ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ < ᠱ ᠶᠢᠨ ᠠᠢᠮᠠᠭ >Монгол зүйр цэцэн үгийн гураван мянган дээж – Д᠂Заяабаатар эмхэтгэв <Шийн аймаг> ᠵᠦᠢᠷ ᠰᠡᠴᠡᠨ ᠦᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ < ᠱ ᠶᠢᠨ ᠠᠢᠮᠠᠭ >Монгол зүйр цэцэн үгийн гураван мянган дээж – Д᠂Заяабаатар эмхэтгэв <Шийн аймаг>

ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ < ᠱ ᠶᠢᠨ ᠠᠢᠮᠠᠭ >Монгол зүйр цэцэн үгийн гураван мянган дээж – Д᠂Заяабаатар эмхэтгэв <Шийн аймаг>

2024-09-12

2200

ᠱ (Ш) ᠶᠢᠨ ᠠᠢᠮᠠᠭ


       – ᠱ (Ш) – 

2751 ᠱᠠᠭᠠᠵᠠᠭᠠᠢ ᠳᠤᠤᠭᠠᠷᠪᠠᠯ ᠴᠠᠯᠴᠢᠵᠤ ᠮᠠᠭᠠᠳ 
         ᠬᠡᠷᠢᠶ᠎ᠡ ᠳᠤᠤᠭᠠᠷᠪᠠᠯ ᠬᠡᠷᠡᠯᠳᠦᠵᠦ ᠮᠠᠭᠠᠳ

2752 ᠱᠠᠭᠠᠵᠠᠭᠠᠢ ᠰᠢᠪᠠᠭᠤ ᠱᠠᠭᠰᠢᠷᠠᠬᠤ 
         ᠰᠢᠷᠪᠠᠭᠠᠨᠠᠭᠤᠷ ᠬᠥᠮᠦᠨ ᠤᠷᠪᠠᠯᠵᠠᠬᠤ

2753 ᠱᠠᠭᠠᠵᠠᠭᠠᠢ ᠶ᠋ᠢᠨ ᠡᠭᠦᠷ ᠢ᠋ᠶ᠋ᠡᠷ 
         ᠰᠠᠯᠬᠢᠨ ᠤ᠋ ᠠᠶ᠎ᠠ ᠶ᠋ᠢ ᠣᠯᠬᠤ

2754 ᠰᠢᠭᠠᠭᠰᠠᠨ ᠭᠠᠳᠠᠰᠤ ᠰᠢᠭ᠋ 
         ᠰᠢᠬᠠᠭᠰᠠᠨ ᠪᠢᠰᠢᠯᠠᠭ ᠰᠢᠭ᠋

2755 ᠰᠢᠪᠠᠷ ᠦᠭᠡᠢ ᠤᠰᠤ ᠪᠠᠢᠳᠠᠭ ᠦᠭᠡᠢ 
         ᠰᠢᠯᠲᠠᠭᠠᠨ ᠦᠭᠡᠢ ᠡᠪᠡᠳᠴᠢᠨ ᠪᠠᠢᠳᠠᠭ ᠦᠭᠡᠢ

2756 ᠰᠢᠪᠠᠷ ᠲᠤ᠌ ᠤᠨᠠᠭᠰᠠᠨ 
         ᠱᠠᠷ ᠤ᠋ᠨ ᠡᠵᠡᠨ ᠬᠦᠴᠦᠲᠡᠢ

2757 ᠱᠠᠪᠢ ᠶ᠋ᠢᠨ ᠡᠷᠳᠡᠮ ᠪᠠᠭᠰᠢ ᠠ᠋ᠴᠠ 
          ᠵᠤᠯᠠ ᠶ᠋ᠢᠨ ᠭᠡᠷᠡᠯ ᠲᠣᠰᠣᠨ ᠠ᠋ᠴᠠ

2758 ᠱᠠᠩᠨᠠᠯ ᠭᠡᠬᠦ ᠪᠡᠷ ᠢᠨᠢᠶᠡᠳᠡᠭ 
         ᠱᠠᠭᠠᠷᠳᠠᠯᠭ᠎ᠠ ᠲᠠᠯᠪᠢᠬᠤ ᠪᠠᠷ ᠢᠷᠪᠠᠢᠳᠠᠭ

2759 ᠱᠠᠯ ᠲᠡᠨᠡᠭ ᠲᠦ᠍ ᠮᠠᠭᠲᠠᠭᠤᠯᠬᠤ ᠪᠠᠷ 
         ᠰᠢᠳᠤᠷᠭᠤ ᠰᠡᠴᠡᠨ ᠳ᠋ᠦ᠍ ᠬᠠᠷᠢᠶᠠᠯᠭᠠᠭᠰᠠᠨ ᠨᠢ ᠳᠡᠭᠡᠷ᠎ᠡ

