ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ < ᠬ ᠶᠢᠨ ᠠᠢᠮᠠᠭ –5>Монгол зүйр цэцэн үгийн гураван мянган дээж – Д᠂Заяабаатар эмхэтгэв <Хийн аймаг 5>
ᠬ(Х) ᠶᠢᠨ ᠠᠢᠮᠠᠭ –5
- ᠬ (Х) -
2505 ᠬᠥᠮᠦᠨ ᠦ᠌ ᠰᠠᠢᠨ ᠦᠨᠡᠨᠴᠢ
ᠬᠦᠯᠦᠭ ᠦ᠋ᠨ ᠰᠠᠢᠨ ᠭᠠᠵᠠᠷᠴᠢ
2506 ᠬᠥᠮᠦᠨ ᠦ᠌ ᠰᠠᠢᠨ ᠬᠦᠴᠢᠷ ᠴᠠᠭ ᠲᠤ ᠲᠠᠨᠢᠭᠳᠠᠬᠤ
ᠬᠦᠯᠦᠭ ᠦ᠋ᠨ ᠰᠠᠢᠨ ᠠᠯᠤᠰ ᠤ᠋ᠨ ᠵᠠᠮ ᠳ᠋ᠤ᠌ ᠲᠠᠨᠢᠭᠳᠠᠬᠤ
2507 ᠬᠥᠮᠦᠨ ᠦ᠌ ᠰᠠᠢᠨ ᠢ᠋ ᠲᠦᠰᠢᠵᠦ ᠮᠡᠳᠡ
ᠬᠦᠯᠦᠭ ᠦ᠋ᠨ ᠰᠠᠢᠨ ᠢ᠋ ᠤᠨᠤᠵᠤ ᠮᠡᠳᠡ
2508 ᠬᠥᠮᠦᠨ ᠦ᠌ ᠰᠠᠢᠨ ᠢ᠋ ᠦᠬᠦᠭᠰᠡᠨ ᠬᠣᠢᠨ᠎ᠠ ᠨᠢ
ᠮᠣᠷᠢᠨ ᠤ᠋ ᠰᠠᠢᠨ ᠢ᠋ ᠵᠠᠷᠤᠭᠰᠠᠨ ᠬᠣᠢᠨ᠎ᠠ ᠨᠢ
2509 ᠬᠥᠮᠦᠨ ᠦ᠌ ᠰᠠᠢᠬᠠᠨ
ᠬᠥᠮᠦᠨ ᠳ᠋ᠦ᠍ ᠨᠠᠭᠠᠯᠳᠤᠬᠤ ᠥᠬᠡᠢ
2510 ᠬᠥᠮᠦᠨ ᠦ᠌ ᠰᠠᠨᠠᠭ᠎ᠠ ᠦᠵᠦᠭᠦᠷ ᠦᠭᠡᠢ
ᠬᠥᠷᠥᠰᠥᠲᠦ ᠳᠡᠯᠡᠬᠡᠢ ᠬᠢᠵᠠᠭᠠᠷ ᠦᠭᠡᠢ
2511 ᠬᠥᠮᠦᠨ ᠦ᠌ ᠲᠠᠮᠢᠷ ᠵᠢᠷᠦᠬᠡᠨ ᠳ᠋ᠡᠭᠡᠨ
ᠬᠦᠯᠦᠭ ᠦ᠋ᠨ ᠲᠠᠮᠢᠷ ᠲᠤᠭᠤᠷᠠᠢ ᠳ᠋ᠠᠭᠠᠨ
2512 ᠬᠥᠮᠦᠨ ᠦ᠌ ᠤᠭ ᠨᠠᠭᠠᠴᠤ
ᠮᠣᠳᠣᠨ ᠤ᠋ ᠤᠭ ᠦᠨᠳᠦᠰᠦ
2513 ᠬᠥᠮᠦᠨ ᠦ᠌ ᠤᠬᠠᠭᠠᠨ ᠢ᠋ᠶ᠋ᠠᠷ ᠶᠠᠪᠤᠳᠠᠭ ᠰᠡᠴᠡᠨ ᠡᠴᠡ
ᠥᠪᠡᠷ ᠦ᠋ᠨ ᠤᠬᠠᠭᠠᠨ ᠢ᠋ᠶ᠋ᠠᠷ ᠶᠠᠪᠤᠳᠠᠭ ᠲᠡᠨᠡᠭ ᠳᠡᠭᠡᠷ᠎ᠡ
2514 ᠬᠥᠮᠦᠨ ᠦ᠌ ᠦᠭᠡ ᠪᠡᠷ ᠦᠭᠡ ᠪᠤᠤ ᠬᠢ
ᠬᠡᠭᠡᠷ᠎ᠡ ᠶ᠋ᠢᠨ ᠨᠣᠬᠠᠢ ᠪᠠᠷ ᠨᠣᠬᠠᠢ ᠪᠤᠤ ᠬᠢ
2515 ᠬᠥᠮᠦᠨ ᠦ᠌ ᠦᠭᠡ ᠪᠡᠷ ᠦᠭᠡ ᠬᠢᠵᠦ
