ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ < ᠬ ᠶᠢᠨ ᠠᠢᠮᠠᠭ –6>Монгол зүйр цэцэн үгийн гураван мянган дээж – Д᠂Заяабаатар эмхэтгэв <Хийн аймаг 6>
ᠬ (Х) ᠶ᠋ᠢᠨ ᠠᠢᠮᠠᠭ –6
- ᠬ (Х) -
2605 ᠬᠡᠯᠡᠶ᠎ᠡ ᠭᠡᠰᠡᠨ ᠦᠭᠡ ᠪᠡᠨ
ᠬᠡᠯᠡ ᠳᠣᠣᠷ᠎ᠠ ᠪᠠᠨ ᠳᠠᠷᠤᠵᠤ
ᠬᠢᠶ᠎ᠡ ᠭᠡᠰᠡᠨ ᠬᠡᠷᠡᠭ ᠢ᠋ᠶ᠋ᠡᠨ
ᠬᠣᠷᠮᠣᠢ ᠳᠣᠣᠷ᠎ᠠ ᠪᠠᠨ ᠨᠢᠭᠤᠬᠤ
2606 ᠬᠡᠯᠡᠯᠴᠡᠪᠡᠯ ᠪᠦᠲᠦᠳᠡᠭ
ᠬᠡᠷᠡᠯᠳᠦᠪᠡᠯ ᠪᠤᠲᠠᠷᠠᠳᠠᠭ
2607 ᠬᠡᠯᠡᠯᠴᠡᠵᠦ ᠰᠠᠭᠤᠪᠠᠯ ᠰᠡᠳᠬᠢᠯ ᠦ᠋ᠨ ᠴᠢᠮᠡᠭ
ᠬᠢᠴᠢᠶᠡᠵᠦ ᠶᠠᠪᠤᠪᠠᠯ ᠪᠡᠶ᠎ᠡ ᠶ᠋ᠢᠨ ᠴᠢᠮᠡᠭ
2608 ᠬᠡᠯᠡᠯᠴᠡᠭᠡᠳ ᠪᠦᠲᠦᠭᠡᠵᠦ ᠴᠢᠳᠠ
ᠬᠡᠷᠡᠯᠳᠦᠭᠡᠳ ᠵᠥᠪᠰᠢᠵᠦ ᠴᠢᠳᠠ
2609 ᠬᠡᠯᠡᠮᠡᠭᠡᠢ ᠬᠥᠮᠦᠨ ᠬᠡᠷᠡᠭᠦᠯᠴᠢ
ᠬᠡᠳᠡᠷ ᠨᠣᠬᠠᠢ ᠵᠠᠭᠤᠭᠠᠴᠢ
2610 ᠬᠡᠯᠡᠨ ᠳᠡᠭᠡᠷ᠎ᠡ ᠨᠢ ᠰᠢᠬᠢᠷ ᠲᠠᠯᠪᠢᠵᠤ
ᠬᠦᠵᠦᠭᠦᠨ ᠳᠡᠭᠡᠷ᠎ᠡ ᠨᠢ ᠬᠢᠲᠤᠭ᠎ᠠ ᠲᠠᠯᠪᠢᠬᠤ
