ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ < ᠬ ᠶᠢᠨ ᠠᠢᠮᠠᠭ –3>Монгол зүйр цэцэн үгийн гураван мянган дээж – Д᠂Заяабаатар эмхэтгэв <Хийн аймаг 3> ᠵᠦᠢᠷ ᠰᠡᠴᠡᠨ ᠦᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ < ᠬ ᠶᠢᠨ ᠠᠢᠮᠠᠭ –3>Монгол зүйр цэцэн үгийн гураван мянган дээж – Д᠂Заяабаатар эмхэтгэв <Хийн аймаг 3>

ᠮᠣᠩᠭᠣᠯ ᠵᠦᠢᠷ ᠰᠡᠴᠡᠨ ᠦᠭᠡ ᠶᠢᠨ ᠭᠤᠷᠪᠠᠨ ᠮᠢᠩᠭᠠᠨ ᠳᠡᠭᠡᠵᠢ – ᠳ᠂ ᠵᠠᠶᠠᠭᠠᠪᠠᠭᠠᠲᠤᠷ ᠡᠮᠬᠢᠳᠬᠡᠪᠡ < ᠬ ᠶᠢᠨ ᠠᠢᠮᠠᠭ –3>Монгол зүйр цэцэн үгийн гураван мянган дээж – Д᠂Заяабаатар эмхэтгэв <Хийн аймаг 3>

2024-09-06

870

ᠬ (Х)  ᠶ᠋ᠢᠨ ᠠᠢᠮᠠᠭ - 3


          –  ᠬ (Х) – 

2305 ᠬᠣᠭᠣᠯᠠ ᠬᠣᠷᠣᠭᠠᠵᠤ ᠬᠣᠨᠣᠭ ᠥᠩᠭᠡᠷᠡᠭᠡᠬᠦ  
    ᠴᠠᠢ ᠤᠤᠭᠤᠵᠤ ᠴᠠᠭ ᠥᠩᠭᠡᠷᠡᠭᠡᠬᠦ 

2306 ᠬᠣᠭᠣᠯᠠᠨ ᠤ᠋ ᠪᠠᠭ᠎ᠠ ᠨᠢ ᠠᠮᠲᠠᠲᠠᠢ  
         ᠣᠯᠵᠠᠨ ᠤ᠋ ᠶᠡᠬᠡ ᠨᠢ ᠠᠰᠢᠭᠲᠠᠢ

2307 ᠬᠣᠭᠣᠯᠠᠨ ᠤ᠋ ᠰᠠᠢᠨ ᠢ᠋ ᠬᠥᠮᠦᠨ ᠳ᠋ᠦ᠍ ᠥᠭ  
         ᠬᠤᠪᠴᠠᠰᠤᠨ ᠤ᠋ ᠰᠠᠢᠨ ᠢ᠋ ᠪᠡᠶ᠎ᠡ ᠳ᠋ᠡᠭᠡᠨ ᠡᠮᠦᠰ

2308 ᠬᠣᠭᠣᠯᠠᠢ ᠳᠡᠭᠡᠷ᠎ᠡ ᠨᠢ ᠬᠢᠲᠤᠭ᠎ᠠ ᠲᠠᠯᠪᠢᠵᠤ  
         ᠬᠣᠰᠬᠢᠨᠠᠭ ᠤᠷᠤᠭᠤ ᠨᠢ ᠵᠢᠳᠠ ᠪᠠᠷ ᠬᠠᠳᠬᠤᠬᠤ

