ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ < ᠴ ᠶᠢᠨ ᠠᠢᠮᠠᠭ >Монгол зүйр цэцэн үгийн гураван мянган дээж – Д᠂Заяабаатар эмхэтгэв <Цийн аймаг>
ᠴ ( Ц ) ᠶ᠋ᠢᠨ ᠠᠢᠮᠠᠭ
2656 ᠴᠠᠭᠠᠵᠠ ᠮᠡᠳᠡᠬᠦ ᠦᠭᠡᠢ ᠬᠥᠮᠦᠨ ᠢᠳᠡᠵᠦ ᠦᠬᠦᠬᠦ
ᠴᠠᠭ ᠮᠡᠳᠡᠬᠦ ᠦᠭᠡᠢ ᠬᠥᠮᠦᠨ ᠬᠣᠴᠣᠷᠴᠤ ᠠᠯᠳᠠᠬᠤ
2657 ᠴᠠᠭᠠᠵᠠᠨ ᠳ᠋ᠤ᠌ ᠭᠦᠨ ᠰᠠᠨᠠᠭ᠎ᠠ ᠪᠣᠢ
ᠬᠠᠤᠯᠢᠨ ᠳ᠋ᠤ᠌ ᠭᠦᠨ ᠤᠴᠢᠷ ᠪᠣᠢ
2658 ᠴᠠᠭᠠᠵᠠᠨ ᠳ᠋ᠤ᠌ ᠬᠥᠩᠭᠡᠯᠡᠬᠦ ᠥᠷᠥᠰᠢᠶᠡᠯ ᠪᠣᠢ
ᠬᠥᠮᠦᠨ ᠳ᠋ᠦ᠍ ᠡᠨᠳᠡᠬᠦ ᠠᠯᠳᠠᠬᠤ ᠶᠠᠪᠤᠳᠠᠯ ᠪᠣᠢ
2659 ᠴᠠᠭᠠᠰᠤᠨ ᠳᠡᠭᠡᠷ᠎ᠡ ᠨᠡᠷ᠎ᠡ ᠦᠭᠡᠢ
ᠴᠠᠰᠤᠨ ᠳᠡᠭᠡᠷ᠎ᠡ ᠮᠥᠷ ᠦᠭᠡᠢ
2660 ᠴᠠᠭᠠᠰᠤᠨ ᠰᠢᠪᠠᠭᠤ ᠬᠡᠳᠦᠢ ᠳᠡᠭᠡᠷ᠎ᠡ ᠭᠠᠷᠪᠠᠴᠤ
ᠰᠢᠵᠢᠮ ᠳᠡᠭᠡᠰᠦ ᠨᠢ ᠬᠥᠮᠦᠨ ᠦ᠌ ᠭᠠᠷ ᠲᠤ᠌
2661 ᠴᠠᠭ ᠪᠣᠭᠣᠨᠢ
ᠤᠬᠠᠭᠠᠨ ᠤᠷᠲᠤ
2662 ᠴᠠᠭ ᠬᠤᠭᠤᠴᠠᠭ᠎ᠠ ᠪᠠᠢᠬᠤ ᠳ᠋ᠤ᠌
ᠠᠯᠲᠠ ᠶ᠋ᠢ ᠣᠯᠤᠨ᠎ᠠ
ᠠᠯᠲᠠ ᠪᠠᠢᠭᠰᠠᠨ ᠴᠦ᠍
ᠴᠠᠭ ᠬᠤᠭᠤᠴᠠᠭ᠎ᠠ ᠣᠯᠳᠠᠬᠤ ᠦᠭᠡᠢ
2663 ᠴᠠᠭ ᠴᠠᠭ ᠢ᠋ᠶ᠋ᠠᠷ ᠢ᠋ᠶ᠋ᠠᠨ ᠪᠠᠢᠳᠠᠭ ᠦᠭᠡᠢ
ᠴᠠᠬᠢᠯᠳᠠᠭ ᠬᠥᠬᠡ ᠪᠡᠷ ᠢ᠋ᠶ᠋ᠡᠨ ᠪᠠᠢᠳᠠᠭ ᠦᠭᠡᠢ
2664 ᠴᠠᠭ ᠴᠠᠭ ᠲᠤ᠌ ᠨᠢᠭᠡ ᠴᠠᠳᠳᠠᠭ
ᠴᠠᠭᠠᠨ ᠰᠠᠷ᠎ᠠ ᠪᠠᠷ ᠨᠢᠭᠡ ᠴᠠᠳᠳᠠᠭ
2665 ᠴᠠᠭ ᠨᠢ ᠢᠷᠡᠬᠦ ᠪᠡᠷ
ᠴᠠᠭᠠᠨ ᠮᠥᠩᠭᠥ ᠴᠦ᠍ ᠬᠠᠷᠠᠯᠠᠳᠠᠭ
2666 ᠴᠠᠭᠠᠨ ᠵᠡᠭᠡᠷ᠎ᠡ᠂ ᠥᠬᠢᠨ ᠬᠥᠮᠦᠨ ᠬᠣᠶᠠᠷ ᠨᠤᠲᠤᠭ ᠦᠭᠡᠢ
ᠴᠠᠷᠢᠯ᠂ ᠵᠡᠭᠡᠲᠦᠦ ᠬᠣᠶᠠᠷ ᠡᠵᠡᠨ ᠮᠤᠩᠳᠠᠬᠤ ᠦᠭᠡᠢ
2667 ᠴᠠᠭᠠᠨ ᠰᠡᠳᠬᠢᠯᠲᠡᠨ ᠳ᠋ᠦ᠍ ᠷᠠᠰᠢᠶᠠᠨ ᠪᠣᠯᠵᠤ
ᠬᠠᠷ᠎ᠠ ᠰᠡᠳᠬᠢᠯᠲᠡᠨ ᠳ᠋ᠦ᠍ ᠬᠣᠣᠷ ᠪᠣᠯᠬᠤ
2668 ᠴᠠᠭᠠᠨ ᠠ᠋ᠴᠠ ᠬᠠᠷ᠎ᠠ ᠭᠠᠷᠳᠠᠭ
ᠬᠠᠷ᠎ᠠ ᠠ᠋ᠴᠠ ᠴᠠᠭᠠᠨ ᠭᠠᠷᠳᠠᠭ
2669 ᠴᠠᠭ ᠤ᠋ᠨ ᠳᠤᠯᠠᠭᠠᠨ ᠨᠠᠭᠠᠰᠢ ᠪᠠᠨ ᠬᠠᠷᠠᠵᠤ
ᠴᠠᠰᠤᠨ ᠤ᠋ ᠲᠣᠯᠣᠭᠠᠢ ᠴᠠᠭᠠᠰᠢ ᠪᠠᠨ ᠬᠠᠷᠠᠬᠤ
2670 ᠴᠠᠭ ᠤ᠋ᠨ ᠵᠤᠳ ᠵᠢᠯ ᠦ᠋ᠨ ᠬᠢ
ᠡᠬᠡᠨᠡᠷ ᠦ᠋ᠨ ᠵᠤᠳ ᠨᠠᠰᠤᠨ ᠤ᠋ ᠬᠢ
2671 ᠴᠠᠭ ᠤ᠋ᠨ ᠰᠠᠢᠬᠠᠨ ᠬᠠᠪᠤᠷ
