ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ <ᠡ ᠶᠢᠨ ᠠᠢᠮᠠᠭ –2>Монгол зүйр цэцэн үгийн гураван мянган дээж – Д᠂Заяабаатар эмхэтгэв <Эгийн аймаг 2>
ᠡ (Э) ᠶᠢᠨ ᠠᠢᠮᠠᠭ – 2
– ᠡ (Э) –
2904 ᠡᠷᠳᠡᠮ ᠢ᠋ ᠬᠢᠴᠢᠶᠡᠯ ᠢ᠋ᠶ᠋ᠡᠷ
ᠡᠷᠢᠯ ᠢ᠋ ᠰᠤᠷᠠᠭ ᠢ᠋ᠶ᠋ᠠᠷ
2905 ᠡᠷᠳᠡᠮ ᠦ᠋ᠨ ᠳᠡᠭᠡᠳᠦ ᠡᠪ
ᠡᠷᠬᠢᠮ ᠦ᠋ᠨ ᠳᠡᠭᠡᠳᠦ ᠡᠬᠡ
2906 ᠡᠷᠳᠡᠮ ᠦ᠋ᠨ ᠤᠬᠠᠭᠠᠨ ᠥᠲᠡᠯᠳᠡᠭ ᠦᠭᠡᠢ
ᠡᠷᠳᠡᠨᠢ ᠶ᠋ᠢᠨ ᠴᠢᠯᠠᠭᠤ ᠬᠤᠪᠢᠷᠠᠳᠠᠭ ᠦᠭᠡᠢ
2907 ᠡᠷᠳᠡᠮ ᠢ᠋ᠶ᠋ᠡᠷ ᠤᠬᠠᠭᠠᠷᠠᠵᠤ
ᠡᠪ ᠢ᠋ᠶ᠋ᠡᠷ ᠬᠢᠬᠦ
2908 ᠡᠷᠳᠡᠮ ᠡᠴᠡ ᠢᠯᠡᠭᠦᠦ ᠡᠳ᠋ ᠦᠭᠡᠢ
ᠡᠷᠡᠭᠦᠯ ᠡᠴᠡ ᠢᠯᠡᠭᠦᠦ ᠵᠢᠷᠭᠠᠯ ᠦᠭᠡᠢ
2909 ᠡᠷᠳᠡᠮᠲᠦ ᠬᠥᠮᠦᠨ ᠳᠠᠷᠤᠤ
ᠶᠡᠬᠡ ᠮᠥᠷᠡᠨ ᠳᠥᠯᠭᠡᠨ
2910 ᠡᠷᠳᠡᠮᠲᠦ ᠬᠥᠮᠦᠨ ᠤᠯᠤᠰ ᠤ᠋ᠨ ᠴᠢᠮᠡᠭ
ᠡᠶᠡᠲᠡᠢ ᠬᠥᠮᠦᠨ ᠣᠯᠠᠨ ᠤ᠋ ᠲᠡᠷᠢᠭᠦᠨ
2911 ᠡᠷᠳᠡᠮ ᠲᠡᠢ ᠬᠥᠮᠦᠨ ᠳᠠᠯᠠᠢ
ᠡᠷᠳᠡᠮ ᠦᠭᠡᠢ ᠬᠥᠮᠦᠨ ᠪᠠᠯᠠᠢ