2309 ᠬᠣᠭᠣᠯᠠ ᠲᠠᠢ ᠴᠢᠨᠣ᠎ᠠ ᠬᠣᠩᠭᠢᠯ ᠳ᠋ᠤ᠌   
         ᠬᠣᠭᠣᠯᠠ ᠦᠭᠡᠢ ᠴᠢᠨᠣ᠎ᠠ ᠬᠣᠮᠣᠷᠭᠠᠨ ᠳ᠋ᠤ᠌

2310 ᠬᠣᠭᠣᠰᠣᠨ ᠠᠮᠠ 
         ᠬᠣᠯᠬᠢᠨᠳᠠᠭ ᠭᠤᠲᠤᠯ

2311 ᠬᠣᠭᠣᠰᠣᠨ ᠫᠤᠤ ᠠ᠋ᠴᠠ 
         ᠬᠣᠷᠢᠨ ᠬᠥᠮᠦᠨ ᠠᠶᠤᠳᠠᠭ

2312 ᠬᠣᠭᠣᠰᠣᠨ ᠰᠠᠨᠠᠭ᠎ᠠ ᠬᠥᠨᠳᠡᠢ ᠴᠡᠭᠡᠵᠢ 
         ᠬᠣᠯᠠ ᠶᠠᠪᠤᠬᠤ ᠦᠭᠡᠢ 

2313 ᠬᠣᠭᠣᠰᠣᠨ ᠦᠭᠡᠨ ᠳ᠋ᠦ᠍ ᠲᠤᠰᠠ ᠦᠭᠡᠢ  
         ᠬᠤᠪᠠᠬᠠᠢ ᠮᠣᠳᠣᠨ ᠳ᠋ᠤ᠌ ᠮᠥᠴᠢᠷ ᠦᠭᠡᠢ

2314 ᠬᠣᠭᠣᠰᠣᠨ ᠬᠣᠨᠣᠵᠤ  
         ᠬᠣᠶᠠᠷ ᠢᠳᠡᠬᠦ ᠦᠭᠡᠢ

2315 ᠬᠣᠭᠣᠰᠣᠨ ᠴᠡᠭᠡᠵᠢᠨ ᠳ᠋ᠦ᠍ ᠡᠷᠳᠡᠮ ᠦᠭᠡᠢ  
         ᠬᠣᠪᠴᠢ ᠬᠥᠮᠦᠨ ᠳ᠋ᠦ᠍ ᠢᠴᠢᠭᠦᠷᠢ ᠦᠭᠡᠢ 

2316 ᠬᠣᠣᠷ ᠪᠠᠭ᠎ᠠ ᠪᠣᠯᠪᠠᠴᠤ 
         ᠠᠮᠢᠨ ᠳ᠋ᠤ᠌ ᠬᠦᠷᠬᠦ ᠠᠶᠤᠯ ᠲᠠᠢ 

2317 ᠬᠣᠣᠷ ᠢᠳᠡᠭᠰᠡᠨ ᠱᠠᠭᠠᠵᠠᠭᠠᠢ ᠰᠢᠭ᠋  
         ᠬᠣᠶᠠᠷ ᠢᠳᠡᠭᠰᠡᠨ ᠴᠢᠨᠣ᠎ᠠ ᠰᠢᠭ᠋ 

2318 ᠬᠣᠣᠷ ᠨᠢ ᠪᠤᠴᠠᠯᠵᠤ  
         ᠬᠣᠨᠵᠢᠩ ᠨᠢ ᠬᠥᠳᠡᠯᠬᠦ 

2319 ᠬᠣᠣᠷ ᠨᠢ ᠮᠣᠭᠠᠢ ᠲᠠᠢ ᠠᠳᠠᠯᠢ  
         ᠬᠣᠪᠳᠣᠭ ᠨᠢ ᠴᠢᠨᠣ᠎ᠠ ᠲᠠᠢ ᠠᠳᠠᠯᠢ

2320 ᠬᠣᠣᠷᠳᠠᠵᠤ ᠪᠤᠰᠤᠳ ᠤ᠋ᠨ ᠭᠡᠮ ᠢ᠋ ᠪᠦᠦ ᠮᠠᠯᠲᠠ  
         ᠬᠣᠪᠰᠣᠷᠠᠵᠤ ᠬᠡᠷᠡᠭ ᠦᠭᠡᠢ ᠦᠭᠡ ᠪᠦᠦ ᠬᠡᠯᠡ 

2321 ᠬᠣᠷᠮᠣᠢ ᠳᠡᠭᠡᠷ᠎ᠡ ᠪᠡᠨ ᠰᠢᠭᠡᠯᠭᠡᠬᠦ ᠦᠷ᠎ᠡ ᠦᠭᠡᠢ ᠪᠣᠯ  
         ᠬᠡᠭᠦᠷ ᠦ᠋ᠨ ᠳᠡᠭᠡᠷ᠎ᠡ ᠪᠡᠨ ᠰᠢᠷᠣᠢ ᠨᠡᠮᠡᠬᠦ ᠬᠥᠮᠦᠨ ᠦᠭᠡᠢ 

2322 ᠬᠣᠷᠤᠨ ᠰᠠᠨᠠᠭ᠎ᠠ ᠥᠪᠡᠷ ᠲᠦ᠍ ᠬᠠᠷᠰᠢ  
         ᠬᠣᠮᠣᠬᠠᠢ ᠰᠡᠳᠬᠢᠯ ᠭᠥᠷᠥᠩᠬᠡᠨ ᠳ᠋ᠦ᠍ ᠬᠠᠷᠰᠢ 

2323 ᠬᠣᠷᠤᠨ ᠦᠭᠡ ᠬᠢᠲᠤᠭ᠎ᠠ  
         ᠬᠣᠷᠤᠨ ᠰᠠᠨᠠᠭ᠎ᠠ ᠵᠢᠳᠠ

2324 ᠬᠣᠣᠷᠲᠤ ᠢᠳᠡᠭᠡᠨ ᠳ᠋ᠦ᠍ ᠳᠤᠷᠠᠯᠠᠵᠤ 
         ᠪᠡᠶ᠎ᠡ ᠪᠡᠨ ᠪᠦᠦ ᠪᠠᠷᠠ  
         ᠬᠠᠤᠯᠢ ᠪᠤᠰᠤ ᠪᠠᠷ ᠶᠠᠪᠤᠵᠤ 
         ᠬᠦᠨᠳᠦ ᠪᠡᠨ ᠪᠦᠦ ᠪᠠᠷᠠ

2325 ᠬᠣᠣᠷᠲᠤ ᠮᠣᠭᠠᠢ ᠰᠢᠭ᠋ ᠬᠢᠬᠤᠷᠠᠵᠤ   
         ᠬᠣᠪᠳᠣᠭ ᠴᠢᠨᠣ᠎ᠠ ᠰᠢᠭ᠋ ᠠᠷᠬᠢᠷᠠᠬᠤ

2326 ᠬᠣᠣᠷᠲᠤ ᠮᠣᠭᠠᠢ ᠶ᠋ᠢ ᠨᠠᠷᠢᠨ ᠭᠡᠵᠦ ᠪᠦᠦ ᠪᠡᠷᠢ  
         ᠬᠤᠯᠠᠭᠠᠢ ᠬᠤᠳᠠᠯ ᠢ᠋ ᠥᠴᠦᠬᠡᠨ ᠭᠡᠵᠦ ᠪᠦᠦ ᠪᠠᠰᠤ

