ᠲᠣᠯᠢᠨ ᠬᠤᠯᠠ Толин хул ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠣᠯᠢᠨ ᠬᠤᠯᠠ Толин хул

ᠲᠣᠯᠢᠨ ᠬᠤᠯᠠ Толин хул

ᠠᠩᠭᠢᠯᠠᠯ:ᠳᠠᠭᠤᠤ ᠬᠥᠭᠵᠢᠮ
2024-09-14

3478

ᠲᠣᠯᠢᠨ ᠬᠤᠯᠠ

   ᠦᠭᠡ ᠄ ᠭ ·ᠪᠠᠲᠤᠬᠦᠦ    
   ᠠᠶ᠎ᠠ ᠄ ᠴ · ᠴᠢᠯᠠᠭᠤᠨᠪᠠᠲᠤ       

ᠭᠠᠵᠠᠷ ᠦᠨᠦᠷᠯᠡᠨ ᠣᠮᠣᠭᠰᠢᠬᠤ ᠳ᠋ᠤ᠌ ᠲᠤᠯᠤᠭᠠᠳ ᠬᠣᠲᠣᠢᠨ᠎ᠠ 
ᠬᠠᠵᠠᠭᠠᠷ ᠳᠠᠷᠤᠨ ᠲᠡᠮᠡᠦᠯᠬᠦ ᠳ᠋ᠦ᠍ ᠳᠡᠯᠡᠬᠡᠢ ᠠᠲᠤᠷᠢᠨ᠎ᠠ 
ᠵᠢᠷᠤᠬᠠᠢ ᠡᠷᠭᠢᠵᠦ ᠭᠠᠷᠬᠤ ᠳ᠋ᠤ᠌ ᠨᠠᠷᠠᠨ ᠰᠤᠭᠤᠷᠠᠨ᠎ᠠ 
ᠵᠤᠨ ᠢ ᠡᠯᠳᠡᠵᠦ ᠬᠤᠷᠳᠤᠯᠠᠬᠤ ᠳ᠋ᠤ᠌ ᠳᠡᠪᠡᠯ ᠰᠡᠮᠡᠷᠡᠨ᠎ᠡ 
ᠲᠣᠯᠢᠨ ᠬᠣᠯᠠ ᠶᠢᠨ ᠲᠣᠭᠣᠰᠣᠨ ᠳ᠋ᠤ᠌ ᠬᠡᠢᠮᠣᠷᠢ ᠵᠦᠭ ᠦᠭᠡᠢ ᠨᠠᠭᠠᠳᠤᠮ 
ᠲᠣᠷᠭᠠᠨ ᠵᠤᠯᠠ ᠪᠠᠨ ᠡᠷᠭᠦᠬᠦ ᠳ᠋ᠦ᠍ ᠨᠢᠯᠪᠤᠰᠤ ᠲᠣᠭᠲᠠᠬᠤ ᠦᠭᠡᠢ ᠨᠠᠭᠠᠳᠤᠮ 
ᠲᠣᠯᠢᠨ ᠬᠣᠯᠠ ᠶᠢᠨ ᠲᠦᠪᠡᠷᠭᠡᠨ ᠳ᠋ᠦ᠍ ᠲᠤᠭ ᠢ᠋ᠶ᠋ᠠᠨ ᠡᠷᠭᠦᠭᠰᠡᠨ ᠮᠣᠩᠭᠣᠯ ᠠ᠋᠁
ᠠᠮᠠᠭᠠᠢ ᠬᠠᠵᠠᠵᠤ ᠦᠦᠷᠰᠡᠬᠦ ᠳ᠋ᠦ᠍ ᠤᠶᠠᠭ᠎ᠠ ᠰᠡᠷᠭᠦᠨ᠎ᠡ
ᠠᠷᠠᠢ ᠶᠠᠳᠠᠮ᠎ᠠ ᠲᠣᠭᠲᠠᠭᠠᠬᠤ ᠳ᠋ᠤ᠌ ᠴᠤᠯᠪᠤᠭᠤᠷ ᠡᠷᠴᠢᠯᠡᠨ᠎ᠡ
ᠠᠢᠮᠠᠭ ᠤ᠋ᠨ ᠭᠠᠯ ᠢ ᠲᠣᠭᠣᠷᠢᠬᠤ ᠳ᠋ᠤ᠌ ᠬᠠᠷᠠᠭ᠎ᠠ ᠪᠤᠯᠢᠶᠠᠨ᠎ᠠ
