ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ < ᠴ  ᠶᠢᠨ ᠠᠢᠮᠠᠭ >Монгол зүйр цэцэн үгийн гураван мянган дээж – Д᠂Заяабаатар эмхэтгэв <Чийн аймаг> ᠵᠦᠢᠷ ᠰᠡᠴᠡᠨ ᠦᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ < ᠴ  ᠶᠢᠨ ᠠᠢᠮᠠᠭ >Монгол зүйр цэцэн үгийн гураван мянган дээж – Д᠂Заяабаатар эмхэтгэв <Чийн аймаг>

ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ < ᠴ  ᠶᠢᠨ ᠠᠢᠮᠠᠭ >Монгол зүйр цэцэн үгийн гураван мянган дээж – Д᠂Заяабаатар эмхэтгэв <Чийн аймаг>

2024-09-11

1636


        – ᠴ (Ч) –  

2717 ᠴᠢᠪᠠᠭᠠᠨ ᠮᠣᠳᠣ ᠥᠷᠭᠡᠰᠦ ᠲᠡᠢ ᠪᠣᠯᠪᠠᠴᠤ 
         ᠴᠢᠪᠠᠭ᠎ᠠ ᠨᠢ ᠠᠮᠲᠠᠲᠠᠢ 
         ᠴᠢᠳᠠᠯ ᠨᠢ ᠮᠠᠭᠤ ᠪᠣᠯᠪᠠᠴᠤ 
         ᠴᠡᠭᠡᠵᠢ ᠨᠢ ᠡᠷᠬᠢᠮ

2718 ᠴᠢᠳᠠᠯ ᠲᠠᠢ ᠬᠥᠮᠦᠨ ᠴᠢᠳᠬᠥᠷ ᠵᠠᠷᠤᠵᠤ 
         ᠠᠷᠭ᠎ᠠ ᠲᠠᠢ ᠬᠥᠮᠦᠨ ᠠᠷᠰᠯᠠᠨ ᠤᠨᠤᠬᠤ

2719 ᠴᠢᠳᠠᠯ ᠢ᠋ᠶ᠋ᠠᠨ ᠭᠠᠢᠬᠠᠭᠤᠯᠪᠠᠯ ᠬᠣᠣᠷᠯᠠᠭᠳᠠᠬᠤ 
         ᠢᠵᠠᠭᠤᠷ ᠢ᠋ᠶ᠋ᠠᠨ ᠮᠠᠭᠲᠠᠪᠠᠯ ᠡᠯᠡᠭᠯᠡᠭᠳᠡᠬᠦ

2720 ᠴᠠᠯᠴᠢᠶ᠎ᠠ ᠮᠠᠭᠤ ᠬᠥᠮᠦᠨ ᠦ᠌ ᠦᠭᠡ ᠶ᠋ᠢ ᠪᠦᠦ ᠠᠪ 
         ᠴᠢᠴᠢᠯᠳᠦᠬᠦ ᠳᠠᠢᠰᠤᠨ ᠳ᠋ᠤ᠌ ᠪᠡᠶ᠎ᠡ ᠪᠡᠨ ᠪᠤᠤ ᠣᠷᠭᠢ 

