ᠮᠣᠩᠭᠣᠯ ᠶᠣᠰᠣ-ᠠ᠋᠂ ᠲᠦᠷᠦᠮᠠᠨᠳᠤᠬᠤ᠂ ᠣ᠂ ᠭᠠᠩᠰᠣᠪᠤᠳМонгол ёс-Э,Төрмандуху,О,Гансвд ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠶᠣᠰᠣ-ᠠ᠋᠂ ᠲᠦᠷᠦᠮᠠᠨᠳᠤᠬᠤ᠂ ᠣ᠂ ᠭᠠᠩᠰᠣᠪᠤᠳМонгол ёс-Э,Төрмандуху,О,Гансвд

ᠮᠣᠩᠭᠣᠯ ᠶᠣᠰᠣ-ᠠ᠋᠂ ᠲᠦᠷᠦᠮᠠᠨᠳᠤᠬᠤ᠂ ᠣ᠂ ᠭᠠᠩᠰᠣᠪᠤᠳМонгол ёс-Э,Төрмандуху,О,Гансвд

ᠠᠩᠭᠢᠯᠠᠯ:ᠳᠠᠭᠤᠤ ᠬᠥᠭᠵᠢᠮ
2024-10-05

3144

ᠮᠣᠩᠭᠣᠯ ᠶᠣᠰᠣ

  ᠦᠭᠡ᠂ ᠠᠶ᠎ᠠ᠄ ᠴ᠂ ᠴᠠᠭᠠᠨ— ᠡᠪᠦᠭᠡᠨ 
  ᠳᠠᠭᠤᠴᠢᠨ᠄ ᠠ᠋᠂ ᠲᠦᠷᠦᠮᠠᠨᠳᠤᠬᠤ᠂ ᠣ᠂ ᠭᠠᠩᠰᠣᠪᠤᠳ 
ᠨᠠᠷᠠ ᠵᠥᠪ ᠡᠷᠭᠢᠵᠦ ᠮᠥᠷ ᠢ᠋ᠶ᠋ᠡᠨ ᠭᠠᠷᠭᠠᠭᠠᠳ 
ᠨᠠᠷᠠᠨ ᠳ᠋ᠤ᠌ ᠪᠠᠨ ᠵᠠᠯᠪᠠᠷᠢᠨ ᠪᠦᠬᠦᠨ ᠢ᠋ᠶ᠋ᠡᠨ ᠳᠠᠭᠠᠳᠬᠠᠭᠠᠳ 
ᠨᠠᠰᠤᠲᠠᠨ ᠪᠤᠭᠤᠷᠤᠯ ᠢ᠋ᠶ᠋ᠠᠨ ᠬᠦᠨᠳᠦᠯᠡᠨ ᠳᠡᠭᠡᠳᠦᠯᠡᠭᠡᠳ 
ᠶᠣᠰᠣ ᠪᠠᠨ ᠪᠣᠳᠣᠵᠤ ᠢᠷᠦᠭᠡᠯ ᠲᠠᠯᠪᠢᠶ᠎ᠠ 
ᠠᠢ᠁
ᠮᠣᠩᠭᠣᠯ ᠶᠣᠰᠣ ᠰᠠᠢᠬᠠᠨ 
ᠠᠮᠢᠳᠤ ᠶᠠᠪᠤᠬᠤ ᠳ᠋ᠤ᠌ ᠵᠢᠷᠭᠠᠯ ᠳᠦᠭᠦᠷᠡᠩ 