2327 ᠬᠣᠣᠷᠲᠤ ᠮᠣᠭᠠᠢ ᠶ᠋ᠢᠨ ᠬᠡᠯᠡ ᠤᠷᠲᠤ  
         ᠬᠣᠪᠴᠢ ᠬᠥᠮᠦᠨ ᠦ᠌ ᠬᠣᠩᠰᠢᠶᠠᠷ ᠤᠷᠲᠤ

2328 ᠬᠣᠣᠷᠲᠤ ᠰᠤᠮᠤ ᠪᠠᠷ ᠨᠢᠭᠡ ᠶ᠋ᠢ ᠠᠯᠠᠳᠠᠭ  
         ᠬᠣᠷᠤᠨ ᠦᠭᠡ ᠪᠡᠷ ᠮᠢᠩᠭ᠎ᠠ ᠶ᠋ᠢ ᠠᠯᠠᠳᠠᠭ

2329 ᠬᠣᠣᠷᠲᠤ ᠬᠥᠮᠦᠨ ᠳ᠋ᠦ᠍ ᠨᠥᠬᠥᠷ ᠦᠭᠡᠢ  
         ᠬᠤᠯᠴᠢᠭᠠᠷ ᠬᠥᠮᠦᠨ ᠳ᠋ᠦ᠍ ᠢᠲᠡᠭᠡᠯ ᠦᠭᠡᠢ

2330 ᠬᠣᠣᠷᠲᠠᠨ ᠢ᠋ ᠬᠣᠣᠷ ᠢ᠋ᠶ᠋ᠠᠷ ᠨᠢ  
         ᠰᠢᠷᠠᠳᠡᠨ ᠢ᠋ ᠰᠢᠷ᠎ᠠ ᠪᠠᠷ ᠨᠢ

2331 ᠬᠣᠣᠷᠲᠠᠢ ᠪᠣᠯ ᠨᠥᠬᠥᠷ ᠢ᠋ ᠴᠦ᠍ ᠲᠡᠪᠴᠢ  
         ᠲᠤᠰᠠᠲᠠᠢ ᠪᠣᠯ ᠳᠠᠢᠰᠤᠨ ᠢ᠋ ᠴᠦ᠍ ᠲᠡᠳᠬᠦ

2332 ᠬᠣᠣᠷᠲᠠᠢ ᠴᠦ᠍ ᠭᠡᠰᠡᠨ  
         ᠪᠡᠶ᠎ᠡ ᠳ᠋ᠦ᠍ᠨᠢ ᠬᠦᠷᠬᠦ ᠪᠡᠷ ᠠᠲᠤᠷᠢᠳᠠᠭ

2333 ᠬᠣᠷᠣᠬᠠᠢ ᠳ᠋ᠤ᠌ ᠨᠢᠭᠦᠯ ᠦᠭᠡᠢ  
         ᠬᠣᠣᠷᠲᠠᠨ ᠳ᠋ᠤ᠌ ᠰᠠᠢᠨ ᠦᠭᠡᠢ

2334 ᠬᠣᠲᠠ ᠳᠦᠭᠦᠷᠡᠩ ᠪᠣᠯ  
         ᠬᠥᠬᠦᠦᠷ ᠳᠦᠭᠦᠷᠡᠩ

2335 ᠬᠣᠱᠣᠩ ᠦᠭᠡ ᠬᠣᠭᠣᠯᠠᠢ ᠳ᠋ᠤ᠌  
         ᠬᠣᠩᠬᠣ ᠳᠠᠮᠠᠷᠤ ᠯᠠᠮᠠ ᠳ᠋ᠤ᠌

2336 ᠬᠣᠰᠢᠭᠤ ᠨᠡᠮᠡᠬᠦ ᠪᠡᠷ  
         ᠬᠤᠷᠤᠭᠤ ᠨᠡᠮᠡ

2337 ᠬᠥᠪᠴᠢ ᠶ᠋ᠢᠨ ᠥᠨᠳᠥᠷ ᠲᠡᠮᠡᠭᠡᠨ ᠵᠣᠬᠢᠬᠤ ᠦᠭᠡᠢ  
         ᠬᠡᠳᠦ ᠨᠠᠷᠢᠨ ᠡᠪᠡᠰᠦ ᠦᠬᠡᠷ ᠲᠦ᠍ ᠵᠣᠬᠢᠬᠤ ᠦᠭᠡᠢ

2338 ᠬᠥᠩᠭᠡᠨ ᠳ᠋ᠦ᠍ ᠬᠦᠵᠦᠭᠦᠦ ᠪᠡᠨ  
         ᠬᠥᠨᠳᠡᠯᠡᠨ ᠳ᠋ᠦ᠍ ᠬᠥᠯ ᠢ᠋ᠶ᠋ᠡᠨ

2339 ᠬᠥᠭᠰᠢᠳ ᠢ᠋ ᠪᠦᠦ ᠱᠣᠣᠯᠠ  
         ᠬᠡᠦᠬᠡᠳ ᠢ᠋ ᠪᠦᠦ ᠱᠣᠭᠯᠠ

2340 ᠬᠥᠭᠰᠢᠨ ᠠᠵᠢᠷᠭ᠎ᠠ  
         ᠵᠢᠷᠣᠭ᠎ᠠ ᠰᠤᠷᠬᠤ

2341 ᠬᠥᠭᠰᠢᠨ ᠠᠵᠢᠷᠭ᠎ᠠ ᠳ᠋ᠤ᠌ ᠵᠢᠷᠣᠭ᠎ᠠ ᠰᠤᠷᠭᠠᠵᠤ  
         ᠬᠥᠯᠳᠡᠭᠦᠦ ᠭᠠᠵᠠᠷ ᠲᠤ ᠭᠠᠳᠠᠰᠤ ᠱᠢᠭᠠᠬᠤ

