ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ <ᠡ ᠶᠢᠨ ᠠᠢᠮᠠᠭ –1>Монгол зүйр цэцэн үгийн гураван мянган дээж – Д᠂Заяабаатар эмхэтгэв <Эгийн аймаг 1>
ᠡ (Э) ᠶᠢᠨ ᠠᠢᠮᠠᠭ –1
– ᠠ᠋ (Э) –
2804 ᠡᠪ ᠮᠡᠳᠡᠬᠦ ᠦᠭᠡᠢ ᠬᠥᠮᠦᠨ ᠳ᠋ᠦ᠍
ᠡᠪ ᠵᠢᠭᠠᠬᠤ ᠶ᠋ᠢᠨ ᠣᠷᠣᠨ ᠳ᠋ᠤ᠌
ᠡᠯᠡᠰᠦᠨ ᠳᠡᠭᠡᠷ᠎ᠡ ᠨᠢᠭᠡ ᠬᠤᠪᠢᠩ
ᠤᠰᠤ ᠠᠰᠬ᠎ᠠ
2805 ᠡᠪ ᠨᠢᠭᠡᠲᠡᠨ ᠡᠪᠳᠡᠷᠡᠬᠦ ᠦᠭᠡᠢ
ᠦᠨᠡᠨ ᠶᠠᠪᠤᠳᠠᠯᠲᠠᠨ ᠭᠠᠭᠴᠠᠭᠠᠷᠳᠠᠬᠤ ᠦᠭᠡᠢ
2806 ᠡᠪ ᠲᠦᠮᠡᠨ ᠯᠠᠩ
ᠡᠷᠳᠡᠮ ᠮᠢᠩᠭᠠᠨ ᠯᠠᠩ
2807 ᠡᠪ ᠦᠭᠡᠢ ᠬᠥᠮᠦᠨ ᠶᠠᠭ
ᠡᠷᠳᠡᠮ ᠦᠭᠡᠢ ᠬᠥᠮᠦᠨ ᠲᠠᠭ
2808 ᠡᠪ ᠲᠦ᠍ ᠬᠢᠵᠠᠭᠠᠷ ᠦᠭᠡᠢ
ᠡᠷᠳᠡᠮ ᠳ᠋ᠦ᠍ ᠣᠷᠣᠢ ᠦᠭᠡᠢ
2809 ᠡᠪᠳᠡᠷᠡᠯᠴᠡᠭᠰᠡᠨ ᠡᠴᠡ ᠴᠢᠰᠤ ᠭᠠᠷᠳᠠᠭ
ᠡᠪᠯᠡᠭᠰᠡᠨ ᠡᠴᠡ ᠲᠣᠰᠣ ᠭᠠᠷᠳᠠᠭ
2810 ᠡᠪᠳᠡᠷᠡᠬᠦ ᠦᠭᠡᠢ ᠮᠥᠩᠬᠡ
ᠡᠯᠡᠭᠳᠡᠬᠦ ᠦᠭᠡᠢ ᠪᠠᠲᠤ
2811 ᠡᠪᠳᠡᠬᠦ ᠳ᠋ᠦ᠍ ᠬᠢᠯᠪᠠᠷ
ᠡᠪᠯᠡᠭᠦᠯᠬᠦ ᠳ᠋ᠦ᠍ ᠪᠡᠷᠬᠡ
2812 ᠡᠪ ᠢ᠋ ᠬᠢᠴᠢᠶᠡᠮᠵᠢ ᠪᠡᠷ
ᠡᠷᠳᠡᠮ ᠢ᠋ ᠬᠢᠴᠢᠶᠡᠯ ᠢ᠋ᠶ᠋ᠡᠷ
2813 ᠡᠪ ᠢ᠋ ᠡᠷᠲᠡᠨ ᠡᠴᠡ ᠨᠢ
ᠡᠷᠳᠡᠮ ᠢ᠋ ᠡᠬᠢᠨ ᠡᠴᠡ ᠨᠢ
2814 ᠡᠪᠡᠢᠯᠡᠬᠦ ᠪᠦᠷᠢ ᠬᠥᠯ ᠢ᠋ᠶ᠋ᠡᠨ
ᠡᠪᠦᠷ ᠲᠦ᠍ ᠬᠢᠬᠦ
2815 ᠡᠪ ᠦ᠋ᠨ ᠡᠴᠦᠰ ᠲᠦ᠍ ᠲᠣᠰᠣ