ᠨᠠᠰᠤᠨ ᠤ᠋ ᠰᠠᠢᠬᠠᠨ ᠵᠠᠯᠠᠭᠤ
2672 ᠴᠠᠳᠬᠤ ᠳ᠋ᠤ᠌ ᠬᠠᠶᠠᠭᠰᠠᠨ ᠪᠦᠯᠡᠬᠡ
ᠥᠯᠥᠰᠬᠦ ᠳ᠋ᠦ᠍ ᠰᠠᠨᠠᠭᠳᠠᠬᠤ
2673 ᠴᠠᠳᠬᠤ ᠳ᠋ᠤ᠌ ᠴᠠᠭᠠᠨ ᠬᠤᠷᠠᠭᠠᠨ ᠤ᠋ ᠰᠡᠭᠦᠯ ᠬᠠᠲᠠᠭᠤ
ᠥᠯᠥᠰᠬᠦ ᠳ᠋ᠦ᠍ ᠦᠯᠦ ᠪᠤᠭᠤ ᠶ᠋ᠢᠨ ᠡᠪᠡᠷ ᠵᠥᠭᠡᠯᠡᠨ
2674 ᠴᠠᠳᠤᠭᠰᠠᠨ ᠬᠣᠢᠨ᠎ᠠ ᠶᠠᠭᠤᠮ᠎ᠠ ᠪᠤᠤ ᠡᠷᠢ
ᠰᠠᠨᠠᠭᠰᠠᠨ ᠤ᠋ ᠵᠣᠷᠢᠭ ᠢ᠋ᠶ᠋ᠠᠷ ᠶᠠᠭᠤᠮ᠎ᠠ ᠪᠤᠤ ᠬᠡᠯᠡ
2675 ᠴᠠᠢ ᠰᠠᠮᠤᠷᠬᠤ ᠳᠣᠳᠣᠮ ᠠᠮᠲᠠ ᠣᠷᠣᠳᠠᠭ
ᠴᠠᠭ ᠥᠩᠭᠡᠷᠡᠬᠦ ᠳᠣᠳᠣᠮ ᠦᠨ᠎ᠡ ᠣᠷᠣᠳᠠᠭ
2676 ᠴᠠᠢ ᠬᠡᠳᠦᠢ ᠰᠢᠩᠭᠡᠨ ᠴᠦ᠍
ᠢᠳᠡᠭᠡᠨ ᠦ᠌ ᠳᠡᠭᠡᠵᠢ
2677 ᠴᠠᠢ ᠴᠦ᠍ ᠦᠭᠡᠢ
ᠴᠢᠷᠠᠢ ᠴᠦ᠍ ᠦᠭᠡᠢ
2678 ᠴᠠᠢ ᠶ᠋ᠢᠨ ᠬᠠᠯᠠᠭᠤᠨ ᠨᠢ
ᠴᠠᠭ ᠤ᠋ᠨ ᠲᠦᠷᠭᠡᠨ ᠨᠢ
2679 ᠴᠠᠩ ᠬᠠᠮᠢᠭ᠎ᠠ ᠨᠢ ᠴᠣᠬᠢᠪᠠᠯ
ᠴᠠᠮ ᠲᠡᠨᠳᠡ ᠴᠠᠮᠨᠠᠨᠠ
2680 ᠴᠢᠷᠠᠢ ᠨᠢ ᠭᠠᠳᠠᠨ᠎ᠠ ᠪᠠᠨ
ᠴᠢᠨᠠᠷ ᠨᠢ ᠳᠣᠲᠣᠷ᠎ᠠ ᠪᠠᠨ
2681 ᠴᠢᠷᠠᠢ ᠶ᠋ᠢ ᠨᠢ ᠬᠠᠷᠠᠪᠠᠯ ᠨᠡᠷ᠎ᠡ ᠶ᠋ᠢ ᠨᠢ ᠪᠤᠤ ᠠᠰᠠᠭᠤ