2721 ᠴᠠᠯᠴᠢᠶ᠎ᠠ ᠬᠥᠮᠦᠨ ᠦ᠌ ᠦᠭᠡ ᠣᠯᠠᠨ 
          ᠵᠠᠯᠬᠠᠭᠤ ᠬᠥᠮᠦᠨ ᠦ᠌ ᠰᠢᠯᠲᠠᠭ ᠣᠯᠠᠨ

2722 ᠴᠢᠮ᠎ᠠ ᠳ᠋ᠤ᠌ ᠢᠨᠢᠶᠡᠳᠦ  
         ᠨᠠᠳᠠ ᠳ᠋ᠤ᠌ ᠬᠠᠨᠢᠶᠠᠳᠤ

2723 ᠴᠢᠮ᠎ᠠ ᠲᠤ ᠬᠣᠪ ᠵᠥᠭᠡᠭᠡᠭᠰᠡᠨ ᠬᠥᠮᠦᠨ 
         ᠴᠢᠮ᠎ᠠ ᠶ᠋ᠢ ᠬᠥᠮᠦᠨ ᠳ᠋ᠦ᠍ ᠬᠣᠪᠯᠠᠨ᠎ᠠ

2724 ᠴᠢᠨᠠᠷ ᠦᠭᠡᠢ ᠣᠯᠠᠨ ᠠ᠋ᠴᠠ 
         ᠴᠢᠨᠠᠷᠲᠠᠢ ᠭᠠᠭᠴᠠ

2725 ᠴᠢᠩᠭ᠎ᠠ ᠬᠤᠷᠴᠠ ᠶᠠᠪᠤᠪᠠᠯ ᠦᠰᠲᠡᠨ ᠣᠯᠠᠰᠢᠷᠠᠨ᠎ᠠ 
         ᠳᠠᠭᠤ ᠦᠭᠡᠢ ᠨᠣᠮᠣᠬᠠᠨ ᠶᠠᠪᠤᠪᠠᠯ ᠳᠡᠭᠡᠷᠡᠩᠭᠦᠢ ᠣᠯᠠᠰᠢᠷᠠᠨ᠎ᠠ

2726 ᠴᠢᠨᠳᠠᠭ᠎ᠠ ᠲᠠᠤᠯᠠᠢ ᠬᠥᠯ ᠳ᠋ᠡᠭᠡᠨ ᠡᠷᠳᠡᠮ ᠲᠡᠢ 
         ᠴᠢᠳᠠᠮᠠᠭᠠᠢ ᠬᠥᠮᠦᠨ ᠭᠠᠷ ᠲᠠᠭᠠᠨ ᠡᠷᠳᠡᠮ ᠲᠡᠢ

2727 ᠴᠢᠨᠣ᠎ᠠ ᠶ᠋ᠢᠨ ᠠᠮᠠ ᠢᠳᠡᠪᠡᠴᠦ ᠤᠯᠠᠭᠠᠨ 
         ᠡᠰᠡ ᠢᠳᠡᠪᠡᠴᠦ ᠤᠯᠠᠭᠠᠨ

2728 ᠴᠢ ᠮᠡᠳᠡ᠂ ᠴᠢ ᠮᠡᠳᠡ ᠭᠡᠬᠦ ᠪᠡᠷ 
         ᠴᠢᠬᠢ ᠶ᠋ᠢ ᠨᠢ ᠣᠭᠲᠣᠯᠵᠤ ᠠᠪᠬᠤ

2729 ᠴᠢᠬᠢ ᠬᠤᠳᠠᠯᠴᠢ 
         ᠨᠢᠳᠦ ᠦᠨᠡᠨᠴᠢ

2730 ᠴᠢᠬᠢ ᠦᠭᠡᠢ ᠲᠣᠯᠣᠭᠠᠢ 
         ᠴᠡᠭᠡᠵᠢ ᠦᠭᠡᠢ ᠪᠥᠭᠰᠡ

2731 ᠰᠢᠬᠢᠷ ᠢ᠋ ᠢᠳᠡᠭᠡᠳ ᠠᠮᠲᠠ ᠶ᠋ᠢ ᠪᠤᠤ ᠮᠠᠷᠲᠠ 
         ᠰᠢᠨ᠎ᠡ ᠶ᠋ᠢ ᠦᠵᠡᠭᠡᠳ ᠬᠠᠭᠤᠴᠢᠨ ᠢ᠋ ᠪᠤᠤ ᠮᠠᠷᠲᠠ

2732 ᠴᠢᠬᠢᠨ ᠳ᠋ᠦ᠍ ᠴᠢᠮᠡᠭ ᠪᠣᠯᠤᠮᠠᠷ 
         ᠴᠡᠭᠡᠵᠢᠨ ᠳ᠋ᠦ᠍ ᠬᠠᠳᠠᠭᠠᠰᠤ ᠪᠣᠯᠤᠮᠠᠷ

2733 ᠰᠢᠬᠢᠷ ᠠᠮᠲᠠᠲᠠᠢ ᠪᠣᠯᠪᠠᠴᠤ 
         ᠵᠢᠩ ᠢ᠋ᠶ᠋ᠡᠷ ᠢᠳᠡᠵᠦ ᠪᠣᠯᠬᠤ ᠦᠭᠡᠢ 
         ᠳᠠᠪᠤᠰᠤ ᠠᠮᠲᠠᠲᠠᠢ ᠪᠣᠯᠪᠠᠴᠤ 
         ᠳᠠᠩ ᠢ᠋ᠶ᠋ᠠᠷ ᠢᠳᠡᠵᠦ ᠪᠣᠯᠬᠤ ᠦᠭᠡᠢ

