ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ < ᠬ ᠶᠢᠨ ᠠᠢᠮᠠᠭ –4>Монгол зүйр цэцэн үгийн гураван мянган дээж – Д᠂Заяабаатар эмхэтгэв <Хийн аймаг 4>
ᠬ (Х) ᠶ᠋ᠢᠨ ᠠᠢᠮᠠᠭ - 4
- ᠬ (Х) ᠶ᠋ᠢᠨ ᠠᠢᠮᠠᠭ
2405 ᠬᠤᠳᠳᠤᠭ ᠤ᠋ᠨ ᠤᠰᠤᠨ ᠳ᠋ᠤ᠌ ᠵᠢᠭᠠᠰᠤ ᠦᠭᠡᠢ
ᠬᠠᠭᠤᠷᠠᠢ ᠮᠣᠳᠣᠨ ᠳ᠋ᠤ᠌ ᠨᠠᠪᠴᠢ ᠦᠭᠡᠢ
2406 ᠬᠤᠳᠠᠯ ᠢ᠋ ᠦᠨᠡᠨ ᠭᠦᠢᠴᠡᠬᠦ
ᠬᠤᠷᠳᠤᠨ ᠢ᠋ ᠰᠤᠮᠤ ᠭᠦᠢᠴᠡᠬᠦ
2407 ᠬᠤᠵᠢᠷ ᠲᠠᠢ ᠤᠰᠤ ᠪᠠᠷ ᠨᠢᠭᠤᠷ ᠢ᠋ᠶ᠋ᠠᠨ ᠪᠦᠦ ᠤᠬᠢᠶᠠ
ᠬᠤᠯᠠᠭᠠᠢᠴᠢ ᠬᠥᠮᠦᠨ ᠲᠡᠢ ᠣᠢᠷᠠᠳᠴᠤ ᠪᠤᠤ ᠨᠥᠬᠥᠷᠯᠡ
2408 ᠬᠤᠯᠠᠭᠠᠢ ᠪᠦᠷᠦᠢ ᠳ᠋ᠦ᠍
ᠴᠢᠨᠣ᠎ᠠ ᠪᠣᠷᠣᠭᠠᠨ ᠳ᠋ᠤ᠌
2409 ᠬᠤᠯᠠᠭᠠᠢ ᠬᠢᠪᠡᠯ ᠪᠠᠷᠢᠭᠳᠠᠨ᠎ᠠ
ᠬᠤᠳᠠᠯ ᠬᠡᠯᠡᠪᠡᠯ ᠵᠢᠭᠰᠢᠭᠳᠡᠨᠡ
2410 ᠬᠤᠯᠠᠭᠠᠢ ᠬᠢᠭᠡᠳ
ᠬᠢᠮᠤᠰᠤ ᠪᠠᠨ ᠨᠢᠭᠤᠬᠤ
2411 ᠬᠤᠯᠠᠭᠠᠢ ᠬᠢᠵᠦ ᠰᠤᠷᠬᠤ ᠪᠠᠷ
ᠬᠤᠭᠤᠷ ᠲᠣᠭᠯᠠᠵᠤ ᠰᠤᠷ
2412 ᠬᠤᠯᠠᠭᠠᠢ ᠬᠢᠵᠦ ᠬᠤᠯᠮᠠᠯᠵᠠᠵᠤ ᠰᠠᠭᠤᠬᠤ ᠪᠠᠷ
ᠬᠤᠴᠠ ᠪᠠᠨ ᠠᠯᠳᠠᠭᠠᠳ ᠮᠡᠯᠮᠡᠯᠵᠡᠵᠦ ᠰᠠᠭᠤᠭᠰᠠᠨ ᠨᠢ ᠳᠡᠭᠡᠷ᠎ᠡ
2413 ᠬᠤᠯᠠᠭᠠᠢ ᠶ᠋ᠢ ᠴᠡᠭᠡᠷᠯᠡᠭᠦᠯᠵᠦ
ᠬᠤᠳᠠᠯ ᠢ᠋ ᠮᠣᠬᠣᠭᠠᠬᠤ
2414 ᠬᠤᠯᠠᠭᠠᠢᠯᠠᠵᠤ ᠢᠳᠡᠭᠰᠡᠨ ᠬᠣᠭᠣᠯᠠ ᠪᠣᠯᠬᠤ ᠦᠭᠡᠢ
ᠬᠤᠳᠠᠯ ᠬᠡᠯᠡᠭᠰᠡᠨ ᠦᠭᠡ ᠪᠣᠯᠬᠤ ᠦᠭᠡᠢ
2415 ᠬᠤᠯᠠᠭᠠᠢ ᠶ᠋ᠢᠨ ᠦᠨᠳᠦᠰᠦ ᠶ᠋ᠢ ᠡᠰᠡ ᠲᠠᠰᠤᠯᠪᠠᠯ
