᠠ ᠪᠠᠷᠠᠭᠤᠨ ᠧᠦ᠋ᠷᠣᠫᠠ ᠬᠦᠷᠲᠡᠯ᠎ᠡ᠂ ᠣᠷᠣᠰ ᠤ᠋ᠨ ᠡᠯ᠎ᠡ ᠭᠦᠩᠲᠦ ᠤᠯᠤᠰ ᠤ᠋ᠨ ᠴᠡᠷᠢᠭ ᠪᠤᠲᠠ ᠴᠣᠬᠢᠭᠳᠠᠵᠤ ᠪᠦᠬᠦᠨ ᠢ᠋ᠶ᠋ᠡᠷ ᠰᠦᠨᠦᠭᠡᠭᠳᠡᠨ᠂ ᠬᠠᠷᠢ ᠤᠯᠤᠰ ᠤ᠋ᠨ ᠴᠡᠷᠢᠭ ᠣᠷᠣᠰ ᠤ᠋ᠨ ᠡᠯ᠎ᠡ ᠭᠦᠩᠲᠦ ᠤᠯᠤᠰ ᠢ᠋ ᠲᠠᠷᠢᠬᠢ ᠲᠣᠯᠣᠭᠠᠢ ᠶ᠋ᠢ ᠨᠢ ᠳᠦᠢᠷᠡᠲᠡᠯᠡ ᠪᠤᠯᠢᠶᠠᠨ ᠳᠡᠭᠡᠷᠡᠮᠳᠡᠵᠦ᠂ ᠬᠢᠳᠤᠨ ᠠᠯᠠᠬᠤ ᠶ᠋ᠢ ᠨᠢ ᠠᠯᠠᠭᠠᠳ᠂ ᠰᠠᠨᠠᠭᠠᠨ ᠲᠠᠪᠠ ᠪᠠᠷ ᠢ᠋ᠶ᠋ᠠᠨ ᠳᠦᠢᠪᠡᠭᠡᠵᠦ ᠪᠠᠢᠨ᠎ᠠ ᠭᠡᠰᠡᠨ ᠴᠤᠤᠷᠬᠠᠯ ᠰᠣᠨᠣᠰᠲᠠᠯ᠎ᠠ᠃ ᠡᠨᠡ ᠤᠳᠠᠭ᠎ᠠ ᠶ᠋ᠢᠨ ᠣᠷᠣᠵᠤ ᠢᠷᠡᠭᠰᠡᠨ ᠭᠠᠳᠠᠭᠠᠳᠤ ᠤᠯᠤᠰ ᠤ᠋ᠨ ᠬᠥᠮᠦᠰ ᠦ᠋ᠨ ᠲᠤᠬᠠᠢ ᠠᠢᠬᠤᠪᠲᠤᠷ ᠶᠠᠷᠢᠶ᠎ᠠ ᠶᠠᠪᠤᠭᠳᠠᠵᠤ ᠪᠠᠢᠯ᠎ᠠ᠃ ᠡᠨᠡ ᠭᠠᠳᠠᠭᠠᠳᠤ ᠶ᠋ᠢᠨ ᠬᠥᠮᠦᠰ ᠪᠣᠯ ᠬᠥᠯ ᠨᠢ ᠣᠬᠣᠷ᠂ ᠪᠡᠶ᠎ᠡ ᠨᠢ ᠬᠦᠳᠡᠷ᠂ ᠮᠥᠷᠥ ᠨᠢ ᠥᠷᠭᠡᠨ᠂ ᠪᠣᠷᠣ ᠤᠯᠠᠭᠠᠨ ᠴᠢᠷᠠᠢ ᠲᠠᠢ᠂ ᠲᠦᠭᠦᠬᠡᠢ ᠴᠢᠰᠤ ᠶ᠋ᠢ ᠤᠤᠭᠤᠳᠠᠭ ᠭᠡᠨ᠎ᠡ᠃ ᠭᠡᠪᠡᠴᠦ᠁ ᠲᠡᠳᠡᠨ ᠦ᠌ ᠪᠠᠢᠯᠳᠤᠬᠤ ᠦᠶ᠎ᠡ ᠳ᠋ᠦ᠍ ᠡᠷᠭᠦᠵᠦ ᠪᠠᠢᠬᠤ ᠴᠡᠷᠢᠭ ᠦ᠋ᠨ ᠲᠤᠭ ᠲᠤᠨᠢ ᠵᠠᠭᠠᠯᠮᠠᠢ ᠲᠡᠮᠳᠡᠭ ᠲᠡᠢ ᠭᠡᠵᠦ ᠬᠥᠮᠦᠰ ᠬᠡᠯᠡᠯᠴᠡᠵᠦ ᠪᠠᠢᠯ᠎ᠠ᠃ ᠡᠨᠡ ᠭᠠᠳᠠᠭᠠᠳᠤ ᠶ᠋ᠢᠨ ᠬᠥᠮᠦᠰ ᠦ᠋ᠨ ᠵᠠᠩ ᠴᠢᠨᠠᠷ ᠪᠠ ᠲᠡᠳᠡᠨ ᠦ᠌ ᠵᠣᠷᠢᠯᠲᠠ ᠶ᠋ᠢᠨ ᠲᠤᠬᠠᠢ ᠪᠠᠰᠠ ᠨᠢᠭᠡ ᠵᠦᠢᠯ ᠤ᠋ ᠰᠢᠨ᠎ᠡ ᠶᠠᠷᠢᠶ᠎ᠠ ᠶᠠᠪᠤᠭᠳᠠᠵᠤ ᠪᠠᠢᠪᠠ᠃ ᠲᠡᠳᠡᠨᠡᠷ ᠪᠣᠯ ᠮᠠᠵᠢ ᠶ᠋ᠢᠨ ᠭᠤᠷᠪᠠᠨ ᠸᠠᠩ ᠤ᠋ᠨ ᠦᠷᠡᠳᠦᠰ ᠭᠡᠨ᠎ᠡ᠂ ᠡᠳᠡᠨᠡᠢ ᠶᠠᠭᠤᠨ ᠳ᠋ᠤ᠌ ᠳᠣᠷᠣᠨᠠᠳᠠᠬᠢᠨ ᠠ᠋ᠴᠠ ᠡᠨᠳᠡ ᠢᠷᠡᠭᠰᠡᠨ ᠶᠦᠮ ᠭᠡᠪᠡᠯ ᠺᠷᠣ᠋ ᠵᠧᠦ ᠳ᠋ᠦ᠍ ᠬᠦᠷᠴᠦ ᠳᠡᠭᠡᠳᠦᠰ ᠦ᠋ᠨ ᠬᠥᠷᠥᠩᠭᠡ ᠪᠡᠨ ᠡᠷᠢᠵᠦ ᠣᠯᠬᠤ ᠪᠠᠷ ᠢᠷᠡᠯ᠎ᠡ ᠭᠡᠨ᠎ᠡ᠃ ᠡᠨᠡ ᠮᠡᠲᠦ ᠶ᠋ᠢᠨ ᠬᠡᠯᠡᠯᠴᠡᠭᠡ ᠨᠢ ᠭᠠᠳᠠᠭᠠᠳᠤ ᠤᠯᠤᠰ ᠤ᠋ᠨ ᠬᠥᠮᠦᠰ ᠳᠣᠷᠣᠨᠠᠳᠠᠬᠢᠨ ᠳ᠋ᠠᠭᠠᠨ ᠪᠤᠴᠠᠵᠤ ᠶᠠᠪᠤᠭᠰᠠᠨ ᠭᠡᠵᠦ ᠰᠣᠨᠣᠰᠳᠠᠬᠤ ᠦᠶ᠎ᠡ ᠬᠦᠷᠲᠡᠯ᠎ᠡ ᠶᠠᠪᠤᠭᠳᠠᠵᠤ ᠪᠠᠢᠯ᠎ᠠ᠃ ᠡᠳᠡᠭᠡᠷ ᠬᠥᠮᠦᠰ ᠦ᠋ᠨ ᠢᠷᠡᠭᠰᠡᠨ ᠨᠢ ᠭᠡᠨᠡᠳᠲᠡ ᠶ᠋ᠢᠨ ᠪᠥᠭᠡᠳ ᠡᠭᠦᠨ ᠲᠡᠢ ᠪᠡᠨ ᠠᠳᠠᠯᠢᠬᠠᠨ ᠢ᠋ᠶ᠋ᠠᠷ ᠶᠠᠪᠤᠭᠰᠠᠨ ᠨᠢ ᠴᠦ᠍ ᠲᠦᠷᠭᠡᠨ᠂ ᠶᠠᠮᠠᠷᠴᠤ ᠤᠯᠠ ᠮᠥᠷ ᠦᠯᠡᠳᠡᠭᠡᠭᠰᠡᠨ ᠦᠭᠡᠢ ᠶᠦᠮ᠃