2760 ᠱᠠᠷ ᠳᠠᠭᠠᠵᠤ 
         ᠪᠢᠷᠠᠭᠤ ᠡᠪᠡᠰᠦᠨ ᠳ᠋ᠦ᠍ ᠬᠦᠷᠳᠡᠭ

2761 ᠰᠢᠷ᠎ᠠ ᠡᠮ᠎ᠡ ᠡᠴᠡ ᠤᠷᠰᠢᠭ ᠭᠠᠷᠴᠤ 
         ᠰᠢᠷᠡᠯᠵᠢᠨ ᠮᠣᠳᠣᠨ ᠠ᠋ᠴᠠ ᠤᠲᠤᠭ᠎ᠠ ᠭᠠᠷᠤᠨ᠎ᠠ

2762 ᠰᠢᠲᠠᠭᠰᠠᠨ ᠲᠦᠢᠮᠡᠷ ᠲᠦ᠍ 
         ᠰᠢᠨᠠᠭ᠎ᠠ ᠤᠰᠤ

2763 ᠰᠢᠪᠡᠷᠡᠭᠡ ᠪᠣᠷᠣᠭ᠎ᠠ ᠳᠡᠪᠡᠯ ᠳ᠋ᠦ᠍ ᠬᠠᠯᠠ ᠲᠠᠢ 
         ᠰᠢᠪᠡᠨᠡᠭᠡ ᠦᠭᠡ ᠨᠥᠬᠥᠷ ᠲᠦ᠍ ᠬᠠᠯᠠ ᠲᠠᠢ

2764 ᠰᠢᠳᠢ ᠪᠡᠨ ᠦᠵᠡᠭᠦᠯᠦᠨ᠎ᠡ ᠭᠡᠳ 
         ᠰᠢᠪᠰᠢᠭ ᠢ᠋ᠶ᠋ᠡᠨ ᠲᠠᠷᠢᠬᠤ

2765 ᠰᠢᠵᠢᠷ ᠠᠯᠲᠠ ᠭᠠᠯ ᠠ᠋ᠴᠠ ᠠᠶᠤᠬᠤ ᠦᠭᠡᠢ 
         ᠰᠢᠳᠤᠷᠭᠤ ᠶᠣᠰᠣ ᠵᠢᠰᠤᠷ ᠠ᠋ᠴᠠ ᠠᠶᠤᠬᠤ ᠦᠭᠡᠢ

2766 ᠰᠢᠢᠳᠪᠡᠯ ᠪᠤᠤ ᠨᠢᠴᠦ 
         ᠵᠣᠷᠢᠪᠠᠯ ᠪᠤᠤ ᠪᠤᠴᠠ

2767 ᠰᠢᠯ ᠰᠢᠭ ᠲᠤᠩᠭᠠᠯᠠᠭ  
         ᠰᠢᠷᠡᠮᠦ ᠰᠢᠭ᠌ ᠬᠠᠲᠠᠭᠤ

2768 ᠰᠢᠯᠢ ᠳ᠋ᠦ᠍ ᠠᠭᠤᠯᠵᠠᠬᠤ ᠳ᠋ᠤ᠌ ᠮᠡᠨᠳᠦ ᠲᠡᠢ 
         ᠰᠢᠨ᠎ᠡ ᠶ᠋ᠢᠨ ᠨᠢᠭᠡᠨ ᠳ᠋ᠦ᠍ ᠰᠠᠢᠨ ᠲᠠᠢ 

2769 ᠰᠢᠮᠡᠵᠦ ᠢᠳᠡᠬᠦ ᠳ᠋ᠦ᠍ ᠰᠢᠬᠢᠷ ᠰᠠᠢᠬᠠᠨ 
         ᠰᠢᠯᠢᠵᠦ ᠬᠠᠨᠢᠯᠠᠬᠤ ᠳ᠋ᠤ᠌ ᠢᠨᠠᠭ ᠰᠠᠢᠬᠠᠨ

2770 ᠰᠢᠮ᠎ᠡ ᠲᠡᠢ ᠢᠳᠡᠭᠡ ᠪᠡᠶ᠎ᠡ ᠳ᠋ᠦ᠍ ᠲᠤᠰᠠᠲᠠᠢ 
         ᠰᠢᠪᠡᠷᠡᠭᠡ ᠪᠣᠷᠣᠭ᠎ᠠ ᠤᠷᠭᠤᠮᠠᠯ ᠳ᠋ᠤ᠌ ᠲᠤᠰᠠᠲᠠᠢ