ᠬᠣᠵᠢᠮ ᠤ᠋ᠨ ᠬᠣᠣᠷ ᠨᠢ ᠶᠡᠬᠡ
2416 ᠬᠤᠯᠠᠭᠠᠢᠴᠢ ᠬᠡᠩᠭᠡᠷᠭᠡ
ᠳᠡᠯᠡᠳᠴᠦ ᠴᠢᠳᠠᠬᠤ ᠦᠭᠡᠢ
2417 ᠬᠤᠯᠠᠭᠠᠢᠴᠢ ᠬᠥᠮᠦᠨ ᠠᠷᠭ᠎ᠠ ᠲᠠᠢ
ᠬᠤᠳᠠᠯᠴᠢ ᠬᠥᠮᠦᠨ ᠮᠡᠬᠡ ᠲᠡᠢ
2418 ᠬᠤᠯᠠᠭᠠᠢᠴᠢ ᠬᠥᠮᠦᠨ ᠰᠡᠢᠮᠡᠬᠡᠢ ᠶ᠋ᠢ ᠨᠢ ᠬᠠᠷᠠᠳᠠᠭ
ᠬᠤᠷᠴᠠ ᠬᠥᠮᠦᠨ ᠬᠠᠤᠯᠢ ᠬᠠᠷᠠᠳᠠᠭ
2419 ᠬᠤᠯᠠᠭᠠᠢᠴᠢ ᠬᠥᠮᠦᠨ ᠴᠢᠨᠣ᠎ᠠ ᠠ᠋ᠴᠠ ᠳᠣᠣᠷ᠎ᠠ
ᠬᠤᠳᠠᠯᠴᠢ ᠬᠥᠮᠦᠨ ᠦᠨᠡᠭᠡ ᠡᠴᠡ ᠳᠣᠣᠷ᠎ᠠ
2420 ᠬᠤᠯᠠᠭᠠᠢᠴᠢ ᠬᠥᠮᠦᠨ ᠦ᠌ ᠬᠢᠲᠤᠭ᠎ᠠ ᠨᠢ ᠬᠤᠷᠴᠠ
ᠬᠤᠳᠠᠯᠴᠢ ᠬᠥᠮᠦᠨ ᠦ᠌ ᠬᠡᠯᠡ ᠨᠢ ᠬᠤᠷᠴᠠ
2421 ᠬᠤᠯᠠᠭᠠᠢᠴᠢ ᠬᠥᠮᠦᠨ ᠢ᠋ ᠮᠥᠷ ᠢ᠋ᠶ᠋ᠡᠷ ᠨᠢ
ᠨᠣᠢᠷᠲᠤ ᠬᠥᠮᠦᠨ ᠢ᠋ ᠤᠨᠲᠠᠭ᠎ᠠ ᠪᠠᠷ ᠨᠢ
2422 ᠬᠤᠯᠠᠭᠠᠢᠴᠢ ᠶ᠋ᠢᠨ ᠮᠠᠭᠤ ᠬᠠᠶᠠᠭ᠎ᠠ ᠪᠠᠨ ᠣᠬᠣᠳᠠᠭ
ᠬᠤᠳᠠᠯᠴᠢ ᠶ᠋ᠢᠨ ᠮᠠᠭᠤ ᠭᠡᠷ ᠢ᠋ᠶ᠋ᠡᠨ ᠮᠡᠬᠡᠯᠡᠳᠡᠭ
2423 ᠬᠤᠯᠤᠭᠠᠨ᠎ᠠ ᠶ᠋ᠢ ᠮᠠᠭᠲᠠᠭᠠᠳ ᠯᠤᠤ ᠪᠣᠯᠭᠠᠬᠤ
ᠵᠠᠭᠠᠨ ᠢ᠋ ᠮᠠᠭᠤᠯᠠᠵᠤ ᠬᠤᠯᠤᠭᠠᠨ᠎ᠠ ᠪᠣᠯᠭᠠᠬᠤ
2424 ᠬᠤᠯᠤᠭᠠᠨ᠎ᠠ ᠶ᠋ᠢ ᠮᠢᠷᠢᠶᠠᠭᠰᠠᠨ ᠮᠤᠤᠷ ᠰᠡᠮᠡᠬᠡᠷ
ᠬᠣᠶᠠᠷ ᠬᠥᠮᠦᠨ ᠢ᠋ ᠬᠤᠳᠬᠤᠭᠰᠠᠨ ᠬᠣᠪᠴᠢ ᠰᠡᠮᠡᠬᠡᠷ
2425 ᠬᠤᠯᠤᠰᠤᠨ ᠳ᠋ᠤ᠌ ᠭᠣᠣᠯ ᠦᠭᠡᠢ
ᠬᠤᠳᠠᠯ ᠳ᠋ᠤ᠌ ᠢᠲᠡᠭᠡᠮᠵᠢ ᠦᠭᠡᠢ
2426 ᠬᠢᠮᠤᠰᠤ ᠪᠠᠨ ᠠᠪᠤᠪᠠᠯ ᠬᠣᠭ ᠦᠭᠡᠢ
ᠬᠤᠪᠴᠠᠰᠤ ᠪᠠᠨ ᠤᠬᠢᠶᠠᠪᠠᠯ ᠬᠬᠢᠷ ᠦᠭᠡᠢ
2427 ᠬᠤᠷᠳᠤᠨ ᠭᠡᠵᠦ ᠪᠦᠦ ᠳᠠᠪᠬᠢ
ᠬᠤᠷᠢᠮ ᠭᠡᠵᠦ ᠪᠦᠦ ᠴᠠᠯᠠᠭᠠᠷᠳᠠ
2428 ᠬᠤᠷᠳᠤᠨ ᠮᠣᠷᠢ ᠴᠡᠭᠡᠵᠢ ᠥᠨᠳᠥᠷ