ᠠᠶ᠎ᠠ ᠳᠠᠭᠤᠤ ᠤᠷᠲᠤ ᠳ᠋ᠤ᠌ ᠰᠣᠢᠬᠤ ᠳ᠋ᠤ᠌ ᠰᠠᠯᠬᠢ ᠠᠮᠠᠷᠠᠨ᠎ᠠ
ᠲᠣᠭᠣᠷᠤᠤ ᠬᠠᠯᠲᠠᠷ ᠤ᠋ᠨ ᠮᠠᠭᠲᠠᠭᠠᠯ ᠳ᠋ᠤ᠌ ᠠᠢᠷᠠᠭ ᠳᠤᠨᠳᠠᠷᠠᠬᠤ ᠨᠠᠭᠠᠳᠤᠮ
ᠲᠣᠪᠣᠷᠤᠤ ᠮᠥᠩᠭᠥᠨ ᠡᠮᠡᠭᠡᠯ ᠳ᠋ᠦ᠍ ᠪᠡᠨ ᠡᠵᠡᠨ ᠨᠢ ᠭᠣᠶᠣᠳᠠᠭᠰᠠᠨ ᠨᠠᠭᠠᠳᠤᠮ
ᠲᠣᠭᠣᠷᠤᠤ ᠬᠠᠯᠲᠠᠷ ᠤ᠋ᠨ ᠰᠠᠯᠬᠢᠨ ᠳ᠋ᠤ᠌ ᠲᠤᠭ ᠨᠢ ᠨᠠᠮᠢᠷᠠᠭᠰᠠᠨ ᠮᠣᠩᠭᠣᠯ ᠠ᠋᠁
ᠠᠷᠪᠠᠢ ᠶᠢᠨ ᠳᠣᠮᠣᠭ ᠰᠡᠳᠡᠷᠡᠬᠦ ᠳ᠋ᠦ᠍ ᠡᠪᠦᠭᠡᠳ ᠬᠠᠭᠤᠴᠢᠯᠠᠨ᠎ᠠ
ᠠᠵᠠ ᠲᠠᠢ ᠬᠢᠩᠭᠤᠤ ᠴᠠᠩᠭᠢᠨᠠᠬᠤ ᠳ᠋ᠤ᠌ ᠠᠰᠠᠷ ᠡᠵᠡᠭᠦᠢᠳᠡᠨ᠎ᠡ
ᠦᠷᠢᠶ᠎ᠡ ᠮᠣᠷᠢᠳ ᠤ᠋ᠨ ᠳᠠᠪᠬᠢᠭᠠᠨ ᠳ᠋ᠤ᠌ ᠳᠠᠭᠠᠭᠤᠯᠢ ᠣᠯᠠᠰᠢᠷᠠᠨ᠎ᠠ
ᠲᠦᠷᠦᠭᠦᠦ ᠮᠠᠩᠯᠠᠢ ᠳ᠋ᠤ᠌ ᠢᠷᠡᠬᠦ ᠳ᠋ᠦ᠍ ᠨᠢ ᠬᠠᠳᠠᠭ ᠬᠣᠪᠣᠷᠳᠠᠨ᠎ᠠ
ᠠᠪᠤᠷᠭᠤ ᠬᠡᠭᠡᠷ ᠦ᠋ᠨ ᠬᠥᠯᠥᠰᠥᠨ ᠳ᠋ᠦ᠍ ᠳᠡᠨᠵᠢ ᠮᠢᠯᠢᠶᠠᠭᠰᠠᠨ ᠨᠠᠭᠠᠳᠤᠮ
ᠠᠷᠤ ᠬᠠᠯᠬ᠎ᠠ ᠶᠢᠨ ᠡᠩᠭᠡᠷ ᠲᠦ᠍ ᠪᠡᠨ ᠲᠣᠷᠭ᠎ᠠ ᠪᠠᠷ ᠣᠷᠣᠯᠳᠣᠭᠰᠠᠨ ᠨᠠᠭᠠᠳᠤᠮ
ᠠᠪᠤᠷᠭᠤ ᠬᠡᠭᠡᠷ ᠦ᠋ᠨ ᠲᠦᠪᠡᠷᠭᠡᠨ ᠳ᠋ᠦ᠍ ᠠᠶᠠᠯᠭᠤ ᠡᠷᠭᠦᠭᠰᠡᠨ ᠮᠣᠩᠭᠣᠯ ᠠ᠋᠁

   ᠦᠰᠦᠭ ᠬᠢᠨᠠᠭᠴᠢ᠄ ᠮᠥᠩᠭᠥᠨᠴᠡᠴᠭ᠂ ᠭᠠᠷᠮ᠎ᠠ
   ᠦᠰᠦᠭ ᠠᠮᠢᠯᠠᠭᠤᠯᠤᠭᠰᠠᠨ ᠨᠢ᠄ ᠠᠩᠴᠢᠨ
   ᠦᠰᠦᠭ ᠬᠠᠲᠠᠭᠴᠢ᠄ ᠠᠩᠴᠢᠨ