2342 ᠬᠥᠭᠰᠢᠨ ᠬᠣᠨᠢ ᠪᠠᠨ ᠠᠯᠠᠬᠤ ᠳ᠋ᠤ᠌  
         ᠭᠡᠷ ᠵᠠᠭᠤᠷ᠎ᠠ ᠪᠠᠨ ᠵᠥᠪᠯᠡ

2343 ᠬᠥᠭᠰᠢᠨ ᠨᠣᠬᠠᠢ ᠴᠢᠨᠣ᠎ᠠ ᠳ᠋ᠤ᠌ ᠬᠠᠭᠤᠷᠲᠠᠬᠤ ᠦᠭᠡᠢ  
         ᠬᠠᠰᠢᠷ ᠬᠥᠮᠦᠨ ᠮᠠᠨᠠᠭᠠᠨ ᠳ᠋ᠤ᠌ ᠣᠰᠣᠯᠳᠠᠬᠤ ᠦᠭᠡᠢ

2344 ᠬᠥᠭᠰᠢᠨ ᠬᠥᠮᠦᠨ  
         ᠬᠡᠦᠬᠡᠳ ᠬᠣᠶᠠᠷ ᠠᠳᠠᠯᠢ

2345 ᠬᠥᠭᠰᠢᠨ ᠬᠥᠮᠦᠨ ᠰᠠᠭᠤᠨ ᠵᠢᠷᠭᠠᠨ᠎ᠠ  
         ᠵᠠᠯᠠᠭᠤ ᠬᠥᠮᠦᠨ ᠶᠠᠪᠤᠨ ᠵᠢᠷᠭᠠᠨ᠎ᠠ 

2346 ᠬᠥᠭᠰᠢᠨ ᠬᠥᠮᠦᠨ ᠦᠬᠦᠬᠦ ᠪᠡᠷ ᠢ᠋ᠶ᠋ᠡᠨ ᠠᠶᠤᠯᠭᠠᠳᠠᠭ  
         ᠬᠡᠦᠬᠡᠳ ᠤᠬᠢᠯᠠᠬᠤ ᠪᠠᠷ ᠢ᠋ᠶ᠋ᠠᠨ ᠠᠶᠤᠯᠭᠠᠳᠠᠭ 

2347 ᠬᠥᠭᠰᠢᠨ ᠴᠢᠨᠣ᠎ᠠ  
         ᠬᠠᠪᠬᠠᠨ ᠳ᠋ᠤ᠌ ᠣᠷᠣᠬᠤ ᠦᠭᠡᠢ

2348 ᠬᠥᠳᠡᠯᠪᠡᠯ ᠨᠢᠭᠡ ᠶ᠋ᠢ ᠪᠦᠲᠦᠭᠡᠳᠡᠭ 
         ᠰᠠᠭᠤᠪᠠᠯ ᠨᠢᠭᠡ ᠡᠴᠡ ᠬᠣᠴᠣᠷᠳᠠᠭ 

2349 ᠬᠥᠳᠡᠯᠪᠡᠯ ᠬᠥᠯᠥᠰᠥ  
         ᠵᠣᠭᠰᠣᠪᠠᠯ ᠵᠣᠭᠣᠰ 

2350 ᠬᠥᠳᠡᠯᠮᠦᠷᠢ ᠬᠢᠪᠡᠯ ᠴᠠᠳᠬᠤᠯᠠᠩ  
         ᠬᠥᠨᠵᠢᠯᠡ ᠪᠡᠨ ᠨᠥᠮᠥᠷᠪᠡᠯ ᠳᠤᠯᠠᠭᠠᠨ

2351 ᠬᠥᠳᠡᠯᠦᠭᠰᠡᠨ ᠦ᠌ ᠬᠥᠯᠥᠰᠥ ᠭᠣᠭᠣᠵᠢᠬᠤ  
         ᠰᠢᠨᠤᠭᠰᠠᠨ ᠤ᠋ ᠰᠢᠯᠦᠰᠦ ᠭᠣᠭᠣᠵᠢᠬᠤ 

2352 ᠬᠥᠯ ᠨᠢᠭᠡᠲᠡᠢ  
         ᠬᠦᠵᠦᠭᠦᠦ ᠬᠣᠯᠪᠣᠭ᠎ᠠ ᠲᠠᠢ

2353 ᠬᠥᠯ ᠬᠡᠷᠡᠭᠡ ᠲᠡᠢ  
         ᠬᠦᠵᠦᠭᠦᠦ ᠬᠣᠯᠪᠣᠭ᠎ᠠ ᠲᠠᠢ  

2354 ᠬᠥᠯᠳᠡᠭ ᠦᠭᠡᠢ ᠦᠬᠡᠷ ᠦ᠋ᠨ ᠬᠦᠵᠦᠭᠦᠦ ᠰᠤᠯᠠ  
         ᠬᠥᠳᠡᠯᠳᠡᠭ ᠦᠭᠡᠢ ᠬᠥᠮᠦᠨ ᠦ᠌ ᠪᠡᠶ᠎ᠡ ᠰᠤᠯᠠ

2355 ᠬᠥᠯᠳᠡᠭᠦᠦ ᠮᠢᠬᠠᠨ ᠳ᠋ᠤ᠌ ᠨᠣᠬᠠᠢ ᠳᠤᠷᠠᠲᠠᠢ  
         ᠬᠡᠭᠡᠯᠢ ᠬᠠᠬᠤᠤᠯᠢ ᠳ᠋ᠤ᠌ ᠨᠣᠶᠠᠨ ᠳᠤᠷᠠᠲᠠᠢ

2356 ᠬᠥᠯ ᠢ᠋ᠶ᠋ᠡᠨ ᠬᠦᠷᠬᠦ ᠦᠭᠡᠢ ᠭᠠᠵᠠᠷ ᠶᠠᠪᠤᠵᠤ  
         ᠬᠡᠯᠡ ᠪᠡᠨ ᠬᠦᠷᠬᠦ ᠭᠠᠵᠠᠷ ᠵᠠᠷᠭᠤᠯᠳᠤᠬᠤ