2912 ᠡᠷᠳᠡᠮ ᠲᠡᠢ ᠬᠥᠮᠦᠨ ᠨᠡᠷ᠎ᠡ ᠪᠡᠨ ᠪᠣᠳᠣᠬᠤ
ᠥᠴᠦᠬᠡᠨ ᠬᠥᠮᠦᠨ ᠠᠰᠢᠭ ᠢ᠋ᠶ᠋ᠠᠨ ᠪᠣᠳᠣᠬᠤ
2913 ᠡᠷᠳᠡᠮ ᠲᠡᠢ ᠬᠥᠮᠦᠨ ᠦ᠌ ᠬᠡᠯᠡ ᠵᠥᠭᠡᠯᠡᠨ
ᠡᠮᠴᠢ ᠬᠥᠮᠦᠨ ᠦ᠌ ᠭᠠᠷ ᠵᠥᠭᠡᠯᠡᠨ
2914 ᠡᠷᠳᠡᠮᠲᠡᠨ ᠦᠬᠦᠪᠡᠯ ᠨᠡᠷ᠎ᠡ ᠨᠢ ᠴᠠᠭᠠᠰᠤᠨ ᠳᠡᠭᠡᠷ᠎ᠡ
ᠳᠠᠷᠬᠠᠨ ᠦᠬᠦᠪᠡᠯ ᠨᠡᠷ᠎ᠡ ᠨᠢ ᠡᠳ᠋ ᠳᠡᠭᠡᠷ᠎ᠡ
2915 ᠡᠷᠳᠡᠮᠲᠡᠨ ᠬᠥᠮᠦᠨ ᠤᠴᠢᠷ ᠶᠠᠪᠤᠳᠠᠯ ᠳ᠋ᠤ᠌ ᠴᠢᠷᠮᠠᠢᠨ᠎ᠠ
ᠥᠴᠦᠬᠡᠨ ᠬᠥᠮᠦᠨ ᠡᠳ᠋ ᠠᠰᠢᠭ ᠲᠤ᠌ ᠴᠣᠷᠪᠣᠢᠨᠠ
2916 ᠡᠷᠳᠡᠮᠲᠡᠨ ᠬᠥᠮᠦᠨ ᠡᠴᠡ ᠣᠮᠣᠭ ᠭᠠᠷᠬᠤ ᠦᠭᠡᠢ
ᠡᠷᠳᠡᠨᠢ ᠶ᠋ᠢᠨ ᠴᠢᠯᠠᠭᠤᠨ ᠠ᠋ᠴᠠ ᠦ ᠭᠠᠷᠬᠤ ᠦᠭᠡᠢ
2917 ᠡᠷᠳᠡᠨᠢ ᠬᠣᠪᠣᠷ ᠪᠣᠯᠪᠠᠴᠤ ᠣᠯᠵᠤ ᠪᠣᠯᠳᠠᠭ
ᠡᠷᠳᠡᠮ ᠭᠦᠨ ᠪᠣᠯᠪᠠᠴᠤ ᠰᠤᠷᠴᠤ ᠪᠣᠯᠳᠠᠭ
2918 ᠡᠷᠳᠡᠨᠢ ᠶ᠋ᠢ ᠲᠠᠨᠢᠬᠤ ᠦᠭᠡᠢ ᠬᠥᠮᠦᠨ
ᠡᠪᠡᠷ ᠢ᠋ ᠡᠷᠳᠡᠨᠢ ᠭᠡᠬᠦ
2919 ᠡᠷᠳᠡᠨᠢ ᠶ᠋ᠢᠨ ᠴᠢᠯᠠᠭᠤ ᠠᠭᠤᠯᠠ ᠶ᠋ᠢᠨ ᠴᠢᠮᠡᠭ
ᠡᠶᠡᠯᠳᠡᠭ ᠵᠠᠩ ᠬᠥᠮᠦᠨ ᠦ᠌ ᠴᠢᠮᠡᠭ
2920 ᠡᠷ᠎ᠡ ᠶ᠋ᠢ ᠪᠦᠦ ᠪᠠᠰᠤ