2771 ᠰᠢᠮ᠎ᠡ ᠪᠡᠷ ᠴᠠᠳᠳᠠᠭ 
         ᠦᠷ᠎ᠡ ᠪᠡᠷ ᠪᠠᠶᠠᠵᠢᠳᠠᠭ

2772 ᠰᠢᠩᠭᠡᠭᠰᠡᠨ ᠨᠠᠷᠠ ᠠᠬᠢᠨ ᠮᠠᠨᠳᠤᠳᠠᠭ 
         ᠰᠢᠷᠭᠢᠭᠰᠡᠨ ᠪᠤᠯᠠᠭ ᠠᠬᠢᠨ ᠣᠷᠭᠢᠯᠳᠠᠭ

2773 ᠰᠢᠨᠵᠢᠯᠡᠯ ᠦᠭᠡᠢ ᠪᠤᠤ ᠰᠡᠳᠬᠢ 
         ᠰᠡᠷᠡᠮᠵᠢ ᠦᠭᠡᠢ ᠪᠦᠦ ᠵᠢᠳᠬᠦ

2774 ᠰᠢᠨ᠎ᠡ ᠪᠠᠶᠠᠨ ᠵᠢᠷᠦᠬᠡ ᠡᠪᠡᠳᠴᠢᠲᠡᠢ 
         ᠬᠠᠭᠤᠴᠢᠨ ᠪᠠᠶᠠᠨ ᠬᠥᠯ ᠡᠪᠡᠳᠴᠢᠲᠡᠢ

2775 ᠰᠢᠨ᠎ᠡ ᠨᠢ ᠰᠢᠬᠢᠷ ᠪᠣᠯᠵᠤ 
         ᠬᠠᠭᠤᠴᠢᠨ ᠨᠢ ᠬᠤᠵᠢᠷ ᠪᠣᠯᠬᠤ

2776 ᠰᠢᠨ᠎ᠡ ᠬᠥᠮᠦᠨ ᠶᠣᠰᠣᠷᠬᠠᠭ 
         ᠰᠢᠨ᠎ᠡ ᠮᠢᠬ᠎ᠠ ᠱᠥᠯᠥᠷᠬᠡᠭ

2777 ᠰᠢᠨ᠎ᠡ ᠬᠦᠷᠭᠡᠨ 
         ᠴᠠᠷᠴᠠ ᠶ᠋ᠢᠨ ᠭᠤᠶᠠᠨ ᠳ᠋ᠤ᠌ ᠴᠠᠳᠳᠠᠭ

2778 ᠰᠢᠨ᠎ᠡ ᠡᠮᠴᠢ ᠶ᠋ᠢᠨ ᠡᠮ ᠢ᠋ ᠤᠤᠭᠤᠬᠤ ᠪᠠᠷ 
         ᠰᠢᠳᠦᠯᠡᠩ ᠬᠣᠨᠢᠨ ᠤ᠋ ᠱᠥᠯᠥ ᠤᠤᠭᠤ

2779 ᠰᠢᠷᠦᠭᠦᠨ ᠦᠭᠡᠨ ᠳ᠋ᠦ᠍ ᠪᠦᠦ ᠴᠢᠬᠤᠯᠳᠠ 
         ᠨᠢᠯᠤᠭᠤᠨ ᠦᠭᠡᠨ ᠳ᠋ᠦ᠍  ᠪᠦᠦ ᠢᠳᠡᠭᠡ 

2780 ᠱᠣᠭᠯᠠᠪᠠᠯ ᠬᠠᠰᠢᠷᠠᠲᠠᠯ᠎ᠠ 
         ᠰᠢᠯᠪᠢᠭᠦᠷᠳᠡᠪᠡᠯ ᠬᠣᠷᠣᠰᠲᠠᠯ᠎ᠠ

2781 ᠰᠢᠷᠭᠤᠯᠵᠢ ᠥᠴᠦᠬᠡᠨ ᠪᠣᠯᠪᠠᠴᠤ 
         ᠠᠭᠤᠯᠠ ᠶ᠋ᠢ ᠨᠡᠭᠦᠯᠭᠡᠬᠦ

2782 ᠰᠢᠷᠣᠢ ᠠ᠋ᠴᠠ ᠨᠢᠭᠲᠠ 
         ᠰᠢᠷᠭᠤᠯᠵᠢᠨ ᠠ᠋ᠴᠠ ᠣᠯᠠᠨ

2783 ᠰᠢᠪᠦᠭᠡ ᠰᠢᠷᠣᠢ ᠳ᠋ᠤ᠌ ᠪᠤᠯᠠᠭᠳᠠᠳᠠᠭ ᠦᠭᠡᠢ 
         ᠰᠢᠳᠤᠷᠭᠤ ᠬᠤᠳᠠᠯ ᠳ᠋ᠤ᠌ ᠳᠠᠷᠤᠭᠳᠠᠳᠠᠭ ᠦᠭᠡᠢ