2734 ᠴᠢᠬᠢ ᠪᠡᠷ ᠰᠣᠨᠣᠰᠤᠭᠰᠠᠨ ᠠ᠋ᠴᠠ 
         ᠨᠢᠳᠦ ᠪᠡᠷ ᠦᠵᠡᠭᠰᠡᠨ ᠨᠢ ᠳᠡᠭᠡᠷ᠎ᠡ

2735 ᠴᠢᠨᠣ᠎ᠠ ᠳᠠᠭᠠᠭᠰᠠᠨ ᠬᠡᠷᠢᠶ᠎ᠡ ᠰᠢᠭ 
         ᠵᠣᠪᠠᠯᠭ᠎ᠠ ᠭᠣᠷᠢᠳᠠᠭᠰᠠᠨ ᠨᠣᠬᠠᠢ ᠰᠢᠭ᠋

2736 ᠴᠢᠨᠣ᠎ᠠ ᠵᠠᠭᠤᠭᠰᠠᠨ ᠢ᠋ᠶ᠋ᠠᠨ ᠠᠯᠳᠠᠪᠠᠯ 
         ᠭᠤᠷᠢᠶᠠᠳᠴᠤ ᠦᠬᠦᠳᠡᠭ
         ᠬᠥᠮᠦᠨ ᠵᠣᠷᠢᠭᠰᠠᠨ ᠢ᠋ᠶ᠋ᠠᠨ ᠣᠷᠬᠢᠪᠠᠯ 
         ᠭᠤᠲᠤᠷᠠᠵᠤ ᠭᠦᠢᠴᠡᠳᠡᠭ

2737 ᠴᠢᠨᠣ᠎ᠠ ᠣᠷᠣᠭᠰᠠᠨ ᠬᠣᠢᠨ᠎ᠠ 
         ᠮᠠᠨᠠᠭᠤᠬᠠᠢ ᠪᠣᠰᠬᠠᠬᠤ

2738 ᠴᠢᠨᠣ᠎ᠠ ᠬᠣᠨᠢ ᠪᠣᠯᠵᠤ 
         ᠬᠡᠷᠢᠶ᠎ᠡ ᠴᠠᠭᠠᠨ ᠪᠣᠯᠬᠤ 

2739 ᠴᠢᠨᠣ᠎ᠠ ᠳ᠋ᠤ᠌ ᠥᠭᠭᠦᠭᠰᠡᠨ ᠢ᠋ᠶ᠋ᠡᠨ ᠪᠣᠳᠣᠬᠤ ᠦᠭᠡᠢ 
         ᠨᠣᠬᠠᠢ ᠳ᠋ᠤ᠌ ᠢᠳᠡᠭᠦᠯᠦᠭᠰᠡᠨ ᠢ᠋ᠶ᠋ᠡᠨ ᠬᠠᠷᠠᠮᠰᠠᠬᠤ

2740 ᠴᠢᠨᠣ᠎ᠠ ᠪᠠᠷ ᠬᠣᠨᠢ ᠪᠠᠨ ᠮᠠᠨᠠᠭᠤᠯᠵᠤ 
         ᠴᠣᠯᠮᠣᠨ ᠳ᠋ᠤ᠌ ᠭᠡᠷᠡᠯ ᠪᠠᠷᠢᠬᠤ

2741 ᠴᠢᠨᠣ᠎ᠠ ᠠ᠋ᠴᠠ ᠠᠶᠤᠭᠰᠠᠨ ᠬᠥᠮᠦᠨ 
         ᠮᠠᠯ ᠥᠰᠬᠡᠳᠡᠭ ᠦᠭᠡᠢ 
         ᠨᠣᠮ ᠠ᠋ᠴᠠ ᠠᠶᠤᠭᠰᠠᠨ ᠬᠥᠮᠦᠨ 
         ᠡᠷᠳᠡᠮ ᠰᠤᠷᠳᠠᠭ ᠦᠭᠡᠢ