ᠴᠢᠨᠠᠷ ᠢ᠋ ᠨᠢ ᠲᠠᠨᠢᠪᠠᠯ ᠦᠭᠡ ᠪᠡᠨ ᠪᠤᠤ ᠬᠡᠯᠡ
2682 ᠴᠢᠷᠠᠢ ᠶ᠋ᠢᠨ ᠰᠠᠢᠬᠠᠨ ᠢ᠋ᠶ᠋ᠠᠷ
ᠴᠠᠢ ᠰᠦᠯᠡᠬᠦ ᠦᠭᠡᠢ
2683 ᠴᠠᠳᠬᠤᠯᠠᠩ ᠬᠥᠮᠦᠨ
ᠥᠯᠥᠰᠬᠦᠯᠡᠩ ᠦ᠋ᠨ ᠵᠣᠪᠠᠯᠠᠩ ᠢ᠋ ᠮᠡᠳᠡᠬᠦ ᠦᠭᠡᠢ
2684 ᠴᠣᠭᠣᠷᠬᠠᠢ ᠬᠤᠪᠢᠩ ᠳ᠋ᠤ᠌ ᠪᠤᠳᠠᠭ᠎ᠠ ᠲᠣᠭᠲᠠᠬᠤ ᠦᠭᠡᠢ
ᠵᠠᠯᠢᠬᠠᠢ ᠬᠥᠮᠦᠨ ᠳ᠋ᠦ᠍ ᠪᠤᠶᠠᠨ ᠲᠣᠭᠲᠠᠬᠤ ᠦᠭᠡᠢ
2685 ᠴᠥᠭᠡᠨ ᠬᠡᠯᠡ
ᠶᠡᠬᠡ ᠪᠣᠳᠣ
2686 ᠴᠤᠪᠤᠵᠤ ᠶᠠᠪᠤᠭᠰᠠᠨ ᠪᠠᠷᠰ ᠠ᠋ᠴᠠ
ᠴᠤᠭᠯᠠᠵᠤ ᠰᠠᠭᠤᠭᠰᠠᠨ ᠱᠠᠭᠠᠵᠠᠭᠠᠢ ᠳᠡᠭᠡᠷ᠎ᠡ
2687 ᠴᠢᠰᠤ ᠪᠠᠨ ᠭᠠᠷᠲᠠᠯ᠎ᠠ ᠵᠣᠳᠣᠯᠳᠤᠵᠤ
ᠲᠣᠰᠣ ᠪᠠᠨ ᠭᠠᠷᠲᠠᠯ᠎ᠠ ᠲᠡᠪᠡᠷᠢᠯᠳᠦᠬᠦ
2688 ᠴᠤᠤ ᠦᠭᠡ ᠴᠤᠯᠪᠤᠭᠤᠷ ᠦᠭᠡᠢ
ᠴᠤᠤᠲᠠᠢ ᠬᠡᠦᠬᠡᠨ ᠪᠦᠲᠦᠯ ᠦᠭᠡᠢ
2689 ᠴᠤᠤᠲᠠᠢ ᠬᠡᠦᠬᠡᠨ ᠬᠤᠷᠢᠮ ᠦᠭᠡᠢ
ᠳᠠᠭᠤ ᠲᠠᠢ ᠲᠩᠷᠢ ᠪᠣᠷᠣᠭ᠎ᠠ ᠦᠭᠡᠢ
2690 ᠴᠤᠴᠠᠯᠢ ᠠ᠋ᠴᠠ ᠭᠠᠯ
ᠴᠢᠬᠤᠯ ᠠ᠋ᠴᠠ ᠬᠡᠷᠡᠭᠦᠯ
2691 ᠴᠡᠪᠡᠷ ᠬᠥᠮᠦᠨ ᠪᠡᠶ᠎ᠡ ᠪᠡᠨ ᠴᠢᠮᠡᠨ᠎ᠡ
ᠴᠢᠬᠡᠴᠢ ᠬᠥᠮᠦᠨ ᠴᠢᠨᠠᠷ ᠢ᠋ᠶ᠋ᠠᠨ ᠵᠠᠰᠠᠨ᠎ᠠ