2784 ᠱᠥᠯᠥ ᠪᠡᠷ ᠴᠠᠳᠳᠠᠭ 
         ᠲᠥᠯ ᠢ᠋ᠶ᠋ᠡᠷ ᠪᠠᠶᠠᠵᠢᠳᠠᠭ

2785 ᠰᠥᠨᠢ ᠤᠷᠲᠤ ᠪᠣᠯ 
         ᠵᠡᠭᠦᠳᠦ ᠨᠢ ᠣᠯᠠᠨ

2786 ᠰᠥᠨᠢ ᠳ᠋ᠦ᠍ ᠣᠷᠣᠢ ᠦᠭᠡᠢ 
         ᠡᠷᠳᠡᠮ ᠳ᠋ᠦ᠍ ᠬᠢᠵᠠᠭᠠᠷ ᠦᠭᠡᠢ

2787 ᠰᠢᠪᠠᠭᠤ ᠪᠦᠬᠦᠨ ᠡᠭᠦᠷ ᠲᠡᠭᠡᠨ ᠡᠵᠡᠨ 
         ᠴᠢᠨᠣ᠎ᠠ ᠪᠦᠬᠦᠨ ᠨᠦᠬᠡᠨ ᠳ᠋ᠡᠭᠡᠨ ᠡᠵᠡᠨ

2788 ᠰᠢᠪᠠᠭᠤ ᠭᠠᠴᠢᠭᠳᠠᠪᠠᠯ ᠰᠢᠭᠤᠢ ᠡᠷᠢᠳᠡᠭ 
         ᠬᠥᠮᠦᠨ ᠭᠠᠴᠢᠭᠳᠠᠪᠠᠯ ᠤᠷᠤᠭ ᠢ᠋ᠶ᠋ᠠᠨ ᠡᠷᠢᠳᠡᠭ