ᠡᠪᠳᠡᠷᠡᠯ ᠦ᠋ᠨ ᠡᠬᠢᠨ ᠳ᠋ᠦ᠍ ᠬᠡᠷᠡᠭᠦᠯ
2816 ᠡᠪᠯᠡᠭᠦᠯᠪᠡᠯ ᠡᠪᠡᠷ ᠲᠤᠭᠤᠷᠠᠢ ᠴᠦ᠍ ᠨᠡᠢᠯᠡᠨ᠎ᠡ
ᠡᠪ ᠦᠭᠡᠢ ᠪᠣᠯ ᠡᠯᠢᠭᠡ ᠪᠥᠭᠡᠷ᠎ᠡ ᠴᠦ᠍ ᠨᠡᠢᠯᠡᠬᠦ ᠦᠭᠡᠢ
2817 ᠡᠪᠯᠡᠪᠡᠯ ᠪᠦᠲᠦᠨ᠎ᠡ
ᠬᠣᠪᠯᠠᠪᠠᠯ ᠭᠤᠲᠤᠨ᠎ᠠ
2818 ᠡᠪᠯᠡᠪᠡᠯ ᠬᠠᠷᠠᠳᠠᠨᠠ
ᠡᠪᠳᠡᠷᠡᠪᠡᠯ ᠭᠣᠮᠣᠳᠠᠨ᠎ᠠ
2819 ᠡᠪᠯᠡᠪᠡᠯ ᠡᠪ ᠦ᠋ᠨ ᠴᠠᠪᠠᠤ ᠰᠢᠭ᠋
ᠡᠪᠳᠡᠷᠡᠪᠡᠯ ᠡᠷᠢᠶᠡᠨ ᠮᠣᠭᠠᠢ ᠰᠢᠭ᠋
2820 ᠡᠪᠯᠡᠵᠦ ᠮᠠᠭᠤ ᠰᠠᠨᠠᠭᠠᠲᠠᠨ ᠲᠠᠢ ᠪᠦᠦ ᠵᠥᠪᠰᠢ
ᠡᠪᠳᠡᠷᠡᠵᠦ ᠣᠯᠠᠨ ᠵᠠᠩ ᠪᠤᠤ ᠭᠠᠷᠭ᠎ᠠ
2821 ᠡᠪᠳᠡᠷᠡᠬᠦ ᠲᠥᠷᠥ ᠶ᠋ᠢᠨ ᠨᠣᠶᠠᠨ ᠠ᠋ᠴᠠ
ᠡᠩᠬᠡ ᠲᠥᠷᠥ ᠶ᠋ᠢᠨ ᠬᠣᠨᠢᠴᠢᠨ ᠳᠡᠭᠡᠷ᠎ᠡ
2822 ᠡᠪᠲᠦ ᠱᠠᠭᠠᠵᠠᠭᠠᠢ ᠪᠤᠭᠤ ᠪᠠᠷᠢᠨ᠎ᠠ
2823 ᠡᠪᠲᠡᠢ ᠬᠥᠮᠦᠨ ᠲᠡᠢ ᠪᠡᠨ ᠡᠪ ᠡᠪᠳᠡᠷᠡᠬᠦ
ᠡᠷᠡᠭᠦᠯ ᠪᠠᠶᠠᠨ ᠳ᠋ᠠᠭᠡᠨ ᠡᠪᠡᠳᠴᠢᠨ ᠣᠯᠬᠤ
2824 ᠡᠳ᠋ ᠪᠠᠢᠪᠠᠴᠤ ᠥᠷᠢ ᠲᠡᠢ ᠪᠣᠯ
ᠡᠳ᠋ᠯᠡᠬᠦ ᠬᠤᠪᠢ ᠦᠭᠡᠢ
ᠨᠣᠶᠠᠨ ᠰᠠᠭᠤᠪᠠᠴᠤ ᠲᠡᠨᠡᠭ ᠪᠣᠯ
ᠪᠤᠰᠤᠳ ᠢ᠋ ᠲᠡᠳᠬᠦᠬᠦ ᠦᠭᠡᠢ
2825 ᠡᠳ᠋ ᠮᠡᠳᠡᠬᠦ ᠦᠭᠡᠢ ᠬᠥᠮᠦᠨ
ᠡᠳ᠋ ᠦ᠋ᠨ ᠨᠡᠷ᠎ᠡ ᠶ᠋ᠢ ᠭᠤᠲᠤᠭᠠᠨᠠ
2826 ᠡᠳ᠋ ᠨᠢ ᠮᠥᠩᠬᠡ
ᠡᠵᠡᠨ ᠨᠢ ᠬᠡᠪᠡᠷᠡᠭ
2827 ᠡᠳ᠋ ᠨᠢ ᠡᠵᠡᠨ ᠡᠴᠡ ᠪᠡᠨ ᠪᠣᠯᠬᠤ
ᠡᠬᠡᠨᠡᠷ ᠨᠢ ᠡᠷ᠎ᠡ ᠡᠴᠡ ᠪᠡᠨ ᠪᠣᠯᠬᠤ
2828 ᠡᠳ᠋ ᠲᠠᠸᠠᠷ ᠨᠡᠷ᠎ᠡ ᠵᠡᠷᠭᠡ ᠶᠡᠬᠡ ᠪᠣᠯᠪᠠᠴᠤ