ᠬᠥᠲᠥᠰᠥᠨ ᠦ᠌ ᠥᠭᠡᠳᠡᠰᠦ ᠪᠡᠷ ᠳᠡᠪᠡᠯ ᠬᠢᠬᠦ
2516 ᠬᠥᠮᠦᠨ ᠦ᠌ ᠬᠢᠭᠰᠡᠨ ᠢ᠋ ᠦᠨᠡᠯ᠎ᠡ
ᠥᠪᠡᠷ ᠦ᠋ᠨ ᠬᠢᠭᠰᠡᠨ ᠢ᠋ ᠴᠢᠮᠠᠯᠠ
2517 ᠬᠥᠮᠦᠨ ᠦ᠌ ᠭᠬᠢᠷ ᠢ᠋ ᠬᠠᠷᠠᠬᠤ ᠪᠠᠷ
ᠥᠪᠡᠷ ᠦ᠋ᠨ ᠢ᠋ᠶ᠋ᠡᠨ ᠭᠬᠢᠷ ᠢ᠋ ᠬᠢᠴᠢᠶᠡ
2518 ᠬᠥᠮᠦᠨ ᠦ᠌ ᠬᠣᠣᠷᠯᠠᠯ ᠳᠠᠯᠳᠠ
ᠮᠣᠭᠠᠢ ᠶ᠋ᠢᠨ ᠬᠣᠣᠷᠯᠠᠯ ᠢᠯᠡ
2519 ᠬᠥᠮᠦᠨ ᠦ᠌ ᠬᠠᠭᠤᠴᠢᠨ ᠨᠢ
ᠳᠡᠪᠡᠯ ᠦ᠋ᠨ ᠰᠢᠨ᠎ᠡ ᠨᠢ
2520 ᠬᠥᠮᠦᠨ ᠦ᠌ ᠬᠦᠦ
ᠬᠦᠷᠡᠩ ᠪᠥᠭᠡᠷ᠎ᠡ ᠲᠡᠢ
2521 ᠬᠥᠮᠦᠨ ᠦ᠌ ᠬᠦᠦ ᠮᠠᠭᠤ ᠪᠣᠯ
ᠡᠴᠢᠭᠡ ᠶ᠋ᠢᠨ ᠨᠡᠷ᠎ᠡ ᠶ᠋ᠢ ᠭᠤᠲᠤᠭᠠᠨᠠ
ᠬᠦᠯᠦᠭ ᠤᠨᠠᠭ᠎ᠠ ᠮᠠᠭᠤ ᠪᠣᠯ
ᠰᠦᠷᠦᠭ ᠦ᠋ᠨ ᠨᠡᠷ᠎ᠡ ᠶ᠋ᠢ ᠭᠤᠲᠤᠭᠠᠨᠠ
2522 ᠬᠥᠮᠦᠨ ᠦ᠌ ᠬᠦᠦ ᠬᠠᠨᠢ ᠪᠠᠨ ᠰᠣᠩᠭᠣᠳᠠᠭ
ᠬᠦᠯᠦᠭ ᠦ᠋ᠨ ᠬᠦᠦ ᠵᠠᠮ ᠢ᠋ ᠰᠣᠩᠭᠣᠳᠠᠭ
2523 ᠬᠥᠮᠦᠨ ᠦ᠌ ᠬᠦᠦ ᠬᠦᠰᠡᠭᠰᠡᠨ ᠳ᠋ᠡᠭᠡᠨ
ᠬᠦᠯᠦᠭ ᠮᠣᠷᠢ ᠬᠠᠷᠠᠢᠭᠰᠠᠨ ᠳ᠋ᠠᠭᠠᠨ
2524 ᠬᠥᠮᠦᠨ ᠦ᠌ ᠬᠦᠦ ᠳ᠋ᠦ᠍ ᠬᠦᠴᠦ ᠣᠷᠣᠭᠤᠯᠳᠠᠭ ᠰᠤᠷᠭᠠᠯ
ᠬᠦᠯᠦᠭ ᠦ᠋ᠨ ᠤᠨᠠᠭᠠᠨ ᠳ᠋ᠤ᠌ ᠴᠢᠳᠠᠯ ᠣᠷᠣᠭᠤᠯᠳᠠᠭ ᠲᠡᠵᠢᠭᠡᠯ
2525 ᠬᠥᠮᠦᠨ ᠦ᠌ ᠬᠡᠯᠡ
ᠬᠢᠲᠤᠭᠠᠨ ᠤ᠋ ᠢᠷ ᠡᠴᠡ ᠬᠤᠷᠴᠠ
2526 ᠬᠥᠮᠦᠨ ᠦ᠌ ᠬᠡᠷᠡᠭ ᠪᠦᠲᠦᠪᠡᠯ
ᠥᠪᠡᠷ ᠦ᠋ᠨ ᠬᠡᠷᠡᠭ ᠪᠦᠲᠦᠳᠡᠭ
2527 ᠬᠥᠮᠦᠨ ᠦ᠌ ᠡᠯᠡᠭ
ᠬᠡᠦᠬᠡᠳ ᠦ᠋ᠨ ᠳᠣᠭᠣᠭᠢ
2528 ᠬᠥᠮᠦᠨ ᠦ᠌ ᠡᠨᠳᠡᠭᠦᠦ ᠶ᠋ᠢ ᠦᠵᠡᠬᠦ ᠪᠡᠷ
ᠥᠪᠡᠷ ᠦ᠋ᠨ ᠡᠨᠳᠡᠭᠦᠦ ᠶ᠋ᠢ ᠬᠠᠢ
2529 ᠬᠥᠮᠦᠨ ᠦ᠌ ᠡᠷᠬᠡ ᠪᠡᠷ ᠵᠢᠷᠭᠠᠬᠤ ᠪᠠᠷ
ᠥᠪᠡᠷ ᠦ᠋ᠨ ᠡᠷᠬᠡ ᠪᠡᠷ ᠵᠣᠪᠠ