2789 ᠰᠢᠪᠠᠭᠤ ᠥᠳᠥ ᠪᠡᠷ ᠢ᠋ᠶ᠋ᠡᠨ ᠰᠠᠢᠬᠠᠨ 
         ᠬᠥᠮᠦᠨ ᠤᠬᠠᠭᠠᠨ ᠢ᠋ᠶ᠋ᠠᠷ ᠢ᠋ᠶ᠋ᠠᠨ ᠰᠠᠢᠬᠠᠨ

2790 ᠰᠢᠪᠠᠭᠤ ᠬᠡᠳᠦᠢ ᠥᠨᠳᠥᠷ ᠨᠢᠰᠪᠡᠴᠦ 
         ᠰᠡᠭᠦᠳᠡᠷ ᠨᠢ ᠭᠠᠵᠠᠷ ᠲᠤ᠌

2791 ᠰᠢᠪᠠᠭᠤ ᠰᠢᠭ᠋ ᠡᠷᠲᠡ ᠪᠣᠰᠴᠤ 
         ᠠᠳᠤᠭᠤ ᠰᠢᠭ᠋ ᠣᠷᠣᠢ ᠤᠨᠲᠠᠬᠤ

2792 ᠰᠢᠪᠠᠭᠤ ᠶ᠋ᠢ ᠥᠳᠥ ᠪᠡᠷ ᠨᠢ ᠲᠠᠨᠢᠳᠠᠭ 
         ᠬᠥᠮᠦᠨ ᠢ᠋ ᠤᠳᠤᠮ ᠢ᠋ᠶ᠋ᠠᠷ ᠨᠢ ᠲᠠᠨᠢᠳᠠᠭ

2793 ᠰᠢᠳᠤᠷᠭᠤ ᠶᠠᠪᠤᠳᠠᠯ ᠭᠡᠭᠡᠨ 
         ᠬᠠᠭᠤᠷᠮᠠᠴᠢ ᠶᠠᠪᠤᠳᠠᠯ ᠬᠠᠷᠠᠩᠭᠤᠢ

2794 ᠰᠢᠳᠤᠷᠭᠤ ᠪᠠᠨ ᠱᠤᠯᠤᠵᠤ 
         ᠰᠢᠮᠨᠤᠰ ᠢ᠋ᠶ᠋ᠠᠨ ᠲᠠᠬᠢᠬᠤ 

2795 ᠰᠢᠳᠤᠷᠭᠤ ᠪᠠᠷ ᠣᠯᠤᠭᠰᠠᠨ ᠬᠣᠭᠣᠯᠠ ᠠᠮᠲᠠᠲᠠᠢ 
         ᠰᠢᠯᠤᠭᠤᠨ ᠢ᠋ᠶ᠋ᠠᠷ ᠰᠢᠢᠳᠦᠭᠰᠡᠨ ᠬᠡᠷᠡᠭ ᠮᠠᠷᠭᠤᠭᠠᠨ ᠦᠭᠡᠢ

2796 ᠰᠢᠳᠤᠷᠭᠤ ᠶ᠋ᠢ ᠳᠠᠭᠠᠬᠤ ᠠ᠋ᠴᠠ ᠪᠢᠰᠢ 
         ᠰᠢᠨᠤᠯ ᠢ᠋ ᠳᠠᠭᠠᠬᠤ ᠦᠭᠡᠢ

2797 ᠰᠢᠨᠤᠯ ᠶᠡᠬᠡᠳᠡᠪᠡᠯ ᠤᠨᠠᠯ 
         ᠰᠢᠭᠤᠷᠭ᠎ᠠ ᠶᠡᠬᠡᠳᠡᠪᠡᠯ ᠵᠤᠳ

2798 ᠰᠢᠨᠤᠯ ᠢ᠋ᠶ᠋ᠠᠷ ᠪᠠᠶᠠᠵᠢᠳᠠᠭ ᠦᠭᠡᠢ 
         ᠰᠤᠪᠳᠠᠭ ᠢ᠋ᠶ᠋ᠠᠷ ᠲᠠᠷᠭᠤᠯᠠᠳᠠᠭ ᠦᠭᠡᠢ

2799 ᠰᠢᠭᠤᠳᠠᠢ ᠳ᠋ᠤ᠌ ᠬᠢᠭᠰᠡᠨ 
         ᠦᠬᠡᠷ ᠦ᠋ᠨ ᠡᠪᠡᠷ ᠰᠢᠭ

2800 ᠰᠢᠭᠤᠷᠭ᠎ᠠ ᠲᠠᠢ ᠵᠢᠯ ᠮᠠᠯ ᠢ᠋ᠶ᠋ᠠᠨ 
         ᠴᠢᠯᠠᠭᠤ ᠲᠠᠢ ᠭᠠᠵᠠᠷ ᠠᠨᠵᠢᠰᠤ ᠪᠠᠨ

2801 ᠰᠢᠳᠦ ᠪᠡᠷ ᠪᠠᠷᠢᠭ᠎ᠠ ᠦᠭᠡᠢ ᠶᠠᠭᠤᠮ᠎ᠠ ᠶ᠋ᠢ 
         ᠤᠷᠤᠭᠤᠯ ᠢ᠋ᠶ᠋ᠠᠷ ᠪᠢᠲᠡᠭᠡᠢ ᠤᠷᠤᠯᠳᠤ 

2802 ᠰᠢᠭᠦᠳᠡᠷᠢ ᠪᠡᠷ ᠤᠮᠳᠠ ᠬᠢᠵᠦ 
         ᠰᠢᠯᠦᠰᠦ ᠪᠡᠷ ᠬᠣᠭᠣᠯᠠ ᠬᠢᠬᠦ

2803 ᠰᠢᠭᠦᠮᠵᠢᠯᠡᠪᠡᠯ ᠠᠵᠢᠯ ᠴᠡᠪᠡᠷ 
         ᠱᠦᠭᠦᠷᠳᠡᠪᠡᠯ ᠭᠠᠵᠠᠷ ᠴᠡᠪᠡᠷ

           ᠦᠰᠦᠭ ᠠᠮᠢᠯᠠᠭᠤᠯᠤᠭᠴᠢ᠄ ᠪᠠᠳᠮᠠᠰᠡᠴᠡᠨ 
               ᠬᠢᠨᠠᠭᠴᠢ᠄ ᠳᠣᠷᠵᠢ᠂ ᠣᠳᠬᠣᠨᠴᠡᠴᠡᠭ᠂ ᠪᠣᠯᠣᠳ᠂ ᠤᠢᠭᠤᠷᠵᠢᠨ ᠣᠳᠬᠣᠨ᠂ ᠲ ᠬᠦᠮᠦᠵᠢᠯᠲᠦ᠂ ᠪᠠᠯ