2611 ᠬᠡᠯᠡᠬᠦ ᠶ᠋ᠢᠨ ᠤᠷᠢᠳ ᠪᠣᠯᠭᠣᠮᠵᠢ
ᠬᠢᠬᠦ ᠶ᠋ᠢᠨ ᠤᠷᠢᠳ ᠬᠢᠴᠢᠶᠡᠮᠵᠢ
2612 ᠬᠡᠯᠡᠬᠦᠯᠡᠷ ᠬᠡᠯᠡ ᠵᠣᠪᠠᠨ᠎ᠠ
ᠰᠠᠨᠠᠬᠤᠯᠠᠷ ᠰᠠᠨᠠᠭ᠎ᠠ ᠵᠣᠪᠠᠨ᠎ᠠ
2613 ᠬᠡᠯᠡᠬᠦ ᠨᠢ ᠠᠭᠤᠯᠠ ᠶ᠋ᠢᠨ ᠴᠢᠨᠡᠭᠡ
ᠬᠢᠬᠦ ᠨᠢ ᠬᠡᠳᠡᠭᠡᠨ᠎ᠡ ᠶ᠋ᠢᠨ ᠴᠢᠨᠡᠭᠡ
2614 ᠬᠡᠯᠡᠬᠦ ᠨᠢ ᠬᠡᠳᠡᠷ
ᠶᠠᠪᠤᠬᠤ ᠨᠢ ᠶᠠᠳᠠᠷ
2615 ᠬᠡᠯᠡᠬᠦ ᠨᠢ ᠬᠡᠨ ᠡᠴᠡ ᠴᠦ᠍ ᠮᠡᠷᠭᠡᠨ
ᠬᠢᠬᠦ ᠨᠢ ᠬᠡᠨ ᠡᠴᠡ ᠴᠦ᠍ ᠲᠡᠨᠡᠭ
2616 ᠬᠡᠯᠡᠬᠦ ᠨᠢ ᠬᠡᠷᠡᠭᠦᠯ ᠮᠡᠲᠦ
ᠬᠢᠯᠢᠩᠨᠡᠬᠦ ᠨᠢ ᠭᠠᠯᠵᠠᠭᠤ ᠮᠡᠲᠦ
2617 ᠬᠡᠯᠡᠬᠦ ᠨᠢ ᠬᠡᠷᠴᠡᠭᠡᠢ
ᠭᠡᠭᠡᠷᠡᠬᠦ ᠨᠢ ᠦᠮᠡᠬᠡᠢ
2618 ᠬᠡᠯᠡᠬᠦ ᠨᠢ ᠴᠠᠭᠠᠨ
ᠬᠢᠬᠦ ᠨᠢ ᠬᠠᠷ᠎ᠠ
2619 ᠬᠡᠯᠡᠬᠦ ᠨᠢᠭᠡ ᠮᠠᠭᠤ
ᠬᠡᠯᠡᠬᠦ ᠦᠭᠡᠢ ᠪᠠᠢᠬᠤ ᠬᠣᠶᠠᠷ ᠮᠠᠭᠤ
2620 ᠬᠡᠯᠡᠬᠦ ᠦᠭᠡ ᠬᠡᠮᠵᠢᠶ᠎ᠡ ᠲᠡᠢ
ᠬᠠᠷᠠᠬᠤ ᠨᠢᠳᠦ ᠬᠢᠵᠠᠭᠠᠷ ᠲᠠᠢ
2621 ᠬᠡᠯᠡᠬᠦ ᠦᠭᠡ ᠶ᠋ᠢ ᠡᠵᠡᠨ ᠳ᠋ᠦ᠍ᠨᠢ
ᠲᠠᠯᠪᠢᠬᠤ ᠮᠣᠷᠢ ᠶ᠋ᠢ ᠢᠵᠢᠯᠢ ᠳ᠋ᠦ᠍ᠨᠢ
2622 ᠬᠡᠯᠡᠬᠦ ᠳ᠋ᠦ᠍ ᠠᠮᠠᠷᠬᠠᠨ