2530 ᠬᠥᠮᠦᠨ ᠦ᠌ ᠡᠷᠬᠡ ᠪᠡᠷ ᠲᠣᠰᠣ ᠤᠤᠭᠤᠬᠤ ᠪᠠᠷ
ᠥᠪᠡᠷ ᠦ᠋ᠨ ᠳᠤᠷ᠎ᠠ ᠪᠠᠷ ᠤᠰᠤ ᠤᠤᠭᠤ
2531 ᠬᠥᠮᠦᠨ ᠦ᠌ ᠶᠠᠭᠤᠮ᠎ᠠ ᠬᠦᠰᠡᠭᠰᠡᠨ ᠴᠦ᠍ ᠴᠠᠭᠠᠰᠢ ᠪᠠᠨ
ᠥᠪᠡᠷ ᠦ᠋ᠨ ᠶᠠᠭᠤᠮ᠎ᠠ ᠥᠰᠢᠭᠰᠡᠨ ᠴᠦ᠍ ᠨᠠᠭᠠᠰᠢ ᠪᠠᠨ
2532 ᠬᠥᠮᠦᠨ ᠦ᠌ ᠶᠠᠭᠤᠮ᠎ᠠ ᠪᠠᠷ ᠭᠦᠦᠳᠡᠩᠨᠡᠬᠦ
ᠬᠦᠦ ᠲᠡᠢ ᠮᠥᠩᠭᠥ ᠪᠡᠷ ᠸᠠᠳᠠᠩᠨᠠᠬᠤ
2533 ᠬᠥᠮᠦᠨ ᠦ᠌ ᠶᠠᠭᠤᠮᠠᠨ ᠳ᠋ᠤ᠌ ᠪᠦᠦ ᠰᠢᠨᠤ
ᠬᠦᠷᠲᠡᠭᠰᠡᠨ ᠬᠥᠷᠥᠩᠭᠡ ᠪᠡᠨ ᠪᠤᠤ ᠴᠢᠮᠠᠯᠠ
2534 ᠬᠥᠮᠦᠨ ᠦ᠌ ᠶᠠᠭᠤᠮᠠᠨ ᠳ᠋ᠤ᠌ ᠬᠣᠩ ᠬᠡᠷᠢᠶ᠎ᠡ
ᠥᠪᠡᠷ ᠦ᠋ᠨ ᠶᠠᠭᠤᠮᠠᠨ ᠳ᠋ᠤ᠌ ᠥᠨᠳᠡᠭᠡ ᠳᠠᠷᠤᠭᠰᠠᠨ ᠲᠠᠬᠢᠶ᠎ᠠ
2535 ᠬᠥᠮᠦᠨ ᠢ᠋ ᠠᠷᠭ᠎ᠠ ᠪᠠᠷ
ᠬᠦᠯᠦᠭ ᠢ᠋ ᠤᠷᠭ᠎ᠠ ᠪᠠᠷ
2536 ᠬᠥᠮᠦᠨ ᠢ᠋ ᠵᠢᠰᠦ ᠪᠡᠷ ᠨᠢ ᠰᠢᠨᠵᠢᠵᠦ ᠪᠣᠯᠳᠠᠭ ᠦᠭᠡᠢ
ᠤᠰᠤ ᠶ᠋ᠢ ᠤᠭᠤᠲᠠ ᠪᠠᠷ ᠬᠡᠮᠵᠢᠵᠦ ᠪᠣᠯᠳᠠᠭ ᠦᠭᠡᠢ
2537 ᠬᠥᠮᠦᠨ ᠢ᠋ ᠲᠠᠨᠢᠶ᠎ᠠ ᠭᠡᠪᠡᠯ
ᠠᠭᠠᠰᠢ ᠶ᠋ᠢ ᠨᠢ ᠰᠢᠨᠵᠢ
ᠬᠡᠦᠬᠡᠳ ᠢ᠋ ᠲᠠᠨᠢᠶ᠎ᠠ ᠭᠡᠪᠡᠯ
ᠲᠣᠭᠯᠠᠭᠠᠮ ᠢ᠋ ᠨᠢ ᠦᠵᠡ
2538 ᠬᠥᠮᠦᠨ ᠢ᠋ ᠲᠠᠨᠢᠶ᠎ᠠ ᠭᠡᠪᠡᠯ
ᠨᠥᠬᠥᠷ ᠢ᠋ ᠨᠢ ᠰᠢᠨᠵᠢ
ᠨᠤᠲᠤᠭ ᠢ᠋ ᠨᠢ ᠰᠢᠨᠵᠢᠶᠡ ᠭᠡᠪᠡᠯ
ᠤᠰᠤ ᠶ᠋ᠢ ᠨᠢ ᠰᠢᠨᠵᠢ
2539 ᠬᠥᠮᠦᠨ ᠢ᠋ ᠦᠵᠡᠬᠦ ᠨᠢᠳᠦ
ᠪᠡᠶ᠎ᠡ ᠪᠡᠨ ᠦᠵᠡᠬᠦ ᠲᠣᠯᠢ
2540 ᠬᠥᠮᠦᠨ ᠢ᠋ ᠬᠣᠣᠷᠯᠠᠬᠤ ᠬᠥᠮᠦᠨ ᠦ᠌
ᠬᠡᠯᠡᠨ ᠦ᠌ ᠦᠵᠦᠭᠦᠷ ᠵᠥᠭᠡᠯᠡᠨ
2541 ᠬᠥᠮᠦᠨ ᠢ᠋ ᠬᠡᠯᠡᠬᠦ ᠳ᠋ᠦ᠍
ᠬᠦᠷᠡᠩ ᠡᠷᠢᠶᠡᠨ ᠪᠦᠷᠭᠦᠳ ᠰᠢᠭ
ᠥᠪᠡᠷ ᠢ᠋ ᠪᠡᠨ ᠬᠡᠯᠡᠬᠦ ᠳ᠋ᠦ᠍
ᠥᠨᠳᠡᠭᠡ ᠪᠡᠨ ᠳᠠᠷᠤᠭᠰᠠᠨ ᠰᠢᠪᠠᠭᠤ ᠰᠢᠭ᠋