2357 ᠬᠥᠯ ᠡᠴᠡ ᠨᠢ ᠲᠠᠲᠠᠵᠤ  
         ᠬᠥᠮᠦᠨ ᠦ᠌ ᠵᠡᠷᠭᠡ ᠳ᠋ᠦ᠍ ᠬᠦᠷᠭᠡᠬᠦ  
         ᠡᠭᠡᠮ ᠡᠴᠡ ᠨᠢ ᠴᠢᠩᠭᠠᠭᠠᠵᠤ  
         ᠡᠷ᠎ᠡ ᠶ᠋ᠢᠨ ᠵᠡᠷᠭᠡ ᠳ᠋ᠦ᠍ ᠬᠦᠷᠭᠡᠬᠦ

2358 ᠬᠥᠯᠥᠰᠥ ᠭᠠᠷᠭᠠᠯ ᠦᠭᠡᠢ ᠠᠵᠢᠯ ᠬᠢᠳᠡᠭ ᠦᠭᠡᠢ  
         ᠬᠥᠲᠥᠰᠦ ᠬᠠᠢᠴᠢᠯᠠᠯ ᠦᠭᠡᠢ ᠳᠡᠪᠡᠯ ᠣᠶᠣᠳᠠᠭ ᠦᠭᠡᠢ

2359 ᠬᠥᠯᠥᠰᠥ ᠪᠡᠨ ᠭᠣᠭᠣᠵᠢᠭᠤᠯᠵᠤ ᠣᠯᠤᠭᠰᠠᠨ ᠶᠠᠭᠤᠮ᠎ᠠ  
         ᠬᠤᠯᠠᠭᠠᠢᠯᠠᠵᠤ ᠣᠯᠤᠭᠰᠠᠨ ᠠ᠋ᠴᠠ ᠢᠯᠡᠭᠦᠦ ᠠᠮᠲᠠᠲᠠᠢ

2360 ᠬᠥᠯ ᠲᠡᠢ ᠨᠢ ᠬᠥᠯᠬᠢᠵᠦ 
         ᠬᠥᠯ ᠦᠭᠡᠢ ᠨᠢ ᠮᠥᠯᠬᠥᠬᠦ

2361 ᠬᠥᠨᠳᠡᠢ ᠣᠭᠲᠠᠷᠭᠤᠢ ᠱᠠᠲᠤ ᠦᠭᠡᠢ  
         ᠬᠥᠪᠥᠩ ᠡᠭᠦᠯᠡ ᠣᠭᠣᠰᠣᠷ ᠦᠭᠡᠢ

2362 ᠬᠥᠨᠳᠡᠯᠡᠨ ᠡᠴᠡ ᠬᠥᠯ ᠢ᠋ᠶ᠋ᠡᠨ  
         ᠬᠠᠵᠠᠭᠤ ᠠ᠋ᠴᠠ ᠬᠠᠪᠢᠷᠭ᠎ᠠ ᠪᠠᠨ 

2363 ᠬᠥᠨᠵᠢᠯᠡ ᠶ᠋ᠢᠨ ᠢ᠋ᠶ᠋ᠡᠨ ᠬᠢᠷᠢ ᠪᠡᠷ ᠬᠥᠯ ᠢ᠋ᠶ᠋ᠡᠨ ᠵᠢᠭᠢᠵᠦ 
         ᠬᠦᠯᠦᠭ ᠦ᠋ᠨ ᠢ᠋ᠶ᠋ᠡᠨ ᠬᠢᠷᠢ ᠪᠡᠷ ᠢᠰᠬᠡᠷ

2364 ᠬᠥᠭᠡᠷᠭᠡᠨ ᠬᠥᠮᠦᠨ ᠬᠥᠯ ᠠᠯᠳᠠᠳᠠᠭ  
         ᠬᠥᠭᠰᠢᠨ ᠮᠣᠷᠢ ᠥᠯ ᠠᠯᠳᠠᠳᠠᠭ

2365 ᠬᠥᠲᠥᠯ ᠳᠠᠪᠠᠬᠤ ᠶ᠋ᠢ ᠨᠢ ᠬᠠᠷᠠᠭ᠎ᠠ ᠦᠭᠡᠢ ᠪᠣᠯ  
         ᠬᠦᠯᠦᠭ ᠭᠡᠵᠦ ᠪᠤᠤ ᠮᠠᠭᠲᠠ  
         ᠬᠥᠲᠥᠰᠦ ᠣᠶᠣᠬᠤ ᠶ᠋ᠢ ᠨᠢ ᠬᠠᠷᠠᠭ᠎ᠠ ᠦᠭᠡᠢ ᠪᠣᠯ 
         ᠤᠷᠠᠨ ᠭᠡᠵᠦ ᠪᠤᠤ ᠮᠠᠭᠲᠠ

2366 ᠬᠥᠬᠡ ᠵᠡᠭᠦᠦ 
         ᠬᠥᠨᠳᠡᠯᠡᠨ ᠬᠠᠳᠬᠤᠳᠠᠭ ᠦᠭᠡᠢ ᠡᠮ᠎ᠡ

2367 ᠬᠥᠬᠡ ᠣᠭᠲᠠᠷᠭᠤᠢ ᠶ᠋ᠢ ᠬᠡᠮᠵᠢᠵᠦ ᠪᠣᠯᠬᠤ ᠦᠭᠡᠢ  
         ᠬᠥᠮᠦᠨ ᠦ᠌ ᠤᠬᠠᠭᠠᠨ ᠢ᠋ ᠶᠠᠨᠳᠠᠵᠤ ᠪᠣᠯᠬᠤ ᠦᠭᠡᠢ