ᠬᠢᠬᠦ ᠳ᠋ᠦ᠍ ᠬᠡᠴᠡᠭᠦᠦ
2623 ᠬᠡᠯᠡᠬᠦ ᠪᠡᠷ ᠢ᠋ᠶ᠋ᠡᠨ ᠮᠡᠷᠡᠢᠯ ᠦᠭᠡᠢ
ᠬᠢᠬᠦ ᠪᠡᠷ ᠢ᠋ᠶ᠋ᠡᠨ ᠮᠡᠷᠡᠢ
2624 ᠬᠡᠮᠵᠢᠵᠦ ᠲᠣᠭᠲᠠᠭᠠᠭᠰᠠᠨ ᠴᠠᠭ ᠠ᠋ᠴᠠ ᠪᠢᠲᠡᠭᠡᠢ ᠬᠣᠵᠢᠮᠳᠠ
ᠳᠡᠮᠵᠢᠵᠦ ᠬᠢᠯᠴᠡᠬᠦ ᠠᠵᠢᠯ ᠠ᠋ᠴᠠ ᠪᠢᠲᠡᠭᠡᠢ ᠪᠤᠯᠲᠠ
2625 ᠭᠡᠮ ᠡᠴᠡ ᠪᠡᠨ ᠬᠡᠲᠦᠷᠡᠬᠦ
ᠴᠠᠭ ᠠ᠋ᠴᠠ ᠪᠠᠨ ᠰᠠᠭᠠᠲᠠᠬᠤ
2626 ᠬᠡᠨᠵᠡ ᠨᠣᠭᠣᠭ᠎ᠠ ᠨᠠᠷᠢᠬᠠᠨ ᠪᠣᠯᠪᠠᠴᠤ
ᠬᠥᠷᠥᠰᠥ ᠶ᠋ᠢ ᠨᠡᠪᠲᠡᠯᠬᠦ ᠴᠢᠳᠠᠯᠲᠠᠢ
ᠬᠡᠲᠡ ᠶ᠋ᠢᠨ ᠭᠠᠯ ᠥᠴᠦᠬᠡᠨ ᠪᠣᠯᠪᠠᠴᠤ
ᠲᠦᠢᠮᠡᠷ ᠡᠭᠦᠰᠬᠡᠬᠦ ᠴᠢᠳᠠᠯᠲᠠᠢ
2627 ᠬᠡᠷᠡᠭ ᠦ᠋ᠨ ᠡᠵᠡᠨ
ᠬᠡᠩᠭᠡᠷᠭᠡ ᠶ᠋ᠢᠨ ᠳᠣᠬᠢᠭᠤᠷ
2628 ᠬᠡᠷᠡᠭ ᠢ᠋ᠶ᠋ᠡᠨ ᠮᠡᠳᠡᠬᠦ ᠦᠭᠡᠢ ᠨᠣᠶᠠᠨ ᠶᠠᠪᠤᠬᠤ ᠪᠠᠷ
ᠬᠡᠷᠡᠭ ᠢ᠋ᠶ᠋ᠡᠨ ᠮᠡᠳᠡᠬᠦ ᠪᠣᠭᠣᠯ ᠶᠠᠪᠤᠭᠰᠠᠨ ᠨᠢ ᠳᠡᠭᠡᠷ᠎ᠡ
2629 ᠬᠡᠷᠰᠡᠦ ᠲᠠᠤᠯᠠᠢ ᠵᠠᠮ ᠤ᠋ᠨ ᠵᠠᠬ᠎ᠠ ᠳ᠋ᠤ᠌
ᠬᠡᠷᠰᠡᠦ ᠬᠡᠦᠬᠡᠳ ᠡᠪᠦᠭᠡᠳ ᠦ᠋ᠨ ᠵᠠᠬ᠎ᠠ ᠳ᠋ᠤ᠌
2630 ᠬᠡᠷᠰᠡᠦ ᠶ᠋ᠢᠨ ᠦᠭᠡᠨ ᠳ᠋ᠦ᠍ ᠣᠷᠣᠪᠠᠯ
ᠬᠡᠭᠡᠷ᠎ᠡ ᠬᠣᠨᠣᠬᠤ ᠦᠭᠡᠢ