2542 ᠬᠥᠮᠦᠨ ᠦ᠌ ᠬᠢ ᠠᠳᠠᠯᠢ ᠬᠦᠴᠢᠷ ᠶᠠᠭᠤᠮ᠎ᠠ ᠦᠭᠡᠢ
ᠬᠦᠯᠢᠶᠡᠬᠦ ᠠᠳᠠᠯᠢ ᠤᠳᠠᠭᠠᠨ ᠶᠠᠭᠤᠮ᠎ᠠ ᠦᠭᠡᠢ
2543 ᠬᠦᠨᠡᠰᠦ ᠭᠣᠯᠣᠪᠠᠯ ᠬᠣᠭᠣᠯᠠ ᠦᠭᠡᠢ
ᠬᠥᠮᠦᠨ ᠭᠣᠯᠣᠪᠠᠯ ᠨᠥᠬᠥᠷ ᠦᠭᠡᠢ
2544 ᠬᠦᠨᠡᠰᠦ ᠦᠭᠡᠢ ᠪᠣᠯ ᠬᠣᠯᠠ ᠵᠠᠮ ᠳ᠋ᠤ᠌ ᠪᠦᠦ ᠭᠠᠷ
ᠬᠦᠴᠦ ᠦᠭᠡᠢ ᠪᠣᠯ ᠬᠥᠮᠦᠨ ᠲᠡᠢ ᠪᠦᠦ ᠪᠠᠷᠢᠯᠳᠤ
2545 ᠬᠦᠨᠡᠰᠦ ᠪᠡᠨ ᠪᠠᠷᠠᠭᠰᠠᠨ ᠬᠥᠮᠦᠨ ᠢᠳᠡᠮᠡᠬᠡᠢ
ᠲᠦᠯᠡᠰᠢ ᠪᠡᠨ ᠪᠠᠷᠠᠭᠰᠠᠨ ᠬᠥᠮᠦᠨ ᠪᠡᠭᠡᠷᠡᠮᠡᠲᠡᠭᠡᠢ
2546 ᠬᠥᠮᠦᠨ ᠲᠡᠢ ᠭᠠᠵᠠᠷ ᠬᠥᠮᠦᠨ ᠥᠯᠪᠡᠷᠴᠦ ᠦᠬᠦᠳᠡᠭ ᠦᠭᠡᠢ
ᠡᠪᠡᠰᠦ ᠲᠡᠢ ᠭᠠᠵᠠᠷ ᠮᠠᠯ ᠲᠤᠷᠠᠵᠤ ᠦᠬᠦᠳᠡᠭ ᠦᠭᠡᠢ
2547 ᠬᠥᠮᠦᠨ ᠲᠡᠢ ᠭᠠᠵᠠᠷ ᠨᠠᠷᠭᠢᠶᠠᠨ ᠲᠠᠢ
ᠬᠡᠦᠬᠡᠳ ᠲᠡᠢ ᠭᠠᠵᠠᠷ ᠱᠤᠤᠭᠢᠶᠠᠨ ᠲᠠᠢ
2548 ᠬᠥᠮᠦᠨ ᠢ᠋ᠶ᠋ᠡᠷ ᠳᠤᠲᠠᠬᠤ ᠪᠠᠷ
ᠬᠦᠨᠡᠰᠦ ᠪᠡᠷ ᠳᠤᠲᠠ
2549 ᠬᠥᠮᠦᠨ ᠡᠴᠡ ᠵᠢᠱ᠌ᠢᠶ᠎ᠡ ᠠᠪᠳᠠᠭ
ᠬᠥᠳᠡᠯᠮᠦᠷᠢ ᠡᠴᠡ ᠠᠳᠠᠯ ᠠᠪᠳᠠᠭ
2550 ᠬᠥᠮᠦᠨ ᠡᠴᠡ ᠢᠯᠡᠭᠦᠦ ᠮᠡᠳᠡᠨ᠎ᠡ ᠭᠡᠵᠦ
ᠪᠡᠶ᠎ᠡ ᠪᠡᠨ ᠪᠦᠦ ᠮᠠᠭᠲᠠ
ᠬᠦᠴᠦ ᠴᠢᠳᠠᠯ ᠶᠡᠬᠡᠲᠡᠢ ᠭᠡᠵᠦ
ᠬᠥᠮᠦᠨ ᠢ᠋ ᠪᠦᠦ ᠪᠠᠰᠤ
2551 ᠬᠦᠷᠭᠡᠨ ᠬᠥᠮᠦᠨ ᠦ᠌ ᠬᠦᠵᠦᠭᠦᠦ ᠨᠢ ᠪᠡᠬᠢ
ᠬᠥᠮᠦᠨ ᠦ᠌ ᠮᠠᠯ ᠤ᠋ᠨ ᠨᠢᠷᠤᠭᠤ ᠨᠢ ᠪᠡᠬᠢ
2552 ᠬᠦᠷᠡᠯ ᠬᠡᠳᠦᠢ ᠬᠠᠲᠠᠭᠤ ᠴᠦ᠍
ᠬᠥᠭᠡᠷᠭᠡ ᠶ᠋ᠢᠨ ᠭᠠᠯ ᠳ᠋ᠤ᠌ ᠤᠶᠠᠷᠠᠳᠠᠭ
2553 ᠬᠦᠷᠢᠶ᠎ᠡ ᠨᠡᠭᠦᠬᠦ ᠶ᠋ᠢᠨ ᠲᠥᠯᠥᠭᠡ
ᠬᠣᠶᠠᠷ ᠴᠢᠪᠠᠭᠠᠨᠴᠠ ᠬᠡᠷᠡᠯᠳᠦᠬᠦ
2554 ᠬᠦᠰᠡᠭᠰᠡᠨ ᠶᠠᠭᠤᠮ᠎ᠠ ᠬᠦᠵᠦᠭᠦᠦ ᠪᠡᠷ ᠲᠠᠲᠠᠨ᠎ᠠ