ᠬᠤᠷᠴᠠ ᠬᠥᠮᠦᠨ ᠴᠡᠭᠡᠵᠢ ᠰᠠᠷᠠᠭᠤᠯ
2429 ᠬᠤᠷ᠎ᠠ ᠲᠠᠢ ᠭᠠᠵᠠᠷ ᠥᠩᠭᠡ ᠲᠡᠢ
ᠬᠠᠤᠯᠢ ᠲᠠᠢ ᠭᠠᠵᠠᠷ ᠳᠢᠭᠯᠢᠮ ᠲᠡᠢ
2430 ᠬᠤᠷᠤᠭᠤ ᠬᠥᠳᠡᠯᠪᠡᠯ
ᠬᠣᠰᠢᠭᠤ ᠬᠥᠳᠡᠯᠦᠨ᠎ᠡ
2431 ᠬᠤᠷᠴᠠ ᠬᠢᠲᠤᠭ᠎ᠠ ᠭᠠᠷ ᠲᠤ ᠠᠶᠤᠯ ᠲᠠᠢ
ᠬᠤᠳᠠᠯ ᠦᠭᠡ ᠥᠪᠡᠷ ᠲᠦ᠍ ᠠᠶᠤᠯ ᠲᠠᠢ
2432 ᠬᠤᠷ᠎ᠠ ᠶ᠋ᠢᠨ ᠳᠠᠷᠠᠭᠠᠬᠢ ᠨᠠᠷᠠ ᠢᠯᠴᠢ ᠲᠡᠢ
ᠬᠤᠳᠠᠯ ᠤ᠋ᠨ ᠳᠠᠷᠠᠭᠠᠬᠢ ᠢᠴᠢᠭᠦᠷᠢ ᠰᠢᠪᠰᠢᠭᠲᠡᠢ
2433 ᠬᠢᠲᠤᠭ᠎ᠠ ᠦᠵᠦᠭᠦᠷ ᠲᠡᠭᠡᠨ ᠬᠤᠷᠴᠠ
ᠬᠠᠤᠯᠢ ᠬᠢᠵᠠᠭᠠᠷ ᠲᠠᠭᠠᠨ ᠬᠤᠷᠴᠠ
2434 ᠬᠢᠲᠤᠭ᠎ᠠ ᠬᠡᠳᠦᠢ ᠬᠤᠷᠴᠠ ᠪᠣᠯᠪᠠᠴᠤ
ᠡᠰᠢᠨ ᠳ᠋ᠡᠭᠡᠨ ᠲᠤᠰᠠ ᠦᠭᠡᠢ
ᠡᠮᠴᠢ ᠬᠡᠳᠦᠢ ᠮᠡᠷᠭᠡᠨ ᠪᠣᠯᠪᠠᠴᠤ
ᠪᠡᠶ᠎ᠡ ᠳ᠋ᠡᠭᠡᠨ ᠲᠤᠰᠠ ᠦᠭᠡᠢ
2435 ᠬᠠᠤᠯᠢ ᠨᠢ ᠭᠠᠤᠯᠢ ᠪᠣᠯᠵᠤ
ᠴᠠᠭᠠᠵᠠ ᠨᠢ ᠴᠠᠭᠠᠰᠤ ᠪᠣᠯᠬᠤ
2436 ᠬᠠᠤᠯᠢ ᠰᠢᠳᠤᠷᠭᠤ
ᠰᠤᠷᠭᠠᠯ ᠰᠡᠴᠡᠨ
2437 ᠬᠠᠤᠯᠢ ᠶ᠋ᠢ ᠭᠠᠤᠯᠢ ᠪᠠᠷ ᠬᠠᠭᠤᠷᠬᠤ
ᠴᠠᠭᠠᠵᠠ ᠶ᠋ᠢ ᠴᠠᠭᠠᠰᠤ ᠪᠠᠷ ᠬᠠᠭᠤᠷᠬᠤ
2438 ᠬᠠᠭᠤᠷᠠᠢ ᠮᠣᠳᠣᠨ ᠤ᠋ ᠵᠢᠩ ᠬᠥᠩᠭᠡᠨ
ᠬᠠᠭᠤᠷᠮᠠᠴᠢ ᠬᠥᠮᠦᠨ ᠦ᠌ ᠵᠠᠩ ᠬᠥᠩᠭᠡᠨ
2439 ᠬᠠᠭᠤᠷᠠᠢ ᠮᠣᠳᠣᠨ ᠳ᠋ᠤ᠌ ᠨᠠᠪᠴᠢ ᠦᠭᠡᠢ
ᠬᠠᠭᠤᠷᠮᠠᠴᠢ ᠦᠭᠡᠨ ᠳ᠋ᠦ᠍ ᠦᠨ᠎ᠡ ᠦᠭᠡᠢ
2440 ᠬᠠᠭᠤᠷᠠᠢ ᠬᠠᠯᠪᠠᠭ᠎ᠠ ᠬᠡᠯᠡ ᠬᠣᠯᠭᠣᠬᠤ
ᠬᠣᠭᠣᠰᠣᠨ ᠦᠭᠡ ᠬᠣᠭᠣᠯᠠᠢ ᠣᠷᠢᠶᠠᠬᠤ
2441 ᠬᠠᠭᠤᠷᠠᠢ ᠬᠤᠤᠳᠤᠭ ᠲᠤ ᠤᠰᠤ ᠦᠭᠡᠢ
ᠬᠣᠪᠴᠢ ᠬᠥᠮᠦᠨ ᠳ᠋ᠦ᠍ ᠨᠥᠬᠥᠷ ᠦᠭᠡᠢ