2631 ᠬᠡᠷᠡᠭᠦᠯ ᠲᠡᠮᠡᠴᠡᠯ ᠶᠡᠬᠡᠳᠡᠪᠡᠯ ᠬᠡᠰᠢᠭ ᠪᠤᠶᠠᠨ ᠳᠣᠷᠣᠢᠲᠠᠬᠤ
ᠬᠡᠲᠦᠷᠬᠡᠢ ᠰᠢᠨᠤᠯ ᠶᠡᠬᠡᠳᠡᠪᠡᠯ ᠡᠳ᠋ ᠠᠭᠤᠷᠠᠰᠤ ᠪᠠᠷᠠᠭᠳᠠᠬᠤ
2632 ᠬᠡᠷᠡᠭᠦᠯᠴᠢ ᠬᠥᠮᠦᠨ ᠲᠡᠢ ᠪᠦᠦ ᠨᠥᠬᠥᠷᠯᠡ
ᠬᠡᠰᠦᠭᠦᠯᠴᠢ ᠬᠥᠮᠦᠨ ᠢ᠋ ᠪᠦᠦ ᠳᠠᠭ᠎ᠠ
2633 ᠬᠡᠷᠴᠡᠭᠡᠢ ᠰᠡᠳᠬᠢᠯᠲᠦ ᠬᠥᠪᠡᠭᠦᠨ ᠡᠴᠢᠭᠡ ᠳ᠋ᠡᠭᠡᠨ ᠳᠠᠢᠰᠤᠨ
ᠲᠠᠴᠢᠶᠠᠩᠭᠤᠢ ᠠᠭᠤᠷᠲᠤ ᠡᠮ᠎ᠡ ᠡᠷ᠎ᠡ ᠳ᠋ᠡᠭᠡᠨ ᠳᠠᠢᠰᠤᠨ
2634 ᠬᠡᠷᠴᠡᠭᠡᠢᠷᠬᠡᠵᠤ ᠬᠡᠷᠡᠭᠦᠯ ᠪᠦᠦ ᠡᠭᠦᠰᠬᠡ
ᠬᠡᠭᠵᠡᠭᠦᠷᠬᠡᠵᠦ ᠣᠮᠣᠭ ᠪᠦᠦ ᠡᠭᠦᠰᠬᠡ
2635 ᠬᠡᠷᠡᠭ ᠭᠠᠷᠭᠠᠬᠤ ᠠ᠋ᠴᠠ ᠤᠷᠢᠳ ᠰᠡᠷᠭᠡᠢᠯᠡ
ᠬᠡᠷᠡᠮ ᠨᠤᠷᠠᠬᠤ ᠠ᠋ᠴᠠ ᠤᠷᠢᠳ ᠵᠠᠰᠠ
2636 ᠬᠡᠷᠡᠭ ᠵᠠᠷᠭᠤ ᠭᠡᠪᠡᠯ
ᠬᠡᠯᠡ ᠠᠮᠠ ᠪᠠᠨ ᠪᠢᠯᠡᠭᠦᠳᠡᠬᠦ
2637 ᠬᠡᠷᠡᠭ ᠲᠠᠷᠢᠵᠤ
ᠬᠡᠩᠭᠡᠷᠭᠡ ᠳᠡᠯᠡᠳᠬᠦ
2638 ᠬᠡᠷᠡᠭ ᠬᠢᠭᠰᠡᠨ ᠬᠥᠮᠦᠨ ᠦ᠌
ᠵᠢᠷᠦᠬᠡ ᠨᠢ ᠠᠮᠤᠷ ᠦᠭᠡᠢ
ᠬᠡᠲᠦᠷᠡᠲᠡᠯ᠎ᠡ ᠢᠳᠡᠭᠰᠡᠨ ᠬᠥᠮᠦᠨ ᠦ᠌
ᠭᠡᠳᠡᠰᠦ ᠨᠢ ᠠᠮᠤᠷ ᠦᠭᠡᠢ
2639 ᠭᠡᠷᠡᠯᠲᠦᠭᠰᠡᠭᠡᠷ ᠪᠠᠢᠭᠠᠳ