ᠬᠦᠴᠦᠯᠡᠭᠰᠡᠨ ᠶᠠᠭᠤᠮ᠎ᠠ ᠲᠠᠷᠢᠬᠢ ᠪᠠᠷ ᠲᠠᠲᠠᠨ᠎ᠠ
2555 ᠬᠦᠰᠡᠭᠰᠡᠨ ᠶᠠᠭᠤᠮ᠎ᠠ ᠪᠠᠨ
ᠬᠥᠰᠡᠷ ᠬᠠᠶᠠᠵᠤ ᠪᠣᠯᠬᠤ ᠦᠭᠡᠢ
ᠵᠣᠷᠢᠭᠰᠠᠨ ᠶᠠᠭᠤᠮ᠎ᠠ ᠪᠠᠨ
ᠵᠣᠷᠢᠭ ᠢ᠋ᠶ᠋ᠠᠷ ᠨᠢ ᠬᠠᠶᠠᠵᠤ ᠪᠣᠯᠬᠤ ᠦᠭᠡᠢ
2556 ᠬᠦᠰᠡᠯ ᠪᠠᠢᠪᠠᠯ ᠴᠥᠬᠥᠷᠡᠬᠦ ᠦᠭᠡᠢ
ᠬᠦᠴᠦᠨ ᠪᠠᠢᠪᠠᠯ ᠰᠥᠬᠥᠷᠡᠬᠦ ᠦᠭᠡᠢ
2557 ᠬᠦᠰᠡᠯ ᠶᠡᠬᠡ ᠲᠡᠢ ᠪᠡᠷ ᠢ᠋ᠶ᠋ᠡᠨ ᠨᠣᠶᠠᠨ ᠪᠣᠯᠳᠠᠭ ᠦᠭᠡᠢ
ᠬᠦᠴᠦ ᠶᠡᠬᠡ ᠲᠡᠢ ᠪᠡᠷ ᠢ᠋ᠶ᠋ᠡᠨ ᠪᠠᠶᠠᠨ ᠪᠣᠯᠳᠠᠭ ᠦᠭᠡᠢ
2558 ᠬᠦᠦ ᠮᠢᠨᠢ ᠭᠡᠳ ᠳᠤᠬᠤ ᠶ᠋ᠢ ᠨᠢ ᠦᠨᠦᠰᠴᠦ
ᠬᠦᠷᠭᠡᠨ ᠮᠢᠨᠢ ᠭᠡᠳ ᠡᠪᠦᠷ ᠢ᠋ ᠨᠢ ᠠᠭᠤᠳᠠᠯᠬᠤ
2559 ᠬᠦᠦ ᠮᠢᠨᠢ ᠬᠦᠦ ᠮᠢᠨᠢ ᠭᠡᠭᠰᠡᠭᠡᠷ
ᠬᠥᠮᠦᠨ ᠦ᠌ ᠲᠣᠯᠣᠭᠠᠢ ᠳᠡᠭᠡᠷ᠎ᠡ ᠭᠠᠷᠭᠠᠬᠤ
2560 ᠬᠦᠦ ᠶ᠋ᠢ ᠠᠵᠢᠯ ᠢ᠋ᠶ᠋ᠠᠷ ᠨᠢ
ᠬᠡᠦᠬᠡᠨ ᠢ᠋ ᠦᠢᠯᠡ ᠪᠡᠷ ᠨᠢ
2561 ᠬᠦᠦ ᠲᠡᠢ ᠬᠥᠮᠦᠨ ᠦ᠌ ᠠᠮᠠ ᠨᠢ ᠨᠣᠢᠲᠠᠨ
ᠬᠦᠦ ᠦᠭᠡᠢ ᠬᠥᠮᠦᠨ ᠦ᠌ ᠨᠢᠳᠦ ᠨᠢ ᠨᠣᠢᠲᠠᠨ
2562 ᠬᠡᠦᠬᠡᠳ ᠢ᠋ ᠪᠠᠭ᠎ᠠ ᠳᠡᠭᠡᠷ᠎ᠡ ᠨᠢ
ᠬᠦᠷᠭᠡᠨ ᠢ᠋ ᠰᠢᠨ᠎ᠡ ᠳᠡᠭᠡᠷ᠎ᠡ ᠨᠢ
2563 ᠬᠡᠦᠬᠡᠳ ᠦ᠋ᠨ ᠰᠡᠳᠬᠢᠯ ᠴᠠᠭᠠᠨ
ᠬᠥᠭᠰᠢᠳ ᠦ᠋ᠨ ᠶᠣᠰᠣ ᠬᠠᠲᠠᠭᠤ
2564 ᠬᠡᠦᠬᠡᠨ ᠦ᠌ ᠮᠠᠭᠤ ᠡᠵᠢ ᠳ᠋ᠡᠭᠡᠨ
ᠡᠳ᠋ ᠦ᠋ᠨ ᠮᠠᠭᠤ ᠡᠵᠡᠨ ᠳ᠋ᠡᠭᠡᠨ
2565 ᠬᠡᠦᠬᠡᠨ ᠢ᠋ᠶ᠋ᠡᠨ ᠮᠠᠭᠲᠠᠭᠰᠠᠨ ᠡᠬᠡ
ᠬᠦᠷᠭᠡᠨ ᠲᠡᠢ ᠪᠡᠨ ᠲᠠᠭᠠᠷᠠᠬᠤ ᠦᠭᠡᠢ
2566 ᠬᠡᠦᠬᠡᠳ ᠢ᠋ᠶ᠋ᠡᠨ ᠬᠥᠬᠥᠭᠦᠯᠵᠦ ᠪᠠᠢᠬᠤ ᠳ᠋ᠠᠭᠠᠨ
ᠰᠤᠷᠭᠠᠬᠤ ᠦᠭᠡᠢ ᠪᠣᠯ
ᠬᠥᠷᠥᠪᠡᠵᠢᠭᠰᠡᠨ ᠬᠣᠢᠨ᠎ᠠ ᠨᠢ