ᠳᠠᠯᠠᠢ ᠶ᠋ᠢ ᠪᠦᠦ ᠶᠠᠨᠳᠠ
2921 ᠡᠷ᠎ᠡ ᠶ᠋ᠢ ᠰᠢᠯᠭᠠᠶ᠎ᠠ ᠭᠡᠪᠡᠯ ᠤᠨᠤᠭ᠎ᠠ ᠶ᠋ᠢ ᠨᠢ ᠦᠵᠡ
ᠡᠮ᠎ᠡ ᠶ᠋ᠢ ᠰᠢᠯᠭᠠᠶ᠎ᠠ ᠭᠡᠪᠡᠯ ᠣᠶᠣᠳᠠᠯ ᠢ᠋ ᠨᠢ ᠦᠵᠡ
2922 ᠡᠷ᠎ᠡ ᠶ᠋ᠢᠨ ᠵᠢᠯᠣᠭᠣ ᠵᠣᠷᠢᠭ
ᠡᠷᠳᠡᠮ ᠦ᠋ᠨ ᠵᠢᠯᠣᠭᠣ ᠪᠢᠴᠢᠭ
2923 ᠡᠷ᠎ᠡ ᠶ᠋ᠢᠨ ᠴᠡᠭᠡᠯ ᠳ᠋ᠦ᠍ ᠬᠦᠷᠦᠭᠰᠡᠨ ᠴᠦ᠍
ᠡᠵᠢ ᠠᠪᠤ ᠡᠷᠬᠢᠮ
2924 ᠡᠷᠲᠡ ᠪᠣᠰᠪᠠᠯ ᠨᠢᠭᠡ ᠶ᠋ᠢ ᠦᠵᠡᠵᠦ
ᠣᠷᠣᠢ ᠤᠨᠲᠠᠪᠠᠯ ᠨᠢᠭᠡ ᠶ᠋ᠢ ᠰᠣᠨᠣᠰᠬᠤ
2925 ᠡᠷᠲᠡ ᠪᠣᠰᠪᠠᠯ ᠣᠷᠣᠢ ᠳ᠋ᠠᠭᠠᠨ ᠲᠤᠰᠠ ᠲᠠᠢ
ᠢᠳᠡᠷ ᠲᠡᠭᠡᠨ ᠰᠤᠷᠪᠠᠯ ᠥᠲᠡᠯᠬᠦ ᠳ᠋ᠦ᠍ ᠲᠤᠰᠠ ᠲᠠᠢ
2926 ᠡᠷᠲᠡ ᠪᠣᠰᠪᠠᠯ ᠣᠷᠣᠢ ᠶ᠋ᠢᠨ ᠠᠵᠢᠯ ᠳ᠋ᠤ᠌ ᠲᠤᠰᠠ
ᠡᠷᠳᠡᠮ ᠰᠤᠷᠪᠠᠯ ᠨᠠᠰᠤᠨ ᠤ᠋ ᠦᠢᠯᠡᠰ ᠲᠦ᠍ ᠲᠤᠰᠠ
2927 ᠡᠷᠲᠡᠨ ᠦ᠌ ᠦᠭᠡ ᠶ᠋ᠢ ᠰᠢᠨᠵᠢᠯᠡ
ᠡᠷᠳᠡᠮᠲᠡᠨ ᠦ᠌ ᠶᠠᠷᠢᠶ᠎ᠠ ᠶ᠋ᠢ ᠴᠢᠩᠨᠠ
2928 ᠡᠷᠡᠭᠦᠯ ᠢ᠋ ᠴᠡᠪᠡᠷ ᠢ᠋ᠶ᠋ᠡᠷ
ᠡᠩᠬᠡ ᠶ᠋ᠢ ᠲᠡᠮᠡᠴᠡᠯ ᠢ᠋ᠶ᠋ᠡᠷ
2929 ᠡᠷᠡᠭᠦᠯ ᠦ᠋ᠨ ᠰᠠᠨᠠᠭ᠎ᠠ ᠰᠣᠭᠲᠣᠭᠤ ᠳ᠋ᠤ᠌
ᠰᠣᠭᠲᠣᠭᠤ ᠶ᠋ᠢᠨ ᠰᠠᠨᠠᠭ᠎ᠠ ᠰᠣᠬᠣᠷ ᠲᠦ᠍