ᠡᠷᠳᠡᠮ ᠲᠡᠢ ᠤᠬᠠᠭᠠᠨᠲᠤ ᠬᠥᠮᠦᠨ ᠢ᠋ ᠪᠤᠤ ᠪᠠᠰᠤ
2829 ᠡᠳ᠋ ᠬᠤᠷᠢᠶᠠᠬᠤ ᠪᠠᠷ
ᠡᠷᠳᠡᠮ ᠬᠤᠷᠢᠶ᠎ᠠ
2830 ᠡᠳ᠋ ᠡᠯᠡᠭᠳᠡᠬᠦ ᠳᠣᠳᠣᠮ ᠥᠩᠭᠡ ᠭᠠᠷᠳᠠᠭ
ᠡᠷ᠎ᠡ ᠬᠥᠮᠦᠨ ᠵᠣᠪᠠᠬᠤ ᠳᠣᠳᠣᠮ ᠤᠬᠠᠭᠠᠨ ᠨᠡᠮᠡᠭᠳᠡᠳᠡᠭ
2831 ᠡᠳ᠋ ᠦᠭᠡᠢ ᠬᠥᠮᠦᠨ ᠦ᠌ ᠠᠪᠳᠠᠷ᠎ᠠ ᠬᠣᠭᠣᠰᠣᠨ
ᠡᠷᠳᠡᠮ ᠦᠭᠡᠢ ᠬᠥᠮᠦᠨ ᠦ᠌ ᠴᠡᠭᠡᠵᠢ ᠬᠣᠭᠣᠰᠣᠨ
2832 ᠡᠳ᠋ ᠢ᠋ ᠠᠷᠪᠢᠯᠠᠵᠤ ᠣᠯᠤᠨ᠎ᠠ
ᠡᠷᠳᠡᠮ ᠢ᠋ ᠬᠢᠴᠢᠶᠡᠵᠦ ᠰᠤᠷᠤᠨ᠎ᠠ
2833 ᠡᠳ᠋ ᠦ᠋ᠨ ᠠᠰᠢᠭ ᠡᠬᠢᠨ ᠳ᠋ᠡᠭᠡᠨ
ᠡᠷᠳᠡᠮ ᠦ᠋ᠨ ᠠᠰᠢᠭ ᠡᠴᠦᠰ ᠲᠡᠭᠡᠨ
2834 ᠡᠳ᠋ ᠦ᠋ᠨ ᠰᠠᠢᠨ ᠴᠢᠨᠠᠷ ᠠ᠋ᠴᠠ ᠪᠠᠨ
ᠢᠷᠭᠡ ᠶ᠋ᠢᠨ ᠲᠠᠷᠭᠤᠨ ᠰᠡᠭᠦᠯ ᠡᠴᠡ ᠪᠡᠨ
2835 ᠡᠳ᠋ ᠦ᠋ᠨ ᠰᠠᠢᠨ ᠢ᠋ᠶ᠋ᠠᠷ ᠪᠤᠤ ᠭᠣᠶᠣ
ᠡᠷᠳᠡᠮ ᠦ᠋ᠨ ᠰᠠᠢᠨ ᠢ᠋ᠶ᠋ᠠᠷ ᠭᠣᠶᠣ
2836 ᠡᠳ᠋ ᠦ᠋ᠨ ᠰᠠᠢᠨ ᠢ᠋ ᠥᠪᠡᠷ ᠢ᠋ᠶ᠋ᠡᠨ
ᠢᠳᠡᠭᠡᠨ ᠦ᠌ ᠰᠠᠢᠨ ᠢ᠋ ᠨᠥᠬᠥᠷ ᠲᠡᠭᠡᠨ
2837 ᠡᠳ᠋ ᠦ᠋ᠨ ᠴᠢᠨᠠᠷ ᠢ᠋ ᠡᠳ᠋ᠯᠡᠵᠦ ᠲᠠᠨᠢᠳᠠᠭ
ᠡᠷᠳᠡᠮ ᠦ᠋ᠨ ᠭᠦᠨ ᠢ᠋ ᠰᠤᠷᠴᠤ ᠮᠡᠳᠡᠳᠡᠭ
2838 ᠡᠳ᠋ᠯᠡᠬᠦ ᠭᠠᠮ ᠢ᠋ᠶ᠋ᠠᠷ ᠪᠣᠯᠳᠠᠭ
ᠡᠷᠢᠯ ᠰᠤᠷᠠᠭ ᠢ᠋ᠶ᠋ᠠᠷ ᠣᠯᠳᠠᠳᠠᠭ
2839 ᠡᠳ᠋ ᠲᠦ᠍ ᠦᠯᠦ ᠰᠢᠨᠤᠭᠴᠢ ᠡᠷ᠎ᠡ ᠶ᠋ᠢᠨ ᠮᠠᠩᠯᠠᠢ
ᠡᠷᠳᠡᠮ ᠳ᠋ᠦ᠍ ᠦᠯᠦ ᠪᠠᠷᠳᠠᠮᠨᠠᠭᠴᠢ ᠮᠡᠷᠭᠡᠨ ᠦ᠌ ᠮᠠᠩᠯᠠᠢ
2840 ᠡᠳ᠋ ᠢ᠋ᠶ᠋ᠡᠷ ᠪᠡᠶ᠎ᠡ ᠪᠡᠨ ᠴᠢᠮᠡᠬᠦ ᠪᠡᠷ
ᠡᠷᠳᠡᠮ ᠢ᠋ᠶ᠋ᠡᠷ ᠪᠡᠶ᠎ᠡ ᠪᠡᠨ ᠴᠢᠮ᠎ᠡ