2442 ᠬᠠᠭᠤᠷᠮᠠᠴᠢ ᠪᠣᠯ ᠦᠷᠭᠦᠯᠵᠢ ᠲᠦᠭᠰᠢᠬᠦ
ᠵᠢᠰᠤᠷᠴᠢ ᠪᠣᠯ ᠡᠭᠡᠨᠡᠭᠲᠡ ᠰᠡᠵᠢᠭᠯᠡᠭᠳᠡᠬᠦ
2443 ᠬᠠᠭᠤᠷᠮᠠᠴᠢ ᠮᠡᠬᠡ ᠭᠠᠷᠭᠠᠵᠤ
ᠬᠠᠨᠢ ᠪᠠᠨ ᠪᠢᠲᠡᠭᠡᠢ ᠵᠤᠪᠠᠭ᠎ᠠ
ᠬᠤᠳᠠᠯ ᠬᠣᠪ ᠰᠠᠴᠤᠵᠤ
ᠬᠣᠲᠠ ᠪᠠᠨ ᠪᠢᠲᠡᠭᠡᠢ ᠭᠣᠳᠣᠭᠠ
2444 ᠬᠠᠭᠤᠷᠮᠠᠴᠢ ᠨᠢᠳᠦ
ᠬᠣᠣᠷᠲᠤ ᠰᠤᠮᠤᠨ ᠠ᠋ᠴᠠ ᠠᠶᠤᠯ ᠲᠠᠢ
2445 ᠬᠠᠭᠤᠷᠮᠠᠴᠢ ᠰᠡᠳᠬᠢᠯ ᠦ᠋ᠨ ᠬᠤᠪᠢᠷᠠᠬᠤ ᠨᠢ ᠠᠮᠠᠷᠬᠠᠨ
ᠬᠠᠭᠤᠷᠠᠢ ᠮᠣᠳᠣᠨ ᠤ᠋ ᠬᠤᠭᠤᠷᠠᠬᠤ ᠨᠢ ᠠᠮᠠᠷᠬᠠᠨ
2446 ᠬᠠᠭᠤᠷᠮᠠᠴᠢ ᠬᠥᠮᠦᠨ
ᠬᠠᠤᠯᠢ ᠠ᠋ᠴᠠ ᠠᠶᠤᠳᠠᠭ
2447 ᠬᠠᠭᠤᠷᠮᠠᠴᠢ ᠶᠠᠪᠤᠳᠠᠯ ᠡᠵᠡᠨ ᠳ᠋ᠡᠭᠡᠨ
ᠬᠠᠷ᠎ᠠ ᠰᠠᠨᠠᠭ᠎ᠠ ᠪᠡᠶ᠎ᠡ ᠳ᠋ᠡᠭᠡᠨ
2448 ᠬᠠᠭᠤᠷᠬᠤ ᠬᠤᠳᠠᠯᠴᠢ ᠶ᠋ᠢᠨ ᠵᠢᠭᠡ
ᠬᠢᠮᠤᠰᠤᠯᠠᠬᠤ ᠬᠤᠯᠠᠭᠠᠢᠴᠢ ᠶ᠋ᠢᠨ ᠵᠢᠭᠡ
2449 ᠬᠠᠭᠤᠷᠮᠠᠭ ᠠᠮᠠᠷᠠᠭ ᠬᠠᠭᠠᠴᠠᠬᠤ ᠳ᠋ᠤ᠌ ᠬᠢᠯᠪᠠᠷ
ᠬᠠᠭᠤᠷᠠᠢ ᠮᠣᠳᠣ ᠬᠤᠭᠤᠷᠠᠬᠤ ᠳ᠋ᠤ᠌ ᠬᠢᠯᠪᠠᠷ
2450 ᠬᠠᠭᠤᠷᠤᠭᠰᠠᠭᠠᠷ ᠬᠠᠭᠤᠷᠤᠭᠰᠠᠭᠠᠷ ᠬᠤᠳᠠᠯᠴᠢ
ᠬᠢᠮᠤᠰᠤᠯᠠᠭᠰᠠᠭᠠᠷ ᠬᠢᠮᠤᠰᠤᠯᠠᠭᠰᠠᠭᠠᠷ ᠬᠤᠯᠠᠭᠠᠢᠴᠢ
2451 ᠬᠠᠭᠤᠷᠤᠭᠰᠠᠨ ᠪᠤᠳᠠᠭ᠎ᠠ ᠦᠷ᠎ᠡ ᠦᠭᠡᠢ
ᠬᠠᠭᠤᠷᠮᠠᠴᠢ ᠬᠥᠮᠦᠨ ᠨᠥᠬᠥᠷ ᠦᠭᠡᠢ
2452 ᠬᠠᠭᠤᠴᠢᠨ ᠦᠭᠡᠨ ᠳ᠋ᠦ᠍ ᠬᠤᠳᠠᠯ ᠦᠭᠡᠢ
ᠬᠤᠷᠮᠤᠰᠲᠠ ᠲᠩᠷᠢ ᠳ᠋ᠦ᠍ ᠣᠷᠣᠢ ᠦᠭᠡᠢ
2453 ᠬᠠᠭᠤᠴᠢᠨ ᠶᠠᠭᠤᠮ᠎ᠠ ᠤᠯᠠ ᠪᠣᠯᠵᠤ
ᠰᠢᠨ᠎ᠡ ᠶᠠᠭᠤᠮ᠎ᠠ ᠵᠤᠯᠠ ᠪᠣᠯᠬᠤ
2454 ᠬᠦᠵᠢᠨ ᠳ᠋ᠦ᠍ ᠳᠥᠯᠥ ᠦᠭᠡᠢ