ᠬᠡᠳᠦ ᠶ᠋ᠢᠨ ᠢ᠋ᠶ᠋ᠡᠨ ᠵᠢᠷᠭᠠᠯ ᠢ᠋ ᠠᠯᠳᠠᠬᠤ
2640 ᠬᠡᠷᠡᠯᠳᠦᠬᠦ ᠳ᠋ᠡᠭᠡᠨ ᠰᠡᠴᠡᠨ
ᠬᠢᠬᠦ ᠳ᠋ᠡᠭᠡᠨ ᠮᠤᠩᠬᠠᠭ
2641 ᠬᠡᠷᠢᠶ᠎ᠡ ᠮᠢᠩᠭᠠᠨ ᠵᠢᠯ ᠠᠮᠢᠳᠤᠷᠠᠪᠠᠴᠤ
ᠬᠠᠷ᠎ᠠ ᠪᠠᠷ ᠢ᠋ᠶ᠋ᠠᠨ
ᠬᠡᠷᠡᠭ ᠮᠢᠩᠭᠠᠨ ᠵᠢᠯ ᠪᠣᠯᠪᠠᠴᠤ
ᠬᠡᠪ ᠢ᠋ᠶ᠋ᠡᠷ ᠢ᠋ᠶ᠋ᠡᠨ
2642 ᠬᠡᠷᠢᠶ᠎ᠡ ᠬᠠᠷ᠎ᠠ ᠪᠣᠯᠪᠠᠴᠤ
ᠡᠯᠢᠭᠡᠨ ᠳ᠋ᠡᠭᠡᠨ ᠴᠠᠭᠠᠨ
ᠬᠥᠮᠦᠨ ᠬᠠᠷᠠᠲᠠᠢ ᠪᠣᠯᠪᠠᠴᠤ
ᠦᠷ᠎ᠡ ᠳ᠋ᠡᠭᠡᠨ ᠵᠥᠭᠡᠯᠡᠨ
2643 ᠬᠡᠷᠢᠶ᠎ᠡ ᠬᠡᠷᠢᠶᠡᠨ ᠦ᠌ ᠪᠡᠨ
ᠬᠠᠷ᠎ᠠ ᠶ᠋ᠢ ᠭᠠᠢᠬᠠᠬᠤ
2644 ᠬᠡᠲᠦᠷᠬᠡᠢ ᠮᠡᠷᠭᠡᠳ ᠲᠤ ᠰᠤᠷᠭᠠᠯ ᠲᠤᠰᠠᠲᠠᠢ
ᠬᠡᠳᠡᠷ ᠲᠡᠨᠡᠭ ᠲᠤ ᠭᠡᠰᠬᠡᠯ ᠲᠤᠰᠠᠲᠠᠢ
2645 ᠬᠡᠴᠡᠭᠦᠦ ᠶ᠋ᠢ ᠦᠵᠡᠬᠦ ᠦᠭᠡᠢ ᠪᠣᠯ
ᠬᠡᠷᠰᠡᠦ ᠪᠣᠯᠬᠤ ᠦᠭᠡᠢ
2646 ᠬᠡᠭᠡᠨᠴᠢᠷ ᠬᠥᠮᠦᠨ ᠬᠡᠭᠡᠷ᠎ᠡ ᠦᠬᠦᠨ᠎ᠡ
ᠭᠠᠩᠭᠠᠩ ᠬᠥᠮᠦᠨ ᠭᠠᠳᠠᠨ᠎ᠠ ᠦᠬᠦᠨ᠎ᠡ
2647 ᠬᠡᠭᠡᠷ᠎ᠡ ᠬᠣᠨᠣᠵᠤ
ᠬᠡᠴᠡ ᠳᠡᠷᠡᠯᠡᠬᠦ
2648 ᠬᠡᠭᠡᠷ᠎ᠡ ᠶ᠋ᠢᠨ ᠭᠠᠯᠠᠭᠤ ᠨᠢᠰᠦᠨ ᠦᠯᠦ ᠬᠦᠷᠬᠦ ᠭᠠᠵᠠᠷ ᠡᠴᠡ