2368 ᠬᠥᠬᠡ ᠥᠩᠭᠡ ᠮᠣᠩᠭᠣᠯ ᠤ᠋ᠨ ᠴᠢᠮᠡᠭ  
         ᠬᠦᠯᠦᠭ ᠮᠣᠷᠢ ᠤᠶᠠᠭᠠᠨ ᠤ᠋ ᠴᠢᠮᠡᠭ 

2369 ᠬᠥᠬᠡ ᠲᠩᠷᠢ ᠠᠭᠤᠳᠠᠮ ᠪᠣᠯᠪᠠᠴᠤ  
         ᠠᠭᠠᠷ ᠢ᠋ᠶ᠋ᠠᠷ ᠬᠣᠯᠪᠣᠭ᠎ᠠ ᠲᠠᠢ  
         ᠬᠥᠮᠦᠨ ᠠᠮᠢᠲᠠᠨ ᠣᠯᠠᠨ ᠪᠣᠯᠪᠠᠴᠤ  
         ᠰᠡᠳᠬᠢᠯ ᠢ᠋ᠶ᠋ᠡᠷ ᠬᠣᠯᠪᠣᠭ᠎ᠠ ᠲᠠᠢ

2370 ᠬᠥᠬᠡ ᠲᠩᠷᠢ ᠶ᠋ᠢ ᠡᠭᠦᠯᠡ ᠪᠦᠷᠬᠦᠨ᠎ᠡ  
         ᠬᠥᠮᠦᠨ ᠦ᠌ ᠨᠢᠳᠦ ᠶ᠋ᠢ ᠵᠣᠭᠣᠰ ᠪᠦᠷᠬᠦᠨ᠎ᠡ

2371 ᠬᠥᠬᠥᠭᠡ ᠳᠣᠩᠭᠣᠳᠪᠠᠯ ᠬᠥᠷ ᠪᠠᠶᠠᠷ  
         ᠣᠭᠣᠯᠢ ᠳᠤᠤᠭᠠᠷᠪᠠᠯ ᠤᠷᠰᠢᠭ ᠵᠣᠪᠠᠯᠠᠩ 

2372 ᠬᠥᠬᠦᠭᠡᠨ ᠦ᠌ ᠳᠠᠭᠤ ᠢᠷᠠᠭᠤ ᠳ᠋ᠠᠭᠠᠨ  
         ᠮᠡᠷᠭᠡᠳ ᠦ᠋ᠨ ᠳᠠᠭᠤ ᠡᠷᠳᠡᠮ ᠳ᠋ᠡᠭᠡᠨ

2373 ᠬᠤᠪᠢ ᠪᠠᠨ ᠪᠣᠳᠣᠪᠠᠯ ᠡᠬᠡᠨᠡᠷ ᠲᠡᠭᠡᠨ ᠨᠡᠷ᠎ᠡ ᠲᠡᠢ  
         ᠲᠦᠮᠡᠨ ᠢ᠋ᠶ᠋ᠡᠨ ᠪᠣᠳᠣᠪᠠᠯ ᠲᠦᠮᠡᠨ ᠳ᠋ᠦ᠍ ᠨᠡᠷ᠎ᠡ ᠲᠡᠢ 

2374 ᠬᠤᠪᠢ ᠪᠠᠨ ᠪᠣᠳᠣᠵᠤ  
         ᠳᠣᠪᠣ ᠪᠠᠨ ᠰᠢᠷᠠᠯᠠᠭᠤᠯᠬᠤ

2375 ᠬᠤᠪᠠᠬᠠᠢ ᠮᠣᠳᠣ ᠵᠢᠮᠢᠰ ᠦᠭᠡᠢ  
         ᠬᠣᠭᠣᠰᠣᠨ ᠦᠭᠡ ᠦᠨ᠎ᠡ ᠦᠭᠡᠢ

2376 ᠬᠤᠪᠠᠬᠠᠢ ᠮᠣᠳᠣᠨ ᠠ᠋ᠴᠠ ᠵᠢᠮᠢᠰ ᠤᠷᠭᠤᠵᠤ  
         ᠬᠤᠷ᠎ᠠ ᠶ᠋ᠢᠨ ᠤᠰᠤᠨ ᠠ᠋ᠴᠠ ᠵᠢᠭᠠᠰᠤ ᠭᠠᠷᠬᠤ

2377 ᠬᠤᠪᠴᠠᠰᠤ ᠪᠡᠶ᠎ᠡ ᠶ᠋ᠢᠨ ᠴᠢᠮᠡᠭ  
         ᠡᠷᠳᠡᠮ ᠤᠬᠠᠭᠠᠨ ᠤ᠋ ᠴᠢᠮᠡᠭ

2378 ᠬᠤᠪᠴᠠᠰᠤ ᠪᠤᠷᠬᠠᠨ 
         ᠪᠡᠶ᠎ᠡ ᠴᠢᠳᠬᠥᠷ

2379 ᠬᠤᠪᠢ ᠲᠠᠢ ᠬᠥᠮᠦᠨ  
         ᠬᠤᠷ᠎ᠠ ᠪᠣᠷᠣᠭᠠᠨ ᠢ᠋ᠶ᠋ᠠᠷ

2380 ᠬᠤᠳᠳᠤᠭ ᠮᠠᠯᠲᠠᠪᠠᠯ ᠤᠰᠤ ᠭᠠᠷᠬᠤ  
         ᠬᠣᠲᠠ ᠪᠠᠷᠢᠯᠳᠤᠪᠠᠯ ᠤᠷᠤᠭ ᠪᠣᠯᠬᠤ

2381 ᠬᠤᠳᠳᠤᠭ ᠦᠭᠡᠢ ᠪᠣᠯ 
         ᠬᠣᠪᠣᠭᠣ ᠬᠡᠷᠡᠭ ᠦᠭᠡᠢ  
         ᠬᠤᠷᠢᠮ ᠦᠭᠡᠢ ᠪᠣᠯ 
         ᠳᠠᠭᠤᠴᠢ ᠬᠡᠷᠡᠭ ᠦᠭᠡᠢ