2692 ᠴᠡᠪᠡᠷ ᠶᠠᠪᠤᠬᠤ ᠳ᠋ᠤ᠌ ᠴᠡᠭᠡᠵᠢ ᠰᠣᠨᠣᠷ
ᠰᠠᠯᠠᠩ ᠶᠠᠪᠤᠬᠤ ᠳ᠋ᠤ᠌ ᠰᠠᠨᠠᠭ᠎ᠠ ᠪᠠᠯᠠᠷ
2693 ᠴᠡᠪᠡᠷᠴᠢ ᠬᠥᠮᠦᠨ ᠡᠷᠡᠭᠦᠯ
ᠲᠠᠮᠢᠷᠴᠢ ᠬᠥᠮᠦᠨ ᠵᠠᠯᠠᠭᠤ
2694 ᠴᠡᠷᠢᠭ ᠢ᠋ ᠮᠢᠩᠭᠠᠨ ᠡᠳᠦᠷ ᠲᠡᠵᠢᠭᠡᠭᠡᠳ
ᠨᠢᠭᠡ ᠡᠳᠦᠷ ᠬᠡᠷᠡᠭᠯᠡᠳᠡᠭ
2695 ᠴᠡᠷᠢᠭ ᠬᠥᠮᠦᠨ ᠦ᠌ ᠴᠢᠬᠢ ᠲᠠᠭᠠᠷᠠᠬᠤ ᠦᠭᠡᠢ
ᠴᠡᠮᠴᠡᠭᠡᠷ ᠬᠡᠦᠬᠡᠨ ᠦ᠌ ᠭᠤᠶ᠎ᠠ ᠲᠠᠭᠠᠷᠠᠬᠤ ᠦᠭᠡᠢ
2696 ᠴᠡᠷᠢᠭ ᠴᠥᠭᠡᠨ ᠪᠥᠭᠡᠳ
ᠲᠤᠭ ᠣᠯᠠᠨ ᠪᠣᠯ ᠰᠦᠷ ᠪᠠᠭᠤᠷᠠᠨ᠎ᠠ
ᠴᠡᠷᠢᠭ ᠣᠯᠠᠨ ᠪᠥᠭᠡᠳ
ᠲᠤᠭ ᠴᠥᠭᠡᠨ ᠪᠣᠯ ᠰᠦᠷ ᠪᠠᠳᠠᠷᠠᠨ᠎ᠠ
2697 ᠰᠡᠴᠡᠨ ᠳᠡᠩᠳᠡᠪᠡᠯ
ᠲᠡᠨᠡᠭ ᠡᠴᠡ ᠳᠣᠣᠷᠠᠳᠠᠬᠤ
2698 ᠰᠡᠴᠡᠨ ᠲᠦᠰᠢᠮᠡᠯ ᠤᠯᠤᠰ ᠤ᠋ᠨ ᠡᠷᠳᠡᠨᠢ
ᠰᠠᠢᠨ ᠡᠬᠡᠨᠡᠷ ᠭᠡᠷ ᠦ᠋ᠨ ᠡᠷᠳᠡᠨᠢ
2699 ᠰᠡᠴᠡᠨ ᠦᠭᠡ ᠴᠡᠭᠡᠵᠢᠨ ᠳ᠋ᠦ᠍
ᠴᠡᠴᠡᠭ ᠨᠠᠪᠴᠢ ᠠᠭᠤᠯᠠᠨ ᠳ᠋ᠤ᠌
2700 ᠰᠡᠴᠡᠨ ᠦᠭᠡ ᠴᠡᠭᠡᠯ ᠡᠴᠡ ᠭᠦᠨ
ᠵᠦᠢᠷ ᠦᠭᠡ ᠵᠡᠭᠦᠦ ᠡᠴᠡ ᠬᠤᠷᠴᠠ
2701 ᠰᠡᠴᠡᠨ ᠦᠭᠡᠨ ᠳ᠋ᠦ᠍ ᠬᠤᠳᠠᠯ ᠦᠭᠡᠢ