ᠬᠦᠷᠭᠡᠨ ᠳ᠋ᠦ᠍ ᠨᠢᠯᠪᠤᠰᠤ ᠦᠭᠡᠢ
2455 ᠬᠦᠵᠦᠭᠦᠦ ᠰᠠᠢᠲᠠᠢ ᠨᠢ ᠵᠢᠳᠬᠦᠵᠦ ᠵᠣᠪᠠᠨ᠎ᠠ
ᠬᠥᠯ ᠰᠠᠢᠲᠠᠢ ᠨᠢ ᠭᠦᠶᠦᠵᠦ ᠵᠣᠪᠠᠨ᠎ᠠ
2456 ᠬᠦᠢᠲᠡᠨ ᠦ᠌ ᠠᠮᠠ ᠴᠠᠭᠠᠰᠢ ᠪᠠᠨ ᠬᠠᠷᠠᠵᠤ
ᠬᠥᠬᠦᠦᠷ ᠦ᠋ᠨ ᠠᠮᠠ ᠨᠠᠭᠠᠰᠢ ᠪᠠᠨ ᠬᠠᠷᠠᠬᠤ
2457 ᠬᠦᠢᠲᠡᠷᠡᠬᠦ ᠲᠩᠷᠢ ᠶ᠋ᠢᠨ ᠬᠥᠪᠡᠭᠡ ᠨᠢ ᠬᠥᠬᠡ
ᠬᠡᠷᠡᠭᠦᠯᠴᠢ ᠬᠥᠮᠦᠨ ᠦ᠌ ᠤᠷᠤᠭᠤᠯ ᠨᠢ ᠬᠥᠬᠡ
2458 ᠬᠦᠢᠲᠡᠨ ᠬᠡᠳᠦᠢ ᠴᠢᠩᠭᠠᠷᠠᠪᠠᠯ
ᠮᠥᠰᠥ ᠲᠡᠳᠦᠢ ᠬᠥᠯᠳᠡᠳᠡᠭ
ᠬᠡᠷᠡᠭ ᠬᠡᠳᠦᠢ ᠶᠡᠬᠡᠳᠪᠡᠯ
ᠬᠠᠤᠯᠢ ᠲᠡᠳᠦᠢ ᠬᠤᠷᠴᠠᠳᠳᠠᠭ
2459 ᠬᠦᠯᠦᠭ ᠮᠣᠷᠢ ᠪᠡᠯᠴᠢᠭᠡᠷ ᠲᠡᠭᠡᠨ
ᠬᠥᠮᠦᠨ ᠦ᠌ ᠬᠦᠦ ᠨᠤᠲᠤᠭ ᠲᠠᠭᠠᠨ
2460 ᠬᠦᠯᠦᠭ ᠮᠣᠷᠢ ᠬᠥᠮᠦᠨ ᠦ᠌ ᠨᠥᠬᠥᠷ
ᠬᠦᠳᠡᠷ ᠨᠤᠮᠤ ᠵᠣᠷᠢᠭ ᠤ᠋ᠨ ᠨᠥᠬᠥᠷ
2461 ᠬᠦᠯᠦᠭ ᠮᠣᠷᠢ ᠶ᠋ᠢ ᠠᠪᠤᠶ᠎ᠠ ᠭᠡᠪᠡᠯ
ᠰᠢᠲᠦ ᠶ᠋ᠢ ᠨᠢ ᠦᠵᠡ
ᠬᠥᠮᠦᠨ ᠲᠡᠢ ᠨᠥᠬᠥᠷᠯᠡᠵᠦ ᠶᠠᠪᠤᠶ᠎ᠠ ᠭᠡᠪᠡᠯ
ᠰᠡᠳᠬᠢᠯ ᠢ᠋ ᠨᠢ ᠮᠡᠳᠡ
2462 ᠬᠦᠯᠦᠭ ᠮᠠᠭᠤᠲᠠᠢ ᠬᠥᠮᠦᠨ ᠳ᠋ᠦ᠍ ᠭᠠᠵᠠᠷ ᠬᠣᠯᠠ
ᠡᠶ᠎ᠡ ᠮᠠᠭᠤᠲᠠᠢ ᠬᠥᠮᠦᠨ ᠳ᠋ᠦ᠍ ᠨᠥᠬᠥᠷ ᠬᠣᠯᠠ
2463 ᠬᠦᠯᠦᠭ ᠦ᠋ᠨ ᠴᠢᠳᠠᠯ ᠢ᠋ ᠮᠡᠳᠡᠬᠦ ᠳ᠋ᠦ᠍ ᠬᠢᠯᠪᠠᠷ
ᠬᠥᠮᠦᠨ ᠦ᠌ ᠰᠡᠳᠬᠢᠯ ᠢ᠋ ᠮᠡᠳᠡᠬᠦ ᠳ᠋ᠦ᠍ ᠪᠡᠷᠬᠡ
2464 ᠬᠥᠮᠦᠨ ᠠᠬ᠎ᠠ ᠲᠠᠢ
ᠳᠡᠪᠡᠯ ᠵᠠᠬ᠎ᠠ ᠲᠠᠢ
2465 ᠬᠥᠮᠦᠨ ᠪᠡᠶ᠎ᠡ ᠪᠡᠨ ᠮᠡᠳᠡᠬᠦ ᠦᠭᠡᠢ
ᠬᠡᠦᠬᠡᠳ ᠵᠠᠩ ᠢ᠋ᠶ᠋ᠠᠨ ᠮᠡᠳᠡᠬᠦ ᠦᠭᠡᠢ
2466 ᠬᠥᠮᠦᠨ ᠪᠣᠯᠬᠤ ᠪᠠᠭ᠎ᠠ ᠠ᠋ᠴᠠ ᠪᠠᠨ