2930 ᠡᠷᠬᠡ ᠬᠡᠦᠬᠡᠳ ᠡᠬᠡ ᠡᠴᠢᠭᠡ ᠶ᠋ᠢᠨ ᠢ᠋ᠶ᠋ᠡᠨ ᠬᠦᠴᠦᠨ ᠳ᠋ᠦ᠍
ᠡᠷᠳᠡᠮ ᠰᠤᠷᠤᠭᠰᠠᠨ ᠱᠠᠪᠢ ᠪᠠᠭᠰᠢ ᠶ᠋ᠢᠨ ᠢ᠋ᠶ᠋ᠡᠨ ᠬᠦᠴᠦᠨ ᠳ᠋ᠦ᠍
2931 ᠡᠷᠭᠢ ᠦᠭᠡᠢ ᠤᠰᠤ ᠬᠠᠯᠢᠮᠠᠲᠠᠭᠠᠢ
ᠡᠬᠡᠨᠡᠷ ᠦᠭᠡᠢ ᠬᠥᠮᠦᠨ ᠲᠡᠨᠦᠮᠡᠲᠡᠭᠡᠢ
2932 ᠡᠷᠢᠯ ᠳ᠋ᠦ᠍ ᠮᠣᠷᠳᠠᠬᠤ ᠳ᠋ᠤ᠌ ᠳᠤᠷᠠᠨ ᠬᠡᠷᠡᠭ ᠲᠡᠢ
ᠡᠷᠳᠡᠮ ᠰᠤᠷᠬᠤ ᠳ᠋ᠤ᠌ ᠨᠣᠮ ᠬᠡᠷᠡᠭ ᠲᠡᠢ
2933 ᠡᠷᠢᠶᠡᠨ ᠢᠨᠵᠠᠭ᠎ᠠ ᠡᠬᠡ ᠶ᠋ᠢ ᠪᠡᠨ ᠰᠠᠨᠠᠬᠤ
ᠡᠴᠢᠭᠡ ᠶ᠋ᠢᠨ ᠬᠦᠦ ᠨᠤᠲᠤᠭ ᠢ᠋ᠶ᠋ᠠᠨ ᠰᠠᠨᠠᠬᠤ
2934 ᠡᠰᠡ ᠳᠠᠰᠤᠭᠰᠠᠨ ᠬᠥᠮᠦᠨ ᠲᠡᠢ
ᠳᠡᠮᠡᠢ ᠪᠤᠤ ᠢᠨᠠᠭᠯᠠ
2935 ᠢᠰᠡᠭᠡᠢ ᠬᠢᠬᠦ ᠭᠠᠵᠠᠷ ᠲᠦ᠍ ᠨᠣᠬᠠᠢ ᠬᠡᠷᠡᠭ ᠦᠭᠡᠢ
ᠡᠮᠨᠢᠭ ᠰᠤᠷᠭᠠᠬᠤ ᠭᠠᠵᠠᠷ ᠲᠦ᠍ ᠬᠡᠦᠬᠡᠳ ᠬᠡᠷᠡᠭ ᠦᠭᠡᠢ
2936 ᠢᠰᠡᠭᠡᠢ ᠶ᠋ᠢᠨ ᠵᠤᠵᠠᠭᠠᠨ ᠨᠢ ᠰᠠᠢᠨ
ᠢᠯᠳᠦᠨ ᠦ᠌ ᠬᠤᠷᠴᠠ ᠨᠢ ᠰᠠᠢᠨ
2937 ᠡᠴᠢᠭᠡ ᠡᠬᠡ ᠴᠢᠰᠤᠨ ᠤ᠋ ᠬᠣᠯᠪᠣᠭ᠎ᠠ
ᠡᠬᠡᠨᠡᠷ ᠨᠥᠬᠥᠷ ᠨᠠᠰᠤᠨ ᠤ᠋ ᠬᠣᠯᠪᠣᠭ᠎ᠠ
2938 ᠡᠬᠡ ᠮᠠᠭᠤ ᠪᠣᠯᠪᠠᠴᠤ
ᠡᠯᠢᠭᠡ ᠨᠢ ᠬᠠᠯᠠᠭᠤᠨ