ᠴᠡᠴᠡᠭ ᠨᠠᠪᠴᠢᠨ ᠳ᠋ᠤ᠌ ᠪᠤᠵᠠᠷ ᠦᠭᠡᠢ
2702 ᠰᠡᠴᠡᠨ ᠬᠤᠳᠠᠯ
ᠪᠤᠷᠤᠭᠤ ᠬᠡᠯᠡᠭᠰᠡᠨ ᠦᠭᠡᠨ ᠡᠴᠡ ᠳᠡᠭᠡᠷ᠎ᠡ
2703 ᠰᠡᠴᠡᠨ ᠬᠥᠮᠦᠨ ᠨᠢᠭᠡ ᠵᠣᠭᠣᠰ ᠢ᠋ᠶ᠋ᠠᠷ ᠴᠦ᠍ ᠪᠠᠶᠠᠵᠢᠳᠠᠭ
ᠲᠡᠨᠡᠭ ᠬᠥᠮᠦᠨ ᠬᠡᠳᠦᠨ ᠮᠥᠩᠭᠥ ᠪᠡᠷ ᠴᠦ᠍ ᠬᠣᠭᠣᠰᠣᠷᠠᠳᠠᠭ
2704 ᠰᠡᠴᠡᠨ ᠬᠥᠮᠦᠨ ᠬᠥᠮᠦᠨ ᠦ᠌ ᠪᠡᠷᠬᠡ ᠶ᠋ᠢ ᠮᠠᠭᠲᠠᠳᠠᠭ
ᠲᠡᠨᠡᠭ ᠬᠥᠮᠦᠨ ᠥᠪᠡᠷ ᠦ᠋ᠨ ᠪᠡᠷᠬᠡ ᠶ᠋ᠢ ᠮᠠᠭᠲᠠᠳᠠᠭ
2705 ᠰᠡᠴᠡᠨ ᠬᠥᠮᠦᠨ ᠳ᠋ᠦ᠍ ᠦᠭᠡ ᠮᠤᠩᠳᠠᠬᠤ ᠦᠭᠡᠢ
ᠴᠡᠪᠡᠷᠴᠢ ᠬᠥᠮᠦᠨ ᠳ᠋ᠦ᠍ ᠪᠤᠵᠠᠷ ᠮᠤᠩᠳᠠᠬᠤ ᠦᠭᠡᠢ
2706 ᠰᠡᠴᠡᠨ ᠳ᠋ᠦ᠍ ᠬᠣᠶᠠᠷ ᠴᠢᠬᠢ ᠴᠥᠭᠡᠳᠡᠵᠦ
ᠲᠡᠨᠡᠭ ᠲᠤ ᠭᠠᠭᠴᠠ ᠬᠡᠯᠡ ᠣᠯᠠᠳᠠᠬᠤ
2707 ᠰᠡᠴᠡᠨ ᠳ᠋ᠦ᠍ ᠴᠦ᠍ ᠰᠤᠷᠭᠠᠯ ᠬᠡᠷᠡᠭᠲᠡᠢ
ᠴᠡᠪᠡᠷ ᠲᠤ ᠴᠦ᠍ ᠬᠤᠪᠴᠠᠰᠤ ᠬᠡᠷᠡᠭᠲᠡᠢ
2708 ᠰᠡᠴᠡᠨ ᠢ᠋ ᠦᠭᠡ ᠬᠡᠯᠡ ᠭᠡᠵᠦ ᠬᠥᠯᠥᠰᠥ ᠥᠭᠬᠦ
ᠲᠡᠨᠡᠭ ᠢ᠋ ᠪᠤᠤ ᠳᠤᠤᠭᠠᠷ ᠭᠡᠵᠦ ᠬᠥᠯᠥᠰᠥ ᠥᠭᠬᠦ
2709 ᠴᠢᠬᠤᠯ ᠬᠥᠮᠦᠨ ᠦ᠌ ᠰᠠᠨᠠᠭ᠎ᠠ ᠨᠢ ᠢᠪᠴᠤᠤ