2841 ᠡᠳ᠋ ᠢ᠋ᠶ᠋ᠡᠷ ᠬᠠᠭᠤᠷᠤᠭᠰᠠᠨ ᠢᠨᠠᠭ
ᠡᠷᠲᠡ ᠣᠷᠣᠢ ᠳ᠋ᠤ᠌ ᠡᠪᠳᠡᠷᠡᠯ ᠲᠡᠢ
2842 ᠡᠳ᠋ ᠲᠡᠢ ᠪᠡᠨ ᠣᠷᠣᠯᠳᠣᠪᠠᠯ ᠡᠪᠳᠡᠷᠡᠬᠦ ᠶ᠋ᠢᠨ ᠲᠡᠮᠳᠡᠭ
ᠡᠬᠡᠨᠡᠷ ᠲᠡᠢ ᠪᠡᠨ ᠣᠷᠣᠯᠳᠣᠪᠠᠯ ᠰᠠᠯᠬᠤ ᠶ᠋ᠢᠨ ᠲᠡᠮᠳᠡᠭ
2443 ᠡᠵᠡᠨ ᠮᠠᠭᠤᠲᠤ ᠮᠠᠯ ᠵᠤᠳ ᠪᠣᠯᠬᠤ ᠳ᠋ᠤ᠌ ᠰᠦᠢᠷᠡᠳᠡᠭ
ᠡᠷᠭᠢ ᠮᠠᠭᠤᠲᠤ ᠤᠰᠤ ᠦᠶᠡᠷ ᠪᠣᠯᠬᠤ ᠳ᠋ᠤ᠌ ᠬᠠᠯᠢᠳᠠᠭ
2844 ᠡᠵᠡᠨ ᠮᠠᠭᠤᠲᠤ ᠶ᠋ᠢᠨ ᠬᠣᠷᠣᠭ᠎ᠠ ᠬᠦᠢᠲᠡᠨ
ᠡᠵᠢ ᠮᠠᠭᠤᠲᠤ ᠶ᠋ᠢᠨ ᠬᠣᠭᠣᠯᠠ ᠬᠦᠢᠲᠡᠨ
2845 ᠡᠵᠡᠨ ᠨᠢ ᠶᠠᠭᠤᠮ᠎ᠠ ᠪᠠᠨ ᠮᠡᠳᠡᠳᠡᠭ
ᠡᠷᠭᠢ ᠨᠢ ᠤᠰᠤ ᠪᠠᠨ ᠬᠠᠰᠢᠳᠠᠭ
2846 ᠡᠵᠡᠨ ᠬᠢᠴᠢᠶᠡᠪᠡᠯ
ᠵᠠᠶᠠᠭ᠎ᠠ ᠬᠢᠴᠢᠶᠡᠨ᠎ᠡ
2847 ᠡᠵᠡᠨ ᠬᠢᠴᠢᠶᠡᠩᠭᠦᠢ ᠨᠢ ᠳᠡᠭᠡᠷ᠎ᠡ
ᠲᠦᠰᠢᠮᠡᠯ ᠰᠢᠳᠤᠷᠭᠤ ᠨᠢ ᠳᠡᠭᠡᠷ᠎ᠡ
2848 ᠡᠶ᠎ᠡ ᠦᠭᠡᠢ ᠳ᠋ᠦ᠍ ᠬᠠᠨᠢ ᠦᠭᠡᠢ
ᠡᠷᠳᠡᠮ ᠦᠭᠡᠢ ᠳ᠋ᠦ᠍ ᠱᠠᠪᠢ ᠦᠭᠡᠢ
2849 ᠡᠶ᠎ᠡ ᠡᠪᠳᠡᠷᠡᠭᠦᠯᠳᠡᠭ ᠡᠬᠡᠨᠡᠷ
ᠭᠠᠵᠠᠷ ᠡᠪᠳᠡᠳᠡᠭ ᠭᠠᠬᠠᠢ
2850 ᠡᠶᠡᠯᠳᠡᠭ ᠵᠠᠩ ᠲᠠᠢ ᠰᠠᠢᠨ ᠡᠮ᠎ᠡ ᠭᠡᠷ ᠦ᠋ᠨ ᠡᠷᠳᠡᠨᠢ
ᠡᠯᠪᠡᠷᠢᠯᠲᠡᠢ ᠰᠠᠢᠨ ᠬᠥᠪᠡᠭᠦᠨ ᠡᠭᠦᠷᠢᠳᠡ ᠶ᠋ᠢᠨ ᠡᠷᠳᠡᠨᠢ
2851 ᠡᠶ᠎ᠡ ᠦᠭᠡᠢ ᠬᠥᠮᠦᠨ ᠳ᠋ᠦ᠍ ᠦᠰᠲᠡᠨ ᠣᠯᠠᠨ
ᠡᠮᠨᠢᠭ ᠮᠣᠷᠢᠨ ᠳ᠋ᠤ᠌ ᠲᠠᠰᠢᠭᠤᠷ ᠣᠯᠠᠨ
2852 ᠡᠶ᠎ᠡ ᠲᠡᠢ ᠬᠥᠮᠦᠨ ᠳ᠋ᠦ᠍ ᠨᠥᠬᠥᠷ ᠣᠯᠠᠨ
ᠡᠢᠯᠦᠭᠰᠡᠨ ᠮᠣᠷᠢᠨ ᠳ᠋ᠤ᠌ ᠤᠷᠭ᠎ᠠ ᠣᠯᠠᠨ