2939 ᠡᠬᠡ ᠮᠠᠭᠤᠳᠠᠨ ᠤ᠋ ᠬᠡᠦᠬᠡᠨ ᠢ᠋ ᠪᠢᠲᠡᠭᠡᠢ ᠠᠪ
ᠡᠭᠦᠳᠡ ᠮᠠᠭᠤᠳᠠᠨ ᠤ᠋ ᠬᠣᠢᠮᠣᠷ ᠪᠢᠲᠡᠭᠡᠢ ᠰᠠᠭᠤ
2940 ᠡᠬᠡ ᠨᠢ ᠪᠦᠪᠡᠢᠯᠠᠵᠦ ᠬᠠᠢᠷᠠᠯᠠᠳᠠᠭ
ᠡᠴᠢᠭᠡ ᠨᠢ ᠦᠪᠠᠢᠯᠠᠵᠤ ᠬᠠᠢᠷᠠᠯᠠᠳᠠᠭ
2941 ᠡᠬᠡ ᠨᠢ ᠬᠡᠭᠡᠷ ᠠᠯᠠᠭ ᠪᠣᠯ
ᠤᠨᠠᠭ᠎ᠠ ᠨᠢ ᠰᠢᠭᠢᠷ᠎ᠡ ᠠᠯᠠᠭ
2942 ᠡᠬᠡ ᠬᠥᠮᠦᠨ ᠦᠷ᠎ᠡ ᠪᠡᠨ ᠬᠠᠷᠠᠵᠤ ᠪᠠᠢᠬᠤ ᠳ᠋ᠠᠭᠠᠨ
ᠭᠣᠣᠯ ᠨᠢ ᠲᠠᠰᠤᠷᠠᠳᠠᠭ ᠦᠭᠡᠢ
2943 ᠡᠬᠡ ᠶ᠋ᠢ ᠨᠢ ᠡᠴᠡᠭᠡᠬᠦ ᠦᠭᠡᠢ
ᠲᠤᠭᠤᠯ ᠢ᠋ ᠨᠢ ᠲᠤᠷᠠᠭᠠᠬᠤ ᠦᠭᠡᠢ
2944 ᠡᠬᠡ ᠶ᠋ᠢᠨ ᠰᠡᠳᠬᠢᠯ ᠦᠷ᠎ᠡ ᠳ᠋ᠦ᠍
ᠦᠷ᠎ᠡ ᠶ᠋ᠢᠨ ᠰᠠᠨᠠᠭ᠎ᠠ ᠠᠭᠤᠯᠠᠨ ᠳ᠋ᠤ᠌
2945 ᠡᠬᠡᠲᠦ ᠥᠨᠥᠴᠢᠨ ᠥᠭᠡᠳᠡᠯᠡᠳᠡᠭ
ᠡᠴᠢᠭᠡᠲᠦ ᠥᠨᠥᠴᠢᠨ ᠤᠷᠤᠭᠤᠳᠠᠳᠠᠭ
2946 ᠡᠬᠡ ᠲᠡᠢ ᠬᠥᠮᠦᠨ ᠡᠯᠢᠭᠡ ᠪᠦᠲᠦᠨ
ᠦᠷ᠎ᠡ ᠲᠡᠢ ᠬᠥᠮᠦᠨ ᠠᠮᠠ ᠳᠦᠭᠦᠷᠡᠩ
2947 ᠡᠬᠡ ᠳ᠋ᠦ᠍ ᠦᠷ᠎ᠡ ᠰᠠᠢᠬᠠᠨ
ᠡᠷ᠎ᠡ ᠳ᠋ᠦ᠍ ᠴᠢᠳᠠᠯ ᠰᠠᠢᠬᠠᠨ
2948 ᠡᠴᠢᠭᠡ ᠶ᠋ᠢᠨ ᠠᠴᠢ᠂ ᠡᠬᠡ ᠶ᠋ᠢᠨ ᠰᠦ ᠶ᠋ᠢ
ᠡᠨᠡ ᠨᠠᠰᠤᠨ ᠳ᠋ᠤ᠌ ᠬᠠᠷᠢᠭᠤᠯᠠᠵᠤ ᠪᠠᠷᠠᠬᠤ ᠦᠭᠡᠢ