2382 ᠬᠤᠳᠠᠯ ᠭᠡᠳᠡᠭ ᠮᠡᠬᠡ 
         ᠬᠤᠯᠠᠭᠠᠢ ᠭᠡᠳᠡᠭ ᠵᠠᠯᠢ

2383 ᠬᠤᠳᠠᠯ ᠦᠭᠡ ᠬᠣᠷᠣᠮᠬᠠᠨ ᠪᠦᠲᠦᠭᠡᠪᠡᠴᠦ 
         ᠬᠣᠢᠰᠢᠳᠠ ᠪᠠᠨ ᠪᠦᠲᠦᠯ ᠦᠭᠡᠢ

2384 ᠬᠤᠳᠠᠯ ᠦᠭᠡ ᠬᠤᠯᠠᠭᠠᠢ ᠲᠠᠢ ᠠᠳᠠᠯᠢ 
         ᠬᠠᠭᠤᠷᠮᠠᠴᠢ ᠳᠤᠷᠠᠯᠠᠯ ᠬᠥᠭᠡᠰᠦ ᠲᠡᠢ ᠠᠳᠠᠯᠢ

2385 ᠬᠤᠳᠠᠯ ᠦᠭᠡ  
         ᠬᠣᠲᠠᠷᠭ᠎ᠠ ᠦᠭᠡᠢ ᠡᠮᠡᠭᠡᠯ ᠠᠳᠠᠯᠢ

2386 ᠬᠤᠳᠠᠯ ᠬᠡᠯᠡᠪᠡᠯ ᠬᠠᠤᠯᠢ ᠪᠣᠢ  
         ᠬᠤᠯᠠᠭᠠᠢ ᠬᠢᠪᠡᠯ ᠴᠠᠭᠠᠵᠠ ᠪᠣᠢ

2387 ᠬᠤᠳᠠᠯ ᠬᠡᠯᠡᠵᠦ ᠮᠡᠷᠭᠡᠨ ᠪᠣᠯᠬᠤ ᠦᠭᠡᠢ  
         ᠬᠤᠯᠠᠭᠠᠢ ᠬᠢᠵᠦ ᠪᠠᠶᠠᠨ ᠪᠣᠯᠬᠤ ᠦᠭᠡᠢ

2388 ᠬᠤᠳᠠᠯ ᠬᠡᠯᠡᠵᠦ ᠰᠤᠷᠬᠤ ᠪᠠᠷ  
         ᠬᠢᠮᠤᠰᠤ ᠪᠠᠨ ᠠᠪᠴᠤ ᠰᠤᠷ

2389 ᠬᠤᠳᠠᠯ ᠦᠭᠡᠢ ᠦᠨᠡᠨ ᠦᠭᠡ  
         ᠬᠣᠣᠷ ᠦᠭᠡᠢ ᠰᠠᠢᠬᠠᠨ ᠰᠠᠨᠠᠭ᠎ᠠ

2390 ᠬᠤᠳᠠᠯᠳᠤᠭᠠᠴᠢᠨ ᠬᠥᠮᠦᠨ  
         ᠬᠤᠪᠢᠯᠭᠠᠨ ᠠᠷᠭ᠎ᠠ ᠲᠠᠢ

2391 ᠬᠤᠳᠠᠯᠴᠢ ᠬᠥᠮᠦᠨ ᠢᠨᠢᠶᠡᠵᠦ ᠢᠷᠡᠳᠡᠭ 
         ᠬᠤᠯᠠᠭᠠᠢᠴᠢ ᠬᠥᠮᠦᠨ ᠰᠢᠷᠪᠠᠭᠠᠨᠠᠵᠤ ᠢᠷᠡᠳᠡᠭ

2392 ᠬᠤᠳᠠᠯᠴᠢ ᠬᠥᠮᠦᠨ ᠨᠢᠭᠤᠷ ᠬᠠᠷᠠᠬᠤ  
         ᠬᠤᠯᠠᠭᠠᠢᠴᠢ ᠬᠥᠮᠦᠨ ᠭᠠᠵᠠᠷ ᠬᠠᠷᠠᠬᠤ

2393 ᠬᠤᠳᠠᠯᠴᠢ ᠬᠥᠮᠦᠨ ᠦᠬᠦᠭᠰᠡᠨ ᠢ᠋ ᠵᠢᠭᠠᠳᠠᠭ  
         ᠬᠠᠭᠤᠷᠮᠠᠴᠢ ᠬᠥᠮᠦᠨ ᠰᠠᠢᠬᠠᠨ ᠢ᠋ ᠵᠢᠭᠠᠳᠠᠭ

2394 ᠬᠤᠳᠠᠯᠴᠢ ᠬᠥᠮᠦᠨ ᠬᠣᠢᠨ᠎ᠠ ᠪᠠᠨ ᠮᠠᠭᠤ  
         ᠬᠤᠰᠠᠷᠠᠩ ᠭᠡᠭᠦᠦ ᠬᠠᠪᠤᠷ ᠲᠠᠭᠠᠨ ᠮᠠᠭᠤ

2395 ᠬᠤᠳᠠᠯᠴᠢ ᠬᠥᠮᠦᠨ ᠳ᠋ᠦ᠍ ᠨᠥᠬᠥᠷ ᠰᠢᠷᠦᠭᠦᠨ  
         ᠬᠤᠯᠠᠭᠠᠢᠴᠢ ᠬᠥᠮᠦᠨ ᠳ᠋ᠦ᠍ ᠴᠠᠭᠠᠵᠠ ᠰᠢᠷᠦᠭᠦᠨ