2853 ᠡᠯᠪᠡᠭ ᠲᠠᠷᠢᠶ᠎ᠠ ᠲᠠᠷᠢᠭᠰᠠᠨ ᠬᠥᠮᠦᠨ
ᠡᠪᠦᠯ ᠳ᠋ᠡᠭᠡᠨ ᠵᠢᠷᠭᠠᠯ
ᠡᠷᠳᠡᠮ ᠨᠣᠮ ᠰᠤᠷᠤᠭᠰᠠᠨ ᠬᠥᠮᠦᠨ
ᠡᠴᠦᠰ ᠲᠡᠭᠡᠨ ᠵᠢᠷᠭᠠᠯ
2854 ᠡᠯᠢᠭᠡᠨ ᠰᠠᠳᠤᠨ ᠲᠠᠢ ᠪᠠᠨ
ᠡᠪ ᠢ᠋ᠶ᠋ᠡᠨ ᠪᠦᠦ ᠡᠪᠳᠡ
2855 ᠡᠯᠴᠢ ᠬᠥᠮᠦᠨ ᠡᠪᠲᠡᠢ ᠨᠢ ᠰᠠᠢᠨ
ᠡᠷᠢᠯᠴᠢ ᠬᠥᠮᠦᠨ ᠬᠢᠴᠢᠶᠡᠩᠭᠦᠢ ᠨᠢ ᠰᠠᠢᠨ
2856 ᠡᠯᠢᠭᠡ ᠪᠦᠲᠦᠨ ᠬᠡᠦᠬᠡᠳ ᠰᠡᠷᠭᠦᠯᠡᠩ
ᠡᠵᠡᠨ ᠰᠠᠢᠲᠠᠢ ᠮᠠᠯ ᠴᠣᠪᠣᠭᠣ
2857 ᠡᠮ ᠭᠠᠰᠢᠭᠤᠨ ᠴᠦ᠍ ᠡᠪᠡᠳᠴᠢᠨ ᠳ᠋ᠦ᠍ ᠲᠤᠰᠠ ᠲᠠᠢ
ᠦᠭᠡ ᠬᠠᠲᠠᠭᠤ ᠴᠦ᠍ ᠶᠠᠪᠤᠳᠠᠯ ᠳ᠋ᠤ᠌ ᠲᠤᠰᠠ ᠲᠠᠢ
2858 ᠡᠮ᠎ᠡ ᠮᠠᠭᠤ ᠡᠷ᠎ᠡ ᠶ᠋ᠢᠨ ᠭᠠᠢ
ᠡᠮᠡᠭᠡᠯ ᠮᠠᠭᠤ ᠮᠣᠷᠢᠨ ᠤ᠋ ᠭᠠᠢ
2859 ᠡᠮ ᠥᠭᠪᠡᠴᠦ ᠡᠳᠡᠭᠡᠬᠦ ᠦᠭᠡᠢ
ᠳᠠᠩ ᠦᠭᠪᠡᠴᠦ ᠲᠠᠭᠠᠷᠠᠬᠤ ᠦᠭᠡᠢ
2860 ᠡᠮ᠎ᠡ ᠬᠥᠮᠦᠨ ᠡᠷ᠎ᠡ ᠦᠭᠡᠢ ᠪᠣᠯ
ᠪᠡᠶ᠎ᠡ ᠳ᠋ᠦ᠍ᠨᠢ ᠡᠵᠡᠨ ᠦᠭᠡᠢ
ᠡᠷ᠎ᠡ ᠬᠥᠮᠦᠨ ᠡᠮ᠎ᠡ ᠦᠭᠡᠢ ᠪᠣᠯ
ᠭᠡᠷ ᠲᠦ᠋ᠨᠢ ᠡᠵᠡᠨ ᠦᠭᠡᠢ
2861 ᠡᠮᠵᠡᠭ ᠬᠥᠮᠦᠨ ᠳ᠋ᠦ᠍ ᠵᠣᠪᠠᠯᠠᠩ ᠮᠤᠩᠳᠠᠬᠤ ᠦᠭᠡᠢ
ᠡᠷᠡᠯᠬᠡᠭ ᠬᠥᠮᠦᠨ ᠳ᠋ᠦ᠍ ᠪᠡᠷᠬᠡᠰᠢᠶᠡᠯ ᠪᠠᠢᠳᠠᠭ ᠦᠭᠡᠢ
2862 ᠡᠮ᠎ᠡ ᠶ᠋ᠢᠨ ᠮᠠᠭᠤ ᠪᠠᠷ ᠭᠤᠲᠤᠵᠤ
ᠡᠮᠴᠢ ᠶ᠋ᠢᠨ ᠮᠠᠭᠤ ᠪᠠᠷ ᠦᠬᠦᠬᠦ
2863 ᠡᠮᠨᠢᠭ ᠮᠣᠷᠢ ᠡᠵᠡᠨ ᠳ᠋ᠡᠭᠡᠨ ᠬᠠᠯᠠ ᠲᠠᠢ
ᠡᠭᠳᠡᠭᠦᠦ ᠰᠠᠨᠠᠭ᠎ᠠ ᠪᠡᠶ᠎ᠡ ᠳ᠋ᠡᠭᠡᠨ ᠬᠠᠯᠠ ᠲᠠᠢ
2864 ᠡᠮᠴᠢ ᠶ᠋ᠢᠨ ᠮᠠᠭᠤ ᠠ᠋ᠴᠠ ᠡᠨᠳᠡᠨᠡ
ᠡᠮ᠎ᠡ ᠶ᠋ᠢᠨ ᠮᠠᠭᠤ ᠠ᠋ᠴᠠ ᠰᠠᠯᠤᠨ᠎ᠠ
2865 ᠡᠮᠴᠢᠯᠡᠪᠡᠯ ᠡᠳᠡᠭᠡᠷᠡᠨ᠎ᠡ
ᠲᠡᠳᠬᠦᠪᠡᠯ ᠲᠡᠩᠬᠡᠷᠡᠨᠡ
2866 ᠡᠮᠡᠭᠡᠯ ᠮᠣᠷᠢᠨ ᠤ᠋ ᠴᠢᠮᠡᠭ
ᠡᠬᠡᠨᠡᠷ ᠭᠡᠷ ᠦ᠋ᠨ ᠴᠢᠮᠡᠭ
2867 ᠡᠮᠡᠭᠡᠯ ᠪᠠᠢᠪᠠᠯ ᠮᠣᠷᠢ ᠣᠯᠳᠠᠳᠠᠭ
ᠡᠶ᠎ᠡ ᠪᠠᠢᠪᠠᠯ ᠨᠥᠬᠥᠷ ᠣᠯᠳᠠᠳᠠᠭ
2868 ᠡᠮᠡᠭᠡᠯ ᠬᠠᠵᠠᠭᠠᠷ ᠮᠣᠷᠢᠨ ᠤ᠋ ᠴᠢᠮᠡᠭ
ᠡᠭᠡᠮᠦᠭ ᠰᠦᠢᠬᠡ ᠴᠢᠬᠢᠨ ᠦ᠌ ᠴᠢᠮᠡᠭ
2869 ᠡᠮᠡᠭᠡᠯ ᠦ᠋ᠨ ᠮᠣᠳᠣᠨ ᠤ᠋ ᠪᠡᠬᠢ ᠨᠢ ᠰᠠᠢᠨ
ᠡᠷ᠎ᠡ ᠬᠥᠮᠦᠨ ᠦ᠌ ᠰᠢᠳᠤᠷᠭᠤ ᠨᠢ ᠰᠠᠢᠨ
2870 ᠡᠨᠡ ᠪᠡᠶ᠎ᠡ ᠶ᠋ᠢᠨ ᠢ᠋ᠶ᠋ᠡᠨ ᠵᠠᠯᠠᠭᠤ ᠳ᠋ᠤ᠌ ᠰᠤᠷ
ᠡᠵᠢ ᠠᠪᠤ ᠶ᠋ᠢᠨ ᠢ᠋ᠶ᠋ᠡᠨ ᠠᠮᠢᠳᠤ ᠳ᠋ᠤᠨᠢ ᠠᠰᠠᠷᠠ
2871 ᠡᠷ᠎ᠡ ᠪᠡᠶ᠎ᠡ ᠥᠰᠴᠦ
ᠡᠵᠢ ᠶ᠋ᠢᠨ ᠳᠡᠪᠡᠯ ᠪᠠᠭᠠᠳᠠᠬᠤ
2872 ᠡᠷ᠎ᠡ ᠨᠢᠭᠡ ᠭᠡᠨᠡᠳᠡᠳᠡᠭ
ᠡᠷᠭᠢ ᠨᠢᠭᠡ ᠨᠤᠷᠠᠳᠠᠭ
2873 ᠡᠷ᠎ᠡ ᠥᠰᠳᠡᠭ
ᠢᠰᠡᠭᠡᠢ ᠰᠤᠨᠳᠠᠭ
2874 ᠡᠷ᠎ᠡ ᠰᠠᠢᠲᠤ ᠡᠬᠡᠨᠡᠷ
ᠡᠷᠭᠢ ᠰᠠᠢᠲᠤ ᠤᠰᠤ
2875 ᠡᠷ᠎ᠡ ᠰᠠᠢᠲᠠᠢ ᠡᠬᠡᠨᠡᠷ ᠳᠠᠷᠤᠤᠬᠠᠨ
ᠡᠵᠡᠨ ᠰᠠᠢᠲᠠᠢ ᠮᠣᠷᠢ ᠨᠣᠮᠣᠬᠠᠨ
2876 ᠡᠷ᠎ᠡ ᠬᠥᠮᠦᠨ
ᠳᠣᠯᠣᠭ᠎ᠠ ᠳᠣᠣᠷᠠᠳᠠᠵᠤ ᠨᠠᠢ᠍ᠮᠠ ᠰᠡᠬᠡᠳᠡᠭ
2877 ᠡᠷ᠎ᠡ ᠬᠥᠮᠦᠨ ᠵᠣᠷᠢᠭᠲᠠᠢ ᠪᠣᠯ
ᠴᠢᠨᠣ᠎ᠠ ᠴᠢᠴᠠᠭ᠎ᠠ ᠠᠯᠳᠠᠨ᠎ᠠ
2878 ᠡᠷ᠎ᠡ ᠬᠥᠮᠦᠨ ᠨᠢᠭᠡ ᠰᠡᠳᠬᠢᠯ ᠲᠡᠢ ᠪᠣᠯ ᠡᠷᠳᠡᠨᠢ
ᠬᠣᠶᠠᠷ ᠰᠡᠳᠬᠢᠯ ᠲᠡᠢ ᠪᠣᠯ ᠬᠣᠣᠷ