ᠬᠥᠮᠦᠵᠢᠭᠦᠯᠵᠦ ᠴᠢᠳᠠᠬᠤ ᠦᠭᠡᠢ
2567 ᠬᠡᠦᠬᠡᠳ ᠠᠪᠤ ᠡᠵᠢ ᠪᠡᠷ ᠢ᠋ᠶ᠋ᠡᠨ ᠲᠦᠷᠢᠶᠡᠰᠦ ᠪᠠᠷᠢᠬᠤ
ᠨᠣᠬᠠᠢ ᠡᠵᠡᠨ ᠢ᠋ᠶ᠋ᠡᠷ ᠢ᠋ᠶ᠋ᠡᠨ ᠲᠦᠷᠢᠶᠡᠰᠦ ᠪᠠᠷᠢᠬᠤ
2568 ᠬᠡᠦᠬᠡᠳ ᠠᠭᠠᠰᠢ ᠪᠠᠷ ᠢ᠋ᠶ᠋ᠠᠨ
ᠬᠥᠭᠰᠢᠳ ᠨᠠᠰᠤ ᠪᠠᠷ ᠢ᠋ᠶ᠋ᠠᠨ
2569 ᠬᠡᠦᠬᠡᠳ ᠡᠬᠡ ᠪᠡᠨ ᠬᠠᠢᠷᠠᠯᠠᠬᠤ ᠰᠡᠳᠬᠢᠯ ᠢ᠋ᠶ᠋ᠡᠷ
ᠪᠤᠰᠤᠳ ᠢ᠋ ᠬᠠᠢᠷᠠᠯᠠᠬᠤ
ᠲᠦᠰᠢᠮᠡᠳ ᠲᠤᠰᠢᠶᠠᠯ ᠢ᠋ᠶ᠋ᠠᠨ ᠬᠠᠮᠠᠭᠠᠯᠠᠬᠤ ᠵᠣᠷᠢᠯᠭ᠎ᠠ ᠪᠠᠷ
ᠤᠯᠤᠰ ᠢ᠋ᠶ᠋ᠠᠨ ᠬᠠᠢᠷᠠᠯᠠᠬᠤ ᠭᠡᠵᠦ ᠶᠠᠷᠢᠬᠤ
2570 ᠬᠦᠴᠦ ᠴᠢᠳᠠᠯ ᠶᠡᠬᠡ ᠲᠡᠢ ᠭᠡᠵᠦ
ᠬᠥᠮᠦᠨ ᠢ᠋ ᠪᠢᠲᠡᠭᠡᠢ ᠪᠠᠰᠤ
ᠬᠥᠮᠦᠨ ᠡᠴᠡ ᠢᠯᠡᠭᠦᠦ ᠮᠡᠳᠡᠨ᠎ᠡ ᠭᠡᠵᠦ
ᠪᠡᠶ᠎ᠡ ᠪᠡᠨ ᠪᠢᠲᠡᠭᠡᠢ ᠮᠠᠭᠲᠠ
2571 ᠬᠦᠴᠦ ᠦᠭᠡᠢ ᠬᠥᠮᠦᠨ
ᠬᠥᠪᠴᠢ ᠦᠭᠡᠢ ᠨᠤᠮᠤ
2572 ᠬᠦᠴᠦᠯᠡᠭᠰᠡᠨ ᠡᠴᠡ ᠡᠪ ᠢ᠋ᠶ᠋ᠡᠷ
ᠭᠡᠷᠡᠯᠲᠦᠭᠰᠡᠨ ᠡᠴᠡ ᠡᠶ᠎ᠡ ᠪᠡᠷ
2573 ᠬᠦᠴᠦᠲᠡᠨ ᠦ᠌ ᠡᠮᠦᠨ᠎ᠡ ᠬᠠᠪᠠ ᠰᠢᠭ᠋ ᠭᠥᠯᠢᠯᠵᠡᠵᠦ
ᠬᠦᠴᠦ ᠮᠠᠭᠤᠲᠤ ᠶ᠋ᠢᠨ ᠡᠮᠦᠨ᠎ᠡ ᠠᠷᠰᠯᠠᠨ ᠰᠢᠭ᠋ ᠠᠷᠬᠢᠷᠠᠬᠤ
2574 ᠬᠦᠴᠦᠨ ᠦ᠌ ᠶᠡᠬᠡ ᠪᠡᠶ᠎ᠡ ᠪᠡᠷ ᠪᠣᠯᠬᠤ ᠦᠭᠡᠢ
ᠬᠥᠮᠦᠨ ᠦ᠌ ᠰᠠᠢᠨ ᠵᠢᠰᠦ ᠪᠡᠷ ᠪᠣᠯᠬᠤ ᠦᠭᠡᠢ
2576 ᠬᠦᠴᠦ ᠪᠡᠷ ᠮᠢᠩᠭᠠᠨ ᠵᠢᠩ ᠢ᠋ ᠡᠷᠭᠦᠬᠦ ᠳ᠋ᠦ᠍
ᠠᠷᠭ᠎ᠠ ᠪᠠᠷ ᠲᠦᠮᠡᠨ ᠵᠢᠩ ᠢ᠋ ᠡᠷᠭᠦᠳᠡᠭ
2577 ᠬᠡᠪ ᠨᠢ ᠵᠢᠭᠳᠡ ᠪᠣᠯ ᠪᠢᠴᠢᠭ ᠰᠠᠢᠬᠠᠨ
ᠬᠡᠯᠡ ᠨᠢ ᠴᠡᠭᠴᠡ ᠪᠣᠯ ᠶᠠᠷᠢᠶ᠎ᠠ ᠰᠠᠢᠬᠠᠨ
2578 ᠬᠡᠪᠡᠯᠢ ᠶ᠋ᠢᠨ ᠬᠡᠦᠬᠡᠳ ᠲᠦ᠍ ᠨᠡᠷ᠎ᠡ ᠦᠭᠡᠢ
ᠬᠡᠰᠦᠭᠦᠯ ᠡᠮ᠎ᠡ ᠳ᠋ᠦ᠍ ᠦᠷ᠎ᠡ ᠦᠭᠡᠢ