ᠬᠦᠯᠦᠭ ᠪᠣᠯᠬᠤ ᠤᠨᠠᠭᠠᠨ ᠠ᠋ᠴᠠ ᠪᠠᠨ
2467 ᠬᠥᠮᠦᠨ ᠪᠦᠭᠦᠳᠡ ᠢᠳᠡᠲᠡᠢ
ᠬᠦᠯᠦᠭ ᠪᠦᠭᠦᠳᠡ ᠬᠤᠷᠳᠤ ᠲᠠᠢ
2468 ᠬᠥᠮᠦᠨ ᠭᠡᠮ ᠢ᠋ᠶ᠋ᠡᠨ ᠮᠡᠳᠡᠬᠦ ᠦᠭᠡᠢ
ᠲᠡᠮᠡᠭᠡ ᠭᠡᠲᠡᠬᠡᠷ ᠢ᠋ᠶ᠋ᠡᠨ ᠮᠡᠳᠡᠬᠦ ᠦᠭᠡᠢ
2469 ᠬᠥᠮᠦᠨ ᠶᠣᠰᠣ ᠳᠠᠭᠠᠨ᠎ᠠ
ᠨᠣᠬᠠᠢ ᠶᠠᠰᠤ ᠳᠠᠭᠠᠨ᠎ᠠ
2470 ᠬᠥᠮᠦᠨ ᠵᠠᠯᠠᠭᠤ ᠪᠠᠷ ᠢ᠋ᠶ᠋ᠠᠨ ᠪᠠᠢᠳᠠᠭ ᠦᠭᠡᠢ
ᠮᠣᠳᠣ ᠰᠢᠯᠤᠭᠤᠨ ᠢ᠋ᠶ᠋ᠠᠷ ᠢ᠋ᠶ᠋ᠠᠨ ᠪᠠᠢᠳᠠᠭ ᠦᠭᠡᠢ
2471 ᠬᠥᠮᠦᠨ ᠵᠠᠯᠠᠭᠤ ᠳ᠋ᠠᠭᠠᠨ
ᠴᠡᠴᠡᠭ ᠵᠤᠨ ᠳ᠋ᠠᠭᠠᠨ
2472 ᠬᠥᠮᠦᠨ ᠢᠵᠢᠯᠢᠳᠬᠦ ᠳᠣᠳᠣᠮ ᠢ᠋ᠶ᠋ᠠᠨ ᠤᠢᠳᠳᠠᠭ
ᠮᠠᠯ ᠤᠳᠠᠬᠤ ᠳᠣᠳᠣᠮ ᠢ᠋ᠶ᠋ᠠᠨ ᠢᠵᠢᠯᠢᠳᠳᠡᠭ
2473 ᠬᠥᠮᠦᠨ ᠶᠡᠬᠡᠲᠡᠢ ᠭᠠᠵᠠᠷ ᠨᠠᠷᠭᠢᠶᠠᠨ ᠲᠠᠢ
ᠬᠡᠦᠬᠡᠳ ᠣᠯᠠᠨ ᠲᠠᠢ ᠭᠠᠵᠠᠷ ᠱᠤᠤᠭᠢᠶᠠᠨ ᠲᠠᠢ
2474 ᠬᠥᠮᠦᠨ ᠮᠠᠭᠤ ᠪᠣᠯᠪᠠᠴᠤ ᠵᠢᠷᠤᠮ ᠲᠠᠢ ᠨᠢ ᠳᠡᠭᠡᠷ᠎ᠡ
ᠨᠣᠬᠠᠢ ᠮᠠᠭᠤ ᠪᠣᠯᠪᠠᠴᠤ ᠰᠡᠭᠦᠯ ᠲᠡᠢ ᠨᠢ ᠳᠡᠭᠡᠷ᠎ᠡ
2475 ᠬᠥᠮᠦᠨ ᠮᠠᠭᠤ ᠪᠠᠨ ᠳᠠᠷᠤᠯᠠᠨᠠ
ᠮᠠᠯ ᠮᠠᠭᠤ ᠪᠠᠨ ᠰᠠᠵᠢᠯᠠᠨ᠎ᠠ
2476 ᠬᠥᠮᠦᠨ ᠮᠠᠭᠤ ᠪᠠᠨ ᠮᠡᠳᠡᠬᠦ ᠦᠭᠡᠢ
ᠬᠦᠷᠢ ᠬᠣᠷᠣᠬᠠᠢ ᠦᠮᠡᠬᠡᠢ ᠪᠡᠨ ᠮᠡᠳᠡᠬᠦ ᠦᠭᠡᠢ
2477 ᠬᠥᠮᠦᠨ ᠰᠣᠨᠣᠰᠬᠤ ᠦᠭᠡᠢ
ᠨᠣᠬᠠᠢ ᠰᠢᠩᠰᠢᠯᠡᠬᠦ ᠦᠭᠡᠢ ᠦᠭᠡ
2478 ᠬᠥᠮᠦᠨ ᠬᠢᠷᠢ ᠪᠡᠷ ᠢ᠋ᠶ᠋ᠡᠨ
ᠲᠡᠮᠡᠭᠡ ᠳᠠᠩ ᠢ᠋ᠶ᠋ᠠᠷ ᠢ᠋ᠶ᠋ᠠᠨ
2479 ᠬᠥᠮᠦᠨ ᠬᠣᠭᠣᠯᠠ ᠪᠠᠷ
ᠬᠦᠯᠦᠭ ᠡᠪᠡᠰᠦ ᠪᠡᠷ
2480 ᠬᠥᠮᠦᠨ ᠬᠥᠮᠦᠨ ᠦ᠌ ᠰᠤᠷᠴᠠ ᠣᠨᠳᠣᠣ