2396 ᠬᠤᠳᠠᠯᠴᠢ ᠬᠥᠮᠦᠨ ᠦ᠌ ᠠᠮᠠ ᠰᠤᠯᠠ  
         ᠬᠤᠯᠠᠭᠠᠢᠴᠢ ᠬᠥᠮᠦᠨ ᠦ᠌ ᠭᠠᠷ ᠤᠷᠲᠤ 

2397 ᠬᠤᠳᠠᠯᠴᠢ ᠬᠥᠮᠦᠨ ᠦ᠌ ᠭᠡᠷᠡᠴᠢ ᠨᠢ  
         ᠦᠬᠦᠭᠰᠡᠨ ᠬᠥᠮᠦᠨ

2398 ᠬᠤᠳᠠᠯᠴᠢ ᠬᠥᠮᠦᠨ ᠦ᠌ ᠨᠡᠭᠡᠷᠡᠨ ᠣᠯᠠᠨ  
         ᠬᠠᠭᠤᠷᠮᠠᠴᠢ ᠬᠥᠮᠦᠨ ᠦ᠌ ᠬᠥᠭᠡᠷᠦᠬᠦᠢ ᠣᠯᠠᠨ

2399 ᠬᠤᠳᠠᠯᠴᠢ ᠬᠥᠮᠦᠨ ᠦ᠌ ᠦᠭᠡ ᠨᠢ ᠡᠪᠲᠡᠢ 
         ᠬᠤᠯᠠᠭᠠᠢᠴᠢ ᠬᠥᠮᠦᠨ ᠦ᠌ ᠬᠤᠷᠤᠭᠤ ᠨᠢ ᠳᠡᠮᠲᠡᠢ

2400 ᠬᠤᠳᠠᠯᠴᠢ ᠶ᠋ᠢ ᠶᠠᠷᠢᠶ᠎ᠠ ᠪᠠᠷ ᠨᠢ  
         ᠬᠤᠯᠠᠭᠠᠢᠴᠢ ᠶ᠋ᠢ ᠮᠥᠷ ᠢ᠋ᠶ᠋ᠡᠷ ᠨᠢ 

2401 ᠬᠤᠳᠳᠤᠭ ᠢ᠋ ᠰᠢᠪᠬᠠᠵᠤ ᠮᠡᠳᠡᠳᠡᠭ  
         ᠬᠤᠲᠤᠭᠲᠤ ᠶ᠋ᠢ ᠰᠢᠯᠭᠠᠵᠤ ᠮᠡᠳᠡᠳᠡᠭ

2402 ᠬᠤᠳᠳᠤᠭ ᠤ᠋ᠨ ᠮᠡᠯᠡᠬᠡᠢ  
         ᠳᠠᠯᠠᠢ ᠶ᠋ᠢᠨ ᠶᠡᠬᠡ ᠶ᠋ᠢ ᠮᠡᠳᠡᠬᠦ ᠦᠭᠡᠢ  
         ᠳᠠᠯᠠᠢ ᠶ᠋ᠢᠨ ᠮᠡᠯᠡᠬᠡᠢ  
         ᠬᠤᠳᠳᠤᠭ ᠤ᠋ᠨ ᠪᠠᠭ᠎ᠠ ᠶ᠋ᠢ ᠮᠡᠳᠡᠬᠦ ᠦᠭᠡᠢ

2403 ᠬᠤᠳᠳᠤᠭ ᠤ᠋ᠨ ᠤᠰᠤ ᠠᠷᠪᠢᠳᠪᠠᠴᠤ  
         ᠠᠮᠠᠰᠠᠷ ᠠ᠋ᠴᠠ ᠪᠠᠨ ᠬᠠᠯᠢᠬᠤ ᠦᠭᠡᠢ
         ᠪᠤᠯᠠᠭ ᠤ᠋ᠨ ᠤᠰᠤ ᠪᠤᠯᠠᠭᠳᠠᠪᠠᠴᠤ  
         ᠤᠨᠳᠤᠷᠤᠭ᠎ᠠ ᠨᠢ ᠲᠠᠰᠤᠷᠠᠬᠤ ᠦᠭᠡᠢ

2404 ᠬᠤᠳᠳᠤᠭ ᠤ᠋ᠨ ᠤᠰᠤ ᠵᠠᠮᠠᠭ ᠦᠭᠡᠢ  
         ᠬᠤᠳᠠᠯᠴᠢ ᠬᠥᠮᠦᠨ ᠡᠷᠡᠭᠡ ᠦᠭᠡᠢ 


           ᠦᠰᠦᠭ ᠠᠮᠢᠯᠠᠭᠤᠯᠤᠭᠴᠢ᠄ ᠡᠷᠳᠡᠨᠢᠭᠤᠸ᠎ᠠ᠂ ᠰᠠᠷᠠᠨᠲᠤᠶᠠᠭ᠎ᠠ᠂ ᠣᠶᠤᠨᠪᠠᠲᠤ 
                ᠬᠢᠨᠠᠭᠴᠢ᠄ ᠣᠳᠬᠣᠨᠴᠡᠴᠡᠭ᠂ ᠳᠣᠷᠵᠢ᠂ ᠪᠣᠯᠣᠳ᠂ ᠠᠯᠲᠠᠨᠱᠠ᠂ 
                          ᠤᠢᠭᠤᠷᠵᠢᠨ ᠣᠳᠬᠣᠨ᠂ ᠲ ᠬᠦᠮᠦᠵᠢᠯᠲᠦ᠂ ᠪᠠᠯ