2579 ᠬᠡᠪᠲᠡᠭᠡᠳ ᠬᠡᠷᠡᠮᠦ ᠠᠩᠨᠠᠳᠠᠭ ᠦᠭᠡᠢ
ᠬᠡᠰᠦᠭᠡᠳ ᠨᠡᠷ᠎ᠡ ᠰᠠᠢᠵᠢᠷᠠᠳᠠᠭ ᠦᠭᠡᠢ
2580 ᠬᠡᠳᠡᠭᠡᠨ᠎ᠡ ᠡᠴᠡ ᠵᠢᠭᠤᠲᠠᠭᠰᠠᠨ ᠦᠬᠡᠷ ᠬᠡᠴᠡᠭᠦᠦ
ᠬᠡᠷᠡᠭᠦᠯ ᠳ᠋ᠦ᠍ ᠳᠤᠷᠠᠲᠠᠢ ᠡᠮ᠎ᠡ ᠬᠡᠴᠡᠭᠦᠦ
2581 ᠬᠡᠳᠡᠷ ᠬᠥᠮᠦᠨ ᠬᠡᠷᠡᠭᠦᠯᠴᠢ
ᠬᠡᠯᠡᠭᠡᠢ ᠬᠥᠮᠦᠨ ᠴᠠᠯᠴᠢᠶ᠎ᠠ
2582 ᠬᠡᠵᠢᠶ᠎ᠡ ᠠᠪᠤᠭᠰᠠᠨ ᠢ᠋ᠶ᠋ᠠᠨ ᠮᠡᠳᠡᠳᠡᠭ
ᠬᠡᠵᠢᠶ᠎ᠡ ᠲᠥᠯᠥᠬᠦ ᠪᠡᠨ ᠮᠡᠳᠡᠳᠡᠭ ᠦᠭᠡᠢ
2583 ᠬᠡᠯᠡ ᠨᠢ ᠤᠷᠠᠨ
ᠬᠡᠯᠡᠭᠰᠡᠨ ᠨᠢ ᠬᠣᠷᠤᠨ
2584 ᠬᠡᠯᠡ ᠲᠠᠤᠯᠠᠢ ᠠ᠋ᠴᠠ ᠬᠤᠷᠳᠤᠨ
ᠲᠠᠩᠭᠠᠷᠢᠭ ᠬᠢᠲᠤᠭᠠᠨ ᠠ᠋ᠴᠠ ᠬᠤᠷᠴᠠ
2585 ᠬᠡᠯᠡ ᠬᠡᠳᠦᠢ ᠬᠤᠷᠴᠠ ᠪᠣᠯᠪᠠᠴᠤ
ᠵᠠᠪᠠᠵᠢ ᠪᠠᠨ ᠴᠣᠭᠣᠯᠵᠤ ᠴᠢᠳᠠᠬᠤ ᠦᠭᠡᠢ
ᠨᠢᠳᠦ ᠬᠡᠳᠦᠢ ᠭᠡᠭᠡᠨ ᠪᠣᠯᠪᠠᠴᠤ
ᠳᠤᠬᠤ ᠪᠠᠨ ᠣᠯᠵᠤ ᠦᠵᠡᠬᠦ ᠦᠭᠡᠢ
2586 ᠬᠡᠯᠡᠪᠡᠯ ᠪᠦᠦ ᠪᠤᠴᠠ
ᠰᠠᠨᠠᠪᠠᠯ ᠪᠦᠦ ᠮᠠᠷᠲᠠ
2587 ᠬᠡᠯᠡᠪᠡᠯ ᠦᠭᠡᠨ ᠳ᠋ᠡᠭᠡᠨ ᠬᠥᠷ
ᠬᠢᠪᠡᠯ ᠵᠣᠷᠢᠭᠰᠠᠨ ᠳ᠋ᠠᠭᠠᠨ ᠬᠥᠷ
2588 ᠬᠡᠯᠡᠨ ᠳ᠋ᠦ᠍ ᠣᠷᠣᠵᠤ ᠦᠭᠡ ᠬᠡᠯᠡᠳᠡᠭ
ᠬᠥᠯ ᠳ᠋ᠦ᠍ ᠣᠷᠣᠵᠤ ᠭᠠᠵᠠᠷ ᠭᠢᠰᠬᠢᠳᠡᠭ
2589 ᠬᠡᠯᠡᠳᠡᠭ ᠨᠢ ᠬᠡᠳᠦᠭᠦᠯᠡ
ᠬᠢᠳᠡᠭ ᠨᠢ ᠭᠠᠭᠴᠠᠭᠠᠷ ᠢ᠋ᠶ᠋ᠠᠨ
2590 ᠬᠡᠯᠡᠵᠦ ᠪᠣᠯᠣᠰᠢ ᠦᠭᠡᠢ
ᠬᠡᠳᠦ ᠶ᠋ᠢᠨ ᠶᠠᠪᠤᠳᠠᠯ
ᠬᠡᠮᠨᠡᠵᠦ ᠪᠣᠯᠣᠰᠢ ᠦᠭᠡᠢ
ᠣᠷᠴᠢᠯᠠᠩ ᠤ᠋ᠨ ᠶᠠᠪᠤᠳᠠᠯ
2591 ᠬᠡᠯᠡᠵᠦ ᠮᠡᠷᠭᠡᠯᠡᠬᠦ ᠪᠡᠷ
ᠬᠢᠵᠦ ᠮᠡᠷᠭᠡᠯᠡ
2592 ᠬᠡᠯᠡᠵᠦ ᠦᠭᠪᠡᠴᠦ ᠴᠢᠬᠢ ᠨᠢ ᠴᠤᠭᠤᠷᠬᠠᠢ
ᠬᠢᠵᠦ ᠥᠭᠪᠡᠴᠦ ᠰᠠᠪᠠ ᠨᠢ ᠴᠣᠭᠣᠷᠬᠠᠢ