ᠨᠤᠲᠤᠭ ᠨᠤᠲᠤᠭ ᠤ᠋ᠨ ᠵᠠᠩᠰᠢᠯ ᠣᠨᠳᠣᠣ
2481 ᠬᠥᠮᠦᠨ ᠬᠦᠴᠦ ᠪᠡᠷ ᠢ᠋ᠶ᠋ᠡᠨ
ᠰᠢᠪᠠᠭᠤ ᠳᠠᠯᠠᠪᠴᠢ ᠪᠠᠷ ᠢ᠋ᠶ᠋ᠠᠨ
2482 ᠬᠥᠮᠦᠨ ᠬᠡᠳᠦᠢ ᠮᠡᠷᠭᠡᠨ ᠴᠦ᠍
ᠬᠡᠯᠡᠬᠦ ᠡᠴᠡ ᠴᠠᠭᠠᠰᠢ ᠮᠡᠳᠡᠬᠦ ᠦᠭᠡᠢ
ᠴᠠᠭᠠᠰᠤ ᠬᠡᠳᠦᠢ ᠨᠢᠮᠭᠡᠨ ᠴᠦ᠍
ᠴᠢᠴᠢᠬᠦ ᠡᠴᠡ ᠴᠠᠭᠠᠰᠢ ᠴᠣᠭᠣᠷᠠᠳᠠᠭ ᠦᠭᠡᠢ
2483 ᠬᠥᠮᠦᠨ ᠬᠡᠯᠡ ᠪᠡᠷ ᠢ᠋ᠶ᠋ᠡᠨ
ᠮᠠᠯ ᠬᠥᠯ ᠢ᠋ᠶ᠋ᠡᠷ ᠢ᠋ᠶ᠋ᠡᠨ
2484 ᠬᠥᠮᠦᠨ ᠦᠭᠡᠢ ᠭᠠᠵᠠᠷ ᠪᠡᠶ᠎ᠡ ᠪᠡᠨ ᠰᠢᠨᠵᠢ
ᠬᠥᠮᠦᠨ ᠲᠡᠢ ᠭᠠᠵᠠᠷ ᠦᠭᠡ ᠪᠡᠨ ᠰᠢᠨᠵᠢ
2485 ᠬᠥᠮᠦᠨ ᠦᠭᠡᠢ ᠭᠠᠵᠠᠷ ᠬᠢᠲᠤᠭ᠎ᠠ ᠪᠠᠷ ᠠᠯᠠᠬᠤ
ᠬᠥᠮᠦᠨ ᠲᠡᠢ ᠭᠠᠵᠠᠷ ᠦᠭᠡ ᠪᠡᠷ ᠠᠯᠠᠬᠤ
2486 ᠬᠦᠨᠳᠦ ᠠᠴᠢᠶ᠎ᠠ ᠬᠥᠰᠬᠡ ᠳ᠋ᠦ᠍ ᠬᠠᠯᠠᠲᠠᠢ
ᠬᠥᠰᠢᠭᠦᠨ ᠵᠠᠩ ᠪᠡᠶ᠎ᠡ ᠳ᠋ᠦ᠍ ᠬᠣᠣᠷᠲᠠᠢ
2487 ᠬᠥᠮᠦᠨ ᠳ᠋ᠦ᠍ ᠨᠥᠬᠥᠷ ᠬᠡᠷᠡᠭᠲᠡᠢ
ᠰᠦᠷᠦᠭ ᠲᠦ᠍ ᠡᠵᠡᠨ ᠬᠡᠷᠡᠭᠲᠡᠢ
2488 ᠬᠥᠮᠦᠨ ᠳ᠋ᠦ᠍ ᠰᠡᠳᠬᠢᠯ ᠪᠠᠢᠳᠠᠭ
ᠴᠠᠬᠢᠭᠤᠷ ᠲᠤ᠌ ᠭᠠᠯ ᠪᠠᠢᠳᠠᠭ
2489 ᠬᠥᠮᠦᠨ ᠳ᠋ᠦ᠍ ᠲᠤᠰᠠ ᠬᠢᠪᠡᠯ
ᠥᠪᠡᠷ ᠲᠦ᠍ ᠪᠤᠶᠠᠨ ᠬᠤᠷᠠᠨ᠎ᠠ
2490 ᠬᠥᠮᠦᠨ ᠳ᠋ᠦ᠍ ᠲᠤᠰᠠᠯᠠᠭᠰᠠᠨ ᠢ᠋ᠶ᠋ᠠᠨ ᠮᠠᠷᠲᠠ
ᠬᠥᠮᠦᠨ ᠢ᠋ᠶ᠋ᠡᠷ ᠲᠤᠰᠠᠯᠠᠭᠤᠯᠤᠭᠰᠠᠨ ᠢ᠋ᠶ᠋ᠠᠨ ᠪᠦᠦ ᠮᠠᠷᠲᠠ
2491 ᠬᠦᠨᠳᠦ ᠶ᠋ᠢ ᠡᠷᠭᠦᠬᠦ ᠳ᠋ᠦ᠍
ᠬᠥᠰᠢᠭᠦᠷᠭᠡ ᠬᠡᠷᠡᠭᠲᠡᠢ
ᠬᠦᠰᠡᠯ ᠢ᠋ ᠪᠡᠶᠡᠯᠡᠭᠦᠯᠬᠦ ᠳ᠋ᠦ᠍
ᠵᠣᠷᠢᠭ ᠬᠡᠷᠡᠭᠲᠡᠢ
2492 ᠬᠦᠨᠳᠦ ᠪᠡᠨ ᠬᠥᠩᠭᠡᠨ ᠢ᠋ᠶ᠋ᠡᠷ
ᠬᠦᠯᠦᠭ ᠢ᠋ᠶ᠋ᠡᠨ ᠡᠯᠵᠢᠭᠡ ᠪᠡᠷ