ᠮᠡᠷᠭᠡᠨ ᠬᠥᠮᠦᠨ ᠦ᠌ ᠰᠡᠳᠬᠢᠯ ᠨᠢ ᠠᠭᠤᠵᠢᠭᠤ
2710 ᠴᠡᠭᠡᠵᠢᠨ ᠳ᠋ᠦ᠍ ᠨᠠᠷᠠ ᠭᠠᠷᠴᠤ
ᠰᠡᠳᠬᠢᠯ ᠳ᠋ᠦ᠍ ᠴᠡᠴᠡᠭ ᠤᠷᠭᠤᠬᠤ
2711 ᠴᠡᠭᠡᠵᠢᠨ ᠦ᠌ ᠡᠷᠳᠡᠮ ᠲᠡᠢ ᠬᠥᠮᠦᠨ ᠬᠥᠮᠦᠨ ᠵᠠᠷᠤᠳᠠᠭ
ᠭᠠᠷ ᠤ᠋ᠨ ᠡᠷᠳᠡᠮ ᠲᠡᠢ ᠬᠥᠮᠦᠨ ᠬᠥᠮᠦᠨ ᠳ᠋ᠦ᠍ ᠵᠠᠷᠤᠭᠳᠠᠳᠠᠭ
2712 ᠴᠡᠭᠡᠵᠢᠨ ᠦ᠌ ᠴᠢᠮᠡᠭ ᠢᠷᠦᠭᠡᠯ
ᠰᠡᠳᠬᠢᠯ ᠦ᠋ᠨ ᠪᠦᠯᠡᠬᠡ ᠬᠠᠷᠢᠶᠠᠯ
2713 ᠴᠡᠭᠡᠵᠢ ᠪᠡᠨ ᠡᠷᠭᠦᠬᠦ ᠪᠡᠷ
ᠠᠵᠢᠯ ᠢ᠋ᠶ᠋ᠠᠨ ᠡᠷᠭᠦ
2714 ᠴᠡᠭᠡᠵᠢ ᠪᠡᠷ ᠢ᠋ᠶ᠋ᠡᠨ ᠬᠦᠴᠦᠲᠡᠢ ᠪᠢᠰᠢ
ᠰᠡᠴᠡᠨ ᠢ᠋ᠶ᠋ᠡᠷ ᠢ᠋ᠶ᠋ᠡᠨ ᠬᠦᠴᠦᠲᠡᠢ
2715 ᠴᠡᠭᠡᠯ ᠦ᠋ᠨ ᠶᠡᠬᠡ ᠳᠠᠯᠠᠢ ᠳ᠋ᠤ᠌
ᠰᠡᠴᠡᠨ ᠦ᠌ ᠶᠡᠬᠡ ᠡᠷᠳᠡᠮ ᠳ᠋ᠦ᠍
2716 ᠴᠡᠭᠡᠯ ᠦ᠋ᠨ ᠲᠠᠤᠯᠠᠢ ᠶ᠋ᠢ ᠨᠣᠬᠠᠢ ᠪᠣᠰᠬᠠᠵᠤ
ᠴᠡᠭᠡᠵᠢᠨ ᠦ᠌ ᠦᠭᠡ ᠶ᠋ᠢ ᠠᠷᠢᠬᠢ ᠭᠠᠷᠭᠠᠬᠤ
ᠦᠰᠦᠭ ᠠᠮᠢᠯᠠᠭᠤᠯᠤᠭᠴᠢ᠄ ᠪᠠᠳᠮᠠᠰᠡᠴᠡᠨ᠂ ᠣᠶᠤᠨᠪᠠᠲᠤ
ᠬᠢᠨᠠᠭᠴᠢ᠄ ᠳᠣᠷᠵᠢ᠂ ᠲ ᠬᠦᠮᠦᠵᠢᠯᠲᠦ᠂ ᠣᠳᠬᠣᠨᠴᠡᠴᠡᠭ᠂
ᠤᠢᠭᠤᠷᠵᠢᠨ ᠣᠳᠬᠣᠨ᠂ ᠪᠣᠯᠣᠳ᠂ ᠬᠥᠮᠦᠵᠢᠯᠲᠦ᠂ ᠪᠠᠯ