2593 ᠬᠡᠯᠡᠵᠦ ᠬᠡᠯᠡ ᠨᠡᠢᠯᠡᠬᠦ ᠦᠭᠡᠢ
ᠬᠡᠪᠲᠡᠵᠦ ᠰᠡᠭᠦᠵᠢ ᠨᠡᠢᠯᠡᠬᠦ ᠦᠭᠡᠢ
2594 ᠬᠡᠯᠡᠵᠦ ᠴᠢᠳᠠᠬᠤ ᠦᠭᠡᠢ ᠬᠥᠮᠦᠨ ᠬᠡᠷᠡᠭ ᠭᠤᠲᠤᠭᠠᠬᠤ
ᠬᠡᠷᠴᠢᠵᠦ ᠴᠢᠳᠠᠬᠤ ᠦᠭᠡᠢ ᠬᠥᠮᠦᠨ ᠬᠣᠭᠣᠯᠠ ᠭᠤᠲᠤᠭᠠᠬᠤ
2595 ᠬᠡᠯᠡᠨ ᠦ᠌ ᠭᠡᠮ ᠲᠣᠯᠣᠭᠠᠢ ᠳ᠋ᠤ᠌
ᠬᠢᠭᠰᠡᠨ ᠦ᠌ ᠭᠡᠮ ᠪᠡᠶ᠎ᠡ ᠳ᠋ᠦ᠍
2596 ᠬᠡᠯᠡᠨ᠎ᠡ ᠭᠡᠪᠡᠯ ᠬᠡᠯᠡ ᠪᠡᠨ ᠪᠢᠯᠡᠭᠦᠳᠡᠵᠦ
ᠬᠢᠨ᠎ᠡ ᠬᠢᠪᠡᠯ ᠲᠣᠯᠣᠭᠠᠢ ᠪᠠᠨ ᠰᠡᠭᠰᠦᠷᠬᠦ
2597 ᠬᠡᠯᠡᠭᠰᠡᠨ ᠢ᠋ ᠨᠢ ᠢᠲᠡᠭᠡᠬᠦ ᠪᠡᠷ
ᠬᠢᠭᠰᠡᠨ ᠢ᠋ ᠨᠢ ᠢᠳᠡᠭᠡ
2598 ᠬᠡᠯᠡᠭᠰᠡᠨ ᠢ᠋ᠶ᠋ᠡᠨ ᠠᠵᠢᠯ ᠪᠣᠯᠭᠠᠪᠠᠯ
ᠬᠢᠭᠰᠡᠨ ᠪᠦᠬᠦᠨ ᠨᠢ ᠠᠯᠳᠠᠷᠰᠢᠬᠤ
2599 ᠬᠡᠯᠡᠭᠰᠡᠨ ᠢ᠋ᠶ᠋ᠡᠨ ᠴᠡᠩᠨᠠ
ᠬᠢᠭᠰᠡᠨ ᠢ᠋ᠶ᠋ᠡᠨ ᠳ᠋ᠦᠩᠨᠡ
2600 ᠬᠡᠯᠡᠭᠰᠡᠨ ᠦᠭᠡ ᠮᠥᠩᠭᠥ
ᠬᠡᠯᠡᠭᠡ ᠦᠭᠡᠢ ᠦᠭᠡᠢ ᠠᠯᠲᠠ
2601 ᠬᠡᠯᠡᠭᠰᠡᠨ ᠦᠭᠡᠨ ᠳ᠋ᠡᠭᠡᠨ ᠬᠦᠷᠳᠡᠭ ᠦᠭᠡᠢ
ᠬᠢᠭᠰᠡᠨ ᠠᠵᠢᠯ ᠢ᠋ᠶ᠋ᠠᠨ ᠳᠠᠭᠤᠰᠬᠠᠳᠠᠭ ᠦᠭᠡᠢ
2602 ᠬᠡᠯᠡᠭᠰᠡᠨ ᠦᠭᠡᠨ ᠳ᠋ᠡᠭᠡᠨ ᠡᠵᠡᠨ ᠪᠣᠯᠵᠤ
ᠢᠳᠡᠭᠰᠡᠨ ᠬᠣᠭᠣᠯᠠᠨ ᠳ᠋ᠠᠭᠠᠨ ᠰᠠᠪᠠ ᠪᠣᠯᠬᠤ
2603 ᠬᠡᠯᠡᠭᠰᠡᠨ ᠦᠭᠡ ᠪᠡᠷ ᠨᠢ ᠰᠡᠴᠡᠨ ᠢ᠋ ᠨᠢ ᠮᠡᠳᠡᠬᠦ
ᠬᠢᠭᠰᠡᠨ ᠰᠦᠬᠡ ᠪᠡᠷ ᠨᠢ ᠳᠠᠷᠬᠠᠨ ᠢ᠋ ᠨᠢ ᠮᠡᠳᠡᠬᠦ
2604 ᠬᠡᠯᠡᠭᠦᠯᠵᠦ ᠶᠠᠪᠤᠬᠤ ᠨᠡᠷ᠎ᠡ
ᠬᠡᠪᠲᠡᠵᠦ ᠬᠣᠴᠣᠷᠬᠤ ᠶᠠᠰᠤ
ᠦᠰᠦᠭ ᠠᠮᠢᠯᠠᠭᠤᠯᠤᠭᠴᠢ᠄ ᠪᠠᠳᠮᠠᠰᠡᠴᠡᠨ᠂ ᠪᠠᠯ᠂ ᠣᠶᠤᠨᠪᠠᠲᠤ᠂ ᠴᠡᠩᠬᠡᠯᠴᠡᠴᠡᠭ
ᠬᠢᠨᠠᠭᠴᠢ᠄ ᠳᠣᠷᠵᠢ᠂ ᠪᠣᠯᠣᠳ᠂ ᠣᠳᠬᠣᠨᠴᠡᠴᠡᠭ᠂ ᠬᠦᠮᠦᠵᠢᠯᠲᠦ᠂ ᠪᠠᠯ᠂ ᠠᠯᠲᠠᠨᠱᠠ