ᠧᠦ᠋ᠷᠣᠫᠠ ᠶ᠋ᠢᠨ ᠬᠢᠨ ᠠᠷᠠᠢ ᠭᠡᠵᠦ ᠰᠠᠨᠠᠭ᠎ᠠ ᠠᠭᠤᠵᠢᠷᠠᠨ ᠠᠮᠠᠷᠠᠯ᠎ᠠ᠃ ᠧᠦ᠋ᠷᠣᠫᠠ ᠶ᠋ᠢᠨ ᠬᠥᠮᠦᠰ ᠡᠷᠲᠡ ᠢᠵᠠᠭᠤᠷ ᠠ᠋ᠴᠠ ᠠᠽᠢᠶ᠎ᠠ ᠧᠦ᠋ᠷᠣᠫᠠ ᠶ᠋ᠢᠨ ᠶᠡᠬᠡ ᠬᠠᠭᠤᠷᠠᠢ ᠳ᠋ᠤ᠌ ᠨᠡᠭᠦᠳᠡᠯᠯᠡᠨ ᠮᠠᠯᠵᠢᠬᠤ ᠦᠨᠳᠦᠰᠦᠲᠡᠨ ᠪᠣᠯᠤᠨ《ᠪᠣᠯᠪᠠᠰᠤᠨ》 ᠤᠯᠤᠰ ᠤ᠋ᠨ ᠰᠠᠭᠤᠷᠢᠰᠢᠭᠰᠠᠨ ᠠᠷᠠᠳ ᠤ᠋ᠨ ᠬᠣᠭᠣᠷᠣᠨᠳᠣ ᠥᠨᠢ ᠤᠳᠠᠭᠠᠨ ᠲᠡᠮᠡᠴᠡᠯ ᠬᠢᠭᠰᠡᠨ ᠵᠢᠮ᠎ᠡ ᠶᠣᠰᠣ ᠶ᠋ᠢ ᠮᠡᠳᠡᠬᠦ ᠦᠭᠡᠢ ᠪᠠᠢᠭᠰᠠᠨ ᠶᠤᠮ᠃ ᠡᠨᠡ ᠵᠢᠮ᠎ᠡ ᠶᠣᠰᠣ ᠪᠣᠯ ᠲᠡᠢᠨ ᠪᠠᠢᠯᠳᠤᠭᠠᠨ ᠤ᠋ ᠰᠢᠨ᠎ᠡ ᠮᠡᠷᠭᠡᠵᠢᠯ ᠪᠣᠢ ᠪᠣᠯᠤᠭᠰᠠᠨ ᠪᠥᠭᠡᠳ ᠧᠦ᠋ᠷᠣᠫᠠ ᠲᠢᠪ ᠦ᠋ᠨ《ᠪᠣᠯᠪᠠᠰᠤᠨ》 ᠢ᠋ ᠡᠴᠦᠰᠯᠡᠭᠦᠯᠦᠭᠰᠡᠨ ᠦ᠌ ᠲᠡᠮᠳᠡᠭ ᠭᠡᠬᠦ ᠶ᠋ᠢ ᠲᠡᠷᠡ ᠦᠶ᠎ᠡ ᠬᠦᠷᠲᠡᠯ᠎ᠡ ᠧᠦ᠋ᠷᠣᠫᠠ ᠶ᠋ᠢᠨ ᠠᠯᠢ ᠨᠢᠭᠡ ᠬᠥᠮᠦᠨ ᠴᠦ᠍《ᠪᠣᠯᠪᠠᠰᠤᠨ》 ᠶᠢᠷᠲᠢᠨᠴᠦ ᠶ᠋ᠢᠨ ᠵᠦᠭ ᠨᠡᠭᠦᠳᠡᠯᠯᠡᠨ ᠮᠠᠯᠵᠢᠬᠤ ᠦᠨᠳᠦᠰᠦᠲᠡᠨ ᠦ᠌ ᠬᠠᠮᠤᠭ ᠡᠴᠦᠰ ᠦ᠋ᠨ ᠪᠥᠭᠡᠳ ᠬᠠᠮᠤᠭ ᠳᠣᠭᠰᠢᠨ ᠴᠣᠬᠢᠯᠲᠠ ᠦᠭᠭᠦᠭᠰᠡᠨ ᠢ᠋ ᠮᠡᠳᠡᠭᠰᠡᠨ ᠦᠭᠡᠢ ᠶᠦᠮ᠃ ᠪᠠᠷᠠᠭᠤᠨ ᠧᠦ᠋ᠷᠣᠫᠠ ᠳ᠋ᠤ᠌ ᠡᠷᠲᠡ ᠤᠷᠢᠳ ᠠ᠋ᠴᠠ ᠪᠠᠢᠭ᠎ᠠ ᠦᠭᠡᠢ ᠲᠦᠭᠰᠢᠭᠦᠷᠢ ᠳ᠋ᠦ᠍ ᠤᠴᠠᠷᠠᠭᠠᠳ᠂ ᠵᠠᠶᠠᠭ · ᠲᠤ᠌ · ᠹᠢᠳᠤᠷᠢ ᠶ᠋ᠢᠨ ᠳ᠋ᠡᠸᠢᠳ᠋ ᠬᠠᠭᠠᠨ ᠭᠡᠵᠦ ᠨᠡᠷᠡᠯᠡᠭᠰᠡᠨ ᠨᠢ ᠴᠣᠬᠣᠮ ᠬᠡᠨ ᠪᠣᠯᠬᠤ ᠶ᠋ᠢ ᠮᠡᠳᠡᠭᠰᠡᠨ ᠨᠢ ᠬᠣᠵᠢᠮ ᠬᠣᠢᠨ᠎ᠠ ᠶ᠋ᠢᠨ ᠬᠣᠷᠢᠨ ᠵᠢᠯ ᠦ᠋ᠨ ᠬᠡᠷᠡᠭ ᠪᠣᠯᠤᠨ᠎ᠠ᠂ ᠡᠨᠡ ᠮᠡᠲᠦ ᠶ᠋ᠢᠨ ᠵᠡᠷᠯᠢᠭ ᠮᠣᠷᠢᠲᠤ ᠴᠡᠷᠢᠭ ᠬᠣᠶᠠᠳᠤᠭᠠᠷ ᠤᠳᠠᠭ᠎ᠠ ᠳᠠᠬᠢᠨ ᠧᠦ᠋ᠷᠣᠫᠠ ᠲᠢᠪ ᠢ᠋ ᠴᠣᠬᠢᠬᠤ ᠪᠠᠷ ᠢᠷᠡᠭᠰᠡᠨ ᠡᠴᠡ ᠪᠣᠯᠵᠤ᠂ ᠵᠡᠭᠦᠨ ᠧᠦ᠋ᠷᠣᠫᠠ ᠨᠢ ᠡᠪᠳᠡᠭᠳᠡᠭᠡᠳ ᠶᠠᠰᠤᠨ ᠭᠤᠲᠤ ᠪᠣᠯᠵᠤ᠂ ᠪᠠᠷᠠᠭᠤᠨ ᠧᠦ᠋ᠷᠣᠫᠠ ᠨᠢ ᠴᠦ᠍ ᠲᠠᠢᠪᠤᠩ ᠪᠤᠰᠤ ᠪᠣᠯᠵᠤ᠂ ᠬᠦᠨᠳᠦ ᠰᠦᠷᠳᠡᠭᠦᠯᠦᠯ ᠳ᠋ᠦ᠍ ᠤᠴᠠᠷᠠᠭᠰᠠᠨ ᠪᠢᠯᠡ᠃ ᠲᠡᠷᠡ ᠦᠶ᠎ᠡ ᠳ᠋ᠦ᠍ ᠬᠦᠷᠦᠭᠡᠳ ᠰᠠᠶᠢ ᠳᠣᠷᠣᠨᠠᠳᠠᠬᠢᠨ ᠳ᠋ᠤ᠌ ᠭᠠᠯᠠᠪ ᠶᠢᠷᠲᠢᠨᠴᠦ ᠳ᠋ᠦ᠍ ᠭᠠᠷᠤᠭᠰᠠᠨ ᠦᠭᠡᠢ᠂ ᠳᠡᠯᠡᠬᠡᠢ ᠳ᠋ᠠᠬᠢᠨ ᠤ᠋ ᠳᠦᠷᠰᠦ ᠪᠠᠢᠳᠠᠯ ᠢ᠋ ᠬᠤᠪᠢᠷᠠᠭᠤᠯᠤᠭᠰᠠᠨ ᠨᠢᠭᠡ ᠦᠨᠳᠦᠰᠦᠲᠡᠨ ᠪᠠ ᠨᠢᠭᠡᠨ ᠪᠠᠭᠠᠲᠤᠷ ᠰᠠᠢᠨ ᠡᠷ᠎ᠡ ᠢᠯᠡᠷᠡᠨ ᠭᠠᠷᠤᠭᠰᠠᠨ ᠢ᠋ ᠮᠡᠳᠡᠭᠰᠡᠨ ᠪᠠᠢᠨ᠎ᠠ᠃
(ᠭᠠᠳᠠᠭᠠᠳᠤ ᠤᠯᠤᠰ ᠤ᠋ᠨ ᠬᠥᠮᠦᠰ ᠴᠢᠩᠭᠢᠰ ᠬᠠᠭᠠᠨ ᠢ᠋ ᠶᠠᠭᠠᠬᠢᠵᠤ ᠰᠤᠳᠤᠯᠤᠨ ᠦᠨᠡᠯᠡᠵᠦ ᠪᠠᠢᠬᠤ ᠪᠣᠢ? ᠮᠠᠨ ᠤ᠋ ᠤᠯᠤᠰ ᠤ᠋ᠨ ᠳᠣᠲᠣᠷ᠎ᠠ ᠶᠠᠭᠠᠬᠢᠵᠤ ᠰᠤᠳᠤᠯᠤᠨ᠂ ᠶᠠᠭᠠᠬᠢᠵᠤ ᠦᠨᠡᠯᠡᠵᠦ ᠪᠠᠢᠬᠤ ᠪᠣᠢ? ᠨᠡᠩ ᠢᠯᠠᠩᠭᠤᠶ᠎ᠠ ᠴᠢᠩᠭᠢᠰ ᠦ᠋ᠨ ᠦᠷᠡᠳᠦᠰ ᠮᠣᠩᠭᠣᠯ ᠬᠥᠮᠦᠨ ᠥᠪᠡᠷ ᠦ᠋ᠨ ᠲᠡᠦᠬᠡ ᠪᠡᠨ ᠶᠠᠮᠠᠷ ᠵᠡᠷᠭᠡ ᠰᠤᠷᠴᠤ ᠰᠤᠳᠤᠯᠵᠤ ᠪᠠᠢᠬᠤ ᠪᠣᠢ? ᠥᠪᠡᠷ ᠦ᠋ᠨ ᠳᠡᠭᠡᠳᠦᠰ ᠢ᠋ᠶ᠋ᠡᠨ ᠶᠠᠮᠠᠷ ᠵᠡᠷᠭᠡ ᠰᠤᠳᠤᠯᠵᠤ᠂ ᠶᠠᠮᠠᠷ ᠪᠠᠢᠷᠢᠨ ᠳ᠋ᠤ᠌ ᠲᠠᠯᠪᠢᠨ ᠦᠨᠡᠯᠡᠵᠦ ᠪᠠᠢᠬᠤ ᠪᠣᠢ? ᠬᠠᠷᠠᠮᠰᠠᠯᠲᠠᠢ ᠨᠢ ᠮᠠᠨᠠᠢᠬᠢᠨ ᠤ᠋ ᠳᠣᠲᠣᠷ᠎ᠠ ᠪᠤᠰᠤᠳ ᠢ᠋ ᠳᠠᠭᠠᠭᠠᠳ ᠴᠢᠩᠭᠢᠰ ᠬᠠᠭᠠᠨ ᠢ᠋ ᠬᠠᠷᠢᠶᠠᠵᠤ᠂ ᠥᠪᠡᠷ ᠢ᠋ ᠪᠡᠨ ᠠᠯᠬᠤᠮ ᠲᠠᠪᠰᠢᠯᠠ ᠭᠡᠵᠦ ᠠᠭᠠᠰᠢᠯᠠᠬᠤ ᠬᠥᠮᠦᠨ ᠦᠭᠡᠢ ᠪᠢᠰᠢ᠃ ᠡᠭᠦᠨ ᠦ᠌ ᠬᠠᠮᠲᠤ ᠴᠢᠩᠭᠢᠰ ᠬᠠᠭᠠᠨ ᠢ᠋ ᠮᠠᠭᠤᠰᠢᠶᠠᠬᠤ ᠶ᠋ᠢ ᠰᠣᠨᠣᠰᠪᠠᠯ ᠳᠡᠭᠡᠷ᠎ᠡ ᠦᠰᠦᠷᠦᠨ ᠴᠢᠷᠠᠢ ᠤᠯᠠᠢᠯᠭᠠᠨ ᠬᠡᠷᠡᠯᠳᠦᠵᠦ ᠨᠣᠴᠣᠯᠳᠤᠮᠠᠷ ᠠᠭᠠᠰᠢᠯᠠᠬᠤ ᠬᠥᠮᠦᠰ ᠴᠦ᠍ ᠬᠠᠷᠠᠭᠳᠠᠨ᠎ᠠ᠃ ᠬᠥᠮᠦᠨ ᠢ᠋ ᠳᠠᠭᠠᠭᠠᠳ ᠬᠠᠷᠢᠶᠠᠭᠰᠠᠳ ᠢ᠋ ᠬᠡᠨ ᠴᠦ᠍ ᠲᠡᠭᠦᠨ ᠢ᠋ ᠰᠠᠢᠰᠢᠶᠠᠬᠤ ᠦᠭᠡᠢ ᠶᠦᠮ᠂ ᠠᠭᠤᠷᠯᠠᠨ ᠨᠣᠴᠣᠯᠳᠤᠬᠤ ᠬᠠᠯᠠᠭᠤᠨ ᠰᠡᠳᠬᠢᠯ ᠪᠠᠢᠪᠠᠴᠤ ᠤᠴᠢᠷ ᠢ᠋ᠶ᠋ᠠᠨ ᠲᠣᠳᠣᠯᠵᠤ ᠮᠠᠷᠭᠤᠯᠳᠤᠬᠤ ᠮᠡᠳᠡᠯᠭᠡ ᠪᠠ ᠮᠠᠲ᠋ᠧᠷᠢᠶᠠᠯ ᠨᠢ ᠭᠦᠢᠴᠡᠳ ᠦᠭᠡᠢ ᠪᠠᠢᠳᠠᠭ᠃ ᠲᠡᠢᠮᠦ ᠡᠴᠡ ᠠᠮᠠᠷᠠᠬᠤ ᠴᠠᠭ ᠢ᠋ᠶ᠋ᠠᠨ ᠠᠰᠢᠭᠯᠠᠵᠤ᠂ ᠮᠣᠩᠭᠣᠯ ᠦᠨᠳᠦᠰᠦᠲᠡᠨ ᠦ᠌ ᠲᠡᠦᠬᠡ ᠪᠡᠨ ᠰᠤᠷᠤᠯᠴᠠᠵᠤ ᠰᠤᠳᠤᠯᠬᠤ ᠳ᠋ᠤ᠌ ᠲᠤᠰᠠ ᠪᠣᠯᠬᠤ ᠪᠣᠯᠪᠠᠤ ᠭᠡᠵᠦ ᠡᠭᠦᠨ ᠢ᠋ ᠣᠷᠴᠢᠭᠤᠯᠪᠠᠢ᠃ ᠮᠣᠩᠭᠣᠯᠴᠢᠯᠠᠭᠴᠢ ᠠ᠋ᠴᠠ)᠃
ᠦᠰᠦᠭ ᠠᠮᠢᠯᠠᠭᠤᠯᠤᠭᠴᠢ᠄ ᠲᠣᠭᠲᠠᠭᠤᠨᠪᠠᠶᠠᠷ᠂ ᠪᠠᠶᠠᠨᠰᠡᠷᠡᠩ᠂ ᠣᠶᠤᠨᠪᠢᠯᠢᠭ᠌᠂ ᠪᠠᠶᠠᠨᠴᠡᠴᠡᠭ᠂ ᠲᠣᠭᠲᠠᠭᠤᠨ᠂ ᠡᠷᠳᠡᠨᠢᠭᠤᠸ᠎ᠠ
ᠦᠰᠦᠭ ᠬᠢᠨᠠᠭᠴᠢ᠄ ᠲ᠂ ᠬᠦᠮᠦᠵᠢᠯᠲᠦ᠂ ᠣᠳᠬᠠᠨᠰᠣ᠎ᠠ᠂ ᠪᠠᠶᠠᠨᠴᠡᠴᠡᠭ
