ᠮᠢᠨᠦ ᠪᠠᠭᠰᠢ-ᠫᠦᠷᠪᠦᠳᠠᠭᠪᠠ ᠶ᠋ᠢᠨ ᠷᠠᠪᠵᠢᠷМиний багш-Пүрэвдагвын Равжар
ᠮᠢᠨᠦ ᠪᠠᠭᠰᠢ
ᠳᠠᠭᠤᠴᠢᠨ᠄ ᠫᠦᠷᠪᠦᠳᠠᠭᠪᠠ ᠶ᠋ᠢᠨ ᠷᠠᠪᠵᠢᠷ
ᠣᠶᠤᠨ ᠢ᠋ ᠮᠢᠨᠢ ᠡᠷᠳᠡᠮ ᠦ᠋ᠨ ᠪᠠᠯ ᠢ᠋ᠶ᠋ᠠᠷ ᠠᠮᠲᠠᠯᠠᠭᠰᠠᠨ
ᠣᠯᠤᠯᠲᠠ ᠶ᠋ᠢ ᠮᠢᠨᠢ ᠪᠠᠬᠠᠳᠤᠯ ᠤ᠋ᠨ ᠣᠴᠢ ᠪᠠᠷ ᠢᠪᠡᠭᠡᠭᠰᠡᠨ
ᠰᠡᠳᠬᠢᠯ ᠢ᠋ ᠮᠢᠨᠢ ᠢᠲᠡᠭᠡᠯ ᠦ᠋ᠨ ᠳᠥᠯᠥ ᠪᠡᠷ ᠪᠠᠳᠠᠷᠠᠭᠠᠭᠰᠠᠨ
ᠰᠠᠢᠬᠠᠨ ᠬᠥᠮᠦᠨ ᠲᠠ ᠮᠢᠨᠦ ᠪᠠᠭᠰᠢ ᠠ᠋
ᠲᠠ ᠤᠶᠠᠷᠠᠯ ᠬᠠᠢᠷ᠎ᠠ ᠶ᠋ᠢᠨ ᠰᠤᠪᠤᠳ ᠤ᠋ᠨ ᠬᠡᠯᠬᠢᠶ᠎ᠡ
ᠲᠠ ᠤᠶᠠᠩᠭ᠎ᠠ ᠳᠠᠭᠤᠨ ᠤ᠋ ᠪᠦᠪᠡᠢ ᠬᠣᠷᠸ᠎ᠠ᠃
ᠪᠤᠷᠤᠭᠤ ᠶ᠋ᠢ ᠬᠢᠪᠡᠯ ᠤᠬᠠᠭᠠᠷᠠᠭᠤᠯᠵᠤ ᠵᠢᠮᠡᠯᠡᠭᠰᠡᠨ
ᠪᠤᠶᠠᠨ ᠬᠢᠪᠡᠯ ᠤᠷᠮᠠᠰᠢᠭᠤᠯᠵᠤ ᠳᠡᠮᠵᠢᠭᠰᠡᠨ
ᠦᠦᠬᠡ ᠲᠡᠦᠬᠡ ᠶ᠋ᠢᠨ ᠠᠯᠲᠠᠨ ᠬᠠᠭᠤᠳᠠᠰᠤ ᠲᠠᠢ
ᠤᠬᠠᠭᠠᠯᠢᠭ ᠬᠥᠮᠦᠨ ᠲᠠ ᠮᠢᠨᠦ ᠪᠠᠭᠰᠢ ᠠ᠋
ᠲᠠ ᠤᠶᠠᠷᠠᠯ ᠬᠠᠢᠷ᠎ᠠ ᠶ᠋ᠢᠨ ᠰᠤᠪᠤᠳ ᠤ᠋ᠨ ᠬᠡᠯᠬᠢᠶ᠎ᠡ
ᠲᠠ ᠤᠶᠠᠩᠭ᠎ᠠ ᠳᠠᠭᠤᠨ ᠤ᠋ ᠪᠦᠪᠡᠢ ᠬᠣᠷᠸ᠎ᠠ
ᠴᠠᠢᠯᠭᠠᠨ ᠰᠡᠳᠬᠢᠯ ᠢ᠋ᠶ᠋ᠡᠷ ᠢ᠋ᠶ᠋ᠡᠨ ᠬᠡᠦᠬᠡᠳ ᠰᠢᠭ ᠪᠣᠯᠤᠭᠰᠠᠨ
ᠬᠠᠢᠯᠭᠠᠨ ᠵᠠᠩ ᠢ᠋ᠶ᠋ᠠᠷ ᠢ᠋ᠶ᠋ᠠᠨ ᠪᠤᠰᠤᠳ ᠤ᠋ᠨ ᠬᠠᠢᠷ᠎ᠠ ᠶ᠋ᠢ ᠪᠤᠯᠢᠶᠠᠭᠰᠠᠨ
ᠡᠭᠡᠨᠡᠭᠲᠡ ᠵᠦᠢᠷ ᠦᠭᠡᠢ ᠥᠭᠯᠢᠭᠡ ᠶ᠋ᠢᠨ ᠡᠵᠡᠨ ᠲᠠ
ᠡᠭᠡᠯᠭᠡᠨ ᠬᠥᠮᠦᠨ ᠲᠠ ᠮᠢᠨᠦ ᠪᠠᠭᠰᠢ ᠠ᠋
ᠲᠠ ᠤᠶᠠᠷᠠᠯ ᠬᠠᠢᠷ᠎ᠠ ᠶ᠋ᠢᠨ ᠰᠤᠪᠤᠳ ᠤ᠋ᠨ ᠬᠡᠯᠬᠢᠶ᠎ᠡ
ᠲᠠ ᠤᠶᠠᠩᠭ᠎ᠠ ᠳᠠᠭᠤᠨ ᠤ᠋ ᠪᠦᠪᠡᠢ ᠬᠣᠷᠸ᠎ᠠ
ᠲᠠ ᠤᠶᠠᠷᠠᠯ ᠬᠠᠢᠷ᠎ᠠ ᠶ᠋ᠢᠨ ᠰᠤᠪᠤᠳ ᠤ᠋ᠨ ᠬᠡᠯᠬᠢᠶ᠎ᠡ
ᠲᠠ ᠤᠶᠠᠩᠭ᠎ᠠ ᠳᠠᠭᠤᠨ ᠤ᠋ ᠪᠦᠪᠡᠢ ᠬᠣᠷᠸ᠎ᠠ᠃
ᠦᠰᠦᠭ ᠠᠮᠢᠯᠠᠭᠤᠯᠤᠭᠴᠢ᠄ ᠭᠠᠷᠮ᠎ᠠ
ᠦᠰᠦᠭ ᠬᠠᠲᠠᠭᠰᠠᠨ ᠨᠢ ᠄ ᠭᠠᠸᠠ
ᠦᠰᠦᠭ ᠬᠢᠨᠠᠭᠴᠢ᠄ ᠭᠠᠷᠮ᠎ᠠ