2493 ᠬᠥᠮᠦᠨ ᠦ᠌ ᠠᠪᠠᠭᠠᠢ ᠲᠣᠭᠣᠰ ᠰᠢᠭ᠋
ᠥᠪᠡᠷ ᠦ᠋ᠨ ᠠᠪᠠᠭᠠᠢ ᠲᠣᠭᠣᠭᠠᠨ ᠤ᠋ ᠪᠠᠷᠢᠭᠤᠯ ᠰᠢᠭ᠋
2494 ᠬᠥᠮᠦᠨ ᠦ᠌ ᠠᠮᠠ ᠪᠠᠷ
ᠪᠤᠳᠠᠭ᠎ᠠ ᠢᠳᠡᠬᠦ
2495 ᠬᠥᠮᠦᠨ ᠦ᠌ ᠪᠠᠭ᠎ᠠ ᠠᠳᠠ ᠲᠠᠢ
ᠬᠦᠯᠦᠭ ᠦ᠋ᠨ ᠪᠠᠭ᠎ᠠ ᠬᠤᠷᠳᠤ ᠲᠠᠢ
2496 ᠬᠥᠮᠦᠨ ᠦ᠌ ᠪᠠᠭ᠎ᠠ ᠨᠢ ᠬᠥᠳᠡᠯᠵᠦ
ᠰᠢᠪᠠᠭᠤᠨ ᠤ᠋ ᠪᠠᠭ᠎ᠠ ᠨᠢ ᠵᠢᠷᠭᠢᠳᠡᠭ
2497 ᠬᠥᠮᠦᠨ ᠦ᠌ ᠪᠤᠷᠬᠠᠨ
ᠥᠪᠡᠷ ᠦ᠋ᠨ ᠪᠤᠭ ᠬᠣᠶᠠᠷ ᠠᠳᠠᠯᠢ
2498 ᠬᠥᠮᠦᠨ ᠦ᠌ ᠭᠠᠵᠠᠷ ᠨᠡᠷ᠎ᠡ ᠪᠡᠨ
ᠥᠪᠡᠷ ᠦ᠋ᠨ ᠭᠠᠵᠠᠷ ᠶᠠᠰᠤ ᠪᠠᠨ
2499 ᠬᠥᠮᠦᠨ ᠦ᠌ ᠭᠠᠷ ᠢ᠋ᠶ᠋ᠠᠷ
ᠮᠣᠭᠠᠢ ᠪᠠᠷᠢᠭᠤᠯᠬᠤ
2500 ᠬᠥᠮᠦᠨ ᠦ᠌ ᠭᠡᠷ ᠲᠤ᠌ ᠲᠣᠰᠣ ᠤᠤᠭᠤᠭᠰᠠᠨ ᠠ᠋ᠴᠠ
ᠥᠪᠡᠷ ᠦ᠋ᠨ ᠭᠡᠷ ᠲᠦ᠍ ᠤᠰᠤ ᠤᠤᠭᠤᠭᠰᠠᠨ ᠨᠢ ᠳᠡᠭᠡᠷ᠎ᠡ
2501 ᠬᠥᠮᠦᠨ ᠦ᠌ ᠵᠠᠶᠠᠭ᠎ᠠ
ᠲᠩᠷᠢ ᠶ᠋ᠢᠨ ᠭᠠᠷ ᠲᠤ᠌
2502 ᠬᠥᠮᠦᠨ ᠦ᠌ ᠮᠣᠷᠢ ᠶ᠋ᠢ ᠤᠨᠤᠭᠰᠠᠨ ᠬᠥᠮᠦᠨ ᠤᠷᠤᠯᠳᠤᠮᠠᠳᠠᠭᠠᠢ
ᠬᠥᠮᠦᠨ ᠦ᠌ ᠬᠤᠪᠴᠠᠰᠤ ᠶ᠋ᠢ ᠡᠮᠦᠰᠦᠭᠰᠡᠨ ᠬᠥᠮᠦᠨ ᠪᠠᠷᠢᠯᠳᠤᠮᠠᠳᠠᠭᠠᠢ
2503 ᠬᠥᠮᠦᠨ ᠦ᠌ ᠮᠠᠭᠤ ᠠ᠋ᠴᠠ ᠦᠭᠡ ᠭᠠᠷᠳᠠᠭ
ᠮᠣᠳᠣᠨ ᠤ᠋ ᠮᠠᠭᠤ ᠠ᠋ᠴᠠ ᠦᠨᠡᠰᠦ ᠭᠠᠷᠳᠠᠭ
2504 ᠬᠥᠮᠦᠨ ᠦ᠌ ᠣᠯᠠᠨ ᠬᠥᠮᠦᠨ ᠢ᠋ᠶ᠋ᠡᠨ ᠪᠠᠷᠢᠳᠠᠭ ᠦᠭᠡᠢ
ᠨᠣᠬᠠᠢ ᠶ᠋ᠢᠨ ᠣᠯᠠᠨ ᠨᠣᠬᠠᠢ ᠪᠠᠨ ᠪᠠᠷᠢᠳᠠᠭ
ᠦᠰᠦᠭ ᠠᠮᠢᠯᠠᠭᠤᠯᠤᠭᠴᠢ᠄ ᠴᠡᠩᠬᠡᠯᠴᠡᠴᠡᠭ᠂ ᠪᠠᠳᠮᠠᠰᠡᠴᠡᠨ
ᠬᠢᠨᠠᠭᠴᠢ᠄ ᠣᠳᠬᠣᠨᠴᠡᠴᠡᠭ᠂ ᠳᠣᠷᠵᠢ᠂ ᠬᠦᠮᠦᠵᠢᠯᠲᠦ᠂ ᠤᠢᠭᠤᠷᠵᠢᠨ ᠣᠳᠬᠣᠨ᠂ ᠪᠠᠯ