ᠰᠠᠢᠨ ᠤ᠋ ᠢᠷᠦᠭᠡᠯ ᠡᠷᠭᠦᠨ ᠵᠣᠯᠭᠠᠭᠠᠳ
ᠰᠠᠭᠠᠲᠠᠨ ᠲᠣᠭᠯᠠᠬᠤ ᠨᠠᠰᠤᠲᠠᠨ ᠪᠤᠭᠤᠷᠤᠯ ᠤ᠋ᠳ
ᠨᠢᠭᠡ ᠨᠢᠭᠡᠨ ᠳ᠋ᠦ᠍ ᠪᠡᠨ ᠤᠷᠮ᠎ᠠ ᠬᠠᠢᠷᠠᠯᠠᠭᠠᠳ
ᠨᠢᠭᠦᠯᠡᠰᠦᠩᠭᠦᠢ ᠰᠠᠢᠬᠠᠨ ᠠᠮᠢᠳᠤᠷᠠᠬᠤ ᠶᠣᠰᠣ ᠲᠠᠢ
ᠠᠢ᠁
ᠮᠣᠩᠭᠣᠯ ᠶᠣᠰᠣ ᠰᠠᠢᠬᠠᠨ
ᠠᠮᠢᠳᠤ ᠶᠠᠪᠤᠬᠤ ᠳ᠋ᠤ᠌ ᠵᠢᠷᠭᠠᠯ ᠳᠦᠭᠦᠷᠡᠩ

ᠬᠦᠵᠢ ᠠᠷᠴᠠ ᠪᠠᠷ ᠢ᠋ᠶ᠋ᠠᠨ ᠰᠡᠳᠬᠢᠯ ᠢ᠋ᠶ᠋ᠡᠨ ᠠᠷᠢᠭᠤᠯᠠᠵᠤ
ᠬᠦᠯᠦᠭ ᠮᠣᠷᠢᠨ ᠳᠡᠭᠡᠷ᠎ᠡ ᠪᠡᠨ ᠬᠡᠢᠮᠣᠷᠢ ᠪᠠᠨ ᠰᠡᠷᠭᠦᠭᠡᠵᠦ
ᠵᠤᠨ ᠣᠯᠠᠨ ᠢ᠋ᠶ᠋ᠠᠷ ᠢ᠋ᠶ᠋ᠠᠨ ᠶᠣᠰᠣ ᠪᠠᠨ ᠳᠡᠭᠡᠳᠦᠯᠡᠭᠡᠳ
ᠵᠣᠯ ᠵᠢᠷᠭᠠᠯ ᠲᠠᠢ ᠠᠮᠢᠳᠤᠷᠠᠬᠤ ᠰᠠᠢᠬᠠᠨ
ᠠᠢ᠁
ᠮᠣᠩᠭᠣᠯ ᠶᠣᠰᠣ ᠰᠠᠢᠬᠠᠨ
ᠠᠮᠢᠳᠤ ᠶᠠᠪᠤᠬᠤ ᠳ᠋ᠤ᠌ ᠵᠢᠷᠭᠠᠯ ᠳᠦᠭᠦᠷᠡᠩ
ᠠᠢ᠁
ᠮᠣᠩᠭᠣᠯ ᠶᠣᠰᠣ ᠰᠠᠢᠬᠠᠨ
ᠠᠮᠢᠳᠤ ᠶᠠᠪᠤᠬᠤ ᠳ᠋ᠤ᠌ ᠵᠢᠷᠭᠠᠯ ᠳᠦᠭᠦᠷᠡᠩ
ᠠᠮᠢᠳᠤ ᠶᠠᠪᠤᠬᠤ ᠳ᠋ᠤ᠌ ᠵᠢᠷᠭᠠᠯ ᠳᠦᠭᠦᠷᠡᠩ
 ᠦᠰᠦᠭ ᠠᠮᠢᠯᠠᠭᠤᠯᠤᠭᠴᠢ᠄ ᠰᠣᠳᠣ
 ᠦᠰᠦᠭ ᠬᠠᠲᠠᠭᠰᠠᠨ ᠨᠢ᠄ ᠰᠣᠳᠣ
 ᠬᠢᠨᠠᠭᠴᠢ᠄ ᠣᠳᠬᠠᠨᠰᠸ᠎ᠠ