2949 ᠡᠴᠡᠭᠰᠡᠨ ᠮᠣᠷᠢᠨ ᠳ᠋ᠤ᠌ ᠬᠠᠵᠠᠭᠠᠷ ᠬᠦᠨᠳᠦ
ᠶᠠᠳᠠᠭᠰᠠᠨ ᠬᠥᠮᠦᠨ ᠳ᠋ᠦ᠍ ᠴᠢᠬᠢ ᠬᠦᠨᠳᠦ
2950 ᠡᠴᠡᠭᠰᠡᠨ ᠬᠥᠮᠦᠨ ᠡᠮᠡᠭᠡᠯ ᠳᠡᠷᠡᠯᠡᠬᠦ
ᠲᠤᠢᠯᠳᠠᠭᠰᠠᠨ ᠬᠥᠮᠦᠨ ᠲᠤᠯᠭ᠎ᠠ ᠲᠦᠰᠢᠬᠦ
2951 ᠡᠴᠢᠭᠡ ᠬᠦᠦ ᠡᠶ᠎ᠡ ᠲᠡᠢ ᠰᠠᠢᠬᠠᠨ
ᠡᠷ᠎ᠡ ᠡᠮ᠎ᠡ ᠠᠮᠠᠷᠠᠭ ᠰᠠᠢᠬᠠᠨ
2952 ᠡᠭᠡᠳᠡᠭᠰᠡᠨ ᠬᠣᠢᠨ᠎ᠠ ᠰᠦ ᠪᠣᠯᠬᠤ ᠦᠭᠡᠢ
ᠡᠪᠳᠡᠷᠡᠭᠰᠡᠨ ᠬᠣᠢᠨ᠎ᠠ ᠪᠦᠲᠦᠨ ᠪᠣᠯᠬᠤ ᠦᠭᠡᠢ
2953 ᠡᠵᠢ ᠦᠭᠡᠢ ᠥᠬᠢᠨ ᠦ᠌ ᠪᠥᠭᠰᠡ ᠲᠣᠮᠣ
ᠡᠴᠢᠭᠡ ᠦᠭᠡᠢ ᠬᠥᠪᠡᠭᠦᠨ ᠦ᠌ ᠲᠣᠯᠣᠭᠠᠢ ᠲᠣᠮᠣ
2954 ᠡᠵᠢ ᠲᠡᠢ ᠬᠥᠮᠦᠨ ᠡᠩ ᠲᠡᠢ ᠲᠣᠷᠭ᠎ᠠ ᠰᠢᠭ᠋
ᠠᠪᠤ ᠲᠠᠢ ᠬᠥᠮᠦᠨ ᠠᠷ ᠲᠠᠢ ᠲᠣᠷᠭ᠎ᠠ ᠰᠢᠭ᠋
2955 ᠡᠵᠢ ᠪᠡᠷ ᠢ᠋ᠶ᠋ᠡᠨ ᠵᠢᠭᠠᠯᠭᠠᠬᠤ ᠨᠢ ᠥᠬᠢᠨ ᠦ᠌ ᠶᠣᠰᠣ
ᠡᠴᠢᠭᠡ ᠪᠡᠨ ᠵᠠᠯᠭᠠᠮᠵᠢᠯᠠᠬᠤ ᠨᠢ ᠬᠦᠦ ᠶ᠋ᠢᠨ ᠵᠢᠷᠤᠮ
ᠦᠰᠦᠭ ᠠᠮᠢᠯᠠᠭᠤᠯᠤᠭᠴᠢ᠄ ᠰᠠᠷᠠᠨᠲᠤᠶᠠᠭ᠎ᠠ᠂ ᠴᠡᠩᠬᠡᠯᠴᠡᠴᠡᠭ᠂ ᠣᠶᠤᠨᠪᠠᠲᠤ
ᠬᠢᠨᠠᠭᠴᠢ᠄ ᠳᠣᠷᠵᠢ᠂ ᠣᠳᠬᠣᠨᠴᠡᠴᠡᠭ᠂ ᠬᠦᠮᠦᠵᠢᠯᠲᠦ᠂ ᠪᠠᠯ