2742 ᠴᠢᠨᠣ᠎ᠠ ᠠ᠋ᠴᠠ ᠬᠣᠨᠢ ᠦᠷᠭᠦᠳᠡᠭ 
         ᠬᠠᠤᠯᠢ ᠠ᠋ᠴᠠ ᠬᠥᠮᠦᠨ ᠡᠮᠢᠶᠡᠳᠡᠭ

2743 ᠴᠢᠨᠣ᠎ᠠ ᠶ᠋ᠢ ᠬᠥᠮᠦᠨ ᠪᠦᠬᠦᠨ ᠲᠠᠨᠢᠳᠠᠭ 
         ᠴᠢᠨᠣ᠎ᠠ ᠬᠥᠮᠦᠨ ᠪᠦᠭᠦᠳᠡ ᠶ᠋ᠢ ᠲᠠᠨᠢᠳᠠᠭ ᠦᠭᠡᠢ

2744 ᠴᠢᠨᠣ᠎ᠠ ᠶ᠋ᠢ ᠰᠣᠶᠣᠭ᠎ᠠ ᠪᠠᠷ ᠨᠢ ᠲᠠᠨᠢᠬᠤ 
         ᠱᠣᠩᠬᠣᠷ ᠢ᠋ ᠰᠠᠪᠠᠷ ᠢ᠋ᠶ᠋ᠠᠷ ᠨᠢ ᠲᠠᠨᠢᠬᠤ

2745 ᠴᠢᠨᠣ᠎ᠠ ᠶ᠋ᠢᠨ ᠠᠮᠠᠨ ᠠ᠋ᠴᠠ ᠭᠠᠷᠤᠭᠠᠳ 
         ᠪᠠᠷᠰ ᠤ᠋ᠨ ᠠᠮᠠᠨ ᠳ᠋ᠤ᠌ ᠣᠷᠣᠬᠤ

2746 ᠴᠢᠨᠣ᠎ᠠ ᠶ᠋ᠢᠨ ᠭᠥᠯᠥᠭᠡ ᠶ᠋ᠢ ᠬᠡᠴᠢᠨᠡᠭᠡᠨ ᠠᠰᠠᠷᠠᠪᠠᠴᠤ 
         ᠨᠣᠬᠠᠢ ᠪᠣᠯᠬᠤ ᠦᠭᠡᠢ

2747 ᠴᠢᠨᠣ᠎ᠠ ᠶ᠋ᠢᠨ ᠦᠷ᠎ᠡ ᠮᠢᠬᠠᠴᠢ 
         ᠬᠡᠷᠡᠮᠦ ᠶ᠋ᠢᠨ ᠦᠷ᠎ᠡ ᠮᠣᠳᠣᠴᠢ

2748 ᠴᠢᠨᠣ᠎ᠠ ᠶ᠋ᠢᠨ ᠬᠦᠦ ᠣᠢ ᠲᠠᠢᠰᠢ ᠪᠠᠨ 
         ᠬᠥᠮᠦᠨ ᠦ᠌ ᠬᠦᠦ ᠭᠡᠷ ᠲᠠᠢᠰᠢ ᠪᠠᠨ 

2749 ᠴᠢᠯᠠᠭᠤ ᠰᠢᠭ᠋ ᠬᠠᠲᠠᠭᠤ 
         ᠥᠳᠥ ᠰᠢᠭ ᠬᠥᠩᠭᠡᠨ

2750 ᠴᠢᠯᠠᠭᠤᠨ ᠠ᠋ᠴᠠ ᠪᠤᠰᠤᠳ ᠢ᠋ ᠢᠳᠡᠵᠦ  
         ᠴᠢᠨᠣ᠎ᠠ ᠠ᠋ᠴᠠ ᠪᠤᠰᠤᠳ ᠢ᠋ ᠤᠨᠤᠬᠤ   

            ᠦᠰᠦᠭ ᠠᠮᠢᠯᠠᠭᠤᠯᠤᠭᠴᠢ᠄ ᠣᠶᠤᠨᠪᠠᠲᠤ  
                 ᠬᠢᠨᠠᠭᠴᠢ᠄ ᠳᠣᠷᠵᠢ᠂ ᠲ ᠬᠦᠮᠦᠵᠢᠯᠲᠦ᠂ ᠣᠳᠬᠣᠨᠴᠡᠴᠡᠭ᠂ ᠤᠢᠭᠤᠷᠵᠢᠨ ᠣᠳᠬᠣᠨ᠂ ᠪᠠᠯ