2879 ᠡᠷ᠎ᠡ ᠬᠥᠮᠦᠨ ᠡᠷᠦᠬᠡ ᠪᠡᠨ ᠪᠦᠲᠡᠭᠡᠬᠦ ᠳ᠋ᠡᠭᠡᠨ
ᠬᠡᠨ ᠢ᠋ ᠠᠪᠬᠤ ᠪᠠᠨ ᠪᠣᠳᠣᠬᠤ
ᠡᠮ᠎ᠡ ᠬᠥᠮᠦᠨ ᠡᠷᠦᠬᠡ ᠪᠡᠨ ᠪᠦᠲᠡᠭᠡᠬᠦ ᠳ᠋ᠡᠭᠡᠨ
ᠬᠡᠷᠬᠢᠨ ᠠᠮᠢᠳᠤᠷᠠᠬᠤ ᠪᠠᠨ ᠪᠣᠳᠣᠬᠤ
2880 ᠡᠷ᠎ᠡ ᠬᠥᠮᠦᠨ ᠲᠤᠭ ᠴᠦ᠍ ᠪᠠᠷᠢᠨ᠎ᠠ
ᠲᠤᠭᠤᠯ ᠴᠦ᠍ ᠬᠠᠷᠢᠭᠤᠯᠤᠨ᠎ᠠ
2881 ᠡᠷ᠎ᠡ ᠬᠥᠮᠦᠨ ᠰᠢᠭ ᠡᠷᠪᠡᠯᠵᠡᠵᠦ
ᠡᠮᠡᠭᠡᠯᠲᠦ ᠮᠣᠷᠢ ᠰᠢᠭ᠋ ᠳᠡᠷᠪᠡᠯᠵᠡᠬᠦ
2882 ᠡᠷ᠎ᠡ ᠬᠥᠮᠦᠨ ᠦ᠌ ᠵᠢᠷᠭᠠᠯ
ᠡᠵᠡᠭᠦᠢ ᠬᠡᠭᠡᠷ᠎ᠡ
2883 ᠡᠷ᠎ᠡ ᠬᠥᠮᠦᠨ ᠦ᠌
ᠵᠠᠮ ᠤ᠋ᠨ ᠬᠦᠵᠦᠭᠦᠦ ᠤᠷᠲᠤ
2884 ᠡᠷ᠎ᠡ ᠬᠥᠮᠥᠨ ᠦ ᠬᠡ ᠦᠭᠡᠢ ᠨᠢ ᠰᠠᠢᠬᠠᠨ
ᠡᠬᠡᠨᠡᠷ ᠬᠥᠮᠦᠨ ᠦ᠌ ᠥᠭᠯᠢᠭᠡᠴᠢ ᠨᠢ ᠰᠠᠢᠬᠠᠨ
2885 ᠡᠷ᠎ᠡ ᠬᠥᠮᠦᠨ ᠦ᠌ ᠴᠡᠭᠡᠵᠢᠨ ᠳ᠋ᠦ᠍
ᠡᠮᠡᠭᠡᠯ ᠬᠠᠵᠠᠭᠠᠷ ᠲᠠᠢ ᠮᠣᠷᠢ
2886 ᠡᠷ᠎ᠡ ᠬᠥᠮᠦᠨ ᠢ᠋ ᠢᠲᠡᠭᠡᠬᠦ ᠪᠡᠷ
ᠡᠷᠡᠬᠡᠢ ᠬᠤᠷᠤᠭᠤ ᠪᠠᠨ ᠢᠳᠡᠭᠡ
2887 ᠡᠷ᠎ᠡ ᠡᠮ᠎ᠡ ᠵᠢᠷᠤᠮ ᠲᠠᠢ ᠨᠢ ᠰᠠᠢᠬᠠᠨ
ᠡᠭᠡᠴᠢ ᠳᠡᠭᠦᠦ ᠨᠠᠢᠷᠲᠠᠢ ᠨᠢ ᠰᠠᠢᠬᠠᠨ
2888 ᠡᠷ᠎ᠡ ᠡᠮ᠎ᠡ ᠶ᠋ᠢᠨ ᠳᠤᠮᠳᠠ
ᠡᠯᠵᠢᠭᠡ ᠪᠦᠦ ᠵᠢᠷᠣᠭᠠᠯᠠ
2889 ᠡᠷᠢᠪᠡᠯ ᠣᠯᠳᠠᠨ᠎ᠠ
ᠡᠷᠡᠮᠡᠯᠵᠡᠪᠡᠯ ᠪᠦᠲᠦᠨ᠎ᠡ
2890 ᠡᠷ᠎ᠡ ᠡᠨᠳᠡᠪᠡᠴᠦ
ᠡᠷᠭᠢᠵᠦ ᠳᠡᠭᠵᠢᠳᠡᠭ
2891 ᠡᠷᠪᠡᠬᠡᠢ ᠭᠠᠯ ᠳ᠋ᠤ᠌ ᠳᠡᠭᠦᠯᠢᠬᠦ
ᠡᠷᠭᠢᠭᠦᠦ ᠠᠷᠢᠬᠢᠨ ᠳ᠋ᠤ᠌ ᠰᠣᠭᠲᠣᠬᠤ
2892 ᠡᠷ᠎ᠡ ᠦᠭᠡᠢ ᠭᠡᠷ ᠰᠦᠷ ᠦᠭᠡᠢ
ᠡᠬᠡᠨᠡᠷ ᠦᠭᠡᠢ ᠭᠡᠷ ᠴᠢᠮᠡᠭ ᠦᠭᠡᠢ
2893 ᠡᠷ᠎ᠡ ᠦᠭᠡᠢ ᠡᠮ᠎ᠡ ᠵᠠᠪᠬᠠᠢ
ᠡᠷᠭᠢ ᠦᠭᠡᠢ ᠤᠰᠤ ᠵᠠᠳᠠᠭᠠᠢ
2894 ᠡᠷᠭᠢᠭᠦᠦ ᠬᠠᠷᠢᠶᠠᠯ ᠡᠵᠡᠨ ᠳ᠋ᠡᠭᠡᠨ
ᠪᠤᠷᠤᠭᠤ ᠬᠠᠷᠢᠶᠠᠯ ᠪᠡᠶ᠎ᠡ ᠳ᠋ᠡᠭᠡᠨ
2895 ᠡᠷᠭᠢᠭᠦᠦ ᠬᠥᠮᠦᠨ ᠴᠢᠳᠠᠯ ᠢ᠋ᠶ᠋ᠠᠨ ᠮᠡᠳᠡᠳᠡᠭ ᠦᠭᠡᠢ
ᠡᠴᠡᠩᠬᠡᠢ ᠮᠠᠯ ᠬᠢᠷᠢ ᠪᠡᠨ ᠮᠡᠳᠡᠳᠡᠭ ᠦᠭᠡᠢ
2896 ᠡᠷᠭᠢᠭᠦᠯᠵᠦ ᠮᠥᠯᠵᠢᠬᠦ ᠳ᠋ᠦ᠍ ᠬᠦᠵᠦᠭᠦᠦ ᠰᠠᠢᠬᠠᠨ
ᠡᠷᠭᠢᠭᠡᠳ ᠠᠭᠤᠯᠵᠠᠬᠤ ᠳ᠋ᠤ᠌ ᠡᠵᠢ ᠰᠠᠢᠬᠠᠨ
2897 ᠡᠷᠭᠢᠬᠦ ᠨᠠᠷᠠ
ᠡᠭᠡᠯᠵᠢᠯᠡᠬᠦ ᠠᠵᠢᠯ
2898 ᠡᠷ᠎ᠡ ᠳ᠋ᠦ᠍ ᠣᠴᠢᠪᠠᠯ ᠡᠵᠢ ᠠᠪᠤ ᠪᠠᠨ ᠮᠠᠷᠲᠠᠬᠤ
ᠡᠪᠡᠳᠴᠢᠨ ᠡᠳᠡᠭᠡᠪᠡᠯ ᠡᠮᠴᠢ ᠶ᠋ᠢ ᠪᠡᠨ ᠮᠠᠷᠲᠠᠬᠤ
2899 ᠡᠷᠳᠡᠮ ᠠᠵᠢᠯ ᠬᠣᠶᠠᠷ
ᠡᠷ᠎ᠡ ᠵᠣᠷᠢᠭ ᠬᠣᠶᠠᠷ
2900 ᠡᠷᠳᠡᠮ ᠪᠢᠯᠢᠭ
ᠡᠷᠬᠢᠮ ᠪᠠᠶᠠᠨ
2901 ᠡᠷᠳᠡᠮ ᠪᠠᠭᠠᠲᠤ ᠶ᠋ᠢᠨ ᠣᠮᠣᠭ ᠶᠡᠬᠡ
ᠢᠰᠢᠭᠡᠨ ᠤᠬᠤᠨ᠎ᠠ ᠶ᠋ᠢᠨ ᠭᠦᠶᠦᠳᠡᠯ ᠶᠡᠬᠡ
2902 ᠡᠷᠳᠡᠮ ᠲᠡᠭᠦᠰ ᠬᠥᠮᠦᠨ ᠢ᠋ ᠰᠢᠳᠦ
ᠡᠷᠳᠡᠮ ᠮᠡᠬᠦᠰ ᠬᠥᠮᠦᠨ ᠢ᠋ ᠲᠡᠪᠴᠢ
2903 ᠡᠷᠳᠡᠮ ᠢ᠋ ᠰᠤᠷᠪᠠᠯ ᠠᠮᠢᠨ ᠳ᠋ᠤ᠌ ᠲᠤᠰᠠ
ᠡᠷᠬᠡ ᠶ᠋ᠢ ᠰᠤᠷᠪᠠᠯ ᠠᠵᠢᠯ ᠳ᠋ᠤ᠌ ᠬᠣᠣᠷ
ᠦᠰᠦᠭ ᠠᠮᠢᠯᠠᠭᠤᠯᠤᠭᠴᠢ᠄ ᠴᠡᠩᠬᠡᠯᠴᠡᠴᠡᠭ᠂ ᠣᠶᠤᠨᠪᠠᠲᠤ᠂ ᠪᠠᠳᠮᠠᠰᠡᠴᠡᠨ᠂ ᠰᠠᠷᠠᠨᠲᠤᠶᠠᠭ᠎ᠠ
ᠬᠢᠨᠠᠭᠴᠢ᠄ ᠳᠣᠷᠵᠢ᠂ ᠣᠳᠬᠣᠨᠴᠡᠴᠡᠭ᠂ ᠪᠤᠯᠤᠳ᠂ ᠬᠦᠮᠦᠵᠢᠯᠲᠦ᠂ ᠪᠠᠯ
